ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 2(1) Шинэлам – 3-р бүлэг᠂ Шинэлмийн зэвсэгт тэмцэл 2(1)
ᠬᠣᠶᠠᠷ᠂ ᠮᠣᠷᠢᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶᠠᠨ ᠤ᠋ ᠳᠠᠢᠴᠢᠨ ᠲᠡᠮᠳᠡᠭᠯᠡᠯ
(ᠨᠢᠭᠡ) ᠦᠦᠰᠢᠨ ᠨᠣᠶᠠᠨ ᠤ᠋ ᠴᠡᠷᠢᠭ ᠲᠡᠢ ᠪᠠᠢᠯᠳᠤᠭᠰᠠᠨ
1. ᠭᠠᠯᠠᠭᠤᠲᠤ ᠶ᠋ᠢᠨ ᠰᠦᠮ᠎ᠡ ᠶ᠋ᠢ ᠪᠦᠰᠡᠯᠡᠭᠰᠡᠨ ᠲᠠᠨᠲᠠᠷ
《ᠭᠠᠯᠠᠭᠤᠲᠤ ᠶ᠋ᠢᠨ ᠰᠦᠮ᠎ᠡ》ᠪᠣᠯ ᠳᠤᠭᠤᠢᠯᠠᠩ ᠤ᠋ᠨ ᠬᠥᠳᠡᠯᠭᠡᠭᠡᠨ ᠦ᠌ ᠭᠣᠣᠯ ᠰᠠᠭᠤᠷᠢᠨ ᠭᠠᠵᠠᠷ ᠪᠣᠯᠬᠤ ᠶᠤᠮ᠃ ᠤᠴᠢᠷ ᠨᠢ ᠰᠢᠨᠠᠯᠠᠮ᠎ᠠ ᠶ᠋ᠢᠨ ᠥᠪᠡᠷ ᠦ᠋ᠨ ᠭᠡᠷ ᠨᠤᠲᠤᠭ ᠨᠢ ᠭᠠᠯᠠᠭᠤᠲᠤ ᠶ᠋ᠢᠨ ᠰᠦᠮ᠎ᠡ ᠡᠴᠡ ᠣᠢᠷᠠᠬᠠᠨ ᠪᠤᠵᠠᠢ ᠶ᠋ᠢᠨ ᠨᠠᠭᠤᠷ(ᠫᠤᠤᠴᠢ ᠶ᠋ᠢᠨ ᠨᠠᠭᠤᠷ) ᠤ᠋ᠨ ᠵᠡᠭᠦᠨ ᠪᠠᠯᠠᠷ ᠲᠤ᠌ ᠪᠠᠢᠳᠠᠭ᠃ ᠥᠯᠵᠡᠢᠵᠢᠷᠭᠠᠯ ᠰᠢᠨᠡᠯᠡᠮ᠎ᠡ ᠪᠣᠯᠤᠭᠰᠠᠨ ᠤ᠋ ᠳᠠᠷᠠᠭ᠎ᠠ ᠭᠠᠯᠠᠭᠤᠲᠤ ᠶ᠋ᠢᠨ ᠰᠦᠮ᠎ᠡ ᠳᠡᠭᠡᠷ᠎ᠡ ᠰᠠᠭᠤᠬᠤ ᠪᠠᠢᠰᠢᠩ ᠪᠠᠷᠢᠵᠤ᠂ ᠵᠠᠷᠢᠮ ᠴᠠᠭ ᠦᠶ᠎ᠡ ᠳ᠋ᠦ᠍ ᠢᠷᠡᠵᠦ ᠰᠠᠭᠤᠳᠠᠭ ᠪᠠᠢᠵᠠᠢ᠃ ᠳᠤᠭᠤᠢᠯᠠᠩ ᠤ᠋ᠨ ᠬᠥᠳᠡᠯᠭᠡᠭᠡᠨ ᠦ᠌ ᠭᠣᠣᠯ ᠢᠳᠡᠪᠬᠢᠲᠡᠨ ᠲᠦᠷᠦᠭᠦᠴᠦᠳ ᠡᠨᠡ ᠭᠠᠵᠠᠷ ᠢ᠋ᠶ᠋ᠠᠷ ᠲᠥᠪᠯᠡᠷᠡᠭᠰᠡᠨ ᠢ᠋ᠶ᠋ᠡᠷ ᠪᠠᠷᠠᠬᠤ ᠦᠭᠡᠢ᠂ ᠦᠦᠰᠢᠨ ᠨᠣᠶᠠᠨ ᠤ᠋ ᠱᠠᠩ ᠣᠷᠳᠣᠨ ᠤ᠋ ᠰᠠᠭᠤᠭ᠎ᠠ ᠭᠠᠵᠠᠷ ᠲᠠᠮᠠᠭᠠᠯᠠᠢ ᠴᠤ᠌ ᠡᠨᠳᠡ ᠡᠴᠡ ᠣᠢᠷᠠᠬᠠᠨ ᠲᠤᠯᠠ ᠬᠣᠯᠠ ᠣᠢᠷ᠎ᠠ ᠶ᠋ᠢᠨ ᠵᠠᠰᠠᠭ ᠲᠥᠷᠥ ᠶ᠋ᠢᠨ ᠴᠢᠮᠡᠭᠡ ᠰᠣᠨᠣᠰᠬᠠᠯ ᠲᠦᠷᠭᠡᠨ ᠪᠠᠢᠳᠠᠭ᠃ ᠰᠢᠨᠠᠯᠠᠮ᠎ᠠ ᠶ᠋ᠢᠨ ᠳᠤᠭᠤᠢᠯᠠᠩ ᠤ᠋ᠨ ᠬᠥᠳᠡᠯᠭᠡᠭᠡᠨ ᠦ᠌ ᠡᠰᠡᠷᠭᠦᠦ ᠬᠥᠮᠦᠨ ᠸᠠᠩᠴᠣᠭᠷᠠᠪᠳᠠᠨ ᠲᠠᠢᠵᠢ ᠶ᠋ᠢᠨ ᠭᠡᠷ ᠨᠤᠲᠤᠭ ᠴᠤ᠌ ᠭᠠᠯᠠᠭᠤᠲᠤ ᠶ᠋ᠢᠨ ᠰᠦᠮ᠎ᠡ ᠡᠴᠡ ᠲᠤᠩ ᠣᠢᠷᠠᠬᠠᠨ ᠲᠤᠯᠠ ᠡᠨᠡ ᠨᠢ ᠬᠡᠨ ᠠᠯᠢᠨ ᠢ᠋ᠶ᠋ᠠᠨ ᠭᠡᠲᠡᠵᠦ ᠠᠵᠢᠭᠯᠠᠬᠤ ᠥᠷᠢᠰᠦᠯᠳᠦᠭᠡᠨ ᠲᠡᠮᠡᠴᠡᠭᠡᠨ ᠦ᠌ ᠬᠠᠷᠠᠯᠲᠠ ᠶ᠋ᠢᠨ ᠭᠠᠵᠠᠷ ᠪᠣᠯᠤᠭᠰᠠᠨ ᠪᠠᠢᠵᠠᠢ᠃
ᠡᠨᠡ ᠰᠦᠮ᠎ᠡ ᠣᠷᠳᠣᠰ ᠲᠣᠭᠠᠯᠠᠯ ᠤ᠋ᠨ ᠴᠠᠭᠠᠨ ᠰᠠᠷ᠎ᠠ ᠶ᠋ᠢᠨ ᠠᠷᠪᠠᠨ ᠲᠠᠪᠤᠨ ᠪᠣᠯᠤᠨ ᠠᠷᠪᠠᠨ ᠰᠠᠷ᠎ᠠ ᠶ᠋ᠢᠨ ᠠᠷᠪᠠᠨ ᠲᠠᠪᠤᠨ ᠳ᠋ᠤ᠌ ᠴᠠᠮ ᠮᠣᠯᠣᠮ ᠲᠠᠢ ᠲᠤᠯᠠ ᠨᠤᠲᠤᠭ ᠣᠷᠣᠨ ᠤ᠋ ᠮᠣᠩᠭᠣᠯᠴᠤᠳ᠂ ᠥᠭᠯᠢᠭᠡ ᠶ᠋ᠢᠨ ᠡᠵᠡᠳ ᠬᠦᠷᠦᠯᠴᠡᠨ ᠢᠷᠡᠳᠡᠭ ᠪᠥᠭᠡᠳ ᠬᠣᠯᠠ ᠶ᠋ᠢᠨ ᠵᠣᠴᠢᠳ ᠱᠠᠨᠰᠢ ᠮᠣᠵᠢ ᠶ᠋ᠢᠨ ᠪᠠᠷᠠᠭ᠎ᠠ ᠲᠠᠸᠠᠷ ᠡᠯᠪᠡᠭ ᠳᠡᠯᠪᠡᠭ ᠪᠠᠢᠳᠠᠭ ᠠ᠋ᠴᠠ ᠠᠷᠠᠯᠵᠢᠶ᠎ᠠ ᠬᠤᠳᠠᠯᠳᠤᠭ᠎ᠠ ᠡᠳ᠋ ᠪᠠᠷᠠᠭ᠎ᠠ ᠮᠠᠯ ᠤᠨᠤᠭ᠎ᠠ ᠶ᠋ᠢᠨ ᠰᠣᠯᠢᠯᠴᠠᠭ᠎ᠠ᠂ ᠰᠦᠮ᠎ᠡ ᠶ᠋ᠢᠨ ᠴᠠᠮ ᠵᠡᠷᠭᠡ ᠨᠢ ᠬᠥᠷ ᠬᠥᠭᠵᠢᠯ ᠲᠡᠢ ᠶᠠᠪᠤᠭᠳᠠᠵᠤ ᠰᠣᠨᠢᠨ ᠰᠠᠢᠬᠠᠨ ᠣᠯᠠᠨ ᠬᠥᠮᠦᠰ ᠦ᠋ᠨ ᠴᠤᠭᠯᠠᠭᠠᠨ ᠪᠣᠯᠳᠠᠭ ᠪᠠᠢᠵᠠᠢ᠃
1925 ᠣᠨ ᠤ᠋ ᠰᠢᠨᠠᠯᠠᠮ᠎ᠠ ᠴᠢᠭᠤᠯᠤᠯᠲᠤ ᠬᠠᠭᠠᠯᠭ᠎ᠠ ᠳ᠋ᠤ᠌ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠯᠥᠭᠡᠯᠡᠭᠴᠢᠳ ᠦ᠋ᠨ ᠬᠤᠷᠠᠯ ᠳ᠋ᠤ᠌ ᠣᠷᠣᠯᠴᠠᠵᠤ ᠬᠤᠷᠠᠯ ᠲᠡᠭᠦᠰᠦᠭᠰᠡᠨ ᠦ᠌ ᠳᠠᠷᠠᠭ᠎ᠠ ᠪᠡᠭᠡᠵᠢᠩ ᠬᠣᠲᠠ ᠳ᠋ᠤ᠌ ᠣᠴᠢᠵᠤ ᠯᠢ ᠳᠡ ᠵᠣᠣ ᠨᠥᠬᠥᠷ ᠲᠡᠢ ᠠᠭᠤᠯᠵᠠᠵᠤ ᠪᠤᠴᠠᠵᠤ ᠢᠷᠡᠬᠦ ᠵᠠᠮ ᠳ᠋ᠠᠭᠠᠨ ᠴᠢᠭᠤᠯᠤᠯᠲᠤ ᠬᠠᠭᠠᠯᠭ᠎ᠠ᠂ ᠪᠤᠭᠤᠲᠤ ᠬᠣᠲᠠ ᠪᠠᠷ ᠳᠠᠭᠠᠷᠢᠵᠤ ᠭᠡᠷ ᠨᠤᠲᠤᠭ ᠲᠠᠭᠠᠨ ᠬᠠᠷᠢᠵᠤ ᠢᠷᠡᠵᠡᠢ᠃
ᠭᠠᠳᠠᠭᠠᠳᠤ ᠤᠯᠤᠰ ᠲᠤ᠌ ᠵᠢᠯ ᠢᠯᠡᠭᠦᠦ ᠰᠤᠷᠤᠯᠴᠠᠵᠤ ᠰᠤᠳᠤᠯᠤᠭᠠᠳ ᠤᠯᠤᠰ ᠲᠠᠭᠠᠨ ᠪᠤᠴᠠᠵᠤ ᠢᠷᠡᠮᠡᠭᠴᠡ ᠳᠣᠲᠣᠭᠠᠳᠤ ᠮᠣᠩᠭᠣᠯ ᠤ᠋ᠨ ᠴᠢᠬᠤᠯᠠ ᠬᠤᠷᠠᠯᠳᠤᠭᠠᠨ ᠳ᠋ᠤ᠌ ᠣᠷᠣᠯᠴᠠᠵᠤ ᠳᠠᠬᠢᠨ ᠤᠮᠠᠷᠠᠲᠤ ᠣᠷᠣᠨ ᠤ᠋ ᠨᠠᠮ ᠤ᠋ᠨ ᠤᠳᠤᠷᠢᠳᠬᠤ ᠬᠥᠮᠦᠨ ᠯᠢ ᠳᠡ ᠵᠣᠣ ᠲᠠᠢ ᠤᠴᠠᠷᠠᠵᠤ ᠰᠢᠨ᠎ᠡ ᠠᠵᠢᠯ ᠢ᠋ ᠬᠦᠯᠢᠶᠡᠨ ᠠᠪᠤᠭᠰᠠᠨ ᠰᠢᠨᠡᠯᠡᠮ᠎ᠡ ᠨᠤᠲᠤᠭ ᠤᠰᠤᠨ ᠳ᠋ᠠᠭᠠᠨ ᠶᠡᠬᠡ ᠦᠢᠯᠡᠰ ᠢ᠋ ᠪᠦᠲᠦᠭᠡᠶ᠎ᠡ ᠭᠡᠰᠡᠨ ᠣᠷᠭᠢᠯᠤᠮ᠎ᠠ ᠬᠠᠯᠠᠭᠤᠨ ᠰᠡᠳᠬᠢᠯ ᠲᠡᠢ ᠪᠠᠢᠭᠰᠠᠨ ᠲᠤᠯᠠ ᠰᠠᠯᠤᠭᠠᠳ ᠤᠳᠠᠭᠰᠠᠨ ᠥᠪᠡᠷ ᠦ᠋ᠨ ᠭᠡᠷ ᠲᠡᠭᠡᠨ ᠳᠥᠩᠭᠡᠵᠦ ᠢᠷᠡᠮᠡᠭᠴᠡ ᠶᠠᠭᠠᠷᠠᠤ ᠰᠠᠨᠳᠤᠷᠤᠤ ᠪᠠᠷ ᠨᠢᠭᠡ ᠯᠡ ᠬᠣᠨᠣᠭᠠᠳ ᠦᠷᠭᠦᠯᠵᠢᠯᠡᠨ ᠪᠠᠷᠠᠭᠤᠨᠰᠢᠯᠠᠵᠤ ᠳᠤᠭᠤᠢᠯᠠᠩ ᠤ᠋ᠨ ᠵᠠᠷᠢᠮ ᠨᠥᠬᠥᠳ ᠦ᠋ᠨ ᠢ᠋ᠶ᠋ᠡᠨ ᠭᠡᠷ ᠢ᠋ᠶ᠋ᠡᠷ ᠳᠠᠭᠠᠷᠢᠵᠤ᠂ ᠭᠠᠯᠠᠭᠤᠲᠤ ᠶ᠋ᠢᠨ ᠰᠦᠮ᠎ᠡ ᠶ᠋ᠢᠨ ᠴᠠᠮ ᠳᠡᠭᠡᠷ᠎ᠡ ᠣᠴᠢᠵᠠᠢ᠃ ᠰᠢᠨᠡᠯᠡᠮ᠎ᠡ ᠨᠤᠲᠤᠭ ᠣᠷᠣᠨ ᠤ᠋ ᠪᠠᠨ ᠮᠠᠯᠴᠢᠳ ᠲᠠᠢ ᠵᠢᠯ ᠴᠠᠭᠠᠨ ᠰᠠᠷ᠎ᠠ ᠶ᠋ᠢᠨ ᠰᠢᠨ᠎ᠡ ᠶ᠋ᠢᠨ ᠵᠣᠯᠭᠠᠯᠲᠠ ᠶ᠋ᠢᠨ ᠮᠡᠨᠳᠦᠴᠢᠯᠡᠯ ᠢ᠋ ᠬᠦᠷᠭᠡᠵᠡᠭᠡᠵᠦ ᠪᠠᠢᠯ᠎ᠠ᠃
ᠡᠨᠡ ᠡᠳᠦᠷ ᠦ᠋ᠨ ᠭᠠᠯᠠᠭᠤᠲᠤ ᠶ᠋ᠢᠨ ᠰᠦᠮ᠎ᠡ ᠶ᠋ᠢᠨ ᠴᠠᠮ ᠢ᠋ ᠲᠣᠬᠢᠶᠠᠯᠳᠤᠭᠤᠯᠤᠨ ᠰᠢᠨᠡᠯᠡᠮ᠎ᠡ ᠮᠣᠩᠭᠣᠯ ᠤᠯᠤᠰ ᠠ᠋ᠴᠠ ᠠᠪᠴᠢᠷᠠᠭᠰᠠᠨ ᠰᠣᠨᠢᠨ ᠰᠡᠳᠬᠦᠯ᠂ ᠪᠢᠴᠢᠭ ᠮᠠᠲ᠋ᠧᠷᠢᠶᠠᠯ ᠢ᠋ᠶ᠋ᠠᠨ ᠣᠯᠠᠨ ᠲᠦᠮᠡᠨ ᠳ᠋ᠦ᠍ ᠤᠩᠰᠢᠨ ᠤᠬᠠᠭᠤᠯᠵᠤ ᠬᠣᠶᠠᠷ ᠮᠢᠩᠭ᠎ᠠ ᠰᠢᠬᠠᠮ ᠬᠥᠮᠦᠨ ᠦ᠌ ᠶᠡᠬᠡ ᠬᠤᠷᠠᠯ ᠳ᠋ᠤ᠌ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠮᠥᠷ ᠦ᠋ᠨ ᠬᠥᠲᠥᠯᠪᠦᠷᠢ ᠶ᠋ᠢ ᠲᠠᠢᠯᠪᠤᠷᠢᠯᠠᠭᠰᠠᠨ ᠪᠥᠭᠡᠳ ᠦᠦᠰᠢᠨ ᠬᠤᠰᠢᠭᠤᠨ ᠳ᠋ᠤ᠌ ᠨᠠᠮ ᠪᠠᠢᠭᠤᠯᠬᠤ᠂ ᠠᠷᠠᠳ ᠤ᠋ᠨ ᠵᠡᠪᠰᠡᠭᠲᠦ ᠬᠦᠴᠦᠨ ᠢ᠋ ᠵᠣᠬᠢᠶᠠᠨ ᠪᠠᠢᠭᠤᠯᠬᠤ ᠵᠡᠷᠭᠡ ᠪᠣᠳᠠᠲᠤ ᠤᠴᠢᠷ ᠢ᠋ ᠠᠩᠬ᠎ᠠ ᠳᠤᠷᠠᠳᠤᠭᠰᠠᠨ ᠪᠠᠢᠨ᠎ᠠ᠃ ᠭᠣᠣᠯ ᠳᠤᠭᠠᠩ ᠤ᠋ᠨ ᠡᠮᠦᠨᠡᠬᠢ ᠴᠠᠮ ᠤ᠋ᠨ ᠲᠠᠯᠠᠪᠠᠢ ᠳ᠋ᠤ᠌ ᠬᠤᠷᠠᠨ ᠴᠤᠭᠯᠠᠷᠠᠭᠰᠠᠨ ᠣᠯᠠᠨ ᠬᠥᠮᠦᠰ ᠬᠣᠭᠣᠷᠣᠨᠳᠣ ᠪᠠᠨ᠄《ᠰᠢᠨᠡᠯᠡᠮ᠎ᠡ ᠬᠠᠰᠢ ᠯᠠ ᠣᠳᠣ ᠲᠠᠢ ᠲᠥᠷᠥᠭᠰᠡᠨ ᠡᠷ᠎ᠡ ᠪᠠᠢᠨ᠎ᠠ! ᠵᠢᠷᠭᠤᠭᠠᠨ ᠵᠢᠯ ᠦ᠋ᠨ ᠡᠮᠦᠨ᠎ᠡ ᠴᠢᠭᠤᠯᠭᠠᠨ ᠤ᠋ ᠲᠦᠰᠢᠮᠡᠯ ᠲᠡᠭᠦᠨ ᠢ᠋ ᠡᠨᠡ ᠲᠠᠯᠠᠪᠠᠢ ᠳ᠋ᠤ᠌ ᠬᠠᠷ᠎ᠠ ᠲᠠᠰᠢᠭᠤᠷ ᠢ᠋ᠶ᠋ᠠᠷ ᠵᠠᠨᠴᠢᠵᠤ ᠪᠠᠢᠭᠠᠳ ᠬᠤᠨᠳᠤᠴᠤᠭ ᠤ᠋ᠨ ᠮᠢᠬ᠎ᠠ ᠶ᠋ᠢ ᠨᠢ ᠰᠢᠯᠪᠤᠷᠠᠭᠤᠯᠵᠤ ᠠᠷᠠᠭ ᠶᠠᠰᠤ ᠨᠢ ᠦᠵᠡᠭᠳᠡᠵᠦ ᠪᠠᠢᠭᠰᠠᠨ ᠰᠢᠦ! ᠭᠡᠲᠡᠯ᠎ᠡ ᠣᠳᠣ ᠲᠡᠷᠡ ᠤᠯᠠᠭᠠᠨᠪᠠᠭᠠᠲᠤᠷ ᠲᠤ᠌ ᠬᠦᠷᠴᠦ ᠰᠤᠷᠤᠯᠴᠠᠭᠠᠳ ᠥᠨᠥᠳᠥᠷ ᠬᠣᠰᠢᠭᠤ ᠨᠤᠲᠤᠭ ᠲᠠᠭᠠᠨ ᠪᠤᠴᠠᠨ ᠢᠷᠡᠵᠦ ᠠᠷᠠᠳ ᠤ᠋ᠨ ᠬᠤᠪᠢᠰᠬᠠᠯᠲᠤ ᠨᠠᠮ ᠪᠠᠢᠭᠤᠯᠤᠨ᠎ᠠ ᠭᠡᠵᠦ ᠪᠠᠢᠬᠤ ᠴᠢᠨᠢ ᠦᠨᠡᠬᠡᠷ ᠠᠮᠠᠷ ᠦᠭᠡᠢ᠂ ᠮᠠᠯᠴᠢᠳ ᠪᠠᠰᠠ ᠫᠤᠤ ᠡᠭᠦᠷᠴᠦ ᠨᠤᠲᠤᠭ ᠪᠡᠯᠴᠢᠭᠡᠷ ᠢ᠋ᠶ᠋ᠡᠨ ᠬᠠᠮᠠᠭᠠᠯᠠᠬᠤ ᠶᠤᠮ ᠪᠠᠢᠨ᠎ᠠ ᠳᠠ ····》 ᠭᠡᠵᠦ ᠶᠠᠷᠢᠯᠴᠠᠵᠠᠭᠠᠨ᠎ᠠ᠃
ᠰᠢᠨᠡᠯᠡᠮ᠎ᠡ ᠮᠠᠯᠴᠢᠳ ᠤ᠋ᠨ ᠶᠡᠬᠡ ᠬᠤᠷᠠᠯ ᠳᠡᠭᠡᠷ᠎ᠡ᠄《 ᠁ ᠪᠢ ᠶᠡᠬᠡ ᠶᠠᠭᠠᠷᠠᠤ ᠰᠢᠦ! ᠨᠠᠷᠠ ᠪᠠᠷᠠᠭᠤᠨᠰᠢ ᠰᠢᠩᠭᠡᠬᠦ ᠡᠴᠡ ᠡᠮᠦᠨ᠎ᠡ ᠪᠢ ᠶᠠᠪᠤᠨ᠎ᠠ᠂ ᠤᠴᠢᠷ ᠨᠢ ᠪᠢ ᠡᠨᠡ ᠰᠥᠨᠢ ᠳ᠋ᠡᠭᠡᠨ ᠬᠠᠩᠭᠢᠨ ᠬᠤᠰᠢᠭᠤᠨ ᠤ᠋ ᠪᠢᠩᠲᠦ ᠶ᠋ᠢᠨ ᠰᠢᠷ᠎ᠠ ᠵᠣᠣ ᠳ᠋ᠤ᠌ ᠬᠦᠷᠴᠦ ᠮᠠᠷᠭᠠᠰᠢ ᠰᠥᠨᠢ ᠪᠤᠭᠤᠲᠤ ᠬᠣᠲᠠᠨ ᠳ᠋ᠤ᠌ ᠵᠠᠪᠠᠯ ᠬᠦᠷᠬᠦ ᠤᠴᠢᠷ ᠲᠠᠢ ᠁》 ᠭᠡᠵᠦ ᠬᠡᠯᠡᠭᠡᠳ ᠰᠦᠮ᠎ᠡ ᠶ᠋ᠢᠨ ᠶᠡᠬᠡ ᠲᠠᠢᠰᠠ ᠠ᠋ᠴᠠ ᠪᠠᠭᠤᠵᠤ ᠰᠦᠮ᠎ᠡ ᠳᠡᠭᠡᠷ᠎ᠡ ᠪᠠᠢᠭ᠎ᠠ ᠭᠡᠷ ᠲᠡᠭᠡᠨ ᠬᠠᠷᠢᠵᠠᠢ᠃ ᠲᠡᠷᠡ ᠬᠣᠭᠣᠯᠠ ᠢᠳᠡᠬᠦ ᠶ᠋ᠢᠨ ᠵᠠᠭᠤᠷ᠎ᠠ ᠦᠰᠦᠨ ᠪᠢᠷ ᠢ᠋ᠶ᠋ᠡᠷ ᠬᠣᠨᠢᠨ ᠴᠠᠭᠠᠰᠤ (ᠮᠣᠣᠲᠤᠤ ᠴᠠᠭᠠᠰᠤ) ᠳᠡᠭᠡᠷ᠎ᠡ᠄《ᠲᠠᠨᠲᠠᠷ ᠬᠦᠦ ᠲᠣᠯᠣᠭᠠᠢ ᠪᠠᠨ ᠬᠢᠴᠢᠶᠡ!》 ᠭᠡᠰᠡᠨ ᠬᠡᠳᠦᠨ ᠦᠰᠦᠭ ᠪᠢᠴᠢᠭᠡᠳ ᠬᠠᠨᠵᠤᠨ ᠤ᠋ ᠠᠪᠳᠠᠷ᠎ᠠ ᠳᠡᠭᠡᠷ᠎ᠡ ᠲᠠᠯᠪᠢᠵᠤ ᠬᠠᠶᠠᠴᠢᠬᠠᠭᠠᠳ ᠭᠡᠷ ᠲᠦ᠋ᠨᠢ ᠰᠠᠭᠤᠭ᠎ᠠ ᠣᠯᠠᠨ ᠮᠥᠷᠭᠥᠯᠴᠢᠨ ᠵᠣᠴᠢᠳ ᠲᠤ᠌᠄《ᠬᠡᠷᠪᠡ ᠭᠡᠨᠡᠳᠲᠡ ᠲᠠᠨᠲᠠᠷ ᠨᠠᠮᠠᠶ᠋ᠢ ᠰᠤᠷᠬᠠᠯᠠᠬᠤ ᠪᠠᠷ ᠢᠷᠡᠪᠡᠯ ᠡᠭᠦᠨ ᠢ᠋ ᠭᠠᠷᠳᠠᠭᠤᠯᠴᠢᠬᠠ!》 ᠭᠡᠵᠦ ᠵᠠᠬᠢᠪᠠ᠃ ᠲᠡᠭᠡᠭᠡᠳ ᠨᠢᠮᠠᠷᠢᠨᠴᠢᠨ᠂ ᠵᠠᠮᠢᠶᠠᠨᠵᠠᠪ ᠲᠠᠢ ᠭᠤᠷᠪᠠᠭᠤᠯᠠ ᠮᠣᠷᠢ ᠪᠠᠨ ᠤᠨᠤᠨ ᠰᠦᠮ᠎ᠡ ᠶ᠋ᠢᠨ ᠠᠷᠤ ᠳ᠋ᠠᠬᠢ ᠣᠪᠣᠭᠠᠨ ᠵᠡᠭᠦᠨ ᠵᠠᠮ ᠢ᠋ᠶ᠋ᠠᠷ ᠬᠣᠢᠰᠢ ᠶᠠᠪᠤᠵᠠᠭᠠᠯ᠎ᠠ᠃
ᠦᠨᠡᠨ ᠳ᠋ᠡᠭᠡᠨ ᠰᠢᠨᠠᠯᠠᠮ᠎ᠠ ᠶᠠᠪᠤᠭᠰᠠᠨ ᠦᠭᠡᠢ ᠪᠠᠢᠵᠠᠢ᠃ ᠲᠡᠷᠡ ᠨᠤᠲᠤᠭ ᠲᠠᠭᠠᠨ ᠬᠠᠷᠢᠵᠤ ᠢᠷᠡᠭᠰᠡᠨ ᠡᠴᠡ ᠬᠣᠢᠰᠢ ᠡᠳᠦᠷ ᠰᠥᠨᠢ ᠦᠭᠡᠢ ᠲᠤᠢᠯ ᠤ᠋ᠨ ᠰᠣᠨᠣᠷ ᠰᠡᠷᠡᠮᠵᠢ ᠲᠡᠢ ᠪᠠᠢᠵᠤ᠂ ᠨᠣᠶᠠᠨ ᠤ᠋ ᠡᠲᠡᠭᠡᠳ ᠦ᠋ᠨ ᠬᠢᠨ ᠲᠡᠭᠦᠨ ᠢ᠋ ᠦᠷᠭᠦᠯᠵᠢ ᠭᠡᠲᠡᠵᠦ ᠭᠡᠨᠡᠳᠡᠭᠦᠯᠦᠨ ᠪᠠᠷᠢᠪᠴᠢᠯᠠᠬᠤ ᠭᠡᠰᠡᠨ ᠢ᠋ ᠲᠣᠪ ᠲᠣᠳᠣᠷᠬᠠᠢ ᠵᠢᠱ᠌ᠢᠵᠦ ᠪᠠᠢᠭᠰᠠᠨ ᠲᠤᠯᠠ ᠲᠤᠰ ᠡᠳᠦᠷ ᠦ᠋ᠨ ᠬᠤᠷᠠᠯ ᠤ᠋ᠨ ᠰᠡᠭᠦᠯ ᠳ᠋ᠦ᠍ ᠵᠣᠷᠢᠭᠤᠳᠠ᠄《···· ᠪᠢ ᠡᠨᠡ ᠰᠥᠨᠢ ᠳ᠋ᠡᠭᠡᠨ ᠬᠠᠩᠭᠢᠨ ᠬᠤᠰᠢᠭᠤᠨ ᠤ᠋ ᠪᠢᠩᠲᠦ ᠶ᠋ᠢᠨ ᠰᠢᠷ᠎ᠠ ᠵᠣᠣ ᠳ᠋ᠤ᠌ ᠬᠦᠷᠴᠦ ᠮᠠᠷᠭᠠᠰᠢ ᠰᠥᠨᠢ ᠪᠤᠭᠤᠲᠤ ᠬᠣᠲᠠ ᠳ᠋ᠤ᠌ ᠵᠠᠪᠠᠯ ᠬᠦᠷᠬᠦ ᠤᠴᠢᠷ ᠲᠠᠢ ···· 》 ᠭᠡᠵᠦ ᠦᠭᠡ ᠭᠠᠷᠭᠠᠭᠰᠠᠨ ᠪᠠᠢᠵᠠᠢ᠃ ᠳᠠᠷᠠᠭ᠎ᠠ ᠪᠠᠷ ᠬᠠᠩᠭᠢᠨ ᠤ᠋ ᠪᠢᠩᠲᠦ ᠶ᠋ᠢᠨ ᠰᠢᠷ᠎ᠠ ᠵᠣᠣ ᠪᠣᠯᠤᠨ ᠪᠤᠭᠤᠲᠤ ᠬᠣᠲᠠ ᠳ᠋ᠤ᠌ ᠣᠴᠢᠬᠤ ᠴᠢᠬᠤᠯᠠ ᠤᠴᠢᠷ ᠲᠠᠢ ᠪᠣᠯᠪᠠᠴᠤ ᠡᠨᠡ ᠰᠥᠨᠢ ᠮᠠᠷᠭᠠᠰᠢ ᠬᠦᠷᠬᠦ ᠪᠢᠰᠢ ᠪᠠᠢᠭᠰᠠᠨ ᠪᠠᠢᠯᠲᠠᠢ!
ᠰᠢᠨᠠᠯᠠᠮ᠎ᠠ᠂ ᠨᠢᠮᠠᠷᠢᠨᠴᠢᠨ᠂ ᠵᠠᠮᠢᠶᠠᠨᠵᠠᠪ ᠲᠠᠢ ᠭᠤᠷᠪᠠᠭᠤᠯᠠ ᠭᠠᠯᠠᠭᠤᠲᠤ ᠶ᠋ᠢᠨ ᠬᠣᠢᠲᠤ ᠤᠯᠠᠭᠠᠨ ᠪᠤᠷᠭᠠᠰᠤ ᠪᠤᠲᠠ᠂ ᠴᠢᠴᠠᠷᠭᠠᠨ᠎ᠠ ᠲᠠᠢ ᠢᠭᠴᠢ ᠰᠠᠬᠤᠯᠢᠭ ᠣᠢ ᠳ᠋ᠤ᠌ ᠮᠣᠷᠢ ᠪᠠᠨ ᠴᠢᠳᠥᠷᠯᠡᠵᠦ ᠤᠶᠠᠴᠢᠬᠠᠭᠠᠳ ᠦᠳᠡᠰᠢ ᠶ᠋ᠢᠨ ᠪᠦᠷᠦᠢ ᠪᠡᠷ ᠭᠠᠯᠠᠭᠤᠲᠤ ᠶ᠋ᠢᠨ ᠰᠦᠮ᠎ᠡ ᠶ᠋ᠢᠨ ᠵᠡᠭᠦᠨ ᠬᠣᠢᠲᠤ ᠥᠨᠴᠥᠭ ᠲᠦ᠍ ᠪᠠᠢᠭ᠎ᠠ ᠨᠢᠭᠡᠨ ᠶᠠᠳᠠᠭᠤ ᠯᠠᠮᠠ ᠶ᠋ᠢᠨ ᠭᠡᠷ ᠲᠦ᠍ ᠪᠡᠶ᠎ᠡ ᠳᠠᠯᠳᠠᠯᠠᠵᠤ᠂ ᠳᠤᠭᠤᠢᠯᠠᠩ ᠤ᠋ᠨ ᠢᠳᠡᠪᠬᠢᠲᠡᠳ ᠲᠡᠢ ᠪᠡᠨ ᠨᠠᠮ ᠤ᠋ᠨ ᠭᠡᠰᠢᠭᠦᠨ ᠡᠯᠰᠡᠬᠦ᠂ ᠨᠠᠮ ᠤ᠋ᠨ ᠡᠭᠦᠷ ᠪᠠᠢᠭᠤᠯᠬᠤ ᠠᠵᠢᠯ ᠢ᠋ᠶ᠋ᠠᠨ ᠶᠠᠷᠢᠯᠴᠠᠭᠰᠠᠨ ᠪᠠᠢᠨ᠎ᠠ᠃
ᠡᠨᠡ ᠦᠶ᠎ᠡ ᠳ᠋ᠦ᠍ ᠳᠤᠭᠤᠢᠯᠠᠩ ᠤ᠋ᠨ ᠢᠳᠡᠪᠬᠢᠲᠡᠨ ᠬᠠᠯᠢᠭᠤᠲᠤ ᠶ᠋ᠢᠨ ᠰᠦᠮ᠎ᠡ ᠶ᠋ᠢᠨ ᠱᠠᠪᠷᠤᠩ ᠭᠡᠨᠳᠦᠨᠯᠢᠭ᠌ᠰᠣᠭ ᠭᠤᠴᠢᠨ ᠺᠢᠯᠣᠮᠧᠲ᠋ᠷ ᠦ᠋ᠨ ᠠᠯᠤᠰ ᠳᠠᠬᠢ ᠬᠠᠯᠢᠭᠤᠲᠤ ᠶ᠋ᠢᠨ ᠰᠦᠮ᠎ᠡ ᠡᠴᠡ ᠬᠤᠷᠳᠤᠨ ᠵᠢᠷᠣᠭ᠎ᠠ ᠮᠣᠷᠢ ᠪᠠᠷ ᠨᠢᠰᠬᠦ ᠮᠡᠲᠦ ᠳᠠᠪᠬᠢᠨ ᠭᠠᠯᠠᠭᠤᠲᠤ ᠶ᠋ᠢᠨ ᠰᠦᠮ᠎ᠡ ᠳ᠋ᠦ᠍ ᠬᠦᠷᠪᠡ᠃ ᠲᠡᠷᠡ ᠬᠡᠯᠡᠬᠦ ᠳ᠋ᠡᠭᠡᠨ᠄《ᠥᠨᠥᠳᠥᠷ ᠦ᠋ᠨ ᠦᠳᠡ ᠶ᠋ᠢᠨ ᠬᠣᠢᠨ᠎ᠠ ᠨᠣᠶᠠᠨ ᠴᠡᠷᠢᠭ ᠦ᠋ᠨ ᠨᠡᠸᠠᠩᠨᠤᠷᠪᠦ ᠠᠷᠪᠠᠨ ᠴᠡᠷᠢᠭ ᠳᠠᠭᠠᠭᠤᠯᠤᠨ ᠬᠠᠯᠢᠭᠤᠲᠤ ᠶ᠋ᠢᠨ ᠰᠦᠮ᠎ᠡ ᠶ᠋ᠢ ᠬᠣᠮᠣᠷᠴᠤ ᠨᠡᠩᠵᠢᠯᠲᠡ ᠬᠢᠬᠦ ᠳ᠋ᠦ᠍ ᠮᠢᠨᠦ ᠰᠣᠯᠪᠠᠩ(ᠳᠠᠭᠠᠯ ᠰᠤᠪᠢᠯᠠᠭᠴᠢ) ᠭᠡᠨᠳᠦᠨᠽᠠᠩᠪᠤ ᠰᠡᠷᠡᠵᠦ ᠮᠡᠳᠡᠭᠡᠳ ᠪᠤᠷᠤᠭᠤᠯᠠᠨ ᠭᠦᠶᠦᠵᠦ ᠮᠠᠨ ᠤ᠋ ᠮᠠᠯ ᠤ᠋ᠨ ᠣᠲᠣᠷ ᠳᠡᠭᠡᠷ᠎ᠡ ᠢᠷᠡᠵᠦ(ᠰᠡᠷᠡᠩᠷᠤᠯᠮ᠎ᠠ ᠶ᠋ᠢᠨ ᠭᠡᠷ ᠳᠡᠭᠡᠷ᠎ᠡ) ᠨᠠᠮ᠎ᠠ ᠳ᠋ᠤ᠌ ᠰᠦᠮ᠎ᠡ ᠳᠡᠭᠡᠷ᠎ᠡ ᠫᠤᠤ ᠲᠠᠢ ᠴᠡᠷᠢᠭ ᠦ᠋ᠳ ᠢᠷᠡᠭᠡᠳ ᠬᠠᠮᠤᠭ ᠤᠷᠢᠳ ᠢ᠋ᠶ᠋ᠠᠷ ᠰᠦᠮ᠎ᠡ ᠶ᠋ᠢᠨ ᠱᠠᠩ ᠣᠷᠳᠣᠨ ᠵᠦᠭ ᠫᠤᠤ ᠪᠠᠷᠢᠵᠤ ᠬᠠᠰᠬᠢᠷᠤᠯᠳᠤᠨ ᠣᠷᠣᠵᠤ ᠪᠠᠢᠯ᠎ᠠ ᠭᠡᠪᠡ᠃ ᠪᠢ ᠪᠠᠢᠳᠠᠯ ᠮᠠᠭᠤ ᠪᠠᠢᠭ᠎ᠠ ᠶ᠋ᠢ ᠦᠵᠡᠭᠡᠳ ᠪᠠᠭᠠᠨ᠎ᠠ ᠳᠡᠭᠡᠷ᠎ᠡ ᠤᠶᠠᠭᠠᠲᠠᠢ ᠪᠠᠢᠭᠰᠠᠨ ᠮᠣᠷᠢ ᠪᠠᠨ ᠤᠨᠤᠭᠠᠳ ᠳᠠᠪᠬᠢᠵᠤ ᠢᠷᠡᠯ᠎ᠡ》 ᠭᠡᠵᠦ ᠰᠢᠨᠠᠯᠠᠮ᠎ᠠ ᠳ᠋ᠤ᠌ ᠮᠡᠳᠡᠭᠦᠯᠪᠡ᠃ ᠡᠨᠡ ᠦᠶ᠎ᠡ ᠳ᠋ᠦ᠍ ᠨᠢᠭᠡᠨᠲᠡ ᠲᠩᠷᠢ ᠶ᠋ᠢᠨ ᠣᠳᠣᠨ ᠮᠡᠴᠢᠳ ᠭᠢᠯᠠᠯᠵᠠᠵᠤ ᠰᠥᠨᠢ ᠪᠣᠯᠴᠢᠬᠠᠭᠰᠠᠨ ᠪᠠᠢᠵᠠᠢ᠃
ᠨᠠᠸᠠᠩᠨᠤᠷᠪᠤ ᠵᠡᠷᠭᠡ ᠶ᠋ᠢᠨ ᠴᠡᠷᠢᠭ ᠦ᠋ᠳ ᠬᠠᠯᠢᠭᠤᠲᠤ ᠶ᠋ᠢᠨ ᠰᠦᠮ᠎ᠡ ᠶ᠋ᠢ ᠪᠦᠰᠡᠯᠡᠵᠦ ᠭᠡᠨᠳᠦᠨᠯᠢᠭ᠌ᠰᠣᠭ ᠱᠠᠪᠷᠤᠩ ᠢ᠋ ᠪᠠᠷᠢᠬᠤ ᠭᠡᠳ ᠱᠠᠪᠷᠤᠩ ᠱᠠᠩ ᠣᠷᠳᠣᠨ ᠳ᠋ᠠᠭᠠᠨ ᠪᠠᠢᠭᠰᠠᠨ ᠦᠭᠡᠢ ᠲᠤᠯᠠ ᠮᠠᠯ ᠤ᠋ᠨ ᠣᠲᠣᠷ ᠵᠦᠭ ᠳᠠᠪᠬᠢᠨ ᠣᠴᠢᠬᠤ ᠳ᠋ᠤ᠌ ᠲᠡᠷᠡ ᠬᠡᠵᠢᠶᠡᠨᠡᠢ ᠬᠤᠷᠳᠤᠨ ᠮᠣᠷᠢ ᠪᠠᠷ ᠳᠤᠲᠠᠭᠠᠨ ᠶᠠᠪᠤᠴᠢᠬᠠᠵᠠᠢ᠃ ᠢᠩᠭᠢᠭᠡᠳ ᠨᠠᠸᠠᠩᠨᠤᠷᠪᠤ ᠨᠠᠷ ᠭᠠᠷ ᠬᠣᠭᠣᠰᠣᠨ ᠦᠦᠰᠢᠨ ᠨᠣᠶᠠᠨ ᠤ᠋ ᠱᠠᠩ — ᠲᠠᠮᠠᠭᠠᠯᠠᠢ ᠵᠦᠭ ᠵᠣᠷᠢᠭ ᠮᠠᠭᠤᠲᠠᠢ ᠪᠤᠴᠠᠪᠠ᠃ ᠲᠡᠳᠡᠨ ᠦ᠌ ᠭᠣᠣᠯ ᠬᠠᠷᠠᠯᠲᠠ ᠪᠣᠯᠤᠭᠰᠠᠨ ᠬᠠᠯᠢᠭᠤᠲᠤ ᠶ᠋ᠢᠨ ᠰᠦᠮ᠎ᠡ ᠶ᠋ᠢ ᠭᠡᠨᠳᠦᠨᠯᠢᠭ᠌ᠰᠣᠭ ᠱᠠᠪᠷᠤᠩ᠂ ᠨᠠᠸᠠᠩᠨᠤᠷᠪᠤ ᠠ᠋ᠴᠠ ᠭᠤᠴᠢᠨ ᠺᠢᠯᠣᠮᠧᠲ᠋ᠷ ᠦ᠋ᠨ ᠠᠯᠤᠰ ᠳᠠᠬᠢ ᠭᠠᠯᠠᠭᠤᠲᠤ ᠶ᠋ᠢᠨ ᠰᠦᠮ᠎ᠡ ᠳ᠋ᠦ᠍ ᠬᠦᠷᠦᠭᠡᠳ ᠰᠢᠨᠠᠯᠠᠮ᠎ᠠ ᠳ᠋ᠤ᠌ ᠪᠠᠢᠳᠠᠯ ᠢ᠋ᠶ᠋ᠠᠨ ᠮᠡᠳᠡᠭᠦᠯᠵᠦ ᠰᠥᠨᠢ ᠶ᠋ᠢᠨ ᠨᠢᠭᠤᠴᠠ ᠬᠤᠷᠠᠯ ᠳ᠋ᠤ᠌ ᠣᠷᠣᠯᠴᠠᠭᠠᠳ ᠵᠠᠪᠳᠤᠵᠠᠢ᠃
ᠦᠦᠰᠢᠨ ᠨᠣᠶᠠᠨ ᠤ᠋ ᠲᠠᠪᠢᠨ ᠴᠡᠷᠢᠭ ᠦ᠋ᠨ ᠲᠣᠮᠢ ᠲᠠᠨᠲᠠᠷ᠂ ᠬᠠᠯᠢᠭᠤᠲᠤ ᠶ᠋ᠢᠨ ᠰᠦᠮ᠎ᠡ ᠳ᠋ᠡᠬᠢ ᠭᠡᠨᠳᠦᠨᠯᠢᠭ᠌ᠰᠣᠭ ᠱᠠᠪᠷᠤᠩ ᠢ᠋ ᠪᠠᠷᠢᠭᠰᠠᠨ ᠡᠰᠡᠬᠦ ᠰᠤᠷᠠᠭ ᠴᠢᠮᠡᠭᠡ ᠶ᠋ᠢ ᠬᠦᠯᠢᠶᠡᠵᠦ ᠶᠠᠳᠠᠨ ᠰᠠᠨᠳᠤᠷᠤᠭᠰᠠᠭᠠᠷ ᠲᠠᠮᠠᠭᠠᠯᠠᠢ ᠶ᠋ᠢᠨ ᠱᠠᠩ ᠠ᠋ᠴᠠ ᠬᠣᠢᠨ᠎ᠠ ᠪᠠᠢᠭ᠎ᠠ ᠮᠠᠩᠬᠠᠲᠤ ᠶ᠋ᠢᠨ ᠰᠦᠮ᠎ᠡ ᠶ᠋ᠢ ᠰᠥᠨᠢ ᠪᠡᠷ ᠭᠡᠨᠡᠳᠡᠭᠦᠯᠦᠨ ᠪᠦᠰᠡᠯᠡᠵᠦ ᠳᠤᠭᠤᠢᠯᠠᠩ ᠤ᠋ᠨ ᠢᠳᠡᠪᠬᠢᠲᠡᠨ ᠪᠣᠯᠬᠤ ᠲᠤᠰ ᠰᠦᠮ᠎ᠡ ᠶ᠋ᠢᠨ ᠱᠠᠪᠢ ᠲᠦᠪᠳᠡᠨᠪᠠᠯᠪᠤᠷ ᠢ᠋ ᠪᠠᠷᠢᠪᠴᠢᠯᠠᠬᠤ ᠭᠡᠳ ᠲᠡᠷᠡ ᠰᠦᠮ᠎ᠡ ᠳᠡᠭᠡᠷ᠎ᠡ ᠪᠡᠨ ᠪᠠᠢᠭᠰᠠᠨ ᠦᠭᠡᠢ ᠭᠠᠯᠠᠭᠤᠲᠤ ᠶ᠋ᠢᠨ ᠰᠦᠮ᠎ᠡ ᠳ᠋ᠦ᠍ ᠶᠠᠪᠤᠴᠢᠬᠠᠭᠰᠠᠨ ᠪᠠᠢᠵᠠᠢ᠃ ᠢᠩᠭᠢᠪᠡᠴᠦ ᠲᠣᠮᠢ ᠲᠠᠨᠲᠠᠷ ᠬᠣᠭᠣᠰᠣᠨ ᠪᠣᠯᠤᠭᠰᠠᠨ ᠳ᠋ᠠᠭᠠᠨ ᠵᠣᠷᠢᠭ ᠮᠣᠬᠣᠭᠰᠠᠨ ᠦᠭᠡᠢ ᠬᠠᠷᠢᠨ ᠶᠡᠬᠡ ᠶ᠋ᠢ ᠪᠠᠷᠢᠬᠤ ᠬᠣᠣᠷᠲᠤ ᠰᠠᠨᠠᠭ᠎ᠠ ᠲᠥᠷᠥᠵᠦ ᠮᠠᠩᠬᠠᠲᠤ ᠶ᠋ᠢᠨ ᠰᠦᠮ᠎ᠡ ᠡᠴᠡ ᠪᠠᠷᠠᠭᠤᠨ ᠬᠣᠢᠨ᠎ᠠ ᠪᠠᠢᠭ᠎ᠠ ᠭᠠᠯᠠᠭᠤᠲᠤ ᠶ᠋ᠢᠨ ᠰᠦᠮ᠎ᠡ ᠶ᠋ᠢ ᠰᠥᠨᠢ ᠪᠡᠷ ᠱᠦᠭᠦᠷᠳᠡᠯᠲᠡ ᠬᠢᠵᠦ ᠳᠤᠭᠤᠢᠯᠠᠩ ᠤ᠋ᠨ ᠤᠳᠤᠷᠢᠳᠤᠭᠴᠢ ᠰᠢᠨᠡᠯᠡᠮ᠎ᠡ ᠶ᠋ᠢ ᠪᠠᠷᠢᠬᠤ ᠪᠠᠷ ᠦᠷᠭᠦᠯᠵᠢᠯᠡᠨ ᠴᠡᠷᠢᠭ ᠮᠣᠷᠳᠠᠯ᠎ᠠ᠃
ᠰᠥᠨᠢ ᠶ᠋ᠢᠨ ᠬᠠᠭᠠᠰ ᠥᠩᠭᠡᠷᠡᠵᠦ ᠰᠢᠨᠡᠯᠡᠮ᠎ᠡ᠂ ᠰᠣᠳᠨᠠᠮᠳᠤᠩᠷᠤᠪ᠂ ᠲᠦᠮᠡᠨᠵᠢᠷᠭᠠᠯ᠂ ᠨᠢᠮᠠᠷᠢᠨᠴᠢᠨ᠂ ᠵᠠᠮᠢᠶᠠᠨᠵᠠᠪ᠂ ᠭᠡᠨᠳᠦᠨᠯᠢᠭ᠌ᠰᠣᠭ᠂ ᠠᠷᠪᠢᠨᠪᠠᠶᠠᠷ ᠨᠠᠷ ᠬᠡᠨ ᠳ᠋ᠦ᠍ ᠴᠦ᠍ ᠦᠯᠦ ᠮᠡᠳᠡᠭᠳᠡᠬᠦ ᠯᠠᠮᠠ ᠶ᠋ᠢᠨ ᠪᠢᠴᠢᠬᠠᠨ ᠭᠡᠷ ᠲᠦ᠍ ᠡᠭᠦᠳᠡ ᠴᠣᠩᠬᠣ ᠶ᠋ᠢ ᠨᠢ ᠲᠠᠭᠯᠠᠴᠢᠬᠠᠭᠠᠳ ᠰᠡᠮᠡᠬᠡᠷ ᠬᠤᠷᠠᠯ ᠢ᠋ᠶ᠋ᠠᠨ ᠦᠷᠭᠦᠯᠵᠢᠯᠡᠭᠰᠡᠭᠡᠷ ᠪᠠᠢᠯ᠎ᠠ᠃ ᠭᠡᠪᠡᠴᠦ ᠲᠡᠳᠡ ᠲᠤᠰ ᠰᠥᠨᠢ ᠰᠠᠨᠠᠮᠰᠠᠷ ᠦᠭᠡᠢ ᠶᠠᠪᠤᠳᠠᠯ ᠭᠠᠷᠴᠤ ᠮᠡᠳᠡᠨ᠎ᠡ ᠭᠡᠵᠦ ᠵᠢᠱ᠌ᠢᠭᠰᠡᠨ ᠡᠴᠡ ᠰᠣᠨᠣᠷ ᠰᠡᠷᠡᠮᠵᠢ ᠲᠡᠢ ᠳᠠᠪᠬᠤᠷ ᠳᠠᠪᠬᠤᠷ ᠬᠠᠷᠠᠭᠤᠯ ᠮᠠᠨᠠᠭ᠎ᠠ ᠲᠠᠢ ᠪᠠᠢᠭᠰᠠᠨ᠃ ᠰᠦᠮ᠎ᠡ ᠶ᠋ᠢᠨ ᠯᠠᠮᠠ ᠨᠠᠷ ᠤ᠋ᠨ ᠭᠡᠷ ᠦ᠋ᠳ ᠲᠦ᠍ ᠴᠠᠮ ᠤ᠋ᠨ ᠮᠥᠷᠭᠥᠯᠴᠢᠨ ᠭᠡᠢᠴᠢᠳ ᠰᠥᠨᠢ ᠶ᠋ᠢᠨ ᠨᠣᠢᠷ ᠲᠠᠭᠠᠨ ᠨᠣᠢᠷᠰᠤᠵᠠᠭᠠᠨᠠ᠃ ᠭᠡᠨᠡᠳᠲᠡ ᠣᠯᠠᠨ ᠮᠣᠷᠢᠳ ᠤ᠋ᠨ ᠳᠠᠪᠬᠢᠬᠤ ᠲᠤᠭᠤᠷᠠᠢ ᠶ᠋ᠢᠨ ᠴᠢᠮᠡᠭᠡ ᠪᠣᠯᠤᠨ ᠡᠭᠦᠳᠡ ᠨᠡᠭᠡᠭᠡᠯᠭᠡᠬᠦ ᠳᠣᠭᠰᠢᠨ ᠳᠠᠭᠤᠨ ᠬᠠᠰᠬᠢᠷᠤᠯᠳᠤᠨ᠎ᠠ᠃ ᠰᠡᠷᠡᠮᠵᠢ ᠲᠡᠢ ᠪᠠᠢᠭᠰᠠᠨ ᠰᠢᠨᠡᠯᠡᠮ᠎ᠡ ᠨᠠᠷ ᠬᠣᠢᠰᠢᠳᠠ ᠠᠵᠢᠯ ᠢ᠋ᠶ᠋ᠠᠨ ᠬᠡᠳᠦᠨ ᠦᠭᠡ ᠪᠡᠷ ᠨᠠᠢᠳᠠᠴᠢᠬᠠᠭᠠᠳ ᠰᠦᠮ᠎ᠡ ᠶ᠋ᠢᠨ ᠬᠣᠢᠲᠤᠬᠢ ᠶᠡᠬᠡ ᠪᠤᠷᠭᠠᠰᠤᠨ ᠳ᠋ᠤ᠌ ᠳᠤᠲᠠᠭᠠᠨ ᠣᠷᠣᠪᠠ᠃
ᠲᠣᠮᠢ ᠲᠠᠨᠲᠠᠷ ᠵᠡᠷᠭᠡ ᠠᠷᠪᠠᠭᠠᠳ ᠴᠡᠷᠢᠭ ᠰᠢᠨᠡᠯᠡᠮ᠎ᠡ ᠶ᠋ᠢᠨ ᠭᠤᠷᠪᠠᠨ ᠲᠠᠰᠤᠯᠭ᠎ᠠ ᠪᠠᠢᠰᠢᠩ ᠤ᠋ᠨ ᠴᠣᠩᠬᠣ ᠪᠠᠷ ᠫᠤᠤ ᠪᠠᠨ ᠰᠢᠷᠭᠤᠭᠤᠯᠵᠤ᠄《ᠰᠢᠨᠡᠯᠡᠮ᠎ᠡ ᠭᠠᠷᠴᠤ ᠢᠷ᠎ᠡ! ᠬᠤᠷᠳᠤᠨ ᠭᠠᠷᠴᠤ ᠢᠷᠡᠬᠦ ᠦᠭᠡᠢ ᠪᠣᠯ ᠫᠤᠤᠳᠠᠯ᠎ᠠ!》 ᠭᠡᠮᠡᠨ ᠬᠡᠳᠦᠨᠲᠡ ᠬᠠᠰᠬᠢᠷᠤᠨ ᠳᠣᠩᠭᠣᠳᠤᠭᠰᠠᠨ ᠳ᠋ᠤ᠌᠂ ᠭᠡᠷ ᠳᠣᠲᠣᠷᠠᠬᠢ ᠮᠥᠷᠭᠥᠯᠴᠢᠳ ᠠᠶᠤᠵᠤ ᠰᠣᠴᠢᠬᠤ ᠳ᠋ᠠᠭᠠᠨ᠄《ᠰᠢᠨ᠎ᠡ ᠮᠠᠮᠠ ᠦᠭᠡᠢ ᠴᠠᠮ ᠦᠵᠡᠬᠦ ᠪᠡᠷ ᠢᠷᠡᠭᠰᠡᠨ ᠮᠥᠷᠭᠥᠯᠴᠢᠨ ᠪᠠᠢᠨ᠎ᠠ᠃ ᠰᠢᠨ᠎ᠡ ᠮᠠᠮᠠ ᠦᠳᠡ ᠶ᠋ᠢᠨ ᠬᠣᠢᠨ᠎ᠠ ᠶᠠᠪᠤᠴᠢᠬᠠᠭᠰᠠᠨ᠃ ᠰᠥᠨᠢ ᠳ᠋ᠡᠭᠡᠨ ᠬᠠᠩᠭᠢᠨ ᠬᠤᠰᠢᠭᠤᠨ ᠤ᠋ ᠪᠢᠩᠲᠦ ᠶ᠋ᠢᠨ ᠰᠢᠷ᠎ᠠ ᠵᠣᠣ ᠳ᠋ᠤ᠌ ᠬᠦᠷᠦᠨ᠎ᠡ ᠭᠡᠵᠦ ᠬᠡᠯᠡᠵᠦ ᠪᠠᠢᠭᠰᠠᠨ ᠰᠢᠭ᠋᠁》 ᠭᠡᠵᠦ ᠦᠨᠡᠨ ᠢ᠋ᠶ᠋ᠡᠨ ᠬᠡᠯᠡᠵᠦ ᠲᠣᠰᠣᠨ ᠳ᠋ᠧᠩ ᠢ᠋ᠶ᠋ᠡᠨ ᠨᠣᠴᠣᠭᠠᠪᠠ᠃ ᠲᠠᠨᠲᠠᠷ ᠦᠰᠦᠷᠦᠨ ᠣᠷᠣᠵᠤ ᠳᠣᠲᠣᠷᠠᠬᠢ ᠬᠥᠮᠦᠰ ᠢ᠋ ᠨᠢᠭᠡᠳ ᠨᠢᠭᠡ ᠪᠡᠷ ᠪᠠᠢᠴᠠᠭᠠᠵᠤ ᠭᠡᠷ ᠳᠣᠲᠣᠷᠠᠬᠢ ᠠᠪᠳᠠᠷ᠎ᠠ ᠱᠦᠭᠦᠢ ᠪᠦᠬᠦᠨ ᠢ᠋ ᠨᠡᠩᠵᠢᠭᠰᠡᠨ ᠪᠣᠯᠪᠠᠴᠤ ᠶᠠᠭᠤ ᠴᠤ᠌ ᠣᠯᠤᠭᠰᠠᠨ ᠦᠭᠡᠢ᠃ ᠰᠢᠨᠡᠯᠡᠮ᠎ᠡ ᠶ᠋ᠢ ᠪᠠᠷᠢᠪᠴᠢᠯᠠᠬᠤ ᠭᠡᠳ《ᠲᠠᠨᠲᠠᠷ ᠬᠦᠦ ᠲᠣᠯᠣᠭᠠᠢ ᠪᠠᠨ ᠬᠢᠴᠢᠶᠡ!》 ᠭᠡᠰᠡᠨ ᠨᠢᠭᠡᠨ ᠪᠢᠴᠢᠭᠡᠰᠦ ᠶ᠋ᠢ ᠣᠯᠵᠤ ᠠᠪᠤᠭᠠᠳ ᠠᠭᠤᠷᠯᠠᠬᠤ ᠶ᠋ᠢᠨ ᠶᠡᠬᠡ ᠪᠡᠷ ᠠᠭᠤᠷᠯᠠᠪᠠ᠃
ᠲᠣᠮᠢ ᠲᠠᠨᠲᠠᠷ ᠮᠠᠩᠬᠠᠲᠤ ᠶ᠋ᠢᠨ ᠰᠦᠮ᠎ᠡ ᠳ᠋ᠦ᠍ ᠲᠦᠪᠳᠡᠨᠪᠠᠯᠪᠤᠷ ᠢ᠋ ᠪᠠᠷᠢᠵᠤ ᠴᠢᠳᠠᠭᠰᠠᠨ ᠦᠭᠡᠢ ᠬᠣᠭᠣᠰᠣᠳᠠᠵᠤ᠂ ᠭᠠᠯᠠᠭᠤᠲᠤ ᠶ᠋ᠢᠨ ᠰᠦᠮ᠎ᠡ ᠳ᠋ᠦ᠍ ᠰᠢᠨᠡᠯᠡᠮ᠎ᠡ ᠶ᠋ᠢ ᠪᠠᠷᠢᠵᠤ ᠴᠢᠳᠠᠭᠰᠠᠨ ᠦᠭᠡᠢ ᠪᠠᠰᠠ ᠬᠣᠭᠣᠰᠣᠳᠠᠯᠠ᠃ ᠲᠡᠷᠡ ᠠᠭᠤᠷᠯᠠᠬᠤ ᠳ᠋ᠠᠭᠠᠨ᠄《ᠰᠢᠨᠡᠯᠡᠮ᠎ᠡ ᠳ᠋ᠦ᠍ ᠮᠡᠳᠡᠭᠡ ᠬᠦᠷᠭᠡᠭᠰᠡᠨ ᠬᠥᠮᠦᠨ ᠢ᠋ ᠪᠠᠷᠢᠪᠴᠢᠯᠠᠨ᠎ᠠ᠃ ᠭᠡᠨᠳᠦᠨᠯᠢᠭ᠌ᠰᠣᠭ ᠲᠤ᠌ ᠴᠢᠮᠡᠭᠡ ᠬᠦᠷᠭᠡᠭᠰᠡᠨ ᠬᠥᠮᠦᠨ ᠢ᠋ ᠪᠠᠷᠢᠪᠴᠢᠯᠠᠨ᠎ᠠ᠂ ᠲᠦᠪᠳᠡᠨᠪᠠᠯᠪᠤᠷ ᠲᠤ᠌ ᠦᠭᠡ ᠬᠦᠷᠭᠡᠭᠰᠡᠨ ᠬᠥᠮᠦᠨ ᠢ᠋ ᠪᠠᠷᠢᠪᠴᠢᠯᠠᠨ᠎ᠠ》 ᠭᠡᠵᠦ ᠣᠯᠠᠨ ᠲᠦᠮᠡᠨ ᠢ᠋ ᠰᠢᠬᠠᠮᠳᠠᠭᠤᠯᠪᠠ᠃
ᠲᠤᠰ ᠡᠳᠦᠷ ᠭᠠᠯᠠᠭᠤᠲᠤ ᠶ᠋ᠢᠨ ᠰᠦᠮ᠎ᠡ ᠳᠡᠭᠡᠷ᠎ᠡ ᠴᠤᠭᠯᠠᠷᠠᠭᠰᠠᠨ ᠳᠤᠭᠤᠢᠯᠠᠩ ᠤ᠋ᠨ ᠬᠥᠮᠦᠰ ᠣᠯᠠᠨ ᠪᠣᠯᠪᠠᠴᠤ ᠵᠥᠪᠬᠡᠨ ᠴᠠᠩᠮᠢᠩ(ᠤᠷᠳᠤᠨᠠᠰᠤᠨ)᠂ ᠭᠦᠴᠦᠨᠲᠡᠭᠦᠰ ᠬᠣᠶᠠᠷ ᠫᠤᠤ ᠲᠠᠢ ᠪᠠᠢᠵᠠᠢ᠃ ᠲᠡᠳᠡ ᠬᠣᠶᠠᠭᠤᠯᠠ ᠰᠦᠮ᠎ᠡ ᠶ᠋ᠢᠨ ᠬᠣᠢᠨᠠᠬᠢ ᠲᠣᠭᠣᠰᠬ᠎ᠠ ᠰᠢᠲᠠᠭᠠᠵᠤ ᠪᠠᠢᠭᠰᠠᠨ ᠸᠠ ᠶᠣᠣ ᠨᠦᠬᠡᠨ ᠳᠣᠲᠣᠷ᠎ᠠ ᠪᠡᠶ᠎ᠡ ᠳᠠᠯᠳᠠᠯᠠᠵᠤ ᠪᠠᠢᠭᠠᠳ ᠨᠣᠶᠠᠨ ᠤ᠋ ᠴᠡᠷᠢᠭ ᠦᠵᠡᠭᠳᠡᠪᠡᠯ ᠬᠠᠷᠪᠤᠬᠤ ᠪᠠᠷ ᠪᠡᠯᠡᠳᠬᠡᠵᠦ ᠪᠠᠢᠲᠠᠯ᠎ᠠ ᠰᠣᠳᠨᠠᠮᠳᠤᠩᠷᠤᠪ ᠠ᠋ᠴᠠ᠄《ᠬᠠᠷᠪᠤᠵᠤ ᠪᠣᠯᠬᠤ ᠦᠭᠡᠢ᠂ ᠡᠨᠳᠡ ᠴᠤᠭᠯᠠᠷᠠᠭᠰᠠᠨ ᠮᠠᠯᠴᠢᠨ ᠲᠦᠮᠡᠨ ᠦ᠌ ᠠᠮᠢ ᠨᠠᠰᠤ ᠶ᠋ᠢ ᠪᠣᠳᠣᠯᠬᠢᠯᠠᠬᠤ ᠬᠡᠷᠡᠭᠲᠡᠢ》 ᠭᠡᠵᠦ ᠬᠣᠷᠢᠭᠯᠠᠪᠠ᠃ ᠶᠠᠭ ᠡᠨᠡ ᠦᠶ᠎ᠡ ᠳ᠋ᠦ᠍ ᠬᠠᠯᠢᠭᠤᠲᠤ ᠶ᠋ᠢᠨ ᠰᠦᠮ᠎ᠡ ᠳ᠋ᠦ᠍ ᠭᠡᠨᠳᠦᠨᠯᠢᠭ᠌ᠰᠣᠭ ᠱᠠᠪᠷᠤᠩ ᠢ᠋ ᠪᠠᠷᠢᠬᠤ ᠪᠠᠷ ᠶᠠᠪᠤᠭᠠᠳ ᠬᠣᠭᠣᠰᠣᠳᠠᠭᠰᠠᠨ ᠨᠠᠸᠠᠩᠨᠤᠷᠪᠤ ᠬᠦᠷᠴᠦ ᠢᠷᠡᠪᠡ᠃ ᠨᠣᠶᠠᠨ ᠤ᠋ ᠴᠡᠷᠢᠭ ᠨᠡᠮᠡᠭᠳᠡᠭᠡᠳ ᠲᠠᠪᠢ ᠭᠠᠷᠤᠢ ᠪᠣᠯᠵᠤ ᠳᠤᠭᠤᠢᠯᠠᠩ ᠤ᠋ᠨ ᠬᠥᠮᠦᠰ ᠠᠰᠢᠭ ᠦᠭᠡᠢ ᠪᠠᠢᠳᠠᠯ ᠳ᠋ᠤ᠌ ᠲᠤᠯᠭᠠᠷᠠᠬᠤ ᠳ᠋ᠤ᠌ ᠭᠦᠴᠦᠨᠲᠡᠭᠦᠰ᠂ ᠴᠠᠩᠮᠢᠩ ᠬᠣᠶᠠᠭᠤᠯᠠ ᠳᠠᠢᠰᠤᠨ ᠤ᠋ ᠳᠠᠪᠬᠤᠷ ᠳᠠᠪᠬᠤᠷ ᠪᠦᠰᠡᠯᠡᠯᠲᠡ ᠳᠤᠮᠳᠠᠭᠤᠷ ᠨᠢᠰᠬᠦ ᠮᠡᠲᠦ ᠳᠣᠪᠲᠣᠯᠤᠨ ᠲᠩᠷᠢ ᠥᠭᠡᠳᠡ ᠬᠠᠶᠠ ᠫᠤᠤᠳᠠᠵᠤ ᠳᠤᠲᠠᠭᠠᠪᠠ᠃ ᠨᠣᠶᠠᠨ ᠤ᠋ ᠴᠡᠷᠢᠭ ᠦ᠋ᠨ ᠬᠠᠷᠠᠯᠲᠠ ᠲᠡᠷᠡ ᠬᠣᠶᠠᠭᠤᠯᠠ ᠶ᠋ᠢᠨ ᠵᠦᠭ ᠰᠢᠯᠵᠢᠬᠦ ᠭᠱᠠᠨ ᠵᠠᠭᠤᠷ᠎ᠠ ᠶ᠋ᠢᠨ ᠵᠠᠪᠰᠢᠶᠠᠨ ᠢ᠋ᠶ᠋ᠠᠷ ᠳᠤᠭᠤᠢᠯᠠᠩ ᠤ᠋ᠨ ᠨᠡᠯᠢᠶᠡᠳ ᠬᠥᠮᠦᠰ ᠭᠠᠯᠠᠭᠤᠲᠤ ᠶ᠋ᠢᠨ ᠰᠦᠮ᠎ᠡ ᠡᠴᠡ ᠳᠤᠲᠠᠭᠠᠨ ᠪᠤᠷᠭᠠᠰᠤᠨ ᠣᠢ ᠳ᠋ᠤ᠌ ᠣᠷᠣᠵᠤ ᠴᠢᠳᠠᠵᠠᠢ᠃
ᠢᠩᠭᠢᠭᠡᠳ ᠲᠠᠨᠲᠠᠷ ᠪᠠᠷᠰ ᠲᠤ᠌ ᠭᠠᠷᠭᠠᠬᠤ ᠠᠭᠤᠷ ᠢ᠋ᠶ᠋ᠠᠨ ᠪᠠᠮᠪᠠᠷ ᠲᠤ᠌ ᠭᠠᠷᠭᠠᠵᠤ ᠭᠠᠯᠠᠭᠤᠲᠤ ᠶ᠋ᠢᠨ ᠰᠦᠮ᠎ᠡ ᠳᠡᠭᠡᠷ᠎ᠡ ᠪᠠᠢᠭᠰᠠᠨ ᠰᠣᠳᠨᠠᠮᠳᠣᠩᠷᠣᠪ᠂ ᠰᠠᠢᠰᠢᠩᠭ᠎ᠠ᠂ ᠠᠷᠪᠢᠨᠪᠠᠶᠠᠷ᠂ ᠭᠦᠩᠭ᠎ᠠ᠂ ᠷᠠᠳᠨᠠᠰᠠᠳᠢ ᠵᠡᠷᠭᠡ ᠨᠠᠢ᠍ᠮᠠᠨ ᠬᠥᠮᠦᠨ ᠢ᠋ ᠪᠠᠷᠢᠵᠤ ᠬᠣᠷᠢᠪᠠ᠃
ᠰᠢᠨᠠᠯᠠᠮ᠎ᠠ ᠭᠠᠯᠠᠭᠤᠲᠤ ᠶ᠋ᠢᠨ ᠰᠦᠮ᠎ᠡ ᠶ᠋ᠢᠨ ᠬᠣᠢᠨᠠᠬᠢ ᠪᠤᠷᠭᠠᠰᠤ ᠴᠢᠴᠠᠷᠭᠠᠨ᠎ᠠ ᠣᠢ ᠳᠣᠲᠣᠷ᠎ᠠ ᠠ᠋ᠴᠠ ᠲᠤᠰ ᠡᠳᠦᠷ ᠦ᠋ᠨ ᠦᠨᠡᠨ ᠪᠠᠢᠳᠠᠯ ᠢ᠋ ᠣᠢᠯᠠᠭᠠᠵᠤ ᠮᠡᠳᠡᠭᠡᠳ ᠭᠡᠨᠳᠦᠨᠯᠢᠭ᠌ᠰᠣᠭ᠂ ᠨᠢᠮᠠᠷᠢᠨᠴᠢᠨ᠂ ᠵᠠᠮᠢᠶᠠᠨᠵᠠᠪ᠂ ᠲᠥᠪᠳᠡᠨᠪᠠᠯᠪᠤᠷ ᠢ᠋ ᠳᠠᠭᠠᠭᠤᠯᠤᠨ ᠦᠦᠰᠢᠨ ᠪᠠᠷᠠᠭᠤᠨ ᠬᠦᠩ ᠴᠣᠭᠲᠣᠸᠴᠢᠷ ᠤ᠋ᠨ ᠱᠠᠩ ᠣᠷᠳᠣᠨ ᠳ᠋ᠤ᠌ ᠬᠦᠷᠴᠦ ᠣᠴᠢᠪᠠ᠃ ᠰᠢᠨᠠᠯᠠᠮ᠎ᠠ ᠪᠠᠷᠠᠭᠤᠨ ᠬᠦᠩ ᠨᠣᠶᠠᠨ ᠪᠣᠯᠤᠨ ᠵᠠᠬᠢᠷᠤᠭᠴᠢ ᠨᠠᠷ ᠲᠠᠢ ᠶᠠᠷᠢᠯᠴᠠᠵᠤ ᠪᠠᠷᠢᠭᠳᠠᠭᠰᠠᠨ ᠨᠠᠢ᠍ᠮᠠᠨ ᠬᠥᠮᠦᠨ ᠢ᠋ ᠲᠠᠯᠪᠢᠭᠤᠯᠬᠤ ᠠᠷᠭ᠎ᠠ ᠶ᠋ᠢ ᠲᠣᠭᠲᠠᠭᠠᠪᠠ᠃ ᠭᠤᠷᠪᠠᠳᠤᠭᠠᠷ ᠡᠳᠦᠷ ᠨᠢ ᠰᠢᠨᠠᠯᠠᠮ᠎ᠠ ᠨᠥᠬᠥᠳ ᠢ᠋ᠶ᠋ᠡᠨ ᠳᠠᠭᠠᠭᠤᠯᠤᠨ ᠣᠲᠣᠭ ᠬᠤᠰᠢᠭᠤᠨ ᠤ᠋ ᠰᠦᠮᠡᠲᠦ ᠨᠤᠲᠤᠭ ᠤ᠋ᠨ ᠴᠣᠢᠮᠫᠧᠯ(ᠬᠣᠵᠢᠮ ᠨᠢ ᠯᠧᠨ ᠢ᠋ᠶ᠋ᠡᠨ ᠴᠣᠢᠮᠪᠠᠯ ᠭᠡᠬᠦ ᠪᠣᠯᠵᠠᠢ) ᠶ᠋ᠢᠨ ᠭᠡᠷ ᠢ᠋ᠶ᠋ᠡᠷ ᠳᠠᠭᠠᠷᠢᠵᠤ ᠦᠷᠭᠦᠯᠵᠢᠯᠡᠨ ᠵᠡᠭᠦᠨ ᠬᠣᠢᠰᠢ ᠬᠠᠩᠭᠢᠨ ᠬᠤᠰᠢᠭᠤᠨ ᠤ᠋ ᠪᠢᠩᠲᠦ ᠶ᠋ᠢᠨ ᠰᠢᠷ᠎ᠠ ᠵᠣᠣ ᠳ᠋ᠤ᠌ ᠬᠦᠷᠴᠦ᠂ ᠲᠡᠨᠳᠡ ᠡᠴᠡ ᠪᠤᠭᠤᠲᠤ ᠬᠣᠲᠠ ᠳ᠋ᠤ᠌ ᠬᠦᠷᠴᠡᠢ᠃
ᠴᠣᠭᠲᠣᠸᠴᠢᠷ ᠬᠦᠩ ᠨᠣᠶᠠᠨ ᠪᠣᠯᠤᠨ ᠨᠠᠰᠤᠨᠪᠠᠲᠤ ᠵᠠᠬᠢᠷᠤᠭᠴᠢ ᠨᠠᠷ ᠲᠡᠭᠦᠰᠠᠠᠮᠤᠭᠤᠯᠠᠩ ᠨᠣᠶᠠᠨ ᠳ᠋ᠤ᠌ ᠵᠠᠬᠢᠳᠠᠯ ᠪᠢᠴᠢᠵᠦ᠄《ᠬᠤᠰᠢᠭᠤᠨ ᠡᠵᠡᠨ ᠵᠠᠰᠠᠭ ᠨᠣᠶᠠᠨ ᠮᠢᠨᠢ᠂ ᠲᠠᠨᠲᠠᠷ ᠭᠠᠯᠠᠭᠤᠲᠤ ᠶ᠋ᠢᠨ ᠰᠦᠮ᠎ᠡ ᠳ᠋ᠦ᠍ ᠱᠦᠭᠦᠷᠳᠡᠯᠲᠡ ᠬᠢᠵᠦ ᠬᠥᠮᠦᠨ ᠪᠠᠷᠢᠪᠴᠢᠯᠠᠭᠰᠠᠨ ᠠ᠋ᠴᠠ ᠬᠣᠢᠰᠢ ᠡᠨᠡ ᠬᠡᠳᠦᠨ ᠡᠳᠦᠷ ᠬᠣᠰᠢᠭᠤ ᠳᠠᠶᠠᠭᠠᠷ ᠪᠠᠬᠠᠨ ᠦᠢᠮᠡᠯᠳᠦᠵᠦ ᠲᠣᠭᠲᠠᠭᠤᠨ ᠦᠭᠡᠢ ᠪᠠᠢᠨ᠎ᠠ ᠰᠢᠦ! ᠲᠠᠨᠤᠰ ᠪᠠᠷᠢᠪᠴᠢᠯᠠᠶᠠ ᠭᠡᠰᠡᠨ ᠬᠥᠮᠦᠨ ᠢ᠋ᠶ᠋ᠡᠨ ᠪᠠᠷᠢᠵᠤ ᠴᠢᠳᠠᠭᠰᠠᠨ ᠦᠭᠡᠢ ᠶᠦᠮ ᠴᠢᠨᠢ᠂ ᠪᠠᠷᠢᠭᠰᠠᠨ ᠲᠡᠷᠡ ᠬᠡᠳᠦᠭᠦᠯᠡ ᠶ᠋ᠢ ᠲᠠᠯᠪᠢᠴᠢᠬᠠᠭᠰᠠᠨ ᠨᠢ ᠳᠡᠭᠡᠷ᠎ᠡ ᠪᠢᠰᠢ ᠤᠤ! ᠣᠳᠣ ᠪᠠᠷᠠᠭᠤᠨ ᠨᠤᠲᠤᠭ ᠤ᠋ᠨ ᠬᠣᠶᠠᠷ ᠮᠢᠩᠭ᠎ᠠ ᠰᠢᠬᠠᠮ ᠬᠥᠮᠦᠰ ᠴᠤᠭᠯᠠᠷᠠᠨ ᠮᠠᠨᠤᠰ ᠢ᠋ ᠴᠦ᠍ ᠬᠠᠰᠢᠭᠠᠳ ᠥᠨᠥ ᠲᠣᠭᠣᠷᠢᠮ ᠤ᠋ᠨ ᠰᠦᠮ᠎ᠡ ᠳ᠋ᠦ᠍ ᠬᠦᠷᠴᠡᠢ᠃ ᠪᠣᠳᠣᠪᠠᠯ ᠮᠠᠷᠭᠠᠰᠢ ᠨᠣᠶᠠᠨ ᠱᠠᠩ ᠳ᠋ᠤ᠌ ᠬᠦᠷᠴᠦ ᠮᠡᠳᠡᠨ᠎ᠡ᠃ ᠨᠣᠶᠠᠨ ᠲᠠ ᠰᠠᠨᠠᠭᠠᠨ ᠳ᠋ᠠᠭᠠᠨ ᠲᠠᠯᠪᠢᠵᠤ ᠰᠠᠷᠠᠭᠤᠯ ᠳ᠋ᠠᠭᠠᠨ ᠲᠤᠩᠭᠠᠬᠤ ᠪᠣᠯᠪᠠᠤ》 ᠭᠡᠵᠦ ᠪᠢᠴᠢᠭᠡᠳ ᠲᠤᠰᠬᠠᠢ ᠬᠥᠮᠦᠨ ᠢ᠋ᠶ᠋ᠡᠷ ᠬᠦᠷᠭᠡᠭᠦᠯᠪᠡ᠃ ᠲᠡᠭᠦᠰᠠᠠᠮᠤᠭᠤᠯᠠᠩ ᠨᠣᠶᠠᠨ ᠰᠢᠬᠠᠭᠳᠠᠬᠤ ᠳ᠋ᠠᠭᠠᠨ ᠠᠷᠭ᠎ᠠ ᠪᠤᠰᠤ ᠪᠠᠷᠢᠪᠴᠢᠯᠠᠭᠰᠠᠨ ᠬᠥᠮᠦᠰ ᠢ᠋ ᠪᠦᠷ ᠲᠠᠯᠪᠢᠭᠰᠠᠨ ᠭᠡᠨ᠎ᠡ᠃
ᠬᠣᠵᠢᠮ ᠨᠢ ᠭᠠᠯᠠᠭᠤᠲᠤ᠂ ᠬᠠᠯᠢᠭᠤᠲᠤ᠂ ᠮᠠᠩᠬᠠᠲᠤ ᠵᠡᠷᠭᠡ ᠭᠤᠷᠪᠠᠨ ᠰᠦᠮ᠎ᠡ ᠳ᠋ᠦ᠍ ᠦᠦᠰᠢᠨ ᠨᠣᠶᠠᠨ ᠤ᠋ ᠴᠡᠷᠢᠭ ᠰᠢᠨᠠᠯᠠᠮ᠎ᠠ᠂ ᠭᠡᠨᠳᠦᠨᠯᠢᠭ᠌ᠰᠣᠭ ᠲᠥᠪᠳᠡᠨᠪᠠᠯᠪᠤᠷ ᠭᠤᠷᠪᠠ ᠶ᠋ᠢ ᠪᠠᠷᠢᠵᠤ ᠴᠢᠳᠠᠭᠰᠠᠨ ᠦᠭᠡᠢ ᠤᠴᠢᠷ ᠨᠢ ᠠᠷᠠᠳ ᠤ᠋ᠨ ᠠᠮᠠᠨ ᠵᠣᠬᠢᠶᠠᠯ ᠳ᠋ᠤ᠌ ᠢᠩᠭᠢᠵᠦ ᠤᠯᠠᠮᠵᠢᠯᠠᠭᠳᠠᠵᠠᠢ᠄
ᠰᠢ ᠰᠢ ᠬᠦᠨᠴᠦᠭ ① ᠨᠢ
ᠰᠢᠪ ᠭᠡᠭᠰᠡᠭᠡᠷ
ᠰᠢᠷᠡᠭᠡᠨ ᠯᠠᠮᠠ ᠨᠢ ᠥᠨᠳᠡᠰ ᠭᠡᠵᠦ
ᠬᠤᠷᠳᠤᠨ ᠮᠣᠷᠢ ᠨᠢ ᠬᠣᠰ ᠭᠡᠵᠦ
ᠬᠤᠷᠳᠤᠨ ᠫᠤᠤ ᠨᠢ ᠬᠣᠴᠣᠷᠴᠤ ᠭᠡᠨ᠎ᠡ᠃
— — — —
① ᠰᠢ ᠰᠢ ᠭᠥᠨᠴᠥᠭ ᠭᠡᠭᠴᠢ ᠦᠦᠰᠢᠨ ᠬᠤᠰᠢᠭᠤᠨ ᠳ᠋ᠤ᠌ ᠮᠠᠯ ᠢ᠋ᠶ᠋ᠠᠷ ᠬᠠᠮᠤᠭ ᠠᠷᠪᠢᠨ ᠨᠢᠭᠡᠳᠦᠭᠡᠷ ᠶᠡᠬᠡ ᠪᠠᠶᠠᠨ ᠬᠥᠮᠦᠨ᠂ ᠥᠨᠥ ᠶ᠋ᠢᠨ ᠤᠯᠠᠭᠠᠨᠲᠣᠯᠣᠭᠠᠢ ᠰᠤᠮᠤᠨ ᠤ᠋ ᠪᠠᠶᠠᠨᠰᠢᠯᠢ ᠳ᠋ᠤ᠌ ᠨᠤᠲᠤᠭ ᠲᠠᠢ᠂ ᠦᠦᠰᠢᠨᠵᠣᠤ ᠰᠦᠮ᠎ᠡ ᠶ᠋ᠢᠨ ᠭᠥᠨᠴᠦᠭᠫᠡᠷᠯᠠᠢ ᠭᠠᠪᠵᠤ ᠶ᠋ᠢ ᠬᠡᠯᠡᠵᠦ ᠪᠣᠢ᠃ ᠲᠡᠭᠦᠨ ᠦ᠌ ᠬᠣᠭᠣᠯᠠᠢ ᠰᠢᠩᠭᠡᠨ ᠳᠠᠭᠤ ᠲᠠᠢ ᠲᠤᠯᠠ ᠬᠥᠮᠦᠰ ᠰᠢ ᠰᠢ ᠭᠡᠵᠦ ᠠᠶᠠᠯᠭᠤ ᠪᠠᠷ ᠳᠠᠭᠤᠳᠠᠳᠠᠭ ᠪᠠᠢᠵᠠᠢ᠃ ᠲᠤᠬᠠᠢ ᠶ᠋ᠢᠨ ᠦᠶ᠎ᠡ ᠳ᠋ᠦ᠍ ᠰᠢᠨᠡᠯᠡᠮ᠎ᠡ ᠭᠠᠯᠠᠭᠤᠲᠤ ᠳ᠋ᠤ᠌᠂ ᠲᠥᠪᠳᠡᠨᠪᠠᠯᠪᠤᠷ ᠮᠠᠩᠬᠠᠲᠤ ᠳ᠋ᠤ᠌᠂ ᠭᠡᠨᠳᠦᠨᠯᠢᠭ᠌ᠰᠤᠭ ᠬᠠᠯᠢᠭᠤᠲᠦ ᠳ᠋ᠦ᠍ ᠢᠷᠡᠭᠰᠡᠨ ᠰᠤᠷᠠᠭ ᠴᠢᠮᠡᠭᠡ ᠶ᠋ᠢ ᠰᠢ ᠰᠢ ᠮᠠᠩᠬᠠᠲᠤ ᠶ᠋ᠢᠨ ᠰᠦᠮ᠎ᠡ ᠶ᠋ᠢᠨ ᠬᠠᠵᠠᠭᠠᠷ ᠳᠠ ᠯᠠᠮᠠ (ᠲᠥᠪᠳᠡᠨᠳᠠᠨᠽᠠᠨᠢᠮᠠ) ᠳ᠋ᠤ᠌ ᠬᠡᠯᠡᠵᠦ ᠥᠭᠭᠦᠭᠰᠡᠨ ᠪᠠᠢᠵᠠᠢ᠃ ᠡᠨᠡ ᠰᠢᠯᠦᠭ ᠨᠢ ᠨᠣᠶᠠᠨ ᠤ᠋ ᠴᠡᠷᠢᠭ ᠲᠡᠳᠡ ᠭᠤᠷᠪᠠᠭᠤᠯᠠ ᠶ᠋ᠢ ᠪᠠᠷᠢᠵᠤ ᠣᠯᠤᠭᠰᠠᠨ ᠦᠭᠡᠢ ᠪᠣᠳᠣᠯᠭ᠎ᠠ ᠬᠣᠭᠣᠰᠣᠨ ᠨᠢᠳᠤᠷᠭ᠎ᠠ ᠬᠣᠭᠣᠰᠣᠨ ᠬᠤᠷᠳᠤᠨ ᠮᠣᠷᠢᠨ ᠠ᠋ᠴᠠ ᠬᠣᠴᠣᠷᠤᠭᠰᠠᠨ ᠪᠠᠢᠳᠠᠯ ᠢ᠋ ᠢᠯᠡᠳᠬᠡᠭᠰᠡᠨ ᠪᠠᠢᠨ᠎ᠠ᠃
2 . ᠰᠢᠨᠠᠯᠠᠮ᠎ᠠ ᠶ᠋ᠢᠨ ᠤᠷᠠᠨ ᠠᠷᠭ᠎ᠠ ᠳ᠋ᠤ᠌ ᠲᠠᠨᠲᠠᠷ ᠪᠡᠶ᠎ᠡ ᠪᠡᠨ ᠬᠣᠣᠷᠯᠠᠯ᠎ᠠ
ᠲᠠᠨᠲᠠᠷ ᠪᠣᠯ ᠤᠤᠯ ᠳ᠋ᠠᠭᠠᠨ ᠰᠢᠨᠠᠯᠠᠮ᠎ᠠ ᠶ᠋ᠢᠨ ᠳᠤᠭᠤᠢᠯᠠᠩ ᠤ᠋ᠨ ᠬᠥᠳᠡᠯᠭᠡᠭᠡᠨ ᠳ᠋ᠦ᠍ ᠣᠷᠣᠯᠴᠠᠵᠤ《ᠳᠠᠯᠠᠨ ᠠᠨᠳᠠ》 ᠶ᠋ᠢᠨ ᠪᠦᠯᠦᠭ ᠲᠦ᠍ ᠪᠠᠢᠵᠠᠢ᠃ ᠰᠡᠭᠦᠯᠡᠷ ᠲᠡᠷᠡ ᠳᠤᠭᠤᠢᠯᠠᠩ ᠤ᠋ᠨ ᠬᠥᠳᠡᠯᠭᠡᠭᠡᠨ ᠡᠢᠮᠦ ᠪᠤᠶᠤ ᠲᠡᠢᠮᠦ ᠨᠤᠭᠤᠷᠠᠯ ᠪᠦᠳᠦᠷᠢᠯ ᠳ᠋ᠦ᠍ ᠲᠤᠯᠭᠠᠷᠠᠭᠰᠠᠨ ᠠ᠋ᠴᠠ ᠵᠣᠷᠢᠭ ᠮᠣᠬᠣᠷᠠᠭᠰᠠᠨ ᠶᠤᠮ ᠤᠤ ᠡᠰᠡᠬᠦᠯ᠎ᠡ ᠦᠦᠰᠢᠨ ᠨᠣᠶᠠᠨ ᠤ᠋ ᠵᠡᠷᠭᠡ ᠮᠥᠩᠭᠥᠨ ᠳ᠋ᠦ᠍ ᠳᠤᠷᠠᠯᠠᠭᠰᠠᠨ ᠴᠤ᠌ ᠮᠠᠭᠠᠳ ᠭᠡᠨᠡᠳᠲᠡ ᠳᠤᠭᠤᠢᠯᠠᠩ ᠠ᠋ᠴᠠ ᠤᠷᠪᠠᠵᠤ ᠨᠣᠶᠠᠨ ᠤ᠋ ᠴᠡᠷᠢᠭ ᠦ᠋ᠨ ᠲᠣᠮᠢ (ᠯᠢᠶᠠᠨᠵᠠᠩ ᠤ᠋ᠨ ᠵᠡᠷᠭᠡ ᠲᠤᠰᠢᠶᠠᠯ ᠲᠠᠢ ᠲᠡᠩᠴᠡᠨ᠎ᠡ) ᠪᠣᠯᠪᠠ᠃
1927 ᠣᠨ ᠤ᠋ ᠴᠠᠭᠠᠨ ᠰᠠᠷ᠎ᠠ ᠳ᠋ᠤ᠌ ᠲᠡᠷᠡ ᠬᠣᠶᠠᠷ ᠳᠠᠭᠠᠯ ᠴᠡᠷᠢᠭ ᠢ᠋ᠶ᠋ᠡᠨ ᠭᠡᠷ ᠲᠦ᠋ᠨᠢ ᠬᠠᠷᠢᠭᠤᠯᠵᠤ ᠥᠪᠡᠷ ᠢ᠋ᠶ᠋ᠡᠨ ᠭᠠᠯᠠᠭᠤᠲᠤ ᠶ᠋ᠢᠨ ᠤᠲᠤᠭᠠᠲᠤ ᠳ᠋ᠤ᠌ ᠬᠥᠳᠡᠭᠡ ᠭᠡᠷ ᠲᠡᠭᠡᠨ ᠬᠠᠷᠢᠵᠤ ᠰᠢᠨᠠᠯᠠᠵᠠᠢ᠃
ᠰᠢᠨᠡᠯᠡᠮ᠎ᠡ ᠬᠥᠬᠡᠲᠣᠯᠣᠭᠠᠢ ᠶ᠋ᠢᠨ ᠳᠠᠪᠤᠰᠤᠨ ᠨᠠᠭᠤᠷ ᠳᠡᠭᠡᠷ᠎ᠡ ᠬᠡᠳᠦᠨ ᠴᠡᠷᠢᠭ ᠲᠡᠢ ᠰᠢᠨᠡᠯᠡᠯ᠎ᠡ᠃ ᠲᠡᠷᠡ ᠲᠣᠮᠢ ᠲᠠᠨᠲᠠᠷ ᠭᠡᠷ ᠲᠡᠭᠡᠨ ᠢᠷᠡᠵᠦ ᠰᠢᠨᠡᠯᠡᠯ᠎ᠡ ᠭᠡᠰᠡᠨ ᠴᠢᠮᠡᠭᠡ ᠶ᠋ᠢ ᠣᠯᠵᠤ ᠰᠣᠨᠣᠰᠤᠭᠠᠳ ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ ᠤ᠋ᠨ ᠦᠳᠡᠰᠢ ᠳᠥᠷᠪᠡᠨ ᠴᠡᠷᠢᠭ ᠲᠡᠢ ᠬᠥᠬᠡᠲᠣᠯᠣᠭᠠᠢ ᠶ᠋ᠢᠨ ᠪᠠᠲᠤᠸᠴᠢᠷ ᠤ᠋ᠨ ᠭᠡᠷ ᠲᠦ᠍ ᠢᠷᠡᠵᠦ ᠳᠠᠬᠢᠨ ᠬᠣᠷᠢᠭᠠᠳ ᠭᠠᠵᠠᠷ ᠤ᠋ᠨ ᠠᠯᠤᠰ ᠳᠠᠬᠢ ᠬᠡᠷᠢᠶ᠎ᠡ ᠷᠠᠭᠪᠠ ᠶ᠋ᠢᠨ ᠳ᠋ᠦ᠍ ᠢᠷᠡᠵᠦ ᠬᠣᠨᠣᠭᠯᠠᠵᠠᠢ᠃ ᠷᠠᠭᠪᠠ ᠪᠣᠯ ᠳᠤᠭᠤᠢᠯᠠᠩ ᠤ᠋ᠨ ᠢᠳᠡᠪᠬᠢᠲᠡᠨ ᠪᠥᠭᠡᠳ ᠰᠢᠨᠠᠯᠠᠮ᠎ᠠ ᠶ᠋ᠢᠨ ᠴᠡᠷᠢᠭ ᠦ᠋ᠨ ᠨᠢᠭᠡᠨ ᠬᠤᠷᠴᠠ ᠱᠠᠯᠠᠮᠠᠭᠠᠢ ᠪᠠᠭᠠᠲᠤᠷ ᠡᠷ᠎ᠡ ᠪᠣᠯᠬᠤ ᠶᠤᠮ᠃
ᠰᠢᠨᠠᠯᠠᠮ᠎ᠠ᠂ ᠷᠠᠭᠪᠠ ᠠ᠋ᠴᠠ ᠲᠠᠨᠲᠠᠷ ᠰᠢᠨ᠎ᠡ ᠶ᠋ᠢᠨ ᠳᠥᠷᠪᠡᠨ ᠳ᠋ᠦ᠍ ᠦᠦᠰᠢᠨ ᠨᠣᠶᠠᠨ ᠳ᠋ᠠᠭᠠᠨ ᠲᠣᠯᠣᠭᠠᠢ ᠮᠥᠷᠭᠥᠵᠦ ᠰᠢᠨ᠎ᠡ ᠶ᠋ᠢᠨ ᠳᠡᠭᠡᠵᠢ ᠪᠠᠷᠢᠬᠤ ᠪᠠᠷ ᠶᠠᠪᠤᠬᠤ ᠭᠡᠰᠡᠨ ᠢ᠋ ᠰᠣᠨᠣᠰᠴᠠᠢ᠃ ᠢᠩᠭᠢᠭᠡᠳ ᠰᠢᠨᠡᠯᠡᠮ᠎ᠡ᠄《ᠪᠢ ᠤᠷᠢᠳ ᠢ᠋ᠶ᠋ᠠᠷ ᠲᠣᠮᠢ ᠲᠠᠨᠲᠠᠷ ᠲᠤ᠌ ᠰᠢᠨ᠎ᠡ ᠶ᠋ᠢᠨ ᠳᠡᠭᠡᠵᠢ ᠬᠦᠷᠭᠡᠬᠦ ᠰᠠᠨᠠᠭ᠎ᠠ ᠲᠠᠢ ᠪᠠᠢᠨ᠎ᠠ᠃ ᠲᠡᠷᠡ ᠳᠥᠷᠪᠡᠨ ᠳ᠋ᠦ᠍ ᠶᠠᠪᠤᠬᠤ ᠶᠤᠮ ᠪᠣᠯ ᠪᠢᠳᠡ ᠮᠠᠷᠭᠠᠰᠢ ᠭᠡᠷ ᠲᠦ᠋ᠨᠢ ᠣᠴᠢᠶ᠎ᠠ》 ᠭᠡᠪᠡ᠃
ᠲᠡᠳᠡ ᠮᠠᠷᠭᠠᠰᠢ ᠨᠢ ᠠᠷᠪᠠ ᠭᠠᠷᠤᠢ ᠭᠠᠵᠠᠷ ᠤ᠋ᠨ ᠠᠯᠤᠰ ᠳᠠᠬᠢ ᠣᠲᠣᠭᠠᠲᠤ ᠶ᠋ᠢᠨ ᠴᠠᠢᠳᠠᠮ ᠳ᠋ᠤ᠌ ᠰᠠᠭᠤᠵᠤ ᠪᠠᠢᠭ᠎ᠠ ᠲᠣᠮᠢ ᠲᠠᠨᠲᠠᠷ ᠤ᠋ᠨ ᠭᠡᠷ ᠢ᠋ ᠴᠢᠭᠯᠡᠨ ᠮᠣᠷᠳᠠᠵᠤ᠂ ᠬᠥᠮᠦᠰ ᠲᠦ᠍ ᠰᠡᠷᠡᠭᠳᠡᠬᠦ ᠦᠭᠡᠢ ᠶ᠋ᠢᠨ ᠲᠤᠰᠠᠳᠠ ᠪᠤᠷᠭᠠᠰᠤ ᠴᠢᠴᠠᠷᠭᠠᠨ᠎ᠠ ᠲᠠᠢ ᠱᠠᠭᠠᠵᠠᠭᠠᠢᠲᠤ ᠶ᠋ᠢᠨ ᠣᠢ ᠳᠤᠮᠳᠠᠭᠤᠷ ᠤᠮᠠᠷᠠᠰᠢ ᠶᠠᠪᠤᠵᠠᠢ᠃
ᠲᠡᠳᠡ ᠳᠡᠮᠡᠢ ᠤᠳᠠᠭᠰᠠᠨ ᠦᠭᠡᠢ ᠭᠡᠷ ᠦ᠋ᠨ ᠬᠢᠨᠢ ᠣᠢᠷᠠᠯᠴᠠᠭ᠎ᠠ ᠬᠦᠷᠴᠦ ᠲᠡᠳᠡᠨ ᠦ᠌ ᠭᠠᠳᠠᠨᠠᠬᠢ ᠣᠷᠴᠢᠨ ᠪᠠᠢᠳᠠᠯ ᠢ᠋ ᠠᠵᠢᠭᠯᠠᠵᠤ ᠲᠠᠨᠲᠠᠷ ᠤ᠋ᠨ ᠭᠡᠷ ᠢ᠋ ᠰᠡᠮᠡᠬᠡᠷ ᠪᠦᠰᠡᠯᠡᠨ ᠠᠪᠤᠯ᠎ᠠ᠃ ᠲᠤᠰ ᠡᠷᠦᠬᠡ ᠶ᠋ᠢᠨ ᠠᠢᠯᠴᠢᠨ ᠵᠣᠴᠢᠳ ᠪᠠᠰᠠ ᠬᠡᠳᠦ ᠪᠠᠢᠬᠤ ᠮᠠᠶᠢᠭ ᠲᠠᠢ᠂ ᠰᠢᠨᠡᠯᠡᠮ᠎ᠡ ᠲᠣᠮᠢ ᠲᠠᠨᠲᠠᠷ ᠤ᠋ᠨ ᠭᠡᠷ ᠦ᠋ᠨ ᠪᠠᠷᠠᠭᠤᠨ ᠬᠣᠢᠲᠠᠢ ᠣᠢᠷᠠᠬᠠᠨ ᠰᠠᠭᠤᠵᠤ ᠪᠠᠢᠭ᠎ᠠ ᠯᠢᠦ ᠮᠢᠩ ᠴᠣᠯᠠ ᠲᠠᠢ ᠲᠣᠭᠲᠠᠬᠤ ᠶ᠋ᠢᠨ ᠳ᠋ᠦ᠍ ᠬᠦᠷᠴᠦ ᠲᠡᠭᠦᠨ ᠢ᠋ ᠲᠣᠮᠢ ᠲᠠᠨᠲᠠᠷ ᠲᠤ᠌ ᠦᠭᠡ ᠬᠦᠷᠭᠡᠭᠦᠯᠬᠦ ᠪᠡᠷ ᠶᠠᠪᠤᠭᠤᠯᠵᠠᠢ᠃ ᠰᠢᠨᠡᠯᠡᠮ᠎ᠡ ᠨᠠᠷ ᠲᠠᠨᠲᠠᠷ ᠤ᠋ᠨ ᠭᠡᠷ ᠦ᠋ᠨ ᠡᠮᠦᠨᠡᠬᠢ ᠪᠤᠷᠭᠠᠰᠤ ᠲᠠᠢ ᠥᠨᠳᠥᠷ ᠰᠡᠷᠪᠡᠩ ᠦ᠋ᠨ ᠣᠷᠣᠢ(ᠲᠡᠳᠡᠨ ᠦ᠌ ᠭᠡᠷ ᠡᠴᠡ ᠬᠡᠳᠦᠨ ᠵᠠᠭᠤᠬᠠᠨ ᠮᠧᠲ᠋ᠷ ᠵᠠᠢᠲᠠᠢ) ᠳᠡᠭᠡᠷ᠎ᠡ ᠭᠠᠷᠤᠭᠠᠳ ᠮᠣᠷᠢᠨ ᠠ᠋ᠴᠠ ᠪᠠᠨ ᠪᠠᠭᠤᠵᠤ ᠭᠡᠷ ᠦ᠋ᠨ ᠭᠠᠳᠠᠨ᠎ᠠ ᠳᠣᠲᠣᠨᠠᠬᠢ ᠬᠥᠳᠡᠯᠦᠯ ᠪᠠᠢᠳᠠᠯ ᠢ᠋ ᠠᠵᠢᠭᠯᠠᠵᠠᠭᠠᠨᠠ᠃ ᠯᠢᠦ ᠮᠢᠩ ᠲᠣᠭᠲᠠᠬᠤ ᠪᠣᠯ ᠶᠡᠷᠦ ᠡᠴᠡ ᠶᠠᠭᠤᠨ ᠠ᠋ᠴᠠ ᠴᠤ᠌ ᠠᠶᠤᠳᠠᠭ ᠦᠭᠡᠢ ᠬᠥᠮᠦᠨ ᠪᠥᠭᠡᠳ ᠫᠢᠯᠠ ᠲᠠᠢ ᠴᠠᠷ᠎ᠠ ᠲᠠᠢ ᠨᠢ ᠬᠡᠯᠡᠴᠢᠬᠡᠳᠡᠭ ᠠᠪᠤᠭᠠᠢ ᠪᠠᠢᠵᠠᠢ᠃ ᠲᠡᠷᠡ ᠲᠠᠨᠲᠠᠷ ᠤ᠋ᠨ ᠭᠡᠷ ᠲᠦ᠍ ᠣᠷᠣᠭᠠᠳ ᠶᠠᠭᠠᠷᠠᠤ ᠰᠠᠨᠳᠤᠷᠤᠤ ᠠᠮᠢᠰᠬᠤᠭ᠎ᠠ ᠠᠯᠲᠠᠨ ᠬᠡᠯᠡᠭᠰᠡᠨ ᠨᠢ᠄《ᠲᠠᠨᠲᠠᠷ ᠪᠠᠭᠰᠢ! ᠰᠢᠨᠠᠯᠠᠮ᠎ᠠ ᠳᠥᠷᠪᠡᠨ ᠴᠡᠷᠢᠭ ᠲᠡᠢ ᠲᠠᠨ ᠤ᠋ ᠳ᠋ᠤ᠌ ᠰᠢᠨ᠎ᠡ ᠶ᠋ᠢᠨ ᠳᠡᠭᠡᠵᠢ ᠪᠠᠷᠢᠬᠤ ᠪᠠᠷ ᠡᠮᠦᠨ᠎ᠡ ᠣᠷᠣᠢ ᠳᠡᠭᠡᠷ᠎ᠡ ᠢᠷᠡᠭᠡᠳ ᠪᠠᠢᠨ᠎ᠠ ᠰᠢᠦ! ᠪᠠᠰᠠ ᠵᠢᠶᠦ᠋ᠨ ᠸᠠᠩ ᠤ᠋ᠨ ᠬᠤᠰᠢᠭᠤᠨ ᠤ᠋ ᠰᠧᠳᠧᠩᠨᠣᠷᠪᠤ ᠴᠤ᠌ ᠪᠡᠶ᠎ᠡ ᠪᠡᠷ ᠢ᠋ᠶ᠋ᠡᠨ ᠴᠡᠷᠢᠭ ᠳᠠᠭᠠᠭᠤᠯᠵᠤ ᠢᠷᠡᠭᠡᠳ ᠲᠠᠨ ᠤ᠋ ᠭᠡᠷ ᠢ᠋ ᠬᠡᠳᠦᠨ ᠳᠠᠪᠬᠤᠷ ᠪᠦᠰᠡᠯᠡᠴᠢᠬᠡᠯᠡ᠂ ᠣᠳᠣ ᠴᠣᠬᠣᠮ ᠶᠠᠭᠠᠬᠢᠪᠠᠯ ᠰᠠᠢᠨ ᠪᠣᠢ?》 ᠭᠡᠵᠦ ᠬᠡᠯᠡ ᠬᠦᠷᠭᠡᠯ᠎ᠡ᠃ ᠭᠡᠷ ᠲᠡᠬᠢ ᠭᠡᠢᠴᠢᠨ ᠵᠣᠴᠢᠳ ᠲᠣᠭᠲᠠᠬᠤ ᠶ᠋ᠢᠨ ᠬᠡᠯᠡᠬᠦ ᠶ᠋ᠢ ᠰᠣᠨᠣᠰᠤᠭᠠᠳ ᠶᠡᠬᠡᠳᠡ ᠠᠶᠤᠨ ᠰᠣᠴᠢᠵᠤ ᠰᠠᠨᠳᠤᠷᠴᠠᠭᠠᠪᠠ᠃ ᠪᠠᠶᠠᠷ ᠬᠥᠭᠵᠢᠯ ᠲᠡᠢ ᠪᠠᠢᠭᠰᠠᠨ ᠲᠣᠮᠢ ᠲᠠᠨᠲᠠᠷ ᠥᠪᠡᠷ ᠦ᠋ᠨ ᠪᠡᠶ᠎ᠡ ᠲᠦᠭᠰᠢᠭᠦᠷᠢᠲᠡᠢ ᠪᠣᠯᠤᠭᠰᠠᠨ ᠢ᠋ᠶ᠋ᠠᠨ ᠮᠡᠳᠡᠵᠦ ᠱᠠᠯᠠ ᠳ᠋ᠤ᠌ ᠡᠯᠭᠦᠵᠦ ᠪᠠᠢᠭᠰᠠᠨ ᠪᠠᠭ᠎ᠠ ᠫᠤᠤ ᠪᠠᠨ ᠠᠪᠤᠭᠠᠳ᠄《ᠸᠠᠩ ᠤ᠋ᠨ ᠬᠤᠰᠢᠭᠤᠨ ᠤ᠋ ᠰᠧᠳᠧᠩᠨᠣᠷᠪᠤ ᠢᠷᠡᠭᠰᠡᠨ ᠪᠣᠯ ᠪᠢ ᠪᠠᠷᠤᠭ᠁》 ᠭᠡᠵᠦ ᠴᠢᠷᠠᠢ ᠨᠢ ᠬᠠᠷᠠᠯᠠᠵᠤ ᠬᠤᠷᠠᠭᠠᠨ ᠳ᠋ᠠᠴᠠᠩ ᠢ᠋ᠶ᠋ᠠᠨ ᠬᠡᠳᠦᠷᠦᠭᠡᠳ ᠭᠠᠳᠠᠭᠰᠢ ᠭᠠᠷᠤᠯ᠎ᠠ᠃ ᠲᠡᠷᠡ《 ᠬᠡᠷᠪᠡ ᠸᠠᠩ ᠤ᠋ᠨ ᠬᠤᠰᠢᠭᠤᠨ ᠤ᠋ ᠰᠧᠳᠧᠩᠨᠣᠷᠪᠤ ᠢᠷᠡᠭᠰᠡᠨ ᠪᠣᠯ ᠥᠨᠥᠳᠥᠷ ᠮᠢᠨᠦ ᠲᠣᠯᠣᠭᠠᠢ ᠮᠥᠷᠦᠨ ᠳᠡᠭᠡᠷ᠎ᠡ ᠪᠠᠢᠵᠤ ᠴᠢᠳᠠᠬᠤ ᠦᠭᠡᠢ ᠪᠣᠯᠴᠢᠬᠠᠯ᠎ᠠ》 ᠭᠡᠵᠦ ᠵᠡᠭᠦᠨ ᠬᠣᠢᠲᠤ ᠪᠤᠷᠭᠠᠰᠤ ᠴᠢᠴᠠᠷᠭᠠᠨ᠎ᠠ ᠲᠠᠢ ᠵᠠᠭ ᠵᠦᠭ ᠵᠢᠭᠤᠲᠠᠨ ᠭᠦᠶᠦᠵᠡᠢ᠃
ᠵᠢᠶᠦ᠋ᠨ ᠸᠠᠩ ᠤ᠋ᠨ ᠬᠤᠰᠢᠭᠤᠨ ᠤ᠋ ᠰᠧᠳᠧᠩᠨᠣᠷᠪᠤ ᠬᠡᠳᠦᠢᠪᠡᠷ ᠦᠦᠰᠢᠨ ᠳ᠋ᠦ᠍ ᠰᠠᠭᠤᠵᠤ ᠪᠠᠢᠪᠠᠴᠤ ᠤᠭ ᠲᠠᠭᠠᠨ ᠵᠢᠶᠦ᠋ᠨ ᠸᠠᠩ ᠤ᠋ᠨ ᠬᠤᠰᠢᠭᠤᠨ ᠤ᠋ ᠬᠠᠷᠢᠶᠠᠲᠤ ᠠᠷᠠᠳ ᠲᠤᠯᠠ ᠬᠥᠮᠦᠰ ᠲᠡᠭᠦᠨ ᠢ᠋ ᠸᠠᠩ ᠤ᠋ᠨ ᠬᠤᠰᠢᠭᠤᠨ ᠤ᠋ ᠰᠧᠳᠧᠩᠨᠣᠷᠪᠤ ᠭᠡᠵᠦ ᠳᠠᠭᠤᠳᠠᠳᠠᠭ᠃ ᠲᠡᠭᠦᠨ ᠦ᠌ ᠭᠡᠷ ᠨᠢ ᠦᠦᠰᠢᠨ ᠬᠤᠰᠢᠭᠤᠨ ᠤ᠋ ᠦᠦᠰᠢᠨᠵᠣᠣ ᠶ᠋ᠢᠨ ᠪᠠᠶᠠᠨᠲᠣᠯᠣᠭᠠᠢ ᠳ᠋ᠤ᠌ ᠰᠠᠭᠤᠵᠤ ᠪᠠᠢᠵᠠᠢ᠃ ᠲᠡᠷᠡ ᠰᠡᠴᠡᠨ ᠰᠡᠷᠭᠦᠯᠡᠩ ᠮᠥᠷᠲᠡᠭᠡᠨ ᠬᠠᠷᠪᠤᠵᠤ ᠨᠠᠮᠨᠠᠬᠤ ᠳ᠋ᠠᠭᠠᠨ ᠲᠤᠢᠯ ᠤ᠋ᠨ ᠮᠡᠷᠭᠡᠰᠢᠭᠰᠡᠨ ᠠᠩᠴᠢᠨ ᠡᠷ᠎ᠡ ᠪᠠᠢᠵᠠᠢ᠃ ᠲᠤᠬᠠᠢ ᠶ᠋ᠢᠨ ᠦᠶ᠎ᠡ ᠳ᠋ᠦ᠍ ᠵᠢᠶᠦ᠋ᠨ ᠸᠠᠩ ᠤ᠋ᠨ ᠬᠣᠰᠢᠭᠤ ᠪᠣᠯᠤᠨ ᠦᠦᠰᠢᠨ ᠦ᠌ ᠵᠡᠭᠦᠨ ᠬᠥᠪᠡᠭᠡ ᠪᠡᠷ ᠱᠠᠨᠰᠢ᠂ ᠱᠠᠨ ᠰᠢ᠂ ᠤᠯᠠᠭᠠᠨᠴᠠᠪ ᠪᠣᠯᠤᠨ ᠪᠤᠰᠤᠳ ᠭᠠᠵᠠᠷ ᠤ᠋ᠨ ᠶᠠᠪᠤᠭᠤᠯ ᠳ᠋ᠤᠯᠢ ᠳᠡᠭᠡᠷᠡᠮ ᠨᠤᠲᠤᠭ ᠤᠰᠤ ᠶ᠋ᠢ ᠰᠠᠮᠠᠭᠤᠷᠠᠭᠤᠯᠵᠤ ᠮᠠᠯᠴᠢᠳ ᠢ᠋ ᠳᠡᠭᠡᠷᠡᠮᠳᠡᠳᠡᠭ ᠲᠤᠯᠠ ᠰᠧᠳᠧᠩᠨᠣᠷᠪᠤ ᠣᠢᠷ᠎ᠠ ᠣᠷᠴᠢᠮ ᠤ᠋ᠨ ᠢ᠋ᠶ᠋ᠠᠨ ᠫᠤᠤᠴᠢ ᠠᠩᠴᠢᠳ ᠢ᠋ ᠴᠤᠭᠯᠠᠭᠤᠯᠤᠨ᠂ ᠱᠠᠨᠰᠢ ᠫᠤᠤ(ᠠᠪᠠ ᠶ᠋ᠢᠨ ᠫᠤᠤ) ᠪᠠᠷ ᠶᠠᠩ ᠾᠸ᠋ ᠰᠢᠶᠧ ᠶ᠋ᠢᠨ ᠳᠡᠭᠡᠷᠡᠮ ᠢ᠋ ᠴᠣᠬᠣᠮ ᠬᠡᠴᠡᠭᠦᠦ ᠴᠣᠬᠢᠵᠤ᠂ ᠬᠡᠳᠦᠨ ᠬᠤᠰᠢᠭᠤᠨ ᠤ᠋ ᠠᠭᠤᠯᠵᠠᠷ ᠳᠠᠬᠢ ᠮᠠᠯᠴᠢᠨ ᠲᠦᠮᠡᠨ ᠦ᠌ ᠠᠮᠤᠷ ᠲᠠᠢᠪᠤᠩ ᠢ᠋ ᠬᠠᠮᠠᠭᠠᠯᠠᠬᠤ ᠳ᠋ᠤ᠌ ᠶᠡᠬᠡ ᠬᠦᠴᠦᠨ ᠭᠠᠷᠭᠠᠭᠰᠠᠨ ᠰᠠᠢᠨ ᠡᠷ᠎ᠡ ᠶᠦᠮ᠃ ᠰᠡᠭᠦᠯᠡᠷ ᠶᠠᠪᠤᠭᠤᠯ ᠳᠡᠭᠡᠷᠡᠮ ᠪᠠᠢᠲᠤᠭᠠᠢ ᠥᠪᠴᠢ ᠵᠡᠪᠰᠡᠭᠯᠡᠭᠰᠡᠨ ᠢᠷᠭᠡᠨ ᠦ᠌ ᠴᠡᠷᠢᠭ ᠠᠩᠭᠢ ᠵᠠᠮ ᠥᠩᠭᠡᠷᠡᠨ ᠭᠠᠷᠬᠤ ᠳ᠋ᠤ᠌ ᠤᠷᠢᠳ ᠢᠶᠡᠷ ᠰᠧᠳᠧᠩᠨᠣᠷᠪᠣ ᠠ᠋ᠴᠠ ᠠᠯᠢ ᠭᠠᠵᠠᠷ ᠤ᠋ᠨ ᠶᠠᠮᠠᠷ ᠵᠠᠮ ᠢ᠋ᠶ᠋ᠠᠷ ᠥᠩᠭᠡᠷᠡᠨ ᠭᠠᠷᠬᠤ《ᠵᠠᠮ ᠭᠤᠶᠤᠳᠠᠭ》 ᠪᠣᠯᠴᠢᠬᠠᠵᠠᠢ᠃ ᠰᠡᠭᠦᠯᠡᠷ ᠲᠡᠭᠦᠨ ᠦ᠌ ᠮᠣᠷᠢᠨ ᠮᠡᠷᠭᠡᠵᠢᠯ᠂ ᠬᠠᠷᠪᠤᠬᠤ ᠮᠡᠷᠭᠡᠵᠢᠯ ᠨᠢ ᠬᠣᠯᠠ ᠣᠢᠷ᠎ᠠ ᠳ᠋ᠠᠭᠠᠨ ᠠᠯᠳᠠᠷᠰᠢᠭᠠᠳ ᠣᠯᠠᠨ ᠲᠦᠮᠡᠨ ᠦ᠌ ᠬᠦᠷᠢᠶᠡᠯᠡᠯ ᠢ᠋ ᠣᠯᠵᠤ ᠬᠣᠣᠷᠲᠠᠨ ᠳᠠᠢᠰᠤᠨ ᠤ᠋ ᠰᠦᠷ ᠢ᠋ ᠳᠠᠷᠤᠵᠤ ᠬᠡᠳᠦᠨ ᠬᠤᠰᠢᠭᠤᠨ ᠤ᠋ ᠠᠭᠤᠯᠵᠠᠷ ᠳᠠᠬᠢ ᠮᠠᠯᠴᠢᠨ ᠲᠦᠮᠡᠨ ᠠᠮᠤᠷ ᠲᠣᠭᠲᠠᠭᠤᠨ ᠰᠠᠭᠤᠬᠤ ᠪᠣᠯᠵᠠᠢ᠃ ᠡᠢᠮᠦ ᠡᠴᠡ ᠵᠢᠶᠦ᠋ᠨ ᠸᠠᠩ ᠤ᠋ᠨ ᠬᠤᠰᠢᠭᠤᠨ ᠤ᠋ ᠸᠠᠩ ᠨᠣᠶᠠᠨ ᠲᠥᠪᠰᠢᠨᠵᠢᠷᠭᠠᠯ ᠲᠡᠭᠦᠨ ᠢ᠋ ᠪᠢᠰᠢᠷᠡᠭᠡᠳ ᠴᠡᠷᠢᠭ ᠦ᠋ᠨ ᠶᠢᠩᠵᠠᠩ ᠤ᠋ᠨ ᠲᠤᠰᠢᠶᠠᠯ ᠥᠭᠴᠦ ᠦᠦᠰᠢᠨ ᠬᠤᠰᠢᠭᠤᠨ ᠤ᠋ ᠪᠠᠶᠠᠨᠲᠣᠯᠣᠭᠠᠢ ᠠ᠋ᠴᠠ ᠳᠠᠭᠤᠳᠠᠨ ᠠᠪᠠᠴᠢᠵᠤ ᠵᠢᠶᠦ᠋ᠨ ᠸᠠᠩ ᠤ᠋ᠨ ᠬᠤᠰᠢᠭᠤᠨ ᠤ᠋ ᠨᠣᠭᠣᠭᠠᠨ ᠪᠤᠯᠠᠭ ᠰᠤᠪᠤᠷᠭ᠎ᠠ ᠵᠡᠷᠭᠡ ᠭᠠᠵᠠᠷ ᠤ᠋ᠳ ᠲᠤ᠌ ᠴᠡᠷᠢᠭ ᠦ᠋ᠨ ᠴᠠᠢᠵᠠ ᠪᠠᠢᠭᠤᠯᠵᠤ ᠰᠠᠭᠤᠯᠭᠠᠪᠠ᠃ ᠲᠡᠷᠡ ᠪᠣᠯ ᠠᠷᠠᠳ ᠲᠦᠮᠡᠨ ᠦ᠌ ᠠᠰᠢᠭ ᠲᠤᠰᠠ ᠶ᠋ᠢ ᠬᠠᠮᠠᠭᠠᠯᠠᠳᠠᠭ ᠨᠤᠲᠤᠭ ᠣᠷᠣᠨ ᠳ᠋ᠠᠭᠠᠨ ᠬᠠᠢᠷᠠᠲᠠᠢ ᠴᠡᠷᠢᠭ ᠦ᠋ᠨ ᠨᠣᠶᠠᠨ ᠬᠥᠮᠦᠨ ᠪᠢᠯᠡ᠃ ᠲᠤᠬᠠᠢ ᠶ᠋ᠢᠨ ᠦᠶ᠎ᠡ ᠳ᠋ᠦ᠍ ᠠᠳᠤᠤᠬᠠᠢ ᠶ᠋ᠢᠨ ᠲᠣᠮᠣ ᠭᠠᠵᠠᠷ ᠤ᠋ᠨ ᠡᠵᠡᠨ ᠬᠣᠣ ᠳ᠋ᠠᠨ ᠹᠧᠩ ᠰᠧᠳᠧᠩᠨᠣᠷᠪᠣ ᠶ᠋ᠢ ᠰᠢᠳᠦ ᠵᠠᠭᠤᠨ ᠬᠣᠷᠣᠰᠴᠤ ᠦᠦᠰᠢᠨ ᠬᠤᠰᠢᠭᠤᠨ ᠤ᠋ ᠴᠡᠷᠢᠭ ᠦ᠋ᠨ ᠲᠣᠮᠢ ᠲᠠᠨᠲᠠᠷ ᠲᠤ᠌ ᠨᠢᠭᠡ ᠵᠠᠭᠤᠨ ᠴᠠᠭᠠᠨ ᠲᠥᠭᠥᠷᠢᠭ ᠰᠢᠷᠭᠤᠭᠤᠯᠵᠤ᠄《ᠲᠠ ᠰᠧᠳᠧᠩᠨᠣᠷᠪᠣ ᠶ᠋ᠢ ᠠᠷᠭᠠᠯᠠᠵᠤ ᠪᠠᠢᠭᠠᠳ ᠨᠢᠭᠤᠴᠠ ᠪᠠᠷ ᠲᠣᠨᠢᠯᠭᠠᠴᠢᠬᠠ!》 ᠭᠡᠵᠦ ᠰᠡᠮᠡᠷᠬᠡᠨ ᠭᠤᠶᠤᠵᠠᠢ᠃ ᠡᠨᠡ ᠨᠢ ᠭᠣᠣᠯᠳᠠᠭᠤ ᠠᠲᠠᠷ ᠬᠠᠭᠠᠯᠪᠤᠷᠢᠯᠠᠬᠤ ᠲᠠᠷᠢᠶᠠᠯᠠᠬᠤ ᠪᠣᠯᠤᠨ ᠴᠡᠷᠢᠭ ᠮᠣᠷᠢᠨ ᠤ᠋ ᠬᠦᠨᠡᠰᠦ ᠪᠣᠷᠳᠣᠭᠠᠨ ᠤ᠋ ᠠᠰᠠᠭᠤᠳᠠᠯ ᠠ᠋ᠴᠠ ᠪᠣᠯᠤᠭᠰᠠᠨ ᠪᠠᠢᠵᠤ ᠮᠡᠳᠡᠨ᠎ᠡ᠃ ᠢᠩᠭᠢᠭᠡᠳ ᠲᠣᠮᠢ ᠲᠠᠨᠲᠠᠷ ᠬᠣᠣ ᠣᠪᠣᠭᠲᠤ ᠭᠠᠵᠠᠷ ᠤ᠋ᠨ ᠡᠵᠡᠨ ᠦ᠌ ᠨᠢᠭᠡ ᠵᠠᠭᠤᠨ ᠮᠥᠩᠭᠥᠨ ᠵᠣᠭᠣᠰᠤᠨ ᠳ᠋ᠤ᠌ ᠪᠣᠯᠵᠤ᠂ ᠵᠢᠶᠦ᠋ᠨ ᠸᠠᠩ ᠤ᠋ᠨ ᠬᠤᠰᠢᠭᠤᠨ ᠤ᠋ ᠰᠧᠳᠧᠩᠨᠣᠷᠪᠣ ᠶ᠋ᠢ ᠬᠣᠣᠷᠯᠠᠬᠤ ᠭᠡᠵᠦ ᠬᠡᠳᠦ ᠤᠳᠠᠭ᠎ᠠ ᠣᠷᠣᠯᠳᠣᠭᠰᠠᠨ ᠪᠣᠯᠪᠠᠴᠤ ᠪᠦᠲᠦᠭᠰᠡᠨ ᠦᠭᠡᠢ᠃ ᠲᠡᠢᠮᠦ ᠡᠴᠡ ᠲᠣᠮᠢ ᠲᠠᠨᠲᠠᠷ᠂ ᠰᠧᠳᠧᠩᠨᠣᠷᠪᠤ ᠬᠣᠶᠠᠭᠤᠯᠠ ᠬᠠᠷᠢᠯᠴᠠᠨ ᠥᠰᠢᠶ᠎ᠡ ᠬᠣᠷᠣᠰᠤᠯ ᠲᠠᠢ ᠪᠣᠯᠤᠭᠠᠳ ᠨᠡᠯᠢᠶᠡᠳ ᠬᠡᠳᠦᠨ ᠵᠢᠯ ᠪᠣᠯᠴᠢᠬᠠᠵᠠᠢ᠃
ᠰᠢᠨᠡᠯᠡᠮ᠎ᠡ ᠡᠨᠡ ᠤᠴᠢᠷ ᠢ᠋ ᠨᠠᠷᠢᠨ ᠲᠣᠳᠣᠷᠬᠠᠢ ᠮᠡᠳᠡᠬᠦ ᠪᠥᠭᠡᠳ ᠰᠧᠳᠧᠩᠨᠣᠷᠪᠣ ᠲᠠᠢ ᠲᠤᠩ ᠨᠥᠬᠥᠷᠰᠡᠭ ᠬᠠᠷᠢᠴᠠᠭ᠎ᠠ ᠲᠠᠢ ᠪᠠᠢᠭᠰᠠᠨ ᠶᠤᠮ᠃ ᠲᠡᠭᠡᠭᠡᠳ ᠲᠣᠮᠢ ᠲᠠᠨᠲᠠᠷ ᠤ᠋ᠨ ᠭᠡᠷ ᠦ᠋ᠨ ᠡᠮᠦᠨᠡᠬᠢ ᠥᠨᠳᠥᠷ ᠡᠯᠡᠰᠦ ᠲᠡᠢ ᠰᠡᠷᠪᠡᠩ ᠦ᠋ᠨ ᠣᠷᠣᠢ ᠳ᠋ᠤ᠌ ᠵᠣᠭᠰᠣᠨ ᠪᠠᠢᠳᠠᠯ ᠢ᠋ ᠠᠵᠢᠭᠯᠠᠬᠤ ᠶ᠋ᠢᠨ ᠳᠠᠭᠠᠤ ᠲᠣᠮᠢ ᠲᠠᠨᠲᠠᠷ ᠲᠤ᠌ ᠰᠢᠨ᠎ᠡ ᠶ᠋ᠢᠨ ᠳᠡᠭᠡᠵᠢ ᠪᠠᠷᠢᠬᠤ ᠪᠠᠷ ᠲᠤᠰᠬᠠᠢ ᠯᠢᠦ ᠮᠢᠩ ᠲᠣᠭᠲᠠᠬᠤ ᠪᠠᠷ ᠦᠭᠡ ᠶᠠᠪᠤᠭᠤᠯᠤᠭᠰᠠᠨ ᠤ᠋ ᠬᠠᠮᠲᠤ ᠰᠧᠳᠧᠩᠨᠣᠷᠪᠣ ᠴᠤ᠌ ᠭᠡᠷ ᠢ᠋ ᠴᠢᠨᠢ ᠬᠡᠳᠦᠨ ᠳᠠᠪᠬᠤᠷ ᠪᠦᠰᠡᠯᠡᠯᠡ ᠭᠡᠵᠦ ᠬᠡᠯᠡᠭᠦᠯᠦᠭᠰᠡᠨ ᠨᠢ《ᠬᠥᠮᠦᠨ ᠦ᠌ ᠭᠠᠷ ᠢ᠋ᠶ᠋ᠠᠷ ᠮᠣᠭᠠᠢ ᠪᠠᠷᠢᠭᠤᠯᠵᠤ ᠬᠢᠲᠤᠭ᠎ᠠ ᠵᠢᠭᠡᠯᠡᠭᠰᠡᠨ》 ᠤᠴᠢᠷ ᠪᠠᠢᠵᠠᠢ᠃
ᠰᠢᠨᠡᠯᠡᠮ᠎ᠡ᠂ ᠲᠠᠨᠲᠠᠷ ᠳᠤᠲᠠᠭᠠᠵᠤ ᠪᠠᠢᠭ᠎ᠠ ᠶ᠋ᠢ ᠰᠡᠷᠪᠡᠩ ᠦ᠋ᠨ ᠣᠷᠣᠢ ᠠ᠋ᠴᠠ ᠲᠣᠪ ᠲᠣᠳᠣᠷᠬᠠᠢ ᠦᠵᠡᠵᠦ ᠵᠣᠭᠰᠣᠨ᠎ᠠ᠃ ᠲᠡᠭᠦᠨ ᠦ᠌ ᠳᠠᠭᠠᠯ ᠴᠡᠷᠢᠭ ᠨᠢ ᠰᠠᠨᠳᠤᠷᠬᠤ ᠳ᠋ᠠᠭᠠᠨ ᠬᠣᠢᠨ᠎ᠠ ᠠ᠋ᠴᠠ ᠨᠢ ᠫᠤᠤᠳᠠᠬᠤ ᠭᠡᠬᠦ ᠳ᠋ᠦ᠍᠂ ᠰᠢᠨᠠᠯᠠᠮ᠎ᠠ ᠪᠢᠲᠡᠭᠡᠢ ᠫᠤᠤᠳᠠ! ᠲᠣᠮᠢ ᠲᠠᠨᠲᠠᠷ ᠳᠤᠲᠠᠭᠠᠪᠠᠴᠤ ᠮᠢᠨᠦ ᠤᠭᠤᠲᠠᠨ ᠳᠣᠲᠣᠷ᠎ᠠ ᠰᠢᠦ! ᠭᠡᠵᠦ ᠢᠨᠢᠶᠡᠮᠰᠦᠭᠯᠡᠨ ᠠᠵᠢᠭᠯᠠᠨ᠎ᠠ᠃ ᠬᠠᠷᠠᠵᠤ ᠪᠠᠢᠲᠠᠯ᠎ᠠ ᠲᠣᠮᠢ ᠲᠠᠨᠲᠠᠷ ᠶᠡᠬᠡ ᠪᠤᠷᠭᠠᠰᠤ ᠴᠢᠴᠠᠷᠭᠠᠨ᠎ᠠ ᠳᠣᠲᠣᠷ᠎ᠠ ᠣᠷᠣᠴᠢᠬᠠᠯ᠎ᠠ᠃ ᠵᠠᠷᠢᠮ ᠨᠢ᠄《ᠠᠢ! ᠶᠠᠮᠠᠷ ᠪᠠᠢᠨ᠎ᠠ᠂ ᠲᠠᠨᠲᠠᠷ ᠣᠳᠣ ᠦᠵᠡᠭᠳᠡᠬᠦ ᠦᠭᠡᠢ ᠪᠣᠯᠴᠢᠬᠠᠯ᠎ᠠ ᠰᠢᠦ》 ᠭᠡᠵᠦ ᠭᠠᠰᠠᠯᠤᠨ᠎ᠠ᠃
ᠦᠦᠰᠢᠨ ᠨᠣᠶᠠᠨ ᠤ᠋ ᠴᠡᠷᠢᠭ ᠦ᠋ᠨ ᠲᠣᠮᠢ ᠲᠠᠨᠲᠠᠷ ᠭᠡᠷ ᠡᠴᠡ ᠪᠡᠨ ᠭᠠᠷᠤᠭᠠᠳ ᠳᠤᠲᠠᠭᠠᠵᠤ ᠪᠠᠢᠬᠤ ᠳ᠋ᠠᠭᠠᠨ ᠰᠢᠨᠠᠯᠠᠮ᠎ᠠ ᠨᠠᠮᠠᠶ᠋ᠢ ᠶ᠋ᠢ ᠪᠠᠷᠢᠪᠴᠢᠯᠠᠬᠤ ᠪᠠᠷ ᠢᠷᠡᠯ᠎ᠡ ᠭᠡᠵᠦ ᠣᠭᠲᠣ ᠪᠣᠳᠣᠭᠰᠠᠨ ᠦᠭᠡᠢ ᠬᠠᠷᠢᠨ ᠵᠢᠶᠦ᠋ᠨ ᠸᠠᠩ ᠤ᠋ᠨ ᠬᠤᠰᠢᠭᠤᠨ ᠤ᠋ ᠰᠧᠳᠧᠩᠨᠤᠷᠪᠤ ᠨᠠᠮᠠᠶ᠋ᠢ ᠬᠣᠣᠷᠯᠠᠬᠤ ᠪᠣᠯᠤᠯ᠎ᠠ ᠭᠡᠳ ᠪᠣᠳᠣᠬᠤ ᠳᠣᠳᠣᠮ ᠪᠠᠴᠢᠮᠳᠠᠨ ᠡᠮᠢᠶᠡᠬᠦ ᠳ᠋ᠡᠭᠡᠨ ᠭᠠᠷ ᠫᠤᠤ ᠪᠠᠷ ᠢ᠋ᠶ᠋ᠠᠨ ᠲᠣᠯᠣᠭᠠᠢ ᠪᠠᠨ ᠫᠤᠤᠳᠠᠴᠢᠬᠠᠯᠠ᠃ ᠰᠢᠨᠡᠯᠡᠮ᠎ᠡ ᠫᠤᠤ ᠶ᠋ᠢᠨ ᠳᠠᠭᠤᠨ ᠢ᠋ ᠰᠣᠨᠣᠰᠤᠭᠠᠳ᠄《ᠵᠠ! ᠣᠳᠣ ᠶᠠᠪᠤᠵᠠᠭᠠᠶ᠎ᠠ᠂ ᠣᠳᠣ ᠪᠢᠳᠡ ᠲᠣᠮᠢ ᠲᠠᠨᠲᠠᠷ ᠲᠤ᠌ ᠰᠢᠨ᠎ᠡ ᠶ᠋ᠢᠨ ᠳᠡᠭᠡᠵᠢ ᠪᠠᠷᠢᠶ᠎ᠠ᠁》 ᠭᠡᠯᠡ᠃ ᠲᠡᠷᠡ ᠬᠡᠳᠦᠭᠦᠯᠡ ᠮᠣᠷᠢ ᠪᠠᠨ ᠬᠥᠲᠥᠯᠦᠨ ᠪᠤᠷᠭᠠᠰᠤᠨ ᠳᠣᠲᠣᠷ᠎ᠠ ᠣᠷᠣᠵᠤ ᠦᠵᠡᠬᠦᠯᠡᠷ ᠲᠠᠨᠲᠠᠷ ᠪᠡᠶ᠎ᠡ ᠪᠡᠨ ᠬᠣᠣᠷᠯᠠᠭᠠᠳ ᠦᠬᠦᠴᠢᠬᠡᠵᠡᠢ᠃
ᠰᠢᠨᠡᠯᠡᠮ᠎ᠡ ᠬᠡᠳᠦᠨ ᠳᠠᠭᠠᠯ ᠴᠡᠷᠢᠭ ᠲᠡᠢ ᠲᠠᠨᠲᠠᠷ ᠤ᠋ᠨ ᠭᠡᠷ ᠦ᠋ᠨ ᠭᠠᠳᠠᠨ᠎ᠠ ᠬᠦᠷᠴᠦ᠄《ᠲᠠᠨᠲᠠᠷ ᠬᠤᠪᠢ ᠵᠠᠶᠠᠭ᠎ᠠ ᠦᠭᠡᠢ ᠬᠥᠮᠦᠨ ᠪᠠᠢᠨ᠎ᠠ᠂ ᠮᠢᠨᠦ ᠳᠥᠷᠪᠡᠨ ᠴᠢᠪᠠᠭ᠎ᠠ ᠲᠠᠢ ᠰᠢᠨ᠎ᠡ ᠶ᠋ᠢᠨ ᠪᠣᠭᠣᠷᠰᠣᠭ ᠢ᠋ ᠴᠦ᠍ ᠠᠮᠰᠠᠬᠤ ᠦᠭᠡᠢ ᠪᠡᠷ ᠦᠬᠦᠴᠢᠬᠡᠯ᠎ᠡ ᠳᠡ》 ᠭᠡᠳ ᠶᠠᠪᠤᠵᠠᠢ᠃
ᠦᠨᠡᠨ ᠢ᠋ ᠬᠡᠯᠡᠪᠡᠯ᠂ ᠲᠠᠨᠲᠠᠷ ᠦᠦᠰᠢᠨ ᠬᠤᠰᠢᠭᠤᠨ ᠤ᠋ ᠨᠣᠶᠠᠨ ᠴᠡᠷᠢᠭ ᠦ᠋ᠨ ᠲᠣᠮᠢ ᠬᠥᠮᠦᠨ ᠪᠠᠢᠭᠰᠠᠨ ᠴᠤ᠌ ᠭᠠᠯᠠᠭᠤᠲᠤ ᠶ᠋ᠢᠨ ᠰᠦᠮ᠎ᠡ ᠶ᠋ᠢ ᠪᠦᠰᠡᠯᠡᠵᠦ ᠰᠢᠨᠡᠯᠡᠮ᠎ᠡ ᠶ᠋ᠢ ᠠᠮᠢᠳᠤ ᠪᠠᠷ ᠪᠠᠷᠢᠬᠤ ᠭᠡᠳ ᠴᠢᠳᠠᠭᠰᠠᠨ ᠦᠭᠡᠢ ᠬᠣᠭᠣᠰᠣᠳᠠᠵᠤ᠂ ᠰᠢᠨᠠᠯᠠᠮ᠎ᠠ ᠶ᠋ᠢᠨ ᠭᠡᠷ ᠲᠡᠭᠡᠨ ᠪᠢᠴᠢᠵᠦ ᠬᠠᠶᠠᠭᠰᠠᠨ《ᠲᠠᠨᠲᠠᠷ ᠬᠦᠦ ᠲᠣᠯᠣᠭᠠᠢ ᠪᠠᠨ ᠬᠢᠴᠢᠶᠡ》 ᠭᠡᠰᠡᠨ ᠡᠴᠡ ᠰᠡᠷᠡᠮᠵᠢ ᠠᠪᠤᠭᠰᠠᠨ ᠦᠭᠡᠢ ᠪᠠᠢᠵᠠᠢ᠃ ᠲᠡᠭᠡᠭᠡᠳ ᠠᠷᠠᠳ ᠤ᠋ᠨ ᠳᠤᠮᠳᠠ᠄
ᠲᠠᠪᠤᠨ ᠵᠢᠩᠬᠢᠨ ᠠᠷᠪᠠᠨ ᠵᠠᠯᠠᠨ
ᠲᠤᠰᠠ ᠦᠭᠡᠢ ᠪᠣᠯᠤᠭᠰᠠᠨ ᠰᠢᠦ᠂
ᠲᠠᠪᠢᠨ ᠴᠡᠷᠢᠭ ᠦ᠋ᠨ ᠲᠣᠮᠢ ᠲᠠᠨᠲᠠᠷ
ᠲᠣᠢᠮᠣᠭ ᠪᠣᠯᠵᠤ ᠦᠬᠦᠯ᠎ᠡ ᠰᠢᠦ᠃
᠁
ᠭᠡᠰᠡᠨ ᠰᠢᠯᠦᠭ ᠳᠠᠭᠤᠤ ᠳᠡᠯᠭᠡᠷᠡᠵᠦ ᠪᠠᠢᠭᠰᠠᠨ ᠶᠤᠮ᠃
ᠲᠣᠳᠣᠷᠬᠠᠢᠯᠠᠯ
ᠵᠠᠷᠢᠮ ᠮᠠᠲ᠋ᠧᠷᠢᠠᠯ ᠪᠤᠶᠤ ᠬᠥᠮᠦᠰ ᠦ᠋ᠨ ᠬᠡᠯᠡᠯᠴᠡᠬᠦ ᠪᠡᠷ ᠰᠢᠨᠡᠯᠡᠮ᠎ᠡ ᠲᠠᠨᠲᠠᠷ ᠤ᠋ᠨ ᠭᠡᠷ ᠢ᠋ ᠪᠦᠰᠡᠯᠡᠭᠡᠳ ᠲᠠᠨᠲᠠᠷ ᠭᠦᠶᠦᠨ ᠭᠠᠷᠴᠤ ᠢᠷᠡᠭᠰᠡᠨ ᠳ᠋ᠦ᠍ ᠲᠡᠭᠦᠨ ᠢ᠋ ᠫᠤᠤᠳᠠᠵᠤ ᠠᠯᠠᠪᠠ ᠭᠡᠳᠡᠭ᠃ ᠪᠠᠰᠠ ᠵᠠᠷᠢᠮ ᠨᠢ ᠪᠠᠢᠯᠳᠤᠭᠠᠨ ᠳᠡᠭᠡᠷ᠎ᠡ ᠲᠠᠨᠲᠠᠷ ᠤ᠋ᠨ ᠴᠡᠷᠢᠭ ᠢᠯᠠᠭᠳᠠᠭᠠᠳ ᠲᠠᠨᠲᠠᠷ ᠳᠤᠲᠠᠭᠠᠬᠤ ᠳ᠋ᠤ᠌ ᠬᠣᠢᠨ᠎ᠠ ᠠ᠋ᠴᠠ ᠨᠢ ᠬᠠᠷᠪᠤᠵᠤ ᠤᠨᠠᠭᠠᠯ᠎ᠠ ᠭᠡᠳᠡᠭ ᠴᠦ᠍ ᠪᠣᠢ᠂ ᠡᠳᠡᠭᠡᠷ ᠨᠢ ᠪᠠᠷᠢᠮᠲᠠ ᠦᠭᠡᠢ ᠮᠥᠷᠲᠡᠭᠡᠨ ᠦᠨᠡᠨ ᠪᠠᠢᠳᠠᠯ ᠲᠠᠢ ᠨᠡᠢᠴᠡᠬᠦ ᠦᠭᠡᠢ ᠰᠢᠭ ᠰᠠᠨᠠᠭᠳᠠᠨ᠎ᠠ᠃ ᠳᠡᠭᠡᠷᠡᠬᠢ ᠠᠭᠤᠯᠭ᠎ᠠ ᠶ᠋ᠢ1979 ᠣᠨ ᠳ᠋ᠤ᠌ ᠬᠡᠷᠢᠶ᠎ᠡ ᠷᠬᠠᠪᠠ ᠶ᠋ᠢᠨ ᠠᠴᠢ ᠬᠥᠪᠡᠭᠦᠨ ᠪᠦᠳᠡᠤᠠ ᠨᠠᠰᠤᠲᠠᠨ ᠤ᠋ ᠶᠠᠷᠢᠭᠰᠠᠨ ᠢ᠋ ᠡᠮᠬᠢᠳᠬᠡᠪᠡ᠃
ᠨᠢᠭᠡ ᠳ᠋ᠦ᠍᠂ 《ᠥᠪᠥᠷ ᠮᠣᠩᠭᠣᠯ ᠤ᠋ᠨ ᠲᠡᠦᠬᠡᠲᠦ ᠬᠥᠮᠦᠰ ᠦ᠋ᠨ ᠲᠤᠬᠠᠢ ᠥᠭᠦᠯᠡᠯ ᠦ᠋ᠳ 》1984 ᠣᠨ ᠤ᠋ ᠬᠢᠲᠠᠳ ᠬᠡᠪᠯᠡᠯ ᠳ᠋ᠦ᠍ ᠲᠡᠷᠡ ᠦᠶ᠎ᠡ ᠶ᠋ᠢᠨ ᠥᠪᠥᠷ ᠮᠣᠩᠭᠣᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠳᠡᠳ᠋ ᠳᠠᠷᠤᠭ᠎ᠠ ᠵᠣᠣ ᠰᠢᠶᠠᠩ ᠪᠢ ᠶ᠋ᠢᠨ ᠪᠢᠴᠢᠭᠰᠡᠨ 《ᠰᠢᠨᠠᠯᠠᠮ᠎ᠠ ᠶ᠋ᠢᠨ ᠦᠢᠯᠡ ᠶᠠᠪᠤᠳᠠᠯ》 ᠭᠡᠬᠦ ᠥᠭᠦᠯᠡᠯ ᠦ᠋ᠨ ᠳᠥᠷᠪᠡᠳᠦᠭᠡᠷ ᠪᠦᠯᠦᠭ ᠲᠦ᠍ 《ᠤᠷᠪᠠᠭᠴᠢ ᠲᠠᠨᠲᠠᠷ ᠭᠠᠷᠬᠤ ᠵᠠᠮ ᠦᠭᠡᠢ ᠳ᠋ᠡᠭᠡᠨ ᠴᠢᠬᠤᠯᠳᠠᠵᠤ ᠥᠪᠡᠷ ᠦ᠋ᠨ ᠪᠡᠶ᠎ᠡ ᠪᠡᠨ ᠬᠣᠣᠷᠯᠠᠵᠠᠢ》 ᠭᠡᠵᠦ ᠪᠢᠴᠢᠵᠦ ᠪᠣᠢ᠃ ᠡᠨᠡ ᠨᠢ ᠴᠢᠯᠥᠭᠡᠯᠡᠭᠳᠡᠭᠰᠡᠨ ᠦ᠌ ᠳᠠᠷᠠᠭ᠎ᠠ ᠲᠠᠪᠢᠭᠠᠳ ᠣᠨ ᠤ᠋ ᠰᠡᠭᠦᠯᠡᠷ ᠲᠥᠪ ᠦ᠋ᠨ ᠴᠥᠭᠡᠨ ᠲᠣᠭᠠᠲᠤ ᠦᠨᠳᠦᠰᠦᠲᠡᠨ ᠦ᠌ ᠨᠡᠢᠭᠡᠮ ᠦ᠋ᠨ ᠲᠡᠦᠬᠡ ᠰᠣᠶᠣᠯ ᠤ᠋ᠨ ᠪᠠᠢᠴᠠᠭᠠᠨ ᠰᠤᠳᠤᠯᠬᠤ ᠪᠦᠯᠬᠦᠮ ᠦ᠋ᠨ ᠪᠢᠴᠢᠭᠰᠡᠨ 《ᠥᠯᠵᠠᠢᠵᠢᠷᠭᠠᠯ ᠤ᠋ᠨ ᠲᠤᠰᠬᠠᠢ ᠪᠦᠯᠦᠭ》 ᠭᠡᠬᠦ ᠲᠣᠰᠣᠨ ᠪᠠᠷ ᠤ᠋ᠨ ᠳᠡᠪᠲᠡᠷ ᠦ᠋ᠨ ᠦᠭᠡᠰ ᠪᠣᠯᠤᠨ᠎ᠠ᠃
ᠬᠣᠶᠠᠷ ᠲᠤ᠌᠂ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠺᠣᠮᠢᠰᠰᠠᠷ ᠪᠠᠢᠭᠰᠠᠨ ᠯᡁᠥ᠋ᠩᠷᠥᠪ ᠨᠠᠰᠤᠲᠠᠨ 1984 ᠣᠨ ᠤ᠋12 ᠰᠠᠷ᠎ᠠ ᠶ᠋ᠢᠨ23 ᠤ᠋ ᠡᠳᠦᠷ ᠬᠠᠩᠭᠢᠨ ᠬᠤᠰᠢᠭᠤᠨ ᠤ᠋ ᠪᠠᠶᠠᠡᠩᠭᠡᠷ ᠰᠤᠷᠭᠠᠭᠤᠯᠢ ᠳ᠋ᠤ᠌ ᠬᠢᠭᠰᠡᠨ ᠰᠢᠩᠭᠡᠭᠡᠯᠲᠡ ᠰᠤᠷᠪᠤᠯᠵᠢᠯᠠᠭ᠎ᠠ ᠳ᠋ᠤ᠌ ᠲᠠᠨᠲᠠᠷ ᠤ᠋ᠨ ᠲᠤᠬᠠᠢ 《ᠰᠢᠨᠡᠯᠡᠮ᠎ᠡ ᠤᠲᠤᠭᠠᠲᠤ ᠳ᠋ᠤ᠌ ᠲᠠᠨᠲᠠᠷ ᠤ᠋ᠨ ᠭᠡᠷ ᠲᠦ᠍ ᠰᠢᠨ᠎ᠡ ᠶ᠋ᠢᠨ ᠳᠡᠭᠡᠵᠢ ᠬᠦᠷᠭᠡᠬᠦ ᠪᠡᠷ ᠣᠴᠢᠬᠤ ᠳ᠋ᠤ᠌ ᠲᠣᠮᠢ ᠲᠠᠨᠲᠠᠷ ᠪᠡᠶ᠎ᠡ ᠪᠡᠨ ᠫᠤᠤᠳᠠᠵᠤ ᠦᠬᠦᠵᠡᠢ》 ᠭᠡᠵᠦ ᠬᠡᠯᠡᠵᠦ ᠪᠢᠯᠡ᠃
ᠭᠤᠷᠪᠠ ᠳ᠋ᠤ᠌᠂ 1990 ᠣᠨ ᠳ᠋ᠤ᠌ ᠮᠢᠨᠦ ᠪᠡᠶ᠎ᠡ ᠭᠠᠯᠠᠭᠤᠲᠤ ᠰᠤᠮᠤᠨ ᠳᠡᠭᠡᠷ᠎ᠡ᠂ ᠰᠤᠮᠤᠨ ᠳᠠᠷᠤᠭ᠎ᠠ ᠲᠣᠭᠲᠤᠨᠪᠢᠯᠢᠭ᠌ ᠤ᠋ᠨ ᠭᠡᠷ ᠲᠦ᠍ ᠲᠠᠨᠲᠠᠷ ᠤ᠋ᠨ ᠶᠡᠬᠡ ᠬᠡᠦᠬᠡᠨ ᠪᠤᠭᠤᠳᠠᠢ ᠡᠵᠢ ᠲᠡᠢ ᠲᠠᠨᠲᠠᠷ ᠤ᠋ᠨ ᠲᠤᠬᠠᠢ ᠶᠠᠷᠢᠯᠴᠠᠬᠤ ᠳ᠋ᠤ᠌ ᠲᠡᠷᠡ᠄《ᠴᠠᠭᠠᠨ ᠰᠠᠷ᠎ᠠ ᠶ᠋ᠢᠨ ᠰᠢᠨ᠎ᠡ ᠶ᠋ᠢᠨ ᠬᠡᠳᠦᠨ ᠪᠠᠢᠭᠰᠠᠨ ᠰᠢᠭ᠋ ᠰᠠᠨᠠᠭᠳᠠᠨ᠎ᠠ᠂ ᠠᠪᠠᠢ ᠭᠡᠨᠡᠳᠲᠡ ᠶᠠᠭᠤᠨ ᠠ᠋ᠴᠠ ᠠᠶᠤᠭᠰᠠᠨ ᠢ᠋ ᠮᠡᠳᠡᠭᠰᠡᠨ ᠦᠭᠡᠢ ᠬᠤᠷᠠᠭᠠᠨ ᠳ᠋ᠠᠴᠠᠩ ᠢ᠋ᠶ᠋ᠠᠨ ᠬᠡᠳᠦᠷᠦᠨ ᠫᠤᠤ ᠪᠠᠨ ᠪᠠᠷᠢᠭᠠᠳ ᠭᠠᠳᠠᠭᠰᠢ ᠭᠦᠶᠦᠭᠰᠡᠨ ᠶᠦᠮ᠃ ᠭᠡᠨᠡᠳᠲᠡ ᠠᠪᠠᠢ ᠶ᠋ᠢ ᠪᠡᠶ᠎ᠡ ᠪᠡᠨ ᠫᠤᠤᠳᠠᠯ᠎ᠠ ᠭᠡᠵᠦ ᠮᠥᠮᠥ ᠲᠡᠳᠡᠨᠦᠰ ᠨᠢᠯᠪᠤᠰᠤ ᠤᠨᠠᠭᠠᠨ ᠤᠬᠢᠯᠠᠵᠠᠭᠠᠵᠤ ᠪᠠᠢᠭᠰᠠᠨ ᠰᠢᠭ᠋ ᠰᠠᠨᠠᠭᠳᠠᠨ᠎ᠠ᠃ ᠲᠤᠬᠠᠢ ᠶ᠋ᠢᠨ ᠦᠶ᠎ᠡ ᠳ᠋ᠦ᠍ ᠪᠢ ᠠᠷᠪᠠᠭᠠᠳ ᠨᠠᠰᠤᠲᠠᠢ ᠬᠡᠦᠬᠡᠳ ᠪᠠᠢᠭᠰᠠᠨ ᠲᠤᠯᠠ ᠤᠴᠢᠷ ᠤᠬᠠᠭᠠᠨ ᠢ᠋ ᠨᠢ ᠣᠢᠯᠠᠭᠠᠬᠤ ᠦᠭᠡᠢ ᠪᠠᠢᠵᠠᠢ᠁》 ᠭᠡᠵᠦ ᠪᠠᠢᠭᠰᠠᠨ᠃
ᠡᠢᠮᠦ ᠡᠴᠡ ᠲᠠᠨᠲᠠᠷ ᠭᠠᠷᠬᠤ ᠵᠠᠮ ᠦᠭᠡᠢ ᠳ᠋ᠡᠭᠡᠨ ᠠᠶᠤᠵᠤ ᠪᠡᠶ᠎ᠡ ᠪᠡᠨ ᠬᠣᠣᠷᠯᠠᠭᠰᠠᠨ ᠨᠢ ᠦᠨᠡᠨ ᠪᠠᠢᠵᠤ ᠮᠡᠳᠡᠨ᠎ᠡ᠃
3. ᠪᠠᠢ ᠵᠢᠶᠠ ᠸᠠᠨ ᠤ᠋ ᠪᠠᠢᠯᠳᠤᠭᠠᠨ
ᠦᠦᠰᠢᠨ ᠬᠤᠰᠢᠭᠤᠨ ᠤ᠋ ᠪᠠᠷᠠᠭᠤᠨ ᠡᠮᠦᠨᠡᠲᠦ ᠬᠢᠵᠠᠭᠠᠷ ᠲᠤ᠌ ᠪᠠᠢ ᠣᠪᠣᠭᠲᠠᠳ ᠤ᠋ᠨ ᠴᠤᠭᠯᠠᠷᠠᠨ ᠰᠠᠭᠤᠭᠰᠠᠨ ᠭᠣᠣᠯ ᠤ᠋ᠨ ᠲᠣᠬᠣᠢ ᠪᠠᠢᠳᠠᠭ᠃ ᠡᠭᠦᠨ ᠢ᠋ ᠬᠥᠮᠦᠰ ᠪᠠᠢ ᠵᠢᠶᠠ ᠸᠠᠨ ᠭᠡᠳᠡᠭ᠃ ᠡᠨᠡ ᠬᠦ᠌ ᠭᠣᠣᠯ ᠤ᠋ᠨ ᠲᠣᠬᠣᠢ ᠶ᠋ᠢᠨ ᠡᠷᠭᠢ ᠪᠡᠷ ᠲᠠᠷᠢᠶᠠᠴᠢᠳ ᠨᠦᠬᠡᠨ ᠭᠡᠷ ᠮᠠᠯᠲᠠᠵᠤ ᠰᠠᠭᠤᠷᠢᠰᠢᠳᠠᠭ ᠪᠠᠢᠭᠰᠠᠨ ᠭᠡᠨ᠎ᠡ(ᠥᠨᠥ ᠶ᠋ᠢᠨ ᠱᠠᠨᠰᠢ ᠮᠣᠵᠢ ᠶ᠋ᠢᠨ ᠾᠧᠩ ᠰᠠᠨ ᠰᠢᠶᠠᠨ ᠤ᠋ ᠯᠢᠦᠢ ᠯᠦᠩ ᠸᠠᠨ ᠰᠢᠶᠠᠩ ᠤ᠋ᠨ ᠭᠠᠵᠠᠷ ᠲᠤ᠌)᠃
1928 ᠣᠨ ᠤ᠋ ᠡᠪᠦᠯ ᠲᠡᠰᠬᠢᠮ᠎ᠡ ᠬᠦᠢᠲᠡᠨ ᠪᠠᠢᠯ᠎ᠠ᠂ ᠭᠡᠪᠡᠴᠦ ᠰᠢᠨᠠᠯᠠᠮ᠎ᠠ ᠶ᠋ᠢᠨ ᠲᠣᠮᠢᠯᠠᠭᠰᠠᠨ ᠨᠢᠭᠡᠳᠦᠭᠡᠷ ᠯᠢᠶᠠᠨ ᠤ᠋ ᠥᠯᠵᠡᠢᠵᠢᠷᠭᠠᠯ ᠲᠦᠷᠦᠭᠦᠲᠠᠢ ᠠᠷᠪᠠᠨ ᠬᠣᠶᠠᠷ ᠴᠡᠷᠢᠭ ᠪᠠᠢ ᠵᠢᠶᠠ ᠸᠠᠨ ᠲᠣᠬᠣᠢ ᠪᠠᠷ ᠬᠦᠢᠲᠡᠨ ᠰᠢᠭᠤᠷᠭᠠᠨ ᠢ᠋ ᠲᠡᠰᠪᠦᠷᠢᠯᠡᠨ ᠴᠠᠭᠳᠠᠨ ᠪᠠᠢᠴᠠᠭᠠᠬᠤ ᠡᠭᠦᠷᠭᠡ ᠶ᠋ᠢ ᠭᠦᠢᠴᠡᠳᠬᠡᠵᠦ ᠶᠠᠪᠤᠵᠤ ᠪᠠᠢᠵᠠᠢ᠃ ᠲᠡᠳᠡ ᠪᠠᠢ ᠵᠢᠶᠠ ᠸᠠᠨ ᠲᠣᠬᠣᠢ ᠳ᠋ᠠᠬᠢ ᠨᠢᠭᠡ ᠲᠠᠷᠢᠶᠠᠴᠢᠨ ᠡᠷᠦᠬᠡ ᠳ᠋ᠦ᠍ ᠪᠠᠭᠤᠵᠤ ᠦᠳᠡ ᠶ᠋ᠢᠨ ᠬᠣᠭᠣᠯᠠ ᠢᠳᠡᠵᠦ ᠪᠠᠢᠲᠠᠯ᠎ᠠ᠂ ᠲᠡᠮᠡᠭᠡᠲᠦ ᠬᠣᠲᠠ(ᠢᠦᠢ ᠯᠢᠨ) ᠡᠴᠡ ᠢᠷᠡᠭᠰᠡᠨ ᠦᠦᠰᠢᠨ ᠨᠣᠶᠠᠨ ᠤ᠋ ᠭᠤᠴᠢ ᠭᠠᠷᠤᠢ ᠮᠣᠷᠢᠲᠤ ᠴᠡᠷᠢᠭ ᠭᠡᠨᠡᠳᠲᠡ ᠲᠤᠰ ᠡᠷᠦᠬᠡ ᠶ᠋ᠢᠨ ᠨᠦᠬᠡᠨ ᠭᠡᠷ ᠦ᠋ᠨ ᠣᠷᠣᠢ ᠳᠡᠭᠡᠷ᠎ᠡ ᠬᠦᠷᠴᠦ ᠢᠷᠡᠭᠡᠳ ᠬᠦᠷᠢᠶᠡᠨ(ᠡᠭᠦᠳᠡᠨ ᠡᠮᠦᠨ᠎ᠡ) ᠵᠦᠭ ᠫᠤᠤᠳᠠᠪᠠ᠃
ᠭᠱᠠᠨ ᠵᠠᠭᠤᠷ᠎ᠠ ᠪᠠᠢᠯᠳᠤᠭᠠᠨ ᠰᠢᠷᠦᠭᠦᠰᠴᠦ᠂ ᠲᠠᠷᠢᠶᠠᠴᠢᠨ ᠡᠷᠦᠬᠡ ᠶ᠋ᠢᠨ ᠬᠦᠷᠢᠶᠡᠨ ᠳ᠋ᠦ᠍ ᠪᠠᠢᠭᠰᠠᠨ ᠲᠠᠷᠭᠤᠨ ᠭᠠᠬᠠᠢ ᠴᠤ᠌ ᠰᠤᠮᠤᠨ ᠳ᠋ᠤ᠌ ᠣᠨᠣᠭᠳᠠᠵᠤ ᠦᠬᠦᠯ᠎ᠡ᠃ ᠨᠣᠶᠠᠨ ᠤ᠋ ᠴᠡᠷᠢᠭ ᠬᠥᠮᠦᠨ ᠣᠯᠠᠨ ᠮᠥᠷᠲᠡᠭᠡᠨ ᠪᠠᠢᠯᠳᠤᠬᠤ ᠳ᠋ᠤ᠌ ᠠᠰᠢᠭᠲᠠᠢ ᠭᠠᠵᠠᠷ ᠤ᠋ᠨ ᠪᠠᠢᠴᠠ ᠶ᠋ᠢ ᠡᠵᠡᠯᠡᠵᠦ ᠪᠠᠢᠳᠠᠯ ᠮᠠᠰᠢ ᠲᠦᠭᠰᠢᠭᠦᠷᠢᠲᠡᠢ ᠪᠣᠯᠵᠤ᠂ ᠰᠢᠨᠠᠯᠠᠮ᠎ᠠ ᠶ᠋ᠢᠨ ᠬᠡᠳᠦᠬᠡᠨ ᠴᠡᠷᠢᠭ ᠢ᠋ ᠨᠦᠬᠡᠨ ᠭᠡᠷ ᠪᠣᠯᠤᠨ ᠬᠦᠷᠢᠶᠡᠨ ᠳᠣᠲᠣᠷ᠎ᠠ ᠪᠦᠰᠡᠯᠡᠵᠡᠢ᠃ ᠨᠣᠶᠠᠨ ᠤ᠋ ᠴᠡᠷᠢᠭ ᠦ᠋ᠳ ᠳᠠᠪᠠᠭᠤ ᠬᠦᠴᠦᠨ ᠳ᠋ᠡᠭᠡᠨ ᠣᠮᠣᠭᠰᠢᠵᠤ ᠡᠴᠢᠭᠡ ᠡᠪᠦᠭᠡ ᠦᠭᠡᠢ ᠳᠣᠯᠣᠭᠠᠨ ᠢ᠋ ᠨᠢ ᠳᠤᠷᠠᠳᠴᠤ᠄《ᠬᠣᠰᠢᠭᠤ ᠶ᠋ᠢ ᠰᠠᠮᠠᠭᠤᠷᠠᠭᠤᠯᠤᠭᠰᠠᠨ ᠵᠣᠯᠢᠭ ᠤ᠋ᠳ! ᠡᠵᠡᠨ ᠨᠣᠶᠠᠨ ᠢ᠋ᠶ᠋ᠠᠨ ᠠᠭᠤᠷᠯᠠᠭᠤᠯᠤᠨ ᠡᠯᠳᠡᠪ ᠢ᠋ ᠦᠢᠯᠡᠳᠦᠭᠰᠡᠨ ᠡᠯᠵᠢᠭᠡ ᠨᠦ᠍ᠭᠦᠳ ᠁ ᠦᠬᠦᠬᠦ ᠴᠠᠭ ᠴᠢᠨᠢ ᠣᠳᠣ ᠲᠤᠯᠵᠠᠢ ᠁》 ᠭᠡᠮᠡᠨ ᠨᠦᠬᠡᠨ ᠭᠡᠷ ᠦ᠋ᠨ ᠣᠷᠣᠢ ᠳᠡᠭᠡᠷ᠎ᠡ ᠡᠴᠡ ᠬᠠᠷᠢᠶᠠᠬᠤ ᠶ᠋ᠢᠨ ᠳᠠᠭᠠᠤ ᠬᠠᠷᠪᠤᠨ᠎ᠠ᠃ ᠨᠣᠶᠠᠨ ᠤ᠋ ᠴᠡᠷᠢᠭ ᠦ᠋ᠨ ᠬᠣᠶᠠᠳᠤᠭᠠᠷ ᠫᠠᠢ ᠶ᠋ᠢᠨ ᠫᠠᠢᠵᠠᠩ ᠪᠣᠶᠠᠨᠳᠡᠯᠭᠡᠷ ᠦ᠋ᠨ ᠬᠦᠦ ᠪᠠᠶᠠᠨᠰᠠᠩ ᠶᠡᠬᠡ ᠯᠡ ᠣᠮᠣᠭ ᠰᠦᠷ ᠲᠡᠢ ᠪᠡᠷ ᠵᠠᠨᠠᠭ ᠬᠥᠮᠦᠨ ᠦ᠌ ᠬᠠᠷᠢᠶᠠᠯ ᠢ᠋ᠶ᠋ᠠᠷ ᠄《ᠮᠠᠭᠤ ᠬᠦᠦ ᠴᠢ ᠴᠢᠳᠠᠯ ᠪᠠᠢᠪᠠᠯ ᠭᠠᠷᠤᠭᠠᠳ ᠢᠷ᠎ᠡ! ᠡᠴᠢᠭᠡ ᠴᠢᠨᠢ ᠴᠢᠮᠠᠲᠤ ᠰᠤᠮᠤᠨ ᠤ᠋ ᠠᠮᠲᠠ ᠶ᠋ᠢ ᠦᠵᠡᠭᠦᠯᠦᠶ᠎ᠡ》 ᠭᠡᠳ ᠭᠠᠷ ᠫᠤᠤ ᠪᠠᠨ ᠭᠠᠷᠭᠠᠨ ᠥᠯᠵᠠᠢᠵᠢᠷᠭᠠᠯ ᠢ᠋ ᠬᠠᠷᠪᠤᠬᠤ ᠵᠠᠪᠳᠤᠲᠠᠯ᠎ᠠ᠂ ᠭᠠᠭᠴᠠᠭᠠᠷ ᠢ᠋ᠶ᠋ᠠᠨ ᠠᠷᠪᠠᠨ ᠵᠢᠷᠭᠤᠭᠠᠨ ᠳᠡᠭᠡᠷᠡᠮ ᠦ᠋ᠨ ᠴᠡᠷᠢᠭ ᠢ᠋ ᠤᠰᠠᠳᠬᠠᠭᠰᠠᠨ ᠮᠡᠷᠭᠡᠨ ᠬᠠᠷᠪᠤᠭᠠᠴᠢ ᠪᠠᠲᠤᠰᠡᠷᠡᠩ ᠬᠠᠳᠠᠨ ᠪᠤᠯᠤ ᠶ᠋ᠢᠨ ᠠᠷᠤ ᠠ᠋ᠴᠠ ᠲᠡᠭᠦᠨ ᠢ᠋ ᠨᠢᠭᠡ ᠯᠡ ᠬᠠᠷᠪᠤᠭᠰᠠᠨ ᠳ᠋ᠤ᠌ ᠪᠠᠷᠠᠭᠤᠨ ᠭᠠᠷ ᠨᠢ ᠣᠨᠣᠭᠳᠠᠵᠤ ᠥᠨᠥ ᠶ᠋ᠢᠨ ᠭᠠᠢᠬᠠᠭᠤᠯᠤᠭᠰᠠᠨ ᠭᠠᠷ ᠫᠤᠤ ᠨᠢ ᠴᠦ᠍ ᠭᠠᠵᠠᠷ ᠤᠨᠠᠵᠠᠢ᠃
ᠥᠯᠵᠠᠢᠵᠢᠷᠭᠠᠯ ᠶᠡᠬᠡ ᠳᠠᠭᠤᠨ ᠢ᠋ᠶ᠋ᠠᠷ ᠄《ᠲᠠᠨᠤᠰ ᠬᠠᠷᠪᠤᠬᠤ ᠪᠠᠨ ᠵᠣᠭᠰᠣ! ᠦᠦᠰᠢᠨ ᠬᠥᠮᠦᠨ᠂ ᠦᠦᠰᠢᠨ ᠬᠥᠮᠦᠨ ᠢ᠋ᠶ᠋ᠡᠨ ᠠᠯᠠᠭᠠᠳ ᠶᠠᠭᠠᠬᠢᠬᠤ ᠶᠤᠮ ᠪᠣᠢ⁈ ᠲᠠ ᠨᠠᠷ ᠨᠣᠶᠠᠨ ᠢ᠋ ᠳᠠᠭᠠᠭᠤᠯᠤᠨ ᠬᠤᠰᠢᠭᠤᠨ ᠳ᠋ᠠᠭᠠᠨ ᠬᠠᠷᠢᠵᠤ ᠢᠷᠡᠪᠡᠯ ᠪᠢᠳᠡ ᠪᠠᠶᠠᠷᠯᠠᠨ ᠤᠭᠲᠤᠨ᠎ᠠ ᠁》 ᠭᠡᠯᠡ᠃ ᠡᠨᠡ ᠦᠶ᠎ᠡ ᠳ᠋ᠦ᠍᠂ ᠨᠦᠬᠡᠨ ᠭᠡᠷ ᠦ᠋ᠨ ᠣᠷᠣᠢ ᠳᠡᠭᠡᠷ᠎ᠡ ᠪᠠᠢᠭᠰᠠᠨ ᠨᠣᠶᠠᠨ ᠤ᠋ ᠴᠡᠷᠢᠭ ᠡᠴᠡ ᠨᠢᠭᠡ ᠵᠠᠯᠠᠭᠤ ᠦᠰᠦᠷᠦᠨ ᠪᠠᠭᠤᠭᠠᠳ᠄ 《ᠪᠢ ᠲᠠᠨᠤᠰ ᠢ᠋ ᠳᠠᠭᠠᠶ᠎ᠠ》 ᠭᠡᠮᠡᠨ ᠬᠠᠰᠬᠢᠷᠪᠠ᠃ ᠰᠢᠨᠡᠯᠡᠮ᠎ᠡ ᠶ᠋ᠢᠨ ᠴᠡᠷᠢᠭ ᠲᠡᠭᠦᠨ ᠢ᠋ ᠡᠭᠦᠷᠦᠨ ᠨᠦᠬᠡᠨ ᠭᠡᠷ ᠲᠦ᠍ ᠳᠠᠯᠳᠠᠯᠠᠭᠰᠠᠨ ᠳ᠋ᠤ᠌ ᠬᠠᠷᠢᠯᠴᠠᠨ ᠨᠢᠭᠡᠨ ᠨᠢᠭᠡᠨ ᠳ᠋ᠡᠭᠡᠨ ᠲᠠᠯᠠᠷᠬᠠᠵᠤ ᠪᠠᠢᠯ᠎ᠠ᠃
ᠡᠨᠡ ᠦᠶ᠎ᠡ ᠳ᠋ᠦ᠍ ᠲᠡᠳᠡᠨ ᠦ᠌ ᠳᠠᠯᠳᠠᠯᠠᠵᠤ ᠪᠠᠢᠭ᠎ᠠ ᠨᠦᠬᠡᠨ ᠭᠡᠷ ᠦ᠋ᠨ ᠡᠮᠦᠨ᠎ᠡ ᠡᠴᠡ ᠨᠣᠶᠠᠨ ᠤ᠋ ᠴᠡᠷᠢᠭ ᠦ᠋ᠨ ᠬᠤᠯᠠᠭᠠᠢ ᠰᠤᠮᠤ ᠲᠤᠢᠯ ᠤ᠋ᠨ ᠣᠨᠣᠪᠴᠢᠲᠠᠢ ᠲᠣᠰᠴᠤ ᠪᠠᠢᠯ᠎ᠠ᠃ ᠨᠠᠷᠢᠨ ᠠᠵᠢᠭᠯᠠᠬᠤ ᠳ᠋ᠤ᠌ ᠬᠠᠷᠢᠨ ᠨᠦᠬᠡᠨ ᠭᠡᠷ ᠦ᠋ᠨ ᠣᠢᠷᠠᠯᠴᠠᠭ᠎ᠠ ᠭᠣᠣᠯ ᠤ᠋ᠨ ᠵᠡᠪᠡ ᠬᠣᠩᠭᠢᠯ ᠳ᠋ᠤ᠌ ᠤᠷᠭᠤᠭᠰᠠᠨ ᠪᠦᠳᠦᠭᠦᠨ ᠤᠳᠠ ᠮᠣᠳᠣᠨ ᠳᠡᠭᠡᠷ᠎ᠡ ᠡᠴᠡ ᠨᠢᠭᠡ ᠴᠡᠷᠢᠭ ᠨᠦᠬᠡᠨ ᠭᠡᠷ ᠥᠭᠡᠳᠡ ᠣᠨᠣᠪᠴᠢᠲᠠᠢ ᠭᠠᠯᠯᠠᠵᠤ ᠪᠠᠢᠵᠠᠢ᠃ ᠬᠠᠳᠠᠨ ᠪᠤᠯᠤ ᠶ᠋ᠢᠨ ᠠᠷᠤ ᠠ᠋ᠴᠠ ᠪᠠᠲᠦᠰᠡᠷᠡᠩ ᠣᠯᠵᠤ ᠦᠵᠡᠭᠡᠳ ᠲᠡᠭᠦᠨ ᠢ᠋ ᠨᠢᠭᠡ ᠯᠡ ᠬᠠᠷᠪᠤᠭᠰᠠᠨ ᠳ᠋ᠤ᠌ ᠲᠡᠷᠡ ᠴᠡᠷᠢᠭ ᠦ᠋ᠨ ᠲᠣᠯᠣᠭᠠᠢ ᠨᠢ ᠳᠣᠭᠣᠭᠰᠢ ᠬᠠᠨᠳᠤᠨ ᠬᠥᠯ ᠨᠢ ᠮᠣᠳᠣᠨ ᠰᠠᠯᠠᠭᠠᠨ ᠳ᠋ᠤ᠌ ᠳᠡᠭᠦᠵᠢᠯᠡᠭᠳᠡᠨ ᠦᠬᠦᠯ᠎ᠡ᠃
ᠶᠠᠭ ᠡᠨᠡ ᠵᠠᠪᠰᠢᠶᠠᠨ ᠢ᠋ᠶ᠋ᠠᠷ ᠨᠦᠬᠡᠨ ᠭᠡᠷ ᠪᠣᠯᠤᠨ ᠬᠦᠷᠢᠶᠡᠨ ᠳ᠋ᠦ᠍ ᠪᠡᠶ᠎ᠡ ᠳᠠᠯᠳᠠᠯᠠᠵᠤ ᠪᠠᠢᠯᠳᠤᠨ ᠪᠠᠢᠭ᠎ᠠ ᠴᠡᠷᠢᠭ ᠦ᠋ᠳ ᠭᠠᠳᠠᠭᠰᠢ ᠦᠰᠦᠷᠦᠨ ᠭᠠᠷᠴᠤ ᠥᠪᠡᠷᠰᠡᠳ ᠦ᠋ᠨ ᠢ᠋ᠶ᠋ᠡᠨ ᠲᠣᠬᠢᠯᠢᠭ ᠭᠠᠵᠠᠷ ᠤ᠋ᠨ ᠪᠠᠢᠴᠠ ᠶ᠋ᠢ ᠠᠰᠢᠭᠯᠠᠵᠤ ᠰᠢᠷᠦᠭᠦᠨ ᠢ᠋ᠶ᠋ᠡᠷ ᠭᠠᠯᠯᠠᠬᠤ ᠳ᠋ᠤ᠌ ᠨᠣᠶᠠᠨ ᠤ᠋ ᠴᠡᠷᠢᠭ ᠦ᠋ᠳ ᠨᠢᠭᠡ ᠬᠥᠮᠦᠨ ᠢ᠋ᠶ᠋ᠡᠨ ᠬᠣᠬᠢᠷᠠᠭᠤᠯᠤᠭᠰᠠᠨ ᠠ᠋ᠴᠠ ᠵᠣᠷᠢᠭ ᠮᠣᠬᠣᠭᠰᠠᠨ ᠶᠤᠮ ᠤᠤ ᠪᠤᠤ ᠮᠡᠳᠡ ᠪᠦᠭᠦᠳᠡᠭᠡᠷ ᠢ᠋ᠶ᠋ᠡᠨ ᠤᠬᠤᠷᠢᠯ᠎ᠠ᠃ ᠰᠢᠨᠠᠯᠠᠮ᠎ᠠ ᠶ᠋ᠢᠨ ᠴᠡᠷᠢᠭ ᠦ᠋ᠳ ᠠᠷᠪᠠᠭᠠᠳ ᠭᠠᠵᠠᠷ ᠨᠡᠬᠡᠮᠵᠢᠯᠡᠨ ᠬᠥᠭᠡᠭᠡᠳ ᠨᠢᠭᠡᠨᠲᠡ ᠱᠠᠨᠰᠢ ᠮᠣᠵᠢ ᠶ᠋ᠢᠨ ᠢᠦᠢ ᠯᠢᠨ ᠰᠢᠶᠠᠨ ᠤ᠋ ᠬᠠᠷᠢᠶ᠎ᠠ ᠭᠠᠵᠠᠷ ᠬᠦᠷᠦᠭᠰᠡᠨ ᠳ᠋ᠦ᠍ ᠨᠡᠬᠡᠮᠵᠢᠯᠡᠬᠦ ᠪᠡᠨ ᠵᠣᠭᠰᠣᠪᠠ᠃ ᠲᠡᠳᠡ ᠲᠡᠷᠡ ᠰᠥᠨᠢ ᠳ᠋ᠡᠭᠡᠨ ᠬᠠᠯᠢᠭᠤᠲᠤ ᠶ᠋ᠢᠨ ᠰᠦᠮ᠎ᠡ ᠳ᠋ᠡᠭᠡᠨ ᠪᠤᠴᠠᠵᠤ ᠴᠡᠷᠢᠭ ᠮᠣᠷᠢ ᠪᠠᠨ ᠠᠮᠠᠷᠠᠭᠤᠯᠤᠭᠰᠠᠨ ᠶᠤᠮ᠃①
— — — —
① ᠡᠨᠡ ᠦᠯᠢᠭᠡᠷ ᠢ᠋1981 ᠣᠨ ᠳ᠋ᠤ᠌ ᠦᠦᠰᠢᠨ ᠬᠤᠰᠢᠭᠤᠨ ᠤ᠋ ᠬᠠᠭᠤᠴᠢᠨ ᠰᠡᠬᠡᠭᠡᠲᠡᠨ ᠬᠠᠲᠠᠭᠢᠨ ᠴᠠᠭᠠᠨᠳᠤᠩ ᠨᠠᠰᠤᠲᠠᠨ ᠤ᠋ ᠶᠠᠷᠢᠭᠰᠠᠨ ᠢ᠋ ᠡᠮᠬᠢᠳᠬᠡᠪᠡ᠃
4᠂ ᠬᠠᠯᠢᠭᠤᠲᠤ ᠶ᠋ᠢᠨ ᠲᠣᠬᠣᠢ ᠶ᠋ᠢᠨ ᠪᠠᠢᠯᠳᠤᠭᠠᠨ
1927 ᠣᠨ ᠳ᠋ᠤ᠌ ᠦᠦᠰᠢᠨ ᠨᠣᠶᠠᠨ ᠤ᠋ ᠴᠡᠷᠢᠭ ᠦ᠋ᠳ ᠨᠣᠶᠠᠨ ᠲᠡᠭᠦᠰᠠᠠᠮᠤᠭᠤᠯᠠᠩ ᠢ᠋ᠶ᠋ᠠᠨ ᠳᠠᠭᠠᠨ ᠬᠠᠮᠠᠭᠠᠯᠠᠵᠤ ᠱᠠᠨᠰᠢ ᠮᠣᠵᠢ ᠶ᠋ᠢᠨ ᠢᠦᠢ ᠯᠢᠨ(ᠲᠡᠮᠡᠭᠡᠲᠦ ᠬᠣᠲᠠ) ᠳ᠋ᠤ᠌ ᠬᠦᠷᠴᠦ ᠰᠠᠭᠤᠵᠠᠢ᠃
ᠲᠤᠬᠠᠢ ᠶ᠋ᠢᠨ ᠦᠶ᠎ᠡ ᠳ᠋ᠦ᠍ ᠢᠷᠭᠡᠨ ᠤᠯᠤᠰ ᠤ᠋ᠨ86 ᠳ᠋ᠤᠭᠠᠷ ᠱᠢ ᠶ᠋ᠢᠨ ᠴᠡᠷᠢᠭ ᠦ᠋ᠨ ᠲᠦᠷᠦᠭᠦᠦ ᠵᠢᠩ ᠶᠤᠸᠠᠢ ᠰᠢᠦ(ᠴᠡᠷᠢᠭ ᠵᠠᠰᠠᠭ ᠪᠦᠭᠦᠳᠡ ᠶ᠋ᠢ ᠬᠠᠮᠢᠶᠠᠷᠤᠭᠰᠠᠨ ᠲᠦᠩᠯᠢᠩ ᠵᠠᠬᠢᠷᠤᠭᠴᠢ) ᠰᠸᠯᠢᠩ᠂ ᠦᠦᠰᠢᠨ ᠨᠣᠶᠠᠨ ᠲᠡᠭᠦᠰᠠᠠᠮᠤᠭᠤᠯᠠᠩ ᠪᠣᠯᠤᠨ ᠲᠦᠰᠢᠮᠡᠯ ᠳᠠᠭᠠᠯ ᠤ᠋ᠳ ᠢ᠋ ᠢᠦᠢ ᠯᠢᠨ ᠬᠣᠲᠠ ᠶ᠋ᠢᠨ ᠭᠣᠣᠯ ᠵᠡᠭᠡᠯᠢ ᠶ᠋ᠢᠨ ᠶᠡᠬᠡ ᠲᠠᠭᠲᠤ(ᠮᠣᠳᠣᠨ ᠠᠰᠠᠷ) ᠲᠤ᠌ ᠰᠠᠭᠠᠲᠠᠭᠤᠯᠵᠤ᠂ ᠪᠤᠰᠤᠳ ᠴᠡᠷᠢᠭ ᠵᠠᠰᠠᠭ ᠤ᠋ᠨ ᠬᠥᠮᠦᠰ(ᠵᠠᠷᠢᠮ ᠦᠶ᠎ᠡ ᠳ᠋ᠦ᠍ ᠵᠠᠭᠤ ᠰᠢᠬᠠᠮ ᠬᠥᠮᠦᠨ ᠪᠣᠯᠴᠢᠬᠠᠳᠠᠭ ᠭᠡᠨ᠎ᠡ) ᠶ᠋ᠢ ᠲᠤᠰᠬᠠᠢ ᠭᠠᠵᠠᠷ ᠲᠣᠬᠢᠷᠠᠭᠤᠯᠵᠤ ᠰᠠᠭᠤᠯᠭᠠᠭᠰᠠᠨ ᠪᠣᠯᠪᠠᠴᠤ ᠲᠡᠳᠡᠨ ᠦ᠌ ᠬᠡᠷᠡᠭᠯᠡᠬᠦ ᠡᠳ᠋ ᠪᠣᠳᠠᠰ᠂ ᠢᠳᠡᠵᠦ ᠤᠤᠭᠤᠬᠤ᠂ ᠴᠡᠷᠢᠭ ᠦ᠋ᠨ ᠠᠭᠲᠠ ᠶ᠋ᠢᠨ ᠲᠡᠵᠢᠭᠡᠯ ᠪᠣᠷᠳᠣᠭ᠎ᠠ ᠳ᠋ᠤ᠌ ᠮᠥᠩᠭᠥ ᠵᠣᠭᠣᠰ ᠴᠢᠬᠤᠯᠠ ᠲᠠᠢ ᠪᠠᠢᠪᠠ᠃ ᠡᠢᠮᠦ ᠡᠴᠡ ᠲᠡᠳᠡᠭᠡᠷ ᠴᠡᠷᠢᠭ ᠦ᠋ᠨ ᠵᠠᠷᠢᠮ ᠨᠢ ᠦᠦᠰᠢᠨ ᠳ᠋ᠡᠭᠡᠨ ᠨᠢᠭᠤᠴᠠ ᠪᠠᠷ ᠬᠠᠷᠢᠵᠤ ᠢᠷᠡᠭᠡᠳ ᠭᠡᠷ ᠭᠡᠷ ᠡᠴᠡ ᠪᠡᠨ ᠠᠪᠠᠴᠢᠳᠠᠭ ᠪᠠᠢᠨ᠎ᠠ᠃
ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠳ ᠡᠨᠡ ᠪᠠᠢᠳᠠᠯ ᠳ᠋ᠤ᠌ ᠴᠢᠭᠯᠡᠭᠦᠯᠦᠨ ᠮᠡᠢᠷᠡᠨ ᠰᠦᠮ᠎ᠡ᠂ ᠤᠯᠠᠭᠠᠨᠲᠣᠯᠣᠭᠠᠢ ᠶ᠋ᠢᠨ ᠰᠦᠮ᠎ᠡ᠂ ᠬᠠᠯᠢᠭᠤᠲᠤ ᠶ᠋ᠢᠨ ᠰᠦᠮ᠎ᠡ᠂ ᠲᠤᠭᠠᠷ ᠤ᠋ᠨ ᠲᠣᠬᠣᠢ(ᠳᠤᠭᠠᠷᠵᠠᠪ) ᠰᠢᠪᠠᠷ ᠰᠦᠮ᠎ᠡ ᠵᠡᠷᠭᠡ ᠦᠦᠰᠢᠨ ᠬᠤᠰᠢᠭᠤᠨ ᠤ᠋ ᠡᠮᠦᠨᠡᠲᠦ ᠵᠠᠬ᠎ᠠ ᠬᠢᠵᠠᠭᠠᠷ ᠢ᠋ᠶ᠋ᠠᠷ ᠦᠷᠭᠦᠯᠵᠢ ᠴᠠᠭᠳᠠᠨ ᠰᠡᠷᠭᠡᠢᠯᠡᠵᠦ ᠠᠷᠠᠳ ᠢ᠋ ᠠᠮᠤᠷᠵᠢᠭᠤᠯᠤᠨ ᠨᠣᠶᠠᠨ ᠤ᠋ ᠴᠡᠷᠢᠭ ᠢ᠋ ᠬᠢᠵᠠᠭᠠᠷᠯᠠᠬᠤ ᠠᠷᠭ᠎ᠠ ᠪᠣᠳᠣᠯᠭ᠎ᠠ ᠠᠪᠤᠪᠠ᠃ ᠲᠡᠳᠡ ᠤᠯᠠᠮ ᠢ᠋ᠶ᠋ᠠᠷ ᠬᠦᠴᠢᠷᠳᠡᠵᠦ ᠵᠠᠪᠰᠠᠷ ᠵᠠᠪ ᠪᠠᠢᠪᠠᠯ ᠨᠢᠭᠤᠴᠠ ᠪᠠᠷ ᠭᠡᠨᠡᠳᠡᠭᠦᠯᠦᠨ ᠭᠠᠷᠴᠤ ᠢᠷᠡᠭᠡᠳ ᠪᠡᠯᠴᠢᠭᠡᠷ ᠳᠠᠬᠢ ᠮᠠᠯ ᠰᠦᠷᠦᠭ ᠢ᠋ ᠲᠠᠭᠤᠵᠤ ᠬᠤᠯᠠᠭᠠᠢᠯᠠᠨ ᠪᠤᠯᠢᠶᠠᠵᠤ ᠰᠦᠷᠳᠡᠭᠦᠯᠬᠦ ᠵᠡᠷᠭᠡ ᠳᠡᠭᠡᠷᠡᠮᠳᠡᠬᠦ ᠶᠠᠪᠤᠳᠠᠯ ᠤ᠋ᠳ ᠢ᠋ ᠦᠢᠯᠡᠳᠳᠡᠭ ᠪᠣᠯᠵᠠᠢ᠃
1928 ᠣᠨ ᠤ᠋ ᠥᠭᠡᠯᠵᠢᠨ ᠰᠠᠷ᠎ᠠ ᠶ᠋ᠢᠨ ᠰᠡᠭᠦᠯᠴᠢ ᠪᠡᠷ ᠮᠠᠯᠴᠢᠳ ᠬᠠᠭᠤᠴᠢᠨ ᠵᠢᠯ ᠢ᠋ᠶ᠋ᠡᠨ ᠦᠳᠡᠵᠦ ᠰᠢᠨ᠎ᠡ ᠵᠢᠯ ᠢ᠋ᠶ᠋ᠡᠨ ᠤᠭᠲᠤᠬᠤ ᠭᠡᠵᠦ ᠶᠠᠭᠠᠷᠠᠯᠳᠤᠵᠤ ᠪᠠᠢᠬᠤ ᠶ᠋ᠢ ᠲᠣᠬᠢᠶᠠᠯᠳᠤᠭᠤᠯᠤᠨ ᠨᠣᠶᠠᠨ ᠤ᠋ ᠴᠡᠷᠢᠭ ᠦ᠋ᠨ ᠳᠥᠴᠢ ᠭᠠᠷᠤᠢ ᠮᠣᠷᠢᠲᠠᠢ ᠬᠥᠮᠦᠰ ᠬᠠᠯᠢᠭᠤᠲᠤ ᠶ᠋ᠢᠨ ᠭᠣᠣᠯ ᠷᠠᠰᠢᠶᠠᠨ ᠲᠣᠬᠣᠢ ᠭᠡᠳᠡᠭ ᠭᠠᠵᠠᠷ ᠤ᠋ᠳ ᠢ᠋ᠶ᠋ᠠᠷ ᠪᠡᠯᠴᠢᠭᠡᠷᠯᠡᠵᠦ ᠪᠠᠢᠭᠰᠠᠨ ᠮᠣᠷᠢ ᠦᠬᠡᠷ ᠢ᠋ ᠳᠡᠭᠡᠷᠡᠮᠳᠡᠨ ᠠᠪᠴᠤ ᠠᠷᠪᠠᠭᠠᠳ ᠴᠡᠷᠢᠭ ᠨᠢ ᠡᠮᠦᠨᠡᠰᠢ ᠢᠦᠢ ᠯᠢᠨ ᠵᠦᠭ ᠶᠠᠪᠤᠴᠢᠬᠠᠵᠠᠢ᠃ ᠦᠯᠡᠳᠡᠭᠰᠡᠨ ᠭᠤᠴᠢ ᠭᠠᠷᠤᠢ ᠴᠡᠷᠢᠭ ᠨᠢ ᠨᠣᠶᠠᠨ ᠤ᠋ ᠪᠠᠨ ᠨᠢᠭᠤᠴᠠ ᠵᠠᠬᠢᠶ᠎ᠠ ᠪᠠᠷ᠄《ᠡᠨᠡ ᠬᠡᠳᠦᠨ ᠡᠳᠦᠷ ᠬᠠᠯᠢᠭᠤᠲᠤ ᠶ᠋ᠢᠨ ᠰᠦᠮ᠎ᠡ ᠳᠡᠭᠡᠷ᠎ᠡ ᠮᠣᠯᠣᠮ ᠭᠠᠩᠰᠠ ᠬᠤᠷᠠᠵᠤ ᠪᠠᠢᠬᠤ ᠶᠤᠮ ᠰᠢᠦ! ᠯᠠᠮᠠ ᠨᠠᠷ ᠪᠦᠷ ᠢᠷᠡᠴᠢᠬᠡᠭᠰᠡᠨ ᠪᠠᠢᠬ᠎ᠠ᠂ ᠲᠠᠨᠤᠰ ᠠᠷᠭᠠᠯᠠᠵᠤ ᠪᠠᠢᠭᠠᠳ ᠭᠡᠨᠳᠦᠨᠯᠢᠭ᠌ᠰᠣᠭ ᠢ᠋ ᠰᠠᠯᠠ ᠳᠠᠪᠠᠭᠠᠨ ᠳ᠋ᠤᠨᠢ ᠮᠣᠷᠳᠠᠭᠤᠯᠤᠭᠠᠴᠢ(ᠠᠯᠠ ᠭᠡᠰᠡᠨ ᠤᠳᠬ᠎ᠠ ᠲᠠᠢ) !》 ᠭᠡᠰᠡᠨ ᠢ᠋ ᠪᠡᠶᠡᠯᠡᠭᠦᠯᠬᠦ ᠪᠡᠷ ᠬᠣᠴᠣᠷᠤᠭᠰᠠᠨ ᠪᠠᠢᠨ᠎ᠠ᠃
ᠭᠡᠨᠳᠦᠨᠯᠢᠭ᠌ᠰᠣᠭ ᠪᠣᠯ ᠭᠠᠯᠠᠭᠤᠲᠤ ᠶ᠋ᠢᠨ ᠬᠥᠬᠡᠲᠣᠯᠣᠭᠠᠢ ᠳ᠋ᠤ᠌ ᠨᠤᠲᠤᠭ ᠲᠠᠢ ᠬᠠᠯᠢᠭᠤᠲᠤ ᠶ᠋ᠢᠨ ᠰᠦᠮ᠎ᠡ ᠶ᠋ᠢᠨ ᠱᠠᠪᠷᠤᠩ ᠶᠤᠮ᠃ ᠲᠡᠷᠡ ᠮᠣᠩᠭᠣᠯ ᠲᠥᠪᠡᠳ ᠪᠢᠴᠢᠭ ᠮᠡᠳᠡᠳᠡᠭ ᠨᠣᠮ ᠲᠠᠷᠨᠢ ᠳ᠋ᠤ᠌ ᠴᠠᠭᠠᠷᠠᠭᠰᠠᠨ ᠬᠥᠮᠦᠨ᠃ ᠭᠡᠨᠳᠦᠨᠯᠢᠭ᠌ᠰᠣᠭ ᠱᠠᠪᠷᠤᠩ ᠪᠤᠰᠤᠳ ᠳᠦᠷᠢ ᠶ᠋ᠢᠨ ᠱᠠᠪᠷᠤᠩ ᠬᠤᠲᠤᠭᠲᠠᠨ ᠲᠠᠢ ᠠᠳᠠᠯᠢ《ᠯᠠᠮᠠ ᠶ᠋ᠢᠨ ᠭᠤᠷᠪᠠᠨ ᠡᠷᠳᠡᠨᠢ》 ᠳ᠋ᠡᠭᠡᠨ ᠢᠲᠡᠭᠡᠵᠦ ᠪᠤᠷᠬᠠᠨ ᠢ᠋ᠶ᠋ᠠᠨ ᠵᠢᠭᠠᠭᠠᠳ ᠨᠠᠰᠤ ᠪᠠᠷ ᠢ᠋ᠶ᠋ᠠᠨ ᠨᠡᠢᠭᠡᠮ ᠨᠡᠢᠲᠡ ᠡᠴᠡ ᠵᠠᠢᠳᠠᠵᠤ ᠰᠦᠮ᠎ᠡ ᠳᠡᠭᠡᠷ᠎ᠡ ᠪᠡᠨ ᠣᠯᠪᠣᠭ ᠢ᠋ᠶ᠋ᠠᠨ ᠡᠯᠡᠭᠡᠲᠡᠯ᠎ᠡ ᠰᠠᠭᠤᠵᠤ ᠳ᠋ᠠᠩ ᠭᠠᠭᠴᠠ ᠰᠦᠰᠦᠭ ᠪᠢᠰᠢᠷᠡᠯ ᠢ᠋ ᠪᠢᠰᠢᠯᠭᠠᠭᠰᠠᠨ ᠬᠤᠲᠤᠭᠲᠠᠨ ᠱᠠᠪᠷᠤᠩ ᠪᠤᠰᠤ᠂ ᠬᠠᠷᠢᠨ ᠤᠯᠤᠰ ᠦᠨᠳᠦᠰᠦᠲᠡᠨ ᠦ᠌ ᠡᠷᠬᠡ ᠴᠢᠯᠥᠭᠡ ᠶ᠋ᠢ ᠪᠣᠳᠣᠯᠬᠢᠯᠠᠵᠤ᠂ ᠰᠢᠨᠠᠯᠠᠮ᠎ᠠ ᠶ᠋ᠢᠨ ᠳᠤᠭᠤᠢᠯᠠᠩ ᠤ᠋ᠨ ᠬᠥᠳᠡᠯᠭᠡᠭᠡᠨ ᠳ᠋ᠦ᠍ ᠢᠳᠡᠪᠬᠢᠲᠡᠢ ᠣᠷᠣᠯᠴᠠᠭᠰᠠᠨ ᠬᠤᠪᠢᠰᠬᠠᠯᠴᠢ ᠶᠤᠮ᠃ ᠰᠢᠨᠡᠯᠡᠮ᠎ᠡ ᠪᠤᠭᠤᠲᠤ ᠬᠣᠲᠠ ᠳ᠋ᠤ᠌ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶ᠎ᠠ ᠶ᠋ᠢ ᠵᠣᠬᠢᠶᠠᠨ ᠪᠠᠢᠭᠤᠯᠬᠤ ᠳ᠋ᠤ᠌ ᠭᠡᠨᠳᠥᠨᠯᠢᠭᠰᠤᠭ ᠨᠢᠭᠡᠳᠦᠭᠡᠷ ᠶᠢᠩ ᠦ᠋ᠨ ᠶᠢᠩᠵᠠᠩ ᠢ᠋ᠶ᠋ᠠᠷ ᠰᠣᠩᠭᠣᠭᠳᠠᠵᠤ᠂ ᠰᠡᠭᠦᠯᠳᠡᠵᠦ ᠦᠦᠰᠢᠨ ᠳ᠋ᠡᠭᠡᠨ ᠪᠤᠴᠠᠨ ᠢᠷᠡᠭᠡᠳ ᠴᠡᠷᠢᠭ ᠳᠠᠢᠴᠢᠯᠠᠵᠤ ᠨᠤᠲᠤᠭ ᠤᠰᠤ ᠪᠠᠨ ᠬᠠᠮᠠᠭᠠᠯᠠᠪᠠ᠃
ᠲᠤᠬᠠᠢ ᠶ᠋ᠢᠨ ᠦᠶ᠎ᠡ ᠳ᠋ᠦ᠍ ᠣᠯᠠᠨ ᠲᠦᠮᠡᠨ ᠦ᠌ ᠳᠤᠮᠳᠠ᠄
ᠬᠣᠷᠢᠶ᠎ᠠ ᠶᠢᠩ ᠦ᠋ᠨ ᠶᠢᠩᠵᠠᠩ ᠨᠢ
ᠬᠤᠲᠤᠭᠲᠠᠨ ᠮᠡᠷᠭᠡᠨ ᠨᠣᠶᠠᠳ ᠪᠣᠢ᠂
ᠬᠣᠣᠷᠲᠠᠨ ᠳᠠᠢᠰᠤᠨ ᠢ᠋ ᠤᠰᠠᠳᠬᠠᠬᠤ ᠳ᠋ᠤ᠌
ᠬᠤᠪᠢᠯᠭᠠᠨ ᠴᠣᠢᠵᠣᠩ ᠪᠤᠷᠬᠠᠨ ᠰᠢᠦ!
ᠭᠡᠵᠦ ᠳᠠᠭᠤᠯᠠᠵᠤ ᠪᠠᠢᠭᠰᠠᠨ᠃
ᠨᠣᠶᠠᠨ ᠤ᠋ ᠴᠡᠷᠢᠭ ᠦ᠋ᠳ ᠷᠠᠰᠢᠶᠠᠨ ᠲᠣᠬᠣᠢ ᠶ᠋ᠢᠨ ᠪᠢᠴᠢᠬᠠᠨ ᠴᠠᠭᠠᠨᠰᠥ᠋ᠮ᠎ᠡ ᠳᠡᠭᠡᠷ᠎ᠡ ᠪᠦᠭᠭᠦᠵᠦ ᠭᠡᠨᠳᠥᠨᠯᠢᠭᠰᠤᠭ ᠱᠠᠪᠷᠤᠩ ᠢ᠋ ᠬᠣᠣᠷᠯᠠᠬᠤ ᠪᠠᠷ ᠠᠷᠭ᠎ᠠ ᠪᠣᠳᠣᠵᠠᠭᠠᠨᠠ᠃
ᠨᠣᠶᠠᠨ ᠤ᠋ ᠴᠡᠷᠢᠭ ᠦ᠋ᠨ ᠰᠠᠢᠨ ᠡᠷ᠎ᠡ ᠳᠠᠨᠽᠠᠨᠵᠠᠮᠰᠤ ᠫᠠᠢᠵᠠᠩ ᠪᠡᠶ᠎ᠡ ᠪᠡᠷ ᠢ᠋ᠶ᠋ᠡᠨ ᠯᠠᠮᠠ ᠬᠤᠪᠴᠠᠰᠤ ᠡᠮᠦᠰᠴᠦ ᠬᠠᠯᠢᠭᠤᠲᠤ ᠶ᠋ᠢᠨ ᠰᠦᠮ᠎ᠡ ᠳ᠋ᠦ᠍ ᠣᠴᠢᠵᠤ ᠪᠠᠢᠳᠠᠯ ᠢ᠋ ᠣᠢᠯᠠᠭᠠᠬᠤ ᠶ᠋ᠢᠨ ᠳᠠᠭᠠᠤ ᠲᠣᠬᠢᠶᠠᠯ ᠲᠠᠭᠠᠷᠠᠪᠠᠯ ᠭᠡᠨᠳᠥᠨᠯᠢᠭᠰᠤᠭ ᠱᠠᠪᠷᠤᠩ ᠢ᠋ ᠬᠣᠣᠷᠯᠠᠬᠤ ᠪᠣᠳᠣᠯᠭ᠎ᠠ ᠲᠠᠢ ᠪᠠᠷ ᠭᠠᠭᠴᠠᠭᠠᠷ ᠢ᠋ᠶ᠋ᠠᠨ ᠶᠠᠪᠤᠯ᠎ᠠ᠃
ᠲᠡᠷᠡ ᠰᠢᠭᠤᠳ ᠨᠣᠮ ᠤᠩᠰᠢᠨ ᠬᠤᠷᠠᠵᠤ ᠪᠠᠢᠭ᠎ᠠ ᠰᠦᠮ᠎ᠡ ᠶ᠋ᠢᠨ ᠡᠭᠦᠳᠡᠨ ᠳ᠋ᠦ᠍ ᠬᠦᠷᠬᠦ ᠳ᠋ᠦ᠍᠂ ᠰᠦᠮ᠎ᠡ ᠶ᠋ᠢᠨ ᠬᠣᠶᠠᠷ ᠭᠣᠨᠢᠷ ᠯᠠᠮᠠ ᠲᠠᠢ ᠭᠡᠨᠡᠳᠲᠡ ᠤᠴᠠᠷᠠᠴᠢᠬᠠᠯᠠ᠃ ᠳᠠᠨᠽᠠᠨᠵᠠᠮᠰᠤ ᠄《ᠱᠠᠪᠷᠤᠩ ᠪᠠᠭᠰᠢ (ᠭᠡᠨᠳᠥᠨᠯᠢᠭᠰᠤᠭ) ᠬᠤᠷᠠᠯ ᠳ᠋ᠤ᠌ ᠰᠠᠭᠠᠲᠠᠵᠤ ᠪᠠᠢᠨ᠎ᠠ ᠤᠤ?》 ᠭᠡᠬᠦ ᠳ᠋ᠦ᠍ ᠬᠣᠶᠠᠷ ᠯᠠᠮᠠ᠄《ᠦ᠂ ᠲᠠ ᠴᠢᠨᠢ ᠨᠣᠶᠠᠨ ᠴᠡᠷᠢᠭ ᠦ᠋ᠨ ᠫᠠᠢᠵᠠᠩ ᠪᠣᠯᠴᠢᠬᠠᠭᠰᠠᠨ ᠪᠠᠢᠭᠠᠳ᠂ ᠶᠠᠭᠠᠬᠢᠭᠠᠳ ᠪᠠᠰᠠ ᠯᠠᠮᠠ ᠬᠤᠪᠴᠠᠰᠤ ᠪᠠᠨ ᠡᠮᠦᠰᠴᠢᠬᠡᠭᠰᠡᠨ ᠪᠣᠢ ᠁ ᠤᠷᠢᠳ ᠢ᠋ᠶ᠋ᠠᠷ ᠯᠠᠮᠠ ᠶ᠋ᠢᠨ ᠱᠠᠩ ᠳ᠋ᠤ᠌ ᠮᠣᠷᠢᠯᠠ᠁》 ᠭᠡᠪᠡ᠃ ᠳᠠᠨᠽᠠᠨᠵᠠᠮᠰᠤ ᠵᠢᠰᠦ ᠪᠡᠨ ᠪᠤᠷᠤᠭᠤᠯᠠᠭᠰᠠᠨ ᠴᠤ᠌ ᠲᠠᠨᠢᠭᠳᠠᠭᠰᠠᠨ ᠳ᠋ᠠᠭᠠᠨ ᠠᠢᠳᠠᠰ ᠬᠦᠷᠴᠦ᠂ ᠡᠨᠳᠡ ᠲᠡᠨᠳᠡ ᠶᠠᠪᠠᠭᠠᠨ ᠫᠤᠤ ᠮᠥᠷᠥᠯᠡᠭᠰᠡᠨ ᠴᠡᠷᠢᠭ ᠦᠵᠡᠭᠳᠡᠬᠦ ᠳ᠋ᠦ᠍ ᠤᠯᠠᠮ ᠡᠮᠢᠶᠡᠵᠦ᠂ ᠲᠡᠷᠡ ᠳᠣᠣᠷ᠎ᠠ ᠪᠠᠨ ᠤᠶᠠᠭ᠎ᠠ ᠲᠠᠢ ᠮᠣᠷᠢ ᠪᠠᠨ ᠲᠠᠢᠯᠵᠤ ᠮᠣᠷᠢᠨ ᠳ᠋ᠠᠭᠠᠨ ᠮᠣᠷᠳᠠᠭᠠᠳ ᠭᠣᠳ ᠳᠤᠲᠠᠭᠠᠯ᠎ᠠ᠃
ᠳᠠᠨᠽᠠᠨᠵᠠᠮᠰᠤ ᠵᠢᠷᠣᠭ᠎ᠠ ᠪᠤᠭᠤᠷᠤᠯ ᠮᠣᠷᠢᠨ ᠤ᠋ ᠪᠠᠨ ᠬᠤᠷᠳᠤᠨ ᠳ᠋ᠤ᠌ ᠳᠤᠲᠠᠭᠠᠵᠤ ᠭᠠᠷᠤᠭᠠᠳ ᠷᠠᠰᠢᠶᠠᠨ ᠲᠣᠬᠣᠢ ᠶ᠋ᠢᠨ ᠴᠠᠭᠠᠨᠰᠦ᠋ᠮ᠎ᠡ ᠳᠡᠭᠡᠷ᠎ᠡ ᠬᠦᠷᠪᠡ᠃ ᠲᠡᠷᠡ ᠪᠤᠰᠤᠳ ᠲᠠᠭᠠᠨ ᠲᠡᠩᠨᠡᠵᠦ ᠶᠠᠪᠤᠭᠰᠠᠨ ᠢ᠋ᠶ᠋ᠠᠨ ᠮᠡᠳᠡᠭᠳᠡᠵᠦ᠂ ᠬᠠᠷᠢᠭᠤ ᠦᠵᠡᠯᠴᠡᠬᠦ ᠪᠡᠷ ᠵᠠᠮ ᠤ᠋ᠨ ᠠᠮᠠᠰᠠᠷ ᠢ᠋ ᠤᠷᠢᠳᠴᠢᠯᠠᠵᠤ ᠬᠠᠰᠢᠵᠤ ᠠᠪ ᠭᠡᠮᠡᠨ ᠵᠠᠷᠯᠢᠭ ᠪᠣᠯᠤᠯ᠎ᠠ᠃
ᠭᠡᠨᠳᠤᠨᠯᠢᠭ᠌ᠰᠤᠭ ᠱᠠᠪᠷᠤᠩ ᠪᠣᠯᠤᠨ ᠬᠦᠴᠦᠨᠲᠡᠭᠦᠰ ᠨᠠᠷ ᠠᠷᠪᠠ ᠭᠠᠷᠤᠢᠬᠠᠨ ᠴᠡᠷᠢᠭ ᠢ᠋ᠶ᠋ᠡᠨ ᠳᠠᠭᠠᠭᠤᠯᠤᠨ ᠲᠠᠨᠽᠠᠨᠵᠠᠮᠰᠤ ᠶ᠋ᠢᠨ ᠬᠣᠢᠨ᠎ᠠ ᠠ᠋ᠴᠠ ᠨᠡᠬᠡᠮᠵᠢᠯᠡᠨ ᠬᠥᠭᠡᠭᠡᠵᠦ ᠪᠠᠢᠲᠠᠯ᠎ᠠ ᠡᠮᠦᠨ᠎ᠡ ᠡᠴᠡ ᠨᠢ ᠬᠣᠶᠠᠷ ᠮᠣᠷᠢᠲᠠᠢ ᠮᠠᠯᠴᠢᠨ ᠳᠠᠪᠬᠢᠨ ᠢᠷᠡᠭᠡᠳ᠄《ᠨᠣᠶᠠᠨ ᠤ᠋ ᠴᠡᠷᠢᠭ ᠦ᠋ᠨ ᠭᠤᠴᠢ ᠭᠠᠷᠤᠢ ᠬᠥᠮᠦᠰ ᠷᠠᠰᠢᠶᠠᠨ ᠲᠣᠬᠣᠢ ᠶ᠋ᠢᠨ ᠴᠠᠭᠠᠨᠰᠥ᠋ᠮ᠎ᠡ ᠳ᠋ᠦ᠍ ᠬᠡᠳᠦᠨ ᠡᠳᠦᠷ ᠪᠣᠯᠵᠠᠢ᠃ ᠲᠡᠳᠡ ᠪᠡᠯᠴᠢᠭᠡᠷ ᠡᠴᠡ ᠦᠬᠡᠷ ᠮᠠᠯ ᠲᠠᠭᠤᠵᠤ ᠪᠠᠰᠠ ᠪᠡᠢᠯᠡ ᠨᠣᠶᠠᠨ ᠤ᠋ ᠲᠠᠪᠤᠨ ᠰᠠᠭᠠᠯᠢ ᠶ᠋ᠢ ᠲᠤᠰᠬᠠᠵᠤ᠂ ᠬᠡᠷᠪᠡ ᠥᠭᠴᠦ ᠳᠡᠢᠯᠬᠦ ᠦᠭᠡᠢ ᠪᠣᠯ ᠡᠳ᠋ ᠬᠥᠷᠥᠩᠭᠡ ᠶ᠋ᠢ ᠴᠢᠨᠢ ᠠᠪᠤᠨ᠎ᠠ ᠭᠡᠵᠦ ᠠᠶᠤᠯᠭᠠᠨ ᠰᠦᠷᠳᠡᠭᠦᠯᠵᠦ ᠪᠣᠢ ᠁》 ᠭᠡᠵᠦ ᠴᠢᠮᠡᠭᠡ ᠮᠡᠳᠡᠭᠦᠯᠦᠯ᠎ᠡ᠃
ᠡᠳᠡᠭᠡᠷ ᠪᠠᠢᠳᠠᠯ ᠢ᠋ ᠰᠣᠨᠣᠰᠤᠭᠠᠳ ᠬᠦᠴᠦᠨᠲᠡᠭᠦᠰ ᠠᠷᠪᠠ ᠭᠠᠷᠤᠢ ᠴᠡᠷᠢᠭ ᠢ᠋ᠶ᠋ᠡᠨ ᠬᠡᠳᠦᠨ ᠪᠦᠯᠦᠭ ᠬᠤᠪᠢᠶᠠᠵᠤ ᠴᠠᠭᠠᠨᠰᠥ᠋ᠮ᠎ᠡ ᠶ᠋ᠢ ᠪᠦᠰᠡᠯᠡᠬᠦ ᠪᠡᠷ ᠲᠣᠬᠢᠷᠠᠭᠤᠯᠵᠤ ᠬᠡᠯᠡᠭᠰᠡᠨ ᠨᠢ᠄《ᠪᠢᠴᠢᠬᠠᠨ ᠴᠠᠭᠠᠨᠰᠥ᠋ᠮ᠎ᠡ ᠪᠣᠯ ᠴᠠᠢᠳᠠᠮ ᠢ᠋ᠶ᠋ᠠᠷ ᠬᠦᠷᠢᠶᠡᠯᠡᠭᠳᠡᠭᠰᠡᠨ ᠥᠨᠳᠥᠷᠯᠢᠭ ᠰᠢᠭ ᠳᠣᠪᠣ ᠳᠡᠭᠡᠷ᠎ᠡ ᠪᠠᠢᠷᠢᠰᠢᠵᠤ ᠪᠠᠢᠭ᠎ᠠ ᠲᠤᠯᠠ ᠪᠦᠰᠡᠯᠡᠨ ᠴᠣᠬᠢᠵᠤ ᠳᠠᠭᠠᠷᠢᠯᠲᠠ ᠬᠢᠬᠦ ᠳ᠋ᠦ᠍ ᠠᠰᠢᠭ ᠦᠭᠡᠢ᠂ ᠬᠠᠷᠢᠨ ᠰᠠᠬᠢᠨ ᠬᠠᠮᠠᠭᠠᠯᠠᠬᠤ ᠳ᠋ᠤ᠌ ᠲᠤᠢᠯ ᠤ᠋ᠨ ᠲᠣᠬᠢᠷᠠᠮᠵᠢᠲᠠᠢ ᠭᠠᠵᠠᠷ᠃ ᠨᠣᠶᠠᠨ ᠤ᠋ ᠴᠡᠷᠢᠭ ᠬᠥᠮᠦᠨ ᠣᠯᠠᠨ ᠮᠥᠷᠲᠡᠭᠡᠨ ᠬᠠᠷᠪᠤᠵᠤ ᠨᠠᠮᠨᠠᠬᠤ ᠳ᠋ᠠᠭᠠᠨ ᠴᠠᠭᠠᠷᠠᠵᠤ ᠪᠣᠯᠪᠠᠰᠤᠷᠠᠭᠰᠠᠨ ᠡᠷᠡᠰ ᠦ᠋ᠳ ᠶᠦᠮ ᠰᠢᠦ᠂ ᠲᠡᠳᠡᠨᠦᠰ ᠢ᠋ ᠵᠢᠩ ᠶᠤᠸᠠᠢ ᠰᠢᠦ ᠶ᠋ᠢᠨ ᠬᠢᠲᠠᠳ ᠴᠡᠷᠢᠭ ᠲᠡᠢ ᠠᠳᠠᠯᠢᠳᠬᠠᠵᠤ ᠣᠭᠲᠣ ᠪᠣᠯᠬᠤ ᠦᠭᠡᠢ᠃ ᠪᠢᠳᠡ ᠪᠠᠢᠯᠳᠤᠬᠤ ᠠᠷᠭ᠎ᠠ ᠶ᠋ᠢᠨ ᠲᠠᠯ᠎ᠠ ᠪᠠᠷ ᠤᠬᠠᠭᠠᠨ ᠵᠠᠷᠤᠵᠤ ᠲᠡᠳᠡᠨ ᠢ᠋ ᠰᠦᠮ᠎ᠡ ᠡᠴᠡ ᠭᠠᠳᠠᠭᠰᠢ ᠴᠠᠢᠳᠠᠮ ᠤ᠋ᠨ ᠳᠤᠮᠳᠠ ᠥᠳᠥᠭᠡᠨ ᠢᠷᠡᠭᠦᠯᠦᠭᠰᠡᠨ ᠦ᠌ ᠰᠡᠭᠦᠯᠡᠷ ᠰᠠᠶᠢ ᠮᠡᠳᠡᠶ᠎ᠡ!》 ᠭᠡᠳ ᠪᠣᠳᠠᠲᠠᠢ ᠡᠭᠦᠷᠭᠡ ᠪᠡᠨ ᠬᠤᠪᠢᠶᠠᠯᠴᠠᠯ᠎ᠠ᠃
ᠰᠢᠨᠠᠯᠠᠮ᠎ᠠ ᠶ᠋ᠢᠨ ᠳᠥᠷᠪᠡᠨ ᠮᠣᠷᠢᠲᠠᠢ ᠴᠡᠷᠢᠭ ᠳᠠᠨᠽᠡᠨᠵᠠᠮᠰᠤ ᠶ᠋ᠢᠨ ᠬᠣᠢᠨ᠎ᠠ ᠠ᠋ᠴᠠ ᠮᠥᠷ ᠢ᠋ ᠨᠢ ᠮᠥᠰᠬᠢᠨ ᠨᠡᠬᠡᠮᠵᠢᠯᠡᠬᠦ ᠶ᠋ᠢᠨ ᠶᠠᠪᠤᠴᠠ ᠳ᠋ᠤ᠌ ᠵᠠᠷᠢᠮ ᠳ᠋ᠠᠭᠠᠨ ᠮᠣᠷᠢᠨ ᠠ᠋ᠴᠠ ᠪᠠᠨ ᠪᠠᠭᠤᠨ ᠮᠥᠷ ᠮᠥᠰᠬᠢᠵᠦ᠂ ᠵᠠᠷᠢᠮ ᠳ᠋ᠠᠭᠠᠨ ᠰᠢᠭᠡᠵᠦ ᠭᠠᠳᠠᠭᠠᠯᠠᠵᠤ ᠪᠠᠢᠭ᠎ᠠ ᠰᠢᠭ᠋᠂ ᠵᠠᠷᠢᠮ ᠳ᠋ᠠᠭᠠᠨ ᠮᠣᠷᠢ ᠪᠠᠨ ᠬᠥᠲᠥᠯᠵᠦ᠂ ᠬᠡᠰᠡᠭ ᠦᠶ᠎ᠡ ᠤᠨᠤᠵᠤ ᠶᠠᠪᠤᠵᠠᠭᠠᠨ᠎ᠠ᠃ ᠬᠡᠷᠪᠡ ᠳᠠᠢᠰᠤᠨ ᠳ᠋ᠤ᠌ ᠰᠡᠷᠡᠭᠳᠡᠭᠡᠳ ᠡᠮᠦᠨ᠎ᠡ ᠡᠴᠡ ᠬᠠᠷᠪᠤᠪᠠᠯ ᠬᠠᠷᠢᠭᠤ ᠳ᠋ᠤᠨᠢ ᠬᠡᠳᠦ ᠬᠠᠷᠪᠤᠭᠠᠳ ᠠᠶᠤᠵᠤ ᠰᠣᠴᠢᠭᠰᠠᠨ ᠢ᠋ᠶ᠋ᠠᠷ ᠣᠪᠯᠠᠵᠤ᠂ ᠡᠷᠭᠢᠵᠦ ᠬᠣᠢᠰᠢ ᠤᠬᠤᠷᠢᠨ ᠴᠠᠢᠳᠠᠮ ᠤ᠋ᠨ ᠬᠥᠪᠡᠭᠡ ᠳᠠᠭᠠᠨ ᠳᠤᠲᠠᠭᠠᠨ᠎ᠠ᠃ ᠬᠡᠷᠪᠡ ᠠᠵᠢᠭ ᠴᠤ᠌ ᠦᠭᠡᠢ ᠪᠣᠯᠬᠤᠯ᠎ᠠ ᠦᠷᠭᠦᠯᠵᠢᠯᠡᠨ ᠤᠷᠤᠭᠰᠢᠯᠠᠵᠤ᠂ ᠶᠠᠪᠤᠨ ᠶᠠᠪᠤᠭᠰᠠᠭᠠᠷ ᠨᠣᠶᠠᠨ ᠤ᠋ ᠴᠡᠷᠢᠭ ᠦ᠋ᠨ ᠪᠡᠬᠢᠯᠡᠯᠲᠡ ᠪᠣᠯᠬᠤ ᠪᠢᠴᠢᠬᠠᠨ ᠴᠠᠭᠠᠨᠰᠥ᠋ᠮ᠎ᠡ ᠡᠴᠡ ᠬᠡᠳᠦᠬᠡᠨ ᠵᠠᠭᠤᠨ ᠮᠧᠲ᠋ᠷ ᠦ᠋ᠨ ᠵᠠᠢ ᠳ᠋ᠤ᠌ ᠬᠦᠷᠴᠦ ᠣᠴᠢᠯ᠎ᠠ᠃ ᠨᠣᠶᠠᠨ ᠤ᠋ ᠴᠡᠷᠢᠭ ᠦ᠋ᠳ ᠤᠷᠢᠳᠴᠢᠯᠠᠨ ᠰᠡᠷᠡᠮᠵᠢᠯᠡᠵᠦ ᠪᠠᠢᠭᠰᠠᠨ ᠲᠤᠯᠠ ᠨᠢᠭᠡ ᠨᠢ ᠳᠣᠪᠣᠴᠠᠭ ᠤ᠋ᠨ ᠴᠠᠭᠠᠨ᠎ᠠ ᠠ᠋ᠴᠠ᠄《ᠰᠢᠷᠠᠬᠦᠦ! ᠡᠴᠢᠭᠡ ᠳ᠋ᠡᠭᠡᠨ ᠲᠣᠯᠣᠭᠠᠢ ᠪᠠᠨ ᠥᠭᠬᠦ ᠪᠡᠷ ᠡᠨᠳᠡ ᠢᠷᠡᠪᠡᠦ⁈》 ᠭᠡᠮᠡᠨ ᠬᠠᠰᠬᠢᠷᠬᠤ ᠳ᠋ᠤ᠌᠂ ᠰᠢᠨᠠᠯᠠᠮ᠎ᠠ ᠶ᠋ᠢᠨ ᠳᠥᠷᠪᠡᠨ ᠴᠡᠷᠢᠭ ᠶᠡᠬᠡ ᠯᠡ ᠰᠣᠴᠢᠭᠰᠠᠨ ᠪᠠᠢᠳᠠᠯ ᠭᠠᠷᠭᠠᠨ ᠪᠠᠰᠠ ᠴᠤ᠌ ᠵᠡᠷᠯᠢᠭ ᠰᠤᠮᠤᠨ ᠳ᠋ᠤ᠌ ᠣᠨᠣᠭᠳᠠᠴᠢᠬᠠᠬᠤ ᠠ᠋ᠴᠠ ᠪᠣᠯᠭᠣᠮᠵᠢᠯᠠᠨ《ᠪᠠᠢᠭᠰᠠᠨ! ᠠᠷᠪᠢᠨ ᠴᠡᠷᠢᠭ ᠦ᠋ᠳ ᠢᠷᠡᠯ᠎ᠡ᠂ ᠬᠤᠷᠳᠤᠨ᠂ ᠬᠤᠷᠳᠤᠨ! ᠳᠤᠲᠠᠭᠠᠶ᠎ᠠ!》 ᠭᠡᠵᠦ ᠵᠣᠷᠢᠭᠤᠳᠠ ᠥᠨᠳᠥᠷ ᠳᠠᠭᠤᠨ ᠢ᠋ᠶ᠋ᠠᠷ ᠪᠠᠷᠬᠢᠷᠠᠯᠳᠤᠵᠤ ᠬᠣᠢᠰᠢ ᠪᠠᠨ ᠡᠷᠭᠢᠨ ᠬᠠᠷᠠᠵᠤ ᠮᠣᠷᠢᠨ ᠵᠢᠯᠣᠭᠣ ᠪᠠᠨ ᠲᠠᠲᠠᠵᠤ ᠭᠣᠣᠯ ᠤ᠋ᠨ ᠬᠥᠪᠡᠭᠡ ᠳᠠᠭᠠᠤ ᠳᠤᠲᠠᠭᠠᠪᠠ᠃ ᠨᠣᠶᠠᠨ ᠤ᠋ ᠴᠡᠷᠢᠭ ᠲᠡᠳᠡᠨ ᠢ᠋ ᠶᠡᠷᠦ ᠨᠢ ᠳᠦᠷᠪᠡᠭᠡᠨ ᠬᠥᠮᠦᠨ ᠭᠡᠮᠡᠨ ᠪᠠᠰᠤᠮᠵᠢᠯᠠᠭᠠᠳ ᠴᠠᠭᠠᠨᠰᠥ᠋ᠮ᠎ᠡ ᠶ᠋ᠢᠨ ᠪᠠᠲᠤ ᠪᠡᠬᠢᠯᠡᠯᠲᠡ ᠡᠴᠡ ᠪᠡᠨ ᠬᠡᠳᠦ ᠬᠡᠳᠦ ᠪᠡᠷ ᠴᠤᠪᠤᠷᠠᠨ ᠵᠢᠯᠣᠭᠣ ᠰᠤᠩᠭᠠᠨ ᠬᠣᠢᠨ᠎ᠠ ᠠ᠋ᠴᠠ ᠨᠢ ᠨᠡᠬᠡᠮᠵᠢᠯᠡᠨ ᠭᠠᠯᠯᠠᠨ᠎ᠠ᠃
ᠡᠨᠡ ᠦᠶ᠎ᠡ ᠳ᠋ᠦ᠍ ᠰᠢᠨᠠᠯᠠᠮ᠎ᠠ ᠶ᠋ᠢᠨ ᠪᠤᠰᠤᠳ ᠴᠡᠷᠢᠭ ᠭᠡᠨᠳᠦᠨᠯᠢᠭ᠌ᠰᠣᠭ᠂ ᠭᠦᠴᠦᠨᠲᠡᠭᠦᠰ ᠦ᠋ᠨ ᠵᠢᠯᠣᠭᠣᠳᠤᠯᠭ᠎ᠠ ᠪᠠᠷ ᠰᠦᠮ᠎ᠡ ᠶ᠋ᠢᠨ ᠡᠮᠦᠨ᠎ᠡ ᠲᠠᠯ᠎ᠠ ᠠ᠋ᠴᠠ ᠳᠠᠭᠠᠷᠢᠨ ᠣᠷᠣᠵᠤ ᠴᠠᠭᠠᠨᠰᠥ᠋ᠮ᠎ᠡ ᠶ᠋ᠢ ᠡᠵᠡᠯᠡᠪᠡ᠃ ᠨᠣᠶᠠᠨ ᠤ᠋ ᠴᠡᠷᠢᠭ ᠦ᠋ᠨ ᠬᠣᠣ ᠰᠦᠮᠪᠦᠷ᠂ ᠡᠩᠬᠡᠪᠠᠶᠠᠷ ᠬᠣᠶᠠᠭᠤᠯᠠ ᠤᠤᠯ ᠠ᠋ᠴᠠ ᠪᠠᠨ ᠰᠢᠨᠡᠯᠡᠮ᠎ᠡ ᠶ᠋ᠢᠨ ᠴᠡᠷᠢᠭ ᠲᠦ᠍ ᠣᠷᠣᠵᠤ ᠥᠭᠬᠦ ᠰᠠᠨᠠᠭ᠎ᠠ ᠲᠠᠢ ᠪᠠᠢᠭᠰᠠᠨ ᠤᠴᠢᠷ ᠠ᠋ᠴᠠ ᠵᠣᠷᠢᠭᠤᠳᠠ ᠴᠠᠭᠠᠨᠰᠥ᠋ᠮ᠎ᠡ ᠳ᠋ᠦ᠍ ᠬᠣᠴᠣᠷᠴᠤ ᠭᠡᠨᠳᠦᠨᠯᠢᠭ᠌ᠰᠣᠭ᠂ ᠬᠦᠴᠦᠨᠲᠡᠭᠦᠰ ᠨᠠᠷ ᠢ᠋ ᠤᠭᠲᠤᠵᠤ ᠣᠷᠣᠭᠤᠯᠤᠯ᠎ᠠ᠃
ᠪᠠᠢᠯᠳᠤᠭᠠᠨ ᠲᠤᠢᠯ ᠤ᠋ᠨ ᠬᠤᠷᠴᠠ ᠰᠢᠷᠦᠭᠦᠨ ᠶᠠᠪᠤᠭᠳᠠᠵᠤ ᠲᠡᠢᠨ ᠦ᠌ ᠳᠤᠮᠳᠠ ᠨᠣᠶᠠᠨ ᠤ᠋ ᠴᠡᠷᠢᠭ ᠦ᠋ᠨ ᠵᠢᠷᠣᠭ᠎ᠠ ᠪᠤᠭᠤᠷᠤᠯ ᠮᠣᠷᠢᠲᠤ ᠫᠠᠢᠵᠠᠩ ᠬᠦᠨᠳᠦ ᠰᠢᠷᠬᠠᠲᠤᠵᠤ ᠮᠣᠷᠢᠨ ᠠ᠋ᠴᠠ ᠣᠢᠴᠢᠵᠤ ᠳᠣᠣᠷ᠎ᠠ ᠪᠠᠨ ᠦᠬᠦᠪᠡ᠃ ᠵᠢᠷᠣᠭ᠎ᠠ ᠪᠤᠭᠤᠷᠤᠯ ᠮᠣᠷᠢ ᠨᠢ ᠰᠢᠨᠡᠯᠡᠮ᠎ᠡ ᠶ᠋ᠢᠨ ᠴᠡᠷᠢᠭ ᠲᠦ᠍ ᠪᠠᠷᠢᠭᠳᠠᠯ᠎ᠠ᠃ ᠳᠠᠨᠽᠡᠨᠵᠠᠮᠰᠤ᠂ ᠭᠡᠨᠳᠥᠨᠯᠢᠭᠰᠤᠭ ᠢ᠋ ᠪᠤᠷᠬᠠᠨ ᠤ᠋ ᠣᠷᠣᠨ ᠳ᠋ᠤ᠌ ᠵᠣᠯᠢᠬᠤ ᠭᠡᠳ ᠪᠤᠷᠬᠠᠨ ᠳ᠋ᠤ᠌ ᠪᠤᠷᠤᠭᠤ ᠪᠠᠷ ᠦᠵᠡᠭᠳᠡᠵᠦ ᠬᠠᠷᠢᠨ ᠥᠪᠡᠷ ᠢ᠋ᠶ᠋ᠡᠨ ᠵᠣᠯᠢᠬᠳᠠᠴᠢᠬᠠᠯᠠ!
