ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 2(2–1~5) Шинэлам – 3-р бүлэг᠂ Шинэлмийн зэвсэгт тэмцэл 2(2–1~5) ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 2(2–1~5) Шинэлам – 3-р бүлэг᠂ Шинэлмийн зэвсэгт тэмцэл 2(2–1~5)

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 2(2–1~5) Шинэлам – 3-р бүлэг᠂ Шинэлмийн зэвсэгт тэмцэл 2(2–1~5)

ᠠᠩᠭᠢᠯᠠᠯ:ᠲᠡᠦᠬᠡ ᠰᠣᠶᠣᠯ
2025-10-30

147

(ᠬᠣᠶᠠᠷ) ᠢᠷᠭᠡᠨ ᠤᠯᠤᠰ ᠤ᠋ᠨ ᠴᠡᠷᠢᠭ ᠲᠡᠢ ᠪᠠᠢᠯᠳᠤᠭᠰᠠᠨ

    
            1.  ᠤᠯᠠᠭᠠᠨᠲᠣᠯᠣᠭᠠᠢ ᠶ᠋ᠢᠨ ᠪᠠᠢᠯᠳᠤᠭᠠᠨ    
       ᠥᠨᠥ ᠶ᠋ᠢᠨ ᠦᠦᠰᠢᠨ ᠬᠤᠰᠢᠭᠤᠨ ᠤ᠋ ᠤᠯᠠᠭᠠᠨᠲᠣᠯᠣᠭᠠᠢ ᠰᠤᠮᠤ ᠶ᠋ᠢᠨ ᠰᠢᠪᠠᠷ ᠤ᠋ᠨ ᠴᠠᠢᠳᠠᠮ ᠪᠣᠯ ᠡᠮᠦᠨᠡᠰᠢ ᠬᠣᠢᠰᠢ ᠪᠠᠨ 30 ᠺᠢᠯᠣᠮᠧᠲ᠋ᠷ ᠦᠷᠭᠦᠯᠵᠢᠯᠡᠵᠦ ᠵᠡᠭᠦᠨᠰᠢ ᠪᠠᠷᠠᠭᠤᠨᠰᠢ ᠪᠠᠨ 15 ᠺᠢᠯᠣᠮᠧᠲ᠋ᠷ ᠥᠷᠭᠡᠨ ᠪᠠᠢᠵᠤ᠂ ᠢᠭᠴᠢ ᠰᠠᠬᠤᠯᠠᠭ ᠡᠪᠡᠰᠦ ᠪᠡᠯᠴᠢᠭᠡᠷ ᠲᠡᠢ᠂ ᠵᠡᠭᠦᠨ ᠬᠥᠪᠡᠭᠡ ᠪᠡᠷ ᠨᠢ ᠪᠤᠷᠭᠠᠰᠤ ᠴᠢᠴᠠᠷᠭᠠᠨ᠎ᠠ ᠬᠠᠷᠠᠩᠭᠤᠢᠯᠠᠨ ᠤᠷᠭᠤᠭᠰᠠᠨ ᠶᠡᠬᠡ ᠶᠡᠬᠡ ᠳᠥᠭᠥᠮ ᠲᠡᠢ ᠶᠦᠮ᠃ ᠡᠨᠳᠡ ᠪᠠᠰᠠ ᠰᠢᠪᠡᠭ ᠪᠤᠲᠠ ᠤᠷᠭᠤᠭᠰᠠᠨ ᠥᠨᠳᠥᠷ ᠰᠦᠷᠯᠢᠭ ᠰᠡᠷᠪᠡᠩ ᠳᠠᠯᠠᠩ ᠤ᠋ᠳ ᠪᠠᠢᠵᠤ᠂ ᠴᠠᠢᠳᠠᠮ ᠤ᠋ᠨ ᠳᠤᠮᠳᠠᠭᠤᠷ ᠣᠯᠠᠨ ᠠᠷᠪᠢᠨ ᠰᠢᠪᠡᠷᠡᠭᠡ ᠪᠤᠯᠠᠭ ᠤ᠋ᠨ ᠤᠰᠤ ᠭᠠᠵᠠᠷ ᠤ᠋ᠨ ᠪᠠᠢᠴᠠ ᠶ᠋ᠢ ᠳᠠᠭᠠᠨ ᠵᠦᠭ ᠪᠦᠷᠢ ᠠ᠋ᠴᠠ ᠰᠢᠪᠡᠷᠡᠨ ᠣᠨᠳᠣᠷᠴᠤ ᠡᠴᠦᠰ ᠲᠡᠭᠡᠨ ᠨᠢᠭᠡᠨ《ᠰᠢᠪᠠᠷ ᠤ᠋ᠨ ᠭᠣᠣᠯ》 ᠪᠣᠯᠵᠤ ᠡᠮᠦᠨᠡᠰᠢ ᠮᠤᠰᠬᠢᠷᠠᠯᠳᠤᠨ ᠤᠷᠤᠰᠳᠠᠭ᠃ ᠭᠣᠣᠯ ᠤ᠋ᠨ ᠬᠥᠪᠡᠭᠡ ᠶ᠋ᠢᠨ ᠡᠷᠭᠢ ᠳᠠᠩ ᠢ᠋ᠶ᠋ᠠᠷ ᠥᠷᠯᠥᠭᠡ ᠦᠳᠡᠰᠢ ᠶ᠋ᠢᠨ ᠰᠡᠷᠢᠭᠦᠬᠡᠨ ᠴᠠᠭ ᠲᠤ᠌ ᠬᠡᠭᠡᠷ᠎ᠡ ᠶ᠋ᠢᠨ ᠶᠠᠰᠤᠲᠤ ᠮᠡᠯᠡᠬᠡᠢ ᠨᠢ ᠦᠬᠡᠷ ᠦ᠋ᠨ ᠠᠷᠭᠠᠯ ᠰᠢᠭ᠋ ᠡᠨᠳᠡ ᠲᠡᠨᠳᠡ ᠡᠷᠢᠶᠡᠯᠵᠡᠨ ᠦᠵᠡᠭᠳᠡᠭᠡᠳ ᠮᠠᠯᠴᠢᠳ ᠤ᠋ᠨ ᠮᠠᠯ ᠤᠨᠤᠭᠠᠨ ᠤ᠋ ᠬᠥᠯ ᠳ᠋ᠦ᠍ ᠴᠦ᠍ ᠰᠠᠭᠠᠳ ᠪᠣᠯᠳᠠᠭ᠃ ᠴᠠᠢᠳᠠᠮ ᠤ᠋ᠨ ᠳᠤᠮᠳᠠ ᠠᠳᠤᠭᠤ ᠦᠬᠡᠷ ᠪᠡᠯᠴᠢᠭᠡᠷᠯᠡᠳᠡᠭ᠃  
       ᠡᠨᠡ ᠰᠠᠢᠬᠠᠨ ᠴᠠᠢᠳᠠᠮ ᠤ᠋ᠨ ᠳᠤᠮᠳᠠᠬᠢ ᠤᠯᠠᠭᠠᠨ ᠰᠢᠪᠠᠭ ᠲᠠᠢ ᠳᠣᠪᠣᠷᠬᠠᠭ ᠳᠡᠭᠡᠷ᠎ᠡ1820 ᠣᠨ ᠳ᠋ᠤ᠌ ᠨᠢᠭᠡ ᠰᠦᠮ᠎ᠡ ᠪᠠᠢᠭᠤᠯᠤᠭᠳᠠᠵᠤ ᠡᠨᠳᠡᠬᠢ ᠶ᠋ᠢᠨ ᠮᠠᠯᠴᠢᠳ ᠲᠡᠭᠦᠨ ᠢ᠋ᠶ᠋ᠡᠨ ᠤᠯᠠᠭᠠᠨᠲᠣᠯᠣᠭᠠᠢ ᠶ᠋ᠢᠨ ᠰᠦᠮ᠎ᠡ ᠭᠡᠮᠡᠨ ᠨᠡᠷᠡᠢᠳᠦᠭᠰᠡᠨ ᠪᠠᠢᠳᠠᠭ᠃ 
       1927 ᠣᠨ ᠤ᠋ ᠬᠠᠪᠤᠷ ᠤ᠋ᠨ ᠳᠤᠮᠳᠠ ᠰᠠᠷ᠎ᠠ ᠶ᠋ᠢᠨ ᠨᠢᠭᠡᠨ ᠡᠳᠦᠷ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠠᠩᠭᠢ ᠶ᠋ᠢᠨ ᠵᠠᠭᠤ ᠰᠢᠬᠠᠮ ᠬᠥᠮᠦᠨ ᠲᠤᠰ ᠰᠦᠮ᠎ᠡ ᠶ᠋ᠢᠨ ᠡᠮᠦᠨᠡᠬᠢ ᠥᠷᠭᠡᠨ ᠰᠠᠷᠠᠭᠤᠯ ᠲᠠᠯ᠎ᠠ ᠳᠡᠭᠡᠷ᠎ᠡ ᠮᠣᠷᠢᠲᠤ ᠴᠡᠷᠢᠭ ᠦ᠋ᠨ ᠰᠤᠷᠭᠠᠭᠤᠯᠢᠯᠠᠯ ᠬᠢᠵᠦ ᠪᠠᠢᠯ᠎ᠠ᠃ ᠡᠨᠡ ᠦᠶ᠎ᠡ ᠳ᠋ᠦ᠍ ᠠᠰ ᠡᠮᠦᠨ᠎ᠡ  ᠬᠤᠸᠠᠲᠣᠯᠣᠭᠠᠢ ᠠ᠋ᠴᠠ ᠲᠤᠷᠤᠭ ᠰᠠᠭᠠᠷᠠᠯ ᠮᠣᠷᠢ ᠤᠨᠤᠭᠰᠠᠨ ᠬᠥᠮᠦᠨ ᠰᠤᠮᠤᠳᠠᠨ ᠳᠠᠪᠬᠢᠵᠤ ᠢᠷᠡᠨ᠎ᠡ᠃ ᠲᠡᠷᠡ ᠮᠣᠷᠢᠨ ᠠ᠋ᠴᠠ ᠪᠠᠨ ᠪᠠᠭᠤᠵᠤ ᠰᠦᠮ᠎ᠡ ᠶ᠋ᠢᠨ ᠬᠠᠢᠯᠠᠰᠤᠨ ᠮᠣᠳᠣᠨ ᠠ᠋ᠴᠠ ᠮᠣᠷᠢ ᠪᠠᠨ ᠤᠶᠠᠮᠠᠭᠴᠠ ᠶᠠᠭᠠᠷᠠᠤ ᠰᠠᠨᠳᠤᠷᠤᠤ ᠴᠡᠷᠢᠭ ᠦ᠋ᠨ ᠰᠣᠷᠢᠯᠲᠠ ᠬᠢᠵᠦ ᠪᠠᠢᠭ᠎ᠠ ᠲᠠᠯᠠᠪᠠᠢ ᠵᠦᠭ ᠭᠦᠶᠦᠨ ᠢᠷᠡᠵᠦ ᠰᠢᠨᠠᠯᠠᠮ᠎ᠠ ᠲᠠᠢ ᠠᠭᠤᠯᠵᠠᠨ ᠬᠤᠸᠠᠲᠣᠯᠣᠭᠠᠢ ᠣᠷᠴᠢᠮ ᠢ᠋ᠶ᠋ᠠᠷ ᠲᠡᠮᠡᠭᠡᠲᠦ(ᠢᠦᠢ ᠯᠢᠨ) ᠦ᠌ ᠲᠠᠪᠤᠨ ᠵᠠᠭᠤᠨ ᠮᠣᠷᠢᠲᠤ ᠴᠡᠷᠢᠭ ᠣᠷᠣᠵᠤ ᠢᠷᠡᠭᠡᠳ ᠠᠢᠯ ᠡᠷᠦᠬᠡ ᠶ᠋ᠢ ᠲᠣᠨᠣᠨ ᠳᠡᠭᠡᠷᠡᠮᠳᠡᠵᠦ᠂ ᠠᠳᠤᠭᠤ ᠮᠠᠯ ᠢ᠋ ᠪᠤᠯᠢᠶᠠᠨ ᠠᠪᠠᠴᠢᠵᠤ ᠪᠠᠢᠭ᠎ᠠ ᠪᠠᠢᠳᠠᠯ ᠢ᠋ ᠮᠡᠳᠡᠭᠦᠯᠪᠡ᠃ ᠰᠢᠨᠠᠯᠠᠮ᠎ᠠ ᠪᠠᠢᠳᠠᠯ ᠪᠠᠴᠢᠮ ᠪᠣᠯᠤᠭᠰᠠᠨ ᠢ᠋ ᠮᠡᠳᠡᠭᠡᠳ᠂ ᠴᠡᠷᠢᠭ ᠲᠡᠭᠡᠨ ᠵᠠᠷᠯᠢᠭ ᠪᠣᠯᠵᠤ᠄《ᠬᠣᠶᠠᠳᠤᠭᠠᠷ ᠯᠢᠶᠠᠨ ᠰᠦᠮ᠎ᠡ ᠶ᠋ᠢᠨ ᠪᠠᠷᠠᠭᠤᠨ ᠬᠣᠢᠲᠤ ᠥᠨᠳᠥᠷᠯᠢᠭ ᠭᠠᠵᠠᠷ ᠢ᠋ ᠡᠵᠡᠯᠡᠵᠦ ᠪᠠᠢᠯᠳᠤᠬᠤ ᠪᠠᠷ ᠪᠡᠯᠡᠳᠭᠡ! ᠭᠤᠷᠪᠠᠳᠤᠭᠠᠷ ᠯᠢᠶᠠᠨ ᠰᠦᠮ᠎ᠡ ᠶ᠋ᠢᠨ ᠡᠮᠦᠨᠡᠬᠢ ᠠᠰᠢᠭᠲᠠᠢ ᠭᠠᠵᠠᠷ ᠤ᠋ᠨ ᠪᠠᠢᠴᠠ ᠶ᠋ᠢ ᠡᠵᠡᠯᠡᠵᠦ ᠲᠤᠯᠤᠯᠳᠤᠬᠤ ᠪᠠᠷ ᠪᠡᠯᠡᠳᠭᠡ!》 ᠬᠡᠮᠡᠪᠡ᠃ 
       ᠦᠳᠡ ᠶ᠋ᠢᠨ ᠦᠶ᠎ᠡ ᠪᠣᠯᠬᠤ ᠳ᠋ᠤ᠌ ᠡᠮᠦᠨ᠎ᠡ ᠪᠡᠶ᠎ᠡ ᠡᠴᠡ ᠲᠣᠭᠣᠰᠣ ᠮᠠᠨᠠᠷᠠᠨ ᠲᠡᠮᠡᠭᠡᠲᠦ ᠳ᠋ᠡᠬᠢ ᠢᠷᠭᠡᠨ ᠦ᠌ ᠴᠡᠷᠢᠭ ᠦ᠋ᠨ86 ᠳ᠋ᠤᠭᠠᠷ ᠳ᠋ᠢᠸᠢᠽᠢ  ᠬᠣᠢᠰᠢ ᠳᠣᠪᠲᠣᠯᠤᠨ ᠠᠢᠰᠤᠢ᠃ ᠲᠡᠳᠡᠭᠡᠷ ᠴᠡᠷᠢᠭ ᠦ᠋ᠳ ᠤᠯᠠᠭᠠᠨᠲᠣᠯᠣᠭᠠᠢ ᠶ᠋ᠢᠨ ᠰᠦᠮ᠎ᠡ ᠶ᠋ᠢᠨ ᠣᠢᠷᠠᠯᠴᠠᠭ᠎ᠠ ᠢᠷᠡᠮᠡᠭᠴᠡ ᠯᠠᠮᠠ ᠨᠠᠷ ᠤ᠋ᠨ ᠭᠡᠷ ᠪᠠᠢᠰᠢᠩ ᠵᠦᠭ ᠰᠢᠷᠦᠭᠦᠨ ᠭᠠᠯᠯᠠᠵᠤ ᠬᠤᠷᠳᠤᠨ ᠫᠤᠤ ᠬᠤᠷᠴᠠ ᠵᠡᠪᠰᠡᠭ ᠪᠣᠯᠤᠨ ᠬᠥᠮᠦᠨ ᠠᠷᠪᠢᠨ ᠳ᠋ᠠᠭᠠᠨ ᠣᠮᠣᠭᠰᠢᠵᠤ ᠵᠢᠩᠬᠢᠨᠢ ᠤᠯᠤᠰ ᠤ᠋ᠨ ᠴᠡᠷᠢᠭ ᠦ᠋ᠨ ᠰᠦᠷ ᠬᠦᠴᠦᠨ ᠢ᠋ᠶ᠋ᠡᠨ ᠮᠠᠨᠳᠤᠭᠤᠯᠵᠤ ᠪᠠᠢᠯ᠎ᠠ᠃  
       ᠰᠢᠨᠡᠯᠡᠮ᠎ᠡ ᠶ᠋ᠢᠨ ᠴᠡᠷᠢᠭ ᠦ᠋ᠨ ᠭᠤᠷᠪᠠᠳᠤᠭᠠᠷ ᠯᠢᠶᠠᠨ ᠤ᠋ ᠰᠠᠢᠨᠴᠡᠩᠬᠡᠯ ᠪᠢᠴᠢᠬᠠᠨ ᠳᠣᠪᠣᠴᠠᠭ ᠳᠡᠭᠡᠷ᠎ᠡ ᠪᠡᠶ᠎ᠡ ᠳᠠᠯᠳᠠᠯᠠᠵᠤ ᠪᠠᠢᠭᠠᠳ ᠵᠢᠭᠰᠠᠭᠠᠯ ᠤ᠋ᠨ ᠲᠡᠷᠢᠭᠦᠨ ᠳ᠋ᠡᠬᠢ ᠬᠠᠷ᠎ᠠ ᠮᠣᠷᠢᠲᠠᠢ ᠴᠡᠷᠢᠭ ᠢ᠋ ᠳᠣᠣᠷ᠎ᠠ ᠨᠢ ᠬᠠᠷᠪᠤᠵᠤ ᠤᠨᠠᠭᠠᠯ᠎ᠠ᠃ ᠬᠣᠶᠠᠷ ᠲᠠᠯ᠎ᠠ ᠪᠠᠷ ᠢ᠋ᠶ᠋ᠠᠨ ᠪᠠᠢᠯᠳᠤᠵᠤ ᠪᠠᠢᠬᠤ ᠳ᠋ᠤ᠌ ᠭᠡᠨᠡᠳᠲᠡ ᠵᠢᠩ ᠶᠤᠸᠠᠢ ᠰᠢᠦ ᠶ᠋ᠢᠨ ᠴᠡᠷᠢᠭ ᠦ᠋ᠨ ᠭᠣᠣᠯ ᠬᠦᠴᠦᠨ ᠨᠢ ᠰᠦᠮ᠎ᠡ ᠶ᠋ᠢᠨ ᠪᠠᠷᠠᠭᠤᠨ ᠡᠮᠦᠨ᠎ᠡ ᠡᠴᠡ ᠪᠦᠭᠭᠦᠵᠦ ᠰᠢᠷᠦᠭᠦᠨ ᠢ᠋ᠶ᠋ᠡᠷ ᠳᠠᠭᠠᠷᠢᠨ ᠢᠷᠡᠪᠡ᠃ ᠡᠨᠡ ᠬᠦ᠌ ᠪᠠᠴᠢᠮ ᠪᠠᠢᠳᠠᠯ ᠢ᠋ ᠠᠷᠭᠠᠴᠠᠭᠠᠬᠤ ᠶ᠋ᠢᠨ ᠲᠤᠰᠠᠳᠠ᠂ ᠰᠦᠮ᠎ᠡ ᠶ᠋ᠢᠨ ᠵᠡᠭᠦᠨ ᠳᠣᠪᠣᠴᠠᠭ ᠲᠤ᠌ ᠲᠡᠢᠨ ᠢ᠋ ᠵᠢᠯᠣᠭᠣᠳᠴᠤ ᠪᠠᠢᠭᠰᠠᠨ ᠰᠣᠳᠨᠠᠮᠳᠣᠩᠷᠣᠪ ᠳᠠᠢᠰᠤᠨ ᠤ᠋ ᠠᠷᠤ ᠲᠠᠯ᠎ᠠ ᠠ᠋ᠴᠠ ᠳᠠᠭᠠᠷᠢᠯᠲᠠ ᠬᠢᠬᠦ ᠪᠡᠷ ᠬᠡᠳᠦᠨ ᠴᠡᠷᠢᠭ ᠶᠠᠪᠤᠭᠤᠯᠬᠤ ᠭᠡᠬᠦ ᠳ᠋ᠦ᠍ ᠪᠠᠢᠯᠳᠤᠭᠴᠢ ᠪᠠᠷᠬ᠎ᠠ(ᠭᠠᠯᠠᠭᠤᠲᠤ ᠶ᠋ᠢᠨ ᠬᠥᠬᠡᠨᠠᠭᠤᠷ ᠭᠠᠴᠠᠭᠠᠨ ᠤ᠋ ᠰᠢᠨᠡᠰᠦᠮ᠎ᠡ ᠮᠠᠯᠵᠢᠯ ᠤ᠋ᠨ ᠬᠤᠷᠰᠢᠶ᠎ᠠ ᠶ᠋ᠢᠨ ᠲᠤᠶᠠᠭ᠎ᠠ ᠶ᠋ᠢᠨ ᠠᠪᠤ ᠨᠢ) ᠰᠣᠨᠣᠰᠤᠭᠠᠳ᠄《ᠨᠠᠭᠠᠢ ᠨᠠᠮᠠᠶ᠋ᠢ ᠶᠠᠪᠤᠭᠤᠯᠤᠭᠠᠴᠢ》 ᠭᠡᠵᠦ ᠭᠤᠶᠤᠴᠢᠯᠠᠭᠰᠠᠨ ᠢ᠋ ᠵᠥᠪᠰᠢᠶᠡᠷᠡᠵᠦ ᠲᠡᠭᠦᠨ ᠢ᠋ ᠬᠡᠳᠦᠨ ᠴᠡᠷᠢᠭ ᠲᠡᠢ ᠶᠠᠪᠤᠭᠤᠯᠪᠠ᠃  ᠲᠡᠳᠡ ᠪᠣᠰᠢᠭᠣ ᠲᠦᠷᠭᠡᠨ ᠮᠣᠷᠢᠨ ᠳ᠋ᠠᠭᠠᠨ ᠮᠣᠷᠳᠠᠵᠤ ᠵᠢᠩ ᠶᠤᠸᠠᠢ ᠰᠢᠦ ᠶ᠋ᠢᠨ ᠴᠡᠷᠢᠭ ᠦ᠋ᠨ ᠠᠷᠤ ᠲᠠᠯ᠎ᠠ ᠳ᠋ᠤ᠌ ᠭᠠᠷᠴᠤ ᠳᠣᠪᠣᠴᠠᠭ ᠢ᠋ ᠰᠡᠮᠡᠷᠬᠡᠨ ᠢ᠋ᠶ᠋ᠡᠷ ᠡᠵᠡᠯᠡᠭᠰᠡᠨ ᠲᠤᠯᠠ ᠪᠠᠢᠯᠳᠤᠭᠠᠨ ᠤ᠋ ᠠᠰᠢᠭᠲᠤ ᠪᠠᠢᠷᠢᠨ ᠳ᠋ᠤ᠌ ᠣᠷᠣᠵᠤ ᠨᠡᠯᠢᠶᠡᠳ ᠬᠡᠳᠦᠨ ᠴᠡᠷᠢᠭ ᠢ᠋ ᠬᠠᠷᠪᠤᠵᠤ ᠠᠯᠠᠯ᠎ᠠ᠃ ᠪᠠᠷᠬ᠎ᠠ ᠵᠡᠷᠭᠡ ᠶ᠋ᠢᠨ ᠪᠠᠢᠯᠳᠤᠭᠴᠢᠳ ᠤᠯᠠᠮ ᠢ᠋ᠶ᠋ᠠᠷ ᠵᠣᠷᠢᠭᠵᠢᠨ ᠪᠠᠢᠯᠳᠤᠵᠤ ᠪᠠᠢᠲᠠᠯ᠎ᠠ ᠲᠡᠳᠡᠨ ᠦ᠌ ᠡᠵᠡᠯᠡᠵᠦ ᠪᠠᠢᠭᠰᠠᠨ ᠪᠢᠴᠢᠬᠠᠨ ᠳᠣᠪᠣᠴᠠᠭ ᠤ᠋ᠨ ᠠᠷᠤ ᠠ᠋ᠴᠠ ᠵᠢᠩ ᠶᠤᠸᠠᠢ ᠰᠢᠦ ᠶ᠋ᠢᠨ ᠨᠢᠭᠡ ᠪᠦᠯᠦᠭ ᠴᠡᠷᠢᠭ ᠰᠡᠮᠬᠡᠨ ᠣᠢᠷᠠᠳᠴᠤ ᠢᠷᠡᠭᠡᠳ ᠰᠢᠷᠦᠭᠦᠨ ᠳᠠᠭᠠᠷᠢᠪᠠ᠃ ᠪᠣᠷᠣᠭᠠᠨ ᠮᠥᠨᠳᠥᠷ ᠰᠢᠭ ᠫᠠᠷᠴᠢᠭᠢᠨᠠᠭᠰᠠᠨ ᠰᠤᠮᠤᠨ ᠳ᠋ᠤ᠌ ᠪᠠᠷᠬ᠎ᠠ ᠨᠥᠬᠥᠷ ᠬᠦᠨᠳᠦ ᠰᠢᠷᠬᠠᠲᠤᠵᠤ ᠠᠷᠢᠭᠤᠨ ᠴᠢᠰᠤ ᠪᠠᠨ ᠤᠯᠠᠭᠠᠨᠲᠣᠯᠣᠭᠠᠢ ᠶ᠋ᠢᠨ ᠪᠠᠢᠯᠳᠤᠭᠠᠨ ᠳ᠋ᠤ᠌ ᠤᠷᠤᠰᠬᠠᠯ᠎ᠠ᠃ ᠪᠠᠢᠯᠳᠤᠭᠠᠨ ᠤᠯᠠᠮ ᠰᠢᠷᠦᠭᠦᠰᠴᠦ ᠬᠣᠶᠠᠷ ᠡᠲᠡᠭᠡᠳ ᠦᠬᠦᠵᠦ ᠰᠡᠬᠡᠬᠦ ᠶ᠋ᠢᠨ ᠳᠠᠪᠠᠭᠠᠨ ᠳᠡᠭᠡᠷ᠎ᠡ ᠲᠡᠮᠡᠴᠡᠯᠳᠦᠵᠦ ᠢᠯᠠᠬᠤ ᠢᠯᠠᠭᠳᠠᠬᠤ ᠨᠢ ᠮᠡᠳᠡᠭᠳᠡᠬᠦ ᠦᠭᠡᠢ ᠪᠠᠢᠭᠰᠠᠨ ᠦᠶ᠎ᠡ ᠳ᠋ᠦ᠍ ᠵᠢᠩ ᠶᠤᠸᠠᠢ ᠰᠢᠦ ᠶ᠋ᠢᠨ ᠴᠡᠷᠢᠭ ᠬᠠᠷᠠᠯᠲᠠ ᠪᠠᠨ ᠥᠭᠡᠷᠡᠴᠢᠯᠡᠨ ᠰᠢᠪᠠᠷ ᠤ᠋ᠨ ᠴᠠᠢᠳᠠᠮ ᠤ᠋ᠨ ᠪᠠᠷᠠᠭᠤᠨ ᠬᠥᠪᠡᠭᠡ ᠶ᠋ᠢ ᠳᠠᠭᠠᠨ ᠪᠠᠷᠠᠭᠤᠨ ᠬᠣᠢᠰᠢ ᠤᠷᠤᠭᠰᠢᠯᠠᠵᠤ ᠦᠦᠰᠢᠨ ᠬᠤᠰᠢᠭᠤᠨ ᠤ᠋ ᠵᠠᠰᠠᠭ ᠨᠣᠶᠠᠨ ᠤ᠋ ᠣᠷᠳᠣᠨ— ᠲᠠᠮᠠᠭᠠᠯᠠᠢ ᠶ᠋ᠢᠨ ᠱᠠᠩ ᠢ᠋ ᠡᠵᠡᠯᠡᠬᠦ ᠪᠡᠷ ᠳᠣᠪᠲᠣᠯᠪᠠ᠃《ᠣᠳᠣ ᠶᠠᠭᠠᠬᠢᠳᠠᠭ ᠪᠢᠯᠡ! ᠨᠣᠶᠠᠨ ᠱᠠᠩ ᠢ᠋ᠶ᠋ᠠᠨ ᠠᠯᠳᠠᠪᠠᠯ ᠬᠣᠰᠢᠭᠤ ᠪᠠᠨ ᠠᠯᠳᠠᠭᠰᠠᠨ ᠲᠠᠢ ᠠᠳᠠᠯᠢ ᠪᠢᠰᠢ ᠤᠤ?》 ᠭᠡᠵᠦ ᠰᠢᠨᠠᠯᠠᠮ᠎ᠠ ᠶ᠋ᠢᠨ ᠴᠡᠷᠢᠭ ᠦ᠋ᠳ ᠰᠠᠨᠳᠤᠷᠴᠠᠭᠠᠪᠠ᠃ 
       ᠭᠡᠲᠡᠯ᠎ᠡ ᠰᠢᠨᠠᠯᠠᠮ᠎ᠠ ᠠᠯᠢ ᠬᠡᠵᠢᠶᠡᠨᠡᠢ ᠪᠠᠢᠯᠳᠤᠭᠠᠨ ᠡᠬᠢᠯᠡᠬᠦ ᠡᠴᠡ ᠡᠮᠦᠨ᠎ᠡ ᠬᠣᠶᠠᠳᠤᠭᠠᠷ ᠯᠢᠶᠠᠨ ᠤ᠋ ᠴᠡᠷᠢᠭ ᠢ᠋ᠶ᠋ᠡᠷ ᠪᠠᠷᠠᠭᠤᠨ ᠬᠣᠢᠨᠠᠬᠢ ᠥᠨᠳᠥᠷᠯᠢᠭ ᠰᠢᠯᠢ ᠶ᠋ᠢ ᠡᠵᠡᠯᠡᠭᠦᠯᠵᠦ᠂ ᠵᠢᠩ ᠶᠤᠸᠠᠢ ᠰᠢᠦ ᠶ᠋ᠢᠨ ᠴᠡᠷᠢᠭ ᠦ᠋ᠨ ᠦᠦᠰᠢᠨ ᠱᠠᠩ ᠣᠷᠳᠣᠨ ᠢ᠋ ᠡᠵᠡᠯᠡᠬᠦ ᠶ᠋ᠢ ᠤᠷᠢᠳᠴᠢᠯᠠᠨ ᠰᠡᠷᠭᠡᠢᠯᠡᠭᠦᠯᠦᠭᠰᠡᠨ ᠪᠠᠢᠵᠠᠢ᠃ 
       ᠵᠢᠩ ᠶᠤᠸᠠᠢ ᠰᠢᠦ ᠶ᠋ᠢᠨ ᠮᠣᠷᠢᠲᠤ ᠴᠡᠷᠢᠭ ᠬᠣᠢᠰᠢ ᠤᠷᠤᠭᠰᠢᠯᠠᠵᠤ ᠦᠦᠰᠢᠨ ᠨᠣᠶᠠᠨ ᠤ᠋ ᠲᠠᠮᠠᠭᠠᠯᠠᠢ ᠶ᠋ᠢᠨ ᠱᠠᠩ ᠣᠷᠳᠣᠨ ᠠ᠋ᠴᠠ ᠬᠡᠳᠦᠬᠡᠨ ᠺᠢᠯᠣᠮᠧᠲ᠋ᠷ ᠵᠠᠢ ᠲᠠᠢ ᠪᠢᠴᠢᠬᠠᠨ ᠰᠢᠪᠠᠭ ᠪᠤᠲᠠ ᠲᠠᠢ ᠳᠠᠯᠠᠩ ᠳᠣᠪᠣ ᠬᠦᠷᠬᠦ ᠳ᠋ᠦ᠍ ᠠᠷᠤ ᠳ᠋ᠤᠨᠢ ᠭᠡᠲᠡᠨ ᠪᠦᠭᠭᠦᠵᠦ ᠪᠠᠢᠭᠰᠠᠨ ᠰᠢᠨᠠᠯᠠᠮ᠎ᠠ ᠶ᠋ᠢᠨ ᠴᠡᠷᠢᠭ ᠦ᠋ᠨ ᠬᠣᠶᠠᠳᠤᠭᠠᠷ ᠯᠢᠶᠠᠨ ᠤ᠋ ᠯᠢᠶᠠᠨᠵᠠᠩ ᠵᠠᠮᠢᠶᠠᠨᠵᠠᠪ《ᠣᠳᠣ ᠬᠠᠷᠪᠤᠵᠠᠭ᠎ᠠ!》 ᠭᠡᠵᠦ ᠵᠠᠷᠯᠢᠭᠳᠠᠪᠠ᠃ ᠴᠡᠷᠢᠭ ᠦ᠋ᠳ ᠬᠡᠵᠢᠶᠡᠨᠡᠢ ᠵᠢᠩ ᠶᠤᠸᠠᠢ ᠰᠢᠦ ᠶ᠋ᠢᠨ ᠴᠡᠷᠢᠭ ᠲᠦ᠍ ᠬᠤᠷᠳᠤᠨ ᠫᠤᠤ ᠶ᠋ᠢᠨ ᠰᠤᠮᠤᠨ ᠤ᠋ ᠠᠮᠲᠠ ᠶ᠋ᠢ ᠦᠵᠡᠭᠦᠯᠬᠦ ᠪᠡᠷ ᠶᠠᠭᠠᠷᠠᠯᠳᠤᠵᠤ ᠪᠠᠢᠭᠰᠠᠨ ᠲᠤᠯᠠ ᠳᠣᠣᠷ᠎ᠠ ᠨᠢ ᠰᠢᠷᠦᠭᠦᠨ ᠭᠠᠯᠯᠠᠵᠤ ᠨᠡᠯᠢᠶᠡᠳ ᠬᠡᠳᠦ ᠶ᠋ᠢ ᠨᠢ ᠤᠨᠠᠭᠠᠯ᠎ᠠ᠃ ᠶᠠᠭ ᠡᠨᠡ ᠬᠦ᠌ ᠴᠠᠭ ᠮᠥᠴᠡ ᠳ᠋ᠦ᠍ ᠰᠢᠨᠡᠯᠡᠮ᠎ᠡ ᠶ᠋ᠢᠨ ᠵᠠᠷᠯᠢᠭ ᠢ᠋ᠶ᠋ᠠᠷ ᠭᠤᠷᠪᠠᠳᠤᠭᠠᠷ ᠯᠢᠶᠠᠨ ᠤ᠋ ᠯᠢᠶᠠᠨᠵᠠᠩ ᠠᠷᠪᠢᠨᠪᠠᠶᠠᠷ ᠤ᠋ᠨ ᠳᠠᠭᠠᠭᠤᠯᠤᠭᠰᠠᠨ ᠮᠣᠷᠢᠲᠤ ᠴᠡᠷᠢᠭ ᠦ᠋ᠳ᠂ ᠵᠢᠩ ᠶᠤᠸᠠᠢ ᠰᠢᠦ ᠶ᠋ᠢᠨ ᠮᠣᠷᠢᠲᠤ ᠴᠡᠷᠢᠭ ᠦ᠋ᠨ ᠬᠣᠢᠨ᠎ᠠ ᠠ᠋ᠴᠠ ᠨᠡᠬᠡᠮᠵᠢᠯᠡᠨ ᠭᠠᠯᠯᠠᠵᠤ ᠬᠣᠢᠨ᠎ᠠ ᠡᠮᠦᠨ᠎ᠡ ᠡᠴᠡ ᠬᠠᠪᠴᠢᠨ ᠰᠢᠷᠦᠭᠦᠨ ᠳᠠᠭᠠᠷᠢᠯᠲᠠ ᠬᠢᠭᠰᠡᠨ ᠳ᠋ᠦ᠍ ᠵᠢᠩ ᠦ᠋ᠨ ᠴᠡᠷᠢᠭ ᠨᠢ  ᠠᠷᠪᠠᠭᠠᠳ ᠴᠡᠷᠢᠭ ᠢ᠋ᠶ᠋ᠡᠨ ᠦᠷᠡᠭᠳᠡᠭᠦᠯᠵᠦ ᠠᠷᠭ᠎ᠠ ᠪᠤᠰᠤ ᠤᠬᠤᠷᠢᠨ ᠳᠤᠲᠠᠭᠠᠯ᠎ᠠ᠃ ᠰᠥᠨᠢ ᠪᠣᠯᠬᠤ ᠳ᠋ᠤ᠌ ᠲᠡᠳᠡ ᠳᠠᠷᠠᠰᠤ ᠶ᠋ᠢᠨ ᠴᠠᠢᠳᠠᠮ ᠢ᠋ᠶ᠋ᠠᠷ ᠪᠤᠷᠤᠭᠤᠯᠠᠨ ᠳᠤᠲᠠᠭᠠᠭᠰᠠᠭᠠᠷ ᠲᠡᠮᠡᠭᠡᠲᠦ ᠵᠦᠭ ᠢ᠋ᠶ᠋ᠡᠨ ᠤᠬᠤᠷᠢᠵᠠᠢ᠃  
       ᠰᠢᠨᠡᠯᠡᠮ᠎ᠡ ᠶ᠋ᠢᠨ ᠴᠡᠷᠢᠭ ᠢᠯᠠᠯᠲᠠ ᠣᠯᠵᠤ ᠮᠠᠰᠢ ᠠᠷᠪᠢᠨ ᠫᠤᠤ ᠰᠤᠮᠤ ᠪᠠ ᠴᠡᠷᠢᠭ ᠦ᠋ᠨ ᠠᠭᠲᠠ ᠮᠣᠷᠢᠳ ᠣᠯᠵᠠᠯᠠᠵᠠᠢ᠃  
       ᠤᠯᠠᠭᠠᠨᠲᠣᠯᠣᠭᠠᠢ ᠶ᠋ᠢᠨ ᠪᠠᠢᠯᠳᠤᠭᠠᠨ ᠳᠡᠭᠡᠷ᠎ᠡ ᠢᠯᠠᠯᠲᠠ ᠣᠯᠤᠭᠰᠠᠨ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠳ ᠡᠳᠦᠷ ᠪᠣᠯᠪᠠᠯ ᠴᠡᠷᠢᠭ ᠦ᠋ᠨ ᠪᠣᠯᠪᠠᠰᠤᠷᠠᠯ ᠬᠢᠵᠦ ᠰᠥᠨᠢ ᠪᠣᠯᠤᠭᠰᠠᠭᠠᠷ ᠬᠠᠷᠠᠭᠤᠯ ᠮᠠᠨᠠᠭ᠎ᠠ ᠪᠠᠨ ᠴᠢᠩᠭᠠᠳᠬᠠᠵᠤ ᠵᠢᠩ ᠶᠤᠸᠠᠢ ᠰᠢᠦ ᠶ᠋ᠢᠨ ᠴᠡᠷᠢᠭ ᠬᠡᠵᠢᠶ᠎ᠡ ᠨᠢᠭᠡᠨ ᠡᠳᠦᠷ ᠭᠡᠨᠡᠳᠡᠭᠦᠯᠦᠨ ᠳᠣᠪᠲᠣᠯᠵᠤ ᠢᠷᠡᠬᠦ ᠶ᠋ᠢ ᠰᠡᠷᠭᠡᠢᠯᠡᠵᠦ ᠪᠠᠢᠯ᠎ᠠ᠃ 
       ᠵᠢᠩ ᠶᠤᠸᠠᠢ ᠰᠢᠦ ᠶ᠋ᠢᠨ ᠴᠡᠷᠢᠭ ᠭᠡᠨᠡᠳᠲᠡ ᠤᠯᠠᠭᠠᠨᠲᠣᠯᠣᠭᠠᠢ ᠶ᠋ᠢᠨ ᠰᠦᠮ᠎ᠡ ᠶ᠋ᠢ ᠳᠣᠪᠲᠣᠯᠤᠨ ᠳᠠᠭᠠᠷᠢᠭᠰᠠᠨ ᠶᠠᠪᠤᠳᠠᠯ ᠳ᠋ᠤ᠌ ᠯᠠᠪ ᠨᠢᠭᠡᠨ ᠤᠴᠢᠷ ᠰᠢᠯᠲᠠᠭᠠᠨ ᠪᠠᠢᠵᠤ ᠮᠠᠭᠠᠳ ᠭᠡᠵᠦ ᠰᠢᠨᠡᠯᠡᠮ᠎ᠡ ᠰᠡᠵᠢᠭᠯᠡᠯ ᠲᠥᠷᠥᠪᠡ᠃ ᠲᠡᠭᠡᠭᠡᠳ ᠤᠯᠠᠭᠠᠨᠲᠣᠯᠣᠭᠠᠢ ᠶ᠋ᠢᠨ ᠪᠠᠢᠯᠳᠤᠭᠠᠨ ᠤ᠋ ᠳᠠᠷᠠᠭᠠᠬᠢ ᠳᠥᠷᠪᠡᠳᠦᠭᠡᠷ ᠡᠳᠦᠷ ᠲᠦ᠍ ᠨᠢᠭᠡ ᠪᠦᠯᠦᠭ ᠴᠡᠷᠢᠭ ᠢ᠋ᠶ᠋ᠡᠨ ᠳᠠᠭᠠᠭᠤᠯᠤᠨ ᠦᠦᠰᠢᠨ ᠬᠤᠰᠢᠭᠤᠨ ᠤ᠋ ᠲᠠᠮᠠᠭᠠᠯᠠᠢ ᠶ᠋ᠢᠨ ᠱᠠᠩ ᠳ᠋ᠤ᠌ ᠣᠴᠢᠵᠤ ᠲᠡᠭᠦᠰᠠᠠᠮᠤᠭᠤᠯᠠᠩ ᠨᠣᠶᠠᠨ ᠲᠠᠢ ᠤᠴᠠᠷᠠᠵᠤ ᠡᠳᠦᠷᠵᠢᠨ ᠶᠠᠷᠢᠯᠴᠠᠵᠠᠢ᠃ ᠶᠠᠷᠢᠶᠠᠨ ᠤ᠋ ᠳᠤᠮᠳᠠ ᠠ᠋ᠴᠠ ᠨᠣᠶᠠᠨ ᠠ᠋ᠴᠠ ᠸᠠᠩᠴᠤᠭᠷᠠᠪᠳᠠᠨ ᠢ᠋ ᠲᠡᠮᠡᠭᠡᠲᠦ ᠳ᠋ᠦ᠍ ᠶᠠᠪᠤᠭᠤᠯᠵᠤ ᠵᠢᠩ ᠳᠡ ᠯᠸᠨ (ᠵᠢᠩ ᠶᠤᠸᠠᠢ ᠰᠢᠦ) ᠲᠡᠢ ᠬᠠᠷᠢᠯᠴᠠᠭᠰᠠᠨ ᠪᠠ ᠵᠢᠩ ᠶᠤᠸᠠᠢ ᠰᠢᠦ ᠶ᠋ᠢᠨ ᠴᠡᠷᠢᠭ ᠦ᠋ᠨ ᠨᠢᠭᠡᠨ ᠯᠢᠶᠠᠨᠵᠠᠩ ᠬᠡᠳᠦᠨ ᠳᠠᠭᠠᠯ ᠴᠡᠷᠢᠭ ᠲᠡᠢ ᠤᠯᠠᠭᠠᠨᠲᠣᠯᠣᠭᠠᠢ ᠶ᠋ᠢᠨ ᠪᠠᠢᠯᠳᠤᠭᠠᠨ ᠤ᠋ ᠡᠮᠦᠨ᠎ᠡ ᠰᠥᠨᠢ ᠨᠢ ᠳᠠᠮᠠᠭᠠᠯᠠᠢ ᠶ᠋ᠢᠨ ᠱᠠᠩ ᠳᠡᠭᠡᠷ᠎ᠡ ᠢᠷᠡᠵᠦ ᠬᠠᠷᠢᠴᠠᠭ᠎ᠠ ᠬᠣᠯᠪᠣᠭ᠎ᠠ ᠠᠪᠤᠭᠰᠠᠨ ᠭᠡᠳᠡᠭ ᠤᠴᠢᠷ ᠤ᠋ᠳ ᠢ᠋ ᠣᠢᠯᠠᠭᠠᠵᠤ ᠮᠡᠳᠡᠵᠡᠢ᠃ 
       ᠰᠢᠨᠡᠯᠡᠮ᠎ᠡ ᠦᠨᠡᠨ ᠤᠴᠢᠷ ᠢ᠋ ᠪᠦᠷᠢᠨ ᠣᠢᠯᠠᠭᠠᠵᠤ᠂ ᠸᠠᠩ ᠤ᠋ᠨ ᠣᠷᠳᠣᠨ ᠳ᠋ᠤ᠌ ᠬᠠᠳᠠᠭᠠᠯᠠᠵᠤ ᠪᠠᠢᠭᠰᠠᠨ ᠣᠬᠣᠷ ᠤᠷᠲᠤ ᠠᠷᠪᠠᠨ ᠬᠣᠶᠠᠷ ᠫᠤᠤ ᠶ᠋ᠢ ᠬᠤᠷᠢᠶᠠᠮᠵᠢᠯᠠᠵᠤ᠂ 《ᠡᠨᠡ ᠵᠡᠪᠰᠡᠭ ᠢ᠋ᠶ᠋ᠡᠷ ᠪᠢᠳᠡ ᠨᠣᠶᠠᠨ ᠲᠠᠨ ᠢ᠋ᠶ᠋ᠠᠨ ᠬᠠᠮᠠᠭᠠᠯᠠᠵᠤ ᠪᠠᠢᠭᠠᠳ ᠲᠠᠨ ᠠ᠋ᠴᠠ ᠲᠦᠷ ᠵᠢᠭᠡᠯᠡᠨ ᠵᠠᠷᠤᠵᠤ᠂ ᠴᠠᠭ ᠲᠠᠢᠪᠤᠩ ᠪᠣᠯᠤᠭᠰᠠᠨ ᠤ᠋ ᠳᠠᠷᠠᠭ᠎ᠠ ᠡᠭᠡᠭᠦᠯᠦᠨ ᠥᠭᠭᠦᠮᠣᠢ ᠁》 ᠭᠡᠳ ᠨᠣᠶᠠᠨ ᠤ᠋ ᠭᠠᠷ ᠫᠤᠤ ᠶ᠋ᠢ ᠬᠤᠷᠢᠶᠠᠭᠰᠠᠨ ᠦᠭᠡᠢ ᠣᠷᠬᠢᠵᠠᠢ᠃ ᠬᠣᠵᠢᠮ ᠰᠢᠨᠠᠯᠠᠮ᠎ᠠ ᠡᠨᠡ ᠬᠦ᠌ ᠦᠭᠡ ᠪᠣᠯᠤᠨ ᠤᠭ ᠰᠠᠨᠠᠭ᠎ᠠ ᠪᠠᠨ ᠲᠡᠭᠦᠰᠠᠠᠮᠤᠭᠤᠯᠠᠩ ᠨᠣᠶᠠᠨ ᠳ᠋ᠤ᠌ ᠠᠢᠯᠠᠳᠬᠠᠭᠰᠠᠨ ᠨᠢᠭᠡᠨ ᠬᠤᠪᠢ ᠤᠷᠲᠤ ᠵᠠᠬᠢᠳᠠᠯ ᠳ᠋ᠠᠭᠠᠨ ᠳᠤᠷᠠᠳᠤᠭᠰᠠᠨ ᠪᠠᠢᠨ᠎ᠠ᠃  
       ᠰᠢᠨᠠᠯᠠᠮ᠎ᠠ ᠠ᠋ᠴᠠ ᠲᠠᠭᠦᠰᠠᠠᠮᠠᠭᠤᠯᠤᠩ ᠨᠣᠶᠠᠨ ᠪᠣᠯᠤᠨ ᠲᠥᠷᠥᠯ ᠰᠠᠳᠤᠨ ᠭᠠᠷ ᠳᠣᠣᠷᠠᠬᠢ ᠰᠤᠪᠢᠯᠠᠭᠴᠢ ᠳᠠᠭᠠᠯ ᠬᠢᠶ᠎ᠡ ᠵᠡᠷᠭᠡ ᠠᠷᠪᠠᠭᠠᠳ ᠬᠥᠮᠦᠨ ᠢ᠋ ᠳᠠᠮᠠᠭᠠᠯᠠᠢ ᠶ᠋ᠢᠨ ᠱᠠᠩ ᠣᠷᠳᠣᠨ ᠤ᠋ ᠬᠣᠢᠲᠤ ᠪᠡᠶ᠎ᠡ ᠶ᠋ᠢᠨ ᠪᠣᠢᠳᠠ ᠪᠥᠭᠯᠡᠭᠦᠦ ᠭᠠᠵᠠᠷ ᠪᠣᠯᠬᠤ ᠦᠦᠰᠢᠨ ᠬᠤᠰᠢᠭᠤᠨ ᠤ᠋ ᠬᠣᠢᠲᠤ ᠬᠥᠪᠡᠭᠡ (ᠥᠨᠥ ᠶ᠋ᠢᠨ ᠭᠠᠯᠠᠭᠤᠲᠤ ᠰᠤᠮᠤᠨ ᠤ᠋ ᠬᠥᠬᠡᠨᠠᠭᠤᠷ ᠭᠠᠴᠠᠭᠠᠨ ᠤ᠋ ᠤᠲᠤᠭᠠᠲᠤ ᠶ᠋ᠢᠨ ᠪᠠᠯᠠᠷ) ᠂ ᠰᠠᠬᠤ ᠶ᠋ᠢᠨ ᠴᠠᠢᠳᠠᠮ᠂ ᠪᠠᠷᠰᠤᠩᠭ᠎ᠠ ᠶ᠋ᠢᠨ ᠰᠦᠮ᠎ᠡ ᠵᠡᠷᠭᠡ ᠠᠮᠤᠷ ᠲᠣᠭᠲᠠᠭᠤᠨ ᠠᠶᠤᠯ ᠦᠭᠡᠢ ᠰᠡᠯᠡᠭᠦᠦ ᠭᠠᠵᠠᠷ ᠤ᠋ᠨ ᠰᠦᠮ᠎ᠡ ᠬᠡᠢᠳ ᠪᠠ ᠠᠢᠯ ᠡᠷᠦᠬᠡ ᠪᠡᠷ ᠪᠡᠶ᠎ᠡ ᠰᠤᠪᠢᠯᠠᠭᠤᠯᠤᠨ ᠠᠮᠠᠷᠠᠭᠤᠯᠵᠤ ᠲᠤᠰᠬᠠᠢ ᠨᠢᠭᠡ ᠲᠠᠰᠤᠭ ᠴᠡᠷᠢᠭ ᠢ᠋ᠶ᠋ᠡᠷ ᠴᠠᠭᠳᠠᠨ ᠬᠠᠮᠠᠭᠠᠯᠠᠭᠤᠯᠤᠭᠰᠠᠨ ᠪᠠᠢᠨ᠎ᠠ᠃ ᠢᠩᠭᠢᠬᠦ ᠨᠢ ᠨᠢᠭᠡ ᠳ᠋ᠦ᠍᠂ ᠦᠦᠰᠢᠨ ᠨᠣᠶᠠᠨ ᠲᠡᠭᠦᠰᠠᠠᠮᠤᠭᠤᠯᠠᠩ ᠢ᠋ ᠠᠷᠠᠳᠴᠢᠯᠠᠭᠰᠠᠨ ᠦᠵᠡᠯ  ᠲᠡᠢ ᠪᠣᠯᠭᠠᠨ ᠤᠬᠠᠮᠰᠠᠷᠠᠭᠤᠯᠬᠤ ; ᠬᠣᠶᠠᠷ ᠲᠤ᠌᠂ ᠦᠦᠰᠢᠨ ᠨᠣᠶᠠᠨ ᠤ᠋ ᠬᠣᠰᠢᠭᠤ ᠨᠤᠲᠤᠭ ᠠ᠋ᠴᠠ ᠪᠠᠨ ᠭᠠᠳᠠᠭᠰᠢ ᠤᠷᠭᠤᠨ ᠳᠤᠲᠠᠭᠠᠬᠤ ᠶ᠋ᠢ ᠰᠡᠷᠭᠡᠢᠯᠡᠬᠦ ; ᠭᠤᠷᠪᠠ ᠳ᠋ᠤ᠌᠂ ᠭᠠᠳᠠᠨ᠎ᠠ ᠠ᠋ᠴᠠ ᠵᠦᠢ ᠪᠤᠰᠤ ᠶ᠋ᠢᠨ ᠬᠥᠮᠦᠨ ᠢᠷᠡᠵᠦ ᠰᠦᠯᠪᠡᠭᠡᠯᠳᠦᠬᠦ ᠪᠤᠶᠤ ᠡᠰᠡᠬᠦᠯ᠎ᠡ ᠨᠣᠶᠠᠨ ᠤ᠋ ᠡᠷᠡᠭᠦᠯ ᠮᠡᠨᠳᠦ ᠳ᠋ᠦ᠍ ᠬᠠᠷᠰᠢᠯᠠᠬᠤ ᠵᠡᠷᠭᠡ ᠶ᠋ᠢ ᠰᠡᠷᠭᠡᠢᠯᠡᠵᠦ᠂ ᠨᠡᠯᠢᠶᠡᠳ ᠬᠤᠭᠤᠴᠠᠭ᠎ᠠ ᠥᠩᠭᠡᠷᠡᠭᠦᠯᠵᠡᠢ᠃ 
       1924  ᠣᠨ ᠤ᠋11 ᠰᠠᠷ᠎ᠠ ᠶ᠋ᠢᠨ13 ᠤ᠋ ᠰᠥᠨᠢ ᠪᠡᠷ ᠬᠥᠮᠦᠰ ᠦ᠋ᠨ ᠭᠦᠨ ᠨᠣᠢᠷ ᠲᠠᠭᠠᠨ ᠨᠣᠢᠷᠰᠤᠵᠤ ᠪᠠᠢᠭ᠎ᠠ ᠶ᠋ᠢ ᠳᠣᠬᠢᠶᠠᠯᠳᠤᠭᠤᠯᠨ ᠲᠡᠭᠦᠰᠠᠨ᠌ᠮᠤᠭᠤᠯᠠᠩ ᠨᠣᠶᠠᠨ ᠪᠤᠰᠤᠳ ᠬᠡᠳᠦᠨ ᠬᠥᠮᠦᠨ ᠲᠡᠢ ᠪᠡᠨ ᠰᠡᠮᠡᠷᠬᠡᠨ ᠪᠠᠷᠰᠤᠩᠭ᠎ᠡ ᠶ᠋ᠢᠨ ᠰᠦᠮ᠎ᠡ ᠡᠴᠡ ᠮᠣᠷᠢᠨ ᠤ᠋  ᠰᠠᠢᠨ ᠢ᠋ᠶ᠋ᠠᠷ ᠡᠮᠦᠨᠡᠰᠢ ᠢᠦᠢ ᠯᠢᠨ ᠬᠣᠲᠠ ᠵᠦᠭ ᠭᠣᠳ ᠳᠤᠲᠠᠭᠠᠯ᠎ᠠ᠃ ᠥᠷᠯᠥᠭᠡ ᠡᠴᠡ ᠰᠥᠨᠢ ᠪᠣᠯᠲᠠᠯ᠎ᠠ ᠴᠣᠭᠲᠠᠨ ᠱᠠᠪᠷᠤᠩ ᠵᠡᠷᠭᠡ ᠠᠷᠪᠠᠭᠠᠳ ᠴᠡᠷᠢᠭ ᠬᠣᠢᠨ᠎ᠠ ᠠ᠋ᠴᠠ ᠨᠢ ᠨᠡᠬᠡᠮᠵᠢᠯᠡᠭᠰᠡᠨ ᠪᠣᠯᠪᠠᠴᠤ ᠲᠡᠳᠡ ᠢᠦᠢ ᠯᠢᠨ ᠦ᠌ ᠬᠣᠢᠲᠤ ᠵᠠᠬ᠎ᠠ ᠪᠠᠷ ᠰᠡᠷᠭᠡᠢᠯᠡᠨ ᠰᠠᠭᠤᠵᠤ ᠪᠠᠢᠭᠰᠠᠨ ᠵᠢᠩ ᠶᠤᠸᠠᠢ ᠰᠢᠦ ᠶ᠋ᠢᠨ ᠵᠢᠶᠠᠩ ᠲᠤᠸᠡᠨᠵᠠᠩ ᠤ᠋ᠨ ᠴᠡᠷᠢᠭ ᠦ᠋ᠨ ᠬᠤᠸᠠᠷᠠᠨ ᠳ᠋ᠤ᠌ ᠰᠢᠷᠭᠤᠨ ᠣᠷᠣᠭᠰᠠᠨ ᠲᠤᠯᠠ ᠴᠣᠭᠲᠠᠨ ᠨᠠᠷ ᠠᠷᠭ᠎ᠠ ᠪᠤᠰᠤ ᠪᠤᠴᠠᠵᠤ ᠢᠷᠡᠭᠰᠡᠨ ᠶᠦᠮ᠃ 
       ᠲᠡᠭᠦᠰᠠᠠᠮᠤᠭᠤᠯᠠᠩ ᠨᠣᠶᠠᠨ ᠮᠥᠨ ᠡᠳᠦᠷ ᠲᠡᠭᠡᠨ ᠵᠢᠶᠠᠩ ᠲᠤᠸᠡᠨᠵᠠᠩ ᠤ᠋ᠨ ᠴᠡᠷᠢᠭ ᠦ᠋ᠨ ᠬᠠᠮᠠᠭᠠᠯᠠᠯ ᠢ᠋ᠶ᠋ᠠᠷ ᠢᠦᠢ ᠯᠢᠨ ᠬᠣᠲᠠ ᠳ᠋ᠤ᠌ ᠣᠷᠣᠵᠤ ᠵᠢᠩ ᠶᠤᠸᠠᠢ ᠰᠢᠦ ᠲᠡᠢ ᠤᠴᠠᠷᠠᠭᠰᠠᠨ ᠪᠥᠭᠡᠳ ᠬᠣᠵᠢᠮ ᠨᠢ ᠲᠡᠨᠳᠡ ᠭᠤᠷᠪᠠᠨ ᠵᠢᠯ ᠰᠠᠭᠤᠵᠠᠢ᠃ ᠡᠳᠡᠭᠡᠷ ᠵᠢᠯ ᠦ᠋ᠳ ᠲᠦ᠍ ᠲᠡᠭᠦᠰᠠᠠᠮᠤᠭᠤᠯᠠᠩ ᠨᠣᠶᠠᠨ ᠦᠶ᠎ᠡ ᠤᠯᠠᠷᠢᠨ ᠬᠣᠰᠢᠭᠤ ᠨᠤᠲᠤᠭ ᠪᠠ ᠠᠷᠠᠳ ᠢᠷᠭᠡᠳ ᠢ᠋ᠶ᠋ᠡᠨ ᠢᠪᠡᠭᠡᠨ ᠵᠠᠰᠠᠬᠤ  ᠡᠵᠡᠨ ᠨᠣᠶᠠᠨ ᠪᠢᠰᠢ ᠪᠣᠯᠵᠤ᠂ ᠬᠠᠷᠢᠨ ᠢᠦᠢ ᠯᠢᠨ ᠦ᠌ ᠵᠢᠩ ᠶᠤᠸᠠᠢ ᠰᠢᠦ ᠲᠡᠢ ᠰᠦᠯᠪᠡᠭᠡᠯᠳᠦᠨ ᠬᠤᠤᠪᠢᠯᠳᠤᠵᠤ ᠬᠣᠰᠢᠭᠤ ᠨᠤᠲᠤᠭ ᠪᠠ ᠮᠠᠯᠴᠢᠨ ᠲᠦᠮᠡᠨ ᠢ᠋ᠶ᠋ᠡᠨ ᠲᠦᠢᠪᠡᠭᠡᠨ ᠦᠷᠡᠭᠳᠡᠭᠦᠯᠦᠭᠰᠡᠨ ᠲᠦᠷᠢᠮᠡᠬᠡᠢᠯᠡᠯ ᠦ᠋ᠨ ᠴᠢᠨᠠᠷ ᠲᠠᠢ ᠲᠡᠢᠨ ᠪᠠᠢᠯᠳᠤᠭᠠᠨ ᠢ᠋ ᠦᠷᠭᠦᠯᠵᠢᠯᠡᠭᠦᠯᠦᠭᠰᠡᠨ ᠵᠠᠰᠠᠭ ᠨᠣᠶᠠᠨ ᠪᠣᠯᠵᠤ ᠬᠤᠪᠢᠷᠠᠵᠠᠢ᠃  

            2. ᠭᠥᠯᠴᠢᠩ ᠦ᠋ᠨ ᠪᠠᠢᠯᠳᠤᠭᠠᠨ①    
       ᠦᠦᠰᠢᠨ ᠬᠤᠰᠢᠭᠤᠨ ᠤ᠋ ᠭᠥᠯᠴᠢᠩ ᠦ᠋ᠨ ᠴᠠᠢᠳᠠᠮ ᠪᠣᠯ ᠡᠮᠦᠨᠡᠰᠢ ᠬᠣᠢᠰᠢ ᠪᠠᠨ ᠰᠤᠨᠤᠭᠰᠠᠨ ᠤᠷᠲᠤᠯᠵᠢᠨ ᠴᠠᠢᠳᠠᠮ ᠪᠣᠯᠤᠨ᠎ᠠ᠃ ᠴᠠᠢᠳᠠᠮ ᠤ᠋ᠨ ᠡᠬᠢᠨ ᠳ᠋ᠦ᠍ ᠦᠦᠰᠢᠨ ᠬᠤᠰᠢᠭᠤᠨ ᠤ᠋  ᠤᠢᠭᠤᠷᠵᠢᠨ ᠬᠠᠷᠢᠶᠠᠨ ᠤ᠋ ᠮᠣᠩᠭᠣᠯᠴᠤᠳ ᠡᠷᠲᠡ ᠳᠡᠭᠡᠳᠦ ᠡᠴᠡ ᠤᠯᠠᠮᠵᠢᠯᠠᠨ ᠳᠠᠬᠢᠵᠤ ᠰᠢᠲᠦᠭᠰᠡᠭᠡᠷ ᠢᠷᠡᠭᠰᠡᠨ— ᠴᠢᠩᠭᠢᠰ ᠬᠠᠭᠠᠨ ᠤ᠋ ᠮᠤᠬᠤᠯᠠᠢ ᠪᠠᠭᠠᠲᠤᠷ ᠤ᠋ᠨ ᠰᠢᠲᠦᠭᠡᠨ《ᠵᠢᠩᠬᠢᠨ ᠰᠢᠲᠦᠭᠡᠨ》 ᠢ᠋ ᠴᠣᠮᠴᠣᠭ ᠣᠷᠳᠣᠨ ᠳ᠋ᠤ᠌ ᠡᠷᠬᠡᠰᠢᠭᠦᠯᠦᠨ ᠳᠠᠬᠢᠵᠤ ᠪᠠᠢᠳᠠᠭ᠃  
       ᠶᠡᠬᠡ ᠮᠣᠩᠭᠣᠯ ᠤᠯᠤᠰ ᠤ᠋ᠨ ᠵᠢᠨᠦᠩ ᠮᠤᠬᠤᠯᠠᠢ ᠪᠣᠯ ᠨᠠᠰᠤᠨ ᠲᠤᠷᠰᠢ ᠠᠭᠲᠠ ᠬᠦᠯᠦᠭ ᠦ᠋ᠨ ᠨᠢᠷᠤᠭᠤᠨ ᠠ᠋ᠴᠠ ᠪᠠᠭᠤᠯ ᠦᠭᠡᠢ ᠠᠳᠬᠤᠭᠰᠠᠨ ᠠᠯᠲᠠᠨ ᠰᠡᠯᠡᠮ᠎ᠡ ᠪᠡᠨ ᠲᠠᠯᠪᠢᠯ ᠦᠭᠡᠢ ᠡᠮᠦᠰᠦᠭᠰᠡᠨ ᠬᠤᠶᠠᠭ ᠳᠤᠭᠤᠯᠠᠭ᠎ᠠ ᠪᠠᠨ ᠲᠠᠢᠯᠤᠯ ᠦᠭᠡᠢ ᠵᠠᠭᠤᠨ ᠲᠦᠮᠡᠨ ᠶᠡᠬᠡ ᠴᠡᠷᠢᠭ ᠢ᠋ ᠳᠠᠢᠴᠢᠯᠠᠵᠤ ᠠᠯᠲᠠᠨ ᠤᠯᠤᠰ ᠤ᠋ᠨ ᠯᠢᠶᠣᠣ ᠳ᠋ᠦᠩ᠂ ᠯᠢᠶᠣᠣ ᠰᠢ᠂ ᠾᠧᠪᠧᠢ᠂ ᠱᠠᠨ ᠰᠢ᠂ ᠤᠮᠠᠷᠠᠲᠤ ᠭᠠᠵᠠᠷ ᠤ᠋ᠨ ᠲᠠᠪᠤᠨ ᠠᠢᠮᠠᠭ᠂ ᠡᠮᠦᠨᠡᠲᠦ ᠭᠠᠵᠠᠷ ᠤ᠋ᠨ ᠵᠢᠷᠭᠤᠭᠠᠨ ᠤᠯᠤᠰ ᠢ᠋ ᠪᠠᠢᠯᠳᠤᠨ ᠲᠦᠪᠰᠢᠳᠬᠡᠵᠦ ᠶᠠᠪᠤᠭᠰᠠᠨ ᠪᠠᠭᠠᠲᠤᠷ ᠪᠣᠯᠤᠨ᠎ᠠ᠃  
       ᠲᠡᠷᠡ ᠡᠮᠦᠨᠡᠲᠦ ᠰᠥᠩ ᠤᠯᠤᠰ ᠤ᠋ᠨ ᠢᠩ ᠴᠧᠩ ᠹᠦ(ᠥᠨᠥ ᠶ᠋ᠢᠨ ᠾᠧᠨᠠᠨ ᠮᠣᠵᠢ) ᠣᠷᠴᠢᠮ ᠬᠦᠨᠳᠦ ᠡᠪᠡᠳᠴᠢᠯᠡᠵᠦ ᠨᠠᠰᠤ ᠪᠠᠷᠠᠭᠰᠠᠨ ᠤ᠋ ᠳᠠᠷᠠᠭ᠎ᠠ ᠲᠡᠭᠦᠨ ᠦ᠌ ᠴᠢᠨᠳᠠᠷ ᠢ᠋ ᠴᠠᠭᠠᠨ ᠬᠡᠷᠡᠮ ᠦ᠋ᠨ ᠤᠮᠠᠷᠠᠲᠤ ᠵᠢᠩᠬᠢᠨ ᠣᠪᠣᠭᠠᠨ ᠳ᠋ᠤ᠌ (ᠬᠣᠵᠢᠮ ᠨᠡᠷᠡᠢᠳᠦᠭᠰᠡᠨ ᠭᠠᠵᠠᠷ ᠤ᠋ᠨ ᠨᠡᠷ᠎ᠡ ᠪᠣᠯᠤᠯᠲᠠᠢ) ᠣᠷᠣᠰᠢᠭᠤᠯᠵᠤ ᠲᠠᠢᠵᠤ ᠲᠠᠬᠢᠵᠠᠢ᠃ ᠬᠣᠵᠢᠮ ᠨᠢ ᠢᠷᠭᠡᠨᠴᠤᠳ ᠲᠤ᠌ ᠭᠠᠵᠠᠷ ᠬᠤᠳᠠᠯᠳᠤᠭᠰᠠᠨ ᠠ᠋ᠴᠠ ᠪᠣᠯᠵᠤ ᠥᠨᠥ ᠶ᠋ᠢᠨ ᠦᠦᠰᠢᠨ ᠬᠤᠰᠢᠭᠤᠨ ᠤ᠋ ᠤᠯᠠᠭᠠᠨᠲᠣᠯᠣᠭᠠᠢ ᠰᠤᠮᠤᠨ ᠤ᠋ ᠤᠳᠠ ᠴᠠᠢᠳᠠᠮ(ᠥᠨᠥ ᠶ᠋ᠢᠨ ᠭᠥᠯᠴᠢᠩ) ᠳ᠋ᠦ᠍ ᠰᠢᠯᠵᠢᠭᠦᠯᠦᠨ ᠠᠪᠴᠢᠷᠠᠵᠤ ᠮᠣᠩᠭᠣᠯᠴᠤᠳ ᠦᠶ᠎ᠡ ᠤᠯᠠᠷᠢᠨ ᠲᠠᠢᠵᠤ ᠲᠠᠬᠢᠬᠰᠠᠭᠠᠷ ᠤᠳᠠᠵᠤᠬᠤᠢ᠃ 
       ᠵᠢᠩ ᠶᠤᠸᠠᠢ ᠰᠢᠦ ᠶ᠋ᠢᠨ ᠴᠡᠷᠢᠭ᠂ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠰᠠᠭᠤᠵᠤ ᠪᠠᠢᠭᠰᠠᠨ ᠤᠯᠠᠭᠠᠨᠲᠣᠯᠣᠭᠠᠢ ᠶ᠋ᠢᠨ ᠰᠦᠮ᠎ᠡ ᠶ᠋ᠢᠨ ᠪᠠᠢᠯᠳᠤᠭᠠᠨ ᠳᠡᠭᠡᠷ᠎ᠡ ᠢᠯᠠᠭᠳᠠᠭᠰᠠᠨ ᠳ᠋ᠠᠭᠠᠨ ᠬᠣᠷᠣᠰᠴᠤ᠂ ᠦᠦᠰᠢᠨ ᠬᠤᠰᠢᠭᠤᠨ ᠳ᠋ᠠᠬᠢ ᠪᠦᠬᠦ ᠮᠣᠩᠭᠣᠯ ᠤ᠋ᠨ ᠴᠢᠨᠠᠷ ᠲᠠᠢ ᠡᠨᠡ ᠬᠦ᠌ ᠰᠢᠲᠦᠭᠡᠨ ᠦ᠌ ᠭᠠᠵᠠᠷ ᠢ᠋ ᠪᠠᠯᠪᠠᠴᠢᠨ ᠲᠠᠯᠬᠢᠭᠳᠠᠬᠤ ᠪᠠᠷ ᠵᠣᠷᠢᠭᠠᠳ1927 ᠣᠨ ᠤ᠋3 ᠰᠠᠷ᠎ᠠ ᠶ᠋ᠢᠨ13 ᠳ᠋ᠤ᠌ ᠶᠠᠪᠠᠭᠠᠨ ᠮᠣᠷᠢᠲᠤ ᠨᠡᠢᠲᠡ400 ᠰᠢᠬᠠᠮ ᠴᠡᠷᠢᠭ ᠭᠥᠯᠴᠢᠩ ᠦ᠋ᠨ ᠴᠠᠢᠳᠠᠮ ᠤ᠋ᠨ ᠡᠮᠦᠨ᠎ᠡ ᠲᠠᠯ᠎ᠠ ᠠ᠋ᠴᠠ ᠠᠢᠯ ᠡᠷᠦᠬᠡ ᠶ᠋ᠢ ᠪᠤᠯᠢᠶᠠᠨ ᠳᠡᠭᠡᠷᠡᠮᠳᠡᠵᠦ ᠬᠣᠢᠰᠢ ᠳᠠᠭᠠᠷᠢᠨ ᠢᠷᠡᠯ᠎ᠡ᠃ 
       ᠡᠷᠲᠡ ᠳᠡᠭᠡᠳᠦ ᠡᠴᠡ ᠡᠬᠢᠯᠡᠨ ᠠᠷᠯᠠᠳ ᠤᠳᠤᠮ ᠲᠠᠢ ᠦᠦᠰᠢᠨ ᠬᠤᠰᠢᠭᠤᠨ ᠤ᠋ ᠤᠢᠭᠤᠷᠵᠢᠨ ᠮᠣᠩᠭᠣᠯᠴᠤᠳ ᠬᠡᠳᠦᠨ ᠵᠠᠭᠤᠨ ᠵᠢᠯ ᠦ᠋ᠨ ᠲᠤᠷᠰᠢ ᠬᠠᠮᠠᠭᠠᠯᠠᠨ ᠲᠠᠢᠵᠤ ᠲᠠᠬᠢᠬᠰᠠᠭᠠᠷ ᠢᠷᠡᠭᠰᠡᠨ《ᠵᠢᠩᠬᠢᠨ ᠰᠢᠲᠦᠭᠡᠨ》 ᠢ᠋ ᠰᠢᠨᠡᠯᠡᠮ᠎ᠡ ᠲᠤᠸᠠᠨᠵᠠᠩ ᠡᠷᠬᠡᠪᠰᠢ ᠬᠠᠮᠠᠭᠠᠯᠠᠵᠤ ᠠᠶᠤᠯ ᠠ᠋ᠴᠠ ᠵᠠᠢᠯᠠᠭᠤᠯᠬᠤ ᠴᠢᠬᠤᠯᠠ ᠲᠠᠢ ᠭᠡᠵᠦ ᠴᠢᠬᠤᠯᠠᠴᠢᠯᠠᠨ ᠦᠵᠡᠭᠡᠳ ᠲᠤᠰᠬᠠᠢᠯᠠᠨ ᠰᠠᠬᠢᠨ ᠬᠠᠮᠠᠭᠠᠯᠠᠭᠤᠯᠤᠭᠰᠠᠨ ᠪᠠᠢᠨ᠎ᠠ᠃ ᠪᠤᠰᠤᠳ ᠴᠡᠷᠢᠭ ᠠᠩᠭᠢ᠂ ᠳᠠᠷᠤᠢ ᠪᠠᠪᠠ ᠯᠢᠶᠡᠨᠵᠠᠩ ᠤ᠋ᠨ ᠨᠢᠭᠡᠳᠦᠭᠡᠷ ᠯᠢᠶᠠᠨ ᠤ᠋ ᠴᠡᠷᠢᠭ ᠢ᠋ ᠭᠥᠯᠴᠢᠩ ᠦ᠋ᠨ ᠴᠠᠢᠳᠠᠮ ᠤ᠋ᠨ ᠪᠠᠷᠠᠭᠤᠨ ᠡᠷᠢᠶᠡᠨ ᠪᠠᠯᠠᠷ ᠪᠤᠷᠭᠠᠰᠤ ᠪᠠᠷ ᠪᠦᠭᠭᠦᠭᠦᠯᠵᠦ᠂ ᠵᠠᠮᠢᠶᠠᠨᠵᠠᠪ ᠯᠢᠶᠡᠨᠵᠠᠩ ᠤ᠋ᠨ ᠬᠣᠶᠠᠳᠤᠭᠠᠷ ᠯᠢᠶᠠᠨ ᠤ᠋ ᠴᠡᠷᠢᠭ ᠢ᠋ ᠬᠥᠯᠴᠢᠩ ᠦ᠋ᠨ ᠴᠠᠢᠳᠠᠮ ᠤ᠋ᠨ ᠵᠡᠭᠦᠨ ᠪᠠᠯᠠᠷ ᠪᠤᠷᠭᠠᠰᠤᠨ ᠳᠥᠭᠥᠮ ᠦ᠋ᠳ ᠢ᠋ ᠡᠵᠡᠯᠡᠭᠦᠯᠪᠡ᠃  ᠵᠢᠩ ᠶᠤᠸᠠᠢ ᠰᠢᠦ ᠶ᠋ᠢᠨ ᠮᠣᠷᠢᠲᠤ ᠶᠠᠪᠠᠭᠠᠨ ᠴᠡᠷᠢᠭ ᠤᠷᠤᠭᠰᠢᠯᠠᠭᠰᠠᠭᠠᠷ ᠪᠠᠢᠭᠠᠳ ᠡᠨᠡ ᠬᠦ᠌ ᠡᠷᠭᠢᠨ ᠲᠣᠭᠣᠷᠢᠨ ᠪᠠᠯᠠᠷ ᠪᠠᠷᠲᠠᠭ᠎ᠠ ᠲᠠᠢ ᠶᠡᠬᠡ ᠴᠠᠢᠳᠠᠮ ᠳ᠋ᠤ᠌ ᠪᠠᠷᠤᠭ ᠪᠦᠭᠦᠳᠡᠭᠡᠷ ᠢ᠋ᠶ᠋ᠡᠨ ᠣᠷᠣᠵᠤ ᠰᠠᠨᠠᠮᠰᠠᠷ ᠦᠭᠡᠢ ᠤᠭᠤᠲᠠᠯᠠᠭᠳᠠᠬᠤ ᠪᠣᠯᠴᠢᠬᠠᠯ᠎ᠠ᠃    
       ᠰᠢᠨᠡᠯᠡᠮ᠎ᠡ ᠨᠢᠭᠡᠨ ᠥᠨᠳᠥᠷ ᠰᠡᠷᠪᠡᠩ ᠦ᠋ᠨ ᠣᠷᠣᠢ ᠳᠡᠭᠡᠷ᠎ᠡ ᠡᠴᠡ ᠣᠷᠣᠰ ᠬᠢᠴᠡ ᠲᠡᠢ ᠤᠷᠲᠤ ᠳᠤᠷᠠᠨ ᠢ᠋ᠶ᠋ᠠᠷ ᠵᠢᠩ ᠶᠤᠸᠠᠢ ᠰᠢᠦ ᠶ᠋ᠢᠨ ᠴᠡᠷᠢᠭ ᠦ᠋ᠨ ᠪᠠᠢᠳᠠᠯ ᠢ᠋ ᠲᠣᠪ ᠲᠣᠳᠣᠷᠬᠠᠢ ᠦᠵᠡᠵᠦ᠂ ᠲᠠᠢᠵᠢ ᠠᠷᠪᠢᠨᠪᠠᠶᠠᠷ(ᠰᠢᠨᠠᠯᠠᠮ᠎ᠠ ᠶ᠋ᠢᠨ ᠬᠦᠷᠭᠡᠨ) ᠯᠢᠶᠡᠨᠵᠠᠩ ᠤ᠋ᠨ ᠳᠠᠭᠠᠭᠤᠯᠭ᠎ᠠ ᠪᠠᠷ ᠭᠤᠷᠪᠠᠳᠤᠭᠠᠷ ᠯᠢᠶᠠᠨ ᠤ᠋ ᠬᠡᠰᠡᠭ ᠴᠡᠷᠢᠭ ᠢ᠋ ᠴᠠᠢᠳᠠᠮ ᠤ᠋ᠨ ᠡᠮᠦᠨᠡᠬᠢ ᠡᠯᠡᠰᠦ ᠮᠠᠩᠬ᠎ᠠ ᠲᠠᠢ ᠪᠠᠯᠠᠷ ᠳᠥᠭᠥᠮ ᠦ᠋ᠳ ᠢ᠋ᠶ᠋ᠡᠷ ᠨᠢᠭᠤᠨ ᠳᠠᠯᠳᠠᠯᠠᠭᠤᠯᠵᠤ᠂ ᠲᠡᠢᠨ ᠡᠬᠢᠯᠡᠭᠰᠡᠨ ᠦ᠌ ᠳᠠᠷᠠᠭ᠎ᠠ ᠬᠡᠷᠪᠡ ᠵᠢᠩ ᠶᠤᠸᠠᠢ ᠰᠢᠦ ᠶ᠋ᠢᠨ ᠴᠡᠷᠢᠭ ᠬᠣᠢᠰᠢ ᠤᠬᠤᠷᠢᠨ ᠳᠤᠲᠠᠭᠠᠪᠠᠯ ᠨᠡᠬᠡᠮᠵᠢᠯᠡᠨ ᠴᠣᠬᠢᠬᠤ ᠪᠠᠷ ᠪᠠᠢᠷᠢᠯᠠᠭᠤᠯᠤᠯᠲᠠ ᠬᠢᠵᠡᠢ᠃ ᠭᠤᠷᠪᠠᠳᠤᠭᠠᠷ ᠯᠢᠶᠠᠨ ᠤ᠋ ᠴᠡᠷᠢᠭ ᠦ᠋ᠳ ᠬᠣᠢᠰᠢ ᠴᠤᠪᠤᠷᠠᠨ ᠥᠩᠭᠡᠷᠡᠭᠰᠡᠨ ᠴᠡᠷᠢᠭ ᠦ᠋ᠨ ᠮᠥᠷ ᠢ᠋ ᠳᠠᠷᠤᠵᠤ ᠪᠡᠬᠢᠯᠡᠯᠲᠡ ᠪᠡᠨ ᠰᠠᠬᠢᠵᠠᠭᠠᠨ᠎ᠡ᠃ ᠵᠢᠩ ᠶᠤᠸᠠᠢ ᠰᠢᠦ ᠶ᠋ᠢᠨ ᠮᠣᠷᠢᠲᠤ ᠴᠡᠷᠢᠭ ᠦ᠋ᠨ ᠬᠣᠰᠢᠭᠤᠴᠢ ᠴᠡᠷᠢᠭ ᠨᠢ ᠤᠷᠤᠭᠰᠢᠯᠠᠭᠰᠠᠭᠠᠷ《ᠵᠢᠩᠬᠢᠨ ᠰᠢᠲᠦᠭᠡᠨ》 ᠦ᠌ ᠣᠷᠴᠢᠮ ᠬᠦᠷᠬᠦ ᠳ᠋ᠦ᠍ ᠰᠢᠲᠦᠭᠡᠨ ᠢ᠋ ᠬᠠᠮᠠᠭᠠᠯᠠᠭᠰᠠᠨ ᠴᠡᠷᠢᠭ ᠦ᠋ᠳ ᠡᠮᠦᠨ᠎ᠡ ᠡᠴᠡ ᠨᠢ ᠫᠤᠤᠳᠠᠯ᠎ᠠ᠃ ᠴᠠᠢᠳᠠᠮ ᠤ᠋ᠨ ᠵᠡᠭᠦᠨ ᠪᠠᠷᠠᠭᠤᠨ ᠲᠠᠯ᠎ᠠ ᠠ᠋ᠴᠠ ᠬᠠᠮᠲᠤ ᠪᠠᠷ ᠭᠠᠯᠯᠠᠵᠤ ᠡᠬᠢᠯᠡᠬᠦ ᠳ᠋ᠦ᠍᠂ ᠵᠢᠩ ᠶᠤᠸᠠᠢ ᠰᠢᠦ ᠶ᠋ᠢᠨ ᠮᠣᠷᠢᠲᠤ ᠴᠡᠷᠢᠭ《ᠵᠢᠩᠬᠢᠨ ᠰᠢᠲᠦᠭᠡᠨ》 ᠦ᠌ ᠳᠡᠷᠭᠡᠳᠡ ᠬᠦᠷᠴᠦ ᠴᠢᠳᠠᠬᠤ ᠦᠭᠡᠢ ᠪᠣᠯᠵᠤ᠂ ᠬᠣᠢᠨᠠᠬᠢ ᠪᠠ ᠪᠠᠷᠠᠭᠤᠨ ᠵᠡᠭᠦᠨ ᠵᠦᠭ ᠦ᠋ᠨ ᠭᠠᠯ ᠤ᠋ᠨ ᠬᠦᠴᠦᠨ ᠳ᠋ᠦ᠍ ᠰᠢᠬᠠᠭᠳᠠᠨ ᠪᠠᠢᠯᠳᠤᠪᠠᠴᠤ ᠠᠰᠢᠭᠲᠤ ᠭᠠᠵᠠᠷ ᠤ᠋ᠨ ᠪᠠᠢᠴᠠ ᠪᠠᠷᠲᠠᠭ᠎ᠠ ᠦᠭᠡᠢ ᠮᠥᠷᠲᠡᠭᠡᠨ ᠡᠮᠦᠨ᠎ᠡ ᠵᠦᠭ ᠦ᠋ᠨ ᠫᠤᠤ ᠶ᠋ᠢᠨ ᠰᠤᠮᠤᠨ ᠳ᠋ᠤ᠌ ᠣᠨᠣᠭᠳᠠᠵᠤ ᠤᠬᠤᠷᠢᠵᠤ ᠴᠤ᠌ ᠠᠮᠵᠢᠬᠤ ᠦᠭᠡᠢ ᠪᠣᠯᠴᠢᠬᠠᠯ᠎ᠠ᠃ 
       ᠬᠠᠭᠠᠰ ᠡᠳᠦᠷ ᠦ᠋ᠨ ᠰᠢᠷᠦᠭᠦᠨ ᠪᠠᠢᠯᠳᠤᠭᠠᠨ ᠳ᠋ᠤ᠌ ᠭᠥᠯᠴᠢᠩ ᠦ᠋ᠨ ᠴᠠᠢᠳᠠᠮ ᠤ᠋ᠨ ᠭᠣᠣᠯ ᠳ᠋ᠤ᠌ ᠵᠢᠩ ᠶᠤᠸᠠᠢ ᠰᠢᠦ ᠶ᠋ᠢᠨ ᠴᠡᠷᠢᠭ  ᠶᠡᠬᠡᠳᠡ ᠬᠣᠬᠢᠷᠠᠵᠤ  ᠰᠦᠢᠳᠴᠡᠢ᠃ ᠲᠡᠳᠡᠨ ᠦ᠌ ᠣᠯᠠᠩᠬᠢ ᠴᠡᠷᠢᠭ ᠨᠢ ᠤᠷᠤᠭᠰᠢᠯᠠᠵᠤ ᠴᠢᠳᠠᠬᠤ ᠦᠭᠡᠢ ᠤᠬᠤᠷᠢᠵᠤ ᠴᠤ᠌ ᠴᠢᠳᠠᠬᠤ ᠦᠭᠡᠢ᠂ ᠦᠷᠭᠦᠯᠵᠢᠯᠡᠨ ᠪᠠᠢᠯᠳᠤᠵᠤ ᠴᠤ᠌ ᠴᠢᠳᠠᠬᠤ ᠦᠭᠡᠢ ᠪᠣᠯᠵᠤ ᠵᠦᠭ ᠪᠦᠷᠢ ᠳ᠋ᠦ᠍ ᠳᠤᠲᠠᠭᠠᠵᠤ ᠪᠠᠢᠯ᠎ᠠ᠃ ᠰᠢᠷᠦᠭᠦᠨ ᠪᠠᠢᠯᠳᠤᠭᠠᠨ ᠳ᠋ᠤ᠌ ᠰᠡᠩᠭᠡ᠂ ᠦᠯᠵᠡᠢᠵᠢᠷᠭᠠᠯ᠂ ᠴᠤᠭᠪᠠᠶᠠᠷ ᠭᠤᠷᠪᠠᠭᠤᠯᠠ ᠳᠠᠷᠢ ᠰᠤᠮᠤ ᠪᠠᠨ ᠪᠠᠷᠠᠲᠠᠯ᠎ᠠ ᠫᠤᠤᠳᠠᠭᠠᠳ ᠥᠯᠥᠨ ᠴᠢᠨᠣ᠎ᠠ ᠮᠡᠲᠦ ᠳᠠᠭᠠᠷᠢᠨ ᠢᠷᠡᠬᠦ ᠳᠠᠢᠰᠤᠨ ᠳ᠋ᠤ᠌ ᠪᠠᠷᠢᠪᠴᠢᠯᠠᠭᠳᠠᠪᠠ᠃ ᠢᠩᠭᠢᠭᠡᠳ ᠴᠡᠷᠢᠭ ᠦ᠋ᠨ ᠨᠣᠶᠠᠨ ᠳ᠋ᠠᠭᠠᠨ ᠬᠦᠷᠭᠡᠬᠦ ᠪᠡᠷ ᠭᠤᠷᠪᠠᠭᠤᠯᠠ ᠶ᠋ᠢ ᠲᠠᠭᠤᠵᠤ ᠶᠠᠪᠤᠵᠤ ᠪᠠᠢᠲᠠᠯ᠎ᠠ ᠦᠯᠵᠡᠢᠵᠢᠷᠭᠠᠯ᠄《ᠪᠢ ᠪᠠᠭᠠᠰᠤ ᠬᠦᠷᠴᠦ ᠪᠠᠢᠨ᠎ᠠ᠂ ᠡᠨᠡ ᠪᠤᠷᠭᠠᠰᠤᠨ ᠨᠥᠮᠥᠷᠢ ᠳ᠋ᠤ᠌ ᠪᠠᠭᠠᠶ᠎ᠠ! 》 ᠭᠡᠬᠦ ᠳ᠋ᠦ᠍ ᠨᠢᠭᠡ ᠫᠤᠤ ᠲᠠᠢ ᠴᠡᠷᠢᠭ ᠨᠢ ᠲᠡᠭᠦᠨ ᠢ᠋ ᠮᠠᠨᠠᠵᠤ 《ᠬᠤᠷᠳᠤᠨ ᠪᠠᠭ᠎ᠠ!》 ᠭᠡᠵᠦ ᠵᠠᠩᠳᠤᠷᠪᠠ᠃ ᠥᠯᠵᠠᠢᠵᠢᠷᠭᠠᠯ ᠪᠠᠭᠠᠵᠤ ᠭᠠᠳᠠᠭᠠᠯᠠᠬᠤ ᠮᠠᠶᠢᠭ ᠭᠠᠷᠭᠠᠵᠤ ᠪᠠᠢᠭᠠᠳ ᠭᠡᠨᠡᠳᠲᠡ ᠬᠠᠷᠠᠵᠤ ᠪᠠᠢᠭᠰᠠᠨ ᠳᠠᠢᠰᠤᠨ ᠤ᠋ ᠴᠡᠷᠢᠭ ᠦ᠋ᠨ ᠪᠠᠭᠠᠯᠵᠤᠤᠷ ᠢ᠋ ᠪᠠᠵᠠᠭᠳᠠᠨ ᠮᠠᠨᠠᠷᠠᠭᠤᠯᠴᠢᠬᠠᠪᠠ᠃ ᠲᠡᠭᠡᠭᠡᠳ ᠲᠡᠭᠦᠨ ᠦ᠌ ᠫᠤᠤ ᠶ᠋ᠢ ᠠᠪᠴᠤ ᠬᠢᠲᠤᠭ᠎ᠠ ᠪᠠᠷ ᠨᠢ ᠵᠢᠳᠠᠯᠠᠵᠤ ᠠᠯᠠᠴᠢᠬᠠᠭᠠᠳ ᠴᠢᠨᠠᠭᠰᠢ ᠭᠦᠶᠦᠵᠦ ᠴᠤᠭᠪᠠᠶᠠᠷ᠂ ᠰᠡᠩᠭᠡ ᠬᠣᠶᠠᠭᠤᠯᠠ ᠶ᠋ᠢ ᠲᠠᠭᠤᠵᠤ ᠶᠠᠪᠤᠭ᠎ᠠ ᠴᠡᠷᠢᠭ ᠢ᠋ ᠬᠠᠷᠪᠤᠨ ᠠᠯᠠᠪᠠ᠃ ᠭᠤᠷᠪᠠᠭᠤᠯᠠ ᠠᠮᠢᠳᠤ ᠭᠠᠷᠴᠤ ᠪᠤᠰᠤᠳ ᠴᠡᠷᠢᠭ ᠲᠡᠢ ᠪᠡᠨ ᠤᠴᠠᠷᠠᠵᠤ ᠵᠢᠩ ᠶᠤᠸᠠᠢ ᠰᠢᠦ ᠶ᠋ᠢᠨ ᠬᠡᠳᠦᠨ ᠴᠡᠷᠢᠭ ᠢ᠋ ᠠᠯᠠᠭᠰᠠᠨ ᠤᠴᠢᠷ ᠢ᠋ᠶ᠋ᠠᠨ ᠬᠡᠯᠡᠯᠴᠡᠵᠦ ᠣᠮᠣᠭᠰᠢᠪᠠ᠃  
      ᠰᠢᠨᠠᠯᠠᠮ᠎ᠠ ᠶ᠋ᠢᠨ ᠴᠡᠷᠢᠭ ᠦ᠋ᠳ ᠵᠢᠩ ᠶᠤᠸᠠᠢ ᠰᠢᠦ ᠶ᠋ᠢᠨ ᠴᠡᠷᠢᠭ ᠢ᠋ ᠭᠤᠴᠢ ᠭᠠᠷᠤᠢ ᠰᠥᠨᠥᠭᠡᠨ ᠦᠷᠭᠦᠭᠰᠡᠨ ᠪᠢᠯᠵᠤᠤᠬᠠᠢ ᠰᠢᠭ᠋ ᠪᠤᠲᠠᠷᠠᠭᠤᠯᠪᠠ᠃ ᠬᠣᠶᠠᠳᠤᠭᠠᠷ ᠡᠳᠦᠷ ᠦ᠋ᠨ ᠰᠥᠨᠢ ᠪᠣᠯᠬᠤ ᠳ᠋ᠤ᠌ ᠲᠡᠳᠡᠨ ᠢ᠋ ᠦᠦᠰᠢᠨ ᠬᠤᠰᠢᠭᠤᠨ ᠤ᠋ ᠭᠠᠵᠠᠷ ᠠ᠋ᠴᠠ ᠴᠣᠬᠢᠨ ᠤᠬᠤᠷᠢᠭᠤᠯᠵᠤ᠂ ᠮᠣᠩᠭᠣᠯᠴᠤᠳ ᠤ᠋ᠨ 《ᠵᠢᠩᠬᠢᠨ ᠰᠢᠲᠦᠭᠡᠨ》 ᠢ᠋ᠶ᠋ᠡᠨ ᠬᠠᠮᠠᠭᠠᠯᠠᠨ ᠬᠦᠯᠴᠢᠩ ᠦ᠋ᠨ ᠪᠠᠢᠯᠳᠤᠭᠠᠨ ᠤ᠋ ᠢᠯᠠᠯᠲᠠ ᠶ᠋ᠢ ᠣᠯᠵᠠᠢ᠃  

            ᠳᠠᠭᠠᠯᠳᠤᠭᠤᠯᠤᠯ       
       ᠵᠢᠩᠬᠢᠨ ᠰᠢᠲᠦᠭᠡᠨ 《ᠮᠤᠬᠤᠯᠠᠢ ᠪᠠᠭᠠᠲᠤᠷ ᠤ᠋ᠨ ᠰᠢᠲᠦᠭᠡᠨ》 ᠢ᠋ ᠡᠷᠲᠡᠨ ᠡᠴᠡ ᠠᠪᠤᠭᠠᠳ ᠡᠳᠦᠭᠡ ᠪᠣᠯᠲᠠᠯ᠎ᠠ ᠦᠦᠰᠢᠨ ᠬᠤᠰᠢᠭᠤᠨ ᠤ᠋ ᠤᠢᠭᠤᠷᠵᠢᠨ ᠬᠠᠷᠢᠶᠠᠨ ᠤ᠋ ᠠᠷᠠᠳ ᠢᠷᠭᠡᠳ ᠡᠷᠬᠡᠰᠢᠭᠦᠯᠦᠨ ᠲᠠᠬᠢᠬᠰᠠᠭᠠᠷ ᠪᠣᠢ᠃ ᠾᠧᠨᠠᠨ ᠮᠣᠵᠢ ᠳ᠋ᠤ᠌ ᠰᠠᠭᠤᠷᠢᠰᠢᠵᠤ ᠪᠠᠢᠭ᠎ᠠ ᠯᠢ ᠣᠪᠣᠭᠲᠤ  ᠮᠣᠩᠭᠣᠯᠴᠤᠳ ᠪᠣᠯ ᠮᠤᠬᠤᠯᠠᠢ ᠪᠠᠭᠠᠲᠤᠷ ᠤ᠋ᠨ ᠬᠣᠢᠴᠢᠰ ᠪᠣᠯᠬᠤ ᠪᠥᠭᠡᠳ ᠮᠠᠨ ᠤ᠋ ᠤᠯᠤᠰ ᠤ᠋ᠨ ᠠᠩᠬᠠᠨ ᠤ᠋ ᠦᠶ᠎ᠡ ᠶ᠋ᠢᠨ 《ᠲᠡᠮᠦᠷ ᠵᠠᠮ ᠤ᠋ᠨ ᠫᠠᠷᠲ᠋ᠢᠽᠠᠨ ᠠᠩᠭᠢ》᠂《ᠬᠠᠲᠤᠨ ᠭᠣᠣᠯ ᠤ᠋ᠨ ᠳᠠᠪᠠᠯᠭᠠᠨ》᠂《 ᠯᠢ ᠱᠤᠸᠠᠩ ᠱᠤᠸᠠᠩ》᠁  ᠵᠡᠷᠭᠡ ᠣᠯᠠᠨ ᠠᠷᠪᠢᠨ ᠺᠢᠨᠣ᠋ ᠵᠦᠴᠦᠭᠡ ᠶ᠋ᠢ ᠵᠣᠬᠢᠶᠠᠭᠰᠠᠨ ᠠᠯᠳᠠᠷᠲᠤ ᠵᠦᠴᠦᠭᠡ ᠶ᠋ᠢᠨ ᠵᠣᠬᠢᠶᠠᠯᠴᠢ᠂ ᠳᠤᠮᠳᠠᠳᠤ ᠤᠯᠤᠰ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠨᠡᠷ᠎ᠡ ᠬᠦᠨᠳᠦᠲᠦ ᠲᠡᠷᠢᠭᠦᠯᠡᠭᠴᠢ ᠪᠠᠢᠭᠰᠠᠨ ᠯᠢ ᠵᠢᠶᠦ᠋ᠨ ᠪᠣᠯ ᠮᠤᠬᠤᠯᠠᠢ ᠪᠠᠭᠠᠲᠤᠷ ᠤ᠋ᠨ  32  ᠳ᠋ᠤᠭᠠᠷ ᠦᠶ᠎ᠡ ᠶ᠋ᠢᠨ ᠠᠴᠢ ᠪᠣᠯᠤᠨ᠎ᠠ᠃  2005 ᠣᠨ ᠠ᠋ᠴᠠ ᠬᠣᠢᠰᠢ ᠯᠢ ᠵᠢᠶᠦ᠋ᠨ ᠦ᠌ ᠲᠥᠷᠥᠯ ᠰᠠᠳᠤᠨ ᠵᠢᠯ ᠪᠦᠷᠢ 10 ~ 30  ᠬᠥᠮᠦᠨ ᠢᠷᠡᠵᠦ ᠰᠢᠲᠦᠭᠡᠨ ᠳ᠋ᠦ᠍ ᠪᠠᠷᠠᠯᠠᠭᠳᠠᠨ ᠮᠥᠷᠭᠥᠳᠡᠭ᠃ ᠡᠭᠦᠨ ᠡᠴᠡ ᠬᠣᠢᠰᠢ ᠵᠢᠯ ᠪᠦᠷᠢ ᠾᠧᠨᠠᠨ ᠠ᠋ᠴᠠ ᠮᠣᠩᠭᠣᠯᠴᠤᠳ ᠵᠢᠭᠤᠯᠴᠢᠯᠠᠨ ᠢᠷᠡᠵᠡᠭᠡᠵᠦ ᠪᠣᠢ᠃ 
 
— — — — 
 ① ᠲᠤᠰ ᠦᠯᠢᠭᠡᠷ ᠢ᠋ ᠰᠢᠨᠠᠯᠠᠮ᠎ᠠ ᠶ᠋ᠢᠨ ᠪᠠᠭ᠎ᠠ ᠴᠡᠷᠢᠭ ᠭᠠᠯᠠᠭᠤᠲᠤ ᠶ᠋ᠢᠨ ᠪᠠᠶᠠᠠᠠᠦᠢ᠍ᠨᠳᠦᠷ ᠭᠠᠴᠠᠭᠠᠨ ᠤ᠋ ᠮᠠᠯᠴᠢᠨ ᠵᠢᠱ᠍ᠢᠶᠡᠴᠢ ᠬᠠᠯᠵᠠᠨ ᠪᠣᠯᠤᠨ ᠰᠡᠷᠡᠩᠨᠤᠷᠪᠤ ᠨᠠᠷ ᠠ᠋ᠴᠠ ᠰᠣᠨᠣᠰᠤᠭᠰᠠᠨ ᠢ᠋ᠶ᠋ᠠᠨ ᠡᠮᠬᠢᠳᠬᠡᠪᠡ᠃   


