ᠦᠮᠡᠬᠡᠢ ᠳᠠᠪᠠᠷᠬᠠᠢÖmkhii davirkhaiӨмхий давирхай ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠮᠡᠬᠡᠢ ᠳᠠᠪᠠᠷᠬᠠᠢÖmkhii davirkhaiӨмхий давирхай

ᠦᠮᠡᠬᠡᠢ ᠳᠠᠪᠠᠷᠬᠠᠢÖmkhii davirkhaiӨмхий давирхай

2025-10-30

174

ᠦᠮᠡᠬᠡᠢ ᠳᠠᠪᠠᠷᠬᠠᠢ

   ᠲᠤᠰ ᠡᠮ ᠪᠣᠯ ᠰᠢᠬᠦᠷ ᠬᠡᠯᠪᠡᠷᠢᠲᠦ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠰᠢᠨᠵᠢᠶᠠᠩ ᠬᠠᠨ ᠲᠡᠮᠦᠷ᠂ ᠹᠦ ᠺᠠᠩ ᠬᠠᠨ ᠲᠡᠮᠦᠷ ᠦ᠋ᠨ ᠬᠠᠲᠠᠭᠠᠭᠰᠠᠨ ᠳᠠᠪᠠᠷᠬᠠᠢ ᠮᠥᠨ᠃ ᠪᠠᠰᠠ ᠰᠢᠩᠭᠦᠨ ᠭᠡᠳᠡᠭ᠃
   [ ᠤᠤᠯ ᠤᠷᠭᠤᠮᠠᠯ]1. ᠰᠢᠨᠵᠢᠶᠠᠩ ᠬᠠᠨ ᠲᠡᠮᠦᠷ ᠣᠯᠠᠨ ᠨᠠᠰᠤᠲᠤ ᠭᠠᠭᠴᠠ ᠤᠳᠠᠭ᠎ᠠ ᠵᠢᠮᠢᠰᠯᠡᠬᠦ ᠡᠪᠡᠰᠦᠯᠢᠭ ᠤᠷᠭᠤᠮᠠᠯ᠃50~150cm ᠥᠨᠳᠥᠷ᠂ ᠦᠨᠳᠦᠰᠦ ᠨᠢ ᠪᠦᠳᠦᠭᠦᠨ ᠲᠣᠮᠣ᠂ ᠡᠭᠡᠷᠡᠦᠯ ᠬᠡᠯᠪᠡᠷᠢ ᠲᠡᠢ ᠪᠤᠶᠤ ᠱᠣᠷᠣᠯᠵᠢᠨ ᠬᠡᠯᠪᠡᠷᠢ ᠲᠡᠢ᠂ ᠦᠨᠳᠦᠰᠦᠯᠢᠭ ᠡᠰᠢᠨ ᠳᠡᠭᠡᠷ᠎ᠡ ᠨᠢ ᠬᠤᠪᠠᠬᠠᠢᠷᠠᠭᠰᠠᠨ ᠨᠠᠪᠴᠢᠨ ᠰᠢᠷᠬᠡᠭ ᠦ᠋ᠨ ᠦᠯᠡᠳᠡᠭᠳᠡᠯ ᠲᠡᠢ᠃ ᠤᠭ ᠣᠷᠴᠢᠮ ᠠ᠋ᠴᠠ ᠪᠠᠨ ᠰᠠᠯᠠᠭᠠᠯᠠᠵᠤ᠂ ᠪᠥᠭᠡᠷᠡᠩᠬᠡᠢ ᠱᠣᠷᠣᠯᠵᠢᠨ ᠬᠡᠯᠪᠡᠷᠢ ᠲᠡᠢ ᠪᠣᠯᠳᠠᠭ᠃ ᠡᠰᠢ ᠨᠢ ᠪᠣᠯᠪᠠᠰᠤᠷᠠᠬᠤ ᠦᠶ᠎ᠡ ᠳ᠋ᠡᠭᠡᠨ ᠲᠣᠮᠣᠷᠠᠨ᠎ᠠ᠃ ᠨᠠᠪᠴᠢ ᠨᠢ ᠵᠥᠭᠡᠯᠡᠨ᠂ ᠨᠠᠪᠴᠢᠨ ᠥᠪᠥᠷ ᠲᠤᠨᠢ ᠰᠡᠢᠷᠡᠭ ᠦᠰᠦ ᠲᠡᠢ᠂ ᠠᠷᠤ ᠳ᠋ᠤᠨᠢ  ᠨᠢᠭ᠋ ᠴᠠᠭᠠᠨ ᠵᠥᠭᠡᠯᠡᠨ ᠦᠰᠦ ᠲᠡᠢ᠂ ᠴᠠᠢᠪᠤᠷ ᠨᠣᠭᠣᠭᠠᠨ ᠥᠩᠭᠡ ᠲᠡᠢ᠃ ᠡᠷᠲᠡ ᠬᠤᠪᠠᠬᠠᠢᠷᠠᠨ᠎ᠠ᠃ ᠨᠠᠪᠴᠢᠨ ᠢᠯᠲᠠᠰᠤ ᠨᠢ ᠭᠤᠷᠪᠠᠯᠵᠢᠨ ᠰᠢᠭ᠋᠂ ᠥᠷᠭᠡᠨ ᠵᠤᠤᠪᠠᠩ ᠲᠣᠭᠣᠷᠢᠭ ᠬᠡᠯᠪᠡᠷᠢ ᠲᠡᠢ᠂ ᠭᠤᠷᠪᠠᠯᠠᠭᠰᠠᠨ ᠭᠤᠷᠪᠠ ᠠ᠋ᠴᠠ ᠳᠥᠷᠪᠡᠳᠡᠭᠰᠡᠨ ᠥᠳᠥᠯᠢᠭ ᠭᠦᠢᠴᠡᠳ ᠣᠨᠢ ᠲᠠᠢ᠂ ᠰᠡᠵᠢᠭᠦᠷ ᠢᠯᠲᠠᠰᠤ ᠨᠢ ᠥᠷᠭᠡᠨ ᠵᠤᠤᠪᠠᠩ ᠬᠡᠯᠪᠡᠷᠢ ᠲᠡᠢ᠃ ᠳᠡᠭᠡᠷ᠎ᠡ ᠬᠡᠰᠡᠭ ᠲᠤᠨᠢ ᠬᠡᠷᠴᠢᠶᠡᠰᠦ ᠲᠡᠢ ᠪᠤᠶᠤ ᠭᠦᠢᠬᠡᠨ ᠣᠨᠢ ᠲᠠᠢ᠃ ᠤᠵᠠᠭᠤᠷ ᠤ᠋ᠨ ᠨᠠᠪᠴᠢ ᠨᠢ ᠣᠬᠣᠷ ᠪᠠᠷᠢᠭᠤᠯ ᠲᠠᠢ᠂ ᠪᠠᠷᠢᠭᠤᠯ ᠤ᠋ᠨ ᠤᠭ ᠨᠢ ᠲᠣᠭᠳᠣᠢ ᠰᠢᠭ᠋᠃ ᠡᠰᠢᠨ ᠳ᠋ᠡᠬᠢ ᠨᠠᠪᠴᠢ ᠨᠢ ᠵᠢᠵᠢᠭ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢᠲᠦ ᠡᠰᠢ ᠪᠡᠨ ᠬᠠᠭᠠᠰ ᠪᠠᠭᠯᠠᠵᠤ ᠪᠦᠬᠦᠢ ᠰᠠᠷᠢᠰᠤᠯᠢᠭ ᠲᠣᠭᠳᠣᠢ ᠳᠡᠭᠡᠷ᠎ᠡ ᠡᠴᠡ ᠤᠷᠭᠤᠨ᠎ᠠ᠃ ᠨᠡᠢᠯᠡᠮᠡᠯ ᠰᠢᠭᠦᠷ ᠬᠡᠯᠪᠡᠷᠢᠲᠦ ᠪᠠᠭ ᠴᠡᠴᠡᠭ ᠨᠢ ᠡᠰᠢ ᠮᠥᠴᠢᠷ ᠦ᠋ᠨ ᠣᠷᠣᠢ ᠳ᠋ᠤ᠌ ᠳᠡᠯᠭᠡᠷᠡᠨ᠎ᠡ᠃5~25 ᠰᠢᠬᠦᠷ ᠦ᠋ᠨ ᠪᠠᠷᠢᠭᠤᠯ ᠲᠠᠢ ᠪᠥᠭᠡᠳ ᠳᠡᠭᠡᠷ᠎ᠡ ᠨᠢ ᠨᠢᠭ ᠦᠰᠦ ᠲᠡᠢ᠂ ᠭᠣᠣᠯ ᠳ᠋ᠠᠬᠢ ᠰᠢᠬᠦᠷ ᠬᠡᠯᠪᠡᠷᠢᠲᠦ ᠪᠠᠭ ᠴᠡᠴᠡᠭ ᠨᠢ ᠪᠠᠷᠢᠭᠤᠯ ᠦᠭᠡᠢ ᠰᠢᠬᠠᠮ᠃ ᠵᠢᠵᠢᠭ ᠰᠢᠭᠦᠷ ᠬᠡᠯᠪᠡᠷᠢᠲᠦ ᠪᠠᠭ ᠴᠡᠴᠡᠭ ᠲᠤᠨᠢ10~20 ᠬᠦᠢᠰ ᠴᠡᠴᠡᠭ ᠲᠡᠢ᠃ ᠲᠣᠭᠳᠣᠢ ᠨᠢ ᠭᠦᠢᠬᠡᠨ ᠬᠡᠷᠴᠢᠶᠡᠰᠦ ᠲᠡᠢ᠃ ᠴᠡᠴᠡᠭ ᠦ᠋ᠨ ᠬᠡᠯᠲᠡᠰ ᠨᠢ5᠂ ᠰᠢᠷ᠎ᠠ ᠥᠩᠭᠡ ᠲᠡᠢ᠂2mm ᠣᠷᠴᠢᠮ ᠤᠷᠲᠤ᠂ ᠭᠠᠳᠠᠭᠤᠷ ᠨᠢ ᠦᠰᠦ ᠲᠡᠢ᠃ ᠡᠷ᠎ᠡ ᠲᠣᠭᠣᠷᠴᠣᠭ ᠨᠢ5᠂ ᠲᠣᠭᠣᠰᠣᠪᠴᠢ ᠨᠢ ᠥᠨᠳᠡᠭᠡᠯᠵᠢᠨ᠂ ᠡᠮ᠎ᠡ ᠲᠣᠭᠣᠷᠴᠣᠭ ᠤ᠋ᠨ ᠴᠡᠴᠡᠭ ᠦ᠋ᠨ ᠪᠠᠭᠠᠨ᠎ᠠ ᠨᠢ ᠬᠠᠪᠲᠠᠭᠠᠢ ᠲᠣᠭᠣᠷᠢᠭ ᠱᠣᠷᠣᠯᠵᠢᠨ ᠬᠡᠯᠪᠡᠷᠢ ᠲᠡᠢ᠂ ᠴᠡᠴᠡᠭ ᠦ᠋ᠨ ᠪᠠᠭᠠᠨ᠎ᠠ ᠨᠢ ᠣᠬᠣᠷ᠂ ᠪᠠᠭᠠᠨ᠎ᠠ ᠶ᠋ᠢᠨ ᠠᠮᠠᠰᠠᠷ ᠨᠢ ᠲᠣᠯᠣᠭᠠᠢ ᠬᠡᠯᠪᠡᠷᠢ ᠲᠡᠢ᠃ ᠵᠢᠮᠢᠰ ᠨᠢ ᠵᠤᠤᠪᠠᠩ ᠬᠡᠯᠪᠡᠷᠢ ᠲᠡᠢ᠂10~12mm ᠤᠷᠲᠤ᠂ ᠬᠠᠪᠲᠠᠭᠠᠢ᠂ ᠲᠠᠷᠠᠮᠠᠭ ᠦᠰᠦ ᠲᠡᠢ᠂ ᠪᠣᠯᠪᠠᠰᠤᠷᠠᠭᠰᠠᠨ ᠵᠢᠮᠢᠰ ᠨᠢ ᠤᠯᠠᠪᠤᠷ ᠪᠣᠷᠣ ᠥᠩᠭᠡ ᠲᠡᠢ᠂ ᠵᠢᠮᠢᠰ ᠦ᠋ᠨ ᠢᠷᠮᠡᠭ ᠨᠢ ᠭᠦᠳᠦᠭᠦᠷ᠃4~5 ᠳ᠋ᠤᠭᠠᠷ ᠰᠠᠷ᠎ᠠ ᠳ᠋ᠤ᠌ ᠴᠡᠴᠡᠭᠯᠡᠵᠦ᠂5~6 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   2. ᠹᠦ ᠺᠠᠩ ᠬᠠᠨ ᠲᠡᠮᠦᠷ ᠲᠤᠰ ᠳᠦᠷᠰᠦ ᠨᠢ ᠳᠡᠭᠡᠷᠡᠬᠢ ᠲᠡᠢ ᠲᠥᠰᠦᠭᠡᠲᠡᠢ᠃ ᠭᠣᠣᠯ ᠢᠯᠭᠠᠯ ᠭᠡᠪᠡᠯ ᠡᠰᠢᠨ ᠳ᠋ᠦ᠍ᠨᠢ ᠦᠰᠦ ᠦᠭᠡᠢ᠂ ᠮᠠᠰᠢ ᠣᠯᠠᠨ ᠬᠠᠵᠠᠭᠤ ᠰᠠᠯᠠᠭ᠎ᠠ ᠲᠠᠢ᠂ ᠬᠣᠶᠠᠷ ᠠ᠋ᠴᠠ ᠭᠤᠷᠪᠠᠳᠠᠭᠰᠠᠨ ᠥᠳᠥᠯᠢᠭ ᠣᠨᠢ ᠲᠠᠢ᠂ ᠰᠡᠵᠢᠭᠦᠷ ᠢᠯᠲᠠᠰᠤ ᠨᠢ20mm ᠣᠷᠴᠢᠮ ᠤᠷᠲᠤ᠂ ᠪᠣᠯᠪᠠᠰᠤᠷᠠᠭᠰᠠᠨ ᠵᠢᠮᠢᠰ ᠨᠢ12~16mm ᠤᠷᠲᠤ᠂ ᠪᠠᠷᠢᠭᠤᠯ ᠠ᠋ᠴᠠ ᠪᠠᠨ ᠤᠷᠲᠤ᠃ ᠵᠢᠮᠢᠰ ᠦ᠋ᠨ ᠢᠷᠮᠡᠭ ᠨᠢ ᠬᠥᠷᠪᠡᠬᠡᠷ᠂ ᠣᠯᠠᠨ ᠲᠣᠰᠣᠨ ᠴᠣᠷᠭᠣ ᠲᠠᠢ᠂ ᠢᠷᠮᠡᠭ ᠦ᠋ᠨ ᠬᠣᠭᠣᠷᠣᠨᠳᠣ ᠨᠢ4~5 ᠲᠣᠰᠣᠨ ᠴᠣᠷᠭᠣ ᠲᠠᠢ᠂ ᠨᠡᠢᠯᠡᠭᠰᠡᠨ ᠲᠠᠯ᠎ᠠ ᠨᠢ10~12 ᠪᠣᠢ᠃
   [ ᠤᠷᠭᠤᠬᠤ ᠣᠷᠴᠢᠨ ᠬᠢᠭᠡᠳ ᠲᠠᠷᠬᠠᠴᠠ] ᠰᠢᠨᠵᠢᠶᠠᠩ ᠬᠠᠨ ᠲᠡᠮᠦᠷ ᠪᠣᠯ ᠭᠣᠪᠢ ᠨᠤᠲᠤᠭ ᠪᠠ ᠠᠲᠠᠷ ᠠᠭᠤᠯᠠᠨ ᠳ᠋ᠤ᠌ ᠤᠷᠭᠤᠨ᠎ᠠ᠃ ᠰᠢᠨᠵᠢᠶᠠᠩ ᠳ᠋ᠤ᠌ ᠲᠠᠷᠬᠠᠴᠠ ᠲᠠᠢ᠃ ᠹᠦ ᠺᠠᠩ ᠬᠠᠨ ᠲᠡᠮᠦᠷ ᠪᠣᠯ ᠰᠢᠨᠵᠢᠶᠠᠩ ᠤ᠋ᠨ ᠹᠦ ᠺᠠᠩ᠂ ᠱᠢ ᠴᠢᠤᠸᠠᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠬᠠᠨ ᠲᠡᠮᠦᠷ ᠢ᠋ ᠴᠡᠴᠡᠭᠯᠡᠬᠦ ᠦᠶᠡᠰ ᠬᠤᠷᠴᠠ ᠬᠢᠲᠤᠭ᠎ᠠ ᠪᠠᠷ ᠡᠰᠢᠨ ᠦ᠌ ᠳᠡᠭᠡᠷ᠎ᠡ ᠡᠴᠡ ᠳᠣᠷᠣᠭᠰᠢ ᠪᠠᠨ ᠲᠠᠰᠢᠭᠤ ᠣᠭᠲᠣᠯᠵᠤ᠂ ᠱᠦᠭᠦᠷᠡᠭᠰᠡᠨ ᠳᠠᠪᠠᠷᠬᠠᠢ ᠰᠢᠭ᠋ ᠡᠳ᠋ ᠢ᠋ ᠨᠢ ᠴᠤᠭᠯᠠᠭᠤᠯᠵᠤ ᠠᠪᠤᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ᠂ ᠬᠠᠯᠠᠭᠤᠨ ᠴᠢᠨᠠᠷ ᠲᠠᠢ᠂ᠲᠣᠰᠣᠯᠢᠭ᠂ ᠬᠠᠭᠤᠷᠠᠢ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠡᠢ ᠶ᠋ᠢ ᠳᠠᠷᠤᠬᠤ᠂ ᠪᠠᠳᠭ᠋ᠠᠨ ᠠᠷᠢᠯᠭᠠᠬᠤ᠂ ᠢᠯᠴᠢ ᠶ᠋ᠢ ᠰᠡᠯᠪᠢᠬᠦ᠂ ᠢᠳᠡᠭᠡᠨ ᠢ᠋ ᠰᠢᠩᠭᠡᠭᠡᠬᠦ᠂ ᠳᠤᠷ᠎ᠠ ᠶ᠋ᠢ ᠨᠡᠭᠡᠭᠡᠬᠦ᠂ ᠬᠣᠷᠣᠬᠠᠢ ᠶ᠋ᠢ ᠨᠢᠲᠤᠯᠬᠤ᠂ ᠬᠠᠳᠬᠤᠯᠭ᠎ᠠ ᠶ᠋ᠢ ᠳᠠᠷᠤᠬᠤ ᠴᠢᠳᠠᠯ ᠲᠠᠢ᠃ ᠵᠢᠷᠦᠬᠡᠨ ᠬᠡᠢ᠂ ᠤᠨᠠᠳᠠᠭ ᠡᠪᠡᠳᠴᠢᠨ᠂ ᠰᠣᠯᠢᠶ᠎ᠠ᠂ ᠬᠣᠳᠣᠭᠣᠳᠣ ᠣᠯᠣᠭᠠᠢ ᠶ᠋ᠢᠨ ᠬᠡᠢ᠂ ᠡᠰᠡ ᠰᠢᠩᠭᠡᠭᠰᠡᠨ᠂ ᠪᠠᠳᠭ᠋ᠠᠨ ᠬᠡᠢ ᠪᠡᠷ ᠲᠣᠯᠣᠭᠠᠢ ᠡᠪᠡᠳᠬᠦ᠂ ᠳᠤᠷ᠎ᠠ ᠪᠤᠯᠭᠢᠬᠤ᠂ ᠬᠣᠷᠣᠬᠠᠢ ᠪᠠᠷ ᠰᠢᠲᠦ ᠡᠪᠡᠳᠬᠦ᠂ ᠤᠮᠠᠢ ᠶ᠋ᠢᠨ ᠬᠣᠷᠣᠬᠠᠢ᠂ ᠳᠣᠲᠣᠷ᠎ᠠ ᠬᠣᠷᠣᠬᠠᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
   [ ᠠᠩᠬᠠᠷᠤᠯ] ᠬᠠᠯᠠᠭᠤᠨ ᠡᠪᠡᠳᠴᠢᠨ ᠳ᠋ᠦ᠍ ᠬᠡᠷᠡᠭᠯᠡᠵᠦ ᠪᠣᠯᠬᠤ ᠦᠭᠡᠢ᠂ ᠵᠢᠷᠮᠦᠰᠦᠨ ᠡᠮᠡᠭᠲᠡᠢ ᠳ᠋ᠦ᠍ ᠴᠡᠭᠡᠷᠯᠡᠨ᠎ᠡ᠃

   ᠬᠢᠲᠠᠳ ᠨᠡᠷ᠎ᠡ᠄阿魏 (1.新疆阿魏 2.阜康阿魏)
   ᠠᠩᠭ᠌ᠯᠢ ᠨᠡᠷ᠎ᠡ᠄1.Ferula sinkingensis K.M.Shen
2.Ferula fukanensis K. M. Shen

   ᠦᠰᠦᠭ ᠠᠮᠢᠯᠠᠭᠤᠯᠤᠭᠴᠢ᠄ ᠴᠡᠪᠡᠷᠴᠡᠴᠡᠭ
   ᠬᠢᠨᠠᠭᠴᠢ᠄ ᠲᠤᠶᠠᠭ᠎ᠠ