ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 2(2–6~13) Шинэлам – 3-р бүлэг᠂ Шинэлмийн зэвсэгт тэмцэл 2(2–6~13)
ᠦᠦᠰᠢᠨ ᠬᠤᠰᠢᠭᠤᠨ ᠤ᠋ ᠲᠥᠪ— ᠳᠠᠪᠴᠠᠭ ᠪᠠᠯᠭᠠᠰᠤᠨ ᠠ᠋ᠴᠠ ᠵᠡᠭᠦᠨ ᠲᠡᠢ ᠬᠣᠷᠢᠨ ᠬᠡᠳᠦᠨ ᠺᠢᠯᠣᠮᠧᠲ᠋ᠷ ᠦ᠋ᠨ ᠠᠯᠤᠰ ᠲᠤ᠌ ᠳᠠᠪᠴᠠᠭ ᠠ᠋ᠴᠠ ᠳ᠋ᠦᠩᠱᠧᠩ ᠬᠦᠷᠬᠦ ᠴᠠᠷᠳᠠᠮᠠᠯ ᠵᠠᠮ ᠢ᠋ ᠰᠤᠨᠳᠠᠯᠠᠭᠰᠠᠨ ᠮᠣᠩᠭᠣᠯ ᠭᠡᠷ ᠦ᠋ᠨ ᠲᠣᠭᠣᠨᠣ ᠮᠡᠲᠦ ᠦᠵᠡᠭᠳᠡᠬᠦ ᠥᠨᠳᠥᠷ ᠰᠠᠢᠬᠠᠨ ᠰᠢᠯᠢ ᠪᠠᠢᠳᠠᠭ ᠪᠢᠯᠡ᠂ ᠡᠨᠡ ᠪᠣᠯ ᠳᠠᠯᠠᠢ ᠶ᠋ᠢᠨ ᠲᠦᠪᠰᠢᠨ ᠡᠴᠡ ᠮᠢᠩᠭ᠎ᠠ ᠭᠠᠷᠤᠢ ᠮᠧᠲ᠋ᠷ ᠥᠨᠳᠥᠷ ᠡᠷᠭᠦᠭᠳᠡᠵᠦ ᠰᠢᠪᠠᠭ ᠬᠠᠷᠭᠠᠨ᠎ᠠ ᠪᠤᠲᠠ ᠪᠤᠷᠭᠠᠰᠤ ᠪᠣᠯᠤᠨ ᠶᠠᠰᠢᠯ ᠤ᠋ᠨ ᠣᠢ ᠰᠦᠨᠳᠡᠷᠯᠡᠭᠰᠡᠨ ᠲᠣᠭᠣᠨᠣᠲᠤ ᠶ᠋ᠢᠨ ᠰᠢᠯᠢ ᠪᠣᠯᠤᠨ᠎ᠠ᠃ ᠡᠨᠳᠡᠬᠢ ᠮᠣᠩᠭᠣᠯᠴᠤᠳ ᠨᠤᠲᠤᠭ ᠤᠰᠤ ᠪᠠᠨ ᠬᠠᠢᠷᠠᠯᠠᠵᠤ ᠬᠠᠮᠠᠭᠠᠯᠠᠬᠤ ᠪᠠ ᠡᠬᠡ ᠪᠠᠢᠭᠠᠯᠢ᠂ ᠨᠤᠲᠤᠭ ᠪᠡᠯᠴᠢᠭᠡᠷ ᠡᠴᠡ ᠬᠥᠮᠦᠨ ᠠᠮᠢᠲᠠᠨ ᠳ᠋ᠤ᠌ ᠣᠯᠭᠣᠭᠰᠠᠨ ᠬᠠᠢᠷ᠎ᠠ ᠬᠡᠰᠢᠭ ᠦ᠋ᠨ ᠳᠠᠯᠳᠠ ᠬᠦᠴᠦᠨ ᠢ᠋ ᠢᠳᠡᠭᠡᠨ ᠪᠢᠰᠢᠷᠡᠵᠦ ᠶᠠᠪᠤᠳᠠᠭ ᠨᠢ ᠡᠷᠲᠡᠨ ᠳᠡᠭᠡᠳᠦ ᠡᠴᠡ ᠤᠯᠠᠮᠵᠢᠯᠠᠭᠰᠠᠨ ᠤᠳᠤᠮᠰᠢᠯᠲᠤ ᠵᠠᠩ ᠦᠢᠯᠡ ᠪᠢᠯᠡ᠃ ᠮᠣᠩᠭᠣᠯᠴᠤᠳ ᠮᠥᠨ ᠴᠦ᠍ ᠡᠨᠡ ᠬᠦ᠌ ᠲᠠᠩᠰᠤᠭ ᠰᠠᠢᠬᠠᠨ ᠨᠤᠲᠤᠭ ᠢ᠋ᠶ᠋ᠠᠨ ᠪᠤᠰᠤᠳ ᠢ᠋ᠶ᠋ᠠᠷ ᠡᠪᠳᠡᠯᠡᠭᠦᠯᠵᠦ ᠬᠠᠭᠠᠯᠪᠤᠷᠢᠯᠠᠭᠤᠯᠬᠤ ᠳᠤᠷ᠎ᠠ ᠦᠭᠡᠢ ᠪᠠᠢᠳᠠᠭ᠃
1927 ᠣᠨ ᠤ᠋10 ᠰᠠᠷ᠎ᠠ ᠶ᠋ᠢᠨ ᠳᠤᠮᠳᠠᠴᠢ ᠪᠠᠷ ᠵᠠᠩᠭᠤᠲᠤ ᠶ᠋ᠢᠨ ᠪᠠᠢᠯᠳᠤᠭᠠᠨ ᠳᠥᠩᠭᠡᠵᠦ ᠳᠠᠭᠤᠰᠤᠮᠠᠭᠴᠠ ᠵᠢᠩ ᠶᠤᠸᠠᠢ ᠰᠢᠦ ᠶ᠋ᠢᠨ ᠴᠡᠷᠢᠭ ᠢᠯᠠᠭᠳᠠᠯ ᠬᠣᠬᠢᠷᠠᠯ ᠤ᠋ᠨ ᠥᠰᠢᠶ᠎ᠡ ᠪᠡᠨ ᠠᠪᠬᠤ ᠪᠠᠷ10 ᠰᠠᠷ᠎ᠠ ᠶ᠋ᠢᠨ30 ᠤ᠋ ᠡᠳᠦᠷ ᠮᠣᠷᠢᠲᠤ ᠶᠠᠪᠠᠭᠠᠨ ᠮᠢᠩᠭ᠎ᠠ ᠰᠢᠬᠠᠮ ᠴᠡᠷᠢᠭ ᠲᠣᠮᠢᠯᠠᠵᠤ᠂ ᠲᠣᠭᠣᠨᠣᠲᠤ ᠶ᠋ᠢᠨ ᠰᠢᠯᠢ ᠶ᠋ᠢ ᠡᠵᠡᠯᠡᠯ᠎ᠡ᠃ ᠡᠨᠡ ᠦᠶ᠎ᠡ ᠳ᠋ᠦ᠍ ᠰᠢᠨᠡᠯᠡᠮ᠎ᠡ ᠶ᠋ᠢᠨ ᠴᠡᠷᠢᠭ ᠵᠠᠰᠠᠭ ᠬᠤᠰᠢᠭᠤᠨ ᠤ᠋ ᠵᠠᠰᠠᠭ ᠵᠣᠣ ᠳᠡᠭᠡᠷ᠎ᠡ ᠵᠠᠩᠭᠤᠲᠤ ᠶ᠋ᠢᠨ ᠪᠠᠢᠯᠳᠤᠭᠠᠨ ᠤ᠋ ᠰᠡᠭᠦᠯ ᠬᠤᠷᠢᠶᠠᠬᠤ ᠠᠵᠢᠯ ᠤ᠋ᠳ ᠢ᠋ᠶ᠋ᠠᠨ ᠰᠠᠶᠢᠬᠠᠨ ᠪᠠᠷᠠᠭᠠᠭᠠᠳ᠂ ᠣᠯᠠᠩᠬᠢ ᠴᠡᠷᠢᠭ ᠮᠣᠷᠢ ᠪᠠᠨ ᠠᠮᠠᠷᠠᠭᠠᠵᠤ ᠭᠡᠷ ᠭᠡᠷ ᠲᠦ᠋ᠨᠢ ᠴᠢᠯᠥᠭᠡ ᠥᠭᠴᠦ ᠢᠳᠡᠰᠢ ᠬᠦᠨᠡᠰᠦ᠂ ᠡᠪᠦᠯ ᠦ᠋ᠨ ᠬᠤᠪᠴᠠᠰᠤ ᠬᠤᠨᠠᠷ ᠢ᠋ᠶ᠋ᠠᠨ ᠠᠪᠴᠢᠷᠠᠭᠤᠯᠬᠤ ᠪᠠᠷ ᠶᠠᠪᠤᠭᠤᠯᠴᠢᠬᠠᠭᠰᠠᠨ ᠪᠠᠢᠵᠠᠢ᠃ ᠰᠢᠨᠠᠯᠠᠮ᠎ᠠ ᠲᠠᠪᠢ ᠰᠢᠬᠠᠮ ᠴᠡᠷᠢᠭ ᠲᠡᠢ ᠪᠡᠨ ᠮᠡᠢᠷᠡᠨ ᠰᠦᠮ᠎ᠡ ᠳ᠋ᠦ᠍ ᠪᠠᠢᠭᠰᠠᠨ ᠲᠤᠯᠠ ᠮᠠᠭᠤ ᠴᠢᠮᠡᠭᠡ ᠶ᠋ᠢ ᠰᠣᠨᠣᠰᠤᠮᠠᠭᠴᠠ ᠴᠡᠷᠢᠭ ᠢ᠋ᠶ᠋ᠡᠨ ᠳᠠᠭᠠᠭᠤᠯᠤᠨ ᠦᠳᠡᠰᠢ ᠶ᠋ᠢᠨ ᠪᠦᠷᠦᠢ ᠪᠡᠷ ᠳᠣᠪᠲᠣᠯᠤᠭᠤᠯᠤᠭᠰᠠᠭᠠᠷ ᠲᠣᠭᠣᠨᠣᠲᠤ ᠶ᠋ᠢᠨ ᠰᠢᠯᠢ ᠶ᠋ᠢᠨ ᠵᠡᠭᠦᠨ ᠬᠣᠢᠨ᠎ᠠ ᠪᠠᠢᠭ᠎ᠠ ᠰᠦᠮ᠎ᠡ ᠶ᠋ᠢᠨ ᠵᠠᠳᠠᠭᠠᠢ ᠶ᠋ᠢᠨ ᠳᠡᠷᠭᠡᠳᠡᠬᠢ ᠵᠡᠷᠭᠡᠯᠡᠳᠡᠭᠡ ᠬᠣᠶᠠᠷ ᠡᠷᠦᠬᠡ ᠳ᠋ᠦ᠍ ᠪᠠᠭᠤᠳᠠᠯᠯᠠᠪᠠ᠃ ᠲᠡᠨᠳᠡ ᠵᠢᠩ ᠶᠤᠸᠠᠢ ᠰᠢᠦ ᠶ᠋ᠢᠨ ᠴᠡᠷᠢᠭ ᠦ᠋ᠨ ᠠᠢᠯ ᠡᠷᠦᠬᠡ ᠶ᠋ᠢᠨ ᠦᠬᠡᠷ ᠬᠣᠨᠢ ᠶ᠋ᠢ ᠳᠡᠭᠡᠷᠡᠮᠳᠡᠨ ᠰᠦᠷᠦᠭ ᠰᠦᠷᠦᠭ ᠢ᠋ᠶ᠋ᠡᠷ ᠡᠮᠦᠨᠡᠰᠢ ᠪᠡᠨ ᠲᠠᠭᠤᠵᠤ ᠶᠠᠪᠤᠭ᠎ᠠ ᠪᠠᠢᠳᠠᠯ ᠢ᠋ ᠣᠢᠯᠠᠭᠠᠵᠠᠢ᠃
ᠰᠢᠨᠠᠯᠠᠮ᠎ᠠ ᠬᠣᠭᠣᠯᠠ ᠢᠳᠡᠬᠦ ᠶ᠋ᠢᠨ ᠵᠠᠭᠤᠷ᠎ᠠ᠄《ᠵᠢᠩ ᠶᠤᠸᠠᠢ ᠰᠢᠦ ᠲᠡᠭᠦᠰᠠᠠᠮᠤᠭᠤᠯᠠᠩ ᠬᠣᠶᠠᠭᠤᠯᠠ᠂ ᠮᠠᠨ ᠤ᠋ ᠴᠡᠷᠢᠭ ᠦ᠋ᠨ ᠴᠢᠯᠥᠭᠡ ᠲᠠᠯᠪᠢᠬᠤ ᠶ᠋ᠢ ᠮᠡᠳᠡᠴᠢᠬᠡᠭᠰᠡᠨ ᠰᠢᠭ ᠠᠷᠠᠳ ᠢ᠋ ᠭᠡᠨᠡᠳᠡᠭᠦᠯᠬᠦ ᠶ᠋ᠢ ᠶᠡᠷᠦ ᠰᠠᠨᠠᠵᠤ ᠣᠯᠤᠭᠰᠠᠨ ᠦᠭᠡᠢ ᠳᠡ! ᠵᠠ᠂ ᠴᠢᠩᠭᠢᠪᠡᠴᠦ ᠲᠡᠳᠡᠨᠦᠰ ᠢ᠋ ᠠᠷᠢᠯᠭᠠᠬᠤ ᠠᠷᠭ᠎ᠠ ᠨᠠᠳᠠ ᠪᠠᠢᠨ᠎ᠠ᠁》 ᠭᠡᠵᠦ ᠴᠡᠷᠢᠭ ᠲᠡᠢ ᠪᠡᠨ ᠰᠤᠯᠠ ᠶᠠᠷᠢᠯᠴᠠᠵᠤ ᠪᠠᠢᠵᠠᠢ᠃ ᠲᠡᠭᠡᠭᠡᠳ ᠪᠠᠶᠠᠨᠰᠢᠯᠢ᠂ ᠰᠦᠮ᠎ᠡ ᠶ᠋ᠢᠨ ᠵᠠᠳᠠᠭᠠᠢ᠂ ᠲᠣᠭᠣᠨᠣᠲᠤ ᠵᠡᠷᠭᠡ ᠭᠠᠵᠠᠷ ᠭᠡᠷ ᠲᠡᠢ ᠨᠤᠲᠤᠭ ᠤ᠋ᠨ ᠴᠡᠷᠢᠭ ᠡᠴᠡ ᠪᠠᠪᠠ ᠯᠢᠶᠡᠨᠵᠠᠩ ᠬᠡᠳᠦ ᠶ᠋ᠢ ᠳᠠᠭᠠᠭᠤᠯᠤᠨ ᠵᠢᠩ ᠶᠤᠸᠠᠢ ᠰᠢᠦ ᠶ᠋ᠢᠨ ᠴᠡᠷᠢᠭ ᠦ᠋ᠨ ᠬᠤᠸᠠᠷᠠᠨ ᠢ᠋ ᠲᠠᠩᠨᠠᠨ ᠣᠢᠯᠠᠭᠠᠬᠤ ᠪᠠᠷ ᠶᠠᠪᠤᠵᠠᠭᠠᠯ᠎ᠠ᠃ ᠲᠡᠳᠡ ᠵᠢᠩ ᠶᠤᠸᠠᠢ ᠰᠢᠦ ᠶ᠋ᠢᠨ ᠮᠣᠷᠢᠲᠤ ᠶᠠᠪᠠᠭᠠᠨ ᠴᠡᠷᠢᠭ ᠦ᠋ᠳ ᠲᠣᠭᠣᠨᠣᠲᠤ ᠶ᠋ᠢᠨ ᠰᠢᠯᠢ ᠶ᠋ᠢᠨ ᠡᠮᠦᠨᠡᠭᠦᠷ ᠬᠢ ᠠᠢᠯ ᠤ᠋ᠳ ᠲᠤ᠌ ᠪᠦᠯᠦᠭ ᠪᠦᠯᠦᠭ ᠢ᠋ᠶ᠋ᠡᠷ ᠬᠣᠨᠣᠭᠯᠠᠵᠤ ᠪᠠᠢᠭ᠎ᠠ ᠶ᠋ᠢ ᠮᠡᠳᠡᠪᠡ᠃ ᠬᠣᠶᠠᠷ ᠴᠡᠷᠢᠭ ᠲᠡᠳᠡᠨ ᠦ᠌ ᠳᠣᠲᠣᠭᠠᠳᠤ ᠪᠠᠢᠳᠠᠯ ᠢ᠋ ᠨᠠᠷᠢᠨ ᠣᠢᠯᠠᠭᠠᠬᠤ ᠪᠠᠷ ᠨᠢᠭᠡ ᠠᠢᠯ ᠤ᠋ᠨ ᠣᠢᠷᠠᠬᠠᠨ ᠬᠦᠷᠬᠦ ᠳ᠋ᠦ᠍ ᠬᠣᠲᠠᠴᠢ ᠨᠣᠬᠠᠢ ᠨᠢ ᠬᠤᠴᠠᠵᠤ ᠡᠬᠢᠯᠡᠪᠡ᠃ ᠵᠢᠩ ᠶᠤᠸᠠᠢ ᠰᠢᠦ ᠶ᠋ᠢᠨ ᠴᠡᠷᠢᠭ ᠦ᠋ᠨ ᠬᠠᠷᠠᠭᠤᠯ《ᠬᠡᠨ ᠪᠣᠢ? ᠠᠮᠠᠨ ᠳᠣᠬᠢᠶ᠎ᠠ!》 ᠭᠡᠵᠦ ᠵᠠᠩᠳᠤᠷᠬᠤ ᠳ᠋ᠤ᠌᠂ ᠲᠡᠷᠡ ᠬᠣᠶᠠᠭᠤᠯᠠ ᠶ᠋ᠢᠨ ᠪᠡᠶ᠎ᠡ ᠡᠴᠡ ᠬᠦᠢᠲᠡᠨ ᠬᠥᠯᠥᠰᠥ ᠠᠰᠬᠠᠷᠠᠨ ᠶᠠᠭᠠᠬᠢᠬᠤ ᠪᠠᠨ ᠴᠤ᠌ ᠣᠯᠬᠤ ᠦᠭᠡᠢ ᠪᠠᠢᠲᠠᠯ᠎ᠠ ᠬᠣᠲᠠᠴᠢ ᠨᠣᠬᠠᠢ ᠵᠡᠷᠭᠡᠯᠡᠳᠡᠭᠡ ᠡᠷᠦᠬᠡ ᠶ᠋ᠢᠨ ᠬᠥᠮᠦᠨ ᠭᠡᠳᠡᠭ ᠢ᠋ ᠲᠠᠨᠢᠭᠠᠳ ᠰᠡᠭᠦᠯ ᠰᠡᠷᠪᠡᠢᠨ ᠬᠤᠴᠠᠬᠤ ᠪᠠᠨ ᠪᠠᠢᠵᠤ ᠭᠡᠷ ᠵᠦᠭ ᠢ᠋ᠶ᠋ᠡᠨ ᠶᠠᠪᠤᠯ᠎ᠠ᠃ ᠡᠨᠡ ᠦᠶ᠎ᠡ ᠳ᠋ᠦ᠍ ᠬᠣᠶᠠᠭᠤᠯᠠ ᠵᠣᠷᠢᠭ ᠣᠷᠣᠵᠤ ᠣᠷᠣᠭᠰᠢ ᠮᠥᠯᠬᠥᠭᠰᠡᠭᠡᠷ᠂ ᠨᠣᠬᠠᠢ ᠶ᠋ᠢ ᠢᠲᠡᠭᠡᠵᠦ ᠲᠠᠢᠪᠤᠰᠢᠷᠠᠭᠰᠠᠨ ᠬᠠᠷᠠᠭᠤᠯ ᠢ᠋ ᠪᠠᠭᠠᠯᠵᠤᠤᠷᠳᠠᠨ ᠰᠢᠬᠠᠵᠤ ᠠᠮᠠ ᠳ᠋ᠤᠨᠢ ᠠᠯᠴᠢᠭᠤᠷ ᠴᠢᠬᠢᠵᠦ ᠴᠢᠷᠴᠦ ᠶᠠᠪᠤᠭᠠᠳ ᠯᠢᠶᠡᠨᠵᠠᠩ ᠳ᠋ᠠᠭᠠᠨ ᠠᠪᠴᠤ ᠬᠦᠷᠴᠡᠢ᠃ ᠡᠨᠡ ᠦᠶ᠎ᠡ ᠳ᠋ᠦ᠍ ᠰᠢᠨᠡᠯᠡᠮ᠎ᠡ ᠶ᠋ᠢᠨ ᠳᠠᠭᠠᠭᠤᠯᠤᠭᠰᠠᠨ ᠳᠥᠴᠢ ᠭᠠᠷᠤᠢᠬᠠᠨ ᠴᠡᠷᠢᠭ ᠴᠦ᠍ ᠠᠷᠤ ᠠ᠋ᠴᠠ ᠨᠢ ᠬᠦᠷᠴᠦ ᠢᠷᠡᠪᠡ᠃ ᠢᠩᠭᠢᠭᠡᠳ ᠲᠡᠳᠡ ᠣᠯᠵᠠᠯᠠᠭᠳᠠᠭᠰᠠᠨ ᠬᠠᠷᠠᠭᠤᠯ ᠤ᠋ᠨ ᠴᠡᠷᠢᠭ ᠢ᠋ ᠰᠢᠭᠦᠨ ᠠᠰᠠᠭᠤᠭᠰᠠᠨ ᠳ᠋ᠤ᠌᠂ ᠲᠡᠷᠡ ᠪᠣᠯ ᠬᠥᠳᠡᠭᠡ ᠶ᠋ᠢᠨ ᠵᠢᠷ ᠦ᠋ᠨ ᠨᠢᠭᠡᠨ ᠲᠠᠷᠢᠶᠠᠴᠢᠨ ᠵᠠᠯᠠᠭᠤ ᠪᠠᠢᠵᠤ ᠲᠦᠷᠦᠭᠦᠬᠡᠨ ᠰᠠᠶᠢ ᠲᠣᠰᠬᠣᠨ ᠠ᠋ᠴᠠ ᠪᠠᠨ ᠪᠠᠷᠢᠭᠳᠠᠵᠤ ᠴᠡᠷᠢᠭ ᠲᠦ᠍ ᠲᠠᠲᠠᠪᠤᠷᠢᠯᠠᠭᠳᠠᠭᠰᠠᠨ ᠲᠤᠯᠠ ᠲᠡᠳᠡᠨ ᠦ᠌ ᠴᠡᠷᠢᠭ ᠦ᠋ᠨ ᠳᠣᠲᠣᠭᠠᠳᠤ ᠤᠴᠢᠷ ᠢ᠋ ᠮᠡᠳᠡᠬᠦ ᠦᠭᠡᠢ ᠰᠢᠭ ᠪᠣᠯᠪᠠᠴᠤ ᠴᠡᠷᠢᠭ ᠦ᠋ᠨ ᠲᠣᠭ᠎ᠠ ᠶ᠋ᠢᠨ ᠪᠠᠷᠤᠭᠴᠠᠭᠠᠯᠠᠯ᠂ ᠥᠨᠥ ᠰᠥᠨᠢ ᠬᠠᠮᠢᠭᠠᠭᠤᠷ ᠬᠡᠳᠦᠨ ᠪᠦᠯᠦᠭ ᠪᠠᠢᠬᠤ ᠶ᠋ᠢ ᠨᠠᠷᠢᠨ ᠥᠴᠢᠭᠯᠡᠭᠰᠡᠨ ᠪᠠᠢᠨ᠎ᠠ᠃ ᠡᠨᠡ ᠪᠠᠢᠳᠠᠯ ᠢ᠋ ᠰᠢᠨᠡᠯᠡᠮ᠎ᠡ ᠣᠢᠯᠠᠭᠠᠭᠰᠠᠨ ᠤ᠋ ᠰᠡᠭᠦᠯᠡᠷ ᠰᠥᠨᠢ ᠶ᠋ᠢᠨ ᠬᠠᠷᠠᠩᠭᠤᠢ ᠶ᠋ᠢ ᠲᠣᠬᠢᠶᠠᠯᠳᠤᠭᠤᠯᠤᠨ ᠲᠡᠳᠡᠨ ᠦ᠌ ᠪᠦᠯᠦᠭ ᠦ᠋ᠳ ᠦ᠋ᠨ ᠳᠤᠮᠳᠠ ᠣᠷᠣᠵᠤ ᠶᠡᠬᠡ ᠳᠠᠭᠤᠨ ᠢ᠋ᠶ᠋ᠠᠷ《ᠠᠯᠠ!》 ᠭᠡᠮᠡᠨ ᠬᠠᠰᠬᠢᠷᠤᠨ ᠬᠣᠭᠣᠷᠣᠨᠳᠣ ᠨᠢ ᠡᠷᠦᠢ ᠬᠤᠷᠤᠢ ᠦᠭᠡᠢ ᠰᠢᠷᠦᠭᠦᠨ ᠭᠠᠯᠯᠠᠭᠠᠳ ᠳᠠᠬᠢᠨ ᠲᠡᠳᠡᠨ ᠦ᠌ ᠳᠣᠲᠣᠷ᠎ᠠ ᠠ᠋ᠴᠠ ᠳᠠᠪᠬᠢᠨ ᠭᠠᠷᠴᠤ ᠬᠣᠢᠲᠤ ᠥᠨᠳᠥᠷ ᠲᠣᠭᠣᠨᠣᠲᠤ ᠶ᠋ᠢᠨ ᠣᠷᠣᠢ ᠶ᠋ᠢᠨ ᠠᠰᠢᠭ ᠲᠠᠢ ᠪᠠᠢᠷᠢ ᠶ᠋ᠢ ᠡᠵᠡᠯᠡᠵᠡᠢ᠃ ᠡᠨᠡ ᠪᠠᠢᠯᠳᠤᠭᠠᠨ ᠢᠩᠭᠢᠵᠦ ᠡᠭᠦᠰᠦᠭᠡᠳ ᠵᠢᠩ ᠶᠤᠸᠠᠢ ᠰᠢᠦ ᠶ᠋ᠢᠨ ᠴᠡᠷᠢᠭ ᠦ᠋ᠳ ᠪᠦᠯᠦᠭ ᠪᠦᠯᠦᠭ ᠢ᠋ᠶ᠋ᠡᠷ ᠬᠣᠭᠣᠷᠣᠨᠳᠣ ᠪᠠᠨ ᠨᠠᠷᠠ ᠭᠠᠷᠲᠠᠯ᠎ᠠ ᠭᠠᠯ ᠠᠪᠤᠯᠴᠠᠵᠤ᠂ ᠴᠣᠬᠣᠮ ᠬᠡᠴᠢᠨᠡᠭᠡᠨ ᠴᠡᠷᠢᠭ ᠢ᠋ᠶ᠋ᠡᠨ ᠬᠣᠬᠢᠷᠠᠭᠤᠯᠵᠤ ᠰᠢᠷᠬᠠᠲᠤᠭᠤᠯᠤᠭᠰᠠᠨ ᠢ᠋ ᠪᠤᠤ ᠮᠡᠳᠡ᠃ ᠥᠷᠯᠥᠭᠡ ᠪᠣᠯᠬᠤ ᠳ᠋ᠤ᠌ ᠬᠠᠷᠢᠯᠴᠠᠨ ᠠᠯᠠᠯᠳᠤᠭᠰᠠᠨ ᠢ᠋ᠶ᠋ᠠᠨ ᠮᠡᠳᠡᠪᠡᠴᠦ ᠰᠤᠮᠤ ᠪᠠᠨ ᠪᠦᠷᠢᠯᠭᠡᠵᠦ᠂ ᠬᠥᠮᠦᠨ ᠢ᠋ᠶ᠋ᠡᠨ ᠬᠣᠬᠢᠷᠠᠭᠤᠯᠤᠭᠰᠠᠨ ᠳ᠋ᠠᠭᠠᠨ ᠰᠦᠷᠡᠬᠡᠢ ᠠᠭᠤᠷᠯᠠᠵᠤ ᠡᠴᠢᠭᠡ ᠡᠪᠦᠭᠡ ᠪᠡᠨ ᠵᠢᠭᠠᠵᠤ ᠳᠡᠭᠡᠷ᠎ᠡ ᠳᠣᠣᠷ᠎ᠠ ᠦᠭᠡᠢ ᠬᠠᠷᠢᠶᠠᠯᠴᠠᠵᠤ ᠪᠠᠢᠪᠠ᠃ ᠲᠣᠭᠣᠨᠣᠲᠤ ᠶ᠋ᠢᠨ ᠥᠨᠳᠥᠷ ᠣᠷᠣᠢ ᠳᠡᠭᠡᠷ᠎ᠡ ᠡᠴᠡ ᠰᠢᠨᠠᠯᠠᠮ᠎ᠠ ᠣᠷᠣᠰ ᠬᠢᠴᠡ ᠲᠡᠢ ᠬᠣᠶᠠᠷ ᠲᠣᠬᠣᠢ ᠰᠢᠬᠠᠮ ᠤᠷᠲᠤ ᠳᠤᠷᠠᠨ ᠢ᠋ᠶ᠋ᠠᠷ ᠵᠢᠩ ᠶᠤᠸᠠᠢ ᠰᠢᠦ ᠶ᠋ᠢᠨ ᠴᠡᠷᠢᠭ ᠦ᠋ᠨ ᠰᠠᠮᠠᠭᠤᠷᠠᠯ ᠢ᠋ ᠦᠵᠡᠭᠡᠳ ᠬᠣᠢᠲᠤ ᠵᠦᠭ ᠡᠴᠡ ᠨᠢ ᠳᠣᠪᠲᠣᠯᠤᠨ ᠳᠠᠭᠠᠷᠢᠪᠠ᠃ ᠦᠳᠡ ᠪᠣᠯᠬᠤ ᠳ᠋ᠤ᠌ ᠦᠦᠰᠢᠨ ᠦ᠌ ᠬᠠᠯᠢᠭᠤᠲᠤ ᠶ᠋ᠢᠨ ᠰᠦᠮ᠎ᠡ ᠳ᠋ᠦ᠍ ᠰᠠᠭᠤᠷᠢᠰᠢᠵᠤ ᠪᠠᠢᠭᠰᠠᠨ ᠲᠥᠪ ᠬᠣᠷᠢᠶᠠᠨ ᠤ᠋ ᠴᠡᠷᠢᠭ ᠴᠦ᠍ ᠪᠠᠷᠠᠭᠤᠨ ᠪᠠᠯᠠᠷ ᠡᠯᠡᠰᠦᠨ ᠡᠴᠡ ᠰᠢᠷᠦᠭᠦᠨ ᠳᠠᠭᠠᠷᠢᠯᠲᠠ ᠬᠢᠭᠰᠡᠨ ᠳ᠋ᠦ᠍ ᠵᠢᠩ ᠶᠤᠸᠠᠢ ᠰᠢᠦ ᠶ᠋ᠢᠨ ᠮᠣᠷᠢᠲᠤ ᠴᠡᠷᠢᠭ ᠨᠢ ᠬᠡᠰᠡᠭ ᠦᠶ᠎ᠡ ᠪᠠᠢᠯᠳᠤᠭᠰᠠᠨ ᠤ᠋ ᠳᠠᠷᠠᠭ᠎ᠠ ᠤᠬᠤᠷᠢᠵᠠᠢ᠃ ᠶᠠᠪᠠᠭᠠᠨ ᠴᠡᠷᠢᠭ ᠦ᠋ᠨ ᠲᠤᠸᠠᠨ ᠨᠢ ᠠᠮᠢ ᠠᠮᠢ ᠪᠠᠨ ᠪᠣᠳᠣᠭᠠᠳ ᠦᠬᠦᠳᠡᠯ ᠢ᠋ᠶ᠋ᠡᠨ ᠬᠠᠶᠠᠵᠤ ᠰᠢᠷᠬᠠᠳᠤᠭᠰᠠᠳ ᠢ᠋ᠶ᠋ᠠᠨ ᠣᠷᠬᠢᠨ ᠡᠮᠦᠨ᠎ᠡ ᠵᠦᠭ ᠲᠦ᠍ ᠪᠠᠷᠬᠢᠷᠠᠯᠳᠤᠨ ᠳᠤᠲᠠᠭᠠᠵᠠᠢ᠃
ᠰᠢᠨᠡᠯᠡᠮ᠎ᠡ ᠶ᠋ᠢᠨ ᠴᠡᠷᠢᠭ᠂ ᠮᠣᠬᠣᠭᠰᠠᠨ ᠬᠤᠯᠠᠭᠠᠢ ᠶ᠋ᠢ ᠢᠯᠠᠯᠲᠠ ᠶ᠋ᠢᠨ ᠡᠷᠴᠢ ᠪᠡᠷ ᠨᠡᠬᠡᠮᠵᠢᠯᠡᠨ ᠤᠰᠠᠳᠬᠠᠭᠰᠠᠭᠠᠷ ᠦᠳᠡᠰᠢ ᠶ᠋ᠢᠨ ᠬᠠᠷᠠᠩᠭᠤᠢ ᠪᠣᠯᠬᠤ ᠳ᠋ᠤ᠌ ᠲᠡᠢᠨ ᠦ᠌ ᠭᠠᠯ ᠵᠣᠭᠰᠣᠵᠤ᠂ ᠳᠠᠢᠴᠢᠨ ᠮᠣᠷᠢᠲᠤ ᠴᠡᠷᠢᠭ ᠢᠯᠠᠯᠲᠠ ᠲᠠᠢ ᠪᠠᠷ ᠪᠠᠷᠠᠭᠤᠨᠰᠢᠯᠠᠨ ᠬᠠᠯᠢᠭᠤᠲᠤ ᠶ᠋ᠢᠨ ᠰᠦᠮ᠎ᠡ ᠵᠦᠭ ᠮᠣᠷᠳᠠᠵᠠᠢ᠃ ①
— — — —
① ᠲᠤᠰ ᠠᠭᠤᠯᠭ᠎ᠠ ᠶ᠋ᠢ ᠳᠠᠯᠠᠭᠠᠳ ᠣᠨ ᠳ᠋ᠤ᠌ ᠰᠢᠨᠡᠯᠡᠮ᠎ᠡ ᠶ᠋ᠢᠨ ᠴᠡᠷᠢᠭ ᠦ᠋ᠨ ᠬᠣᠶᠠᠳᠤᠭᠠᠷ ᠯᠢᠶᠠᠨ ᠤ᠋ ᠪᠠᠢᠯᠳᠤᠭᠴᠢ ᠴᠢᠨᠰᠠᠩ ᠨᠠᠰᠤᠲᠠᠨ ᠠ᠋ᠴᠠ ᠰᠣᠨᠣᠰᠴᠤ ᠡᠮᠬᠢᠳᠬᠡᠪᠡ᠃
7. ᠳᠠᠭᠤᠲᠤ ᠶ᠋ᠢᠨ ᠪᠠᠢᠯᠳᠤᠭᠠᠨ
ᠦᠦᠰᠢᠨ ᠬᠤᠰᠢᠭᠤᠨ ᠤ᠋ ᠵᠡᠭᠦᠨ ᠡᠮᠦᠨᠡᠲᠦ ᠬᠢᠵᠠᠭᠠᠷ ᠲᠤ᠌ ᠪᠠᠢᠷᠢᠰᠢᠵᠤ ᠪᠠᠢᠭ᠎ᠠ ᠳᠠᠭᠤᠲᠤ(ᠥᠨᠥ ᠱᠠᠨᠰᠢ ᠮᠣᠵᠢ ᠶ᠋ᠢᠨ ᠢᠦᠢ ᠯᠢᠨ ᠬᠣᠲᠠ ᠶ᠋ᠢᠨ ᠰᠢᠶᠣᠤ ᠬᠤ᠌ ᠳ᠋ᠣᠣ ᠰᠢᠶᠠᠩ ᠳ᠋ᠤ᠌ ᠪᠣᠢ) ᠪᠣᠯ ᠡᠷᠲᠡᠨ ᠦ᠌ ᠦᠶ᠎ᠡ ᠡᠴᠡ ᠤᠯᠠᠮᠵᠢᠯᠠᠭᠰᠠᠨ ᠠᠯᠲᠠᠨ ᠤᠨᠠᠭ᠎ᠠ ᠲᠣᠭᠯᠠᠵᠤ ᠢᠨᠴᠠᠭᠠᠨ᠂ ᠣᠯᠠᠨ ᠰᠢᠪᠠᠭᠤᠳ ᠳᠣᠩᠭᠣᠳᠤᠭᠰᠠᠨ ᠬᠤᠯᠤᠰᠤ ᠪᠠᠭᠠᠯᠠᠭᠤᠷ ᠢᠭᠴᠢ ᠰᠠᠬᠤᠯᠠᠭ ᠤᠷᠭᠤᠭᠰᠠᠨ ᠬᠥᠯ ᠦᠭᠡᠢ ᠭᠦᠨ᠂ ᠬᠤᠵᠢᠷ ᠦᠭᠡᠢ ᠲᠤᠩᠭᠠᠯᠠᠭ ᠰᠠᠢᠬᠠᠨ ᠳᠠᠭᠤᠲᠤ ᠶ᠋ᠢᠨ ᠵᠠᠳᠠᠭᠠᠢ ᠶ᠋ᠢ ᠡᠷᠲᠡ ᠦᠶ᠎ᠡ ᠶ᠋ᠢᠨ ᠮᠣᠩᠭᠣᠯᠴᠤᠳ《ᠳᠠᠭᠤᠲᠤ ᠶ᠋ᠢᠨ ᠵᠠᠳᠠᠭᠠᠢ》 ᠭᠡᠮᠡᠨ ᠤᠳᠠᠵᠤᠬᠤᠢ᠃ ᠥᠨᠥ ᠴᠦ᠍ ᠪᠠᠰᠠ ᠢᠷᠭᠡᠨᠴᠤᠳ《ᠲᠤᠤ ᠳ᠋ᠣᠣ》 ᠭᠡᠮᠡᠨ ᠳᠠᠭᠤᠳᠠᠭᠰᠠᠭᠠᠷ ᠪᠣᠢ᠃