ᠳᠠᠨᠽᠡᠨᠵᠠᠮᠰᠤ ᠶ᠋ᠢ ᠬᠥᠭᠡᠭᠡᠵᠦ ᠪᠠᠢᠭᠰᠠᠨ ᠰᠢᠷᠠᠬᠦᠦ ᠫᠠᠢᠵᠠᠩ ᠵᠡᠷᠭᠡ ᠳᠥᠷᠪᠡᠨ ᠴᠡᠷᠢᠭ ᠭᠣᠣᠯ ᠤ᠋ᠨ ᠡᠬᠢᠨ ᠦ᠌ ᠤᠰᠤᠨ ᠬᠣᠩᠬᠣᠷ ᠲᠤ᠌ ᠪᠡᠶ᠎ᠡ ᠳᠠᠯᠳᠠᠯᠠᠵᠤ ᠨᠣᠶᠠᠨ ᠤ᠋ ᠴᠡᠷᠢᠭ ᠦ᠋ᠨ ᠬᠣᠢᠰᠢ ᠤᠷᠤᠭᠰᠢᠯᠠᠬᠤ ᠶ᠋ᠢ ᠲᠣᠰᠣᠨ ᠡᠰᠡᠷᠭᠦᠴᠡᠯ᠎ᠡ᠃ ᠬᠣᠯᠠ ᠲᠤᠰᠤᠯᠲᠠ ᠲᠠᠢ ᠯᠢᠶᠠᠨᠵᠦᠦ ᠫᠤᠤ ᠶ᠋ᠢᠨ ᠲᠤᠰᠤᠯᠲᠠ ᠨᠢ ᠨᠣᠶᠠᠨ ᠤ᠋ ᠴᠡᠷᠢᠭ ᠦ᠋ᠨ ᠠᠷᠤ ᠠ᠋ᠴᠠ ᠴᠣᠷᠭᠢᠨ᠎ᠠ᠃ ᠡᠢᠮᠦ ᠳᠠᠭᠠᠷᠢᠯᠲᠠ ᠳᠣᠣᠷ᠎ᠠ ᠨᠣᠶᠠᠨ ᠤ᠋ ᠴᠡᠷᠢᠭ ᠭᠣᠣᠯ ᠤ᠋ᠨ ᠲᠣᠬᠣᠢ ᠶ᠋ᠢᠨ ᠨᠠᠷᠢᠬᠠᠨ ᠬᠠᠪᠴᠢᠯ ᠢ᠋ᠶ᠋ᠠᠷ ᠵᠡᠭᠦᠨ ᠡᠮᠦᠨᠡᠰᠢ ᠪᠡᠨ ᠳᠤᠲᠠᠭᠠᠯ᠎ᠠ᠃
5 . ᠦᠦᠰᠢᠨ ᠨᠣᠶᠠᠨ ᠤ᠋ ᠴᠡᠷᠢᠭ ᠢ᠋ᠶ᠋ᠡᠷ ᠬᠤᠳᠳᠤᠭ ᠰᠢᠷᠭᠢᠭᠦᠯᠦᠭᠰᠡᠨ ᠤᠷᠠᠨ ᠠᠷᠭ᠎ᠠ ①
1927 ᠣᠨ ᠤ᠋ ᠵᠤᠨ ᠤ᠋ ᠤᠯᠠᠷᠢᠯ ᠪᠠᠢᠵᠤ ᠪᠢᠯᠡ᠃ ᠲᠡᠷᠡ ᠦᠶ᠎ᠡ ᠳ᠋ᠦ᠍ ᠰᠢᠨᠡᠯᠡᠮ᠎ᠡ ᠶ᠋ᠢᠨ ᠴᠡᠷᠢᠭ ᠦᠦᠰᠢᠨᠵᠣᠣ ᠶ᠋ᠢᠨ ᠰᠦᠮ᠎ᠡ ᠳ᠋ᠦ᠍ ᠰᠠᠭᠤᠵᠤ ᠪᠠᠢᠭᠰᠠᠨ ᠪᠣᠯᠪᠠᠴᠤ ᠦᠷᠭᠦᠯᠵᠢ ᠭᠠᠳᠠᠭᠰᠢ ᠭᠠᠷᠴᠤ ᠳᠤᠭᠤᠢᠯᠠᠩ ᠤ᠋ᠨ ᠬᠥᠳᠡᠯᠭᠡᠭᠡᠨ ᠦ᠌ ᠲᠤᠬᠠᠢ ᠤᠬᠠᠭᠤᠯᠭ᠎ᠠ ᠬᠢᠵᠦ ᠨᠥᠭᠦᠭᠡ ᠲᠠᠯ᠎ᠠ ᠪᠠᠷ ᠡᠰᠡᠷᠭᠦᠦ ᠡᠲᠡᠭᠡᠳ ᠦ᠋ᠨ ᠶᠠᠷᠢᠶ᠎ᠠ ᠥᠭᠦᠯᠡᠯ ᠬᠥᠳᠡᠯᠦᠯ ᠪᠠᠢᠳᠠᠯ ᠢ᠋ ᠲᠡᠩᠨᠡᠵᠦ ᠣᠢᠯᠠᠭᠠᠬᠤ ᠪᠠᠷ ᠲᠣᠭᠣᠷᠢᠨ ᠡᠷᠭᠢᠴᠡᠵᠦ ᠶᠠᠪᠤᠳᠠᠭ᠃
ᠨᠣᠶᠠᠨ ᠤ᠋ ᠪᠦᠯᠦᠭ ᠦ᠋ᠨ ᠬᠢᠨ ᠰᠢᠨᠡᠯᠡᠮ᠎ᠡ ᠶ᠋ᠢᠨ ᠰᠤᠯᠠ ᠡᠷᠭᠢᠴᠡᠵᠦ ᠪᠠᠢᠬᠤ ᠳ᠋ᠤᠨᠢ ᠠᠮᠵᠢᠵᠤ ᠪᠠᠷᠢᠵᠤ ᠠᠪᠬᠤ ᠪᠠᠷ ᠪᠣᠳᠣᠵᠤ ᠪᠠᠢᠪᠠ᠃ ᠡᠨᠡ ᠬᠦ᠌ ᠬᠤᠤᠪᠢᠯᠳᠤᠯᠭ᠎ᠠ ᠶ᠋ᠢ ᠰᠢᠨᠡᠯᠡᠮ᠎ᠡ ᠶᠡᠷᠦ ᠨᠢ ᠲᠣᠳᠣᠷᠬᠠᠢ ᠣᠢᠯᠠᠭᠠᠵᠤ ᠪᠠᠢᠭᠰᠠᠨ ᠲᠤᠯᠠ ᠤᠶᠠᠨ ᠬᠠᠳᠠᠨ ᠬᠥᠳᠡᠯᠦᠯ᠂ ᠰᠣᠨᠣᠷ ᠰᠡᠷᠡᠮᠵᠢ ᠲᠡᠢ ᠪᠠᠢᠵᠤ᠂ ᠥᠨᠥᠳᠥᠷ ᠡᠨᠳᠡ ᠪᠠᠢᠪᠠᠯ ᠳᠠᠷᠠᠭ᠎ᠠ ᠡᠳᠦᠷ ᠨᠢ ᠲᠡᠨᠳᠡ ᠣᠴᠢᠳᠠᠭ᠂ ᠥᠨᠥᠳᠥᠷ ᠮᠣᠷᠢ ᠤᠨᠤᠭᠰᠠᠨ ᠪᠣᠯ ᠮᠠᠷᠭᠠᠰᠢ ᠨᠢ ᠬᠠᠷᠢᠨ ᠡᠯᠵᠢᠭᠡ ᠤᠨᠤᠳᠠᠭ᠂ ᠥᠨᠥᠳᠥᠷ ᠡᠢᠮᠦ ᠬᠤᠪᠴᠠᠰᠤ ᠡᠮᠦᠰᠪᠡᠯ ᠮᠠᠷᠭᠠᠰᠢ ᠨᠢ ᠥᠭᠡᠷ᠎ᠡ ᠶᠠᠩᠵᠤ ᠪᠠᠷ ᠬᠤᠪᠴᠠᠯᠠᠳᠠᠭ ᠲᠤᠯᠠ ᠡᠰᠡᠷᠭᠦᠦ ᠡᠲᠡᠭᠡᠳ ᠲᠡᠭᠡᠨ ᠣᠢᠯᠠᠭᠠᠭᠳᠠᠬᠤ ᠪᠠᠢᠲᠤᠭᠠᠢ ᠥᠪᠡᠷ ᠦ᠋ᠨ ᠬᠥᠮᠦᠰ ᠨᠢ ᠴᠦ᠍ ᠣᠢᠯᠠᠭᠠᠵᠤ ᠮᠡᠳᠡᠬᠦ ᠦᠭᠡᠢ ᠲᠤᠢᠯ ᠤ᠋ᠨ ᠨᠢᠭᠤᠴᠠ ᠳᠠᠯᠳᠠ ᠪᠠᠢᠳᠠᠭ ᠪᠢᠯᠡ᠃ ᠰᠢᠨᠡᠯᠡᠮ᠎ᠡ ᠬᠠᠯᠠᠭᠤᠨ ᠵᠤᠨ ᠤ᠋ ᠨᠢᠭᠡᠨ ᠪᠦᠭᠴᠢᠮ ᠡᠳᠦᠷ ᠭᠡᠷ ᠡᠴᠡ ᠪᠡᠨ ᠭᠠᠷᠴᠤ ᠪᠠᠷᠠᠭᠤᠨᠰᠢ ᠭᠠᠯᠠᠭᠤᠲᠤ ᠶ᠋ᠢᠨ ᠰᠦᠮ᠎ᠡ ᠵᠦᠭ ᠶᠠᠪᠤᠨ᠎ᠠ᠃ ᠲᠡᠷᠡ ᠸᠠᠩᠴᠤᠭᠷᠠᠪᠳᠠᠨ ᠲᠠᠢᠵᠢ ᠶ᠋ᠢᠨ ᠭᠡᠷ ᠦ᠋ᠨ ᠡᠮᠦᠨᠡᠬᠢ ᠪᠢᠴᠢᠬᠠᠨ ᠡᠯᠡᠰᠦ ᠮᠠᠩᠬ᠎ᠠ ᠪᠠᠷ ᠭᠠᠷᠬᠤ ᠳ᠋ᠤ᠌ ᠲᠡᠳᠡᠨ ᠦ᠌ ᠮᠣᠷᠢᠨ ᠤ᠋ ᠤᠶᠠᠭᠠᠨ ᠳᠡᠭᠡᠷ᠎ᠡ ᠬᠡᠳᠦᠨ ᠡᠮᠡᠭᠡᠯ ᠲᠡᠢ ᠮᠣᠷᠢ ᠤᠶᠠᠭᠠᠲᠠᠢ ᠪᠠᠢᠭ᠎ᠠ ᠶ᠋ᠢ ᠣᠯᠵᠤ ᠦᠵᠡᠯ᠎ᠡ᠃
ᠰᠢᠨᠡᠯᠡᠮ᠎ᠡ ᠳᠣᠲᠣᠷ᠎ᠠ ᠪᠠᠨ᠄《ᠸᠠᠩᠴᠤᠭᠷᠠᠪᠳᠠᠨ ᠤ᠋ ᠮᠣᠷᠢᠳ ᠯᠠᠪ ᠪᠢᠰᠢ᠂ ᠮᠠᠨ ᠤ᠋ ᠣᠷᠴᠢᠮ ᠤ᠋ᠨ ᠠᠢᠯ ᠠᠢᠮᠠᠭ ᠤ᠋ᠨ ᠮᠣᠷᠢᠳ ᠴᠤ᠌ ᠪᠢᠰᠢ᠂ ᠪᠠᠷᠤᠭ ᠨᠣᠶᠠᠨ ᠱᠠᠩ ᠠ᠋ᠴᠠ ᠨᠠᠮᠠᠶ᠋ᠢ ᠲᠠᠩᠨᠠᠬᠤ ᠪᠠᠷ ᠸᠠᠩᠴᠤᠭᠷᠠᠪᠳᠠᠨ ᠤ᠋ ᠳ᠋ᠤ᠌ ᠢᠷᠡᠭᠰᠡᠨ ᠬᠥᠮᠦᠰ ᠪᠠᠢᠵᠤ ᠮᠡᠳᠡᠨ᠎ᠡ!》 ᠭᠡᠵᠦ ᠲᠠᠭᠠᠮᠠᠭᠯᠠᠭᠠᠳ ᠬᠤᠷᠳᠤᠯᠠᠨ ᠰᠢᠭ᠋ ᠠᠯᠬᠤᠯᠠᠪᠠ᠃
ᠸᠠᠩᠴᠤᠭᠷᠠᠪᠳᠠᠨ᠂ ᠰᠢᠨᠡᠯᠡᠮ᠎ᠡ ᠬᠣᠶᠠᠭᠤᠯᠠ ᠠᠢᠮᠠᠭ ᠵᠡᠷᠭᠡᠯᠡᠳᠡᠭᠡ ᠡᠷᠦᠬᠡ ᠲᠤᠯᠠ ᠲᠡᠷᠡ ᠭᠡᠷ ᠦ᠋ᠨ ᠢ᠋ᠶ᠋ᠡᠨ ᠬᠦᠷᠢᠶᠡᠨ ᠳᠣᠲᠣᠷ᠎ᠠ ᠶᠠᠪᠤᠵᠤ ᠪᠠᠢᠭᠠᠳ ᠡᠮᠦᠨᠡᠭᠦᠷ ᠪᠠᠷᠠᠭᠤᠨᠰᠢ ᠥᠩᠭᠡᠷᠡᠬᠦ ᠬᠥᠮᠦᠨ ᠦ᠌ ᠪᠠᠷ᠎ᠠ ᠶ᠋ᠢ ᠦᠵᠡᠭᠡᠳ᠄《ᠪᠠᠷᠠᠭᠤᠨᠰᠢ ᠬᠦᠷᠡᠩ ᠴᠠᠮᠴᠠ ᠲᠠᠢ ᠬᠥᠮᠦᠨ ᠶᠠᠪᠤᠵᠤ ᠪᠠᠢᠨ᠎ᠠ᠂ ᠪᠠᠷᠤᠭ ᠰᠢᠨᠠᠯᠠᠮ᠎ᠠ ᠪᠠᠢᠵᠤ ᠮᠡᠳᠡᠨ᠎ᠡ! ᠠᠯᠬᠤᠵᠤ ᠭᠢᠰᠬᠢᠬᠦ ᠪᠠᠢᠳᠠᠯ ᠨᠢ ᠶᠡᠷᠦ ᠲᠡᠭᠦᠨ ᠲᠡᠢ ᠠᠳᠠᠯᠢ ᠰᠢᠭ᠋᠃ ᠲᠡᠷᠡ ᠪᠠᠷᠤᠭ ᠭᠡᠷ ᠲᠡᠭᠡᠨ ᠢᠷᠡᠴᠢᠬᠡᠭᠡᠳ ᠣᠳᠣ ᠭᠠᠯᠠᠭᠤᠲᠤ ᠶ᠋ᠢᠨ ᠰᠦᠮ᠎ᠡ ᠵᠦᠭ ᠢ᠋ᠶ᠋ᠡᠨ ᠶᠠᠪᠤᠵᠤ ᠪᠠᠢᠭ᠎ᠠ ᠮᠠᠭᠠᠳ ᠦᠭᠡᠢ⁈》 ᠭᠡᠵᠦ ᠭᠡᠷ ᠲᠦ᠍ ᠬᠣᠭᠣᠯᠠ ᠢᠳᠡᠵᠦ ᠪᠠᠢᠭ᠎ᠠ ᠨᠣᠶᠠᠨ ᠤ᠋ ᠳᠥᠷᠪᠡᠨ ᠴᠡᠷᠢᠭ ᠲᠦ᠍ ᠳᠠᠮᠵᠢᠭᠤᠯᠵᠠᠢ᠃
ᠲᠡᠳᠡ ᠡᠭᠦᠨ ᠢ᠋ ᠰᠣᠨᠣᠰᠤᠮᠠᠭᠴᠠ ᠴᠡᠷᠢᠭ ᠦ᠋ᠨ ᠬᠥᠮᠦᠨ ᠦ᠌ ᠶᠣᠰᠣ ᠪᠠᠷ ᠴᠠᠭ ᠢ᠋ ᠵᠠᠪᠳᠤᠵᠤ ᠮᠣᠷᠢᠨ ᠳ᠋ᠠᠭᠠᠨ ᠮᠣᠷᠳᠠᠭᠰᠠᠨ ᠪᠣᠯ ᠰᠢᠨᠡᠯᠡᠮ᠎ᠡ ᠶ᠋ᠢ ᠲᠡᠷᠡ ᠳᠠᠷᠤᠢ ᠳ᠋ᠤᠨᠢ ᠪᠠᠷᠢᠴᠢᠬᠠᠬᠤ ᠪᠣᠯᠤᠯᠴᠠᠭ᠎ᠠ ᠪᠦᠷᠢᠨ ᠪᠠᠢᠭᠰᠠᠨ ᠶᠤᠮ᠃ ᠭᠡᠪᠡᠴᠦ ᠲᠡᠳᠡ ᠢᠩᠭᠢᠵᠦ ᠴᠢᠩᠭᠢᠵᠦ ᠪᠠᠢᠭᠰᠠᠭᠠᠷ ᠨᠡᠯᠢᠶᠡᠳ ᠤᠳᠠᠭᠠᠰᠢᠷᠠᠭᠤᠯᠤᠭᠰᠠᠨ ᠠ᠋ᠴᠠ ᠰᠢᠨᠠᠯᠠᠮ᠎ᠠ ᠳ᠋ᠤ᠌ ᠠᠰᠢᠭᠲᠠᠢ ᠴᠠᠭ ᠣᠯᠭᠤᠵᠠᠢ᠃
ᠰᠢᠨᠡᠯᠡᠮ᠎ᠡ᠂ ᠸᠠᠩᠴᠤᠭᠷᠠᠪᠳᠠᠨ ᠤ᠋ ᠭᠠᠳᠠᠨ᠎ᠠ ᠬᠡᠳᠦᠨ ᠡᠮᠡᠭᠡᠯ ᠲᠡᠢ ᠮᠣᠷᠢᠳ ᠤᠶᠠᠵᠤ ᠪᠠᠢᠭ᠎ᠠ ᠨᠢ ᠯᠠᠪ ᠡᠰᠡᠷᠭᠦᠦ ᠲᠠᠯ᠎ᠠ ᠶ᠋ᠢᠨ ᠬᠥᠮᠦᠨ ᠪᠠᠢᠬᠤ ᠶ᠋ᠢ ᠰᠡᠵᠢᠭᠯᠡᠵᠦ ᠲᠦᠷᠭᠡᠯᠡᠨ ᠠᠯᠬᠤᠭᠰᠠᠭᠠᠷ ᠴᠠᠭᠠᠨᠨ᠌ᠥ᠋ᠵᠦᠮ ᠦ᠋ᠨ ᠭᠡᠷ ᠦ᠋ᠨ ᠵᠡᠭᠦᠨ ᠬᠣᠢᠲᠤᠬᠢ ᠮᠠᠩᠬᠠᠨ ᠣᠷᠣᠢ ᠪᠠᠷ ᠥᠩᠭᠡᠷᠡᠬᠦ ᠲᠡᠢ ᠵᠡᠷᠭᠡ ᠬᠣᠢᠨ᠎ᠠ ᠠ᠋ᠴᠠ ᠨᠢ ᠬᠡᠳᠦᠨ ᠮᠣᠷᠢ ᠲᠠᠢ ᠬᠥᠮᠦᠨ ᠨᠡᠬᠡᠮᠵᠢᠯᠡᠨ ᠢᠷᠡᠯ᠎ᠡ᠃ ᠰᠢᠨᠠᠯᠠᠮ᠎ᠠ ᠪᠠᠰᠠ ᠨᠢᠭᠡᠨ ᠮᠠᠩᠬ᠎ᠠ ᠶ᠋ᠢ ᠳᠠᠪᠠᠲᠠᠯ᠎ᠠ ᠨᠣᠶᠠᠨ ᠤ᠋ ᠨᠢᠭᠡ ᠴᠡᠷᠢᠭ ᠨᠢ ᠮᠠᠩᠬᠠᠨ ᠳᠡᠭᠡᠭᠦᠷ ᠬᠡᠳᠦ ᠫᠤᠤᠳᠠᠪᠠ᠃ ᠰᠢᠨᠠᠯᠠᠮ᠎ᠠ ᠲᠦᠭᠰᠢᠭᠦᠷᠢᠲᠡᠢ ᠪᠣᠯᠤᠭᠰᠠᠨ ᠢ᠋ᠶ᠋ᠠᠨ ᠮᠡᠳᠡᠵᠦ ᠨᠣᠶᠠᠨ ᠤ᠋ ᠴᠡᠷᠢᠭ ᠦ᠋ᠨ ᠨᠡᠬᠡᠮᠵᠢᠯᠡᠯ ᠡᠴᠡ ᠪᠤᠯᠲᠠᠵᠤ ᠭᠠᠷᠬᠤ ᠤᠬᠠᠭᠠᠨ ᠢ᠋ᠶ᠋ᠠᠨ ᠪᠣᠳᠣᠪᠠ᠃
ᠰᠢᠨᠡᠯᠡᠮ᠎ᠡ ᠴᠠᠭᠠᠨᠨ᠌ᠥ᠋ᠵᠦᠮ ᠦᠨ ᠮᠠᠯ ᠤ᠋ᠨ ᠬᠤᠳᠳᠤᠭ ᠳᠡᠭᠡᠷ᠎ᠡ ᠦᠬᠡᠷ ᠤᠰᠤ ᠤᠤᠭᠤᠬᠤ ᠪᠠᠷ ᠬᠣᠮᠣᠷᠴᠦ ᠪᠠᠢᠭ᠎ᠠ ᠶ᠋ᠢ ᠦᠵᠡᠭᠡᠳ ᠳᠠᠷᠤᠢᠬᠠᠨ ᠬᠤᠳᠳᠤᠭ ᠳᠡᠭᠡᠷ᠎ᠡ ᠭᠠᠷᠴᠤ ᠣᠩᠭᠣᠴᠠᠨ ᠳ᠋ᠤᠨᠢ ᠬᠡᠳᠦᠨ ᠰᠠᠭᠤᠯᠠᠭ᠎ᠠ ᠤᠰᠤ ᠬᠢᠴᠢᠬᠡᠭᠡᠳ ᠬᠣᠶᠠᠷ ᠮᠠᠬᠠᠢ ᠪᠠᠨ ᠲᠠᠢᠯᠵᠤ ᠬᠤᠳᠳᠤᠭ ᠤ᠋ᠨ ᠠᠮᠠᠰᠠᠷ ᠳᠡᠭᠡᠷ᠎ᠡ ᠵᠡᠷᠭᠡᠴᠡᠭᠦᠯᠦᠨ ᠲᠠᠯᠪᠢᠪᠠ᠃ ᠲᠡᠭᠡᠭᠡᠳ ᠨᠢᠭᠡ ᠨᠣᠮᠣᠬᠠᠨ ᠠᠮᠪᠠᠨ ᠱᠠᠷ ᠤ᠋ᠨ ᠨᠢᠷᠤᠭᠤᠨ ᠳᠡᠭᠡᠷ᠎ᠡ ᠦᠰᠦᠷᠦᠨ ᠭᠠᠷᠴᠤ ᠤᠨᠤᠭᠠᠳ ᠴᠢᠨᠠᠭᠰᠢ ᠦᠯᠳᠡᠵᠦ ᠵᠣᠳᠣᠭᠠᠳ ᠬᠤᠳᠳᠤᠭ ᠤ᠋ᠨ ᠡᠮᠦᠨ᠎ᠡ ᠪᠢᠴᠢᠬᠠᠨ ᠮᠠᠩᠬᠠᠨ ᠰᠤᠵᠠᠭ᠎ᠠ ᠪᠠᠷ ᠥᠩᠭᠡᠷᠡᠵᠦ ᠠᠷᠠᠢ ᠯᠠ ᠭᠡᠵᠦ ᠲᠡᠳᠡᠨ ᠳ᠋ᠦ᠍ ᠦᠵᠡᠭᠳᠡᠭᠰᠡᠨ ᠦᠭᠡᠢ ᠪᠡᠷ ᠤᠯᠠᠭᠠᠨ ᠪᠤᠷᠭᠠᠰᠤᠨ ᠳᠥᠭᠥᠮ ᠳ᠋ᠦ᠍ ᠣᠷᠣᠬᠤᠯᠠᠷ 《ᠮᠣᠷᠢᠲᠤ ᠶ᠋ᠢᠨ ᠭᠡᠰᠢᠭ ᠶᠠᠪᠠᠭᠠᠨ ᠳ᠋ᠤ᠌》 ᠭᠡᠭᠴᠢ ᠨᠢᠭᠡᠨ ᠴᠢᠳᠥᠷ ᠲᠡᠢ ᠮᠣᠷᠢ ᠡᠪᠡᠰᠦᠯᠡᠵᠦ ᠪᠠᠢᠭ᠎ᠠ ᠶ᠋ᠢ ᠣᠯᠵᠤ ᠦᠵᠡᠪᠡ᠃ ᠲᠡᠷᠡ ᠦᠬᠡᠷ ᠦ᠋ᠨ ᠨᠢᠷᠤᠭᠤᠨ ᠠ᠋ᠴᠠ ᠦᠰᠦᠷᠦᠨ ᠪᠠᠭᠤᠭᠠᠳ ᠴᠢᠳᠥᠷ ᠲᠡᠢ ᠮᠣᠷᠢ ᠶ᠋ᠢ ᠪᠠᠷᠢᠵᠤ ᠤᠷᠲᠤ ᠪᠦᠰᠡ ᠪᠣᠯᠤᠨ ᠴᠢᠳᠥᠷ ᠢ᠋ᠶ᠋ᠡᠷ ᠨᠣᠭᠲᠣ ᠬᠢᠵᠦ ᠣᠭᠣᠰᠣᠷᠯᠠᠵᠤ ᠠᠪᠤᠭᠠᠳ ᠣᠨᠣᠮᠠᠭᠴᠠ ᠮᠠᠩᠬᠠᠨ ᠰᠤᠭᠤᠯ᠂ ᠪᠤᠷᠭᠠᠰᠤᠨ ᠳᠥᠭᠥᠮ ᠦ᠋ᠨ ᠵᠠᠪᠰᠠᠷ ᠵᠠᠢ ᠪᠠᠷ ᠨᠢᠭᠤᠵᠤ ᠪᠤᠯᠲᠠᠵᠤ ᠪᠠᠢᠭᠠᠳ ᠠᠶᠤᠯ ᠠ᠋ᠴᠠ ᠬᠡᠯᠲᠦᠷᠢᠵᠡᠢ᠃
ᠨᠣᠶᠠᠨ ᠤ᠋ ᠳᠥᠷᠪᠡᠨ ᠴᠡᠷᠢᠭ ᠮᠠᠩᠬᠠᠨ ᠣᠷᠣᠢ ᠳ᠋ᠤ᠌ ᠳᠠᠪᠬᠢᠵᠤ ᠭᠠᠷᠤᠭᠠᠳ ᠬᠠᠷᠠᠬᠤᠯᠠᠷ ᠰᠠᠶᠢᠬᠢ ᠳᠤᠲᠠᠭᠠᠵᠤ ᠪᠠᠢᠭᠰᠠᠨ ᠬᠥᠮᠦᠨ ᠦᠵᠡᠭᠳᠡᠬᠦ ᠦᠭᠡᠢ ᠠᠯᠠᠭ᠎ᠠ ᠪᠣᠯᠵᠠᠢ᠃ ᠠᠷᠠᠢ ᠭᠡᠵᠦ ᠨᠢᠳᠦ ᠢᠷᠮᠡᠬᠦ ᠶ᠋ᠢᠨ ᠵᠠᠭᠤᠷ᠎ᠠ ᠠᠯᠠᠭ᠎ᠠ ᠪᠣᠯᠬᠤ ᠶ᠋ᠢ ᠲᠡᠳᠡ ᠣᠢᠯᠠᠭᠠᠭᠰᠠᠨ ᠦᠭᠡᠢ! ᠬᠤᠷᠳᠤᠨ ᠭᠡᠭᠴᠢ ᠴᠠᠭᠠᠨᠨ᠌ᠥ᠋ᠵᠦᠮ ᠦ᠋ᠨ ᠭᠡᠷ ᠵᠦᠭ ᠳᠠᠪᠬᠢᠵᠤ ᠣᠴᠢᠭᠠᠳ ᠮᠣᠷᠢᠳ ᠠ᠋ᠴᠠ ᠪᠠᠨ ᠪᠠᠭᠤᠯ ᠦᠭᠡᠢ ᠪᠡᠷ᠄《ᠰᠢᠨᠠᠯᠠᠮ᠎ᠠ ᠬᠠᠮᠢᠭ᠎ᠠ ᠪᠠᠢᠨ᠎ᠠ?》 ᠭᠡᠵᠦ ᠠᠰᠠᠭᠤᠬᠤ ᠳ᠋ᠤ᠌᠂ ᠴᠠᠭᠠᠨᠨ᠌ᠥ᠋ᠵᠦᠮ᠄《ᠰᠢᠨᠠᠯᠠᠮ᠎ᠠ ᠦᠦᠰᠢᠨᠵᠦᠦ ᠶ᠋ᠢᠨ ᠰᠦᠮ᠎ᠡ ᠳ᠋ᠦ᠍ ᠪᠠᠢᠬᠤ ᠰᠤᠷᠠᠭ ᠪᠠᠢᠭᠰᠠᠨ ᠁》 ᠭᠡᠪᠡ᠃ ᠲᠡᠳᠡ ᠰᠠᠨᠳᠤᠷᠬᠤ ᠳ᠋ᠠᠭᠠᠨ᠄《ᠬᠦᠢ! ᠦᠬᠦᠭᠰᠡᠨ ᠮᠠᠭᠤ ᠴᠢᠪᠠᠭᠠᠨᠴᠠ ᠰᠠᠶᠢᠬᠠᠨ ᠫᠤᠤ ᠳᠤᠤᠭᠠᠷᠤᠭᠰᠠᠨ ᠤ᠋ ᠳᠠᠷᠠᠭ᠎ᠠ ᠲᠠᠨ ᠤ᠋ ᠳ᠋ᠤ᠌ ᠬᠥᠮᠦᠨ ᠢᠷᠡᠭᠰᠡᠨ ᠦᠭᠡᠢ ᠤᠤ?》 ᠭᠡᠵᠦ ᠠᠭᠠᠰᠢᠯᠠᠪᠠ᠃ ᠨᠣᠶᠠᠨ ᠤ᠋ ᠴᠡᠷᠢᠭ ᠮᠣᠷᠢᠨ ᠠ᠋ᠴᠠ ᠪᠠᠨ ᠦᠰᠦᠷᠦᠨ ᠪᠠᠭᠤᠵᠤ ᠡᠨᠡ ᠠᠢᠯ ᠤ᠋ᠨ ᠭᠡᠷ ᠪᠠᠢᠰᠢᠩ ᠠ᠋ᠴᠠ ᠠᠪᠤᠭᠠᠳ ᠭᠠᠬᠠᠢ ᠶ᠋ᠢᠨ ᠡᠭᠦᠷ᠂ ᠣᠪᠣᠭᠠᠯᠠᠭᠰᠠᠨ ᠪᠤᠷᠭᠠᠰᠤ᠂ ᠰᠢᠪᠠᠭ ᠤ᠋ᠨ ᠲᠦᠯᠡᠭᠡ ᠬᠦᠷᠲᠡᠯ᠎ᠡ ᠨᠡᠩᠵᠢᠭᠡᠳ ᠶᠠᠭᠤ ᠴᠤ᠌ ᠣᠯᠤᠭᠰᠠᠨ ᠦᠭᠡᠢ᠃ ᠳᠠᠬᠢᠨ ᠭᠠᠳᠠᠭᠤᠷ ᠨᠢ ᠬᠡᠳᠦ ᠤᠳᠠᠭ᠎ᠠ ᠶᠠᠪᠠᠭᠠᠨ ᠬᠥᠮᠦᠨ ᠦ᠌ ᠮᠥᠷ ᠤᠯᠠ ᠶ᠋ᠢ ᠮᠥᠰᠬᠢᠵᠦ ᠪᠠᠢᠴᠠᠭᠠᠭᠰᠠᠨ ᠪᠣᠯᠪᠠᠴᠤ ᠡᠨᠳᠡ ᠰᠠᠶᠢᠬᠠᠨ ᠬᠥᠮᠦᠨ ᠢᠷᠡᠭᠰᠡᠨ ᠤᠯᠠ ᠮᠥᠷ ᠦᠭᠡᠢ ᠲᠤᠯᠠ ᠳᠠᠬᠢᠨ ᠵᠡᠭᠦᠨ ᠬᠣᠢᠲᠤ ᠶᠡᠬᠡ ᠮᠠᠩᠬᠠᠨ ᠤ᠋ ᠣᠷᠣᠢ ᠳ᠋ᠠᠬᠢ ᠰᠢᠨᠡᠯᠡᠮ᠎ᠡ ᠶ᠋ᠢᠨ ᠮᠥᠷ ᠢ᠋ ᠳᠠᠭᠠᠨ ᠦᠬᠡᠷ ᠦ᠋ᠨ ᠬᠤᠳᠳᠤᠭ ᠳᠡᠭᠡᠷ᠎ᠡ ᠨᠢᠭᠡ ᠬᠣᠣᠰ ᠤᠯᠠᠭᠠᠨ ᠮᠠᠬᠠᠢ ᠵᠡᠷᠭᠡᠴᠡᠭᠦᠯᠵᠦ ᠲᠠᠯᠪᠢᠵᠤ ᠪᠠᠢᠭ᠎ᠠ ᠶ᠋ᠢ ᠣᠯᠵᠤ ᠦᠵᠡᠪᠡ᠃ ᠲᠡᠳᠡ ᠡᠨᠡ ᠵᠣᠯᠢᠭ ᠠᠷᠭ᠎ᠠ ᠠᠯᠳᠠᠬᠤ ᠳ᠋ᠠᠭᠠᠨ ᠬᠤᠳᠳᠤᠭ ᠲᠤ᠌ ᠦᠰᠦᠷᠴᠦ ᠦᠬᠦᠵᠡᠢ ᠭᠡᠵᠦ ᠪᠣᠳᠣᠭᠠᠳ ᠡᠭᠡᠯᠵᠢ ᠪᠡᠷ ᠬᠡᠳᠦᠨ ᠴᠠᠭ ᠵᠠᠷᠤᠴᠠᠭᠤᠯᠵᠤ ᠬᠤᠳᠳᠤᠭ ᠤ᠋ᠨ ᠤᠰᠤ ᠶ᠋ᠢ ᠭᠠᠳᠠᠭᠰᠢ ᠠᠭᠤᠳᠠᠯᠠᠵᠡᠢ᠃ ᠡᠴᠦᠰ ᠲᠡᠭᠡᠨ ᠬᠤᠳᠳᠤᠭ ᠤ᠋ᠨ ᠤᠰᠤ ᠰᠢᠷᠭᠢᠭᠰᠡᠨ ᠪᠣᠯᠪᠠᠴᠤ ᠰᠢᠨᠡᠯᠡᠮ᠎ᠡ ᠬᠠᠷᠠᠭᠳᠠᠭᠰᠠᠨ ᠦᠭᠡᠢ ᠵᠥᠪᠬᠡᠨ ᠲᠡᠭᠦᠨ ᠦ᠌ ᠨᠢᠭᠡ ᠬᠣᠣᠰ ᠬᠠᠭᠤᠴᠢᠷᠠᠭᠰᠠᠨ ᠤᠯᠠᠭᠠᠨ ᠮᠠᠬᠠᠢ ᠶ᠋ᠢ ᠯᠡ ᠣᠯᠵᠤ ᠦᠵᠡᠵᠡᠢ᠃
ᠰᠢᠨᠠᠯᠠᠮ᠎ᠠ ᠲᠤᠰ ᠰᠥᠨᠢ ᠳ᠋ᠡᠭᠡᠨ ᠦᠤᠰᠢᠨᠵᠤᠤ ᠶ᠋ᠢᠨ ᠰᠦᠮ᠎ᠡ ᠳ᠋ᠦ᠍ ᠬᠦᠷᠴᠦ ᠴᠢᠳᠠᠵᠠᠢ᠃ ᠬᠣᠶᠠᠷ ᠡᠳᠦᠷ ᠦ᠋ᠨ ᠳᠠᠷᠠᠭ᠎ᠠ ᠦᠤᠰᠢᠨᠵᠤᠤ ᠶ᠋ᠢᠨ ᠰᠦᠮ᠎ᠡ ᠡᠴᠡ ᠲᠤᠰᠬᠠᠢ ᠬᠥᠮᠦᠨ ᠢ᠋ᠶ᠋ᠡᠷ ᠪᠤᠷᠭᠠᠰᠤᠨ ᠳᠥᠭᠥᠮ ᠡᠴᠡ ᠪᠠᠷᠢᠵᠤ ᠤᠨᠤᠭᠰᠠᠨ ᠮᠣᠷᠢ ᠶ᠋ᠢ ᠴᠠᠭᠠᠨᠨ᠌ᠥ᠋ᠵᠦᠮ ᠦ᠋ᠨ ᠳ᠋ᠦ᠍ ᠪᠤᠴᠠᠭᠠᠯᠭᠠᠨ᠄《ᠪᠤᠷᠤᠭᠤ ᠪᠣᠯᠤᠯ᠎ᠠ᠂ ᠪᠢ ᠳᠤᠷ᠎ᠠ ᠪᠠᠷ ᠢ᠋ᠶ᠋ᠠᠨ ᠪᠡᠯᠴᠢᠭᠡᠷ ᠲᠦ᠍ ᠡᠪᠡᠰᠦᠯᠡᠵᠦ ᠪᠠᠢᠭ᠎ᠠ ᠴᠢᠳᠥᠷ ᠲᠡᠢ ᠮᠣᠷᠢ ᠶ᠋ᠢ ᠴᠢᠨᠢ ᠪᠠᠷᠢᠵᠤ ᠤᠨᠤᠭᠰᠠᠨ ᠶᠤᠮ᠃ ᠭᠡᠪᠡᠴᠦ ᠠᠮᠪᠠᠨ ᠱᠠᠷ ᠪᠠ ᠠᠭᠲᠠ ᠮᠣᠷᠢᠨ ᠤ᠋ ᠴᠢᠨᠢ ᠪᠤᠶᠠᠨ ᠢ᠋ᠶ᠋ᠠᠷ ᠠᠮᠢ ᠬᠡᠯᠲᠦᠷᠢᠯ᠎ᠡ ᠰᠢᠦ!》 ᠭᠡᠵᠦ ᠬᠡᠳᠦᠨ ᠴᠠᠭᠠᠨ ᠲᠥᠭᠥᠷᠢᠭ ᠦ᠋ᠨ ᠠᠴᠢ ᠬᠠᠷᠢᠭᠤᠯᠲᠠ ᠲᠠᠢ ᠬᠦᠷᠭᠡᠵᠦ ᠢᠷᠡᠭᠦᠯᠵᠡᠢ᠃
ᠭᠡᠲᠡᠯ᠎ᠡ ᠴᠠᠭᠠᠨᠨ᠌ᠥ᠋ᠵᠦᠮ ᠦ᠋ᠨ ᠬᠢᠨ ᠰᠢᠨᠡᠯᠡᠮ᠎ᠡ ᠮᠠᠨ ᠤ᠋ ᠮᠣᠷᠢ ᠶ᠋ᠢ ᠤᠨᠤᠭᠠᠳ ᠨᠣᠶᠠᠨ ᠤ᠋ ᠴᠡᠷᠢᠭ ᠡᠴᠡ ᠳᠤᠲᠠᠭᠠᠵᠤ ᠭᠠᠷᠤᠭᠰᠠᠨ ᠶᠤᠮ ᠪᠠᠢᠨ᠎ᠠ ᠭᠡᠳᠡᠭ ᠢ᠋ ᠣᠢᠯᠠᠭᠠᠭᠰᠠᠨ ᠠ᠋ᠴᠠ ᠪᠢᠰᠢ ᠦᠬᠡᠷ ᠦ᠋ᠨ ᠬᠤᠳᠳᠤᠭ ᠳᠡᠭᠡᠷ᠎ᠡ ᠮᠠᠬᠠᠢ ᠪᠠᠨ ᠲᠠᠢᠯᠵᠤ ᠬᠠᠶᠠᠭᠰᠠᠨ ᠪᠠ ᠠᠮᠪᠠᠨ ᠱᠠᠷ ᠤ᠋ᠨ ᠤᠴᠢᠷ ᠢ᠋ ᠬᠣᠵᠢᠮ ᠰᠢᠨᠠᠯᠠᠮ᠎ᠠ ᠲᠠᠢ ᠤᠴᠠᠷᠠᠭᠠᠳ ᠰᠠᠶᠢ ᠣᠢᠯᠠᠭᠠᠵᠤ ᠮᠡᠳᠡᠭᠰᠡᠨ ᠭᠡᠨ᠎ᠡ᠃
— — — —
① ᠡᠨᠡ ᠦᠯᠢᠭᠡᠷ ᠢ᠋1978 ᠣᠨ ᠳ᠋ᠤ᠌ ᠭᠠᠯᠠᠭᠤᠲᠤ ᠶ᠋ᠢᠨ ᠪᠤᠵᠠᠢ ᠭᠠᠴᠠᠭᠠᠨ ᠤ᠋ ᠲᠠᠪᠰᠠᠩ ᠬᠤᠷᠰᠢᠶ᠎ᠠ ᠶ᠋ᠢᠨ ᠴᠠᠭᠳᠤᠷ ᠨᠠᠰᠤᠲᠠᠨ ᠤ᠋ ᠶᠠᠷᠢᠭᠰᠠᠨ ᠢ᠋ ᠡᠮᠬᠢᠳᠬᠡᠪᠡ᠃
6. 1930 ᠣᠨ ᠤ᠋ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ
ᠦᠦᠰᠢᠨ ᠨᠣᠶᠠᠨ ᠲᠡᠭᠦᠰᠠᠠᠮᠦᠭᠤᠯᠠᠩ ᠲᠡᠮᠡᠭᠡᠲᠦ(ᠢᠦᠢ ᠯᠢᠨ) ᠡᠴᠡ ᠭᠠᠷᠴᠤ ᠵᠠᠰᠠᠭ ᠳᠠ ᠶ᠋ᠢᠨ ᠭᠠᠵᠠᠷ ᠣᠴᠢᠵᠤ ᠤᠴᠢᠷ ᠶᠠᠪᠤᠳᠠᠯ ᠢ᠋ᠶ᠋ᠠᠨ ᠵᠥᠪᠳᠡᠯᠴᠡᠭᠡᠳ ᠲᠦᠷ ᠴᠠᠭ ᠵᠠᠰᠠᠭ ᠬᠤᠰᠢᠭᠤᠨ ᠤ᠋ ᠪᠠᠨᠳᠢᠳᠠ ᠶ᠋ᠢᠨ ᠳᠤᠭᠠᠩ ᠳᠡᠭᠡᠷ᠎ᠡ ᠣᠴᠢᠵᠤ ᠰᠠᠭᠤᠵᠠᠢ᠃ ᠪᠠᠨᠳᠢᠳᠠ ᠶ᠋ᠢᠨ ᠳᠤᠭᠠᠩ ᠪᠣᠯ ᠡᠳᠦᠭᠡ ᠶ᠋ᠢᠨ ᠡᠵᠡᠨ ᠬᠣᠷᠣᠭ᠎ᠠ ᠬᠤᠰᠢᠭᠤᠨ ᠤ᠋ ᠰᠢᠨ᠎ᠡ ᠵᠡᠭᠡᠯᠢ ᠶ᠋ᠢᠨ ᠪᠠᠷᠠᠭᠤᠨ ᠬᠣᠢᠨ᠎ᠠ ᠰᠦᠨᠳᠡᠷᠯᠡᠨ ᠬᠠᠷᠠᠭᠳᠠᠬᠤ ᠳᠤᠭᠠᠩ ᠬᠤᠷᠠᠬᠤ ᠶ᠋ᠢᠨ ᠣᠪᠣᠭᠠᠨ ᠤ᠋ ᠡᠩᠭᠡᠷ ᠲᠡᠬᠢ ᠨᠡᠯᠢᠶᠡᠳ ᠶᠡᠬᠡ ᠰᠦᠮ᠎ᠡ ᠪᠠᠢᠵᠠᠢ᠃ ᠡᠨᠡ ᠰᠦᠮ᠎ᠡ ᠨᠢ ᠵᠠᠰᠠᠭ ᠬᠣᠰᠢᠭᠤ᠂ ᠦᠦᠰᠢᠨ ᠬᠣᠰᠢᠭᠤ ᠬᠣᠶᠠᠷ ᠤ᠋ᠨ ᠠᠭᠤᠯᠵᠠᠷ ᠲᠤ᠌ ᠪᠠᠢᠷᠢᠰᠢᠵᠤ ᠪᠠᠢᠬᠤ ᠲᠤᠯᠠ ᠬᠣᠶᠠᠷ ᠬᠤᠰᠢᠭᠤᠨ ᠠ᠋ᠴᠠ ᠬᠠᠮᠢᠶᠠᠷᠴᠤ ᠬᠣᠶᠠᠷ ᠬᠤᠰᠢᠭᠤᠨ ᠤ᠋ ᠭᠠᠵᠠᠷ ᠠ᠋ᠴᠠ ᠯᠠᠮᠠ ᠬᠤᠸᠠᠷᠠᠭ ᠲᠠᠢ ᠪᠢᠯᠡ᠃ ᠡᠨᠳᠡ ᠬᠣᠶᠠᠷ ᠬᠤᠰᠢᠭᠤᠨ ᠤ᠋ ᠬᠣᠯᠠ ᠣᠢᠷ᠎ᠠ ᠶ᠋ᠢᠨ ᠴᠢᠮᠡᠭᠡ ᠨᠡᠪᠲᠡᠷᠡᠯᠭᠡ ᠶ᠋ᠢ ᠬᠢᠯᠪᠠᠷᠬᠠᠨ ᠰᠣᠨᠣᠰᠳᠠᠭ᠃ ᠲᠤᠰ ᠰᠦᠮ᠎ᠡ ᠳ᠋ᠦ᠍ ᠦᠦᠰᠢᠨ ᠨᠣᠶᠠᠨ ᠰᠠᠭᠠᠲᠠᠵᠤ ᠰᠦᠷ ᠣᠮᠣᠭ ᠨᠡᠮᠡᠭᠳᠡᠭᠰᠡᠨ ᠪᠣᠯᠪᠠᠴᠤ ᠠᠯᠠᠵᠤ ᠨᠢᠲᠤᠯᠬᠤ ᠶ᠋ᠢ ᠴᠠᠭᠠᠵᠠᠯᠠᠭᠰᠠᠨ ᠯᠠᠮᠠ ᠨᠠᠷ ᠭᠡᠨᠡᠳᠲᠡ ᠴᠥᠪ ᠦ᠋ᠨ ᠴᠠᠭ ᠤ᠋ᠨ ᠲᠡᠢᠨ ᠪᠠᠢᠯᠳᠤᠭᠠᠨ ᠭᠠᠷᠴᠤ ᠪᠤᠷᠬᠠᠨ ᠴᠣᠢᠵᠣᠩ᠂ ᠰᠦᠮ᠎ᠡ ᠬᠡᠢᠳ᠂ ᠣᠷᠣᠨ ᠭᠡᠷ᠂ ᠡᠷᠲᠡ ᠡᠳᠦᠭᠡ ᠶ᠋ᠢᠨ ᠲᠡᠦᠬᠡᠲᠦ ᠥᠪ ᠵᠡᠷᠭᠡ ᠡᠪᠳᠡᠵᠦ ᠰᠦᠢᠳᠬᠦ ᠡᠴᠡ ᠠᠶᠤᠵᠤ ᠡᠳᠦᠷ ᠪᠦᠷᠢ ᠪᠤᠷᠬᠠᠨ ᠨᠣᠮ ᠳ᠋ᠠᠭᠠᠨ ᠨᠠᠮᠠᠨᠴᠢᠯᠠᠨ ᠳᠠᠭᠠᠳᠬᠠᠨ ᠰᠦᠰᠦᠭᠯᠡᠵᠦ ᠪᠠᠢᠯ᠎ᠠ᠃
ᠰᠦᠰᠦᠭ ᠪᠢᠰᠢᠷᠡᠯ ᠢ᠋ᠶ᠋ᠡᠷ ᠳᠠᠭᠠᠳᠬᠠᠭᠰᠠᠨ ᠴᠤ᠌ ᠢᠷᠡᠵᠦ ᠮᠡᠳᠡᠬᠦ ᠲᠡᠢᠨ ᠪᠠᠢᠯᠳᠤᠭᠠᠨ᠂ ᠦᠢᠯᠡ ᠶ᠋ᠢᠨ ᠦᠷ᠎ᠡ ᠶ᠋ᠢᠨ ᠬᠣᠬᠢᠷᠠᠯ ᠰᠦᠢᠳᠦᠯ ᠢ᠋ ᠵᠠᠢᠯᠠᠭᠤᠯᠵᠤ ᠴᠢᠳᠠᠳᠠᠭ ᠪᠣᠯᠪᠠᠤ⁈ ᠡᠨᠡ ᠠᠰᠠᠭᠤᠳᠠᠯ ᠢ᠋ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠠ᠋ᠴᠠ ᠣᠯᠵᠤ ᠮᠡᠳᠡᠬᠦ ᠪᠣᠯᠤᠨ᠎ᠠ᠃ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠠᠩᠭᠢ ᠦᠦᠰᠢᠨ ᠦ᠌ ᠦᠦᠰᠢᠨᠵᠦᠦ ᠰᠦᠮ᠎ᠡ ᠳᠡᠭᠡᠷ᠎ᠡ ᠰᠠᠭᠤᠵᠤ᠂ ᠲᠡᠳᠡ ᠶᠠᠭᠤᠨ ᠤ᠋ ᠡᠮᠦᠨ᠎ᠡ ᠦᠦᠰᠢᠨ ᠨᠣᠶᠠᠨ ᠲᠡᠭᠦᠰᠠᠠᠮᠤᠭᠤᠯᠠᠩ ᠢ᠋ ᠲᠠᠲᠠᠵᠤ ᠠᠪᠬᠤ ᠪᠠᠷ ᠨᠠᠢᠷᠠᠮᠳᠠᠯ ᠤ᠋ᠨ ᠠᠷᠭ᠎ᠠ ᠪᠠᠷ ᠬᠦᠴᠦᠯᠡᠨ ᠴᠢᠷᠮᠠᠢᠵᠤ ᠪᠠᠢᠯ᠎ᠠ᠃
ᠬᠣᠷᠢᠶᠠᠨ ᠳᠠᠷᠤᠭ᠎ᠠ ᠮᠥᠩᠬᠡᠥ᠌ᠯᠵᠠᠢ ᠠ᠋ᠴᠠ ᠶᠠᠭᠤᠨ ᠤ᠋ ᠡᠮᠦᠨ᠎ᠡ ᠲᠦᠮᠡᠨᠪᠠᠶᠠᠷ᠂ ᠬᠠᠯᠵᠠᠨᠨ᠌ᠥ᠋ᠬᠢᠨ ᠵᠡᠷᠭᠡ ᠳᠥᠷᠪᠡᠨ ᠬᠠᠷᠢᠶᠠᠨ ᠵᠠᠯᠠᠨ ᠢ᠋ ᠲᠤᠰᠬᠠᠢ ᠪᠠᠨᠳᠢᠳᠠ ᠶ᠋ᠢᠨ ᠳᠤᠭᠠᠩ ᠳ᠋ᠤ᠌ ᠶᠠᠪᠤᠭᠤᠯᠵᠤ ᠲᠡᠭᠦᠰᠠᠠᠮᠤᠭᠤᠯᠠᠩ ᠨᠣᠶᠠᠨ ᠢ᠋ ᠬᠤᠰᠢᠭᠤᠨ ᠳ᠋ᠠᠭᠠᠨ ᠰᠠᠭᠠᠳᠠᠭᠠᠷᠠᠢ ᠭᠡᠮᠡᠨ ᠬᠠᠳᠠᠭ ᠰᠠᠮᠪᠠᠢ ᠲᠠᠲᠠᠵᠤ ᠳᠡᠭᠡᠵᠢ ᠰᠠᠪᠠ ᠪᠠᠨ ᠲᠠᠯᠪᠢᠵᠤ ᠤᠷᠢᠪᠠ᠃ ᠨᠣᠶᠠᠨ ᠲᠡᠳᠡᠨ ᠦ᠌ ᠳᠡᠭᠡᠵᠢ ᠶ᠋ᠢ ᠳᠤᠷ᠎ᠠ ᠲᠠᠢ ᠳᠤᠷ᠎ᠠ ᠦᠭᠡᠢ ᠪᠠᠢᠳᠠᠯ ᠲᠠᠢ ᠳᠥᠩᠭᠡᠵᠦ ᠮᠥᠷᠭᠥᠬᠦ ᠶ᠋ᠢᠨ ᠰᠠᠢᠨ ᠢ᠋ᠶ᠋ᠠᠷ ᠠᠪᠤᠯ᠎ᠠ᠃ ᠨᠣᠶᠠᠨ ᠡᠳᠦᠷᠵᠢᠨ ᠬᠠᠨᠵᠤᠨ ᠳᠡᠭᠡᠷ᠎ᠡ ᠬᠡᠪᠲᠡᠵᠦ ᠠᠮᠠᠷᠠᠭᠠᠳ ᠬᠠᠷ᠎ᠠ ᠲᠠᠮᠠᠬᠢ ᠲᠠᠲᠠᠬᠤ ᠠ᠋ᠴᠠ ᠪᠢᠰᠢ ᠬᠠᠷᠢᠭᠤ ᠵᠢᠭᠠᠪᠤᠷᠢ ᠦᠭᠡᠢ ᠬᠣᠶᠠᠷ ᠡᠳᠦᠷ ᠥᠩᠭᠡᠷᠡᠴᠢᠬᠡᠯ᠎ᠡ᠃ ᠨᠣᠶᠠᠨ ᠦᠭᠡ ᠳᠤᠤᠭᠠᠷᠬᠤ ᠦᠭᠡᠢ ᠪᠣᠯᠬᠤᠯ᠎ᠠ ᠲᠡᠳᠡ ᠳᠥᠷᠪᠡᠭᠦᠯᠡ ᠡᠴᠡ ᠨᠣᠶᠠᠨ ᠤ᠋ ᠵᠠᠬ᠎ᠠ ᠳ᠋ᠤ᠌ ᠬᠦᠷᠴᠦ ᠮᠥᠷᠭᠥᠭᠡᠳ᠄《ᠪᠢᠳᠡ ᠬᠡᠳᠦᠨ ᠡᠳᠦᠷ ᠬᠦᠯᠢᠶᠡᠯ᠎ᠡ᠂ ᠨᠣᠶᠠᠨ ᠲᠠ ᠬᠠᠷᠢᠭᠤ ᠵᠢᠭᠠᠪᠤᠷᠢ ᠦᠭᠡᠢ ᠲᠤᠯᠠ ᠪᠢᠳᠡ ᠴᠦ᠍ ᠤᠳᠠᠭᠠᠨ ᠬᠦᠯᠢᠶᠡᠵᠦ ᠲᠡᠰᠬᠦ ᠦᠭᠡᠢ ᠪᠤᠴᠠᠯ᠎ᠠ᠁》 ᠭᠡᠳ ᠦᠦᠰᠢᠨᠵᠦᠦ ᠰᠦᠮ᠎ᠡ ᠳᠡᠭᠡᠷ᠎ᠡ ᠪᠤᠴᠠᠵᠤ ᠢᠷᠡᠭᠡᠳ ᠮᠥᠩᠬᠡᠨ᠌ᠥ᠋ᠯᠵᠡᠢ ᠬᠣᠷᠢᠶᠠᠨ ᠳᠠᠷᠤᠭ᠎ᠠ ᠳ᠋ᠤ᠌ ᠡᠨᠡ ᠬᠦ᠌ ᠪᠠᠢᠳᠠᠯ ᠢ᠋ᠶ᠋ᠠᠨ ᠬᠠᠷᠢᠭᠤ ᠮᠡᠳᠡᠭᠦᠯᠪᠡ᠃ ᠬᠡᠳᠦᠨ ᠡᠳᠦᠷ ᠦ᠋ᠨ ᠳᠠᠷᠠᠭ᠎ᠠ ᠮᠥᠩᠬᠡᠨ᠌ᠥ᠋ᠯᠵᠡᠢ ᠪᠠᠰᠠ ᠬᠡᠳᠦᠨ ᠬᠥᠮᠦᠨ ᠲᠣᠮᠢᠯᠠᠵᠤ ᠨᠣᠶᠠᠨ ᠤ᠋ ᠴᠡᠷᠢᠭ ᠦ᠋ᠨ ᠯᠢᠶᠡᠨᠵᠠᠩ ᠠᠮᠤᠷᠰᠠᠨᠠᠭ᠎ᠠ ᠶ᠋ᠢ ᠲᠠᠲᠠᠵᠤ ᠠᠪᠬᠤ ᠪᠠᠷ ᠶᠠᠪᠤᠭᠤᠯᠵᠠᠢ᠃ ᠡᠳᠡᠭᠡᠷ ᠬᠥᠮᠦᠰ ᠦ᠋ᠨ ᠨᠢᠭᠤᠴᠠ ᠤᠬᠠᠭᠤᠯᠭ᠎ᠠ ᠠ᠋ᠴᠠ ᠪᠣᠯᠵᠤ ᠠᠮᠤᠷᠰᠠᠨᠠᠭ᠎ᠠ ᠶ᠋ᠢᠨ ᠦᠵᠡᠯ ᠰᠠᠨᠠᠭ᠎ᠠ ᠨᠢ ᠳᠤᠭᠤᠢᠯᠠᠩ ᠥᠭᠡᠳᠡ ᠬᠡᠯᠪᠡᠢᠬᠦ ᠪᠠᠢᠳᠠᠯ ᠲᠠᠢ ᠪᠣᠯᠪᠠ᠃ ᠣᠯᠠᠨ ᠬᠥᠮᠦᠰ ᠴᠦ᠍ ᠬᠣᠶᠠᠷ ᠲᠠᠯ᠎ᠠ ᠪᠠᠷ ᠪᠠᠬᠠᠨ ᠨᠠᠭᠠᠰᠢ ᠴᠠᠭᠠᠰᠢ ᠶᠠᠪᠤᠯᠴᠠᠵᠤ᠂ ᠲᠡᠢᠨ ᠵᠣᠭᠰᠣᠵᠤ ᠲᠠᠢᠪᠤᠩ ᠢᠷᠡᠬᠦ ᠶ᠋ᠢ ᠬᠦᠰᠡᠵᠦ ᠪᠠᠢᠪᠠ᠃ᠮᠥᠩᠬᠡᠨ᠌ᠥ᠋ᠯᠵᠡᠢ ᠡᠨᠡ ᠪᠠᠢᠳᠠᠯ ᠢ᠋ ᠮᠡᠳᠡᠭᠡᠳ᠄《ᠦ! ᠣᠳᠣ ᠲᠠᠷᠪᠤᠰ ᠤᠯᠠᠢᠵᠤ ᠡᠬᠢᠯᠡᠭᠰᠡᠨ ᠲᠤᠯᠠ ᠬᠢᠲᠤᠭ᠎ᠠ ᠲᠥᠷᠥᠬᠦ ᠴᠠᠭ ᠪᠣᠯᠵᠠᠢ》 ᠭᠡᠯᠡ᠃ ᠡᠨᠡ ᠦᠭᠡ ᠶ᠋ᠢᠨ ᠤᠳᠬ᠎ᠠ ᠪᠣᠯᠪᠠᠰᠤ ᠨᠣᠶᠠᠨ ᠤ᠋ ᠴᠡᠷᠢᠭ ᠦ᠋ᠨ ᠲᠣᠯᠣᠭᠠᠢ ᠨᠢ ᠭᠤᠢᠪᠢᠯᠵᠠᠵᠤ ᠴᠡᠷᠢᠭ ᠨᠢ ᠮᠢᠨᠴᠡᠭᠦᠷᠡᠵᠦ ᠪᠠᠢᠭ᠎ᠠ ᠦᠶ᠎ᠡ ᠳ᠋ᠦ᠍ ᠪᠠᠢᠯᠳᠤᠪᠠᠯ ᠢᠯᠠᠯᠲᠠ ᠯᠠᠪᠲᠠᠢ ᠪᠢᠳᠡᠨ ᠦ᠌ ᠬᠢ ᠭᠡᠵᠦ ᠵᠢᠱ᠌ᠢᠭᠰᠡᠨ ᠠᠵᠢ᠃
