ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ – ᠣᠷᠣᠰᠢᠯ ᠬᠣᠶᠠᠷ Идээ ундааны жинхэнэ товч– Хүсэхүй нар найруулж Хөхлуу монголчлов – Оршил 2
ᠣᠷᠣᠰᠢᠯ ᠬᠣᠶᠠᠷ
ᠬᠢᠴᠢᠶᠡᠩᠭᠦᠢᠯᠡᠨ ᠰᠠᠨᠠᠪᠠᠰᠤ ᠱᠢᠽᠦ ᠬᠤᠸᠠᠩᠳᠢ ᠠᠨᠤ ᠪᠣᠭᠳᠠ ᠶ᠋ᠢᠨ ᠮᠡᠷᠭᠡᠨ ᠳ᠋ᠡᠭᠡᠨ ᠲᠣᠯᠢᠳᠠᠵᠤ᠂ ᠡᠷᠲᠡᠨ ᠦ᠌ ᠵᠧᠦ ᠶ᠋ᠢᠨ ᠶᠣᠰᠣᠯᠠᠯ ᠤ᠋ᠨ ᠨᠣᠶᠠᠳ ᠵᠠᠬᠢᠷᠭ᠎ᠠ ᠶ᠋ᠢᠨ ᠳᠦᠷᠢᠮ ᠢ᠋ ᠵᠢᠷᠤᠮᠯᠠᠨ ᠪᠠᠭᠰᠢ ᠡᠮᠴᠢ᠂ ᠵᠣᠭᠣᠭ ᠬᠠᠮᠢᠶᠠᠷᠤᠭᠴᠢ ᠡᠮᠴᠢ᠂ ᠳᠣᠲᠣᠷ ᠡᠪᠡᠳᠴᠢᠨ ᠦ᠌ ᠡᠮᠴᠢ ᠪᠠ ᠶᠠᠷ᠎ᠠ ᠰᠢᠷᠬᠠᠨ ᠤ᠋ ᠡᠮᠴᠢ ᠵᠡᠷᠭᠡ ᠶ᠋ᠢ ᠲᠣᠮᠢᠯᠠᠵᠤ ᠲᠣᠬᠢᠷᠠᠭᠤᠯᠤᠭᠠᠳ᠂ ᠲᠡᠳᠡᠨᠦᠰ ᠲᠤᠰ ᠪᠦᠷᠢ ᠶ᠋ᠢᠨ ᠡᠭᠦᠷᠭᠡ ᠲᠤᠰᠢᠶᠠᠯ ᠢ᠋ᠶ᠋ᠠᠨ ᠭᠦᠢᠴᠡᠳᠬᠡᠵᠦ ᠲᠣᠭᠲᠠᠭᠠᠭᠰᠠᠨ ᠬᠡᠪ ᠳᠦᠷᠢᠮ ᠢ᠋ ᠰᠠᠬᠢᠵᠤ ᠬᠡᠷᠡᠭᠵᠢᠭᠦᠯᠵᠦ ᠪᠠᠢᠭᠰᠠᠨ ᠠᠵᠠᠢ᠃ ᠡᠭᠦᠨ ᠳ᠋ᠦ᠍ᠷ ᠢᠳᠡᠭᠡᠨ ᠤᠮᠳᠠᠭᠠᠨ ᠢ᠋ ᠬᠠᠮᠢᠶᠠᠷᠤᠭᠴᠢ ᠳᠣᠲᠣᠭᠠᠳᠤ ᠡᠮᠴᠢ ᠳᠥᠷᠪᠡᠨ ᠬᠥᠮᠦᠨ ᠢ᠋ ᠲᠣᠮᠢᠯᠠᠵᠤ᠂ ᠲᠡᠳᠡᠨᠡᠷ ᠡᠪᠡᠰᠦᠨ ᠡᠮ ᠦ᠋ᠨ ᠳᠣᠲᠣᠷ᠎ᠠ ᠠ᠋ᠴᠠ ᠬᠣᠣᠷ ᠦᠭᠡᠢ ᠵᠦᠢᠯ ᠵᠢᠴᠢ ᠬᠠᠷᠢᠯᠴᠠᠨ ᠬᠠᠷᠰᠢᠯᠳᠤᠬᠤ ᠦᠭᠡᠢ ᠪᠥᠭᠡᠳ ᠤᠳᠠᠭᠠᠨ ᠬᠡᠷᠡᠭᠯᠡᠵᠦ ᠮᠠᠬᠠᠪᠣᠳ ᠢ᠋ ᠲᠥᠯᠵᠢᠭᠦᠯᠦᠨ ᠰᠢᠮᠡᠵᠢᠭᠦᠯᠵᠦ ᠪᠣᠯᠤᠮᠠᠷ ᠡᠮ ᠦ᠋ᠳ ᠢ᠋ ᠢᠳᠡᠰᠢ ᠤᠤᠭᠤᠰᠢᠨ ᠳ᠋ᠤᠷ ᠨᠠᠢᠷᠠᠭᠤᠯᠵᠤ ᠲᠠᠪᠤᠨ ᠠᠮᠲᠠ ᠶ᠋ᠢ ᠲᠠᠪᠠᠲᠠᠢᠬᠠᠨ ᠲᠡᠩᠨᠡᠭᠦᠯᠵᠦ ᠬᠢᠴᠢᠶᠡᠩᠭᠦᠢᠯᠡᠨ ᠪᠠᠵᠠᠭᠠᠵᠤ ᠠᠭᠰᠠᠨ ᠠᠵᠤᠭᠤ᠃ ᠲᠡᠭᠦᠨᠴᠢᠯᠡᠨ ᠡᠵᠡᠨ ᠳ᠋ᠦ᠍ᠷ ᠡᠷᠭᠦᠬᠦ ᠡᠷᠬᠢᠮ ᠨᠠᠨᠳᠢᠨ ᠬᠣᠭᠣᠯᠠ ᠤᠮᠳᠠ ᠬᠣᠭᠣᠯᠠ ᠤᠮᠳᠠ ᠶ᠋ᠢ ᠡᠷᠬᠡᠪᠰᠢ ᠨᠠᠷᠢᠯᠢᠭ ᠪᠡᠯᠡᠳᠬᠡᠬᠦ ᠮᠥᠷᠲᠡᠭᠡᠨ᠂ ᠬᠡᠨ ᠬᠥᠮᠦᠨ ᠬᠠᠮᠢᠶᠠᠷᠤᠨ ᠬᠠᠷᠢᠭᠤᠴᠠᠭᠰᠠᠨ᠂ᠶᠠᠮᠠᠷ ᠰᠠᠪᠠ ᠰᠠᠭᠠᠯᠢ ᠬᠡᠷᠡᠭᠯᠡᠭᠰᠡᠨ᠂ᠠᠷᠢᠬᠢ ᠰᠠᠷᠬᠤᠳ ᠡᠷᠭᠦᠬᠦ ᠳ᠋ᠡᠭᠡᠨ ᠡᠷᠬᠡᠪᠰᠢ᠂ ᠬᠠᠷ᠎ᠠ ᠠᠭᠠᠷᠤ᠂ ᠰᠢᠵᠢᠷ ᠠᠯᠲᠠ ᠪᠤᠶᠤ ᠤᠰᠤᠨ ᠪᠣᠯᠣᠷ ᠤ᠋ᠨ ᠬᠤᠨᠳᠠᠭ᠎ᠠ ᠳ᠋ᠤᠷ ᠵᠣᠬᠢᠰᠲᠠᠢ ᠬᠡᠮᠨᠡᠵᠦ᠂ ᠰᠢᠳᠠᠷ ᠵᠠᠷᠤᠭᠳᠠᠰᠠᠳ ᠡᠷᠬᠡᠪᠰᠢ ᠲᠤᠰᠢᠶᠠᠯ ᠳ᠋ᠠᠭᠠᠨ ᠲᠡᠩᠴᠡᠬᠦ ᠬᠡᠷᠡᠭᠲᠡᠢ ᠪᠠ ᠡᠳᠦᠷ ᠪᠦᠷᠢ ᠶ᠋ᠢᠨ ᠵᠠᠷᠤᠳᠠᠯ ᠪᠠᠢᠳᠠᠯ ᠤ᠋ᠳ ᠢ᠋ ᠴᠥᠮ ᠤᠯᠠᠷᠢᠯ ᠤ᠋ᠨ ᠪᠢᠴᠢᠭ ᠲᠣᠷ ᠲᠡᠮᠳᠡᠭᠯᠡᠭᠡᠳ᠂ ᠬᠣᠢᠰᠢᠬᠢ ᠠᠴᠢ ᠲᠤᠰᠠ ᠶᠠᠮᠠᠷ ᠪᠣᠯᠬᠤ ᠶ᠋ᠢ ᠰᠢᠯᠭᠠᠨ ᠦᠵᠡᠮᠦᠢ᠂ ᠵᠢᠴᠢ ᠴᠢᠶᠦᠩ ᠬᠠᠰ᠂ ᠷᠠᠨᠢ ᠪᠠᠰᠪᠣᠷᠣ ᠤᠨᠪᠣᠢ ᠵᠡᠷᠭᠡ ᠰᠢᠷᠭᠢᠭᠡᠮᠡᠯ ᠬᠠᠨᠳᠠ᠂ ᠦᠬᠡᠷ ᠦ᠋ᠨ ᠶᠠᠰᠤᠨ ᠤ᠋ ᠴᠢᠮᠥᠭᠡ᠂ ᠫᠠᠩᠮᠠᠢᠪᠦᠷᠦ ᠶ᠋ᠢᠨ ᠱᠥᠯᠥ ᠬᠢᠭᠡᠳ ᠡᠯᠳᠡᠪ ᠵᠦᠢᠯ ᠦ᠋ᠨ ᠡᠷᠬᠢᠮ ᠳᠡᠭᠡᠳᠦ ᠬᠣᠭᠣᠯᠠ ᠢᠳᠡᠭᠡᠨ ᠢ᠋ ᠴᠥᠮ ᠲᠣᠬᠢᠷᠠᠮᠵᠢᠲᠠᠢ ᠪᠠᠷ ᠭᠦᠢᠴᠡᠳᠬᠡᠭᠰᠡᠨ ᠠᠵᠤᠭᠤ᠃ ᠡᠢᠮᠦ ᠡᠴᠡ ᠱᠢᠽᠦ ᠬᠤᠸᠠᠩᠳᠢ ᠪᠣᠭᠳᠠ ᠬᠠᠭᠠᠨ ᠤ᠋ ᠨᠠᠰᠤᠨ ᠬᠤᠲᠤᠭ ᠪᠠᠲᠤᠳᠴᠤ᠂ ᠨᠠᠭᠠᠯᠳᠤᠵᠤ ᠨᠡᠷᠪᠡᠭᠳᠡᠭᠰᠡᠨ ᠡᠪᠡᠳᠴᠢᠨ ᠡᠮᠭᠡᠭ ᠦᠭᠡᠢ ᠡᠷᠡᠭᠦᠯ ᠮᠡᠨᠳᠦ ᠪᠡᠷ ᠠᠵᠤ ᠲᠥᠷᠥᠪᠡᠢ᠃
ᠬᠢᠴᠢᠶᠡᠩᠭᠦᠢᠯᠡᠨ ᠰᠠᠨᠠᠬᠤᠶ᠎ᠠ ᠬᠠᠨ ᠡᠵᠡᠨ ᠢᠨᠤ ᠡᠷᠳᠡᠨᠢ ᠶ᠋ᠢᠨ ᠰᠠᠭᠤᠷᠢᠨ᠎ᠠ ᠰᠠᠭᠤᠭᠰᠠᠨ ᠠ᠋ᠴᠠ ᠢᠨᠠᠭᠰᠢ ᠲᠥᠷᠥ ᠭᠦᠷᠦᠨ ᠦ᠌ ᠬᠡᠷᠡᠭ ᠢ᠋ ᠰᠢᠢᠳᠪᠦᠷᠢᠯᠡᠬᠦᠢ ᠳ᠋ᠦ᠍ᠷ ᠲᠦᠮᠡᠨ ᠶᠠᠭᠠᠷᠠᠤ ᠪᠠᠢᠬᠤ ᠲᠤᠯᠠ᠂ ᠬᠡᠷᠪᠡ ᠠᠮᠤᠷ ᠰᠤᠯᠠ ᠳ᠋ᠤᠷ ᠲᠣᠬᠢᠶᠠᠯᠳᠤᠭᠤᠯᠤᠨ ᠠᠳᠠᠪᠠᠰᠢ ᠡᠪᠦᠭᠡ ᠳᠡᠭᠡᠳᠦᠰ ᠡᠴᠡ ᠢᠮᠠᠭᠲᠠ ᠲᠣᠭᠲᠠᠭᠠᠭᠰᠠᠭᠠᠷ ᠢᠷᠡᠭᠰᠡᠨ ᠮᠠᠬᠠᠪᠣᠳ ᠢ᠋ᠶ᠋ᠠᠨ ᠰᠢᠮᠡᠵᠢᠭᠦᠯᠦᠨ ᠠᠷᠠᠴᠢᠯᠠᠬᠤ ᠠᠷᠭ᠎ᠠ ᠮᠡᠷᠭᠡᠵᠢᠯ ᠪᠠ ᠢᠳᠡᠭᠡᠨ ᠤᠮᠳᠠᠭᠠᠨ ᠤ᠋ ᠠᠮᠲᠠ ᠴᠢᠨᠠᠷ ᠢ᠋ ᠵᠦᠢ ᠵᠣᠬᠢᠰᠲᠠᠢ ᠪᠠᠷ ᠲᠣᠬᠢᠷᠠᠭᠤᠯᠬᠤ ᠵᠡᠷᠭᠡ ᠶᠠᠪᠤᠳᠠᠯ ᠢ᠋ ᠨᠡᠩ ᠰᠠᠢᠲᠤᠷ ᠠᠩᠬᠠᠷᠤᠨ ᠰᠠᠢᠵᠢᠷᠠᠭᠤᠯᠪᠠᠰᠤ᠂ ᠪᠣᠭᠳᠠ ᠳ᠋ᠤ᠌ ᠯᠠᠭᠱᠠᠨ ᠲᠤᠩᠭᠠᠯᠠᠭ ᠨᠡᠩ ᠠᠮᠤᠷᠯᠢᠩᠭᠤᠢ ᠪᠣᠯᠬᠤ ᠪᠣᠢ ᠶᠠ᠃ ᠲᠦᠰᠢᠮᠡᠯ ᠬᠦᠰᠡᠬᠦᠢ ᠪᠢ ᠶᠠᠨ ᠶᠢᠤ (ᠦᠯᠡᠭᠦᠦ ᠢᠪᠡᠭᠡᠯᠲᠦ) ᠶ᠋ᠢᠨ ᠣᠨ ᠠ᠋ᠴᠠ ᠣᠷᠳᠣᠨ ᠳᠣᠲᠣᠷᠠᠬᠢ ᠴᠠᠢ ᠴᠠᠪ ᠤ᠋ᠨ ᠠᠵᠢᠯ ᠢ᠋ ᠬᠠᠮᠢᠶᠠᠷᠬᠤ ᠪᠠᠷ ᠲᠣᠮᠢᠯᠠᠭᠳᠠᠭᠠᠳ ᠡᠳᠦᠭᠡ ᠪᠣᠯᠲᠠᠯ᠎ᠠ ᠨᠢᠭᠡᠨᠲᠡ ᠤᠳᠠᠪᠠ᠃ ᠶᠡᠷᠦ ᠡᠴᠡ ᠲᠡᠭᠷᠢ ᠶ᠋ᠢᠨ ᠬᠡᠰᠢᠭ ᠢ᠋ ᠰᠠᠨᠠᠭᠠᠯᠵᠠᠬᠤ ᠪᠦᠷᠢ ᠥᠷᠥᠰᠢᠶᠡᠯᠲᠦ ᠠᠴᠢ ᠶ᠋ᠢ ᠬᠠᠷᠢᠭᠤᠯᠵᠤ ᠦᠯᠦ ᠴᠢᠳᠠᠬᠤ ᠳ᠋ᠠᠭᠠᠨ ᠭᠤᠲᠤᠮᠰᠢᠯᠠᠬᠤ ᠲᠤᠯᠠ ᠠᠶᠤᠮᠰᠢᠭ ᠦᠭᠡᠢ ᠦᠨᠡᠨᠴᠢ ᠰᠢᠳᠤᠷᠭᠤ ᠪᠠᠨ ᠭᠦᠢᠴᠡᠳᠬᠡᠵᠦ᠂ ᠵᠤᠵᠠᠭᠠᠨ ᠬᠡᠰᠢᠭ ᠦ᠋ᠨ ᠲᠦᠮᠡᠨ ᠦ᠌ ᠨᠢᠭᠡ ᠶ᠋ᠢ ᠬᠠᠷᠢᠭᠤᠯᠬᠤ ᠦᠭᠡᠢ ᠪᠠᠢᠵᠤ ᠪᠣᠯᠤᠮᠤᠢ ᠤᠤ᠃ ᠲᠡᠢᠮᠦ ᠶ᠋ᠢᠨ ᠲᠤᠯᠠ ᠴᠢᠯᠥᠭᠡ ᠵᠠᠪ ᠢ᠋ ᠦᠵᠡᠵᠦ᠂ ᠲᠦᠰᠢᠮᠡᠯ ᠵᠣᠣ ᠭᠦᠸᠧ ᠬᠦᠩ ᠨᠣᠶᠠᠨ᠂ ᠫᠦ ᠯᠠᠨ ᠰᠢ ᠶ᠋ᠢᠨ ᠬᠠᠮᠲᠤ ᠂ᠥᠩᠭᠡᠷᠡᠭᠰᠡᠨ ᠲᠥᠷᠥ ᠨᠦ᠍ᠭᠦᠳ ᠦ᠋ᠨ ᠰᠢᠲᠠᠷ᠎ᠠ ᠵᠠᠷᠤᠭᠳᠠᠭᠰᠠᠳ ᠠ᠋ᠴᠠ ᠳᠡᠭᠡᠳᠦ ᠳ᠋ᠦ᠍ᠷ ᠡᠷᠭᠦᠵᠦ ᠳᠡᠪᠰᠢᠭᠦᠯᠦᠨ ᠬᠡᠷᠡᠭᠯᠡᠭᠰᠡᠨ ᠭᠠᠢᠬᠠᠮᠰᠢᠭᠲᠤ ᠡᠷᠬᠢᠮ ᠨᠠᠨᠳᠢᠨ ᠴᠠᠪ ᠵᠤᠭᠤᠰᠢ ᠪᠠ ᠱᠥᠯᠥ ᠤᠰᠤ᠂ ᠬᠠᠨᠳᠠ ᠵᠢᠭᠤᠷᠠᠮᠠᠯ ᠢ᠋ ᠦᠢᠯᠡᠳᠬᠦ ᠠᠷᠭ᠎ᠠ᠂ ᠵᠢᠴᠢ ᠣᠯᠠᠨ ᠡᠷᠳᠡᠮᠲᠡᠨ ᠡᠮᠴᠢ ᠶ᠋ᠢᠨ ᠲᠤᠷᠰᠢᠯᠭᠠᠲᠤ ᠵᠣᠷ ᠪᠠ ᠨᠢᠭᠤᠴᠠ ᠵᠣᠷ᠂ ᠵᠢᠴᠢ ᠶᠡᠷᠦ ᠶ᠋ᠢᠨ ᠬᠡᠷᠡᠭᠯᠡᠵᠦ ᠪᠦᠬᠦᠢ ᠠᠮᠤ ᠪᠤᠳᠠᠭ᠎ᠠ᠂ ᠮᠢᠬ᠎ᠠ ᠰᠢᠭᠦᠰᠦ᠂ ᠨᠣᠭᠣᠭ᠎ᠠ ᠵᠢᠮᠢᠰ ᠵᠡᠷᠭᠡ ᠡᠴᠡ᠂ ᠪᠡᠶ᠎ᠡ ᠮᠠᠬᠠᠪᠣᠳ ᠢ᠋ ᠲᠥᠯᠵᠢᠭᠦᠯᠦᠨ ᠰᠢᠮᠡᠵᠢᠭᠦᠯᠬᠦᠢ ᠳ᠋ᠦ᠍ᠷ ᠲᠤᠰᠠ ᠲᠠᠢ᠂ ᠠᠮᠲᠠ ᠴᠢᠨᠠᠷ ᠢ᠋ᠶ᠋ᠠᠷ ᠵᠣᠬᠢᠯᠳᠤᠭᠰᠠᠨ ᠵᠦᠢᠯ ᠦ᠋ᠳ ᠢ᠋ ᠰᠣᠩᠭᠣᠨ ᠡᠮᠬᠢᠳᠬᠡᠭᠡᠳ ᠨᠢᠭᠡᠨ ᠳᠡᠪᠲᠡᠷ ᠪᠣᠯᠭᠠᠭᠰᠠᠨ ᠢ᠋ ᠢᠳᠡᠭᠡᠨ ᠤᠮᠳᠠᠭᠠᠨ ᠤ᠋ ᠵᠢᠩᠬᠢᠨᠢ ᠲᠣᠪᠴᠢ ᠭᠡᠮᠡᠨ ᠨᠡᠷᠡᠯᠡᠪᠡ᠃ ᠡᠭᠦᠨ ᠢ᠋ ᠭᠤᠷᠪᠠᠨ ᠪᠤᠳ᠋ ᠬᠤᠪᠢᠶᠠᠨ ᠨᠠᠢᠷᠠᠭᠤᠯᠤᠭᠰᠠᠨ ᠪᠥᠭᠡᠳ ᠪᠤᠰᠤᠳ ᠡᠪᠡᠰᠦᠨ ᠡᠮ ᠦ᠋ᠨ ᠨᠣᠮ ᠳᠡᠪᠲᠡᠷ ᠲᠦ᠍ ᠦᠯᠦ ᠲᠡᠮᠳᠡᠭᠯᠡᠭᠰᠡᠨ ᠵᠦᠢᠯ ᠢ᠋ ᠡᠨᠡ ᠲᠠᠰᠢᠷᠠᠮ ᠲᠡᠭᠦᠵᠦ ᠠᠪᠤᠭᠠᠳ ᠲᠤᠰ ᠪᠢᠴᠢᠭ ᠲᠣᠷ ᠨᠠᠢᠷᠠᠭᠤᠯᠵᠤ ᠣᠷᠣᠭᠤᠯᠪᠠᠢ᠃
ᠮᠡᠬᠦᠢᠨ ᠬᠦᠰᠡᠬᠦᠢ ᠢᠨᠤ ᠪᠣᠭᠳᠠ ᠡᠵᠡᠨ ᠡᠴᠡ ᠳᠣᠣᠷᠠᠳᠤᠰ ᠤ᠋ᠨ ᠳᠡᠮᠡᠢ ᠪᠠᠯᠠᠮᠠᠳ ᠢ᠋ ᠠᠭᠤᠴᠢᠯᠠᠵᠤ ᠮᠤᠩᠬᠠᠭ ᠰᠢᠳᠤᠷᠭᠤ ᠶ᠋ᠢ ᠢᠯᠭᠠᠪᠤᠷᠢᠯᠠᠨ ᠠᠢᠯᠠᠳᠤᠨ ᠬᠢᠨᠠᠵᠤ ᠂ᠰᠤᠯᠠ ᠰᠡᠯᠡᠭᠦᠦ ᠴᠠᠭ ᠲᠠᠭᠠᠨ ᠤᠷᠢᠳᠤ ᠪᠣᠭᠳᠠ ᠶ᠋ᠢᠨ ᠠᠷᠠᠴᠢᠯᠠᠯᠲᠠ ᠰᠤᠪᠢᠯᠠᠯᠲᠠ ᠶ᠋ᠢᠨ ᠦᠢᠯᠡᠰ ᠢ᠋ᠶ᠋ᠡᠷ ᠲᠣᠯᠢ ᠪᠣᠯᠭᠠᠨ᠂ ᠴᠠᠭ ᠲᠤᠬᠠᠢ ᠶ᠋ᠢᠨ ᠠᠭᠤᠷ ᠠᠮᠢᠰᠬᠤᠯ ᠳ᠋ᠤᠷ ᠡᠶᠡᠳᠡᠭᠦᠯᠦᠨ ᠲᠣᠬᠢᠷᠠᠭᠤᠯᠵᠤ᠂ ᠬᠠᠭᠤᠷᠮᠠᠭ ᠢ᠋ ᠲᠡᠪᠴᠢᠨ ᠦᠨᠡᠨ ᠢ᠋ ᠠᠪᠴᠤ ᠬᠡᠷᠡᠭᠯᠡᠭᠡᠳ ᠠᠮᠤᠷᠯᠢᠩᠭᠤᠢ ᠶ᠋ᠢ ᠡᠳ᠋ᠯᠡᠬᠦ ᠪᠡᠷ ᠵᠣᠷᠢᠬᠤᠯᠠ ᠪᠣᠭᠳᠠ ᠡᠵᠡᠨ ᠦ᠌ ᠨᠠᠰᠤᠨ ᠥᠯᠵᠡᠢ ᠮᠥᠩᠬᠡ ᠪᠠᠲᠤᠳᠴᠤ᠂ ᠳᠥᠷᠪᠡᠨ ᠳᠠᠯᠠᠢ ᠳᠠᠶᠠᠭᠠᠷ ᠪᠤᠶᠠᠨ ᠬᠡᠰᠢᠭ ᠢ᠋ ᠪᠤᠯᠲᠤ ᠪᠠᠷ ᠬᠦᠷᠲᠡᠬᠦ ᠢᠨᠦ ᠦᠨᠡᠬᠡᠷ ᠵᠠᠪᠰᠢᠶᠠᠨ ᠪᠣᠯᠠᠢ᠃