ᠥᠩᠭᠡᠷᠡᠭᠰᠡᠨ ᠳ᠋ᠦ᠍ ᠬᠣᠶᠠᠷ ᠮᠣᠵᠢ ᠶ᠋ᠢᠨ ᠭᠠᠵᠠᠷ ᠲᠤ᠌ ᠠᠯᠳᠠᠷᠲᠠᠢ ᠡᠨᠡ ᠰᠠᠢᠬᠠᠨ ᠳᠠᠭᠤᠲᠤ ᠳ᠋ᠤ᠌ ᠵᠢᠩ ᠶᠤᠸᠠᠢ ᠰᠢᠦ ᠶ᠋ᠢᠨ ᠴᠡᠷᠢᠭ ᠳᠡᠭᠡᠷ᠎ᠡ ᠤᠳᠠᠭ᠎ᠠ ᠦᠦᠰᠢᠨ ᠦ᠌ ᠲᠣᠭᠣᠨᠣᠲᠤ ᠳ᠋ᠤ᠌ ᠢᠯᠠᠭᠳᠠᠭᠰᠠᠨ ᠮᠥᠬᠥᠯ ᠢ᠋ᠶ᠋ᠡᠨ ᠠᠪᠤᠷᠠᠬᠤ ᠪᠠᠷ ᠳᠠᠬᠢᠨ ᠦᠦᠰᠢᠨ ᠬᠤᠰᠢᠭᠤᠨ ᠤ᠋ ᠵᠡᠭᠦᠨ ᠡᠮᠦᠨᠡᠲᠦ ᠭᠠᠵᠠᠷ ᠢ᠋ᠶ᠋ᠠᠷ ᠳᠦᠷᠢᠮ ᠭᠣᠷᠢᠮ ᠦᠭᠡᠢ ᠰᠠᠬᠢᠯᠭ᠎ᠠ ᠪᠠᠲᠤ ᠦᠭᠡᠢ ᠴᠡᠷᠢᠭ ᠦ᠋ᠳ ᠢ᠋ᠶ᠋ᠡᠷ ᠮᠠᠯᠴᠢᠨ ᠠᠢᠯ ᠡᠷᠦᠬᠡ ᠶ᠋ᠢ ᠳᠡᠭᠡᠷᠡᠮᠳᠡᠭᠦᠯᠵᠦ ᠮᠠᠯᠴᠢᠳ ᠤ᠋ᠨ ᠬᠡᠳᠦᠨ ᠦᠶ᠎ᠡ ᠪᠡᠷ ᠬᠤᠷᠠᠮᠳᠤᠭᠤᠯᠤᠭᠰᠠᠨ ᠡᠳ᠋ ᠬᠥᠷᠥᠩᠭᠡ ᠶ᠋ᠢ ᠦᠭᠡᠢᠷᠡᠭᠦᠯᠵᠦ ᠣᠷᠣᠬᠤ ᠡᠭᠦᠳᠡ ᠤᠤᠭᠤᠬᠤ ᠠᠶᠠᠭ᠎ᠠ ᠦᠭᠡᠢ ᠪᠣᠯᠲᠠᠯ᠎ᠠ ᠬᠣᠭᠣᠰᠣᠷᠠᠭᠤᠯᠵᠠᠢ᠃
ᠰᠢᠨᠠᠯᠠᠮ᠎ᠠ ᠶ᠋ᠢᠨ ᠴᠡᠷᠢᠭ᠂ ᠬᠠᠷᠠᠴᠢᠨ ᠴᠡᠷᠢᠭ ᠲᠡᠢ ᠬᠠᠮᠲᠤᠷᠠᠵᠤ ᠵᠠᠭᠤ ᠢᠯᠡᠭᠦᠬᠡᠨ ᠮᠣᠷᠢᠲᠤ ᠴᠡᠷᠢᠭ ᠢ᠋ᠶ᠋ᠡᠷ ᠦᠦᠰᠢᠨ ᠬᠤᠰᠢᠭᠤᠨ ᠤ᠋ ᠮᠠᠩᠬᠠᠲᠤ ᠶ᠋ᠢᠨ ᠰᠦᠮ᠎ᠡ ᠡᠴᠡ ᠵᠡᠭᠦᠨ ᠡᠮᠦᠨᠡᠰᠢ ᠮᠣᠷᠳᠠᠵᠤ ᠨᠢᠭᠡ ᠰᠥᠨᠢ ᠠᠶᠠᠯᠠᠭᠠᠳ ᠵᠠᠭᠤ ᠭᠠᠷᠤᠢ ᠭᠠᠵᠠᠷ ᠤ᠋ᠨ ᠶᠡᠬᠡ ᠪᠠᠯᠠᠷ ᠣᠢ ᠳᠤᠮᠳᠠᠭᠤᠷ ᠠᠶᠠᠯᠠᠭᠰᠠᠭᠠᠷ10 ᠰᠠᠷ᠎ᠠ ᠶ᠋ᠢᠨ ᠰᠢᠨ᠎ᠡ ᠶ᠋ᠢᠨ8 ᠤ᠋ ᠥᠷᠯᠥᠭᠡ ᠵᠢᠩ ᠶᠤᠸᠠᠢ ᠰᠢᠦ ᠶ᠋ᠢᠨ ᠴᠡᠷᠢᠭ ᠦ᠋ᠨ ᠣᠢᠷᠠᠬᠠᠨ ᠬᠦᠷᠴᠦ ᠣᠴᠢᠵᠠᠢ᠃
ᠰᠣᠨᠣᠰᠬᠤᠯᠠᠷ ᠵᠢᠩ ᠶᠤᠸᠠᠢ ᠰᠢᠦ ᠶ᠋ᠢᠨ ᠴᠡᠷᠢᠭ ᠠᠢᠯ ᠡᠷᠦᠬᠡ ᠶ᠋ᠢ ᠳᠡᠭᠡᠷᠡᠮᠳᠡᠵᠦ ᠶᠠᠪᠤᠬᠤ ᠶ᠋ᠢᠨ ᠵᠠᠭᠤᠷ᠎ᠠ ᠱᠠᠷᠠᠯᠲᠠᠢ ᠭᠡᠭᠴᠢ ᠠᠢᠯ ᠤ᠋ᠨ ᠭᠠᠳᠠᠨ᠎ᠠ ᠬᠦᠷᠴᠡᠢ᠃ ᠲᠡᠷᠡ ᠠᠢᠯ ᠤ᠋ᠨ ᠬᠣᠲᠠᠴᠢ ᠨᠣᠬᠠᠢ ᠴᠡᠷᠢᠭ ᠦ᠋ᠳ ᠢ᠋ ᠰᠦᠷᠡᠬᠡᠢ ᠬᠤᠴᠠᠵᠤ ᠭᠡᠷ ᠲᠡᠭᠡᠨ ᠣᠢᠷᠠᠲᠤᠭᠤᠯᠬᠤ ᠦᠭᠡᠢ ᠪᠠᠢᠭᠰᠠᠨ ᠳ᠋ᠤ᠌ ᠲᠡᠳᠡ ᠨᠣᠬᠠᠢ ᠶ᠋ᠢ ᠨᠢ ᠫᠤᠤᠳᠠᠵᠤ ᠠᠯᠠᠭᠰᠠᠨ ᠢ᠋ᠶ᠋ᠠᠷ ᠦᠯᠦ ᠪᠠᠷᠠᠮ ᠨᠣᠬᠠᠢ ᠪᠠᠨ ᠬᠣᠷᠢᠭᠰᠠᠨ ᠦᠭᠡᠢ ᠭᠡᠵᠦ ᠱᠠᠷᠠᠯᠲᠠᠢ ᠶ᠋ᠢ ᠪᠠᠷᠢᠵᠤ ᠤᠶᠠᠭᠠᠳ ᠪᠦᠬᠦ ᠭᠡᠷ ᠦ᠋ᠨ ᠬᠥᠭᠰᠢᠨ ᠵᠠᠯᠠᠭᠤ ᠦᠭᠡᠢ ᠲᠠᠮᠤᠯᠠᠵᠤ ᠵᠣᠳᠣᠵᠠᠢ᠃ ᠢᠩᠭᠢᠭᠡᠳ ᠱᠠᠷᠠᠯᠲᠠᠢ ᠶ᠋ᠢ ᠤᠶᠠᠵᠤ ᠲᠠᠭᠤᠭᠠᠳ ᠲᠡᠳᠡᠨ ᠦ᠌ ᠭᠡᠷ ᠡᠴᠡ ᠬᠡᠳᠦᠨ ᠭᠠᠵᠠᠷ ᠤ᠋ᠨ ᠵᠠᠢ ᠳ᠋ᠤ᠌ ᠠᠪᠠᠴᠢᠨ ᠬᠤᠪᠴᠠᠰᠤ ᠬᠤᠨᠠᠷ ᠢ᠋ ᠨᠢ ᠴᠥᠮ ᠲᠠᠢᠯᠵᠤ᠂ ᠤᠷᠲᠤ ᠬᠠᠷ᠎ᠠ ᠭᠡᠵᠢᠭᠡ(ᠲᠡᠷᠡ ᠦᠶ᠎ᠡ ᠳ᠋ᠦ᠍ ᠴᠢᠩ ᠦ᠋ᠨ ᠦᠶ᠎ᠡ ᠶ᠋ᠢᠨ ᠵᠠᠩᠰᠢᠯ ᠢ᠋ᠶ᠋ᠠᠷ ᠦᠰᠦ ᠭᠡᠵᠢᠭᠡ ᠪᠡᠨ ᠠᠪᠳᠠᠭ ᠦᠭᠡᠢ ᠭᠤᠷᠪᠠ ᠪᠠᠷ ᠰᠣᠯᠪᠢᠵᠤ ᠭᠦᠷᠦᠳᠡᠭ ᠡᠷᠡᠭᠲᠡᠢ ᠪᠠᠰᠠ ᠪᠠᠢᠭᠰᠠᠨ) ᠠ᠋ᠴᠠ ᠨᠢ ᠳᠡᠭᠡᠰᠦ ᠵᠠᠯᠭᠠᠵᠤ ᠴᠢᠷᠴᠦ ᠶᠠᠪᠤᠭᠠᠳ ᠨᠢᠭᠤᠷ ᠴᠢᠷᠠᠢ ᠶ᠋ᠢ ᠨᠢ ᠲᠡᠮᠡᠭᠡ ᠰᠠᠮᠨᠠᠳᠠᠭ ᠲᠡᠮᠦᠷ ᠰᠠᠮ ᠢ᠋ᠶ᠋ᠠᠷ ᠲᠠᠨᠢᠭᠳᠠᠬᠤ ᠦᠭᠡᠢ ᠪᠣᠯᠲᠠᠯ᠎ᠠ ᠰᠠᠮᠨᠠᠪᠠ᠃ ᠨᠢᠷᠤᠭᠤᠨ ᠭᠣᠣᠯ ᠢ᠋ ᠨᠢ ᠵᠢᠳᠠᠯᠠᠭᠠᠳ ᠰᠢᠷᠬᠠᠨ ᠳ᠋ᠤᠨᠢ ᠳᠠᠪᠤᠰᠤ ᠬᠤᠵᠢᠷ ᠲᠦᠷᠬᠢᠵᠦ᠂ ᠲᠤᠢᠯ ᠤ᠋ᠨ ᠬᠠᠷᠠᠰᠠᠯᠲᠠᠢ ᠪᠠᠷ ᠲᠠᠮᠤᠯᠠᠵᠤ ᠠᠯᠠᠵᠠᠢ᠃ ᠨᠣᠬᠠᠢ ᠪᠠᠨ ᠬᠣᠷᠢᠭᠰᠠᠨ ᠦᠭᠡᠢ ᠵᠢᠷ ᠦ᠋ᠨ ᠨᠢᠭᠡᠨ ᠮᠠᠯᠴᠢᠨ ᠢ᠋ ᠢᠩᠭᠢᠵᠦ ᠲᠠᠮᠤᠯᠠᠵᠤ ᠠᠯᠠᠭᠰᠠᠨ ᠨᠢ ᠵᠢᠩ ᠶᠤᠸᠠᠢ ᠰᠢᠦ ᠶ᠋ᠢᠨ ᠴᠡᠷᠢᠭ ᠦ᠋ᠳ ᠦ᠋ᠨ ᠦᠦᠰᠢᠨ ᠬᠤᠰᠢᠭᠤᠨ ᠤ᠋ ᠮᠠᠯᠴᠢᠨ ᠲᠦᠮᠡᠨ ᠳ᠋ᠦ᠍ ᠬᠠᠨᠳᠤᠭᠰᠠᠨ ᠨᠡᠢᠲᠡᠯᠢᠭ ᠣᠪᠣᠷ ᠪᠣᠯᠤᠨ᠎ᠠ᠃ ᠱᠠᠷᠠᠯᠲᠠᠢ ᠶ᠋ᠢᠨ ᠬᠠᠷᠠᠰᠠᠯᠲᠤ ᠤᠴᠢᠷ ᠢ᠋ ᠰᠣᠨᠣᠰᠤᠭᠰᠠᠨ ᠪᠤᠶᠤ ᠬᠡᠭᠦᠷ ᠢ᠋ ᠦᠵᠡᠭᠰᠡᠨ ᠰᠢᠨᠡᠯᠡᠮ᠎ᠡ ᠶ᠋ᠢᠨ ᠴᠡᠷᠢᠭ ᠦ᠋ᠳ ᠬᠢᠯᠢᠩ ᠬᠣᠷᠣᠰᠤᠯ ᠨᠢ ᠳᠡᠭᠳᠡᠵᠦ᠂ ᠱᠠᠷᠠᠯᠲᠠᠢ ᠶ᠋ᠢᠨ ᠥᠰᠢᠶ᠎ᠡ ᠶ᠋ᠢ ᠯᠠᠪ ᠠᠪᠤᠨ᠎ᠠ ᠭᠡᠮᠡᠨ ᠲᠠᠩᠭᠠᠷᠢᠭᠯᠠᠵᠤ ᠪᠠᠢᠪᠠ᠃
ᠬᠠᠷᠠᠴᠢᠨ ᠴᠡᠷᠢᠭ ᠦ᠋ᠨ ᠰᠠᠢᠰᠢᠩᠭ᠎ᠠ ᠶᠢᠩᠵᠠᠩ ᠬᠡᠳᠦᠨ ᠮᠣᠷᠢᠲᠤ ᠴᠡᠷᠢᠭ ᠢ᠋ᠶ᠋ᠡᠨ ᠳᠠᠭᠠᠭᠤᠯᠤᠨ ᠵᠢᠩ ᠶᠤᠸᠠᠢ ᠰᠢᠦ ᠶ᠋ᠢᠨ ᠴᠡᠷᠢᠭ ᠦ᠋ᠨ ᠪᠠᠢᠳᠠᠯ ᠢ᠋ ᠲᠤᠷᠰᠢᠬᠤ ᠪᠠᠷ ᠶᠠᠪᠤᠵᠠᠢ᠃ ᠥᠨᠳᠥᠷ ᠪᠤᠷᠭᠠᠰᠤ ᠪᠤᠲᠠ ᠤᠷᠭᠤᠭᠰᠠᠨ ᠰᠡᠷᠪᠡᠩ ᠦ᠋ᠳ ᠢ᠋ ᠲᠠᠰᠢᠶᠠᠯᠠᠨ ᠨᠢᠭᠤᠵᠤ ᠲᠤᠷᠰᠢᠭᠤᠯ ᠬᠢᠵᠦ ᠶᠠᠪᠤᠭᠰᠠᠭᠠᠷ ᠪᠠᠢᠲᠠᠯ᠎ᠠ ᠨᠢᠭᠡ ᠶᠡᠬᠡ ᠲᠠᠪᠠᠭ(ᠰᠠᠭᠤᠷᠢ) ᠪᠤᠷᠭᠠᠰᠤᠨ ᠤ᠋ ᠴᠠᠭᠠᠨ᠎ᠠ ᠨᠢᠭᠡᠨ ᠮᠣᠷᠢ ᠪᠠᠷᠢᠵᠤ ᠫᠤᠤ ᠲᠠᠢ ᠴᠡᠷᠢᠭ ᠵᠣᠭᠰᠣᠭᠰᠠᠨ ᠨᠢ ᠦᠵᠡᠭᠳᠡᠨ᠎ᠡ᠃ ᠰᠠᠢᠨ ᠠᠵᠢᠭᠯᠠᠬᠤᠯ᠎ᠠ ᠵᠢᠩ ᠶᠤᠸᠠᠢ ᠰᠢᠦ ᠶ᠋ᠢᠨ ᠬᠠᠷᠠᠭᠤᠯ ᠤ᠋ᠨ ᠴᠡᠷᠢᠭ ᠪᠠᠢᠭᠰᠠᠨ ᠲᠤᠯᠠ᠂ ᠬᠠᠷᠠᠴᠢᠨ ᠤ᠋ ᠬᠣᠶᠠᠷ ᠪᠠᠢᠯᠳᠤᠭᠴᠢ ᠪᠤᠲᠠ ᠰᠢᠪᠠᠭ ᠤ᠋ᠨ ᠳᠤᠮᠳᠠᠭᠤᠷ ᠨᠢᠭᠤᠨ ᠮᠥᠯᠬᠥᠭᠰᠡᠭᠡᠷ ᠲᠡᠷᠡ ᠬᠠᠷᠠᠭᠤᠯ ᠢ᠋ ᠠᠮᠢᠳᠤ ᠪᠠᠷ ᠪᠠᠷᠢᠬᠤ ᠰᠢᠬᠠᠲᠠᠯ᠎ᠠ ᠰᠠᠨᠠᠮᠰᠠᠷ ᠦᠭᠡᠢ ᠲᠡᠭᠦᠨ ᠳ᠋ᠦ᠍ ᠰᠡᠷᠡᠭᠳᠡᠭᠡᠳ ᠨᠢᠭᠡ ᠪᠠᠢᠯᠳᠤᠭᠴᠢ ᠨᠢ ᠫᠤᠤᠳᠠᠭᠳᠠᠨ ᠠᠯᠠᠭᠳᠠᠪᠠ᠃
ᠲᠡᠷᠡ ᠬᠠᠷᠠᠭᠤᠯ ᠮᠣᠷᠢ ᠪᠠᠨ ᠤᠨᠤᠭᠠᠳ ᠥᠪᠡᠷ ᠦ᠋ᠨ ᠬᠤᠸᠠᠷᠠᠨ ᠵᠦᠭ ᠳᠠᠪᠬᠢᠲᠠᠯ᠎ᠠ ᠰᠠᠢᠰᠢᠩᠭ᠎ᠠ ᠶᠢᠩᠵᠠᠩ ᠤ᠋ᠨ ᠳᠠᠭᠠᠯ ᠴᠡᠷᠢᠭ ᠦ᠋ᠨ ᠬᠠᠷᠪᠤᠭᠰᠠᠨ ᠰᠤᠮᠤᠨ ᠳ᠋ᠤ᠌ ᠣᠨᠣᠭᠳᠠᠵᠤ ᠮᠣᠷᠢ ᠲᠠᠢ ᠪᠠᠨ ᠲᠣᠩᠭᠣᠷᠴᠠᠭᠯᠠᠨ ᠤᠨᠠᠵᠤ ᠦᠬᠦᠯ᠎ᠡ᠃ ᠡᠨᠡ ᠦᠶ᠎ᠡ ᠡᠴᠡ ᠡᠬᠢᠯᠡᠨ ᠬᠣᠶᠠᠷ ᠡᠲᠡᠭᠡᠳ ᠦ᠋ᠨ ᠴᠡᠷᠢᠭ ᠦ᠋ᠳ ᠬᠠᠷᠢᠯᠴᠠᠨ ᠭᠠᠵᠠᠷ ᠤ᠋ᠨ ᠪᠠᠢᠴᠠ ᠪᠠᠨ ᠠᠰᠢᠭᠯᠠᠨ ᠭᠠᠯ ᠠᠪᠤᠯᠴᠠᠯᠠ᠃ ᠲᠡᠳᠡ ᠪᠦᠬᠦᠯᠢ ᠡᠳᠦᠷ ᠪᠠᠢᠯᠳᠤᠵᠤ ᠰᠥᠨᠢ ᠪᠣᠯᠬᠤ ᠳ᠋ᠤ᠌ ᠭᠠᠯ ᠵᠣᠭᠰᠣᠪᠠ᠃ ᠰᠢᠨᠠᠯᠠᠮ᠎ᠠ ᠶ᠋ᠢᠨ ᠳᠠᠭᠠᠭᠤᠯᠤᠭᠰᠠᠨ ᠭᠤᠷᠪᠠᠳᠤᠭᠠᠷ ᠯᠢᠶᠠᠨ ᠤ᠋ ᠴᠡᠷᠢᠭ ᠦ᠋ᠳ ᠵᠢᠩ ᠶᠤᠸᠠᠢ ᠰᠢᠦ ᠶ᠋ᠢᠨ ᠭᠤᠷᠪᠠᠨ ᠴᠥᠷᠬᠡᠯᠡᠭᠡ ᠲᠡᠮᠡᠭᠡ(ᠪᠠᠷᠤᠭ ᠬᠣᠷᠢᠭᠠᠳ ᠲᠡᠮᠡᠭᠡ) ᠬᠥᠲᠥᠯᠦᠭᠰᠡᠨ ᠲᠠᠪᠢ ᠭᠠᠷᠤᠢ ᠴᠡᠷᠢᠭ ᠲᠡᠢ ᠤᠴᠠᠷᠠᠯᠳᠤᠵᠤ ᠨᠢᠭᠡᠨ ᠦᠶ᠎ᠡ ᠭᠠᠯ ᠠᠪᠤᠯᠴᠠᠪᠠ᠃ ᠵᠢᠩ ᠶᠤᠸᠠᠢ ᠰᠢᠦ ᠶ᠋ᠢᠨ ᠴᠡᠷᠢᠭ ᠮᠤᠤᠷ ᠮᠢᠬ᠎ᠠ ᠵᠠᠭᠤᠭᠰᠠᠨ ᠰᠢᠭ᠋ ᠲᠡᠮᠡᠭᠡᠨ ᠵᠢᠩ ᠢ᠋ᠶ᠋ᠡᠨ ᠦᠬᠦᠨ ᠬᠠᠮᠠᠭᠠᠯᠠᠭᠰᠠᠨ ᠴᠤ᠌ ᠪᠣᠯᠤᠭᠰᠠᠨ ᠦᠭᠡᠢ ᠠᠷᠭ᠎ᠠ ᠮᠤᠬᠤᠷᠳᠠᠬᠤ ᠳ᠋ᠠᠭᠠᠨ ᠪᠦᠰᠡᠯᠡᠯᠲᠡ ᠶ᠋ᠢᠨ ᠳᠤᠮᠳᠠᠭᠤᠷ ᠳᠤᠲᠠᠭᠠᠨ ᠭᠠᠷᠴᠤ ᠵᠠᠷᠢᠮ ᠨᠢ ᠫᠤᠤ ᠪᠠᠨ ᠡᠷᠭᠦᠨ ᠪᠠᠭᠤᠵᠤ ᠥᠭᠭᠦᠯ᠎ᠡ᠃ ᠡᠳᠡᠭᠡᠷ ᠲᠡᠮᠡᠭᠡᠨ ᠵᠢᠩ ᠪᠣᠯ ᠦᠦᠰᠢᠨ ᠦ᠌ ᠮᠠᠯᠴᠢᠳ ᠠ᠋ᠴᠠ ᠪᠤᠯᠢᠶᠠᠨ ᠳᠡᠭᠡᠷᠡᠮᠳᠡᠭᠰᠡᠨ ᠡᠳ᠋ ᠬᠣᠭᠰᠢᠯ ᠬᠤᠪᠴᠠᠰᠤ ᠬᠤᠨᠠᠷ ᠪᠣᠯᠤᠨ ᠡᠳᠦᠢ ᠲᠡᠳᠦᠢ ᠳᠠᠷᠢ ᠰᠤᠮᠤ ᠴᠡᠷᠢᠭ ᠦ᠋ᠨ ᠬᠡᠷᠡᠭᠰᠡᠯ ᠦ᠋ᠳ ᠪᠠᠢᠵᠠᠢ᠃ ᠰᠢᠨᠡᠯᠡᠮ᠎ᠡ ᠶ᠋ᠢᠨ ᠴᠡᠷᠢᠭ ᠡᠳᠡᠭᠡᠷ ᠢ᠋ ᠣᠯᠵᠠᠯᠠᠨ ᠠᠪᠤᠭᠰᠠᠨ ᠪᠥᠭᠡᠳ ᠦᠷᠭᠦᠯᠵᠢᠯᠡᠨ ᠨᠡᠬᠡᠮᠵᠢᠯᠡᠬᠦ ᠭᠡᠰᠡᠨ ᠳ᠋ᠦ᠍ ᠰᠢᠨᠠᠯᠠᠮ᠎ᠠ ᠠ᠋ᠴᠠ ᠱᠠᠨᠰᠢ ᠶ᠋ᠢᠨ ᠵᠠᠬ᠎ᠠ ᠬᠢᠵᠠᠭᠠᠷ ᠲᠤ᠌ ᠣᠷᠣᠴᠢᠬᠠᠭᠰᠠᠨ ᠲᠤᠯᠠ ᠨᠡᠬᠡᠮᠵᠢᠯᠡᠬᠦ ᠬᠡᠷᠡᠭ ᠦᠭᠡᠢ ᠭᠡᠳ ᠴᠡᠷᠢᠭ ᠤᠬᠤᠷᠢᠵᠤ ᠪᠤᠴᠠᠯ᠎ᠠ᠃ ᠰᠢᠨᠠᠯᠠᠮ᠎ᠠ ᠴᠡᠷᠢᠭ ᠢ᠋ᠶ᠋ᠡᠨ ᠦᠦᠰᠢᠨ ᠡᠴᠡ ᠭᠠᠳᠠᠨ᠎ᠠ ᠪᠤᠰᠤᠳ ᠤ᠋ᠨ ᠬᠠᠷᠢᠶᠠᠲᠤ ᠭᠠᠵᠠᠷ ᠲᠤ ᠪᠠᠢᠯᠳᠤᠭᠠᠨ ᠬᠢᠯᠭᠡᠳᠡᠭ ᠦᠭᠡᠢ ᠪᠠᠢᠵᠠᠢ᠃①
— — — —
①
ᠲᠤᠰ ᠠᠭᠤᠯᠭ᠎ᠠ ᠶ᠋ᠢ1961 ᠣᠨ ᠳ᠋ᠤ᠌
ᠰᠢᠨᠡᠯᠡᠮ᠎ᠡ ᠶ᠋ᠢᠨ ᠴᠡᠷᠢᠭ ᠳᠥᠭᠥᠮ ᠦ᠋ᠨ ᠪᠤᠩᠬᠤᠤᠠ ᠠ᠋ᠴᠠ ᠰᠣᠨᠣᠰᠴᠤ
ᠡᠮᠬᠢᠳᠬᠡᠪᠡ᠃
8. ᠲᠣᠭᠣᠨᠣᠲᠤ ᠶ᠋ᠢᠨ ᠰᠢᠯᠢ ᠶ᠋ᠢᠨ ᠬᠣᠶᠠᠳᠠᠬᠢ ᠤᠳᠠᠭᠠᠨ ᠤ᠋ ᠪᠠᠢᠯᠳᠤᠭᠠᠨ
1928 ᠣᠨ ᠤ᠋ ᠬᠠᠪᠤᠷ ᠤ᠋ᠨ ᠰᠡᠭᠦᠯ ᠰᠠᠷ᠎ᠠ ᠶ᠋ᠢᠨ ᠨᠢᠭᠡ ᠡᠳᠦᠷ᠂ ᠵᠢᠩ ᠶᠤᠸᠠᠢ ᠰᠢᠦ ᠶ᠋ᠢᠨ700 ᠭᠠᠷᠤᠢ ᠶᠠᠪᠠᠭᠠᠨ ᠴᠡᠷᠢᠭ ᠦ᠋ᠨ ᠬᠣᠷᠢᠶ᠎ᠠ ᠨᠢ ᠦᠦᠰᠢᠨ ᠬᠤᠰᠢᠭᠤᠨ ᠤ᠋ ᠮᠠᠰᠠᠩ ᠬᠦᠷᠢᠶ᠎ᠡ᠂ ᠳᠠᠷᠠᠰᠤ ᠵᠡᠷᠭᠡ ᠭᠠᠵᠠᠷ(ᠥᠨᠥ ᠱᠠᠨᠰᠢ ᠶ᠋ᠢᠨ ᠢᠦᠢ ᠯᠢᠨ ᠦ᠌ ᠢᠦᠢ ᠶᠠᠩ ᠲᠣᠭᠣᠷᠢᠭ ᠤ᠋ᠨ ᠮᠠᠩᠬ᠎ᠠ ᠲᠣᠰᠬᠣᠨ) ᠢ᠋ᠶ᠋ᠠᠷ ᠭᠡᠨᠡᠳᠡᠭᠦᠯᠦᠨ ᠣᠷᠣᠭᠠᠳ ᠪᠠᠶᠠᠨ᠌ᠤ᠋ᠪᠤᠭᠠ ᠲᠣᠭᠣᠨᠣᠲᠤ ᠶ᠋ᠢᠨ ᠵᠦᠭ ᠳᠣᠪᠲᠣᠯᠪᠠ᠃
ᠰᠢᠨᠡᠯᠡᠮ᠎ᠡ᠂ ᠪᠠᠪᠠ ᠯᠢᠶᠡᠨᠵᠠᠩ ᠤ᠋ᠨ ᠨᠢᠭᠡᠳᠦᠭᠡᠷ ᠯᠢᠶᠠᠨ ᠤ᠋40 ᠭᠠᠷᠤᠢ ᠮᠣᠷᠢᠲᠤ ᠴᠡᠷᠢᠭ ᠢ᠋ ᠳᠠᠭᠠᠭᠤᠯᠤᠨ ᠤᠯᠠᠭᠠᠨᠲᠣᠯᠣᠭᠠᠢ ᠶ᠋ᠢᠨ ᠰᠦᠮ᠎ᠡ ᠡᠴᠡ ᠪᠠᠷᠠᠭᠤᠨᠰᠢᠯᠠᠵᠤ ᠪᠠᠶᠠᠨ᠌ᠤ᠋ᠪᠤᠭᠠ ᠣᠷᠴᠢᠮ ᠢ᠋ᠶ᠋ᠠᠷ ᠵᠢᠩ ᠶᠤᠸᠠᠢ ᠰᠢᠦ ᠶ᠋ᠢᠨ ᠴᠡᠷᠢᠭ ᠦ᠋ᠨ ᠵᠢᠭᠦᠷ ᠦ᠋ᠨ ᠠᠩᠭᠢ ᠲᠠᠢ ᠲᠤᠯᠤᠯᠳᠤᠵᠤ ᠬᠣᠶᠠᠷ ᠲᠠᠯ᠎ᠠ ᠪᠠᠷ ᠢ᠋ᠶ᠋ᠠᠨ ᠭᠠᠯ ᠠᠪᠤᠯᠴᠠᠭᠰᠠᠨ ᠪᠠᠢᠨ᠎ᠠ᠃
ᠡᠨᠡ ᠤᠳᠠᠭ᠎ᠠ ᠵᠢᠩ ᠶᠤᠸᠠᠢ ᠰᠢᠦ ᠶ᠋ᠢᠨ ᠡᠨᠡ ᠬᠦ᠌ ᠵᠢᠭᠦᠷ ᠦ᠋ᠨ ᠬᠣᠰᠢᠭᠤᠴᠢ ᠴᠡᠷᠢᠭ ᠦ᠋ᠳ ᠨᠢ ᠬᠠᠷᠪᠤᠵᠤ ᠭᠠᠯᠯᠠᠬᠤ ᠳ᠋ᠠᠭᠠᠨ ᠣᠨᠣᠪᠴᠢᠲᠠᠢ᠂ ᠫᠤᠤ ᠶ᠋ᠢᠨ ᠲᠤᠰᠤᠯᠲᠠ ᠨᠢ ᠬᠣᠯᠠ᠂ ᠬᠤᠷᠴᠠ ᠵᠡᠪᠰᠡᠭ ᠲᠡᠢ ᠮᠥᠷᠲᠡᠭᠡᠨ ᠦᠬᠦᠬᠦ ᠡᠴᠡ ᠠᠶᠤᠬᠤ ᠦᠭᠡᠢ ᠠᠮᠢ ᠴᠦᠯᠡᠭᠴᠢᠳ ᠪᠠᠢᠭᠰᠠᠨ ᠲᠤᠯᠠ ᠮᠣᠩᠭᠣᠯ ᠮᠣᠷᠢᠲᠤ ᠴᠡᠷᠢᠭ ᠦ᠋ᠨ ᠰᠢᠷᠦᠭᠦᠨ ᠳᠠᠭᠠᠷᠢᠯᠲᠠ ᠳ᠋ᠤ᠌ ᠬᠡᠳᠦ ᠤᠳᠠᠭ᠎ᠠ ᠤᠴᠠᠷᠠᠭᠰᠠᠨ ᠴᠤ᠌ ᠤᠷᠤᠭᠰᠢᠯᠠᠬᠤ ᠠ᠋ᠴᠠ ᠪᠢᠰᠢ ᠤᠬᠤᠷᠢᠬᠤ ᠦᠭᠡᠢ ᠪᠠᠢᠯ᠎ᠠ᠃
ᠡᠨᠡ ᠪᠠᠢᠳᠠᠯ ᠳ᠋ᠤ᠌ ᠴᠢᠭᠯᠡᠭᠦᠯᠵᠦ ᠰᠢᠨᠠᠯᠠᠮ᠎ᠠ ᠵᠢᠩ ᠶᠤᠸᠠᠢ ᠰᠢᠦ ᠶ᠋ᠢᠨ ᠴᠡᠷᠢᠭ ᠢ᠋ ᠲᠥᠭᠡᠷᠢᠭᠳᠡᠭᠦᠯᠵᠦ᠂ ᠪᠠᠢᠯᠳᠤᠬᠤ ᠵᠣᠷᠢᠭ ᠢ᠋ ᠨᠢ ᠰᠤᠯᠠᠷᠠᠭᠤᠯᠬᠤ ᠪᠠ ᠮᠡᠬᠡᠯᠡᠬᠦ ᠠᠷᠭ᠎ᠠ ᠶ᠋ᠢ ᠬᠡᠷᠡᠭᠯᠡᠭᠰᠡᠨ ᠪᠠᠢᠨ᠎ᠠ᠃ ᠲᠡᠷᠡ ᠨᠢᠭᠡ ᠪᠦᠯᠦᠭ ᠮᠣᠷᠢᠲᠤ ᠴᠡᠷᠢᠭ ᠢ᠋ᠶ᠋ᠡᠨ ᠥᠨᠳᠥᠷ ᠳᠠᠯᠠᠩ ᠢ᠋ᠶ᠋ᠠᠷ ᠲᠠᠰᠤᠷᠠᠯᠲᠠ ᠦᠭᠡᠢ ᠳᠥᠭᠥᠮ ᠬᠣᠲᠣᠭᠣᠷ ᠲᠤ᠌ ᠣᠷᠣᠭᠤᠯᠤᠭᠠᠳ ᠥᠭᠡᠷ᠎ᠡ ᠵᠠᠮ ᠢ᠋ᠶ᠋ᠠᠷ ᠪᠤᠴᠠᠭᠤᠯᠵᠤ᠂ ᠳᠠᠬᠢᠨ ᠶᠠᠪᠤᠭᠰᠠᠨ ᠵᠠᠮ ᠢ᠋ᠶ᠋ᠠᠷ ᠨᠢ ᠥᠨᠳᠥᠷ ᠳᠠᠯᠠᠩ ᠢ᠋ᠶ᠋ᠠᠷ ᠴᠤᠪᠤᠷᠠᠭᠤᠯᠤᠨ ᠥᠩᠭᠡᠷᠡᠭᠡᠪᠡ᠂ ᠡᠨᠡ ᠮᠡᠲᠦ ᠪᠡᠷ(ᠰᠢᠨᠡᠯᠡᠮ᠎ᠡ ᠶ᠋ᠢᠨ ᠴᠡᠷᠢᠭ) ᠵᠠᠯᠭᠠᠭ᠎ᠠ ᠵᠠᠯᠭᠠᠭ᠎ᠠ ᠪᠠᠷ ᠢᠷᠡᠵᠦ ᠪᠠᠢᠭ᠎ᠠ ᠰᠢᠭ᠋ ᠲᠡᠳᠡᠨ ᠢ᠋ ᠲᠥᠭᠡᠷᠢᠭᠳᠡᠭᠦᠯᠪᠡ᠃
ᠲᠡᠭᠡᠭᠡᠳ ᠨᠢᠭᠡ ᠪᠦᠯᠦᠭ ᠰᠠᠢᠨ ᠮᠣᠷᠢᠲᠠᠢ ᠬᠤᠷᠴᠠ ᠵᠡᠪᠰᠡᠭ ᠲᠡᠢ ᠴᠡᠷᠢᠭ ᠨᠢ ᠵᠢᠩ ᠶᠤᠸᠠᠢ ᠰᠢᠦ ᠶ᠋ᠢᠨ ᠴᠡᠷᠢᠭ ᠦ᠋ᠨ ᠵᠡᠭᠦᠨ ᠪᠠᠷᠠᠭᠤᠨ ᠲᠠᠯ᠎ᠠ ᠠ᠋ᠴᠠ ᠨᠢ ᠭᠠᠯᠯᠠᠵᠤ᠂ ᠵᠠᠷᠢᠮ ᠳ᠋ᠠᠭᠠᠨ ᠶᠠᠪᠠᠭᠠᠨ ᠴᠡᠷᠢᠭ ᠦ᠋ᠨ ᠵᠢᠭᠰᠠᠭᠠᠯ ᠤ᠋ᠨ ᠰᠡᠭᠦᠯ ᠡᠴᠡ ᠭᠠᠯᠯᠠᠵᠤ ᠥᠳᠥᠭᠡᠪᠡ᠃ ᠵᠠᠩ ᠶᠤᠸᠠᠢ ᠰᠢᠦ ᠶ᠋ᠢᠨ ᠴᠡᠷᠢᠭ ᠦ᠋ᠨ ᠰᠡᠭᠦᠯᠴᠢ ᠶ᠋ᠢᠨ ᠪᠦᠯᠦᠭ ᠨᠢ ᠬᠤᠷᠴᠠ ᠴᠡᠷᠢᠭ ᠪᠢᠰᠢ ᠪᠣᠯᠬᠣᠷ ᠫᠤᠤ ᠳᠤᠤᠭᠠᠷᠪᠠᠯ ᠠᠶᠤᠴᠢᠬᠠᠳᠠᠭ᠂ ᠮᠣᠷᠢᠲᠤ ᠴᠡᠷᠢᠭ ᠢ᠋ ᠦᠵᠡᠪᠡᠯ ᠳᠤᠲᠠᠭᠠᠭᠠᠳ ᠵᠢᠭᠠᠬᠠᠨ ᠴᠤ᠌ ᠡᠰᠡᠷᠭᠦᠴᠡᠬᠦ ᠴᠢᠳᠠᠯ ᠦᠭᠡᠢ ᠪᠠᠭᠠᠷᠠᠩ ᠤ᠋ᠳ ᠪᠠᠢᠯ᠎ᠠ᠃
