ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠳᠥᠷᠪᠡ〕 Цаг төрийн үймээн – Д ᠂ Намдаг - Цаг төрийн үймээн ᠂ хоёрдугаар бүлэг -4 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠳᠥᠷᠪᠡ〕 Цаг төрийн үймээн – Д ᠂ Намдаг - Цаг төрийн үймээн ᠂ хоёрдугаар бүлэг -4

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠳᠥᠷᠪᠡ〕 Цаг төрийн үймээн – Д ᠂ Намдаг - Цаг төрийн үймээн ᠂ хоёрдугаар бүлэг -4

ᠠᠩᠭᠢᠯᠠᠯ:ᠲᠤᠭᠤᠵᠢ ᠷᠣᠮᠠᠨ
2025-10-28

216

ᠠᠱ᠌ᠢᠭᠦᠢ ᠨᠢᠭᠡ ᠵᠠᠪᠰᠢᠶᠠᠨ


       ᠬᠠᠷᠢ ᠣᠷᠣᠨ ᠳ᠋ᠤ᠌ ᠣᠴᠢᠨ ᠬᠥᠮᠦᠨ ᠦ᠌ ᠭᠠᠷ ᠲᠤ ᠣᠷᠣᠭᠰᠠᠨ ᠭᠤᠷᠪᠠᠨ ᠵᠢᠩᠴᠢᠳ ᠪᠠᠰᠠ ᠴᠤ᠌ ᠠᠮᠢᠳᠤ ᠶᠠᠪᠤᠭ᠎ᠠ ᠠᠵᠢ᠃ ᠲᠡᠳᠡᠨ ᠳ᠋ᠦ᠍ ᠠᠩᠬ᠎ᠠ ᠪᠠᠷᠢᠭᠳᠠᠨ ᠠᠶᠤᠨ ᠴᠡᠴᠡᠷᠡᠬᠦ ᠡᠴᠡ ᠶᠠᠭᠤ ᠴᠤ᠌ ᠦᠭᠡᠢ ᠶᠠᠪᠤᠵᠤ ᠪᠠᠢᠭᠰᠠᠨ ᠢ᠋ᠶ᠋ᠠᠨ ᠰᠠᠨᠠᠬᠤ ᠳ᠋ᠤ᠌ ᠲᠤᠩ ᠰᠠᠶᠢᠬᠠᠨ ᠰᠢᠭ᠋ ᠰᠠᠨᠠᠭᠳᠠᠨ᠎ᠠ᠃ ᠭᠡᠪᠡᠴᠦ ᠨᠢᠭᠡ ᠮᠡᠳᠡᠬᠦ ᠳ᠋ᠦ᠍ ᠤᠰᠤᠨ ᠤ᠋ ᠰᠢᠪᠠᠭᠤᠳ ᠤᠷᠢᠳᠤ ᠠ᠋ᠴᠠ ᠪᠠᠨ ᠬᠣᠢᠰᠢ ᠦᠷᠭᠦᠯᠵᠢᠯᠡᠨ ᠨᠢᠰᠦᠭᠡᠳ᠂ ᠳᠠᠬᠢᠨ ᠨᠢᠭᠡ ᠮᠡᠳᠡᠬᠦ ᠳ᠋ᠦ᠍ ᠬᠣᠢᠨ᠎ᠠ ᠠ᠋ᠴᠠ ᠪᠠᠨ ᠤᠷᠤᠭᠰᠢ ᠨᠢᠰᠦᠨ ᠰᠢᠪᠲᠤᠷᠠᠭᠰᠠᠭᠠᠷ ᠨᠡᠯᠢᠶᠡᠳ ᠤᠳᠠᠵᠤ ᠪᠠᠢᠭ᠎ᠠ ᠲᠤᠯᠠ ᠲᠡᠷᠡ᠄  ᠬᠠᠪᠤᠷ᠂ ᠵᠤᠨ᠂ ᠨᠠᠮᠤᠷ ᠭᠤᠷᠪᠠ ᠶᠠᠭᠤᠲᠠᠢ ᠬᠤᠷᠳᠤᠨ ᠥᠩᠭᠡᠷᠡᠵᠦ ᠣᠷᠬᠢᠪᠠ? ᠭᠡᠵᠦ ᠭᠠᠢᠬᠠᠨ ᠶᠠᠷᠢᠯᠴᠠᠨ᠎ᠠ᠃ ᠡᠨᠡ ᠵᠠᠭᠤᠷ᠎ᠠ᠂ ᠳᠣᠷᠵᠢ᠂ ᠳ᠋ᠠᠨᠽᠠᠨ ᠬᠣᠶᠠᠷ ᠬᠡᠯᠡ ᠰᠤᠷᠬᠤ ᠶ᠋ᠢ ᠴᠠᠭ ᠢᠮᠠᠭᠲᠠ ᠣᠷᠣᠯᠳᠣᠭᠰᠠᠨ ᠤ᠋ ᠠᠴᠢ ᠪᠠᠷ ᠣᠪᠣᠭ᠎ᠠ ᠪᠣᠯᠤᠭᠰᠠᠨ ᠪᠥᠭᠡᠳ ᠲᠡᠭᠦᠨ ᠦ᠌ ᠪᠡᠨ ᠠᠴᠢ ᠪᠠᠷ ᠦᠵᠡᠭᠰᠡᠨ ᠲᠡᠳᠦᠢᠬᠡᠨ ᠢ᠋ ᠪᠢᠰᠢ᠂ ᠡᠷᠭᠢᠨ ᠲᠣᠭᠣᠷᠢᠨ ᠳ᠋ᠤ᠌ ᠶᠠᠭᠤ ᠭᠡᠭᠴᠢ ᠪᠣᠯᠵᠤ ᠪᠠᠢᠭ᠎ᠠ ᠶ᠋ᠢ ᠣᠯᠵᠤ ᠮᠡᠳᠡᠨ ᠣᠢ ᠲᠣᠢ ᠳ᠋ᠠᠭᠠᠨ ᠣᠷᠣᠭᠤᠯᠤᠨ ᠲᠣᠭᠲᠠᠭᠠᠨ ᠠᠪᠤᠭᠰᠠᠨ ᠨᠢ ᠶᠡᠷᠦ ᠪᠠᠭ᠎ᠠ ᠪᠢᠰᠢ᠃ ᠭᠡᠲᠡᠯ᠎ᠡ ᠣᠷᠣ ᠲᠠᠰᠤ ᠦᠯᠦ ᠣᠢᠯᠠᠭᠠᠭᠳᠠᠬᠤ ᠶᠠᠭᠤᠮ᠎ᠠ ᠪᠠᠰᠠ ᠪᠠᠢᠨ᠎ᠠ᠃ ᠲᠡᠷᠡ ᠨᠢ ᠭᠡᠪᠡᠯ ᠡᠨᠳᠡ ᠪᠣᠯᠵᠤ ᠪᠠᠢᠭ᠎ᠠ ᠶᠡᠬᠡ ᠲᠡᠢᠨ ᠪᠠᠢᠯ᠎ᠠ᠃ ᠴᠠᠭ ᠢᠮᠠᠭᠲᠠ ᠬᠠᠮᠲᠤ ᠶᠠᠪᠤᠭᠰᠠᠭᠠᠷ ᠬᠡᠯᠡ ᠠᠮᠠ ᠪᠠᠨ ᠪᠦᠷᠢᠨ ᠣᠢᠯᠠᠭᠠᠯᠴᠠᠬᠤ ᠪᠣᠯᠤᠭᠰᠠᠨ ᠬᠠᠵᠠᠭᠤ ᠶ᠋ᠢᠨ ᠭᠠᠮᠢᠩ ᠤ᠋ᠳ ᠠ᠋ᠴᠠ ᠠᠰᠠᠭᠤᠬᠤ ᠳ᠋ᠤ᠌᠂《ᠡᠨᠡᠲᠡᠢ ᠲᠠᠯ᠎ᠠ ᠳ᠋ᠤ᠌ ᠨᠢᠭᠡ ᠲᠣᠮᠣ ᠨᠣᠶᠠᠨ᠂ ᠨᠥᠭᠦᠭᠡ ᠲᠠᠯ᠎ᠠ ᠳ᠋ᠤ᠌ ᠪᠠᠰᠠ ᠨᠢᠭᠡ ᠨᠣᠶᠠᠨ᠄ ᠢᠩᠭᠢᠭᠡᠳ ᠡᠨᠡ ᠬᠣᠶᠠᠷ ᠡᠪ ᠳᠦᠨᠵᠢᠩ ᠬᠠᠭᠠᠷᠠᠭᠰᠠᠨ ᠪᠣᠯᠤᠯᠲᠠᠢ᠂ ᠴᠣᠬᠣᠮ ᠶᠠᠭᠤᠨ ᠠ᠋ᠴᠠ ᠪᠣᠯᠤᠭᠰᠠᠨ ᠢ᠋ ᠪᠤᠤ ᠮᠡᠳᠡ ᠠ᠋!》 ᠭᠡᠨ᠎ᠡ᠂ ᠦᠨᠡᠨ ᠳ᠋ᠡᠭᠡᠨ ᠴᠤ᠌ ᠭᠠᠮᠢᠩ ᠤ᠋ᠳ ᠥᠪᠡᠷᠰᠡᠳ ᠢ᠋ᠶ᠋ᠡᠨ ᠦᠯᠦ ᠮᠡᠳᠡᠬᠦ ᠲᠤᠯᠠ ᠶᠣᠰᠣᠲᠠᠢ ᠪᠤᠤ ᠮᠡᠳᠡ ᠭᠡᠭᠴᠢ ᠨᠢ ᠡᠨᠡ ᠠᠵᠢ᠃
       — ᠦᠭᠡᠢ ᠬᠦ᠂ ᠡᠨᠡ ᠴᠤ᠌ ᠯᠠᠪ ᠡᠳ᠋ ᠬᠥᠷᠥᠩᠭᠡ ᠪᠡᠨ ᠪᠤᠯᠢᠶᠠᠯᠳᠤᠭᠰᠠᠨ ᠬᠡᠷᠡᠭ ᠪᠣᠢ ᠭᠡᠵᠦ ᠨᠢᠭᠡᠨ ᠦ᠌ ᠪᠡᠨ ᠦᠭᠦᠯᠡᠬᠦ ᠳ᠋ᠦ᠍᠄ 
       — ᠬᠠᠮᠢᠭ᠎ᠠ ᠠ᠋ᠴᠠ! ᠡᠳ᠋ ᠬᠥᠷᠥᠩᠭᠡ ᠶ᠋ᠢᠨ ᠮᠥᠷ ᠳᠡᠭᠡᠷ᠎ᠡ ᠡᠴᠡ ᠪᠣᠯᠤᠭᠰᠠᠨ ᠪᠣᠯ ᠶᠠᠭᠤᠨ ᠳ᠋ᠤ᠌ ᠢᠩᠭᠢᠵᠦ ᠡᠳᠦᠢ ᠲᠡᠳᠦᠢ ᠬᠥᠷᠥᠩᠭᠡ ᠮᠥᠩᠭᠥᠨ ᠦ᠌ ᠦᠨ᠎ᠡ ᠲᠡᠢ ᠶᠠᠭᠤᠮᠠᠰ ᠢ᠋ ᠭᠠᠵᠠᠷ ᠰᠢᠳᠡᠨ ᠲᠤᠯᠤᠯᠳᠤᠬᠤ ᠪᠢᠯᠡ? ᠵᠦᠭᠡᠷ ᠮᠢᠨᠦ ᠪᠣᠳᠣᠬᠤ ᠳ᠋ᠤ᠌ ᠶᠠᠮᠠᠷ ᠨᠢᠭᠡ ᠦᠵᠡᠰᠭᠦᠯᠡᠩᠲᠦ ᠬᠡᠦᠬᠡᠨ ᠢ᠋ ᠯᠡ ᠪᠤᠯᠢᠶᠠᠯᠳᠤᠭᠰᠠᠨ ᠬᠡᠷᠡᠭ ᠪᠠᠢᠬᠤ ᠭᠡᠵᠦ ᠨᠥᠭᠦᠭᠡ ᠨᠢ ᠦᠭᠦᠯᠡᠬᠦ ᠳ᠋ᠦ᠍᠄ 
       —  ᠵᠠ ᠬᠠᠮᠢᠭ᠎ᠠ ᠠ᠋ᠴᠠ! ᠬᠡᠦᠬᠡᠨ ᠦ᠌ ᠮᠥᠷ ᠳᠡᠭᠡᠷ᠎ᠡ ᠪᠣᠯ ᠡᠳᠦᠢ ᠣᠯᠠᠨ ᠠᠮᠢᠲᠠᠨ ᠶᠠᠭᠤᠨ ᠳ᠋ᠤ᠌ ᠢᠩᠭᠢᠵᠦ ᠠᠮᠢ ᠦᠷᠡᠭᠳᠡᠨ ᠲᠤᠯᠤᠯᠳᠤᠵᠤ ᠦᠬᠦᠬᠦ ᠪᠢᠯᠡ᠃ ᠬᠠᠷᠢᠨ ᠱᠠᠰᠢᠨ ᠮᠥᠷᠭᠥᠯ ᠦ᠋ᠨ ᠶᠠᠪᠤᠳᠠᠯ ᠳᠡᠭᠡᠷ᠎ᠡ ᠡᠴᠡ ᠯᠡ ᠪᠣᠯᠤᠭᠰᠠᠨ ᠪᠠᠢᠵᠤ ᠮᠠᠭᠠᠳ ᠦᠭᠡᠢ ᠪᠠᠢᠨ᠎ᠠ ᠭᠡᠵᠦ ᠨᠢᠭᠡ ᠨᠢ ᠦᠭᠦᠯᠡᠬᠦᠶ᠎ᠡ᠄ 
       — ᠱᠠᠰᠢᠨ ᠮᠥᠷᠭᠥᠯ ᠦ᠋ᠨ? ᠦᠭᠡᠢ ᠠ᠋᠃ ᠡᠳᠡ ᠴᠢᠨᠢ ᠨᠢᠭᠡ ᠬᠡᠯᠡ ᠲᠡᠢ᠂ ᠨᠢᠭᠡᠨ ᠨᠣᠮ ᠤ᠋ᠨ ᠤᠯᠤᠰ᠃ ᠵᠠ ᠲᠡᠭᠡᠭᠡᠳ ᠲᠡᠢᠮᠦ ᠪᠠᠢᠯ᠎ᠠ ᠴᠤ᠌ ᠭᠡᠰᠡᠨ ᠱᠠᠰᠢᠨ ᠮᠥᠷᠭᠥᠯ ᠶᠠᠭᠤᠨ ᠤ᠋ ᠬᠠᠮᠢᠶ᠎ᠠ᠂ ᠬᠤᠪᠢ ᠬᠣᠪᠢᠨ ᠤ᠋ ᠪᠠᠨ ᠰᠢᠳᠦᠨ ᠪᠢᠰᠢᠷᠡᠳᠡᠭ ᠲᠡᠭᠡᠨ ᠵᠠᠯᠪᠠᠷᠢᠨ ᠭᠡᠷ ᠣᠷᠣᠨ ᠳ᠋ᠠᠭᠠᠨ ᠰᠠᠭᠤᠵᠤ ᠪᠠᠢᠨ᠎ᠠ ᠪᠢᠵᠡ᠃ ᠢᠩᠭᠢᠬᠦᠯᠡᠷ ᠡᠬᠡᠨᠡᠷ ᠦ᠋ᠨ ᠯᠡ ᠶᠠᠪᠤᠳᠠᠯ ᠪᠠᠢᠬᠤ ᠶᠣᠰᠣᠲᠠᠢ᠃ ᠭᠡᠬᠦᠴᠢᠯᠡᠨ ᠡᠯᠳᠡᠪ ᠢ᠋ᠶ᠋ᠡᠷ ᠬᠡᠯᠡᠯᠴᠡᠬᠦ ᠪᠥᠭᠡᠳ ᠵᠠᠷᠢᠮ ᠳ᠋ᠠᠭᠠᠨ ᠥᠪᠡᠷ ᠥᠪᠡᠷ ᠦ᠋ᠨ ᠬᠢ ᠪᠡᠨ ᠵᠥᠪᠲᠥᠭᠡᠬᠦ ᠭᠡᠵᠦ ᠮᠡᠳᠬᠡᠯᠴᠡᠨ ᠠᠭᠤᠷᠯᠠᠯᠠᠴᠠᠬᠤ ᠳ᠋ᠤ᠌ ᠴᠤ᠌ ᠬᠦᠷᠳᠡᠭ ᠠᠪᠠᠢ᠃ 
       ᠬᠦᠷᠡᠯ ᠨᠢ ᠡᠯ᠎ᠡ ᠶᠠᠷᠢᠶᠠᠨ ᠳ᠋ᠤ᠌ ᠣᠷᠣᠯᠴᠠᠬᠤ ᠶ᠋ᠢᠨ ᠣᠷᠣᠨ ᠳ᠋ᠤ᠌ ᠵᠠᠪ ᠯᠠ ᠭᠠᠷᠪᠠᠯ ᠮᠡᠳᠡᠳᠡᠭ ᠴᠢᠳᠠᠳᠠᠭ ᠨᠣᠮ ᠪᠦᠷᠢ ᠪᠡᠨ ᠤᠩᠰᠢᠨ ᠵᠠᠯᠪᠠᠷᠢᠯ ᠪᠣᠯᠳᠠᠭ ᠪᠠᠢᠵᠠᠢ᠃ ᠭᠡᠪᠡᠴᠦ ᠤᠷᠢᠳᠤ ᠵᠦᠭ ᠦ᠋ᠨ ᠨᠢᠭᠡᠨ ᠬᠣᠲᠠ ᠠ᠋ᠴᠠ ᠵᠡᠪᠰᠡᠭ ᠳᠡᠭᠡᠬᠡᠨ ᠶᠠᠪᠤᠬᠤ ᠵᠠᠭᠤᠷ᠎ᠠ ᠪᠠᠨ᠄ 
       — ᠦᠭᠡᠢ ᠲᠠ ᠨᠠᠷ ᠥᠪᠡᠷᠰᠡᠳ ᠦ᠋ᠨ ᠢ᠋ᠶ᠋ᠡᠨ ᠱᠠᠰᠢᠨ ᠪᠤᠷᠬᠠᠨ᠂ ᠣᠷᠣᠨ ᠨᠤᠲᠤᠭ ᠤ᠋ᠨ ᠢ᠋ᠶ᠋ᠠᠨ ᠯᠤᠤᠰ ᠰᠠᠪᠳᠠᠭ ᠲᠤ ᠠᠮᠢ ᠪᠡᠶ᠎ᠡ ᠪᠡᠨ ᠳᠠᠭᠠᠳᠬᠠᠨ ᠵᠠᠯᠪᠠᠷᠢᠬᠤ ᠶ᠋ᠢᠨ ᠣᠷᠣᠨ ᠳ᠋ᠤ᠌ ᠶᠠᠭᠤᠨ ᠳ᠋ᠤ᠌ ᠡᠨᠡ ᠳᠡᠮᠡᠢ ᠶᠠᠭᠤᠮ᠎ᠠ ᠶ᠋ᠢ ᠶᠠᠷᠢᠵᠤ ᠶᠠᠪᠤᠳᠠᠭ ᠤᠯᠤᠰ ᠪᠣᠢ? ᠭᠡᠵᠦ ᠪᠠᠢᠨ ᠪᠠᠢᠨ ᠵᠢᠮᠡᠯᠡᠳᠡᠭ ᠢ᠋ᠶ᠋ᠡᠷ ᠢ᠋ᠶ᠋ᠡᠨ ᠵᠢᠮᠡᠯᠡᠭᠡᠳ ᠳᠠᠷᠠᠭ᠎ᠠ ᠨᠢ ᠲᠠᠢᠯᠪᠤᠷᠢᠯᠠᠨ ᠬᠡᠯᠡᠬᠦ ᠳ᠋ᠡᠭᠡᠨ᠄ 
       — ᠦᠭᠡᠢ ᠶᠡᠷᠦ ᠮᠡᠳᠡᠵᠦ ᠴᠢᠳᠠᠬᠤ ᠶᠠᠭᠤ ᠪᠠᠢᠬᠤ ᠪᠢᠯᠡ᠂ ᠵᠡᠷᠭᠡ ᠵᠢᠩᠰᠡ ᠪᠠᠨ ᠯᠠ ᠪᠤᠯᠢᠶᠠᠯᠳᠤᠨ᠎ᠠ ᠪᠢᠵᠡ ᠭᠡᠯ᠎ᠡ᠃ ᠡᠭᠦᠨ ᠢ᠋ ᠨᠥᠭᠦᠭᠡ ᠬᠣᠶᠠᠷ ᠦᠭᠡᠢ ᠳᠠᠭᠤ ᠦᠭᠡᠢ ᠵᠥᠪᠰᠢᠶᠡᠷᠡᠭᠰᠡᠨ ᠪᠥᠭᠡᠳ ᠲᠡᠭᠦᠨᠴᠡ ᠬᠣᠢᠰᠢ ᠵᠡᠷᠭᠡ ᠵᠢᠩᠰᠡ ᠶ᠋ᠢᠨ ᠲᠤᠬᠠᠢ ᠴᠠᠭ ᠦᠷᠭᠦᠯᠵᠢ ᠰᠣᠨᠢᠷᠬᠠᠨ ᠬᠦᠦᠷᠨᠢᠬᠦ ᠪᠣᠯᠪᠠ᠃ ᠢᠩᠭᠢᠬᠦ ᠳ᠋ᠦ᠍ ᠵᠡᠷᠭᠡ ᠵᠢᠩᠰᠡ ᠶ᠋ᠢᠨ ᠲᠥᠯᠥᠭᠡ ᠲᠡᠮᠡᠴᠡᠯᠳᠦᠬᠦ ᠶᠠᠪᠤᠳᠠᠯ ᠭᠠᠵᠠᠷ ᠪᠦᠷᠢ ᠪᠠᠢᠳᠠᠭ ᠠᠵᠢ᠃ ᠮᠠᠨᠵᠤ ᠶ᠋ᠢᠨ ᠦᠶ᠎ᠡ ᠳ᠋ᠦ᠍ ᠭᠡᠪᠡᠯ ᠮᠣᠩᠭᠣᠯ ᠤ᠋ᠨ ᠳᠡᠭᠡᠳᠦ ᠬᠠᠭᠠᠳ ᠨᠣᠶᠠᠳ ᠵᠡᠷᠭᠡ ᠵᠢᠩᠰᠡ ᠶ᠋ᠢ ᠬᠤᠳᠠᠯᠳᠤᠨ ᠠᠪᠬᠤ ᠭᠡᠵᠦ ᠠᠷᠠᠳ ᠣᠯᠠᠨ ᠳ᠋ᠠᠭᠠᠨ ᠰᠦᠷᠡᠬᠡᠢ ᠶᠡᠬᠡ ᠠᠯᠪᠠᠨ ᠲᠠᠲᠠᠪᠤᠷᠢ ᠭᠠᠷᠭᠠᠨ ᠰᠠᠨᠳᠤᠷᠭᠠᠳᠠᠭ ᠪᠠᠢᠭᠰᠠᠨ ᠢ᠋ ᠣᠷᠣᠨ ᠨᠤᠲᠤᠭ ᠤ᠋ᠨ ᠠᠬᠠᠮᠠᠳ ᠨᠠᠰᠤᠲᠠᠨ ᠨᠤᠭᠤᠳ ᠬᠡᠯᠡᠯᠴᠡᠳᠡᠭ ᠪᠠᠢᠵᠠᠢ᠃ ᠰᠡᠭᠦᠯ ᠦ᠋ᠨ ᠦᠶ᠎ᠡ ᠳ᠋ᠦ᠍ ᠳᠣᠣᠷᠠᠲᠤ ᠨᠣᠶᠠᠳ᠂ ᠲᠠᠢᠵᠢ ᠨᠠᠷ ᠵᠠᠷᠭᠤ ᠵᠠᠭᠠᠯᠢᠬᠠᠢ ᠪᠣᠯᠤᠨ ᠲᠠᠪᠬᠢᠯᠴᠠᠳᠠᠭ ᠪᠠᠢᠵᠠᠢ᠃ ᠲᠡᠷᠡᠬᠦ ᠰᠡᠭᠦᠯ ᠦ᠋ᠨ ᠬᠡᠷᠡᠭ ᠶᠠᠪᠤᠳᠠᠯ ᠢ᠋ ᠳᠣᠷᠵᠢ᠂ ᠳ᠋ᠠᠨᠽᠠᠨ ᠬᠣᠶᠠᠷ ᠪᠦᠷ ᠪᠡᠶ᠎ᠡ ᠪᠡᠷ ᠢ᠋ᠶ᠋ᠡᠨ ᠦᠵᠡᠭᠰᠡᠨ ᠠᠵᠢ᠃ ᠭᠡᠲᠡᠯ᠎ᠡ ᠬᠠᠮᠤᠭ ᠤ᠋ᠨ ᠡᠴᠦᠰ ᠲᠦ᠍ ᠲᠥᠷᠥ ᠶ᠋ᠢᠨ ᠶᠡᠬᠡ ᠰᠠᠢᠳ ᠡᠷᠳᠡᠨᠢ ᠱᠠᠨᠵᠠᠪ ᠪᠠᠳᠮᠠᠳᠣᠷᠵᠢ ᠭᠡᠭᠴᠢ ᠬᠢᠲᠠᠳ ᠤ᠋ᠨ ᠨᠢᠭᠡ ᠲᠣᠮᠣ ᠨᠣᠶᠠᠨ ᠴᠸᠨ ᠢ ᠭᠡᠳᠡᠭ ᠲᠦ᠍ ᠤᠯᠤᠰ ᠣᠷᠣᠨ ᠢ᠋ᠶ᠋ᠠᠨ ᠪᠦᠷ ᠵᠡᠷᠭᠡ ᠵᠢᠩᠰᠡ᠂ ᠠᠯᠲᠠ ᠮᠥᠩᠭᠥ ᠠᠪᠬᠤ ᠪᠠᠷ ᠬᠤᠳᠠᠯᠳᠤᠵᠤ ᠣᠷᠬᠢᠭᠰᠠᠨ ᠢ᠋ ᠳᠣᠷᠵᠢ᠂ ᠠᠶᠠᠯᠠᠨ ᠭᠠᠷᠬᠤ ᠶ᠋ᠢᠨ ᠢ᠋ᠶ᠋ᠡᠨ ᠡᠮᠦᠨ᠎ᠡ ᠡᠴᠢᠭᠡ ᠶ᠋ᠢᠨ ᠢ᠋ᠶ᠋ᠡᠨ ᠠᠮᠠᠨ ᠠ᠋ᠴᠠ ᠳᠤᠭᠤᠯᠤᠭᠰᠠᠨ ᠪᠠᠢᠪᠠ᠃ ᠡᠢᠮᠦ ᠳ᠋ᠦ᠍ ᠲᠡᠳᠡ᠄《ᠭᠠᠢ ᠲᠠᠢ ᠬᠠᠷ᠎ᠠ ᠵᠡᠷᠭᠡ ᠵᠢᠩᠰᠡ ᠪᠦᠷᠢ ᠶ᠋ᠢᠨ ᠬᠥᠮᠦᠨ ᠠᠷᠠᠳ ᠤ᠋ᠨ ᠠᠮᠤᠷ ᠵᠢᠷᠭᠠᠯ ᠢ᠋ ᠰᠦᠢᠳᠬᠡᠵᠦ ᠪᠠᠢᠨ᠎ᠠ᠃ ᠡᠨᠳᠡ ᠪᠢᠳᠡᠨ ᠦ᠌ ᠪᠠᠷᠢᠭᠳᠠᠭᠰᠠᠨ ᠶᠠᠪᠤᠳᠠᠯ ᠴᠤ᠌ ᠲᠡᠭᠦᠨ ᠦ᠌ ᠭᠠᠢ᠃ ᠶᠡᠷᠦ ᠨᠢ ᠵᠡᠷᠭᠡ ᠵᠢᠩᠰᠡ ᠶ᠋ᠢ ᠬᠦᠰᠡᠭᠴᠢᠳ ᠲᠥᠷᠥ ᠱᠠᠰᠢᠨ᠂ ᠬᠥᠮᠦᠨ ᠠᠮᠢᠲᠠᠨ᠂ ᠭᠠᠵᠠᠷ ᠳᠡᠯᠡᠬᠡᠢ᠂ ᠣᠷᠣᠨ ᠪᠠᠢᠰᠢᠩ ᠪᠦᠭᠦᠳᠡ ᠶ᠋ᠢᠨ ᠳᠠᠢᠰᠤᠨ ᠶᠤᠮ》 ᠭᠡᠵᠦ ᠳᠣᠷᠵᠢ᠂ ᠳ᠋ᠠᠨᠽᠠᠨ ᠬᠣᠶᠠᠷ ᠪᠣᠳᠣᠬᠤ ᠳ᠋ᠠᠭᠠᠨ ᠲᠡᠳᠡᠨ ᠢ᠋ ᠴᠢᠩ ᠰᠡᠳᠬᠢᠯ ᠡᠴᠡ ᠪᠡᠨ ᠥᠰᠢᠨ ᠵᠠᠨᠤᠬᠤ ᠪᠣᠯᠵᠠᠢ᠃ ᠲᠡᠮᠡᠭᠡ ᠮᠠᠯ ᠨᠢ ᠭᠡᠪᠡᠯ ᠬᠥᠮᠦᠨ ᠦ᠌ ᠨᠤᠲᠤᠭ ᠤ᠋ᠨ ᠬᠡᠲᠦᠷᠬᠡᠢ ᠳᠤᠯᠠᠭᠠᠨ ᠠᠭᠠᠷ᠂ ᠤᠰᠤᠨ ᠳᠤᠮᠳᠠᠭᠤᠷ ᠬᠠᠲᠠᠭᠤ ᠰᠢᠷᠦᠭᠦᠨ ᠡᠳ᠋ᠯᠡᠭᠳᠡᠨ ᠲᠤᠷᠠᠭᠠᠯ ᠤ᠋ᠨ ᠲᠤᠢᠯ ᠳ᠋ᠤ᠌ ᠬᠦᠷᠬᠦ ᠶ᠋ᠢᠨ ᠵᠡᠷᠭᠡᠴᠡᠭᠡ ᠪᠡᠷ ᠬᠠᠮᠠᠭᠤ ᠡᠪᠡᠳᠴᠢᠨ ᠳ᠋ᠦ᠍ ᠪᠠᠷᠢᠭᠳᠠᠭᠰᠠᠨ ᠪᠠᠢᠪᠠ᠃ ᠲᠡᠳᠡ ᠨᠠᠷ ᠨᠢ ᠬᠥᠮᠦᠨ ᠦ᠌ ᠠᠳᠠᠯᠢ ᠢᠨᠠᠳᠤ ᠴᠢᠨᠠᠳᠤ ᠶ᠋ᠢ ᠪᠣᠳᠣᠨ ᠭᠠᠰᠠᠯᠤᠯ ᠵᠣᠪᠠᠯᠠᠩ ᠢ᠋ ᠲᠣᠭᠠᠴᠢᠬᠤ ᠦᠭᠡᠢ ᠪᠣᠯᠪᠠᠴᠤ ᠭᠥᠷᠳᠡᠬᠡᠷ ᠬᠦᠵᠦᠭᠦᠦ ᠪᠡᠨ ᠴᠠᠭ ᠢᠮᠠᠭᠲᠠ ᠳᠡᠭᠡᠭᠰᠢ ᠰᠣᠩᠭᠣᠨ ᠪᠠᠷᠠᠭᠤᠨ ᠵᠦᠭ ᠦ᠋ᠨ ᠲᠩᠷᠢ ᠶ᠋ᠢᠨ ᠬᠠᠶᠠᠭ᠎ᠠ ᠶ᠋ᠢ ᠰᠢᠷᠲᠡᠨ᠂ ᠦᠶ᠎ᠡ ᠦᠶ᠎ᠡ ᠪᠥᠭᠡᠮ ᠪᠥᠭᠡᠮ ᠨᠢᠯᠪᠤᠰᠤ ᠲᠤᠰᠤᠯᠤᠭᠤᠯᠬᠤ ᠪᠤᠶᠤ᠂ ᠡᠰᠡᠬᠦᠯ᠎ᠡ ᠬᠤᠷᠴᠠ ᠰᠢᠳᠦ ᠪᠡᠨ ᠬᠠᠪᠢᠷᠤᠨ ᠭᠠᠰᠠᠯᠠᠩ ᠤ᠋ᠨ ᠠᠪᠢᠶ᠎ᠠ ᠪᠠᠷ ᠬᠢᠬᠤᠲᠤᠨᠠᠭᠤᠯᠤᠨ ᠡᠵᠡᠳ ᠦ᠋ᠨ ᠢ᠋ᠶ᠋ᠡᠨ ᠵᠢᠷᠦᠬᠡ ᠶ᠋ᠢ ᠳᠣᠩᠰᠣᠯᠭᠠᠨ᠎ᠠ᠃  ᠢᠩᠭᠢᠬᠦ ᠳ᠋ᠦ᠍ ᠡᠵᠡᠳ ᠦ᠋ᠨ ᠬᠢᠨᠢ ᠪᠡᠶᠡᠰ ᠬᠡᠳᠦᠢᠪᠡᠷ ᠡᠷᠡᠭᠦᠯ ᠮᠡᠨᠳᠦ ᠪᠠᠢᠭ᠎ᠠ ᠪᠣᠯᠪᠠᠴᠤ ᠶᠠᠭᠠᠬᠢᠨ ᠬᠡᠪ ᠦ᠋ᠨ ᠪᠠᠢᠳᠠᠯ ᠢ᠋ᠶ᠋ᠠᠷ ᠪᠠᠢᠬᠤ ᠪᠢᠯᠡ᠃ 
       ᠳᠣᠷᠵᠢ ᠭᠡᠵᠦ ᠨᠢᠭᠡ ᠶᠡᠬᠡ ᠳᠡᠩᠬᠡᠷ ᠲᠣᠯᠣᠭᠠᠢ᠂ ᠠᠮᠠ ᠨᠢ ᠲᠥᠷᠥᠯᠬᠢ ᠶ᠋ᠢᠨ ᠲᠣᠮᠣ ᠶ᠋ᠢᠨ ᠢ᠋ᠶ᠋ᠡᠨ ᠳᠡᠭᠡᠷ᠎ᠡ ᠤᠯᠠᠮ ᠢ᠋ᠶ᠋ᠠᠷ ᠲᠣᠮᠣ ᠪᠣᠯᠤᠭᠰᠠᠨ ᠪᠥᠭᠡᠳ ᠬᠦᠵᠦᠭᠦᠦ ᠨᠢ ᠨᠠᠷᠢᠰᠤᠨ ᠬᠥᠮᠦᠨ ᠦ᠌ ᠬᠢ ᠡᠴᠡ ᠭᠠᠳᠠᠭᠤᠷ ᠪᠣᠯᠤᠭᠰᠠᠨ ᠨᠢ ᠵᠢᠭᠲᠡᠢᠬᠡᠨ᠃ ᠭᠡᠪᠡᠴᠦ ᠳᠣᠷᠵᠢ ᠵᠣᠪᠠᠯᠠᠩ ᠵᠦᠳᠡᠭᠦᠷᠡᠯ ᠨᠡᠮᠡᠭᠳᠡᠬᠦ ᠳᠣᠳᠣᠮ ᠭᠤᠨᠢᠨ ᠭᠤᠲᠤᠷᠠᠬᠤ ᠶ᠋ᠢ ᠬᠣᠢᠰᠢ ᠲᠠᠯᠪᠢᠨ ᠣᠷᠣᠨ ᠳ᠋ᠤᠨᠢ ᠴᠠᠭ ᠦᠷᠭᠦᠯᠵᠢ ᠠᠯᠢᠶᠠᠯᠠᠨ ᠮᠠᠷᠵᠠᠩᠨᠠᠬᠤ ᠪᠣᠯᠤᠭᠰᠠᠨ ᠪᠥᠭᠡᠳ ᠡᠨᠡ ᠨᠢ ᠲᠡᠭᠦᠨ ᠦ᠌ ᠰᠡᠳᠬᠢᠯ ᠢ᠋ᠶ᠋ᠡᠨ ᠰᠡᠷᠭᠦᠭᠡᠬᠦ ᠳ᠋ᠦ᠍ ᠬᠡᠷᠡᠭᠲᠡᠢ ᠪᠠᠢᠵᠠᠢ᠃ ᠡᠮᠦᠰᠦᠭᠰᠡᠨ ᠬᠤᠪᠴᠠᠰᠤ ᠨᠢ ᠠᠯᠢ ᠬᠡᠳᠦᠢᠨ ᠪᠡᠶ᠎ᠡ ᠬᠠᠯᠬᠠᠯᠠᠬᠤ ᠶᠠᠭᠤᠮ᠎ᠠ ᠦᠭᠡᠢ ᠪᠣᠯᠬᠤ ᠳ᠋ᠤᠨᠢ ᠰᠸᠯᠸᠳᠢ ᠫᠤᠤ ᠲᠠᠢ ᠨᠣᠶᠠᠨ᠂ ᠠᠯᠠᠭᠳᠠᠭᠰᠠᠨ ᠴᠡᠷᠢᠭ ᠦ᠋ᠨ ᠴᠢᠰᠤ ᠰᠢᠷᠣᠢ ᠬᠣᠶᠠᠷ ᠲᠠᠢ ᠬᠤᠳᠬᠤᠯᠳᠤᠭᠰᠠᠨ ᠪᠠᠬᠠᠨ ᠬᠤᠪᠴᠠᠰᠤ ᠠᠪᠴᠢᠷᠠᠭᠰᠠᠨ ᠪᠠᠢᠪᠠ᠃ ᠲᠡᠭᠡᠬᠦ ᠳ᠋ᠦ᠍ ᠳᠣᠷᠵᠢ ᠲᠡᠭᠦᠨ ᠡᠴᠡ ᠨᠢ ᠳ᠋ᠠᠨᠽᠠᠨ ᠲᠠᠢ ᠪᠠᠨ ᠡᠷᠬᠡ ᠦᠭᠡᠢ ᠰᠢᠯᠢᠨ ᠪᠡᠶ᠎ᠡ ᠳ᠋ᠡᠭᠡᠨ ᠲᠣᠬᠢᠷᠠᠭᠤᠯᠤᠨ ᠠᠪᠴᠤ ᠡᠮᠦᠰᠦᠭᠰᠡᠨ ᠠᠵᠢ᠃ ᠬᠢᠲᠠᠳ ᠬᠡᠯᠡ ᠳ᠋ᠠᠨᠽᠠᠠ ᠠ᠋ᠴᠠ ᠲᠤᠲᠠᠭᠤ ᠰᠤᠷᠤᠭᠰᠠᠨ ᠪᠣᠯᠪᠠᠴᠤ ᠬᠠᠷᠢᠶᠠᠯ ᠤ᠋ᠨ ᠦᠭᠡᠰ ᠢ᠋ ᠲᠣᠭᠲᠠᠭᠠᠭᠰᠠᠨ ᠨᠢ ᠨᠢᠭᠡᠳᠦᠭᠡᠷ ᠵᠡᠷᠭᠡ ᠳ᠋ᠦ᠍ ᠣᠷᠣᠨ᠎ᠠ᠃ 
       ᠬᠦᠷᠡᠯ ᠭᠡᠪᠡᠯ ᠨᠠᠰᠤ ᠠᠬᠢᠮᠠᠭ ᠬᠥᠮᠦᠨ ᠪᠣᠯᠬᠣᠷ ᠶᠠᠳᠠᠷᠠᠭᠰᠠᠨ ᠨᠢ ᠲᠤᠩ ᠶᠡᠬᠡ᠃ ᠶᠠᠭᠤ ᠶᠠᠭᠤᠨ ᠤ᠋ ᠤᠷᠢᠳ ᠠᠲᠤᠷᠢᠶ᠎ᠠ ᠰᠠᠭᠤᠭᠰᠠᠨ ᠥᠳᠬᠡᠨ ᠮᠠᠩᠨᠠᠢ ᠶ᠋ᠢᠨ ᠳᠣᠣᠷᠠᠬᠢ ᠨᠣᠮᠢᠨ ᠨᠣᠭᠣᠭᠠᠨ ᠨᠢᠳᠦ ᠭᠠᠯ ᠦᠭᠡᠢ ᠪᠣᠯᠵᠤ ᠡᠬᠢᠯᠡᠭᠡᠳ ᠳᠠᠷᠠᠭ᠎ᠠ ᠨᠢ ᠡᠳᠦᠷ ᠬᠣᠨᠣᠭ ᠢᠷᠡᠬᠦ ᠳᠣᠳᠣᠮ ᠡᠴᠡᠨ ᠲᠤᠷᠠᠭᠰᠠᠭᠠᠷ ᠨᠤᠮᠤ ᠬᠡᠯᠪᠡᠷᠢ ᠶ᠋ᠢᠨ ᠨᠢᠭᠡ ᠶᠡᠬᠡ ᠤᠷᠲᠤ ᠪᠡᠶ᠎ᠡ ᠲᠡᠢ ᠠᠮᠢᠲᠠᠨ ᠪᠣᠯᠵᠤ᠂ ᠦᠰᠦ ᠰᠠᠬᠠᠯ ᠨᠢ ᠲᠠᠯ᠎ᠠ ᠲᠠᠯ᠎ᠠ ᠲᠠᠢᠰᠢ ᠪᠠᠨ ᠤᠷᠭᠤᠨ ᠴᠠᠳᠢᠭ ᠢ᠋ᠶ᠋ᠠᠨ ᠠᠯᠳᠠᠭᠠᠳ ᠣᠷᠣᠰ᠂ ᠮᠣᠩᠭᠣᠯ᠂ ᠲᠠᠩᠭᠤᠳ᠂ ᠲᠥᠪᠡᠳ ᠲᠠᠪᠤᠨ ᠬᠡᠯᠡᠨ ᠦ᠌ ᠠᠮᠢᠲᠠᠳ ᠤ᠋ᠨ ᠠᠯᠢᠨ ᠲᠠᠢ ᠨᠢ ᠴᠦ᠍ ᠢᠵᠢᠯ ᠦᠭᠡᠢ ᠪᠣᠯᠵᠠᠢ᠃ ᠡᠮᠦᠰᠦᠭᠰᠡᠨ ᠬᠤᠪᠴᠠᠰᠤ ᠨᠢ ᠮᠥᠨ ᠪᠤᠰᠤᠳ ᠤ᠋ᠨ ᠠᠳᠠᠯᠢ᠂ ᠠᠯᠢ ᠬᠡᠳᠦᠢᠨ ᠡᠯᠡᠭᠳᠡᠭᠰᠡᠨ ᠪᠠᠢᠬᠤ ᠨᠢ ᠮᠡᠳᠡᠭᠡᠵᠢ ᠶ᠋ᠢᠨ ᠬᠡᠷᠡᠭ᠃ ᠭᠡᠲᠡᠯ᠎ᠡ ᠠᠯᠠᠭᠳᠠᠭᠰᠠᠨ ᠭᠠᠮᠢᠩ ᠤ᠋ᠨ ᠬᠤᠪᠴᠠᠰᠤ ᠠ᠋ᠴᠠ ᠡᠮᠦᠰᠪᠡᠯ ᠬᠣᠢᠲᠤ ᠨᠠᠰᠤᠨ ᠳ᠋ᠠᠭᠠᠨ ᠭᠠᠮᠢᠩ ᠪᠣᠯᠵᠤ ᠲᠥᠷᠥᠨ᠎ᠡ ᠭᠡᠵᠦ ᠰᠡᠵᠢᠭᠯᠡᠨ ᠠᠪᠤᠭ᠎ᠠ ᠦᠭᠡᠢ ᠪᠠᠢᠵᠠᠢ᠃ ᠲᠡᠭᠡᠭᠡᠳ ᠬᠤᠪᠴᠠᠰᠤ ᠪᠠᠨ ᠡᠳᠦᠷ ᠪᠦᠷᠢ ᠲᠡᠮᠡᠭᠡᠨ ᠤᠩᠭᠠᠰᠤ ᠨᠡᠢᠳᠬᠡᠨ ᠣᠶᠣ ᠣᠶᠣᠭᠰᠠᠭᠠᠷ ᠴᠣᠯ ᠤᠲᠠᠰᠤᠨ ᠬᠡᠷᠡᠭᠡᠰᠦ ᠪᠣᠯᠭᠠᠪᠠ᠃ ᠶᠡᠷᠦ ᠨᠢ ᠬᠦᠷᠡᠯ᠂ ᠨᠢᠭᠤᠷ ᠤ᠋ᠨ ᠪᠤᠶᠠᠨ ᠲᠠᠢ ᠬᠥᠮᠦᠨ ᠪᠠᠢᠪᠠ᠃ ᠰᠸᠯᠸᠳᠢ ᠫᠤᠤ ᠲᠠᠢ ᠨᠣᠶᠠᠨ ᠠ᠋ᠴᠠ ᠠᠪᠤᠭᠠᠳ ᠪᠠᠰᠠ ᠪᠤᠰᠤᠳ ᠭᠠᠮᠢᠩ ᠴᠥᠮ ᠳᠣᠲᠣᠨᠣᠴᠢᠯᠠᠨ ᠦᠵᠡᠨ᠎ᠡ᠃ ᠬᠢᠲᠠᠳ ᠬᠡᠯᠡ ᠡᠴᠡ ᠭᠠᠭᠴᠠᠬᠠᠨ《ᠪᠦ ᠳ᠋ᠦᠩ ᠳᠢ》 ᠯᠡ ᠭᠡᠵᠦ ᠲᠣᠭᠲᠠᠭᠠᠵᠠᠢ᠃ ᠲᠡᠭᠡᠭᠡᠳ ᠲᠡᠭᠦᠨ ᠢ᠋ᠶ᠋ᠡᠨ ᠬᠢᠲᠠᠳ ᠪᠦᠷᠢ ᠶ᠋ᠢᠨ ᠡᠮᠦᠨ᠎ᠡ ᠬᠡᠯᠡᠭᠰᠡᠭᠡᠷ ᠪᠠᠢᠭᠠᠳ《ᠪᠦᠳᠦᠭᠦᠨ ᠳ᠋ᠠᠢ》 ᠭᠡᠵᠦ ᠨᠡᠷᠡᠯᠡᠳᠡᠭ ᠪᠣᠯᠵᠠᠢ᠃ 
       ᠢᠩᠭᠢᠬᠦ ᠳ᠋ᠦ᠍ ᠬᠠᠮᠤᠭ ᠤ᠋ᠨ ᠶᠠᠳᠠᠷᠠᠭ᠎ᠠ ᠦᠭᠡᠢ ᠨᠢ ᠳ᠋ᠠᠨᠽᠠᠨ ᠪᠠᠢᠯ᠎ᠠ᠃ ᠠᠩᠬᠠᠨ ᠤ᠋ ᠪᠠᠨ ᠦᠶ᠎ᠡ ᠣᠯᠤᠭᠰᠠᠨ ᠣᠯᠵᠠ ᠡᠳ᠋ ᠬᠥᠷᠥᠩᠭᠡ ᠳ᠋ᠡᠭᠡᠨ ᠬᠠᠷᠠᠭᠤᠰᠠᠨ ᠶᠡᠬᠡᠳᠡ ᠭᠤᠳᠤᠷᠠᠭᠰᠠᠨ ᠢ᠋ ᠬᠦᠷᠡᠯ ᠡᠯᠳᠡᠪ ᠢ᠋ᠶ᠋ᠡᠷ ᠢᠳᠬᠠᠨ ᠵᠣᠭᠰᠣᠭᠠᠭᠰᠠᠨ ᠪᠥᠭᠡᠳ ᠲᠡᠭᠦᠨᠴᠡ ᠬᠣᠢᠰᠢ ᠳ᠋ᠠᠨᠽᠠᠨ ᠰᠠᠨᠠᠭ᠎ᠠ ᠰᠢᠯᠤᠭᠤᠳᠤᠨ ᠵᠥᠪᠬᠡᠨ ᠬᠢᠲᠠᠳ ᠬᠡᠯᠡ ᠰᠤᠷᠬᠤ ᠳ᠋ᠤ᠌ ᠬᠠᠮᠤᠭ ᠠᠩᠬᠠᠷᠤᠯ ᠢ᠋ᠶ᠋ᠠᠨ ᠲᠠᠯᠪᠢᠵᠠᠢ᠃ 
       ᠡᠨᠡ ᠵᠠᠭᠤᠷ᠎ᠠ ᠵᠢᠩᠴᠢᠳ ᠰᠤᠮᠤ ᠵᠥᠭᠡᠭᠡᠬᠦ ᠠᠵᠢᠯ ᠢ᠋ ᠳᠠᠩ ᠵᠠᠩᠴᠢᠬᠦᠦ ᠡᠴᠡ ᠪᠢᠰᠢ᠂ ᠤᠷᠢᠳᠤ ᠵᠦᠭ ᠦ᠋ᠨ ᠨᠡᠷ᠎ᠡ ᠲᠡᠢ᠂ ᠨᠡᠷ᠎ᠡ ᠦᠭᠡᠢ ᠶᠠᠩᠵᠤ ᠪᠦᠷᠢ ᠶ᠋ᠢᠨ ᠬᠣᠲᠠ ᠲᠣᠰᠬᠣᠨ ᠠ᠋ᠴᠠ ᠲᠡᠭᠡᠭᠡᠪᠦᠷᠢᠯᠡᠨ ᠬᠠᠭᠠᠰ ᠰᠠᠷ᠎ᠠ ᠶ᠋ᠢᠨ ᠡᠮᠦᠨ᠎ᠡ ᠰᠡᠭᠦᠯᠴᠢ ᠶ᠋ᠢᠨ ᠲᠡᠭᠡᠭᠡᠪᠦᠷᠢ ᠶ᠋ᠢ ᠬᠢᠭᠡᠳ ᠪᠠᠢᠵᠠᠢ᠃ ᠵᠠᠮ ᠵᠠᠭᠤᠷ᠎ᠠ ᠳ᠋ᠤ᠌ ᠬᠡᠳᠦ ᠬᠡᠳᠦᠨ ᠲᠡᠮᠡᠭᠡ ᠶᠠᠪᠤᠵᠤ ᠴᠢᠳᠠᠬᠤ ᠪᠠᠨ ᠪᠣᠯᠢᠬᠤ ᠳ᠋ᠤ᠌ ᠠᠴᠢᠶ᠎ᠠ ᠶ᠋ᠢ ᠨᠢ ᠬᠢᠲᠠᠳ ᠮᠣᠩᠭᠣᠯ ᠴᠥᠮ ᠬᠤᠪᠢᠶᠠᠨ ᠠᠪᠴᠤ ᠡᠭᠦᠷᠬᠦ ᠳ᠋ᠦ᠍ ᠬᠦᠷᠴᠡᠢ᠃ ᠲᠡᠭᠡᠬᠦ ᠳ᠋ᠦ᠍ ᠰᠸᠯᠸᠳᠢ ᠫᠤᠤ ᠲᠠᠢ ᠨᠣᠶᠠᠨ ᠬᠦᠷᠡᠯ ᠳ᠋ᠦ᠍ ᠦᠷᠦ ᠡᠪᠡᠳᠴᠢᠬᠡᠨ ᠰᠡᠳᠬᠢᠯ ᠭᠠᠷᠭᠠᠵᠤ ᠬᠤᠪᠢ ᠳ᠋ᠤᠨᠢ ᠣᠨᠣᠭᠳᠠᠭᠰᠠᠨ ᠢ᠋ ᠥᠪᠡᠷ ᠲᠡᠭᠡᠨ ᠠᠪᠤᠨ ᠡᠴᠢᠨᠡᠨ ᠲᠡᠴᠢᠨᠡᠨ ᠬᠣᠯᠠ ᠭᠠᠵᠠᠷ ᠶᠠᠪᠤᠵᠠᠢ᠃ ᠶᠡᠷᠦ ᠨᠢ ᠲᠡᠷᠡ ᠬᠥᠮᠦᠨ ᠦᠶ᠎ᠡ ᠦᠶ᠎ᠡ ᠡᠷᠯᠢᠭ ᠦ᠋ᠨ ᠡᠯᠴᠢ ᠰᠢᠭ ᠳᠣᠭᠰᠢᠨ ᠰᠢᠷᠦᠭᠦᠨ ᠠᠪᠤᠷᠢᠯᠠᠬᠤ ᠪᠣᠯᠪᠠᠴᠤ ᠦᠨᠡᠨ ᠳ᠋ᠡᠭᠡᠨ ᠳᠡᠭᠡᠳᠦ ᠠᠬᠠᠯᠠᠬᠤ ᠬᠥᠮᠦᠰ ᠲᠡᠭᠡᠨ ᠴᠠᠭ ᠦᠷᠭᠦᠯᠵᠢ ᠤᠬᠤᠷᠬᠠᠢ ᠪᠠᠨ ᠰᠢᠷᠭᠢᠲᠡᠯ᠎ᠡ ᠵᠠᠩᠨᠠᠭᠤᠯᠵᠤ ᠶᠠᠪᠤᠳᠠᠭ ᠮᠥᠨ ᠦᠢᠯᠡ ᠲᠡᠢ ᠠᠮᠢᠲᠠᠨ ᠪᠠᠢᠪᠠ᠃ 
