ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠲᠠᠪᠤ〕 Цаг төрийн үймээн – Д ᠂ Намдаг - Цаг төрийн үймээн ᠂ хоёрдугаар бүлэг -5 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠲᠠᠪᠤ〕 Цаг төрийн үймээн – Д ᠂ Намдаг - Цаг төрийн үймээн ᠂ хоёрдугаар бүлэг -5

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠲᠠᠪᠤ〕 Цаг төрийн үймээн – Д ᠂ Намдаг - Цаг төрийн үймээн ᠂ хоёрдугаар бүлэг -5

ᠠᠩᠭᠢᠯᠠᠯ:ᠲᠤᠭᠤᠵᠢ ᠷᠣᠮᠠᠨ
2025-10-31

213

ᠡᠴᠦᠰ ᠦ᠋ᠨ ᠵᠣᠷᠢᠬᠯᠠᠯ


       ᠠᠨᠢᠷ ᠴᠢᠮᠡᠭᠡ ᠣᠭᠲᠣᠬᠠᠨ ᠴᠦ᠍ ᠦᠭᠡᠢ ᠳᠤᠮᠳᠠ ᠳ᠋ᠠᠨᠽᠡᠨ ᠣᠷᠴᠢᠯᠠᠩ ᠤ᠋ᠨ ᠶᠠᠭᠤᠮᠠᠰ ᠢ᠋ ᠰᠡᠳᠬᠢᠯ ᠳ᠋ᠡᠭᠡᠨ ᠵᠠᠢ ᠵᠠᠪᠰᠠᠷ ᠦᠭᠡᠢ ᠤᠷᠪᠠᠭᠤᠯᠵᠤ ᠬᠥᠷᠪᠡᠭᠦᠯᠦᠨ ᠪᠣᠳᠣᠭᠠᠳ ᠤᠨᠲᠠᠬᠤ ᠨᠣᠢᠷ ᠬᠤᠯᠵᠢᠪᠠ᠃ ᠡᠯᠳᠡᠪ ᠳᠡᠭᠡᠳᠦ ᠶ᠋ᠢᠨ ᠶᠠᠭᠤᠮᠠᠰ ᠤ᠋ᠨ ᠬᠢᠨᠢ ᠳᠣᠲᠣᠷ᠎ᠠ᠂ ᠣᠷᠣᠨ ᠨᠤᠲᠤᠭ ᠨᠢ ᠠᠭᠤᠯᠠ ᠤᠰᠤ ᠲᠠᠢ ᠪᠠᠨ᠂ ᠭᠡᠷ ᠣᠷᠣᠨ ᠨᠢ ᠡᠬᠡ᠂ ᠡᠴᠢᠭᠡ ᠲᠡᠢ ᠪᠡᠨ ᠨᠢᠳᠦᠨ ᠳ᠋ᠦ᠍ ᠲᠤᠰᠬᠤ ᠨᠢ ᠳᠠᠩᠴᠤ ᠲᠡᠰᠬᠦᠶ᠎ᠡ ᠪᠡᠷᠬᠡ᠃ ᠦᠨᠡᠬᠡᠷ ᠤᠬᠠᠭᠠᠨ ᠵᠢᠯᠣᠭᠣ ᠦᠭᠡᠢ ᠤᠬᠢᠯᠠᠮᠠᠷ ᠠᠵᠢ᠃ ᠲᠡᠭᠡᠭᠡᠳ ᠤᠬᠢᠯᠠᠶ᠎ᠠ ᠭᠡᠲᠡᠯ᠎ᠡ ᠨᠢᠳᠦᠨ ᠡᠴᠡ ᠨᠢᠯᠪᠤᠰᠤ ᠦᠯᠦ ᠭᠠᠷᠤᠨ᠎ᠠ᠃ ᠡᠢᠮᠦ ᠳ᠋ᠦ᠍ ᠵᠦᠭᠡᠷ ᠬᠠᠰᠬᠢᠷᠤᠮᠠᠷ ᠰᠠᠨᠠᠭᠳᠠᠨ᠎ᠠ᠃ ᠭᠡᠲᠡᠯ᠎ᠡ ᠬᠠᠰᠬᠢᠷᠵᠤ ᠦᠯᠦ ᠪᠣᠯᠬᠤ ᠲᠤᠯᠠ ᠰᠢᠭᠤᠳ ᠦᠬᠦᠮᠡᠷ ! ᠲᠡᠭᠡᠭᠡᠳ ᠦᠬᠦᠶ᠎ᠡ ᠭᠡᠲᠡᠯ᠎ᠡ ᠠᠮᠢ ᠪᠠᠰᠠ ᠬᠠᠢᠷᠠᠨ! ᠡᠢᠨᠬᠦ ᠰᠢᠨᠠᠯᠤᠨ ᠰᠢᠷᠠᠯᠠᠵᠤ ᠪᠠᠢᠲᠠᠯ᠎ᠠ᠂ ᠶᠡᠷᠦᠨᠢ ᠶᠠᠮᠠᠷ ᠴᠦ᠍ ᠪᠠᠢᠭᠰᠠᠨ ᠤᠷᠭᠤᠨ ᠭᠠᠷᠬᠤ ᠶ᠋ᠢ ᠪᠣᠳᠣᠬᠤ ᠠ᠋ᠴᠠ ᠳᠡᠭᠡᠷ᠎ᠡ ᠶᠠᠭᠤᠮ᠎ᠠ ᠦᠭᠡᠢ ᠰᠢᠭ ᠪᠣᠳᠣᠭᠳᠠᠪᠠ᠃ 
       ᠲᠣᠯᠣᠭᠠᠢ ᠪᠦᠲᠡᠭᠡᠭᠰᠡᠨ ᠳᠡᠪᠡᠯ ᠦ᠋ᠨ ᠬᠣᠷᠮᠣᠢ ᠶ᠋ᠢ ᠦᠯᠦ ᠮᠡᠳᠡᠭ ᠰᠡᠬᠦᠨ ᠬᠠᠷᠠᠬᠤ ᠳ᠋ᠤ᠌ ᠮᠠᠨᠠᠭᠠᠨ ᠤ᠋ ᠬᠥᠮᠦᠨ ᠶᠠᠭ ᠮᠠᠢᠬᠠᠨ ᠤ᠋ ᠡᠭᠦᠳᠡᠨ ᠳᠡᠭᠡᠷ᠎ᠡ ᠵᠣᠭᠰᠣᠵᠤ ᠪᠠᠢᠪᠠ᠃ ᠲᠡᠭᠦᠨ ᠦ᠌ ᠢᠨᠠᠳᠤ ᠤᠷᠲᠤ ᠴᠠᠭᠠᠨ ᠯᠠ ᠰᠢᠲᠠᠨ ᠳᠠᠭᠤᠰᠬᠤ ᠰᠢᠬᠠᠵᠤ ᠪᠠᠢᠭ᠎ᠠ ᠦᠵᠡᠭᠳᠡᠨ᠎ᠡ᠃ ᠲᠡᠭᠦᠨ ᠢ᠋ ᠨᠢᠳᠦ ᠰᠠᠯᠭᠠᠯ ᠦᠭᠡᠢ ᠰᠢᠷᠳᠡᠨ ᠤᠨᠲᠠᠷᠠᠭᠠᠵᠤ ᠠᠪᠤᠭᠠᠳ ᠨᠤᠭᠤᠷᠬᠠᠢ ᠬᠤᠴᠢᠯᠭ᠎ᠠ ᠠ᠋ᠴᠠ ᠪᠠᠨ ᠬᠥᠯ ᠢ᠋ᠶ᠋ᠡᠨ ᠭᠠᠷᠭᠠᠨ ᠮᠠᠢᠬᠠᠨ ᠤ᠋ ᠬᠠᠶᠠᠭ᠎ᠠ ᠤᠷᠤᠭᠤ ᠭᠤᠯᠭᠤᠪᠠ᠃ ᠵᠢᠷᠦᠬᠡ ᠨᠢ ᠴᠡᠭᠡᠵᠢᠨ ᠳ᠋ᠡᠭᠡᠨ ᠣᠪᠣᠯᠵᠠᠬᠤ ᠠ᠋ᠴᠠ ᠥᠭᠡᠷ᠎ᠡ ᠴᠢᠮᠡᠭᠡ ᠭᠠᠷᠤᠭᠰᠠᠨ ᠦᠭᠡᠢ᠃ ᠬᠥᠯ ᠨᠢᠴᠦᠭᠦᠨ ᠭᠠᠳᠠᠭ᠎ᠠ ᠭᠠᠷᠬᠤ ᠳ᠋ᠤ᠌ ᠬᠦᠢᠲᠡᠨ ᠵᠢᠪᠠᠷ ᠤᠭᠲᠤᠨ ᠴᠣᠬᠢᠵᠤ᠂ ᠭᠤᠲᠤᠯ ᠢ᠋ᠶ᠋ᠠᠨ ᠰᠠᠨᠠᠪᠠ᠃ ᠭᠠᠷ ᠢ᠋ᠶ᠋ᠠᠨ ᠪᠤᠴᠠᠭᠠᠨ ᠲᠡᠮᠲᠡᠷᠢᠬᠦ ᠳ᠋ᠦ᠍ ᠮᠠᠨᠠᠭ᠎ᠠ᠂《ᠪᠢᠲᠡᠭᠡᠢ ᠬᠥᠳᠡᠯ!》 ᠭᠡᠵᠦ ᠵᠠᠩᠳᠤᠷᠪᠠ᠃ ᠬᠠᠷᠢᠭᠤ ᠳ᠋ᠤᠨᠢ ᠳ᠋ᠠᠨᠽᠡᠨ ᠵᠡᠭᠦᠳᠦᠯᠡᠭᠡᠴᠢ ᠪᠣᠯᠤᠨ ᠠᠮᠠ ᠪᠠᠨ ᠲᠠᠮᠰᠢᠶᠠᠯᠠᠵᠤ᠂ ᠬᠡᠰᠡᠭ ᠬᠥᠳᠡᠯᠦᠯ ᠦᠭᠡᠢ ᠪᠠᠢᠭᠰᠠᠨ ᠢ᠋ᠶ᠋ᠠᠨ ᠳᠠᠬᠢᠨ ᠭᠠᠷ ᠰᠤᠩᠭᠠᠨ ᠱᠠᠬᠠᠢ ᠪᠠᠨ ᠣᠯᠵᠤ ᠠᠪᠬᠤ ᠳᠡᠯᠢᠮ ᠳ᠋ᠦ᠍ ᠵᠢᠷᠭᠤᠭᠠᠨ ᠬᠠᠢᠷᠴᠠᠭ ᠶᠠᠩᠵᠤᠤᠷ ᠠᠪᠤᠭᠠᠳ ᠬᠠᠢᠷᠴᠠᠭ ᠴᠦᠳᠡᠨᠵᠡ ᠳᠠᠭᠠᠷᠢᠯᠳᠤᠭᠰᠠᠨ ᠢ᠋ ᠣᠯᠵᠠᠭᠤᠷᠬᠠᠨ ᠠᠪᠤᠯ᠎ᠠ᠃ ᠠᠴᠢ ᠢᠷᠡᠬᠦ ᠳ᠋ᠦ᠍ ᠡᠨᠡ ᠰᠥᠨᠢ ᠲᠠᠭ ᠬᠠᠷᠠᠩᠭᠤᠢ᠂ ᠬᠥᠮᠦᠨ ᠬᠥᠮᠦᠨ ᠢ᠋ᠶ᠋ᠡᠨ ᠣᠯᠵᠤ ᠬᠠᠷᠠᠬᠤ ᠪᠠᠢᠲᠤᠭᠠᠢ ᠭᠠᠷ ᠤ᠋ᠨ ᠬᠤᠷᠤᠭᠤ ᠶ᠋ᠢ ᠬᠠᠮᠠᠷ ᠤ᠋ᠨ ᠦᠵᠦᠭᠦᠷ ᠲᠦ᠍ ᠠᠪᠠᠴᠢᠬᠤ ᠳ᠋ᠤ᠌ ᠴᠦ᠍ ᠦᠯᠦ ᠦᠵᠡᠭᠳᠡᠨ᠎ᠡ᠃ ᠡᠢᠮᠦ ᠳ᠋ᠦ᠍ ᠳ᠋ᠠᠨᠽᠡᠨ ᠵᠥᠪᠬᠡᠨ ᠴᠢᠮᠡᠭᠡ ᠭᠠᠷᠬᠤ ᠠ᠋ᠴᠠ ᠪᠣᠯᠭᠣᠮᠵᠢᠯᠠᠨ ᠱᠠᠬᠠᠢ ᠪᠠᠨ ᠪᠠᠷᠢᠨ ᠪᠠᠷᠠᠭᠤᠨ ᠬᠣᠢᠰᠢ ᠴᠢᠭᠯᠡᠨ ᠠᠯᠬᠤᠯᠠᠪᠠ᠃ ᠬᠥᠯ ᠦ᠋ᠨ ᠨᠣᠢᠲᠠᠨ ᠰᠢᠷᠣᠢ᠂ ᠬᠦᠢᠲᠡᠨ ᠴᠢᠯᠠᠭᠤ᠂ ᠡᠯᠳᠡᠪ ᠶᠠᠭᠤᠮᠠᠰ ᠭᠢᠰᠬᠢᠭᠳᠡᠬᠦ ᠨᠢ ᠶᠣᠰᠣᠲᠠᠢ ᠶᠠᠭᠤ ᠴᠦ᠍ ᠪᠢᠰᠢ ᠪᠠᠢᠵᠠᠢ᠃  
       ᠬᠡᠳᠦᠨ ᠰᠠᠷ᠎ᠠ ᠶ᠋ᠢᠨ ᠡᠮᠦᠨ᠎ᠡ ᠪᠣᠯᠤᠭᠰᠠᠨ ᠰᠡᠭᠦᠯᠴᠢ ᠶ᠋ᠢᠨ ᠤᠳᠠᠭ᠎ᠠ ᠶ᠋ᠢᠨ ᠰᠢᠷᠦᠭᠦᠨ ᠲᠤᠯᠤᠯᠳᠤᠭᠠᠨ ᠳ᠋ᠤ᠌ ᠠᠮᠢ ᠦᠷᠡᠭᠳᠡᠭᠰᠡᠳ ᠦ᠋ᠨ ᠪᠤᠯᠠᠰᠢᠨ ᠳᠤᠮᠳᠠᠭᠤᠷ ᠭᠠᠷᠬᠤ ᠬᠡᠷᠡᠭᠲᠡᠢ ᠪᠣᠯᠤᠭᠰᠠᠨ ᠪᠥᠭᠡᠳ ᠪᠤᠭ ᠴᠢᠳᠬᠥᠷ ᠰᠠᠨᠠᠭᠠᠨ ᠳ᠋ᠤᠨᠢ ᠣᠷᠣᠨ ᠳᠣᠲᠣᠷ᠎ᠠ ᠨᠢ ᠵᠢᠷᠢᠰᠬᠢᠪᠡ᠃ ᠭᠡᠪᠡᠴᠦ ᠦᠬᠦᠭᠰᠡᠨ ᠨᠢ ᠪᠣᠰᠤᠨ ᠬᠠᠷᠠᠢᠵᠤ ᠢᠷᠡᠭᠡᠳ ᠠᠮᠢᠳᠤ ᠶ᠋ᠢ ᠪᠡᠨ ᠪᠠᠷᠢᠵᠤ ᠠᠪᠳᠠᠭ ᠦᠭᠡᠢ ᠭᠡᠵᠦ ᠪᠣᠳᠣᠬᠤ ᠳ᠋ᠤ᠌ ᠵᠣᠷᠢᠭ ᠣᠷᠣᠪᠠ᠃ 
       ᠮᠣᠩᠭᠣᠯ ᠬᠥᠮᠦᠨ ᠪᠣᠯ ᠬᠠᠷ᠎ᠠ ᠪᠠᠭ᠎ᠠ ᠠ᠋ᠴᠠ ᠠᠭᠤᠯᠠ ᠬᠠᠳᠠᠨ ᠳ᠋ᠤ᠌ ᠡᠳᠦᠷ ᠰᠥᠨᠢ ᠶ᠋ᠢ ᠦᠯᠦ ᠢᠯᠭᠠᠨ ᠶᠠᠪᠤᠵᠤ ᠰᠤᠷᠤᠭᠰᠠᠨ ᠪᠠᠢᠳᠠᠭ ᠲᠤᠯᠠ ᠳ᠋ᠠᠨᠽᠡᠨ ᠵᠦᠭ ᠴᠢᠭ ᠠᠯᠳᠠᠬᠤ ᠦᠭᠡᠢ ᠪᠠᠢᠭᠰᠠᠨ ᠪᠥᠭᠡᠳ᠂ ᠨᠢᠭᠡ ᠤᠳᠠᠭ᠎ᠠ ᠪᠤᠲᠠᠨ ᠤ᠋ ᠢᠷᠣᠭᠠᠷ ᠲᠤ ᠤᠨᠲᠠᠭᠰᠠᠨ ᠪᠣᠷᠣ ᠰᠢᠪᠠᠭᠤ ᠭᠡᠨᠡᠳᠲᠡ ᠳᠡᠷᠬᠢᠨ ᠨᠢᠰᠬᠦ ᠳ᠋ᠦ᠍ ᠰᠣᠴᠢᠭᠰᠠᠨ ᠠ᠋ᠴᠠ ᠥᠭᠡᠷ᠎ᠡ ᠶᠠᠮᠠᠷ ᠴᠦ᠍ ᠠᠶᠤᠯ ᠦᠯᠦ ᠳᠠᠭᠠᠷᠢᠯᠳᠤᠪᠠ᠃ 
       ᠦᠷ ᠴᠠᠢᠬᠤ ᠶ᠋ᠢᠨ ᠦᠶ᠎ᠡ ᠳ᠋ᠦ᠍ ᠳ᠋ᠠᠨᠽᠡᠨ ᠶᠡᠬᠡ ᠰᠢᠭᠤᠢ ᠶ᠋ᠢᠨ ᠵᠠᠬ᠎ᠠ ᠳ᠋ᠤ᠌ ᠬᠦᠷᠦᠯ᠎ᠡ᠃ ᠰᠠᠨᠠᠭ᠎ᠠ ᠰᠡᠳᠬᠢᠯ ᠪᠦᠷᠢᠨ ᠲᠠᠢᠪᠤᠰᠢᠷᠠᠬᠤ ᠳ᠋ᠤ᠌ ᠰᠥᠨᠢ ᠶ᠋ᠢᠨ ᠤᠷᠭᠤᠨ ᠭᠠᠷᠤᠭᠰᠠᠨ ᠶᠠᠪᠤᠳᠠᠯ ᠰᠡᠳᠬᠢᠯ ᠳ᠋ᠦ᠍ ᠶᠠᠭᠤᠲᠠᠢ ᠪᠠᠬᠠᠲᠠᠢ ᠰᠠᠨᠠᠭᠳᠠᠨ᠎ᠠ ᠪᠣᠢ? ᠣᠳᠣ ᠢᠩᠭᠢᠭᠡᠳ ᠬᠠᠮᠢᠭ᠎ᠠ ᠣᠴᠢᠬᠤ ᠪᠣᠢ? ᠭᠡᠵᠦ ᠥᠪᠡᠷ ᠡᠴᠡ ᠪᠡᠨ ᠠᠰᠠᠭᠤᠬᠤ ᠳ᠋ᠤ᠌ ᠶᠠᠭᠤᠨ ᠤ᠋ ᠤᠷᠢᠳ ᠵᠠᠮ ᠮᠥᠷ ᠪᠤᠷᠤᠭᠤᠯᠠᠭᠤᠰᠢᠲᠠᠢ ᠪᠣᠳᠣᠭᠳᠠᠨ᠎ᠠ᠃ ᠭᠠᠵᠠᠷ ᠤ᠋ᠨ ᠥᠭᠡᠳᠡ ᠠᠪᠠᠷᠢᠨ ᠶᠠᠪᠤᠬᠤ ᠳ᠋ᠤ᠌ ᠤᠶᠠᠭ᠎ᠠ ᠪᠠᠨ ᠲᠠᠰᠤᠯᠤᠭᠤᠯᠤᠭᠰᠠᠨ ᠨᠣᠬᠠᠢ ᠶᠤᠮ ᠤᠤ᠂ ᠲᠣᠣᠷ ᠠ᠋ᠴᠠ ᠭᠠᠷᠤᠭᠰᠠᠨ ᠰᠢᠪᠠᠭᠤ ᠡᠢᠮᠦᠷᠬᠦ ᠪᠠᠢᠳᠠᠭ ᠪᠣᠯ ᠤᠤ ᠭᠡᠮᠡᠷ ᠬᠥᠯ ᠥᠪᠡᠷ ᠢ᠋ᠶ᠋ᠡᠨ ᠲᠡᠮᠡᠦᠯᠬᠦ ᠡᠴᠡ ᠭᠠᠳᠠᠨ᠎ᠠ《ᠴᠢᠭᠯᠡᠭᠡᠳ ᠢᠷᠡᠭᠰᠡᠨ ᠴᠢᠴᠧ ᠲᠡᠷᠭᠡᠨ ᠦ᠌ ᠴᠢᠬᠢ ᠶ᠋ᠢ ᠮᠤᠯᠲᠤᠯᠤᠭᠠᠳ ᠨᠠᠯᠮᠠᠢᠨ᠎ᠠ ᠳᠠ ᠠᠢ ᠬᠦ》 ᠭᠡᠳᠡᠭ ᠳᠠᠭᠤᠤ ᠠᠮᠠᠨ ᠳ᠋ᠤ᠌ ᠠᠶᠠᠨᠳᠠᠭᠠᠨ ᠣᠷᠣᠵᠤ ᠢᠷᠡᠬᠦ ᠳ᠋ᠦ᠍ ᠳᠠᠭᠤᠯᠠᠬᠤ ᠦᠭᠡᠢ ᠪᠠᠢᠵᠤ  ᠶᠠᠭᠠᠬᠢᠨ ᠴᠢᠳᠠᠬᠤ ᠪᠢᠯᠡ᠃ 
       ᠬᠥᠮᠦᠨ ᠠᠮᠢᠲᠠᠨ ᠬᠡᠵᠢᠶ᠎ᠡ ᠴᠦ᠍ ᠶᠠᠪᠤᠭ᠎ᠠ ᠦᠭᠡᠢ ᠪᠣᠯ ᠤᠤ ᠭᠡᠮᠡᠷ ᠰᠢᠭᠢᠭᠦᠨ ᠰᠢᠷᠡᠩᠭᠢᠨ ᠳᠣᠲᠣᠷ᠎ᠠ ᠣᠷᠣᠨ ᠶᠠᠪᠤᠵᠤ ᠪᠠᠢᠲᠠᠯ᠎ᠠ ᠭᠡᠨᠡᠳᠲᠡ ᠪᠥᠭᠡᠮ ᠶᠠᠭᠤᠮ᠎ᠠ ᠪᠣᠰᠤᠨ ᠨᠢᠭᠤᠷ ᠥᠭᠡᠳᠡ ᠦᠰᠦᠷᠬᠦ ᠰᠢᠭ ᠪᠣᠯᠪᠠ᠃ ᠠᠶᠤᠨ ᠰᠠᠨᠳᠤᠷᠬᠤ ᠳ᠋ᠤ᠌ ᠨᠢᠳᠦ ᠶ᠋ᠢ ᠨᠢ ᠶᠠᠭᠤᠮ᠎ᠠ ᠪᠢᠲᠡᠭᠦᠦ ᠪᠦᠷᠬᠦᠪᠡ᠃ ᠶᠠᠭᠠᠷᠠᠨ ᠠᠷᠴᠢᠨ ᠬᠠᠷᠠᠬᠤ ᠳ᠋ᠤ᠌ ᠨᠢᠭᠡ ᠭᠠᠮᠢᠩ! ᠶᠠᠭ ᠴᠦ᠍ ᠦᠭᠡᠢ᠂ ᠴᠡᠭᠡᠵᠢ ᠥᠷᠭᠡᠨ᠂ ᠴᠢᠷᠠᠢ ᠶ᠋ᠢᠨ ᠥᠩᠭᠡ ᠬᠦᠷᠡᠩ ᠪᠣᠷᠣ᠂ ᠨᠢᠳᠦ ᠬᠤᠷᠴᠠ᠂ ᠤᠷᠤᠭᠤᠯ ᠨᠢ ᠵᠤᠵᠠᠭᠠᠨ ᠪᠥᠭᠡᠳ ᠬᠥᠮᠥᠭᠡᠢ ᠵᠠᠭᠤᠨ ᠫᠤᠤ ᠶ᠋ᠢᠨ ᠢ᠋ᠶ᠋ᠡᠨ ᠵᠠᠮᠤᠭ ᠢ᠋ ᠳᠡᠰ ᠨᠢᠰ ᠪᠠᠭᠤᠯᠭᠠᠨ ᠲᠤᠯᠭᠠᠵᠤ᠄  
       — ᠵᠣᠭᠰᠣ! ᠪᠢ ᠴᠢᠮᠠᠶ᠋ᠢ ᠫᠤᠤᠳᠠᠨ᠎ᠠ ᠭᠡᠵᠦ ᠵᠠᠨᠤᠯᠲᠠᠢ ᠪᠣᠯᠪᠠᠴᠤ ᠰᠢᠪᠡᠨᠡᠨ ᠬᠡᠯᠡᠪᠡ᠃ ᠳ᠋ᠠᠨᠽᠡᠨ ᠠᠩᠬᠠᠨ ᠳ᠋ᠠᠭᠠᠨ ᠶᠡᠬᠡᠳᠡ ᠰᠣᠴᠢᠭᠰᠠᠨ ᠪᠣᠯᠪᠠᠴᠤ᠂ ᠪᠠᠷᠢᠯᠴᠠᠨ ᠠᠪᠬᠤ ᠳᠡᠭᠡᠷ᠎ᠡ ᠬᠦᠷᠪᠡᠯ ᠪᠢ ᠳᠡᠢᠯᠦᠨ᠎ᠡ ᠭᠡᠵᠦ ᠪᠣᠳᠣᠬᠤ ᠳ᠋ᠠᠭᠠᠨ ᠲᠠᠢᠪᠤᠰᠢᠷᠠᠪᠠ᠃ ᠲᠡᠭᠡᠭᠡᠳ ᠳᠠᠬᠢᠨ᠄ 
       — ᠴᠢ ᠬᠡᠨ ᠪᠣᠢ? ᠭᠡᠬᠦ ᠳ᠋ᠦ᠍ᠨᠢ  
       — ᠪᠢ ᠮᠣᠩᠭᠣᠯ ᠭᠡᠪᠡ᠃ ᠭᠠᠮᠢᠩ᠄  
       — ᠮᠣᠩᠭᠣᠯ? ᠭᠡᠵᠦ ᠭᠠᠢᠬᠠᠨ ᠠᠮᠠᠨ ᠳ᠋ᠠᠭᠠᠨ ᠳᠠᠪᠲᠠᠨ ᠬᠡᠯᠡᠭᠰᠡᠨ ᠢ᠋ᠶ᠋ᠡᠨ᠂  
       — ᠮᠣᠩᠭᠣᠯ ᠭᠡᠵᠦ ᠶᠠᠭᠤ ᠪᠣᠢ? 
       — ᠮᠣᠩᠭᠣᠯ ᠭᠡᠵᠦ ᠬᠥᠮᠦᠰ ᠪᠠᠢᠳᠠᠭ ᠢ᠋ ᠮᠡᠳᠡᠬᠦ ᠦᠭᠡᠢ ᠭᠡᠵᠢ ᠤᠤ?  
       ᠭᠠᠮᠢᠩ《ᠠᠢ》 ᠭᠡᠵᠦ ᠳᠤᠤᠭᠠᠷᠤᠨ ᠢᠨᠢᠶᠡᠮᠰᠦᠭᠯᠡᠨ ᠫᠤᠤ ᠪᠠᠨ ᠬᠣᠢᠰᠢ ᠲᠠᠲᠠᠭᠠᠳ᠂  
       — ᠴᠢ ᠶᠠᠭᠤᠨ ᠤ᠋ ᠬᠥᠮᠦᠨ ᠪᠣᠢ? ᠭᠡᠬᠦ ᠳ᠋ᠦ᠍᠂  
       — ᠪᠢ ᠣᠷᠭᠣᠳᠤᠯ ᠬᠥᠮᠦᠨ ᠭᠡᠵᠦ ᠬᠠᠷᠢᠭᠤᠯᠪᠠ᠃   
       ᠣᠷᠭᠣᠳᠤᠯ ᠬᠥᠮᠦᠨ᠂ ᠮᠥᠨ ᠣᠷᠭᠣᠳᠤᠯ ᠲᠠᠢ ᠪᠠᠨ ᠳᠠᠭᠠᠷᠢᠯᠳᠤᠭᠰᠠᠨ ᠳ᠋ᠠᠭᠠᠨ ᠪᠠᠶᠠᠷᠯᠠᠨ᠎ᠠ᠃  
       — ᠪᠢ ᠣᠷᠭᠣᠳᠤᠯ ᠭᠡᠬᠦ ᠳ᠋ᠦ᠍ ᠭᠠᠮᠢᠩ
       —《ᠬᠣᠣ!》 ᠭᠡᠵᠦ ᠢᠨᠢᠶᠡᠨ ᠫᠤᠤ ᠪᠠᠨ ᠮᠥᠷᠦᠨ ᠳ᠋ᠡᠭᠡᠨ ᠡᠯᠭᠦᠨ ᠳ᠋ᠠᠨᠽᠡᠨ ᠦ᠌ ᠭᠠᠷ ᠢ᠋ ᠰᠢᠭᠦᠷᠦᠨ ᠠᠪᠤᠯ᠎ᠠ᠃  
       — ᠴᠢ ᠶᠠᠭᠤᠨ ᠳ᠋ᠤ᠌ ᠤᠷᠭᠤᠨ᠎ᠠ ᠪᠣᠢ?  
       — ᠬᠠᠢ᠂ ᠲᠡᠢᠨ ᠦ᠌ ᠬᠡᠷᠡᠭ ᠨᠠᠳᠠ ᠳ᠋ᠤ᠌ ᠠᠯᠠᠭ᠎ᠠ᠂ ᠴᠢᠮ᠎ᠠ ᠳ᠋ᠤ᠌  ᠪᠠᠰᠠ ᠲᠡᠢᠮᠦ ᠪᠣᠯᠤᠭ᠎ᠠ ᠪᠢᠵᠡ ᠳᠡ?  