             3. ᠥᠯᠥᠩ ᠦ᠋ᠨ ᠪᠠᠢᠯᠳᠤᠭᠠᠨ ①   
       ᠦᠦᠰᠢᠨ ᠬᠤᠰᠢᠭᠤᠨ ᠤ᠋ ᠵᠡᠭᠦᠨ ᠡᠮᠦᠨ᠎ᠡ ᠥᠳᠬᠡᠨ ᠰᠠᠬᠤᠯᠠᠭ ᠥᠯᠥᠩ ᠡᠪᠡᠰᠦ ᠤᠷᠭᠤᠭᠰᠠᠨ ᠶᠡᠬᠡ ᠴᠠᠢᠳᠠᠮ ᠢ᠋ ᠬᠣᠯᠠ ᠣᠢᠷ᠎ᠠ ᠶ᠋ᠢᠨ ᠬᠥᠮᠦᠰ ᠥᠯᠥᠩ ᠦ᠋ᠨ ᠴᠠᠢᠳᠠᠮ ᠭᠡᠵᠦ ᠨᠡᠷᠡᠯᠡᠭᠰᠡᠭᠡᠷ ᠣᠨ ᠵᠢᠯ ᠤᠳᠠᠵᠤᠬᠤᠢ  (ᠥᠨᠥ ᠱᠠᠨᠰᠢ ᠮᠣᠵᠢ ᠶ᠋ᠢᠨ ᠥᠯᠥᠩ ᠰᠢᠶᠠᠩ)  ᠃   
       1927 ᠣᠨ ᠤ᠋ 9 ᠰᠠᠷ᠎ᠠ ᠶ᠋ᠢᠨ ᠡᠬᠢ ᠪᠡᠷ ᠲᠡᠮᠡᠭᠡᠲᠦ ᠶ᠋ᠢᠨ ᠵᠢᠩ ᠶᠤᠸᠠᠢ ᠰᠢᠦ ᠶ᠋ᠢᠨ ᠬᠡᠳᠦᠨ ᠵᠠᠭᠤᠨ ᠮᠣᠷᠢᠲᠤ ᠴᠡᠷᠢᠭ ᠮᠡᠢᠷᠡᠨ ᠰᠦᠮ᠎ᠡ ᠳ᠋ᠦ᠍ ᠢᠷᠡᠵᠦ ᠰᠦᠮ᠎ᠡ ᠶ᠋ᠢᠨ ᠪᠤᠷᠬᠠᠨ ᠰᠢᠲᠦᠭᠡᠨ ᠢ᠋ ᠪᠠᠯᠪᠠᠴᠢᠨ ᠦᠨᠡᠲᠦ ᠴᠤᠬᠠᠭ ᠵᠦᠢᠯᠡᠰ ᠢ᠋ ᠪᠤᠯᠢᠶᠠᠨ ᠳᠡᠭᠡᠷᠡᠮᠳᠡᠵᠦ᠂ ᠲᠡᠷᠡ ᠣᠷᠴᠢᠮ ᠤ᠋ᠨ ᠮᠠᠯᠴᠢᠳ ᠤ᠋ᠨ ᠭᠡᠷ ᠲᠦ᠍ ᠣᠷᠣᠪᠠᠯ ᠲᠣᠭᠣᠭᠰᠠᠨ ᠪᠦᠬᠦᠨ ᠢ᠋ᠶ᠋ᠡᠨ ᠪᠤᠯᠢᠶᠠᠨ᠂ ᠭᠣᠯᠣᠭᠳᠠᠮᠠᠯ ᠵᠦᠢᠯ ᠪᠤᠶᠤ ᠡᠭᠦᠷᠴᠦ ᠠᠴᠢᠵᠤ ᠳᠡᠢᠯᠬᠦ ᠦᠭᠡᠢ ᠡᠳ᠋ ᠪᠣᠳᠠᠰ ᠢ᠋ ᠭᠡᠷ ᠲᠡᠢ ᠨᠢ ᠭᠠᠯᠳᠠᠵᠤ ᠰᠢᠲᠠᠭᠠᠭᠰᠠᠨ ᠤᠴᠢᠷ ᠭᠠᠷᠴᠠᠢ᠃ ᠡᠨᠡ ᠬᠦ᠌ ᠬᠠᠷᠠᠰᠠᠯᠲᠤ ᠴᠢᠮᠡᠭᠡ ᠶ᠋ᠢ ᠤᠯᠠᠭᠠᠨᠲᠣᠯᠣᠭᠠᠢ ᠶ᠋ᠢᠨ ᠰᠦᠮ᠎ᠡ ᠳᠡᠭᠡᠷ᠎ᠡ ᠴᠠᠭᠳᠠᠨ ᠰᠡᠷᠭᠡᠢᠯᠡᠬᠦ ᠪᠡᠷ ᠰᠠᠭᠤᠵᠤ ᠪᠠᠢᠭᠰᠠᠨ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠨᠢᠭᠡᠳᠦᠭᠡᠷ ᠯᠢᠶᠠᠨ ᠤ᠋ ᠴᠡᠷᠢᠭ ᠦ᠋ᠳ ᠰᠣᠨᠣᠰᠤᠮᠠᠭᠴᠠ ᠬᠣᠷᠢᠶᠠᠨ ᠳᠠᠷᠤᠭ᠎ᠠ ᠰᠢᠨᠠᠯᠠᠮ᠎ᠠ ᠶ᠋ᠢᠨ ᠵᠠᠷᠯᠢᠭ ᠢ᠋ᠶ᠋ᠠᠷ ᠪᠠᠪᠠ ᠯᠢᠶᠠᠨᠵᠠᠩ ᠤ᠋ᠨ ᠳᠠᠭᠠᠭᠤᠯᠭ᠎ᠠ ᠪᠠᠷ ᠵᠡᠭᠦᠨ ᠡᠮᠦᠨᠡᠰᠢ ᠮᠡᠢᠷᠡᠨ ᠰᠦᠮ᠎ᠡ ᠵᠦᠭ ᠮᠣᠷᠳᠠᠯ᠎ᠠ᠃ 
       ᠨᠠᠮᠤᠷ ᠴᠠᠭ ᠤ᠋ᠨ ᠦᠳᠡᠰᠢ ᠶ᠋ᠢᠨ ᠪᠦᠷᠦᠢ ᠶ᠋ᠢᠨ ᠰᠡᠷᠢᠭᠦᠬᠡᠨ ᠠᠮᠢᠰᠬᠤᠯ ᠪᠣᠯᠤᠨ ᠴᠠᠷᠴᠠᠬᠠᠢ ᠶ᠋ᠢᠨ ᠳᠠᠭᠤᠨ ᠨᠢ ᠰᠢᠨᠡᠯᠡᠮ᠎ᠡ ᠶ᠋ᠢᠨ ᠬᠣᠷᠢ ᠭᠠᠷᠤᠢ ᠮᠣᠷᠢᠲᠤ ᠴᠡᠷᠢᠭ ᠦ᠋ᠨ ᠲᠡᠢᠨ ᠳ᠋ᠦ᠍ ᠣᠷᠣᠯᠴᠠᠬᠤ ᠵᠣᠷᠢᠭ ᠰᠦᠯᠳᠡ ᠶ᠋ᠢ ᠬᠥᠭᠵᠢᠭᠡᠵᠦ ᠰᠥᠨᠢ ᠶ᠋ᠢᠨ ᠪᠦᠤᠪᠠᠢ ᠠᠷᠢᠯᠵᠤ ᠦᠦᠷ ᠦ᠋ᠨ ᠭᠡᠭᠡ ᠰᠤᠪᠤᠷᠠᠬᠤ ᠦᠶ᠎ᠡ ᠪᠡᠷ ᠮᠡᠢᠷᠡᠨ ᠰᠦᠮ᠎ᠡ ᠶ᠋ᠢᠨ ᠬᠠᠪᠢ ᠳ᠋ᠤ᠌ ᠬᠦᠷᠪᠡ᠃ ᠲᠡᠳᠡ ᠪᠠᠯᠠᠷ ᠡᠯᠡᠰᠦᠨ ᠦ᠌ ᠠᠰᠢᠭᠲᠠᠢ ᠭᠠᠵᠠᠷ ᠤ᠋ᠨ ᠪᠠᠢᠴᠠ ᠶ᠋ᠢ ᠡᠵᠡᠯᠡᠭᠰᠡᠨ ᠦ᠌ ᠳᠠᠷᠠᠭ᠎ᠠ᠂ ᠨᠢᠭᠡᠨ ᠮᠠᠯᠴᠢᠨ ᠡᠷᠦᠬᠡ ᠶ᠋ᠢᠨ ᠳ᠋ᠦ᠍ ᠬᠥᠮᠦᠨ ᠣᠴᠢᠭᠤᠯᠵᠤ ᠵᠢᠩ ᠶᠤᠸᠠᠢ ᠰᠢᠦ ᠶ᠋ᠢᠨ ᠴᠡᠷᠢᠭ ᠦ᠋ᠨ ᠪᠠᠢᠳᠠᠯ ᠢ᠋ ᠣᠢᠯᠠᠭᠠᠭᠰᠠᠨ ᠳ᠋ᠤ᠌᠂ ᠵᠢᠩ ᠶᠤᠸᠠᠢ ᠰᠢᠦ ᠶ᠋ᠢᠨ ᠮᠣᠷᠢᠲᠤ ᠴᠡᠷᠢᠭ ᠦ᠋ᠨ ᠭᠣᠣ ᠱᠤᠸᠠᠩ ᠴᠧᠩ ᠦ᠋ᠨ ᠪᠦᠯᠦᠭ ᠢ᠋ ᠦᠦᠰᠢᠨ  ᠦ᠌ ᠨᠣᠶᠠᠨ ᠤ᠋ ᠴᠡᠷᠢᠭ ᠪᠠᠶᠠᠨᠳᠣᠭᠳᠠᠬᠤ ᠳᠠᠭᠠᠭᠤᠯᠤᠨ ᠮᠡᠢᠷᠡᠨ ᠰᠦᠮ᠎ᠡ ᠪᠣᠯᠤᠨ ᠲᠡᠭᠦᠨ ᠦ᠌ ᠣᠢᠷᠠᠯᠴᠠᠭᠠᠬᠢ ᠠᠢᠯ ᠡᠷᠦᠬᠡ ᠶ᠋ᠢ ᠬᠣᠶᠠᠷ ᠡᠳᠦᠷ ᠳᠡᠭᠡᠷᠡᠮᠳᠡᠵᠦ ᠮᠠᠯ ᠤᠨᠤᠭ᠎ᠠ ᠶ᠋ᠢ ᠡᠮᠦᠨᠡᠰᠢ ᠲᠠᠭᠤᠵᠤ ᠶᠠᠪᠤᠭᠰᠠᠨ ᠭᠡᠵᠡᠢ᠃ 
       ᠡᠳᠡᠭᠡᠷ ᠪᠠᠢᠳᠠᠯ ᠤ᠋ᠳ ᠢ᠋ ᠪᠠᠪᠠ ᠯᠢᠶᠨᠨᠵᠠᠩ ᠰᠣᠨᠣᠰᠤᠭᠠᠳ ᠶᠡᠬᠡᠳᠡ ᠬᠢᠯᠢᠩᠨᠡᠵᠦ᠄《ᠪᠢᠳᠡᠨ ᠦ᠌ ᠲᠣᠯᠣᠭᠠᠢ ᠮᠥᠷᠦᠨ ᠳᠡᠭᠡᠷ᠎ᠡ ᠪᠠᠢᠭᠰᠠᠨ ᠴᠠᠭ ᠲᠤ᠌ ᠦᠦᠰᠢᠨ ᠬᠤᠰᠢᠭᠤᠨ ᠤ᠋ ᠭᠠᠵᠠᠷ ᠨᠤᠲᠤᠭ ᠪᠠ ᠮᠠᠯᠴᠢᠨ ᠲᠦᠮᠡᠨ ᠦ᠌ ᠲᠠᠢᠪᠤᠩ ᠠᠮᠢᠳᠤᠷᠠᠯ ᠢ᠋ ᠵᠠᠪᠠᠯ ᠬᠠᠮᠠᠭᠠᠯᠠᠬᠤ ᠬᠡᠷᠡᠭᠲᠡᠢ》 ᠭᠡᠯ᠎ᠡ᠃ ᠲᠡᠳᠡ ᠨᠠᠮᠤᠷ ᠤ᠋ᠨ ᠰᠢᠷ᠎ᠠ ᠨᠠᠷᠠᠨ ᠳ᠋ᠤ᠌ ᠪᠠᠯᠠᠷ ᠡᠯᠡᠰᠦᠨ ᠦ᠌ ᠳᠤᠮᠳᠠᠭᠤᠷ ᠵᠢᠩ ᠶᠤᠸᠠᠢ ᠰᠢᠦ ᠶ᠋ᠢᠨ ᠴᠡᠷᠢᠭ ᠦ᠋ᠨ ᠤᠯᠠ ᠮᠥᠷ ᠢ᠋  ᠮᠥᠰᠬᠢᠨ ᠨᠡᠬᠡᠮᠵᠢᠯᠡᠵᠦ ᠪᠠᠢᠭᠰᠠᠭᠠᠷ ᠥᠯᠥᠩ ᠦ᠋ᠨ ᠴᠠᠢᠳᠠᠮ ᠳ᠋ᠤ᠌ ᠬᠣᠶᠠᠷ ᠡᠲᠡᠭᠡᠳ ᠬᠠᠷᠢᠯᠴᠠᠨ ᠭᠠᠯ ᠠᠪᠤᠯᠴᠠᠯ᠎ᠠ᠃ ᠭᠠᠯ ᠤ᠋ᠨ ᠬᠦᠴᠦ ᠬᠤᠷᠴᠠ ᠰᠢᠷᠦᠭᠦᠨ᠂ ᠤᠨᠤᠵᠤ ᠠᠯᠳᠠᠬᠤ ᠢᠯᠠᠵᠤ ᠢᠯᠠᠭᠳᠠᠬᠤ ᠲᠡᠢᠨ ᠦ᠌ ᠲᠡᠭᠦᠰᠦᠯ ᠢ᠋ ᠮᠠᠭᠠᠳᠯᠠᠬᠤᠶ᠎ᠠ ᠲᠦᠪᠡᠭᠲᠡᠢ ᠪᠠᠢᠵᠠᠢ᠃ ᠤᠴᠢᠷ ᠨᠢ ᠵᠢᠩ ᠶᠤᠸᠠᠢ ᠰᠢᠦ ᠶ᠋ᠢᠨ ᠮᠣᠷᠢᠲᠤ ᠴᠡᠷᠢᠭ 200 ᠰᠢᠬᠠᠮ ᠪᠠᠢᠵᠤ᠂ ᠪᠠᠪᠠ ᠯᠢᠶᠡᠨᠵᠠᠩ ᠰᠠᠶᠢ ᠬᠣᠷᠢᠭᠠᠳ ᠴᠡᠷᠢᠭ ᠲᠡᠢ ᠮᠥᠷᠲᠡᠭᠡᠨ ᠪᠦᠬᠦᠯᠢ ᠨᠢᠭᠡ ᠡᠳᠦᠷ ᠦ᠋ᠨ ᠪᠠᠢᠯᠳᠤᠭᠠᠨ ᠳ᠋ᠤ᠌ ᠰᠤᠮᠤ ᠪᠠᠨ ᠨᠢᠭᠡᠨᠲᠡ ᠪᠠᠷᠠᠴᠢᠬᠠᠭᠰᠠᠨ ᠲᠤᠯᠠ ᠪᠠᠢᠳᠠᠯ ᠲᠤᠩ ᠲᠦᠭᠰᠢᠭᠦᠷᠢᠲᠡᠢ ᠪᠠᠢᠯ᠎ᠠ᠃ ᠬᠥᠮᠦᠨ ᠦ᠌ ᠲᠣᠭ᠎ᠠ ᠪᠠ ᠵᠠᠷ ᠵᠡᠪᠰᠡᠭ ᠦ᠋ᠨ ᠵᠦᠷᠢᠶᠡᠨ ᠲᠡᠢ ᠳᠡᠭᠡᠷ᠎ᠡ ᠡᠴᠡ ᠰᠤᠮᠤ ᠪᠠᠨ ᠪᠠᠷᠠᠴᠢᠬᠠᠭᠰᠠᠨ ᠲᠤᠯᠠ ᠠᠷᠭ᠎ᠠ ᠪᠤᠰᠤ ᠪᠠᠪᠠ ᠯᠢᠶᠠᠨᠵᠠᠩ ᠪᠠᠢᠯᠳᠤᠭᠴᠢᠳ ᠲᠠᠭᠠᠨ᠄《ᠥᠨᠥ ᠪᠢᠳᠡ ᠰᠤᠮᠤ ᠪᠠᠨ ᠪᠠᠷᠠᠴᠢᠬᠠᠭᠰᠠᠨ ᠴᠤ᠌ ᠨᠢᠳᠤᠷᠭ᠎ᠠ ᠠᠷᠭ᠎ᠠ ᠪᠠᠨ ᠪᠠᠷᠠᠭᠠᠳᠤᠢ᠃ ᠵᠠᠷᠢᠮ ᠬᠥᠮᠦᠰ ᠪᠦᠰᠡᠯᠡᠯᠲᠡ ᠶ᠋ᠢ ᠰᠢᠪᠲᠤᠯᠤᠨ ᠭᠠᠷᠴᠤ ᠳᠠᠢᠰᠤᠨ ᠤ᠋ ᠬᠠᠷᠠᠯᠲᠠ ᠶ᠋ᠢ ᠰᠢᠯᠵᠢᠭᠦᠯᠦᠭᠡᠳ ᠪᠤᠰᠤᠳ ᠨᠢ ᠥᠭᠡᠷ᠎ᠡ ᠵᠠᠮ ᠢ᠋ᠶ᠋ᠠᠷ ᠪᠦᠰᠡᠯᠡᠯᠲᠡ ᠶ᠋ᠢ ᠰᠢᠪᠲᠤᠯᠬᠤ ᠠ᠋ᠴᠠ ᠥᠭᠡᠷ᠎ᠡ ᠰᠠᠢᠨ ᠠᠷᠭ᠎ᠠ ᠦᠭᠡᠢ ᠁》 ᠭᠡᠬᠦ ᠳ᠋ᠦ᠍ ᠴᠡᠷᠢᠭ ᠦ᠋ᠳ ᠨᠢ᠄《ᠲᠡᠢᠮᠦ ᠠ᠋! ᠪᠢᠳᠡ ᠪᠤᠷᠬᠠᠨ ᠪᠣᠯᠵᠤ ᠡᠮᠦᠨ᠎ᠡ ᠨᠢ ᠶᠠᠪᠤᠬᠤ ᠦᠭᠡᠢ ᠴᠦ᠍ ᠴᠢᠳᠬᠥᠷ ᠪᠣᠯᠵᠤ ᠬᠣᠢᠨ᠎ᠠ ᠨᠢ ᠰᠠᠭᠤᠬᠤ ᠦᠭᠡᠢ ᠁》 ᠭᠡᠵᠡᠭᠡᠨ᠎ᠡ᠃ 
       ᠪᠠᠢᠯᠳᠤᠭᠴᠢ ᠴᠣᠭᠷᠣᠪ ᠴᠣᠭᠲᠤ ᠬᠣᠶᠠᠭᠤᠯᠠ ᠫᠤᠤ ᠳ᠋ᠠᠭᠠᠨ ᠰᠤᠮᠤ ᠦᠭᠡᠢ ᠴᠦ᠍ ᠭᠡᠰᠡᠨ ᠮᠣᠷᠢᠨ ᠳ᠋ᠠᠭᠠᠨ ᠮᠣᠷᠳᠠᠭᠠᠳ ᠫᠤᠤᠳᠠᠬᠤ ᠮᠠᠶᠢᠭ ᠭᠠᠷᠭᠠᠨ ᠬᠡᠳᠦᠨ ᠳᠠᠪᠬᠤᠷ ᠪᠦᠰᠡᠯᠡᠯᠲᠡ ᠶ᠋ᠢᠨ ᠳᠤᠮᠳᠠᠭᠤᠷ ᠰᠢᠪᠲᠤᠯᠤᠨ ᠭᠠᠷᠴᠤ ᠵᠢᠩ ᠶᠤᠸᠠᠢ ᠰᠢᠦ ᠶ᠋ᠢᠨ ᠴᠡᠷᠢᠭ ᠦ᠋ᠨ ᠬᠠᠷᠠᠯᠲᠠ ᠶ᠋ᠢ ᠰᠢᠯᠵᠢᠭᠦᠯᠦᠭᠰᠡᠨ ᠳ᠋ᠦ᠍ ᠪᠤᠰᠤᠳ ᠴᠡᠷᠢᠭ ᠦ᠋ᠳ ᠨᠢ ᠲᠣᠬᠢᠶᠠᠯ ᠢ᠋ ᠵᠠᠪᠳᠤᠵᠤ ᠠᠰᠢᠭᠲᠠᠢ ᠭᠠᠵᠠᠷ ᠢ᠋ᠶ᠋ᠠᠷ ᠳᠤᠲᠠᠭᠠᠨ ᠭᠠᠷᠴᠤ ᠴᠢᠳᠠᠵᠢ᠃ 
       ᠭᠡᠲᠡᠯ᠎ᠡ ᠴᠣᠭᠷᠣᠪ ᠴᠣᠭᠲᠤ ᠬᠣᠶᠠᠭᠤᠯᠠ ᠶ᠋ᠢ ᠦᠵᠡᠭᠰᠡᠨ ᠵᠢᠩ ᠶᠤᠸᠠᠢ ᠰᠢᠦ ᠶ᠋ᠢᠨ ᠴᠡᠷᠢᠭ ᠦ᠋ᠳ ᠰᠢᠨᠡᠯᠡᠮ᠎ᠡ ᠶ᠋ᠢᠨ ᠴᠡᠷᠢᠭ ᠴᠢᠴᠠᠷᠭᠠᠨ᠎ᠠ ᠣᠢ ᠳ᠋ᠤ᠌ ᠬᠣᠶᠠᠷᠬᠠᠨ ᠦᠯᠡᠳᠡᠭᠡᠳ ᠤᠷᠭᠤᠨ ᠳᠤᠲᠠᠭᠠᠯ᠎ᠠ ᠭᠡᠮᠡᠨ ᠡᠨᠳᠡᠭᠦᠦ ᠪᠡᠷ ᠣᠢᠯᠠᠭᠠᠭᠰᠠᠨ ᠲᠤᠯᠠ《ᠰᠢᠨᠡᠯᠡᠮ᠎ᠡ ᠶ᠋ᠢᠨ ᠴᠡᠷᠢᠭ ᠢ᠋ ᠠᠮᠢᠳᠤ ᠪᠠᠷ ᠪᠡᠷᠢ!》 ᠭᠡᠮᠡᠨ ᠬᠠᠰᠬᠢᠷᠤᠯᠳᠤᠨ ᠬᠦᠴᠦᠨ ᠢ᠋ᠶ᠋ᠡᠨ ᠲᠡᠷᠡ ᠬᠣᠶᠠᠭᠤᠯᠠ ᠶ᠋ᠢᠨ ᠵᠦᠭ ᠲᠥᠪᠯᠡᠷᠡᠭᠦᠯᠦᠨ ᠬᠣᠢᠨ᠎ᠠ  ᠠ᠋ᠴᠠ ᠨᠢ ᠨᠡᠬᠡᠮᠵᠢᠯᠡᠯ᠎ᠡ᠃  
       ᠲᠡᠷᠡ ᠬᠣᠶᠠᠭᠤᠯᠠ ᠡᠯᠡᠰᠦ ᠮᠠᠩᠬᠠᠨ ᠳᠤᠮᠳᠠᠭᠤᠷ ᠳᠠᠪᠬᠢᠭᠰᠠᠭᠠᠷ ᠪᠠᠢᠲᠠᠯ᠎ᠠ ᠴᠣᠭᠷᠣᠪ ᠤ᠋ᠨ ᠮᠣᠷᠢ ᠰᠢᠷᠬᠠᠲᠤᠵᠤ ᠲᠡᠷᠡ ᠮᠣᠷᠢᠨ ᠠ᠋ᠴᠠ ᠣᠢᠴᠢᠬᠤ ᠳ᠋ᠤ᠌ ᠴᠣᠭᠲᠤ ᠬᠠᠵᠠᠭᠤ ᠠ᠋ᠴᠠ ᠨᠢ ᠳᠠᠪᠬᠢᠨ ᠣᠴᠢᠵᠤ ᠴᠣᠭᠷᠣᠪ ᠢ᠋ ᠰᠢᠭᠦᠷᠦᠨ ᠠᠪᠴᠤ ᠮᠣᠷᠢᠨ ᠳᠡᠭᠡᠷ᠎ᠡ ᠪᠡᠨ ᠰᠤᠨᠳᠠᠯᠠᠳᠤᠨ ᠦᠷᠭᠦᠯᠵᠢᠯᠡᠨ ᠳᠠᠪᠬᠢᠵᠤ ᠳᠤᠲᠠᠭᠠᠪᠠ᠃ ᠬᠣᠶᠠᠭᠤᠯᠠ ᠠᠷᠪᠠᠨ ᠬᠡᠳᠦᠨ ᠭᠠᠵᠠᠷ ᠳᠠᠪᠬᠢᠵᠤ ᠳᠥᠩᠭᠡᠨ ᠲᠠᠩᠭᠠᠨ ᠴᠠᠭᠠᠨᠬᠥᠢ᠍ᠳᠡᠭᠡ (ᠥᠨᠥ ᠶ᠋ᠢᠨ ᠳᠡᠯᠭᠡᠷ ᠬᠤᠷᠠᠬᠤ ᠶ᠋ᠢᠨ ᠣᠪᠣᠭᠠᠨ ᠤ᠋ ᠵᠡᠭᠦᠨ ᠬᠣᠢᠨ᠎ᠠ ᠪᠣᠢ) ᠶ᠋ᠢᠨ ᠪᠠᠯᠠᠷ ᠬᠦᠷᠬᠦ ᠦᠶ᠎ᠡ ᠳ᠋ᠦ᠍ ᠮᠣᠷᠢ ᠨᠢ ᠪᠣᠭᠰᠢᠵᠤ ᠦᠬᠦᠯ᠎ᠡ᠃ ᠵᠢᠩ ᠶᠤᠸᠠᠢ ᠰᠢᠦ ᠶ᠋ᠢᠨ ᠮᠣᠷᠢᠲᠤ ᠴᠡᠷᠢᠭ ᠦ᠋ᠳ ᠲᠡᠷᠡ ᠬᠣᠶᠠᠭᠤᠯᠠ ᠶ᠋ᠢ ᠳᠠᠪᠬᠤᠷ ᠳᠠᠪᠬᠤᠷ ᠪᠦᠰᠡᠯᠡᠨ ᠠᠪᠴᠤ ᠫᠤᠤᠳᠠᠪᠠ᠃ ᠴᠣᠭᠷᠣᠪ ᠴᠣᠭᠲᠤ ᠬᠣᠶᠠᠭᠤᠯᠠ ᠰᠤᠮᠤᠨ ᠳ᠋ᠤ᠌ ᠣᠨᠣᠭᠳᠠᠵᠤ ᠪᠠᠭᠠᠲᠤᠷᠯᠢᠭ ᠢ᠋ᠶ᠋ᠠᠷ ᠪᠡᠶ᠎ᠡ ᠦᠷᠡᠭᠳᠡᠪᠡ᠃ 
       ᠲᠡᠳᠡ ᠬᠣᠶᠠᠭᠤᠯᠠ ᠥᠪᠡᠷᠰᠡᠳ ᠦ᠋ᠨ ᠠᠮᠢ ᠨᠠᠰᠤ ᠪᠠᠷ ᠢ᠋ᠶ᠋ᠠᠨ ᠬᠣᠷᠢᠭᠠᠳ ᠬᠥᠮᠦᠨ ᠦ᠌ ᠠᠮᠢ ᠨᠠᠰᠤ ᠶ᠋ᠢ ᠠᠪᠤᠷᠠᠭᠠᠳ ᠪᠠᠯᠠᠷᠠᠰᠢ ᠦᠭᠡᠢ ᠤᠯᠠ ᠮᠥᠷ ᠢ᠋ᠶ᠋ᠡᠨ ᠦᠦᠰᠢᠨ ᠬᠤᠰᠢᠭᠤᠨ ᠤ᠋ ᠨᠤᠲᠤᠭ ᠤᠰᠤᠨ ᠳ᠋ᠤ᠌ ᠦᠯᠡᠳᠡᠭᠡᠭᠰᠡᠨ ᠪᠢᠯᠡ᠃     

— — — — 
 ① ᠲᠤᠰ ᠦᠯᠢᠭᠡᠷ ᠢ᠋ ᠰᠢᠨᠡᠯᠡᠮ᠎ᠡ ᠶ᠋ᠢᠨ ᠴᠡᠷᠢᠭ ᠦ᠋ᠨ ᠨᠢᠭᠡᠳᠦᠭᠡᠷ ᠯᠢᠶᠠᠨ ᠤ᠋ ᠪᠠᠪᠠ ᠨᠠᠰᠤᠲᠠᠨ (ᠲᠣᠪᠴᠢ ᠶ᠋ᠢᠨ ᠪᠠᠪᠠ ) ᠠ᠋ᠴᠠ  ᠰᠣᠨᠣᠰᠤᠭᠰᠠᠨ ᠢ᠋ᠶ᠋ᠠᠨ ᠡᠮᠬᠢᠳᠬᠡᠪᠡ᠃   

            4.  ᠵᠠᠩᠭᠤᠲᠤ ᠶ᠋ᠢᠨ ᠪᠠᠢᠯᠳᠤᠭᠠᠨ  
       ᠵᠠᠩᠭᠤᠲᠤ ᠭᠡᠳᠡᠭ ᠭᠠᠵᠠᠷ ᠤᠤᠯ ᠳ᠋ᠠᠭᠠᠨ ᠦᠦᠰᠢᠨ᠂ ᠵᠠᠰᠠᠭ᠂ ᠲᠡᠮᠡᠭᠡᠲᠦ ᠵᠡᠷᠭᠡ ᠭᠤᠷᠪᠠᠨ ᠭᠠᠵᠠᠷ ᠤ᠋ᠨ ᠠᠭᠤᠯᠵᠠᠷ ᠲᠤ᠌ ᠪᠠᠢᠭ᠎ᠠ ᠡᠪᠡᠰᠦ ᠪᠡᠯᠴᠢᠭᠡᠷ ᠰᠠᠢᠨ᠂ ᠦᠵᠡᠮᠵᠢ ᠪᠦᠬᠦᠨ ᠢ᠋ ᠬᠠᠳᠠᠭᠠᠯᠠᠭᠰᠠᠨ ᠮᠣᠩᠭᠣᠯ ᠤ᠋ᠨ ᠰᠠᠢᠬᠠᠨ ᠭᠠᠵᠠᠷ ᠪᠠᠢᠵᠠᠢ᠃ ᠥᠨᠥ ᠲᠡᠮᠡᠭᠡᠲᠦ ᠶ᠋ᠢᠨ ᠶᠡᠬᠡ ᠪᠣᠳᠣᠩ ᠰᠢᠶᠠᠩ ᠳ᠋ᠤ᠌ ᠬᠠᠷᠢᠶᠠᠯᠠᠭᠳᠠᠵᠤ ᠪᠣᠢ᠃ ᠡᠨᠳᠡ ᠤᠷᠢᠳ ᠢ᠋ᠶ᠋ᠠᠷ ᠵᠠᠩᠭᠤᠲᠤ ᠶ᠋ᠢᠨ ᠪᠠᠢᠯᠳᠤᠭᠠᠨ ᠡᠬᠢᠯᠡᠬᠦ ᠡᠴᠡ ᠡᠮᠦᠨᠡᠬᠢ ᠴᠠᠭ ᠤ᠋ᠨ ᠪᠠᠢᠳᠠᠯ᠂ ᠤᠯᠤᠰ ᠲᠥᠷᠥ ᠴᠡᠷᠢᠭ ᠲᠡᠢᠨ ᠦ᠌ ᠠᠬᠤᠢ ᠪᠠᠢᠳᠠᠯ ᠢ᠋ ᠲᠤᠰᠬᠠᠭᠰᠠᠨ ᠪᠠᠷᠢᠮᠲᠠ ᠮᠠᠲ᠋ᠧᠷᠢᠶᠠᠯ ᠢ᠋ ᠰᠡᠢᠷᠡᠭᠦᠯᠦᠶ᠎ᠡ᠃    
       (1) ᠲᠡᠮᠡᠭᠡᠲᠦ ᠶ᠋ᠢᠨ ᠵᠢᠩ ᠶᠤᠸᠠᠢ ᠰᠢᠦ ᠰᠸᠯᠢᠩ ᠡᠴᠡ ᠴᠡᠷᠢᠭ ᠭᠠᠷᠭᠠᠵᠤ ᠰᠢᠨᠠᠯᠠᠮ᠎ᠠ ᠶ᠋ᠢ ᠬᠢᠳᠤᠨ ᠠᠷᠢᠯᠭᠠᠬᠤ ᠲᠤᠬᠠᠢ ᠴᠢᠭᠤᠯᠭᠠᠨ ᠳᠡᠳ᠋ ᠲᠡᠷᠢᠭᠦᠨ ᠠᠯᠲᠠᠨᠸᠴᠢᠷ ᠲᠦ᠍ ᠶᠠᠪᠤᠭᠤᠯᠤᠭᠰᠠᠨ ᠪᠢᠴᠢᠭ᠄  
ᠥᠷᠥᠰᠢᠶᠡᠯᠲᠦ ᠠᠬ᠎ᠠ ᠳᠡᠳ᠋ ᠳᠡ ᠨᠣᠶᠠᠨ ᠲᠠᠨ᠎ᠠ᠄   
      ᠠᠮᠤᠷ ᠢ᠋ ᠡᠷᠢᠨ ᠪᠠᠷᠢᠭᠤᠯᠬᠤ ᠶ᠋ᠢᠨ ᠲᠠᠰᠢᠷᠠᠮ ᠢᠲᠡᠭᠡᠮᠵᠢᠯᠡᠬᠦ ᠢᠨᠦ᠂ ᠮᠥᠨᠥᠬᠡᠨ ᠮᠡᠳᠡᠭᠦᠯᠦᠭᠰᠡᠨ ᠪᠢᠴᠢᠭ ᠲᠣᠷ᠂ ᠡᠷᠬᠢᠮ ᠦ᠋ᠨ ᠭᠠᠵᠠᠷ ᠠ᠋ᠴᠠ ᠴᠡᠷᠢᠭ ᠭᠠᠷᠭᠠᠵᠤ ᠬᠠᠮᠲᠤ ᠨᠡᠢᠯᠡᠨ ᠰᠢᠨᠡᠯᠡᠮ᠎ᠡ ᠶ᠋ᠢ ᠬᠢᠳᠤᠨ ᠠᠷᠢᠯᠭᠠᠬᠤ ᠰᠠᠨᠠᠭ᠎ᠠ ᠲᠠᠢ ᠲᠤᠯᠠ ᠵᠦᠢ ᠢᠨᠦ ᠳᠡᠭᠦᠦ ᠮᠢᠨᠦ ᠭᠠᠵᠠᠷ ᠠ᠋ᠴᠠ ᠴᠡᠷᠢᠭ ᠭᠠᠷᠭᠠᠵᠤ᠂ ᠬᠠᠮᠲᠤ ᠨᠡᠢᠯᠡᠨ ᠳᠡᠯᠡᠳᠴᠦ᠂ ᠡᠨᠡ ᠳᠠᠢᠰᠤᠨ ᠢ᠋ ᠬᠤᠭᠤᠴᠠᠭ᠎ᠠ ᠲᠣᠭᠲᠠᠭᠠᠨ ᠰᠥᠨᠥᠭᠡᠵᠦ ᠠᠷᠢᠯᠭᠠᠪᠠᠰᠤ ᠵᠣᠬᠢᠬᠤ ᠲᠤᠯᠠ ᠡᠳᠦᠭᠡ ᠮᠠᠨ ᠤ᠋ ᠭᠠᠵᠠᠷ ᠠ᠋ᠴᠠ ᠰᠠᠢᠨᠲᠤᠷ᠎ᠠ ᠳ᠋ᠤᠷ ᠰᠠᠭᠤᠭᠰᠠᠨ ᠬᠣᠷᠢᠶᠠᠨ ᠤ᠋ ᠳᠠᠷᠤᠭ᠎ᠠ ᠳ᠋ᠤᠸᠠᠨ ᠳᠧ ᠱᠧᠩ ᠳ᠋ᠦ᠍ᠷ ᠵᠠᠬᠢᠵᠤ ᠮᠣᠷᠢᠲᠤ ᠴᠡᠷᠢᠭ ᠬᠣᠶᠠᠷ ᠯᠢᠶᠠᠨ ᠳᠠᠢᠴᠢᠯᠠᠨ ᠠᠪᠴᠤ ᠰᠠᠢᠨᠲᠤᠷ᠎ᠠ ᠠ᠋ᠴᠠ ᠵᠠᠰᠠᠭ ᠬᠤᠰᠢᠭᠤᠨ ᠤ᠋ ᠭᠠᠵᠠᠷ ᠣᠳᠣᠨ ᠬᠢᠳᠤᠰᠤᠭᠠᠢ᠃  ᠬᠣᠩ ᠱᠠᠨ ᠳ᠋ᠤᠷ ᠰᠠᠭᠤᠭᠰᠠᠨ ᠵᠢᠶᠠᠩ ᠲᠤᠸᠠᠨ ᠤ᠋ ᠮᠣᠷᠢᠲᠤ ᠴᠡᠷᠢᠭ ᠨᠢᠭᠡᠨ ᠯᠢᠶᠠᠨ᠂ ᠪᠠᠭ᠎ᠠ ᠮᠠᠰᠢᠩ ᠤ᠋ᠨ ᠬᠤᠸᠠᠩ ᠲᠤᠸᠠᠨ ᠵᠠᠩ ᠳ᠋ᠤᠷ ᠵᠠᠬᠢᠵᠤ ᠮᠣᠷᠢᠲᠤ ᠴᠡᠷᠢᠭ ᠬᠣᠶᠠᠷ ᠯᠢᠶᠠᠨ ᠲᠣᠮᠢᠯᠠᠨ ᠭᠠᠷᠭᠠᠵᠤ᠂ ᠬᠠᠮᠲᠤ ᠨᠡᠢᠯᠡᠨ ᠬᠣᠮᠣᠷᠢᠨ ᠪᠠᠢᠯᠳᠤᠵᠤ ᠰᠥᠨᠥᠭᠡᠨ ᠠᠷᠢᠯᠭᠠᠰᠤᠭᠠᠢ ᠬᠡᠮᠡᠭᠰᠡᠨ ᠪᠥᠯᠥᠭᠡ᠂ ᠡᠳᠦᠭᠡ ᠬᠦᠰᠡᠮᠵᠢᠯᠡᠬᠦ ᠢᠨᠦ ᠡᠷᠬᠢᠮ ᠦ᠋ᠨ ᠭᠠᠵᠠᠷ ᠠ᠋ᠴᠠ ᠳᠠᠷᠤᠢ ᠲᠦᠷᠭᠡᠨ ᠴᠡᠷᠢᠭ ᠲᠣᠮᠢᠯᠠᠨ ᠬᠠᠮᠲᠤ ᠨᠡᠢᠯᠡᠨ ᠬᠢᠳᠤᠨ ᠠᠷᠢᠯᠭᠠᠵᠤ ᠥᠭᠬᠦ ᠪᠣᠯᠪᠠᠰᠤ᠂ ᠶᠡᠷᠦ ᠪᠦᠦ ᠰᠠᠭᠠᠲᠠᠭᠤᠯᠵᠤ ᠴᠠᠭ ᠤ᠋ᠨ ᠪᠠᠷᠢᠯᠳᠤᠯᠭ᠎ᠠ ᠶ᠋ᠢ  ᠣᠰᠣᠯᠳᠠᠭᠤᠯᠰᠤᠭᠠᠢ᠃ ᠡᠭᠦᠨ ᠢ᠋ ᠣᠲᠣᠭ ᠬᠤᠰᠢᠭᠤᠨ ᠤ᠋ ᠰᠢᠢᠳᠬᠡᠭᠴᠢ ᠳᠡ ᠪᠠ ᠶᠢᠩᠵᠠᠩ ᠤᠯᠠᠭᠠᠨᠪᠠᠭᠠᠲᠤᠷ ᠨᠠᠷ ᠲᠤᠷ ᠨᠢᠭᠡᠨ ᠠᠳᠠᠯᠢ ᠶᠠᠪᠤᠭᠤᠯᠤᠭᠰᠠᠨ ᠪᠢᠯᠡ᠃ ᠣᠯᠳᠠᠬᠤᠯ᠎ᠠ ᠲᠣᠯᠢᠴᠠᠨ ᠲᠤᠩᠭᠠᠵᠤ ᠰᠢᠢᠳᠬᠡᠬᠦ ᠪᠣᠯᠪᠠᠤ᠃    
                   ᠡᠭᠦᠨ ᠦ᠌ ᠲᠤᠯᠠ ᠵᠢᠩ ᠶᠤᠸᠠᠢ ᠰᠢᠦ   
                       1927 ᠣᠨ ᠤ᠋ ᠶᠢᠰᠦᠨ ᠰᠠᠷ᠎ᠠ ᠶ᠋ᠢᠨ ᠠᠷᠪᠠᠨ᠎ᠠ   
    
       (2) ᠴᠢᠭᠤᠯᠭᠠᠨ ᠲᠡᠷᠢᠭᠦᠨ ᠱᠠᠭᠳᠤᠷᠵᠠᠪ ᠠ᠋ᠴᠠ ᠴᠢᠭᠤᠯᠭᠠᠨ ᠳᠡᠳ᠋ ᠳᠡ ᠠᠯᠲᠠᠨᠸᠴᠢᠷ ᠲᠦ᠍ ᠢᠯᠡᠭᠡᠭᠰᠡᠨ ᠵᠠᠬᠢᠳᠠᠯ᠄ 
ᠴᠢᠭᠤᠯᠭᠠᠨ ᠳᠡᠳ᠋ ᠲᠡᠷᠢᠭᠦᠨ ᠮᠡᠷᠭᠡᠨ ᠳᠡᠭᠦᠦ ᠲᠠᠨ᠎ᠠ᠄ 
       ᠡᠳᠦᠭᠡ ᠲᠡᠮᠡᠭᠡᠲᠦ ᠶ᠋ᠢᠨ ᠵᠢᠩ ᠶᠤᠸᠠᠢ ᠰᠢᠦ ᠶ᠋ᠢᠨ ᠭᠠᠵᠠᠷ ᠠ᠋ᠴᠠ ᠰᠠᠢᠨᠲᠤᠷ᠎ᠠ ᠶ᠋ᠢᠨ ᠳ᠋ᠤᠸᠠᠨ ᠯᠢᠶᠡᠨᠵᠠᠩ ᠢ᠋ ᠲᠣᠮᠢᠯᠠᠨ ᠬᠣᠶᠠᠷ ᠯᠢᠶᠠᠨ ᠴᠡᠷᠢᠭ ᠲᠡᠢ ᠮᠠᠨ ᠤ᠋ ᠭᠠᠵᠠᠷ ᠬᠦᠷᠴᠦ ᠢᠷᠡᠭᠡᠳ ᠱᠠᠭᠠᠷᠳᠠᠭᠤᠯᠤᠨ ᠬᠡᠯᠡᠬᠦ ᠨᠢ᠂ ᠴᠢᠭᠤᠯᠭᠠᠨ ᠲᠡᠷᠢᠭᠦᠨ ᠲᠠᠨ ᠤ᠋ ᠭᠠᠵᠠᠷ ᠠ᠋ᠴᠠ ᠬᠠᠩᠭᠢᠨ ᠳᠡᠳ᠋ ᠳᠡ ᠶ᠋ᠢᠨ ᠬᠤᠰᠢᠭᠤᠨ ᠤ᠋ ᠴᠡᠷᠢᠭ ᠢ᠋ ᠭᠱᠠᠨ ᠵᠠᠭᠤᠷ᠎ᠠ ᠳᠠᠭᠤᠳᠠᠨ ᠢᠷᠡᠭᠦᠯᠵᠦ᠂ ᠮᠠᠨ ᠤ᠋ ᠴᠡᠷᠢᠭ ᠯᠦ᠍ᠭᠡ ᠬᠠᠮᠲᠤ ᠨᠡᠢᠯᠡᠭᠦᠯᠵᠦ᠂ ᠦᠦᠰᠢᠨ ᠬᠤᠰᠢᠭᠤᠨ ᠤ᠋ ᠬᠤᠯᠠᠭᠠᠢ ᠰᠢᠨᠡᠯᠡᠮ᠎ᠡ ᠥᠯᠵᠠᠢᠵᠢᠷᠭᠠᠯ ᠨᠠᠷ ᠢ᠋ ᠬᠢᠳᠤᠨ ᠠᠷᠢᠯᠭᠠᠰᠤᠭᠠᠢ ᠭᠡᠮᠡᠨ ᠱᠠᠭᠠᠷᠳᠠᠭᠤᠯᠵᠤ ᠪᠣᠢ ᠤᠴᠢᠷ ᠢ᠋ ᠳᠣᠪᠲᠣᠯᠭᠠᠨ ᠮᠡᠳᠡᠭᠳᠡᠶ᠎ᠡ᠃ ᠬᠦᠷᠬᠦᠯ᠎ᠡ ᠳᠡᠳ᠋ ᠳᠡ ᠸᠠᠩ ᠮᠡᠷᠭᠡᠨ ᠳᠡᠭᠦᠦ ᠨᠣᠶᠠᠨ ᠭᠦᠨ ᠰᠠᠷᠠᠭᠤᠯ ᠳ᠋ᠠᠭᠠᠨ ᠲᠣᠯᠢᠳᠴᠦ᠂ ᠬᠠᠷᠢᠶᠠᠲᠤ ᠬᠤᠷᠴᠠ ᠴᠡᠷᠢᠭ ᠢ᠋ᠶ᠋ᠡᠨ ᠵᠢᠩᠬᠢᠨ ᠦ᠌ ᠲᠤᠰᠢᠶᠠᠯᠲᠠᠨ ᠢ᠋ᠶ᠋ᠠᠷ ᠲᠤᠰᠢᠶᠠᠵᠤ ᠲᠣᠮᠢᠯᠠᠨ᠂ ᠲᠦᠷᠭᠡᠨ ᠡᠴᠡ ᠲᠦᠷᠭᠡᠨ ᠮᠣᠷᠳᠠᠭᠤᠯᠵᠤ᠂ ᠳᠠ ᠸᠠᠩ ᠮᠠᠨ ᠤ᠋ ᠭᠠᠵᠠᠷ ᠭᠦᠷᠦᠨ ᠢᠷᠡᠵᠦ᠂ ᠡᠢᠨ ᠬᠦ᠌ ᠬᠦᠯᠢᠶᠡᠵᠦ ᠪᠦᠬᠦᠢ ᠳ᠋ᠤᠸᠠᠨ ᠯᠢᠶᠠᠨ ᠵᠠᠩ ᠯᠤᠭ᠎ᠠ ᠬᠠᠮᠲᠤ ᠨᠡᠢᠯᠡᠭᠦᠯᠵᠦ᠂ ᠬᠤᠯᠠᠭᠠᠢ ᠥᠯᠵᠠᠢᠵᠢᠷᠭᠠᠯ ᠨᠠᠷ ᠢ᠋ ᠬᠢᠳᠤᠨ ᠠᠷᠢᠯᠭᠠᠬᠤ ᠳ᠋ᠤᠷ ᠰᠠᠭᠠᠲᠠᠯ ᠦᠭᠡᠢ ᠪᠣᠯᠭᠠᠰᠤᠭᠠᠢ ᠭᠡᠮᠡᠨ ᠡᠭᠦᠨ ᠦ᠌ ᠲᠤᠯᠠ ᠳᠠ ᠵᠠᠩᠵᠤᠨ ᠵᠠᠰᠠᠭ ᠵᠢᠶᠦ᠋ᠨ ᠸᠠᠩ ᠵᠢᠨᠦᠩ ᠠᠬ᠎ᠠ ᠱᠠᠭᠳᠤᠷᠵᠠᠪ  ᠪᠠᠷ᠃   
            ᠳᠤᠮᠳᠠᠳᠤ ᠢᠷᠭᠡᠨ ᠤᠯᠤᠰ ᠤ᠋ᠨ ᠠᠷᠪᠠᠨ ᠵᠢᠷᠭᠤᠳᠤᠭᠠᠷ (1927) ᠣᠨ 
                    ᠨᠠᠮᠤᠷ ᠤ᠋ᠨ ᠳᠤᠮᠳᠠᠳᠤ ᠰᠠᠷ᠎ᠠ ᠶ᠋ᠢᠨ ᠬᠣᠷᠢ ᠶᠢᠰᠦᠨ᠎ᠡ     

       (3)  ᠴᠢᠭᠤᠯᠭᠠᠨ ᠳᠡᠳ᠋ ᠲᠡᠷᠢᠭᠦᠨ ᠠᠯᠲᠠᠨᠸᠴᠢᠷ ᠡᠴᠡ ᠴᠢᠭᠤᠯᠭᠠᠨ ᠲᠡᠷᠢᠭᠦᠨ ᠱᠠᠭᠳᠤᠷᠵᠠᠪ ᠲᠤ᠌ ᠢᠯᠡᠭᠡᠭᠰᠡᠨ ᠵᠠᠬᠢᠳᠠᠯ  
ᠴᠢᠭᠤᠯᠭᠠᠨ ᠲᠡᠷᠢᠭᠦᠨ ᠵᠠᠩᠵᠤᠨ ᠵᠢᠶᠦ᠋ᠨ ᠸᠠᠩ ᠨᠣᠶᠠᠨ ᠠᠬ᠎ᠠ ᠲᠠᠨ᠎ᠠ᠄  
       ᠡᠳᠦᠭᠡ ᠲᠤᠰᠢᠶᠠᠭᠰᠠᠨ ᠢ᠋ ᠳᠠᠭᠠᠵᠤ᠂ ᠮᠠᠨ ᠤ᠋ ᠬᠣᠷᠢᠶᠠᠨ ᠠ᠋ᠴᠠ ᠯᠢᠶᠠᠨᠵᠠᠩ ᠮᠡᠢᠷᠡᠨ ᠵᠡᠷᠭᠡ ᠲᠣᠭᠣᠰ ᠤᠲᠤᠭ᠎ᠠ ᠲᠠᠢ ᠳᠤᠯᠤᠭᠠᠨᠵᠢᠩ ᠳ᠋ᠤᠷ ᠨᠢᠭᠡᠨ ᠯᠢᠶᠠᠨ ᠴᠡᠷᠢᠭ ᠢ᠋ ᠲᠤᠰᠢᠶᠠᠵᠤ ᠲᠣᠮᠢᠯᠠᠨ ᠭᠠᠷᠭᠠᠵᠤ᠂ ᠳᠠ ᠵᠠᠩᠵᠤᠨ ᠨᠣᠶᠠᠨ ᠠᠬ᠎ᠠ ᠶ᠋ᠢᠨ ᠶᠡᠬᠡ ᠲᠦᠰᠢᠮᠡᠯ ᠴᠡᠷᠢᠭ ᠯᠦ᠍ᠭᠡ ᠪᠠᠷ᠎ᠠ ᠪᠣᠯᠭᠠᠬᠤ ᠪᠠᠷ ᠤᠲᠤᠭᠤᠯᠤᠭᠰᠠᠨ ᠤᠴᠢᠷ ᠢ᠋ ᠭᠠᠷᠭᠠᠨ ᠮᠡᠳᠡᠭᠦᠯᠦᠶ᠎ᠡ᠂ ᠬᠦᠷᠬᠦᠯ᠎ᠡ ᠭᠡᠭᠡᠨ ᠳ᠋ᠡᠭᠡᠨ ᠲᠣᠯᠢᠴᠠᠨ ᠠᠢᠯᠠᠳᠬᠠᠵᠤ  ᠠᠵᠢᠶᠠᠮᠣᠢ᠃ ᠵᠢᠴᠢ ᠮᠠᠨ ᠤ᠋ ᠴᠡᠷᠢᠭ ᠦ᠋ᠨ ᠰᠤᠮᠤ ᠮᠠᠰᠢ ᠴᠥᠭᠡᠬᠡᠨ ᠲᠤᠯᠠ ᠬᠦᠴᠦᠨ ᠨᠡᠮᠡᠬᠦ ᠰᠤᠮᠤ ᠣᠯᠭᠣᠨ ᠬᠡᠰᠢᠭ ᠥᠷᠥᠰᠢᠶᠡᠨ ᠬᠦᠷᠲᠡᠭᠡᠬᠦ ᠶ᠋ᠢ ᠭᠤᠶᠤᠨ ᠮᠥᠷᠭᠥᠮᠦᠢ᠃ 
              ᠳᠡᠳ᠋ ᠳᠡ ᠳᠡᠭᠦᠦ ᠠᠯᠲᠠᠨᠸᠴᠢᠷ ᠬᠢᠴᠢᠶᠡᠨ   
                 ᠳᠤᠮᠳᠠᠳᠤ ᠢᠷᠭᠡᠨ ᠤᠯᠤᠰ ᠤ᠋ᠨ ᠠᠷᠪᠠᠨ ᠵᠢᠷᠭᠤᠳᠤᠭᠠᠷ (1927 )  ᠣᠨ ᠤ᠋ 
                                ᠶᠢᠰᠦᠨ ᠰᠠᠷ᠎ᠠ ᠶ᠋ᠢᠨ ᠠᠷᠪᠠᠨ ᠳᠦᠷᠪᠡᠨ᠎ᠡ 
  
       (4) ᠴᠢᠭᠤᠯᠭᠠᠨ ᠲᠡᠷᠢᠭᠦᠨ ᠱᠠᠭᠳᠤᠷᠵᠠᠪ ᠠ᠋ᠴᠠ ᠱᠠᠨᠰᠢ ᠶ᠋ᠢᠨ ᠢᠦᠢ ᠯᠢᠨ ᠦ᠌ ᠵᠢᠩ ᠶᠤᠸᠠᠢ ᠰᠢᠦ ᠰᠧᠯᠢᠩ ᠳ᠋ᠦ᠍ ᠢᠯᠡᠭᠡᠭᠰᠡᠨ ᠵᠠᠬᠢᠳᠠᠯ
ᠵᠢᠩ ᠳᠡ ᠿᠧᠨ ᠲᠠᠨ᠎ᠠ᠄  
       ᠡᠳᠦᠭᠡ ᠡᠷᠬᠢᠮ ᠦ᠋ᠨ ᠭᠠᠵᠠᠷ ᠠ᠋ᠴᠠ ᠢᠷᠡᠭᠰᠡᠨ ᠵᠠᠬᠢᠳᠠᠯ ᠢ᠋ ᠬᠦᠯᠢᠶᠡᠨ ᠠᠪᠴᠤ ᠰᠡᠩᠬᠡᠭᠡᠷᠡᠭᠡᠳ᠂ ᠲᠦᠰᠢᠮᠡᠯ ᠴᠡᠷᠢᠭ ᠦᠯᠡᠮᠵᠢ ᠪᠠᠷᠠᠳᠠᠭᠤᠯᠵᠤ ᠬᠠᠪᠰᠤᠷᠬᠤ ᠶ᠋ᠢ ᠲᠤᠢᠯ ᠢ᠋ᠶ᠋ᠠᠷ ᠬᠦᠰᠡᠪᠡᠴᠦ ᠵᠡᠪᠰᠡᠭ ᠪᠠᠭᠤᠷᠠᠢ ᠲᠤᠯᠠ ᠨᠢᠭᠡᠨ ᠯᠢᠶᠠᠨ ᠴᠡᠷᠢᠭ ᠢ᠋ ᠬᠠᠷᠢᠶᠠᠲᠤ ᠬᠤᠰᠢᠭᠤᠨ ᠤ᠋ ᠪᠠᠷᠠᠭᠤᠨ ᠡᠮᠦᠨᠡᠲᠦ ᠵᠠᠬ᠎ᠠ ᠦᠦᠰᠢᠨ ᠰᠠᠪᠠ ᠳ᠋ᠤᠷ ᠣᠴᠢᠭᠤᠯᠵᠤ᠂ ᠬᠦᠴᠦᠨ ᠬᠠᠪᠰᠤᠷᠭᠠᠷ᠎ᠠ ᠭᠠᠷᠭᠠᠭᠰᠠᠨ ᠤᠴᠢᠷ ᠢ᠋ ᠮᠡᠳᠡᠭᠳᠡᠨ ᠶᠠᠪᠤᠭᠤᠯᠤᠶ᠎ᠠ᠂ ᠬᠦᠷᠬᠦᠯ᠎ᠡ ᠡᠷᠬᠢᠮ ᠰᠧᠯᠢᠩ ᠠᠬ᠎ᠠ ᠲᠠ ᠪᠠᠢᠴᠠᠭᠠᠨ ᠲᠣᠯᠢᠴᠠᠵᠦ᠂ ᠮᠠᠨ ᠤ᠋ ᠴᠥᠭᠡᠬᠡᠨ ᠴᠡᠷᠢᠭ ᠲᠦ᠍ᠷ ᠵᠡᠪᠰᠡᠭ ᠰᠧ ᠳ᠋ᠠᠢ ᠱᠠᠩᠨᠠᠨ᠂ ᠲᠡᠳᠬᠦᠵᠦ ᠥᠷᠥᠰᠢᠶᠡᠬᠦ ᠪᠣᠯᠪᠠᠤ᠃  
                ᠶᠡᠬᠡ ᠵᠣᠣ ᠴᠢᠭᠤᠯᠭᠠᠨ ᠲᠡᠷᠢᠭᠦᠨ ᠱᠠᠭᠳᠤᠷᠵᠠᠪ ᠬᠢᠴᠢᠶᠡᠨ     
                 ᠳᠤᠮᠳᠠᠳᠤ ᠢᠷᠭᠡᠨ ᠤᠯᠤᠰ ᠤ᠋ᠨ ᠠᠷᠪᠠᠨ ᠵᠢᠷᠭᠤᠳᠤᠭᠠᠷ (1927 ) ᠣᠨ ᠤ᠋ 
                                   ᠶᠢᠰᠦᠨ ᠰᠠᠷ᠎ᠠ ᠶ᠋ᠢᠨ ᠰᠢᠨ᠎ᠡ ᠶ᠋ᠢᠨ ᠬᠣᠶᠠᠷ᠎ᠠ 

       (5) ᠴᠢᠭᠤᠯᠭᠠᠨ ᠲᠡᠷᠢᠭᠦᠨ ᠱᠠᠭᠳᠤᠷᠵᠠᠪ ᠠ᠋ᠴᠠ ᠳᠡᠳ᠋ ᠳᠡ ᠠᠯᠲᠠᠨᠸᠴᠢᠷ ᠲᠦ᠍ ᠢᠯᠡᠭᠡᠭᠰᠡᠨ ᠵᠠᠬᠢᠳᠠᠯ      
ᠳᠠ ᠵᠠᠩᠵᠤᠨ ᠵᠠᠰᠠᠭ ᠵᠢᠶᠦ᠋ᠨ ᠸᠠᠩ ᠠᠬ᠎ᠠ ᠱᠠᠭᠳᠤᠷᠵᠠᠪ ᠠ᠋ᠴᠠ ᠰᠢᠳᠠᠷ ᠠᠮᠪᠠᠨ ᠳᠡᠳ᠋ ᠳᠡ ᠰᠠᠢᠳ ᠵᠠᠰᠠᠭ ᠸᠠᠩ ᠮᠡᠷᠭᠡᠨ ᠳᠡᠭᠦᠦ ᠨᠣᠶᠠᠨ ᠲᠠᠨ᠎ᠠ᠄
       ᠠᠮᠤᠭᠤᠯᠠᠩ ᠢ᠋ ᠡᠷᠢᠨ ᠬᠠᠳᠠᠭ ᠪᠠᠷᠢᠭᠤᠯᠪᠠ᠃ 
       ᠡᠨᠡ ᠲᠤᠬᠠᠢ ᠡᠷᠬᠢᠮ ᠸᠠᠩ ᠶᠧ ᠳᠡᠭᠦᠦ ᠶ᠋ᠢᠨ ᠭᠠᠵᠠᠷ ᠠ᠋ᠴᠠ ᠢᠷᠡᠭᠰᠡᠨ ᠵᠠᠬᠢᠳᠠᠯ ᠢ᠋ ᠢᠦᠢ ᠯᠢᠨ ᠵᠧᠩ ᠦ᠋ᠨ ᠭᠠᠵᠠᠷ᠎ᠠ ᠰᠡᠢᠷᠡᠭᠦᠯᠦᠨ ᠶᠠᠪᠤᠭᠤᠯᠤᠭᠰᠠᠨ ᠪᠥᠯᠥᠭᠡ᠂ ᠡᠭᠦᠨ ᠳ᠋ᠦ᠍ᠷ ᠵᠧᠩ ᠦ᠋ᠨ ᠶᠠᠮᠤᠨ ᠠ᠋ᠴᠠ ᠮᠠᠨ ᠤ᠋ ᠲᠦᠰᠢᠮᠡᠯ ᠳ᠋ᠦ᠍ᠷ ᠢᠷᠡᠭᠰᠡᠨ ᠵᠠᠬᠢᠳᠠᠯ ᠤ᠋ᠨ ᠳᠣᠲᠣᠷ᠎ᠠ ᠲᠠᠨ ᠤ᠋ ᠳᠡᠳ᠋ ᠳᠡ ᠸᠠᠩ ᠶᠧ ᠡᠴᠡ ᠡᠳᠦᠭᠡ ᠳᠠᠷᠤᠢ ᠲᠤᠰᠬᠠᠢ ᠲᠦᠰᠢᠮᠡᠯ ᠢᠷᠡᠭᠦᠯᠪᠡᠰᠦ ᠰᠤᠮᠤ ᠫᠤᠤ ᠥᠭᠭᠦᠶ᠎ᠡ ᠬᠡᠮᠡᠵᠦᠬᠦᠢ᠂ ᠡᠭᠦᠨᠴᠡ ᠥᠪᠡᠷ᠎ᠡ ᠶᠡᠷᠦ ᠡᠢᠮᠦ ᠲᠡᠢᠮᠦ ᠰᠣᠨᠣᠰᠳᠠᠬᠤ ᠵᠦᠢᠯ ᠦᠭᠡᠢ ᠮᠡᠲᠦ᠃ ᠡᠭᠦᠪᠡᠷ ᠪᠣᠯᠪᠠᠴᠤ ᠡᠨᠡ ᠬᠡᠳᠦᠨ ᠡᠳᠦᠷ ᠠᠮᠤᠷ ᠲᠠᠢᠪᠤᠩ ᠪᠦᠬᠦᠢ ᠬᠠᠮᠲᠤᠳᠠ ᠢᠯᠡᠳᠬᠡᠨ ᠡᠭᠦᠨ ᠦ᠌ ᠲᠤᠯᠠ ᠠᠮᠤᠭᠤᠯᠠᠩ ᠢ᠋ ᠡᠷᠢᠨ ᠪᠠᠷᠢᠭᠤᠯᠪᠠ᠃  
               ᠳᠤᠮᠳᠠᠳᠤ ᠢᠷᠭᠡᠨ ᠤᠯᠤᠰ ᠤ᠋ᠨ ᠠᠷᠪᠠᠨ ᠵᠢᠷᠭᠤᠳᠤᠭᠠᠷ ᠣᠨ ᠤ᠋ 
                     ᠵᠢᠷᠭᠤᠳᠤᠭᠠᠷ ᠰᠠᠷ᠎ᠠ ᠶ᠋ᠢᠨ ᠰᠢᠨ᠎ᠡ ᠶ᠋ᠢᠨ ᠲᠠᠪᠤᠨ ᠤ᠋ ᠰᠠᠢᠨ ᠡᠳᠦᠷ᠎ᠡ 

       (6) ᠳᠡ ᠨᠣᠶᠠᠨ ᠠ᠋ᠴᠠ ᠳᠡᠳ᠋ ᠳᠡ ᠨᠣᠶᠠᠨ ᠳ᠋ᠤ᠌ ᠴᠡᠷᠢᠭ ᠢ᠋ᠶ᠋ᠡᠨ ᠪᠣᠯᠵᠣᠭᠰᠠᠨ ᠡᠳᠦᠷ ᠣᠰᠣᠯᠳᠠᠯ ᠦᠭᠡᠢ ᠢᠷᠡᠭᠦᠯᠬᠦ ᠲᠤᠬᠠᠢ ᠱᠠᠭᠠᠷᠳᠠᠭᠰᠠᠨ ᠪᠢᠴᠢᠭ  
ᠳᠡ ᠵᠠᠩᠵᠤᠨ ᠵᠠᠰᠠᠭ ᠵᠢᠶᠦ᠋ᠨ ᠸᠠᠩ ᠱᠠᠭᠳᠤᠷᠵᠠᠪ ᠠ᠋ᠴᠠ ᠰᠢᠳᠠᠷ ᠲᠤᠷ ᠶᠠᠪᠤᠬᠤ ᠠᠮᠪᠠᠨ ᠳᠡᠳ᠋ ᠳᠡ ᠰᠠᠢᠳ ᠵᠠᠰᠠᠭ ᠵᠢᠶᠦ᠋ᠨ ᠸᠠᠩ ᠮᠡᠷᠭᠡᠨ ᠳᠡᠭᠦᠦ ᠨᠣᠶᠠᠨ ᠲᠠᠨ᠎ᠠ᠄  
       ᠠᠮᠤᠷ ᠢ᠋ ᠡᠷᠢᠨ ᠪᠠᠷᠢᠭᠤᠯᠬᠤ ᠲᠠᠰᠢᠷᠠᠮ ᠮᠡᠳᠡᠭᠳᠡᠬᠦ ᠢᠨᠦ᠂ ᠡᠳᠦᠭᠡ ᠸᠠᠩ ᠶᠧ ᠲᠠᠨ ᠤ᠋ ᠭᠠᠵᠠᠷ ᠠ᠋ᠴᠠ ᠭᠠᠷᠭᠠᠭᠰᠠᠨ ᠲᠤᠰᠠᠯᠠᠭᠴᠢ ᠳ᠋ᠤᠷ ᠨᠡᠷ᠎ᠡ ᠲᠡᠮᠳᠡᠭᠯᠡᠭᠰᠡᠨ ᠲᠠᠢᠵᠢ ᠵᠠᠬᠢᠷᠤᠭᠴᠢ ᠵᠡᠷᠭᠡ ᠵᠢᠩᠬᠢᠨ ᠲᠦᠰᠢᠮᠡᠯ ᠨᠣᠷᠪᠤᠰᠠᠩ ᠨᠠᠷ ᠲᠡᠮᠡᠭᠡᠲᠦ ᠶ᠋ᠢᠨ ᠵᠢᠩ ᠶᠤᠸᠠᠢ ᠰᠢᠦ ᠶ᠋ᠢᠨ ᠭᠠᠵᠠᠷ ᠠ᠋ᠴᠠ ᠴᠡᠷᠢᠭ ᠲᠣᠮᠢᠯᠠᠭᠰᠠᠨ ᠲᠤᠸᠠᠨ ᠯᠢᠶᠡᠨᠵᠠᠩ ᠯᠤᠭ᠎ᠠ ᠨᠢᠭᠤᠷ ᠤᠴᠠᠷᠠᠵᠤ ᠬᠡᠯᠡᠯᠴᠡᠨ ᠡᠨᠡ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ ᠬᠠᠷᠢᠶᠠᠲᠤ ᠴᠡᠷᠢᠭ ᠢ᠋ᠶ᠋ᠡᠨ ᠬᠡᠷᠬᠢᠪᠡᠴᠦ ᠢᠷᠡᠭᠦᠯᠬᠦ ᠪᠡᠷ ᠲᠣᠭᠲᠠᠮᠵᠢᠯᠠᠪᠠᠢ ᠭᠡᠮᠡᠨ ᠬᠡᠯᠡᠬᠦ ᠪᠥᠭᠡᠳ ᠮᠠᠨ ᠤ᠋ ᠭᠠᠵᠠᠷ ᠠ᠋ᠴᠠ ᠲᠦᠰᠢᠮᠡᠯ ᠴᠡᠷᠢᠭ ᠭᠠᠷᠭᠠᠵᠤ ᠬᠠᠮᠲᠤᠳᠬᠠᠨ ᠮᠣᠷᠳᠠᠭᠤᠯᠵᠤ ᠶᠠᠪᠤᠭᠰᠠᠨ ᠢ᠋ ᠭᠠᠷᠭᠠᠨ ᠶᠠᠭᠠᠷᠠᠪᠴᠢᠯᠠᠨ ᠮᠡᠳᠡᠭᠳᠡᠶ᠎ᠡ᠂ ᠬᠦᠷᠬᠦᠯ᠎ᠡ ᠳᠡᠳ᠋ ᠳᠡ ᠵᠠᠰᠠᠭ ᠵᠢᠶᠦ᠋ᠨ ᠸᠠᠩ ᠮᠡᠷᠭᠡᠨ ᠳᠡᠭᠦᠦ ᠨᠣᠶᠠᠨ ᠲᠠ ᠭᠦᠨ ᠰᠠᠷᠠᠭᠤᠯ ᠳ᠋ᠠᠭᠠᠨ ᠠᠪᠴᠤ ᠬᠠᠷᠢᠶᠠᠲᠤ ᠬᠤᠷᠴᠠ ᠴᠡᠷᠢᠭ ᠠᠩᠭᠢ ᠪᠠᠨ ᠪᠣᠯᠵᠣᠭᠰᠠᠨ ᠡᠳᠦᠷ ᠴᠠᠭ ᠢ᠋ ᠰᠠᠭᠠᠲᠠᠯ ᠦᠭᠡᠢ ᠢᠷᠡᠭᠦᠯᠵᠦ ᠬᠤᠯᠠᠭᠠᠢ ᠰᠢᠨᠡᠯᠡᠮ᠎ᠡ ᠥᠯᠵᠡᠢᠵᠢᠷᠭᠠᠯ ᠨᠠᠷ ᠢ᠋ ᠬᠢᠳᠤᠨ ᠠᠷᠢᠯᠭᠠᠰᠤᠭᠠᠢ! ᠭᠡᠮᠡᠨ ᠡᠭᠦᠨ ᠦ᠌ ᠲᠤᠯᠠ ᠠᠮᠤᠷ ᠢ᠋ ᠡᠷᠢᠨ ᠪᠠᠷᠢᠭᠤᠯᠪᠠᠢ᠃  
              ᠳᠤᠮᠳᠠᠳᠤ ᠢᠷᠭᠡᠨ ᠤᠯᠤᠰ ᠤ᠋ᠨ ᠠᠷᠪᠠᠨ ᠵᠢᠷᠭᠤᠳᠤᠭᠠᠷ ᠣᠨ ᠤ᠋ 
                      ᠨᠠᠮᠤᠷ ᠤ᠋ᠨ ᠰᠡᠭᠦᠯ ᠰᠠᠷ᠎ᠠ ᠶ᠋ᠢᠨ ᠠᠷᠪᠠᠨ᠎ᠠ  

       (7) ᠰᠢᠨᠡᠯᠡᠮ᠎ᠡ ᠲᠤᠸᠠᠨᠵᠠᠩ ᠠ᠋ᠴᠠ ᠪᠠᠢᠯᠳᠤᠬᠤ ᠳᠠᠢᠴᠢᠯᠠᠯᠲᠠ ᠶ᠋ᠢᠨ ᠵᠠᠷᠯᠠᠯ ᠨᠡᠢᠲᠡᠯᠡᠭᠰᠡᠨ 
       ᠡᠳᠦᠭᠡ ᠵᠠᠰᠠᠭ ᠳᠠ ᠪᠠ ᠵᠢᠩ ᠶᠤᠸᠠᠢ ᠰᠢᠦ ᠨᠠᠷ ᠤ᠋ᠨ ᠲᠠᠯᠪᠢᠭᠰᠠᠨ ᠳᠡᠭᠡᠷᠡᠮ ᠬᠤᠯᠠᠭᠠᠢ ᠨᠠᠷ᠂ ᠮᠠᠨ ᠤ᠋××× ᠳ᠋ᠤᠭᠠᠷ ᠡᠭᠦᠷ ᠦ᠋ᠨ ᠭᠠᠵᠠᠷ ᠲᠤ᠌ ᠣᠷᠣᠵᠤ ᠢᠷᠡᠭᠡᠳ᠂ ᠴᠡᠷᠢᠭ ᠦ᠋ᠨ ᠴᠠᠭᠳᠠᠭ᠎ᠠ ᠪᠠ ᠠᠢᠯ ᠤ᠋ᠨ ᠬᠥᠮᠦᠨ ᠦ᠌ ᠠᠮᠢ ᠶ᠋ᠢ ᠬᠣᠣᠷᠯᠠᠨ᠂ ᠰᠦᠮ᠎ᠡ ᠬᠡᠢᠳ ᠠᠢᠯ ᠭᠡᠷ ᠦ᠋ᠨ ᠡᠳ᠋ᠯᠡᠯ ᠥᠪᠯᠡᠯ ᠮᠠᠯ ᠬᠥᠷᠥᠩᠭᠡ ᠪᠠ ᠡᠮᠡᠰ ᠥᠬᠢᠳ ᠦ᠋ᠨ ᠲᠣᠯᠣᠭᠠᠢ ᠶ᠋ᠢᠨ ᠴᠢᠮᠡᠭ ᠬᠤᠪᠴᠠᠰᠤ ᠬᠤᠨᠠᠷ ᠪᠦᠬᠦᠨ ᠢ᠋ ᠳᠡᠭᠡᠷᠡᠮᠳᠡᠨ ᠠᠪᠴᠤ᠂ ᠦᠵᠡᠭᠳᠡᠭᠰᠡᠨ ᠬᠥᠮᠦᠨ ᠪᠦᠬᠦᠨ ᠢ᠋ ᠪᠠᠷᠢᠨ ᠵᠠᠨᠴᠢᠵᠤ᠂ ᠲᠡᠮᠡᠭᠡᠲᠦ ᠳ᠋ᠡᠭᠡᠨ ᠬᠦᠷᠭᠡᠬᠦ ᠵᠡᠷᠭᠡ ᠪᠡᠷ ᠬᠡᠲᠦᠷᠬᠡᠢ ᠵᠣᠪᠠᠭᠠᠨ ᠭᠠᠴᠢᠭᠳᠠᠭᠤᠯᠤᠭᠰᠠᠨ ᠳ᠋ᠤᠷ᠂ ᠲᠥᠪ ᠬᠣᠷᠢᠶᠠᠨ ᠠ᠋ᠴᠠ ᠢᠷᠡᠭᠰᠡᠨ ᠪᠦᠷᠢᠨ ᠡᠷᠬᠡᠲᠦ ᠲᠥᠯᠥᠭᠡᠯᠡᠭᠴᠢ ᠰᠸᠯᠢᠩ ᠴᠡᠷᠢᠭ ᠢ᠋ᠶ᠋ᠡᠨ ᠠᠪᠴᠤ ᠮᠠᠨ ᠤ᠋ ᠴᠡᠷᠢᠭ ᠲᠡᠢ ᠬᠠᠮᠲᠤ22 ᠦᠨ ᠡᠳᠦᠷ᠂ ᠵᠠᠩᠭᠤᠲᠤ ᠵᠡᠷᠭᠡ ᠭᠠᠵᠠᠷ ᠨᠠᠷᠠ ᠭᠠᠷᠬᠤ ᠠ᠋ᠴᠠ ᠡᠬᠢᠯᠡᠨ ᠦᠳᠡᠰᠢ ᠪᠣᠯᠲᠠᠯ᠎ᠠ ᠬᠣᠮᠣᠷᠢᠨ ᠪᠠᠢᠯᠳᠤᠵᠤ᠂ ᠬᠣᠷᠢ ᠭᠤᠴᠢ ᠶ᠋ᠢ ᠰᠢᠷᠬᠠᠲᠤᠭᠤᠯᠤᠨ ᠤᠨᠠᠭᠠᠵᠤ᠂ ᠡᠮᠦᠨ᠎ᠡ ᠵᠦᠭ ᠤᠷᠤᠭᠤ ᠦᠯᠳᠡᠨ ᠬᠥᠭᠡᠭᠡᠵᠦ ᠶᠠᠪᠤᠭᠤᠯᠤᠭᠰᠠᠨ ᠪᠣᠯᠪᠠᠴᠤ ᠬᠠᠪᠴᠢᠭᠠᠢ ᠶ᠋ᠢᠨ ᠵᠠᠮ ᠲᠡᠭᠦᠨ ᠢ᠋ᠶ᠋ᠡᠷ ᠡᠩᠨᠡᠭᠡᠳ ᠪᠠᠰᠠ ᠯᠠ ᠳᠣᠪᠲᠣᠯᠤᠨ ᠳᠡᠭᠡᠷᠡᠮᠳᠡᠵᠦ ᠪᠠᠢᠪᠠ᠃  
       ᠡᠭᠦᠨ ᠡᠴᠡ ᠪᠢᠳᠡ ᠳᠠᠶᠠᠭᠠᠷ ᠨᠡᠢᠯᠡᠵᠦ ᠵᠠᠢᠯᠠᠭᠤᠯᠬᠤ ᠠᠷᠭ᠎ᠠ ᠶ᠋ᠢ ᠡᠷᠢᠪᠡᠯ ᠵᠣᠬᠢᠬᠤ ᠲᠤᠯᠠ ᠠᠷᠪᠠᠳᠤᠭᠠᠷ ᠰᠠᠷ᠎ᠠ ᠶ᠋ᠢᠨ ᠰᠢᠨ᠎ᠡ ᠶ᠋ᠢᠨ  ᠨᠢᠭᠡᠨ᠎ᠡ ᠶᠠᠮᠤᠨ ᠳᠡᠭᠡᠷ᠎ᠡ ᠡᠭᠦᠷ ᠪᠦᠷᠢ ᠡᠴᠡ ᠨᠢᠵᠡᠭᠡᠳ ᠬᠥᠮᠦᠨ ᠢᠷᠡᠬᠦ ᠬᠡᠷᠡᠭᠲᠡᠢ᠃ ᠢᠷᠡᠬᠦ ᠳ᠋ᠡᠭᠡᠨ ᠭᠥᠷᠥᠭᠡᠴᠢᠨ ᠨᠠᠷ ᠫᠤᠤ ᠪᠠ ᠳᠠᠷᠢ ᠰᠤᠮᠤ ᠁ ᠵᠡᠷᠭᠡ ᠪᠡᠨ ᠠᠪᠴᠤ ᠢᠷᠡᠬᠦ ᠪᠠ ᠲᠥᠪ ᠬᠣᠷᠢᠶᠠᠨ ᠤ᠋ ᠴᠡᠷᠢᠭ ᠦ᠋ᠨ ᠬᠡᠷᠡᠭᠰᠡᠬᠦ ᠪᠣᠯᠤᠭᠰᠠᠨ ᠲᠦᠭᠦᠬᠡᠢ ᠴᠠᠭᠠᠨ ᠠᠮᠤ᠂ ᠤᠯᠠᠭ᠎ᠠ ᠶ᠋ᠢᠨ ᠬᠥᠮᠦᠨ ᠮᠣᠷᠢ ᠶ᠋ᠢ ᠠᠪᠴᠤ ᠢᠷᠡᠬᠦ ᠬᠡᠷᠡᠭᠲᠡᠢ᠃ ᠪᠠᠰᠠ ᠮᠠᠨ ᠤ᠋ ᠴᠡᠷᠢᠭ ᠦ᠋ᠨ ᠬᠥᠮᠦᠰ ᠢ᠋ ᠳᠠᠭᠤᠳᠠᠨ ᠢᠷᠡᠭᠦᠯᠬᠦ ᠳ᠋ᠡᠭᠡᠨ ᠫᠤᠤ ᠰᠤᠮᠤ᠂ ᠮᠣᠷᠢ ᠲᠡᠮᠡᠭᠡ᠂ ᠮᠠᠢᠬᠠᠨ ᠡᠳ᠋ᠯᠡᠯ᠂ ᠬᠥᠪᠥᠩ ᠲᠡᠢ ᠳᠠᠬᠤ ᠶ᠋ᠢ ᠳᠤᠲᠠᠯ ᠦᠭᠡᠢ ᠠᠪᠴᠤ᠂ ᠡᠭᠦᠷ ᠦ᠋ᠨ ᠳᠠᠷᠤᠭ᠎ᠠ ᠠᠷᠪᠠᠨ ᠳ᠋ᠠᠭᠠᠴᠠᠩ ᠨᠠᠷ ᠤ᠋ᠨ ᠪᠡᠶᠡᠰ ᠣᠯᠠᠨ ᠤ᠋ ᠬᠠᠮᠲᠤ ᠠᠷᠪᠠ ᠠᠷᠪᠠᠨ ᠡᠳᠦᠷ ᠦ᠋ᠨ ᠬᠦᠨᠡᠰᠦ ᠲᠡᠢ ᠵᠢᠭᠠᠭᠰᠠᠨ ᠭᠠᠵᠠᠷ ᠣᠰᠣᠯᠳᠠᠯ ᠦᠭᠡᠢ ᠭᠦᠷᠦᠨ ᠢᠷᠡᠵᠡᠭᠡᠵᠦ᠂ ᠣᠯᠠᠨ ᠲᠦᠮᠡᠨ ᠦ᠌ ᠦᠷᠡᠭᠳᠡᠨ ᠬᠣᠬᠢᠷᠠᠬᠤ ᠵᠣᠪᠠᠯᠠᠩ ᠢ᠋ ᠵᠠᠢᠯᠠᠭᠤᠯᠤᠨ ᠤᠰᠠᠳᠬᠠᠵᠤ᠂ ᠰᠢᠷᠣᠢ ᠤᠰᠤᠨ ᠳ᠋ᠠᠭᠠᠨ ᠡᠵᠡᠨ ᠪᠣᠯᠵᠤ᠂ ᠠᠮᠤᠷ ᠲᠦᠪᠰᠢᠨ ᠰᠠᠭᠤᠬᠤ ᠶ᠋ᠢᠨ ᠣᠨᠣᠪᠴᠢᠲᠠᠢ ᠠᠷᠭ᠎ᠠ ᠶ᠋ᠢ ᠡᠷᠢᠯᠴᠡᠨ ᠵᠥᠪᠳᠡᠯᠴᠡᠬᠦ ᠶ᠋ᠢ ᠮᠡᠳᠡᠭᠳᠡᠶ᠎ᠡ᠂ ᠶᠡᠷᠦ ᠤᠷᠢᠳ ᠤ᠋ᠨ ᠠᠳᠠᠯᠢ ᠠᠷᠭ᠎ᠠ ᠰᠢᠯᠲᠠᠭ ᠵᠢᠭᠠᠵᠤ᠂ ᠴᠡᠷᠢᠭ ᠴᠢᠬᠤᠯᠠ ᠶ᠋ᠢᠨ ᠠᠯᠪᠠᠨ ᠢ᠋ ᠣᠰᠣᠯᠳᠠᠬᠤ ᠳ᠋ᠤ᠌ ᠬᠦᠷᠭᠡᠪᠡᠯ᠂ ᠴᠡᠷᠢᠭ ᠦ᠋ᠨ ᠳᠦᠷᠢᠮ ᠶᠣᠰᠣᠭᠠᠷ ᠰᠢᠢᠳᠬᠡᠨ ᠬᠡᠯᠡᠯᠴᠡᠬᠦ ᠶ᠋ᠢ ᠴᠢᠩᠳᠠᠯᠠᠨ ᠲᠤᠰᠢᠶᠠᠵᠤ ᠨᠢᠰᠬᠡᠨ ᠶᠠᠪᠤᠭᠤᠯᠪᠠ᠃   
                  ᠯᠧ ᠲᠢᠶᠠᠨ (ᠰᠢᠨᠡᠯᠡᠮ᠎ᠡ)  
                    1927 ᠣᠨ ᠤ᠋ ᠪᠢᠯᠢᠭ ᠦ᠋ᠨ ᠶᠢᠰᠦᠳᠦᠭᠡᠷ ᠰᠠᠷ᠎ᠠ ᠶ᠋ᠢᠨ ᠬᠣᠷᠢᠨ ᠳᠥᠷᠪᠡᠨ①  
      
       ᠳᠡᠭᠡᠷᠡᠬᠢ ᠵᠠᠬᠢᠳᠠᠯ ᠪᠤᠶᠤ ᠵᠠᠷᠯᠢᠭ ᠠᠯᠪᠠᠨ ᠪᠢᠴᠢᠭ ᠦ᠋ᠳ ᠪᠣᠯ ᠢᠷᠭᠡᠨ ᠤᠯᠤᠰ ᠤ᠋ᠨ ᠴᠡᠷᠢᠭ ᠦ᠋ᠨ 86  ᠳ᠋ᠤᠭᠠᠷ ᠱᠢ ᠶ᠋ᠢᠨ ᠨᠣᠶᠠᠳ ᠪᠠ ᠶᠡᠬᠡ ᠵᠣᠣ ᠶ᠋ᠢᠨ ᠴᠢᠭᠤᠯᠭᠠᠨ ᠤ᠋ ᠨᠣᠶᠠᠳ ᠤ᠋ᠨ ᠦᠦᠰᠢᠨ ᠬᠣᠰᠢᠭᠤ ᠶ᠋ᠢ ᠳᠣᠪᠲᠣᠯᠵᠤ ᠰᠢᠨᠠᠯᠠᠮ᠎ᠠ ᠶ᠋ᠢ ᠬᠢᠳᠤᠨ ᠠᠷᠢᠯᠭᠠᠬᠤ ᠪᠠᠷ ᠬᠠᠷᠢᠯᠴᠠᠨ ᠬᠣᠯᠪᠣᠭᠠᠯᠳᠤᠵᠦ ᠰᠦᠯᠪᠡᠭᠡᠯᠳᠦᠭᠰᠡᠨ ᠵᠠᠷᠢᠮ ᠪᠣᠳᠠᠲᠤ ᠤᠴᠢᠷ ᠤ᠋ᠳ ᠪᠣᠯᠤᠨ᠎ᠠ᠃  
       ᠵᠠᠩᠭᠤᠲᠤ ᠶ᠋ᠢᠨ ᠪᠠᠢᠯᠳᠤᠭᠠᠨ ᠳ᠋ᠤ᠌ ᠱᠠᠨᠰᠢ ᠶ᠋ᠢᠨ ᠵᠢᠩ ᠶᠤᠸᠠᠢ ᠰᠢᠦ ᠶ᠋ᠢᠨ ᠬᠠᠷᠢᠶᠠᠨ ᠳ᠋ᠤ᠌ ᠪᠠᠢᠬᠤ ᠴᠡᠷᠢᠭ ᠠᠩᠭᠢ ᠠ᠋ᠴᠠ ᠰᠠᠢᠨᠳᠤᠷ᠎ᠠ  ᠶ᠋ᠢᠨ (ᠱᠧᠨ ᠮᠣᠤ)  ᠳ᠋ᠤᠸᠠᠨ ᠳᠧ ᠱᠧᠩ ᠦ᠋ᠨ ᠲᠤᠸᠠᠨ ᠤ᠋ ᠬᠣᠶᠠᠷ ᠯᠢᠶᠠᠨ ᠮᠣᠷᠢᠲᠤ ᠴᠡᠷᠢᠭ᠂ ᠬᠣᠩ ᠱᠠᠨ ᠤ᠋ ᠵᠢᠶᠠᠩ ᠲᠤᠸᠠᠨ ᠤ᠋ ᠨᠢᠭᠡ ᠯᠢᠶᠠᠨ ᠮᠣᠷᠢᠲᠤ ᠴᠡᠷᠢᠭ᠂ ᠪᠠᠭ᠎ᠠ ᠮᠠᠰᠢᠩ (ᠵᠢᠩ ᠪᠢᠶᠠᠨ) ᠤ᠋ ᠷᠧᠨ ᠲᠤᠸᠠᠨ ᠠ᠋ᠴᠠ ᠬᠣᠶᠠᠷ ᠯᠢᠶᠠᠨ ᠮᠣᠷᠢᠲᠤ ᠴᠡᠷᠢᠭ (ᠲᠤᠰ ᠴᠡᠷᠢᠭ ᠦᠦᠰᠢᠨ ᠬᠤᠰᠢᠭᠤᠨ ᠤ᠋ ᠪᠠᠷᠠᠭᠤᠨ ᠡᠮᠦᠨᠡᠲᠦ ᠱᠠᠷᠯᠢᠭ᠂ ᠤᠰᠤᠨ ᠤᠷᠲᠤ ᠪᠡᠶ᠎ᠡ ᠪᠣᠯᠤᠨ ᠰᠦᠮ᠎ᠡ ᠬᠡᠢᠳ᠂ ᠮᠠᠯᠴᠢᠳ ᠤ᠋ᠨ ᠭᠡᠷ ᠡᠷᠦᠬᠡ ᠶ᠋ᠢ ᠳᠡᠭᠡᠷᠡᠮᠳᠡᠵᠦ ᠪᠠᠢᠭᠠᠳ ᠵᠠᠩᠭᠤᠲᠤ ᠳ᠋ᠤ᠌ ᠬᠦᠷᠬᠦ ᠡᠳᠦᠷ ᠡᠴᠡ ᠬᠣᠵᠢᠮᠳᠠᠭᠰᠠᠨ ᠭᠡᠨ᠎ᠡ) ᠂ ᠢᠦᠢ ᠯᠢᠨ ᠦ᠌ ᠶᠠᠪᠠᠭᠠᠨ ᠴᠡᠷᠢᠭ᠂ ᠦᠦᠰᠢᠨ ᠪᠡᠢᠯᠡ ᠨᠣᠶᠠᠨ ᠲᠡᠭᠦᠰᠠᠠᠮᠤᠭᠤᠯᠠᠩ ᠤ᠋ᠨ ᠨᠢᠭᠡ ᠯᠢᠶᠠᠨ ᠮᠣᠷᠢᠲᠤ ᠴᠡᠷᠢᠭ᠂ ᠶᠡᠬᠡ ᠵᠣᠣ ᠶ᠋ᠢᠨ ᠴᠢᠭᠤᠯᠭᠠᠨ ᠤ᠋ ᠲᠡᠷᠢᠭᠦᠨ ᠱᠠᠭᠳᠤᠷᠵᠠᠪ ᠤ᠋ᠨ ᠵᠠᠰᠠᠭ ᠬᠤᠰᠢᠭᠤᠨ ᠤ᠋ ᠮᠣᠷᠢᠲᠤ ᠴᠡᠷᠢᠭ᠂ ᠶᠡᠬᠡ ᠵᠣᠣ ᠶ᠋ᠢᠨ ᠴᠢᠭᠤᠯᠭᠠᠨ ᠤ᠋ ᠳᠡᠳ᠋ ᠳᠡ ᠨᠣᠶᠠᠨ ᠠᠯᠲᠠᠨᠸᠴᠢᠷ ᠦ᠋ᠨ ᠬᠠᠩᠭᠢᠨ ᠬᠤᠰᠢᠭᠤᠨ ᠤ᠋ ᠬᠠᠷ᠎ᠠ ᠮᠣᠷᠢᠲᠤ ᠴᠡᠷᠢᠭ ᠵᠡᠷᠭᠡ ᠳᠣᠯᠣᠭᠠᠨ ᠪᠦᠯᠦᠭ ᠮᠣᠷᠢᠲᠤ ᠶᠠᠪᠠᠭᠠᠨ ᠬᠣᠶᠠᠷ ᠮᠢᠩᠭ᠎ᠠ ᠭᠠᠷᠤᠢ ᠴᠡᠷᠢᠭ᠂ ᠰᠢᠨᠠᠯᠠᠮ᠎ᠠ ᠶ᠋ᠢ ᠬᠢᠳᠤᠨ ᠠᠷᠢᠯᠭᠠᠬᠤ ᠲᠡᠢᠨ ᠳ᠋ᠦ᠍ ᠣᠷᠣᠯᠴᠠᠬᠤ ᠪᠠᠴᠢᠮ ᠵᠠᠷᠯᠢᠭ ᠢ᠋ ᠬᠦᠯᠢᠶᠡᠵᠦ᠂ ᠵᠠᠩᠭᠤᠲᠤ ᠳ᠋ᠤ᠌ ᠲᠥᠪᠯᠡᠷᠡᠵᠦ ᠦᠦᠰᠢᠨ ᠬᠣᠰᠢᠭᠤ ᠶ᠋ᠢ ᠵᠡᠭᠦᠨ ᠡᠮᠦᠨᠡᠲᠦ ᠬᠥᠪᠡᠭᠡ ᠡᠴᠡ ᠨᠢ ᠳᠣᠪᠲᠣᠯᠵᠤ ᠱᠦᠭᠦᠷᠳᠡᠯᠲᠡ ᠬᠢᠬᠦ ᠪᠡᠷ ᠪᠠᠢᠷᠢᠯᠠᠭᠤᠯᠵᠠᠢ᠃  
       ᠠᠷᠪᠠᠨ ᠬᠣᠶᠠᠳᠤᠭᠠᠷ ᠬᠣᠷᠢᠶᠠᠨ ᠤ᠋ ᠴᠡᠷᠢᠭ᠂ ᠰᠢᠨᠡᠯᠡᠮ᠎ᠡ ᠶ᠋ᠢ ᠲᠤᠰᠠᠯᠠᠬᠤ ᠪᠠᠷ ᠨᠢᠩᠰᠢᠶᠠ ᠶ᠋ᠢᠨ ᠢᠷᠭᠠᠢ ᠬᠣᠲᠠ ᠠ᠋ᠴᠠ ᠢᠷᠡᠭᠰᠡᠨ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠮᠣᠷᠢᠲᠤ ᠴᠡᠷᠢᠭ ᠦ᠋ᠨ ᠨᠢᠭᠡ᠂ ᠬᠣᠶᠠᠳᠤᠭᠠᠷ ᠶᠢᠩ ᠦ᠋ᠨ 100 ᠭᠠᠷᠤᠢ ᠴᠡᠷᠢᠭ᠂ ᠵᠢᠶᠦ᠋ᠨ ᠸᠠᠩ ᠤ᠋ᠨ ᠬᠤᠰᠢᠭᠤᠨ ᠤ᠋ ᠰᠧᠳᠧᠠᠩᠨᠣᠷᠪᠤ ᠶ᠋ᠢᠨ 30 ᠭᠠᠷᠤᠢ ᠮᠣᠷᠢᠲᠤ ᠴᠡᠷᠢᠭ ᠲᠡᠢ ᠨᠡᠢᠯᠡᠭᠡᠳ 200 ᠭᠠᠷᠤᠢᠬᠠᠨ ᠴᠡᠷᠢᠭ ᠨᠢ ᠳᠠᠢᠰᠤᠨ ᠤ᠋ ᠴᠡᠷᠢᠭ ᠢ᠋ ᠲᠣᠰᠴᠤ ᠪᠠᠢᠯᠳᠤᠬᠤ ᠪᠣᠯᠪᠠ᠃ ᠡᠨᠡ ᠨᠢ ᠲᠣᠭᠠᠨ ᠤ᠋ ᠲᠠᠯ᠎ᠠ ᠪᠠ ᠬᠦᠴᠦᠨ ᠦ᠌ ᠲᠠᠯ᠎ᠠ ᠪᠠᠷ ᠠᠷᠪᠠᠨ ᠤ᠋ ᠨᠢᠭᠡ ᠶ᠋ᠢᠨ ᠬᠠᠷᠢᠴᠠᠯ ᠲᠠᠢ ᠪᠠᠢᠵᠤ ᠪᠢᠯᠡ᠃ ᠰᠢᠨᠡᠯᠡᠮ᠎ᠡ ᠬᠡᠳᠦᠨ ᠳᠠᠭᠠᠯ ᠴᠡᠷᠢᠭ ᠲᠡᠢ ᠪᠡᠨ ᠵᠠᠩᠭᠤᠲᠤ ᠶ᠋ᠢᠨ ᠪᠠᠢᠯᠳᠤᠭᠠᠨ ᠡᠬᠢᠯᠡᠬᠦ ᠡᠴᠡ ᠡᠮᠦᠨᠡᠬᠡᠨ ᠲᠥᠪ ᠬᠣᠷᠢᠶᠠᠨ ᠤ᠋ ᠲᠥᠯᠥᠭᠡᠯᠡᠭᠴᠢ ᠰᠠᠢᠨᠪᠠᠶᠠᠷ (ᠪᠤᠤ ᠢᠦᠢ ᠴᠧᠩ) ᠦ᠋ᠨ ᠳᠠᠭᠠᠭᠤᠯᠤᠭᠰᠠᠨ 100 ᠭᠠᠷᠤᠢ ᠴᠡᠷᠢᠭ ᠢ᠋ ᠣᠲᠣᠭ ᠬᠤᠰᠢᠭᠤᠨ ᠤ᠋ ᠵᠢᠷᠦᠬᠡ ᠶ᠋ᠢᠨ ᠰᠦᠮ᠎ᠡ (ᠥᠨᠥ ᠶ᠋ᠢᠨ ᠡᠷᠬᠡᠲᠦ ᠰᠤᠮᠤ ᠰᠠᠭᠤᠭ᠎ᠠ ᠭᠠᠵᠠᠷ) ᠳᠡᠭᠡᠷ᠎ᠡ ᠣᠴᠢᠵᠤ ᠤᠭᠲᠤᠨ ᠠᠪᠴᠢᠷᠠᠭᠠᠳ ᠦᠦᠰᠢᠨ ᠬᠤᠰᠢᠭᠤᠨ ᠤ᠋ ᠬᠠᠯᠢᠭᠤᠲᠤ ᠶ᠋ᠢᠨ ᠰᠦᠮ᠎ᠡ ᠳᠡᠭᠡᠷ᠎ᠡ ᠲᠣᠬᠢᠷᠠᠭᠤᠯᠪᠠ᠃ ᠲᠤᠬᠠᠢ ᠶ᠋ᠢᠨ ᠦᠶ᠎ᠡ ᠳ᠋ᠦ᠍ ᠰᠢᠨᠡᠯᠡᠮ᠎ᠡ ᠶ᠋ᠢᠨ ᠴᠡᠷᠢᠭ ᠤᠯᠠᠭᠠᠨᠲᠣᠯᠣᠭᠠᠢ ᠶ᠋ᠢᠨ ᠰᠦᠮ᠎ᠡ ᠳᠡᠭᠡᠷ᠎ᠡ ᠰᠠᠭᠤᠵᠤ ᠲᠡᠢᠨ ᠦ᠌ ᠪᠡᠯᠡᠳᠬᠡᠯ ᠢ᠋ᠶ᠋ᠡᠨ ᠱᠠᠯᠠᠪᠳᠠᠨ ᠬᠢᠬᠦ ᠶ᠋ᠢᠨ ᠬᠠᠮᠲᠤ ᠦᠦᠰᠢᠨ ᠬᠤᠰᠢᠭᠤᠨ ᠤ᠋ ᠵᠡᠭᠦᠨ ᠡᠮᠦᠨᠡᠲᠦ ᠰᠠᠪᠠ ᠬᠢᠵᠠᠭᠠᠷ ᠳᠠᠬᠢ ᠬᠣᠯᠪᠣᠭᠠᠲᠤ ᠴᠡᠷᠢᠭ ᠦ᠋ᠨ ᠬᠥᠳᠡᠯᠦᠯ ᠢ᠋ ᠲᠡᠮᠡᠭᠡ ᠰᠤᠷᠠᠭᠯᠠᠬᠤ᠂ ᠠᠳᠤᠭᠤᠨ ᠰᠦᠷᠦᠭ ᠡᠷᠢᠬᠦ ᠡᠷᠢᠯ ᠦ᠋ᠨ ᠮᠠᠯᠴᠢᠨ ᠢ᠋ᠶ᠋ᠠᠷ ᠣᠪᠯᠠᠨ ᠶᠠᠪᠤᠵᠤ ᠡᠳᠦᠷ ᠪᠣᠯᠭᠠᠨ ᠲᠠᠩᠨᠠᠨ ᠣᠢᠯᠠᠭᠠᠳᠠᠭ ᠪᠠᠢᠵᠠᠢ᠃ ᠬᠣᠯᠪᠣᠭᠠᠲᠤ ᠴᠡᠷᠢᠭ ᠦ᠋ᠨ ᠳ᠋ᠤᠸᠠᠨ ᠳᠧ ᠱᠧᠩ ᠦ᠋ᠨ ᠮᠣᠷᠢᠲᠤ ᠴᠡᠷᠢᠭ ᠨᠢ ᠬᠡᠵᠢᠶᠡᠨᠡᠢ ᠵᠠᠰᠠᠭ ᠬᠤᠰᠢᠭᠤᠨ ᠳᠡᠭᠡᠷ᠎ᠡ ᠬᠦᠷᠴᠦ ᠢᠷᠡᠭᠡᠳ ᠪᠤᠰᠤᠳ ᠴᠡᠷᠢᠭ ᠠᠩᠭᠢ ᠶ᠋ᠢᠨ ᠬᠦᠷᠴᠦ ᠢᠷᠡᠬᠦ ᠶ᠋ᠢ ᠬᠦᠯᠢᠶᠡᠵᠦ ᠰᠠᠭᠤᠭ᠎ᠠ ᠪᠣᠯᠪᠠᠴᠤ ᠬᠡᠷᠡᠭ ᠳᠡᠭᠡᠷ᠎ᠡ ᠪᠡᠨ ᠦᠦᠰᠢᠨ ᠦ᠌ ᠵᠡᠭᠦᠨ ᠡᠮᠦᠨᠡᠲᠦ ᠬᠥᠪᠡᠭᠡ ᠪᠣᠯᠤᠨ ᠵᠠᠰᠠᠭ ᠤ᠋ᠨ ᠪᠠᠶᠠᠬᠠᠢ ᠣᠷᠴᠢᠮ ᠶᠡᠬᠡ ᠪᠡᠷ ᠳᠡᠭᠡᠷᠡᠮᠳᠡᠵᠦ ᠮᠠᠯᠴᠢᠳ ᠢ᠋ ᠦᠭᠡᠢᠷᠡᠭᠦᠯᠵᠦ ᠪᠠᠢᠵᠠᠢ᠃ ᠢᠦᠢ ᠯᠢᠨ ᠦ᠌ ᠶᠠᠪᠠᠭᠠᠨ ᠴᠡᠷᠢᠭ ᠴᠦ᠍ ᠡᠮᠦᠨ᠎ᠡ ᠡᠴᠡ ᠤᠮᠠᠷᠠᠰᠢ ᠢᠷᠡᠵᠦ ᠪᠠᠢᠪᠠ᠃ 

— — — — 
 ① (1 ~ 7) ᠶ᠋ᠢ ᠶᠡᠬᠡ ᠵᠣᠣ ᠠᠢᠮᠠᠭ ᠤ᠋ᠨ ᠳᠠᠩᠰᠠ ᠡᠪᠬᠡᠮᠡᠯ ᠦ᠋ᠨ ᠰᠠᠩ ᠠ᠋ᠴᠠ ᠨᠠᠢᠷᠠᠭᠤᠯᠤᠭᠰᠠᠨ 《ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠦ᠌ ᠲᠤᠬᠠᠢ ᠮᠠᠲ᠋ᠧᠷᠢᠶᠠᠯ ᠤ᠋ᠨ ᠡᠮᠬᠢᠳᠬᠡᠯ》 ᠦ᠋ᠨ 10 ᠳᠡᠪᠲᠡᠷ ᠡᠴᠡ ᠰᠡᠢᠷᠡᠭᠦᠯᠪᠡ᠃ 

       10 ᠰᠠᠷ᠎ᠠ ᠶ᠋ᠢᠨ 3 ᠤ᠋ ᠡᠳᠦᠷ ᠰᠢᠨᠠᠯᠠᠮ᠎ᠠ ᠲᠥᠪ ᠬᠣᠷᠢᠶᠠᠨ ᠤ᠋ ᠴᠡᠷᠢᠭ ᠢ᠋ ᠤᠯᠠᠭᠠᠨᠲᠣᠯᠣᠭᠠᠢ ᠶ᠋ᠢᠨ ᠰᠦᠮ᠎ᠡ ᠳ᠋ᠦ᠍ ᠢᠷᠡᠭᠦᠯᠵᠦ ᠲᠤᠰ ᠡᠳᠦᠷ  ᠲᠡᠭᠡᠨ ᠯᠢᠶᠠᠨ  ᠠ᠋ᠴᠠ ᠲᠡᠭᠡᠭᠡᠰᠢ ᠴᠡᠷᠢᠭ ᠦ᠋ᠨ ᠳᠠᠷᠤᠭ᠎ᠠ ᠨᠠᠷ ᠣᠷᠣᠯᠴᠠᠭᠰᠠᠨ ᠪᠠᠴᠢᠮ ᠬᠤᠷᠠᠯ ᠢ᠋ ᠬᠤᠷᠠᠯᠳᠤᠭᠤᠯᠵᠤ ᠲᠡᠢᠨ ᠦ᠌ ᠠᠷᠭ᠎ᠠ ᠪᠣᠳᠣᠯᠭ᠎ᠠ ᠪᠠᠨ ᠵᠥᠪᠳᠡᠯᠴᠡᠵᠡᠢ᠃ 
       ᠰᠢᠨᠠᠯᠠᠮ᠎ᠠ ᠠ᠋ᠴᠠ᠄《ᠦᠬᠦᠯ ᠦ᠋ᠨ ᠡᠷᠯᠢᠭ ᠦ᠋ᠳ ᠦᠬᠦᠬᠦ ᠪᠡᠷ ᠪᠠᠰᠠ ᠢᠷᠡᠵᠡᠭᠡᠵᠦ ᠪᠠᠢᠨ᠎ᠠ ᠭᠡᠨ᠎ᠡ! ᠭᠡᠪᠡᠴᠦ ᠲᠡᠳᠡ ᠬᠥᠮᠦᠨ ᠠᠷᠪᠢᠨ ᠮᠥᠷᠲᠡᠭᠡᠨ ᠮᠣᠷᠢᠲᠤ ᠶᠠᠪᠠᠭᠠᠨ᠂ ᠮᠣᠩᠭᠣᠯ ᠬᠢᠲᠠᠳ ᠬᠠᠮᠲᠤᠷᠠᠭᠤᠯᠤᠭᠠᠳ ᠠᠢᠬᠤᠪᠲᠤᠷ ᠪᠠᠢᠨ᠎ᠠ ᠰᠢᠦ! ᠪᠢᠳᠡ ᠶᠠᠭᠠᠬᠢᠭᠰᠠᠨ ᠴᠤ᠌ ᠥᠩᠭᠡᠷᠡᠭᠰᠡᠨ ᠦ᠌ ᠪᠠᠢᠯᠳᠤᠭᠠᠨ ᠰᠢᠭ᠋ ᠲᠡᠳᠡᠨ ᠢ᠋ ᠪᠠᠰᠤᠮᠵᠢᠯᠠᠵᠤ ᠪᠣᠯᠬᠤ ᠦᠭᠡᠢ᠃ ᠥᠩᠭᠡᠷᠡᠭᠰᠡᠨ ᠦ᠌ ᠪᠠᠢᠯᠳᠤᠭᠠᠨ ᠳ᠋ᠤ᠌ ᠮᠠᠨᠤᠰ ᠬᠦᠴᠦ ᠪᠡᠷ ᠣᠷᠣᠵᠤ ᠬᠦᠴᠦ ᠬᠡᠷᠡᠭᠲᠡᠢ ᠪᠠᠢᠭᠰᠠᠨ᠂ ᠥᠨᠥᠳᠥᠷ ᠬᠦᠴᠦ ᠠᠷᠭ᠎ᠠ ᠪᠦᠷ ᠬᠡᠷᠡᠭᠴᠡᠭᠡ ᠲᠡᠢ᠃ ᠢᠯᠠᠩᠭᠤᠶ᠎ᠠ ᠠᠷᠭ᠎ᠠ ᠤᠬᠠᠭᠠᠨ ᠨᠢᠭᠡᠳᠦᠭᠡᠷ ᠪᠣᠯᠵᠠᠢ᠂ ᠤᠴᠢᠷ ᠨᠢ ᠮᠠᠨ ᠤ᠋ ᠨᠢᠭᠡ ᠪᠠᠢᠯᠳᠤᠭᠴᠢ ᠨᠢ ᠳᠠᠢᠰᠤᠨ ᠤ᠋ ᠬᠣᠷᠢ ᠭᠤᠴᠢᠨ ᠬᠥᠮᠦᠨ ᠲᠡᠢ ᠲᠤᠯᠤᠯᠳᠤᠬᠤ ᠪᠣᠯᠤᠭᠰᠠᠨ ᠰᠢᠦ! ᠪᠢᠳᠡ ᠴᠠᠭ ᠢ᠋ ᠵᠠᠪᠳᠤᠨ ᠥᠨᠥ ᠰᠥᠨᠢ ᠵᠠᠪᠠᠯ ᠲᠡᠳᠡᠨ ᠦ᠌ ᠬᠠᠵᠠᠭᠤ ᠳ᠋ᠤ᠌ ᠬᠦᠷᠬᠦ ᠬᠡᠷᠡᠭᠲᠡᠢ᠂ ᠤᠳᠠᠭᠠᠰᠢᠷᠠᠵᠤ ᠦᠯᠦ ᠪᠣᠯᠤᠮᠤᠢ! ᠬᠡᠷᠪᠡ ᠴᠠᠭ ᠢ᠋ ᠣᠰᠣᠯᠳᠠᠪᠠᠰᠤ ᠲᠡᠳᠡᠨ ᠦ᠌ ᠬᠦᠴᠦ ᠤᠯᠠᠮ ᠶᠡᠬᠡ ᠪᠣᠯᠵᠤ ᠴᠢ ᠪᠢᠳᠡ ᠬᠡᠳᠦᠨ ᠬᠥᠮᠦᠨ ᠪᠠᠢᠲᠤᠭᠠᠢ᠂ ᠦᠦᠰᠢᠨ ᠦ᠌ ᠪᠦᠬᠦ ᠬᠥᠮᠦᠨ ᠴᠤᠭᠯᠠᠷᠠᠪᠠᠴᠤ ᠠᠮᠵᠢᠬᠤ ᠦᠭᠡᠢ ᠪᠣᠯᠴᠢᠬᠠᠨ᠎ᠠ ᠰᠢᠦ! ᠁》 ᠭᠡᠯ᠎ᠡ᠃ ᠪᠤᠰᠤᠳ ᠳᠠᠷᠤᠭ᠎ᠠ ᠨᠠᠷ ᠴᠤ᠌ ᠥᠪᠡᠷᠰᠡᠳ ᠦ᠋ᠨ ᠰᠠᠨᠠᠯ ᠢ᠋ᠶ᠋ᠠᠨ ᠳᠤᠷᠠᠳᠴᠤ ᠬᠤᠷᠠᠯ ᠲᠠᠷᠬᠠᠯ᠎ᠠ᠃  
       ᠲᠤᠰ ᠡᠳᠦᠷ ᠦ᠋ᠨ ᠦᠳᠡ ᠶ᠋ᠢᠨ ᠬᠣᠢᠨ᠎ᠠ ᠶ᠋ᠢᠨ ᠦᠶ᠎ᠡ ᠪᠡᠷ ᠰᠦᠮ᠎ᠡ ᠶ᠋ᠢᠨ ᠯᠠᠮᠠ ᠨᠠᠷ ᠪᠣᠯᠤᠨ ᠰᠢᠨᠡᠯᠡᠮ᠎ᠡ ᠶ᠋ᠢᠨ ᠴᠡᠷᠢᠭ᠂ ᠬᠠᠷᠠᠴᠢᠨ ᠴᠡᠷᠢᠭ ᠪᠦᠭᠦᠳᠡ ᠨᠡᠢᠯᠡᠭᠡᠳ ᠬᠣᠶᠠᠷ ᠵᠠᠭᠤ ᠰᠢᠬᠠᠮ ᠴᠡᠷᠢᠭ ᠴᠤᠭᠯᠠᠷᠠᠵᠤ ᠵᠢᠭᠰᠠᠯ᠎ᠠ᠃  
       ᠰᠢᠨᠠᠯᠠᠮ᠎ᠠ ᠰᠦᠮ᠎ᠡ ᠶ᠋ᠢᠨ ᠡᠭᠦᠳᠡᠨ ᠦ᠌ ᠶᠡᠬᠡ ᠲᠠᠢᠰᠠᠨ ᠳ᠋ᠤ᠌ ᠵᠣᠭᠰᠣᠵᠤ᠂ ᠣᠯᠠᠨ ᠳ᠋ᠤ᠌ ᠲᠥᠪ ᠬᠣᠷᠢᠶᠠᠨ ᠤ᠋ ᠲᠤᠰᠬᠠᠢ ᠲᠣᠮᠢᠯᠠᠭᠰᠠᠨ ᠲᠥᠯᠥᠭᠡᠯᠡᠭᠴᠢ ᠰᠠᠢᠨᠪᠠᠶᠠᠷ ᠪᠣᠯᠤᠨ ᠪᠤᠰᠤᠳ ᠯᠢᠶᠡᠨᠵᠠᠩ ᠤ᠋ᠳ ᠢ᠋ ᠲᠠᠨᠢᠯᠴᠠᠭᠤᠯᠵᠤ᠂ ᠬᠣᠶᠠᠷ ᠴᠡᠷᠢᠭ ᠠᠩᠭᠢ ᠪᠦᠯᠬᠦᠮᠳᠡᠨ ᠬᠠᠮᠲᠤᠷᠠᠵᠤ᠂ ᠦᠬᠦᠯ ᠨᠢ ᠭᠦᠢᠴᠡᠭᠰᠡᠨ ᠳ᠋ᠤᠯᠢ ᠳᠡᠭᠡᠷᠡᠮ ᠢ᠋ ᠦᠦᠰᠢᠨ ᠦ᠌ ᠨᠤᠲᠤᠭ ᠤᠰᠤᠨ ᠠ᠋ᠴᠠ ᠪᠠᠨ ᠦᠯᠳᠡᠨ ᠲᠣᠨᠢᠯᠭᠠᠵᠠᠭᠠᠶ᠎ᠠ᠁ ᠭᠡᠬᠦ ᠮᠡᠲᠦ ᠪᠡᠷ ᠳᠥᠬᠥᠮᠬᠡᠨ ᠬᠡᠳᠦᠨ ᠦᠭᠡ ᠪᠡᠷ ᠳᠠᠢᠴᠢᠯᠠᠯᠲᠠ ᠬᠢᠵᠡᠢ᠃  
       ᠰᠢᠨᠡᠯᠡᠮ᠎ᠡ ᠲᠡᠢᠨ ᠳ᠋ᠦ᠍ᠷ ᠮᠣᠷᠳᠠᠬᠤ ᠳ᠋ᠤ᠌ ᠶᠡᠷᠦ ᠳ᠋ᠡᠭᠡᠨ ᠡᠳᠦᠷ ᠢ᠋ᠶ᠋ᠡᠷ ᠶᠠᠪᠤᠬᠤ ᠦᠭᠡᠢ᠂ ᠬᠡᠵᠢᠶᠡᠳᠡ ᠰᠥᠨᠢ ᠪᠣᠯᠬᠤ ᠶ᠋ᠢ ᠬᠦᠯᠢᠶᠡᠳᠡᠭ ᠵᠠᠩᠰᠢᠯ ᠲᠠᠢ᠃ ᠮᠣᠷᠢᠲᠤ ᠴᠡᠷᠢᠭ ᠦ᠋ᠳ ᠮᠣᠷᠢᠳ ᠢ᠋ᠶ᠋ᠠᠨ ᠡᠮᠡᠭᠡᠯᠯᠡᠭᠡᠳ ᠶᠠᠮᠠᠷ ᠨᠢᠭᠡᠨ ᠰᠠᠢᠨ ᠣᠳᠣ ᠤᠴᠠᠷᠠᠯ ᠲᠠᠢ ᠴᠠᠭ ᠮᠥᠴᠡ ᠶ᠋ᠢ ᠬᠦᠯᠢᠶᠡᠵᠦ ᠶᠠᠳᠠᠨ ᠶᠠᠭᠠᠷᠠᠯᠳᠤᠨ᠎ᠠ᠃ ᠦᠳᠡᠰᠢ ᠶ᠋ᠢᠨ ᠪᠦᠷᠦᠢ ᠪᠣᠯᠬᠤ ᠳ᠋ᠤ᠌ ᠰᠢᠨᠡᠯᠡᠮ᠎ᠡ ᠴᠡᠷᠢᠭ ᠢ᠋ᠶ᠋ᠡᠨ ᠳᠠᠭᠠᠭᠤᠯᠤᠨ ᠤᠯᠠᠭᠠᠨᠲᠣᠯᠣᠭᠠᠢ ᠶ᠋ᠢᠨ ᠰᠦᠮ᠎ᠡ ᠡᠴᠡ ᠪᠠᠷᠠᠭᠤᠨ ᠬᠣᠢᠰᠢ ᠬᠠᠨᠳᠤᠵᠤ ᠲᠠᠮᠠᠭᠠᠯᠠᠢ ᠶ᠋ᠢᠨ ᠱᠠᠩ ᠵᠦᠭ ᠮᠣᠷᠳᠠᠵᠤ ᠪᠠᠢᠭᠠᠳ ᠭᠡᠨᠡᠳᠲᠡ ᠵᠠᠮ ᠳᠤᠮᠳᠠ ᠠ᠋ᠴᠠ ᠪᠠᠨ ᠵᠡᠭᠦᠨᠰᠢ ᠳᠡᠯᠭᠡᠷ ᠬᠤᠷᠠᠬᠤ ᠶ᠋ᠢᠨ ᠣᠪᠣᠭᠠᠨ ᠤ᠋ ᠡᠮᠦᠨᠡᠬᠢ ᠪᠠᠯᠠᠷ ᠣᠢ ᠵᠦᠭ ᠡᠷᠭᠢᠵᠦ ᠮᠣᠷᠳᠠᠯ᠎ᠠ᠃ ᠡᠨᠡ ᠨᠢ ᠰᠠᠶᠢ ᠵᠠᠩᠭᠤᠲᠤ ᠶ᠋ᠢ ᠴᠢᠭᠯᠡᠭᠰᠡᠨ ᠴᠢᠭᠯᠡᠯ ᠪᠠᠢᠵᠠᠢ᠃ ᠢᠩᠭᠢᠵᠦ ᠴᠢᠭᠯᠡᠯ ᠢ᠋ᠶ᠋ᠡᠨ ᠥᠭᠡᠷᠡᠴᠢᠯᠡᠬᠦ᠂ ᠵᠢᠰᠦ ᠪᠤᠷᠤᠭᠤᠯᠠᠬᠤ ᠵᠡᠷᠭᠡ ᠴᠡᠷᠢᠭ ᠲᠡᠢᠨ ᠦ᠌ ᠨᠢᠭᠤᠴᠠ ᠶ᠋ᠢ ᠰᠢᠨᠠᠯᠠᠮ᠎ᠠ ᠲᠤᠸᠠᠨᠵᠠᠩ ᠭᠠᠭᠴᠠᠭᠠᠷ ᠢ᠋ᠶ᠋ᠠᠨ ᠡᠵᠡᠨ ᠮᠡᠳᠡᠵᠦ ᠪᠠᠢᠯᠳᠤᠬᠤ ᠠᠷᠭ᠎ᠠ ᠪᠣᠳᠣᠯᠭ᠎ᠠ ᠪᠠᠨ ᠲᠣᠭᠲᠠᠭᠠᠳᠠᠭ ᠠ᠋ᠴᠠ ᠬᠡᠵᠢᠶᠡᠳᠡ ᠢᠯᠠᠯᠲᠠ ᠪᠠᠨ ᠪᠠᠲᠤᠯᠠᠵᠤ ᠴᠢᠳᠠᠳᠠᠭ ᠪᠠᠢᠨ᠎ᠠ᠃ 
       ᠲᠡᠷᠡ ᠬᠠᠷᠠᠩᠭᠤᠢ ᠰᠥᠨᠢ ᠰᠡᠮᠡᠬᠡᠷ ᠮᠣᠷᠳᠠᠵᠤ ᠬᠥᠮᠦᠨ ᠳ᠋ᠦ᠍ ᠦᠵᠡᠭᠳᠡᠬᠦ ᠪᠠᠢᠲᠤᠭᠠᠢ ᠣᠢ ᠶ᠋ᠢᠨ ᠠᠮᠢᠲᠠᠨ ᠪᠣᠯᠵᠣᠮᠣᠷ ᠵᠢᠭᠦᠷᠲᠡᠨ ᠳ᠋ᠦ᠍ ᠴᠦ᠍ ᠦᠵᠡᠭᠳᠡᠭᠰᠡᠨ ᠦᠭᠡᠢ ᠪᠡᠷ ᠵᠠᠩᠭᠤᠲᠤ ᠣᠷᠴᠢᠮ ᠤ᠋ᠨ ᠶᠡᠬᠡ ᠪᠠᠳᠮᠠᠱ᠌ᠢᠷᠦ ᠶ᠋ᠢᠨ ᠬᠠᠷ᠎ᠠ ᠪᠠᠯᠠᠷ ᠤ᠋ᠨ ᠭᠦᠨ ᠳ᠋ᠦ᠍ ᠦᠦᠷ ᠴᠠᠢᠬᠤ ᠶ᠋ᠢᠨ ᠦᠶ᠎ᠡ ᠪᠡᠷ ᠬᠦᠷᠴᠦ ᠪᠠᠭᠤᠳᠠᠯᠯᠠᠵᠠᠢ᠃ ᠲᠡᠳᠡ ᠬᠥᠮᠦᠨ ᠳ᠋ᠦ᠍ ᠰᠡᠷᠡᠭᠳᠡᠬᠦ ᠶ᠋ᠢ ᠪᠣᠯᠭᠣᠮᠵᠢᠯᠠᠨ ᠭᠠᠯ ᠰᠢᠲᠠᠭᠠᠵᠤ ᠤᠲᠤᠭ᠎ᠠ ᠰᠤᠭᠤᠨᠠᠭᠯᠠᠭᠤᠯᠬᠤ ᠦᠭᠡᠢ ᠪᠡᠷ ᠬᠠᠭᠤᠷᠠᠢ ᠬᠦᠨᠡᠰᠦ ᠬᠠᠭᠤᠷᠤᠭᠰᠠᠨ ᠠᠮᠤ ᠪᠠᠷ ᠬᠣᠭᠣᠯᠠᠯᠠᠵᠤ ᠯᠠᠪᠳᠠᠭᠤᠨ ᠰᠢᠭ᠋ ᠠᠮᠠᠷᠠᠵᠤ ᠫᠤᠤ ᠰᠤᠮᠤ ᠪᠠᠨ ᠠᠷᠴᠢᠵᠤ ᠵᠦᠯᠭᠦᠭᠡᠳ ᠲᠡᠢᠨ ᠳ᠋ᠦ᠍ ᠣᠷᠣᠯᠴᠠᠬᠤ ᠪᠠᠷ ᠪᠡᠯᠡᠳᠬᠡᠪᠡ᠃  
       ᠡᠮᠦᠨᠡᠬᠡᠨ ᠬᠡᠳᠦᠨ ᠡᠳᠦᠷ ᠦ᠋ᠳ ᠲᠦ᠍ ᠯᠠᠮᠠᠵᠠᠪ ᠵᠡᠷᠭᠡ ᠬᠡᠳᠦᠨ ᠴᠡᠷᠢᠭ ᠨᠢ ᠮᠠᠯᠴᠢᠳ ᠤ᠋ᠨ ᠮᠠᠶᠢᠭ ᠢ᠋ᠶ᠋ᠠᠷ ᠵᠢᠰᠦ ᠪᠤᠷᠤᠭᠤᠯᠠᠵᠤ ᠵᠠᠩᠭᠤᠲᠤ ᠳ᠋ᠠᠬᠢ ᠬᠣᠯᠪᠣᠭᠠᠲᠤ ᠴᠡᠷᠢᠭ ᠠᠩᠭᠢ ᠶ᠋ᠢᠨ ᠦᠨᠡᠨ ᠬᠥᠳᠡᠯᠦᠯ ᠢ᠋ ᠣᠢᠯᠠᠭᠠᠨ ᠲᠡᠩᠨᠡᠵᠦ ᠡᠭᠦᠷᠭᠡ ᠪᠡᠨ ᠠᠮᠵᠢᠯᠲᠠ ᠲᠠᠢ ᠪᠡᠶᠡᠯᠡᠭᠦᠯᠦᠭᠡᠳ ᠴᠡᠷᠢᠭ ᠦ᠋ᠨ ᠬᠤᠸᠠᠷᠠᠨ ᠳ᠋ᠠᠭᠠᠨ ᠪᠤᠴᠠᠵᠤ ᠢᠷᠡᠵᠡᠢ᠃ ᠲᠤᠷᠰᠢᠭᠤᠯ ᠤ᠋ᠨ ᠣᠨᠣᠪᠴᠢᠲᠠᠢ ᠣᠢᠯᠠᠭᠠᠵᠤ ᠳᠤᠰᠬᠠᠭᠰᠠᠨ ᠳᠠᠢᠰᠤᠨ ᠤ᠋ ᠴᠡᠷᠢᠭ ᠦ᠋ᠨ ᠪᠠᠢᠳᠠᠯ ᠭᠡᠪᠡᠯ᠄ ᠵᠠᠩᠭᠤᠲᠤ ᠶ᠋ᠢᠨ ᠬᠣᠢᠲᠤ ᠲᠠᠯ᠎ᠠ ᠳ᠋ᠤ᠌ ᠬᠠᠩᠭᠢᠨ ᠳᠡᠳ᠋ ᠳᠡ ᠶ᠋ᠢᠨ ᠬᠠᠷ᠎ᠠ ᠮᠣᠷᠢᠲᠤ ᠴᠡᠷᠢᠭ᠂ ᠵᠡᠭᠦᠨ ᠲᠠᠯ᠎ᠠ ᠳ᠋ᠤᠨᠢ ᠴᠢᠭᠤᠯᠭᠠᠨ ᠳᠠ ᠶ᠋ᠢᠨ ᠵᠠᠰᠠᠭ ᠤ᠋ᠨ ᠮᠣᠷᠢᠲᠤ ᠴᠡᠷᠢᠭ᠂ ᠵᠡᠭᠦᠨ ᠡᠮᠦᠨ᠎ᠡ ᠨᠢ ᠰᠠᠢᠨᠲᠤᠷ᠎ᠠ ᠶ᠋ᠢᠨ ᠳ᠋ᠤᠸᠠᠨ ᠯᠢᠶᠡᠨᠵᠠᠩ ᠤ᠋ᠨ ᠮᠣᠷᠢᠲᠤ ᠴᠡᠷᠢᠭ᠂ ᠡᠮᠦᠨ᠎ᠡ ᠲᠠᠯ᠎ᠠ ᠳ᠋ᠤᠨᠢ ᠢᠦᠢ ᠯᠢᠨ ᠦ᠌ ᠶᠠᠪᠠᠭᠠᠨ ᠴᠡᠷᠢᠭ ᠦ᠋ᠨ ᠲᠤᠸᠠᠨ ᠪᠣᠯᠤᠨ ᠦᠦᠰᠢᠨ ᠨᠣᠶᠠᠨ ᠲᠡᠭᠦᠰᠠᠠᠮᠤᠭᠤᠯᠠᠩ ᠤ᠋ᠨ ᠨᠢᠭᠡ ᠯᠢᠶᠠᠨ ᠮᠣᠷᠢᠲᠤ ᠴᠡᠷᠢᠭ ᠲᠤᠰ ᠲᠤᠰ ᠪᠠᠭᠤᠳᠠᠯᠯᠠᠵᠤ᠂ ᠪᠠᠷᠠᠭᠤᠨᠰᠢ ᠬᠡᠳᠦᠨ ᠠᠷᠪᠠᠨ ᠭᠠᠵᠠᠷ ᠤ᠋ᠨ ᠥᠷᠭᠡᠨ ᠬᠡᠪᠴᠢᠶ᠎ᠡ ᠪᠡᠷ ᠦᠦᠰᠢᠨ ᠬᠣᠰᠢᠭᠤ ᠶ᠋ᠢ ᠱᠦᠭᠦᠷᠳᠡᠯᠲᠡ ᠬᠢᠬᠦ ᠪᠠᠢᠷᠢᠰᠢᠯ ᠲᠠᠢ ᠪᠤᠶᠤ ᠡᠰᠡᠬᠦᠯ᠎ᠡ ᠪᠠᠷᠠᠭᠤᠨ ᠲᠠᠯ᠎ᠠ ᠳ᠋ᠠᠭᠠᠨ ᠰᠢᠨᠠᠯᠠᠮ᠎ᠠ ᠶ᠋ᠢᠨ ᠴᠡᠷᠢᠭ ᠢ᠋ ᠳᠠᠭᠠᠷᠢᠬᠤ ᠪᠠᠷ ᠪᠡᠯᠡᠳᠦᠭᠰᠡᠨ ᠪᠠᠢᠵᠠᠢ᠃ 
       ᠵᠠᠩᠭᠤᠲᠤ ᠳ᠋ᠠᠬᠢ ᠬᠣᠯᠪᠣᠭᠠᠲᠤ ᠴᠡᠷᠢᠭ ᠦ᠋ᠨ ᠡᠨᠡ ᠬᠦ᠌ ᠪᠠᠢᠳᠠᠯ ᠳ᠋ᠤ᠌ ᠲᠣᠬᠢᠶᠠᠯᠳᠤᠭᠤᠯᠤᠨ᠂ ᠰᠢᠨᠡᠯᠡᠮ᠎ᠡ ᠴᠡᠷᠢᠭ ᠢ᠋ᠶ᠋ᠡᠨ ᠢᠩᠭᠢᠵᠦ ᠪᠠᠢᠷᠢᠯᠠᠭᠤᠯᠵᠠᠢ᠄ ᠰᠥᠨᠢ ᠶ᠋ᠢᠨ ᠬᠠᠷᠠᠩᠭᠤᠢ ᠶ᠋ᠢ ᠲᠣᠬᠢᠶᠠᠯᠳᠤᠭᠤᠯᠤᠨ ᠬᠣᠯᠪᠣᠭᠠᠲᠤ ᠴᠡᠷᠢᠭ ᠦ᠋ᠨ ᠰᠠᠨᠠᠮᠰᠠᠷ ᠦᠭᠡᠢ ᠪᠠᠢᠭ᠎ᠠ ᠶ᠋ᠢ ᠠᠰᠢᠭᠯᠠᠵᠤ ᠰᠢᠨᠡᠯᠡᠮ᠎ᠡ ᠶ᠋ᠢᠨ ᠴᠡᠷᠢᠭ ᠦ᠋ᠨ ᠬᠣᠶᠠᠳᠤᠭᠠᠷ ᠯᠢᠶᠠᠨ ᠤ᠋ ᠴᠡᠷᠢᠭ᠂ ᠯᠢᠶᠡᠨᠵᠠᠩ ᠵᠠᠮᠢᠶᠠᠨᠵᠠᠪ ᠤ᠋ᠨ ᠵᠢᠯᠣᠭᠣᠳᠤᠯᠭ᠎ᠠ ᠪᠠᠷ ᠲᠥᠪ ᠬᠣᠷᠢᠶᠠᠨ ᠤ᠋ ᠴᠡᠷᠢᠭ ᠲᠡᠢ ᠬᠠᠮᠲᠤ ᠪᠠᠷ ᠳᠠᠢᠰᠤᠨ ᠤ᠋ ᠴᠡᠷᠢᠭ ᠦ᠋ᠨ ᠭᠣᠣᠯ ᠬᠡᠰᠡᠭ ᠲᠦ᠋ᠨᠢ ᠣᠷᠣᠵᠤ ᠬᠠᠩᠭᠢᠨ ᠴᠡᠷᠢᠭ᠂ ᠵᠠᠰᠠᠭ ᠴᠡᠷᠢᠭ᠂ ᠳ᠋ᠤᠸᠠᠨ ᠯᠢᠶᠡᠨᠵᠠᠩ ᠤ᠋ᠨ ᠴᠡᠷᠢᠭ᠂ ᠢᠦᠢ ᠯᠢᠨ ᠦ᠌ ᠶᠠᠪᠠᠭᠠᠨ ᠴᠡᠷᠢᠭ ᠦ᠋ᠨ ᠲᠤᠸᠠᠨ ᠪᠣᠯᠤᠨ ᠦᠦᠰᠢᠨ ᠨᠣᠶᠠᠨ ᠤ᠋ ᠮᠣᠷᠢᠲᠤ ᠴᠡᠷᠢᠭ ᠦ᠋ᠨ ᠡᠰᠡᠷᠭᠦ ᠰᠢᠷᠦᠭᠦᠨ ᠢ᠋ᠶ᠋ᠡᠷ ᠭᠠᠯᠯᠠᠨ᠎ᠠ᠃ ᠦᠦᠷ ᠴᠠᠢᠬᠤ ᠶ᠋ᠢᠨ ᠦᠶ᠎ᠡ ᠪᠡᠷ ᠪᠤᠰᠤᠳ ᠲᠤ᠌ ᠦᠵᠡᠭᠳᠡᠬᠦ ᠦᠭᠡᠢ ᠪᠡᠷ ᠣᠯᠠᠩᠬᠢ ᠴᠡᠷᠢᠭ ᠢ᠋ ᠪᠠᠷᠠᠭᠤᠨᠰᠢ ᠤᠬᠤᠷᠢᠭᠤᠯᠵᠤ ᠨᠢᠭᠡᠨ ᠪᠦᠯᠦᠭ ᠬᠤᠷᠴᠠ ᠱᠠᠯᠠᠮᠠᠭᠠᠢ ᠬᠠᠷᠪᠤᠵᠤ ᠨᠠᠮᠨᠠᠬᠤ ᠳ᠋ᠠᠭᠠᠨ ᠣᠨᠣᠪᠴᠢᠲᠠᠢ ᠰᠢᠯᠢᠳᠡᠭ ᠴᠡᠷᠢᠭ ᠢ᠋ ᠦᠯᠡᠳᠡᠭᠡᠨ ᠬᠠᠶᠠ ᠬᠠᠷᠪᠤᠵᠤ ᠪᠠᠢᠳᠠᠯ ᠢ᠋ ᠠᠷᠭᠠᠴᠠᠭᠠᠯᠭᠠᠨ᠎ᠠ᠃ 
       ᠰᠢᠨᠠᠯᠠᠮ᠎ᠠ ᠰᠠᠢᠨᠪᠠᠶᠠᠷ ᠨᠠᠷ ᠲᠥᠪ ᠬᠣᠷᠢᠶᠠᠨ ᠤ᠋ ᠨᠢᠭᠡ ᠰᠠᠯᠠᠭ᠎ᠠ ᠴᠡᠷᠢᠭ ᠪᠣᠯᠤᠨ ᠨᠢᠭᠡᠳᠦᠭᠡᠷ ᠭᠤᠷᠪᠠᠳᠤᠭᠠᠷ ᠳᠥᠷᠪᠡᠳᠦᠭᠡᠷ ᠯᠢᠶᠠᠨ ᠤ᠋ ᠪᠦᠬᠦ ᠴᠡᠷᠢᠭ ᠢ᠋ ᠵᠢᠯᠣᠭᠣᠳᠴᠤ ᠬᠣᠯᠪᠣᠭᠠᠲᠤ ᠴᠡᠷᠢᠭ ᠦ᠋ᠨ ᠭᠠᠳᠠᠭᠤᠷ ᠳᠠᠷᠤᠢ ᠬᠠᠩᠭᠢᠨ ᠵᠠᠰᠠᠭ ᠪᠣᠯᠤᠨ ᠳ᠋ᠤᠸᠠᠨ ᠤ᠋ ᠴᠡᠷᠢᠭ ᠦ᠋ᠨ ᠠᠷᠤ ᠲᠠᠯ᠎ᠠ ᠠ᠋ᠴᠠ ᠭᠠᠯᠯᠠᠵᠤ ᠲᠡᠳᠡᠨ ᠢ᠋ ᠤᠬᠤᠷᠢᠵᠤ ᠪᠣᠯᠬᠤ ᠦᠭᠡᠢ ᠤᠷᠤᠭᠰᠢᠯᠠᠵᠤ ᠴᠤ᠌ ᠪᠣᠯᠬᠤ ᠥᠬᠡᠢ ᠪᠠᠢᠷᠢᠨ ᠳ᠋ᠤ᠌ ᠣᠷᠣᠭᠤᠯᠵᠤ ᠰᠢᠬᠠᠮᠳᠠᠭᠤᠯᠬᠤ ᠶ᠋ᠢᠨ ᠬᠠᠮᠲᠤ ᠬᠠᠩᠭᠢᠨ ᠵᠠᠰᠠᠭ ᠤ᠋ᠨ ᠴᠡᠷᠢᠭ ᠲᠦ᠍ ᠰᠢᠨᠡᠯᠡᠮ᠎ᠡ ᠶ᠋ᠢᠨ ᠪᠢᠴᠢᠭᠰᠡᠨ ᠨᠢᠭᠡᠨ ᠬᠤᠪᠢ ᠢᠯᠪᠢᠨ ᠳᠠᠭᠠᠭᠤᠯᠬᠤ ᠵᠠᠬᠢᠳᠠᠯ ᠢ᠋ ᠲᠤᠰᠬᠠᠢ ᠬᠣᠯᠪᠣᠭᠠᠴᠢᠨ ᠴᠡᠷᠢᠭ ᠢ᠋ᠶ᠋ᠡᠷ ᠬᠦᠷᠭᠡᠭᠦᠯᠵᠡᠢ᠃ ᠵᠠᠬᠢᠳᠠᠯ ᠤ᠋ᠨ ᠭᠣᠣᠯ ᠠᠭᠤᠯᠭ᠎ᠠ ᠶ᠋ᠢ ᠺᠣᠮᠢᠰᠰᠠᠷ ᡀᠥ᠋ᠩᠷᠦᠪ᠂ ᠪᠠᠳᠠᠷᠠᠬᠤ ᠨᠠᠷ ᠤ᠋ᠨ ᠬᠡᠯᠡᠬᠦ ᠪᠡᠷ᠄《᠁ ᠮᠠᠨ ᠤ᠋ ᠦᠦᠰᠢᠨ ᠪᠣᠯᠤᠨ ᠬᠠᠩᠭᠢᠨ ᠬᠣᠰᠢᠭᠤ ᠡᠷᠲᠡ ᠳᠡᠭᠡᠳᠦᠰ ᠡᠴᠡ ᠡᠶ᠎ᠡ ᠨᠠᠢᠷᠠᠮᠳᠠᠯ ᠲᠠᠢ ᠶᠠᠪᠤᠭᠰᠠᠨ ᠤᠷᠲᠤ ᠤᠳᠠᠭᠠᠨ ᠲᠡᠦᠬᠡ ᠲᠡᠢ᠃ ᠬᠠᠷᠢᠯᠴᠠᠨ ᠨᠢᠭᠡᠨ ᠨᠢᠭᠡᠨ ᠢ᠋ᠶ᠋ᠡᠨ ᠠᠯᠠᠵᠤ ᠬᠢᠳᠤᠬᠤ ᠥᠰᠢᠶ᠎ᠡ ᠬᠣᠷᠣᠰᠤᠯ ᠭᠡᠵᠦ ᠣᠭᠲᠣ ᠦᠭᠡᠢ᠂ ᠲᠠᠨᠤᠰ ᠮᠠᠭᠤ ᠬᠥᠮᠦᠨ ᠦ᠌ ᠦᠭᠡᠨ ᠳ᠋ᠦ᠍ᠷ ᠣᠷᠣᠵᠤ ᠮᠣᠩᠭᠣᠯ ᠠᠬ᠎ᠠ ᠳᠡᠭᠦᠦ ᠪᠡᠨ ᠣᠨᠢᠯᠠᠵᠤ ᠪᠠᠢᠨ᠎ᠠ᠃ ᠲᠠᠨ ᠤ᠋ ᠴᠡᠷᠢᠭ ᠦ᠋ᠳ ᠮᠠᠨ ᠢ᠋ ᠪᠡᠨ ᠡᠰᠡᠷᠭᠦᠴᠡᠬᠦ ᠦᠭᠡᠢ ᠶᠦᠮ ᠪᠣᠯ ᠪᠢᠳᠡ ᠵᠡᠭᠦᠨ ᠡᠮᠦᠨᠡᠰᠢ ᠪᠡᠨ ᠠᠮᠠ ᠲᠠᠯᠪᠢᠯ᠎ᠠ! ᠲᠠᠨᠤᠰ ᠢ᠋ ᠭᠠᠷᠭᠠᠵᠤ ᠶᠠᠪᠤᠭᠤᠯᠤᠨ᠎ᠠ᠂ ᠬᠡᠷᠪᠡ ᠮᠤᠵᠢᠭᠤᠳᠠ ᠪᠠᠷ ᠡᠰᠡᠷᠭᠦᠴᠡᠪᠡᠯ ᠬᠤᠷᠤᠪᠴᠢᠨ ᠬᠠᠷᠠᠭᠠᠲᠠᠢ ᠯᠠᠨᠵᠧᠦ ᠫᠤᠤ ᠶ᠋ᠢᠨ ᠰᠤᠮᠤ ᠪᠠᠷ ᠡᠷᠡᠭᠴᠢᠨ ᠡᠮᠡᠭᠴᠢᠨ ᠢ᠋ᠶ᠋ᠡᠨ ᠰᠢᠯᠭᠠᠶ᠎ᠠ! ᠁ ᠵᠠᠰᠠᠭ ᠦᠦᠰᠢᠨ ᠬᠣᠶᠠᠷ ᠬᠣᠰᠢᠭᠤ ᠪᠣᠯ ᠤᠭ ᠲᠠᠭᠠᠨ ᠨᠢᠭᠡ ᠬᠣᠰᠢᠭᠤ ᠪᠠᠢᠵᠤ ᠨᠢᠭᠡᠨ ᠪᠡᠶ᠎ᠡ ᠶ᠋ᠢᠨ ᠭᠠᠷ ᠬᠥᠯ ᠮᠡᠲᠦ ᠪᠦᠯᠬᠦᠮᠳᠡᠯ ᠲᠡᠢ ᠪᠠᠢᠵᠤ᠂ ᠪᠠᠨᠳᠢᠳᠠ ᠶ᠋ᠢᠨ ᠰᠦᠮ᠎ᠡ᠂ ᠠᠭᠤᠯᠠ ᠶ᠋ᠢᠨ ᠰᠦᠮ᠎ᠡ᠂ ᠳᠤᠭᠠᠩ ᠬᠤᠷᠠᠬᠤ᠂ ᠠᠭᠤᠯᠠ ᠬᠤᠷᠠᠬᠤ ᠶ᠋ᠢᠨ ᠣᠪᠣᠭ᠎ᠠ ᠶ᠋ᠢ ᠬᠣᠶᠠᠷ ᠬᠣᠰᠢᠭᠤ ᠪᠡᠷ ᠢ᠋ᠶ᠋ᠡᠨ ᠡᠵᠡᠨ ᠮᠡᠳᠡᠵᠦ ᠳᠠᠬᠢᠵᠤ ᠰᠢᠲᠦᠳᠡᠭ ᠡᠪᠲᠡᠢ ᠵᠢᠷᠤᠮ ᠢ᠋ᠶ᠋ᠠᠨ ᠥᠨᠥ ᠪᠣᠯᠲᠠᠯ᠎ᠠ ᠤᠯᠠᠮᠵᠢᠯᠠᠭᠰᠠᠭᠠᠷ ᠠᠲᠠᠯ᠎ᠠ ᠳᠠ ᠨᠣᠶᠠᠨ ᠤ᠋ ᠵᠠᠬᠢᠶ᠎ᠠ ᠵᠠᠷᠯᠢᠭ ᠢ᠋ᠶ᠋ᠠᠷ ᠬᠠᠷᠢᠯᠴᠠᠨ ᠬᠢᠳᠤᠯᠴᠠᠬᠤ ᠥᠰᠢᠶ᠎ᠡ ᠬᠣᠷᠣᠰᠤᠯ ᠭᠡᠵᠦ ᠦᠭᠡᠢ ᠪᠢᠯᠡ!᠁》  
       ᠵᠠᠩᠭᠤᠲᠤ ᠶ᠋ᠢᠨ ᠪᠠᠢᠯᠳᠤᠭᠠᠨ ᠡᠨᠡ ᠬᠦ᠌ ᠪᠠᠢᠷᠢᠯᠠᠭᠤᠯᠤᠯᠲᠠ ᠪᠠᠷ ᠰᠥᠨᠢ ᠶ᠋ᠢᠨ ᠬᠠᠭᠠᠰ ᠠ᠋ᠴᠠ ᠡᠬᠢᠯᠡᠵᠦ ᠮᠠᠷᠭᠠᠰᠢ ᠶ᠋ᠢᠨ ᠦᠳᠡᠰᠢ ᠶ᠋ᠢᠨ ᠪᠦᠷᠦᠢ ᠪᠣᠯᠲᠠᠯ᠎ᠠ ᠦᠷᠭᠦᠯᠵᠢᠯᠡᠪᠡ᠃ 
       ᠰᠢᠨᠠᠯᠠᠮ᠎ᠠ ᠶ᠋ᠢᠨ ᠬᠠᠩᠭᠢᠨ ᠵᠠᠰᠠᠭ ᠴᠡᠷᠢᠭ ᠢ᠋ ᠵᠢᠩ ᠶᠤᠸᠠᠢ ᠰᠢᠦ ᠶ᠋ᠢᠨ ᠴᠡᠷᠢᠭ ᠡᠴᠡ ᠰᠠᠯᠭᠠᠵᠤ ᠲᠡᠢᠨ ᠦ᠌ ᠲᠠᠯᠠᠪᠠᠢ ᠠ᠋ᠴᠠ ᠤᠬᠠᠭᠠᠷᠠᠭᠤᠯᠬᠤ ᠵᠣᠷᠢᠯᠭ᠎ᠠ ᠦᠨᠳᠦᠰᠦᠨ ᠳ᠋ᠡᠭᠡᠨ ᠠᠮᠵᠢᠯᠲᠠ ᠣᠯᠪᠠ᠃ ᠦᠳᠡ ᠶ᠋ᠢᠨ ᠬᠣᠢᠨ᠎ᠠ ᠪᠣᠯᠬᠤ ᠳ᠋ᠤ᠌᠂ ᠬᠠᠩᠭᠢᠨ ᠬᠠᠷ᠎ᠠ ᠮᠣᠷᠢᠲᠤ ᠴᠡᠷᠢᠭ ᠰᠢᠨᠡᠯᠡᠮ᠎ᠡ ᠶ᠋ᠢᠨ ᠵᠢᠭᠠᠭᠰᠠᠨ ᠵᠡᠭᠦᠨ ᠡᠮᠦᠨ᠎ᠡ ᠵᠦᠭ ᠲᠦ᠍ ᠵᠠᠩᠭᠤᠲᠤ ᠶ᠋ᠢᠨ ᠴᠠᠢᠳᠠᠮ ᠢ᠋ᠶ᠋ᠠᠷ ᠮᠣᠷᠳᠠᠬᠤ ᠳ᠋ᠤ᠌ ᠵᠢᠩ ᠶᠤᠸᠠᠢ ᠰᠢᠦ ᠶ᠋ᠢᠨ ᠶᠠᠪᠠᠭᠠᠨ ᠴᠡᠷᠢᠭ ᠦ᠋ᠨ ᠲᠤᠸᠠᠨ ᠤ᠋ ᠴᠡᠷᠢᠭ ᠦ᠋ᠳ ᠰᠥᠨᠢ ᠶ᠋ᠢᠨ ᠭᠠᠯᠯᠠᠯᠲᠠ ᠶ᠋ᠢᠨ ᠬᠠᠷᠢᠭᠤ  ᠶ᠋ᠢ ᠠᠪᠬᠤ ᠪᠠᠷ ᠰᠢᠨᠡᠯᠡᠮ᠎ᠡ ᠶ᠋ᠢᠨ ᠴᠡᠷᠢᠭ ᠢ᠋ᠶ᠋ᠡᠷ ᠡᠨᠳᠡᠭᠦᠷᠡᠭᠰᠡᠨ ᠶᠦᠮ ᠤᠤ? ᠡᠰᠡᠬᠦᠯ᠎ᠡ ᠬᠠᠩᠭᠢᠨ ᠴᠡᠷᠢᠭ ᠮᠠᠨᠤᠰ ᠢ᠋ ᠬᠠᠷᠪᠤᠭᠰᠠᠨ ᠭᠡᠵᠦ ᠪᠣᠳᠣᠭᠰᠠᠨ ᠴᠤ᠌ ᠶᠤᠮ ᠤᠤ? ᠭᠡᠨᠡᠳᠲᠡ《ᠮᠠᠭᠤ ᠴᠡᠷᠢᠭ ᠬᠣᠭᠣᠷᠣᠨᠳᠣ ᠪᠠᠨ》 ᠭᠡᠳᠡᠭ ᠢ᠋ᠶ᠋ᠡᠷ ᠬᠠᠩᠭᠢᠨ ᠴᠡᠷᠢᠭ ᠦ᠋ᠨ ᠵᠢᠯᠣᠭᠣᠳᠤᠭᠴᠢ ᠳᠣᠯᠣᠭᠠᠨᠵᠢᠩ᠂ ᠵᠢᠩ ᠶᠤᠸᠠᠢ ᠰᠢᠦ ᠶ᠋ᠢᠨ ᠶᠠᠪᠠᠭᠠᠨ ᠴᠡᠷᠢᠭ ᠦ᠋ᠨ ᠵᠡᠷᠯᠢᠭ ᠰᠤᠮᠤᠨ ᠳ᠋ᠤ᠌ ᠬᠦᠨᠳᠦ ᠰᠢᠷᠬᠠᠲᠤᠵᠤ ᠮᠣᠷᠢᠨ ᠠ᠋ᠴᠠ ᠪᠠᠨ ᠣᠢᠴᠢᠬᠤ ᠳ᠋ᠤ᠌ ᠬᠠᠩᠭᠢᠨ ᠴᠡᠷᠢᠭ ᠠᠭᠤᠷᠯᠠᠵᠤ ᠬᠠᠷᠢᠭᠤ ᠦᠵᠡᠯᠴᠡᠵᠦ ᠰᠢᠪᠲᠤᠯᠤᠨ ᠭᠠᠷᠴᠠᠢ᠃ ᠵᠢᠩ ᠶᠤᠸᠠᠢ ᠰᠢᠦ ᠶ᠋ᠢᠨ ᠶᠠᠪᠠᠭᠠᠨ ᠴᠡᠷᠢᠭ ᠦ᠋ᠳ ᠪᠠᠷᠤᠭ ᠨᠢᠭᠡ ᠰᠠᠯᠠᠭ᠎ᠠ ᠴᠡᠷᠢᠭ ᠦᠬᠦᠵᠦ ᠰᠢᠷᠬᠠᠲᠤᠭᠠᠳ ᠵᠠᠩᠭᠤᠲᠤ ᠠ᠋ᠴᠠ ᠤᠬᠤᠷᠢᠵᠠᠢ᠃  
       ᠰᠢᠨᠠᠯᠠᠮ᠎ᠠ ᠬᠠᠩᠭᠢᠨ ᠴᠡᠷᠢᠭ ᠦ᠋ᠨ ᠵᠢᠯᠣᠭᠣᠳᠤᠭᠴᠢ ᠳᠣᠯᠣᠭᠠᠨᠵᠢᠩ ᠢ᠋ ᠦᠦᠰᠢᠨ ᠬᠤᠰᠢᠭᠤᠨ ᠤ᠋ ᠨᠢᠭᠡᠨ ᠡᠷᠦᠬᠡ ᠳ᠋ᠦ᠍ ᠬᠦᠷᠭᠡᠵᠦ ᠠᠪᠴᠢᠷᠠᠪᠠ᠃ ᠬᠣᠵᠢᠮ ᠰᠢᠷᠬ᠎ᠠ ᠶ᠋ᠢ ᠨᠢ ᠡᠳᠡᠭᠡᠷᠡᠭᠦᠯᠦᠭᠰᠡᠨ ᠦ᠌ ᠬᠣᠢᠨ᠎ᠠ ᠲᠤᠰᠬᠠᠢ ᠬᠥᠮᠦᠨ ᠢ᠋ᠶ᠋ᠡᠷ ᠬᠠᠩᠭᠢᠨ ᠳ᠋ᠤ᠌ ᠬᠦᠷᠭᠡᠭᠦᠯᠦᠭᠰᠡᠨ ᠭᠡᠨ᠎ᠡ᠃  
       ᠳᠣᠯᠣᠭᠠᠨᠵᠢᠩ ᠤ᠋ᠨ ᠲᠤᠬᠠᠢ ᠣᠷᠳᠣᠰ ᠠᠷᠠᠳ ᠤ᠋ᠨ ᠳᠠᠭᠤᠤ ᠳ᠋ᠤ᠌᠄  
           ᠬᠠᠷ᠎ᠠ ᠰᠠᠭᠠᠷᠠᠯ ᠮᠣᠷᠢ ᠨᠢ  
           ᠬᠠᠵᠠᠭᠠᠷ ᠨᠣᠭᠲᠣ ᠲᠠᠢ ᠬᠥᠭᠡᠷᠦᠬᠦᠢ ᠪᠠᠢᠨ᠎ᠠ᠂ 
           ᠬᠠᠩᠭᠢᠨ ᠴᠡᠷᠢᠭ ᠦ᠋ᠨ ᠫᠠᠢᠵᠠᠩ ᠨᠢ  
           ᠬᠠᠷᠢᠵᠤ ᠴᠢᠳᠠᠬᠤ ᠦᠭᠡᠢ ᠬᠥᠭᠡᠷᠦᠬᠦᠢ ᠪᠠᠢᠨ᠎ᠠ᠃   ᠁  
ᠭᠡᠵᠦ ᠳᠠᠭᠤᠯᠠᠳᠠᠭ ᠪᠣᠯᠵᠠᠢ᠃  
       ᠪᠠᠢᠯᠳᠤᠭᠠᠨ ᠤ᠋ ᠳᠤᠮᠳᠠ ᠵᠠᠰᠠᠭ ᠴᠡᠷᠢᠭ᠂ ᠰᠢᠨᠠᠯᠠᠮ᠎ᠠ ᠶ᠋ᠢᠨ ᠵᠢᠭᠠᠵᠤ ᠥᠭᠭᠦᠭᠰᠡᠨ ᠵᠦᠭ ᠲᠦ᠍ ᠤᠬᠤᠷᠢᠶ᠎ᠠ ᠭᠡᠬᠦᠯᠡᠷ ᠲᠡᠮᠡᠭᠡᠲᠦ ᠶ᠋ᠢᠨ ᠵᠢᠩ ᠶᠤᠸᠠᠢ ᠰᠢᠦ ᠶ᠋ᠢᠨ ᠶᠠᠪᠠᠭᠠᠨ ᠴᠡᠷᠢᠭ ᠦ᠋ᠨ ᠥᠪᠡᠷ  ᠪᠤᠰᠤᠳ ᠢ᠋ ᠢᠯᠭᠠᠬᠤ ᠦᠭᠡᠢ ᠪᠡᠷ ᠬᠠᠩᠭᠢᠨ ᠴᠡᠷᠢᠭ ᠢ᠋ ᠬᠠᠷᠪᠤᠵᠤ ᠪᠠᠢᠬᠤ ᠶ᠋ᠢ ᠦᠵᠡᠭᠰᠡᠨ ᠡᠴᠡ ᠶᠦᠮ ᠤᠤ? ᠡᠰᠡᠬᠦᠯ᠎ᠡ ᠴᠣᠬᠣᠮ ᠶᠠᠮᠠᠷ ᠰᠠᠨᠠᠭ᠎ᠠ ᠲᠠᠢ ᠪᠠᠢᠭᠰᠠᠨ ᠢ᠋ ᠮᠡᠳᠡᠬᠦ ᠦᠭᠡᠢ ᠲᠡᠳᠡ ᠬᠠᠩᠭᠢᠨ ᠴᠡᠷᠢᠭ ᠦ᠋ᠨ ᠬᠣᠢᠨ᠎ᠠ ᠠ᠋ᠴᠠ ᠶᠠᠪᠤᠭᠰᠠᠨ ᠦᠭᠡᠢ᠂ ᠲᠤᠰ ᠭᠠᠵᠠᠷ ᠲᠠᠭᠠᠨ ᠬᠣᠷᠭᠣᠳᠠᠭᠠᠳ ᠬᠥᠳᠡᠯᠬᠦ ᠦᠭᠡᠢ ᠪᠠᠢᠯ᠎ᠠ᠃ ᠡᠢᠮᠦ ᠪᠠᠢᠳᠠᠯ ᠢ᠋ ᠰᠢᠨᠠᠯᠠᠮ᠎ᠠ ᠦᠵᠡᠭᠡᠳ᠂ ᠵᠠᠰᠠᠭ ᠴᠡᠷᠢᠭ ᠪᠠᠰᠠ ᠥᠭᠡᠷ᠎ᠡ ᠰᠠᠨᠠᠭ᠎ᠠ ᠲᠠᠢ ᠪᠠᠢᠵᠤ ᠮᠠᠭᠠᠳ ᠭᠡᠵᠦ ᠰᠡᠵᠢᠭᠯᠡᠭᠡᠳ ᠭᠤᠷᠪᠠᠳᠤᠭᠠᠷ ᠯᠢᠶᠠᠨ ᠤ᠋ ᠴᠡᠷᠢᠭ ᠪᠣᠯᠤᠨ ᠲᠥᠪ ᠬᠣᠷᠢᠶᠠᠨ ᠤ᠋ ᠬᠡᠰᠡᠭ ᠴᠡᠷᠢᠭ ᠢ᠋ ᠳᠠᠭᠠᠭᠤᠯᠤᠨ ᠵᠠᠰᠠᠭ ᠬᠤᠰᠢᠭᠤᠨ ᠤ᠋ ᠬᠣᠰᠢᠭᠤ ᠬᠡᠢᠳ ᠪᠣᠯᠬᠤ ᠵᠠᠰᠠᠭ ᠵᠣᠣ (ᠥᠨᠥ ᠶ᠋ᠢᠨ ᠰᠢᠨ᠎ᠡ ᠵᠡᠭᠡᠯᠢ ᠪᠠᠯᠭᠠᠰᠤᠨ ᠤ᠋ ᠭᠠᠵᠠᠷ ᠲᠤ᠌ ᠪᠣᠢ) ᠳᠡᠭᠡᠷ᠎ᠡ ᠬᠦᠷᠴᠦ ᠵᠢᠶᠦ᠋ᠨ ᠸᠠᠩ ᠤ᠋ᠨ ᠬᠤᠰᠢᠭᠤᠨ ᠤ᠋ ᠰᠸᠳᠧᠩᠨᠤᠷᠪᠤ ᠶ᠋ᠢᠨ ᠴᠡᠷᠢᠭ ᠲᠡᠢ ᠬᠠᠮᠲᠤᠷᠠᠵᠤ ᠵᠥᠪᠳᠡᠯᠴᠡᠭᠡᠳ ᠳᠠᠷᠠᠭ᠎ᠠ ᠰᠥᠨᠢ ᠨᠢ ᠵᠠᠰᠠᠭ ᠱᠠᠩ ᠢ᠋ ᠭᠡᠨᠡᠳᠡᠭᠦᠯᠦᠨ ᠪᠦᠰᠡᠯᠡᠵᠦ ᠫᠤᠤ ᠳᠤᠤᠭᠠᠷᠬᠤ ᠠ᠋ᠴᠠ ᠡᠮᠦᠨᠡᠬᠡᠨ ᠪᠠᠪᠤᠤ᠂ ᠬᠠᠯᠵᠠᠨ ᠬᠣᠶᠠᠷ ᠮᠡᠢᠷᠡᠨ ᠢ᠋ ᠤᠤᠯᠭᠠᠯᠠᠨ ᠪᠠᠷᠢᠪᠴᠢᠯᠠᠵᠤ ᠵᠠᠰᠠᠭ ᠵᠣᠣ ᠳᠡᠭᠡᠷ᠎ᠡ ᠠᠪᠴᠢᠷᠠᠵᠠᠢ᠃ ᠱᠠᠩ ᠤ᠋ᠨ ᠥᠨᠳᠥᠷ ᠬᠡᠷᠡᠮ ᠦ᠋ᠨ ᠳᠣᠲᠣᠷᠠᠬᠢ ᠬᠥᠮᠦᠰ ᠰᠢᠨᠡᠯᠡᠮ᠎ᠡ ᠶ᠋ᠢᠨ ᠴᠡᠷᠢᠭ ᠲᠦ᠍ ᠪᠦᠰᠡᠯᠡᠭᠳᠡᠭᠰᠡᠨ ᠢ᠋ᠶ᠋ᠡᠨ ᠮᠡᠳᠡᠭᠡᠳ ᠶᠡᠬᠡ ᠬᠡᠷᠡᠮ ᠦ᠋ᠨ ᠡᠮᠦᠨ᠎ᠡ ᠡᠭᠦᠳᠡ ᠪᠡᠨ ᠶᠠᠪ ᠴᠠᠪ ᠳᠠᠷᠤᠵᠤ᠂ ᠱᠠᠩ ᠣᠷᠳᠣᠨ ᠢ᠋ ᠰᠠᠬᠢᠭᠰᠠᠨ ᠬᠡᠳᠦᠬᠡᠨ ᠴᠡᠷᠢᠭ ᠬᠡᠷᠡᠮ ᠦ᠋ᠨ ᠳᠡᠭᠡᠭᠦᠷ ᠭᠠᠷᠨᠠᠲᠠ ᠰᠢᠲᠠᠵᠤ ᠦᠬᠦᠨ ᠡᠰᠡᠷᠭᠦᠴᠡᠵᠡᠢ᠃ 
       ᠰᠢᠨᠠᠯᠠᠮ᠎ᠠ ᠡᠳᠡᠭᠡᠷ ᠪᠠᠢᠳᠠᠯ ᠢ᠋ ᠦᠵᠡᠭᠡᠳ ᠨᠢᠭᠡ ᠪᠦᠯᠦᠭ ᠴᠡᠷᠢᠭ ᠢ᠋ᠶ᠋ᠡᠨ ᠦᠯᠡᠳᠡᠭᠡᠨ ᠵᠠᠰᠠᠭ ᠱᠠᠩ ᠢ᠋ ᠦᠷᠭᠦᠯᠵᠢᠯᠡᠨ ᠪᠦᠰᠡᠯᠡᠵᠦ ᠪᠤᠰᠤᠳ ᠴᠡᠷᠢᠭ ᠢ᠋ᠶ᠋ᠡᠨ ᠠᠪᠴᠤ ᠰᠸᠳᠧᠩᠨᠤᠷᠪᠤ ᠶ᠋ᠢᠨ ᠴᠡᠷᠢᠭ ᠲᠡᠢ ᠬᠠᠮᠲᠤ ᠪᠠᠷᠠᠭᠤᠨᠰᠢᠯᠠᠵᠤ ᠵᠠᠰᠠᠭ ᠵᠣᠣ ᠶ᠋ᠢᠨ ᠰᠦᠮ᠎ᠡ ᠳ᠋ᠦ᠍ ᠬᠦᠷᠪᠡ᠃ ᠲᠡᠷᠡ ᠰᠦᠮ᠎ᠡ ᠶ᠋ᠢᠨ ᠡᠮᠦᠨᠡᠬᠢ ᠲᠠᠢᠰᠠᠨ ᠳᠡᠭᠡᠷ᠎ᠡ ᠠᠷᠪᠢᠨ ᠰᠡᠪᠡᠭ ᠲᠦᠯᠡᠭᠡ ᠣᠪᠣᠭᠠᠯᠠᠵᠤ ᠣᠯᠠᠨ ᠳ᠋ᠤ᠌ ᠬᠡᠯᠡᠬᠦ ᠳ᠋ᠡᠭᠡᠨ᠄《ᠳᠡ ᠨᠣᠶᠠᠨ ᠣᠯᠠᠨ ᠬᠤᠰᠢᠭᠤᠨ ᠳ᠋ᠤ᠌ ᠵᠠᠷᠯᠢᠭ ᠪᠣᠯᠵᠤ ᠴᠡᠷᠢᠭ ᠳᠠᠭᠤᠳᠠᠨ ᠠᠪᠴᠢᠷᠠᠭᠠᠳ ᠲᠡᠮᠡᠭᠡᠲᠦ ᠶ᠋ᠢᠨ ᠵᠢᠩ ᠶᠤᠸᠠᠢ ᠰᠢᠦ ᠶ᠋ᠢᠨ ᠴᠡᠷᠢᠭ ᠲᠡᠢ ᠬᠠᠮᠲᠤᠷᠠᠵᠤ ᠪᠢᠳᠡᠨ ᠢ᠋ ᠨᠢᠭᠡ ᠯᠡ ᠳᠣᠣᠷ᠎ᠠ ᠤᠰᠠᠳᠬᠠᠬᠤ ᠪᠠᠷ ᠤᠷᠤᠯᠳᠤᠵᠤ ᠪᠣᠢ᠃ ᠪᠢᠳᠡ ᠭᠠᠵᠠᠷ ᠨᠤᠲᠤᠭ ᠢ᠋ᠶ᠋ᠠᠨ ᠬᠠᠮᠠᠭᠠᠯᠠᠬᠤ ᠶ᠋ᠢᠨ ᠲᠥᠯᠥᠭᠡ ᠦᠬᠦᠨ ᠲᠡᠮᠡᠴᠡᠵᠦ ᠪᠠᠢᠨ᠎ᠠ᠃ ᠪᠢᠳᠡ ᠵᠠᠰᠠᠭ ᠴᠡᠷᠢᠭ ᠢ᠋ ᠬᠠᠩᠭᠢᠨ ᠴᠡᠷᠢᠭ ᠢ᠋ ᠳᠠᠭᠠᠵᠤ ᠵᠠᠩᠭᠤᠲᠤ ᠠ᠋ᠴᠠ ᠤᠬᠤᠷᠢᠭᠤᠯᠬᠤ ᠶ᠋ᠢ ᠢᠳᠬᠠᠭᠰᠠᠨ ᠪᠣᠯᠪᠠᠴᠤ ᠲᠡᠳᠡ ᠥᠨᠥ ᠪᠣᠯᠲᠠᠯ᠎ᠠ ᠤᠬᠤᠷᠢᠬᠤ ᠦᠭᠡᠢ ᠪᠠᠢᠨ᠎ᠠ᠃ ᠡᠢᠮᠦ ᠡᠴᠡ ᠪᠢᠳᠡ ᠠᠷᠭ᠎ᠠ ᠦᠭᠡᠢ ᠳ᠋ᠡᠭᠡᠨ ᠲᠠᠨ ᠤ᠋ ᠵᠠᠰᠠᠭ ᠵᠣᠣ ᠶ᠋ᠢᠨ ᠰᠦᠮ᠎ᠡ ᠳᠤᠭᠠᠩ ᠤ᠋ᠳ ᠢ᠋ ᠭᠠᠯᠳᠠᠵᠤ ᠰᠢᠲᠠᠭᠠᠨ ᠬᠠᠷᠢᠭᠤ ᠴᠠᠢ ᠪᠠᠷᠢᠶ᠎ᠠ!》 ᠭᠡᠮᠡᠨ ᠯᠠᠮᠠ ᠨᠠᠷ ᠪᠣᠯᠤᠨ ᠣᠯᠠᠨ ᠲᠦᠮᠡᠨ᠂ ᠬᠣᠶᠠᠷ ᠮᠡᠢᠷᠡᠨ ᠢ᠋ ᠰᠦᠷᠳᠡᠭᠦᠯᠦᠭᠰᠡᠨ ᠪᠠᠢᠨ᠎ᠠ᠃ ᠢᠩᠭᠢᠬᠦ ᠳ᠋ᠦ᠍ ᠵᠠᠰᠠᠭ ᠬᠤᠰᠢᠭᠤᠨ ᠤ᠋ ᠬᠣᠶᠠᠷ ᠮᠡᠢᠷᠡᠨ᠄《ᠲᠤᠸᠠᠨᠵᠠᠩ ᠪᠠᠭᠰᠢ ᠮᠢᠨᠢ! ᠶᠠᠭᠠᠬᠢᠭᠰᠠᠨ ᠴᠤ᠌ ᠰᠦᠮ᠎ᠡ ᠬᠡᠢᠳ ᠢ᠋ ᠭᠠᠯᠳᠠᠵᠤ ᠲᠦᠢᠮᠡᠷᠳᠡᠵᠦ ᠪᠣᠯᠬᠤ ᠦᠭᠡᠢ᠂ ᠥᠷᠥᠰᠢᠶᠡᠵᠦ ᠬᠠᠢᠷᠠᠯᠠ! 》 ᠭᠡᠵᠦ ᠭᠤᠶᠤᠵᠠᠢ᠃ ᠰᠢᠨᠠᠯᠠᠮ᠎ᠠ ᠲᠡᠳᠡᠨᠦᠰ ᠦ᠋ᠨ ᠡᠨᠡ ᠪᠠᠢᠳᠠᠯ ᠢ᠋ ᠦᠵᠡᠵᠦ ᠬᠥᠮᠥᠰᠬᠡ ᠵᠠᠩᠭᠢᠳᠤᠨ ᠪᠣᠳᠣᠯᠬᠢᠯᠠᠭᠠᠳ᠄《ᠵᠠ! ᠲᠡᠭᠡᠪᠡᠯ ᠪᠣᠯᠵᠠᠢ᠂ ᠮᠢᠨᠦ ᠥᠭᠡᠷ᠎ᠡ ᠨᠢᠭᠡ ᠱᠠᠭᠠᠷᠳᠠᠯᠭ᠎ᠠ ᠶ᠋ᠢ ᠵᠠᠪᠠᠯ ᠪᠡᠶᠡᠯᠡᠭᠦᠯᠬᠦ ᠬᠡᠷᠡᠭᠲᠡᠢ᠃ ᠲᠠ ᠬᠣᠶᠠᠭᠤᠯᠠ ᠵᠠᠩᠭᠤᠲᠤ ᠠ᠋ᠴᠠ ᠵᠠᠰᠠᠭ ᠴᠡᠷᠢᠭ ᠢ᠋ᠶ᠋ᠡᠨ ᠲᠠᠲᠠᠵᠤ ᠤᠬᠤᠷᠢᠭᠤᠯ᠂ ᠢᠩᠭᠢᠪᠡᠯ ᠰᠦᠮ᠎ᠡ ᠶ᠋ᠢ ᠴᠢᠨᠢ ᠭᠠᠯᠳᠠᠬᠤ ᠦᠭᠡᠢ ᠁》ᠭᠡᠬᠦ ᠳ᠋ᠦ᠍ ᠪᠠᠪᠤᠤ ᠬᠠᠯᠵᠠᠨ ᠬᠣᠶᠠᠷ ᠮᠡᠢᠷᠡᠨ ᠰᠢᠬᠠᠭᠳᠠᠬᠤ ᠳ᠋ᠠᠭᠠᠨ ᠠᠷᠭ᠎ᠠ ᠪᠤᠰᠤ ᠵᠠᠩᠭᠤᠲᠤ ᠠ᠋ᠴᠠ ᠴᠡᠷᠢᠭ ᠢ᠋ᠶ᠋ᠡᠨ ᠲᠠᠲᠠᠵᠤ ᠠᠪᠴᠢᠷᠠᠬᠤ ᠪᠢᠴᠢᠭ ᠪᠢᠴᠢᠬᠦ ᠪᠣᠯᠵᠠᠢ᠃  
       ᠭᠡᠲᠡᠯ᠎ᠡ ᠰᠢᠨᠠᠯᠠᠮ᠎ᠠ ᠰᠧᠳᠧᠩᠨᠣᠷᠪᠤ ᠨᠠᠷ ᠵᠥᠪᠳᠡᠯᠴᠡᠭᠡᠳ ᠶᠠᠮᠠᠷ ᠤᠴᠢᠷ ᠭᠠᠷᠤᠭᠰᠠᠨ ᠢ᠋ ᠪᠦᠦ ᠮᠡᠳᠡ᠂ ᠰᠢᠨᠠᠯᠠᠮ᠎ᠠ ᠭᠡᠨᠡᠳᠲᠡ ᠲᠡᠷᠡ ᠬᠣᠶᠠᠷ ᠮᠡᠢᠷᠡᠨ ᠳ᠋ᠦ᠍᠄《ᠲᠠ ᠬᠣᠶᠠᠭᠤᠯᠠ ᠵᠠᠰᠠᠭ ᠴᠡᠷᠢᠭ ᠢ᠋ᠶ᠋ᠡᠨ  ᠵᠠᠩᠭᠤᠲᠤ ᠠ᠋ᠴᠠ ᠤᠬᠤᠷᠢᠭᠤᠯᠬᠤ ᠵᠠᠬᠢᠶ᠎ᠠ ᠪᠢᠴᠢᠭ ᠪᠢᠴᠢᠬᠦ ᠶ᠋ᠢᠨ ᠣᠷᠣᠨ ᠳ᠋ᠤ᠌ ᠵᠠᠰᠠᠭ ᠱᠠᠩ ᠪᠣᠯᠤᠨ ᠵᠠᠰᠠᠭ ᠵᠣᠣ ᠰᠦᠮ᠎ᠡ ᠪᠡᠨ ᠠᠪᠤᠷᠠᠬᠤ ᠪᠠᠷ ᠢᠷ᠎ᠡ! ᠭᠡᠵᠦ ᠵᠠᠩᠭᠤᠲᠤ ᠳ᠋ᠠᠬᠢ ᠴᠡᠷᠢᠭ ᠢ᠋ᠶ᠋ᠡᠨ ᠲᠦᠷᠭᠡᠨ ᠡᠴᠡ ᠲᠦᠷᠭᠡᠨ ᠳᠠᠭᠤᠳᠠᠭᠰᠠᠨ ᠳᠡᠭᠡᠷ᠎ᠡ ᠪᠢᠰᠢ ᠤᠤ》 ᠭᠡᠯ᠎ᠡ᠃ ᠢᠩᠭᠢᠭᠡᠳ ᠪᠠᠪᠤᠤ ᠬᠠᠯᠵᠠᠨ ᠬᠣᠶᠠᠷ ᠮᠡᠢᠷᠡᠨ ᠥᠴᠥᠭᠡᠳᠦᠷ ᠰᠥᠨᠢ ᠪᠣᠯᠤᠨ ᠲᠤᠰ ᠡᠳᠦᠷ ᠦ᠋ᠨ ᠦᠨᠡᠨ ᠪᠠᠢᠳᠠᠯ ᠢ᠋ ᠪᠢᠴᠢᠵᠦ ᠴᠡᠷᠢᠭ ᠢ᠋ᠶ᠋ᠡᠨ ᠬᠤᠷᠳᠤᠨ ᠢᠷᠡᠵᠦ ᠵᠠᠰᠠᠭ ᠱᠠᠩ ᠪᠣᠯᠤᠨ ᠵᠠᠰᠠᠭ ᠵᠣᠣ ᠰᠦᠮ᠎ᠡ ᠪᠡᠨ ᠠᠪᠤᠷᠠᠬᠤ ᠬᠡᠷᠡᠭᠲᠡᠢ ᠭᠡᠮᠡᠨ ᠲᠤᠰᠬᠠᠢ ᠪᠣᠱᠣᠭᠣ ᠪᠠᠷ ᠵᠠᠷᠯᠢᠭ ᠢ᠋ ᠥᠳᠥᠲᠦ ᠵᠠᠬᠢᠳᠠᠯ ᠢ᠋ᠶ᠋ᠠᠷ ᠳᠣᠪᠲᠣᠯᠭᠠᠨ ᠢᠯᠡᠭᠡᠵᠡᠢ᠃ ᠡᠨᠡ ᠬᠦ᠌ ᠵᠠᠬᠢᠳᠠᠯ ᠢ᠋ ᠵᠠᠩᠭᠤᠲᠤ ᠳ᠋ᠠᠬᠢ ᠵᠠᠰᠠᠭ ᠴᠡᠷᠢᠭ ᠦ᠋ᠳ ᠣᠯᠵᠤ ᠦᠵᠡᠮᠡᠭᠴᠡ ᠳᠠᠷᠤᠢ ᠲᠦᠷᠭᠡᠨ ᠵᠠᠰᠠᠭ ᠱᠠᠩ ᠪᠣᠯᠤᠨ ᠵᠠᠰᠠᠭ ᠵᠣᠣ ᠰᠦᠮ᠎ᠡ ᠪᠡᠨ ᠠᠪᠤᠷᠠᠨ ᠬᠠᠮᠠᠭᠠᠯᠠᠬᠤ ᠪᠠᠷ ᠵᠠᠰᠠᠭ ᠱᠠᠩ ᠳ᠋ᠤ᠌ ᠬᠦᠷᠴᠦ ᠢᠷᠡᠪᠡ᠃ ᠡᠨᠡ ᠦᠶᠡᠰ᠂ ᠰᠢᠨᠡᠯᠡᠮ᠎ᠡ ᠪᠠᠪᠤᠤ ᠬᠠᠯᠵᠠᠨ ᠬᠣᠶᠠᠷ ᠮᠡᠢᠷᠡᠨ ᠢ᠋ ᠳᠠᠭᠠᠭᠤᠯᠤᠨ ᠵᠠᠰᠠᠭ ᠱᠠᠩ ᠵᠠᠰᠠᠭ ᠵᠣᠣ  ᠠ᠋ᠴᠠ ᠵᠠᠢᠯᠠᠨ ᠶᠠᠪᠤᠴᠢᠬᠠᠵᠠᠢ᠃    
       ᠵᠠᠩᠭᠤᠲᠤ ᠠ᠋ᠴᠠ ᠵᠠᠰᠠᠭ ᠴᠡᠷᠢᠭ ᠤᠬᠤᠷᠢᠬᠤ ᠳ᠋ᠤ᠌ ᠰᠠᠢᠨᠳᠤᠷ᠎ᠠ ᠶ᠋ᠢᠨ ᠲᠤᠸᠠᠨ ᠤ᠋ ᠮᠣᠷᠢᠲᠤ ᠴᠡᠷᠢᠭ ᠴᠦ᠍ ᠲᠡᠨᠳᠡ ᠡᠴᠡ ᠤᠬᠤᠷᠢᠭᠰᠠᠨ ᠪᠠᠢᠨ᠎ᠠ᠃ ᠵᠠᠩᠭᠤᠲᠤ ᠶ᠋ᠢᠨ ᠪᠠᠢᠯᠳᠤᠭᠠᠨ ᠠ᠋ᠴᠠ ᠡᠮᠦᠨ᠎ᠡ ᠬᠣᠯᠪᠣᠭᠠᠲᠤ ᠴᠡᠷᠢᠭ ᠰᠠᠷ᠎ᠠ ᠰᠢᠬᠠᠮ ᠤ᠋ᠨ ᠬᠤᠭᠤᠴᠠᠭ᠎ᠠ ᠰᠦᠯᠪᠡᠭᠡᠯᠳᠦᠨ ᠲᠡᠢᠨ ᠦ᠌ ᠪᠡᠯᠡᠳᠬᠡᠯ ᠢ᠋ᠶ᠋ᠡᠨ ᠱᠠᠯᠠᠪᠳᠠᠨ ᠬᠢᠵᠦ ᠰᠢᠨᠡᠯᠡᠮ᠎ᠡ ᠶ᠋ᠢᠨ ᠴᠡᠷᠢᠭ ᠢ᠋ ᠲᠤᠢᠯᠪᠤᠷᠢᠲᠠᠢ ᠠᠷᠢᠯᠭᠠᠬᠤ ᠪᠠᠷ ᠭᠣᠷᠢᠳᠠᠭᠰᠠᠨ ᠪᠠᠢᠵᠠᠢ᠃ ᠭᠡᠪᠡᠴᠦ ᠵᠠᠩᠭᠤᠲᠤ ᠶ᠋ᠢᠨ ᠪᠠᠢᠯᠳᠤᠭᠠᠨ ᠵᠢᠩᠬᠢᠨᠢ ᠡᠬᠢᠯᠡᠭᠡᠳ ᠲᠡᠭᠦᠰᠲᠡᠯ᠎ᠡ ᠵᠥᠪᠬᠡᠨ ᠬᠡᠳᠦᠬᠡᠨ ᠡᠳᠦᠷ ᠯᠡ ᠶᠠᠪᠤᠭᠳᠠᠵᠤ ᠬᠣᠯᠪᠣᠭᠠᠲᠤ ᠴᠡᠷᠢᠭ ᠦ᠋ᠨ ᠢᠯᠠᠭᠳᠠᠯ ᠪᠠ ᠰᠢᠨᠠᠯᠠᠮ᠎ᠠ ᠶ᠋ᠢᠨ ᠴᠡᠷᠢᠭ ᠦ᠋ᠨ ᠢᠯᠠᠯᠲᠠ ᠪᠠᠷ ᠲᠡᠭᠦᠰᠴᠡᠢ᠃ 
       ᠰᠢᠨᠡᠯᠡᠮ᠎ᠡ ᠶ᠋ᠢᠨ ᠵᠠᠩᠭᠤᠲᠤ ᠶ᠋ᠢᠨ ᠪᠠᠢᠯᠳᠤᠭᠠᠨ ᠤ᠋ ᠢᠯᠠᠯᠲᠠ ᠪᠣᠯ ᠬᠣᠣᠷ ᠢ᠋ ᠬᠣᠣᠷ ᠢ᠋ᠶ᠋ᠠᠷ ᠨᠢ ᠠᠷᠢᠯᠭᠠᠬᠤ ᠠᠷᠭ᠎ᠠ ᠪᠠᠷᠢᠯ ᠢ᠋ᠶ᠋ᠠᠷ ᠴᠥᠭᠡᠬᠡᠨ ᠢ᠋ᠶ᠋ᠡᠷ ᠣᠯᠠᠨ ᠢ᠋ ᠢᠯᠠᠵᠤ᠂ ᠪᠠᠭᠤᠷᠠᠢ ᠪᠠᠷ ᠬᠦᠴᠦᠷᠬᠡᠭ ᠢ᠋ ᠢᠯᠠᠭᠰᠠᠨ ᠪᠠᠢᠯᠳᠤᠬᠤ ᠪᠣᠳᠣᠯᠭ᠎ᠠ ᠶ᠋ᠢᠨ ᠢᠯᠠᠯᠲᠠ ᠪᠣᠯᠤᠨ᠎ᠠ᠃②  

