ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ –ᠨᠢᠭᠡᠳᠦᠭᠡᠷ ᠪᠣᠳᠢ-1 Идээ ундааны жинхэнэ товч– Хүсэхүй нар найруулж Хөхлуу монголчлов – Нэгдүгээр боть-1 ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ –ᠨᠢᠭᠡᠳᠦᠭᠡᠷ ᠪᠣᠳᠢ-1 Идээ ундааны жинхэнэ товч– Хүсэхүй нар найруулж Хөхлуу монголчлов – Нэгдүгээр боть-1

ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ –ᠨᠢᠭᠡᠳᠦᠭᠡᠷ ᠪᠣᠳᠢ-1 Идээ ундааны жинхэнэ товч– Хүсэхүй нар найруулж Хөхлуу монголчлов – Нэгдүгээр боть-1

2025-11-01

189

ᠢᠳᠡᠭᠡᠨ ᠤᠮᠳᠠᠭᠠᠨ ᠤ᠋ ᠵᠢᠩᠬᠢᠨᠢ ᠲᠣᠪᠴᠢ ᠶ᠋ᠢᠨ ᠨᠢᠭᠡᠳᠦᠭᠡᠷ ᠪᠣᠲᠢ

ᠭᠤᠷᠪᠠᠨ ᠬᠠᠭᠠᠨ ᠪᠣᠭᠳᠠ ᠶ᠋ᠢᠨ ᠲᠣᠪᠴᠢ ᠲᠡᠮᠳᠡᠭᠯᠡᠯ


       ᠲᠡᠢ ᠬᠣᠣ ᠹᠦ ᠰᠢ ᠣᠪᠣᠭᠲᠠᠨ 
