ᠭᠦᠨᠲᠡᠮᠦᠷ ᠬᠠᠭᠠᠨKhüüntömör khaanХүүнтөмөр хаан ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠦᠨᠲᠡᠮᠦᠷ ᠬᠠᠭᠠᠨKhüüntömör khaanХүүнтөмөр хаан

ᠭᠦᠨᠲᠡᠮᠦᠷ ᠬᠠᠭᠠᠨKhüüntömör khaanХүүнтөмөр хаан

ᠠᠩᠭᠢᠯᠠᠯ:ᠴᠤᠤᠲᠤ ᠬᠥᠮᠥᠰ
2025-11-01

150

ᠭᠦᠨᠲᠡᠮᠦᠷ ᠬᠠᠭᠠᠨ

    ᠨᠠᠢᠷᠠᠭᠤᠯᠤᠭᠰᠠᠨ ᠨᠢ ᠄   ᠱ · ᠴᠸᠶᠢᠨ —  ᠣᠢᠳᠤᠪ 
  ᠬᠢᠶᠠᠳ ᠪᠣᠷᠵᠢᠭᠢᠨ ᠣᠪᠣᠭᠲᠤ ᠭᠦᠨᠲᠡᠮᠦᠷ  ᠦ᠋ᠨ ᠥᠨᠳᠥᠷ ᠡᠪᠦᠭᠡ᠂ ᠲᠡᠭᠦᠰᠲᠡᠮᠦᠷ ᠬᠠᠭᠠᠨ᠂ ᠥᠪᠡᠷ ᠦ᠋ᠨ ᠡᠪᠦᠭᠡ  ᠲᠡᠭᠦᠰᠲᠡᠮᠦᠷ ᠬᠠᠭᠠᠨ᠂ ᠡᠴᠢᠭᠡ ᠨᠢ ᠡᠯᠪᠡᠭ ᠨᠢᠭᠦᠯᠡᠰᠦᠭᠴᠢ ᠬᠠᠭᠠᠨ ᠪᠢᠯᠡ᠃1377 ᠣᠨ    ᠳ᠋ᠤ᠌ ᠭᠦᠨᠲᠡᠮᠦᠷ  ᠲᠥᠷᠥᠵᠡᠢ᠃1399 ᠣᠨ ᠳ᠋ᠤ᠌ ᠡᠯᠪᠡᠭ ᠨᠢᠭᠦᠯᠡᠰᠦᠭᠴᠢ ᠬᠠᠭᠠᠨ ᠡᠴᠢᠭᠡ ᠨᠢ ᠠᠯᠠᠭᠳᠠᠭᠰᠠᠨ ᠤ᠋ ᠳᠠᠷᠠᠭ᠎ᠠ1400 ᠣᠨ ᠳ᠋ᠤ᠌23 ᠨᠠᠰᠤᠲᠠᠢ ᠡᠴᠢᠭᠡ ᠶ᠋ᠢᠨ ᠬᠠᠭᠠᠨ ᠣᠷᠣ ᠰᠠᠭᠤᠷᠢ ᠶ᠋ᠢ ᠵᠠᠯᠭᠠᠮᠵᠢᠯᠠᠨ ᠰᠠᠭᠤᠵᠠᠢ᠃ ᠭᠦᠨᠲᠡᠮᠦᠷ ᠬᠠᠭᠠᠨ ᠪᠣᠯ ᠤᠮᠠᠷᠠᠲᠤ ᠶᠤᠸᠠᠨ ᠤᠯᠤᠰ ᠤ᠋ᠨ5 ᠳ᠋ᠠᠬᠢ ᠬᠠᠭᠠᠨ᠂ ᠶᠡᠬᠡ ᠮᠣᠩᠭᠣᠯ ᠤᠯᠤᠰ ᠤ᠋ᠨ 20 ᠳ᠋ᠠᠬᠢ ᠦᠶ᠎ᠡ ᠶ᠋ᠢᠨ ᠬᠠᠭᠠᠨ ᠪᠢᠯᠡ᠃