ᠪᠠᠰᠠ ᠨᠢᠭᠡ ᠪᠦᠯᠦᠭ ᠮᠡᠷᠭᠡᠨ ᠬᠠᠷᠪᠤᠭᠠᠴᠢ ᠴᠡᠷᠢᠭ ᠨᠢ ᠲᠣᠭᠣᠨᠣᠲᠤ ᠶ᠋ᠢᠨ ᠥᠨᠳᠥᠷ ᠳᠠᠯᠠᠩ ᠢ᠋ ᠠᠰᠢᠭᠯᠠᠨ ᠠᠰ ᠬᠣᠢᠨ᠎ᠠ ᠠ᠋ᠴᠠ ᠨᠢ ᠰᠢᠷᠦᠭᠦᠨ ᠳᠠᠭᠠᠷᠢᠯᠲᠠ ᠬᠢᠵᠦ ᠵᠢᠭᠦᠷ ᠦ᠋ᠨ ᠴᠡᠷᠢᠭ ᠦ᠋ᠨ ᠤᠮᠠᠷᠠᠰᠢ ᠤᠷᠤᠭᠰᠢᠯᠠᠬᠤ ᠶ᠋ᠢ ᠬᠣᠷᠢᠭᠯᠠᠪᠠ᠃
ᠵᠢᠩ ᠶᠤᠸᠠᠢ ᠰᠢᠦ ᠶ᠋ᠢᠨ ᠴᠡᠷᠢᠭ ᠦ᠋ᠳ ᠨᠢ ᠰᠢᠨᠠᠯᠠᠮ᠎ᠠ ᠶ᠋ᠢᠨ ᠴᠡᠷᠢᠭ ᠲᠠᠰᠤᠷᠠᠯᠲᠠ ᠦᠭᠡᠢ ᠣᠷᠣᠢ ᠳᠠᠯᠠᠩ ᠢ᠋ᠶ᠋ᠠᠷ ᠦᠷᠭᠦᠯᠵᠢᠯᠡᠨ ᠴᠡᠷᠢᠭ ᠨᠥᠬᠥᠪᠥᠷᠢᠯᠡᠵᠦ᠂ ᠠᠩᠬᠠᠨ ᠳ᠋ᠠᠭᠠᠨ ᠬᠣᠷᠢᠭᠯᠠᠯᠲᠠ ᠬᠢᠵᠦ ᠪᠠᠢᠭᠰᠠᠨ ᠪᠣᠯ ᠥᠨᠥ ᠳᠥᠷᠪᠡᠨ ᠲᠠᠯ᠎ᠠ ᠠ᠋ᠴᠠ ᠪᠢᠳᠡᠨ ᠦ᠌ ᠵᠢᠭᠰᠠᠭᠠᠯ ᠢ᠋ ᠡᠪᠳᠡᠵᠦ ᠰᠢᠷᠦᠭᠦᠨ ᠳᠠᠭᠠᠷᠢᠯᠲᠠ ᠬᠢᠬᠦ ᠪᠣᠯᠴᠢᠬᠠᠯ᠎ᠠ ᠭᠡᠮᠡᠨ ᠡᠨᠳᠡᠭᠦᠷᠡᠭᠡᠳ ᠢᠷᠡᠭᠰᠡᠨ ᠮᠥᠷ ᠢ᠋ᠶ᠋ᠡᠷ ᠢ᠋ᠶ᠋ᠡᠨ ᠤᠬᠤᠷᠢᠨ ᠳᠤᠲᠠᠭᠠᠯ᠎ᠠ᠃
ᠶᠠᠭ ᠡᠨᠡ ᠦᠶ᠎ᠡ ᠳ᠋ᠦ᠍ ᠡᠷᠳᠡᠨᠢ ᠭᠡᠨᠳᠦᠨᠯᠢᠭ᠌ᠰᠣᠭ ᠶᠢᠩᠵᠠᠩ ᠨᠠᠷ ᠬᠤᠷᠴᠠ ᠴᠡᠷᠢᠭ ᠢ᠋ᠶ᠋ᠡᠷ ᠨᠡᠬᠡᠮᠵᠢᠯᠡᠨ ᠪᠠᠶᠠᠨ ᠳᠥᠭᠥᠮ ᠭᠡᠳᠡᠭ ᠭᠠᠵᠠᠷ ᠵᠢᠩ ᠶᠤᠸᠠᠢ ᠰᠢᠦ ᠶ᠋ᠢᠨ ᠬᠡᠳᠦᠨ ᠲᠠᠰᠤᠭ ᠴᠡᠷᠢᠭ ᠢ᠋ ᠤᠰᠠᠳᠬᠠᠯᠠ᠃ ᠢᠩᠭᠢᠭᠡᠳ ᠥᠨᠥ ᠶ᠋ᠢᠨ ᠪᠠᠶᠠᠨ ᠳᠥᠭᠥᠮ ᠲᠤᠬᠠᠢ ᠶ᠋ᠢᠨ ᠦᠶ᠎ᠡ ᠳ᠋ᠦ᠍ ᠳᠠᠢᠰᠤᠨ ᠤ᠋ ᠦᠬᠦᠳᠡᠯ ᠢ᠋ᠶ᠋ᠡᠷ ᠳᠦᠭᠦᠷᠴᠡᠢ᠃
ᠰᠢᠨᠡᠯᠡᠮ᠎ᠡ ᠴᠥᠭᠡᠬᠡᠨ ᠢ᠋ᠶ᠋ᠡᠷ ᠣᠯᠠᠨ ᠢ᠋ ᠢᠯᠠᠭᠠᠳ ᠮᠣᠩᠭᠣᠯᠴᠤᠳ ᠤ᠋ᠨ ᠡᠷᠲᠡ ᠳᠡᠭᠡᠳᠦᠰ ᠡᠴᠡ ᠪᠡᠨ ᠲᠣᠭᠰᠢᠭᠤᠯᠵᠤ ᠳᠠᠬᠢᠵᠤ ᠢᠷᠡᠭᠰᠡᠨ ᠲᠣᠭᠣᠨᠣᠲᠤ ᠶ᠋ᠢᠨ ᠰᠢᠯᠢ ᠶ᠋ᠢᠨ ᠬᠠᠮᠤᠭ ᠥᠨᠳᠥᠷ《ᠰᠦᠯᠳᠡ ᠶ᠋ᠢᠨ ᠣᠷᠣᠢ》 ᠳ᠋ᠤ᠌ ᠴᠡᠷᠢᠭ ᠢ᠋ᠶ᠋ᠡᠨ ᠪᠦᠷᠢᠳᠬᠡᠵᠦ ᠪᠠᠢᠯᠳᠤᠭᠠᠨ ᠤ᠋ ᠢᠯᠠᠯᠲᠠ ᠪᠠᠨ ᠪᠡᠯᠭᠡᠯᠡᠵᠡᠢ᠃①
— — — —
① ᠲᠤᠰ ᠠᠭᠤᠯᠭ᠎ᠠ ᠶ᠋ᠢ1961 ᠣᠨ ᠳ᠋ᠤ᠌ ᠲᠣᠭᠣᠨᠣᠲᠤ ᠳ᠋ᠤ᠌ ᠨᠤᠲᠤᠭ ᠲᠠᠢ ᠲᠣᠪᠴᠢ ᠶ᠋ᠢᠨ ᠪᠠᠪᠠ ᠨᠠᠰᠤᠲᠠᠨ ᠤ᠋ ᠶᠠᠷᠢᠭᠰᠠᠨ ᠢ᠋ ᠲᠡᠮᠳᠡᠭᠯᠡᠪᠡ᠃
9. ᠪᠤᠮᠪᠠ ᠪᠤᠯᠠᠭ ᠤ᠋ᠨ ᠪᠠᠢᠯᠳᠤᠭᠠᠨ
ᠣᠳᠣ ᠶ᠋ᠢᠨ ᠦᠦᠰᠢᠨ ᠬᠤᠰᠢᠭᠤᠨ ᠤ᠋ ᠵᠡᠭᠦᠨ ᠡᠮᠦᠨ᠎ᠡ ᠬᠥᠪᠡᠭᠡ ᠨᠢ ᠱᠠᠨᠰᠢ ᠶ᠋ᠢᠨ ᠢᠦᠢ ᠯᠢᠨ ᠬᠣᠲᠠ ᠶ᠋ᠢᠨ ᠮᠠᠰᠠᠩ ᠬᠦᠷᠢᠶ᠎ᠡ ᠲᠣᠰᠬᠣᠨ ᠲᠠᠢ ᠵᠠᠭᠠᠭᠯᠠᠵᠤ ᠪᠠᠢᠭᠰᠠᠨ ᠪᠥᠭᠡᠳ ᠡᠷᠢᠶᠡᠨ ᠪᠠᠯᠠᠷ ᠲᠠᠢ ᠪᠤᠷᠭᠠᠰᠤ᠂ ᠴᠢᠴᠠᠷᠭᠠᠨ᠎ᠠ᠂ ᠶᠠᠰᠢᠯ ᠤ᠋ᠨ ᠣᠢ ᠢᠭᠴᠢ ᠰᠠᠬᠤᠯᠠᠭ ᠪᠠᠭᠰᠢᠷᠠᠨ ᠤᠷᠭᠤᠵᠤ᠂ ᠪᠤᠯᠠᠭ ᠭᠣᠷᠣᠬ᠎ᠠ ᠬᠤᠷᠴᠢᠭᠢᠨᠠᠨ ᠤᠷᠤᠰᠴᠤ ᠴᠢᠳᠥᠷ ᠲᠡᠢ ᠮᠣᠷᠢ ᠪᠠᠨ ᠲᠠᠯᠪᠢᠴᠢᠬᠠᠭᠠᠳ ᠪᠠᠭ᠎ᠠ ᠯᠠ ᠤᠳᠠᠴᠢᠬᠠᠪᠠᠯ ᠴᠢᠮᠡᠭᠡ ᠨᠢ ᠰᠣᠨᠣᠰᠳᠠᠬᠤ ᠠ᠋ᠴᠠ ᠪᠢᠰᠢ ᠮᠣᠷᠢ ᠨᠢ ᠦᠵᠡᠭᠳᠡᠬᠦ ᠥᠬᠡᠢ ᠪᠣᠯᠴᠢᠬᠠᠳᠠᠭ ᠪᠠᠯᠠᠷ ᠡᠷᠲᠡᠨ ᠦ᠌ ᠪᠠᠢᠭᠠᠯᠢᠯᠢᠭ ᠰᠠᠢᠬᠠᠨ ᠭᠠᠵᠠᠷ ᠪᠠᠢᠭᠰᠠᠨ ᠭᠡᠨ᠎ᠡ᠃ ᠡᠨᠡ ᠰᠠᠢᠬᠠᠨ ᠨᠤᠲᠤᠭ ᠤᠰᠤ ᠪᠠᠨ ᠡᠨᠳᠡᠬᠢ ᠮᠣᠩᠭᠣᠯᠴᠤᠳ ᠪᠤᠮᠪᠠ ᠪᠤᠯᠠᠭ ᠭᠡᠵᠦ ᠨᠡᠷᠡᠢᠳᠦᠭᠡᠳ ᠣᠨ ᠤᠳᠠᠴᠢᠬᠠᠭᠰᠠᠨ ᠪᠣᠯᠤᠯᠲᠠᠢ᠃
1928 ᠣᠨ ᠤ᠋ ᠵᠤᠨ ᠤ᠋ ᠡᠬᠢᠨ ᠰᠠᠷ᠎ᠠ ᠶ᠋ᠢᠨ ᠠᠷᠪᠠᠨ ᠤ᠋ ᠡᠳᠦᠷ ᠦᠦᠰᠢᠨ ᠨᠣᠶᠠᠨ ᠤ᠋ ᠨᠢᠭᠡ ᠯᠢᠶᠠᠨ ᠴᠡᠷᠢᠭ ᠵᠢᠩ ᠶᠤᠸᠠᠢ ᠰᠢᠦ ᠶ᠋ᠢᠨ300 ᠭᠠᠷᠤᠢ ᠮᠣᠷᠢᠲᠤ ᠴᠡᠷᠢᠭ ᠢ᠋ ᠳᠠᠭᠠᠭᠤᠯᠤᠨ ᠲᠤᠬᠠᠢ ᠶ᠋ᠢᠨ ᠦᠶ᠎ᠡ ᠶ᠋ᠢᠨ ᠬᠤᠵᠢᠷ ᠳᠠᠪᠤᠰᠤᠨ ᠤ᠋ ᠪᠠᠷᠠᠭᠤᠨ ᠶᠡᠬᠡ ᠵᠠᠮ ᠢ᠋ ᠳᠠᠭᠠᠨ ᠤᠮᠠᠷᠠᠰᠢᠯᠠᠵᠤ᠂ ᠨᠥᠭᠦᠭᠡ ᠬᠡᠳᠦᠨ ᠪᠦᠯᠦᠭ ᠦ᠋ᠨ1000 ᠰᠢᠬᠠᠮ ᠮᠣᠷᠢᠲᠤ ᠶᠠᠪᠠᠭᠠᠨ ᠴᠡᠷᠢᠭ ᠨᠢ ᠵᠡᠭᠦᠨ ᠵᠠᠮ ᠢ᠋ᠶ᠋ᠠᠷ ᠲᠠᠮᠠᠭᠠᠯᠠᠢ ᠶ᠋ᠢᠨ ᠱᠠᠩ᠂ ᠤᠯᠠᠭᠠᠨᠲᠤᠯᠤᠭᠠᠢ᠂ ᠬᠤᠸᠠᠲᠤᠯᠤᠭᠠᠢ ᠪᠠᠷ ᠤᠮᠠᠷᠠᠰᠢ ᠬᠥᠨᠳᠡᠯᠡᠨ ᠵᠢᠭᠰᠠᠭᠠᠯ ᠤ᠋ᠨ ᠬᠡᠯᠪᠡᠷᠢ ᠪᠡᠷ ᠱᠦᠭᠦᠷᠳᠡᠯᠲᠡ ᠬᠢᠵᠦ ᠤᠷᠤᠭᠰᠢᠯᠠᠵᠠᠢ᠃
ᠲᠤᠬᠠᠢ ᠶ᠋ᠢᠨ ᠦᠶ᠎ᠡ ᠶ᠋ᠢᠨ ᠣᠷᠴᠢᠨ ᠲᠣᠭᠣᠷᠢᠨ ᠳ᠋ᠤ᠌ ᠨᠤᠲᠤᠭ ᠳᠡᠪᠢᠰᠬᠡᠷ ᠢ᠋ᠶ᠋ᠡᠷ ᠠᠭᠤᠳᠠᠮ ᠪᠣᠯᠪᠠᠴᠤ᠂ ᠬᠥᠮᠦᠨ ᠠᠮᠠ ᠴᠥᠭᠡᠬᠡᠨ ᠮᠥᠷᠲᠡᠭᠡᠨ ᠲᠠᠷᠠᠬᠠᠢ ᠪᠤᠲᠠᠷᠬᠠᠢ ᠰᠠᠭᠤᠷᠢᠰᠢᠭᠰᠠᠨ ᠮᠠᠯᠴᠢᠳ ᠪᠠᠯᠠᠷ ᠡᠯᠡᠰᠦᠨ ᠳ᠋ᠦ᠍ ᠬᠣᠶᠠᠷᠬᠠᠨ ᠫᠤᠤ ᠲᠠᠢ ᠴᠡᠷᠢᠭ ᠦᠵᠡᠭᠰᠡᠭᠡᠷ ᠠᠶᠤᠵᠤ ᠰᠣᠴᠢᠳᠠᠭ ᠪᠠᠢᠭᠰᠠᠨ ᠪᠣᠯ ᠥᠨᠥᠳᠥᠷ2000 ᠰᠢᠬᠠᠮ ᠮᠣᠷᠢᠲᠤ ᠶᠠᠪᠠᠭᠠᠨ ᠴᠡᠷᠢᠭ ᠦ᠋ᠨ ᠲᠦᠷᠢᠮᠡᠬᠡᠢᠯᠡᠯ ᠳ᠋ᠦ᠍ ᠤᠴᠠᠷᠠᠬᠤ ᠨᠢ ᠲᠤᠩ ᠠᠶᠤᠯ ᠲᠦᠭᠰᠢᠭᠦᠷᠢᠲᠦ ᠶᠠᠪᠤᠳᠠᠯ ᠪᠠᠢᠯ᠎ᠠ᠃
ᠡᠨᠡ ᠬᠦ᠌ ᠪᠠᠴᠢᠮ ᠲᠦᠭᠰᠢᠭᠦᠷᠢᠲᠡᠢ ᠴᠠᠭ ᠮᠥᠴᠡ ᠳ᠋ᠦ᠍ ᠭᠤᠷᠪᠠᠳᠤᠭᠠᠷ ᠯᠢᠶᠠᠨ ᠤ᠋ ᠯᠢᠶᠨᠨᠵᠠᠩ ᠠᠷᠪᠢᠨᠪᠠᠶᠠᠷ ᠬᠣᠶᠠᠷ ᠲᠠᠰᠤᠭ ᠮᠣᠷᠢᠲᠤ ᠴᠡᠷᠢᠭ ᠢ᠋ᠶ᠋ᠡᠨ ᠳᠠᠭᠠᠭᠤᠯᠤᠨ ᠪᠠᠷᠠᠭᠤᠨ ᠵᠠᠮ ᠢ᠋ᠶ᠋ᠠᠷ ᠡᠮᠦᠨᠡᠰᠢᠯᠡᠵᠦ ᠵᠢᠩ ᠶᠤᠸᠠᠢ ᠰᠢᠦ ᠶ᠋ᠢᠨ ᠴᠡᠷᠢᠭ ᠦ᠋ᠨ ᠬᠥᠨᠳᠡᠯᠡᠨ ᠵᠢᠭᠰᠠᠭᠠᠯ ᠤ᠋ᠨ ᠪᠠᠷᠠᠭᠤᠨ ᠦᠵᠦᠭᠦᠷ ᠳᠠᠷᠤᠢ ᠪᠤᠮᠪᠠ ᠪᠤᠯᠠᠭ ᠢ᠋ ᠴᠢᠭᠯᠡᠵᠦ ᠡᠰᠡᠷᠭᠦ ᠳᠠᠭᠠᠷᠢᠯᠲᠠ ᠬᠢᠬᠦ ᠪᠡᠷ ᠮᠣᠷᠳᠠᠯ᠎ᠠ᠃ ᠲᠡᠳᠡ ᠪᠤᠮᠪᠠ ᠪᠤᠯᠠᠭ ᠤ᠋ᠨ ᠲᠣᠮᠣ ᠪᠤᠷᠭᠠᠰᠤᠨ ᠣᠢ ᠳ᠋ᠤ᠌ ᠪᠡᠶ᠎ᠡ ᠳᠠᠯᠳᠠᠯᠠᠵᠤ ᠡᠰᠡᠷᠭᠦᠦ ᠡᠲᠡᠭᠡᠳ ᠦᠨ ᠢᠶᠡᠨ ᠪᠠᠢᠳᠠᠯ ᠢ᠋ ᠲᠡᠩᠨᠡᠵᠦ᠂ ᠦᠦᠰᠢᠨ ᠨᠣᠶᠠᠨ ᠤ᠋ ᠴᠡᠷᠢᠭ ᠪᠤᠮᠪᠠ ᠪᠤᠯᠠᠭ ᠤ᠋ᠨ ᠪᠤᠷᠭᠠᠰᠤᠨ ᠰᠢᠭᠤᠢ ᠶ᠋ᠢᠨ ᠵᠡᠭᠦᠨ ᠡᠮᠦᠨ᠎ᠡ ᠬᠥᠪᠡᠭᠡ ᠳ᠋ᠦ᠍ ᠪᠠᠢᠭ᠎ᠠ ᠥᠯᠵᠡᠢᠪᠠᠶᠠᠷ ᠤ᠋ᠨ ᠳ᠋ᠤ᠌ ᠪᠠᠭᠤᠳᠠᠯᠯᠠᠵᠤ᠂ ᠵᠢᠩ ᠶᠤᠸᠠᠢ ᠰᠢᠦ ᠶ᠋ᠢᠨ ᠴᠡᠷᠢᠭ ᠨᠢ ᠥᠯᠵᠡᠢᠪᠠᠶᠠᠷ ᠤ᠋ᠨ ᠡᠮᠦᠨ᠎ᠡ ᠴᠠᠢᠳᠠᠮ ᠳ᠋ᠤ᠌ ᠪᠠᠭᠤᠳᠠᠯᠯᠠᠭᠰᠠᠨ ᠢ᠋ ᠠᠩᠬ᠎ᠠ ᠠᠯᠬᠤᠮ ᠣᠢᠯᠠᠭᠠᠵᠠᠢ᠃ ᠢᠩᠭᠢᠭᠡᠳ ᠠᠷᠪᠢᠨᠪᠠᠶᠠᠷ ᠤ᠋ᠨ ᠴᠡᠷᠢᠭ ᠨᠠᠷᠠ ᠲᠠᠢ ᠭᠡᠭᠡ ᠲᠡᠢ ᠪᠠᠢᠬᠤ ᠳ᠋ᠤ᠌ ᠡᠷᠲᠡᠬᠡᠨ ᠪᠠᠢᠯᠳᠤᠵᠤ ᠢᠯᠡᠭᠦᠦ ᠬᠡᠳᠦᠨ ᠬᠥᠮᠦᠨ ᠢ᠋ ᠤᠰᠠᠳᠬᠠᠬᠤ ᠪᠠᠷ ᠰᠠᠨᠳᠤᠷᠴᠠᠭᠠᠨᠠ᠃ ᠭᠡᠪᠡᠴᠦ ᠯᠢᠶᠡᠨᠵᠠᠩ ᠠ᠋ᠴᠠ ᠵᠠᠷᠯᠢᠭ ᠦᠭᠡᠢ ᠲᠤᠯᠠ ᠵᠥᠪᠬᠡᠨ ᠰᠠᠨᠳᠤᠷᠬᠤ ᠠ᠋ᠴᠠ ᠥᠭᠡᠷ᠎ᠡ ᠠᠷᠭ᠎ᠠ ᠦᠭᠡᠢ ᠪᠠᠢᠯ᠎ᠠ᠃
ᠪᠤᠮᠪᠠ ᠪᠤᠯᠠᠭ ᠤ᠋ᠨ ᠪᠤᠷᠭᠠᠰᠤᠨ ᠣᠢ ᠪᠣᠯ ᠲᠦᠮᠡᠨ ᠴᠡᠷᠢᠭ ᠰᠢᠷᠭᠤᠭᠰᠠᠨ ᠴᠤ᠌ ᠦᠵᠡᠭᠳᠡᠬᠦ ᠦᠭᠡᠢ ᠨᠢᠭᠤᠵᠤ ᠳᠠᠯᠳᠠᠯᠠᠵᠤ ᠪᠣᠯᠬᠤ ᠠᠰᠢᠭᠲᠠᠢ ᠰᠠᠢᠬᠠᠨ ᠭᠠᠵᠠᠷ ᠪᠠᠢᠯ᠎ᠠ᠃ ᠭᠤᠷᠪᠠᠳᠤᠭᠠᠷ ᠯᠢᠶᠠᠨ ᠤ᠋ ᠴᠡᠷᠢᠭ ᠦ᠋ᠳ ᠥᠯᠵᠡᠢᠪᠠᠶᠠᠷ ᠤ᠋ᠨ ᠪᠠᠷᠠᠭᠤᠨ ᠪᠤᠷᠭᠠᠰᠤᠨ ᠳᠤᠮᠳᠠᠭᠤᠷ ᠡᠰᠡᠷᠭᠦᠦ ᠡᠲᠡᠭᠡᠳ ᠢ᠋ᠶ᠋ᠡᠨ ᠰᠡᠮᠡᠷᠬᠡᠨ ᠢ᠋ᠶ᠋ᠡᠷ ᠭᠡᠲᠡᠬᠦ ᠶ᠋ᠢᠨ ᠳᠠᠭᠠᠤ ᠤᠷᠤᠭᠰᠢᠯᠠᠨ ᠣᠢᠷᠠᠳᠴᠤ ᠪᠠᠢᠯ᠎ᠠ᠃
ᠶᠠᠭ ᠡᠨᠡ ᠪᠠᠴᠢᠮ ᠦᠶ᠎ᠡ ᠳ᠋ᠦ᠍ ᠨᠣᠶᠠᠨ ᠤ᠋ ᠴᠡᠷᠢᠭ ᠦ᠋ᠳ ᠶᠠᠪᠠᠭᠠᠨ ᠫᠤᠤ ᠪᠠᠨ ᠮᠥᠷᠥᠯᠡᠵᠦ ᠭᠤᠷᠪᠠᠳᠤᠭᠠᠷ ᠯᠢᠶᠠᠨ ᠤ᠋ ᠴᠡᠷᠢᠭ ᠦ᠋ᠨ ᠡᠮᠦᠨ᠎ᠡ ᠡᠴᠡ ᠪᠤᠷᠭᠠᠰᠤᠨ ᠳᠤᠮᠳᠠᠭᠤᠷ ᠬᠣᠶᠠᠷ ᠮᠥᠷ ᠢ᠋ᠶ᠋ᠡᠷ ᠤᠷᠤᠭᠰᠢᠯᠠᠵᠤ ᠪᠠᠢᠯ᠎ᠠ᠁ ᠲᠡᠳᠡ ᠰᠠᠨᠳᠤᠷᠴᠤ᠂ ᠮᠠᠨᠤᠰ ᠢ᠋ ᠨᠢᠭᠡᠨᠲᠡ ᠦᠵᠡᠴᠢᠬᠡᠭᠰᠡᠨ ᠪᠠᠢᠯᠲᠠᠢ! ᠪᠢᠳᠡᠨ ᠲᠡᠢ ᠪᠠᠢᠯᠳᠤᠬᠤ ᠪᠠᠷ ᠢᠷᠡᠯ᠎ᠡ ᠪᠠ? ᠭᠡᠮᠡᠨ ᠲᠠᠭᠠᠮᠠᠭᠯᠠᠵᠠᠭᠠᠨᠠ᠃ ᠢᠯᠠᠯᠲᠠ ᠲᠠᠢ ᠪᠠᠢᠯᠳᠤᠵᠤ ᠶᠠᠪᠤᠭᠰᠠᠨ ᠰᠢᠨᠡᠯᠡᠮ᠎ᠡ ᠶ᠋ᠢᠨ ᠴᠡᠷᠢᠭ ᠦ᠋ᠳ ᠨᠣᠶᠠᠨ ᠤ᠋ ᠴᠡᠷᠢᠭ ᠬᠡᠳᠦᠢ ᠣᠢᠷᠠᠳᠬᠤ ᠳᠣᠳᠣᠮ ᠲᠡᠳᠦᠢ ᠰᠠᠢᠨ᠂ ᠥᠨᠥᠳᠥᠷ ᠲᠡᠳᠡ ᠪᠦᠭᠦᠳᠡᠭᠡᠷ ᠢ᠋ᠶ᠋ᠡᠨ ᠫᠤᠤ ᠶ᠋ᠢᠨ ᠪᠥᠭᠯᠡᠭᠡ ᠪᠣᠯᠬᠤ ᠶᠤᠮ ᠪᠠᠢᠨ᠎ᠠ ᠭᠡᠵᠦ ᠪᠤᠷᠭᠠᠰᠤᠨ ᠳᠣᠲᠣᠷ᠎ᠠ ᠠ᠋ᠴᠠ ᠫᠤᠤ ᠪᠠᠨ ᠣᠨᠢᠯᠠᠨ ᠪᠠᠢᠯᠳᠤᠭᠠᠨ ᠤ᠋ ᠪᠡᠯᠡᠳᠬᠡᠯ ᠳ᠋ᠦ᠍ ᠣᠷᠣᠭᠠᠳ ᠪᠠᠢᠪᠠ᠃ ᠲᠡᠳᠡ ᠳᠠᠬᠢᠭᠠᠳ ᠰᠠᠢᠨ ᠠᠵᠢᠭᠯᠠᠪᠠᠯ ᠵᠢᠭᠰᠠᠭᠠᠯ ᠤ᠋ᠨ ᠬᠠᠵᠠᠭᠤ ᠳ᠋ᠤ᠌ ᠨᠢᠭᠡ ᠮᠠᠷᠠᠯ ᠬᠦᠷᠡᠩ ᠤᠯᠠᠭᠠᠨ ᠶᠠᠭᠤᠮ᠎ᠠ ᠠᠢᠰᠤᠢ᠃ ᠬᠡᠳᠦᠨ ᠴᠡᠷᠢᠭ ᠳᠤᠮᠳᠠ ᠪᠠᠨ ᠨᠢᠭᠡ ᠭᠣᠵᠢᠭᠢᠷ ᠶᠠᠭᠤᠮ᠎ᠠ ᠳᠠᠮᠨᠠᠨ ᠶᠠᠪᠤᠨ᠎ᠠ᠃ ᠲᠡᠳᠡ ᠪᠠᠢᠯᠳᠤᠬᠤ ᠮᠠᠶᠢᠭ ᠥᠬᠡᠢ ᠯᠠᠪ ᠯᠠᠪᠳᠠᠭᠤᠨ ᠫᠤᠤ ᠪᠠᠨ ᠮᠥᠷᠥᠯᠡᠨ ᠠᠯᠬᠤᠵᠤ ᠪᠠᠢᠬᠤ ᠪᠠᠷ ᠦᠵᠡᠪᠡᠯ ᠨᠢᠭᠡ ᠨᠢ ᠦᠬᠦᠴᠢᠬᠡᠭᠡᠳ ᠬᠡᠭᠦᠷ ᠢ᠋ ᠨᠢ ᠳᠠᠮᠨᠠᠵᠤ ᠶᠠᠪᠤᠭ᠎ᠠ ᠴᠤ᠌ ᠶᠤᠮ ᠤᠤ? ᠭᠡᠵᠦ ᠪᠣᠳᠣᠭᠳᠠᠭᠤᠯᠤᠨ᠎ᠠ᠃ ᠮᠡᠷᠭᠡᠨ ᠬᠠᠷᠪᠤᠭᠠᠴᠢ ᠲᠥᠪᠳᠡᠨᠪᠠᠯᠪᠤᠷ ᠠᠷᠪᠢᠨᠪᠠᠶᠠᠷ ᠯᠢᠶᠡᠨᠵᠠᠩ ᠤ᠋ᠨ ᠳᠡᠷᠭᠡᠳᠡ ᠰᠡᠮᠡᠷᠬᠡᠨ ᠢᠷᠡᠵᠦ᠄《ᠪᠢ ᠦᠵᠡᠪᠡᠯ ᠬᠠᠷᠢᠭᠤᠯᠭ᠎ᠠ(ᠪᠠᠯᠢᠩ ᠤ᠋ᠨ ᠨᠡᠷ᠎ᠡ) ᠬᠠᠶᠠᠬᠤ ᠪᠠᠷ ᠶᠠᠪᠤᠵᠤ ᠪᠠᠢᠭ᠎ᠠ ᠰᠢᠭ᠋᠁》 ᠭᠡᠨ᠎ᠡ᠃ ᠲᠡᠳᠡ ᠬᠣᠶᠠᠭᠤᠯᠠ ᠪᠤᠷᠭᠠᠰᠤᠨ ᠳᠤᠮᠳᠠᠭᠤᠷ ᠮᠥᠯᠬᠥᠵᠦ ᠣᠢᠷᠠᠳᠴᠤ ᠦᠵᠡᠬᠦᠯ᠎ᠡ᠂ ᠨᠣᠶᠠᠨ ᠤ᠋ ᠴᠡᠷᠢᠭ ᠨᠡᠯᠢᠶᠡᠳ ᠴᠠᠭᠠᠨ᠎ᠠ ᠮᠥᠷᠯᠡᠨ ᠵᠣᠭᠰᠣᠵᠤ ᠲᠡᠳᠡᠨ ᠦ᠌ ᠨᠠᠭᠠᠲᠠᠢ ᠬᠣᠷᠢᠭᠠᠳ ᠠᠯᠲᠠ ᠭᠠᠵᠠᠷ ᠲᠤ᠌ ᠣᠪᠣᠭᠠᠯᠠᠳᠠᠢ ᠪᠤᠷᠭᠠᠰᠤᠨ ᠲᠦᠯᠡᠭᠡ ᠶ᠋ᠢ ᠰᠢᠲᠠᠭᠠᠵᠤ᠂ ᠬᠠᠵᠠᠭᠤ ᠳ᠋ᠤᠨᠢ ᠬᠣᠶᠠᠷ ᠬᠥᠮᠦᠨ ᠤᠯᠠᠭᠠᠨ ᠥᠩᠭᠡᠲᠦ ᠭᠤᠷᠪᠠᠯᠵᠢᠨ ᠳᠣᠭᠵᠢᠷ ᠢ᠋ ᠲᠣᠮᠣ ᠮᠣᠳᠣᠨ ᠵᠠᠭᠠᠮᠠᠯ ᠳᠡᠪᠰᠡᠭ ᠲᠦ᠍ ᠬᠢᠭᠡᠳ ᠳᠠᠮᠨᠠᠵᠤ ᠵᠣᠭᠰᠣᠨ᠎ᠠ᠃ ᠳᠣᠭᠵᠢᠷ(ᠴᠢᠩᠭᠦᠧ ᠭᠤᠯᠢᠷ ᠰᠢᠷ᠎ᠠ ᠲᠣᠰᠣ ᠪᠤᠷᠠᠮ ᠲᠠᠢ ᠬᠣᠯᠢᠵᠤ ᠨᠤᠬᠤᠵᠤ ᠨᠠᠢᠷᠠᠭᠤᠯᠤᠭᠰᠠᠨ ᠭᠤᠷᠪᠠᠯᠵᠢᠨ ᠬᠡᠯᠪᠡᠷᠢᠲᠡᠢ ᠲᠣᠮᠣ ᠪᠠᠯᠢᠩ) ᠤ᠋ᠨ ᠠᠷᠤ ᠳ᠋ᠤ᠌ ᠲᠡᠭᠦᠰᠠᠠᠮᠤᠭᠤᠯᠠᠩ ᠨᠣᠶᠠᠨ ᠢ᠋ ᠳᠠᠭᠠᠵᠤ ᠲᠤᠰᠬᠠᠢᠯᠠᠨ ᠪᠤᠷᠬᠠᠨ ᠳᠠᠬᠢᠵᠤ《ᠰᠢᠪᠳᠠᠩ》 ᠤᠩᠰᠢᠳᠠᠭ ᠦᠦᠰᠢᠨᠵᠦᠦ ᠶ᠋ᠢᠨ ᠰᠦᠮ᠎ᠡ ᠶ᠋ᠢᠨ ᠷᠠᠪᠵᠤᠤᠷ ᠯᠠᠮᠠ(ᠬᠣᠵᠢᠮ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠤ᠋ ᠳᠠᠷᠠᠭ᠎ᠠ ᠡᠳᠦᠷ ᠪᠠᠨᠳᠢᠳᠠ ᠶ᠋ᠢᠨ ᠳᠤᠭᠠᠩ ᠠ᠋ᠴᠠ ᠪᠠᠷᠠᠭᠤᠨᠰᠢ ᠶᠠᠪᠤᠵᠤ ᠪᠠᠢᠭᠠᠳ ᠵᠠᠮ ᠳ᠋ᠠᠭᠠᠨ ᠠᠯᠠᠭᠳᠠᠭᠰᠠᠨ ᠠᠷᠪᠠᠨ ᠨᠠᠢ᠍ᠮᠠᠨ ᠬᠥᠮᠦᠨ ᠦ᠌ ᠨᠢᠭᠡ ᠨᠢ) ᠬᠦᠷᠡᠩ ᠴᠠᠮᠴᠠ ᠡᠮᠦᠰᠴᠦ ᠳᠡᠭᠡᠭᠦᠷ ᠢ᠋ᠶ᠋ᠡᠨ ᠤᠯᠠᠭᠠᠨ ᠣᠷᠬᠢᠮᠵᠢ ᠬᠡᠳᠡᠷᠴᠦ ᠲᠣᠯᠣᠭᠠᠢ ᠳ᠋ᠠᠭᠠᠨ ᠭᠣᠵᠢᠭᠢᠷ ᠰᠢᠷ᠎ᠠ ᠮᠠᠯᠠᠭ᠎ᠠ ᠵᠡᠭᠦᠵᠦ ᠵᠡᠭᠦᠨ ᠭᠠᠷ ᠲᠠᠭᠠᠨ ᠵᠡᠰ ᠬᠣᠩᠬᠣ ᠪᠠᠷᠢᠨ ᠰᠠᠵᠢᠵᠤ ᠪᠠᠷᠠᠭᠤᠨ ᠭᠠᠷ ᠲᠠᠭᠠᠨ ᠷᠠᠮᠪᠠᠷ ᠡᠷᠭᠢᠭᠦᠯᠵᠦ ᠥᠨᠳᠥᠷ ᠳᠠᠭᠤᠨ ᠢ᠋ᠶ᠋ᠠᠷ ᠽᠣᠷ ᠴᠣᠬᠢᠬᠤ ᠬᠠᠷᠢᠭᠤᠯᠭ᠎ᠠ ᠶ᠋ᠢᠨ ᠨᠣᠮ(ᠬᠠᠷᠢᠶᠠᠯ ᠤ᠋ᠨ ᠨᠣᠮ) ᠤᠩᠰᠢᠵᠤ ᠵᠣᠭᠰᠣᠨ᠎ᠠ᠃ ᠲᠣᠮᠣ ᠪᠠᠯᠢᠩ ᠤ᠋ᠨ ᠣᠷᠣᠢ ᠳ᠋ᠤ᠌ ᠴᠠᠭᠠᠰᠤᠨ ᠳᠡᠭᠡᠷ᠎ᠡ ᠬᠥᠮᠦᠨ ᠦ᠌ ᠭᠠᠪᠠᠯᠠ ᠲᠣᠯᠣᠭᠠᠢ ᠵᠢᠷᠤᠵᠤ ᠨᠠᠷᠢᠬᠠᠨ ᠮᠣᠳᠣᠨ ᠳ᠋ᠤ᠌ ᠬᠠᠳᠬᠤᠵᠤ ᠲᠠᠯᠪᠢᠵᠠᠢ᠃