ᠠᠷᠪᠠᠨ ᠬᠣᠶᠠᠳᠤᠭᠠᠷ ᠬᠣᠷᠢᠶᠠᠨ ᠤ᠋ ᠳᠥᠷᠪᠡᠨ ᠯᠢᠶᠠᠨ ᠮᠣᠷᠢᠲᠤ ᠴᠡᠷᠢᠭ ᠦᠦᠰᠢᠨᠵᠦᠦ ᠶ᠋ᠢᠨ ᠰᠦᠮ᠎ᠡ ᠡᠴᠡ ᠭᠠᠷᠤᠭᠠᠳ ᠲᠠᠷᠬᠠᠨᠯᠠᠮ᠎ᠠ ᠶ᠋ᠢᠨ ᠰᠦᠮ᠎ᠡ ᠳ᠋ᠦ᠍ ᠬᠣᠨᠣᠵᠠᠢ᠃ ᠲᠡᠳᠡ ᠰᠦᠮ᠎ᠡ ᠶ᠋ᠢᠨ ᠣᠪᠣᠭ᠎ᠠ ᠶ᠋ᠢ ᠬᠥᠬᠡ ᠢᠮᠠᠭᠠᠨ ᠤ᠋ ᠬᠠᠯᠠᠭᠤᠨ ᠴᠢᠰᠤ ᠪᠠᠷ ᠰᠡᠷᠵᠢᠮ ᠡᠷᠭᠦᠵᠦ᠂ ᠵᠢᠷᠦᠬᠡ ᠪᠡᠷ ᠨᠢ ᠵᠦᠯᠳᠡ ᠲᠠᠬᠢᠯᠭ᠎ᠠ ᠰᠠᠩ ᠰᠡᠷᠵᠢᠮ ᠡᠷᠭᠦᠪᠡ᠃ ᠲᠤᠰ ᠰᠥᠨᠢ ᠨᠢ ᠪᠠᠰᠠ ᠲᠠᠷᠬᠠᠨᠯᠠᠮ᠎ᠠ ᠶ᠋ᠢᠨ ᠰᠦᠮ᠎ᠡ ᠶ᠋ᠢᠨ ᠭᠣᠣᠯ ᠰᠢᠲᠦᠭᠡᠨ ᠪᠣᠯᠬᠤ ᠨᠣᠭᠣᠭᠠᠨ ᠭᠦᠮᠪᠦ ᠪᠤᠷᠬᠠᠨ ᠢ᠋ ᠳᠠᠬᠢᠵᠤ ᠲᠣᠭᠰᠢᠭᠤᠯᠪᠠ᠃ ᠲᠠᠷᠬᠠᠨᠯᠠᠮ᠎ᠠ ᠶ᠋ᠢᠨ ᠰᠦᠮ᠎ᠡ ᠶ᠋ᠢᠨ ᠭᠣᠣᠯ ᠰᠢᠲᠦᠭᠡᠨ ᠪᠣᠯᠬᠤ ᠨᠣᠭᠣᠭᠠᠨ ᠭᠦᠮᠪᠦ ᠪᠤᠷᠬᠠᠨ ᠪᠣᠯ ᠲᠤᠢᠯ ᠤ᠋ᠨ ᠳᠣᠭᠰᠢᠨ ᠲᠤᠯᠠ ᠲᠡᠭᠦᠨ ᠢ᠋ ᠳᠠᠬᠢᠪᠠᠯ ᠠᠯᠠᠵᠤ ᠨᠢᠲᠤᠯᠬᠤ ᠳ᠋ᠤ᠌ ᠬᠡᠢᠮᠣᠷᠢ ᠲᠠᠢ ᠪᠥᠭᠡᠳ ᠤᠷᠤᠭᠰᠢ ᠲᠠᠢ ᠪᠠᠢᠳᠠᠭ ᠭᠡᠨ᠎ᠡ᠃ ᠮᠠᠷᠭᠠᠰᠢ ᠥᠷᠯᠥᠭᠡ ᠨᠢ ᠲᠡᠳᠡ ᠣᠷᠳᠣᠰ ᠮᠣᠩᠭᠣᠯᠴᠤᠳ ᠤ᠋ᠨ ᠵᠠᠩᠰᠢᠯ ᠢ᠋ᠶ᠋ᠠᠷ ᠤᠰᠠᠩ ᠲᠠᠯᠪᠢᠵᠤ᠂ ᠰᠠᠩ ᠰᠡᠷᠵᠢᠮ ᠡᠷᠭᠦᠵᠦ ᠪᠣᠭᠳᠠ ᠡᠵᠡᠨ ᠳ᠋ᠦ᠍ ᠳᠠᠭᠠᠳᠬᠠᠵᠤ ᠯᠢᠶᠡᠨᠵᠤᠤ ᠫᠤᠤ ᠶ᠋ᠢᠨ ᠠᠮᠠᠰᠠᠷ ᠢ᠋ ᠲᠠᠪᠤᠨ ᠥᠩᠭᠡ ᠶ᠋ᠢᠨ ᠬᠬᠢᠪ ᠲᠣᠷᠭ᠎ᠠ ᠪᠠᠷ ᠣᠷᠢᠶᠠᠵᠤ ᠨᠠᠪᠰᠠᠯᠵᠠᠭᠤᠯᠤᠨ ᠠᠭᠲᠠ ᠪᠠᠨ ᠤᠨᠤᠵᠤ ᠮᠥᠷᠯᠡᠨ ᠵᠢᠭᠰᠠᠪᠠ᠃ ᠬᠥᠬᠡ ᠰᠠᠭᠠᠷᠠᠯ ᠬᠤᠪᠴᠠᠰᠤ ᠲᠠᠢ ᠠᠷᠪᠠᠨ ᠬᠣᠶᠠᠳᠤᠭᠠᠷ ᠬᠣᠷᠢᠶᠠᠨ ᠤ᠋ ᠳᠥᠷᠪᠡᠨ ᠯᠢᠶᠠᠨ ᠴᠡᠷᠢᠭ᠂ ᠳᠥᠷᠪᠡᠨ ᠮᠥᠷ ᠦ᠋ᠨ ᠤᠷᠲᠤ ᠵᠢᠭᠰᠠᠭᠠᠯ ᠢ᠋ᠶ᠋ᠠᠷ ᠬᠣᠷᠢᠨ ᠳᠥᠷᠪᠡ ᠳᠥᠷᠪᠡ ᠪᠡᠷ ᠮᠣᠷᠢᠨ ᠤ᠋ ᠪᠠᠨ ᠥᠩᠭᠡ ᠵᠢᠰᠦᠮ ᠢ᠋ ᠲᠠᠭᠠᠷᠠᠭᠤᠯᠤᠨ ᠮᠣᠷᠳᠠᠵᠤ ᠪᠠᠯᠠᠷ ᠪᠠᠷᠲᠠᠭ᠎ᠠ ᠶ᠋ᠢ ᠠᠷᠤ ᠳ᠋ᠠᠭᠠᠨ ᠬᠠᠶᠠᠭᠰᠠᠭᠠᠷ ᠤᠷᠤᠭᠰᠢᠯᠠᠵᠠᠭᠠᠪᠠ᠃
ᠤᠯᠤᠰ ᠤ᠋ᠨ ᠳᠣᠲᠣᠭᠠᠳᠤ ᠶ᠋ᠢᠨ ᠨᠢᠭᠡ ᠬᠣᠶᠠᠳᠤᠭᠠᠷ ᠤᠳᠠᠭᠠᠨ ᠤ᠋ ᠬᠤᠪᠢᠰᠬᠠᠯᠲᠤ ᠲᠡᠢᠨ ᠦ᠌ ᠵᠢᠯ ᠦ᠋ᠳ ᠲᠦ᠍ ᠮᠤᠤᠤ᠋ᠰᠤ ᠶ᠋ᠢᠨ ᠡᠯᠡᠰᠦᠨ ᠪᠠᠯᠠᠷ ᠲᠤ᠌᠂ ᠬᠠᠨᠳᠤᠭᠰᠠᠨ ᠵᠦᠭ ᠲᠦ᠍ ᠳᠠᠢᠰᠤᠨ ᠦᠭᠡᠢ᠂ ᠬᠠᠷᠪᠤᠭᠰᠠᠨ ᠭᠠᠵᠠᠷ ᠲᠤ᠌ ᠬᠣᠭᠣᠰᠣᠨ ᠦᠭᠡᠢ ᠴᠣᠷ ᠤ᠋ᠨ ᠭᠠᠭᠴᠠ ᠢᠯᠠᠯᠲᠠ ᠲᠠᠢ ᠪᠠᠢᠯᠳᠤᠵᠤ ᠶᠠᠪᠤᠭᠰᠠᠨ ᠮᠣᠷᠢᠲᠤ ᠴᠡᠷᠢᠭ ᠦ᠋ᠨ ᠬᠣᠷᠢᠶᠠᠨ ᠤ᠋ ᠳᠠᠷᠤᠭ᠎ᠠ ᠪᠠᠢᠯᠳᠤᠭᠴᠢᠳ ᠤ᠋ᠨ ᠣᠮᠣᠭ ᠵᠣᠷᠢᠭ᠂ ᠰᠦᠯᠳᠡ ᠬᠡᠢᠮᠣᠷᠢ ᠨᠢ ᠮᠠᠨᠳᠤᠵᠤ ᠪᠠᠨᠳᠢᠳᠠ ᠶ᠋ᠢᠨ ᠳᠤᠭᠠᠩ ᠬᠦᠷᠬᠦ ᠪᠡᠷ ᠶᠠᠭᠠᠷᠠᠯᠳᠤᠨ ᠳᠠᠪᠬᠢᠵᠠᠭᠠᠨᠠ᠃
ᠣᠷᠳᠣᠰ ᠠᠷᠠᠳ ᠤ᠋ᠨ ᠰᠡᠴᠡᠨ ᠦᠭᠡᠨ ᠳ᠋ᠦ᠍᠄《ᠪᠡᠯᠭᠡ ᠶ᠋ᠢᠨ ᠡᠮᠦᠨ᠎ᠡ ᠡᠴᠡ ᠬᠤᠷ᠎ᠠ᠂ ᠪᠠᠷᠢᠳ ᠤ᠋ᠨ ᠡᠮᠦᠨ᠎ᠡ ᠡᠴᠡ ᠲᠣᠭᠣᠰᠣ》 ᠭᠡᠳᠡᠭ ᠢ᠋ᠶ᠋ᠡᠷ ᠡᠨᠡ ᠬᠦ᠌ ᠴᠡᠷᠢᠭ ᠠᠩᠭᠢ ᠳᠠᠷᠠᠬᠠᠯᠠᠮᠠ ᠠ᠋ᠴᠠ ᠮᠣᠷᠳᠠᠭᠠᠳ ᠨᠡᠯᠢᠶᠡᠳ ᠶᠠᠪᠤᠵᠤ ᠪᠠᠢᠲᠠᠯ᠎ᠠ ᠨᠠᠷᠢᠨ ᠪᠣᠷᠣᠭᠠᠨ ᠰᠢᠪᠡᠷᠡᠯᠡ᠃ ᠴᠡᠷᠢᠭ ᠦ᠋ᠳ ᠵᠠᠷᠢᠮ ᠦᠶ᠎ᠡ ᠮᠣᠷᠢᠳ ᠢ᠋ᠶ᠋ᠠᠨ ᠬᠥᠲᠥᠯᠵᠦ ᠵᠠᠷᠢᠮ ᠦᠶ᠎ᠡ ᠤᠨᠤᠵᠤ ᠭᠠᠯᠭᠢᠭᠤᠯᠵᠤ ᠶᠠᠪᠤᠵᠠᠭᠠᠨ᠎ᠠ᠃ ᠰᠥᠨᠢ ᠪᠦᠷᠦᠢ ᠪᠣᠯᠬᠤ ᠳ᠋ᠤ᠌ ᠪᠠᠨᠳᠢᠳᠠ ᠶ᠋ᠢᠨ ᠳᠤᠭᠠᠩ ᠤ᠋ᠨ ᠪᠠᠷᠠᠭᠤᠨ ᠲᠠᠢ ᠬᠥᠬᠡ ᠵᠦᠯᠭᠡ ᠭᠡᠳᠡᠭ ᠭᠠᠵᠠᠷ ᠤ᠋ᠨ ᠦᠦᠰᠢᠨ ᠬᠤᠰᠢᠭᠤᠨ ᠤ᠋ ᠨᠢᠭᠡ ᠠᠢᠯ ᠳ᠋ᠤ᠌ ᠪᠠᠭᠤᠳᠠᠯᠯᠠᠵᠤ᠂ ᠴᠡᠷᠢᠭ ᠮᠣᠷᠢ ᠪᠠᠨ ᠲᠦᠷ ᠠᠮᠠᠷᠠᠭᠤᠯᠵᠤ ᠪᠠᠢᠯᠳᠤᠭᠠᠨ ᠳ᠋ᠤ᠌ ᠣᠷᠣᠬᠤ ᠬᠣᠶᠠᠳᠤᠭᠠᠷ ᠳᠡᠰ ᠦ᠋ᠨ ᠪᠡᠯᠡᠳᠬᠡᠯ ᠢ᠋ ᠬᠢᠯ᠎ᠡ᠃ ᠢᠩᠭᠢᠭᠡᠳ ᠰᠥᠨᠢ ᠶ᠋ᠢᠨ ᠬᠠᠷᠠᠩᠭᠤᠢ ᠶ᠋ᠢ ᠲᠣᠬᠢᠶᠠᠯᠳᠤᠭᠤᠯᠤᠨ ᠪᠠᠨᠳᠢᠳᠠ ᠶ᠋ᠢᠨ ᠳᠤᠭᠠᠩ ᠵᠦᠭ ᠮᠣᠷᠳᠠᠵᠠᠭᠠᠯᠠ᠃
ᠮᠥᠩᠬᠡᠣ᠋ᠢ᠍ᠯᠵᠠᠢ ᠬᠣᠷᠢᠶᠠᠨ ᠳᠠᠷᠤᠭ᠎ᠠ ᠪᠣᠯᠤᠨ ᠪᠠᠪᠠ ᠯᠢᠶᠠᠨᠵᠠᠩ ᠵᠠᠮᠢᠶᠠᠨᠵᠠᠪ ᠨᠠᠷ ᠴᠡᠷᠢᠭ ᠢ᠋ᠶ᠋ᠡᠨ ᠪᠠᠨᠳᠢᠳᠠ ᠶ᠋ᠢᠨ ᠳᠤᠭᠠᠩ ᠤ᠋ᠨ ᠪᠠᠷᠠᠭᠤᠨ ᠰᠤᠭᠤ ᠳ᠋ᠤ᠌ ᠪᠠᠢᠭ᠎ᠠ ᠶᠡᠬᠡ ᠦᠶᠡᠷ ᠦ᠋ᠨ ᠬᠣᠩᠭᠢᠯ ᠵᠡᠪᠡ ᠳ᠋ᠦ᠍ ᠨᠢᠭᠤᠨ ᠳᠠᠯᠳᠠᠯᠠᠭᠤᠯᠵᠤ ᠪᠠᠢᠯᠳᠤᠭᠠᠨ ᠤ᠋ ᠪᠠᠢᠷᠢᠯᠠᠭᠤᠯᠤᠯᠲᠠ ᠬᠢᠯ᠎ᠡ᠃ ᠡᠨᠡ ᠨᠢ᠄
(1) ᠬᠦᠴᠣᠨᠲᠡᠭᠦᠰ ᠨᠢᠭᠡ ᠰᠠᠯᠠᠭ᠎ᠠ ᠴᠡᠷᠢᠭ ᠠᠪᠴᠤ ᠰᠦᠮ᠎ᠡ ᠶ᠋ᠢᠨ ᠬᠣᠢᠲᠤ ᠳᠤᠭᠠᠩ ᠬᠤᠷᠠᠬᠤ ᠶ᠋ᠢᠨ ᠣᠪᠣᠭᠠᠨ ᠣᠷᠣᠢ ᠳᠡᠭᠡᠷᠡᠬᠢ ᠬᠠᠷᠠᠭᠤᠯ ᠤ᠋ᠨ ᠴᠡᠷᠢᠭ ᠢ᠋ ᠫᠤᠤ ᠳᠤᠤᠭᠠᠷᠭᠠᠬᠤ ᠦᠭᠡᠢ ᠠᠮᠢᠳᠤ ᠪᠠᠷ ᠪᠠᠷᠢᠨ᠎ᠠ᠃ ᠳᠠᠷᠠᠭ᠎ᠠ ᠨᠢ ᠰᠦᠮ᠎ᠡ ᠶ᠋ᠢᠨ ᠭᠣᠷᠢᠶᠠᠨ ᠵᠠᠮ ᠤ᠋ᠨ ᠭᠠᠳᠠᠭᠤᠷ ᠲᠣᠭᠣᠷᠢᠨ ᠶᠠᠪᠤᠵᠤ ᠭᠠᠳᠠᠨ᠎ᠠ ᠠ᠋ᠴᠠ ᠢᠷᠡᠬᠦ ᠳᠠᠢᠰᠤᠨ ᠢ᠋ ᠰᠠᠢᠲᠤᠷ ᠰᠡᠷᠭᠡᠢᠯᠡᠨ ᠬᠣᠷᠢᠭᠯᠠᠨ᠎ᠠ᠂ ᠳᠣᠲᠣᠷ᠎ᠠ ᠠ᠋ᠴᠠ ᠭᠠᠳᠠᠭᠰᠢ ᠪᠠᠨ ᠨᠢᠭᠡ ᠬᠥᠮᠦᠨ ᠢ᠋ ᠴᠦ᠍ ᠭᠠᠷᠭᠠᠵᠤ ᠪᠣᠯᠬᠤ ᠦᠭᠡᠢ᠃
(2) ᠰᠦᠩᠨᠠᠢ ᠳᠥᠷᠪᠡᠳᠦᠭᠡᠷ ᠯᠢᠶᠠᠨ ᠤ᠋ ᠨᠢᠭᠡ ᠰᠠᠯᠠᠭ᠎ᠠ ᠴᠡᠷᠢᠭ ᠢ᠋ ᠠᠪᠴᠤ ᠰᠦᠮ᠎ᠡ ᠶ᠋ᠢᠨ ᠯᠠᠮᠠ ᠨᠠᠷ ᠢ᠋ ᠭᠡᠷ ᠡᠴᠡ ᠭᠠᠷᠴᠤ ᠠᠶᠤᠵᠤ ᠳᠤᠲᠠᠭᠠᠬᠤ ᠶ᠋ᠢ ᠬᠣᠷᠢᠭᠯᠠᠨ᠎ᠠ᠃
(3) ᠨᠢᠭᠡᠳᠦᠭᠡᠷ ᠯᠢᠶᠠᠨ ᠰᠦᠮ᠎ᠡ ᠶ᠋ᠢᠨ ᠡᠮᠦᠨ᠎ᠡ ᠲᠠᠯ᠎ᠠ ᠠ᠋ᠴᠠ᠂ ᠬᠣᠶᠠᠳᠤᠭᠠᠷ ᠯᠢᠶᠠᠨ ᠰᠦᠮ᠎ᠡ ᠶ᠋ᠢᠨ ᠵᠡᠭᠦᠨ ᠲᠠᠯ᠎ᠠ ᠠ᠋ᠴᠠ᠂ ᠭᠤᠷᠪᠠᠳᠤᠭᠠᠷ ᠯᠢᠶᠠᠨ ᠰᠦᠮ᠎ᠡ ᠶ᠋ᠢᠨ ᠬᠣᠢᠲᠤ ᠲᠠᠯ᠎ᠠ ᠠ᠋ᠴᠠ᠂ ᠳᠥᠷᠪᠡᠳᠦᠭᠡᠷ ᠯᠢᠶᠠᠨ ᠰᠦᠮ᠎ᠡ ᠶ᠋ᠢᠨ ᠪᠠᠷᠠᠭᠤᠨ ᠲᠠᠯ᠎ᠠ ᠠ᠋ᠴᠠ ᠨᠢ ᠲᠤᠰ ᠲᠤᠰ ᠳᠣᠲᠣᠭᠰᠢ ᠳᠠᠷᠤᠨ ᠬᠤᠮᠢᠵᠤ ᠪᠦᠰᠡᠯᠡᠨ᠎ᠡ᠃
(4) ᠬᠡᠨ ᠬᠡᠷᠪᠡ ᠮᠤᠵᠢᠭᠤᠳᠠᠯᠠᠨ ᠡᠰᠡᠷᠭᠦᠴᠡᠪᠡᠯ ᠲᠡᠭᠦᠨ ᠢ᠋ ᠳᠣᠣᠷ᠎ᠠ ᠨᠢ ᠠᠯᠠᠬᠤ ᠬᠡᠷᠡᠭᠲᠡᠢ᠃
(5) ᠪᠠᠭᠤᠵᠤ ᠥᠭᠭᠦᠭᠰᠡᠨ ᠪᠠ ᠪᠠᠷᠢᠵᠤ ᠠᠪᠤᠭᠰᠠᠳ ᠢ᠋ ᠪᠦᠷ ᠳᠡᠭᠡᠰᠦ ᠪᠡᠷ ᠤᠶᠠᠨ᠎ᠠ᠃ ᠰᠦᠮ᠎ᠡ ᠶ᠋ᠢᠨ ᠯᠠᠮᠠ ᠪᠣᠯᠤᠨ ᠪᠦᠰᠡᠭᠦᠢᠴᠦᠳ ᠡᠰᠡᠷᠭᠦᠴᠡᠬᠦ ᠦᠭᠡᠢ ᠪᠣᠯ ᠤᠶᠠᠬᠤ ᠦᠭᠡᠢ᠂ ᠭᠡᠪᠡᠴᠦ ᠭᠡᠷ ᠲᠦ᠍ ᠬᠣᠷᠢᠵᠤ ᠪᠠᠢᠯᠳᠤᠭᠠᠨ ᠲᠡᠭᠦᠰᠲᠡᠯ᠎ᠡ ᠭᠠᠳᠠᠭᠰᠢ ᠭᠠᠷᠭᠠᠬᠤ ᠦᠭᠡᠢ᠃
(6) ᠤᠭ ᠤ᠋ᠨ ᠲᠣᠭᠲᠠᠭᠰᠠᠨ ᠶᠣᠰᠣᠭᠠᠷ ᠫᠤᠤ ᠳᠤᠤᠭᠠᠷᠤᠮᠠᠭᠴᠠ ᠲᠡᠳᠡᠨ ᠦ᠌ ᠲᠠᠯ᠎ᠠ ᠠ᠋ᠴᠠ ᠠᠮᠤᠷᠰᠠᠨᠠᠭ᠎ᠠ ᠯᠢᠶᠡᠨᠵᠠᠩ ᠭᠠᠷᠴᠤ ᠢᠷᠡᠪᠡᠯ ᠲᠡᠭᠦᠨ ᠢ᠋ ᠮᠥᠨ ᠠᠳᠠᠯᠢ ᠪᠠᠷ ᠤᠶᠠᠬᠤ ᠬᠡᠷᠡᠭᠲᠡᠢ᠂ ᠭᠡᠬᠦ ᠳ᠋ᠡᠭᠡᠨ ᠰᠤᠯᠠᠪᠲᠤᠷ ᠤᠶᠠᠬᠤ ᠬᠡᠷᠡᠭᠲᠡᠢ᠃ ᠬᠡᠷᠪᠡ ᠡᠰᠡᠷᠭᠦᠴᠡᠪᠡᠯ ᠳᠠᠷᠤᠢ ᠳ᠋ᠤᠨᠢ ᠫᠤᠤᠳᠠᠵᠤ ᠠᠯᠠᠨ᠎ᠠ᠃ ᠨᠣᠶᠠᠨ ᠪᠣᠯᠤᠨ ᠬᠠᠲᠤᠨ ᠢ᠋ ᠰᠠᠭᠤᠭᠰᠠᠨ ᠭᠡᠷ ᠡᠴᠡ ᠭᠠᠷᠭᠠᠯ ᠦᠭᠡᠢ ᠲᠤᠰᠬᠠᠢ ᠴᠡᠷᠢᠭ ᠦ᠋ᠳ ᠴᠢᠩᠭ᠎ᠠ ᠬᠠᠮᠠᠭᠠᠯᠠᠨ᠎ᠠ᠃
ᠬᠦᠴᠦᠨᠲᠡᠭᠦᠰ ᠦ᠋ᠨ ᠨᠢᠭᠡ ᠰᠠᠯᠠᠭ᠎ᠠ ᠴᠡᠷᠢᠭ ᠮᠠᠰᠢ ᠬᠤᠷᠳᠤᠨ ᠢ᠋ᠶ᠋ᠠᠷ ᠳᠤᠭᠠᠩ ᠬᠤᠷᠠᠬᠤ ᠶ᠋ᠢᠨ ᠣᠪᠣᠭᠠᠨ ᠤ᠋ ᠣᠷᠣᠢ ᠳ᠋ᠤ᠌ ᠰᠢᠪᠡᠷᠡᠭᠰᠡᠨ ᠪᠣᠷᠣᠭᠠᠨ ᠳ᠋ᠤ᠌ ᠰᠢᠭᠤᠷᠲᠠᠭᠰᠠᠨ ᠰᠤᠮᠤᠨ ᠮᠠᠨᠠᠭᠠᠨ ᠤ᠋ ᠬᠠᠷᠠᠭᠤᠯ ᠤ᠋ᠨ ᠭᠠᠭᠴᠠ ᠴᠡᠷᠢᠭ ᠰᠥᠨᠭᠥᠳᠡᠢ ᠠᠷᠪᠢᠨᠭᠡᠰᠢᠭ(ᠳᠠᠭᠤ ᠲᠣᠳᠣ ᠦᠭᠡᠢ ᠬᠥᠮᠦᠨ ᠢ᠋ ᠬᠡᠯᠡᠨ᠎ᠡ) ᠶ᠋ᠢ ᠭᠡᠨᠡᠳᠡᠭᠦᠯᠦᠨ ᠪᠠᠷᠢᠪᠴᠢᠯᠠᠯ᠎ᠠ᠃ ᠠᠷᠪᠢᠨᠭᠡᠰᠢᠭ᠄《ᠰᠢᠨᠡᠯᠡᠮ᠎ᠡ ᠶ᠋ᠢᠨ ᠰᠢᠭᠡᠰᠦ ᠶ᠋ᠢ ᠤᠤᠭᠤᠭᠰᠠᠨ ᠮᠠᠭᠤ ᠰᠠᠢᠨ ᠠᠮᠢᠲᠠᠳ᠂ ᠲᠡᠷᠡ ᠡᠴᠢᠭᠡ ᠴᠢᠨᠢ ᠦᠬᠦᠵᠦ ᠠᠮᠠᠷᠠᠯ᠎ᠠ᠂ ᠣᠳᠣ ᠮᠢᠨᠦ ᠰᠢᠭᠡᠰᠦ ᠶ᠋ᠢ ᠤᠤᠭᠤ!》 ᠭᠡᠵᠦ ᠮᠠᠭᠤᠬᠠᠢ ᠪᠠᠷ ᠬᠠᠷᠢᠶᠠᠭᠰᠠᠨ ᠳ᠋ᠤ᠌᠂ ᠳᠣᠣᠷ᠎ᠠ ᠨᠢ ᠯᠢᠶᠡᠨᠵᠤᠤ ᠫᠤᠤ ᠶ᠋ᠢᠨ ᠪᠢᠴᠢᠬᠠᠨ ᠢᠯᠳᠦ ᠪᠡᠷ ᠴᠡᠭᠡᠵᠢᠨ ᠳ᠋ᠦ᠍ᠨᠢ ᠲᠥᠷᠥᠵᠦ ᠬᠥᠯ ᠢ᠋ᠶ᠋ᠡᠷ ᠢ᠋ᠶ᠋ᠡᠨ ᠬᠡᠮᠡᠷᠳᠡᠭ ᠢ᠋ ᠨᠢ ᠬᠦᠴᠦᠲᠡᠢ ᠬᠡᠳᠦ ᠢᠰᠬᠦᠯᠦᠭᠰᠡᠨ ᠳ᠋ᠦ᠍ ᠦᠬᠦᠴᠢᠬᠡᠯ᠎ᠡ᠃
ᠪᠡᠯᠭᠡ ᠶ᠋ᠢᠨ ᠡᠮᠦᠨ᠎ᠡ ᠡᠴᠡ ᠥᠰᠬᠡᠨ ᠬᠤᠷ᠎ᠠ ᠮᠥᠨ ᠦᠷᠭᠦᠯᠵᠢᠯᠡᠭᠰᠡᠭᠡᠷ᠂ ᠠᠷᠪᠠᠨ ᠬᠣᠶᠠᠳᠤᠭᠠᠷ ᠬᠣᠷᠢᠶᠠᠨ ᠤ᠋ ᠪᠠᠢᠯᠳᠤᠭᠴᠢᠳ ᠪᠣᠷᠣᠭᠠᠨ ᠳᠤᠮᠳᠠᠭᠤᠷ ᠨᠢᠭᠡ ᠴᠦ᠍ ᠬᠥᠮᠦᠨ ᠳ᠋ᠦ᠍ ᠰᠡᠷᠡᠭᠳᠡᠭᠰᠡᠨ ᠦᠭᠡᠢ᠂ ᠨᠢᠭᠡ ᠴᠦ᠍ ᠫᠤᠤ ᠳᠤᠤᠭᠠᠷᠭᠠᠭᠰᠠᠨ ᠦᠭᠡᠢ ᠪᠡᠷ ᠨᠣᠶᠠᠨ ᠤ᠋ ᠴᠡᠷᠢᠭ ᠦ᠋ᠨ ᠰᠠᠭᠤᠵᠤ ᠪᠠᠢᠭ᠎ᠠ ᠪᠠᠢᠰᠢᠩ ᠪᠣᠯᠤᠨ ᠯᠠᠮᠠ ᠨᠠᠷ ᠤ᠋ᠨ ᠪᠠᠢᠰᠢᠩ ᠤ᠋ᠳ ᠢ᠋ ᠪᠦᠰᠡᠯᠡᠵᠦ ᠡᠭᠦᠳᠡ ᠴᠣᠩᠬᠣ ᠪᠠᠷ ᠨᠢ ᠫᠤᠤ ᠰᠢᠷᠭᠤᠭᠤᠯᠤᠨ᠄《ᠪᠢᠲᠡᠭᠡᠢ ᠬᠥᠳᠡᠯ! ᠡᠰᠡᠷᠭᠦᠴᠡᠪᠡᠯ ᠫᠤᠤᠳᠠᠯ᠎ᠠ》 ᠭᠡᠮᠡᠨ ᠰᠦᠷᠳᠡᠭᠦᠯᠦᠯᠡ᠃
ᠨᠣᠶᠠᠨ ᠤ᠋ ᠴᠡᠷᠢᠭ ᠦ᠋ᠳ ᠪᠣᠷᠣᠭᠠᠨ ᠲᠠᠢ ᠰᠥᠨᠢ ᠶ᠋ᠢᠨ ᠬᠠᠷᠠᠩᠭᠤᠢ ᠳ᠋ᠤ᠌ ᠠᠮᠲᠠᠲᠤ ᠨᠣᠢᠷ ᠲᠠᠭᠠᠨ ᠨᠣᠢᠷᠰᠤᠭᠰᠠᠨ ᠠ᠋ᠴᠠ ᠪᠢᠰᠢ ᠨᠣᠢᠷ ᠬᠤᠯᠵᠢᠵᠤ ᠰᠡᠷᠭᠡᠭ ᠪᠠᠢᠭ᠎ᠠ ᠬᠥᠮᠦᠨ ᠨᠢᠭᠡ ᠴᠦ᠍ ᠦᠭᠡᠢ ᠨᠢ ᠠᠷᠪᠠᠨ ᠬᠣᠶᠠᠳᠤᠭᠠᠷ ᠬᠣᠷᠢᠶᠠᠨ ᠤ᠋ ᠲᠡᠢᠨ ᠪᠠᠢᠯᠳᠤᠭᠠᠨ ᠤ᠋ ᠢᠯᠠᠯᠲᠠ ᠶ᠋ᠢ ᠣᠯᠬᠤ ᠳ᠋ᠤ᠌ ᠲᠤᠢᠯ ᠤ᠋ᠨ ᠠᠰᠢᠭᠲᠠᠢ ᠪᠠᠢᠵᠠᠢ᠃
ᠨᠣᠶᠠᠨ ᠤ᠋ ᠴᠡᠷᠢᠭ ᠦ᠋ᠨ ᠯᠢᠶᠡᠨᠪᠦ᠋ ᠰᠠᠭᠤᠭ᠎ᠠ ᠪᠠᠢᠰᠢᠩ ᠬᠦᠷᠢᠶ᠎ᠡ ᠶ᠋ᠢᠨ ᠳᠣᠲᠣᠷ᠎ᠠ ᠪᠣᠷᠣᠭᠠᠨ ᠤ᠋ ᠱᠠᠯᠴᠢᠭ ᠰᠢᠪᠡᠷ᠂ ᠪᠠᠢᠰᠢᠩ ᠤ᠋ᠨ ᠸᠠᠭᠠᠷ ᠠ᠋ᠴᠠ ᠴᠤᠪᠤᠷᠠᠭᠰᠠᠨ ᠤᠰᠤ ᠨᠡᠯᠦᠢᠵᠦ ᠠᠷᠪᠠᠨ ᠬᠣᠶᠠᠳᠤᠭᠠᠷ ᠬᠣᠷᠢᠶᠠᠨ ᠤ᠋ ᠨᠢᠭᠡᠨ ᠪᠠᠢᠯᠳᠤᠭᠴᠢ ᠰᠠᠨᠠᠮᠰᠠᠷ ᠦᠭᠡᠢ ᠬᠠᠯᠲᠤᠷᠢᠵᠤ ᠤᠨᠠᠭᠠᠳ ᠰᠤᠮᠤ ᠳᠠᠷᠤᠭᠰᠠᠨ ᠫᠤᠤ ᠨᠢ ᠭᠠᠵᠠᠷ ᠲᠤ᠌ ᠬᠦᠴᠦᠲᠡᠢ ᠤᠨᠠᠵᠤ ᠲᠤᠷᠭᠢᠬᠤ ᠳ᠋ᠠᠭᠠᠨ《ᠲᠦᠩ》 ᠭᠡᠵᠦ ᠳᠤᠤᠭᠠᠷᠪᠠ᠃ ᠰᠠᠨᠠᠮᠰᠠᠷ ᠦᠭᠡᠢ ᠳᠤᠤᠭᠠᠷᠤᠭᠰᠠᠨ ᠫᠤᠤ ᠶ᠋ᠢᠨ ᠳᠠᠭᠤᠨ ᠪᠠᠨᠳᠢᠳᠠ ᠶ᠋ᠢᠨ ᠳᠤᠭᠠᠩ ᠳ᠋ᠠᠬᠢ ᠪᠤᠷᠬᠠᠨ ᠴᠣᠢᠵᠣᠩ᠂ ᠬᠥᠮᠦᠨ ᠠᠮᠢᠲᠠᠨ ᠢ᠋ ᠰᠣᠴᠢᠭᠠᠨ ᠲᠤᠰ ᠤᠳᠠᠭᠠᠨ ᠤ᠋ ᠪᠠᠢᠯᠳᠤᠭᠠᠨ ᠤ᠋ ᠡᠬᠢᠯᠡᠯᠲᠡ ᠶ᠋ᠢᠨ ᠳᠣᠬᠢᠶ᠎ᠠ ᠪᠣᠯᠴᠢᠬᠠᠵᠠᠢ᠃ ᠫᠤᠤ ᠦᠷᠭᠦᠯᠵᠢᠯᠡᠨ ᠳᠤᠤᠭᠠᠷᠴᠤ ᠭᠠᠳᠠᠭᠰᠢ ᠤᠷᠭᠤᠨ ᠳᠤᠲᠠᠭᠠᠵᠤ ᠪᠠᠢᠭ᠎ᠠ ᠨᠣᠶᠠᠨ ᠤ᠋ ᠴᠡᠷᠢᠭ ᠦ᠋ᠳ ᠢ᠋ ᠬᠠᠷᠪᠤᠵᠤ᠂ ᠨᠢᠭᠡ ᠪᠦᠯᠦᠭ ᠴᠡᠷᠢᠭ ᠨᠢ ᠯᠢᠶᠡᠨᠪᠦ᠋ ᠳ᠋ᠡᠬᠢ ᠠᠮᠤᠷᠰᠠᠨᠠᠭ᠎ᠠ ᠯᠢᠶᠡᠨᠵᠠᠩ ᠢ᠋ ᠪᠠᠷᠢᠪᠴᠢᠯᠠᠪᠠ᠃ ᠲᠡᠭᠡᠭᠡᠳ ᠲᠡᠭᠦᠨ ᠢ᠋ ᠰᠤᠯᠠᠪᠲᠤᠷ ᠬᠦᠯᠢᠵᠦ ᠤᠶᠠᠭᠠᠳ ᠦᠦᠰᠢᠨ ᠨᠣᠶᠠᠨ ᠲᠡᠭᠦᠰᠠᠠᠮᠤᠭᠤᠯᠠᠩ ᠤ᠋ᠨ ᠰᠠᠭᠤᠭ᠎ᠠ ᠭᠡᠷ ᠲᠦ᠍ ᠠᠪᠴᠢᠷᠠᠵᠤ᠂ ᠨᠣᠶᠠᠨ ᠤ᠋ ᠰᠤᠪᠢᠯᠠᠭᠴᠢ ᠬᠢᠶ᠎ᠡ ᠪᠠᠶᠠᠨᠲᠣᠭᠲᠣᠬᠤ᠂ ᠨᠣᠶᠠᠨ ᠤ᠋ ᠬᠡᠦᠬᠡᠨ ᠳᠡᠭᠦᠦ ᠰᠠᠭᠰᠠ ᠠᠪᠠᠬᠠᠢ ᠨᠠᠷ ᠢ᠋ ᠴᠥᠮ ᠡᠨᠡ ᠭᠡᠷ ᠡᠴᠡ ᠭᠠᠷᠭᠠᠯ ᠦᠭᠡᠢ ᠰᠤᠯᠠ ᠬᠣᠷᠢᠵᠤ ᠴᠡᠷᠢᠭ ᠢ᠋ᠶ᠋ᠡᠷ ᠮᠠᠨᠠᠭᠤᠯᠤᠨ ᠬᠠᠷᠠᠭᠤᠯᠪᠠ᠃
ᠨᠣᠶᠠᠨ ᠤ᠋ ᠴᠡᠷᠢᠭ ᠦ᠋ᠨ ᠪᠠᠶᠠᠨᠲᠣᠭᠲᠣᠬᠤ᠂ ᠥᠯᠵᠡᠢᠲᠡᠯᠭᠡᠷ ᠵᠡᠷᠭᠡ ᠬᠥᠮᠦᠰ ᠦᠬᠦᠨ ᠡᠰᠡᠷᠭᠦᠴᠡᠵᠦ ᠪᠠᠢᠭᠠᠳ ᠠᠷᠪᠠᠨ ᠳᠥᠷᠪᠡᠨ ᠴᠡᠷᠢᠭ ᠠᠯᠠᠭᠳᠠᠪᠠ᠃ ᠡᠨᠡ ᠬᠦ᠌ ᠪᠠᠢᠯᠳᠤᠭᠠᠨ ᠳ᠋ᠤ᠌ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠶᠠᠨᠵᠢᠮᠠᠢ ᠱᠠᠵᠠᠩ ᠤ᠋ᠨ ᠳᠠᠭᠠᠯ ᠴᠡᠷᠢᠭ ᠪᠤᠭᠤᠷᠤᠯ ᠵᠡᠪᠡ ᠨᠣᠶᠠᠨ ᠤ᠋ ᠴᠡᠷᠢᠭ ᠦ᠋ᠨ ᠦᠬᠡᠷ ᠪᠠᠪᠤᠤ(ᠴᠣᠯᠠ)᠂ ᠪᠠᠪᠠ ᠬᠣᠶᠠᠭᠤᠯᠠ ᠳ᠋ᠤ᠌ ᠫᠤᠤᠳᠠᠭᠳᠠᠨ ᠰᠢᠷᠬᠠᠳᠤᠯᠠ᠃ ᠶᠠᠨᠵᠢᠮᠠᠢ ᠵᠡᠷᠭᠡ ᠬᠡᠳᠦᠨ ᠬᠥᠮᠦᠨ ᠲᠡᠭᠦᠨ ᠢ᠋ ᠭᠡᠷ ᠲᠦ᠍ ᠳᠠᠮᠨᠠᠨ ᠣᠷᠣᠭᠤᠯᠤᠭᠰᠠᠨ ᠪᠣᠯᠪᠠᠴᠤ ᠰᠢᠷᠬ᠎ᠠ ᠨᠢ ᠬᠦᠨᠳᠦ ᠴᠢᠰᠤ ᠶᠡᠬᠡ ᠭᠠᠷᠤᠭᠰᠠᠨ ᠪᠣᠯᠬᠣᠷ ᠠᠮᠢ ᠦᠷᠡᠭᠳᠡᠵᠡᠢ᠃
ᠪᠤᠰᠤᠳ ᠴᠡᠷᠢᠭ ᠦ᠋ᠳ ᠦᠬᠡᠷ ᠪᠠᠪᠤᠤ᠂ ᠪᠠᠪᠠ ᠬᠣᠶᠠᠭᠤᠯᠠ ᠶ᠋ᠢ ᠨᠡᠬᠡᠮᠵᠢᠯᠡᠭᠰᠡᠭᠡᠷ ᠪᠠᠢᠭᠠᠳ ᠰᠦᠮ᠎ᠡ ᠶ᠋ᠢᠨ ᠪᠤᠷᠬᠠᠨ ᠤ᠋ ᠴᠠᠭᠠᠭᠤᠷ ᠨᠢᠭᠤᠵᠤ ᠪᠠᠢᠭᠰᠠᠨ ᠢ᠋ ᠪᠠᠷᠢᠵᠤ ᠠᠪᠤᠭᠠᠳ ᠰᠦᠮ᠎ᠡ ᠶ᠋ᠢᠨ ᠭᠣᠷᠢᠶᠠᠨ ᠵᠠᠮ ᠤ᠋ᠨ ᠭᠠᠳᠠᠨᠠᠬᠢ ᠪᠦᠷᠦᠯᠵᠡᠨ ᠳ᠋ᠦ᠍ ᠫᠤᠤᠳᠠᠵᠤ ᠠᠯᠠᠪᠠ᠃
ᠠᠷᠪᠠᠨ ᠬᠣᠶᠠᠳᠤᠭᠠᠷ ᠬᠣᠷᠢᠶᠠᠨ ᠤ᠋ ᠨᠢᠭᠡᠳᠦᠭᠡᠷ ᠯᠢᠶᠠᠨ ᠤ᠋ ᠯᠢᠶᠡᠨᠵᠠᠩ ᠪᠠᠪᠠ᠂ ᠬᠣᠶᠠᠳᠤᠭᠠᠷ ᠯᠢᠶᠠᠨ ᠤ᠋ ᠯᠢᠶᠡᠨᠵᠠᠩ ᠵᠠᠮᠢᠶᠠᠨᠵᠠᠪ ᠵᠡᠷᠭᠡ ᠨᠣᠶᠠᠳ᠂ ᠦᠦᠰᠢᠨ ᠪᠡᠢᠯᠡ ᠨᠣᠶᠠᠨ ᠲᠡᠭᠦᠰᠡᠠᠮᠤᠭᠤᠯᠠᠩ ᠤ᠋ᠨ ᠰᠠᠭᠤᠵᠤ ᠪᠠᠢᠭᠰᠠᠨ ᠭᠡᠷ ᠲᠦ᠍ ᠨᠣᠶᠠᠨ ᠳ᠋ᠤ᠌ ᠪᠠᠷ᠎ᠠ ᠠᠢᠯᠠᠳᠬᠠᠬᠤ ᠪᠠᠷ ᠣᠷᠣᠵᠠᠭᠠᠯ᠎ᠠ᠃ ᠵᠠᠮᠢᠶᠠᠨᠵᠠᠪ ᠦᠭᠡ ᠲᠦᠷᠭᠡᠨ ᠢ᠋ᠶ᠋ᠡᠷ ᠢ᠋ᠶ᠋ᠡᠨ ᠤᠷᠢᠲᠠᠵᠤ᠄《ᠪᠡᠢᠯᠡ ᠨᠣᠶᠠᠨ ᠴᠢᠨᠦ ᠴᠡᠷᠢᠭ᠂ ᠳᠠᠭᠠᠯ ᠬᠥᠲᠥᠯ ᠪᠦᠷ ᠲᠠᠭᠠᠯᠠᠯ ᠲᠡᠭᠦᠰᠴᠦ ᠡᠷᠯᠢᠭ ᠦ᠋ᠨ ᠡᠭᠦᠳᠡᠨ ᠳ᠋ᠦ᠍ ᠶᠠᠪᠤᠵᠤ ᠳᠠᠭᠤᠰᠴᠠᠢ᠃ ᠲᠠ ᠭᠠᠷ ᠫᠤᠤ ᠪᠠᠨ ᠪᠢᠳᠡᠨ ᠳ᠋ᠦ᠍ ᠲᠤᠰᠢᠶ᠎ᠠ!》 ᠭᠡᠪᠡ᠃ ᠨᠣᠶᠠᠨ ᠲᠡᠳᠡ ᠬᠡᠳᠦᠭᠦᠯᠡ ᠶ᠋ᠢ ᠮᠠᠭᠤᠬᠠᠢ ᠬᠠᠷᠠᠵᠤ ᠳᠤᠷ᠎ᠠ ᠲᠠᠢ ᠳᠤᠷ᠎ᠠ ᠦᠭᠡᠢ ᠰᠢᠭ ᠪᠠᠢᠬᠤ ᠳ᠋ᠤ᠌ ᠥᠯᠵᠡᠢᠪᠠᠲᠤ ᠪᠡᠢᠯᠡ ᠨᠣᠶᠠᠨ ᠳ᠋ᠤ᠌ ᠨᠢᠭᠡ ᠲᠣᠯᠣᠭᠠᠢ ᠮᠥᠷᠭᠥᠴᠢᠬᠡᠭᠡᠳ᠄《ᠨᠣᠶᠠᠨ ᠲᠠ ᠫᠤᠤ ᠪᠠᠨ ᠬᠠᠢᠷᠠᠯᠠᠭᠰᠠᠨ ᠳᠡᠭᠡᠷ᠎ᠡ ᠪᠠᠢᠬ᠎ᠠ ᠠ᠋!》 ᠭᠡᠬᠦ ᠳ᠋ᠦ᠍ ᠲᠡᠭᠦᠰᠡᠠᠮᠤᠭᠤᠯᠠᠩ ᠨᠣᠶᠠᠨ ᠳᠡᠷᠡ ᠶ᠋ᠢᠨ ᠳᠣᠣᠷ᠎ᠠ ᠠ᠋ᠴᠠ ᠪᠠᠨ ᠭᠠᠷ ᠫᠤᠤ ᠪᠠᠨ ᠠᠪᠴᠤ《ᠡᠨᠡ ᠮᠠᠭᠤ ᠶᠠᠭᠤᠮ᠎ᠠ ᠪᠠᠨ ᠠᠪᠠᠴᠢ!》 ᠭᠡᠮᠡᠨ ᠬᠥᠰᠡᠷ ᠲᠦ᠍ ᠲᠦᠰᠬᠢᠲᠡᠯ᠎ᠡ ᠰᠢᠳᠡᠵᠡᠢ᠃
ᠬᠡᠳᠦᠨ ᠵᠢᠯ ᠵᠢᠩ ᠶᠤᠸᠠᠢ ᠰᠢᠦ ᠶ᠋ᠢᠨ ᠴᠡᠷᠢᠭ ᠲᠡᠢ ᠨᠡᠢᠯᠡᠵᠦ ᠬᠣᠰᠢᠭᠤ ᠨᠤᠲᠤᠭ ᠢ᠋ᠶ᠋ᠠᠨ ᠳᠦᠢᠪᠡᠭᠡᠵᠦ ᠶᠠᠪᠤᠭᠰᠠᠨ ᠨᠣᠶᠠᠨ ᠥᠨᠥᠳᠥᠷ ᠥᠪᠡᠷ ᠦ᠋ᠨ ᠭᠠᠷ ᠵᠡᠪᠰᠡᠭ ᠢ᠋ᠶ᠋ᠡᠨ ᠲᠤᠰᠢᠶᠠᠵᠤ᠂ ᠳᠠᠭᠠᠵᠤ ᠶᠠᠪᠤᠭᠰᠠᠨ ᠬᠣᠰᠢᠭᠤ ᠴᠡᠷᠢᠭ ᠨᠢ ᠴᠦ᠍ ᠠᠯᠠᠭᠳᠠᠵᠤ ᠪᠠᠷᠢᠭᠳᠠᠭᠠᠳ ᠡᠴᠦᠰ ᠦ᠋ᠨ ᠮᠥᠬᠥᠯ ᠢ᠋ᠶ᠋ᠡᠨ ᠪᠠᠨᠳᠢᠳᠠ ᠶ᠋ᠢᠨ ᠳᠤᠭᠠᠩ ᠳ᠋ᠤ᠌ ᠦᠵᠡᠵᠡᠢ᠃
ᠭᠠᠭᠴᠠ ᠬᠦ᠌ ᠲᠠᠢᠵᠢ ᠸᠠᠩᠴᠤᠭᠷᠠᠪᠳᠠᠨ ᠵᠢᠰᠤᠷ ᠬᠥᠮᠦᠨ ᠪᠣᠯᠬᠤᠯ᠎ᠠ ᠲᠡᠷᠡ ᠰᠥᠨᠢ ᠪᠠᠨᠳᠢᠳᠠ ᠶ᠋ᠢᠨ ᠳᠤᠭᠠᠩ ᠳ᠋ᠤ᠌ ᠪᠠᠢᠭᠰᠠᠨ ᠦᠭᠡᠢ᠂ ᠰᠦᠮ᠎ᠡ ᠶ᠋ᠢᠨ ᠡᠮᠦᠨᠡᠬᠢ ᠨᠢᠭᠡᠨ ᠠᠢᠯ ᠤ᠋ᠨ ᠭᠠᠳᠠᠨ᠎ᠠ ᠮᠠᠢᠬᠠᠨ ᠪᠠᠷᠢᠵᠤ ᠰᠠᠭᠤᠵᠤ ᠪᠠᠢᠭᠰᠠᠨ ᠲᠤᠯᠠ ᠰᠥᠨᠢ ᠶ᠋ᠢᠨ ᠫᠤᠤ ᠶ᠋ᠢᠨ ᠳᠠᠭᠤᠨ ᠢ᠋ᠶ᠋ᠠᠷ ᠰᠣᠴᠢᠨ ᠦᠷᠭᠦᠵᠦ ᠴᠢᠭᠤᠯᠭᠠᠨ ᠳᠠ ᠶ᠋ᠢᠨ ᠭᠠᠵᠠᠷ ᠳᠤᠲᠠᠭᠠᠨ ᠶᠠᠪᠤᠪᠠ᠃ ᠰᠡᠭᠦᠯᠡᠷ ᠱᠠᠮᠪᠠ ᠳᠠᠩ ᠬᠡᠮᠡᠬᠦ ᠭᠠᠵᠠᠷ ᠬᠠᠲᠤᠨ ᠭᠣᠣᠯ ᠤ᠋ᠨ ᠬᠣᠢᠲᠤ ᠬᠥᠪᠡᠭᠡᠨ ᠳ᠋ᠦ᠍ ᠬᠥᠯ ᠲᠣᠭᠲᠠᠵᠤ ᠳᠡᠯᠠᠢᠭᠦᠦ ᠶ᠋ᠢᠨ ᠡᠬᠡᠨᠡᠷ ᠮᠥᠩᠭᠦᠨᠴᠡᠴᠡᠭ ᠲᠡᠢ ᠬᠣᠶᠠᠭᠤᠯᠠ ᠳᠣᠯᠣᠭᠠᠨ ᠵᠢᠯ ᠠᠮᠢᠳᠤᠷᠠᠭᠰᠠᠨ ᠭᠡᠨ᠎ᠡ᠃
ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠲᠡᠭᠦᠰᠴᠦ᠂ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠠᠩᠭᠢ ᠶᠡᠬᠡ ᠠᠷᠪᠢᠨ ᠫᠤᠤ ᠰᠤᠮᠤ ᠣᠯᠵᠠᠯᠠᠵᠤ ᠵᠢᠷᠭᠤᠭᠠᠨ ᠮᠣᠷᠢᠨ ᠳ᠋ᠤ᠌ ᠳᠦᠭᠦᠷᠲᠡᠯ᠎ᠡ ᠠᠴᠢᠭᠠᠳ᠂ ᠲᠡᠭᠦᠰᠡᠠᠮᠤᠭᠤᠯᠠᠩ ᠵᠡᠷᠭᠡ ᠬᠣᠷᠢᠭᠠᠳ ᠬᠥᠮᠦᠨ(ᠣᠯᠵᠠᠯᠠᠭᠳᠠᠭᠰᠠᠨ ᠴᠡᠷᠢᠭ ᠴᠦ᠍ ᠪᠠᠭᠲᠠᠨ᠎ᠠ) ᠶ᠋ᠢ ᠪᠠᠷᠠᠭᠤᠨᠰᠢ ᠮᠡᠢᠷᠡᠨ ᠰᠦᠮ᠎ᠡ ᠵᠦᠭ ᠠᠪᠴᠤ ᠶᠠᠪᠤᠵᠠᠢ᠃
ᠪᠠᠪᠠ᠂ ᠵᠠᠮᠢᠶᠠᠨᠵᠠᠪ ᠬᠣᠶᠠᠷ ᠯᠢᠶᠡᠨᠵᠠᠩ ᠴᠡᠷᠢᠭ ᠲᠡᠭᠡᠨ ᠵᠠᠷᠯᠢᠭ ᠪᠠᠭᠤᠯᠭᠠᠵᠤ ᠮᠡᠢᠷᠡᠨ ᠰᠦᠮ᠎ᠡ ᠳ᠋ᠦ᠍ ᠬᠦᠷᠲᠡᠯᠡᠬᠢ ᠬᠣᠷᠢ ᠭᠠᠷᠤᠢ ᠺᠢᠯᠣᠮᠧᠲ᠋ᠷ ᠦ᠋ᠨ ᠵᠠᠮ ᠳ᠋ᠤ᠌ ᠨᠣᠶᠠᠨ ᠤ᠋ ᠴᠡᠷᠢᠭ ᠦ᠋ᠨ ᠨᠡᠯᠢᠶᠡᠳ ᠴᠡᠷᠢᠭ ᠳᠠᠭᠠᠯ ᠢ᠋ ᠫᠤᠤᠳᠠᠵᠤ ᠠᠯᠠᠵᠠᠢ᠃
ᠲᠡᠭᠦᠰᠠᠠᠮᠤᠭᠤᠯᠠᠩ ᠨᠣᠶᠠᠨ ᠡᠨᠡ ᠬᠦ᠌ ᠪᠠᠢᠳᠠᠯ ᠢ᠋ ᠦᠵᠡᠭᠡᠳ ᠮᠠᠭᠤ ᠳᠠᠭᠤᠨ ᠢ᠋ᠶ᠋ᠠᠷ᠄《ᠲᠠᠨᠤᠰ ᠵᠠᠮ ᠳᠠᠭᠤᠰᠤᠨ ᠬᠥᠮᠦᠨ ᠠᠯᠠᠭᠠᠳ ᠶᠠᠭᠠᠬᠢᠬᠤ ᠪᠣᠢ?》 ᠭᠡᠬᠦ ᠳ᠋ᠦ᠍᠂ ᠪᠠᠪᠠ ᠯᠢᠶᠡᠨᠵᠠᠩ ᠠ᠋ᠴᠠ᠄《ᠪᠢᠳᠡ ᠶᠡᠷᠦ ᠡᠴᠡ ᠬᠥᠮᠦᠨ ᠠᠯᠠᠬᠤ ᠳᠤᠷ᠎ᠠ ᠦᠭᠡᠢ᠂ ᠡᠨᠡ ᠪᠣᠯ ᠲᠠᠨᠤᠰ ᠤ᠋ᠨ ᠦᠦᠰᠢᠨ ᠬᠤᠰᠢᠭᠤᠨ ᠤ᠋ ᠮᠠᠯᠴᠢᠨ ᠲᠦᠮᠡᠨ ᠳ᠋ᠦ᠍ ᠶᠠᠯ᠎ᠠ ᠬᠢᠭᠰᠡᠨ ᠦ᠌ ᠬᠠᠷᠢᠭᠤ ᠪᠢᠯᠡ! ᠠᠶ᠎ᠠ ᠦᠭᠡᠢᠳᠡᠪᠡᠯ ᠴᠢᠮᠠᠲᠤ ᠪᠠᠰᠠ ᠭᠠᠷ ᠬᠦᠷᠴᠦ ᠮᠡᠳᠡᠨ᠎ᠡ᠁ ᠲᠡᠮᠡᠭᠡᠲᠦ(ᠢᠦᠢ ᠯᠢᠨ) ᠢᠨ ᠲᠡᠨᠳᠡ ᠬᠡᠳᠦᠨ ᠵᠢᠯ ᠰᠢᠷᠭᠤᠵᠤ ᠵᠢᠩ ᠶᠤᠸᠠᠢ ᠰᠢᠦ ᠲᠡᠢ ᠬᠠᠮᠲᠤᠷᠠᠵᠤ ᠬᠣᠰᠢᠭᠤ ᠨᠤᠲᠤᠭ ᠢ᠋ᠶ᠋ᠠᠨ ᠳᠡᠭᠡᠷᠡᠮᠳᠡᠭᠰᠡᠨ ᠴᠢᠨᠢ ᠣᠳᠣ ᠶᠠᠮᠠᠷ ᠪᠠᠢᠨ᠎ᠠ?》 ᠭᠡᠮᠡᠨ ᠵᠠᠩᠳᠤᠷᠬᠤ ᠳ᠋ᠤ᠌᠂ ᠲᠡᠭᠦᠰᠡᠠᠮᠤᠭᠤᠯᠠᠩ ᠨᠣᠶᠠᠨ ᠠᠷᠭ᠎ᠠ ᠪᠤᠰᠤ ᠴᠢᠷᠠᠢ ᠨᠢ ᠬᠠᠷᠠᠯᠠᠭᠠᠳ ᠳᠣᠲᠣᠷ᠎ᠠ ᠪᠠᠨ ᠶᠠᠭᠤ ᠨᠢᠭᠡ ᠪᠣᠳᠣᠵᠤ ᠪᠠᠢᠪᠠ᠃
ᠲᠡᠳᠡ ᠪᠠᠷᠠᠭᠤᠨᠰᠢ ᠦᠷᠭᠦᠯᠵᠢᠯᠡᠨ ᠤᠷᠤᠭᠰᠢᠯᠠᠬᠤ ᠵᠠᠮ ᠳ᠋ᠠᠭᠠᠨ ᠨᠣᠶᠠᠨ ᠤ᠋ ᠴᠡᠷᠢᠭ ᠦ᠋ᠨ ᠭᠣᠣᠯᠯᠠᠭᠴᠢ ᠡᠲᠡᠭᠡᠳ ᠪᠤᠶᠠᠨᠳᠡᠯᠭᠡᠷ᠂ ᠷᠠᠪᠵᠤᠤᠷ ᠵᠡᠷᠭᠡ ᠠᠷᠪᠠᠨ ᠵᠢᠷᠭᠤᠭᠠᠨ ᠬᠥᠮᠦᠨ ᠢ᠋ ᠫᠤᠤᠳᠠᠨ ᠠᠯᠠᠵᠠᠢ(ᠵᠠᠷᠢᠮ ᠪᠤᠭᠤᠷᠤᠯᠴᠤᠳ ᠤ᠋ᠨ ᠬᠡᠯᠡᠬᠦ ᠪᠡᠷ ᠠᠷᠪᠠᠨ ᠨᠠᠢ᠍ᠮᠠᠨ ᠬᠥᠮᠦᠨ ᠴᠦ᠍ ᠭᠡᠳᠡᠭ)᠃ ᠦᠨᠡᠨ ᠳ᠋ᠡᠭᠡᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠠᠩᠭᠢ ᠦᠵᠡᠭᠰᠡᠨ ᠪᠣᠯᠭᠠᠨ ᠢ᠋ ᠪᠠᠷᠢᠵᠤ ᠠᠯᠠᠭᠰᠠᠨ ᠪᠢᠰᠢ ᠪᠢᠯᠡ᠃ ᠤᠳᠠᠭᠠᠨ ᠵᠢᠯ ᠦ᠋ᠨ ᠲᠤᠷᠰᠢ ᠳᠤᠭᠤᠢᠯᠠᠩ ᠤ᠋ᠨ ᠬᠥᠳᠡᠯᠭᠡᠭᠡᠨ ᠢ ᠭᠣᠣᠯᠯᠠᠨ ᠡᠰᠡᠷᠭᠦᠴᠡᠭᠰᠡᠭᠡᠷ ᠢᠷᠡᠭᠰᠡᠨ ᠬᠥᠮᠦᠨ᠂ ᠠᠷᠠᠳ ᠲᠦᠮᠡᠨ ᠬᠣᠷᠣᠰᠤᠯ ᠶᠡᠬᠡ ᠲᠡᠢ ᠡᠰᠡᠬᠦᠯ᠎ᠡ ᠲᠡᠮᠡᠭᠡᠲᠦ ᠬᠣᠲᠠ ᠳ᠋ᠤ᠌ ᠣᠴᠢᠭᠰᠠᠨ ᠤ᠋ ᠰᠡᠭᠦᠯᠡᠷ ᠵᠢᠩ ᠶᠤᠸᠠᠢ ᠰᠢᠦ ᠶ᠋ᠢᠨ ᠴᠡᠷᠢᠭ ᠲᠡᠢ ᠨᠡᠢᠯᠡᠵᠦ ᠭᠤᠷᠪᠠᠨ ᠵᠢᠯ ᠰᠢᠬᠠᠮ ᠬᠣᠰᠢᠭᠤ ᠨᠤᠲᠤᠭ ᠢ᠋ᠶ᠋ᠠᠨ ᠶᠡᠬᠡ ᠪᠡᠷ ᠳᠡᠭᠡᠷᠡᠮᠳᠡᠭᠰᠡᠨ᠂ ᠲᠡᠢᠨ ᠦ᠌ ᠳᠤᠮᠳᠠ ᠣᠯᠠᠨ ᠤᠳᠠᠭ᠎ᠠ ᠮᠤᠵᠢᠭᠤᠳᠠ ᠪᠠᠷ ᠡᠰᠡᠷᠭᠦᠴᠡᠭᠰᠡᠨ ᠬᠥᠮᠦᠨ ᠢ᠋ ᠤᠰᠠᠳᠬᠠᠵᠤ ᠡᠷᠯᠢᠭ ᠲᠤᠨᠢ ᠲᠣᠨᠢᠯᠭᠠᠭᠰᠠᠨ ᠪᠠᠢᠵᠠᠢ᠃ ᠡᠭᠦᠨ ᠡᠴᠡ ᠭᠠᠳᠠᠨ᠎ᠠ ᠲᠤᠰ ᠰᠥᠨᠢ ᠶ᠋ᠢᠨ ᠪᠠᠢᠯᠳᠤᠭᠠᠨ ᠤ᠋ ᠨᠢᠳᠦ ᠦᠭᠡᠢ ᠰᠤᠮᠤᠨ ᠳ᠋ᠤᠷ ᠳᠠᠭᠠᠷᠢᠭᠳᠠᠵᠤ ᠦᠬᠦᠭᠰᠡᠨ ᠴᠦ᠍ ᠣᠯᠠᠨ ᠪᠣᠢ᠃