    ᠡᠨᠡ ᠦᠶ᠎ᠡ ᠮᠣᠩᠭᠣᠯ ᠤ᠋ᠨ ᠳᠣᠲᠣᠭᠠᠳᠤ ᠳ᠋ᠤ᠌ ᠪᠠᠷᠠᠭᠤᠨ  ᠣᠢᠷᠠᠳ᠂ ᠵᠡᠭᠦᠨ ᠮᠣᠩᠭᠣᠯ ᠤ᠋ᠨ ᠬᠣᠭᠣᠷᠣᠨᠳᠣᠬᠢ ᠬᠠᠷᠢᠴᠠᠭ᠎ᠠ ᠬᠤᠷᠴᠠᠳᠴᠤ ᠲᠡᠮᠡᠴᠡᠯ ᠰᠢᠷᠦᠭᠦᠰᠬᠡᠭᠰᠡᠨ ᠰᠢᠯᠲᠠᠭᠠᠨ ᠪᠣᠯ ᠡᠯᠪᠡᠭ ᠨᠢᠭᠦᠯᠡᠰᠦᠭᠴᠢ ᠬᠠᠭᠠᠨ ᠤ᠋ ᠶᠣᠰᠣ ᠪᠤᠰᠤ ᠦᠢᠯᠡ ᠠᠵᠢᠯᠯᠠᠭ᠎ᠠ ᠣᠢᠷᠠᠳ ᠠᠢᠮᠠᠭ ᠤ᠋ᠨ ᠮᠢᠩᠭᠠᠨ ᠣᠪᠣᠭᠲᠤ ᠬᠤᠤᠬᠠᠢ ᠲᠢᠶᠣᠤ ᠶ᠋ᠢ ᠠᠯᠠᠭᠰᠠᠨ ᠠ᠋ᠴᠠ ᠪᠣᠯᠵᠤ ᠥᠭᠡᠴᠢ ᠬᠠᠰᠢᠬ᠎ᠠ  ᠨᠠᠷ ᠬᠦᠴᠦᠨ ᠬᠠᠮᠲᠤᠷᠠᠨ ᠡᠯᠪᠡᠭ ᠨᠢᠭᠦᠯᠡᠰᠦᠭᠴᠢ ᠬᠠᠭᠠᠨ ᠢ᠋ ᠠᠯᠠᠵᠤ ᠦᠰ ᠠᠪᠤᠭᠰᠠᠨ ᠠ᠋ᠴᠠ ᠪᠣᠯᠵᠠᠢ᠃
   ᠢᠩᠭᠢᠵᠦ ᠳᠥᠷᠪᠡᠨ ᠣᠢᠷᠠᠳ ᠤ᠋ᠨ ᠥᠭᠡᠴᠢ ᠬᠠᠰᠢᠬ᠎ᠠ ᠥᠪᠡᠷ ᠦ᠋ᠨ ᠭᠠᠷ ᠲᠤ᠌ ᠭᠣᠣᠯ ᠡᠷᠬᠡ ᠶ᠋ᠢ ᠠᠳᠬᠤᠵᠤ᠂ ᠠᠰᠤᠳ ᠠᠢᠮᠠᠭ ᠤ᠋ᠨ ᠠᠷᠤᠭᠲᠠᠢ  ᠲᠠᠢᠰᠢ ᠶ᠋ᠢ ᠴᠢᠩᠰᠠᠩ ᠪᠣᠯᠭᠠᠵᠤ ᠲᠥᠷᠥ ᠶ᠋ᠢᠨ ᠡᠷᠬᠡ ᠶ᠋ᠢ ᠬᠠᠪᠰᠤᠷᠤᠭᠤᠯᠤᠨ ᠬᠠᠮᠢᠶᠠᠷᠤᠭᠤᠯᠵᠠᠢ᠃ ᠡᠨᠡᠬᠦ ᠪᠠᠢᠳᠠᠯ ᠳ᠋ᠤ᠌ ᠪᠠᠲᠤᠯᠠ ᠴᠢᠩᠰᠠᠩ ᠳᠤᠷ᠎ᠠ ᠦᠭᠡᠢᠴᠡᠵᠦ ᠥᠭᠡᠴᠢ ᠬᠠᠰᠢᠬ᠎ᠠ᠎ᠶᠢ ᠪᠠᠢᠯᠳᠤᠵᠤ ᠠᠯᠠᠵᠠᠢ᠃ ᠥᠭᠡᠴᠢ ᠬᠠᠰᠢᠬ᠎ᠠ ᠶ᠋ᠢ ᠠᠯᠠᠴᠢᠬᠠᠪᠠᠯ ᠥᠪᠡᠷ ᠢ᠋ᠶ᠋ᠡᠨ ᠠᠰᠤᠷᠤ ᠶᠡᠬᠡ ᠡᠷᠬᠡ ᠮᠠᠲᠠᠯ ᠲᠠᠢ ᠪᠣᠯᠤᠨ᠎ᠠ ᠭᠡᠰᠡᠨ ᠨᠢ ᠬᠣᠭᠣᠰᠣᠷᠠᠵᠤ᠂ ᠠᠷᠤᠭᠲᠠᠢ ᠴᠢᠩᠰᠠᠩ ᠴᠠᠭᠠᠲᠠᠢ ᠬᠠᠨ ᠤᠯᠤᠰ ᠠ᠋ᠴᠠ ᠡᠯᠪᠡᠭ ᠨᠢᠭᠦᠯᠡᠰᠦᠭᠴᠢ ᠬᠠᠭᠠᠨ ᠤ᠋ ᠬᠦᠦ ᠦᠯᠵᠡᠢᠲᠡᠮᠦᠷ ᠢ᠋ ᠠᠪᠴᠢᠷᠠᠨ ᠬᠠᠭᠠᠨ ᠡᠷᠭᠦᠮᠵᠢᠯᠡᠭᠡᠳ ᠥᠪᠡᠷ ᠢ᠋ᠶ᠋ᠡᠨ ᠲᠠᠢᠰᠢ ᠪᠣᠯᠵᠤ ᠴᠡᠷᠢᠭ ᠦ᠋ᠨ ᠡᠷᠬᠡ ᠶ᠋ᠢ ᠠᠳᠬᠤᠪᠠ᠃ ᠡᠭᠦᠨ ᠡᠴᠡ ᠪᠣᠯᠵᠤ ᠪᠠᠲᠤᠯᠠ ᠴᠢᠩᠰᠠᠩ ᠠᠭᠤᠷ ᠬᠢᠯᠢᠩ ᠳ᠋ᠦ᠍ ᠪᠡᠨ ᠰᠢᠲᠠᠬᠤ ᠰᠢᠬᠠᠵᠤ ᠦᠯᠵᠡᠢᠲᠡᠮᠦᠷ᠂ᠠᠷᠤᠭᠲᠠᠢ ᠨᠠᠷ ᠲᠠᠢ ᠪᠠᠢᠯᠳᠤᠵᠤ ᠪᠠᠢᠬᠤ ᠦᠶ᠎ᠡ ᠳ᠋ᠦ᠍ ᠮᠢᠩ ᠤᠯᠤᠰ ᠪᠠᠰᠠ50 ᠲᠦᠮᠡᠨ ᠴᠡᠷᠢᠭ ᠠᠪᠴᠤ ᠦᠯᠵᠡᠢᠲᠡᠮᠦᠷ ᠲᠡᠢ ᠪᠠᠢᠯᠳᠤᠬᠤ ᠪᠠᠷ ᠢᠷᠡᠭᠰᠡᠨ ᠡᠴᠡ ᠳᠠᠢᠰᠤᠨ ᠤ᠋ ᠳᠠᠪᠠᠭᠤ ᠬᠦᠴᠦᠨ ᠳ᠋ᠦ᠍ ᠢᠯᠠᠭᠳᠠᠵᠤ ᠪᠠᠷᠠᠭᠤᠨ ᠲᠡᠢᠰᠢ ᠵᠢᠭᠤᠲᠠᠵᠤ ᠶᠠᠪᠤᠬᠤ ᠵᠠᠮ ᠵᠠᠭᠤᠷ᠎ᠠ ᠪᠠᠲᠤᠯᠠ ᠴᠢᠩᠰᠠᠩ ᠳ᠋ᠤ᠌ ᠠᠯᠠᠭᠠᠳᠠᠵᠤ ᠠᠷᠤᠭᠲᠠᠢ ᠲᠠᠢᠰᠢ ᠶ᠋ᠢ ᠪᠠᠷᠢᠪᠴᠢᠯᠠᠵᠠᠢ᠃