ᠡᠳᠦᠭᠡ ᠢᠳᠡᠭᠡᠨ ᠤᠮᠳᠠᠭᠠᠨ ᠤ᠋ ᠵᠢᠩᠬᠢᠨᠢ ᠲᠣᠪᠴᠢ ᠬᠡᠮᠡᠬᠦ ᠪᠢᠴᠢᠭ ᠨᠢᠭᠡ ᠳᠡᠪᠲᠡᠷ ᠢ᠋ ᠬᠢᠴᠢᠶᠡᠩᠭᠦᠢᠯᠡᠨ ᠳᠡᠪᠰᠢᠭᠦᠯᠦᠭᠰᠡᠨ ᠢ᠋ ᠣᠯᠳᠠᠬᠤᠯ᠎ᠠ ᠪᠣᠭᠳᠠ ᠡᠵᠡᠨ ᠡᠴᠡ ᠳᠤᠯᠢᠳᠠᠨ ᠦᠵᠡᠬᠦ ᠪᠣᠯᠪᠠᠤ᠃ ᠡᠭᠦᠨ ᠦ᠌ ᠲᠤᠯᠠ ᠡᠯᠢᠭᠡ ᠵᠢᠷᠦᠬᠡᠨ ᠡᠴᠡ ᠪᠡᠨ ᠡᠮᠢᠶᠡᠨ ᠳᠠᠭᠵᠢᠨ ᠡᠷᠭᠦᠨ ᠳᠡᠪᠰᠢᠭᠦᠯᠪᠡ᠃
ᠲᠢᠶᠠᠨ ᠯᠢ ᠶ᠋ᠢᠨ ᠭᠤᠷᠪᠠᠳᠤᠭᠠᠷ ᠣᠨ ᠤ᠋ ᠭᠤᠷᠪᠠᠳᠤᠭᠠᠷ ᠰᠠᠷ᠎ᠠ ᠶ᠋ᠢᠨ ᠭᠤᠷᠪᠠᠨ᠎ᠠ᠂ᠢᠳᠡᠭᠡᠨ ᠤᠮᠳᠠᠭᠠᠨ ᠢ᠋ ᠬᠠᠮᠢᠶᠠᠷᠤᠭᠴᠢ᠂ ᠳᠣᠲᠣᠭᠠᠳᠤ ᠡᠮᠴᠢ ᠲᠦᠰᠢᠮᠡᠯ ᠬᠦᠰᠡᠬᠦᠢ ᠡᠷᠭᠦᠨ ᠳᠡᠪᠰᠢᠭᠦᠯᠪᠡ᠃
ᠲᠥᠷᠥ ᠳ᠋ᠦ᠍ᠷ ᠬᠦᠴᠦᠨ ᠭᠦᠢᠴᠡᠳᠬᠡᠭᠰᠡᠨ ᠵᠦᠩ ᠹᠧᠩ ᠳ᠋ᠠᠢᠪᠠᠩ᠂ᠳᠣᠲᠣᠭᠠᠳᠤ ᠡᠮᠴᠢ ᠶ᠋ᠢᠨ ᠶᠠᠮᠤᠨ ᠤ᠋ ᠰᠠᠢᠳ ᠭᠧᠩ ᠶᠦᠨ ᠴᠤᠸᠠᠨ ᠬᠢᠨᠠᠪᠠ᠃ ᠺᠦᠢ ᠵᠠᠩ ᠭᠧ ᠶᠠᠮᠤᠨ ᠤ᠋ ᠵᠠᠬᠢᠷᠤᠭᠴᠢ ᠰᠠᠢᠳ ᠲᠥᠷᠥ ᠳ᠋ᠦ᠍ᠷ ᠲᠤᠰᠠ ᠬᠢᠭᠰᠡᠨ ᠳ᠋ᠠᠢᠪᠠᠩ᠂ ᠶᠡᠬᠡ ᠨᠡᠢᠰᠯᠡᠯ ᠳ᠋ᠠᠢᠳᠤ ᠬᠣᠲᠠ ᠶ᠋ᠢᠨ ᠵᠠᠬᠢᠷᠤᠭᠴᠢ ᠰᠠᠢᠳ᠂ ᠨᠡᠬᠡᠮᠡᠯ ᠦᠢᠯᠡᠳᠪᠦᠷᠢᠯᠡᠯ ᠦ᠋ᠨ ᠳᠠᠷᠬᠠᠨᠴᠤᠳ ᠢ᠋ ᠬᠠᠮᠢᠶᠠᠷᠤᠭᠴᠢ᠂ ᠣᠷᠳᠣᠨ ᠤ᠋ ᠶᠡᠷᠦᠩᠬᠡᠢᠯᠡᠨ ᠵᠠᠬᠢᠷᠤᠭᠴᠢ ᠰᠠᠢᠳ᠂ ᠵᠠᠩ ᠵᠢᠨᠵᠢᠸ᠋ᠨᠦ ᠬᠢᠨᠠᠪᠠ᠃
ᠲᠥᠷᠥ ᠳ᠋ᠦ᠍ᠷ ᠲᠤᠰᠠ ᠬᠦᠷᠭᠡᠭᠰᠡᠨ ᠽᠢ ᠳᠧ ᠳ᠋ᠠᠢᠪᠠᠩ ᠰᠠᠢᠳ᠂ ᠵᠦᠩ ᠵᠧᠩ ᠶᠤᠸᠠᠨ ᠶᠠᠮᠤᠨ ᠤ᠋ ᠲᠦᠰᠢᠮᠡᠯ᠂ ᠴᠦ ᠵᠧᠩ ᠶᠤᠸᠠᠨ ᠶᠠᠮᠤᠨ ᠤ᠋ ᠲᠦᠰᠢᠮᠡᠯ᠂ ᠪᠠᠢ ᠵᠦ ᠬᠢᠨᠠᠪᠠ᠃
ᠮᠡᠷᠭᠡᠨ ᠴᠣᠯᠠᠲᠤ ᠪᠢᠴᠢᠭ ᠦ᠋ᠨ ᠡᠷᠭᠢᠨ ᠰᠠᠢᠳ᠂ ᠲᠥᠷᠥ ᠳ᠋ᠦ᠍ᠷ ᠲᠡᠳᠬᠦᠭᠰᠡᠨ ᠰᠠᠢᠳ᠂ᠵᠣᠣ ᠭᠦᠸᠧ ᠬᠦᠩ᠂ ᠴᠠᠩ ᠫᠦ ᠯᠠᠨ ᠰᠢ ᠨᠠᠢᠷᠠᠭᠤᠯᠤᠨ ᠡᠮᠬᠢᠳᠬᠡᠪᠡ᠃