ᠠᠷᠪᠠᠨ ᠬᠣᠶᠠᠳᠤᠭᠠᠷ ᠬᠣᠷᠢᠶᠠᠨ ᠤ᠋ ᠬᠤᠷᠴᠠ ᠴᠡᠷᠢᠭ ᠠᠩᠭᠢ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠳ᠋ᠤ᠌ ᠰᠢᠢᠳᠪᠦᠷᠢᠲᠦ ᠴᠢᠨᠠᠷ ᠲᠠᠢ ᠢᠯᠠᠯᠲᠠ ᠶ᠋ᠢ ᠣᠯᠪᠠ᠃ ᠲᠡᠳᠡ ᠲᠡᠭᠦᠰᠡᠠᠮᠤᠭᠤᠯᠠᠩ ᠨᠣᠶᠠᠨ ᠢ᠋ ᠪᠠᠷᠢᠵᠤ ᠲᠡᠭᠦᠨ ᠦ᠌ ᠬᠡᠦᠬᠡᠨ ᠳᠡᠭᠦᠦ ᠰᠠᠭᠰᠠ ᠠᠪᠠᠬᠠᠢ᠂ ᠲᠡᠭᠦᠨ ᠦ᠌ ᠰᠤᠪᠢᠯᠠᠭᠴᠢ ᠲᠤᠭᠠᠷ ᠤ᠋ᠨ ᠲᠣᠬᠣᠢ ᠶᠢᠨ ᠪᠠᠶᠠᠨᠳᠣᠭᠲᠠᠬᠤ ᠬᠢᠶ᠎ᠡ᠂ ᠨᠣᠶᠠᠨ ᠤ᠋ ᠴᠡᠷᠢᠭ ᠦ᠋ᠨ ᠯᠢᠶᠡᠨᠵᠠᠩ ᠠᠮᠤᠷᠰᠠᠨᠠᠭ᠎ᠠ ᠳ᠋ᠤ᠌ ᠮᠣᠷᠢ ᠬᠥᠲᠥᠯᠵᠦ ᠪᠠᠢᠭᠰᠠᠨ ᠪᠠᠨᠽᠠᠷᠭᠠᠷᠤᠳᠢ ᠵᠡᠷᠭᠡ ᠬᠡᠳᠦᠬᠡᠨ ᠬᠥᠮᠦᠨ ᠢ᠋ ᠦᠯᠡᠳᠡᠭᠡᠨ ᠤᠤᠯᠭᠠᠯᠠᠭᠠᠳ ᠦᠦᠰᠢᠨ ᠬᠤᠰᠢᠭᠤᠨ ᠤ᠋ ᠲᠠᠮᠠᠭᠠᠯᠠᠢ ᠶ᠋ᠢᠨ ᠱᠠᠩ ᠣᠷᠳᠣᠨ ᠳ᠋ᠤ᠌ ᠬᠦᠷᠭᠡᠵᠦ ᠰᠠᠭᠤᠯᠭᠠᠭᠰᠠᠨ ᠪᠠᠢᠨ᠎ᠠ᠃
ᠤᠯᠤᠰ ᠤ᠋ᠨ ᠳᠣᠲᠣᠭᠠᠳᠤ ᠶ᠋ᠢᠨ ᠬᠤᠪᠢᠰᠬᠠᠯᠲᠤ ᠲᠡᠢᠨ ᠦ᠌ ᠬᠦᠴᠢᠷ ᠪᠡᠷᠬᠡᠰᠢᠶᠡᠯᠲᠦ ᠵᠢᠯ ᠦ᠋ᠳ ᠲᠦ᠍᠂ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠳᠠᠷᠤᠭ᠎ᠠ ᠪᠠᠢᠯᠳᠤᠭᠴᠢᠳ ᠣᠷᠳᠣᠰ ᠤ᠋ᠨ ᠮᠤᠤᠤ᠋ᠰᠤ ᠶ᠋ᠢᠨ ᠡᠯᠡᠰᠦᠨ ᠮᠠᠩᠬᠠᠨ ᠳ᠋ᠤ᠌ ᠴᠥᠭᠡᠬᠡᠨ ᠢ᠋ᠶ᠋ᠡᠷ ᠠᠷᠪᠢᠨ ᠢ᠋ ᠢᠯᠠᠵᠤ ᠪᠠᠭᠤᠷᠠᠢ ᠪᠠᠷ ᠬᠦᠴᠦᠷᠬᠡᠭ ᠢ᠋ ᠢᠯᠠᠭᠠᠳ ᠮᠠᠯᠴᠢᠨ ᠲᠦᠮᠡᠨ ᠦ᠌ ᠠᠮᠤᠷ ᠲᠦᠪᠰᠢᠨ ᠢ᠋ ᠬᠠᠮᠠᠭᠠᠯᠠᠵᠤ᠂ ᠹᠧᠣᠳᠠᠯ ᠤ᠋ᠨ ᠬᠦᠴᠦᠨ ᠢ᠋ ᠡᠷᠬᠡᠰᠢᠶᠡᠯ ᠳ᠋ᠡᠭᠡᠨ ᠣᠷᠣᠭᠤᠯᠵᠤ ᠢᠯᠠᠯᠲᠠ ᠣᠯᠤᠭᠰᠠᠨ ᠴᠣᠷ ᠤ᠋ᠨ ᠭᠠᠭᠴᠠ ᠴᠡᠷᠢᠭ ᠠᠩᠭᠢ ᠪᠣᠯᠵᠤ ᠮᠠᠷᠲᠠᠭᠳᠠᠰᠢ ᠦᠭᠡᠢ ᠲᠡᠦᠬᠡ ᠪᠡᠨ ᠦᠯᠡᠳᠡᠭᠡᠭᠰᠡᠨ ᠪᠢᠯᠡ!①
— — — —
① ᠶᠡᠬᠡ ᠵᠣᠣ ᠠᠢᠮᠠᠭ ᠤ᠋ᠨ ᠳᠠᠩᠰᠠ ᠡᠪᠬᠡᠮᠡᠯ ᠦ᠋ᠨ ᠰᠠᠩ ᠤ᠋ᠨ ᠤᠤᠯ ᠡᠬᠡ ᠡᠴᠡ ᠰᠡᠢᠷᠡᠭᠦᠯᠦᠭᠰᠡᠨ《ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠦ᠌ ᠲᠤᠬᠠᠢ ᠮᠠᠲ᠋ᠧᠷᠢᠶᠠᠯ ᠤ᠋ᠨ ᠡᠮᠬᠢᠳᠬᠡᠯ》10 ᠳᠡᠪᠲᠡᠷ ᠡᠴᠡ ᠰᠡᠢᠷᠡᠭᠦᠯᠪᠡ᠃
ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠪᠣᠯ ᠹᠧᠣᠳᠠᠯ ᠤ᠋ᠨ ᠬᠦᠴᠦᠨ ᠦ᠌ ᠴᠡᠷᠢᠭ ᠵᠠᠰᠠᠭ ᠢ᠋ ᠳᠠᠷᠤᠩᠭᠤᠢᠯᠠᠭᠰᠠᠨ ᠨᠢᠭᠡᠨ ᠤᠳᠠᠭᠠᠨ ᠤ᠋ ᠰᠢᠢᠳᠪᠦᠷᠢᠲᠦ ᠪᠠᠢᠯᠳᠤᠭᠠᠨ ᠪᠣᠯᠤᠨ᠎ᠠ᠃
ᠡᠨᠡ ᠪᠠᠢᠯᠳᠤᠭᠠᠨ1929 ᠣᠨ ᠤ᠋8 ᠰᠠᠷ᠎ᠠ ᠶ᠋ᠢᠨ15 ᠳ᠋ᠤ᠌ ᠭᠠᠷᠤᠭᠰᠠᠨ ᠲᠤᠯᠠ ᠡᠨᠡ ᠦᠶ᠎ᠡ ᠳ᠋ᠦ᠍ ᠰᠢᠨᠠᠯᠠᠮ᠎ᠠ ᠨᠢᠭᠡᠨᠲᠡ ᠳᠣᠲᠣᠭᠠᠳᠤ ᠶ᠋ᠢᠨ ᠤᠷᠪᠠᠭᠴᠢᠳ ᠲᠤ᠌ ᠬᠣᠣᠷᠯᠠᠭᠳᠠᠭᠠᠳ 6 ᠰᠠᠷ᠎ᠠ ᠢᠯᠡᠭᠦᠦ ᠪᠣᠯᠤᠭᠰᠠᠨ ᠲᠤᠯᠠ ᠰᠢᠨᠠᠯᠠᠮ᠎ᠠ ᠶ᠋ᠢ ᠳᠤᠷᠠᠳᠤᠭᠰᠠᠨ ᠦᠭᠡᠢ᠂ ᠦᠨᠡᠨ ᠣᠷᠣᠯᠴᠠᠵᠤ ᠵᠢᠯᠣᠭᠣᠳᠤᠭᠰᠠᠨ᠂ ᠲᠡᠢᠨ ᠢ᠋ ᠤᠳᠤᠷᠢᠳᠤᠭᠰᠠᠨ ᠬᠥᠮᠦᠰ ᠦ᠋ᠨ ᠨᠡᠷ᠎ᠡ ᠶ᠋ᠢ ᠪᠢᠴᠢᠯ᠎ᠡ᠃ ᠰᠢᠨᠠᠯᠠᠮ᠎ᠠ ᠨᠢᠭᠡᠨᠲᠡ ᠬᠣᠣᠷᠯᠠᠭᠳᠠᠭᠰᠠᠨ ᠤ᠋ ᠳᠠᠷᠠᠭᠠᠬᠢ ᠤᠴᠢᠷ ᠲᠤᠯᠠ ᠪᠢᠴᠢᠭᠰᠡᠨ ᠦ᠌ ᠬᠡᠷᠡᠭ ᠦᠭᠡᠢ ᠭᠡᠵᠦ ᠦᠵᠡᠳᠡᠭ ᠴᠦ᠍ ᠪᠣᠢ᠃ ᠭᠡᠪᠡᠴᠦ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠠᠵᠢᠯᠯᠠᠭ᠎ᠠ ᠪᠣᠯᠤᠨ ᠣᠷᠳᠣᠰ ᠤ᠋ᠨ ᠳᠤᠭᠤᠢᠯᠠᠩ ᠤ᠋ᠨ ᠬᠥᠳᠡᠯᠭᠡᠭᠡᠨ ᠦ᠌ ᠲᠡᠦᠬᠡᠨ ᠲᠡᠮᠳᠡᠭᠯᠡᠯ ᠦ᠋ᠳ ᠲᠦ᠍1933 ᠣᠨ ᠢ᠋ᠶ᠋ᠠᠷ ᠵᠠᠭᠠᠭ ᠪᠣᠯᠭᠠᠭᠰᠠᠨ ᠰᠢᠭ᠋ ᠪᠠᠢᠨ᠎ᠠ᠃ ᠡᠢᠮᠦ ᠡᠴᠡ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠪᠤᠶᠤ ᠬᠡᠷᠡᠭ ᠤᠴᠢᠷ ᠨᠢ᠂ ᠰᠢᠨᠡᠯᠡᠮ᠎ᠡ ᠦᠭᠡᠢ ᠪᠣᠯᠴᠢᠬᠠᠭᠰᠠᠨ ᠴᠤ᠌ ᠰᠢᠨᠠᠯᠠᠮ᠎ᠠ ᠶ᠋ᠢᠨ ᠠᠮᠢᠳᠤ ᠰᠡᠷᠡᠭᠦᠨ ᠪᠠᠢᠬᠤ ᠦᠶ᠎ᠡ ᠶ᠋ᠢᠨ ᠬᠦᠰᠡᠯ ᠵᠣᠷᠢᠯᠭ᠎ᠠ ᠶ᠋ᠢ ᠪᠡᠶᠡᠯᠡᠭᠦᠯᠵᠦ ᠦᠦᠰᠢᠨ ᠬᠤᠰᠢᠭᠤᠨ ᠤ᠋ ᠹᠧᠣᠳᠠᠯ ᠤ᠋ᠨ ᠬᠦᠴᠦᠨ ᠳ᠋ᠦ᠍ ᠬᠦᠨᠳᠦ ᠴᠣᠬᠢᠯᠲᠠ ᠥᠭᠴᠦ ᠲᠡᠳᠡᠨ ᠢ᠋ ᠰᠦᠢᠷᠡᠭᠦᠯᠦᠭᠰᠡᠨ ᠰᠢᠢᠳᠪᠦᠷᠢᠲᠦ ᠲᠡᠢᠨ ᠲᠤᠯᠠ ᠳᠤᠭᠤᠢᠯᠠᠩ ᠤ᠋ᠨ ᠬᠥᠳᠡᠯᠭᠡᠭᠡᠨ ᠳ᠋ᠡᠬᠢ ᠨᠢᠭᠡᠨ ᠴᠢᠬᠤᠯᠠ ᠲᠡᠦᠬᠡᠲᠦ ᠤᠴᠢᠷ ᠭᠡᠮᠡᠨ ᠦᠵᠡᠵᠦ ᠪᠢᠴᠢᠭᠰᠡᠨ ᠢ᠋ᠶ᠋ᠡᠨ ᠲᠣᠳᠣᠷᠬᠠᠢᠯᠠᠮᠤᠢ᠃
ᠲᠤᠰ ᠦᠯᠢᠭᠡᠷ ᠢ᠋1980 ᠣᠨ ᠳ᠋ᠤ᠌ ᠦᠦᠰᠢᠨ ᠬᠤᠰᠢᠭᠤᠨ ᠤ᠋ ᠴᠠᠭᠠᠨᠳᠤᠩ ᠨᠠᠰᠤᠲᠠᠨ ᠤ᠋ ᠶᠠᠷᠢᠭᠰᠠᠨ ᠢ᠋ ᠡᠮᠬᠢᠳᠬᠡᠪᠡ᠃
ᠵᠡᠭᠦᠯᠲᠡ
ᠰᠢᠨᠡᠯᠡᠮ᠎ᠡ ᠬᠣᠣᠷᠯᠠᠭᠳᠠᠭᠰᠠᠨ ᠤ᠋ ᠳᠠᠷᠠᠭ᠎ᠠ ᠦᠦᠰᠢᠨ ᠪᠡᠢᠯᠡ ᠨᠣᠶᠠᠨ ᠲᠡᠭᠦᠰᠠᠠᠮᠤᠭᠤᠯᠠᠩ᠂ ᠱᠠᠨᠰᠢ ᠶ᠋ᠢᠨ ᠲᠡᠮᠡᠭᠡᠲᠦ ᠬᠣᠲᠠ ᠠ᠋ᠴᠠ ᠪᠠᠨᠳᠢᠳᠠ ᠶ᠋ᠢᠨ ᠳᠤᠭᠠᠩ ᠳᠡᠭᠡᠷ᠎ᠡ ᠢᠷᠡᠭᠡᠳ ᠳᠡᠳ᠋ ᠲᠡᠷᠢᠭᠦᠨ ᠵᠠᠰᠠᠭ ᠸᠠᠩ ᠨᠣᠶᠠᠨ ᠳ᠋ᠤ᠌ ᠡᠷᠭᠦᠨ ᠪᠠᠷᠢᠭᠰᠠᠨ ᠪᠢᠴᠢᠭ
᠁ ᠤᠷᠢᠳᠠ ᠣᠯᠠᠨ ᠳᠡᠭᠡᠳᠦ ᠶᠠᠮᠤᠰ ᠲᠤᠷ ᠮᠡᠳᠡᠭᠦᠯᠦᠭᠰᠡᠨ ᠪᠢᠴᠢᠭ ᠦ᠋ᠳ ᠲᠣᠷ᠄ ᠮᠠᠨ ᠤ᠋ ᠬᠤᠰᠢᠭᠤᠨ ᠤ᠋ ᠰᠢᠨᠠᠯᠠᠮ᠎ᠠ ᠥᠯᠵᠡᠢᠵᠢᠷᠭᠠᠯ ᠤ᠋ᠨ ᠪᠡᠶ᠎ᠡ ᠤᠷᠢᠳᠠ ᠬᠠᠷᠢᠶᠠᠲᠤ ᠬᠤᠰᠢᠭᠤᠨ ᠤ᠋ ᠣᠯᠠᠨ ᠲᠠᠢᠵᠢ ᠬᠠᠷᠠᠴᠤᠰ ᠨᠠᠷ ᠢ᠋ ᠤᠳᠤᠷᠢᠳᠴᠤ ᠳᠤᠭᠤᠢᠯᠠᠩ ᠪᠣᠯᠭᠠᠨ ᠰᠠᠮᠠᠭᠤᠷᠠᠵᠤ ᠵᠠᠰᠠᠭ ᠪᠡᠢᠯᠡ ᠮᠢᠨᠦ ᠲᠥᠷᠥᠭᠰᠡᠨ ᠡᠴᠢᠭᠡ ᠴᠠᠭᠳᠤᠷᠰᠡᠷᠡᠩ ᠦ᠋ᠨ ᠡᠷᠭᠦᠮᠵᠢᠯᠡᠯᠲᠦ ᠹᠦ ᠿᠧᠨ ᠢ᠋ ᠫᠤᠤᠳᠠᠵᠤ ᠠᠯᠠᠭᠰᠠᠨ ᠪᠠ᠂ ᠪᠠᠰᠠ ᠹᠦ ᠶᠠᠮᠤᠨ ᠢ᠋ ᠬᠣᠮᠣᠷᠴᠦ ᠬᠦᠦ ᠳ᠋ᠦ᠍ᠷ ᠬᠠᠳᠠᠭᠠᠯᠠᠵᠤ ᠪᠠᠢᠭᠰᠠᠨ ᠤᠤᠯ ᠬᠤᠰᠢᠭᠤᠨ ᠤ᠋ ᠴᠡᠷᠢᠭ ᠦ᠋ᠨ ᠵᠠᠷ ᠵᠡᠪᠰᠡᠭ ᠢ᠋ ᠤᠤᠯᠭᠠᠯᠠᠨ ᠪᠤᠯᠢᠶᠠᠨ ᠠᠪᠴᠤ ᠮᠣᠩᠭᠣᠯ ᠨᠠᠩᠭᠢᠶᠠᠳ ᠠᠷᠠᠳ ᠢ᠋ ᠶᠡᠬᠡᠳᠡ ᠳᠦᠢᠪᠡᠭᠡᠵᠦ ᠶᠠᠪᠤᠭᠰᠠᠨ ᠵᠦᠢᠯ ᠵᠦᠢᠯ ᠦ᠋ᠨ ᠬᠡᠷᠡᠭ ᠦ᠋ᠳ ᠢ᠋ ᠬᠠᠷᠢᠶᠠᠲᠤ ᠴᠢᠭᠤᠯᠭᠠᠨ ᠤ᠋ ᠳᠠᠷᠤᠭ᠎ᠠ ᠨᠠᠷ ᠤ᠋ᠨ ᠭᠠᠵᠠᠷ ᠠ᠋ᠴᠠ ᠤᠳᠠᠭ᠎ᠠ ᠳᠠᠷᠠᠭ᠎ᠠ ᠰᠢᠢᠳᠬᠡᠨ ᠳᠠᠭᠤᠰᠬᠠᠵᠤ ᠴᠤᠭᠯᠠᠷᠠᠭᠰᠠᠨ ᠣᠯᠠᠨ ᠢ᠋ ᠲᠠᠷᠬᠠᠭᠠᠭᠠᠳ ᠥᠯᠵᠡᠢᠵᠢᠷᠭᠠᠯ ᠢ᠋ ᠶᠠᠯ᠎ᠠ ᠲᠣᠷᠭᠣᠭᠠᠵᠤ ᠭᠢᠨᠳᠠᠨ ᠳ᠋ᠤᠷ ᠬᠣᠷᠢᠵᠤ ᠪᠠᠢᠲᠠᠯ᠎ᠠ ᠲᠡᠭᠦᠨ ᠦ᠌ ᠪᠡᠶ᠎ᠡ ᠰᠢᠷᠣᠢ ᠶ᠋ᠢᠨ ᠬᠤᠯᠠᠭᠠᠢ ᠯᠤᠭ᠎ᠠ ᠦᠭᠡ ᠰᠦᠯᠪᠡᠭᠡᠯᠳᠦᠵᠦ ᠪᠠᠢᠭᠠᠳ ᠲᠡᠷᠡ ᠬᠦ᠌ ᠬᠤᠯᠠᠭᠠᠢ ᠶ᠋ᠢᠨ ᠡᠲᠡᠭᠡᠳ ᠡᠴᠡ ᠥᠯᠵᠡᠢᠵᠢᠷᠭᠠᠯ ᠢ᠋ ᠲᠠᠯᠪᠢᠨ ᠭᠠᠷᠭᠠᠵᠤ ᠠᠪᠴᠤ ᠶᠠᠪᠤᠭᠰᠠᠨ ᠤ᠋ ᠳᠠᠷᠠᠭ᠎ᠠ᠂ ᠢᠷᠭᠡᠨ ᠤᠯᠤᠰ ᠤ᠋ᠨ ᠠᠷᠪᠠᠨ ᠲᠠᠪᠤᠳᠤᠭᠠᠷ ᠣᠨ ᠤ᠋ ᠨᠠᠮᠤᠷ ᠤ᠋ᠨ ᠳᠤᠮᠳᠠᠳᠤ ᠰᠠᠷ᠎ᠠ ᠳ᠋ᠤ᠌᠂ ᠮᠥᠨ ᠥᠯᠵᠡᠢᠵᠢᠷᠭᠠᠯ ᠤ᠋ᠨ ᠪᠡᠶ᠎ᠡ ᠭᠠᠳᠠᠭᠠᠳᠤ ᠣᠷᠣᠰ ᠤᠯᠤᠰ ᠤ᠋ᠨ ᠡᠯᠴᠢᠨ ᠹᠦᠯᠢᠮ ᠬᠡᠮᠡᠭᠴᠢ ᠪᠠ ᠵᠣᠰᠣᠲᠤ ᠴᠢᠭᠤᠯᠭᠠᠨ ᠤ᠋ ᠮᠣᠩᠭᠣᠯ᠂ ᠪᠢ ᠶᠦᠩ ᠲᠢ ᠬᠡᠮᠡᠬᠦ ᠰᠡᠷᠡᠩᠳᠣᠩᠷᠣᠪ᠂ ᠰᠠᠢᠨᠪᠠᠶᠠᠷ ᠬᠡᠮᠡᠭᠴᠢ ᠨᠠᠷ ᠲᠡᠷᠢᠭᠦᠯᠡᠨ ᠥᠪᠡᠷ ᠪᠤᠰᠤᠳ ᠴᠢᠭᠤᠯᠭᠠᠨ ᠬᠤᠰᠢᠭᠤᠨ ᠤ᠋ ᠭᠤᠷᠪᠠᠨ ᠵᠠᠭᠤ ᠬᠢᠷᠢ ᠬᠥᠮᠦᠨ ᠦ᠌ ᠬᠠᠮᠲᠤ ᠪᠡᠶ᠎ᠡ ᠥᠩᠭᠡᠷᠡᠭᠰᠡᠨ ᠰᠧᠯᠢᠩ ᠸᠠᠩᠳᠠᠨᠨᠢᠮ᠎ᠠ ᠶ᠋ᠢᠨ ᠫᠤᠤ ᠵᠡᠪᠰᠡᠭ ᠢ᠋ ᠠᠪᠴᠤ ᠢᠷᠡᠭᠡᠳ᠂ ᠴᠡᠷᠢᠭ ᠦ᠋ᠨ ᠬᠦᠴᠦᠨ ᠢ᠋ᠶ᠋ᠡᠷ ᠵᠠᠰᠠᠭ ᠲᠤᠰᠠᠯᠠᠭᠴᠢ ᠪᠢᠳᠡ ᠨᠠᠷ ᠢ᠋ ᠬᠢᠬᠠᠨ ᠰᠦᠷᠳᠡᠭᠦᠯᠵᠦ ᠬᠡᠯᠡᠬᠦ ᠨᠢ᠄ ᠡᠳᠦᠭᠡ ᠪᠢᠳᠡ ᠲᠠᠨ ᠤ᠋ ᠴᠢᠭᠤᠯᠭᠠᠨ ᠬᠤᠰᠢᠭᠤᠨ ᠤ᠋ ᠭᠠᠵᠠᠷ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠬᠤᠷᠠᠯ ᠤ᠋ᠨ ᠲᠥᠪ ᠬᠣᠷᠢᠶᠠᠨ ᠢ᠋ ᠪᠠᠢᠭᠤᠯᠵᠤ᠂ ᠬᠠᠭᠤᠴᠢᠨ ᠮᠣᠩᠭᠣᠯ ᠢᠷᠭᠡᠨ ᠡᠵᠡᠷᠬᠡᠭ ᠬᠠᠷᠭᠢᠰ ᠵᠠᠰᠠᠭ ᠤ᠋ᠳ ᠢ᠋ ᠨᠢᠭᠡᠮᠦᠰᠦᠨ ᠤᠰᠠᠳᠬᠠᠵᠤ ᠠᠷᠠᠳ ᠤ᠋ᠨ ᠡᠷᠬᠡ᠂ ᠵᠠᠰᠠᠭ ᠢ᠋ ᠮᠠᠨᠳᠤᠭᠤᠯᠤᠨ ᠤᠯᠤᠰ ᠤ᠋ᠨ ᠶᠠᠪᠤᠳᠠᠯ ᠢ᠋ ᠬᠤᠪᠢᠰᠬᠠᠨ ᠬᠠᠯᠠᠮᠤᠢ ᠭᠡᠮᠡᠨ ᠮᠥᠨ ᠬᠦ᠌ ᠴᠡᠷᠢᠭ ᠦ᠋ᠨ ᠰᠦᠷ ᠬᠦᠴᠦᠨ ᠢ᠋ᠶ᠋ᠡᠷ ᠳᠣᠣᠷᠠᠲᠤ ᠣᠯᠠᠨ ᠠᠷᠠᠳ ᠢ᠋ ᠬᠦᠴᠦᠲᠡᠨ ᠴᠤᠭᠯᠠᠭᠤᠯᠵᠤ ᠳᠤᠭᠤᠢᠯᠠᠩ ᠪᠣᠯᠭᠠᠭᠠᠳ᠂ ᠠᠯᠢᠪᠠ ᠠᠯᠪᠠᠨ ᠤ᠋ ᠬᠡᠷᠡᠭ ᠵᠦᠢᠯ ᠢ᠋ ᠬᠥᠨᠳᠡᠯᠢᠲᠡᠨ ᠪᠣᠭᠣᠭᠳᠠᠭᠤᠯᠤᠭᠰᠠᠨ ᠳ᠋ᠤᠷ ᠵᠠᠰᠠᠭ᠂ ᠲᠤᠰᠠᠯᠠᠭᠴᠢ ᠪᠢᠳᠡ ᠨᠠᠷ ᠲᠡᠳᠡ ᠯᠦ᠍ᠭᠡ ᠬᠡᠷᠬᠢᠨ ᠡᠰᠡᠷᠭᠦᠴᠡᠯᠳᠦᠪᠡᠰᠦ ᠬᠦᠴᠦᠨ ᠦᠯᠦ ᠬᠦᠷᠬᠦ ᠲᠤᠯᠠ᠂ ᠠᠷᠭ᠎ᠠ ᠦᠭᠡᠢ ᠬᠠᠷᠢᠶᠠᠲᠤ ᠥᠯᠵᠡᠢᠵᠢᠷᠭᠠᠯ ᠢ᠋ ᠠᠷᠠᠢ ᠢᠯᠪᠢᠨ ᠲᠣᠬᠤᠭᠤᠨᠢᠭᠤᠯᠵᠦ ᠬᠣᠰᠢᠭᠤ ᠨᠤᠲᠤᠭ ᠢ᠋ ᠰᠡᠷᠭᠡᠢᠯᠡᠨ ᠬᠠᠮᠠᠭᠠᠯᠠᠬᠤ ᠴᠡᠷᠢᠭ ᠪᠣᠯᠭᠠᠭᠠᠳ ᠡᠯ᠎ᠡ ᠤᠴᠢᠷ ᠢ᠋ ᠳᠡᠭᠡᠳᠦ ᠵᠠᠬᠢᠷᠬᠤ ᠰᠦᠢᠶᠦᠸᠠᠨ ᠳ᠋ᠥ᠋ᠲ᠋ᠦ᠋ᠩ ᠪᠠ ᠴᠢᠭᠤᠯᠭᠠᠨ ᠤ᠋ ᠳᠠᠷᠤᠭ᠎ᠠ ᠶ᠋ᠢᠨ ᠭᠠᠵᠠᠷ ᠮᠡᠳᠡᠭᠦᠯᠦᠭᠰᠡᠨ ᠪᠣᠯᠪᠠᠴᠤ ᠲᠡᠳᠡ ᠨᠠᠷ ᠮᠥᠨ ᠬᠦ᠌ ᠤᠷᠢᠳᠤ ᠶ᠋ᠢᠨ ᠮᠠᠭᠤ ᠪᠠᠨ ᠬᠠᠯᠠᠬᠤ ᠦᠭᠡᠢ ᠨᠡᠮᠡᠨ ᠨᠡᠮᠡᠨ ᠣᠯᠠᠰᠢᠷᠠᠨ ᠪᠦᠯᠦᠭᠯᠡᠵᠦ ᠬᠥᠮᠦᠨ ᠦ᠌ ᠠᠮᠢᠨ ᠢ᠋ ᠬᠣᠣᠷᠯᠠᠬᠤ ᠪᠠ ᠨᠢᠳᠦᠨ ᠢ᠋ ᠰᠣᠬᠣᠯᠬᠤ᠂ ᠵᠢᠴᠢ ᠪᠠᠰᠠ ᠳᠡᠭᠡᠷᠡᠮᠯᠡᠨ ᠵᠠᠨᠴᠢᠬᠤ ᠶᠠᠯᠠᠯᠠᠬᠤ ᠵᠡᠷᠭᠡ ᠶ᠋ᠢᠨ ᠲᠡᠰᠬᠦᠶ᠎ᠡ ᠪᠡᠷᠬᠡ ᠡᠷᠡᠭᠦᠦ ᠪᠡᠷ ᠣᠯᠠᠨ ᠠᠷᠠᠳ ᠲᠤᠷ ᠭᠠᠯ ᠤᠰᠤᠨ ᠤ᠋ ᠭᠠᠰᠢᠭᠤᠨ ᠵᠣᠪᠠᠯᠠᠩ ᠢ᠋ ᠡᠳ᠋ᠯᠡᠭᠦᠯᠵᠦ ᠦᠯᠦ ᠲᠡᠰᠬᠦᠢ ᠳ᠋ᠦ᠍ᠷ᠂ ᠬᠠᠷᠢᠶᠠᠲᠤ ᠴᠢᠭᠤᠯᠭᠠᠨ ᠤ᠋ ᠳᠠᠷᠤᠭ᠎ᠠ ᠨᠠᠷ ᠪᠠ ᠵᠠᠬ᠎ᠠ ᠵᠡᠷᠭᠡᠯᠡᠳᠡᠭᠡ ᠪᠦᠬᠦᠢ ᠱᠠᠨᠰᠢ ᠶ᠋ᠢᠨ ᠤᠮᠠᠷᠠᠲᠤ ᠵᠢᠩ ᠰᠢᠦ ᠰᠧ ᠨᠠᠷ ᠤ᠋ᠨ ᠭᠠᠵᠠᠷ ᠠ᠋ᠴᠠ ᠬᠣᠷᠢ ᠤᠳᠠᠭ᠎ᠠ ᠶᠡᠬᠡ ᠴᠡᠷᠢᠭ ᠭᠠᠷᠭᠠᠵᠤ ᠪᠠᠢᠯᠳᠤᠭᠤᠯᠤᠨ ᠶᠡᠬᠡᠳᠡ ᠰᠠᠮᠠᠭᠤᠷᠠᠯ ᠪᠣᠯᠤᠭᠰᠠᠨ ᠳ᠋ᠤᠷ ᠥᠯᠵᠡᠢᠵᠢᠷᠭᠠᠯ ᠤ᠋ᠨ ᠪᠡᠶ᠎ᠡ ᠨᠥᠬᠥᠷ ᠬᠣᠷᠢᠶ᠎ᠠ ᠨᠠᠷ ᠤ᠋ᠨ ᠬᠠᠮᠲᠤ ᠵᠠᠰᠠᠭ ᠪᠡᠢᠯᠡ ᠨᠠᠮᠠᠶ᠋ᠢ ᠵᠢᠯ ᠰᠢᠬᠠᠮ ᠪᠣᠯᠲᠠᠯ᠎ᠠ ᠬᠣᠷᠢᠭᠯᠠᠨ ᠬᠠᠳᠠᠭᠠᠯᠠᠵᠤ ᠪᠠᠢᠭᠠᠳ ᠪᠠᠰᠠ ᠬᠦ᠌ ᠪᠡᠢᠯᠡ ᠨᠠᠳᠤᠷ ᠫᠤᠤ ᠵᠢᠭᠠᠨ ᠠᠶᠤᠯᠭᠠᠵᠤ ᠪᠡᠶ᠎ᠡ ᠬᠠᠮᠠᠭᠠᠯᠠᠬᠤ ᠶᠡᠬᠡ ᠪᠠᠭ᠎ᠠ ᠫᠤᠤ ᠶ᠋ᠢ ᠴᠥᠮ ᠪᠤᠯᠢᠶᠠᠨ ᠠᠪᠤᠭᠰᠠᠨ ᠳ᠋ᠤᠷ ᠪᠠᠴᠢᠮᠳᠠᠨ ᠠᠶᠤᠵᠤ ᠠᠷᠠᠢᠬᠠᠨ ᠠᠮᠢ ᠵᠤᠯᠪᠠᠨ ᠪᠡᠶ᠎ᠡ ᠵᠠᠢᠯᠠᠨ ᠳᠤᠲᠠᠭᠠᠨ ᠭᠠᠷᠪᠠᠢ᠃ ᠡᠭᠦᠨ ᠳ᠋ᠦ᠍ᠷ ᠬᠢᠨᠠᠨ ᠪᠠᠢᠴᠠᠭᠠᠪᠠᠰᠤ ᠡᠨᠡ ᠬᠦ᠌ ᠭᠠᠳᠠᠭᠠᠳᠤ ᠳᠣᠲᠣᠭᠠᠳᠤ ᠶ᠋ᠢᠨ ᠬᠥᠮᠦᠨ ᠤᠯᠠᠮ ᠢ᠋ᠶ᠋ᠠᠷ ᠣᠯᠠᠰᠢᠷᠠᠭᠰᠠᠭᠠᠷ ᠳᠡᠭᠡᠳᠦ ᠳ᠋ᠦ᠍ᠷ ᠪᠣᠯᠪᠠᠰᠤ ᠲᠠᠪᠤᠨ ᠲᠥᠷᠥᠯ ᠦ᠋ᠨ ᠨᠠᠢᠷᠠᠮᠳᠠᠭᠰᠠᠨ ᠮᠠᠨ ᠤ᠋ ᠳᠤᠮᠳᠠᠳᠤ ᠵᠠᠰᠠᠭ ᠲᠤᠷ ᠶᠠᠮᠪᠠᠷ ᠶᠠᠪᠤᠳᠠᠯ ᠭᠠᠷᠭᠠᠬᠤ ᠪᠣᠯᠣᠰᠢ ᠦᠭᠡᠢ ᠡᠴᠡ ᠡᠮᠢᠶᠡᠮᠦᠢ᠂ ᠳᠣᠣᠷᠠᠲᠤ ᠳ᠋ᠤᠷ ᠪᠣᠯᠪᠠᠰᠤ ᠥᠴᠦᠬᠡᠨ ᠮᠠᠨ ᠤ᠋ ᠴᠢᠭᠤᠯᠭᠠᠨ ᠬᠤᠰᠢᠭᠤᠨ ᠤ᠋ ᠣᠯᠠᠨ ᠲᠦᠮᠡᠨ ᠮᠣᠩᠭᠣᠯ ᠨᠠᠩᠭᠢᠶᠠᠳ ᠠᠷᠠᠳ ᠠᠵᠤ ᠲᠥᠷᠥᠨ ᠠᠮᠢᠳᠤᠷᠠᠵᠤ ᠠᠯᠪᠠᠨ ᠲᠠᠩᠨᠠᠬᠤ ᠠᠷᠭ᠎ᠠ ᠦᠭᠡᠢ ᠪᠣᠯᠵᠤᠬᠤᠢ ᠭᠡᠮᠡᠨ ᠭᠤᠶᠤᠨ ᠮᠡᠳᠡᠭᠦᠯᠦᠭᠰᠡᠨ ᠠᠮᠤᠢ᠂ ᠡᠢᠮᠦ ᠪᠣᠯᠪᠠᠴᠤ ᠡᠳᠦᠭᠡ ᠪᠣᠯᠲᠠᠯ᠎ᠠ ᠲᠣᠬᠣᠨᠢᠨ ᠲᠣᠭᠲᠠᠨᠢᠭᠠᠳᠤᠢ᠂ ᠡᠨᠡ ᠬᠠᠪᠤᠷ ᠤ᠋ᠨ ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠬᠣᠶᠠᠷ ᠲᠤ᠌ ᠬᠠᠷᠢᠶᠠᠲᠤ ᠬᠤᠰᠢᠭᠤᠨ ᠤ᠋ ᠴᠣᠬᠣᠮ ᠬᠦ᠌ ᠵᠢᠷᠤᠮᠲᠤ ᠠᠷᠠᠳ ᠡᠷᠬᠢᠮᠳᠠᠯᠠᠢ ᠨᠠᠷ ᠮᠠᠭᠤ ᠬᠤᠯᠠᠭᠠᠢ ᠥᠯᠵᠡᠢᠵᠢᠷᠭᠠᠯ ᠢ᠋ ᠠᠯᠠᠵᠤ ᠬᠤᠰᠢᠭᠤᠨ ᠤ᠋ ᠰᠠᠮᠠᠭᠤᠷᠠᠯ ᠢ᠋ ᠳᠣᠬᠣᠨᠢᠳᠠᠭᠤᠯᠬᠤᠢ ᠪᠠᠷ ᠵᠠᠪᠳᠤᠬᠤ ᠶ᠋ᠢᠨ ᠵᠠᠭᠤᠷ᠎ᠠ᠂ ᠲᠡᠭᠦᠨ ᠦ᠌ ᠨᠠᠮ ᠤ᠋ᠨ ᠬᠥᠮᠦᠰ ᠲᠠᠢᠵᠢ ᠠᠷᠪᠢᠨᠪᠠᠶᠠᠷ ᠨᠠᠷ ᠤᠷᠢᠳ ᠢ᠋ᠶ᠋ᠠᠷ ᠵᠠᠪᠳᠤᠨ ᠬᠤᠯᠠᠭᠠᠢ ᠥᠯᠵᠡᠢᠵᠢᠷᠭᠠᠯ ᠢ᠋ ᠠᠯᠠᠭᠰᠠᠨ ᠵᠢᠷᠤᠮᠲᠤ ᠠᠷᠠᠳ ᠡᠷᠬᠢᠮᠳᠠᠯᠠᠢ ᠨᠠᠷ ᠤ᠋ᠨ ᠶᠢᠰᠦᠨ ᠬᠥᠮᠦᠨ ᠡᠴᠡ ᠮᠥᠨ ᠡᠷᠬᠢᠮᠳᠠᠯᠠᠢ᠂ ᠳᠡᠯᠭᠡᠷᠰᠡᠷᠡᠩ᠂ ᠪᠦᠷᠢᠨᠵᠢᠷᠭᠠᠯ ᠨᠠᠷ ᠤ᠋ᠨ ᠭᠤᠷᠪᠠᠨ ᠬᠥᠮᠦᠨ ᠢ᠋ ᠠᠯᠠᠵᠤ ᠠᠮᠢ ᠲᠦᠯᠦᠷᠡᠭᠦᠯᠦᠨ ᠲᠤᠢᠯ ᠤ᠋ᠨ ᠡᠷᠡᠭᠦᠦ ᠦᠵᠡᠭᠦᠯᠬᠦ ᠪᠠ ᠪᠠᠰᠠ ᠴᠤ᠌ ᠬᠠᠷᠢᠶᠠᠲᠤ ᠴᠡᠷᠢᠭ ᠳᠣᠲᠣᠭᠠᠳᠤ ᠬᠢᠲᠠᠳ ᠭᠠᠵᠠᠷ ᠢᠦᠢ ᠯᠢᠨ ᠬᠣᠲᠠ ᠶ᠋ᠢᠨ ᠬᠢᠵᠠᠭᠠᠷ ᠤ᠋ᠨ ᠣᠢᠷᠠᠯᠴᠠᠭ᠎ᠠ ᠰᠠᠭᠤᠵᠤ ᠪᠠᠢᠲᠠᠯ᠎ᠠ ᠰᠢᠭᠤᠳ ᠬᠠᠯᠳᠠᠷ᠎ᠠ ᠢᠷᠡᠵᠦ ᠪᠠᠢᠯᠳᠤᠬᠤ ᠠᠨᠤ ᠶ᠋ᠢ ᠦᠵᠡᠪᠡᠰᠦ ᠦᠨᠡᠬᠡᠷ ᠮᠠᠨ ᠤ᠋ ᠬᠣᠰᠢᠭᠤ ᠲᠦᠪᠰᠢᠷᠡᠨ ᠲᠣᠭᠲᠠᠨᠢᠬᠤ ᠠᠨᠤ ᠪᠡᠷᠬᠡ ᠮᠡᠲᠦ ᠪᠥᠭᠡᠳ ᠡᠭᠦᠨ ᠳ᠋ᠦ᠍ᠷ ᠵᠠᠰᠠᠭ ᠪᠡᠢᠯᠡ ᠪᠢ ᠮᠡᠬᠦᠢᠵᠦ ᠰᠠᠨᠠᠪᠠᠰᠤ ᠮᠢᠨᠦ ᠪᠡᠶ᠎ᠡ ᠶ᠋ᠢ ᠬᠠᠮᠠᠭᠠᠯᠠᠬᠤ ᠴᠡᠷᠢᠭ ᠴᠥᠮ ᠰᠢᠭᠤᠳ ᠬᠤᠰᠢᠭᠤᠨ ᠳ᠋ᠤᠷ ᠣᠷᠣᠬᠤ ᠪᠠᠷ ᠣᠳᠴᠤ ᠴᠢᠳᠠᠬᠤ ᠦᠭᠡᠢ ᠶ᠋ᠢᠨ ᠲᠤᠯᠠ ᠢᠦᠢ ᠯᠢᠨ ᠬᠣᠲᠠ ᠠ᠋ᠴᠠ ᠮᠣᠷᠳᠠᠵᠤ ᠵᠠᠰᠠᠭ ᠬᠤᠰᠢᠭᠤᠨ ᠤ᠋ ᠭᠠᠵᠠᠷ ᠲᠤᠷ ᠣᠷᠣᠵᠤ ᠢᠷᠡᠨ ᠬᠤᠰᠢᠭᠤᠨ ᠤ᠋ ᠰᠠᠪᠠ ᠶ᠋ᠢᠨ ᠭᠠᠵᠠᠷ ᠤ᠋ᠨ ᠪᠡᠯᠡᠭ ᠵᠢᠷᠭᠠᠯᠠᠩᠲᠤ ᠰᠦᠮ᠎ᠡ(ᠪᠠᠨᠳᠢᠳᠠ ᠶ᠋ᠢᠨ ᠳᠤᠭᠠᠩ— ᠰᠡᠢᠷᠡᠭᠦᠯᠦᠭᠴᠢ ᠡᠴᠡ) ᠳᠡᠭᠡᠷ᠎ᠡ ᠴᠡᠷᠢᠭ ᠨᠠᠷ ᠤ᠋ᠨ ᠬᠠᠮᠲᠤ ᠰᠠᠭᠤᠵᠤ ᠪᠣᠢ ᠤᠴᠢᠷ ᠢ᠋ ᠣᠯᠠᠨ ᠳᠡᠭᠡᠳᠦ ᠶᠠᠮᠤᠰ ᠪᠠ ᠵᠠᠰᠠᠭ ᠬᠤᠰᠢᠭᠤᠨ ᠳ᠋ᠤᠷ ᠨᠢᠭᠡᠨ ᠠᠳᠠᠯᠢ ᠡᠷᠭᠦᠨ ᠮᠡᠳᠡᠭᠦᠯᠦᠭᠰᠡᠨ ᠢ᠋ ᠭᠠᠷᠭᠠᠨ ᠮᠡᠳᠡᠭᠦᠯᠦᠶ᠎ᠡ᠂ ᠥᠷᠥᠰᠢᠶᠡᠪᠡᠰᠦ ᠰᠢᠳᠠᠷ ᠲᠤᠷ ᠶᠠᠪᠤᠬᠤ ᠳᠡᠳ᠋ ᠲᠡᠷᠢᠭᠦᠨ ᠵᠠᠰᠠᠭ ᠸᠠᠩ ᠨᠣᠶᠠᠨ ᠲᠠᠨ ᠲᠣᠯᠢᠳᠠᠨ ᠥᠷᠥᠰᠢᠶᠡᠵᠦ ᠡᠨᠡ ᠮᠡᠲᠦ ᠬᠤᠯᠠᠭᠠᠢ ᠶ᠋ᠢᠨ ᠬᠣᠷᠰᠢᠶ᠎ᠠ ᠲᠠᠢᠵᠢ ᠠᠷᠪᠢᠨᠪᠠᠶᠠᠷ ᠨᠠᠷ ᠤ᠋ᠨ ᠬᠡᠳᠦᠬᠡᠨ ᠬᠤᠯᠠᠭᠠᠢ ᠶ᠋ᠢ ᠪᠠᠷᠢᠨ ᠠᠪᠴᠤ ᠰᠢᠢᠳᠬᠡᠨ ᠡᠯ᠎ᠡ ᠮᠠᠭᠤ ᠰᠠᠮᠠᠭᠤᠷᠠᠯ ᠤ᠋ᠨ ᠦᠨᠳᠦᠰᠦᠨ ᠢ᠋ ᠲᠠᠰᠤᠯᠤᠨ ᠰᠢᠢᠳᠬᠡᠵᠦ ᠥᠴᠦᠬᠡᠨ ᠬᠤᠰᠢᠭᠤᠨ ᠤ᠋ ᠣᠯᠠᠨ ᠲᠦᠮᠡᠨ ᠢ᠋ ᠲᠣᠭᠲᠠᠨᠢᠭᠤᠯᠤᠨ ᠠᠮᠤᠷᠵᠢᠭᠤᠯᠵᠤ ᠵᠢᠴᠢ ᠵᠠᠰᠠᠭ ᠮᠢᠨᠦ ᠴᠠᠭᠠᠨ ᠬᠡᠷᠡᠮ ᠦ᠋ᠨ ᠳᠣᠲᠣᠭᠠᠳᠤ ᠭᠠᠳᠠᠭᠠᠳᠤ ᠭᠠᠵᠠᠷ ᠲᠤᠷ ᠭᠡᠷᠦᠨ ᠬᠡᠰᠦᠵᠦ ᠭᠠᠴᠢᠭᠳᠠᠨ ᠶᠠᠪᠤᠬᠤ ᠵᠣᠪᠠᠯᠠᠩ ᠠ᠋ᠴᠠ ᠬᠡᠯᠲᠦᠷᠢᠭᠦᠯᠦᠨ ᠵᠠᠰᠠᠭ ᠵᠠᠰᠠᠯᠲᠠ ᠶ᠋ᠢᠨ ᠵᠢᠷᠤᠮ ᠢ᠋ᠶ᠋ᠠᠷ ᠪᠠᠭᠤᠷᠠᠢ ᠶ᠋ᠢ ᠲᠡᠳᠬᠦᠨ ᠠᠪᠴᠤ ᠶᠠᠪᠤᠭᠤᠯᠬᠤ ᠶ᠋ᠢ ᠭᠤᠶᠤᠵᠤ ᠡᠭᠦᠨ ᠦ᠌ ᠲᠤᠯᠠ ᠡᠷᠭᠦᠨ ᠪᠠᠷᠢᠪᠠ᠃
ᠳᠤᠮᠳᠠᠳᠤ ᠢᠷᠭᠡᠨ ᠤᠯᠤᠰ ᠤ᠋ᠨ ᠠᠷᠪᠠᠨ ᠨᠠᠢ᠍ᠮᠠᠳᠤᠭᠠᠷ ᠣᠨ ᠰᠢᠷᠠᠭᠴᠢᠨ ᠮᠣᠭᠠᠢ ᠵᠢᠯ ᠦ᠋ᠨ
ᠵᠤᠨ ᠤ᠋ ᠰᠡᠭᠦᠯ ᠰᠠᠷ᠎ᠠ ᠶ᠋ᠢᠨ ᠰᠢᠨ᠎ᠡ ᠶ᠋ᠢᠨ ᠶᠢᠰᠦᠨ᠎ᠡ
7᠂ ᠸᠠᠩᠴᠤᠭᠷᠠᠪᠳᠠᠨ ᠢ᠋ ᠪᠠᠷᠢᠪᠴᠢᠯᠠᠭᠰᠠᠨ ᠨᠢ
ᠭᠠᠯᠠᠭᠤᠲᠤ ᠶ᠋ᠢᠨ ᠪᠤᠵᠠᠢ ᠶ᠋ᠢᠨ ᠨᠠᠭᠤᠷ ᠤ᠋ᠨ ᠪᠠᠷᠠᠭᠤᠨ ᠲᠠᠢ ᠥᠯ ᠪᠤᠭᠤ ᠶ᠋ᠢᠨ ᠰᠢᠯᠢ ᠶ᠋ᠢᠨ ᠵᠡᠭᠦᠨ ᠪᠡᠶ᠎ᠡ ᠳ᠋ᠦ᠍ ᠸᠠᠩᠴᠤᠭᠷᠠᠪᠳᠠᠨ ᠲᠠᠢᠵᠢ ᠶ᠋ᠢᠨ ᠭᠡᠷ ᠪᠠᠢᠳᠠᠭ᠃ ᠪᠤᠵᠠᠢ ᠶ᠋ᠢᠨ ᠨᠠᠭᠤᠷ ᠤ᠋ᠨ ᠵᠡᠭᠦᠨ ᠪᠤᠷᠭᠠᠰᠤᠨ ᠳ᠋ᠤ᠌ ᠰᠢᠨᠡᠯᠡᠮ᠎ᠡ ᠶ᠋ᠢᠨ ᠭᠡᠷ ᠪᠠᠢᠳᠠᠭ᠃ ᠡᠨᠡ ᠬᠣᠶᠠᠷ ᠥᠰᠢᠶᠡᠲᠡᠨ ᠬᠥᠮᠦᠨ ᠦ᠌ ᠭᠡᠷ ᠨᠢ ᠬᠣᠭᠣᠷᠣᠨᠳᠣ ᠪᠠᠨ ᠳᠥᠩᠭᠡᠵᠦ ᠵᠢᠷᠭᠤᠭᠠᠨ ᠺᠢᠯᠣᠮᠧᠲ᠋ᠷ ᠠᠯᠤᠰᠯᠠᠵᠤ ᠠᠢᠮᠠᠭ ᠵᠡᠷᠭᠡᠯᠡᠳᠡᠭᠡ ᠰᠠᠭᠤᠷᠢᠰᠢᠵᠤ ᠪᠠᠢᠭ᠎ᠠ ᠪᠣᠯᠪᠠᠴᠤ ᠰᠢᠲᠦᠵᠦ ᠪᠢᠰᠢᠷᠡᠳᠡᠭ ᠦᠵᠡᠯ ᠵᠣᠷᠢᠯᠲᠠ ᠪᠠ ᠬᠢᠵᠦ ᠪᠠᠢᠭ᠎ᠠ ᠠᠵᠢᠯ ᠶᠠᠪᠤᠳᠠᠯ ᠨᠢ ᠬᠣᠭᠣᠷᠣᠨᠳᠣ ᠪᠠᠨ ᠡᠷᠡᠰ ᠠᠳᠠᠯᠢ ᠦᠭᠡᠢ ᠤᠴᠢᠷ ᠠ᠋ᠴᠠ ᠬᠠᠷᠢᠯᠴᠠᠨ ᠨᠢᠭᠡᠨ ᠨᠢᠭᠡᠨ ᠢ᠋ᠶ᠋ᠡᠨ ᠳᠠᠷᠤᠵᠤ ᠤᠨᠠᠭᠠᠬᠤ ᠬᠠᠷᠠᠯᠲᠠ ᠵᠣᠭᠰᠣᠯᠲᠠ ᠲᠠᠢ ᠪᠣᠯᠤᠭᠠᠳ ᠣᠨ ᠵᠢᠯ ᠤᠳᠠᠵᠤᠬᠤᠢ᠃ ᠡᠢᠮᠦ ᠡᠴᠡ ᠲᠡᠷᠡ ᠬᠣᠶᠠᠭᠤᠯᠠ ᠬᠡᠨ ᠠᠯᠢ ᠪᠠᠨ ᠬᠡᠵᠢᠶᠡᠳᠡ ᠠᠵᠢᠭᠯᠠᠨ ᠲᠡᠩᠨᠡᠵᠦ ᠶᠠᠪᠤᠳᠠᠭ ᠪᠠᠢᠵᠠᠢ᠃