ᠷᠠᠪᠵᠤᠤᠷ ᠯᠠᠮᠠ ᠶ᠋ᠢᠨ ᠬᠠᠵᠠᠭᠤ ᠳ᠋ᠤ᠌ ᠦᠦᠰᠢᠨ ᠨᠣᠶᠠᠨ ᠤ᠋ ᠴᠡᠷᠢᠭ ᠦ᠋ᠨ ᠫᠠᠢᠵᠠᠩ ᠰᠠᠢᠨ᠌ᠥ᠌ᠯᠵᠡᠢ ᠪᠠᠷᠠᠭᠤᠨ ᠭᠠᠷ ᠲᠠᠭᠠᠨ ᠭᠠᠷ ᠫᠤᠤ ᠠᠳᠬᠤᠨ ᠵᠡᠭᠦᠨ ᠪᠠᠷᠠᠭᠤᠨ ᠢ᠋ ᠠᠵᠢᠭᠯᠠᠨ ᠨᠠᠭᠠᠰᠢ ᠴᠠᠭᠠᠰᠢ ᠡᠷᠭᠢᠴᠡᠵᠦ ᠴᠢᠳᠬᠥᠷ ᠢ᠋ ᠣᠯᠵᠤ ᠦᠵᠡᠭᠡᠳ ᠫᠤᠤᠳᠠᠴᠢᠬᠠᠮᠠᠷ ᠯᠠ ᠮᠠᠶᠢᠭ ᠲᠠᠢ ᠣᠪᠯᠠᠨ᠎ᠠ᠃ ᠨᠣᠮ ᠤᠩᠰᠢᠭᠰᠠᠨ ᠯᠠᠮᠠ ᠭᠤᠸᠠᠢ ᠳᠣᠭᠵᠢᠷ ᠢ᠋ᠶ᠋ᠠᠨ ᠭᠠᠯ ᠤᠷᠤᠭᠤ ᠴᠣᠬᠢᠬᠤ ᠶ᠋ᠢᠨ ᠬᠠᠮᠲᠤ ᠠᠮᠠᠨ ᠳ᠋ᠠᠭᠠᠨ ᠶᠡᠬᠡ ᠳᠠᠭᠤᠨ ᠢ᠋ᠶ᠋ᠠᠷ《ᠰᠢᠨᠠᠯᠠᠮ᠎ᠠ ᠳᠠᠮᠴᠢᠳ ᠨᠦᠪᠡᠢ ᠭᠢᠩ ᠯᠡ ᠳ᠋ᠤᠭ ᠁ 》 ᠭᠡᠵᠦ ᠤᠩᠰᠢᠪᠠ᠃ ᠡᠨᠡ ᠦᠶ᠎ᠡ ᠳ᠋ᠦ᠍ ᠰᠠᠢᠨ᠌ᠥ᠌ᠯᠵᠡᠢ ᠳᠣᠭᠵᠢᠷ ᠤᠷᠤᠭᠤ ᠬᠣᠢᠨ᠎ᠠ ᠬᠣᠢᠨ᠎ᠠ ᠠ᠋ᠴᠠ ᠨᠢ ᠭᠤᠷᠪᠠ ᠬᠠᠷᠪᠤᠯ᠎ᠠ᠃
ᠲᠥᠪᠳᠡᠨᠪᠠᠯᠪᠤᠷ ᠤᠤᠯ ᠳ᠋ᠠᠭᠠᠨ ᠰᠠᠢᠨ ᠨᠣᠮ ᠲᠠᠢ ᠯᠠᠮᠠ ᠪᠠᠢᠭᠰᠠᠨ ᠲᠤᠯᠠ ᠲᠡᠷᠡ᠄《ᠦ! ᠡᠨᠡ ᠴᠢᠨᠢ ᠰᠢᠨᠠᠯᠠᠮ᠎ᠠ ᠳ᠋ᠤ᠌ ᠬᠠᠷᠢᠶᠠᠯ ᠬᠢᠵᠦ ᠪᠠᠢᠭ᠎ᠠ ᠶᠤᠮ ᠪᠠᠢᠨ᠎ᠠ》 ᠭᠡᠵᠦ ᠯᠢᠶᠡᠨᠵᠠᠩ ᠳ᠋ᠠᠭᠠᠨ ᠬᠡᠯᠡᠬᠦ ᠳ᠋ᠦ᠍ ᠯᠢᠶᠡᠨᠵᠠᠩ ᠨᠢ《ᠣᠳᠣ ᠴᠢ ᠬᠠᠷᠪᠤ》 ᠭᠡᠪᠡ᠃ ᠲᠥᠪᠳᠡᠨᠪᠠᠯᠪᠤᠷ ᠨᠢᠭᠡᠯᠬᠡᠨ ᠰᠤᠮᠤ ᠪᠠᠷ ᠰᠠᠢᠨ᠌ᠥ᠌ᠯᠵᠡᠢ ᠫᠠᠢᠵᠠᠩ ᠢ᠋ ᠳᠣᠭᠵᠢᠷ ᠤ᠋ᠨ ᠳᠡᠷᠭᠡᠳᠡ ᠤᠨᠠᠭᠠᠵᠤ᠂ ᠪᠠᠰᠠ ᠨᠢᠭᠡ ᠬᠠᠷᠪᠤᠬᠤ ᠳ᠋ᠤ᠌ ᠷᠠᠪᠵᠤᠤᠷ ᠯᠠᠮᠠ ᠶ᠋ᠢᠨ ᠭᠣᠵᠢᠭᠢᠷ ᠮᠠᠯᠠᠭ᠎ᠠ ᠶ᠋ᠢ ᠤᠨᠠᠭᠠᠯ᠎ᠠ᠃《ᠬᠥᠮᠦᠨ ᠢ᠋ ᠴᠣᠬᠢᠨ᠎ᠠ ᠭᠡᠰᠡᠨ ᠡᠷᠭᠢᠭᠦᠦ ᠰᠤᠮᠤ ᠡᠵᠡᠨ ᠳ᠋ᠡᠭᠡᠨ》 ᠭᠡᠭᠴᠢ ᠪᠡᠷ ᠰᠢᠨᠠᠯᠠᠮ᠎ᠠ ᠳ᠋ᠤ᠌ ᠬᠠᠷᠢᠶᠠᠯ ᠬᠢᠭᠰᠡᠨ ᠰᠠᠢᠨ᠌ᠥ᠌ᠯᠵᠡᠢ ᠬᠠᠷᠢᠶᠠᠯ ᠤ᠋ᠨ ᠳᠣᠭᠵᠢᠷ ᠲᠠᠢ ᠪᠠᠨ ᠠᠳᠠᠯᠢ ᠲᠡᠭᠦᠰᠦᠯ ᠢ᠋ᠶ᠋ᠡᠨ ᠣᠯᠤᠯ᠎ᠠ᠃
ᠡᠨᠡ ᠦᠶ᠎ᠡ ᠳ᠋ᠦ᠍ ᠨᠢᠭᠡᠨᠲᠡ ᠦᠳᠡᠰᠢ ᠶ᠋ᠢᠨ ᠪᠦᠷᠦᠢ ᠪᠣᠯᠤᠭᠰᠠᠨ ᠲᠤᠯᠠ ᠬᠣᠶᠠᠷ ᠡᠲᠡᠭᠡᠳ ᠬᠠᠷᠢᠯᠴᠠᠨ ᠪᠠᠢᠯᠳᠤᠭᠰᠠᠨ ᠪᠣᠯᠪᠠᠴᠤ ᠳᠡᠮᠡᠢ ᠤᠳᠠᠯ ᠦᠭᠡᠢ ᠪᠠᠢᠯᠳᠤᠭᠠᠨ ᠵᠣᠭᠰᠣᠵᠤ ᠪᠤᠮᠪᠠ ᠪᠤᠯᠠᠭ ᠤ᠋ᠨ ᠦᠳᠡᠰᠢ ᠶ᠋ᠢᠨ ᠰᠥᠨᠢ ᠶ᠋ᠢᠨ ᠳᠠᠷᠢ ᠶ᠋ᠢᠨ ᠤᠲᠤᠭ᠎ᠠ ᠠᠷᠢᠯᠪᠠ᠃
ᠬᠣᠵᠢᠮ ᠰᠢᠨᠡᠯᠡᠮ᠎ᠡ ᠶ᠋ᠢᠨ ᠴᠡᠷᠢᠭ ᠦ᠋ᠳ᠄
ᠳᠣᠲᠣᠷ᠎ᠠ ᠮᠠᠭᠤ ᠲᠠᠢ ᠫᠠᠢᠵᠠᠩ ᠨᠢ
ᠳᠣᠭᠵᠢᠷ ᠤ᠋ᠨ ᠬᠠᠮᠲᠤ ᠲᠣᠨᠢᠯᠠᠯᠠ᠂
ᠲᠣᠭᠰᠢᠨ ᠬᠡᠷᠴᠡᠭᠡᠢ ᠴᠡᠷᠢᠭ ᠦ᠋ᠳ ᠨᠢ
ᠳᠣᠣᠷ᠎ᠠ ᠪᠠᠨ ᠡᠷᠭᠢᠨ ᠳᠤᠲᠠᠭᠠᠯ᠎ᠠ᠃
ᠭᠡᠵᠦ ᠰᠢᠯᠦᠭ ᠵᠣᠬᠢᠶᠠᠵᠤ ᠲᠠᠷᠬᠠᠭᠠᠭᠰᠠᠨ ᠭᠡᠳᠡᠭ᠃①
— — — —
①
ᠲᠤᠰ ᠠᠭᠤᠯᠭ᠎ᠠ ᠶ᠋ᠢ1961 ᠣᠨ ᠳ᠋ᠤ᠌
ᠰᠢᠨᠡᠯᠡᠮ᠎ᠡ ᠶ᠋ᠢᠨ ᠴᠡᠷᠢᠭ ᠰᠠᠢᠨᠵᠢᠷᠭᠠᠯ ᠨᠠᠰᠤᠲᠠᠨ ᠤ᠋ ᠬᠡᠯᠡᠭᠰᠡᠨ ᠢ᠋ᠶ᠋ᠡᠷ ᠡᠮᠬᠢᠳᠬᠡᠪᠡ᠃
10. ᠤᠯᠠᠭᠠᠨᠲᠣᠯᠣᠭᠠᠢ ᠶ᠋ᠢᠨ ᠰᠦᠮ᠎ᠡ ᠶ᠋ᠢᠨ ᠪᠠᠢᠯᠳᠤᠭᠠᠨ
ᠪᠤᠮᠪᠠ ᠪᠤᠯᠠᠭ ᠤ᠋ᠨ ᠪᠠᠢᠯᠳᠤᠭᠠᠨ ᠤ᠋ ᠰᠥᠨᠢ ᠨᠣᠶᠠᠨ ᠤ᠋ ᠴᠡᠷᠢᠭ ᠪᠣᠯᠤᠨ ᠵᠢᠩ ᠶᠤᠸᠠᠢ ᠰᠢᠦ ᠶ᠋ᠢᠨ ᠨᠢᠭᠡᠨ ᠪᠦᠯᠦᠭ ᠮᠣᠷᠢᠲᠤ ᠴᠡᠷᠢᠭ ᠦ᠋ᠳ ᠵᠡᠭᠦᠨ ᠬᠣᠢᠰᠢ ᠤᠷᠤᠭᠰᠢᠯᠠᠵᠤ ᠵᠡᠭᠦᠨ ᠵᠠᠮ ᠤ᠋ᠨ ᠴᠡᠷᠢᠭ ᠲᠡᠢ ᠪᠡᠨ ᠨᠡᠢᠯᠡᠵᠦ500 ᠭᠠᠷᠤᠢ ᠮᠣᠷᠢᠲᠤ ᠴᠡᠷᠢᠭ ᠤᠯᠠᠭᠠᠨᠲᠣᠯᠣᠭᠠᠢ ᠬᠤᠳᠤᠯᠤᠭᠠᠢ(ᠬᠤᠸᠠᠲᠣᠯᠣᠭᠠᠢ) ᠪᠠᠷ ᠰᠠᠭᠤᠷᠢᠰᠢᠪᠠ᠃ ᠲᠡᠳᠡ ᠣᠢᠷ᠎ᠠ ᠣᠷᠴᠢᠮ ᠤ᠋ᠨ ᠠᠢᠯ ᠡᠷᠦᠬᠡ ᠶ᠋ᠢ ᠳᠡᠭᠡᠷᠡᠮᠳᠡᠵᠦ ᠮᠠᠯ ᠰᠦᠷᠦᠭ ᠢ᠋ ᠪᠤᠯᠢᠶᠠᠨ ᠠᠯᠠᠵᠤ ᠵᠠᠮ ᠤ᠋ᠨ ᠬᠦᠨᠡᠰᠦ ᠪᠡᠨ ᠪᠣᠯᠭᠠᠨ ᠤᠮᠠᠷᠠᠰᠢ ᠦᠷᠭᠦᠯᠵᠢᠯᠡᠨ ᠱᠦᠭᠦᠷᠳᠡᠯᠲᠡ ᠬᠢᠪᠡ᠃ ᠪᠡᠯᠴᠢᠭᠡᠷ ᠳᠠᠬᠢ ᠬᠣᠨᠢ ᠮᠠᠯ ᠪᠠᠷᠢᠭᠳᠠᠬᠤ ᠦᠭᠡᠢ ᠶ᠋ᠢ ᠨᠢ ᠫᠤᠤᠳᠠᠨ ᠠᠯᠠᠵᠤ᠂ ᠠᠯᠠᠭᠰᠠᠨ ᠬᠣᠨᠢ ᠢᠮᠠᠭ᠎ᠠ ᠪᠠᠨ ᠠᠷᠭᠠᠯ ᠤ᠋ᠨ ᠭᠠᠯ ᠢᠶᠠᠷ ᠰᠢᠷᠠᠵᠤ᠂ ᠲᠦᠭᠦᠬᠡᠢ ᠪᠣᠯᠤᠭᠰᠠᠨ ᠢ᠋ ᠬᠠᠢᠬᠤᠷᠬᠤ ᠦᠭᠡᠢ ᠫᠤᠤ ᠶ᠋ᠢᠨ ᠵᠢᠳᠠ ᠪᠠᠷ ᠢ᠋ᠶ᠋ᠠᠨ ᠣᠭᠲᠣᠯᠵᠤ ᠶᠠᠭᠠᠷᠠᠯᠳᠤᠨ ᠢᠳᠡᠵᠦ ᠪᠠᠢᠯ᠎ᠠ᠃
ᠠᠳᠤᠭᠤ ᠮᠠᠯ ᠪᠡᠯᠴᠢᠭᠡᠷᠯᠡᠳᠡᠭ ᠲᠦᠮᠡᠨ ᠮᠠᠯ ᠤ᠋ᠨ ᠰᠠᠢᠬᠠᠨ ᠪᠡᠯᠴᠢᠭᠡᠷ ᠪᠣᠯᠬᠤ ᠰᠢᠪᠠᠷ ᠤ᠋ᠨ ᠴᠠᠢᠳᠠᠮ ᠭᠱᠠᠨ ᠵᠠᠭᠤᠷ᠎ᠠ ᠡᠯᠦᠢ ᠬᠤᠯᠤᠢ ᠪᠣᠯᠵᠤ ᠬᠣᠭᠣᠰᠣᠷᠠᠭᠰᠠᠨ ᠪᠥᠭᠡᠳ ᠡᠷᠲᠡ ᠳᠡᠭᠡᠳᠦ ᠡᠴᠡ ᠪᠡᠨ ᠰᠦᠰᠦᠭᠯᠡᠨ ᠳᠠᠬᠢᠬᠰᠠᠨ ᠤᠯᠠᠭᠠᠨᠲᠣᠯᠣᠭᠠᠢ ᠶ᠋ᠢᠨ ᠰᠦᠮ᠎ᠡ ᠶ᠋ᠢᠨ ᠠᠯᠲᠠ ᠮᠥᠩᠭᠥᠨ ᠪᠤᠷᠬᠠᠨ ᠪᠠᠢᠲᠤᠭᠠᠢ ᠰᠢᠪᠠᠷ ᠢ᠋ᠶ᠋ᠠᠷ ᠱᠤᠭᠤᠵᠤ ᠰᠢᠷ ᠢ᠋ᠶ᠋ᠡᠷ ᠪᠣᠳᠣᠭᠰᠠᠨ ᠪᠤᠷᠬᠠᠨ ᠴᠤ᠌ ᠦᠯᠡᠳᠡᠭᠡᠯ ᠦᠭᠡᠢ ᠳᠡᠭᠡᠷᠡᠮᠳᠡᠭᠳᠡᠵᠡᠢ᠃ ᠵᠢᠩ ᠶᠤᠸᠠᠢ ᠰᠢᠦ ᠶ᠋ᠢᠨ ᠴᠡᠷᠢᠭ ᠦ᠋ᠨ ᠬᠥᠯ ᠳ᠋ᠦ᠍ ᠳᠠᠭᠠᠷᠢᠭᠳᠠᠭᠰᠠᠨ ᠮᠠᠯᠴᠢᠳ ᠦᠷ᠎ᠡ ᠬᠡᠦᠬᠡᠳ ᠢ᠋ᠶ᠋ᠡᠨ ᠡᠭᠦᠷᠴᠦ ᠲᠣᠯᠣᠭᠠᠢ ᠶ᠋ᠢᠨ ᠵᠠᠰᠠᠯ ᠴᠢᠮᠡᠭᠯᠡᠯ ᠢ᠋ᠶ᠋ᠡᠨ ᠡᠯᠡᠰᠦᠨ ᠳ᠋ᠦ᠍ ᠪᠤᠯᠠᠴᠢᠬᠠᠭᠠᠳ ᠨᠠᠰᠤᠲᠠᠢᠴᠤᠳ ᠢ᠋ᠶ᠋ᠠᠨ ᠬᠥᠲᠥᠯᠵᠦ ᠪᠠᠯᠠᠷ ᠪᠤᠷᠭᠠᠰᠤᠨ ᠳ᠋ᠤ᠌ ᠵᠠᠢᠯᠠᠨ ᠨᠢᠭᠤᠵᠤ ᠰᠠᠭᠤᠵᠠᠭᠠᠨ᠎ᠠ᠃ ᠡᠷᠢᠭᠡ ᠪᠠᠷᠢᠵᠤ ᠮᠠᠨᠢ ᠲᠣᠭᠠᠯᠠᠭᠰᠠᠨ ᠨᠠᠰᠤᠲᠠᠢᠴᠤᠳ ᠭᠠᠰᠢᠭᠤᠳᠠᠨ ᠵᠣᠪᠠᠵᠤ᠄《ᠠᠢ ᠳᠠ! ᠪᠤᠷᠬᠠᠨ ᠠ᠋! ᠶᠠᠮᠠᠷ ᠦᠶ᠎ᠡ ᠳ᠋ᠦ᠍ ᠬᠢᠭᠰᠡᠨ ᠯᠠᠢ ᠯᠠᠨᠴᠢᠭ ᠭᠡᠭᠴᠢ ᠪᠣᠢ? ᠵᠢᠯ ᠦ᠋ᠨ ᠲᠤᠷᠰᠢ ᠬᠤᠯᠠᠭᠠᠢ ᠰᠠᠮᠠᠭᠤᠷᠠᠵᠤ ᠠᠮᠤᠷ ᠠᠮᠢᠳᠤᠷᠠᠬᠤ ᠶ᠋ᠢᠨ ᠠᠷᠭ᠎ᠠ ᠦᠭᠡᠢ ᠪᠣᠯᠴᠢᠬᠠᠯ᠎ᠠ ᠁ 》 ᠭᠡᠵᠡᠭᠡᠨ᠎ᠡ᠃
ᠪᠡᠯᠴᠢᠭᠡᠷ ᠳᠦᠭᠦᠷᠡᠩ ᠬᠥᠨᠳᠡᠯᠡᠨ ᠵᠢᠭᠰᠠᠭᠠᠯ ᠢ᠋ᠶ᠋ᠠᠷ ᠤᠮᠠᠷᠠᠰᠢ ᠤᠷᠤᠭᠰᠢᠯᠠᠵᠤ ᠶᠠᠪᠤᠭ᠎ᠠ ᠵᠢᠩ ᠶᠤᠸᠠᠢ ᠰᠢᠦ ᠶ᠋ᠢᠨ ᠴᠡᠷᠢᠭ ᠢ᠋ ᠠᠷᠭᠠᠴᠠᠬᠤ ᠳ᠋ᠤ᠌ ᠠᠰ ᠲᠤᠯᠤᠨ ᠬᠣᠷᠢᠭᠯᠠᠬᠤ ᠳ᠋ᠤ᠌ ᠪᠡᠷᠬᠡ ᠪᠠᠢᠵᠤ᠂ ᠰᠢᠨᠡᠯᠡᠮ᠎ᠡ ᠴᠡᠷᠢᠭ ᠢ᠋ᠶ᠋ᠡᠨ ᠬᠡᠰᠡᠭ ᠪᠦᠯᠦᠭ ᠢ᠋ᠶ᠋ᠡᠷ ᠪᠢᠯᠵᠤᠤᠬᠠᠢ ᠶ᠋ᠢᠨ ᠲᠡᠢᠨ ᠬᠢᠬᠦ ᠬᠡᠯᠪᠡᠷᠢ ᠪᠡᠷ ᠪᠠᠢᠷᠢᠯᠠᠭᠤᠯᠪᠠ᠃ ᠲᠡᠷᠡ ᠥᠪᠡᠷ ᠢ᠋ᠶ᠋ᠡᠨ ᠬᠠᠮᠤᠭ ᠵᠡᠭᠦᠨ ᠲᠠᠯ᠎ᠠ ᠶ᠋ᠢᠨ ᠪᠠᠶᠠᠨᠭᠤᠤᠯ ᠤ᠋ᠨ ᠰᠢᠷ᠎ᠠ ᠵᠦᠯᠭᠡ ᠶ᠋ᠢᠨ ᠡᠯᠡᠰᠦᠨ ᠳ᠋ᠦ᠍ ᠨᠢᠭᠡ ᠲᠠᠰᠤᠭ ᠴᠡᠷᠢᠭ ᠳᠠᠢᠴᠢᠯᠠᠨ ᠡᠨᠳᠡ ᠲᠡᠨᠳᠡ ᠡᠴᠡ ᠨᠢ ᠬᠠᠷᠪᠤᠵᠤ ᠲᠡᠳᠡᠨ ᠦ᠌ ᠤᠷᠤᠭᠰᠢᠯᠠᠬᠤ ᠶ᠋ᠢ ᠬᠣᠷᠢᠭᠯᠠᠵᠤ ᠪᠠᠢᠯ᠎ᠠ᠃ ᠪᠠᠢᠯᠳᠤᠭᠠᠨ ᠬᠣᠶᠠᠷ ᠡᠳᠦᠷ ᠦᠷᠭᠦᠯᠵᠢᠯᠡᠵᠦ᠂ ᠵᠢᠩ ᠶᠤᠸᠠᠢ ᠰᠢᠦ ᠶ᠋ᠢᠨ ᠴᠡᠷᠢᠭ ᠨᠡᠯᠢᠶᠡᠳ ᠶᠡᠬᠡ ᠬᠣᠬᠢᠷᠠᠯ ᠠᠮᠰᠠᠵᠤ ᠦᠷᠭᠦᠯᠵᠢᠯᠡᠨ ᠤᠷᠤᠭᠰᠢᠯᠠᠬᠤ ᠵᠣᠷᠢᠭ ᠦᠭᠡᠢ ᠪᠣᠯᠵᠠᠢ᠃ ᠭᠡᠪᠡᠴᠦ ᠮᠥᠨ ᠡᠷᠭᠢᠵᠦ ᠤᠬᠤᠷᠢᠬᠤ ᠦᠭᠡᠢ ᠪᠠᠢᠯ᠎ᠠ᠃
ᠰᠢᠨᠡᠯᠡᠮ᠎ᠡ ᠥᠪᠡᠷ ᠦ᠋ᠨ ᠴᠡᠷᠢᠭ ᠨᠢ ᠲᠠᠪᠢ ᠭᠠᠷᠤᠢᠬᠠᠨ ᠪᠠᠢᠵᠤ ᠦᠷᠭᠦᠯᠵᠢᠯᠡᠨ ᠪᠠᠢᠯᠳᠤᠬᠤ ᠳ᠋ᠤ᠌ ᠠᠰᠢᠭ ᠦᠭᠡᠢ ᠲᠤᠯᠠ ᠭᠡᠨᠡᠳᠲᠡ ᠴᠡᠷᠢᠭ ᠢ᠋ᠶ᠋ᠡᠨ ᠲᠠᠲᠠᠵᠤ ᠳᠡᠯᠭᠡᠷ ᠬᠤᠷᠠᠬᠤ ᠶ᠋ᠢᠨ ᠣᠪᠣᠭᠠᠨ ᠤ᠋ ᠬᠣᠢᠨ᠎ᠠ ᠴᠠᠭᠠᠨᠬᠥᠢ᠍ᠳᠡᠭᠡ ᠵᠦᠭ ᠰᠢᠯᠵᠢᠭᠦᠯᠵᠦ᠂ ᠵᠢᠩ ᠶᠤᠸᠠᠢ ᠰᠢᠦ ᠶ᠋ᠢᠨ ᠴᠡᠷᠢᠭ ᠢ᠋ ᠡᠯᠡᠰᠦᠨ ᠳᠣᠲᠣᠷ᠎ᠠ ᠬᠥᠲᠥᠯᠵᠦ ᠠᠪᠠᠴᠢᠨ ᠤᠰᠠᠳᠬᠠᠬᠤ ᠪᠠᠷ ᠪᠠᠢᠷᠢᠯᠠᠭᠤᠯᠤᠯᠲᠠ ᠬᠢᠵᠡᠢ᠃ ᠵᠢᠩ ᠶᠤᠸᠠᠢ ᠰᠢᠦ ᠶ᠋ᠢᠨ ᠴᠡᠷᠢᠭ ᠰᠢᠨᠡᠯᠡᠮ᠎ᠡ ᠶ᠋ᠢᠨ ᠴᠡᠷᠢᠭ ᠦ᠋ᠨ ᠤᠬᠤᠷᠢᠭᠰᠠᠨ ᠢ᠋ ᠮᠡᠳᠡᠭᠡᠳ ᠣᠮᠣᠭ ᠨᠡᠮᠡᠭᠳᠡᠵᠦ ᠣᠳᠣ ᠢᠯᠠᠯᠲᠠ ᠣᠯᠤᠯ᠎ᠠ ᠭᠡᠮᠡᠨ ᠵᠡᠭᠦᠳᠦ ᠪᠡᠷ ᠢ᠋ᠶ᠋ᠡᠨ ᠱᠠᠯᠪᠢᠩ ᠢᠳᠡᠵᠦ ᠪᠠᠢᠲᠠᠯ᠎ᠠ ᠴᠠᠭᠠᠨᠬᠥ᠋ᠳᠡᠭᠡ ᠶ᠋ᠢᠨ ᠡᠯᠡᠰᠦᠨ ᠳ᠋ᠦ᠍ ᠰᠢᠨᠡᠯᠡᠮ᠎ᠡ ᠶ᠋ᠢᠨ ᠴᠡᠷᠢᠭ ᠦ᠋ᠨ ᠰᠢᠷᠦᠭᠦᠨ ᠭᠠᠯᠯᠠᠯᠲᠠ ᠳ᠋ᠤ᠌ ᠤᠴᠠᠷᠠᠯ᠎ᠠ᠃
ᠪᠠᠢᠯᠳᠤᠭᠠᠨ ᠤ᠋ ᠳᠤᠮᠳᠠ ᠰᠢᠨᠡᠯᠡᠮ᠎ᠡ ᠨᠢᠭᠡᠨ ᠡᠯᠡᠰᠦᠨ ᠳᠥᠭᠥᠮ ᠳ᠋ᠦ᠍ ᠭᠠᠭᠴᠠᠭᠠᠷ ᠢ᠋ᠶ᠋ᠠᠨ ᠮᠣᠷᠢ ᠪᠠᠨ ᠬᠥᠲᠥᠯᠵᠦ ᠠᠭᠠᠵᠢᠮ ᠢ᠋ᠶ᠋ᠠᠷ ᠠᠯᠬᠤᠨ ᠶᠠᠪᠤᠵᠤ ᠪᠠᠢᠲᠠᠯ᠎ᠠ ᠭᠡᠨᠡᠳᠲᠡ ᠵᠢᠩ ᠶᠤᠸᠠᠢ ᠰᠢᠦ ᠶ᠋ᠢᠨ ᠬᠡᠳᠦᠨ ᠮᠣᠷᠢᠲᠤ ᠴᠡᠷᠢᠭ ᠲᠦ᠍ ᠪᠦᠰᠡᠯᠡᠭᠳᠡᠵᠦ᠂ ᠪᠠᠢᠳᠠᠯ ᠭᠱᠠᠨ ᠵᠠᠭᠤᠷ᠎ᠠ ᠠᠶᠤᠯ ᠲᠦᠭᠰᠢᠭᠦᠷᠢᠲᠡᠢ ᠪᠣᠯᠴᠢᠬᠠᠯ᠎ᠠ᠃
ᠰᠢᠨᠡᠯᠡᠮ᠎ᠡ ᠦᠷᠭᠦᠯᠵᠢ ᠬᠦᠷᠡᠩ ᠥᠩᠭᠡ ᠲᠡᠢ ᠣᠷᠳᠣᠰ ᠮᠠᠶᠢᠭ ᠤ᠋ᠨ ᠮᠣᠩᠭᠣᠯ ᠬᠤᠪᠴᠠᠰᠤ ᠡᠮᠦᠰᠴᠦ ᠬᠦᠵᠦᠭᠦᠨ ᠳ᠋ᠡᠭᠡᠨ ᠨᠢᠭᠡᠨ ᠬᠡᠯᠬᠢᠶ᠎ᠡ ᠰᠢᠷ᠎ᠠ ᠮᠠᠨᠢ ᠶ᠋ᠢᠨ ᠡᠷᠢᠭᠡ ᠵᠡᠭᠦᠵᠦ ᠮᠠᠬᠠᠢ ᠭᠤᠲᠤᠯ ᠡᠮᠦᠰᠴᠦ ᠶᠠᠪᠤᠳᠠᠭ᠃ ᠵᠢᠩ ᠶᠤᠸᠠᠢ ᠰᠢᠦ ᠶ᠋ᠢᠨ ᠴᠡᠷᠢᠭ ᠲᠡᠭᠦᠨ ᠢ᠋ ᠲᠠᠨᠢᠬᠤ ᠦᠭᠡᠢ ᠪᠣᠯᠪᠠᠴᠤ ᠨᠣᠶᠠᠨ ᠤ᠋ ᠴᠡᠷᠢᠭ ᠦ᠋ᠨ ᠲᠠᠨᠢᠯᠴᠠᠭᠤᠯᠤᠭᠰᠠᠨ ᠢ᠋ᠶ᠋ᠠᠷ ᠰᠢᠨᠠᠯᠠᠮ᠎ᠠ ᠶᠠᠮᠠᠷ ᠰᠢᠦ ᠪᠠᠢᠳᠠᠯ ᠲᠠᠢ ᠭᠡᠳᠡᠭ ᠢ᠋ ᠶᠡᠬᠡ ᠲᠥᠯᠥᠪ ᠦᠨᠳᠦᠰᠦᠨ ᠳ᠋ᠡᠭᠡᠨ ᠪᠠᠷᠤᠭᠴᠠᠯᠠᠭᠠᠳ᠄《ᠬᠦᠢ! ᠰᠢᠨᠠᠯᠠᠮ᠎ᠠ ᠵᠣᠭᠰᠣ! ᠰᠢᠨᠡᠯᠡᠮ᠎ᠡ ᠡᠨᠳᠡ ᠪᠠᠢᠨ᠎ᠠ᠂ ᠠᠮᠢᠳᠤ ᠪᠠᠷ ᠪᠠᠷᠢᠶ᠎ᠠ!》 ᠭᠡᠵᠦ ᠰᠠᠨᠳᠤᠷᠤᠨ ᠬᠠᠰᠬᠢᠷᠤᠯᠳᠤᠨ᠎ᠠ᠃
ᠰᠢᠨᠠᠯᠠᠮ᠎ᠠ ᠪᠠᠢᠳᠠᠯ ᠮᠠᠭᠤ ᠪᠣᠯᠤᠭᠰᠠᠨ ᠢ᠋ ᠦᠵᠡᠭᠡᠳ ᠬᠤᠷᠳᠤᠨ ᠮᠣᠷᠢᠨ ᠳ᠋ᠠᠭᠠᠨ ᠮᠣᠷᠳᠠᠵᠤ ᠪᠦᠰᠡᠯᠡᠯᠲᠡ ᠶ᠋ᠢ ᠰᠢᠪᠲᠤᠯᠤᠨ ᠳᠤᠲᠠᠭᠠᠯ᠎ᠠ᠃ ᠫᠤᠤ ᠶ᠋ᠢᠨ ᠰᠤᠮᠤ ᠬᠣᠢᠨ᠎ᠠ ᠠ᠋ᠴᠠ ᠨᠢ ᠴᠣᠷᠭᠢᠪᠠᠴᠤ ᠲᠤᠰᠤᠯᠲᠠ ᠨᠢ ᠣᠨᠣᠪᠴᠢᠲᠠᠢ ᠪᠢᠰᠢ ᠵᠥᠪᠬᠡᠨ ᠮᠣᠷᠢᠨ ᠤ᠋ ᠬᠠᠵᠠᠭᠤ ᠶ᠋ᠢᠨ ᠡᠯᠡᠰᠦ ᠰᠢᠷᠣᠢ ᠶ᠋ᠢ ᠪᠤᠲᠠᠷᠠᠭᠤᠯᠤᠨᠠ᠃ ᠲᠡᠳᠡᠨ ᠦ᠌ ᠮᠣᠷᠢᠳ ᠨᠢ ᠡᠯᠡᠰᠦᠨ ᠳ᠋ᠦ᠍ ᠳᠠᠪᠬᠢᠬᠤ ᠪᠠᠷ ᠠᠨᠠᠢ ᠪᠠᠢᠵᠤ᠂ ᠬᠠᠷᠢᠨ ᠰᠢᠨᠡᠯᠡᠮ᠎ᠡ ᠶ᠋ᠢᠨ ᠤᠨᠤᠭᠰᠠᠨ ᠨᠤᠲᠤᠭ ᠤ᠋ᠨ ᠮᠣᠷᠢ ᠨᠢ ᠠᠯᠢ ᠬᠡᠳᠦᠢᠨᠡᠢ ᠬᠣᠯᠠ ᠳᠠᠪᠬᠢᠨ ᠣᠳᠴᠠᠢ᠃
ᠵᠢᠩ ᠶᠤᠸᠠᠢ ᠰᠢᠦ ᠶ᠋ᠢᠨ ᠬᠡᠳᠦᠨ ᠴᠡᠷᠢᠭ ᠬᠣᠢᠨ᠎ᠠ ᠠ᠋ᠴᠠ ᠨᠢ ᠰᠠᠯᠤᠯ ᠦᠭᠡᠢ ᠨᠡᠬᠡᠮᠵᠢᠯᠡᠨ᠎ᠡ᠃ ᠰᠢᠨᠠᠯᠠᠮ᠎ᠠ ᠳᠠᠪᠬᠢᠭᠰᠠᠭᠠᠷ ᠲᠡᠳᠡᠨ ᠡᠴᠡ ᠬᠣᠶᠠᠷ ᠮᠠᠩᠬᠠᠨ ᠳᠥᠭᠥᠮ ᠠᠯᠤᠰᠯᠠᠭᠰᠠᠨ ᠶᠡᠬᠡ ᠪᠤᠷᠭᠠᠰᠤᠨ ᠳᠥᠭᠥᠮ ᠳ᠋ᠦ᠍ ᠣᠷᠣᠬᠤᠯᠠᠷ ᠡᠮᠦᠨ᠎ᠡ ᠨᠢ ᠳᠦᠭᠦᠷᠡᠩ ᠠᠷᠭᠠᠯ ᠲᠠᠢ ᠠᠷᠤᠭ ᠪᠠᠢᠬᠤ ᠶ᠋ᠢ ᠣᠯᠵᠤ ᠦᠵᠡᠪᠡ᠃ ᠪᠤᠶᠠᠨᠲᠤ ᠬᠥᠮᠦᠨ ᠦ᠌ ᠪᠣᠳᠣᠯ ᠬᠤᠷᠳᠤᠨ ᠭᠡᠭᠴᠢ ᠪᠡᠷ ᠲᠡᠷᠡ ᠮᠣᠷᠢ ᠪᠠᠨ ᠪᠤᠷᠭᠠᠰᠤᠨ ᠳᠥᠭᠥᠮ ᠳ᠋ᠦ᠍ ᠬᠠᠶᠠᠴᠢᠬᠠᠭᠠᠳ ᠥᠪᠡᠷ ᠢ᠋ᠶ᠋ᠡᠨ ᠬᠤᠷᠳᠤᠨ ᠭᠡᠭᠴᠢ ᠠᠷᠤᠭ ᠲᠠᠢ ᠠᠷᠭᠠᠯ ᠢ᠋ ᠡᠭᠦᠷᠦᠨ ᠳᠤᠲᠠᠭᠠᠭᠰᠠᠨ ᠮᠥᠷ ᠢ᠋ᠶ᠋ᠡᠷ ᠢ᠋ᠶ᠋ᠡᠨ ᠭᠡᠳᠡᠷᠭᠦ ᠳᠠᠭᠠᠵᠤ ᠶᠠᠪᠤᠪᠠ᠃ ᠲᠡᠭᠡᠭᠡᠳ ᠭᠠᠷ ᠲᠠᠭᠠᠨ ᠪᠤᠷᠭᠠᠰᠤᠨ ᠮᠣᠳᠣᠨ ᠲᠠᠶᠠᠭ ᠲᠤᠯᠵᠤ ᠠᠷᠤᠭ ᠲᠠᠢ ᠠᠷᠭᠠᠯ ᠢ᠋ᠶ᠋ᠠᠨ ᠡᠭᠦᠷᠴᠦ ᠶᠠᠳᠠᠭᠰᠠᠨ ᠰᠢᠭ᠋ ᠪᠠᠢᠳᠠᠯ ᠲᠠᠢ ᠠᠮᠢᠰᠬᠤᠭ᠎ᠠ ᠠᠯᠲᠠᠨ ᠴᠥᠮᠴᠥᠷᠢᠨ ᠠᠯᠬᠤᠵᠤ ᠶᠠᠭᠤ ᠨᠢᠭᠡ ᠶ᠋ᠢ ᠪᠣᠳᠣᠯᠬᠢᠯᠠᠨ᠎ᠠ᠃