ᠲᠩᠷᠢ ᠪᠣᠯᠪᠠᠰᠤ ᠪᠣᠳᠠᠰ ᠢ᠋ ᠲᠦᠷᠦᠭᠦᠯᠡᠵᠦ᠂ ᠭᠠᠵᠠᠷ ᠪᠣᠯᠪᠠᠰᠤ ᠪᠣᠳᠠᠰ ᠲᠡᠵᠢᠭᠡᠵᠦ᠂ ᠡᠭᠦᠨᠴᠡ ᠲᠡᠭᠷᠢ ᠭᠠᠵᠠᠷ ᠤ᠋ᠨ ᠠᠭᠤᠷ ᠠᠨᠤ ᠨᠡᠢᠯᠡᠯᠳᠦᠪᠡᠢ᠃ ᠬᠥᠮᠦᠨ ᠪᠣᠯᠪᠠᠰᠤ ᠲᠡᠭᠷᠢ ᠭᠠᠵᠠᠷ ᠤ᠋ᠨ ᠠᠭᠤᠷ ᠢ᠋ ᠠᠬᠤᠭᠤᠯᠵᠤ ᠲᠥᠷᠥᠬᠦ ᠲᠤᠯᠠ᠂ ᠲᠡᠭᠷᠢ ᠭᠠᠵᠠᠷ ᠬᠥᠮᠦᠨ ᠢ᠋ ᠭᠤᠷᠪᠠᠨ ᠡᠷᠳᠡᠮ ᠬᠡᠮᠡᠮᠦᠢ᠃ ᠬᠥᠮᠦᠨ ᠦ᠌ ᠠᠵᠤ ᠲᠦᠷᠦᠬᠦᠢ ᠳ᠋ᠦ᠍ᠷ ᠰᠡᠳᠬᠢᠯ ᠢᠨᠦ ᠡᠷᠬᠢᠮ ᠪᠣᠯᠠᠢ᠂ ᠰᠡᠳᠬᠢᠯ ᠪᠣᠯᠪᠠᠰᠤ ᠥᠪᠴᠢ ᠪᠡᠶ᠎ᠡ ᠶ᠋ᠢᠨ ᠳᠡᠭᠡᠳᠦ ᠵᠠᠬᠢᠷᠭ᠎ᠠ ᠪᠥᠭᠡᠳ ᠶᠠᠪᠤᠳᠠᠯ ᠪᠦᠬᠦᠨ ᠢ᠋ ᠦᠢᠯᠡᠳᠬᠦ ᠶ᠋ᠢᠨ ᠦᠨᠳᠦᠰᠦᠨ ᠰᠠᠭᠤᠷᠢ ᠮᠥᠨ ᠪᠥᠯᠥᠭᠡ᠃ ᠲᠡᠢᠮᠦ ᠴᠦ᠍ ᠤᠴᠢᠷ ᠠ᠋ᠴᠠ ᠡᠨᠡ ᠪᠡᠶ᠎ᠡ ᠠᠮᠤᠷᠯᠢᠩᠭᠤᠢ ᠠᠪᠠᠰᠤ ᠰᠡᠳᠬᠢᠯ ᠢᠨᠤ ᠲᠦᠮᠡᠨ ᠬᠤᠪᠢᠷᠠᠯᠲᠠ ᠶ᠋ᠢ ᠠᠷᠭᠠᠴᠠᠵᠤ ᠶᠠᠪᠤᠳᠠᠯ ᠪᠦᠬᠦᠨ ᠢ᠋ ᠡᠵᠡᠮᠰᠢᠨ ᠵᠠᠬᠢᠷᠴᠤ ᠴᠢᠳᠠᠮᠤᠢ᠃ ᠡᠭᠦᠨ ᠳ᠋ᠦ᠍ᠷ ᠠᠰᠠᠷᠠᠯᠲᠠ ᠰᠤᠪᠢᠯᠠᠯᠲᠠ ᠶ᠋ᠢ ᠲᠡᠪᠴᠢᠪᠡᠰᠦ ᠮᠥᠨ ᠪᠡᠶ᠎ᠡ ᠶ᠋ᠢ ᠬᠡᠷᠬᠢᠨ ᠠᠮᠤᠷᠯᠢᠩᠭᠤᠢ ᠠᠪᠠᠴᠢᠵᠤ ᠴᠢᠳᠠᠬᠤ ᠠᠵᠠᠢ᠃ ᠡᠨᠡ ᠪᠡᠶ᠎ᠡ ᠶ᠋ᠢ ᠠᠰᠠᠷᠠᠵᠤ ᠰᠤᠪᠢᠯᠠᠬᠤ ᠶ᠋ᠢᠨ ᠠᠷᠭ᠎ᠠ ᠪᠣᠯᠪᠠᠰᠤ ᠳᠤᠮᠳᠠᠴᠢ ᠬᠡᠪ ᠢ᠋ ᠪᠠᠷᠢᠮᠲᠠᠯᠠᠬᠤᠢ ᠳ᠋ᠤᠷ ᠦᠯᠦ ᠬᠥᠷᠥᠮᠦᠢ᠃ ᠳᠤᠮᠳᠠᠴᠢ ᠬᠡᠪ ᠢ᠋ ᠪᠠᠷᠢᠮᠲᠠᠯᠠᠪᠠᠰᠤ ᠠᠷᠪᠢᠳᠬᠤ ᠪᠠ ᠪᠠᠷᠠᠭᠳᠠᠬᠤ ᠶ᠋ᠢᠨ ᠣᠰᠣᠯ ᠭᠡᠮ ᠦᠯᠦ ᠭᠠᠷᠤᠮᠤᠢ᠃ ᠲᠡᠭᠦᠨᠴᠢᠯᠡᠨ ᠳᠥᠷᠪᠡᠨ ᠤᠯᠠᠷᠢᠯ ᠳ᠋ᠤᠷ ᠰᠠᠢᠲᠤᠷ ᠵᠣᠬᠢᠴᠠᠭᠤᠯᠵᠤ᠂ ᠢᠳᠡᠭᠡᠨ ᠤᠮᠳᠠᠭᠠᠨ ᠤ᠋ ᠬᠡᠮᠵᠢᠶ᠎ᠡ ᠶ᠋ᠢ ᠬᠢᠴᠢᠶᠡᠨ ᠲᠡᠩᠨᠡᠭᠦᠯᠵᠦ᠂ ᠶᠠᠪᠤᠳᠠᠯ ᠮᠥᠷ ᠢ᠋ ᠳᠡᠮᠡᠢᠷᠡᠭᠦᠯᠦᠨ ᠦᠯᠦ ᠰᠠᠮᠠᠭᠤᠷᠠᠭᠤᠯᠵᠤ᠂ ᠲᠠᠪᠤᠨ ᠴᠤᠯᠤ ᠵᠢᠷᠭᠤᠭᠠᠨ ᠰᠠᠪᠠ ᠶ᠋ᠢ ᠲᠠᠪᠤᠨ ᠠᠮᠲᠠ ᠪᠠᠷ ᠡᠶᠡᠳᠡᠭᠦᠯᠦᠨ ᠲᠡᠵᠢᠭᠡᠪᠡᠰᠦ ᠴᠤᠯᠤ ᠰᠠᠪᠠ ᠠᠨᠤ ᠠᠮᠥᠷᠯᠢᠯᠠᠨ ᠰᠠᠢᠵᠢᠷᠠᠨ᠂ᠬᠡᠢ ᠴᠢᠰᠤ ᠶ᠋ᠢ ᠰᠢᠮᠡᠵᠢᠭᠦᠯᠦᠨ ᠰᠠᠢᠵᠢᠷᠠᠭᠤᠯᠵᠤ᠂ ᠴᠣᠭ ᠰᠦᠯᠳᠡ ᠪᠠᠶᠠᠰᠤᠩᠭᠤᠢ ᠲᠡᠩᠬᠡᠯᠡᠭᠦᠨ᠂ ᠰᠠᠨᠠᠭ᠎ᠠ ᠵᠣᠷᠢᠭ ᠲᠣᠭᠲᠠᠭᠤᠨ ᠪᠤᠯᠠᠬᠤᠢ ᠳ᠋ᠤᠷ ᠡᠯ᠎ᠡ ᠵᠦᠢᠯ ᠦ᠋ᠨ ᠡᠲᠡᠭᠡᠳ ᠭᠡᠮ ᠪᠡᠶ᠎ᠡ ᠳ᠋ᠦ᠍ᠷ ᠨᠡᠷᠪᠡᠵᠦ ᠦᠯᠦ ᠴᠢᠳᠠᠨ᠂ ᠬᠠᠯᠠᠭᠤᠨ ᠬᠦᠢᠲᠡᠨ ᠦ᠌ ᠬᠣᠣᠷᠲᠤ ᠠᠮᠢᠰᠬᠤᠯ ᠳ᠋ᠤ᠌ ᠴᠤ᠌ ᠦᠯᠦ ᠠᠪᠲᠠᠭᠳᠠᠬᠤ ᠤᠴᠢᠷ ᠠ᠋ᠴᠠ ᠬᠥᠮᠦᠨ ᠦ᠌ ᠪᠡᠶ᠎ᠡ ᠠᠶᠠᠨᠳᠠᠭᠠᠨ ᠠᠮᠤᠷ ᠲᠦᠪᠰᠢᠨ ᠢ᠋ᠶ᠋ᠡᠷ ᠠᠵᠤ ᠲᠥᠷᠥᠬᠦ ᠠᠮᠤᠷ ᠵᠢᠷᠭᠠᠯ ᠢ᠋ ᠡᠳ᠋ᠯᠡᠵᠦ ᠴᠢᠳᠠᠬᠤ ᠪᠣᠯᠤᠮᠤᠢ᠃ ᠠᠯᠢᠪᠠ ᠡᠷᠲᠡ ᠢᠵᠠᠭᠤᠷ ᠤ᠋ᠨ ᠪᠣᠭᠳᠠ ᠡᠷᠳᠡᠮᠲᠡᠨ ᠢᠨᠦ ᠡᠪᠡᠳᠴᠢᠨ ᠦᠭᠡᠢ ᠡᠷᠡᠭᠦᠯ ᠦᠶ᠎ᠡ ᠳ᠋ᠦ᠍ᠷ ᠰᠡᠷᠭᠡᠢᠯᠡᠨ ᠠᠰᠠᠷᠠᠬᠤ ᠶ᠋ᠢ ᠠᠩᠬᠠᠷᠬᠤ ᠠ᠋ᠴᠠ ᠪᠤᠰᠤ᠂ ᠡᠪᠡᠳᠴᠢᠯᠡᠭᠰᠡᠨ ᠬᠣᠢᠨᠠᠬᠢ ᠶᠠᠪᠤᠳᠠᠯ ᠢ᠋ᠶ᠋ᠠᠷ ᠭᠣᠣᠯᠴᠢᠯᠠᠬᠤ ᠦᠭᠡᠢ ᠪᠠᠢᠬᠤ ᠤᠴᠢᠷ ᠠᠨᠤ ᠣᠭᠣᠭᠠᠲᠠ ᠢᠳᠡᠭᠡᠨ ᠤᠮᠳᠠᠭᠠᠨ ᠤ᠋ ᠵᠢᠩᠬᠢᠨᠢ ᠶᠣᠰᠣ ᠶ᠋ᠢ ᠬᠦᠨᠳᠦᠳᠬᠡᠵᠦ ᠡᠮ ᠠᠳᠢᠰ ᠢ᠋ ᠳᠡᠳ᠋ᠯᠡᠭᠦᠯᠦᠭᠰᠡᠨ ᠰᠠᠨᠠᠭ᠎ᠠ ᠠᠵᠤᠭᠤ᠃ ᠲᠡᠢᠮᠦ ᠶ᠋ᠢᠨ ᠲᠤᠯᠠ ᠶᠡᠷᠦ ᠶ᠋ᠢᠨ ᠦᠭᠡᠨ ᠳ᠋ᠦ᠍ᠷ ᠬᠣᠭᠣᠯᠠᠨ ᠤ᠋ ᠨᠠᠷᠢᠯᠠᠭ ᠠ᠋ᠴᠠ ᠬᠠᠰᠢᠷᠠᠬᠤ ᠦᠭᠡᠢ᠂ ᠮᠢᠬᠠᠨ ᠤ᠋ ᠲᠠᠷᠭᠤᠨ ᠠ᠋ᠴᠠ ᠤᠢᠳᠬᠤ ᠦᠭᠡᠢ ᠭᠡᠮᠡᠨ ᠥᠭᠦᠯᠡᠭᠰᠡᠨ ᠢᠨᠤ ᠳᠠᠷᠤᠢ ᠡᠨᠡ ᠪᠣᠯᠠᠢ᠃ ᠢᠯᠵᠢᠷᠡᠭᠰᠡᠨ ᠵᠢᠭᠠᠰᠤ ᠨᠢᠭᠰᠢᠭᠰᠡᠨ ᠮᠢᠬ᠎ᠠ᠂ ᠵᠢᠭᠰᠢᠮᠡᠷ ᠮᠠᠭᠤ ᠥᠩᠭᠡ ᠲᠡᠢ ᠵᠦᠢᠯ ᠦ᠋ᠳ᠂ ᠦᠮᠡᠬᠡᠢᠷᠡᠨ ᠦᠯᠦᠭᠰᠢᠷᠡᠭᠰᠡᠨ ᠪᠠ ᠪᠣᠯᠭᠣᠭᠠᠵᠤ ᠪᠠᠵᠠᠭᠠᠬᠤ ᠴᠠᠭ ᠠ᠋ᠴᠠ ᠪᠠᠨ ᠳᠡᠩᠳᠡᠭᠦᠦ ᠬᠡᠲᠦᠷᠡᠭᠰᠡᠨ ᠵᠦᠢᠯ ᠦ᠋ᠳ ᠢ᠋ ᠴᠥᠮ ᠢᠳᠡᠵᠦ ᠤᠤᠭᠤᠵᠤ ᠦᠯᠦ ᠪᠣᠯᠤᠮᠤᠢ᠃ ᠭᠡᠪᠡᠴᠦ ᠢᠳᠡᠭᠡᠨ ᠤᠮᠳᠠᠭᠠᠨ ᠬᠡᠮᠡᠭᠴᠢ ᠮᠥᠨ ᠪᠣᠭᠳᠠ ᠡᠷᠳᠡᠮᠲᠡᠨ ᠦ᠌ ᠬᠦᠰᠡᠯ ᠳᠤᠷᠠᠰᠢᠯ ᠪᠣᠯᠬᠤ ᠪᠥᠭᠡᠳ ᠡᠭᠦᠨ ᠢ᠋ᠶ᠋ᠡᠷ ᠪᠡᠶ᠎ᠡ ᠶ᠋ᠢ ᠲᠥᠯᠵᠢᠭᠦᠯᠦᠨ ᠲᠠᠮᠢᠷ ᠢ᠋ ᠲᠡᠵᠢᠭᠡᠵᠦ ᠭᠡᠮᠲᠦᠯ ᠦᠯᠦ ᠤᠴᠠᠷᠠᠭᠤᠯᠬᠤᠢ ᠳ᠋ᠤᠷ ᠬᠢᠴᠢᠶᠡᠮᠦᠢ᠃ ᠠᠯᠢᠪᠠ ᠢᠳᠡᠭᠡᠨ ᠤᠮᠳᠠᠭᠠᠨ ᠤ᠋ ᠰᠢᠮ᠎ᠡ ᠲᠠᠮᠢᠷ ᠬᠠᠷᠢᠯᠴᠠᠨ ᠬᠠᠷᠰᠢᠯᠳᠤᠪᠠᠰᠤ ᠲᠠᠮᠢᠷ ᠬᠦᠴᠦᠨ ᠢ᠋ ᠬᠥᠨᠥᠭᠡᠵᠦ᠂ ᠢᠳᠡᠭᠡᠨ ᠤᠮᠳᠠᠭᠠᠨ ᠤ᠋ ᠦᠨᠦᠷ ᠠᠮᠲᠠ ᠦᠯᠦ ᠨᠡᠢᠴᠡᠪᠡᠰᠦ ᠴᠣᠭ ᠳᠦᠷᠰᠦ ᠶ᠋ᠢ ᠭᠡᠮᠲᠦᠭᠡᠮᠦᠢ᠃ ᠳᠦᠷᠰᠦ ᠢᠨᠦ ᠤᠤᠯ ᠠ᠋ᠴᠠ ᠲᠠᠪᠤᠨ ᠠᠮᠲᠠ ᠶ᠋ᠢ ᠰᠢᠩᠭᠡᠬᠡᠨ ᠠᠪᠤᠭᠠᠳ ᠰᠠᠶᠢ ᠪᠡᠶ᠎ᠡ ᠴᠣᠭᠴᠠ ᠶ᠋ᠢ ᠪᠦᠲᠦᠭᠡᠳᠡᠭ ᠪᠥᠯᠥᠭᠡ᠃ ᠲᠡᠢᠮᠦ ᠡᠴᠡ ᠪᠣᠭᠳᠠ ᠡᠷᠳᠡᠮᠲᠡᠨ ᠢᠨᠦ ᠶᠠᠭᠤᠨ ᠤ᠋ ᠤᠷᠢᠳ ᠢᠳᠡᠭᠡᠨ ᠤᠮᠳᠠᠭᠠᠨ ᠤ᠋ ᠴᠡᠭᠡᠷᠯᠡᠯ ᠢ᠋ ᠪᠠᠷᠢᠮᠲᠠᠯᠠᠵᠤ᠂ ᠮᠠᠬᠠᠪᠣᠳ ᠤ᠋ᠨ ᠵᠢᠩᠬᠢᠨᠢ ᠴᠢᠨᠠᠷ ᠢ᠋ᠶ᠋ᠠᠨ ᠦᠯᠦ ᠠᠯᠳᠠᠭᠤᠯᠤᠨ᠂ ᠳᠠᠷᠠᠭ᠎ᠠ ᠠᠨᠤ ᠰᠠᠶᠢ ᠡᠮ ᠠᠳᠢᠰ ᠢ᠋ ᠦᠢᠯᠡᠳᠴᠦ ᠡᠪᠡᠳᠴᠢᠨ ᠡᠮᠭᠡᠭ ᠡᠴᠡ ᠰᠡᠷᠭᠡᠢᠯᠡᠬᠦ ᠪᠠᠢᠵᠤᠬᠤᠢ᠃ ᠶᠡᠷᠦ ᠡᠮ ᠦ᠋ᠨ ᠳᠣᠲᠣᠷ᠎ᠠ ᠶᠡᠬᠡ ᠬᠣᠣᠷ᠎ᠠ ᠲᠠᠢ ᠵᠦᠢᠯ ᠠᠮᠤᠢ᠃ ᠶᠡᠬᠡ ᠬᠣᠣᠷ᠎ᠠ ᠲᠠᠢ ᠡᠮ ᠢ᠋ᠶ᠋ᠡᠷ ᠡᠪᠡᠳᠴᠢᠨ ᠵᠠᠰᠠᠬᠤᠢ ᠳ᠋ᠤᠷ ᠠᠷᠪᠠᠨ ᠬᠤᠪᠢ ᠶ᠋ᠢᠨ ᠵᠢᠷᠭᠤᠭ᠎ᠠ ᠶ᠋ᠢ ᠠᠷᠢᠯᠭᠠᠵᠤ᠂ ᠶᠡᠷᠦ ᠶ᠋ᠢᠨ ᠬᠣᠣᠷ᠎ᠠ ᠲᠠᠢ ᠡᠮ ᠢ᠋ᠶ᠋ᠡᠷ ᠡᠪᠡᠳᠴᠢᠨ ᠵᠠᠰᠠᠬᠤᠢ ᠳ᠋ᠤᠷ ᠠᠷᠪᠠᠨ ᠬᠤᠪᠢ ᠶ᠋ᠢᠨ ᠳᠣᠯᠣᠭ᠎ᠠ ᠶ᠋ᠢ ᠠᠷᠢᠯᠭᠠᠵᠤ᠂ ᠪᠠᠭ᠎ᠠ ᠬᠣᠣᠷ᠎ᠠ ᠲᠠᠢ ᠡᠮ ᠢ᠋ᠶ᠋ᠡᠷ ᠡᠪᠡᠳᠴᠢᠨ ᠵᠠᠰᠠᠬᠤᠢ ᠳ᠋ᠤᠷ ᠠᠷᠪᠠᠨ ᠬᠤᠪᠢ ᠶ᠋ᠢᠨ ᠨᠠᠢ᠍ᠮᠠ ᠶ᠋ᠢ ᠠᠷᠢᠯᠭᠠᠵᠤ᠂ ᠬᠣᠣᠷ᠎ᠠ ᠦᠭᠡᠢ ᠡᠮ ᠢ᠋ᠶ᠋ᠡᠷ ᠡᠪᠡᠳᠴᠢᠨ ᠵᠠᠰᠠᠬᠤᠢ ᠳ᠋ᠤᠷ ᠠᠷᠪᠠᠨ ᠬᠤᠪᠢ ᠶ᠋ᠢᠨ ᠶᠢᠰᠦ ᠶ᠋ᠢ ᠠᠷᠢᠯᠭᠠᠳᠠᠭ ᠲᠤᠯᠠ᠂ ᠳᠠᠷᠠᠭ᠎ᠠ ᠠᠨᠤ ᠦᠯᠡᠭᠰᠡᠨ ᠨᠢᠭᠡᠨ ᠬᠤᠪᠢ ᠶ᠋ᠢ ᠲᠠᠪᠤᠨ ᠲᠠᠷᠢᠶ᠎ᠠ᠂ ᠤᠯᠠᠭᠠᠨ ᠢᠳᠡᠭᠡᠨ᠂ ᠨᠣᠭᠣᠭ᠎ᠠ ᠵᠢᠮᠢᠰ ᠦ᠋ᠨ ᠵᠦᠢᠯ ᠢ᠋ ᠡᠳ᠋ᠯᠡᠨ ᠠᠷᠢᠯᠭᠠᠬᠤ ᠳ᠋ᠠᠭᠠᠨ ᠵᠢᠩᠬᠢᠨᠢ ᠲᠠᠮᠢᠷ ᠢ᠋ ᠬᠥᠨᠥᠭᠡᠬᠦ ᠪᠣᠯᠤᠭᠤᠵᠠᠢ ᠭᠡᠮᠡᠨ ᠬᠡᠮᠵᠢᠶ᠎ᠡ ᠡᠴᠡ ᠬᠡᠲᠦᠷᠡᠭᠦᠯᠵᠦ ᠦᠯᠦ ᠪᠣᠯᠤᠮᠤᠢ᠃ ᠢᠳᠡᠭᠡᠨ ᠤᠮᠳᠠᠭᠠᠨ ᠳ᠋ᠤᠷ ᠲᠥᠷᠥᠯ ᠪᠦᠷᠢ ᠶ᠋ᠢᠨ ᠣᠨᠴᠠ ᠴᠢᠨᠠᠷ ᠪᠦᠬᠦᠢ ᠪᠣᠯᠪᠠᠴᠤ ᠭᠠᠭᠴᠠ ᠬᠦ᠌ ᠲᠡᠳᠡᠭᠡᠷ ᠦ᠋ᠨ ᠣᠬᠢ ᠰᠢᠮ᠎ᠡ ᠶ᠋ᠢ ᠴᠢᠬᠤᠯᠠᠴᠢᠯᠠᠵᠤ᠂ ᠠᠴᠢ ᠲᠤᠰᠠ ᠶ᠋ᠢ ᠦᠵᠡᠭᠦᠯᠬᠦ ᠢᠨᠦ ᠲᠣᠬᠢᠷᠠᠬᠤ ᠡᠰᠡᠬᠦ ᠂ᠰᠢᠨ᠎ᠡ ᠬᠠᠭᠤᠴᠢᠨ ᠤ᠋ ᠢᠯᠭᠠᠪᠤᠷᠢ᠂ ᠪᠦᠯᠢᠶᠡᠨ ᠰᠡᠷᠢᠭᠦᠨ ᠬᠠᠯᠠᠭᠤᠨ ᠬᠦᠢᠲᠡᠨ ᠦ᠌ ᠴᠢᠨᠠᠷ ᠪᠠ ᠲᠠᠪᠤᠨ ᠠᠮᠲᠠ ᠶ᠋ᠢᠨ ᠭᠦᠶᠦᠳᠡᠯ ᠵᠡᠷᠭᠡ ᠶ᠋ᠢ ᠴᠥᠮ ᠬᠢᠨᠠᠵᠤ ᠲᠣᠳᠣᠯᠠᠬᠤ ᠬᠡᠷᠡᠭᠲᠡᠢ᠃ ᠡᠰᠡ ᠲᠡᠢᠮᠦ ᠪᠥᠭᠡᠰᠦ ᠢᠳᠡᠭᠡᠨ ᠤᠮᠳᠠᠭᠠᠨ ᠤ᠋ ᠶᠠᠮᠠᠷ ᠨᠢᠭᠡᠨ ᠠᠮᠲᠠ ᠳ᠋ᠤ᠌ ᠰᠢᠨᠤᠬᠠᠢᠷᠠᠨ ᠡᠳ᠋ᠯᠡᠵᠦ᠂ ᠰᠢᠨ᠎ᠡ ᠬᠠᠭᠤᠴᠢᠨ ᠢ᠋ ᠴᠦ᠍ ᠢᠯᠭᠠᠪᠤᠷᠢᠯᠠᠨ ᠰᠢᠯᠢᠬᠦ ᠦᠭᠡᠢ᠂ ᠬᠣᠭᠣᠯᠠ ᠤᠮᠳᠠ ᠶ᠋ᠢ ᠪᠠᠵᠠᠭᠠᠬᠤ ᠳ᠋ᠠᠭᠠᠨ ᠵᠣᠬᠢᠬᠤ ᠠᠷᠭ᠎ᠠ ᠬᠡᠮᠵᠢᠶ᠎ᠡ ᠪᠡᠨ ᠠᠯᠳᠠᠬᠤ ᠮᠡᠲᠦ ᠶ᠋ᠢᠨ ᠶᠠᠪᠤᠳᠠᠯ ᠠᠨᠤ ᠴᠥᠮ ᠡᠪᠡᠳᠴᠢᠯᠡᠬᠦ ᠶ᠋ᠢᠨ ᠦᠨᠳᠦᠰᠦ ᠰᠢᠯᠲᠠᠭᠠᠨ ᠮᠥᠨ ᠪᠣᠢ ᠶᠠ᠃ ᠲᠡᠢᠮᠦ ᠶ᠋ᠢᠨ ᠲᠤᠯᠠ ᠡᠷᠬᠡᠪᠰᠢ ᠬᠢᠵᠦ ᠪᠣᠯᠤᠮᠠᠷ ᠢ᠋ ᠠᠨᠤ ᠬᠢᠵᠦ᠂ ᠬᠢᠵᠦ ᠦᠯᠦ ᠪᠣᠯᠬᠤ ᠶ᠋ᠢ ᠵᠠᠪᠠᠯ ᠴᠡᠭᠡᠷᠯᠡᠬᠦ ᠬᠡᠷᠡᠭᠲᠡᠢ᠃ ᠦᠯᠢᠭᠡᠷᠯᠡᠪᠡᠰᠦ ᠵᠢᠷᠮᠦᠰᠦᠯᠡᠭᠰᠡᠨ ᠡᠮᠡᠭᠲᠡᠢ ᠢᠨᠤ ᠶᠠᠪᠤᠳᠠᠯ ᠮᠥᠷ ᠦ᠋ᠨ ᠲᠠᠯ᠎ᠠ ᠪᠠᠷ ᠪᠣᠯᠭᠣᠮᠵᠢᠯᠠᠬᠤ ᠦᠭᠡᠢ ᠪᠤᠶᠤ ᠬᠥᠬᠥᠯᠲᠡ ᠡᠬᠡ ᠢᠳᠡᠵᠦ ᠤᠤᠭᠤᠬᠤ ᠳ᠋ᠠᠭᠠᠨ ᠴᠡᠭᠡᠷᠯᠡᠯ ᠦᠭᠡᠢ ᠪᠣᠯᠤᠭᠰᠠᠨ ᠠ᠋ᠴᠠ ᠪᠣᠯᠵᠤ ᠨᠢᠯᠬᠠᠰ ᠬᠡᠦᠬᠡᠳ ᠠᠮᠠᠷᠬᠠᠨ ᠡᠪᠡᠳᠴᠢᠯᠡᠬᠦ ᠪᠣᠯᠤᠮᠤᠢ᠃ ᠲᠡᠭᠦᠨᠴᠢᠯᠡᠨ ᠠᠮᠲᠠᠲᠠᠢ ᠰᠢᠮᠡᠲᠡᠢ ᠢᠳᠡᠰᠢ ᠤᠤᠭᠤᠰᠢ ᠳ᠋ᠤᠷ ᠬᠡᠲᠦᠷᠬᠡᠢ ᠰᠢᠨᠤᠬᠠᠢᠷᠠᠭᠠᠳ ᠴᠡᠭᠡᠷᠯᠡᠯ ᠢ᠋ ᠤᠮᠠᠷᠲᠠᠨ ᠲᠡᠪᠴᠢᠪᠡᠰᠦ᠂ ᠡᠪᠡᠳᠴᠢᠨ ᠡᠮᠭᠡᠭ ᠢᠨᠦ ᠦᠯᠦ ᠮᠡᠳᠡᠭᠳᠡᠮ᠎ᠡ ᠨᠢᠭᠤᠴᠠ ᠳᠠᠯᠳᠠ ᠪᠠᠷ ᠪᠣᠢ ᠪᠣᠯᠬᠤ ᠶᠤᠮ᠃ ᠡᠨᠡ ᠢᠨᠦ ᠴᠢᠪ ᠭᠡᠮᠡᠨ ᠨᠢᠭᠡᠨ ᠴᠠᠭ ᠤ᠋ᠨ ᠠᠮᠲᠠᠷᠬᠠᠨ ᠳ᠋ᠤᠷ ᠠᠪᠲᠠᠭᠳᠠᠭᠠᠳ ᠵᠠᠭᠤᠨ ᠨᠠᠰᠤᠯᠠᠬᠤ ᠪᠡᠶ᠎ᠡ ᠪᠡᠨ ᠪᠣᠳᠣᠯᠬᠢᠯᠠᠭᠰᠠᠨ ᠦᠭᠡᠢ ᠶᠠᠪᠤᠳᠠᠯ ᠮᠥᠨ ᠲᠤᠯᠠ ᠶᠠᠭᠤᠲᠠᠢ ᠬᠠᠷᠠᠮᠰᠠᠯᠲᠠᠢ ᠠᠵᠠᠢ᠃ ᠡᠷᠳᠡᠮᠲᠡᠨ ᠡᠮᠴᠢ᠂ ᠰᠦᠨ ᠰᠾᠢ ᠮᠢᠶᠣᠤ ᠶ᠋ᠢᠨ ᠥᠭᠦᠯᠡᠭᠰᠡᠨ ᠢᠨᠤ : ᠡᠮᠴᠢ ᠪᠣᠯᠣᠭᠰᠠᠳ ᠡᠪᠡᠳᠴᠢᠨ ᠦᠵᠡᠬᠦ ᠳ᠋ᠦ᠍ᠷ ᠬᠠᠮᠤᠭ ᠲᠦᠷᠦᠭᠦᠨ ᠳ᠋ᠦ᠍ ᠡᠪᠡᠳᠴᠢᠯᠡᠭᠰᠡᠨ ᠦᠨᠳᠦᠰᠦᠨ ᠰᠢᠯᠲᠠᠭᠠᠨ ᠢ᠋ ᠰᠢᠨᠵᠢᠯᠡᠨ ᠲᠣᠳᠣᠯᠠᠬᠤ ᠪᠥᠭᠡᠳ ᠡᠪᠡᠳᠴᠢᠨ ᠶᠠᠭᠠᠬᠢᠵᠤ ᠬᠥᠳᠡᠯᠦᠭᠰᠡᠨ ᠢ᠋ ᠣᠢᠯᠭᠠᠭᠰᠠᠨ ᠤ᠋ ᠰᠡᠭᠦᠯᠡᠷ᠂ ᠤᠷᠢᠳᠠᠪᠡᠷ ᠢᠳᠡᠭᠡᠨ ᠤᠮᠳᠠᠭᠠᠨ ᠢ᠋ᠶ᠋ᠠᠷ ᠵᠠᠰᠠᠵᠤ ᠰᠤᠪᠢᠯᠠᠭᠠᠳ ᠬᠡᠷᠪᠡ ᠡᠳᠡᠭᠡᠷᠡᠬᠦ ᠦᠭᠡᠢ ᠪᠣᠯᠪᠠᠰᠤ ᠰᠠᠶᠢ ᠡᠮ ᠠᠳᠢᠰ ᠥᠭᠴᠦ᠂ ᠡᠪᠡᠳᠴᠢᠨ ᠦ᠌ ᠠᠷᠪᠠᠨ ᠤ᠋ ᠶᠢᠰᠦᠨ ᠬᠤᠪᠢ ᠶ᠋ᠢ ᠠᠷᠢᠯᠭᠠᠲᠤᠭᠠᠢ ᠬᠡᠮᠡᠵᠦᠬᠦᠢ᠃ ᠶᠡᠷᠦ ᠪᠡᠶ᠎ᠡ ᠮᠠᠬᠠᠪᠣᠳ ᠢ᠋ᠶ᠋ᠠᠨ ᠰᠠᠢᠲᠤᠷ ᠠᠰᠠᠷᠠᠨ ᠴᠢᠳᠠᠭᠴᠢᠳ ᠠᠨᠤ ᠴᠥᠮ ᠢᠳᠡᠭᠡᠨ ᠤᠮᠳᠠᠭᠠᠨ ᠢ᠋ ᠲᠡᠷᠢᠭᠦᠨ ᠳ᠋ᠦ᠍ᠷ ᠲᠠᠯᠪᠢᠵᠤ ᠬᠦᠨᠳᠦᠳᠬᠡᠨ ᠦᠵᠡᠮᠦᠢ᠃ ᠡᠭᠦᠨ ᠢ᠋ᠶ᠋ᠡᠷ ᠦᠵᠡᠬᠦ ᠳ᠋ᠦ᠍ ᠪᠡᠶ᠎ᠡ ᠪᠡᠨ ᠠᠰᠠᠷᠠᠬᠤ ᠠᠷᠭ᠎ᠠ ᠬᠡᠮᠵᠢᠶ᠎ᠡ ᠦᠯᠡᠮᠵᠢ ᠪᠠᠶᠠᠯᠢᠭ ᠪᠠᠢᠬᠤ ᠪᠤᠰᠤ ᠤᠤ᠃
ᠦᠰᠦᠭ ᠠᠮᠢᠯᠠᠭᠤᠯᠤᠭᠴᠢ ᠄ ᠭᠠᠸᠠ
ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃
