ᠷᠢᠨᠴᠢᠨ ᠬᠡ ᠬᠡ-ᠴᠠᠭᠠᠨᠪᠠᠷᠰRinčen gé gé-cagaanbarРинчен гэ гэ-цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠷᠢᠨᠴᠢᠨ ᠬᠡ ᠬᠡ-ᠴᠠᠭᠠᠨᠪᠠᠷᠰRinčen gé gé-cagaanbarРинчен гэ гэ-цагаанбар

ᠷᠢᠨᠴᠢᠨ ᠬᠡ ᠬᠡ-ᠴᠠᠭᠠᠨᠪᠠᠷᠰRinčen gé gé-cagaanbarРинчен гэ гэ-цагаанбар

2025-10-30

219

ᠷᠢᠨᠴᠢᠨ ᠬᠡ ᠬᠡ

   ᠴᠠᠭᠠᠨᠪᠠᠷᠰ ᠳᠠᠭᠤᠯᠠᠪᠠ 
      ᠬᠣᠷᠴᠢᠨ ᠠᠷᠠᠳ ᠤ᠋ᠨ ᠳᠠᠭᠤᠤ 

ᠭᠣᠶᠣᠪᠠᠰᠤ ᠭᠣᠶᠣᠪᠠᠰᠤ ᠲᠤᠯᠭᠠᠨ ᠠᠩᠭ᠎ᠠ ᠪᠠᠨ ᠭᠤᠶᠤᠨ᠎ᠠ ᠪᠢ 
ᠭᠤᠶᠤᠬᠤ ᠦᠭᠡᠢ ᠯᠠᠢ ᠪᠣᠯᠪᠠᠯ ᠭᠤᠸᠠᠩᠭᠠᠨ ᠢ᠋ᠶ᠋ᠠᠷ ᠢ᠋ᠶ᠋ᠠᠨ ᠶᠠᠪᠤᠨ᠎ᠠ ᠬᠦᠢ 
ᠭᠤᠸᠠᠩᠭᠠᠨ ᠢ᠋ᠶ᠋ᠠᠷ ᠢ᠋ᠶ᠋ᠠᠨ ᠶᠠᠪᠤᠭᠠᠳ ᠵᠦᠭᠡᠷ ᠶᠦᠮ ᠶᠠ ᠪᠡᠶ᠎ᠡ ᠮᠢᠨᠢ ᠬᠦᠢ 
ᠭᠤᠷᠪᠠᠨ ᠲᠥᠷᠥᠯ ᠪᠣᠯᠪᠠᠴᠤ ᠭᠠᠭᠴᠠ ᠪᠠᠷ ᠢ᠋ᠶ᠋ᠠᠨ ᠶᠠᠪᠤᠨ᠎ᠠ ᠬᠦᠢ 

ᠣᠴᠢᠪᠠᠰᠤ ᠣᠴᠢᠪᠠᠰᠤ ᠷᠢᠨᠴᠢᠨ ᠬᠡ ᠬᠡ ᠳ᠋ᠦ᠍ ᠪᠡᠨ ᠣᠴᠢᠨ᠎ᠠ ᠪᠢ 
ᠣᠴᠢᠬᠤ ᠦᠭᠡᠢ ᠯᠠᠢ ᠪᠣᠯᠪᠠᠯ ᠥᠬᠢᠨ ᠢ᠋ᠶ᠋ᠡᠷ ᠢ᠋ᠶ᠋ᠡᠨ ᠰᠠᠭᠤᠨ᠎ᠠ ᠬᠦᠢ 
ᠥᠬᠢᠨ ᠢ᠋ᠶ᠋ᠡᠷ ᠢ᠋ᠶ᠋ᠡᠨ ᠰᠠᠭᠤᠭᠠᠳ ᠵᠦᠭᠡᠷ ᠶᠦᠮ ᠤᠤ ᠳᠠ ᠪᠡᠶ᠎ᠡ ᠮᠢᠨᠢ 
ᠥᠨᠳᠥᠷ ᠦᠰᠦ ᠪᠡᠨ ᠬᠠᠢᠴᠢᠯᠠᠭᠠᠳ ᠴᠢᠪᠠᠭᠠᠨᠴᠠ ᠪᠣᠯᠤᠨ᠎ᠠ ᠬᠦᠢ