       ᠹᠦ ᠰᠢ ᠪᠣᠯᠪᠠᠰᠤ ᠹᠸ᠋ᠩ ᠣᠪᠣᠭ ᠤ᠋ᠨ ᠰᠤᠷᠪᠤᠯᠵᠢ ᠪᠣᠯᠬᠤ ᠪᠥᠭᠡᠳ ᠬᠤᠸᠠᠩ ᠰᠢᠶᠦ᠋ᠩ ᠣᠪᠣᠭᠲᠠᠨ ᠤ᠋ ᠦᠷᠡᠰ ᠪᠣᠯᠠᠢ᠃ ᠠᠩᠬ᠎ᠠ ᠮᠡᠨᠳᠦᠯᠡᠭᠰᠡᠨ ᠡᠴᠡ ᠪᠣᠭᠳᠠ ᠶ᠋ᠢᠨ ᠡᠷᠳᠡᠮ ᠪᠦᠷᠢᠳᠴᠦ᠂ ᠲᠡᠭᠷᠢ ᠶ᠋ᠢᠨ ᠵᠠᠶᠠᠭ᠎ᠠ ᠶ᠋ᠢ ᠵᠠᠯᠭᠠᠮᠵᠢᠯᠠᠨ ᠸᠠᠩ ᠪᠣᠯᠵᠤ ᠲᠦᠮᠡᠨ ᠦᠶ᠎ᠡ ᠶ᠋ᠢᠨ ᠬᠠᠭᠠᠳ ᠡᠵᠡᠳ ᠦ᠋ᠨ ᠲᠡᠷᠢᠭᠦᠨ ᠰᠠᠭᠤᠷᠢᠨ᠎ᠠ ᠰᠠᠭᠤᠭᠰᠠᠨ ᠪᠣᠭᠳᠠ ᠠᠵᠢ᠃ ᠳᠣᠷᠣᠨᠠᠲᠤ ᠣᠷᠣᠨ᠎ᠠ ᠮᠣᠳᠣᠨ ᠮᠠᠬᠠᠪᠣᠳ ᠤ᠋ᠨ ᠰᠢᠲᠦᠭᠴᠢ ᠸᠠᠩ ᠪᠣᠯᠤᠭᠰᠠᠨ ᠢ᠋ᠶ᠋ᠠᠷ ᠬᠥᠬᠡ ᠶ᠋ᠢ ᠡᠵᠡᠯᠡᠭᠴᠢ ᠡᠵᠡᠨ ᠮᠥᠨ ᠪᠥᠯᠥᠭᠡ᠃ ᠴᠸᠨ ᠬᠡᠮᠡᠬᠦ ᠭᠠᠵᠡᠷ᠎ᠠ ᠨᠡᠢᠰᠯᠡᠯᠳᠤᠨ ᠰᠠᠭᠤᠵᠤ ᠠᠭᠰᠠᠨ ᠴᠠᠭ ᠲᠤᠷ᠂ ᠰᠠᠬᠢᠭᠤᠯᠰᠤᠨ ᠯᠤᠤ ᠠᠨᠤ ᠶᠢᠩ ᠾᠧ ᠮᠥᠷᠡᠨ᠎ᠡ ᠢᠯᠡᠷᠡᠭᠰᠡᠨ ᠡᠴᠡ ᠳᠠᠷᠤᠢ ᠨᠠᠢ᠍ᠮᠠᠨ ᠬᠦᠯᠢᠯ ᠢ᠋ ᠵᠢᠷᠤᠵᠤ᠂ ᠦᠰᠦᠭ ᠪᠢᠴᠢᠭ ᠢ᠋ ᠨᠠᠢᠷᠠᠭᠤᠯᠤᠨ ᠵᠣᠬᠢᠶᠠᠭᠠᠳ ᠲᠡᠭᠦᠨ ᠡᠴᠡ ᠡᠮᠦᠨᠡᠬᠢ ᠳᠡᠭᠡᠰᠦ ᠵᠠᠩᠬᠢᠭ᠎ᠠ ᠪᠠᠷ ᠵᠠᠩᠭᠢᠳᠤᠨ ᠲᠡᠮᠳᠡᠭᠯᠡᠬᠦ ᠠᠷᠭ᠎ᠠ ᠶ᠋ᠢ ᠣᠷᠣᠯᠠᠭᠤᠯᠤᠨ᠂ ᠲᠠᠪᠤᠨ ᠡᠭᠦᠷᠢᠳᠡ ᠶ᠋ᠢ ᠪᠠᠢᠭᠤᠯᠵᠤ᠂ ᠲᠠᠪᠤᠨ ᠮᠠᠬᠠᠪᠣᠳ ᠢ᠋ ᠲᠣᠭᠲᠠᠭᠠᠨ᠂ ᠡᠵᠡᠨ ᠰᠠᠢᠳ᠂ ᠡᠴᠢᠭᠡ ᠬᠥᠪᠡᠭᠦᠨ ᠪᠠ ᠡᠷ᠎ᠡ ᠡᠮ᠎ᠡ ᠶ᠋ᠢᠨ ᠵᠢᠷᠤᠮ ᠢ᠋ ᠲᠥᠪ ᠪᠥᠭᠡᠳ ᠲᠣᠳᠣ ᠢᠯᠭᠠᠪᠤᠷᠢᠯᠠᠵᠤ᠂ ᠥᠬᠢᠨ ᠮᠣᠷᠳᠠᠬᠤ ᠬᠢᠭᠡᠳ ᠪᠡᠷᠢ ᠪᠠᠭᠤᠯᠭᠠᠬᠤ ᠶᠣᠰᠣ ᠶ᠋ᠢ ᠲᠣᠭᠲᠠᠭᠠᠨ᠂ ᠭᠡᠷ ᠪᠠᠢᠰᠢᠩ ᠪᠠᠷᠢᠬᠤ᠂ ᠲᠣᠣᠷ ᠥᠭᠡᠰᠢ ᠨᠡᠬᠡᠵᠦ ᠵᠢᠭᠠᠰᠤ ᠵᠢᠷᠠᠭᠠᠬᠠᠢ ᠪᠠᠷᠢᠬᠤ᠂ ᠦᠬᠡᠷ ᠮᠠᠯ ᠢ᠋ ᠨᠣᠮᠣᠬᠠᠳᠬᠠᠨ ᠠᠭᠲᠠ ᠬᠦᠯᠦᠭ ᠤᠨᠤᠬᠤ ᠶ᠋ᠢ ᠰᠤᠷᠭᠠᠨ ᠬᠦᠨᠳᠦ ᠠᠴᠢᠶ᠎ᠠ ᠶ᠋ᠢ ᠠᠯᠤᠰ ᠬᠣᠯᠠ ᠳ᠋ᠤᠷ ᠵᠥᠭᠡᠭᠡᠪᠦᠷᠢᠯᠡᠵᠦ᠂ ᠠᠯᠠᠰᠢ ᠭᠠᠷᠭᠠᠨ ᠲᠠᠬᠢᠯᠭ᠎ᠠ ᠲᠠᠪᠢᠯᠭ᠎ᠠ ᠳ᠋ᠤᠷ ᠬᠡᠷᠡᠭᠯᠡᠭᠦᠯᠦᠨ ᠡᠬᠢᠯᠡᠭᠰᠡᠨ ᠪᠥᠯᠥᠭᠡ᠃ ᠲᠡᠢᠮᠦ ᠡᠴᠡ ᠹᠦ ᠰᠢ ᠣᠪᠣᠭᠲᠠᠨ ᠠᠨᠤ ᠡᠵᠡᠨ ᠰᠠᠭᠤᠵᠤ ᠳᠡᠯᠡᠬᠡᠢ ᠳ᠋ᠠᠬᠢᠨ ᠢ᠋ ᠵᠠᠰᠠᠭᠠᠳ ᠨᠢᠭᠡᠨ ᠵᠠᠭᠤ ᠠᠷᠪᠠᠨ ᠵᠢᠯ ᠪᠣᠯᠤᠭᠰᠠᠨ ᠠᠵᠤᠭᠤ᠃ 
       ᠶᠠᠨ ᠳᠢ ᠱᠧᠨ ᠨᠦᠩ ᠣᠪᠣᠭᠲᠠᠨ 
       ᠱᠧᠨ ᠨᠦᠩ ᠣᠪᠣᠭᠲᠠᠨ ᠪᠣᠯᠪᠠᠰᠤ ᠵᠢᠶᠠᠩ ᠣᠪᠣᠭᠲᠠᠨ ᠤ᠋ ᠰᠤᠷᠪᠤᠯᠵᠢ ᠪᠣᠯᠬᠤ ᠪᠥᠭᠡᠳ ᠯᠢᠶᠧ ᠱᠠᠨ ᠣᠪᠣᠭᠲᠠᠨ ᠤ᠋ ᠦᠷᠡᠰ᠂ ᠮᠡᠨᠳᠦᠯᠡᠭᠰᠡᠨ ᠡᠴᠡ ᠪᠣᠭᠳᠠ ᠡᠵᠡᠨ ᠦ᠌ ᠮᠡᠷᠭᠡᠨ ᠡᠷᠳᠡᠮ ᠪᠦᠷᠢᠯᠳᠦᠵᠦ᠂ ᠭᠠᠯ ᠤ᠋ᠨ ᠮᠠᠬᠠᠪᠣᠳ ᠢ᠋ᠶ᠋ᠠᠷ ᠮᠣᠳᠣᠨ ᠮᠠᠬᠠᠪᠣᠳ ᠢ᠋ ᠵᠠᠯᠭᠠᠮᠵᠢᠯᠠᠵᠤ᠂ ᠡᠮᠦᠨᠡᠲᠦ ᠣᠷᠣᠨ᠎ᠠ ᠪᠠᠢᠷᠢᠰᠢᠭᠠᠳ ᠭᠠᠯ ᠮᠠᠬᠠᠪᠣᠳ ᠢ᠋ ᠰᠢᠲᠦᠭᠴᠢ ᠸᠠᠩ ᠪᠣᠯᠤᠭᠰᠠᠨ ᠢ᠋ᠶ᠋ᠠᠷ ᠤᠯᠠᠭᠠᠨ ᠢ᠋ ᠡᠵᠡᠯᠡᠭᠴᠢ ᠡᠵᠡᠨ ᠮᠥᠨ ᠪᠥᠯᠥᠭᠡ᠃ ᠲᠤᠬᠠᠢ ᠶ᠋ᠢᠨ ᠦᠶ᠎ᠡ ᠳ᠋ᠦ᠍ ᠠᠷᠠᠳ ᠲᠦᠮᠡᠨ ᠢᠨᠤ ᠡᠪᠡᠰᠦᠨ ᠢ᠋ ᠢᠳᠡᠵᠦ ᠡᠯᠳᠡᠪ ᠮᠠᠭᠤ ᠤᠰᠤ ᠶ᠋ᠢ ᠤᠤᠭᠤᠨ᠂ ᠮᠣᠳᠣ ᠰᠢᠭᠤᠢ ᠶ᠋ᠢᠨ ᠦᠷᠡᠰ ᠢ᠋ ᠲᠡᠭᠦᠵᠦ ᠮᠣᠭᠠᠢ ᠬᠣᠣᠷᠲᠠᠨ ᠤ᠋ ᠮᠢᠬ᠎ᠠ ᠶ᠋ᠢ ᠢᠳᠡᠭᠡᠳ ᠣᠯᠠᠩᠬᠢ ᠳ᠋ᠠᠭᠠᠨ ᠡᠪᠡᠳᠴᠢᠨ ᠡᠮᠭᠡᠭ ᠲᠣᠷ ᠨᠡᠷᠪᠡᠭᠳᠡᠵᠦ ᠪᠠᠢᠵᠤᠬᠤᠢ᠃ ᠱᠸᠨ ᠨᠦᠩ ᠣᠪᠣᠭᠲᠠᠨ ᠳᠠᠷᠤᠢ ᠢᠳᠡᠵᠦ ᠪᠣᠯᠤᠮᠠᠷ ᠶᠠᠭᠤᠮᠠᠰ ᠢ᠋ ᠡᠷᠢᠨ ᠰᠤᠳᠤᠯᠵᠤ ᠡᠪᠡᠰᠦ ᠤᠷᠭᠤᠮᠠᠯ ᠢ᠋ ᠠᠮᠲᠠᠯᠠᠨ ᠲᠠᠪᠤᠨ ᠲᠠᠷᠢᠶ᠎ᠠ ᠲᠠᠷᠢᠵᠤ ᠠᠷᠠᠳ ᠲᠦᠮᠡᠨ ᠢ᠋ ᠲᠡᠵᠢᠭᠡᠵᠦ᠂ ᠡᠳᠦᠷ ᠦ᠋ᠨ ᠳᠤᠮᠳᠠ ᠬᠤᠳᠠᠯᠳᠤᠭ᠎ᠠ ᠴᠤᠭᠯᠠᠭ᠎ᠠ ᠶ᠋ᠢ ᠡᠷᠬᠢᠯᠡᠨ᠂ ᠸᠠᠭᠠᠷ ᠱᠠᠵᠠᠩ ᠰᠠᠪᠠ ᠬᠡᠷᠡᠭᠰᠡᠯ ᠢ᠋ ᠦᠢᠯᠡᠳᠦᠨ᠂ ᠰᠦᠬᠡ ᠬᠢᠲᠤᠭ᠎ᠠ ᠵᠡᠷᠭᠡ ᠶ᠋ᠢᠨ ᠲᠡᠮᠦᠷᠯᠢᠭ ᠡᠳ᠋ᠯᠡᠯ ᠢ᠋ ᠬᠢᠬᠦ᠂ ᠠᠷᠴᠢᠭᠤᠷ ᠬᠠᠳᠤᠭᠤᠷ ᠮᠡᠲᠦ ᠶ᠋ᠢᠨ ᠲᠠᠷᠢᠶᠠᠯᠠᠬᠤ ᠪᠠᠭᠠᠵᠢ ᠶ᠋ᠢ ᠳᠠᠪᠲᠠᠨ ᠦᠢᠯᠡᠳᠦᠭᠡᠳ ᠠᠷᠠᠳ ᠣᠯᠠᠨ ᠢ᠋ ᠲᠠᠷᠢᠶᠠᠯᠠᠩ ᠤ᠋ᠨ ᠠᠵᠢᠯ ᠳ᠋ᠤ᠌ ᠰᠤᠷᠭᠠᠪᠠᠢ᠃ ᠲᠡᠢᠨ ᠬᠦ ᠱᠸᠨ ᠨᠦᠩ ᠣᠪᠣᠭᠲᠠᠨ ᠠᠨᠤ ᠴᠢᠦᠢ ᠹᠦ ᠭᠠᠵᠠᠷ᠎ᠠ ᠨᠡᠢᠰᠯᠡᠯᠳᠤᠨ ᠰᠠᠭᠤᠵᠤ ᠳᠡᠯᠡᠬᠡᠢ ᠳ᠋ᠠᠬᠢᠨ ᠢ᠋ ᠵᠠᠰᠠᠭᠠᠳ ᠨᠢᠭᠡᠨ ᠵᠠᠭᠤ ᠬᠣᠷᠢᠨ ᠵᠢᠯ ᠪᠣᠯᠤᠭᠰᠠᠨ ᠠᠵᠤᠭᠤ᠃ 