       ᠵᠢᠱ᠌ᠢᠶᠡᠯᠡᠪᠡᠯ ᠭᠤᠷᠪᠠᠨ ᠰᠠᠷ᠎ᠠ ᠶ᠋ᠢᠨ ᠡᠮᠦᠨ᠎ᠡ ᠨᠢᠭᠡᠨ ᠡᠳᠦᠷ᠂ ᠵᠡᠭᠦᠨ ᠲᠠᠯ᠎ᠠ ᠶ᠋ᠢᠨ ᠢ᠋ᠶ᠋ᠡᠨ ᠡᠩᠭᠡᠷ ᠳᠡᠭᠡᠷ᠎ᠡ ᠲᠣᠮᠣ ᠱᠠᠵᠠᠩ ᠠᠶᠠᠭᠠᠨ ᠤ᠋ ᠢᠷᠣᠭᠠᠷ ᠤ᠋ᠨ ᠬᠢᠷᠢ ᠲᠡᠢ ᠮᠥᠩᠭᠥᠨ ᠴᠢᠮᠡᠭ ᠵᠡᠭᠦᠭᠰᠡᠨ ᠣᠮᠣᠭ ᠲᠠᠢ ᠨᠣᠶᠠᠨ ᠥᠪᠡᠷ ᠢ᠋ᠶ᠋ᠡᠨ ᠶᠠᠪᠤᠳᠠᠭ ᠭᠤᠷᠪᠠᠨ ᠳᠤᠭᠤᠢ ᠲᠠᠢ ᠲᠡᠷᠭᠡ ᠪᠡᠷ ᠫᠠᠵᠢᠭᠢᠨᠠᠭᠤᠯᠤᠨ ᠳᠠᠪᠬᠢᠵᠤ ᠢᠷᠡᠨ ᠲᠠᠷᠢᠬᠢ ᠲᠦᠷᠦᠭᠦᠦ ᠦᠭᠡᠢ ᠵᠠᠩᠨᠠᠭᠰᠠᠨ ᠲᠡᠳᠦᠢ ᠦᠭᠡᠢ᠂ ᠬᠠᠮᠠᠷ ᠠ᠋ᠴᠠ ᠨᠢ ᠴᠢᠰᠤ ᠰᠡᠳᠡᠷᠡᠲᠡᠯ᠎ᠡ ᠠᠯᠠᠭᠠᠳᠠᠬᠤ ᠶ᠋ᠢ ᠵᠢᠩᠴᠢᠳ ᠦᠵᠡᠪᠡ᠃ ᠡᠭᠦᠨᠴᠢᠯᠡᠨ ᠥᠭᠡᠷ᠎ᠡ ᠪᠤᠰᠤᠳ ᠨᠣᠶᠠᠳ ᠲᠤ ᠴᠤ᠌ ᠠᠳᠠᠯᠢ ᠵᠠᠩᠨᠠᠭᠤᠯᠤᠨ ᠵᠣᠳᠣᠭᠤᠯᠳᠠᠭ ᠪᠠᠢᠵᠠᠢ᠃ ᠰᠸᠯᠸᠳᠢ ᠫᠤᠤ ᠲᠠᠢ ᠨᠣᠶᠠᠨ ᠪᠤᠰᠤᠳ ᠠ᠋ᠴᠠ ᠶᠠᠯ᠎ᠠ ᠵᠢᠮᠡᠯᠡᠯ ᠬᠦᠯᠢᠶᠡᠬᠦ ᠲᠡᠢ ᠪᠡᠨ ᠵᠡᠷᠭᠡ ᠣᠨᠴᠠ ᠬᠡᠷᠴᠡᠭᠡᠢ ᠪᠣᠯᠳᠠᠭ ᠲᠤᠯᠠ ᠳᠡᠷᠭᠡᠳᠡ ᠨᠢ ᠶᠠᠪᠤᠭ᠎ᠠ ᠪᠦᠬᠦᠨ ᠢ᠋ᠶ᠋ᠡᠷ ᠢ᠋ᠶ᠋ᠡᠨ ᠲᠡᠭᠦᠨ ᠢ᠋ ᠬᠡᠵᠢᠶ᠎ᠡ ᠢᠮᠠᠭᠲᠠ ᠬᠡᠨ ᠳ᠋ᠦ᠍ ᠴᠤ᠌ ᠪᠢᠲᠡᠭᠡᠢ ᠵᠢᠮᠡᠯᠡᠭᠦᠯᠦᠭᠡᠰᠡᠢ ᠭᠡᠵᠦ ᠪᠣᠳᠣᠨ᠎ᠠ᠃ 
       ᠪᠦᠬᠦ ᠲᠡᠮᠡᠭᠡ ᠬᠥᠳᠡᠯᠬᠦ ᠴᠢᠳᠠᠯ ᠦᠭᠡᠢ ᠪᠣᠯᠤᠨ ᠵᠣᠭᠰᠣᠬᠤ ᠳ᠋ᠤ᠌ ᠡᠨᠳᠡᠬᠢ ᠶ᠋ᠢᠨ ᠳᠡᠭᠡᠳᠦ ᠨᠣᠶᠠᠳ ᠠᠯᠢ ᠪᠣᠯᠬᠤ ᠲᠦᠷᠭᠡᠨ ᠬᠤᠭᠤᠴᠠᠭᠠᠨ ᠳ᠋ᠤ᠌ ᠲᠡᠩᠬᠡᠷᠡᠭᠦᠯᠬᠦ ᠶ᠋ᠢ ᠲᠤᠰᠢᠶᠠᠭᠰᠠᠨ ᠪᠠᠢᠪᠠ᠃ ᠡᠵᠡᠳ ᠢ᠋ ᠨᠢ ᠮᠥᠨ ᠢᠷᠡᠭᠡᠳᠦᠢ ᠳ᠋ᠦ᠍ ᠲᠡᠩᠬᠡᠷᠡᠭᠰᠡᠨ ᠲᠡᠮᠡᠭᠡ ᠲᠡᠢ ᠨᠢ ᠴᠣᠭ ᠬᠡᠷᠡᠭᠯᠡᠬᠦ ᠪᠡᠷ ᠬᠠᠷᠠᠭᠤᠯ ᠮᠠᠨᠠᠭ᠎ᠠ ᠪᠠᠷ ᠰᠠᠬᠢᠭᠤᠯᠤᠭᠰᠠᠭᠠᠷ ᠠᠵᠢ᠃ ᠡᠯᠵᠢᠭᠡ ᠮᠣᠳᠣᠨ ᠬᠤᠳᠠᠷᠭᠠᠨ ᠳ᠋ᠠᠭᠠᠨ ᠳᠤᠷ᠎ᠠ ᠲᠠᠢ ᠭᠡᠭᠴᠢ ᠪᠡᠷ ᠵᠢᠩᠴᠢᠳ ᠬᠡᠪ ᠭᠡᠨᠡᠳᠲᠡ ᠵᠦᠭᠡᠷ ᠰᠠᠭᠤᠬᠤ ᠪᠣᠯᠤᠭᠰᠠᠨ ᠳ᠋ᠠᠭᠠᠨ ᠤᠢᠳᠬᠠᠷᠯᠠᠨ ᠪᠠᠢᠵᠤ ᠶᠠᠳᠠᠬᠤ ᠪᠣᠯᠤᠭᠰᠠᠨ ᠪᠢᠯᠡ᠃ 
       ᠳᠣᠷᠵᠢ ᠮᠢᠬᠠᠨ ᠤ᠋ ᠬᠣᠢᠲᠤ ᠮᠤᠬᠤᠷ ᠲᠤ ᠬᠡᠪᠲᠡᠵᠦ ᠪᠠᠢᠭᠰᠠᠨ ᠢ᠋ᠶ᠋ᠠᠨ ᠬᠡᠦᠬᠡᠳ ᠰᠢᠭ ᠬᠥᠯ ᠭᠠᠷ ᠢ᠋ᠶ᠋ᠠᠨ ᠠᠷᠪᠠᠭᠠᠨᠠᠭᠤᠯᠤᠨ ᠬᠣᠶᠠᠷ ᠲᠠᠢᠰᠢ ᠪᠠᠨ ᠬᠡᠳᠦ ᠳᠠᠬᠢᠨ ᠬᠣᠯᠪᠣᠷᠢᠭᠠᠳ ᠡᠴᠦᠰ ᠲᠦ᠋ᠨᠢ ᠲᠦᠷᠦᠭᠦᠯᠡᠭᠡ ᠪᠡᠨ ᠬᠠᠷᠠᠨ ᠪᠦᠪ ᠪᠥᠭᠡᠷᠡᠩᠬᠡᠢ ᠪᠣᠯᠵᠤ ᠠᠪᠤᠭᠠᠳ ᠤᠨᠲᠠᠬᠤ ᠮᠡᠲᠦ ᠪᠣᠯᠪᠠ᠃ ᠵᠡᠭᠦᠨ ᠤᠷᠢᠲᠠᠢ ᠨᠢ ᠬᠦᠷᠡᠯ ᠳᠡᠪᠡᠯ ᠦ᠋ᠨ ᠢ᠋ᠶ᠋ᠡᠨ ᠤᠷᠠᠩᠬᠠᠢ ᠶ᠋ᠢ ᠣᠶᠣᠵᠤ ᠰᠠᠭᠤᠨ᠎ᠠ᠃ ᠲᠦᠷᠦᠭᠦᠦ ᠶ᠋ᠢᠨ ᠢ᠋ᠶ᠋ᠡᠨ ᠣᠶᠣᠭᠰᠠᠨ ᠢ᠋ ᠳᠠᠬᠢᠨ ᠳᠠᠪᠲᠠᠨ ᠬᠠᠨᠵᠠᠯᠠᠭᠠᠳ ᠣᠶᠣᠬᠤ ᠲᠤᠯᠠ ᠬᠢᠵᠦ ᠪᠠᠷᠠᠭᠳᠠᠬᠤ ᠦᠭᠡᠢ ᠠᠵᠢᠯ ᠲᠡᠷᠡ ᠪᠠᠢᠪᠠ᠃ ᠪᠠᠷᠠᠭᠤᠨᠲᠠᠢ ᠳ᠋ᠠᠨᠽᠠᠨ ᠡᠳᠦᠷ ᠳᠣᠳᠣᠮ ᠥᠭᠳᠡᠭ ᠬᠠᠢᠷᠴᠠᠭ ᠲᠠᠢ ᠶᠠᠩᠵᠤᠤᠷ ᠠ᠋ᠴᠠ ᠵᠣᠷᠢᠭᠤᠳᠠ ᠲᠣᠯᠣᠭᠠᠢ ᠪᠠᠨ ᠮᠢᠨᠴᠦᠷᠡᠭᠦᠯᠦᠨ᠎ᠡ᠃ ᠥᠩᠭᠡᠷᠡᠭᠰᠡᠨ ᠴᠠᠭ ᠲᠤ ᠬᠠᠮᠲᠤ ᠶᠠᠪᠤᠯᠴᠠᠳᠠᠭ ᠭᠠᠮᠢᠩ ᠤ᠋ᠳ ᠤ᠋ᠨ ᠨᠢᠭᠡ ᠨᠢ ᠭᠠᠭᠴᠠᠬᠠᠨ ᠰᠤᠷᠤᠭᠰᠠᠨ ᠤᠲᠤᠭ᠎ᠠ ᠪᠠᠷ ᠢ᠋ᠶ᠋ᠠᠨ ᠠᠷᠪᠠᠨ ᠲᠣᠭᠣᠷᠢᠭ ᠦᠯᠢᠶᠡᠨ ᠭᠠᠷᠭᠠᠵᠤ ᠨᠥᠬᠥᠳ ᠲᠡᠭᠡᠨ ᠭᠠᠢᠬᠠᠭᠤᠯᠤᠭᠰᠠᠨ ᠢ᠋ ᠦᠵᠡᠭᠰᠡᠨ ᠢ᠋ᠶ᠋ᠡᠷ ᠳ᠋ᠠᠨᠽᠠᠨ ᠪᠠᠰᠠ ᠲᠡᠢᠮᠦ ᠴᠠᠭᠠᠷᠢᠭ ᠭᠠᠷᠭᠠᠬᠤ ᠶ᠋ᠢ ᠣᠷᠣᠯᠳᠣᠭᠠᠳ ᠡᠰᠡ ᠴᠢᠳᠠᠨ ᠠᠷᠭ᠎ᠠ ᠪᠠᠷᠠᠭᠳᠠᠨ᠎ᠠ᠃ ᠡᠷᠭᠢᠨ ᠲᠣᠭᠣᠷᠢᠨ ᠳ᠋ᠤ᠌ ᠴᠤ᠌ ᠠᠨᠢᠷ ᠴᠢᠮᠡᠭᠡ ᠦᠭᠡᠢ ᠤᠢᠳᠬᠠᠷ ᠳᠤ ᠳᠠᠷᠤᠭᠳᠠᠨ ᠪᠠᠢᠬᠤ ᠳ᠋ᠤᠨᠢ ᠰᠸᠯᠸᠳᠢ ᠫᠤᠤ ᠲᠠᠢ ᠨᠣᠶᠠᠨ ᠳᠠᠭᠤ ᠭᠠᠷᠪᠠ᠃ 
       — ᠬᠥᠶᠢ ᠴᠢ ᠶᠠᠪᠤ! ᠮᠣᠩᠭᠣᠯ ᠤ᠋ᠳ ᠢ᠋ ᠠᠪᠤᠨ ᠲᠡᠢᠰᠢ ᠶᠠᠪᠤ! ᠭᠡᠬᠦ ᠰᠣᠨᠣᠰᠲᠠᠯ᠎ᠠ᠃ ᠳᠣᠷᠵᠢ᠄ 
       — ᠲᠤᠭᠤᠯᠪᠠᠤ ᠲᠡᠷᠡ᠂ ᠪᠢᠳᠡᠨ ᠢ᠋ ᠨᠢᠭᠡ ᠲᠡᠢᠰᠢ ᠨᠢ ᠶᠠᠪᠤᠭᠤᠯᠬᠤ ᠨᠢ! ᠭᠡᠵᠦ ᠢᠨᠢᠶᠡᠮᠰᠦᠭᠯᠡᠨ ᠥᠨᠳᠡᠢᠪᠡ᠃ 
       ᠮᠠᠨ ᠤ᠋ ᠡᠭᠦᠳᠡᠨ ᠳᠡᠭᠡᠷ᠎ᠡ ᠡᠴᠡ ᠮᠠᠨᠠᠭᠠᠨ ᠤ᠋ ᠬᠥᠮᠦᠨ᠄ ᠬᠠᠢ᠂ ᠪᠣᠰᠴᠠᠭ᠎ᠠ ᠭᠡᠪᠡ᠃ ᠵᠢᠩᠴᠢᠳ ᠲᠤᠰ ᠪᠦᠷᠢ ᠪᠡᠨ ᠪᠠᠶᠠᠷᠯᠠᠭᠰᠠᠨ ᠴᠢᠷᠠᠢ ᠭᠠᠷᠭᠠᠨ ᠭᠠᠷᠤᠯ᠎ᠠ᠃ ᠮᠠᠨᠠᠭᠠᠨ ᠤ᠋ ᠬᠥᠮᠦᠰ ᠫᠤᠤ ᠪᠠᠨ ᠮᠥᠷᠥᠪᠴᠢᠯᠡᠩᠭᠦᠲᠡ ᠪᠡᠨ ᠡᠮᠦᠨ᠎ᠡ ᠨᠢ ᠣᠷᠣᠨ ᠶᠡᠬᠡ ᠴᠡᠷᠢᠭ ᠦ᠋ᠨ ᠬᠤᠸᠠᠷᠠᠨ ᠴᠢᠭᠯᠡᠨ ᠶᠠᠪᠤᠪᠠ᠃ ᠲᠡᠨᠳᠡ ᠡᠷᠡᠭᠦᠯ ᠬᠥᠮᠦᠨ ᠬᠣᠪᠣᠷ᠂ ᠣᠯᠠᠨ ᠮᠢᠩᠭᠠᠨ ᠬᠥᠩᠭᠡᠨ ᠰᠢᠷᠬᠠᠲᠠᠨ ᠪᠠᠢᠭ᠎ᠠ ᠪᠥᠭᠡᠳ ᠴᠥᠮ ᠨᠢᠭᠡᠨ ᠳᠣᠣᠷ᠎ᠠ ᠴᠤᠭᠯᠠᠷᠠᠭᠰᠠᠨ ᠠ᠋ᠴᠠ ᠭᠠᠳᠠᠨ᠎ᠠ᠂ ᠴᠠᠩ ᠬᠡᠩᠭᠡᠷᠭᠡ ᠫᠠᠵᠢᠭᠢᠨᠠᠬᠤ ᠰᠣᠨᠣᠰᠤᠭᠳᠠᠨ᠎ᠠ᠃ ᠠᠯᠢ ᠨᠢᠭᠡᠨ ᠬᠣᠲᠠ ᠠ᠋ᠴᠠ ᠰᠢᠴᠢᠨ ᠨᠦ᠍ᠭᠦᠳ ᠢᠷᠡᠭᠡᠳ ᠪᠠᠢᠭ᠎ᠠ ᠠᠵᠢ᠃ ᠭᠡᠲᠡᠯ᠎ᠡ ᠵᠢᠩᠴᠢᠳ ᠰᠢ ᠶ᠋ᠢ ᠦᠵᠡᠬᠦ ᠪᠠᠢᠲᠤᠭᠠᠢ ᠳᠤᠭᠤᠯᠠᠭ᠎ᠠ ᠦᠭᠡᠢ ᠤᠯᠤᠰ ᠪᠣᠯᠬᠣᠷ ᠬᠦᠷᠦᠯᠴᠡᠨ ᠣᠴᠢᠬᠤ ᠲᠠᠢ ᠵᠡᠷᠭᠡ ᠠᠮᠠ ᠠᠩᠭᠠᠢᠯᠭᠠᠨ ᠭᠠᠢᠬᠠᠨ ᠰᠢᠷᠳᠡᠨ᠎ᠡ᠃ ᠣᠯᠠᠨ ᠤ᠋ ᠡᠮᠦᠨ᠎ᠡ ᠲᠤᠰᠬᠠᠢᠯᠠᠨ ᠵᠠᠰᠠᠭᠰᠠᠨ ᠥᠨᠳᠥᠷ ᠲᠠᠪᠴᠠᠩ ᠳᠡᠭᠡᠷ᠎ᠡ ᠨᠢᠭᠡ ᠬᠥᠮᠦᠨ ᠬᠣᠶᠠᠷ ᠰᠠᠨᠳᠠᠯᠢ ᠲᠠᠯᠪᠢᠨ ᠭᠣᠶᠣᠮᠰᠣᠭ ᠶᠠᠭᠤᠮ᠎ᠠ ᠪᠠᠷ ᠪᠦᠲᠦᠭᠡᠭᠡᠳ ᠬᠠᠵᠠᠭᠤ ᠲᠡᠢᠰᠢ ᠣᠷᠣᠪᠠ᠃ ᠵᠢᠶᠠᠩ ᠵᠣᠩ ᠬᠢᠭᠰᠡᠨ ᠬᠥᠭᠵᠢᠮ ᠦ᠋ᠨ ᠠᠪᠢᠶ᠎ᠠ ᠬᠡᠳᠦᠨ ᠵᠡᠷᠭᠡ ᠵᠢᠩᠭᠢᠨᠡᠵᠦ ᠴᠤᠭᠯᠠᠷᠠᠭᠰᠠᠨ ᠣᠯᠠᠨ ᠤᠯᠠᠮ ᠢ᠋ᠶ᠋ᠠᠷ ᠴᠢᠭᠴᠢᠡᠯᠳᠦᠭᠡᠳ ᠮᠠᠨᠠᠭᠠᠨ ᠤ᠋ ᠬᠥᠮᠦᠨ ᠬᠦᠷᠲᠡᠯ᠎ᠡ ᠣᠷᠣᠭᠰᠢ ᠵᠢᠳᠬᠦᠪᠡ᠃ ᠵᠠ ᠲᠠ ᠮᠢᠨᠢ ᠡᠨᠳᠡ ᠴᠢᠨᠢ ᠶᠠᠭᠤ ᠭᠡᠭᠴᠢ ᠪᠣᠯᠬᠤ ᠭᠡᠵᠦ ᠪᠠᠢᠨ᠎ᠠ ᠳᠠ? ᠭᠡᠵᠦ ᠳ᠋ᠠᠨᠽᠠᠨ ᠤ᠋ ᠭᠠᠢᠬᠠᠨ ᠠᠰᠠᠭᠤᠬᠤ ᠳ᠋ᠤ᠌ ᠳᠣᠷᠵᠢ᠄ 