ᠵᠢᠩ ᠶᠤᠸᠠᠢ ᠰᠢᠦ ᠶ᠋ᠢᠨ ᠴᠡᠷᠢᠭ ᠦ᠋ᠨ ᠮᠣᠷᠢ ᠨᠢ ᠰᠢᠪᠡᠷ ᠬᠥᠯᠥᠰᠥ ᠭᠠᠷᠲᠠᠯ᠎ᠠ ᠳᠠᠪᠬᠢᠵᠤ᠂ ᠴᠡᠷᠢᠭ ᠦ᠋ᠳ ᠨᠢ ᠠᠮᠢᠰᠬᠤᠭ᠎ᠠ ᠪᠥᠭᠯᠡᠷᠡᠲᠡᠯ᠎ᠡ ᠨᠡᠬᠡᠮᠵᠢᠯᠡᠭᠰᠡᠭᠡᠷ ᠰᠢᠨᠠᠯᠠᠮ᠎ᠠ ᠲᠠᠢ ᠶᠠᠪ ᠴᠠᠪ ᠲᠠᠭᠠᠷᠠᠯᠳᠤᠴᠢᠬᠠᠯᠠ᠃ ᠲᠡᠳᠡ᠄《ᠰᠢᠨᠠᠯᠠᠮ᠎ᠠ ᠵᠣᠭᠰᠣ᠂ ᠬᠣᠶᠠᠷ ᠭᠠᠷ ᠢ᠋ᠶ᠋ᠠᠨ ᠡᠷᠭᠦ》 ᠭᠡᠮᠡᠨ ᠵᠠᠩᠳᠤᠷᠤᠨ᠎ᠠ᠃ ᠰᠢᠨᠠᠯᠠᠮ᠎ᠠ ᠣᠢᠰᠢᠶᠠᠬᠤ ᠴᠤ᠌ ᠦᠭᠡᠢ ᠪᠡᠷ ᠠᠷᠤᠭ ᠲᠠᠢ ᠠᠷᠭᠠᠯ ᠢ᠋ᠶ᠋ᠠᠨ ᠡᠭᠦᠷᠴᠦ ᠵᠣᠭᠰᠣᠨ᠎ᠠ᠃ ᠵᠠᠷᠢᠮ ᠴᠡᠷᠢᠭ ᠨᠢ ᠰᠢᠨᠠᠯᠠᠮ᠎ᠠ ᠶ᠋ᠢ ᠲᠣᠭᠣᠷᠢᠨ ᠰᠠᠢᠨ ᠠᠵᠢᠭᠯᠠᠵᠤ ᠦᠵᠡᠭᠡᠳ᠄《ᠴᠢᠷᠠᠢ ᠵᠢᠰᠦ ᠬᠤᠪᠴᠠᠰᠤ ᠬᠤᠨᠠᠷ ᠢ᠋ ᠦᠵᠡᠬᠦᠯᠡᠷ ᠠᠷᠭᠠᠯ ᠡᠭᠦᠷᠦᠭᠰᠡᠨ ᠬᠥᠳᠡᠭᠡ ᠶ᠋ᠢᠨ ᠬᠥᠭᠰᠢᠨ ᠴᠢᠪᠠᠭᠠᠨᠴᠠ ᠪᠠᠢᠨ᠎ᠠ ᠰᠢᠦ!》 ᠭᠡᠵᠦ ᠢᠨᠢᠶᠡᠯᠴᠡᠨᠡ᠃ ᠵᠠᠷᠢᠮ ᠨᠢ ᠲᠡᠭᠦᠨ ᠢ᠋ ᠲᠠᠰᠢᠭᠤᠷ ᠢ᠋ᠶ᠋ᠠᠷ ᠬᠡᠳᠦ ᠭᠤᠶᠠᠳᠠᠭᠠᠳ᠄《ᠣᠳᠣᠬᠠᠨ ᠡᠨᠡᠭᠦᠷ ᠳᠤᠲᠠᠭᠠᠭᠰᠠᠨ ᠬᠥᠮᠦᠨ ᠢ᠋ ᠦᠵᠡᠪᠡ ᠤᠤ?》 ᠭᠡᠬᠦ ᠳ᠋ᠦ᠍ ᠰᠢᠨᠠᠯᠠᠮ᠎ᠠ᠄《ᠦ᠂ ᠣᠳᠣᠬᠠᠨ ᠮᠢᠨᠦ ᠬᠠᠵᠠᠭᠤ ᠪᠠᠷ ᠵᠡᠭᠦᠨᠰᠢ ᠨᠢᠭᠡᠨ ᠮᠣᠷᠢ ᠤᠨᠤᠭᠰᠠᠨ ᠬᠥᠮᠦᠨ ᠳᠠᠪᠬᠢᠭᠠᠳ ᠭᠠᠷᠤᠭᠰᠠᠨ ᠶᠤᠮ ᠰᠢᠦ!》 ᠭᠡᠪᠡ᠃ ᠲᠡᠳᠡ ᠬᠤᠷᠳᠤᠨ ᠨᠡᠬᠡᠮᠵᠢᠯᠡᠶᠡ ᠭᠡᠵᠦ ᠬᠠᠰᠬᠢᠷᠤᠯᠳᠤᠨ ᠶᠠᠪᠤᠵᠠᠭᠠᠯ᠎ᠠ᠃ ᠰᠢᠨᠠᠯᠠᠮ᠎ᠠ ᠵᠢᠰᠦ ᠪᠤᠷᠤᠭᠤᠯᠠᠨ ᠠᠶᠤᠯ ᠠ᠋ᠴᠠ ᠭᠠᠷᠤᠭᠰᠠᠨ ᠳ᠋ᠠᠭᠠᠨ ᠪᠡᠶᠡᠰᠴᠦ ᠮᠠᠩᠬᠠᠨ ᠣᠷᠣᠢ ᠳ᠋ᠤ᠌ ᠭᠠᠷᠴᠤ ᠮᠠᠯ ᠰᠦᠷᠦᠭ ᠢ᠋ᠶ᠋ᠡᠨ ᠪᠠᠷᠠᠯᠠᠭᠰᠠᠨ ᠰᠢᠭ᠋ ᠢ᠋ᠶ᠋ᠡᠷ ᠲᠡᠢᠨ ᠦ᠌ ᠪᠠᠢᠳᠠᠯ ᠢ᠋ ᠠᠩᠬᠠᠷᠴᠤ ᠦᠵᠡᠨ᠎ᠡ᠃
ᠰᠢᠨᠡᠯᠡᠮ᠎ᠡ ᠶ᠋ᠢ ᠨᠡᠬᠡᠮᠵᠢᠯᠡᠭᠰᠡᠨ ᠴᠡᠷᠢᠭ ᠦ᠋ᠳ ᠲᠡᠭᠦᠨ ᠦ᠌ ᠵᠢᠭᠠᠭᠰᠠᠨ ᠶᠣᠰᠣᠭᠠᠷ ᠵᠡᠭᠦᠨᠰᠢ ᠨᠡᠬᠡᠮᠵᠢᠯᠡᠬᠦ ᠳ᠋ᠦ᠍ ᠠᠭᠠᠯᠵᠢᠨ ᠲᠣᠣᠷ ᠮᠡᠲᠦ ᠮᠣᠷᠢᠳ ᠤ᠋ᠨ ᠮᠥᠷ ᠦ᠋ᠨ ᠴᠣᠬᠣᠮ ᠬᠡᠨ ᠦ᠌ ᠴᠡᠷᠢᠭ᠂ ᠠᠯᠢ ᠡᠲᠡᠭᠡᠳ ᠦ᠋ᠨ ᠴᠡᠷᠢᠭ ᠦ᠋ᠨ ᠮᠣᠷᠢᠨ ᠤ᠋ ᠮᠥᠷ ᠭᠡᠳᠡᠭ ᠨᠢ ᠢᠯᠭᠠᠭᠳᠠᠬᠤᠶᠠ ᠪᠡᠷᠬᠡ ᠪᠣᠯᠵᠠᠢ᠃ ᠵᠢᠩ ᠶᠤᠸᠠᠢ ᠰᠢᠦ ᠶ᠋ᠢᠨ ᠬᠡᠳᠦᠨ ᠴᠡᠷᠢᠭ《ᠠᠮᠠᠨ ᠳ᠋ᠤ᠌ ᠣᠷᠣᠭᠰᠠᠨ ᠰᠢᠬᠢᠷ ᠢ᠋ᠶ᠋ᠡᠨ ᠬᠡᠯᠡ ᠪᠡᠷ ᠢ᠋ᠶ᠋ᠡᠨ ᠲᠦᠯᠬᠢᠵᠦ ᠬᠣᠭᠣᠰᠣᠨ ᠪᠣᠯᠵᠤ ᠲᠡᠭᠦᠰᠦᠯ᠎ᠡ》᠃
ᠰᠢᠨᠡᠯᠡᠮ᠎ᠡ ᠲᠤᠬᠠᠢ ᠶ᠋ᠢᠨ ᠦᠶ᠎ᠡ ᠳ᠋ᠦ᠍ ᠵᠢᠷᠠᠭᠠᠳ ᠨᠠᠰᠤᠨ ᠤ᠋ ᠬᠥᠮᠦᠨ ᠪᠠᠢᠭᠰᠠᠨ ᠲᠤᠯᠠ ᠠᠲᠤᠷᠢᠶ᠎ᠠ ᠲᠠᠢ ᠨᠢᠭᠤᠷ ᠪᠥᠭᠴᠥᠭᠡᠷ ᠪᠡᠶ᠎ᠡ ᠨᠢ ᠬᠥᠭᠰᠢᠨ ᠴᠢᠪᠠᠭᠠᠨᠴᠠ ᠰᠢᠭ᠋ ᠬᠠᠷᠠᠭᠳᠠᠵᠤ ᠮᠡᠳᠡᠨ᠎ᠡ᠃ ᠵᠢᠩ ᠶᠤᠸᠠᠢ ᠰᠢᠦ ᠶ᠋ᠢᠨ ᠴᠡᠷᠢᠭ ᠨᠢ ᠦᠦᠰᠢᠨ ᠰᠢᠨᠡᠯᠡᠮ᠎ᠡ ᠭᠡᠭᠴᠢ ᠨᠡᠷ᠎ᠡ ᠠᠯᠳᠠᠷ ᠶᠡᠬᠡᠲᠡᠢ ᠴᠡᠷᠢᠭ ᠦ᠋ᠨ ᠲᠤᠸᠠᠨᠵᠠᠩ ᠨᠣᠶᠠᠨ ᠲᠤᠯᠠ ᠯᠠᠪ ᠵᠢᠩ ᠶᠤᠸᠠᠢ ᠰᠢᠦ ᠰᠸᠯᠢᠩ ᠰᠢᠦ ᠲᠠᠷᠭᠤᠨ ᠮᠠᠷᠢᠶ᠎ᠠ ᠲᠠᠢ ᠴᠡᠷᠢᠭ ᠦ᠋ᠨ ᠬᠤᠪᠴᠠᠰᠤᠨ ᠳᠡᠭᠡᠷ᠎ᠡ ᠪᠡᠨ ᠨᠣᠶᠠᠨ ᠵᠡᠷᠭᠡ ᠶ᠋ᠢᠨ ᠣᠳᠣ ᠭᠢᠯᠠᠯᠵᠠᠭᠤᠯᠤᠭᠰᠠᠨ ᠶᠡᠬᠡ ᠨᠣᠶᠠᠨ ᠤ᠋ ᠮᠠᠶᠢᠭ ᠲᠠᠢ ᠬᠥᠮᠦᠨ ᠭᠡᠵᠦ ᠵᠢᠱ᠌ᠢᠵᠦ ᠪᠣᠳᠣᠭᠰᠠᠨ ᠠ᠋ᠴᠠ《 ᠬᠥᠭᠰᠢᠨ ᠴᠢᠪᠠᠭᠠᠨᠴᠠ》 ᠶ᠋ᠢ ᠠᠩᠬᠠᠷᠤᠯ ᠳ᠋ᠠᠭᠠᠨ ᠠᠪᠤᠭᠰᠠᠨ ᠦᠭᠡᠢ ᠪᠣᠯᠴᠢᠬᠠᠵᠠᠢ᠃①
— — — —
① ᠲᠤᠰ ᠦᠯᠢᠭᠡᠷ ᠢ᠋ ᠰᠢᠨᠠᠯᠠᠮ᠎ᠠ ᠶ᠋ᠢᠨ ᠴᠡᠷᠢᠭ᠂ ᠨᠡᠷᠡᠲᠡᠢ ᠮᠠᠯᠴᠢᠨ ᠡᠮᠴᠢ ᠭᠡᠵᠦ ᠪᠠᠢᠭᠰᠠᠨ ᠳᠥᠭᠥᠮ ᠪᠣᠩᠬᠣᠸᠠ ᠨᠠᠰᠤᠲᠠᠨ1974 ᠣᠨ ᠳ᠋ᠤ᠌ ᠶᠠᠷᠢᠭᠰᠠᠨ ᠢ᠋ ᠡᠮᠬᠢᠳᠬᠡᠵᠡᠢ᠃
11᠂ ᠲᠠᠮᠠᠭᠠᠯᠠᠢ ᠶ᠋ᠢᠨ ᠪᠠᠢᠯᠳᠤᠭᠠᠨ
ᠤᠯᠠᠭᠠᠨᠲᠣᠯᠣᠭᠠᠢ ᠶ᠋ᠢᠨ ᠰᠦᠮ᠎ᠡ ᠶ᠋ᠢᠨ ᠪᠠᠷᠠᠭᠤᠨ ᠬᠣᠢᠨ᠎ᠠ ᠡᠮᠦᠨᠡᠰᠢ ᠬᠣᠢᠰᠢ ᠪᠠᠨ ᠤᠷᠲᠤᠯᠵᠢᠨ ᠶᠡᠬᠡ ᠴᠠᠢᠳᠠᠮ ᠤ᠋ᠨ ᠵᠡᠭᠦᠨ ᠬᠣᠢᠨ᠎ᠠ ᠳᠡᠯᠭᠡᠷ ᠬᠤᠷᠠᠬᠤ ᠶ᠋ᠢᠨ ᠣᠪᠣᠭ᠎ᠠ᠂ ᠠᠰ ᠬᠣᠢᠨ᠎ᠠ ᠨᠢ ᠮᠠᠩᠬᠠᠲᠤ ᠬᠤᠷᠠᠬᠤ ᠶ᠋ᠢᠨ ᠣᠪᠣᠭ᠎ᠠ᠂ ᠲᠡᠭᠦᠨ ᠦ᠌ ᠪᠠᠷᠠᠭᠤᠨ ᠡᠮᠦᠨ᠎ᠡ ᠨᠢ ᠰᠦᠯᠳᠡ ᠶ᠋ᠢᠨ ᠣᠷᠣᠢ ᠭᠡᠵᠦ ᠣᠯᠠᠨ ᠦᠶ᠎ᠡ ᠶ᠋ᠢᠨ ᠮᠣᠩᠭᠣᠯᠴᠤᠳ ᠤ᠋ᠨ ᠪᠥᠬᠡ ᠮᠥᠷᠭᠥᠯ ᠦ᠋ᠨ ᠰᠢᠲᠦᠭᠡᠨ ᠦ᠌ ᠲᠠᠬᠢᠯᠭ᠎ᠠ ᠶ᠋ᠢᠨ ᠭᠠᠵᠠᠷ ᠤ᠋ᠳ ᠪᠠᠢᠳᠠᠭ᠃ ᠡᠳᠡᠭᠡᠷ ᠭᠠᠵᠠᠷ ᠢ᠋ ᠰᠣᠩᠭᠣᠵᠤ ᠰᠠᠭᠤᠷᠢᠰᠢᠭᠰᠠᠨ ᠦᠦᠰᠢᠨ ᠨᠣᠶᠠᠨ ᠤ᠋ ᠱᠠᠩ ᠣᠷᠳᠣᠨ ᠨᠢ ᠡᠨᠡ ᠬᠦ᠌ ᠴᠠᠢᠳᠠᠮ ᠤ᠋ᠨ ᠪᠠᠷᠠᠭᠤᠨ ᠰᠢᠪᠠᠷ ᠳᠣᠪᠣᠴᠠᠭ ᠲᠤ᠌ ᠪᠣᠢ᠃ ᠡᠨᠡ ᠪᠣᠯ ᠦᠦᠰᠢᠨ ᠬᠤᠰᠢᠭᠤᠨ ᠤ᠋ ᠲᠠᠮᠠᠭᠠᠯᠠᠢ ᠶ᠋ᠢᠨ ᠱᠠᠩ ᠪᠣᠯᠤᠨ᠎ᠠ᠃ ᠥᠨᠥ ᠰᠦᠨᠳᠡᠷᠯᠡᠭᠰᠡᠨ ᠡᠪᠦᠭᠡᠨ ᠬᠠᠢᠯᠠᠰᠤ ᠶ᠋ᠢᠨ ᠰᠠᠭᠤᠷᠢᠰᠢᠯ ᠳᠡᠭᠡᠷ᠎ᠡ ᠪᠠᠲᠤᠴᠢᠯᠠᠭᠤ ᠭᠡᠳᠡᠭ ᠡᠷᠦᠬᠡ ᠰᠠᠭᠤᠭ᠎ᠠ ᠪᠢᠯᠡ᠃
1928 ᠣᠨ ᠤ᠋ ᠵᠤᠨ ᠤ᠋ ᠡᠬᠢᠨ ᠰᠠᠷ᠎ᠠ ᠶ᠋ᠢᠨ ᠰᠡᠭᠦᠯᠴᠢ ᠵᠢᠩ ᠶᠤᠸᠠᠢ ᠰᠢᠦ ᠶ᠋ᠢᠨ ᠮᠣᠷᠢᠲᠤ ᠶᠠᠪᠠᠭᠠᠨ2000 ᠰᠢᠬᠠᠮ ᠴᠡᠷᠢᠭ ᠭᠤᠷᠪᠠᠨ ᠵᠠᠮ ᠬᠤᠪᠢᠶᠠᠵᠤ ᠤᠮᠠᠷᠠᠰᠢ ᠳᠣᠪᠲᠣᠯᠬᠤ ᠳ᠋ᠠᠭᠠᠨ ᠳᠤᠮᠳᠠ ᠵᠠᠮ ᠤ᠋ᠨ ᠴᠡᠷᠢᠭ ᠨᠢ ᠵᠠᠮ ᠲᠤᠷᠰᠢ ᠬᠣᠭᠣᠰᠣᠷᠠᠲᠠᠯ᠎ᠠ ᠳᠡᠭᠡᠷᠡᠮᠳᠡᠭᠰᠡᠭᠡᠷ ᠦᠦᠰᠢᠨ ᠨᠣᠶᠠᠨ ᠱᠠᠩ ᠲᠠᠮᠠᠭᠠᠯᠠᠢ ᠳ᠋ᠤ᠌ ᠬᠦᠷᠴᠦ᠂ ᠡᠨᠳᠡᠬᠢ ᠬᠠᠷᠠᠭᠤᠯ ᠮᠠᠨᠠᠭ᠎ᠠ ᠬᠣᠷᠢᠭᠯᠠᠯᠲᠠ ᠰᠡᠷᠭᠡᠢᠯᠡᠯᠲᠡ ᠪᠡᠨ ᠲᠤᠢᠯ ᠢ᠋ᠶ᠋ᠠᠷ ᠴᠢᠩᠭᠠᠯᠠᠨ ᠬᠥᠬᠡ ᠲᠩᠷᠢ ᠴᠠᠭᠠᠨ ᠨᠠᠷᠠ ᠲᠠᠢ ᠢᠷᠭᠡᠨ ᠤᠯᠤᠰ ᠤ᠋ᠨ ᠲᠤᠭ ᠢ᠋ᠶ᠋ᠠᠨ ᠮᠠᠨᠳᠤᠭᠤᠯᠵᠤ ᠲᠡᠢᠨ ᠢ᠋ ᠵᠢᠯᠣᠭᠣᠳᠬᠤ ᠶᠡᠷᠦᠩᠬᠡᠢ ᠱᠲ᠋ᠠᠪ ᠤ᠋ᠨ ᠭᠠᠵᠠᠷ ᠢ᠋ᠶ᠋ᠠᠨ ᠪᠠᠢᠷᠢᠯᠠᠭᠤᠯᠤᠨ ᠵᠢᠩ ᠶᠤᠸᠠᠢ ᠰᠢᠦ ᠰᠸᠯᠢᠩ ᠪᠡᠶ᠎ᠡ ᠪᠡᠷ ᠢ᠋ᠶ᠋ᠡᠨ ᠡᠨᠳᠡ ᠢᠷᠡᠵᠦ ᠡᠨᠡ ᠤᠳᠠᠭ᠎ᠠ ᠶ᠋ᠢᠨ ᠪᠠᠢᠯᠳᠤᠭᠠᠨ ᠢ᠋ ᠵᠢᠯᠣᠭᠣᠳᠤᠭᠰᠠᠨ ᠪᠠᠢᠨ᠎ᠠ᠃ ᠵᠢᠩ ᠶᠤᠸᠠᠢ ᠰᠢᠦ ᠪᠣᠯ ᠢᠷᠭᠡᠨ ᠤᠯᠤᠰ ᠠ᠋ᠴᠠ ᠲᠤᠰᠬᠠᠢᠯᠠᠨ ᠰᠧᠴᠤᠸᠠᠨ ᠠ᠋ᠴᠠ ᠱᠠᠨᠰᠢ ᠳ᠋ᠤ᠌ ᠰᠢᠯᠵᠢᠭᠦᠯᠦᠨ ᠲᠡᠮᠡᠭᠡᠲᠦ(ᠢᠦᠢ ᠯᠢᠨ) ᠳ᠋ᠦ᠍ ᠰᠠᠭᠤᠯᠭᠠᠨ ᠳ᠋ᠢᠩ ᠪᠧᠢ ᠰᠢᠶᠠᠨ ᠠ᠋ᠴᠠ ᠹᠦ ᠭᠦᠸᠧ ᠰᠢᠶᠠᠨ ᠬᠦᠷᠲᠡᠯᠡᠬᠢ ᠱᠠᠨᠪᠸᠢ ᠶ᠋ᠢᠨ ᠠᠷᠪᠠᠨ ᠬᠣᠶᠠᠷ ᠰᠢᠶᠠᠨ ᠬᠣᠲᠠ ᠶ᠋ᠢᠨ ᠴᠡᠷᠢᠭ ᠵᠠᠰᠠᠭ ᠤ᠋ᠨ ᠡᠷᠬᠡ ᠶ᠋ᠢ ᠪᠦᠭᠦᠳᠡ ᠵᠠᠬᠢᠷᠤᠭᠤᠯᠤᠭᠰᠠᠨ ᠲᠦᠩᠯᠢᠩ(ᠬᠥᠮᠦᠰ ᠲᠡᠭᠦᠨ ᠢ᠋ ᠵᠢᠩ ᠲᠦᠩᠯᠢᠩ ᠭᠡᠳᠡᠭ) ᠪᠣᠯᠤᠨ᠎ᠠ᠃ ᠲᠡᠷᠡ ᠣᠯᠠᠨ ᠤᠳᠠᠭ᠎ᠠ ᠴᠡᠷᠢᠭ ᠲᠣᠮᠢᠯᠠᠨ ᠦᠦᠰᠢᠨ ᠬᠤᠰᠢᠭᠤᠨ ᠳ᠋ᠤ᠌ ᠲᠡᠢᠨ ᠦ᠌ ᠱᠦᠭᠦᠷᠳᠡᠯᠲᠡ ᠬᠢᠭᠰᠡᠨ ᠪᠣᠯᠪᠠᠴᠤ ᠪᠦᠷ ᠢᠯᠠᠭᠳᠠᠭᠰᠠᠨ ᠲᠤᠯᠠ ᠡᠨᠡ ᠤᠳᠠᠭ᠎ᠠ ᠲᠤᠰᠬᠠᠢ ᠪᠡᠶ᠎ᠡ ᠪᠡᠷ ᠢ᠋ᠶ᠋ᠡᠨ ᠴᠡᠷᠢᠭ ᠳᠠᠢᠴᠢᠯᠠᠨ ᠡᠮᠦᠨ᠎ᠡ ᠹᠷᠣᠨᠲ ᠲᠤ᠌ ᠢᠷᠡᠵᠦ ᠲᠠᠮᠠᠭᠠᠯᠠᠢ ᠳ᠋ᠤ᠌ ᠰᠠᠷ᠎ᠠ ᠰᠢᠬᠠᠮ ᠰᠠᠭᠤᠭᠰᠠᠨ ᠭᠡᠨ᠎ᠡ᠃
ᠡᠨᠡ ᠤᠳᠠᠭᠠᠨ ᠤ᠋ ᠱᠦᠭᠦᠷᠳᠡᠯᠲᠡ ᠨᠢ ᠠᠯᠢ ᠴᠤ᠌ ᠤᠳᠠᠭ᠎ᠠ ᠠ᠋ᠴᠠ ᠶᠡᠬᠡ ᠪᠠᠢᠵᠤ᠂ ᠮᠣᠷᠢᠲᠤ ᠶᠠᠪᠠᠭᠠᠨ ᠴᠡᠷᠢᠭ ᠨᠢ ᠲᠣᠭ᠎ᠠ ᠪᠠᠷ ᠬᠠᠮᠤᠭ ᠠᠷᠪᠢᠨ ᠪᠥᠭᠡᠳ ᠶᠠᠪᠠᠭᠠᠨ ᠫᠤᠤ᠂ ᠳᠡᠯᠪᠡᠷᠡᠬᠦ ᠮᠢᠨ᠎ᠠ᠂ ᠭᠠᠷᠨᠠᠲᠠ᠂ ᠬᠦᠨᠳᠦ ᠬᠥᠩᠭᠡᠨ ᠵᠢᠴᠢᠶᠠᠩ᠂ ᠦᠬᠡᠷ ᠫᠣᠤᠲᠤ ᠴᠡᠷᠢᠭ ᠵᠡᠷᠭᠡ ᠣᠯᠠᠨ ᠶᠠᠩᠵᠤ ᠶ᠋ᠢᠨ ᠵᠡᠪᠰᠡᠭ ᠢ᠋ᠶ᠋ᠡᠷ ᠵᠡᠪᠰᠡᠭᠯᠡᠭᠰᠡᠨ ᠬᠤᠷᠴᠠ ᠴᠡᠷᠢᠭ ᠪᠠᠢᠯ᠎ᠠ᠃ ᠰᠢᠨᠠᠯᠠᠮ᠎ᠠ ᠶ᠋ᠢᠨ ᠴᠡᠷᠢᠭ ᠡᠴᠡ ᠡᠨᠡ ᠤᠳᠠᠭ᠎ᠠ ᠶ᠋ᠢᠨ ᠲᠡᠢᠨ ᠳ᠋ᠦ᠍ ᠣᠷᠣᠯᠴᠠᠭᠰᠠᠨ ᠨᠢ ᠬᠡᠳᠦᠨ ᠯᠢᠶᠠᠨ ᠮᠣᠷᠢᠲᠤ ᠴᠡᠷᠢᠭ ᠪᠣᠯᠪᠠᠴᠤ ᠬᠥᠮᠦᠨ ᠦ᠌ ᠲᠣᠭ᠎ᠠ ᠨᠢ ᠳᠥᠩᠭᠡᠵᠦ ᠵᠠᠭᠤ ᠭᠠᠷᠤᠢᠬᠠᠨ ᠪᠠᠢᠵᠤ ᠡᠨᠡ ᠬᠦ᠌ ᠬᠤᠷᠴᠠ ᠰᠦᠷᠡᠬᠡᠢ ᠢᠷᠭᠡᠨ ᠦ᠌ ᠴᠡᠷᠢᠭ ᠢ᠋ ᠬᠣᠷᠢᠭᠯᠠᠨ ᠡᠰᠡᠷᠭᠦᠴᠡᠬᠦ ᠡᠭᠦᠷᠭᠡ ᠨᠢ ᠲᠤᠩ ᠬᠦᠨᠳᠦ ᠨᠣᠴᠢᠲᠠᠢ ᠪᠣᠯᠵᠠᠢ᠃
ᠵᠢᠩ ᠶᠤᠸᠠᠢ ᠰᠢᠦ ᠶ᠋ᠢᠨ ᠴᠡᠷᠢᠭ ᠡᠨᠳᠡ ᠲᠡᠨᠳᠡ ᠡᠴᠡ ᠳᠡᠭᠡᠷᠡᠮᠳᠡᠵᠦ ᠠᠪᠤᠭᠰᠠᠨ ᠮᠠᠯᠴᠢᠳ ᠤ᠋ᠨ ᠥᠪ ᠬᠥᠷᠥᠩᠭᠡ ᠶ᠋ᠢ ᠬᠡᠳᠦᠨ ᠴᠥᠷᠬᠡᠯᠡᠭᠡ ᠲᠡᠮᠡᠭᠡ ᠪᠡᠷ ᠡᠮᠦᠨᠡᠰᠢ ᠲᠡᠮᠡᠭᠡᠲᠦ ᠵᠦᠭ ᠵᠥᠭᠡᠭᠡᠪᠦᠷᠢᠯᠡᠭᠰᠡᠨ ᠭᠡᠳᠡᠭ᠃
ᠵᠢᠩ ᠶᠤᠸᠠᠢ ᠰᠢᠦ᠄《ᠮᠠᠨ ᠤ᠋ ᠴᠡᠷᠢᠭ ᠰᠢᠨᠡᠯᠡᠮ᠎ᠡ ᠶ᠋ᠢᠨ ᠭᠣᠣᠯ ᠰᠠᠭᠤᠷᠢᠰᠢᠯ— ᠤᠯᠠᠭᠠᠨᠲᠣᠯᠣᠭᠠᠢ ᠶ᠋ᠢᠨ ᠰᠦᠮ᠎ᠡ ᠶ᠋ᠢ ᠡᠵᠡᠯᠡᠵᠦ᠂ ᠦᠦᠰᠢᠨ ᠬᠤᠰᠢᠭᠤᠨ ᠤ᠋ ᠲᠠᠮᠠᠭᠠᠯᠠᠢ ᠶ᠋ᠢᠨ ᠱᠠᠩ ᠢ᠋ ᠪᠠᠰᠠ ᠡᠵᠡᠯᠡᠴᠢᠬᠡᠯᠡ᠃ ᠪᠢᠳᠡ ᠲᠣᠬᠢᠶᠠᠯ ᠢ᠋ ᠠᠰᠢᠭᠯᠠᠵᠤ ᠤᠮᠠᠷᠠᠰᠢ ᠳᠠᠭᠠᠷᠢᠯᠲᠠ ᠬᠢᠵᠦ ᠭᠠᠯᠠᠭᠤᠲᠤ ᠶ᠋ᠢᠨ ᠰᠦᠮ᠎ᠡ᠂ ᠬᠥᠬᠡᠲᠣᠯᠣᠭᠠᠢ ᠶ᠋ᠢᠨ ᠳᠠᠪᠤᠰᠤᠨ ᠨᠠᠭᠤᠷ᠂ ᠮᠠᠩᠬᠠᠲᠤ ᠶ᠋ᠢᠨ ᠰᠦᠮ᠎ᠡ᠂ ᠮᠠᠩᠬᠠᠲᠤ ᠶ᠋ᠢᠨ ᠨᠠᠭᠤᠷ ᠢ᠋ ᠡᠷᠬᠡᠰᠢᠶᠡᠯ ᠳ᠋ᠡᠭᠡᠨ ᠣᠷᠣᠭᠤᠯᠴᠢᠬᠠᠪᠠᠯ ᠳᠠᠷᠤᠢ ᠦᠦᠰᠢᠨ ᠬᠣᠰᠢᠭᠤ ᠶ᠋ᠢ ᠡᠵᠡᠮᠰᠢᠴᠢᠬᠡᠨᠡ》 ᠭᠡᠵᠦ ᠶᠠᠷᠢᠵᠤ ᠪᠠᠢᠵᠠᠢ᠃ ᠡᠨᠡ ᠨᠢ ᠶᠠᠪᠤᠭᠰᠠᠭᠠᠷ ᠪᠠᠢᠭᠠᠳ《ᠮᠠᠭᠤ ᠫᠤᠤᠴᠢ ᠶ᠋ᠢᠨ ᠰᠠᠨᠠᠭ᠎ᠠ ᠴᠠᠭᠠᠳᠤ ᠵᠠᠬ᠎ᠠ ᠶ᠋ᠢᠨ ᠣᠭᠣᠨᠣ ᠭᠡᠭᠰᠡᠭᠡᠷ ᠬᠠᠷᠢᠨ ᠰᠢᠷᠠᠭᠴᠢᠨ ᠴᠤ᠌ ᠦᠭᠡᠢ ᠪᠣᠯᠴᠢᠬᠠᠬᠤ》 ᠶ᠋ᠢ ᠵᠢᠩ ᠲᠦᠩᠯᠢᠩ ᠶᠡᠷᠦ ᠪᠣᠳᠣᠵᠤ ᠣᠯᠤᠭᠠᠳᠤᠢ ᠪᠠᠢᠭ᠎ᠠ᠃ ᠰᠢᠨᠠᠯᠠᠮ᠎ᠠ ᠶ᠋ᠢᠨ ᠴᠡᠷᠢᠭ ᠥᠪᠡᠷ ᠦ᠋ᠨ ᠢ᠋ᠶ᠋ᠡᠨ ᠨᠤᠲᠤᠭ ᠤᠰᠤ᠂ ᠮᠠᠯᠴᠢᠨ ᠲᠦᠮᠡᠨ ᠢ᠋ᠶ᠋ᠡᠨ ᠬᠠᠮᠠᠭᠠᠯᠠᠬᠤ ᠲᠡᠢᠨ ᠳ᠋ᠦ᠍ᠷ ᠤᠷᠠᠨ ᠠᠷᠭ᠎ᠠ ᠪᠠᠷ ᠳᠠᠭᠠᠷᠢᠯᠲᠠ ᠬᠢᠵᠦ ᠴᠥᠭᠡᠬᠡᠨ ᠢ᠋ᠶ᠋ᠡᠷ ᠣᠯᠠᠨ ᠢ᠋ ᠢᠯᠠᠵᠤ ᠶᠠᠪᠤᠭᠰᠠᠨ ᠬᠠᠰᠢᠷ ᠡᠷᠡᠴᠦᠳ ᠪᠣᠯᠬᠣᠷ ᠬᠠᠷᠢᠨ ᠡᠰᠡᠷᠭᠦᠦ ᠡᠲᠡᠭᠡᠳ ᠢ᠋ᠶ᠋ᠡᠨ《ᠠᠢᠯ ᠤ᠋ᠨ ᠲᠣᠭᠰᠢᠨ ᠨᠣᠬᠠᠢ ᠶ᠋ᠢᠨ ᠬᠢᠷᠢᠲᠡᠢ ᠴᠦ᠍ ᠦᠵᠡᠳᠡᠭ ᠦᠭᠡᠢ》᠂ ᠬᠡᠳᠦ ᠬᠡᠳᠦ ᠪᠡᠷ ᠢ᠋ᠶ᠋ᠡᠨ ᠰᠡᠷᠪᠡᠩ ᠪᠤᠷᠭᠠᠰᠤᠨ ᠳᠤᠮᠳᠠᠭᠤᠷ ᠰᠢᠷᠭᠤᠵᠤ ᠪᠠᠢᠭᠠᠳ ᠡᠨᠳᠡ ᠲᠡᠨᠳᠡ ᠡᠴᠡ ᠨᠢ ᠬᠡᠳᠦ ᠴᠣᠷᠭᠢᠴᠢᠬᠠᠪᠠᠯ ᠡᠷᠭᠢᠭᠡᠳ ᠥᠭᠡᠷ᠎ᠡ ᠵᠦᠭ ᠡᠴᠡ ᠨᠢ ᠪᠠᠰᠠ ᠭᠠᠯᠯᠠᠨ᠎ᠠ᠃ ᠵᠢᠩ ᠶᠤᠸᠠᠢ ᠰᠢᠦ ᠶ᠋ᠢᠨ ᠴᠡᠷᠢᠭ ᠦ᠋ᠳ ᠵᠥᠪᠬᠡᠨ ᠲᠠᠯ᠎ᠠ ᠭᠠᠵᠠᠷ ᠢ᠋ᠶ᠋ᠠᠷ ᠶᠠᠪᠤᠬᠤ ᠠ᠋ᠴᠠ ᠪᠢᠰᠢ ᠪᠠᠯᠠᠷ ᠪᠤᠷᠭᠠᠰᠤᠨ ᠳᠥᠭᠥᠮ ᠳᠣᠲᠣᠷ᠎ᠠ ᠣᠷᠣᠵᠤ ᠴᠢᠳᠠᠳᠠᠭ ᠦᠭᠡᠢ᠂ ᠪᠤᠷᠭᠠᠰᠤᠨ ᠳᠣᠲᠣᠷᠠᠬᠢ ᠰᠢᠨᠡᠯᠡᠮ᠎ᠡ ᠶ᠋ᠢᠨ ᠨᠢᠭᠤᠭᠳᠠᠮᠠᠯ ᠴᠡᠷᠢᠭ ᠲᠦ᠍ ᠭᠡᠨᠡᠳᠲᠡ ᠬᠣᠮᠣᠷᠣᠭᠳᠠᠵᠤ ᠠᠯᠠᠭᠳᠠᠬᠤ ᠠ᠋ᠴᠠ ᠦᠬᠦᠨ ᠠᠶᠤᠵᠠᠭᠠᠳᠠᠭ ᠭᠡᠨ᠎ᠡ᠃ ᠲᠡᠳᠡ ᠶᠡᠷᠦ ᠨᠢ ᠴᠥᠭᠡᠬᠡᠨ ᠢ᠋ᠶ᠋ᠡᠷ ᠶᠠᠪᠤᠵᠤ ᠴᠢᠳᠠᠳᠠᠭ ᠦᠭᠡᠢ ᠪᠠᠢᠵᠠᠢ᠃