ᠠᠪᠤᠪᠠᠰᠤ ᠠᠪᠤᠪᠠᠰᠤ ᠲᠤᠯᠭᠠᠨ ᠠᠩᠭ᠎ᠠ ᠪᠠᠨ ᠠᠪᠤᠨ᠎ᠠ ᠪᠢ
ᠠᠪᠬᠤ ᠦᠭᠡᠢ ᠯᠠᠢ ᠪᠣᠯᠪᠠᠯ ᠠᠰ ᠢ᠋ᠶ᠋ᠠᠷ ᠢ᠋ᠶ᠋ᠠᠨ ᠶᠠᠪᠤᠨ᠎ᠠ ᠬᠦᠢ
ᠠᠰ ᠢ᠋ᠶ᠋ᠠᠷ ᠢ᠋ᠶ᠋ᠠᠨ ᠶᠠᠪᠤᠭᠠᠳ ᠵᠦᠭᠡᠷ ᠶᠦᠮ ᠶᠠ ᠪᠡᠶ᠎ᠡ ᠮᠢᠨᠢ
ᠠᠷᠪᠠᠨ ᠲᠥᠷᠥᠯ ᠪᠣᠯᠪᠠᠴᠤ ᠭᠤᠸᠠᠩᠭᠠᠨ ᠢ᠋ᠶ᠋ᠠᠷ ᠢ᠋ᠶ᠋ᠠᠨ ᠶᠠᠪᠤᠨ᠎ᠠ ᠬᠦᠢ

ᠬᠡᠯᠡᠯᠴᠡᠪᠡᠰᠦ ᠬᠡᠯᠡᠯᠴᠡᠪᠡᠰᠦ ᠷᠢᠨᠴᠢᠨ ᠬᠡ ᠬᠡ ᠲᠡᠢ ᠪᠡᠨ ᠬᠡᠯᠡᠯᠴᠡᠨ᠎ᠡ ᠰᠢᠦ
ᠬᠡᠯᠡᠯᠴᠡᠬᠦ ᠦᠭᠡᠢ ᠯᠠᠢ ᠪᠣᠯᠪᠠᠯ ᠭᠡᠷ ᠲᠦ᠍ ᠪᠡᠨ ᠰᠠᠭᠤᠨ᠎ᠠ ᠬᠦᠢ
ᠭᠡᠷ ᠲᠦ᠍ ᠪᠡᠨ ᠠ᠋ ᠰᠠᠭᠤᠭᠠᠳ ᠵᠦᠭᠡᠷ ᠶᠦᠮ ᠶᠠ ᠪᠡᠶ᠎ᠡ ᠮᠢᠨᠢ
ᠭᠡᠵᠢᠭᠡ ᠦᠰᠦ ᠪᠡᠨ ᠠᠪᠴᠢᠬᠠᠭᠠᠳ ᠴᠢᠪᠠᠭᠠᠨᠴᠠ ᠪᠣᠯᠤᠨ᠎ᠠ ᠬᠦᠢ

   ᠳᠠᠭᠤᠤ ᠶ᠋ᠢᠨ ᠦᠭᠡ ᠶ᠋ᠢ ᠬᠠᠩᠭᠠᠭᠴᠢ ᠄ ᠮᠧᠢ ᠯᠢ ᠳᠢ ᠰᠢᠨ ᠴᠢᠩ
   ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ᠂ ᠪᠢᠴᠢᠯᠭᠡ ᠶ᠋ᠢAI ᠪᠠᠷ ᠨᠠᠢᠷᠠᠭᠤᠯᠪᠠ᠃
   ᠬᠢᠨᠠᠭᠴᠢ ᠄ ᠴᠢᠨᠳᠠᠮᠤᠨᠢ