       — ᠶᠠᠭᠤ ᠭᠡᠭᠴᠢ ᠶ᠋ᠢ ᠬᠡᠨ ᠮᠡᠳᠡᠯ᠎ᠡ᠂ ᠶᠠᠭᠤ ᠴᠤ᠌  ᠭᠡᠰᠡᠨ ᠶᠠᠭᠤᠮ᠎ᠠ ᠯᠠ ᠭᠡᠭᠴᠢ ᠪᠣᠯᠬᠤ ᠨᠢ ᠪᠣᠯᠤᠯᠲᠠᠢ ᠭᠡᠳ ᠤᠷᠢᠳᠤᠬᠢ ᠬᠥᠮᠦᠰ ᠲᠡᠭᠡᠨ ᠬᠠᠷᠢᠶᠠᠯᠭᠠᠨ ᠤᠬᠠᠭᠠᠨ ᠵᠢᠯᠣᠭᠣ ᠦᠭᠡᠢ ᠵᠢᠳᠬᠦᠪᠡ᠃ ᠲᠠᠪᠴᠠᠩ ᠤ᠋ᠨ ᠮᠤᠬᠤᠷ ᠠ᠋ᠴᠠ ᠳᠠᠪᠤᠤ ᠡᠭᠦᠳᠡ ᠳᠡᠭᠡᠭᠰᠢ ᠰᠢᠳᠡᠭᠳᠡᠨ ᠲᠥᠭᠡ ᠰᠢᠬᠠᠮ ᠤ᠋ᠨ ᠵᠤᠵᠠᠭᠠᠨ ᠤᠯᠠ ᠲᠠᠢ ᠬᠠᠷ᠎ᠠ ᠱᠠᠬᠠᠢ ᠲᠠᠢ ᠬᠥᠮᠦᠨ ᠭᠠᠷᠴᠤ ᠢᠷᠡᠬᠦ ᠳ᠋ᠦ᠍᠂ ᠳᠣᠷᠵᠢ ᠯᠠᠪᠯᠠᠨ ᠠᠵᠢᠭᠯᠠᠨ᠎ᠠ᠃ ᠤᠷᠢᠳ ᠡᠮᠦᠨ᠎ᠡ ᠳᠠᠩᠴᠤ ᠦᠵᠡᠭᠡ ᠦᠭᠡᠢ ᠭᠣᠶᠣᠮᠰᠣᠭ ᠬᠤᠪᠴᠠᠰᠤ ᠲᠠᠢ᠂ ᠤᠷᠳᠤᠭᠤᠷ ᠢ᠋ᠶ᠋ᠠᠨ ᠠᠷᠰᠯᠠᠨ ᠪᠠᠷᠰ ᠬᠣᠶᠠᠷ ᠤ᠋ᠨ ᠠᠯᠢ ᠨᠢᠭᠡᠨ ᠦ᠌ ᠬᠢᠨᠢ ᠲᠣᠯᠣᠭᠠᠢ ᠪᠣᠯ ᠤᠤ ᠭᠡᠮᠡᠷ ᠠᠮᠢᠲᠠᠨ ᠤ᠋ ᠲᠣᠯᠣᠭᠠᠢ ᠶ᠋ᠢ ᠡᠷᠢᠶᠡᠯᠡᠨ ᠲᠠᠯᠪᠢᠭᠰᠠᠨ ᠬᠥᠭ ᠮᠡᠲᠦ ᠶ᠋ᠢ ᠵᠡᠭᠦᠭᠰᠡᠨ ᠴᠢᠰᠤ ᠤᠯᠠᠭᠠᠨ ᠨᠢᠭᠤᠷ ᠲᠠᠢ ᠬᠥᠮᠦᠨ ᠪᠠᠢᠯ᠎ᠠ᠃ ᠲᠡᠭᠡᠭᠡᠳ ᠲᠡᠷᠡ ᠬᠥᠮᠦᠨ ᠬᠥᠯ ᠢ᠋ᠶ᠋ᠡᠨ ᠳᠡᠭᠡᠷ᠎ᠡ ᠡᠷᠭᠦᠨ ᠬᠥᠨᠳᠡᠯᠡᠨ ᠭᠢᠰᠬᠢᠯᠡᠵᠦ ᠡᠷᠡᠭᠦᠦ ᠶ᠋ᠢᠨ ᠳᠣᠣᠷᠠᠬᠢ ᠬᠠᠷ᠎ᠠ ᠶᠣᠩᠬᠣᠷ ᠴᠠᠴᠤᠭ  ᠮᠡᠲᠦ ᠰᠢᠭᠤᠳ ᠳᠣᠭᠣᠭᠰᠢ ᠤᠨᠵᠢᠭᠰᠠᠨ ᠤᠷᠲᠤ ᠰᠠᠬᠠᠯ ᠢ᠋ᠶ᠋ᠠᠨ ᠭᠠᠷ ᠳᠡᠯᠯᠡᠨ ᠢᠯᠪᠢᠵᠦ᠂ ᠬᠠᠵᠠᠭᠤ ᠲᠠᠢᠰᠢ ᠬᠠᠶᠠᠭᠠᠳ᠂ ᠪᠠᠷᠠᠭᠤᠨ ᠭᠠᠷ ᠲᠠᠭᠠᠨ ᠰᠠᠷᠠᠨ ᠰᠦᠬᠡᠲᠦ ᠵᠢᠳᠠ ᠶ᠋ᠢᠨ ᠡᠰᠢ ᠶ᠋ᠢ ᠰᠢᠯᠢᠨ ᠳᠡᠭᠡᠷ᠎ᠡ ᠲᠦᠰ ᠪᠠᠭᠤᠯᠭᠠᠨ ᠬᠡᠳᠦᠨ ᠦᠭᠡ ᠬᠡᠯᠡᠪᠡ᠃ ᠬᠣᠢᠨ᠎ᠠ ᠠ᠋ᠴᠠ ᠨᠢ ᠪᠠᠰᠠ ᠨᠢᠭᠡᠨ ᠰᠦᠷᠡᠬᠡᠢ ᠠᠮᠢᠲᠠᠨ ᠭᠠᠷᠴᠤ ᠢᠷᠡᠯ᠎ᠡ᠃ ᠨᠠᠭᠤᠷ ᠨᠢ ᠬᠠᠷ᠎ᠠ ᠡᠷᠢᠶᠡᠨ᠂ ᠲᠣᠯᠣᠭᠠᠢ ᠳ᠋ᠤᠨᠢ ᠬᠣᠶᠠᠷ ᠨᠠᠷᠢᠬᠠᠨ ᠤᠷᠲᠤ ᠡᠪᠡᠷ ᠨᠠᠬᠢᠯᠵᠠᠵᠤ᠂ ᠠᠷᠤ ᠨᠢᠷᠤᠭᠤᠨ ᠳ᠋ᠤᠨᠢ ᠡᠷᠢᠶᠡᠨ ᠳᠠᠷᠴᠠᠭ ᠤ᠋ᠳ ᠰᠠᠯᠪᠠᠯᠵᠠᠨ᠎ᠠ᠃ ᠲᠦᠷᠦᠭᠦᠴᠢ ᠶ᠋ᠢᠨ ᠭᠠᠷᠴᠤ ᠢᠷᠡᠭᠰᠡᠨ ᠬᠥᠮᠦᠨ ᠲᠡᠢ ᠲᠣᠮᠣ ᠲᠣᠮᠣ ᠳᠠᠭᠤ ᠪᠠᠷ ᠬᠠᠷᠢᠯᠴᠠᠨ ᠶᠠᠷᠢᠯᠴᠠᠬᠤ ᠵᠠᠭᠤᠷ᠎ᠠ ᠥᠭᠡᠷ᠎ᠡ ᠪᠤᠰᠤᠳ ᠵᠢᠳᠠ ᠰᠡᠯᠡᠮ᠎ᠡ ᠮᠤᠨᠠ ᠡᠯᠳᠡᠪ ᠢ᠋ ᠪᠠᠷᠢᠭᠰᠠᠨ ᠶᠣᠰᠣᠲᠠᠢ ᠢᠷᠣ᠎ᠠ ᠶ᠋ᠢᠨ ᠴᠢᠷᠠᠢ ᠲᠠᠢ ᠠᠮᠢᠲᠠᠳ ᠤᠳᠠᠭ᠎ᠠ ᠳᠠᠷᠠᠭᠠᠯᠠᠨ ᠭᠠᠷᠴᠤ ᠢᠷᠡᠭᠰᠡᠨ ᠪᠠᠢᠨ᠎ᠠ᠃ ᠦᠨᠡᠨ ᠳ᠋ᠡᠭᠡᠨ ᠵᠢᠩᠴᠢᠳ ᠲᠡᠷᠡ ᠪᠦᠷᠢ ᠶ᠋ᠢ ᠨᠢᠳᠦ ᠭᠦᠢᠴᠡᠭᠡᠨ ᠬᠠᠷᠠᠵᠤ ᠴᠢᠳᠠᠬᠤ ᠪᠠᠨ ᠪᠣᠯᠢᠭᠰᠠᠨ ᠠᠵᠢ᠃ 
       — ᠡᠨᠡ ᠴᠢᠨᠢ ᠣᠳᠣ ᠶᠠᠭᠤ ᠭᠡᠭᠴᠢ ᠪᠣᠢ? ᠭᠡᠵᠦ ᠳᠣᠷᠵᠢ ᠡᠷᠭᠢᠨ᠂ ᠬᠦᠷᠡᠯ ᠡᠴᠡ ᠠᠰᠠᠭᠤᠬᠤ ᠳ᠋ᠤ᠌᠂ ᠬᠦᠷᠡᠯ᠄ ᠬᠠᠢ᠂ ᠬᠠᠢ ᠭᠡᠵᠦ ᠪᠣᠳᠣᠭᠰᠠᠨ ᠢ᠋ᠶ᠋ᠠᠨ᠂ 
       — ᠡᠷᠲᠡ ᠴᠠᠭ ᠲᠤ ᠪᠡᠭᠡᠵᠢᠩ ᠳ᠋ᠦ᠍ ᠵᠢᠱ᠌ᠢᠶᠡᠯᠡᠭᠰᠡᠨ ᠨᠢᠭᠡ ᠲᠦᠰᠢᠮᠡᠯ ᠰᠢ ᠭᠡᠵᠦ ᠡᠢᠮᠦᠷᠬᠦ ᠨᠢᠭᠡᠨ ᠬᠠᠴᠢᠨ ᠶᠧᠯᠸᠢ ᠰᠢᠳᠢ ᠶ᠋ᠢᠨ ᠶᠠᠭᠤᠮ᠎ᠠ ᠦᠵᠡᠯ᠎ᠡ ᠭᠡᠵᠦ ᠶᠠᠷᠢᠵᠤ ᠪᠠᠢᠭᠰᠠᠨ᠂ ᠡᠨᠡ ᠴᠤ᠌ ᠯᠠᠪ ᠲᠡᠷᠡ ᠨᠢ ᠯᠡ ᠰᠢᠭ ᠪᠠᠢᠨ᠎ᠠ ᠭᠡᠵᠦ ᠬᠠᠷᠢᠭᠤᠯᠪᠠ᠃ ᠡᠨᠡᠭᠦᠬᠡᠨ ᠵᠠᠭᠤᠷ᠎ᠠ ᠥᠨᠥᠬᠢ ᠬᠥᠮᠦᠰ ᠦ᠋ᠨ ᠳᠡᠭᠡᠷ᠎ᠡ ᠠᠮᠠ ᠪᠠᠨ ᠡᠭᠡᠭᠡ ᠯᠡ ᠤᠯᠠᠭᠠᠨ ᠬᠣᠰᠢᠭᠤᠲᠤ ᠰᠢᠭ᠋ ᠴᠢᠰ ᠤᠯᠠᠭᠠᠨ ᠢ᠋ᠶ᠋ᠠᠷ ᠪᠣᠳᠣᠭᠰᠠᠨ ᠬᠤᠨᠳᠠᠨ ᠴᠠᠭᠠᠨ ᠴᠢᠷᠠᠢ ᠲᠠᠢ ᠨᠢᠭᠡ ᠬᠡᠦᠬᠡᠨ ᠨᠡᠮᠡᠭᠳᠡᠭᠰᠡᠨ ᠪᠠᠢᠨ᠎ᠠ᠃ ᠲᠡᠷᠡ ᠬᠡᠦᠬᠡᠨ ᠰᠠᠯᠬᠢᠨ ᠳ᠋ᠤ᠌ ᠭᠤᠢᠪᠢᠬᠤ ᠪᠠᠢᠳᠠᠯ ᠢ᠋ᠶ᠋ᠠᠷ ᠭᠠᠩᠬᠤᠨ ᠨᠠᠭᠠᠰᠢ ᠴᠠᠭᠠᠰᠢ ᠶᠠᠪᠤᠩᠭᠤᠲᠠ ᠪᠠᠨ ᠡᠮᠡᠭᠲᠡᠢ ᠬᠥᠮᠦᠨ ᠦ᠌ ᠬᠣᠭᠣᠯᠠᠢ ᠶ᠋ᠢᠨ ᠬᠠᠮᠤᠭ ᠤ᠋ᠨ ᠰᠢᠩᠭᠡᠨ ᠢ᠋ᠶ᠋ᠡᠷ ᠬᠠᠴᠢᠨ ᠴᠢᠩᠭ᠎ᠠ ᠳᠠᠭᠤᠯᠠᠨ᠎ᠠ᠃ ᠬᠠᠵᠠᠭᠤ ᠪᠠᠷ  ᠬᠠᠲᠠᠭᠤ ᠴᠤᠤᠷᠢᠶ᠎ᠠ ᠲᠠᠢ ᠬᠥᠭᠵᠢᠮ ᠦ᠋ᠨ ᠦᠷᠭᠦᠯᠵᠢᠯᠡᠨ ᠵᠢᠩᠭᠢᠨᠡᠵᠦ ᠦᠶ᠎ᠡ ᠦᠶ᠎ᠡ ᠴᠢᠬᠢᠨ ᠦ᠌ ᠬᠣᠯᠬᠢ ᠵᠠᠭᠠᠲᠤᠨᠠᠭᠤᠯᠤᠨ᠎ᠠ᠃ ᠳ᠋ᠠᠨᠽᠠᠨ᠂ ᠬᠡᠦᠬᠡᠨ ᠦ᠌ ᠴᠣᠬᠣᠮ ᠶᠠᠭᠤᠨ ᠲᠤᠬᠠᠢ ᠳᠠᠭᠤᠯᠠᠵᠤ ᠪᠠᠢᠭ᠎ᠠ ᠶ᠋ᠢ ᠮᠡᠳᠡᠬᠦ ᠳ᠋ᠦ᠍ ᠬᠠᠮᠤᠭ ᠠᠩᠬᠠᠷᠤᠯ ᠢ᠋ᠶ᠋ᠠᠨ ᠲᠠᠯᠪᠢᠭᠠᠳ᠂ ᠥᠪᠡᠷ ᠦ᠋ᠨ ᠮᠡᠳᠡᠬᠦ ᠦᠭᠡ ᠡᠴᠡ ᠨᠢᠭᠡ ᠴᠤ᠌ ᠳᠤᠭᠤᠯᠳᠠᠬᠤ ᠦᠭᠡᠢ ᠳ᠋ᠦ᠍ ᠰᠡᠳᠬᠢᠯ ᠭᠣᠮᠣᠳᠠᠬᠤ ᠳ᠋ᠤ᠌ ᠬᠦᠷᠪᠡ᠃ ᠭᠡᠪᠡᠴᠦ ᠳ᠋ᠠᠨᠽᠠᠨ ᠲᠡᠷᠡᠬᠦ ᠬᠡᠦᠬᠡᠨ ᠦ᠌ ᠶᠠᠩᠬᠠᠨ ᠶᠠᠭᠠᠨ ᠥᠩᠭᠡᠲᠦ ᠳᠡᠪᠡᠯ ᠦ᠋ᠨ ᠢ᠋ᠶ᠋ᠡᠨ ᠥᠷᠭᠡᠨ ᠬᠠᠨᠴᠤᠢ ᠪᠠᠷ ᠨᠢᠭᠤᠷ ᠬᠠᠯᠬᠠᠯᠠᠨ᠂ ᠬᠣᠭᠣᠯᠠᠢ ᠪᠠᠨ ᠡᠬᠡᠷ ᠲᠠᠲᠠᠭᠤᠯᠤᠨ ᠤᠬᠢᠯᠠᠬᠤ ᠮᠠᠶᠢᠭ ᠦᠵᠡᠭᠦᠯᠬᠦ ᠳ᠋ᠦ᠍ᠨᠢ ᠥᠪᠡᠷ ᠦ᠋ᠨ ᠡᠷᠬᠡ ᠦᠭᠡᠢ ᠦᠷᠦ ᠡᠪᠡᠳᠦᠪᠡ᠃ ᠳᠠᠷᠠᠭ᠎ᠠ ᠳ᠋ᠤᠨᠢ ᠬᠡᠦᠬᠡᠨ ᠨᠥᠭᠦᠭᠡ ᠬᠠᠨᠴᠤᠢ ᠠ᠋ᠴᠠ ᠪᠠᠨ ᠬᠢᠲᠤᠭ᠎ᠠ ᠭᠠᠷᠭᠠᠨ ᠴᠡᠭᠡᠵᠢ ᠤᠷᠤᠭᠤ ᠪᠠᠨ ᠲᠦᠷᠢᠭᠰᠡᠨ ᠪᠣᠯᠤᠭᠠᠳ ᠪᠤᠴᠠᠨ ᠣᠷᠣᠬᠤ ᠳ᠋ᠤ᠌ ᠳ᠋ᠠᠨᠽᠠᠨ ᠡᠨᠡ ᠴᠤ᠌ ᠬᠠᠷᠢᠨ ᠱᠠᠯ ᠳᠡᠮᠡᠢ ᠬᠠᠭᠤᠷᠮᠠᠴᠢ ᠬᠡᠷᠡᠭ ᠪᠠᠢᠨ᠎ᠠ ᠳᠠ ᠭᠡᠵᠦ ᠪᠣᠳᠣᠬᠤ ᠳ᠋ᠠᠭᠠᠨ ᠰᠡᠳᠬᠢᠯ ᠠᠯᠳᠠᠭᠳᠠᠪᠠ᠃ ᠭᠡᠪᠡᠴᠦ ᠪᠤᠰᠤᠳ ᠦᠵᠡᠭᠴᠢᠳ᠂ ᠳᠠᠷᠤᠢ ᠲᠠᠪᠤᠨ ᠮᠢᠩᠭ᠎ᠠ ᠠ᠋ᠴᠠ ᠳᠣᠷᠣᠭᠰᠢ ᠦᠭᠡᠢ ᠬᠥᠮᠦᠰ ᠨᠢᠭᠡ ᠵᠡᠷᠭᠡ《ᠬᠣᠣ ᠸᠠ》 ᠬᠠᠰᠬᠢᠷᠬᠤ ᠳ᠋ᠤ᠌《ᠡᠨᠡ ᠴᠤ᠌ ᠯᠠᠪ ᠲᠡᠷᠡ ᠬᠡᠦᠬᠡᠨ ᠦ᠌ ᠦᠬᠦᠭᠡ ᠦᠭᠡᠢ ᠳ᠋ᠦ᠍ ᠪᠠᠶᠠᠷᠯᠠᠵᠤ ᠪᠠᠢᠭ᠎ᠠ ᠪᠣᠢ ᠊ᠶ᠎ᠠ》 ᠭᠡᠵᠦ ᠪᠣᠳᠣᠨ ᠪᠠᠶᠠᠷᠯᠠᠪᠠ᠃ ᠡᠨᠡ ᠵᠠᠭᠤᠷ᠎ᠠ ᠬᠦᠷᠡᠯ᠂ ᠲᠠᠪᠴᠠᠩ ᠤ᠋ᠨ ᠶᠠᠭᠤᠮ᠎ᠠ ᠶ᠋ᠢ ᠰᠣᠨᠢᠷᠬᠠᠬᠤ ᠶ᠋ᠢᠨ ᠣᠷᠣᠨ ᠳ᠋ᠤ᠌ ᠥᠭᠡᠷ᠎ᠡ ᠵᠦᠢᠯ ᠢ᠋ ᠪᠣᠳᠣᠨ ᠣᠷᠴᠢᠨ ᠲᠣᠭᠣᠷᠢᠨ ᠢ᠋ ᠪᠠᠢᠨ ᠪᠠᠢᠨ ᠠᠵᠢᠭᠯᠠᠪᠠ᠃ ᠲᠡᠭᠡᠭᠡᠳ ᠡᠴᠦᠰ ᠲᠦ᠋ᠨᠢ ᠨᠥᠭᠥᠭᠡᠳᠦᠭᠦᠯᠡ ᠶ᠋ᠢᠨ ᠢ᠋ᠶ᠋ᠡᠨ ᠲᠣᠬᠣᠢ ᠠ᠋ᠴᠠ ᠲᠡᠳᠡᠨ᠄ 
       — ᠨᠥᠬᠥᠳ ᠮᠢᠨᠢ ᠤᠷᠭᠤᠶ᠎ᠠ! ᠭᠡᠵᠦ ᠰᠢᠪᠡᠨᠡᠭᠡᠳ ᠳᠠᠬᠢᠨ ᠪᠠᠰᠠ ᠡᠷᠭᠢᠨ ᠲᠣᠭᠣᠷᠢᠨ ᠢ᠋ ᠠᠵᠢᠭᠯᠠᠨ᠎ᠠ᠃ ᠤᠷᠭᠤᠬᠤ ᠭᠡᠳᠡᠭ ᠵᠢᠩᠴᠢᠳ ᠦ᠋ᠨ ᠬᠡᠵᠢᠶᠡᠨ ᠦ᠌ ᠬᠦᠰᠡᠯ᠃ ᠭᠠᠭᠴᠠᠬᠠᠨ ᠦᠷᠭᠦᠯᠵᠢ ᠰᠠᠬᠢᠭᠴᠢ ᠮᠠᠨᠠᠭᠠᠨ ᠤ᠋ ᠲᠠᠪᠤ ᠦᠰᠦᠷᠳᠡᠭ ᠰᠧ ᠰᠠᠨ ᠯᠢ ᠬᠠᠮᠢᠭᠠᠭᠤᠷ ᠨᠢ ᠭᠠᠷᠬᠤ ᠪᠣᠢ? ᠭᠡᠳᠡᠭ ᠳᠡᠭᠡᠷ᠎ᠡ ᠯᠡ ᠡᠷᠭᠢᠯᠳᠦᠭᠰᠡᠭᠡᠷ ᠡᠳᠦᠢ ᠬᠦᠷᠦᠭᠰᠡᠨ ᠬᠡᠷᠡᠭ ᠠᠵᠢ᠃ ᠭᠤᠷᠪᠠᠭᠤᠯᠠ ᠪᠠᠨ ᠰᠡᠳᠬᠢᠯ ᠬᠥᠳᠡᠯᠦᠨ ᠡᠷᠭᠢᠨ ᠲᠣᠭᠣᠷᠢᠨ ᠢ᠋ ᠠᠵᠢᠪᠠᠯ᠂ ᠨᠡᠢᠲᠡ ᠶ᠋ᠢᠨ ᠠᠩᠬᠠᠷᠤᠯ ᠰᠢ ᠳ᠋ᠦ᠍ ᠲᠠᠲᠠᠭᠳᠠᠨ᠎ᠠ᠃ ᠳᠡᠷᠭᠡᠳᠡ ᠪᠡᠨ ᠦᠬᠡᠷ ᠫᠤᠤ ᠶ᠋ᠢᠨ ᠰᠤᠮᠤ ᠲᠣᠰᠪᠠᠴᠤ ᠮᠡᠳᠡᠮ᠎ᠡ ᠦᠭᠡᠢ ᠪᠠᠢᠭ᠎ᠠ ᠠ᠋ᠴᠠ ᠭᠠᠳᠠᠨ᠎ᠠ᠂ ᠰᠡᠭᠦᠳᠡᠷ ᠮᠡᠲᠦ ᠳᠠᠭᠠᠭᠴᠢ ᠮᠠᠨᠠᠭ᠎ᠠ ᠨᠢ ᠣᠯᠵᠤ ᠠᠪᠤᠭᠰᠠᠨ ᠪᠠᠢᠷᠢ ᠪᠠᠨ ᠠᠯᠳᠠᠬᠤ ᠦᠭᠡᠢ ᠶ᠋ᠢ ᠬᠢᠴᠢᠶᠡᠨ ᠣᠷᠣᠭᠰᠢ ᠵᠢᠳᠬᠦᠭᠰᠡᠭᠡᠷ ᠪᠠᠢᠯ᠎ᠠ᠃ ᠳᠣᠷᠵᠢ ᠲᠣᠮᠣ ᠠᠮᠠ ᠪᠠᠨ ᠳᠠᠲᠠᠯᠳᠠᠭᠤᠯᠤᠨ ᠢᠨᠢᠶᠡᠪᠬᠢᠯᠡᠵᠦ ᠨᠢᠳᠦ ᠪᠡᠨ ᠬᠦᠷᠡᠯ ᠳᠡᠭᠡᠷ᠎ᠡ ᠳᠤᠰᠬᠠᠨ᠎ᠠ᠃ ᠡᠬᠢᠯᠡᠭᠡᠳ ᠬᠠᠮᠢᠭᠠᠰᠢ ᠪᠠᠨ ᠭᠠᠷᠬᠤ ᠪᠣᠢ? ᠭᠡᠰᠡᠨ ᠳ᠋ᠦ᠍ ᠬᠦᠷᠡᠯ᠄ ᠤᠷᠢᠳ ᠢ᠋ᠶ᠋ᠠᠷ ᠪᠠᠷᠠᠭᠤᠨ ᠲᠠᠯ᠎ᠠ ᠶ᠋ᠢᠨ ᠮᠠᠢᠬᠠᠨ ᠨᠤᠭᠤᠳ ᠤ᠋ᠨ ᠳᠤᠮᠳᠠᠭᠤᠷ ᠣᠷᠣᠭᠠᠳ᠂ ᠳᠠᠷᠠᠭ᠎ᠠ ᠨᠢ ᠣᠷᠣᠭᠰᠢ ᠭᠠᠷᠤᠨ ᠲᠡᠮᠡᠭᠡᠨ ᠳᠡᠭᠡᠷ᠎ᠡ ᠪᠡᠨ ᠣᠴᠢᠬᠤ ᠶ᠋ᠢ ᠪᠣᠳᠣᠶ᠎ᠠ ᠭᠡᠪᠡ᠃ ᠳ᠋ᠠᠨᠽᠠᠨ ᠪᠠᠢᠵᠤ ᠶᠠᠳᠠᠨ ᠪᠠᠶᠠᠷᠯᠠᠬᠤ ᠳ᠋ᠠᠭᠠᠨ᠂ ᠨᠡᠭᠡᠷᠡᠨ ᠲᠡᠭᠡᠶ᠎ᠡ! ᠭᠡᠵᠦ ᠴᠢᠩᠭ᠎ᠠ ᠪᠠᠷ ᠬᠡᠯᠡᠪᠡ᠃ ᠬᠠᠮᠤᠭ ᠭᠠᠢ ᠴᠤ᠌ ᠡᠨᠳᠡ ᠡᠴᠡ ᠡᠬᠢᠯᠡᠯ᠎ᠡ᠃ ᠮᠠᠨᠠᠭᠠᠨ ᠤ᠋ ᠬᠥᠮᠦᠨ ᠳ᠋ᠠᠨᠽᠠᠨ ᠤ᠋ ᠳᠠᠭᠤ ᠪᠠᠷ ᠰᠠᠨᠠᠭ᠎ᠠ ᠠᠪᠤᠨ ᠪᠣᠰᠤᠨ ᠬᠠᠷᠠᠢᠵᠤ ᠢᠷᠡᠭᠡᠳ ᠭᠤᠷᠪᠠᠭᠤᠯᠠ ᠶ᠋ᠢ ᠤᠷᠢᠳᠠ ᠪᠠᠨ ᠣᠷᠣᠭᠤᠯᠤᠨ ᠰᠠᠭᠤᠯᠭᠠᠪᠠ᠃ ᠡᠨᠡ ᠳᠠᠷᠤᠢ ᠪᠠᠶᠠᠷ ᠪᠠᠶᠠᠰᠬᠤᠯᠠᠩ ᠣᠭᠲᠣ ᠦᠭᠡᠢ ᠪᠣᠯᠵᠤ᠂ ᠨᠥᠭᠦᠭᠡ ᠬᠣᠶᠠᠷ ᠨᠢ ᠳ᠋ᠠᠨᠽᠠᠨ ᠤᠷᠤᠭᠤ ᠬᠢᠯᠠᠢᠯᠴᠠᠨ᠎ᠠ᠃ ᠳ᠋ᠠᠨᠽᠠᠨ ᠴᠤ᠌ ᠦᠨᠡᠬᠡᠷ ᠪᠤᠷᠤᠭᠤ ᠲᠠᠢ ᠪᠣᠯᠤᠭᠰᠠᠨ ᠲᠤᠯᠠ ᠭᠣᠣᠯ ᠨᠢ ᠬᠠᠷᠠᠯᠠᠨ ᠨᠥᠬᠥᠳ ᠦ᠋ᠨ ᠢ᠋ᠶ᠋ᠡᠨ ᠴᠢᠷᠠᠢ ᠶ᠋ᠢ ᠴᠤ᠌ ᠬᠠᠷᠠᠵᠤ ᠴᠢᠳᠠᠬᠤ ᠪᠠᠨ ᠪᠣᠯᠢᠪᠠ᠃ ᠲᠠᠪᠴᠠᠩ ᠳᠡᠭᠡᠷ᠎ᠡ ᠡᠷᠢᠶᠡᠨ ᠮᠡᠷᠢᠶᠡᠨ ᠨᠢᠭᠤᠷ ᠲᠠᠢ ᠡᠯᠳᠡᠪ ᠱᠠᠯᠳᠠᠪ ᠤ᠋ᠨ ᠭᠣᠶᠣᠮᠰᠣᠭ ᠢ᠋ ᠡᠮᠦᠰᠦᠭᠰᠡᠨ ᠠᠮᠢᠲᠠᠳ ᠴᠠᠩ᠂ ᠪᠥᠮᠪᠥᠷ ᠦ᠋ᠨ ᠳᠠᠭᠤ ᠪᠠᠷ ᠬᠥᠳᠡᠯᠦᠨ ᠬᠠᠷ᠎ᠠ ᠲᠡᠩᠬᠡ ᠪᠡᠷ ᠢ᠋ᠶ᠋ᠡᠨ ᠳᠠᠭᠤᠯᠠᠯᠳᠤᠨ᠎ᠠ᠃ ᠳ᠋ᠠᠨᠽᠠᠨ ᠲᠡᠭᠦᠨ ᠢ᠋ ᠰᠣᠨᠢᠷᠬᠠᠬᠤ ᠶ᠋ᠢᠨ ᠣᠷᠣᠨ ᠳ᠋ᠤ᠌ ᠬᠥᠮᠥᠰᠬᠡ ᠪᠡᠨ ᠲᠠᠰᠤ ᠵᠠᠩᠭᠢᠳᠤᠨ ᠳᠠᠩ ᠪᠡᠶ᠎ᠡ ᠪᠡᠨ ᠵᠢᠮᠡᠯᠡᠨ ᠳᠣᠷᠣᠭᠰᠢ ᠰᠢᠷᠲᠡᠨ᠎ᠡ᠃ ᠭᠡᠪᠡᠴᠦ ᠴᠠᠭ ᠦᠷᠭᠦᠯᠵᠢ ᠳᠤᠭᠤᠯᠳᠠᠬᠤ ᠶᠠᠭᠤᠮᠠᠨ ᠳ᠋ᠤ᠌ ᠠᠶᠠᠨᠳᠠᠭᠠᠨ ᠲᠠᠲᠠᠭᠳᠠᠨ᠄《ᠡᠨᠡ ᠶᠠᠭᠤ ᠪᠣᠢ?  ᠬᠡᠩᠭᠡᠷᠭᠡ ᠤᠤ? ᠠᠢ ᠪᠢᠰᠢ! ᠬᠡᠩᠭᠡᠷᠭᠡ ᠪᠣᠯ ᠡᠢᠮᠦ ᠴᠢᠩᠭ᠎ᠠ ᠴᠣᠬᠢᠯᠲᠠ ᠶ᠋ᠢᠨ ᠠᠶ᠎ᠠ ᠶ᠋ᠢ ᠶᠠᠭᠠᠬᠢᠨ ᠳᠠᠭᠠᠭᠠᠬᠤ ᠪᠢᠯᠡ᠃ ᠵᠠ ᠪᠠᠰᠠ ᠬᠠᠵᠠᠭᠤ ᠪᠠᠷ ᠨᠢ ᠴᠠᠩᠭᠢᠨᠠᠭᠠᠳ ᠪᠠᠢᠭ᠎ᠠ ᠨᠢ ᠶᠠᠭᠤ ᠪᠣᠢ? ᠴᠠᠩ ᠤᠤ᠂ ᠠᠯᠢ ᠬᠠᠷᠠᠩᠭ᠎ᠠ ᠤᠤ? ᠦᠭᠡᠢ᠂ ᠪᠢᠰᠢ᠃ ᠠᠯᠢᠨ ᠴᠤ᠌ ᠪᠢᠰᠢ ᠬᠡᠷᠪᠡ ᠮᠥᠨ ᠰᠠᠨ ᠪᠣᠯ ᠡᠳᠦᠢ ᠳ᠋ᠦ᠍ ᠠᠯᠢ ᠬᠡᠳᠦᠢᠨᠡᠢ ᠴᠣᠭᠣ ᠦᠰᠦᠷᠦᠭᠡᠳ ᠳᠤᠤᠭᠠᠷᠬᠤ ᠶᠠᠭᠤᠮ᠎ᠠ ᠦᠭᠡᠢ ᠪᠣᠯᠬᠤ ᠰᠢᠦ ᠳᠡ》 ᠭᠡᠵᠦ ᠪᠣᠳᠣᠨ ᠰᠠᠭᠤᠨ᠎ᠠ᠃ 