ᠰᠢᠨᠠᠯᠠᠮ᠎ᠠ ᠶ᠋ᠢᠨ ᠴᠡᠷᠢᠭ ᠨᠤᠲᠤᠭ ᠤᠰᠤᠨ ᠤ᠋ ᠪᠠᠨ ᠪᠠᠯᠠᠷ ᠡᠯᠡᠰᠦᠨ ᠳ᠋ᠦ᠍ ᠫᠠᠷᠲ᠋ᠢᠽᠠᠨ ᠲᠡᠢᠨ ᠬᠢᠵᠦ᠂ ᠨᠢᠭᠡ ᠪᠦᠯᠦᠭ ᠰᠢᠯᠢᠳᠡᠭ ᠴᠡᠷᠢᠭ ᠨᠢ ᠬᠣᠢᠲᠤ ᠲᠠᠯ᠎ᠠ ᠠ᠋ᠴᠠ ᠨᠢ ᠵᠢᠩ ᠶᠤᠸᠠᠢ ᠰᠢᠦ ᠶ᠋ᠢᠨ ᠴᠡᠷᠢᠭ ᠦ᠋ᠨ ᠤᠷᠤᠭᠰᠢᠯᠠᠬᠤ ᠶ᠋ᠢ ᠬᠣᠷᠢᠭᠯᠠᠨ ᠡᠰᠡᠷᠭᠦᠴᠡᠪᠡ᠃ ᠡᠭᠦᠨ ᠦ᠌ ᠳᠠᠭᠠᠤ ᠰᠢᠨᠠᠯᠠᠮ᠎ᠠ ᠪᠦᠬᠦ ᠬᠤᠰᠢᠭᠤᠨ ᠤ᠋ ᠨᠠᠮ ᠤ᠋ᠨ ᠡᠭᠦᠷ ᠦ᠋ᠳ ᠲᠦ᠍ ᠵᠠᠬᠢᠶ᠎ᠠ ᠵᠠᠷᠯᠢᠭ ᠶᠠᠪᠤᠭᠤᠯᠵᠤ᠂ ᠠᠩᠴᠢᠳ ᠭᠠᠯ ᠫᠤᠤ ᠪᠠᠨ ᠡᠭᠦᠷᠴᠦ᠂ ᠵᠠᠯᠠᠭᠤᠴᠤᠳ ᠨᠢᠵᠡᠭᠡᠳ ᠡᠳᠦᠷ ᠦ᠋ᠨ ᠬᠠᠭᠤᠷᠠᠢ ᠬᠦᠨᠡᠰᠦ ᠪᠣᠯᠤᠨ ᠠᠶᠠᠨ ᠵᠠᠮ ᠳ᠋ᠤ᠌ ᠬᠡᠷᠡᠭᠯᠡᠳᠡᠭ ᠪᠢᠴᠢᠬᠠᠨ ᠭᠠᠤᠯᠢᠨ ᠲᠣᠭᠣᠭ᠎ᠠ ᠰᠢᠨᠠᠭ᠎ᠠ ᠲᠠᠢ ᠰᠠᠢᠨ ᠤᠨᠤᠭ᠎ᠠ ᠮᠣᠷᠢ ᠤᠨᠤᠭᠠᠳ ᠮᠠᠩᠬᠠᠲᠤ ᠶ᠋ᠢᠨ ᠰᠦᠮ᠎ᠡ ᠳᠡᠭᠡᠷ᠎ᠡ ᠳᠠᠷᠤᠢ ᠲᠦᠷᠭᠡᠨ ᠢᠷᠡᠰᠦᠭᠡᠢ ᠭᠡᠮᠡᠨ ᠳᠠᠭᠤᠳᠠᠭᠰᠠᠨ ᠪᠠᠢᠨ᠎ᠠ᠃ ᠲᠡᠳᠡ ᠢᠷᠡᠭᠰᠡᠨ ᠦ᠌ ᠳᠠᠷᠠᠭ᠎ᠠ ᠰᠢᠨᠠᠯᠠᠮ᠎ᠠ ᠶ᠋ᠢᠨ ᠲᠣᠬᠢᠷᠠᠭᠤᠯᠭ᠎ᠠ ᠪᠠᠷ ᠵᠢᠩ ᠶᠤᠸᠠᠢ ᠰᠢᠦ ᠶ᠋ᠢᠨ ᠴᠡᠷᠢᠭ ᠡᠴᠡ ᠳᠤᠲᠠᠭᠠᠵᠤ ᠨᠢᠭᠤᠵᠤ ᠶᠠᠪᠤᠭ᠎ᠠ ᠮᠠᠯᠴᠢᠳ ᠲᠠᠢ ᠬᠠᠮᠲᠤᠷᠠᠭᠤᠯᠵᠤ ᠡᠳᠦᠷ ᠨᠢ ᠪᠦᠯᠦᠭ ᠪᠦᠯᠦᠭ ᠢ᠋ᠶ᠋ᠡᠷ ᠮᠣᠷᠢ ᠪᠠᠨ ᠤᠨᠤᠵᠤ ᠰᠡᠷᠪᠡᠩ ᠮᠠᠩᠬᠠᠨ ᠤ᠋ ᠣᠷᠣᠢ ᠪᠠᠷ ᠡᠷᠭᠢᠴᠡᠵᠦ᠂ ᠪᠠᠰᠠ ᠵᠠᠷᠢᠮ ᠨᠢ ᠵᠢᠩ ᠶᠤᠸᠠᠢ ᠰᠢᠦ ᠶ᠋ᠢᠨ ᠴᠡᠷᠢᠭ ᠢ᠋ ᠭᠡᠨᠡᠳᠡᠭᠦᠯᠦᠨ ᠬᠠᠷᠪᠤᠵᠤ ᠪᠠᠢᠯ᠎ᠠ᠃ ᠲᠡᠳᠡ ᠤᠯᠠᠭᠠᠨᠲᠣᠯᠣᠭᠠᠢ ᠶ᠋ᠢᠨ ᠵᠡᠭᠦᠨ ᠬᠣᠢᠨ᠎ᠠ ᠰᠢᠷ᠎ᠠ ᠵᠦᠯᠭᠡ᠂ ᠣᠩᠭᠣᠨ ᠪᠠᠯᠠᠷ᠂ ᠪᠠᠶᠠᠷ ᠤ᠋ᠨ ᠬᠣᠣ᠂ ᠳᠡᠯᠭᠡᠷ ᠬᠤᠷᠠᠬᠤ ᠶ᠋ᠢᠨ ᠣᠪᠣᠭ᠎ᠠ᠂ ᠰᠦᠮ᠎ᠡ ᠶ᠋ᠢᠨ ᠵᠠᠳᠠᠭᠠᠢ ᠶ᠋ᠢᠨ ᠵᠡᠭᠦᠨ ᠰᠡᠷᠪᠡᠩ᠂ ᠰᠦᠯᠳᠡ ᠶ᠋ᠢᠨ ᠣᠷᠣᠢ᠂ ᠲᠠᠮᠠᠭᠠᠯᠠᠢ ᠶ᠋ᠢᠨ ᠪᠠᠷᠠᠭᠤᠨ ᠰᠢᠯᠢ᠂ ᠴᠠᠭᠠᠨᠲᠠᠯᠠ᠂ ᠪᠠᠢᠬᠤᠢ ᠶ᠋ᠢᠨ ᠣᠷᠣᠢ᠂ ᠲᠠᠮᠠᠭᠠᠯᠠᠢ ᠶ᠋ᠢᠨ ᠬᠣᠢᠲᠤ ᠪᠠᠯᠠᠷ᠂ ᠬᠤᠩᠨᠠᠢ ᠶ᠋ᠢᠨ ᠣᠷᠣᠢ ᠵᠡᠷᠭᠡ ᠥᠨᠳᠥᠷᠯᠢᠭ ᠭᠠᠵᠠᠷ ᠢ᠋ᠶ᠋ᠠᠷ ᠡᠷᠭᠢᠨ ᠲᠣᠭᠣᠷᠢᠨ ᠵᠠᠭᠤ ᠭᠠᠷᠤᠢ ᠭᠠᠵᠠᠷ ᠤ᠋ᠨ ᠤᠷᠲᠤ ᠱᠤᠭᠤᠮ ᠳ᠋ᠤ᠌ ᠲᠠᠯ᠎ᠠ ᠰᠠᠷᠠᠨ ᠬᠡᠯᠪᠡᠷᠢᠲᠡᠢ ᠪᠡᠷ ᠵᠢᠩ ᠶᠤᠸᠠᠢ ᠰᠢᠦ ᠶ᠋ᠢᠨ ᠴᠡᠷᠢᠭ ᠢ᠋ ᠬᠣᠷᠢᠭᠯᠠᠨ ᠪᠦᠰᠡᠯᠡᠪᠡ᠃ ᠰᠥᠨᠢ ᠪᠣᠯᠤᠭᠰᠠᠭᠠᠷ ᠡᠯᠪᠡᠭ ᠶᠡᠬᠡ ᠬᠠᠭᠤᠷᠠᠢ ᠪᠤᠷᠭᠠᠰᠤ ᠰᠢᠪᠠᠭ ᠢ᠋ ᠣᠪᠣᠭᠠᠯᠠᠵᠤ ᠲᠦᠯᠡᠭᠡᠳ ᠳᠦᠷᠡᠯᠵᠡᠭᠰᠡᠨ ᠭᠠᠯ ᠨᠢ ᠠᠯᠤᠰ ᠠ᠋ᠴᠠ ᠦᠵᠡᠬᠦ ᠳ᠋ᠦ᠍ ᠲᠤᠩᠭᠠᠯᠠᠭ ᠰᠥᠨᠢ ᠶ᠋ᠢᠨ ᠣᠳᠣᠳ ᠰᠢᠭ᠋ ᠭᠢᠯᠠᠯᠵᠠᠵᠤ ᠹᠣᠰᠹᠣᠷ ᠤ᠋ᠨ ᠭᠠᠯ ᠰᠢᠭ᠋ ᠤᠯᠠᠯᠵᠠᠨ᠎ᠠ᠃《ᠣᠯᠠᠨ ᠭᠠᠵᠠᠷ ᠠ᠋ᠴᠠ ᠢᠷᠡᠭᠰᠡᠨ ᠠᠩᠴᠢᠳ ᠬᠥᠳᠡᠭᠡ ᠶ᠋ᠢᠨ ᠰᠢᠪᠠᠠᠭ ᠪᠤᠷᠭᠠᠰᠤᠨ ᠵᠠᠪᠰᠠᠷ ᠢ᠋ᠶ᠋ᠠᠷ ᠭᠤᠷᠭᠤᠤᠯ ᠲᠠᠤᠯᠠᠢ ᠠᠩᠨᠠᠵᠤ ᠪᠠᠢᠭᠰᠠᠨ ᠠ᠋ᠴᠠ ᠪᠠᠨ ᠪᠠᠢᠯᠳᠤᠭᠠᠨ ᠤ᠋ ᠲᠠᠯᠠᠪᠠᠢ ᠳ᠋ᠤ᠌ ᠳ᠋ᠤᠯᠢ ᠳᠡᠭᠡᠷᠡᠮ ᠢ᠋ ᠠᠯᠠᠵᠤ ᠰᠢᠷᠬᠠᠲᠤᠭᠤᠯᠤᠭᠰᠠᠨ ᠳ᠋ᠠᠭᠠᠨ ᠣᠮᠣᠭᠰᠢᠨ ᠪᠠᠶᠠᠷᠯᠠᠵᠤ ᠢᠳᠡᠰᠢ ᠬᠦᠨᠡᠰᠦ ᠨᠢ ᠪᠠᠷᠠᠭᠳᠠᠭᠰᠠᠨ ᠴᠤ᠌ ᠪᠠᠢᠯᠳᠤᠭᠠᠨ ᠤ᠋ ᠲᠠᠯᠠᠪᠠᠢ ᠠ᠋ᠴᠠ ᠭᠡᠷ ᠲᠡᠭᠡᠨ ᠬᠠᠷᠢᠬᠤ ᠳᠤᠷ᠎ᠠ ᠦᠭᠡᠢ ᠪᠠᠢᠭᠰᠠᠨ ᠰᠢᠦ ᠳᠡ᠁ 》 ᠭᠡᠵᠦ ᠰᠢᠨᠠᠯᠠᠮ᠎ᠠ ᠶ᠋ᠢᠨ ᠴᠡᠷᠢᠭ ᠲᠦ᠍ ᠶᠠᠪᠤᠵᠤ ᠪᠠᠢᠭᠰᠠᠨ ᠰᠠᠷᠠᠭᠤᠯᠨᠤᠲᠤᠭ ᠤ᠋ᠨ ᠴᠡᠩᠬᠡᠯᠡᠣᠪᠣᠭᠠ ᠶ᠋ᠢᠨ ᠰᠠᠢᠨᠵᠢᠷᠭᠠᠯ ᠨᠠᠰᠤᠲᠠᠨ ᠰᠣᠨᠢᠨ ᠦᠯᠢᠭᠡᠷ ᠪᠣᠯᠭᠠᠨ ᠬᠡᠯᠡᠵᠦ ᠪᠠᠢᠭᠰᠠᠨ ᠪᠢᠯᠡ᠃
ᠲᠡᠳᠡ ᠵᠠᠷᠢᠮ ᠦᠶ᠎ᠡ ᠳ᠋ᠦ᠍ ᠵᠢᠩ ᠶᠤᠸᠠᠢ ᠰᠢᠦ ᠶ᠋ᠢᠨ ᠴᠡᠷᠢᠭ ᠦ᠋ᠨ ᠪᠠᠢᠳᠠᠯ ᠢ᠋ ᠠᠵᠢᠭᠯᠠᠵᠤ ᠰᠠᠨᠠᠮᠰᠠᠷ ᠦᠭᠡᠢ ᠪᠠᠢᠬᠤ ᠶ᠋ᠢ ᠨᠢ ᠲᠣᠬᠢᠶᠠᠯᠳᠤᠭᠤᠯᠤᠨ ᠰᠠᠢᠨ ᠠᠭᠲᠠ ᠬᠤᠷᠴᠠ ᠴᠡᠷᠢᠭ ᠢ᠋ᠶ᠋ᠡᠷ ᠭᠱᠠᠨ ᠵᠠᠭᠤᠷ᠎ᠠ ᠴᠥᠮᠥᠷᠡᠨ ᠣᠷᠣᠵᠤ ᠰᠢᠷᠦᠭᠦᠨ ᠳᠠᠭᠠᠷᠢᠵᠤ ᠠᠯᠠᠵᠤ ᠰᠢᠷᠬᠠᠲᠤᠭᠤᠯᠴᠢᠬᠠᠭᠠᠳ ᠪᠤᠴᠠᠭᠠᠳ ᠢᠷᠡᠳᠡᠭ᠃ ᠢᠩᠭᠢᠵᠦ ᠴᠡᠷᠢᠭ ᠠᠷᠠᠳ ᠠᠩᠴᠢᠨ ᠬᠠᠮᠲᠤᠷᠠᠭᠰᠠᠨ ᠠᠷᠠᠳ ᠤ᠋ᠨ ᠲᠡᠢᠨ ᠰᠠᠷ᠎ᠠ ᠰᠢᠬᠠᠮ ᠶᠠᠪᠤᠭᠳᠠᠵᠤ ᠵᠢᠩ ᠶᠤᠸᠠᠢ ᠰᠢᠦ ᠶ᠋ᠢᠨ ᠴᠡᠷᠢᠭ ᠢ᠋ ᠰᠢᠬᠠᠮᠳᠠᠭᠤᠯᠤᠨ ᠰᠦᠷᠳᠡᠭᠦᠯᠦᠭᠡᠳ ᠡᠳᠦᠷ ᠰᠥᠨᠢ ᠦᠭᠡᠢ ᠲᠥᠭᠡᠷᠢᠭᠳᠡᠭᠦᠯᠵᠦ᠂ ᠲᠡᠳᠡᠨ ᠦ᠌ ᠦᠷᠭᠦᠯᠵᠢᠯᠡᠨ ᠤᠷᠤᠭᠰᠢᠯᠠᠬᠤ ᠶ᠋ᠢ ᠨᠢ ᠬᠣᠷᠢᠭᠯᠠᠵᠤ ᠴᠢᠳᠠᠭᠰᠠᠨ ᠪᠠᠢᠨ᠎ᠠ᠃
— — — —
① ᠲᠤᠰ ᠠᠭᠤᠯᠭ᠎ᠠ ᠶ᠋ᠢ1960 ᠣᠨ ᠳ᠋ᠤ᠌ ᠰᠠᠢᠨᠵᠢᠷᠭᠠᠯ ᠨᠠᠰᠤᠲᠠᠨ ᠤ᠋ ᠶᠠᠷᠢᠭᠰᠠᠨ ᠢ᠋ ᠡᠮᠬᠢᠳᠬᠡᠪᠡ᠃
12. ᠰᠦᠮ᠎ᠡ ᠶ᠋ᠢᠨ ᠵᠠᠳᠠᠭᠠᠢ ᠶ᠋ᠢᠨ ᠪᠠᠢᠯᠳᠤᠭᠠᠨ
ᠰᠢᠨᠠᠯᠠᠮ᠎ᠠ ᠶ᠋ᠢᠨ ᠭᠡᠷ ᠡᠴᠡ ᠵᠡᠭᠦᠨ ᠬᠣᠢᠨ᠎ᠠ ᠪᠠᠭ᠎ᠠ ᠵᠡᠭᠡᠷ᠎ᠡ ᠲᠠᠰᠢᠭᠰᠠᠨ ᠵᠢᠷᠭᠢᠨᠲᠠᠯᠠ ᠶ᠋ᠢᠨ ᠵᠡᠭᠡᠷᠭᠡᠨ᠎ᠡ ᠤᠷᠭᠤᠭᠰᠠᠨ ᠪᠣᠷᠯᠣᠨ ᠰᠢᠯᠢ ᠨᠢ ᠬᠡᠵᠢᠶᠡᠳᠡ ᠵᠡᠷᠭᠡᠯᠭᠡᠨ ᠲᠠᠲᠠᠭᠰᠠᠨ ᠪᠠᠢᠭᠠᠯᠢ ᠶ᠋ᠢᠨ ᠰᠣᠨᠢᠬᠠᠨ ᠦᠵᠡᠮᠵᠢ ᠶ᠋ᠢ ᠬᠥᠮᠦᠰ ᠦ᠋ᠨ ᠨᠢᠳᠦᠨ ᠳ᠋ᠦ᠍ ᠲᠣᠷᠭᠠᠮᠰᠤᠭ ᠰᠠᠢᠬᠠᠨ ᠢᠯᠡᠷᠡᠭᠦᠯᠳᠡᠭ ᠪᠢᠯᠡ᠃ ᠲᠡᠭᠦᠨ ᠦ᠌ ᠡᠩᠭᠡᠷ ᠲᠡᠬᠢ ᠨᠢᠭᠡᠨ ᠪᠢᠴᠢᠬᠠᠨ ᠰᠦᠮ᠎ᠡ ᠨᠢ《ᠮᠠᠩᠬᠠᠲᠤ ᠶ᠋ᠢᠨ ᠰᠦᠮ᠎ᠡ》 ᠭᠡᠮᠡᠨ ᠨᠡᠷᠡᠯᠡᠭᠳᠡᠪᠡ᠃ ᠪᠤᠷᠯᠤᠨ ᠰᠢᠯᠢ ᠶ᠋ᠢᠨ ᠵᠡᠭᠦᠨ ᠳᠣᠣᠷ᠎ᠠ ᠪᠠᠢᠭ᠎ᠠ ᠲᠦᠭᠦᠬᠡᠢ ᠬᠤᠵᠢᠷ ᠤ᠋ᠨ ᠠᠭᠤᠯᠠᠭᠳᠠᠴᠠ ᠪᠠᠷ ᠪᠠᠭ᠎ᠠ ᠴᠡᠪᠡᠷ ᠳᠠᠪᠤᠰᠤᠨ ᠨᠠᠭᠤᠷ ᠮᠠᠯᠴᠢᠨ ᠲᠦᠮᠡᠨ ᠦ᠌ ᠠᠵᠤ ᠠᠮᠢᠳᠤᠷᠠᠯ ᠳ᠋ᠤ᠌ ᠲᠦᠮᠡᠨ ᠬᠡᠷᠡᠭᠴᠡᠭᠡᠲᠦ《ᠮᠠᠩᠬᠠᠲᠤ ᠶ᠋ᠢᠨ ᠨᠠᠭᠤᠷ》 ᠨᠢ ᠲᠣᠯᠢ ᠮᠡᠲᠦ ᠬᠠᠷᠠᠭᠳᠠᠨ᠎ᠠ᠃ ᠲᠤᠬᠠᠢ ᠶ᠋ᠢᠨ ᠦᠶ᠎ᠡ ᠶ᠋ᠢᠨ ᠪᠦᠳᠦᠭᠦᠯᠢᠭ ᠬᠣᠴᠣᠷᠤᠩᠭᠤᠢ ᠪᠠᠢᠳᠠᠯ ᠳᠣᠣᠷ᠎ᠠ ᠴᠠᠭᠠᠨ ᠬᠡᠷᠡᠮ ᠡᠴᠡ ᠡᠮᠦᠨᠡᠬᠢ ᠬᠥᠮᠦᠰ ᠪᠣᠯᠤᠨ ᠵᠢᠩ ᠲᠦᠩᠯᠢᠩ ᠳᠠᠪᠤᠰᠤᠨ ᠨᠠᠭᠤᠷ ᠲᠤ᠌ ᠨᠢᠳᠦ ᠤᠯᠠᠢᠵᠤ ᠬᠠᠷᠠᠴᠠ ᠪᠠᠨ ᠲᠥᠪᠯᠡᠷᠡᠭᠦᠯᠦᠭᠰᠡᠨ ᠪᠠᠢᠯᠲᠠᠢ⁈
ᠡᠨᠡ ᠦᠶ᠎ᠡ ᠳ᠋ᠦ᠍ ᠰᠢᠨᠠᠯᠠᠮ᠎ᠠ ᠴᠡᠷᠢᠭ ᠠᠷᠠᠳ ᠢ᠋ᠶ᠋ᠠᠨ ᠶᠡᠷᠦᠩᠬᠡᠢᠯᠡᠨ ᠵᠢᠯᠣᠭᠣᠳᠴᠤ᠂ ᠨᠢᠭᠡ ᠪᠦᠯᠦᠭ ᠴᠡᠷᠢᠭ ᠢ᠋ᠶ᠋ᠡᠨ ᠮᠠᠩᠬᠠᠲᠤ ᠶ᠋ᠢᠨ ᠰᠦᠮ᠎ᠡ ᠳ᠋ᠦ᠍ ᠤᠬᠤᠷᠢᠭᠤᠯᠵᠤ ᠴᠡᠷᠢᠭ ᠮᠣᠷᠢ ᠪᠠᠨ ᠡᠭᠡᠯᠵᠢᠶ᠎ᠡ ᠪᠡᠷ ᠠᠮᠠᠷᠠᠭᠤᠯᠳᠠᠭ ᠪᠠᠢᠵᠠᠢ᠃ ᠨᠢᠭᠡᠨ ᠡᠳᠦᠷ ᠬᠣᠶᠠᠳᠤᠭᠠᠷ ᠯᠢᠶᠠᠨ ᠤ᠋ ᠯᠢᠶᠡᠨᠵᠠᠩ ᠵᠠᠮᠢᠶᠠᠨᠵᠠᠪ ᠤ᠋ᠨ ᠲᠣᠮᠢᠯᠠᠯᠲᠠ ᠪᠠᠷ ᠴᠢᠨᠰᠠᠩ ᠵᠡᠷᠭᠡ ᠭᠤᠷᠪᠠᠨ ᠴᠡᠷᠢᠭ ᠮᠠᠩᠬᠠᠲᠤ ᠶ᠋ᠢᠨ ᠰᠦᠮ᠎ᠡ ᠡᠴᠡ ᠵᠡᠭᠦᠨ ᠡᠮᠦᠨᠡᠰᠢ ᠮᠣᠷᠳᠠᠨ ᠲᠦᠷᠦᠭᠦᠦ ᠰᠥᠨᠢ ᠶ᠋ᠢᠨ ᠡᠮᠦᠨ᠎ᠡ ᠹᠷᠣᠨᠲ ᠤ᠋ᠨ ᠪᠠᠢᠳᠠᠯ ᠢ᠋ ᠣᠢᠯᠠᠭᠠᠬᠤ ᠪᠠᠷ ᠶᠠᠪᠤᠵᠠᠢ᠃ ᠲᠡᠷᠡ ᠭᠤᠷᠪᠠᠭᠤᠯᠠ ᠮᠠᠩᠬᠠᠲᠤ ᠶ᠋ᠢᠨ ᠨᠠᠭᠤᠷ ᠬᠦᠷᠬᠦ ᠶᠡᠬᠡ ᠳᠠᠪᠤᠰᠤᠨ ᠵᠠᠮ ᠢ᠋ ᠳᠠᠭᠠᠵᠤ ᠡᠮᠦᠨᠡᠰᠢ ᠪᠡᠨ ᠶᠠᠪᠤᠵᠤ ᠪᠠᠢᠲᠠᠯ᠎ᠠ ᠠᠰ ᠡᠮᠦᠨ᠎ᠡ ᠡᠴᠡ ᠨᠢ ᠠᠷᠪᠠᠭᠠᠳ ᠮᠣᠷᠢᠲᠤ ᠴᠡᠷᠢᠭ ᠢᠷᠡᠬᠦ ᠨᠢ ᠬᠠᠷᠠᠭᠳᠠᠪᠠ᠃ ᠮᠠᠨ ᠤ᠋ ᠪᠠᠰᠠ ᠨᠢᠭᠡᠨ ᠪᠦᠯᠦᠭ ᠴᠡᠷᠢᠭ ᠠᠮᠠᠷᠠᠬᠤ ᠪᠠᠷ ᠢᠷᠡᠵᠦ ᠪᠠᠢᠨ᠎ᠠ ᠰᠢᠦ ᠭᠡᠮᠡᠨ ᠲᠡᠳᠡ ᠭᠤᠷᠪᠠᠭᠤᠯᠠ ᠶᠠᠷᠢᠯᠴᠠᠭᠰᠠᠭᠠᠷ ᠵᠠᠮ ᠤ᠋ᠨ ᠬᠠᠵᠠᠭᠤ ᠶ᠋ᠢᠨ ᠥᠨᠳᠥᠷ ᠮᠠᠩᠬᠠᠨ ᠣᠷᠣᠢ ᠳ᠋ᠤ᠌ ᠭᠠᠷᠪᠠ᠃ ᠭᠤᠷᠪᠠᠭᠤᠯᠠ ᠮᠣᠷᠢᠨ ᠠ᠋ᠴᠠ ᠪᠠᠨ ᠪᠠᠭᠤᠵᠤ ᠲᠡᠳᠡᠨ ᠦ᠌ ᠣᠢᠷᠠᠳᠴᠤ ᠢᠷᠡᠬᠦ ᠶ᠋ᠢ ᠬᠦᠯᠢᠶᠡᠨ ᠪᠠᠢᠯᠳᠤᠭᠠᠨ ᠤ᠋ ᠪᠠᠢᠳᠠᠯ ᠢ᠋ ᠣᠢᠯᠠᠭᠠᠬᠤ ᠪᠠᠷ ᠭᠠᠩᠰᠠ ᠲᠠᠮᠠᠬᠢ ᠲᠠᠲᠠᠵᠠᠭᠠᠨᠠ᠃
ᠮᠣᠷᠢᠲᠠᠢ ᠴᠡᠷᠢᠭ ᠨᠡᠯᠢᠶᠡᠳ ᠣᠢᠷᠠᠳᠴᠤ ᠢᠷᠡᠭᠡᠳ ᠭᠡᠨᠡᠳᠲᠡ ᠭᠤᠷᠪᠠᠭᠤᠯᠠ ᠶ᠋ᠢᠨ ᠰᠠᠭᠤᠭ᠎ᠠ ᠮᠠᠩᠬ᠎ᠠ ᠵᠦᠭ ᠭᠠᠯᠯᠠᠪᠠ᠃ ᠡᠨᠡ ᠦᠶ᠎ᠡ ᠳ᠋ᠦ᠍ ᠲᠡᠷᠡ ᠭᠤᠷᠪᠠᠭᠤᠯᠠ ᠰᠠᠶᠢ ᠳᠠᠢᠰᠤᠨ ᠤ᠋ ᠴᠡᠷᠢᠭ ᠢ᠋ ᠥᠪᠡᠷ ᠦ᠋ᠨ ᠴᠡᠷᠢᠭ ᠭᠡᠵᠦ ᠡᠨᠳᠡᠭᠦᠷᠡᠭᠰᠡᠨ ᠢ᠋ᠶ᠋ᠡᠨ ᠮᠡᠳᠡᠵᠦ ᠳᠠᠷᠤᠢ ᠲᠦᠷᠭᠡᠨ ᠪᠡᠶ᠎ᠡ ᠳᠠᠯᠳᠠᠯᠠᠵᠤ ᠲᠡᠳᠡᠨ ᠦ᠌ ᠥᠭᠡᠳᠡ ᠡᠴᠡ ᠬᠣᠷᠢᠭᠯᠠᠨ ᠫᠤᠤᠳᠠᠯ᠎ᠠ᠃ ᠫᠤᠤ ᠶ᠋ᠢᠨ ᠳᠠᠭᠤᠨ ᠢ᠋ᠶ᠋ᠠᠷ ᠮᠠᠩᠬᠠᠲᠤ ᠶ᠋ᠢᠨ ᠰᠦᠮ᠎ᠡ ᠳ᠋ᠦ᠍ ᠪᠠᠢᠭᠰᠠᠨ ᠰᠢᠨᠡᠯᠡᠮ᠎ᠡ ᠶ᠋ᠢᠨ ᠴᠡᠷᠢᠭ ᠦ᠋ᠳ ᠳᠠᠪᠬᠢᠨ ᠢᠷᠡᠵᠦ ᠬᠦᠴᠦ ᠬᠠᠮᠲᠤᠷᠠᠨ ᠭᠠᠯᠯᠠᠪᠠ᠃
ᠵᠠᠮᠢᠶᠠᠨᠵᠠᠪ ᠯᠢᠶᠡᠨᠵᠠᠩ ᠬᠥᠬᠡ ᠬᠠᠢᠯᠠᠩ ᠤᠷᠲᠤ ᠬᠤᠪᠴᠠᠰᠤᠨ ᠳᠡᠭᠡᠷ᠎ᠡ ᠪᠡᠨ ᠲᠣᠷᠭᠠᠨ ᠪᠦᠰᠡ ᠪᠦᠰᠡᠯᠡᠵᠦ᠂ ᠲᠣᠯᠣᠭᠠᠢ ᠳ᠋ᠠᠭᠠᠨ ᠬᠠᠷ᠎ᠠ ᠲᠣᠭᠣᠷᠴᠣᠭ ᠮᠠᠯᠠᠭᠠᠢ ᠵᠡᠭᠦᠵᠦ ᠪᠠᠷᠠᠭᠤᠨ ᠭᠠᠷ ᠲᠠᠭᠠᠨ ᠲᠠᠰᠢᠭᠤᠷ ᠪᠠᠷᠢᠵᠤ ᠴᠡᠷᠢᠭ ᠢ᠋ᠶ᠋ᠡᠨ᠄《ᠲᠠᠨᠤᠰ ᠶᠠᠭᠤᠨ ᠳ᠋ᠤ᠌ ᠶᠠᠭᠠᠷᠠᠭᠠᠳ ᠫᠤᠤᠳᠠᠵᠤ ᠪᠠᠢᠬᠤ ᠪᠣᠢ᠂ ᠭᠡᠳᠡᠭᠰᠢ ᠤᠬᠤᠷᠢᠵᠠᠭᠠᠶᠠ!》 ᠭᠡᠵᠦ ᠵᠠᠩᠳᠤᠷᠤᠨ ᠵᠠᠷᠯᠢᠭᠳᠠᠪᠠ᠃ ᠡᠨᠡ ᠦᠶ᠎ᠡ ᠳ᠋ᠦ᠍ ᠰᠢᠨᠠᠯᠠᠮ᠎ᠠ ᠶ᠋ᠢᠨ ᠴᠡᠷᠢᠭ ᠬᠡᠳᠦᠨ ᠭᠠᠵᠠᠷ ᠬᠣᠢᠰᠢ ᠤᠬᠤᠷᠢᠵᠤ ᠣᠳᠣ ᠶ᠋ᠢᠨ ᠪᠠᠶᠠᠨᠰᠢᠯᠢ ᠶ᠋ᠢᠨ ᠠᠷᠤ ᠬᠦᠷᠴᠦ ᠡᠮᠦᠨ᠎ᠡ ᠡᠴᠡ ᠨᠡᠬᠡᠮᠵᠢᠯᠡᠨ ᠢᠷᠡᠬᠦ ᠴᠡᠷᠢᠭ ᠢ᠋ ᠬᠦᠯᠢᠶᠡᠪᠡ᠃ ᠵᠢᠩ ᠶᠤᠸᠠᠢ ᠰᠢᠦ ᠶ᠋ᠢᠨ ᠴᠡᠷᠢᠭ ᠰᠢᠨᠡᠯᠡᠮ᠎ᠡ ᠶ᠋ᠢᠨ ᠬᠡᠳᠦᠬᠡᠨ ᠴᠡᠷᠢᠭ ᠬᠦᠴᠦ ᠮᠡᠬᠦᠰᠳᠡᠭᠡᠳ ᠤᠬᠤᠷᠢᠴᠢᠬᠠᠯᠠ ᠭᠡᠮᠡᠨ ᠡᠨᠳᠡᠭᠦᠦ ᠵᠢᠱ᠌ᠢᠭᠰᠡᠨ ᠡᠴᠡ ᠰᠦᠷ ᠪᠠᠳᠠᠷᠠᠭᠤᠯᠤᠨ ᠰᠢᠷᠦᠭᠦᠨ ᠳᠣᠪᠲᠣᠯᠵᠤ ᠢᠷᠡᠬᠦ ᠳ᠋ᠦ᠍᠂ ᠵᠠᠮ ᠤ᠋ᠨ ᠬᠠᠵᠠᠭᠤ᠂ ᠰᠢᠪᠠᠭ ᠪᠤᠷᠭᠠᠰᠤᠨ ᠤ᠋ ᠵᠠᠪᠰᠠᠷ ᠢ᠋ᠶ᠋ᠠᠷ ᠳᠠᠯᠳᠠᠯᠠᠨ ᠠᠵᠢᠭᠯᠠᠵᠤ ᠪᠠᠢᠭᠰᠠᠨ ᠰᠢᠨᠠᠯᠠᠮ᠎ᠠ ᠶ᠋ᠢᠨ ᠴᠡᠷᠢᠭ ᠭᠡᠨᠡᠳᠲᠡ ᠵᠡᠷᠭᠡ ᠪᠡᠷ ᠭᠠᠯᠯᠠᠭᠰᠠᠨ ᠳ᠋ᠤ᠌ ᠬᠡᠳᠦ ᠬᠡᠳᠦ ᠶ᠋ᠢ ᠲᠣᠩᠭᠣᠷᠴᠠᠭᠯᠠᠨ ᠤᠨᠠᠭᠠᠯ᠎ᠠ᠃ ᠢᠩᠭᠢᠭᠡᠳ ᠪᠤᠰᠤᠳ ᠨᠢ ᠪᠠᠢᠳᠠᠯ ᠮᠠᠭᠤ ᠪᠣᠯᠤᠭᠰᠠᠨ ᠢ᠋ ᠮᠡᠳᠡᠵᠦ ᠭᠡᠳᠡᠷᠭᠦ ᠤᠬᠤᠷᠢᠨ ᠭᠣᠳ ᠳᠤᠲᠠᠭᠠᠭᠰᠠᠨ ᠪᠠᠢᠨ᠎ᠠ᠃ ①
— — — —
① ᠡᠨᠡ ᠠᠭᠤᠯᠭ᠎ᠠ ᠶ᠋ᠢ ᠰᠢᠨᠠᠯᠠᠮ᠎ᠠ ᠶ᠋ᠢᠨ ᠴᠡᠷᠢᠭ ᠦ᠋ᠨ ᠬᠣᠶᠠᠳᠤᠭᠠᠷ ᠯᠢᠶᠠᠨ ᠤ᠋ ᠪᠠᠢᠯᠳᠤᠭᠴᠢ ᠪᠠᠢᠭᠰᠠᠨ ᠴᠢᠨᠰᠠᠩ ᠨᠠᠰᠤᠲᠠᠨ ᠤ᠋1974 ᠣᠨ ᠤ᠋ ᠬᠡᠯᠡᠭᠰᠡᠨ ᠢ᠋ ᠡᠮᠬᠢᠳᠬᠡᠨ ᠨᠠᠢᠷᠠᠭᠤᠯᠪᠠ᠃
ᠳᠠᠭᠠᠯᠳᠤᠭᠤᠯᠤᠯ
ᠦᠦᠰᠢᠨ ᠬᠤᠰᠢᠭᠤᠨ ᠤ᠋ ᠲᠠᠮᠠᠭᠠᠯᠠᠢ ᠶ᠋ᠢᠨ ᠱᠠᠩ ᠤ᠋ᠨ ᠣᠷᠳᠣᠨ
ᠥᠨᠥ ᠶ᠋ᠢᠨ ᠦᠦᠰᠢᠨ ᠬᠤᠰᠢᠭᠤᠨ ᠤ᠋ ᠤᠯᠠᠭᠠᠨᠲᠣᠯᠤᠭᠠᠢ ᠪᠠᠯᠭᠠᠰᠤ ᠠ᠋ᠴᠠ ᠵᠡᠭᠦᠨ ᠬᠣᠢᠰᠢ ᠭᠤᠷᠪᠠᠨ ᠺᠢᠯᠣᠮᠧᠲ᠋ᠷ ᠦ᠋ᠨ ᠭᠠᠵᠠᠷ ᠲᠤ᠌ ᠦᠦᠰᠢᠨ— ᠳ᠋ᠦᠩᠱᠧᠩ ᠦ᠋ᠨ ᠴᠠᠷᠳᠠᠮᠠᠯ ᠵᠠᠮ ᠤ᠋ᠨ ᠡᠮᠦᠨ᠎ᠡ ᠨᠢᠭᠡᠨ ᠪᠣᠷᠣᠯᠵᠢᠨ ᠳᠣᠪᠣᠴᠠᠭ ᠳᠡᠭᠡᠷ᠎ᠡ ᠥᠨᠳᠥᠷ ᠥᠨᠳᠥᠷ ᠬᠠᠢᠯᠠᠰᠤᠨ ᠮᠣᠳᠣᠳ ᠰᠦᠨᠳᠡᠷᠯᠡᠨ ᠬᠠᠷᠠᠭᠳᠠᠨ᠎ᠠ᠃ ᠡᠨᠡ ᠪᠣᠯ1905~1930 ᠣᠨ ᠬᠦᠷᠲᠡᠯ᠎ᠡ ᠦᠦᠰᠢᠨ ᠬᠤᠰᠢᠭᠤᠨ ᠤ᠋ ᠨᠣᠶᠠᠨ ᠱᠠᠩ ᠪᠣᠯᠬᠤ《ᠲᠠᠮᠠᠭᠠᠯᠠᠢ ᠶ᠋ᠢᠨ ᠱᠠᠩ ᠤ᠋ᠨ ᠣᠷᠳᠣᠨ》 ᠤ᠋ ᠬᠠᠭᠤᠴᠢᠨ ᠪᠠᠭᠤᠷᠢ ᠪᠣᠯᠬᠤ ᠶᠤᠮ᠃
2006ᠣᠨ ᠤ᠋6 ᠰᠠᠷ᠎ᠠ ᠳ᠋ᠤ᠌ ᠪᠢ ᠬᠠᠮᠲᠤ ᠰᠤᠷᠤᠯᠭᠠᠲᠠᠨ ᠪᠠᠲᠣᠴᠢᠯᠠᠭᠤ ᠲᠠᠢ ᠬᠠᠮᠲᠤ ᠡᠨᠡ ᠬᠦ᠌ ᠲᠠᠮᠠᠭᠠᠯᠠᠢ ᠶ᠋ᠢᠨ ᠱᠠᠩ ᠤ᠋ᠨ ᠣᠷᠳᠣᠨ ᠤ᠋ ᠪᠠᠭᠤᠷᠢ ᠶ᠋ᠢᠨ ᠲᠤᠬᠠᠢ ᠬᠠᠭᠤᠴᠢ ᠰᠤᠳᠤᠯᠤᠯ ᠤ᠋ᠨ ᠪᠠᠢᠴᠠᠭᠠᠯᠲᠠ ᠬᠢᠵᠦ᠂ ᠡᠭᠦᠨ ᠦ᠌ ᠲᠤᠬᠠᠢ ᠶ᠋ᠢᠨ ᠪᠤᠭᠤᠷᠤᠯᠴᠤᠳ ᠪᠠᠶᠠᠨᠳᠠᠯᠠᠢ ᠪᠣᠷᠣᠴᠢᠯᠠᠭᠤ ᠬᠡᠰᠢᠭ᠌ᠳᠠᠯᠠᠢ ᠨᠠᠷ ᠤ᠋ᠨ ᠤᠯᠠᠮᠵᠢᠯᠠᠯᠲᠤ ᠶᠠᠷᠢᠶ᠎ᠠ ᠶ᠋ᠢ ᠰᠣᠨᠣᠰᠴᠤ ᠬᠠᠷᠢᠴᠠᠭᠤᠯᠤᠭᠰᠠᠨ ᠰᠠᠭᠤᠷᠢᠨ ᠳᠡᠭᠡᠷ᠎ᠡ ᠲᠠᠮᠠᠭᠠᠯᠠᠢ ᠶ᠋ᠢᠨ ᠱᠠᠩ ᠤ᠋ᠨ ᠪᠠᠢᠷᠢᠰᠢᠯ ᠵᠢᠷᠤᠭ ᠢ᠋ ᠵᠢᠷᠤᠵᠤ ᠭᠠᠷᠭᠠᠪᠠ᠃ ᠳᠠᠷᠠᠭ᠎ᠠ ᠨᠢ ᠦᠦᠰᠢᠨ ᠬᠤᠰᠢᠭᠤᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠳᠡᠳ᠋ ᠲᠡᠷᠢᠭᠦᠯᠡᠭᠴᠢ ᠠᠯᠲᠠᠨᠵᠠᠩᠭᠠ᠂ ᠤᠯᠤᠰ ᠲᠥᠷᠥ ᠶ᠋ᠢᠨ ᠵᠥᠪᠯᠡᠯᠭᠡᠨ ᠦ᠌ ᠳᠡᠳ᠋ ᠲᠡᠷᠢᠭᠦᠯᠡᠭᠴᠢ ᠤᠭ ᠤ᠋ᠨ ᠦᠦᠰᠢᠨ ᠬᠤᠰᠢᠭᠤᠨ ᠤ᠋ ᠠᠷᠪᠠᠨ ᠭᠤᠷᠪᠠᠳᠤᠭᠠᠷ ᠦᠶ᠎ᠡ ᠶ᠋ᠢᠨ ᠵᠠᠰᠠᠭ ᠨᠣᠶᠠᠨ ᠤ᠋ ᠬᠥᠪᠡᠭᠦᠨ ᠴᠢ ᠴᠠᠭᠠᠯᠠᠢ(ᠴᠢ ᠵᠢᠩ ᠵᠢᠶᠠᠩ)᠂ ᠵᠠᠩ ᠦᠢᠯᠡ ᠶ᠋ᠢᠨ ᠰᠤᠳᠤᠯᠤᠭᠴᠢ ᠪᠦᠷᠢᠨᠵᠢᠷᠭᠠᠯ ᠨᠠᠷ ᠲᠤ᠌ ᠳᠡᠪᠰᠢᠭᠦᠯᠦᠨ ᠬᠢᠨᠠᠭᠤᠯᠵᠤ᠂ ᠲᠡᠳᠡᠨ ᠦ᠌ ᠰᠠᠨᠠᠯ ᠵᠢᠯᠣᠭᠣᠳᠤᠯᠭ᠎ᠠ ᠪᠠᠷ ᠳᠠᠬᠢᠨ ᠵᠠᠰᠠᠯᠲᠠ ᠣᠷᠣᠭᠤᠯᠪᠠ( ᠵᠢᠷᠤᠭ ᠢ᠋ ᠲᠤᠰ ᠨᠣᠮ ᠤ᠋ᠨ ᠡᠬᠢᠨ ᠦ᠌ ᠨᠢᠭᠤᠷ ᠲᠤ᠌ ᠦᠵᠡᠭᠡᠷᠡᠢ)᠃