   ᠪᠠᠲᠤᠯᠠ ᠴᠢᠩᠰᠠᠩ ᠤ᠋ᠨ ᠬᠠᠲᠤᠨ ᠰᠠᠮᠤᠷ ᠭᠦᠩᠵᠦ ᠡᠯᠪᠡᠭ ᠨᠢᠭᠦᠯᠡᠰᠦᠭᠴᠢ ᠬᠠᠭᠠᠨ ᠤ᠋ ᠥᠬᠢᠨ ᠶᠦᠮ ᠪᠣᠯᠬᠣᠷ ᠣᠢᠷᠠᠳ ᠤ᠋ᠨ ᠮᠣᠩᠭᠣᠯᠴᠤᠳ ᠲᠤ᠌ ᠪᠠᠷᠢᠭᠳᠠᠭᠰᠠᠨ ᠥᠯᠵᠡᠢᠲᠦ ᠭᠤᠸ᠎ᠠ ᠪᠠᠢᠵᠢ᠂ ᠲᠡᠭᠦᠨ ᠦ᠌ ᠬᠦᠦ ᠠᠵᠠᠢ ᠲᠡᠢᠰᠢ᠂ ᠠᠷᠤᠭᠲᠠᠢ ᠲᠡᠢᠰᠢ ᠶ᠋ᠢᠨ ᠬᠠᠮᠲᠤ ᠨᠢᠭᠤᠴᠠ ᠪᠠᠷ ᠲᠥᠷᠬᠥᠮ ᠦ᠋ᠨ ᠭᠠᠵᠠᠷ ᠮᠣᠩᠭᠣᠯ ᠤ᠋ᠨ ᠲᠥᠪ ᠤᠷᠤᠭᠤ ᠪᠤᠴᠠᠭᠠᠵᠠᠢ᠃ ᠲᠡᠳᠡᠨ ᠭᠤᠷᠪᠠ ᠶ᠋ᠢ ᠢᠷᠡᠬᠦ ᠳ᠋ᠦ᠍ ᠠᠲᠠᠢ ᠬᠠᠭᠠᠨ ᠵᠡᠭᠦᠨ ᠮᠣᠩᠭᠣᠯ ᠢ᠋ ᠶᠡᠬᠡᠬᠡᠨ ᠡᠵᠡᠯᠡᠭᠡᠳ ᠪᠠᠢᠪᠠ᠃ ᠢᠩᠭᠢᠵᠦ ᠠᠷᠤᠭᠲᠠᠢ ᠲᠡᠢᠰᠢ᠂ ᠠᠲᠠᠢ ᠬᠠᠭᠠᠨ ᠲᠠᠢ ᠠᠭᠤᠯᠵᠠᠭᠠᠳ《ᠡᠳᠦᠭᠡ ᠳᠥᠷᠪᠡᠨ ᠣᠢᠷᠠᠳ ᠰᠠᠮᠠᠭᠤᠨ ᠪᠣᠯᠤᠭᠰᠠᠨ ᠲᠤᠯᠠ ᠡᠨᠡᠬᠦ ᠲᠠᠰᠢᠷᠠᠮ ᠳ᠋ᠤ᠌ ᠳᠠᠷᠤᠢᠬᠠᠨ ᠥᠰᠢᠶ᠎ᠡ ᠠᠪᠤᠪᠠᠯ ᠵᠣᠬᠢᠨ᠎ᠠ》 ᠭᠡᠬᠦ ᠶ᠋ᠢ ᠠᠷᠤᠭᠲᠡᠢ ᠲᠡᠢᠰᠢ ᠰᠣᠨᠣᠰᠤᠭᠠᠳ ᠪᠠᠶᠠᠷᠯᠠᠵᠤ᠂ ᠠᠷᠤᠭᠲᠠᠢ ᠲᠠᠢᠰᠢ ᠲᠡᠷᠢᠭᠦᠨ ᠳ᠋ᠦ᠍ ᠨᠢ᠂ ᠠᠲᠠᠢ ᠬᠠᠭᠠᠨ10 ᠲᠦᠮᠡᠨ ᠴᠡᠷᠢᠭ ᠠᠪᠴᠤ ᠳᠥᠷᠪᠡᠨ ᠣᠢᠷᠠᠳ ᠢ ᠳᠣᠪᠲᠣᠯᠬᠤ ᠪᠠᠷ ᠮᠣᠷᠳᠠᠭᠰᠠᠨ ᠢ᠋ ᠪᠠᠲᠤᠯᠠ ᠴᠢᠩᠰᠠᠩ  ᠲᠣᠰᠣᠨ ᠪᠠᠢᠯᠳᠤᠵᠠᠢ᠃ ᠡᠨᠡ ᠮᠡᠲᠦ ᠪᠡᠷ ᠣᠢᠷᠠᠳ ᠪᠣᠯᠤᠨ ᠵᠡᠭᠦᠨ ᠮᠣᠩᠭᠣᠯ ᠬᠠᠷᠢᠯᠴᠠᠨ ᠳᠠᠢᠰᠤᠩᠨᠠᠵᠤ᠂ ᠮᠣᠩᠭᠣᠯ ᠤ᠋ᠨ ᠥᠷᠭᠡᠨ ᠠᠭᠤᠳᠠᠮ ᠨᠤᠲᠤᠭ ᠲᠤ᠌  ᠠᠷᠠᠳ ᠣᠯᠠᠨ ᠢ᠋ᠶ᠋ᠠᠷ ᠢ᠋ᠶ᠋ᠠᠨ ᠰᠠᠳᠠᠷᠠᠨ ᠪᠤᠵᠢᠭᠢᠨᠠᠯᠳᠤᠵᠤ ᠪᠠᠢᠭᠰᠠᠨ ᠦᠶ᠎ᠡ ᠳ᠋ᠦ᠍ ᠭᠦᠨᠲᠡᠮᠦᠷ  ᠬᠠᠭᠠᠨ ᠳ᠋ᠤ᠌ ᠪᠣᠳᠠᠲᠤ ᠪᠠᠢᠳᠠᠯ ᠭᠡᠪᠡᠯ ᠬᠠᠮᠤᠭ ᠡᠷᠬᠡ ᠰᠦᠷ ᠢ᠋ᠶ᠋ᠡᠨ ᠡᠳ᠋ᠯᠡᠵᠦ ᠴᠢᠳᠠᠬᠤ ᠦᠭᠡᠢ᠂ ᠣᠷᠣ ᠶ᠋ᠢᠨ ᠲᠡᠳᠦᠢ ᠮᠠᠨᠠᠭᠤᠯ ᠪᠣᠯᠤᠭᠰᠠᠨ ᠨᠢ ᠡᠴᠢᠭᠡ ᠬᠠᠭᠠᠨ ᠤ᠋ ᠶᠣᠰᠣ ᠪᠤᠰᠤ ᠪᠤᠷᠤᠭᠤ ᠦᠢᠯᠡᠳᠦᠯ᠂ ᠨᠡᠷ᠎ᠡ ᠬᠦᠨᠳᠦ ᠶ᠋ᠢᠨ ᠦᠨᠡᠯᠲᠡ ᠬᠦᠦ ᠳ᠋ᠦ᠍ ᠪᠡᠨ ᠨᠥᠯᠥᠭᠡᠯᠡᠭᠰᠡᠨ ᠪᠣᠯᠬᠤ᠃
   ᠡᠢᠨ ᠬᠦ᠌1400—1402 ᠣᠨ ᠬᠦᠷᠲᠡᠯ᠎ᠡ ᠬᠣᠶᠠᠷ ᠵᠢᠯ ᠭᠠᠷᠤᠢᠬᠠᠨ ᠬᠤᠭᠤᠴᠠᠭᠠᠨ ᠳ᠋ᠤ᠌ ᠬᠠᠭᠠᠨ ᠰᠠᠭᠤᠷᠢᠨ ᠳ᠋ᠤ᠌ ᠰᠠᠭᠤᠭᠠᠳ ᠢᠳᠡᠷ ᠵᠠᠯᠠᠭᠤ25 ᠨᠠᠰᠤᠨ ᠳ᠋ᠤ᠌ ᠪᠠᠨ ᠨᠠᠰᠤ ᠪᠠᠷᠠᠵᠠᠢ᠃

 ᠢᠷᠡᠯᠲᠡ᠄
《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠨᠠᠢᠷᠠᠭᠤᠯᠤᠨ ᠰᠣᠩᠭᠣᠵᠤ ᠰᠡᠢᠷᠡᠭᠦᠯᠪᠡ᠃
  ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