       ᠤᠷᠢᠳ ᠨᠢ ᠬᠥᠮᠦᠰ ᠭᠡᠨᠡᠳᠲᠡ《ᠭᠠᠯ! ᠭᠠᠯ》 ᠭᠡᠵᠦ ᠱᠤᠤᠭᠢᠯᠳᠤᠨ ᠪᠣᠰᠤᠨ ᠬᠠᠷᠠᠢᠪᠠ᠃ ᠨᠢᠭᠡ ᠬᠥᠮᠦᠨ ᠦ᠌ ᠬᠥᠪᠥᠩ ᠲᠡᠢ ᠥᠮᠥᠳᠥᠨ ᠳᠡᠭᠡᠷ᠎ᠡ ᠬᠠᠵᠠᠭᠤ ᠶ᠋ᠢᠨ ᠬᠢᠨᠢ ᠬᠥᠮᠦᠨ ᠦ᠌ ᠶᠠᠩᠵᠤᠤᠷ ᠤ᠋ᠨ ᠭᠠᠯ ᠤᠨᠠᠨ ᠠᠪᠤᠯᠴᠠᠭᠰᠠᠨ ᠠᠵᠢ᠃ ᠣᠯᠠᠨ ᠤ᠋ ᠦᠢᠮᠡᠭᠡᠨ ᠳ᠋ᠦ᠍ ᠥᠨᠥᠬᠢ ᠭᠠᠯ ᠰᠠᠯᠬᠢ ᠠᠪᠤᠨ ᠳᠦᠷᠡᠯᠵᠡᠬᠦ ᠳ᠋ᠦ᠍ ᠲᠡᠷᠡ ᠬᠥᠮᠦᠨ ᠵᠦᠭ ᠪᠦᠷᠢ ᠤᠷᠤᠭᠤ ᠦᠰᠦᠷᠦᠨ ᠲᠣᠩᠭᠣᠴᠢᠵᠤ ᠪᠥᠭᠡᠮ ᠪᠤᠵᠢᠭᠢᠨᠠᠭᠠᠨ ᠳᠡᠭᠳᠡᠪᠡ᠃ ᠮᠠᠨᠠᠭᠠᠴᠢ ᠡᠨᠡ ᠳᠡᠯᠢᠮ ᠢ᠋ ᠠᠰᠢᠭᠯᠠᠨ ᠳ᠋ᠠᠨᠽᠠᠨ ᠢ᠋ ᠣᠷᠣᠭᠰᠢ ᠲᠥᠷᠥᠨ ᠰᠠᠭᠤᠯᠭᠠᠭᠠᠳ᠂ ᠥᠪᠡᠷ ᠢ᠋ᠶ᠋ᠡᠨ ᠮᠥᠷᠡᠨ ᠳᠡᠭᠡᠷ᠎ᠡ ᠨᠢ ᠴᠡᠭᠡᠵᠢ ᠲᠠᠩᠨᠠᠨ ᠶᠠᠪᠠᠭᠠᠨ ᠰᠠᠭᠤᠵᠠᠢ᠃ ᠬᠦᠷᠡᠯ᠂ ᠳᠣᠷᠵᠢ ᠬᠣᠶᠠᠷ ᠠᠷᠤ ᠳ᠋ᠤᠨᠢ ᠬᠠᠶᠠᠭᠳᠠᠭᠠᠳ ᠳ᠋ᠠᠨᠽᠠᠨ ᠢ᠋ ᠡᠷᠢᠬᠦ ᠪᠣᠯᠪᠠ᠃ ᠮᠠᠨᠠᠭᠠᠨ ᠤ᠋ ᠬᠥᠮᠦᠨ ᠢ᠋ ᠠᠷᠤ ᠠ᠋ᠴᠠ ᠨᠢ ᠬᠠᠷᠠᠬᠤ ᠳ᠋ᠠᠭᠠᠨ ᠭᠠᠭᠴᠠᠭᠠᠷ ᠢ᠋ ᠨᠢ ᠪᠠᠢᠨ᠎ᠠ ᠭᠡᠵᠦ ᠪᠣᠳᠣᠭᠰᠠᠨ ᠪᠢᠯᠡ᠃
       — ᠦᠭᠡᠢ ᠶᠡᠷᠦ᠂ ᠲᠦᠷᠦᠭᠦᠴᠢ ᠶ᠋ᠢᠨ ᠬᠡᠯᠡᠯᠴᠡᠭᠰᠡᠨ ᠢ᠋ᠶ᠋ᠡᠷ ᠢ᠋ᠶ᠋ᠡᠨ ᠲᠡᠮᠡᠭᠡ ᠤᠷᠤᠭᠤ ᠶᠠᠪᠤᠴᠢᠬᠠᠭᠰᠠᠨ ᠦᠭᠡᠢ ᠪᠠᠢᠭ᠎ᠠ ᠳᠠ ᠭᠡᠵᠦ ᠬᠦᠷᠡᠯ ᠨᠣᠭᠣᠭᠠᠨ ᠨᠢᠳᠦ ᠪᠡᠨ ᠡᠷᠭᠢᠯᠳᠦᠭᠦᠯᠦᠭᠰᠡᠨ ᠢ᠋ᠶ᠋ᠡᠨ᠂ ᠶᠠᠭᠤ ᠴᠤ᠌ ᠠᠲᠤᠭᠠᠢ ᠪᠢ ᠲᠡᠭᠦᠪᠡᠷ ᠨᠢᠭᠡ ᠱᠦᠭᠦᠷᠳᠡᠭᠡᠳ ᠢᠷᠡᠶ᠎ᠡ! ᠭᠡᠳ ᠳᠣᠷᠵᠢ ᠶ᠋ᠢ ᠣᠷᠬᠢᠨ ᠶᠠᠪᠤᠪᠠ᠃ ᠳᠣᠷᠵᠢ ᠶ᠋ᠢ ᠨᠥᠭᠦᠭᠡ ᠲᠠᠯ᠎ᠠ ᠶ᠋ᠢ ᠨᠢ ᠪᠠᠷᠢᠨ ᠡᠷᠢᠭᠰᠡᠨ ᠪᠥᠭᠡᠳ ᠡᠴᠦᠰ ᠲᠦ᠋ᠨᠢ ᠬᠣᠶᠠᠭᠤᠯᠠ ᠪᠠᠨ ᠡᠰᠡ ᠣᠯᠤᠭᠰᠠᠨ ᠤᠴᠢᠷ《ᠦᠨᠡᠬᠡᠷ ᠤᠷᠭᠤᠨ ᠵᠢᠭᠤᠲᠠᠵᠠᠢ》 ᠭᠡᠵᠦ ᠬᠡᠯᠡᠯᠴᠡᠨ ᠬᠣᠢᠨ᠎ᠠ ᠠ᠋ᠴᠠ ᠨᠢ ᠶᠠᠭᠠᠷᠠᠨ ᠶᠠᠪᠤᠬᠤ ᠪᠠᠷ ᠪᠣᠯᠪᠠ᠃ ᠲᠠᠪᠴᠠᠩ ᠳᠡᠭᠡᠷ᠎ᠡ ᠡᠷᠢᠶᠡᠨ ᠮᠡᠷᠢᠶᠡᠨ ᠨᠢᠭᠤᠷ ᠲᠠᠢ ᠬᠥᠮᠦᠰ ᠪᠠᠷᠢᠭᠰᠠᠨ ᠵᠡᠪᠰᠡᠭ ᠢ᠋ᠶ᠋ᠡᠨ ᠰᠡᠩᠰᠡᠨ ᠳᠥᠭᠥᠬᠡᠷ ᠪᠣᠯᠲᠠᠯ᠎ᠠ ᠡᠷᠭᠢᠯᠳᠦᠭᠦᠯᠵᠦ᠂ ᠵᠠᠷᠢᠮ ᠨᠢ ᠳᠡᠭᠡᠭᠰᠢ ᠦᠰᠦᠷᠦᠨ ᠭᠡᠷ ᠠᠭᠠᠷ ᠳᠤ ᠬᠡᠳᠦ ᠳᠠᠬᠢᠨ ᠲᠣᠩᠭᠣᠷᠠᠬᠤ ᠶ᠋ᠢ ᠳ᠋ᠠᠨᠽᠠᠨ ᠠᠯᠮᠠᠢᠷᠠᠨ ᠰᠢᠷᠲᠡᠨ᠎ᠡ᠃ ᠬᠥᠮᠦᠨ ᠪᠣᠯᠤᠭᠰᠠᠭᠠᠷ ᠡᠢᠮᠦ ᠬᠠᠴᠢᠨ ᠶᠠᠭᠤᠮ᠎ᠠ ᠦᠵᠡᠭᠡ ᠦᠭᠡᠢ ᠳ᠋ᠡᠭᠡᠨ ᠪᠦᠷ ᠪᠦᠬᠦ ᠭᠠᠢ ᠭᠠᠮᠰᠢᠭ ᠢ᠋ ᠮᠠᠷᠲᠠᠭᠰᠠᠨ ᠪᠠᠢᠪᠠ᠃ ᠦᠵᠡᠭᠴᠢ ᠣᠯᠠᠨ ᠤᠴᠢᠷ ᠨᠠᠴᠢᠷ ᠦᠭᠡᠢ ᠨᠢᠵᠢᠭᠢᠨᠡᠬᠦ ᠬᠠᠷᠠᠩᠭ᠎ᠠ ᠪᠥᠮᠪᠥᠷ ᠦ᠋ᠨ ᠳᠠᠭᠤ ᠶ᠋ᠢ ᠦᠶ᠎ᠡ ᠦᠶ᠎ᠡ ᠳᠠᠷᠤᠭᠳᠠᠲᠠᠯ᠎ᠠ ᠨᠢ《ᠬᠣᠣ ᠸᠠ》 ᠬᠠᠰᠬᠢᠷᠤᠯᠳᠤᠬᠤ ᠳ᠋ᠤ᠌ ᠳ᠋ᠠᠨᠽᠠᠨ ᠴᠤ᠌ ᠪᠣᠯᠲᠤᠭᠠᠢ ᠳᠠᠭᠠᠯᠳᠤᠨ ᠬᠠᠰᠬᠢᠷᠤᠨ᠎ᠠ᠃ ᠡᠴᠦᠰ ᠲᠦ᠋ᠨᠢ ᠳ᠋ᠠᠨᠽᠠᠨ ᠤ᠋ ᠳᠣᠲᠣᠷ᠎ᠠ ᠪᠠᠴᠢᠭᠤᠷᠠᠨ ᠪᠠᠢᠵᠤ ᠰᠠᠭᠤᠬᠤ ᠶ᠋ᠢᠨ ᠠᠷᠭ᠎ᠠ ᠦᠭᠡᠢ ᠪᠣᠯᠵᠤ ᠪᠠᠢᠭ᠎ᠠ ᠶ᠋ᠢ ᠮᠡᠳᠡᠭᠡᠳ᠂ ᠴᠡᠭᠡᠵᠢ ᠲᠡᠨᠢᠢᠯᠭᠡᠨ ᠠᠮᠢᠰᠬᠤᠯ ᠠᠪᠬᠤ ᠭᠡᠲᠡᠯ᠎ᠡ ᠳᠡᠭᠡᠷ᠎ᠡ ᠡᠴᠡ ᠨᠢ ᠮᠠᠨᠠᠭᠠᠨ ᠤ᠋ ᠬᠥᠮᠦᠨ ᠳᠠᠷᠤᠭᠰᠠᠭᠠᠷ ᠠᠵᠢ᠃ 
       — ᠠᠢ ᠯᠤᠤ ᠶᠠᠩ ᠭᠠᠷ ᠢ᠋ᠶ᠋ᠠᠨ ᠠᠪᠤᠨ᠎ᠠ ᠤᠤ? ᠭᠡᠬᠦ ᠳ᠋ᠦ᠍ ᠮᠠᠨᠠᠭᠠᠨ ᠤ᠋ ᠬᠥᠮᠦᠨ᠄ 
       — ᠬᠠᠢ ᠪᠢᠲᠡᠭᠡᠢ ᠳᠤᠤᠭᠠᠷ! ᠭᠡᠵᠦ ᠵᠠᠩᠳᠤᠷᠤᠨ ᠬᠣᠶᠠᠷ ᠭᠠᠷ ᠢ᠋ᠶ᠋ᠠᠨ ᠳᠠᠯᠤ ᠮᠥᠷᠡᠨ ᠳᠡᠭᠡᠷ᠎ᠡ ᠵᠥᠷᠢᠭᠦᠯᠦᠨ ᠤᠯᠠᠮ ᠢ᠋ᠶ᠋ᠠᠷ ᠳᠠᠷᠤᠨ ᠲᠡᠩᠨᠡᠪᠡ᠃ ᠡᠭᠦᠡᠴᠡ ᠬᠣᠢᠰᠢ ᠳ᠋ᠠᠨᠽᠠᠨ ᠲᠠᠪᠴᠠᠩ ᠳᠡᠭᠡᠷ᠎ᠡ ᠠᠩᠬᠠᠷᠤᠯ ᠢ᠋ᠶ᠋ᠠᠨ ᠲᠠᠯᠪᠢᠵᠤ ᠴᠢᠳᠠᠬᠤ ᠶ᠋ᠢ ᠪᠣᠯᠢᠪᠠ᠃ ᠭᠡᠪᠡᠴᠦ ᠳ᠋ᠠᠨᠽᠠᠨ ᠬᠥᠭᠵᠢᠮ ᠦ᠋ᠨ ᠳᠠᠭᠤ ᠭᠡᠨᠡᠳᠲᠡ ᠲᠠᠰᠤᠷᠠᠨ ᠦᠵᠡᠭᠴᠢᠳ ᠦ᠋ᠨ《ᠬᠣᠣ ᠸᠠ》 ᠲᠩᠷᠢ ᠳ᠋ᠦ᠍ ᠬᠠᠲᠠᠬᠤ ᠶ᠋ᠢ ᠳᠠᠭᠠᠨ ᠳᠠᠭᠤᠷᠢᠶᠠᠬᠤ ᠪᠠᠨ ᠣᠷᠬᠢᠭ᠎ᠠ ᠦᠭᠡᠢ ᠪᠢᠯᠡ᠃ 
       ᠰᠢ ᠳᠠᠭᠤᠰᠤᠮᠠᠭᠴᠠ ᠪᠦᠬᠦ ᠦᠵᠡᠭᠴᠢᠳ ᠨᠢᠭᠡᠨ ᠵᠡᠷᠭᠡ ᠪᠣᠰᠴᠤ ᠪᠠᠬᠠᠳᠤᠨ ᠰᠠᠢᠰᠢᠶᠠᠬᠤ ᠦᠭᠡᠰ ᠢ᠋ ᠠᠮᠠ ᠠᠮᠠ ᠳ᠋ᠠᠭᠠᠨ ᠥᠭᠦᠯᠡᠬᠦ ᠠᠵᠢ᠃ ᠢᠩᠭᠢᠬᠦ ᠳ᠋ᠦ᠍ ᠭᠠᠢ ᠲᠠᠢ ᠮᠠᠨᠠᠭᠠᠨ ᠤ᠋ ᠬᠥᠮᠦᠨ ᠶᠠᠭᠤᠨ ᠳ᠋ᠤ᠌ ᠰᠠᠭᠤᠭᠰᠠᠭᠠᠷ ᠦᠯᠡᠳᠡᠬᠦ ᠪᠢᠯᠡ᠃ ᠣᠯᠠᠨ ᠤ᠋ ᠬᠠᠮᠲᠤ ᠪᠣᠰᠤᠨ ᠡᠷᠭᠢᠨ ᠬᠠᠷᠠᠭᠰᠠᠨ ᠢ᠋ᠶ᠋ᠠᠨ ᠨᠢᠳᠦ ᠪᠡᠨ ᠲᠣᠮᠣ ᠪᠣᠯᠭᠠᠨ᠄ 
       — ᠠᠢ ᠨᠥᠭᠦᠭᠡ ᠬᠡᠳᠦ ᠴᠢᠨᠢ ᠬᠠᠮᠢᠭ᠎ᠠ ᠪᠠᠢᠨ᠎ᠠ? ᠭᠡᠵᠦ ᠳ᠋ᠠᠨᠽᠠᠨ ᠢ᠋ ᠰᠢᠷᠳᠡᠪᠡ᠃ ᠳ᠋ᠠᠨᠽᠠᠨ《ᠮᠡᠳᠡᠬᠦ ᠦᠭᠡᠢ》 ᠭᠡᠳ ᠡᠢᠰᠢ ᠲᠡᠢᠰᠢ ᠬᠠᠷᠠᠪᠠ᠃ ᠮᠠᠨᠠᠭᠠᠨ ᠤ᠋ ᠬᠥᠮᠦᠨ ᠰᠠᠨᠳᠤᠷᠤᠨ᠂ ᠬᠣᠶᠠᠷ ᠮᠣᠩᠭᠣᠯ᠂ ᠬᠣᠶᠠᠷ ᠮᠣᠩᠭᠣᠯ ᠬᠠᠮᠢᠭ᠎ᠠ ᠪᠠᠢᠨ᠎ᠠ᠂ ᠦᠵᠡᠪᠡᠦ ᠲᠠ ᠮᠢᠨᠢ᠂ ᠬᠣᠶᠠᠷ ᠮᠣᠩᠭᠣᠯ ᠬᠥᠮᠦᠨ ᠢ᠋! ᠭᠡᠵᠦ ᠨᠢᠳᠦ ᠪᠦᠯᠲᠡᠭᠡᠨᠡᠭᠦᠯᠦᠨ ᠬᠠᠰᠬᠢᠷᠪᠠ᠃ ᠲᠠᠷᠬᠠᠵᠤ ᠪᠠᠢᠭ᠎ᠠ ᠬᠥᠮᠦᠰ ᠬᠠᠷᠢᠭᠤ ᠬᠡᠯᠡᠬᠦ ᠪᠠᠢᠲᠤᠭᠠᠢ ᠠᠩᠬᠠᠷᠬᠤ ᠴᠤ᠌ ᠦᠭᠡᠢ ᠠᠵᠢ᠃ ᠮᠠᠨᠠᠭᠠᠨ ᠤ᠋ ᠬᠥᠮᠦᠨ ᠦ᠌ ᠠᠮᠢᠰᠬᠤᠯ ᠳᠡᠭᠡᠷ᠎ᠡ ᠬᠥᠬᠡᠷᠡᠨ᠄ 
       — ᠠᠢ᠂ ᠴᠢ ᠮᠡᠳᠡᠬᠦ ᠶᠣᠰᠣᠲᠠᠢ! ᠭᠡᠳ ᠳ᠋ᠠᠨᠽᠠᠨ ᠢ᠋ ᠪᠠᠷᠢᠨ ᠠᠪᠤᠪᠠ᠃ ᠬᠠᠷᠢᠭᠤ ᠳ᠋ᠤᠨᠢ ᠳ᠋ᠠᠨᠽᠠᠨ᠄《ᠮᠡᠳᠡᠬᠦ ᠦᠭᠡᠢ》 ᠭᠡᠯ᠎ᠡ᠃ ᠦᠨᠡᠬᠡᠷ ᠮᠡᠳᠡᠬᠦ ᠦᠭᠡᠢ ᠳ᠋ᠡᠭᠡᠨ ᠰᠡᠳᠬᠢᠯ ᠪᠠᠷᠳᠠᠮ ᠪᠠᠢᠯ᠎ᠠ᠃ ᠮᠠᠨᠠᠭᠠᠨ ᠤ᠋ ᠬᠥᠮᠦᠨ ᠲᠠᠭ ᠮᠤᠬᠤᠷᠳᠠᠨ ᠭᠠᠭᠴᠠᠭᠠᠷ ᠢ᠋ ᠨᠢ ᠳᠠᠭᠤᠨ ᠶᠠᠪᠤᠪᠠ᠃ ᠮᠠᠢᠬᠠᠨ ᠤ᠋ ᠳᠡᠷᠭᠡᠳᠡ ᠢᠷᠡᠬᠦ ᠲᠡᠢ ᠵᠡᠷᠭᠡ ᠰᠸᠯᠸᠳᠢ ᠲᠡᠢ ᠨᠣᠶᠠᠨ ᠤᠭᠲᠤᠨ ᠠᠪᠴᠤ᠂ ᠨᠥᠭᠦᠭᠡ ᠬᠣᠶᠠᠷ ᠢ᠋ ᠶᠠᠭᠠᠬᠢᠭᠰᠠᠨ ᠪᠣᠢ? 
       — ᠮᠡᠳᠡᠬᠦ ᠦᠭᠡᠢ ᠭᠡᠵᠦ ᠮᠠᠨᠠᠭᠠᠨ ᠤ᠋ ᠬᠥᠮᠦᠨ ᠠᠮᠠ ᠠ᠋ᠴᠠ ᠪᠠᠨ ᠠᠷᠠᠢᠬᠠᠨ ᠭᠠᠷᠭᠠᠵᠤ ᠬᠡᠯᠡᠪᠡ᠃ ᠡᠨᠡ ᠳᠠᠷᠤᠢ ᠫᠤᠤ ᠪᠠᠨ ᠪᠤᠯᠢᠶᠠᠯᠳᠤᠭᠠᠳ
       — ᠶᠠᠭᠠᠬᠢᠭᠠᠳ ᠮᠡᠳᠡᠳᠡᠭ ᠦᠭᠡᠢ ᠶᠦᠮ ᠪᠣᠢ?  ᠭᠡᠬᠦ ᠦᠭᠡ ᠲᠩᠷᠢ ᠳ᠋ᠦ᠍ ᠬᠠᠳᠠᠪᠠ᠃ ᠢᠩᠭᠢᠭᠡᠳ ᠮᠠᠨᠠᠭᠠᠨ ᠤ᠋ ᠬᠥᠮᠦᠨ ᠶᠣᠰᠣᠲᠠᠢ ᠨᠠᠷᠮᠠᠢᠲᠠᠯ᠎ᠠ ᠪᠠᠨ ᠪᠠᠯᠪᠠᠭᠤᠯᠵᠤ ᠡᠬᠢᠯᠡᠯ᠎ᠡ᠃ ᠤᠭ ᠡᠷ᠎ᠡ ᠶ᠋ᠢᠨ ᠨᠠᠰᠤ ᠲᠤᠩ ᠵᠠᠯᠠᠭᠤ᠂ ᠪᠡᠶ᠎ᠡ ᠪᠡᠷ ᠨᠠᠷᠢᠬᠠᠨ᠂ ᠨᠢᠭᠤᠷ ᠴᠢᠷᠠᠢ᠂ ᠭᠠᠷ ᠬᠤᠷᠤᠭᠤ ᠴᠥᠮ ᠪᠤᠯᠪᠠᠷᠠᠢ ᠪᠥᠭᠡᠳ ᠡᠭᠡᠭᠡ ᠯᠡ ᠬᠡᠦᠬᠡᠳ ᠦ᠋ᠨ ᠰᠢᠭ ᠰᠢᠩᠭᠡᠨ ᠬᠣᠭᠣᠯᠠᠢ ᠪᠠᠷ ᠵᠢᠩᠭᠢᠨᠡᠨ᠂ ᠬᠣᠶᠠᠷ ᠭᠠᠷ ᠢ᠋ᠶ᠋ᠠᠨ ᠡᠯᠢᠭᠡᠨ ᠳ᠋ᠡᠭᠡᠨ ᠲᠡᠪᠡᠷᠢᠭᠡᠳ《ᠥᠷᠦᠰᠢᠶ᠎ᠡ! ᠥᠷᠥᠰᠢᠶ᠎ᠡ!》 ᠭᠡᠵᠦ ᠮᠥᠷᠭᠥᠪᠡᠴᠦ᠂ ᠰᠸᠯᠸᠳᠢ ᠲᠡᠢ ᠨᠣᠶᠠᠨ ᠬᠠᠢᠷ᠎ᠠ ᠨᠠᠢᠷ ᠦᠭᠡᠢ ᠴᠣᠬᠢᠨ᠂ ᠭᠠᠵᠠᠷ ᠤᠨᠠᠭᠠᠭᠠᠳ ᠳᠤᠤᠭᠠᠷᠴᠤ ᠴᠢᠳᠠᠬᠤ ᠦᠭᠡᠢ ᠪᠣᠯᠤᠭᠰᠠᠨ ᠬᠣᠢᠨ᠎ᠠ ᠨᠢ ᠰᠠᠶᠢ ᠪᠣᠯᠢᠨ ᠫᠤᠤ ᠶ᠋ᠢ ᠨᠢ ᠭᠠᠵᠠᠷ ᠬᠠᠶᠠᠪᠠ᠃ ᠡᠢᠮᠦ ᠶᠠᠭᠤᠮ᠎ᠠ ᠶ᠋ᠢ ᠳ᠋ᠠᠨᠽᠠᠨ ᠵᠢᠷᠦᠬᠡ ᠠᠯᠲᠠᠨ ᠬᠠᠷᠠᠵᠤ ᠪᠠᠢᠬᠤ ᠳ᠋ᠠᠭᠠᠨ᠂ ᠳᠠᠷᠠᠭ᠎ᠠ ᠨᠢ ᠥᠪᠡᠷ ᠳᠡᠭᠡᠷ᠎ᠡ ᠪᠡᠨ ᠮᠥᠨ ᠲᠡᠭᠦᠨ ᠡᠴᠡ ᠳᠣᠣᠷ᠎ᠠ ᠦᠭᠡᠢ ᠠᠶᠤᠯ ᠢᠷᠡᠬᠦ ᠶ᠋ᠢ ᠬᠦᠯᠢᠶᠡᠵᠦ ᠪᠠᠢᠯ᠎ᠠ᠃ 
       — ᠨᠥᠬᠥᠳ ᠴᠢᠨᠢ ᠬᠠᠮᠢᠭ᠎ᠠ ᠣᠴᠢᠭᠰᠠᠨ ᠪᠣᠢ? ᠭᠡᠬᠦ ᠳ᠋ᠦ᠍ᠨᠢ᠄ 
       — ᠮᠡᠳᠡᠬᠦ ᠦᠭᠡᠢ ᠭᠡᠵᠦ ᠮᠥᠨ ᠯᠡ ᠠᠮᠠᠨ ᠠ᠋ᠴᠠ ᠪᠠᠨ ᠠᠷᠠᠢᠬᠠᠨ ᠭᠠᠷᠭᠠᠵᠤ ᠬᠡᠯᠡᠪᠡ᠃ 
       — ᠶᠠᠭᠠᠬᠢᠭᠠᠳ ᠮᠡᠳᠡᠳᠡᠭ ᠦᠭᠡᠢ ᠪᠣᠢ? ᠭᠡᠳ ᠨᠣᠶᠠᠨ ᠰᠸᠯᠸᠳᠢ ᠫᠤᠤ ᠪᠠᠨ ᠬᠠᠮᠠᠷ ᠤ᠋ᠨ ᠬᠢᠨᠢ ᠦᠵᠦᠭᠦᠷ ᠲᠦ᠍ ᠲᠤᠯᠭᠠᠬᠤ ᠳ᠋ᠤ᠌ ᠳ᠋ᠠᠨᠽᠠᠨ᠂ ᠠᠯᠠᠪᠠᠯ ᠴᠤ᠌ ᠠᠯᠠᠭ ᠭᠡᠵᠦ ᠵᠣᠷᠢᠭᠯᠠᠨ᠄ 
       — ᠮᠡᠳᠡᠬᠦ ᠦᠭᠡᠢ! ᠭᠡᠵᠦ ᠰᠢᠷᠦᠭᠦᠨ ᠢ᠋ᠶ᠋ᠡᠷ ᠬᠡᠯᠡᠨ ᠤᠷᠤᠭᠰᠢ ᠳᠠᠪᠰᠢᠪᠠ᠃ ᠨᠣᠶᠠᠨ ᠫᠤᠤᠳᠠᠭᠰᠠᠨ ᠦᠭᠡᠢ᠂ ᠬᠠᠷᠢᠨ ᠳᠠᠯᠤ ᠮᠥᠷᠦᠨ ᠡᠴᠡ ᠨᠢ ᠪᠠᠵᠠᠨ ᠠᠪᠴᠤ ᠮᠠᠢᠬᠠᠨ ᠤ᠋ ᠡᠮᠦᠨ᠎ᠡ ᠢᠷᠡᠩᠭᠦᠲᠡ ᠪᠡᠨ ᠢᠰᠬᠦᠯᠪᠡ᠃ ᠳ᠋ᠠᠨᠽᠠᠨ ᠲᠡᠭᠦᠨ ᠦ᠌ ᠠᠭᠤᠷ ᠢ᠋ ᠳᠠᠷᠤᠭᠳᠠᠬᠤ ᠪᠣᠯ ᠤᠤ ᠭᠡᠰᠡᠨ ᠳ᠋ᠡᠭᠡᠨ ᠪᠡᠶ᠎ᠡ ᠪᠡᠨ ᠰᠤᠯᠠ ᠲᠠᠯᠪᠢᠨ ᠮᠠᠢᠬᠠᠨ ᠤ᠋ ᠮᠤᠬᠤᠷ ᠤᠷᠤᠭᠤ ᠲᠣᠯᠣᠭᠠᠢ ᠪᠠᠷ ᠢ᠋ᠶ᠋ᠠᠨ ᠰᠢᠭᠠᠨ ᠤᠨᠠᠯ᠎ᠠ᠃ ᠴᠢᠬᠢ ᠲᠠᠯᠪᠢᠨ ᠴᠢᠩᠨᠠᠬᠤ ᠳ᠋ᠤ᠌ ᠨᠣᠶᠠᠨ ᠣᠢᠷ᠎ᠠ ᠬᠠᠪᠢ ᠶ᠋ᠢᠨ ᠪᠦᠬᠦ ᠬᠥᠮᠦᠰ ᠢ᠋ ᠴᠤᠭᠯᠠᠭᠤᠯᠤᠨ᠂ ᠠᠯᠠᠭ᠎ᠠ ᠪᠣᠯᠤᠭᠰᠠᠨ ᠢ᠋ ᠣᠯᠬᠤ ᠲᠤᠰᠢᠶᠠᠯ ᠥᠭᠭᠦᠨ ᠲᠠᠯ᠎ᠠ ᠲᠠᠯ᠎ᠠ ᠲᠡᠢᠰᠢ ᠨᠢ ᠶᠠᠪᠤᠭᠤᠯᠬᠤ ᠰᠣᠨᠣᠰᠤᠭᠳᠠᠯ᠎ᠠ᠃ ᠨᠢᠭᠡ ᠦᠶ᠎ᠡ ᠳᠠᠭᠤ ᠴᠢᠮᠡᠭᠡ ᠲᠠᠭ ᠲᠠᠰᠤᠷᠠᠨ ᠪᠠᠢᠭᠰᠠᠨ ᠢ᠋ᠶ᠋ᠠᠨ ᠠᠷᠪᠠᠭᠠᠳ ᠬᠥᠮᠦᠨ ᠦ᠌ ᠵᠢᠭᠰᠠᠨ ᠢᠷᠡᠬᠦ ᠰᠣᠨᠣᠰᠤᠭᠳᠠᠭᠠᠳ ᠬᠠᠵᠠᠭᠤ ᠪᠠᠷ ᠥᠩᠭᠡᠷᠡᠨ ᠠᠯᠠᠭ᠎ᠠ ᠪᠣᠯᠪᠠ᠃ ᠳᠠᠷᠠᠭ᠎ᠠ ᠨᠢ ᠮᠣᠷᠢᠨ ᠤ᠋ ᠲᠤᠭᠤᠷᠠᠢ ᠰᠣᠨᠣᠰᠤᠭᠳᠠᠭᠠᠳ ᠮᠥᠨ ᠶᠠᠪᠤᠴᠢᠬᠠᠪᠠ᠃ ᠡᠢᠨᠬᠦ ᠦᠶ᠎ᠡ ᠦᠶ᠎ᠡ ᠴᠢᠮᠡᠭᠡ ᠭᠠᠷᠤᠨ ᠲᠠᠰᠤᠷᠠᠭᠰᠠᠨ ᠤ᠋ ᠡᠴᠦᠰ ᠲᠦ᠍ ᠥᠪᠡᠷ ᠢ᠋ᠶ᠋ᠡᠨ ᠶᠠᠪᠤᠳᠠᠭ ᠭᠤᠷᠪᠠᠨ ᠳᠤᠭᠤᠢ ᠲᠠᠢ ᠲᠡᠷᠭᠡ ᠫᠢᠵᠢᠭᠢᠨᠡᠨ ᠢᠷᠡᠵᠦ ᠵᠣᠭᠰᠣᠭᠠᠳ᠂ ᠳᠠᠷᠠᠭᠠᠬᠠᠨ ᠲᠠᠢ ᠨᠢᠭᠡ ᠬᠥᠮᠦᠨ᠂ ᠥᠭᠡᠷ᠎ᠡ ᠪᠤᠰᠤᠳ ᠢ᠋ ᠵᠠᠩᠳᠤᠷᠤᠨ ᠵᠠᠩᠨᠠᠬᠤ ᠪᠣᠯᠤᠭᠰᠠᠨ ᠲᠡᠳᠦᠢ ᠦᠭᠡᠢ᠂ ᠳᠡᠰ ᠨᠢᠰ ᠪᠠᠭᠤᠯᠭᠠᠨ ᠠᠯᠠᠭᠠᠳᠠᠬᠤ ᠪᠣᠯᠪᠠ᠃ ᠮᠠᠢᠬᠠᠨ ᠤ᠋ ᠬᠠᠶᠠᠭ᠎ᠠ ᠪᠠᠷ ᠱᠠᠭᠠᠢᠨ ᠠᠵᠢᠬᠤ ᠳ᠋ᠤ᠌ ᠭᠤᠷᠪᠠᠨ ᠳᠤᠭᠤᠢ ᠲᠠᠢ ᠲᠡᠷᠭᠡᠨ ᠦ᠌ ᠳᠡᠷᠭᠡᠳᠡ ᠴᠠᠭᠠᠰᠢ ᠬᠠᠷᠠᠨ ᠵᠣᠭᠰᠣᠭᠰᠠᠨ ᠮᠤᠨᠳᠠᠭ ᠲᠣᠮᠣ ᠪᠡᠶ᠎ᠡ ᠲᠡᠢ ᠨᠢᠭᠡ ᠨᠣᠶᠠᠨ ᠤ᠋ ᠡᠮᠦᠨ᠎ᠡ ᠰᠸᠯᠸᠳᠢ ᠫᠤᠤ ᠲᠠᠢ ᠨᠣᠶᠠᠨ ᠱᠣᠩ ᠤ᠋ᠨ ᠮᠣᠳᠣ ᠰᠢᠭ᠋ ᠭᠣᠵᠣᠢᠨ ᠵᠣᠭᠰᠣᠵᠤ ᠪᠠᠢᠭ᠎ᠠ ᠨᠢ ᠦᠵᠡᠭᠳᠡᠪᠡ᠃  ᠶᠡᠷᠦ ᠡᠨᠡ ᠣᠷᠣᠢ ᠶ᠋ᠢᠨ ᠪᠠᠢᠳᠠᠯ ᠲᠤᠩ ᠠᠶᠠᠭᠦᠢ᠃ ᠨᠠᠷᠠ ᠵᠢᠷᠭᠠᠬᠤ ᠶ᠋ᠢᠨ ᠡᠮᠦᠨᠡᠬᠡᠨ ᠲᠡᠢ ᠢᠷᠡᠳᠡᠭ ᠮᠠᠨᠲᠠᠤ᠂ ᠰᠢᠩᠭᠡᠨ ᠬᠠᠷ᠎ᠠ ᠴᠠᠢ᠂ ᠶᠠᠩᠵᠤᠤᠷ ᠴᠥᠮ ᠦᠭᠡᠢ ᠪᠣᠯᠪᠠ᠃ ᠭᠣᠣᠯ ᠲᠥᠯᠥᠪ ᠣᠷᠣ ᠨᠢᠭᠡ ᠪᠣᠯᠤᠨ ᠭᠠᠳᠠᠭ᠎ᠠ ᠪᠠᠢᠳᠠᠭ ᠮᠠᠨᠠᠭᠠᠴᠢ᠂ ᠮᠠᠢᠬᠠᠨ ᠤ᠋ ᠡᠭᠦᠳᠡᠨ ᠡᠴᠡ ᠰᠠᠯᠬᠤ ᠪᠠᠨ ᠪᠣᠯᠢᠨ᠂ ᠨᠢᠳᠦ ᠢᠷᠮᠡᠬᠦ ᠶ᠋ᠢᠨ ᠵᠠᠭᠤᠷ᠎ᠠ ᠨᠢᠰᠦᠨ ᠣᠳᠬᠤ ᠵᠢᠭᠦᠷᠲᠡᠨ ᠢ᠋ ᠬᠠᠷᠢᠭᠤᠯᠵᠤ ᠪᠠᠢᠭ᠎ᠠ ᠶᠤᠮ ᠰᠢᠭ᠋ ᠨᠢᠳᠦ ᠰᠠᠯᠬᠤ ᠦᠭᠡᠢ ᠰᠢᠷᠲᠡᠨ᠎ᠡ᠃ ᠰᠥᠨᠢ ᠶ᠋ᠢᠨ ᠴᠠᠭ ᠢ᠋ᠶ᠋ᠠᠷ ᠬᠠᠷᠠᠩᠭᠤᠢ ᠰᠠᠭᠤᠬᠤ ᠥᠭᠡᠷᠡᠴᠢᠯᠡᠭᠳᠡᠨ ᠦᠳᠡᠰᠢ ᠪᠣᠯᠣᠮᠠᠭᠴᠠ ᠤᠷᠲᠤ ᠴᠠᠭᠠᠨ ᠯᠠ ᠮᠠᠢᠬᠠᠨ ᠤ᠋ ᠭᠣᠣᠯ ᠳ᠋ᠤ᠌ ᠠᠰᠠᠵᠤ ᠪᠠᠢᠬᠤ ᠪᠣᠯᠪᠠ᠃  ᠳ᠋ᠠᠨᠽᠠᠨ ᠲᠠᠮᠲᠤᠭ ᠪᠣᠯᠤᠭᠰᠠᠨ ᠨᠡᠬᠡᠢ ᠳᠡᠪᠡᠯ ᠢ᠋ᠶ᠋ᠡᠨ ᠨᠥᠮᠥᠷᠦᠨ ᠳᠣᠷᠵᠢ ᠶ᠋ᠢᠨ ᠳᠡᠪᠡᠯ ᠦ᠋ᠨ ᠲᠠᠰᠤᠷᠬᠠᠢ ᠪᠠᠷ ᠬᠥᠯ ᠢ᠋ᠶ᠋ᠡᠨ ᠬᠤᠴᠠᠨ ᠬᠡᠪᠲᠡᠪᠡ᠃《ᠨᠥᠬᠥᠳ ᠮᠢᠨᠢ ᠨᠠᠮᠠᠶ᠋ᠢ ᠶᠠᠭᠤᠨ ᠳ᠋ᠤ᠌ ᠬᠠᠶᠠᠭᠠᠳ ᠶᠠᠪᠤᠴᠢᠬᠠᠭᠰᠠᠨ ᠶᠤᠮ ᠪᠣᠯ?》 ᠭᠡᠬᠦ ᠡᠴᠡ ᠶᠠᠳᠠᠭᠤ ᠪᠣᠯᠬᠣᠷ ᠮᠢᠨᠢ᠂ ᠬᠥᠮᠦᠨ ᠭᠡᠵᠦ ᠪᠣᠳᠣᠭ᠎ᠠ ᠦᠭᠡᠢ ᠪᠣᠢ ᠊ᠶ᠎ᠠ ᠭᠡᠵᠦ ᠪᠣᠳᠣᠨ ᠭᠤᠨᠢᠨ ᠭᠤᠲᠤᠷᠠᠵᠤ ᠥᠰᠢᠨ ᠵᠠᠨᠤᠬᠤ ᠬᠣᠶᠠᠷ ᠰᠡᠳᠬᠢᠯ ᠳ᠋ᠦ᠍ ᠡᠷᠭᠢᠯᠳᠦᠨ᠎ᠡ᠃ ᠭᠡᠪᠡᠴᠦ ᠳ᠋ᠠᠨᠽᠠᠨ ᠨᠥᠬᠥᠳ ᠢ᠋ᠶ᠋ᠡᠨ《ᠪᠢᠲᠡᠭᠡᠢ ᠪᠠᠷᠢᠭᠳᠠᠭᠠᠰᠠᠢ!》 ᠭᠡᠬᠦ ᠳ᠋ᠡᠭᠡᠨ ᠥᠪᠡᠷ ᠦ᠋ᠨ ᠢ᠋ᠶ᠋ᠡᠨ ᠭᠠᠭᠴᠠ ᠮᠡᠳᠡᠬᠦ《ᠮᠡᠭᠵᠡᠮ》 ᠭᠡᠳᠡᠭ ᠳᠥᠷᠪᠡᠨ ᠱᠠᠳ ᠨᠣᠮ ᠢ᠋ ᠭᠤᠷᠪᠠᠨ ᠳᠣᠯᠣᠭ᠎ᠠ ᠬᠣᠷᠢᠨ ᠨᠢᠭᠡ᠂ ᠬᠤᠷᠤᠭᠤ ᠳᠠᠷᠤᠨ ᠲᠣᠭᠠᠯᠠᠵᠤ ᠤᠩᠰᠢᠪᠠ᠃

             ᠦᠰᠦᠭ ᠠᠮᠢᠯᠠᠭᠤᠯᠤᠭᠰᠠᠨ ᠨᠢ᠄  ᠲᠡᠭᠷᠢ ᠡᠵᠢ