       ᠬᠤᠸᠠᠩ ᠳᠢ ᠰᠢᠦᠸᠠᠨ ᠣᠪᠣᠭᠲᠠᠨ 
       ᠰᠢᠦᠸᠠᠨ ᠶᠤᠸᠠᠨ ᠣᠪᠣᠭᠲᠠᠨ ᠪᠠᠯᠪᠠᠰᠤ ᠵᠢᠢ ᠣᠪᠣᠭᠲᠠᠨ ᠤ᠋ ᠰᠤᠷᠪᠤᠯᠵᠢ ᠪᠣᠬᠤ ᠪᠥᠭᠡᠳ ᠶᠢᠦ ᠰᠢᠶᠦ᠋ᠩ ᠤᠯᠤᠰ ᠤ᠋ᠨ ᠡᠵᠡᠨ ᠱᠣᠣ ᠳ᠋ᠢᠶᠠᠨ ᠤ᠋ ᠬᠥᠪᠡᠭᠦᠨ ᠪᠣᠯᠠᠢ᠃ ᠠᠩᠬ᠎ᠠ ᠮᠡᠨᠳᠦᠯᠡᠭᠰᠡᠨ ᠳ᠋ᠡᠭᠡᠨ ᠪᠢᠯᠢᠭ ᠤᠬᠠᠭᠠᠨ ᠭᠠᠢᠬᠠᠮᠰᠢᠭ᠂ ᠥᠰᠪᠥᠷᠢ ᠳ᠋ᠡᠭᠡᠨ ᠰᠡᠴᠡᠨ ᠰᠡᠷᠭᠦᠯᠡᠩ᠂ ᠨᠠᠰᠤᠨ ᠳ᠋ᠤ᠌ ᠬᠦᠷᠦᠭᠰᠡᠨᠨ᠎ᠡ ᠠᠪᠢᠶᠠᠰ ᠴᠢᠳᠠᠪᠤᠷᠢ ᠲᠤᠢᠯ ᠳ᠋ᠤᠷ ᠬᠦᠷᠴᠦᠬᠦᠢ᠃ ᠰᠢᠷᠣᠢ ᠮᠠᠬᠠᠪᠣᠳ ᠢ᠋ ᠰᠢᠲᠦᠭᠴᠢ ᠸᠠᠩ ᠪᠣᠯᠤᠭᠰᠠᠨ ᠢ᠋ᠶ᠋ᠠᠷ ᠰᠢᠷ᠎ᠠ ᠶ᠋ᠢ ᠡᠵᠡᠯᠡᠭᠴᠢ ᠡᠵᠡᠨ ᠮᠥᠨ ᠪᠣᠯᠠᠢ᠃ ᠲᠡᠢᠨ ᠬᠦ ᠬᠤᠸᠠᠩ ᠳᠢ (ᠰᠢᠷ᠎ᠠ ᠶ᠋ᠢ ᠡᠵᠡᠯᠡᠭᠴᠢ ᠡᠵᠡᠨ) ᠠᠨᠤ ᠽᠤᠸ᠋ᠸ ᠯᠦᠸ᠋ᠸ ᠭᠠᠵᠠᠷ᠎ᠠ ᠨᠡᠢᠰᠯᠡᠯᠳᠤᠨ ᠰᠠᠭᠤᠭᠰᠠᠨ ᠠ᠋ᠴᠠ ᠮᠥᠷᠡᠨ ᠵᠢᠷᠤᠭ ᠢ᠋ ᠣᠯᠤᠭᠰᠠᠨ ᠤᠴᠢᠷ ᠠ᠋ᠴᠠ ᠨᠠᠷᠠᠨ ᠰᠠᠷᠠᠨ ᠣᠳᠣᠨ ᠮᠡᠴᠢᠳ ᠦ᠋ᠨ ᠦᠵᠡᠭᠳᠡᠯ ᠢ᠋ ᠦᠵᠡᠭᠡᠳ ᠰᠠᠶᠢ ᠣᠳᠣᠨ ᠭᠠᠷᠠᠭ ᠤ᠋ᠨ ᠰᠢᠨᠵᠢᠯᠡᠬᠦᠢ ᠨᠣᠮ ᠪᠣᠢ ᠪᠣᠯᠤᠭᠰᠠᠨ ᠶᠤᠮ᠃ ᠬᠠᠷᠢᠶ᠎ᠠ ᠲᠦᠰᠢᠮᠡᠯ ᠳᠡ ᠨᠣᠤ ᠳ᠋ᠤᠷ ᠵᠠᠷᠯᠠᠨ ᠲᠠᠪᠤᠨ ᠮᠠᠬᠠᠪᠣᠳ ᠤ᠋ᠨ ᠪᠠᠢᠳᠠᠯ ᠢ᠋ ᠰᠢᠨᠵᠢᠯᠡᠭᠦᠯᠦᠨ᠂ ᠣᠳᠣᠨ ᠭᠠᠷᠠᠭ ᠤ᠋ᠨ ᠪᠦᠷᠢᠯᠳᠦᠭᠦᠯᠦᠯ ᠢ᠋ ᠪᠣᠳᠣᠭᠤᠯᠤᠭᠠᠳ ᠰᠠᠶᠢ ᠲᠠᠪᠤᠨᠲᠠ ᠵᠢᠯ ᠣᠷᠣᠬᠤ ᠪᠣᠳᠣᠯᠭ᠎ᠠ ᠶ᠋ᠢᠨ ᠠᠷᠭ᠎ᠠ ᠶ᠋ᠢ ᠵᠣᠬᠢᠶᠠᠯᠤᠭ᠎ᠠ᠃ ᠵᠢᠴᠢ ᠷᠦᠩ ᠴᠧᠩ ᠳ᠋ᠦ᠍ᠷ ᠵᠠᠷᠯᠠᠨ ᠴᠠᠭ ᠤᠯᠠᠷᠢᠯ ᠤ᠋ᠨ ᠨᠣᠮ ᠢ᠋ ᠨᠠᠢᠷᠠᠭᠤᠯᠤᠭᠤᠯᠤᠨ ᠯᠢ ᠱᠧᠦ ᠳ᠋ᠦ᠍ᠷ ᠵᠠᠷᠯᠠᠨ ᠲᠣᠭ᠎ᠠ ᠪᠣᠳᠣᠯᠭ᠎ᠠ ᠶ᠋ᠢ ᠨᠠᠢᠷᠠᠭᠤᠯᠤᠭᠤᠯᠤᠨ᠂ ᠯᠢᠩ ᠯᠦᠨ ᠳ᠋ᠦ᠍ᠷ ᠵᠠᠷᠯᠠᠨ ᠬᠠᠤᠯᠢ ᠴᠠᠭᠠᠵᠠ ᠶ᠋ᠢ ᠵᠣᠬᠢᠶᠠᠯᠭᠠᠨ᠂ ᠴᠢ ᠪᠧ ᠳ᠋ᠦ᠍ᠷ ᠵᠠᠷᠯᠠᠨ ᠡᠮᠨᠡᠯᠭᠡ ᠶ᠋ᠢᠨ ᠤᠬᠠᠭᠠᠨ ᠢ᠋ ᠲᠣᠭᠲᠠᠭᠠᠯᠭᠠᠭᠰᠠᠨ ᠪᠠ᠂ ᠬᠤᠪᠴᠠᠰᠤ ᠮᠠᠯᠠᠭᠠᠢ ᠶ᠋ᠢ ᠡᠭᠦᠳᠦᠨ ᠦᠢᠯᠡᠳᠴᠦ ᠡᠷᠬᠢᠮ ᠳᠣᠣᠷᠠᠲᠤ ᠶ᠋ᠢ ᠢᠯᠭᠠᠪᠤᠷᠢᠯᠠᠪᠠ᠃ ᠲᠡᠭᠦᠨᠴᠢᠯᠡᠨ ᠵᠠᠷ ᠵᠡᠪᠰᠡᠭ ᠪᠠ ᠲᠡᠷᠭᠡ ᠣᠩᠭᠣᠴᠠ ᠦᠢᠯᠡᠳᠦᠨ ᠵᠠᠰᠠᠭ ᠵᠠᠬᠢᠷᠭᠠᠨ ᠤ᠋ ᠭᠠᠵᠠᠷ ᠨᠤᠲᠤᠭ ᠢ᠋ ᠢᠯᠭᠠᠪᠤᠷᠢᠯᠠᠵᠤ᠂ ᠳᠡᠯᠡᠬᠡᠢ ᠳ᠋ᠠᠬᠢᠨ ᠢ᠋ ᠵᠠᠰᠠᠭᠠᠳ ᠨᠢᠭᠡᠨ ᠵᠠᠭᠤᠨ ᠵᠢᠯ ᠪᠣᠯᠤᠭᠰᠠᠨ ᠪᠥᠯᠥᠭᠡ᠃  

             ᠦᠰᠦᠭ ᠠᠮᠢᠯᠠᠭᠤᠯᠤᠭᠰᠠᠨ ᠨᠢ᠄ ᠭᠠᠸᠠ  
                 ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