ᠪᠠᠷᠢᠯᠭ᠎ᠠ ᠶ᠋ᠢᠨ ᠪᠠᠢᠷᠢᠰᠢᠯ ᠪᠣᠯᠤᠨ ᠪᠠᠢᠳᠠᠯ
1. ᠭᠠᠳᠠᠷ ᠬᠡᠷᠡᠮ ᠬᠦᠷᠢᠶ᠎ᠡ ᠨᠢ ᠵᠡᠭᠦᠨ ᠡᠮᠦᠨᠡᠰᠢ ᠪᠡᠨ ᠨᠠᠷᠠ ᠭᠠᠷᠬᠤ ᠵᠦᠭ ᠬᠠᠨᠳᠤᠵᠤ᠂ ᠲᠠᠯ᠎ᠠ ᠪᠦᠷᠢ ᠨᠢ83.3 ᠮᠧᠲ᠋ᠷ ᠤᠷᠲᠤ ᠲᠡᠭᠰᠢ ᠳᠥᠷᠪᠡᠯᠵᠢᠨ ᠬᠡᠷᠡᠮ ᠨᠢ ᠬᠠᠭᠤᠴᠢᠨ ᠬᠡᠪ ᠦ᠋ᠨ4~6 ᠤ᠋ ᠬᠥᠬᠡ ᠲᠣᠭᠣᠰᠬ᠎ᠠ ᠪᠠᠷ ᠠᠯᠲᠠ ᠥᠨᠳᠥᠷ ᠪᠠᠷᠢᠵᠤ᠂ ᠬᠡᠷᠡᠮ ᠦ᠋ᠨ ᠵᠡᠭᠦᠨ ᠲᠠᠯ᠎ᠠ ᠶ᠋ᠢᠨ ᠬᠣᠶᠠᠷ ᠥᠨᠴᠥᠭ ᠲᠦ᠍ ᠲᠤᠰ ᠪᠦᠷᠢ ᠬᠥᠮᠦᠰ ᠦ᠋ᠨ ᠣᠷᠣᠵᠤ ᠭᠠᠷᠬᠤ ᠡᠭᠦᠳᠡ ᠲᠡᠢ᠂ ᠬᠣᠢᠨᠠᠬᠢ ᠨᠢ ᠬᠠᠲᠤᠨ ᠪᠣᠯᠤᠨ ᠰᠢᠪᠡᠭᠴᠢᠨ ᠵᠠᠷᠤᠴᠠ ᠨᠠᠷ ᠤ᠋ᠨ ᠡᠩ ᠦ᠋ᠨ ᠦᠶ᠎ᠡ ᠳ᠋ᠦ᠍ ᠰᠤᠯᠠ ᠪᠠᠷ ᠭᠠᠷᠴᠤ ᠣᠷᠣᠬᠤ᠂ ᠣᠷᠳᠣᠨ ᠤ᠋ ᠬᠣᠭ ᠨᠣᠪᠰᠢ ᠵᠥᠭᠡᠭᠡᠬᠦ᠂ ᠭᠠᠳᠠᠭᠠᠯᠠᠬᠤ ᠡᠭᠦᠳᠡ ᠪᠣᠯᠤᠨ᠎ᠠ᠃ ᠥᠨᠥ ᠴᠦ᠍ ᠬᠣᠭ ᠤ᠋ᠨ ᠣᠪᠣᠭ᠎ᠠ ᠨᠢ ᠲᠣᠳᠣᠷᠬᠠᠢ ᠪᠣᠢ᠃ ᠡᠮᠦᠨᠡᠬᠢ ᠨᠢ ᠱᠠᠩ ᠶᠠᠮᠤᠨ ᠤ᠋ ᠠᠵᠢᠯᠲᠠᠨ᠂ ᠵᠠᠷᠤᠴᠠ ᠠᠯᠪᠠᠲᠤ ᠶ᠋ᠢᠨ ᠣᠷᠣᠵᠤ ᠭᠠᠷᠬᠤ᠂ ᠭᠠᠳᠠᠭᠠᠯᠠᠬᠤ᠂ ᠬᠣᠭ ᠯᠣᠪᠰᠢ ᠵᠥᠭᠡᠭᠡᠬᠦ ᠡᠭᠦᠳᠡ ᠪᠣᠯᠤᠨ᠎ᠠ᠃ ᠥᠨᠥ ᠴᠦ᠍ ᠬᠣᠭ ᠤ᠋ᠨ ᠣᠪᠣᠭ᠎ᠠ ᠨᠢ ᠲᠣᠳᠣᠷᠬᠠᠢ ᠪᠣᠢ᠃
ᠪᠠᠷᠠᠭᠤᠨ ᠲᠠᠯ᠎ᠠ ᠶ᠋ᠢᠨ ᠬᠡᠷᠡᠮ ᠦ᠋ᠨ ᠬᠣᠶᠠᠷ ᠥᠨᠴᠥᠭ ᠲᠦ᠍ ᠪᠠᠰᠠ ᠲᠤᠰ ᠪᠦᠷᠢ ᠭᠠᠷᠴᠤ ᠣᠷᠣᠬᠤ ᠡᠭᠦᠳᠡ ᠪᠣᠢ᠃ ᠬᠣᠢᠨᠠᠬᠢ ᠨᠢ ᠨᠣᠶᠠᠨ ᠪᠣᠯᠤᠨ ᠲᠦᠰᠢᠮᠡᠳ᠂ ᠰᠦᠮ᠎ᠡ ᠶ᠋ᠢᠨ ᠭᠣᠨᠢᠷ ᠯᠠᠮᠠ ᠨᠠᠷ ᠤ᠋ᠨ ᠣᠷᠣᠵᠤ ᠭᠠᠷᠬᠤ ᠡᠭᠦᠳᠡ ᠪᠣᠯᠤᠨ᠎ᠠ᠃ ᠡᠮᠦᠨᠡᠬᠢ ᠨᠢ ᠭᠠᠳᠠᠨ᠎ᠠ ᠳᠣᠲᠣᠨᠠᠬᠢ ᠵᠣᠴᠢᠳ ᠤ᠋ᠨ ᠣᠷᠣᠵᠤ ᠭᠠᠷᠬᠤ ᠡᠭᠦᠳᠡ ᠪᠣᠯᠤᠨ᠎ᠠ᠃
ᠡᠮᠦᠨ᠎ᠡ ᠲᠠᠯ᠎ᠠ ᠶ᠋ᠢᠨ ᠬᠦᠷᠢᠶᠡᠨ ᠦ᠌ ᠭᠣᠣᠯ ᠳ᠋ᠤ᠌ 3 ᠮᠧᠲ᠋ᠷ ᠢᠯᠡᠭᠦᠦ ᠠᠭᠤᠵᠢᠮ(ᠵᠡᠭᠦᠨᠰᠢ ᠪᠠᠷᠠᠭᠤᠨᠰᠢ) ᠨᠡᠯᠢᠶᠡᠳ ᠥᠨᠳᠥᠷ ᠶᠡᠬᠡ ᠡᠭᠦᠳᠡ ᠪᠠᠢᠵᠤ᠂ ᠳᠡᠭᠡᠷᠡᠬᠢ ᠨᠢ ᠪᠣᠰᠤᠭ᠎ᠠ ᠪᠠᠢᠰᠢᠩ ᠤ᠋ᠨ ᠬᠡᠯᠪᠡᠷᠢᠲᠡᠢ ᠸᠠᠭᠠᠷ ᠰᠢᠭᠢᠳᠬᠡᠵᠦ᠂ ᠬᠣᠶᠠᠷ ᠲᠠᠯ᠎ᠠ ᠳ᠋ᠤᠨᠢ ᠭᠠᠳᠠᠭᠰᠢ ᠬᠠᠨᠳᠤᠭᠰᠠᠨ ᠮᠡᠩ ᠦ᠋ᠨ ᠲᠣᠯᠣᠭᠠᠢ ᠲᠠᠢ ᠠᠰᠠᠷ ᠪᠣᠢ᠃ ᠡᠭᠦᠳᠡᠨ ᠭᠠᠳᠠᠨ᠎ᠠ ᠨᠢ ᠣᠴᠣᠢᠭᠰᠠᠨ ᠬᠣᠶᠠᠷ ᠲᠣᠮᠣ ᠬᠠᠳᠠᠨ ᠠᠷᠰᠯᠠᠨ ᠪᠣᠢ᠃ ᠡᠩ ᠦ᠋ᠨ ᠦᠶ᠎ᠡ ᠳ᠋ᠦ᠍ ᠡᠨᠡ ᠡᠭᠦᠳᠡ ᠪᠡᠷ ᠬᠥᠮᠦᠨ ᠭᠠᠷᠴᠤ ᠣᠷᠣᠳᠠᠭ ᠦᠭᠡᠢ᠂ ᠴᠢᠬᠤᠯᠠ ᠲᠠᠢ ᠦᠶ᠎ᠡ ᠳ᠋ᠦ᠍ ᠨᠣᠶᠠᠨ ᠬᠠᠲᠤᠨ ᠲᠦᠰᠢᠮᠡᠳ᠂ ᠬᠦᠨᠳᠦᠲᠦ ᠵᠣᠴᠢᠳ ᠣᠷᠣᠵᠤ ᠭᠠᠷᠳᠠᠭ ᠪᠠᠢᠵᠠᠢ᠃
ᠡᠨᠡ ᠬᠦ᠌ ᠲᠣᠮᠣ ᠡᠭᠦᠳᠡᠨ ᠦ᠌ ᠡᠮᠦᠨ᠎ᠡ ᠨᠡᠯᠢᠶᠡᠳ ᠵᠠᠢ ᠲᠠᠢ ᠭᠠᠵᠠᠷ ᠲᠤ᠌ ᠲᠣᠮᠣ ᠭᠡᠭᠴᠢ ᠬᠥᠬᠡ ᠲᠣᠭᠣᠰᠬ᠎ᠠ ᠪᠠᠷ ᠦᠷᠦᠭᠰᠡᠨ ᠣᠷᠳᠣᠰ ᠮᠣᠩᠭᠣᠯᠴᠤᠳ ᠤ᠋ᠨ ᠬᠡᠢᠮᠣᠷᠢ ᠶ᠋ᠢᠨ ᠤᠰᠠᠩ ᠤ᠋ᠨ ᠲᠠᠢᠰᠠ ᠪᠣᠢ᠃ ᠤᠰᠠᠩ ᠤ᠋ᠨ ᠲᠠᠢᠰᠠ ᠠ᠋ᠴᠠ ᠡᠮᠦᠨᠡᠰᠢ ᠪᠡᠨ6 ᠮᠧᠲ᠋ᠷ ᠦ᠋ᠨ ᠣᠷᠴᠢᠮ ᠳ᠋ᠤ᠌ ᠬᠣᠢᠰᠢ ᠬᠠᠨᠳᠤᠭᠰᠠᠨ ᠪᠢᠴᠢᠬᠠᠨ ᠬᠣᠷᠯᠣ ᠶ᠋ᠢᠨ ᠰᠦᠮ᠎ᠡ ᠪᠠᠢᠵᠤ᠂ ᠰᠦᠮ᠎ᠡ ᠶ᠋ᠢᠨ ᠬᠣᠶᠠᠷ ᠥᠨᠴᠥᠭ ᠡᠴᠡ ᠵᠡᠭᠦᠨ ᠪᠠᠷᠠᠭᠤᠨ ᠬᠣᠢᠰᠢ ᠪᠠᠨ ᠮᠤᠷᠤᠢᠵᠤ ᠬᠠᠨᠳᠤᠭᠰᠠᠨ ᠬᠥᠬᠡ ᠲᠣᠭᠣᠰᠬᠠᠨ ᠬᠡᠷᠡᠮ ᠲᠡᠢ᠃ ᠬᠣᠷᠯᠣ ᠶ᠋ᠢᠨ ᠰᠦᠮ᠎ᠡ ᠶ᠋ᠢᠨ ᠡᠮᠦᠨᠡᠭᠦᠷ《ᠭᠠᠵᠠᠷ ᠤᠰᠤᠨ ᠡᠵᠡᠳ ᠢ᠋ ᠲᠠᠬᠢᠬᠤ᠂ ᠣᠷᠣᠨ ᠨᠤᠲᠤᠭ ᠤ᠋ᠨ ᠡᠵᠡᠳ ᠢ᠋ ᠲᠠᠬᠢᠬᠤ᠂ ᠰᠢᠪᠠᠷ ᠰᠢᠷᠣᠢ ᠶ᠋ᠢᠨ ᠡᠵᠡᠳ ᠢ᠋ ᠲᠠᠬᠢᠬᠤ ᠰᠦᠮ᠎ᠡ》 ᠵᠡᠷᠭᠡ ᠭᠤᠷᠪᠠᠨ ᠪᠢᠴᠢᠬᠠᠨ ᠰᠢᠪᠲᠠᠩ ᠤ᠋ᠨ ᠰᠦᠮ᠎ᠡ ᠪᠠᠢᠵᠠᠢ᠃
ᠬᠡᠷᠡᠮ ᠦ᠋ᠨ ᠭᠠᠳᠠᠨᠠᠬᠢ ᠪᠠᠷᠠᠭᠤᠨ ᠲᠠᠯ᠎ᠠ ᠳ᠋ᠤ᠌ ᠨᠢᠵᠡᠭᠡᠳ ᠰᠢᠪᠡᠷ ᠪᠠᠢᠰᠢᠩ ᠪᠠᠢᠵᠤ᠂ ᠠᠭᠲᠠ ᠮᠣᠷᠢᠳ ᠢ᠋ ᠠᠷᠠᠴᠢᠯᠠᠨ ᠲᠡᠵᠢᠭᠡᠭᠴᠢᠳ ᠰᠠᠭᠤᠳᠠᠭ ᠪᠥᠭᠡᠳ ᠪᠠᠰᠠ ᠮᠣᠷᠢᠨ ᠫᠧᠩ ᠰᠠᠷᠠᠪᠴᠢ᠂ ᠡᠪᠡᠰᠦᠨ ᠪᠠᠢᠰᠢᠩ ᠤ᠋ᠳ ᠪᠠᠢᠵᠠᠢ᠃
ᠬᠡᠷᠡᠮ ᠦ᠋ᠨ ᠭᠠᠳᠠᠨᠠᠬᠢ ᠵᠡᠭᠦᠨ ᠲᠠᠯ᠎ᠠ ᠳ᠋ᠤᠨᠢ ᠮᠥᠨ ᠠᠳᠠᠯᠢᠬᠠᠨ ᠰᠢᠪᠡᠷ ᠪᠠᠢᠰᠢᠩ ᠤ᠋ᠳ ᠪᠠᠢᠵᠤ᠂ ᠪᠤᠯᠤ ᠲᠡᠭᠡᠷᠮ᠎ᠡ ᠶ᠋ᠢᠨ ᠪᠠᠢᠰᠢᠩ᠂ ᠮᠣᠳᠣ ᠲᠦᠯᠡᠭᠡ ᠵᠥᠭᠡᠭᠡᠪᠦᠷᠢᠯᠡᠬᠦ ᠬᠠᠰᠠᠭ ᠲᠡᠷᠭᠡ ᠶ᠋ᠢᠨ ᠤᠨᠤᠭ᠎ᠠ ᠮᠠᠯ ᠲᠡᠵᠢᠭᠡᠬᠦ ᠫᠧᠩ ᠪᠣᠯᠤᠨ ᠵᠠᠷᠤᠴᠠ ᠨᠠᠷ ᠤ᠋ᠨ ᠣᠷᠣᠨ ᠰᠠᠭᠤᠴᠠ ᠪᠠᠢᠵᠠᠢ᠃
2᠂ ᠬᠡᠷᠡᠮ ᠦ᠋ᠨ ᠳᠣᠲᠣᠷᠠᠬᠢ ᠪᠠᠷᠢᠯᠭ᠎ᠠ
(1) ᠬᠣᠰᠢᠭᠤ ᠵᠠᠰᠠᠭ ᠨᠣᠶᠠᠨ ᠤ᠋ ᠣᠷᠳᠣᠨ ᠨᠢ ᠶᠡᠬᠡ ᠬᠦᠷᠢᠶᠡᠨ ᠦ᠌ ᠳᠣᠲᠣᠷ᠎ᠠ ᠬᠣᠢᠲᠤ ᠲᠠᠯ᠎ᠠ ᠳ᠋ᠤ᠌ 0᠂7 ᠮᠧᠲ᠋ᠷ ᠦ᠋ᠨ ᠥᠨᠳᠥᠷ ᠲᠣᠭᠣᠰᠬᠠᠨ ᠰᠠᠭᠤᠷᠢ ᠳᠡᠭᠡᠷ᠎ᠡ ᠡᠮᠦᠨᠡᠰᠢ ᠬᠠᠨᠳᠤᠭᠰᠠᠨ9 ᠲᠠᠰᠤᠯᠭ᠎ᠠ ᠣᠷᠳᠣᠨ ᠪᠠᠢᠵᠤ ᠬᠣᠶᠠᠷ ᠥᠨᠴᠥᠭ ᠦ᠋ᠨ ᠲᠤᠰ ᠪᠦᠷᠢ ᠨᠢᠭᠡ ᠲᠠᠰᠤᠯᠭ᠎ᠠ ᠨᠢ ᠡᠮᠦᠨᠡᠰᠢ3 ᠮᠧᠲ᠋ᠷ ᠤᠷᠲᠤ ᠭᠠᠷᠭᠠᠨ ᠨᠣᠶᠠᠳ ᠲᠦᠰᠢᠮᠡᠳ ᠰᠡᠷᠢᠭᠦᠴᠡᠵᠦ ᠠᠮᠠᠷᠠᠬᠤ15.12 ᠲᠡᠭᠰᠢ ᠳᠥᠷᠪᠡᠯᠵᠢᠨ ᠮᠧᠲ᠋ᠷ ᠦ᠋ᠨ ᠲᠠᠯᠠᠪᠠᠢ ᠲᠠᠢ ᠲᠣᠭᠣᠰᠬᠠᠨ ᠶᠡᠨᠳᠡᠷ ᠲᠠᠢᠰᠠ ᠳ᠋ᠤ᠌᠂ 7 ᠶᠡᠬᠡ ᠬᠥᠬᠡ ᠬᠠᠳᠠᠨ ᠳᠤᠭᠤᠢ ᠳᠡᠪᠢᠰᠬᠡᠷ ᠳᠡᠭᠡᠷ᠎ᠡ ᠡᠷᠳᠡᠨᠢ ᠶ᠋ᠢᠨ ᠯᠤᠤ ᠣᠷᠢᠶᠠᠭᠰᠠᠨ ᠲᠥᠪᠡᠳ ᠮᠣᠩᠭᠣᠯ ᠬᠡ ᠤᠭᠠᠯᠵᠠ ᠬᠤᠸᠠᠷ ᠲᠠᠢ ᠪᠦᠳᠦᠭᠦᠨ ᠮᠣᠳᠣᠨ ᠲᠤᠯᠭᠠᠭᠤᠷᠢ ᠲᠠᠢ᠂ ᠰᠠᠷᠠᠪᠴᠢᠨ ᠤ᠋ ᠳᠡᠭᠡᠷᠡᠬᠢ ᠵᠢᠵᠢᠭ ᠸᠠᠭᠠᠷ ᠢ᠋ ᠡᠷ᠎ᠡ ᠡᠮ᠎ᠡ ᠶ᠋ᠢ ᠨᠢ ᠳᠠᠪᠬᠤᠷᠯᠠᠨ ᠰᠢᠭᠢᠳᠬᠡᠭᠰᠡᠨ ᠪᠢᠲᠡᠭᠦᠦ ᠰᠠᠷᠠᠪᠴᠢᠨ ᠣᠷᠣᠢ ᠲᠠᠢ᠂ ᠠᠷᠤ ᠳ᠋ᠠᠬᠢ ᠵᠠᠯᠭᠠᠭ᠎ᠠ ᠶᠡᠬᠡ ᠪᠠᠢᠰᠢᠩ ᠤ᠋ᠨ ᠣᠷᠣᠢ ᠨᠢ ᠡᠮᠦᠨ᠎ᠡ ᠰᠠᠷᠠᠪᠴᠢᠨ ᠠ᠋ᠴᠠ ᠪᠠᠨ ᠨᠡᠯᠢᠶᠡᠳ ᠥᠨᠳᠥᠷ ᠪᠣᠰᠤᠭ᠎ᠠ ᠨᠢᠷᠤᠭᠤ ᠲᠠᠢ ᠮᠥᠨ ᠠᠳᠠᠯᠢ ᠪᠠᠷ ᠵᠢᠵᠢᠭ ᠸᠠᠭᠠᠷ ᠢ᠋ ᠳᠠᠪᠬᠤᠷᠯᠠᠨ ᠰᠢᠭᠢᠳᠬᠡᠵᠦ ᠬᠣᠶᠠᠷ ᠲᠠᠯ᠎ᠠ ᠶ᠋ᠢᠨ ᠥᠨᠴᠥᠭ ᠲᠦ᠍ ᠯᠤᠤ ᠮᠡᠩ ᠦ᠋ᠨ ᠠᠰᠠᠷ ᠭᠠᠷᠭᠠᠵᠤ᠂ ᠴᠣᠩᠬᠣ ᠡᠭᠦᠳᠡ ᠨᠢ ᠨᠠᠷᠢᠯᠢᠭ ᠰᠠᠢᠬᠠᠨ ᠮᠣᠳᠣᠨ ᠬᠡ ᠬᠤᠸᠠᠷ ᠢ᠋ᠶ᠋ᠠᠷ ᠤᠷᠠᠯᠠᠵᠤ ᠱᠣᠩᠨᠣᠭᠰᠠᠨ ᠦᠵᠡᠮᠡᠷ ᠰᠠᠢᠬᠠᠨ ᠰᠦᠷᠯᠢᠭ ᠶᠡᠬᠡᠮᠰᠦᠭ ᠬᠢᠲᠠᠳ ᠮᠣᠩᠭᠣᠯ ᠲᠥᠪᠡᠳ ᠪᠠᠷᠢᠯᠭ᠎ᠠ ᠶ᠋ᠢᠨ ᠰᠣᠶᠣᠯ ᠬᠠᠷᠢᠯᠴᠠᠨ ᠤᠶᠠᠯᠳᠤᠭᠰᠠᠨ ᠡᠷᠲᠡᠨ ᠦ᠌ ᠪᠠᠷᠢᠯᠭ᠎ᠠ ᠪᠠᠢᠵᠠᠢ᠃
(2) ᠪᠤᠷᠬᠠᠨ ᠤ᠋ ᠰᠦᠮ᠎ᠡ᠄ ᠨᠣᠶᠠᠨ ᠤ᠋ ᠣᠷᠳᠣᠨ ᠤ᠋ ᠪᠠᠷᠠᠭᠤᠨ ᠲᠠᠯ᠎ᠠ ᠳ᠋ᠤ᠌ ᠵᠡᠭᠦᠨᠰᠢ ᠪᠠᠷᠠᠭᠤᠨᠰᠢ ᠨᠢᠭᠡ ᠱᠤᠭᠤᠮ ᠳᠡᠭᠡᠷ᠎ᠡ ᠣᠷᠳᠣᠨ ᠠ᠋ᠴᠠ ᠠᠰᠲᠠᠭᠠᠨ ᠬᠡᠳᠦᠨ ᠮᠧᠲ᠋ᠷ ᠵᠠᠢ ᠲᠠᠢ ᠶᠡᠨᠳᠡᠷ ᠲᠠᠢᠰᠠᠨ ᠳᠡᠭᠡᠷ᠎ᠡ3 ᠲᠠᠰᠤᠯᠭ᠎ᠠ ᠡᠮᠦᠨᠡᠰᠢ ᠬᠠᠨᠳᠤᠭᠰᠠᠨ ᠰᠦᠮ᠎ᠡ ᠪᠠᠢᠳᠠᠭ᠃ ᠣᠷᠣᠢ ᠳ᠋ᠤᠨᠢ ᠭᠡᠷᠡᠯ ᠰᠠᠴᠤᠷᠠᠭᠰᠠᠨ ᠠᠯᠲᠠᠨ ᠭᠠᠨᠵᠢᠷ᠎ᠠ ᠲᠠᠢ᠂ ᠰᠦᠮ᠎ᠡ ᠶ᠋ᠢᠨ ᠡᠭᠦᠳᠡ ᠨᠢ ᠡᠮᠦᠨᠡᠰᠢ(ᠳᠡᠭᠡᠭᠦᠷ) ᠰᠠᠷᠠᠪᠴᠢᠯᠠᠵᠤ ᠱᠠᠰᠢᠨ ᠤ᠋ ᠬᠡ ᠤᠭᠠᠯᠵᠠ ᠭᠠᠷᠭᠠᠭᠰᠠᠨ ᠬᠤᠸᠠᠷ ᠢᠯᠡ ᠮᠣᠳᠣᠨ ᠲᠤᠯᠭᠠᠭᠤᠷᠢ ᠲᠠᠢ᠃ ᠡᠨᠡ ᠰᠦᠮ᠎ᠡ ᠳ᠋ᠦ᠍ ᠵᠠᠰᠠᠭ ᠨᠣᠶᠠᠨ ᠪᠣᠯᠤᠨ ᠬᠣᠰᠢᠭᠤ ᠨᠡᠢᠲᠡ ᠶ᠋ᠢᠨ ᠲᠤᠰᠠ ᠶ᠋ᠢᠨ ᠲᠤᠯᠠᠳᠠ ᠵᠤᠯᠠ ᠬᠦᠵᠢ᠂ ᠲᠠᠬᠢᠯ ᠤ᠋ᠨ ᠤᠩᠰᠢᠯᠭ᠎ᠠ ᠥᠷᠯᠥᠭᠡ ᠦᠳᠡᠰᠢ ᠣᠰᠣᠯᠳᠠᠯ ᠦᠭᠡᠢ ᠦᠷᠭᠦᠯᠵᠢᠯᠡᠵᠦ᠂ ᠲᠤᠰᠬᠠᠢ ᠬᠠᠢᠷᠴᠠᠭ ᠲᠤ᠌ ᠪᠢᠲᠡᠭᠦᠮᠵᠢᠯᠡᠭᠰᠡᠨ ᠬᠣᠰᠢᠭᠤ《ᠵᠠᠰᠠᠭ ᠲᠠᠮᠠᠭ᠎ᠠ》 ᠶ᠋ᠢ ᠰᠢᠷ᠎ᠠ ᠲᠣᠷᠭ᠎ᠠ ᠪᠠᠷ ᠪᠦᠲᠡᠭᠡᠵᠦ ᠳᠠᠬᠢᠳᠠᠭ ᠪᠥᠭᠡᠳ ᠪᠠᠶᠠᠨᠲᠣᠯᠣᠭᠠᠢ ᠶ᠋ᠢᠨ ᠰᠦᠮ᠎ᠡ ᠶ᠋ᠢᠨ《ᠨᠣᠭᠣᠭᠠᠨ ᠭᠦᠮᠪᠦ ᠪᠤᠷᠬᠠᠨ》 ᠢ᠋ ᠲᠣᠭᠰᠢᠭᠤᠯᠵᠤ ᠳᠠᠬᠢᠳᠠᠭ᠃ ᠳᠡᠭᠡᠳᠦ ᠦᠶ᠎ᠡ ᠳ᠋ᠦ᠍ ᠦᠦᠰᠢᠨ ᠨᠣᠶᠠᠨ ᠱᠠᠩ ᠤ᠋ᠨ ᠣᠷᠳᠣᠨ ᠪᠠᠶᠠᠨᠲᠣᠯᠣᠭᠠᠢ ᠶ᠋ᠢᠨ ᠰᠦᠮ᠎ᠡ ᠳᠡᠭᠡᠷ᠎ᠡ ᠪᠠᠢᠷᠢᠰᠢᠵᠤ ᠪᠠᠢᠵᠠᠢ᠃
ᠱᠠᠩ ᠤ᠋ᠨ ᠣᠷᠳᠣᠨ ᠤ᠋ ᠰᠦᠮ᠎ᠡ ᠶ᠋ᠢᠨ ᠪᠤᠷᠬᠠᠨ ᠢ᠋ ᠳᠠᠬᠢᠳᠠᠭ ᠭᠣᠨᠢᠷ ᠯᠠᠮᠠ ᠶ᠋ᠢ ᠦᠦᠰᠢᠨᠵᠦᠦ ᠰᠦᠮ᠎ᠡ ᠶ᠋ᠢᠨ ᠰᠤᠩᠳᠣᠢ ᠠ᠋ᠴᠠ ᠲᠤᠰᠬᠠᠢ ᠲᠣᠮᠢᠯᠠᠳᠠᠭ ᠪᠠᠢᠵᠠᠢ᠃
ᠣᠷᠳᠣᠨ ᠠ᠋ᠴᠠ ᠠᠰ ᠡᠮᠦᠨ᠎ᠡ ᠬᠦᠷᠢᠶᠡᠨ ᠦ᠌ ᠭᠣᠣᠯ ᠳ᠋ᠤ᠌ ᠳ᠋ᠢᠶᠠᠮᠧᠲ᠋ᠷ ᠨᠢ10 ᠲᠡᠭᠰᠢ ᠳᠥᠷᠪᠡᠯᠵᠢᠨ ᠮᠧᠲ᠋ᠷ ᠣᠷᠴᠢᠮ ᠤ᠋ᠨ ᠬᠥᠬᠡ ᠲᠣᠭᠣᠰᠬᠠᠨ ᠲᠠᠢᠰᠠ(ᠳᠤᠭᠤᠢ) ᠳᠡᠭᠡᠷ᠎ᠡ ᠨᠠᠢ᠍ᠮᠠᠨ ᠬᠠᠨ᠎ᠠ ᠲᠠᠢ ᠶᠡᠬᠡ ᠮᠣᠩᠭᠣᠯ ᠭᠡᠷ ᠢ᠋ ᠡᠮᠦᠨᠡᠰᠢ ᠪᠡᠨ ᠬᠠᠨᠳᠤᠭᠤᠯᠤᠨ ᠪᠠᠷᠢᠵᠤ ᠮᠣᠩᠭᠣᠯ ᠬᠡ ᠤᠭᠠᠯᠵᠠ ᠲᠠᠢ ᠨᠣᠣᠰᠣᠨ ᠬᠢᠴᠡ ᠲᠡᠢ ᠪᠦᠷᠢᠶᠡᠰᠦ ᠲᠡᠢ ᠣᠷᠳᠣᠨ ᠪᠣᠢ᠃ ᠡᠨᠡ ᠮᠣᠩᠭᠣᠯ ᠭᠡᠷ ᠲᠦ᠍《ᠲᠠᠮᠠᠭ᠎ᠠ ᠶ᠋ᠢᠨ ᠬᠤᠷᠠᠯ》(ᠲᠠᠮᠠᠭ᠎ᠠ ᠶ᠋ᠢᠨ ᠴᠢᠭᠤᠯᠭᠠᠨ᠂ ᠲᠠᠮᠠᠭ᠎ᠠ ᠶ᠋ᠢᠨ ᠪᠦᠷᠢᠳᠬᠡᠯ᠂ ᠲᠠᠮᠠᠭ᠎ᠠ ᠨᠡᠭᠡᠭᠡᠬᠦ ᠭᠡᠵᠦ ᠠᠳᠠᠯᠢ ᠪᠤᠰᠤ ᠪᠠᠷ ᠬᠡᠯᠡᠳᠡᠭ) ᠪᠣᠯᠤᠨ ᠶᠡᠬᠡ ᠶᠡᠬᠡ ᠬᠤᠷᠠᠯ ᠴᠤᠭᠯᠠᠭᠠᠨ ᠢ᠋ ᠬᠢᠳᠡᠭ ᠶᠣᠰᠣᠯᠠᠯ ᠤ᠋ᠨ ᠣᠷᠳᠣᠨ ᠪᠣᠯᠤᠨ᠎ᠠ᠃
(3) ᠱᠠᠩ ᠣᠷᠳᠣᠨ ᠤ᠋ ᠳᠡᠮᠴᠢ ᠶ᠋ᠢᠨ ᠭᠡᠷ ᠣᠷᠣᠨ᠄ ᠵᠡᠭᠦᠨ ᠬᠡᠷᠡᠮ ᠡᠴᠡ ᠪᠠᠷᠠᠭᠤᠨᠰᠢ3 ᠮᠧᠲ᠋ᠷ ᠣᠷᠴᠢᠮ ᠳ᠋ᠤ᠌ ᠪᠠᠷᠠᠭᠤᠨᠰᠢ ᠬᠠᠨᠳᠤᠭᠰᠠᠨ9 ᠲᠠᠰᠤᠯᠭ᠎ᠠ ᠬᠥᠬᠡ ᠲᠣᠭᠣᠰᠬᠠᠨ ᠪᠠᠢᠰᠢᠩ ᠪᠣᠢ᠃ ᠡᠨᠳᠡ ᠱᠠᠩ ᠣᠷᠳᠣᠨ ᠤ᠋ ᠪᠦᠬᠦ ᠠᠮᠢᠳᠤᠷᠠᠯ᠂ ᠵᠢᠯ ᠦ᠋ᠨ ᠣᠷᠣᠯᠭ᠎ᠠ ᠵᠠᠷᠤᠯᠭ᠎ᠠ ᠶ᠋ᠢ ᠲᠣᠬᠢᠷᠠᠭᠤᠯᠤᠭᠴᠢ ᠶᠡᠬᠡ ᠪᠠᠭ᠎ᠠ ᠳᠡᠮᠴᠢ ᠨᠢᠷᠪᠠ ᠰᠠᠩ ᠬᠠᠮᠢᠶᠠᠷᠤᠭᠴᠢ᠂ ᠨᠣᠶᠠᠨ ᠬᠠᠲᠤᠨ ᠤ᠋ ᠬᠢᠶ᠎ᠡ ᠨᠠᠷ ᠤ᠋ᠨ ᠰᠠᠭᠤᠴᠠ ᠶ᠋ᠢ ᠭᠠᠷᠭᠠᠪᠠᠯ ᠪᠤᠰᠤᠳ ᠨᠢ ᠡᠳ᠋ ᠪᠣᠳᠠᠰ ᠢ᠋ ᠬᠤᠷᠢᠶᠠᠵᠤ ᠬᠠᠳᠠᠭᠠᠯᠠᠬᠤ ᠬᠥᠮᠥᠷᠭᠡ ᠪᠣᠯᠤᠨ᠎ᠠ᠃
(4) ᠬᠣᠰᠢᠭᠤ ᠲᠦᠰᠢᠮᠡᠳ ᠪᠣᠯᠤᠨ ᠶᠠᠮᠤᠨ ᠤ᠋ ᠪᠢᠴᠢᠭᠡᠴᠢ ᠶ᠋ᠢᠨ ᠣᠷᠣᠨ᠄ ᠪᠠᠷᠠᠭᠤᠨ ᠬᠡᠷᠡᠮ ᠡᠴᠡ ᠵᠡᠭᠦᠨᠰᠢ2 ᠮᠧᠲ᠋ᠷ ᠣᠷᠴᠢᠮ ᠳ᠋ᠤ᠌ ᠵᠡᠭᠦᠨᠰᠢ ᠬᠠᠨᠳᠤᠭᠰᠠᠨ9 ᠲᠠᠰᠤᠯᠭ᠎ᠠ ᠬᠥᠬᠡ ᠲᠣᠭᠣᠰᠬᠠᠨ ᠪᠠᠢᠰᠢᠩ ᠪᠣᠢ᠃ ᠡᠨᠳᠡ ᠱᠠᠩ ᠶᠠᠮᠤᠨ ᠤ᠋ ᠲᠦᠰᠢᠮᠡᠳ᠂ ᠶᠠᠮᠤᠨ ᠤ᠋ ᠰᠠᠭᠤᠳᠠᠯ ᠤ᠋ᠨ ᠪᠢᠴᠢᠭᠡᠴᠢ᠂ ᠠᠯᠪᠠ ᠡᠷᠬᠢᠯᠡᠬᠦ ᠬᠥᠮᠦᠰ ᠰᠠᠭᠤᠬᠤ ᠪᠥᠭᠡᠳ ᠵᠠᠷᠢᠮ ᠦᠶ᠎ᠡ ᠳ᠋ᠦ᠍ ᠭᠠᠳᠠᠨ᠎ᠠ ᠶ᠋ᠢᠨ ᠵᠣᠴᠢᠳ ᠰᠠᠭᠤᠳᠠᠭ ᠣᠷᠣᠨ ᠰᠠᠭᠤᠴᠠ ᠪᠣᠯᠤᠨ᠎ᠠ᠃ ᠲᠡᠳᠡᠨ ᠳ᠋ᠦ᠍ ᠶᠡᠷᠦ ᠨᠢ ᠠᠯᠪᠠ ᠡᠷᠬᠢᠯᠡᠬᠦ ᠠᠯᠪᠠᠨ ᠭᠡᠷ ᠪᠠᠢᠳᠠᠭ ᠦᠭᠡᠢ ᠲᠤᠯᠠ ᠰᠠᠭᠤᠬᠤ ᠣᠷᠣᠨ ᠳ᠋ᠠᠭᠠᠨ ᠠᠯᠪᠠ ᠡᠷᠬᠢᠯᠡᠳᠡᠭ ᠪᠠᠢᠵᠠᠢ᠃
(5) ᠬᠣᠢᠰᠢ ᠬᠠᠨᠳᠤᠭᠰᠠᠨ ᠣᠷᠣᠨ ᠭᠡᠷ ᠦ᠋ᠳ᠄ ᠵᠡᠭᠦᠨᠰᠢ ᠪᠠᠷᠠᠭᠤᠨᠰᠢ ᠬᠠᠨᠳᠤᠭᠰᠠᠨ ᠪᠠᠢᠰᠢᠩ ᠤ᠋ᠨ ᠡᠮᠦᠨ᠎ᠡ ᠱᠤᠭᠤᠮ ᠢ᠋ ᠲᠠᠭᠠᠷᠠᠭᠤᠯᠵᠤ ᠡᠮᠦᠨ᠎ᠡ ᠲᠠᠯ᠎ᠠ ᠶ᠋ᠢᠨ ᠶᠡᠬᠡ ᠬᠡᠷᠡᠮ ᠡᠴᠡ ᠬᠣᠢᠰᠢ15 ᠮᠧᠲ᠋ᠷ ᠣᠷᠴᠢᠮ ᠤ᠋ᠨ ᠵᠠᠢ ᠳᠡᠭᠡᠷ᠎ᠡ ᠬᠣᠢᠰᠢ ᠬᠠᠨᠳᠤᠭᠰᠠᠨ9 ᠲᠠᠰᠤᠯᠭ᠎ᠠ ᠬᠥᠬᠡ ᠲᠣᠭᠣᠰᠬᠠᠨ ᠪᠠᠢᠰᠢᠩ ᠪᠣᠢ᠂ ᠪᠠᠷᠠᠭᠤᠨ ᠲᠠᠯ᠎ᠠ ᠶ᠋ᠢᠨ3 ᠲᠠᠰᠤᠯᠭ᠎ᠠ ᠶᠡᠬᠡ ᠪᠠᠢᠰᠢᠩ ᠳ᠋ᠤ᠌ ᠵᠢᠯ ᠴᠠᠭᠠᠨ ᠰᠠᠷ᠎ᠠ ᠪᠣᠯᠪᠠᠯ ᠠᠷᠪᠢᠨ ᠬᠤᠸᠠᠷᠠᠭ ᠤ᠋ᠳ ᠢ᠋ ᠵᠠᠯᠠᠵᠤ ᠠᠪᠴᠢᠷᠠᠨ《ᠳ᠋ᠠᠷ᠎ᠠ ᠡᠬᠡ》᠂《ᠪᠦᠲᠦᠭᠡᠯ ᠪᠦᠲᠦᠭᠡᠬᠦ》 ᠵᠡᠷᠭᠡ ᠶ᠋ᠢᠨ ᠶᠡᠬᠡ ᠬᠤᠷᠠᠯ ᠢ᠋ ᠡᠨᠳᠡ ᠤᠩᠰᠢᠭᠤᠯᠳᠠᠭ ᠭᠡᠨ᠎ᠡ᠃ ᠲᠡᠭᠦᠨ ᠦ᠌ ᠵᠡᠭᠦᠨ ᠲᠠᠯ᠎ᠠ ᠳ᠋ᠤ᠌ ᠪᠠᠭ᠎ᠠ ᠰᠢᠭ᠋ ᠬᠥᠯᠥᠨ ᠡᠭᠦᠳᠡ ᠲᠡᠢ᠂ ᠡᠭᠦᠳᠡᠨ ᠦ᠌ ᠵᠡᠭᠦᠨ ᠲᠠᠯ᠎ᠠ ᠳ᠋ᠤ᠌2 ᠲᠠᠰᠤᠯᠭ᠎ᠠ ᠪᠠᠢᠰᠢᠩ ᠪᠣᠢ᠂ ᠲᠡᠭᠦᠨ ᠦ᠌ ᠵᠡᠭᠦᠨ ᠲᠠᠯ᠎ᠠ ᠳ᠋ᠤ᠌ ᠶᠡᠬᠡ ᠬᠥᠯᠥᠨ ᠡᠭᠦᠳᠡ ᠪᠣᠢ᠂ ᠡᠭᠦᠳᠡᠨ ᠵᠡᠭᠦᠨ ᠲᠠᠯ᠎ᠠ ᠳ᠋ᠤ᠌ ᠪᠠᠰᠠ2 ᠲᠠᠰᠤᠯᠭ᠎ᠠ ᠪᠠᠢᠰᠢᠩ ᠲᠠᠢ᠃
ᠡᠳᠡᠭᠡᠷ ᠪᠠᠢᠰᠢᠩ ᠨᠢ ᠪᠣᠰᠤᠭ᠎ᠠ ᠨᠢᠷᠤᠭᠤ ᠲᠠᠢ ᠪᠥᠭᠡᠳ ᠪᠠᠷᠠᠭᠤᠨ ᠪᠠᠭ᠎ᠠ ᠡᠭᠦᠳᠡ᠂ ᠵᠡᠭᠦᠨ ᠶᠡᠬᠡ ᠡᠭᠦᠳᠡ ᠨᠢ ᠱᠠᠩ ᠤ᠋ᠨ ᠳᠣᠲᠣᠷ᠎ᠠ ᠬᠦᠷᠢᠶᠡᠨ(ᠬᠣᠢᠲᠤ ᠬᠦᠷᠢᠶᠡᠨ) ᠳ᠋ᠦ᠍ ᠨᠡᠪᠲᠡᠷᠡᠬᠦ ᠪᠣᠯᠪᠠᠴᠤ ᠳᠡᠭᠡᠷᠡᠬᠢ ᠨᠢ ᠪᠠᠢᠰᠢᠩ ᠲᠠᠢ ᠪᠠᠨ ᠠᠳᠠᠯᠢ ᠪᠠᠢᠵᠤ ᠪᠦᠷ ᠬᠥᠯᠥᠨ ᠡᠭᠦᠳᠡ ᠪᠣᠯᠤᠨ᠎ᠠ᠃ ᠭᠠᠭᠴᠠ ᠬᠦ᠌ ᠵᠡᠭᠦᠨ ᠪᠠᠢᠰᠢᠩ ᠪᠣᠯᠤᠨ(ᠪᠠᠷᠠᠭᠤᠨᠰᠢ ᠬᠠᠨᠳᠤᠭᠰᠠᠨ ᠪᠠᠢᠰᠢᠩ ᠢ᠋ ᠬᠡᠯᠡᠵᠦ ᠪᠣᠢ) ᠡᠨᠡ ᠪᠠᠢᠰᠢᠩ ᠤ᠋ᠨ ᠬᠣᠭᠣᠷᠣᠨᠳᠣ ᠪᠠᠭ᠎ᠠ ᠬᠠᠪᠴᠢᠯ ᠨᠢ ᠬᠣᠢᠰᠢ ᠨᠡᠪᠲᠡᠷᠡᠬᠦ ᠡᠩ ᠦ᠋ᠨ ᠡᠭᠦᠳᠡ ᠪᠣᠯᠤᠨ᠎ᠠ᠃
ᠦᠨᠡᠨ ᠳ᠋ᠡᠭᠡᠨ9 ᠲᠠᠰᠤᠯᠭ᠎ᠠ ᠪᠣᠯᠪᠠᠴᠤ ᠬᠣᠶᠠᠷ ᠡᠭᠦᠳᠡᠨ ᠦ᠌ ᠵᠠᠢ ᠶ᠋ᠢ ᠭᠠᠷᠭᠠᠴᠢᠬᠠᠪᠠᠯ7 ᠲᠠᠰᠤᠯᠭ᠎ᠠ ᠪᠠᠢᠰᠢᠩ ᠪᠣᠯᠤᠨ᠎ᠠ᠃ ᠡᠳᠡᠭᠡᠷ ᠪᠠᠢᠰᠢᠩ ᠳ᠋ᠤ᠌ ᠱᠠᠩ ᠶᠠᠮᠤᠨ ᠤ᠋ ᠠᠮᠤᠷ ᠢ ᠬᠠᠮᠠᠭᠠᠯᠠᠬᠤ ᠴᠡᠷᠢᠭ ᠦ᠋ᠳ ᠡᠭᠡᠯᠵᠢᠶ᠎ᠡ ᠪᠡᠷ ᠰᠠᠭᠤᠳᠠᠭ ᠪᠠᠢᠵᠠᠢ᠃
(6) ᠵᠡᠭᠦᠨ ᠬᠡᠷᠡᠮ ᠪᠣᠯᠤᠨ ᠱᠠᠩ ᠤ᠋ᠨ ᠣᠷᠳᠣᠨ ᠤ᠋ ᠳᠡᠮᠴᠢ ᠶ᠋ᠢᠨ ᠭᠡᠷ ᠣᠷᠣᠨ ᠤ᠋ ᠬᠣᠭᠣᠷᠣᠨᠳᠣ ᠪᠠᠷᠠᠭᠤᠨᠰᠢ ᠬᠠᠨᠳᠤᠭᠰᠠᠨ11 ᠲᠠᠰᠤᠯᠭ᠎ᠠ ᠬᠥᠬᠡ ᠲᠣᠭᠣᠰᠬᠠᠨ ᠪᠠᠢᠰᠢᠩ ᠪᠣᠢ᠃ ᠡᠨᠳᠡ ᠱᠠᠩ ᠤ᠋ᠨ ᠣᠷᠳᠣᠨ ᠳ᠋ᠤ᠌ ᠲᠤᠰᠬᠠᠢ ᠬᠡᠷᠡᠭ ᠤᠴᠢᠷ ᠢ᠋ᠶ᠋ᠠᠷ ᠢᠷᠡᠭᠰᠡᠳ᠂ ᠵᠠᠷᠭᠤ ᠵᠠᠭᠠᠯᠳᠤᠯᠭ᠎ᠠ ᠳ᠋ᠤ᠌ ᠬᠣᠯᠪᠣᠭᠳᠠᠭᠰᠠᠳ᠂ ᠲᠦᠷ ᠴᠠᠭ ᠶᠠᠮᠤᠨ ᠳ᠋ᠤ᠌ ᠰᠠᠭᠤᠬᠤ ᠤᠴᠢᠷ ᠲᠠᠢ ᠭᠠᠳᠠᠨ᠎ᠠ ᠶ᠋ᠢᠨ ᠵᠣᠴᠢᠳ᠂ ᠮᠠᠢᠮᠠᠢ ᠠᠷᠠᠯᠵᠢᠶᠠᠴᠢᠳ ᠵᠡᠷᠭᠡ ᠬᠥᠮᠦᠰ ᠰᠠᠭᠤᠳᠠᠭ᠃
ᠲᠠᠮᠠᠭᠠᠯᠠᠢ ᠶ᠋ᠢᠨ ᠱᠠᠩ ᠣᠷᠳᠣᠨ ᠤ᠋ ᠬᠣᠢᠨ᠎ᠠ ᠭᠤᠷᠪᠠᠨ ᠵᠦᠭ ᠲᠦ᠍ ᠦᠦᠰᠢᠨ13 ᠬᠤᠷᠠᠬᠤ ᠶ᠋ᠢᠨ ᠣᠪᠣᠭᠠᠨ ᠤ᠋《ᠳᠡᠯᠭᠡᠷ ᠬᠤᠷᠠᠬᠤ》᠂ 《ᠮᠠᠩᠬᠠᠲᠤ ᠬᠤᠷᠠᠬᠤ》 ᠪᠣᠯᠤᠨ《ᠰᠦᠯᠳᠡ ᠶ᠋ᠢᠨ ᠣᠷᠣᠢ》 ᠰᠦᠨᠳᠡᠷᠯᠡᠵᠦ᠂ ᠵᠡᠭᠦᠨ ᠲᠠᠯ᠎ᠠ ᠪᠠᠷ ᠡᠮᠦᠨᠡᠰᠢ ᠬᠣᠢᠰᠢ25 ᠺᠢᠯᠣᠮᠧᠲ᠋ᠷ ᠦᠷᠭᠦᠯᠵᠢᠯᠡᠭᠰᠡᠨ ᠲᠠᠮᠠᠭᠠᠯᠠᠢ ᠶ᠋ᠢᠨ ᠴᠠᠢᠳᠠᠮ᠂ ᠰᠢᠪᠠᠷ ᠤ᠋ᠨ ᠴᠠᠢᠳᠠᠮ ᠨᠣᠭᠣᠭᠠᠷᠠᠨ᠂ ᠪᠠᠷᠠᠭᠤᠨ ᠲᠠᠯ᠎ᠠ ᠪᠠᠷ ᠢ᠋ᠶ᠋ᠠᠨ ᠣᠳᠣᠬᠠᠨ ᠳ᠋ᠤ᠌ ᠬᠠᠢᠨ ᠰᠢᠨᠵᠢᠵᠦ ᠢᠯᠡᠷᠡᠭᠦᠯᠦᠭᠰᠡᠨ ᠳᠡᠯᠡᠬᠡᠢ ᠳ᠋ᠦ᠍ ᠬᠣᠪᠣᠷ ᠪᠣᠯᠬᠤ ᠠᠭᠤᠷᠬᠠᠢ ᠶ᠋ᠢᠨ ᠪᠤᠯᠠᠭᠳᠠᠴᠠ ᠠᠨᠠᠯᠽᠠᠲ(ᠪᠤᠴᠠᠯᠤᠮᠠᠯ ᠴᠢᠯᠠᠭᠤ) ᠪᠠᠷ ᠪᠦᠷᠢᠯᠳᠦᠭᠰᠡᠨ ᠤᠯᠠᠭᠠᠨᠲᠣᠯᠣᠭᠠᠢ ᠶ᠋ᠢᠨ ᠥᠨᠳᠥᠷ ᠰᠢᠯᠢ ᠨᠦ᠍ᠭᠦᠳ ᠰᠦᠨᠳᠡᠷᠯᠡᠨ᠎ᠡ᠃ ᠡᠮᠦᠨ᠎ᠡ ᠵᠦᠭ ᠦ᠋ᠨ ᠠᠯᠤᠰ ᠲᠤ᠌ ᠰᠢᠷ᠎ᠠ ᠬᠥᠷᠥᠰᠥᠲᠦ ᠥᠨᠳᠥᠷᠯᠢᠭ ᠳᠠᠬᠢ ᠤᠷᠲᠤ ᠴᠠᠭᠠᠨ ᠬᠡᠷᠡᠮ ᠤᠭᠠᠯᠵᠠᠯᠠᠭᠰᠠᠨ ᠰᠢᠨᠵᠢ ᠲᠡᠭᠦᠰ ᠪᠦᠷᠢᠳᠦᠭᠰᠡᠨ ᠰᠠᠢᠬᠠᠨ ᠭᠠᠵᠠᠷ ᠪᠠᠢᠵᠠᠢ᠃
ᠦᠦᠰᠢᠨ ᠬᠤᠰᠢᠭᠤᠨ ᠳ᠋ᠤ᠌ ᠥᠷᠨᠢᠭᠰᠡᠨ ᠠᠷᠪᠠᠨ ᠬᠣᠶᠠᠷ ᠳᠤᠭᠤᠢᠯᠠᠩ ᠤ᠋ᠨ ᠬᠥᠳᠡᠯᠭᠡᠭᠡᠨ ᠡᠴᠡ ᠡᠬᠢᠯᠡᠭᠡᠳ ᠮᠠᠨᠵᠤ ᠴᠢᠩ ᠦ᠋ᠨ ᠨᠣᠶᠠᠷᠬᠠᠯ ᠢ᠋ ᠲᠦᠯᠬᠢᠨ ᠤᠨᠠᠭᠠᠬᠤ ᠪᠠᠷ ᠪᠦᠬᠦ ᠤᠯᠤᠰ ᠲᠤ᠌ ᠥᠷᠨᠢᠭᠰᠡᠨ ᠴᠠᠭᠠᠭᠴᠢᠨ ᠭᠠᠬᠠᠢ ᠵᠢᠯ ᠦ᠋ᠨ ᠬᠤᠪᠢᠰᠬᠠᠯ ᠲᠠᠢ ᠤᠷᠤᠰᠬᠠᠯ ᠨᠡᠢᠯᠡᠭᠰᠡᠨ ᠰᠢᠨᠡᠯᠡᠮ᠎ᠡ ᠶ᠋ᠢᠨ ᠡᠭᠦᠰᠬᠡᠨ ᠪᠠᠢᠭᠤᠯᠵᠤ ᠤᠳᠤᠷᠢᠳᠤᠭᠰᠠᠨ ᠠᠷᠪᠠᠨ ᠨᠢᠭᠡᠨ ᠳᠤᠭᠤᠢᠯᠠᠩ ᠤ᠋ᠨ ᠬᠥᠳᠡᠯᠭᠡᠭᠡᠨ᠂1916 ᠣᠨ ᠤ᠋ ᠳᠠᠯᠠᠨ ᠠᠨᠳᠠ ᠶ᠋ᠢᠨ ᠳᠤᠭᠤᠢᠯᠠᠩ᠂1926 ᠣᠨ ᠳ᠋ᠤ᠌ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠪᠠᠢᠭᠤᠯᠵᠤ᠂ ᠬᠣᠰᠢᠭᠤ ᠬᠣᠷᠢᠶ᠎ᠠ ᠪᠠᠢᠭᠤᠯᠤᠭᠰᠠᠨ ᠪᠠ ᠴᠡᠷᠢᠭ ᠪᠠᠢᠭᠤᠯᠵᠤ ᠢᠯᠠᠯᠲᠠ ᠲᠠᠢ ᠪᠠᠢᠯᠳᠤᠵᠤ ᠶᠠᠪᠤᠭᠰᠠᠨ ᠬᠣᠷᠢ ᠭᠠᠷᠤᠢ ᠵᠢᠯ ᠦ᠋ᠨ ᠪᠤᠳᠤᠯᠢᠶᠠᠨᠲᠠᠢ ᠴᠠᠭ ᠬᠤᠭᠤᠴᠠᠭᠠᠨ ᠳ᠋ᠤ᠌ (ᠲᠠᠮᠠᠭᠠᠯᠠᠢ ᠶ᠋ᠢᠨ ᠱᠠᠩ ᠣᠷᠳᠣᠨ) ᠨᠢ ᠣᠷᠳᠣᠰ ᠤ᠋ᠨ ᠳᠤᠭᠤᠢᠯᠠᠩ ᠤ᠋ᠨ ᠬᠥᠳᠡᠯᠭᠡᠭᠡᠨ ᠦ᠌ ᠡᠰᠡᠷᠭᠦ ᠲᠠᠯ᠎ᠠ ᠶ᠋ᠢᠨ ᠰᠠᠭᠤᠷᠢᠨ ᠭᠠᠵᠠᠷ ᠪᠠᠢᠵᠠᠢ᠃
13. ᠮᠤᠬᠤᠷ ᠣᠪᠣᠭᠠᠨ ᠤ᠋ ᠪᠠᠢᠯᠳᠤᠭᠠᠨ
ᠮᠤᠬᠤᠷ ᠣᠪᠣᠭ᠎ᠠ ᠪᠣᠯ ᠦᠦᠰᠢᠨ ᠬᠤᠰᠢᠭᠤᠨ ᠤ᠋ ᠤᠯᠠᠭᠠᠨᠲᠣᠯᠣᠭᠠᠢ ᠰᠤᠮᠤᠨ ᠤ᠋ ᠰᠦᠮ᠎ᠡ ᠶ᠋ᠢᠨ ᠵᠠᠳᠠᠭᠠᠢ ᠭᠡᠬᠦ ᠶᠡᠬᠡ ᠳᠥᠭᠥᠮ ᠦ᠋ᠨ ᠵᠡᠭᠦᠨ ᠬᠣᠢᠲᠠᠢ ᠪᠠᠢᠷᠢᠰᠢᠵᠤ ᠪᠠᠢᠳᠠᠭ᠃ ᠱᠠᠨᠰᠢ ᠶ᠋ᠢᠨ ᠢᠦᠢ ᠯᠢᠨ(ᠲᠡᠮᠡᠭᠡᠲᠦ) ᠡᠴᠡ ᠤᠮᠠᠷᠠᠰᠢ ᠰᠢᠭᠤᠳ ᠬᠥᠬᠡᠲᠣᠯᠣᠭᠠᠢ ᠶ᠋ᠢᠨ ᠳᠠᠪᠤᠰᠤᠨ ᠨᠠᠭᠤᠷ ᠬᠦᠷᠬᠦ《ᠬᠤᠵᠢᠷ ᠳᠠᠪᠤᠰᠤᠨ ᠤ᠋ ᠶᠡᠬᠡ ᠵᠠᠮ》 ᠡᠨᠡ ᠮᠤᠬᠤᠷ ᠣᠪᠣᠭᠠᠨ ᠤ᠋ ᠵᠡᠭᠦᠨ ᠬᠠᠵᠠᠭᠤ ᠪᠠᠷ ᠥᠩᠭᠡᠷᠡᠳᠡᠭ᠃
1928 ᠣᠨ ᠤ᠋ ᠵᠤᠨ ᠤ᠋ ᠡᠬᠢᠨ ᠰᠠᠷ᠎ᠠ ᠳ᠋ᠤ᠌ ᠰᠢᠨᠠᠯᠠᠮ᠎ᠠ ᠶ᠋ᠢᠨ ᠬᠣᠶᠠᠳᠤᠭᠠᠷ ᠯᠢᠶᠠᠨ ᠤ᠋ ᠪᠠᠢᠯᠳᠤᠭᠴᠢ ᠷᠠᠪᠰᠠᠯ ᠵᠡᠷᠭᠡ ᠲᠠᠪᠤᠨ ᠴᠡᠷᠢᠭ ᠮᠠᠩᠬᠠᠲᠤ ᠶ᠋ᠢᠨ ᠰᠦᠮ᠎ᠡ ᠡᠴᠡ ᠭᠠᠷᠴᠤ ᠮᠤᠬᠤᠷ ᠣᠪᠣᠭᠠᠨ ᠤ᠋ ᠵᠡᠭᠦᠨ ᠶᠡᠬᠡ ᠵᠠᠮ ᠢ᠋ ᠴᠠᠭᠳᠠᠨ ᠪᠠᠢᠴᠠᠭᠠᠬᠤ ᠪᠠᠷ ᠶᠠᠪᠤᠵᠤ ᠪᠠᠢᠲᠠᠯ᠎ᠠ ᠵᠠᠮ ᠤ᠋ᠨ ᠵᠡᠭᠦᠨ ᠬᠠᠪᠢ ᠳ᠋ᠤ᠌ ᠨᠢᠭᠡ ᠪᠢᠴᠢᠬᠠᠨ ᠠᠴᠢᠶᠠᠨ ᠤ᠋ ᠮᠠᠢᠬᠠᠨ ᠬᠥᠰᠬᠡ ᠰᠢᠭ ᠶᠠᠭᠤᠮ᠎ᠠ ᠦᠵᠡᠭᠳᠡᠯ᠎ᠡ᠃ ᠲᠡᠳᠡ ᠰᠡᠮᠡᠷᠬᠡᠨ ᠢ᠋ᠶ᠋ᠡᠷ ᠣᠴᠢᠭᠠᠳ ᠠᠵᠢᠭᠯᠠᠬᠤᠯᠠᠷ ᠨᠢᠭᠡ ᠪᠦᠯᠦᠭ ᠬᠠᠭᠠᠷᠬᠠᠢ ᠪᠠᠯᠪᠠᠷᠬᠠᠢ ᠱᠠᠭᠠᠵᠠᠩ ᠰᠠᠪᠠ ᠪᠠᠢᠪᠠ᠃ ᠲᠡᠳᠡ ᠳᠠᠪᠤᠰᠤ ᠲᠡᠭᠡᠭᠡᠪᠦᠷᠢᠯᠡᠬᠦ ᠪᠡᠷ ᠶᠠᠪᠤᠭᠰᠠᠨ ᠠᠷᠠᠳ ᠤ᠋ᠳ ᠴᠡᠷᠢᠭ ᠡᠴᠡ ᠨᠢᠭᠤᠵᠤ ᠠᠶᠤᠬᠤ ᠳ᠋ᠠᠭᠠᠨ ᠶᠠᠭᠤᠮ᠎ᠠ ᠬᠡᠦᠮ᠎ᠡ ᠪᠡᠨ ᠲᠡᠭᠡᠭᠡᠵᠦ ᠵᠠᠪᠳᠤᠭᠰᠠᠨ ᠦᠭᠡᠢ ᠳᠤᠲᠠᠭᠠᠴᠢᠬᠠᠭᠰᠠᠨ ᠪᠠᠢᠬ᠎ᠠ ᠭᠡᠮᠡᠨ ᠲᠠᠭᠠᠮᠠᠭᠯᠠᠵᠠᠢ᠃ ᠦᠷᠭᠦᠯᠵᠢᠯᠡᠨ ᠴᠠᠭᠠᠰᠢ ᠶᠠᠪᠤᠬᠤᠯ᠎ᠠ ᠵᠠᠮ ᠤ᠋ᠨ ᠭᠣᠣᠯ ᠢ᠋ᠶ᠋ᠠᠷ ᠭᠠᠤᠯᠢᠨ ᠲᠣᠭᠣᠭ᠎ᠠ ᠠᠶᠠᠭ᠎ᠠ ᠱᠠᠭᠠᠵᠠᠩ ᠪᠠ ᠢᠳᠡᠭᠡᠳ ᠬᠠᠶᠠᠭᠰᠠᠨ ᠪᠣᠣᠪᠣ ᠪᠣᠭᠣᠷᠰᠣᠭ ᠬᠠᠷᠠᠭᠳᠠᠵᠤ ᠪᠠᠢᠯ᠎ᠠ᠃
ᠲᠡᠳᠡ ᠮᠣᠷᠢᠨ ᠠ᠋ᠴᠠ ᠪᠠᠨ ᠪᠠᠭᠤᠵᠤ ᠲᠡᠳᠡᠭᠡᠷ ᠶᠠᠭᠤᠮᠠᠰ ᠢ᠋ ᠯᠠᠪᠳᠠᠭᠤᠯᠤᠨ ᠦᠵᠡᠬᠦᠯ᠎ᠡ ᠬᠠᠷᠢᠨ ᠨᠠᠷᠢᠬᠠᠨ ᠤᠲᠠᠰᠤ ᠪᠠᠷ ᠬᠣᠯᠪᠣᠵᠤ ᠬᠠᠶᠠᠭᠰᠠᠨ ᠲᠥᠯᠥᠪ ᠲᠡᠢ᠂ ᠰᠠᠨᠳᠤᠷᠤᠤ ᠵᠠᠩ ᠲᠠᠢ ᠨᠢᠭᠡ ᠪᠠᠢᠯᠳᠤᠭᠴᠢ ᠰᠠᠨᠠᠮᠰᠠᠷ ᠦᠭᠡᠢ ᠨᠢᠭᠡ ᠭᠠᠤᠯᠢᠨ ᠲᠣᠭᠣᠭ᠎ᠠ ᠶ᠋ᠢ ᠨᠢ ᠢᠰᠬᠦᠯᠦᠭᠰᠡᠨ ᠳ᠋ᠦ᠍ ᠲᠩᠷᠢ ᠳᠣᠩᠭᠣᠳᠤᠭᠰᠠᠨ ᠰᠢᠭ᠋ ᠳᠡᠯᠪᠡᠷᠡᠯᠲᠡ ᠶ᠋ᠢᠨ ᠳᠠᠭᠤᠨ ᠭᠠᠷᠴᠤ ᠳᠡᠭᠳᠡᠭᠰᠡᠨ ᠲᠣᠭᠣᠰᠣ ᠰᠢᠷᠣᠢ ᠨᠢᠭᠡ ᠮᠡᠳᠡᠬᠦ ᠳ᠋ᠦ᠍ ᠲᠡᠭᠦᠨ ᠢ᠋ ᠭᠦᠨ ᠪᠤᠯᠠᠭᠰᠠᠨ ᠪᠣᠯᠪᠠᠴᠤ ᠠᠷᠠᠢ ᠭᠡᠵᠦ ᠠᠮᠢᠳᠤ ᠪᠠᠢᠯ᠎ᠠ᠃《ᠭᠠᠢ ᠭᠠᠵᠠᠷ ᠳᠣᠣᠷ᠎ᠠ ᠠ᠋ᠴᠠ》 ᠭᠡᠳᠡᠭᠴᠢᠯᠡᠨ ᠲᠣᠭᠣᠰᠣ ᠮᠠᠨᠠᠨ ᠠᠷᠢᠯᠬᠤ ᠠ᠋ᠴᠠ ᠡᠮᠦᠨᠡᠬᠡᠨ《ᠠᠮᠢᠳᠤ ᠪᠠᠷ ᠪᠠᠷᠢᠶ᠎ᠠ ᠁》 ᠭᠡᠰᠡᠨ ᠣᠷᠢᠯᠠᠬᠤ ᠳᠠᠭᠤᠨ ᠪᠢᠴᠢᠬᠠᠨ ᠳᠣᠪᠣᠴᠠᠭ ᠤ᠋ᠨ ᠳᠠᠯᠠᠩ ᠤ᠋ᠨ ᠴᠠᠭᠠᠨ᠎ᠠ ᠠ᠋ᠴᠠ ᠰᠣᠨᠣᠰᠳᠠᠵᠤ᠂ ᠬᠣᠶᠠᠷ ᠡᠲᠡᠭᠡᠳ ᠢ᠋ᠶ᠋ᠡᠷ ᠢ᠋ᠶ᠋ᠡᠨ ᠭᠠᠯ ᠠᠪᠤᠯᠴᠠᠯᠠ᠃
ᠵᠢᠩ ᠶᠤᠸᠠᠢ ᠰᠢᠦ ᠶ᠋ᠢᠨ ᠨᠢᠭᠡ ᠲᠠᠰᠤᠭ ᠴᠡᠷᠢᠭ᠂ ᠰᠢᠨᠠᠯᠠᠮ᠎ᠠ ᠶ᠋ᠢᠨ ᠴᠡᠷᠢᠭ ᠦ᠋ᠨ ᠠᠷᠤ ᠲᠠᠯ᠎ᠠ ᠶ᠋ᠢᠨ ᠪᠠᠢᠳᠠᠯ ᠢ᠋ ᠴᠠᠭᠳᠠᠨ ᠪᠠᠢᠴᠠᠭᠠᠬᠤ ᠪᠠᠷ ᠶᠠᠪᠤᠵᠤ ᠶᠡᠬᠡ ᠵᠠᠮ ᠤ᠋ᠨ ᠳᠤᠮᠳᠠ ᠮᠠᠰᠢ ᠠᠷᠪᠢᠨ ᠳ᠋ᠢᠯᠧᠢ ᠪᠤᠯᠠᠵᠤ᠂ ᠲᠡᠭᠦᠨ ᠢ᠋ᠶ᠋ᠡᠨ ᠨᠠᠷᠢᠨ ᠤᠲᠠᠰᠤ ᠪᠠᠷ ᠬᠥᠮᠦᠨ ᠢ᠋ ᠮᠡᠬᠡᠯᠡᠳᠡᠭ ᠡᠯᠳᠡᠪ ᠦ᠋ᠨ ᠶᠠᠭᠤᠮ᠎ᠠ ᠲᠠᠢ ᠬᠣᠯᠪᠣᠵᠤ ᠤᠶᠠᠪᠠ᠃ ᠰᠠᠨᠠᠮᠰᠠᠷ ᠦᠭᠡᠢ ᠬᠥᠨᠳᠡᠬᠦ ᠳ᠋ᠦ᠍ ᠬᠦᠷᠪᠡᠯ ᠭᠡᠨᠡᠳᠲᠡ ᠳᠡᠯᠪᠡᠷᠡᠵᠦ ᠬᠥᠮᠦᠨ ᠮᠠᠯ ᠢ᠋ ᠠᠯᠠᠵᠤ ᠰᠢᠷᠬᠠᠲᠤᠭᠤᠯᠳᠠᠭ᠃ ᠲᠡᠭᠡᠭᠡᠳ ᠳᠣᠪᠣᠴᠠᠭ ᠳᠠᠯᠠᠩ ᠤ᠋ᠨ ᠴᠠᠭᠠᠨ᠎ᠠ ᠨᠢᠭᠤᠨ ᠳᠠᠯᠳᠠᠯᠠᠵᠤ ᠳᠡᠯᠪᠡᠷᠡᠯᠲᠡ ᠶ᠋ᠢ ᠳᠠᠯᠢᠮᠳᠠᠭᠤᠯᠵᠤ ᠳᠠᠭᠠᠷᠢᠨ ᠰᠥᠨᠥᠭᠡᠬᠦ ᠪᠡᠷ ᠲᠥᠯᠥᠪᠯᠡᠭᠰᠡᠨ ᠵᠢᠰᠤᠷ ᠠᠷᠭ᠎ᠠ ᠪᠠᠢᠵᠠᠢ᠃
ᠰᠠᠨᠠᠮᠰᠠᠷ ᠦᠭᠡᠢ ᠨᠢᠭᠡ ᠭᠠᠤᠯᠢᠨ ᠲᠣᠭᠣᠭ᠎ᠠ ᠶ᠋ᠢ ᠢᠰᠬᠦᠯᠵᠦ ᠳ᠋ᠢᠯᠧᠢ ᠶ᠋ᠢᠨ ᠳᠡᠯᠪᠡᠷᠡᠯᠲᠡ ᠭᠠᠷᠭᠠᠭᠰᠠᠨ ᠰᠢᠨᠠᠯᠠᠮ᠎ᠠ ᠶ᠋ᠢᠨ ᠴᠡᠷᠢᠭ ᠦ᠋ᠨ ᠨᠢᠭᠡ ᠠᠭᠲᠠ ᠮᠣᠷᠢ ᠰᠢᠷᠬᠠᠲᠤᠵᠤ ᠦᠬᠦᠯ᠎ᠡ᠃
ᠷᠠᠪᠰᠠᠯ ᠪᠣᠯ ᠨᠡᠷ᠎ᠡ ᠴᠤᠤᠲᠠᠢ ᠰᠠᠢᠨ ᠵᠢᠷᠣᠭ᠎ᠠ ᠮᠣᠷᠢ ᠤᠨᠤᠳᠠᠭ ᠪᠠᠨᠴᠢᠨ ᠰᠦᠮ᠎ᠡ ᠶ᠋ᠢᠨ ᠯᠠᠮᠠ ᠶᠤᠮ᠃ ᠲᠤᠬᠠᠢ ᠶ᠋ᠢᠨ ᠦᠶ᠎ᠡ ᠳ᠋ᠦ᠍ ᠲᠡᠷᠡ ᠠᠷᠪᠠᠨ ᠬᠡᠳᠦᠨ ᠨᠠᠰᠤᠨ ᠤ᠋ ᠵᠠᠯᠠᠭᠤ ᠪᠠᠢᠵᠤ ᠵᠣᠷᠢᠭ ᠰᠥᠰᠥᠲᠡᠢ ᠲᠤᠯᠠ ᠵᠢᠩ ᠶᠤᠸᠠᠢ ᠰᠢᠦ ᠶ᠋ᠢᠨ ᠴᠡᠷᠢᠭ ᠦ᠋ᠨ ᠳᠤᠮᠳᠠᠭᠤᠷ ᠬᠡᠳᠦᠨ ᠤᠳᠠᠭ᠎ᠠ ᠮᠣᠷᠢ ᠪᠠᠨ ᠵᠢᠷᠣᠭᠠᠯᠠᠭᠤᠯᠵᠤ ᠳᠠᠭᠠᠷᠢᠯᠲᠠ ᠬᠢᠭᠰᠡᠨ ᠪᠣᠯᠪᠠᠴᠤ ᠬᠤᠯᠠᠭᠠᠢ ᠰᠤᠮᠤᠨ ᠳ᠋ᠤ᠌ ᠶᠡᠷᠦ ᠣᠨᠣᠭᠳᠠᠭᠰᠠᠨ ᠦᠭᠡᠢ ᠬᠠᠷᠢᠨ ᠵᠢᠩ ᠶᠤᠸᠠᠢ ᠰᠢᠦ ᠶ᠋ᠢᠨ ᠴᠡᠷᠢᠭ ᠢ᠋ ᠬᠡᠳᠦ ᠶ᠋ᠢ ᠨᠢ ᠰᠢᠷᠬᠠᠲᠤᠭᠤᠯᠤᠭᠰᠠᠨ ᠪᠠᠢᠨ᠎ᠠ᠃
ᠪᠠᠢᠯᠳᠤᠭᠠᠨ ᠨᠢᠭᠡ ᠡᠳᠦᠷ ᠰᠢᠬᠠᠮ ᠦᠷᠭᠦᠯᠵᠢᠯᠡᠵᠦ ᠬᠣᠶᠠᠷ ᠲᠠᠯ᠎ᠠ ᠪᠠᠷ ᠬᠥᠮᠦᠨ ᠦᠬᠦᠭᠰᠡᠨ ᠦᠭᠡᠢ᠃①
— — — —
① ᠲᠤᠰ ᠦᠯᠢᠭᠡᠷ ᠢ᠋ ᠰᠢᠨᠡᠯᠡᠮ᠎ᠡ ᠶ᠋ᠢᠨ ᠴᠡᠷᠢᠭ ᠦ᠋ᠨ ᠬᠣᠶᠠᠳᠤᠭᠠᠷ ᠯᠢᠶᠠᠨ ᠤ᠋ ᠪᠠᠢᠯᠳᠤᠭᠴᠢ ᠷᠠᠪᠰᠠᠯ ᠤ᠋ᠨ1980 ᠣᠨ ᠳ᠋ᠤ᠌ ᠬᠡᠯᠡᠭᠰᠡᠨ ᠢ᠋ ᠨᠠᠢᠷᠠᠭᠤᠯᠤᠨ ᠪᠢᠴᠢᠪᠡ᠃
ᠦᠰᠦᠭ ᠠᠮᠢᠯᠠᠭᠤᠯᠤᠭᠴᠢ᠄ ᠪᠠᠯ᠂ ᠴᠤᠯᠮᠤᠨᠭᠡᠷᠡᠯ᠂ ᠰᠠᠷᠠᠨᠲᠤᠶᠠᠭ᠎ᠠ᠂ ᠠᠯᠲᠠᠨᠱᠠ᠂ ᠣᠶᠤᠨᠪᠠᠲᠤ᠂ ᠴᠡᠩᠬᠡᠯᠴᠡᠴᠡᠭ
ᠬᠢᠨᠠᠭᠴᠢ᠄ ᠣᠳᠬᠣᠨᠴᠡᠴᠡᠭ᠂ ᠠᠯᠲᠠᠨᠱᠠ᠂ ᠣᠢ᠌ᠢᠭᠤᠷᠵᠢᠨ ᠣᠳᠬᠣᠨ᠂ ᠲ· ᠬᠦᠮᠦᠵᠢᠯᠲᠦ᠂ ᠴᠤᠯᠮᠤᠨᠭᠡᠷᠡᠯ