       — ᠦᠭᠡᠢ ᠪᠢ ᠴᠡᠷᠢᠭ ᠦ᠋ᠨ ᠬᠥᠮᠦᠨ ᠪᠢᠰᠢ᠂ ᠲᠡᠮᠡᠭᠡᠨ ᠵᠢᠩ ᠲᠡᠭᠡᠭᠡᠵᠦ ᠶᠠᠪᠤᠭᠠᠳ ᠲᠠᠨ ᠤ᠋ ᠬᠢᠨ ᠳ᠋ᠦ᠍ ᠪᠠᠷᠢᠭᠳᠠᠭᠰᠠᠨ ᠶᠤᠮ᠃  
       — ᠠᠢ ᠲᠡᠢᠮᠦ ᠪᠢ ᠮᠡᠳᠡᠨ᠎ᠡ᠃ ᠪᠤᠰᠤᠳ ᠴᠢᠨᠢ ᠶᠠᠭᠠᠬᠢᠭᠰᠠᠨ ᠪᠣᠢ? 
       — ᠪᠤᠰᠤᠳ ᠮᠠᠨᠢ ᠮᠥᠨ ᠤᠷᠭᠤᠭᠰᠠᠨ᠃  
       — ᠮᠠᠰᠢ ᠰᠠᠢᠨ᠃ ᠬᠠᠷᠢᠨ ᠲᠠ ᠨᠠᠷ ᠠᠯᠢ ᠲᠦᠷᠦᠭᠦᠨ ᠦ᠌ ᠤᠷᠭᠤᠬᠤ ᠦᠭᠡᠢ ᠶᠠᠭᠠᠬᠢᠭᠰᠠᠨ ᠤᠯᠤᠰ ᠪᠣᠢ? 
       — ᠶᠠᠭᠠᠬᠢᠶ᠎ᠠ ᠭᠡᠬᠦ ᠪᠣᠢ᠂ ᠦᠷᠭᠦᠯᠵᠢ ᠮᠠᠨᠠᠭ᠎ᠠ ᠲᠠᠢ ᠪᠠᠢᠯ᠎ᠠ᠃  
       — ᠮᠠᠨᠠᠭ᠎ᠠ ᠶᠠᠭᠤᠨ ᠤ᠋ ᠬᠠᠮᠢᠶ᠎ᠠ᠂ ᠪᠢ ᠥᠴᠥᠭᠡᠳᠦᠷ ᠵᠢᠭᠤᠲᠠᠶ᠎ᠠ ᠭᠡᠵᠦ ᠪᠣᠳᠣᠬᠤ ᠲᠠᠢ ᠵᠡᠷᠭᠡ ᠪᠦᠬᠦ ᠶᠠᠭᠤᠮ᠎ᠠ ᠪᠠᠨ ᠪᠡᠯᠡᠳᠬᠡᠨ ᠰᠥᠨᠢ ᠮᠠᠨᠠᠭᠠᠨ ᠤ᠋ ᠬᠠᠵᠠᠭᠤ ᠪᠠᠷ ᠮᠥᠯᠬᠥᠨ ᠭᠠᠷᠪᠠ ᠭᠡᠳ ᠥᠪᠡᠷ ᠦ᠋ᠨ ᠢ᠋ᠶ᠋ᠡᠨ ᠶᠠᠪᠤᠳᠠᠯ ᠠ᠋ᠴᠠ ᠦᠷᠭᠦᠯᠵᠢᠯᠡᠭᠦᠯᠦᠨ ᠶᠠᠷᠢᠪᠠ᠃ ᠳᠠᠷᠠᠭ᠎ᠠ ᠨᠢ᠄ 
       — ᠲᠡᠭᠡᠭᠡᠳ ᠣᠳᠣ ᠴᠢ ᠬᠠᠮᠢᠭᠠᠰᠢ ᠪᠠᠨ ᠶᠠᠪᠤᠬᠤ ᠪᠣᠢ? ᠭᠡᠬᠦ ᠳ᠋ᠦ᠍ ᠭᠠᠮᠢᠩ᠂ ᠪᠠᠷᠠᠭᠤᠨ ᠲᠡᠢᠰᠢ ᠵᠢᠭᠠᠭᠰᠠᠨ ᠢ᠋ᠶ᠋ᠠᠨ᠄  
       — ᠴᠢ? ᠭᠡᠵᠦ ᠠᠰᠠᠭᠤᠪᠠ᠃ ᠳ᠋ᠠᠨᠽᠡᠨ᠄  
       — ᠪᠢ ᠴᠦ᠍ ᠪᠠᠰᠠ ᠲᠡᠷᠡ ᠵᠦᠭ ᠶᠠᠪᠤᠨ᠎ᠠ ᠭᠡᠪᠡ᠃

           ᠦᠰᠦᠭ ᠠᠮᠢᠯᠠᠭᠤᠯᠤᠭᠰᠠᠨ ᠨᠢ᠄ ᠳᠠᠪᠰᠢᠯᠲᠦ