— — — — 
② ᠶᠡᠬᠡ ᠵᠣᠣ ᠠᠢᠮᠠᠭ ᠤ᠋ᠨ ᠳᠠᠩᠰᠠ ᠡᠪᠬᠡᠮᠡᠯ ᠦ᠋ᠨ ᠰᠠᠩ ᠠ᠋ᠴᠠ ᠨᠠᠢᠷᠠᠭᠤᠯᠤᠭᠰᠠᠨ《ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠦ᠌ ᠲᠤᠬᠠᠢ ᠮᠠᠲ᠋ᠧᠷᠢᠶᠠᠯ ᠤ᠋ᠨ ᠡᠮᠬᠢᠳᠬᠡᠯ》 ᠦ᠋ᠨ10 ᠳᠡᠪᠲᠡᠷ ᠡᠴᠡ ᠰᠡᠢᠷᠡᠭᠦᠯᠪᠡ᠃ 

            5. ᠲᠣᠭᠤᠭᠠᠲᠤ ᠶ᠋ᠢᠨ ᠪᠠᠢᠯᠳᠤᠭᠠᠨ    
       1927 ᠣᠨ ᠤ᠋10 ᠰᠠᠷ᠎ᠠ ᠶ᠋ᠢᠨ ᠰᠡᠭᠦᠯᠴᠢ ᠪᠡᠷ᠂ ᠵᠢᠩ ᠶᠤᠸᠠᠢ ᠰᠢᠦ ᠶ᠋ᠢᠨ ᠵᠠᠷᠯᠢᠭ ᠢ᠋ᠶ᠋ᠠᠷ ᠱᠠᠨᠰᠢ ᠶ᠋ᠢᠨ ᠪᠠᠷᠠᠭᠤᠨ ᠬᠣᠢᠨᠠᠬᠢ ᠶ᠋ᠢ ᠲᠣᠭᠲᠠᠨᠢᠭᠤᠯᠬᠤ ᠪᠠᠷ ᠪᠠᠭ᠎ᠠ ᠮᠠᠱᠠᠩ ᠳ᠋ᠤ᠌ ᠰᠠᠭᠤᠷᠢᠰᠢᠵᠤ ᠪᠠᠢᠭ᠎ᠠ ᠮᠣᠷᠢᠲᠤ ᠴᠡᠷᠢᠭ ᠡᠴᠡ500 ᠭᠠᠷᠤᠢ ᠴᠡᠷᠢᠭ ᠵᠠᠩᠭᠤᠲᠤ ᠶ᠋ᠢᠨ ᠪᠠᠢᠯᠳᠤᠭᠠᠨ ᠳ᠋ᠤ᠌ ᠣᠷᠣᠯᠴᠠᠬᠤ ᠪᠠᠷ ᠢᠷᠡᠵᠡᠢ᠃ ᠢᠩᠭᠢᠭᠡᠳ ᠲᠡᠳᠡ ᠳᠡᠳ᠋ ᠲᠤᠸᠠᠨᠵᠠᠩ ᠵᠠᠩ ᠬᠣᠩ ᠷᠸ᠋ ᠦ᠋ᠨ ᠳᠠᠭᠠᠭᠤᠯᠤᠭ᠎ᠠ ᠪᠠᠷ ᠵᠠᠩᠭᠤᠲᠤ ᠵᠦᠭ ᠮᠣᠷᠳᠠᠭᠰᠠᠨ ᠪᠣᠯᠪᠠᠴᠤ ᠨᠢᠭᠡ ᠳ᠋ᠦ᠍᠂ ᠬᠡᠳᠦᠨ ᠵᠠᠭᠤᠨ ᠭᠠᠵᠠᠷ ᠤ᠋ᠨ ᠠᠯᠤᠰ ᠲᠤᠯᠠ ᠲᠣᠭᠲᠠᠭᠰᠠᠨ ᠡᠳᠦᠷ ᠲᠡᠭᠡᠨ ᠬᠦᠷᠴᠦ ᠴᠢᠳᠠᠭᠰᠠᠨ ᠦᠭᠡᠢ᠃ ᠬᠣᠶᠠᠷ ᠲᠤ᠌᠂ ᠲᠡᠳᠡᠭᠡᠷ ᠮᠣᠷᠢᠲᠤ ᠴᠡᠷᠢᠭ ᠬᠣᠲᠠ ᠶ᠋ᠢᠨ ᠣᠷᠴᠢᠮ ᠠ᠋ᠴᠠ ᠬᠣᠯᠠ ᠵᠠᠢᠳᠠᠭᠰᠠᠨ ᠦᠭᠡᠢ ᠠᠭᠤᠳᠠᠮ ᠰᠠᠢᠬᠠᠨ ᠬᠥᠳᠡᠭᠡ ᠲᠠᠯ᠎ᠠ ᠶ᠋ᠢᠨ ᠪᠠᠶᠠᠨ ᠰᠦᠷᠦᠭ ᠦ᠋ᠳ ᠪᠡᠯᠴᠢᠭᠡᠷᠯᠡᠭᠰᠡᠨ ᠡᠨᠳᠡ ᠲᠡᠨᠳᠡ ᠠᠷᠭᠠᠯ ᠤ᠋ᠨ ᠤᠲᠤᠭ᠎ᠠ ᠰᠤᠭᠤᠨᠠᠭᠯᠠᠭᠰᠠᠨ ᠰᠡᠢᠷᠡᠭ ᠰᠠᠭᠤᠷᠢᠰᠢᠭᠰᠠᠨ ᠮᠣᠩᠭᠣᠯ ᠠᠢᠯ ᠢ᠋ ᠦᠵᠡᠮᠡᠭᠴᠡ ᠪᠦᠯᠦᠭ ᠪᠦᠯᠦᠭ ᠢ᠋ᠶ᠋ᠡᠷ᠂ ᠬᠡᠳᠦ ᠬᠡᠳᠦ ᠪᠡᠷ ᠠᠢᠯ ᠪᠠᠢᠪᠠᠯ ᠳᠡᠭᠡᠷᠡᠮᠳᠡᠵᠦ ᠮᠠᠯ ᠰᠦᠷᠦᠭ ᠢ᠋ ᠬᠣᠭᠣᠰᠣᠷᠠᠲᠠᠯ᠎ᠠ ᠪᠤᠯᠢᠶᠠᠨ ᠲᠤᠨᠤᠭᠰᠠᠭᠠᠷ ᠬᠣᠯᠪᠣᠭᠠᠯᠠᠭᠰᠠᠨ ᠴᠡᠷᠢᠭ ᠦ᠋ᠨ ᠵᠠᠩᠭᠤᠲᠤ ᠳ᠋ᠤ᠌ ᠵᠠᠪᠠᠯ ᠬᠦᠷᠬᠦ ᠡᠳᠦᠷ ᠡᠴᠡ ᠬᠣᠵᠢᠮᠳᠠᠵᠠᠢ᠃ ᠭᠡᠪᠡᠴᠦ ᠲᠡᠳᠡ ᠵᠠᠮ ᠬᠣᠯᠠ ᠮᠣᠷᠢᠳ ᠶᠠᠪᠤᠵᠤ ᠲᠤᠭᠤᠯᠬᠤ ᠦᠭᠡᠢ ᠭᠡᠮᠡᠨ ᠰᠢᠯᠲᠠᠭ ᠵᠢᠭᠠᠵᠤ ᠵᠢᠩ ᠲᠦᠩᠯᠢᠩ ᠨᠣᠶᠠᠨ ᠳ᠋ᠠᠭᠠᠨ ᠠᠪᠤᠷᠠᠯ ᠡᠷᠢᠵᠦ ᠭᠤᠶᠤᠭᠰᠠᠨ ᠭᠡᠨ᠎ᠡ᠃ ᠬᠡᠷᠡᠭ ᠳᠡᠭᠡᠷ᠎ᠡ ᠪᠡᠨ ᠳᠡᠭᠡᠷᠡᠮᠳᠡᠵᠦ ᠪᠤᠯᠢᠶᠠᠬᠤᠢ ᠳ᠋ᠤᠷ ᠰᠢᠨᠤᠵᠤ ᠶᠠᠭᠠᠷᠠᠯᠳᠤᠨ ᠰᠢᠪᠡᠷ ᠰᠦᠮ᠎ᠡ᠂ ᠰᠢᠷ᠎ᠠ ᠡᠯᠢᠭᠡ ᠶ᠋ᠢᠨ ᠰᠦᠮ᠎ᠡ (ᠱᠠᠷᠯᠢᠭ ᠰᠦᠮ᠎ᠡ)᠂ ᠪᠣᠷᠣ ᠬᠤᠰᠢᠭᠤᠨ ᠰᠦᠮ᠎ᠡ᠂ ᠪᠦᠷᠢᠳᠦ ᠶ᠋ᠢᠨ ᠰᠦᠮ᠎ᠡ᠂ ᠪᠠᠷᠠᠭᠤᠨ ᠬᠦᠩ ᠨᠣᠶᠠᠨ ᠤ᠋ ᠱᠠᠩ ᠣᠷᠳᠣᠨ ᠢ᠋ ᠦᠯᠡᠳᠡᠭᠡᠯ ᠦᠭᠡᠢ ᠲᠣᠨᠣᠨ ᠦᠭᠡᠢᠷᠡᠭᠦᠯᠵᠦ ᠡᠳᠦᠭᠡ ᠶ᠋ᠢᠨ ᠱᠠᠷᠯᠢᠭ᠂ ᠰᠢᠷᠠᠤ᠋ᠰᠤᠨ ᠭᠣᠣᠯ ᠤ᠋ᠨ ᠤᠷᠢᠳᠤ ᠪᠡᠶ᠎ᠡ᠂ ᠨᠠᠷᠢᠨ ᠭᠣᠣᠯ᠂ ᠲᠤᠭᠠᠷ ᠤ᠋ᠨ ᠲᠣᠬᠣᠢ ᠵᠡᠷᠭᠡ ᠭᠠᠵᠠᠷ ᠢ᠋ ᠳᠡᠭᠡᠷᠡᠮᠳᠡᠭᠰᠡᠭᠡᠷ ᠬᠣᠨᠣᠭ ᠡᠳᠦᠷ ᠣᠯᠠᠰᠢᠷᠠᠯ᠎ᠠ᠃ ᠢᠢᠮᠤ ᠭᠠᠯ ᠤᠰᠤᠨ ᠤ᠋ ᠭᠠᠰᠢᠭᠤᠨ ᠵᠣᠪᠠᠯᠠᠩᠲᠤ ᠪᠠᠢᠳᠠᠯ ᠳᠣᠣᠷ᠎ᠠ ᠰᠢᠷᠠᠤ᠋ᠰᠤᠨ ᠭᠣᠣᠯ ᠤ᠋ᠨ ᠨᠠᠮ ᠤ᠋ᠨ ᠡᠭᠦᠷ ᠦ᠋ᠨ ᠱᠦᠵᠢ᠂ ᠳᠤᠭᠤᠢᠯᠠᠩ ᠤ᠋ᠨ ᠢᠳᠡᠪᠬᠢᠲᠡᠨ ᠨᠢᠮᠠᠽᠠᠩᠪᠤ ᠭᠠᠯ ᠫᠤᠤ ᠡᠭᠦᠷᠴᠦ ᠠᠪᠠ ᠬᠦᠷᠦᠭᠡ ᠬᠢᠳᠡᠭ ᠠᠩᠴᠢᠨ ᠮᠠᠯᠴᠢᠳ ᠢ᠋ ᠵᠣᠬᠢᠶᠠᠨ ᠪᠠᠢᠭᠤᠯᠵᠤ ᠵᠠᠩ ᠬᠣᠩ ᠷᠸ᠋ ᠦ᠋ᠨ ᠴᠡᠷᠢᠭ ᠢ᠋ ᠡᠨᠳᠡ ᠲᠡᠨᠳᠡ ᠡᠴᠡ ᠨᠢ ᠭᠡᠨᠡᠳᠡᠭᠦᠯᠦᠨ ᠫᠤᠤᠳᠠᠵᠤ᠂ ᠠᠮᠵᠢᠪᠠᠯ ᠠᠯᠠᠵᠤ ᠰᠢᠷᠬᠠᠲᠤᠭᠤᠯᠤᠨ ᠠᠮᠵᠢᠬᠤ ᠦᠭᠡᠢ ᠪᠣᠯ ᠪᠤᠷᠤᠭᠤᠯᠠᠨ ᠵᠠᠢᠯᠠᠵᠤ ᠪᠠᠢᠯ᠎ᠠ᠃ ᠪᠠᠪᠠ ᠯᠢᠶᠡᠨᠵᠠᠩ ᠤ᠋ᠨ ᠨᠢᠭᠡᠳᠦᠭᠡᠷ ᠯᠢᠶᠠᠨ ᠤ᠋ ᠴᠡᠷᠢᠭ ᠪᠣᠯᠤᠨ ᠲᠥᠪ ᠬᠣᠷᠢᠶ᠎ᠠ ᠶ᠋ᠢᠨ ᠰᠠᠢᠰᠢᠩᠭ᠎ᠠ ᠶᠢᠩᠵᠠᠩ ᠤ᠋ᠨ ᠴᠡᠷᠢᠭ ᠲᠡᠢ ᠬᠠᠮᠲᠤᠷᠠᠵᠤ ᠭᠤᠷᠪᠠᠨ ᠪᠦᠯᠦᠭ ᠴᠡᠷᠢᠭ ᠠᠷᠠᠳ ᠵᠡᠭᠦᠨ ᠲᠠᠯ᠎ᠠ ᠠ᠋ᠴᠠ ᠨᠢ ᠰᠢᠷᠦᠭᠦᠨ ᠳᠠᠭᠠᠷᠢᠯᠲᠠ ᠬᠢᠵᠦ ᠬᠣᠶᠠᠷ ᠡᠳᠦᠷ ᠰᠢᠬᠠᠮ ᠪᠠᠢᠯᠳᠤᠭᠠᠳ᠂ ᠵᠠᠩ ᠬᠣᠩ ᠷᠸ᠋ ᠦ᠋ᠨ500 ᠭᠠᠷᠤᠢ ᠮᠣᠷᠢᠲᠤ ᠴᠡᠷᠢᠭ ᠢ᠋ ᠬᠠᠷᠭᠢᠯ ᠤ᠋ᠨ ᠶᠡᠬᠡ ᠡᠯᠡᠰᠦ ᠪᠡᠷ ᠪᠠᠷᠠᠭᠤᠨᠰᠢ ᠬᠥᠭᠡᠭᠡᠵᠦ ᠦᠦᠰᠢᠨ ᠬᠤᠰᠢᠭᠤᠨ ᠤ᠋ ᠭᠠᠵᠠᠷ ᠠ᠋ᠴᠠ ᠵᠠᠢᠯᠠᠭᠤᠯᠵᠠᠢ᠃ ᠡᠨᠡ ᠤᠳᠠᠭ᠎ᠠ ᠶ᠋ᠢᠨ ᠪᠠᠢᠯᠳᠤᠭᠠᠨ ᠳ᠋ᠤ᠌ ᠵᠠᠩ ᠬᠣᠩ ᠷᠸ᠋ ᠦ᠋ᠨ ᠮᠣᠷᠢᠲᠤ ᠴᠡᠷᠢᠭ ᠦ᠋ᠨ50 ᠭᠠᠷᠤᠢ ᠬᠥᠮᠦᠨ ᠢ᠋ ᠠᠯᠠᠵᠤ ᠰᠢᠷᠬᠠᠲᠤᠭᠤᠯᠵᠠᠢ᠃①
   

— — — —
 ① ᠦᠷᠡᠭᠳᠡᠭᠰᠡᠨ ᠪᠠᠭᠠᠲᠤᠷ ᠴᠢ ᠵᠢᠩ ᠱᠠᠨ ᠤ᠋ ᠠᠴᠢ ᠬᠥᠪᠡᠭᠦᠨ ᠰᠤᠳᠨᠠᠮᠪᠠᠯᠵᠤᠤᠷ ᠠ᠋ᠴᠠ ᠰᠣᠨᠣᠰᠤᠭᠰᠠᠨ ᠢ᠋ᠶ᠋ᠠᠨ ᠡᠮᠬᠢᠳᠬᠡᠨ ᠨᠠᠢᠷᠠᠭᠤᠯᠪᠠ᠃   
  
           ᠦᠰᠦᠭ ᠠᠮᠢᠯᠠᠭᠤᠯᠤᠭᠴᠢ᠄ ᠪᠠᠯ᠂ ᠣᠶᠤᠨᠪᠢᠯᠢᠭ᠌᠂ ᠣᠶᠤᠨᠪᠠᠲᠤ᠂ ᠴᠤᠯᠮᠤᠨᠭᠡᠷᠡᠯ᠂ ᠠᠯᠲᠠᠨᠱᠠ᠂ ᠰᠠᠷᠠᠨᠲᠤᠶᠠᠭ᠎ᠠ 
                ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂ ᠪᠠᠯ