ᠨᠢᠭᠡ ᠤᠳᠠᠭ᠎ᠠ ᠰᠢᠨᠡᠯᠡᠮ᠎ᠡ ᠭᠠᠭᠴᠠᠭᠠᠷ ᠢ᠋ᠶ᠋ᠠᠨ ᠭᠡᠷ ᠲᠡᠭᠡᠨ ᠬᠠᠷᠢᠵᠤ ᠢᠷᠡᠭᠰᠡᠨ ᠢ᠋ ᠸᠠᠩᠴᠤᠭᠷᠠᠪᠳᠠᠨ ᠮᠡᠳᠡᠭᠡᠳ ᠲᠡᠭᠦᠨ ᠢ᠋ ᠪᠠᠷᠢᠬᠤ ᠪᠠᠷ ᠨᠣᠶᠠᠨ ᠤ᠋ ᠪᠦᠯᠦᠭ ᠦ᠋ᠨ ᠪᠤᠶᠠᠨᠴᠣᠭ ᠲᠤ᠌ ᠰᠡᠮᠡᠬᠡᠷ ᠬᠡᠳᠦᠨ ᠦᠭᠡ ᠪᠢᠴᠢᠵᠦ᠂ ᠡᠨᠡ ᠵᠠᠬᠢᠳᠠᠯ ᠢ᠋ ᠪᠤᠶᠠᠨᠴᠣᠭ ᠠ᠋ᠴᠠ ᠥᠭᠡᠷ᠎ᠡ ᠬᠥᠮᠦᠨ ᠳ᠋ᠦ᠍ ᠥᠭᠴᠦ ᠪᠣᠯᠬᠤ ᠦᠭᠡᠢ᠂ ᠰᠢᠨᠠᠯᠠᠮ᠎ᠠ ᠳ᠋ᠤ᠌ ᠠᠨᠢᠷ ᠴᠢᠮᠡᠭᠡ ᠰᠣᠨᠣᠰᠬᠠᠵᠤ ᠣᠭᠲᠣ ᠪᠣᠯᠬᠤ ᠦᠭᠡᠢ ᠭᠡᠵᠦ ᠵᠠᠬᠢᠳᠠᠯ ᠬᠦᠷᠭᠡᠭᠴᠢ ᠳ᠋ᠦ᠍ ᠵᠠᠬᠢᠵᠠᠢ᠃ ᠭᠡᠲᠡᠯ᠎ᠡ ᠲᠡᠷᠡ ᠦᠶ᠎ᠡ ᠳ᠋ᠦ᠍ ᠵᠠᠮ ᠨᠡᠪᠲᠡᠷᠡᠯᠭᠡ ᠳᠥᠭᠥᠮ ᠦᠭᠡᠢ᠂ ᠪᠢᠴᠢᠭ ᠨᠢᠳᠦᠯᠡᠵᠦ ᠤᠩᠰᠢᠳᠠᠭ ᠬᠥᠮᠦᠨ ᠴᠦ᠍ ᠲᠤᠩ ᠴᠥᠭᠡᠬᠡᠨ ᠪᠠᠢᠭᠰᠠᠨ ᠲᠤᠯᠠ ᠡᠨᠡ ᠬᠦ᠌ ᠴᠢᠬᠤᠯᠠ ᠵᠠᠬᠢᠳᠠᠯ ᠨᠢ ᠬᠥᠮᠦᠨ ᠳᠠᠮᠵᠢᠭᠰᠠᠭᠠᠷ ᠪᠠᠢᠭᠠᠳ ᠸᠠᠩᠴᠤᠭᠷᠠᠪᠳᠠᠨ ᠤ᠋ ᠵᠠᠬᠢᠵᠤ ᠶᠠᠪᠤᠭᠤᠯᠤᠭᠰᠠᠨ ᠦᠭᠡ ᠨᠢ ᠬᠠᠷᠢᠨ ᠰᠢᠨᠠᠯᠠᠮ᠎ᠠ ᠠ᠋ᠴᠠ ᠥᠭᠡᠷ᠎ᠡ ᠬᠥᠮᠦᠨ ᠳ᠋ᠦ᠍ ᠥᠭᠴᠦ ᠪᠣᠯᠬᠤ ᠦᠭᠡᠢ ᠭᠡᠵᠦ ᠬᠤᠪᠢᠷᠠᠴᠢᠬᠠᠭᠰᠠᠨ ᠪᠠᠢᠨ᠎ᠠ᠃ ᠡᠨᠡ ᠵᠠᠬᠢᠳᠠᠯ ᠠᠢᠯ ᠡᠷᠦᠬᠡ ᠳᠠᠮᠵᠢᠭᠰᠠᠭᠠᠷ ᠰᠢᠨᠠᠯᠠᠮ᠎ᠠ ᠶ᠋ᠢᠨ ᠲᠥᠷᠥᠯ ᠦ᠋ᠨ ᠬᠡᠦᠬᠡᠨ ᠳᠡᠭᠦᠦ ᠪᠣᠯᠬᠤ ᠬᠣᠨᠳᠣᠭ (ᠭᠠᠯᠠᠭᠤᠲᠤ ᠶ᠋ᠢᠨ ᠱᠠᠪᠷᠤᠩ ᠷᠢᠨᠴᠢᠨᠳᠣᠷᠵᠢ ᠶ᠋ᠢᠨ ᠮᠥᠮᠥ) ᠳ᠋ᠦ᠍ ᠬᠦᠷᠭᠡᠭᠳᠡᠵᠦ᠂ ᠬᠣᠨᠳᠣᠭ ᠲᠡᠷᠡ ᠰᠥᠨᠢ ᠳ᠋ᠡᠭᠡᠨ ᠰᠢᠨᠠᠯᠠᠮ᠎ᠠ ᠶ᠋ᠢᠨ ᠭᠡᠷ ᠲᠦ᠋ᠨᠢ ᠠᠪᠠᠴᠢᠵᠤ ᠥᠭᠴᠡᠢ᠃ ᠰᠢᠨᠠᠯᠠᠮ᠎ᠠ ᠵᠠᠬᠢᠳᠠᠯ ᠢ᠋ ᠠᠪᠤᠮᠠᠭᠴᠠ᠄《ᠰᠠᠢᠨ ᠬᠡᠦᠬᠡᠨ ᠪᠠᠢᠨ᠎ᠠ᠂ ᠶᠡᠬᠡ ᠲᠤᠰᠠ ᠪᠣᠯᠤᠯ᠎ᠠ ᠁》 ᠭᠡᠵᠦ ᠲᠠᠯᠠᠷᠬᠠᠭᠠᠳ ᠪᠢᠴᠢᠭ ᠢ᠋ ᠦᠵᠡᠵᠦ ᠢᠨᠢᠶᠡᠮᠰᠦᠭᠯᠡᠨ᠎ᠡ᠃ ᠳᠠᠷᠠᠭ᠎ᠠ ᠡᠳᠦᠷ ᠨᠢ ᠰᠢᠨᠡᠯᠡᠮ᠎ᠡ ᠶ᠋ᠢᠨ ᠬᠡᠳᠦᠨ ᠴᠡᠷᠢᠭ ᠬᠥᠬᠡᠲᠣᠯᠣᠭᠠᠢ ᠶ᠋ᠢᠨ ᠳᠠᠪᠤᠰᠤᠨ ᠨᠠᠭᠤᠷ ᠠ᠋ᠴᠠ ᠡᠮᠦᠨᠡᠰᠢ ᠮᠠᠩᠬᠠᠲᠤ ᠶ᠋ᠢᠨ ᠰᠦᠮ᠎ᠡ ᠵᠦᠭ ᠴᠡᠷᠢᠭ ᠰᠢᠯᠵᠢᠵᠦ ᠰᠢᠨᠠᠯᠠᠮ᠎ᠠ ᠶ᠋ᠢᠨ ᠭᠡᠷ ᠢ᠋ᠶ᠋ᠡᠷ ᠳᠠᠭᠠᠷᠢᠨ ᠥᠩᠭᠡᠷᠡᠵᠦ ᠪᠠᠢᠭᠰᠠᠨ ᠲᠤᠯᠠ ᠳᠣᠳᠠᠤᠠ᠂ ᠴᠢᠨᠰᠠᠩ᠂ ᠪᠠᠶᠠᠰᠬᠤ᠂ ᠪᠠᠳᠠᠷᠠᠬᠤ᠂ ᠳᠠᠯᠠᠢᠬᠦᠦ᠂ ᠷᠬᠠᠪᠠ ᠵᠡᠷᠭᠡ ᠠᠷᠪᠠᠭᠠᠳ ᠴᠡᠷᠢᠭ ᠭᠡᠷ ᠲᠡᠭᠡᠨ ᠲᠦᠷ ᠬᠠᠷᠢᠬᠤ ᠪᠠᠷ ᠴᠢᠯᠥᠭᠡ ᠭᠤᠶᠤᠭᠰᠠᠨ ᠳ᠋ᠤ᠌ ᠰᠢᠨᠠᠯᠠᠮ᠎ᠠ ᠠ᠋ᠴᠠ᠄《ᠲᠠᠨᠤᠰ ᠬᠡᠳᠦᠨ ᠡᠳᠦᠷ ᠦ᠋ᠨ ᠳᠠᠷᠠᠭ᠎ᠠ ᠴᠢᠯᠥᠭᠡ ᠠᠪ! ᠡᠨᠡ ᠬᠡᠳᠦᠨ ᠡᠳᠦᠷ ᠲᠦ᠍ ᠨᠢᠭᠡ ᠤᠴᠢᠷ ᠪᠠᠢᠵᠤ ᠮᠠᠭᠠᠳ! ᠲᠠ ᠨᠠᠷ ᠮᠠᠨ ᠤ᠋ ᠮᠠᠨᠵᠢᠨ ᠲᠠᠷᠢᠳᠠᠭ ᠶᠡᠬᠡ ᠪᠤᠷᠭᠠᠰᠤᠨ ᠳᠥᠭᠥᠮ ᠳ᠋ᠦ᠍ ᠠᠮᠠᠷᠠᠵᠤ ᠮᠣᠷᠢ ᠪᠠᠨ ᠡᠪᠡᠰᠦᠯᠡᠭᠦᠯᠵᠦ ᠠᠮᠠᠷᠠᠵᠠᠭᠠ ᠳᠠ! ᠪᠤᠰᠤᠳ ᠬᠥᠮᠦᠨ ᠳ᠋ᠦ᠍ ᠴᠢᠮᠡᠭᠡ ᠠᠨᠢᠷ ᠣᠭᠲᠣ ᠰᠡᠷᠡᠭᠳᠡᠵᠦ ᠪᠣᠯᠬᠤ ᠦᠭᠡᠢ᠂ ᠮᠠᠨ ᠤ᠋ ᠭᠡᠷ ᠦ᠋ᠨ ᠬᠥᠮᠦᠨ ᠢ᠋ᠶ᠋ᠡᠷ ᠲᠠᠨᠤᠰ ᠲᠤ᠌ ᠴᠠᠢ ᠪᠤᠳᠠᠭ᠎ᠠ ᠴᠢᠨᠠᠭᠤᠯᠵᠤ ᠬᠦᠷᠭᠡᠶ᠎ᠡ》 ᠭᠡᠵᠦ ᠵᠠᠬᠢᠪᠠ᠃
ᠲᠡᠳᠡᠭᠡᠷ ᠴᠡᠷᠢᠭ ᠬᠣᠶᠠᠷ ᠡᠳᠦᠷ ᠪᠤᠷᠭᠠᠰᠤᠨ ᠳᠥᠭᠥᠮ ᠳ᠋ᠦ᠍ ᠵᠠᠷᠯᠢᠭ ᠵᠢᠭᠠᠪᠤᠷᠢ ᠢᠷᠡᠬᠦ ᠶ᠋ᠢ ᠬᠦᠯᠢᠶᠡᠵᠦ ᠰᠠᠭᠤᠪᠠ᠃ ᠰᠢᠨᠠᠯᠠᠮ᠎ᠠ ᠴᠦ᠍ ᠭᠡᠷ ᠲᠡᠭᠡᠨ ᠢᠬᠢᠷ ᠰᠢᠬᠢᠷ ᠠᠵᠢᠯ ᠤ᠋ᠳ ᠢ᠋ ᠬᠢᠵᠦ ᠭᠡᠨᠡᠳᠲᠡ ᠶᠠᠮᠠᠷ ᠬᠥᠮᠦᠨ ᠬᠦᠷᠴᠦ ᠢᠷᠡᠬᠦ ᠶ᠋ᠢ ᠬᠦᠯᠢᠶᠡᠵᠦ ᠶᠠᠳᠠᠨ᠎ᠠ᠃
ᠰᠢᠨᠡᠯᠡᠮ᠎ᠡ ᠶ᠋ᠢᠨ ᠬᠣᠲᠠᠴᠢ ᠨᠣᠬᠠᠢ ᠭᠡᠨᠡᠳᠲᠡ ᠨᠢᠭᠡᠨ ᠵᠢᠷᠣᠭ᠎ᠠ ᠰᠠᠭᠠᠷᠠᠯ ᠮᠣᠷᠢ ᠲᠠᠢ ᠬᠥᠮᠦᠨ ᠢ᠋ ᠰᠦᠷᠡᠬᠡᠢ ᠬᠤᠴᠠᠵᠤ ᠵᠢᠭᠤᠷᠠᠯᠳᠤᠭᠠᠳ ᠮᠣᠷᠢᠨ ᠠ᠋ᠴᠠ ᠨᠢ ᠪᠠᠭᠤᠯᠭᠠᠬᠤ ᠦᠭᠡᠢ ᠪᠠᠢᠭ᠎ᠠ ᠶ᠋ᠢ ᠰᠢᠨᠠᠯᠠᠮ᠎ᠠ ᠴᠣᠩᠬᠣ ᠪᠠᠷ ᠠᠵᠢᠵᠤ ᠦᠵᠡᠭᠡᠳ᠄《ᠦ᠂ ᠨᠣᠬᠠᠢ ᠸᠠᠩᠴᠤᠭᠷᠠᠪᠳᠠᠨ ᠢ᠋ ᠬᠠᠵᠠᠬᠤ ᠶᠤᠮ ᠪᠠᠢᠨ᠎ᠠ᠂ ᠬᠤᠷᠳᠤᠨ ᠭᠠᠷᠴᠤ ᠨᠣᠬᠠᠢ ᠪᠠᠨ ᠬᠣᠷᠢ!》 ᠭᠡᠵᠦ ᠡᠬᠡᠨᠡᠷ ᠸᠠᠩᠴᠢᠮᠢᠳᠤᠭ ᠢ᠋ ᠵᠠᠬᠢᠯ᠎ᠠ᠃ ᠡᠬᠡᠨᠡᠷ ᠬᠥᠮᠦᠨ ᠳ᠋ᠦ᠍ ᠡᠨᠡ ᠨᠣᠬᠠᠢ ᠥᠨᠥᠳᠥᠷ ᠬᠣᠷᠢᠭᠳᠠᠬᠤ ᠦᠭᠡᠢ ᠵᠢᠭᠤᠷᠠᠯᠳᠤᠭᠠᠳ ᠪᠠᠢᠬᠤ ᠶ᠋ᠢ ᠰᠢᠨᠡᠯᠡᠮ᠎ᠡ ᠦᠵᠡᠭᠡᠳ ᠬᠡᠷᠪᠡ ᠮᠢᠨᠦ ᠨᠣᠬᠠᠢ ᠥᠨᠥᠳᠥᠷ ᠸᠠᠩᠴᠤᠭᠷᠠᠪᠳᠠᠨ ᠢ᠋ ᠬᠠᠵᠠᠴᠢᠬᠠᠪᠠᠯ ᠬᠡᠷᠡᠭ ᠲᠦ᠍ ᠣᠷᠣᠬᠤ ᠶᠤᠮ ᠰᠢᠦ ᠳᠡ! ᠭᠡᠵᠦ ᠪᠣᠳᠣᠭᠠᠳ ᠥᠪᠡᠷ ᠢ᠋ᠶ᠋ᠡᠨ ᠭᠠᠷᠴᠤ ᠨᠣᠬᠠᠢ ᠪᠠᠨ ᠬᠣᠷᠢᠵᠤ ᠸᠠᠩᠴᠤᠭᠷᠠᠪᠳᠠᠨ ᠲᠠᠢᠵᠢ ᠶ᠋ᠢ ᠤᠭᠲᠤᠯ᠎ᠠ᠃
ᠸᠠᠩᠴᠤᠭᠷᠠᠪᠳᠠᠨ ᠲᠠᠢᠵᠢ ᠶᠡᠬᠡ ᠯᠡ ᠬᠥᠩᠭᠡᠮᠰᠦᠭ ᠣᠪᠣᠷ ᠢ᠋ᠶ᠋ᠠᠷ ᠬᠦᠬᠦᠷ ᠰᠣᠯᠢᠯᠴᠠᠵᠤ ᠠᠮᠤᠷ ᠮᠡᠨᠳᠦ ᠠᠰᠠᠭᠤᠪᠠ᠃
ᠸᠠᠩᠴᠢᠮᠢᠳᠤᠭ᠂ ᠸᠠᠩᠴᠤᠭᠷᠠᠪᠳᠠᠨ ᠳ᠋ᠤ᠌ ᠴᠠᠭᠠᠨ ᠢᠳᠡᠭᠡ ᠠᠮᠰᠠᠭᠤᠯᠵᠤ ᠰᠢᠷ᠎ᠠ ᠲᠣᠰᠣ᠂ ᠴᠥᠷᠮ᠎ᠡ᠂ ᠰᠢᠬᠢᠷ᠂ ᠬᠠᠭᠤᠷᠤᠭᠰᠠᠨ ᠠᠮᠤ ᠲᠠᠢ ᠮᠣᠩᠭᠣᠯ ᠴᠠᠢ ᠬᠣᠭᠣᠯᠠ ᠪᠠᠷ ᠵᠣᠴᠢᠯᠠᠬᠤ ᠳ᠋ᠤ᠌ ᠸᠠᠩᠴᠤᠭᠷᠠᠪᠳᠠᠨ ᠪᠠᠬᠠᠨ ᠰᠠᠨᠳᠤᠷᠴᠤ ᠪᠤᠶᠠᠨᠴᠣᠭ ᠨᠠᠷ ᠶᠠᠭᠠᠬᠢᠭᠠᠳ ᠡᠨᠳᠡ ᠢᠷᠡᠭᠰᠡᠨ ᠦᠭᠡᠢ ᠪᠣᠯᠴᠢᠬᠠᠪᠠ? ᠭᠡᠵᠦ ᠰᠠᠨᠳᠤᠷᠴᠤ ᠪᠣᠳᠣᠯ ᠪᠣᠯᠤᠨ᠎ᠠ᠃ ᠸᠠᠩᠴᠤᠭᠷᠠᠪᠳᠠᠨ᠂ ᠰᠢᠨᠠᠯᠠᠮ᠎ᠠ ᠠ᠋ᠴᠠ᠄《ᠲᠠ ᠣᠯᠠᠨ ᠭᠠᠵᠠᠷ ᠰᠠᠢᠨ ᠡᠷᠭᠢᠴᠡᠭᠰᠡᠨ ᠬᠥᠮᠦᠨ ᠶᠦᠮ ᠴᠢᠨᠢ ᠬᠣᠯᠠ ᠣᠢᠷ᠎ᠠ ᠳ᠋ᠤ᠌ ᠨᠠᠮᠵᠢᠭᠤᠨ ᠲᠣᠭᠲᠠᠭᠤᠨ ᠪᠠᠢᠨ᠎ᠠ ᠤᠤ?》 ᠭᠡᠬᠦ ᠳ᠋ᠦ᠍᠂ ᠰᠢᠨᠠᠯᠠᠮ᠎ᠠ ᠠ᠋ᠴᠠ᠄《ᠬᠣᠯᠠ ᠳ᠋ᠤ᠌ ᠶᠡᠬᠡ ᠰᠠᠢᠬᠠᠨ ᠲᠣᠭᠲᠠᠭᠤᠨ ᠪᠠᠢᠨ᠎ᠠ᠂ ᠬᠠᠷᠢᠨ ᠣᠢᠷ᠎ᠠ ᠳ᠋ᠤ᠌ ᠠᠶᠤᠯ ᠲᠦᠭᠰᠢᠭᠦᠷᠢᠲᠡᠢ ᠪᠠᠢᠬᠤ ᠰᠢᠭ᠋᠁》 ᠭᠡᠵᠦ ᠪᠢᠲᠡᠭᠦᠦ ᠦᠭᠡ ᠪᠡᠷ ᠶᠠᠷᠢᠯᠴᠠᠵᠠᠭᠠᠵᠤ ᠴᠠᠢ ᠤᠤᠭᠤᠵᠠᠭᠠᠨ᠎ᠠ᠃
ᠰᠢᠨᠡᠯᠡᠮ᠎ᠡ ᠡᠬᠡᠨᠡᠷ ᠸᠠᠩᠴᠢᠮᠢᠳᠤᠭ ᠢ᠋ᠶ᠋ᠠᠨ᠄《ᠴᠢ ᠦᠬᠡᠷ ᠢ᠋ᠶ᠋ᠡᠨ ᠤᠰᠤᠯᠠᠬᠤ ᠪᠠᠷ ᠬᠤᠳᠳᠤᠭ ᠲᠤ᠌ ᠶᠠᠪᠤᠭᠠᠳ ᠬᠤᠷᠳᠤᠨ ᠢᠷ᠎ᠡ! ᠪᠢᠳᠡ ᠬᠣᠶᠠᠷ ᠤᠴᠠᠷᠠᠭᠰᠠᠨ ᠦᠭᠡᠢ ᠤᠳᠠᠴᠢᠬᠠᠭᠰᠠᠨ ᠶᠤᠮ ᠴᠢᠨᠢ ᠶᠠᠷᠢᠯᠴᠠᠵᠤ ᠰᠠᠭᠤᠶ᠎ᠠ!》 ᠭᠡᠯᠡ᠃ ᠸᠠᠩᠴᠢᠮᠢᠳᠤᠭ ᠭᠡᠷ ᠦ᠋ᠨ ᠤᠷᠲᠤ ᠪᠤᠷᠭᠠᠰᠤᠨ ᠳᠥᠭᠥᠮ ᠳ᠋ᠦ᠍ ᠦᠬᠡᠷ ᠤᠰᠤᠯᠠᠬᠤ ᠪᠠᠷ ᠶᠠᠪᠤᠭᠠᠳ ᠲᠡᠳᠡᠭᠡᠷ ᠴᠡᠷᠢᠭ ᠦ᠋ᠳ ᠲᠦ᠍ ᠭᠡᠷ ᠲᠦ᠍ ᠸᠠᠩᠴᠤᠭᠷᠠᠪᠳᠠᠨ ᠭᠠᠭᠴᠠ ᠪᠠᠷ ᠢᠷᠡᠭᠡᠳ ᠪᠠᠢᠨ᠎ᠠ ᠭᠡᠵᠦ ᠮᠡᠳᠡᠭᠳᠡᠪᠡ᠃
ᠡᠭᠦᠷᠭᠡ ᠬᠦᠯᠢᠶᠡᠵᠦ ᠪᠠᠢᠭᠰᠠᠨ ᠴᠡᠷᠢᠭ ᠡᠴᠡ ᠸᠠᠩᠴᠤᠭᠷᠠᠪᠳᠠᠨ ᠳ᠋ᠤ᠌ ᠬᠣᠷᠣᠰᠤᠯ ᠲᠠᠢ ᠰᠠᠢᠰᠢᠩᠭ᠎ᠠ᠂ ᠳᠠᠯᠠᠢᠬᠦᠦ ᠬᠣᠶᠠᠷ ᠭᠡᠨᠡᠳᠲᠡ ᠭᠡᠷ ᠲᠦ᠍ ᠣᠷᠣᠵᠤ ᠢᠷᠡᠮᠡᠭᠴᠡ ᠸᠠᠩᠴᠤᠭᠷᠠᠪᠳᠠᠨ ᠠ᠋ᠴᠠ᠄《ᠲᠠ ᠵᠢᠷᠣᠭ᠎ᠠ ᠮᠣᠷᠢ ᠪᠠᠨ ᠲᠦᠷ ᠵᠢᠭᠡᠯᠡᠵᠦ ᠥᠭᠭᠦᠨ᠎ᠡ ᠤᠤ? ᠪᠢᠳᠡ ᠬᠣᠶᠠᠷ ᠪᠦᠷᠢᠨᠪᠠᠶᠠᠷ ᠤ᠋ᠨ ᠳ᠋ᠤ᠌ ᠣᠴᠢᠬᠤ ᠤᠴᠢᠷ ᠲᠠᠢ》 ᠭᠡᠬᠦ ᠳ᠋ᠦ᠍ ᠸᠠᠩᠴᠤᠭᠷᠠᠪᠳᠠᠨ᠄《ᠪᠣᠯᠬᠤ ᠦᠭᠡᠢ᠂ ᠪᠢ ᠣᠳᠣ ᠪᠠᠷ ᠢ᠋ᠶ᠋ᠠᠨ ᠶᠠᠪᠤᠬᠤ ᠶᠠᠭᠠᠷᠠᠤ ᠤᠴᠢᠷ ᠲᠠᠢ》 ᠭᠡᠵᠦ ᠰᠢᠯᠲᠠᠭᠯᠠᠪᠠ᠃ ᠰᠢᠨᠡᠯᠡᠮ᠎ᠡ᠄《ᠴᠢ ᠡᠭᠦᠨ ᠳ᠋ᠦ᠍ ᠶᠠᠭᠠᠷᠠᠵᠤ ᠪᠠᠢᠭ᠎ᠠ ᠪᠢᠵᠡ》 ᠭᠡᠳ ᠸᠠᠩᠴᠤᠭᠷᠠᠪᠳᠠᠨ ᠤ᠋ ᠪᠤᠶᠠᠨᠴᠣᠭ ᠲᠤ᠌ ᠥᠭᠭᠦᠭᠰᠡᠨ ᠵᠠᠬᠢᠳᠠᠯ ᠢ᠋ ᠦᠵᠡᠭᠦᠯᠬᠦ ᠳ᠋ᠦ᠍ ᠲᠡᠷᠡ ᠠᠷᠭ᠎ᠠ ᠪᠤᠰᠤ ᠦᠭᠡ ᠪᠡᠨ ᠬᠡᠯᠡᠵᠦ ᠭᠠᠷᠬᠤ ᠦᠭᠡᠢ ᠪᠣᠯᠬᠤ ᠳ᠋ᠤ᠌ ᠮᠠᠭᠤ ᠮᠣᠳᠣᠨ ᠲᠠᠢᠵᠢ ᠡᠷᠭᠢᠭᠦᠦ ᠰᠤᠮᠤ ᠡᠵᠡᠨ ᠳ᠋ᠡᠭᠡᠨ ᠭᠡᠭᠴᠢ ᠶ᠋ᠢ ᠮᠡᠳᠡᠨ᠎ᠡ ᠤᠤ ᠭᠡᠭᠰᠡᠭᠡᠷ ᠲᠡᠳᠡ ᠬᠡᠳᠦ ᠲᠡᠭᠦᠨ ᠢ᠋ ᠤᠶᠠᠪᠠ᠃
ᠰᠢᠨᠠᠯᠠᠮ᠎ᠠ ᠲᠡᠷᠡ ᠳᠠᠷᠤᠢ ᠪᠤᠰᠤᠳ ᠴᠡᠷᠢᠭ ᠲᠡᠭᠡᠨ ᠵᠠᠷᠯᠢᠭ ᠪᠣᠯᠵᠤ ᠮᠠᠩᠬᠠᠲᠤ ᠶ᠋ᠢᠨ ᠰᠦᠮ᠎ᠡ ᠡᠴᠡ ᠣᠢᠷᠠᠯᠴᠠᠭ᠎ᠠ ᠪᠠᠢᠭ᠎ᠠ ᠪᠤᠶᠠᠨᠴᠣᠭ ᠢ᠋ ᠪᠠᠷᠢᠵᠤ ᠮᠠᠩᠬᠠᠲᠤ ᠶ᠋ᠢᠨ ᠰᠦᠮ᠎ᠡ ᠳᠡᠭᠡᠷ᠎ᠡ ᠠᠪᠴᠢᠷᠠ! ᠸᠠᠩᠴᠤᠭᠷᠠᠪᠳᠠᠨ ᠤ᠋ ᠬᠥᠪᠡᠭᠦᠨ ᠲᠡᠭᠦᠰᠵᠢᠷᠭᠠᠯᠠᠩ᠂ ᠨᠣᠶᠠᠨ ᠤ᠋ ᠴᠡᠷᠢᠭ ᠦ᠋ᠨ ᠨᠠᠸᠠᠩᠨᠣᠷᠪᠤ ᠵᠡᠷᠭᠡ ᠶ᠋ᠢ ᠪᠠᠷᠢᠪᠴᠢᠯᠠᠬᠤ ᠪᠠᠷ ᠵᠦᠭ ᠪᠦᠷᠢ ᠳ᠋ᠦ᠍ ᠴᠡᠷᠢᠭ ᠲᠣᠮᠢᠯᠠᠵᠤ ᠶᠠᠪᠤᠭᠤᠯᠵᠠᠢ᠃
ᠲᠡᠳᠡᠭᠡᠷ ᠴᠡᠷᠢᠭ ᠦ᠋ᠳ ᠬᠠᠷᠢᠯᠴᠠᠨ ᠪᠣᠯᠵᠣᠭᠰᠠᠨ ᠶᠤᠮ ᠰᠢᠭ᠋ ᠬᠣᠶᠠᠳᠤᠭᠠᠷ ᠡᠳᠦᠷ ᠳᠡᠭᠡᠷ᠎ᠡ᠂ ᠵᠦᠭ ᠪᠦᠷᠢ ᠡᠴᠡ ᠸᠠᠩᠴᠤᠭᠷᠠᠪᠳᠠᠨ᠂ ᠲᠡᠭᠦᠰᠵᠢᠷᠭᠠᠯᠠᠩ᠂ ᠪᠤᠶᠠᠨᠴᠣᠭ᠂ ᠨᠠᠸᠠᠩᠨᠣᠷᠪᠤ ᠳᠥᠷᠪᠡᠭᠦᠯᠡ ᠶ᠋ᠢ ᠪᠠᠷᠢᠵᠤ ᠠᠪᠴᠢᠷᠠᠯ᠎ᠠ᠃
ᠣᠷᠳᠣᠰ ᠠᠷᠠᠳ ᠤ᠋ᠨ ᠬᠠᠭᠤᠴᠢ ᠦᠭᠡᠨ ᠳ᠋ᠦ᠍ᠷ᠄《ᠥᠰᠢᠶᠡᠲᠡᠨ ᠬᠥᠮᠦᠨ ᠦᠢᠯᠡᠷ ᠦ᠋ᠨ ᠳᠠᠪᠠᠭᠠᠨ ᠳ᠋ᠤ᠌》 ᠭᠡᠭᠴᠢ ᠪᠡᠷ ᠲᠡᠳᠡ ᠳᠥᠷᠪᠡᠭᠦᠯᠡ ᠶ᠋ᠢ ᠪᠠᠷᠢᠪᠴᠢᠯᠠᠬᠤ᠂ ᠬᠠᠷᠠᠵᠤ ᠬᠠᠮᠠᠭᠠᠯᠠᠬᠤ ᠠᠯᠢᠪᠠ ᠶᠠᠪᠤᠳᠠᠯ ᠢ᠋ ᠲᠡᠳᠡᠨ ᠦ᠌ ᠥᠰᠢᠶᠡᠲᠡᠨ ᠬᠥᠮᠦᠰ ᠳᠠᠯᠠᠢᠬᠦᠦ᠂ ᠰᠡᠮᠲᠡᠨ᠂ ᠰᠠᠮᠫᠠᠯ᠂ ᠳᠣᠳᠠᠤᠠ᠂ ᠰᠠᠢᠰᠢᠩᠭ᠎ᠠ ᠵᠡᠷᠭᠡ ᠠᠷᠪᠠᠭᠠᠳ ᠴᠡᠷᠢᠭ ᠬᠠᠮᠢᠶᠠᠷᠴᠤ ᠪᠠᠢᠭᠰᠠᠨ ᠲᠤᠯᠠ ᠰᠢᠨᠠᠯᠠᠮ᠎ᠠ ᠴᠡᠷᠢᠭ ᠲᠡᠭᠡᠨ᠄《ᠲᠡᠳᠡᠨ ᠦ᠌ ᠠᠮᠢᠨ ᠳ᠋ᠤᠨᠢ ᠬᠦᠷᠴᠦ ᠪᠣᠯᠬᠤ ᠦᠭᠡᠢ᠂ ᠳ᠋ᠧᠩ ᠰᠢᠦ ᠶ᠋ᠢ ᠨᠢ ᠬᠤᠭᠤᠯᠬᠤ ᠳ᠋ᠧᠩ ᠢ᠋ ᠨᠢ ᠤᠨᠲᠠᠷᠠᠭᠠᠬᠤ ᠬᠣᠶᠠᠷ ᠠ᠋ᠴᠠ ᠨᠢᠭᠡ ᠶ᠋ᠢ ᠨᠢ ᠬᠢᠰᠦᠭᠡᠢ》 ᠭᠡᠵᠦ ᠰᠡᠮᠡᠬᠡᠷ ᠵᠠᠬᠢᠯ᠎ᠠ ᠭᠡᠳᠡᠭ᠃ ᠢᠩᠭᠢᠭᠡᠳ ᠵᠢᠭᠠᠪᠤᠷᠢ ᠶ᠋ᠢ ᠪᠡᠶᠡᠯᠡᠭᠦᠯᠦᠭᠰᠡᠨ ᠪᠤᠶᠤ ᠡᠰᠡᠬᠦᠯ᠎ᠡ ᠲᠡᠳᠡᠭᠡᠷ ᠳᠥᠷᠪᠡᠨ ᠬᠥᠮᠦᠨ ᠳ᠋ᠦ᠍ ᠬᠣᠷᠣᠰᠤᠯ ᠶᠡᠬᠡ ᠲᠡᠢ ᠬᠥᠮᠦᠰ ᠪᠠᠢᠭᠰᠠᠨ ᠲᠤᠯᠠ ᠠᠭᠤᠷ ᠢ᠋ᠶ᠋ᠠᠨ ᠭᠠᠷᠭᠠᠵᠤ ᠠᠮᠵᠢᠬᠤ ᠲᠣᠬᠢᠶᠠᠯ ᠲᠣᠬᠢᠶᠠᠯᠳᠤᠭᠰᠠᠨ ᠳ᠋ᠤ᠌ ᠵᠠᠷᠢᠮ ᠤ᠋ᠨ ᠬᠢᠨᠢ ᠨᠢᠳᠦ ᠶ᠋ᠢ ᠰᠣᠬᠣᠯᠤᠭᠰᠠᠨ ᠤᠴᠢᠷ ᠭᠠᠷᠴᠠᠢ᠃
ᠬᠣᠵᠢᠮ ᠨᠢ ᠲᠡᠳᠡᠭᠡᠷ ᠢ᠋ 《ᠰᠣᠬᠣᠷ ᠤ᠋ᠳ》 ᠭᠡᠬᠦ ᠪᠤᠶᠤ ᠲᠡᠭᠦᠰᠵᠢᠷᠭᠠᠯ ᠬᠣᠵᠢᠮ ᠨᠢ ᠲᠡᠮᠡᠭᠡᠲᠦ ᠬᠣᠲᠠ ᠳ᠋ᠤ᠌ ᠣᠴᠢᠵᠤ ᠱᠠᠭᠠᠵᠠᠩ ᠨᠢᠳᠦ(ᠬᠠᠭᠤᠷᠮᠠᠭ ᠨᠢᠳᠦ) ᠣᠷᠣᠭᠤᠯᠤᠭᠰᠠᠨ ᠲᠤᠯᠠ ᠲᠡᠭᠦᠨ ᠢ᠋《ᠱᠠᠭᠠᠵᠠᠩ ᠨᠢᠳᠦᠲᠦ》 ᠭᠡᠵᠦ ᠳᠠᠭᠤᠳᠠᠬᠤ ᠵᠠᠩᠰᠢᠯ ᠲᠠᠢ ᠪᠣᠯᠴᠢᠬᠠᠵᠠᠢ᠃
ᠠᠷᠠᠳᠴᠢᠯᠠᠭᠰᠠᠨ ᠦᠵᠡᠯᠲᠡ ᠲᠡᠢ ᠪᠠᠷᠠᠭᠤᠨ ᠬᠦᠩ ᠴᠣᠭᠲᠤᠸᠴᠢᠷ᠂ ᠨᠠᠰᠤᠨᠪᠠᠲᠦ ᠠᠮᠪᠠᠨ ᠨᠠᠷ ᠸᠠᠩᠴᠤᠭᠷᠠᠪᠳᠠᠨ᠂ ᠲᠡᠭᠦᠰᠵᠢᠷᠭᠠᠯ ᠬᠣᠶᠠᠭᠤᠯᠠ ᠶ᠋ᠢᠨ ᠵᠢᠰᠤᠷ ᠵᠣᠯᠪᠢᠩ ᠪᠣᠯᠤᠨ ᠣᠯᠠᠨ ᠵᠦᠢᠯ ᠦ᠋ᠨ ᠬᠡᠷᠡᠭ ᠤᠴᠢᠷ ᠲᠠᠢ ᠬᠣᠯᠪᠣᠭᠳᠠᠭᠰᠠᠨ ᠵᠠᠷᠭᠤ ᠵᠠᠭᠠᠯᠳᠤᠯᠭ᠎ᠠ ᠶ᠋ᠢ ᠦᠨᠳᠦᠰᠦᠯᠡᠵᠦ ᠱᠠᠷᠯᠢᠭ ᠤ᠋ᠨ ᠰᠦᠮ᠎ᠡ ᠳᠡᠭᠡᠷ᠎ᠡ ᠲᠤᠰᠬᠠᠢ ᠳᠠᠩ ᠭᠠᠷᠭᠠᠵᠤ ᠲᠤᠰ ᠲᠤᠰ ᠨᠠᠶᠠᠨ ᠮᠣᠳᠣ ᠵᠠᠨᠴᠢᠪᠠ᠃ ᠡᠭᠦᠨ ᠡᠴᠡ ᠬᠣᠢᠰᠢ ᠸᠠᠩᠴᠤᠭᠷᠠᠪᠳᠠᠨ ᠲᠠᠢᠵᠢ ᠪᠣᠯᠤᠨ ᠲᠡᠭᠦᠨ ᠦ᠌ ᠦᠷ᠎ᠡ ᠰᠠᠳᠤᠨ ᠢ᠋ ᠬᠣᠰᠢᠭᠤ ᠨᠡᠢᠲᠡ ᠶ᠋ᠢᠨ ᠠᠯᠪᠠᠨ ᠲᠤᠰᠢᠶᠠᠯ ᠳ᠋ᠤ᠌ ᠲᠣᠮᠢᠯᠠᠵᠤ ᠣᠭᠲᠣ ᠪᠣᠯᠬᠤ ᠦᠭᠡᠢ ᠪᠥᠭᠡᠳ ᠴᠠᠭᠠᠨ ᠪᠡᠴᠢᠨ ᠵᠢᠯ ᠦ᠋ᠨ ᠭᠠᠯᠠᠭᠤᠲᠤ ᠶ᠋ᠢᠨ ᠴᠢᠭᠤᠯᠭᠠᠨ ᠤ᠋ ᠪᠦᠬᠦ ᠵᠠᠷᠤᠳᠠᠯ ᠢ᠋ ᠸᠠᠩᠴᠤᠭᠷᠠᠪᠳᠠᠨ᠂ ᠲᠡᠭᠦᠰᠵᠢᠷᠭᠠᠯ᠂ ᠪᠤᠶᠠᠨᠴᠣᠭ᠂ ᠨᠠᠸᠠᠩᠨᠣᠷᠪᠤ ᠨᠠᠷ ᠢ᠋ᠶ᠋ᠠᠷ ᠲᠥᠯᠥᠭᠦᠯᠦᠨ᠎ᠡ ᠭᠡᠵᠦ ᠵᠠᠬᠢᠭᠰᠠᠨ ᠪᠠᠢᠨ᠎ᠠ᠃①
— — — —
① ᠡᠨᠡ ᠤᠴᠢᠷ ᠢ᠋ ᠭᠠᠯᠠᠭᠤᠲᠤ ᠶ᠋ᠢᠨ ᠪᠤᠵᠠᠢ ᠭᠠᠴᠠᠭᠠᠨ ᠤ᠋ ᠵᠢᠷᠭᠢᠨᠲᠠᠯᠠ ᠬᠤᠷᠰᠢᠶ᠎ᠠ ᠶ᠋ᠢᠨ ᠳᠠᠮᠪᠠᠷᠠᠪᠰᠠᠯ ᠨᠠᠰᠤᠲᠠᠨ ᠤ᠋1975 ᠣᠨ ᠳ᠋ᠤ᠌ ᠶᠠᠷᠢᠭᠰᠠᠨ ᠢ᠋ ᠡᠮᠬᠢᠳᠬᠡᠪᠡ᠃
8. ᠭᠠᠷᠵᠢ ᠯᠤᠤ ᠡᠦ ᠶ᠋ᠢᠨ ᠯᠢᠶᠡᠨᠵᠠᠩ ᠳ᠋ᠤᠯᠢ ᠱᠠᠨᠵᠢᠮᠢᠳᠤᠭ ᠢ᠋ ᠡᠷᠯᠢᠭ ᠲᠦ᠋ᠨᠢ ᠲᠣᠨᠢᠯᠭᠠᠭᠰᠠᠨ ᠨᠢ
ᠭᠠᠷᠵᠢ ᠯᠤᠤ ᠡᠦ ᠭᠡᠳᠡᠭ ᠪᠣᠯ ᠳᠡᠯᠡᠳ ᠬᠤᠰᠢᠭᠤᠨ ᠤ᠋ ᠬᠥᠮᠦᠨ᠂ ᠸᠠᠩᠳᠠᠨᠨᠢᠮ᠎ᠠ ᠶ᠋ᠢ ᠳᠠᠭᠠᠵᠤ ᠬᠠᠲᠤᠨ ᠭᠣᠣᠯ ᠤ᠋ᠨ ᠬᠠᠩᠬ᠎ᠠ ᠭᠠᠵᠠᠷ ᠢ᠋ᠶ᠋ᠠᠷ ᠡᠷᠭᠢᠴᠡᠵᠦ ᠫᠠᠷᠲ᠋ᠢᠽᠠᠨ ᠲᠡᠢᠨ ᠬᠢᠵᠦ ᠪᠠᠢᠵᠠᠢ᠃ ᠸᠠᠩᠳᠠᠨᠨᠢᠮ᠎ᠠ ᠶ᠋ᠢ ᠪᠠᠷᠢᠭᠳᠠᠭᠰᠠᠨ ᠤ᠋ ᠰᠡᠭᠦᠯᠡᠷ ᠲᠡᠷᠡ ᠳᠠᠯᠠᠳ ᠬᠤᠰᠢᠭᠤᠨ ᠤ᠋ ᠤᠯᠤᠰ ᠲᠤᠷ ᠲᠤᠰᠠᠯᠠᠬᠤ ᠬᠦᠩ ᠠᠷᠪᠢᠵᠢᠬᠤ ᠶ᠋ᠢ ᠳᠠᠭᠠᠵᠤ ᠬᠡᠳᠦᠨ ᠵᠠᠭᠤᠨ ᠴᠡᠷᠢᠭ ᠲᠡᠢ ᠪᠣᠯᠵᠤ ᠤᠷᠠᠳ ᠤ᠋ᠨ ᠳᠤᠮᠳᠠᠳᠤ ᠬᠦᠩ ᠦ᠋ᠨ ᠬᠤᠰᠢᠭᠤᠨ ᠤ᠋ ᠰᠠᠢᠨ ᠬᠤᠳᠳᠤᠭ ᠵᠡᠷᠭᠡ ᠭᠠᠵᠠᠷ ᠢ᠋ᠶ᠋ᠠᠷ ᠡᠷᠭᠢᠴᠡᠵᠦ ᠪᠠᠢᠵᠠᠢ᠃1916 ᠣᠨ ᠳ᠋ᠤ᠌ ᠶᠡᠬᠡ ᠵᠣᠣ ᠴᠢᠭᠤᠯᠭᠠᠨ ᠳ᠋ᠠᠭᠠᠨ ᠪᠤᠴᠠᠵᠤ ᠢᠷᠡᠭᠡᠳ ᠤᠯᠠᠭᠠᠨᠴᠠᠪ ᠤ᠋ᠨ ᠹᠧᠩ ᠵᠧᠨ ᠦ᠌ ᠯᠦ᠍ ᠵᠠᠨ ᠺᠦᠢ ᠶ᠋ᠢᠨ ᠪᠦᠯᠦᠭ ᠲᠡᠢ ᠬᠠᠮᠲᠤᠷᠠᠵᠤ ᠶᠡᠬᠡ ᠵᠣᠣ ᠴᠢᠭᠤᠯᠭᠠᠨ ᠤ᠋ ᠣᠯᠠᠨ ᠬᠤᠰᠢᠭᠤᠨ ᠤ᠋ ᠰᠠᠪᠠ ᠬᠢᠵᠠᠭᠠᠷ᠂ ᠱᠠᠨ ᠭᠠᠨ ᠨᠢᠩ ᠬᠢᠵᠠᠭᠠᠷ ᠣᠷᠣᠨ ᠢ᠋ᠶ᠋ᠠᠷ ᠡᠷᠭᠢᠴᠡᠵᠦ ᠪᠠᠭ᠎ᠠ ᠴᠡᠷᠢᠭ ᠦ᠋ᠨ ᠡᠷᠬᠡᠲᠡᠨ ᠢ᠋ ᠳᠡᠯᠡᠳᠴᠦ ᠲᠣᠮᠣ ᠪᠠᠶᠠᠨ ᠡᠷᠦᠬᠡ ᠶ᠋ᠢ ᠰᠢᠨᠠᠯᠭᠠᠵᠤ ᠮᠠᠯᠴᠢᠨ ᠲᠠᠷᠢᠶᠠᠴᠢᠨ ᠢ᠋ ᠳᠡᠭᠡᠷᠡᠮᠳᠡᠵᠦ ᠶᠠᠪᠤᠳᠠᠭ ᠳ᠋ᠤᠯᠢ ᠪᠣᠯᠴᠢᠬᠠᠵᠠᠢ᠃ ᠱᠠᠨᠵᠢᠮᠢᠳᠤᠭ ᠪᠣᠯ ᠡᠨᠡ ᠬᠦ᠌ ᠳ᠋ᠤᠯᠢ ᠴᠡᠷᠢᠭ ᠦ᠋ᠨ ᠨᠢᠭᠡᠨ ᠯᠢᠶᠠᠨ ᠤ᠋ ᠯᠢᠶᠡᠨᠵᠠᠩ ᠪᠠᠢᠭᠰᠠᠨ ᠠ᠋ᠴᠠ ᠬᠥᠮᠦᠰ ᠳ᠋ᠤᠯᠢ ᠱᠠᠨᠵᠢᠮᠢᠳᠤᠭ ᠭᠡᠵᠦ ᠳᠠᠭᠤᠳᠠᠳᠠᠭ᠃ ᠳ᠋ᠤᠯᠢ ᠱᠠᠨᠵᠢᠮᠢᠳᠤᠭ ᠪᠣᠯ ᠴᠠᠭᠠᠨ ᠪᠡᠴᠢᠨ ᠵᠢᠯ ᠦ᠋ᠨ ᠭᠠᠯᠠᠭᠤᠲᠤ ᠶ᠋ᠢᠨ ᠴᠢᠭᠤᠯᠭᠠᠨ ᠤ᠋ ᠳᠠᠷᠠᠭ᠎ᠠ ᠰᠢᠨᠠᠯᠠᠮ᠎ᠠ ᠶ᠋ᠢ ᠨᠠᠶᠠᠨ ᠵᠢᠩ ᠦ᠋ᠨ ᠲᠡᠮᠦᠷ ᠭᠢᠨᠵᠢᠨ ᠳ᠋ᠦ᠍ ᠬᠠᠳᠠᠭᠳᠠᠵᠤ ᠪᠠᠢᠭ᠎ᠠ ᠦᠶ᠎ᠡ ᠳ᠋ᠦ᠍ ᠲᠠᠮᠠᠭᠠᠯᠠᠢ ᠶ᠋ᠢᠨ ᠱᠠᠩ ᠳᠡᠭᠡᠷ᠎ᠡ ᠲᠡᠮᠦᠷ ᠭᠢᠨᠵᠢ ᠶ᠋ᠢ ᠨᠢ ᠲᠠᠰᠤᠯᠵᠤ ᠭᠢᠨᠳᠠᠨ ᠠ᠋ᠴᠠ ᠠᠪᠤᠷᠠᠨ ᠭᠠᠷᠭᠠᠭᠰᠠᠨ ᠠᠴᠢᠲᠤ ᠬᠥᠮᠦᠨ ᠪᠣᠯᠤᠨ᠎ᠠ᠃
ᠤᠤᠯ ᠤᠴᠢᠷ ᠢ᠋ ᠬᠡᠯᠡᠪᠡᠯ ᠰᠣᠳᠨᠠᠮᠳᠣᠩᠷᠣᠪ ᠨᠠᠷ ᠪᠠᠷᠠᠭᠤᠨ ᠬᠦᠩ ᠴᠣᠭᠲᠣᠸᠴᠢᠷ᠂ ᠲᠤᠰᠠᠯᠠᠭᠴᠢ ᠨᠠᠰᠤᠨᠪᠠᠲᠤ ᠠᠮᠪᠠᠨ ᠨᠠᠷ ᠲᠠᠢ ᠵᠥᠪᠳᠡᠯᠴᠡᠭᠡᠳ ᠳ᠋ᠤᠯᠢ ᠶ᠋ᠢᠨ ᠮᠥᠷ ᠢ᠋ ᠳᠠᠭᠠᠭᠤᠯᠤᠨ ᠰᠢᠨᠠᠯᠠᠮ᠎ᠠ ᠶ᠋ᠢ ᠭᠢᠨᠵᠢᠨ ᠡᠴᠡ ᠭᠠᠷᠭᠠᠬᠤ ᠠᠷᠭ᠎ᠠ ᠶ᠋ᠢ ᠬᠡᠷᠡᠭᠯᠡᠵᠦ ᠱᠠᠨᠪᠧᠢ ᠶ᠋ᠢᠨ ᠰᠤᠬᠠᠢ ᠶ᠋ᠢᠨ ᠪᠠᠢᠰᠢᠩ ᠳ᠋ᠤ᠌ ᠪᠠᠢᠭᠰᠠᠨ ᠳ᠋ᠤᠯᠢ ᠶ᠋ᠢᠨ ᠲᠦᠷᠦᠭᠦᠦ ᠭᠠᠷᠵᠢ ᠯᠤᠤ ᠡᠦ ᠶ᠋ᠢ ᠰᠢᠷ᠎ᠠ ᠤᠰᠤᠨ ᠭᠣᠣᠯ ᠤ᠋ᠨ ᠶᠡᠬᠡ ᠲᠣᠬᠣᠢ ᠳ᠋ᠤ᠌ ᠤᠷᠢᠵᠤ ᠢᠷᠡᠭᠦᠯᠦᠨ ᠰᠢᠨᠡᠯᠡᠮ᠎ᠡ ᠶ᠋ᠢ ᠠᠪᠤᠷᠠᠵᠤ ᠭᠠᠷᠭᠠᠬᠤ ᠪᠣᠯᠪᠠᠤ ᠭᠡᠮᠡᠨ ᠠᠷᠪᠠᠨ ᠰᠠᠢᠨ ᠮᠣᠷᠢ ᠪᠠᠷ ᠲᠠᠯᠠᠷᠬᠠᠶ᠎ᠠ ᠭᠡᠵᠦ ᠲᠤᠰᠬᠠᠢ ᠬᠥᠮᠦᠨ ᠶᠠᠪᠤᠭᠤᠯᠵᠠᠢ᠃
ᠭᠠᠷᠵᠢ ᠯᠤᠤ ᠡᠦ ᠥᠪᠡᠷ ᠦ᠋ᠨ ᠴᠡᠷᠢᠭ ᠦ᠋ᠨ ᠰᠢᠷᠬ᠎ᠠ ᠣᠯᠤᠭᠰᠠᠨ ᠱᠠᠨᠵᠢᠮᠢᠳᠤᠭ ᠯᠢᠶᠠᠨᠵᠠᠩ ᠢ᠋ᠶ᠋ᠠᠨ ᠦᠯᠡᠳᠡᠭᠡᠵᠦ ᠰᠢᠷᠬ᠎ᠠ ᠶ᠋ᠢ ᠨᠢ ᠰᠤᠪᠢᠯᠠᠵᠤ ᠡᠳᠡᠭᠡᠷᠡᠭᠦᠯᠬᠦ ᠪᠡᠷ ᠨᠥᠬᠥᠴᠡᠯ ᠪᠣᠯᠭᠠᠵᠤ ᠰᠢᠨᠡᠯᠡᠮ᠎ᠡ ᠶ᠋ᠢ ᠠᠪᠤᠷᠠᠬᠤ ᠪᠠᠷ ᠪᠣᠯᠵᠤ ᠥᠭᠡᠷ᠎ᠡ ᠶᠠᠭᠤ ᠴᠤ᠌ ᠠᠪᠬᠤ ᠦᠭᠡᠢ ᠭᠡᠮᠡᠨ ᠲᠣᠭᠲᠠᠭᠰᠠᠨ ᠭᠡᠨ᠎ᠡ᠃ ᠢᠩᠭᠢᠭᠡᠳ ᠱᠠᠨᠵᠢᠮᠢᠳᠤᠭ ᠶᠡᠬᠡ ᠲᠣᠬᠣᠢ ᠶ᠋ᠢᠨ ᠵᠤᠯᠵᠠᠭ᠎ᠠ ᠶ᠋ᠢᠨ ᠭᠡᠷ ᠲᠦ᠍ ᠨᠢᠭᠡ ᠰᠠᠷ᠎ᠠ ᠠᠮᠠᠷᠠᠵᠤ ᠡᠮᠨᠡᠭᠦᠯᠦᠭᠡᠳ ᠡᠷᠡᠭᠦᠯᠵᠢᠪᠡ᠃
ᠢᠩᠭᠢᠭᠡᠳ ᠴᠣᠭᠲᠤᠸᠴᠢᠷ ᠲᠤᠰᠠᠯᠠᠭᠴᠢ ᠴᠠᠮᠬᠠᠭ ᠤ᠋ᠨ ᠳᠤᠭᠤᠢᠯᠠᠩ ᠤ᠋ᠨ ᠲᠣᠮᠢ ᠪᠠᠶᠠᠨᠳᠡᠯᠭᠡᠷ ᠢ᠋ᠶ᠋ᠡᠷ ᠲᠡᠮᠡᠭᠡᠲᠦ ᠶ᠋ᠢᠨ ᠣᠷᠴᠢᠮ ᠰᠠᠭᠤᠵᠤ ᠪᠠᠢᠬᠤ ᠭᠠᠷᠵᠢ ᠯᠤᠤ ᠡᠦ ᠳ᠋ᠦ᠍ ᠲᠡᠭᠦᠨ ᠦ᠌ ᠯᠢᠶᠠᠨᠵᠠᠩ ᠱᠠᠨᠵᠢᠮᠢᠳᠤᠭ ᠢ᠋ ᠬᠣᠶᠠᠷ ᠮᠣᠷᠢᠨ ᠤ᠋ ᠪᠡᠯᠡᠭ ᠲᠡᠢ ᠬᠦᠷᠭᠡᠭᠦᠯᠪᠡ᠃ ᠭᠠᠷᠵᠢ ᠯᠤᠤ ᠡᠦ ᠲᠡᠷᠡ ᠳᠣᠣᠷ᠎ᠠ ᠨᠢ ᠲᠠᠯᠠᠷᠬᠠᠨ ᠪᠠᠶᠠᠷᠯᠠᠵᠤ ᠱᠠᠨᠵᠢᠮᠢᠳᠤᠭ ᠲᠤ᠌ ᠦᠦᠰᠢᠨ ᠰᠢᠨᠡᠯᠡᠮ᠎ᠡ ᠶ᠋ᠢ ᠨᠠᠶᠠᠨ ᠵᠢᠩ ᠦ᠋ᠨ ᠬᠦᠨᠳᠦ ᠭᠢᠨᠵᠢᠨ ᠡᠴᠡ ᠠᠪᠤᠷᠠᠨ ᠭᠠᠷᠭᠠᠬᠤ ᠡᠭᠦᠷᠭᠡ ᠲᠤᠰᠢᠶᠠᠪᠠ᠃ ᠲᠡᠷᠡ ᠬᠡᠳᠦᠨ ᠴᠡᠷᠢᠭ ᠳᠠᠭᠠᠭᠤᠯᠤᠨ ᠮᠠᠩᠬᠠᠲᠤ ᠶ᠋ᠢᠨ ᠰᠦᠮ᠎ᠡ ᠣᠷᠴᠢᠮ ᠬᠦᠷᠴᠦ ᠰᠣᠳᠨᠠᠮᠳᠣᠩᠷᠣᠪ ᠲᠥᠪᠳᠡᠨᠪᠠᠯᠪᠤᠷ ᠲᠠᠢ ᠠᠭᠤᠯᠵᠠᠵᠤ ᠰᠥᠨᠢ ᠶ᠋ᠢᠨ ᠬᠠᠭᠠᠰ ᠤ᠋ᠨ ᠬᠥᠮᠦᠰ ᠦ᠋ᠨ ᠲᠤᠭ ᠨᠣᠢᠷ ᠢ᠋ ᠲᠣᠬᠢᠶᠠᠯᠳᠤᠭᠤᠯᠤᠨ ᠲᠠᠮᠭᠠᠨᠯᠠᠢ ᠶ᠋ᠢᠨ ᠱᠠᠩ ᠳ᠋ᠤ᠌ ᠬᠦᠷᠴᠦ ᠷᠠᠳᠨᠠᠰᠠᠳᠢ ᠨᠠᠷ ᠢ᠋ ᠭᠡᠷ ᠲᠦ᠋ᠨᠢ ᠬᠠᠷᠢᠭᠤᠯᠤᠨ ᠰᠢᠨᠠᠯᠠᠮ᠎ᠠ ᠶ᠋ᠢᠨ ᠲᠡᠮᠦᠷ ᠭᠢᠨᠵᠢ ᠶ᠋ᠢ ᠲᠠᠰᠤᠯᠤᠭᠠᠳ ᠳᠠᠭᠠᠭᠤᠯᠵᠤ ᠶᠠᠪᠤᠭᠰᠠᠨ ᠪᠢᠯᠡ᠃ ᠢᠩᠭᠢᠭᠡᠳ ᠤᠴᠢᠷ ᠶᠠᠪᠤᠳᠠᠯ ᠤ᠋ᠨ ᠨᠢᠭᠤᠴᠠ ᠶ᠋ᠢ ᠮᠡᠳᠡᠬᠦ ᠦᠭᠡᠢ ᠬᠥᠮᠦᠰ ᠳ᠋ᠤᠯᠢ ᠱᠠᠨᠵᠢᠮᠢᠳᠤᠭ ᠢᠷᠡᠵᠦ ᠰᠢᠨᠡᠯᠡᠮ᠎ᠡ ᠶ᠋ᠢ ᠪᠤᠯᠢᠶᠠᠵᠤ ᠠᠪᠤᠭᠠᠳ ᠶᠠᠪᠤᠴᠢᠬᠠᠵᠠᠢ ᠭᠡᠨ᠎ᠡ ᠭᠡᠵᠦ ᠶᠠᠷᠢᠯᠴᠠᠬᠤ ᠪᠣᠯᠵᠠᠢ᠃
ᠳ᠋ᠤᠯᠢ ᠱᠠᠨᠵᠢᠮᠢᠳᠤᠭ ᠴᠡᠷᠢᠭ ᠳᠠᠭᠠᠭᠤᠯᠤᠨ ᠠᠢᠯ ᠳ᠋ᠤ᠌ ᠢᠷᠡᠬᠦ ᠪᠤᠶᠤ ᠭᠠᠳᠠᠭᠤᠷ ᠭᠠᠷᠬᠤ ᠳ᠋ᠠᠭᠠᠨ ᠡᠷᠳᠡᠮ ᠴᠢᠳᠠᠯ ᠢ᠋ᠶ᠋ᠠᠨ ᠭᠠᠢᠬᠠᠭᠤᠯᠤᠨ ᠬᠤᠷᠳᠤᠨ ᠵᠢᠷᠣᠭ᠎ᠠ ᠮᠣᠷᠢᠨ ᠤ᠋ ᠬᠤᠷᠳᠤᠴᠠ ᠪᠠᠷ ᠭᠡᠷ ᠦ᠋ᠨ ᠡᠮᠦᠨᠡᠭᠦᠷ ᠬᠥᠨᠳᠡᠯᠡᠨ ᠥᠩᠭᠡᠷᠡᠬᠦ ᠳ᠋ᠡᠭᠡᠨ ᠠᠷᠪᠠᠨ ᠰᠤᠮᠤ ᠲᠠᠢ ᠪᠠᠭ᠎ᠠ ᠫᠤᠤ ᠪᠠᠷ ᠪᠠᠢᠰᠢᠩ ᠤ᠋ᠨ ᠰᠠᠷᠠᠪᠴᠢᠨ ᠤ᠋ ᠣᠨᠢ ᠶ᠋ᠢᠨ ᠲᠣᠯᠣᠭᠠᠢ ᠶ᠋ᠢ ᠠᠯᠳᠠᠯ ᠦᠭᠡᠢ ᠣᠨᠣᠴᠢᠬᠠᠳᠠᠭ ᠮᠡᠷᠭᠡᠨ ᠬᠠᠷᠪᠤᠭᠠᠴᠢ ᠪᠠᠢᠵᠠᠢ᠃
ᠨᠢᠭᠡ ᠤᠳᠠᠭ᠎ᠠ ᠶᠡᠬᠡ ᠵᠣᠣ ᠶ᠋ᠢᠨ ᠴᠢᠭᠤᠯᠭᠠᠨ ᠳᠠ ᠶ᠋ᠢᠨ ᠭᠠᠵᠠᠷ ᠠ᠋ᠴᠠ ᠳ᠋ᠤᠯᠢ ᠱᠠᠨᠵᠢᠮᠢᠳᠤᠭ ᠲᠤ᠌《ᠦᠦᠰᠢᠨ ᠰᠢᠨᠠᠯᠠᠮ᠎ᠠ ᠳᠤᠭᠤᠢ ᠪᠣᠰᠬᠠᠭᠠᠳ ᠣᠯᠠᠨ ᠢ᠋ ᠦᠢᠮᠡᠭᠦᠯᠦᠨ ᠠᠮᠤᠷ ᠪᠤᠰᠤ᠂ ᠴᠢ ᠡᠮᠦᠨ᠎ᠡ ᠳ᠋ᠡᠭᠡᠨ ᠲᠡᠭᠦᠨ ᠢ᠋ ᠨᠠᠶᠠᠨ ᠵᠢᠩ ᠦ᠋ᠨ ᠲᠡᠮᠦᠷ ᠭᠢᠨᠵᠢᠨ ᠡᠴᠡ ᠭᠠᠷᠭᠠᠵᠤ ᠠᠪᠤᠷᠠᠭᠰᠠᠨ ᠢᠲᠡᠭᠡᠯᠲᠦ ᠬᠥᠮᠦᠨ ᠪᠣᠯᠠᠢ᠃ ᠥᠨᠥ ᠲᠡᠭᠦᠨ ᠢ᠋ ᠠᠷᠭᠠᠯᠠᠵᠤ ᠪᠠᠢᠭᠠᠳ ᠲᠣᠨᠢᠯᠭᠠᠪᠠᠰᠤ ᠴᠢᠮᠠᠳᠤᠷ ᠠᠰᠢᠭ ᠲᠠᠯᠠᠷᠬᠠᠯ ᠢ᠋ ᠶᠡᠬᠡᠳᠡ ᠬᠦᠷᠲᠡᠭᠦᠯᠦᠮᠦᠢ》 ᠭᠡᠵᠡᠢ᠃
ᠱᠠᠨᠵᠢᠮᠢᠳᠤᠭ ᠳᠠ ᠶ᠋ᠢᠨ ᠠᠯᠪᠠ ᠶ᠋ᠢ ᠬᠦᠯᠢᠶᠡᠵᠦ ᠠᠪᠤᠮᠠᠭᠴᠠ ᠲᠠᠷᠢᠬᠢ ᠪᠠᠨ ᠰᠢᠪᠬᠠᠨ ᠠᠷᠭ᠎ᠠ ᠪᠣᠳᠣᠵᠤ ᠴᠢᠭᠤᠯᠭᠠᠨ ᠳᠠ ᠶ᠋ᠢᠨ ᠭᠠᠵᠠᠷ ᠲᠤ᠌ ᠴᠢᠰᠤᠨ ᠭᠠᠪᠢᠶ᠎ᠠ ᠪᠠᠢᠭᠤᠯᠬᠤ ᠪᠠᠷ ᠵᠢᠶᠦ᠋ᠨ ᠸᠠᠩ ᠤ᠋ᠨ ᠬᠤᠰᠢᠭᠤᠨ ᠠ᠋ᠴᠠ ᠦᠦᠰᠢᠨ ᠬᠤᠰᠢᠭᠤᠨ ᠤ᠋ ᠲᠠᠮᠠᠭᠠᠯᠠᠢ ᠶ᠋ᠢᠨ ᠱᠠᠩ ᠵᠦᠭ ᠮᠣᠷᠳᠠᠯ᠎ᠠ᠃ ᠲᠡᠷᠡ ᠰᠢᠨᠠᠯᠠᠮ᠎ᠠ ᠶ᠋ᠢ ᠠᠯᠠᠴᠢᠬᠠᠪᠠᠯ ᠣᠷᠳᠣᠰ ᠤ᠋ᠨ ᠳᠣᠯᠣᠭᠠᠨ ᠬᠤᠰᠢᠭᠤᠨ ᠳ᠋ᠤ᠌ ᠨᠡᠷ᠎ᠡ ᠠᠯᠳᠠᠷᠰᠢᠭᠰᠠᠨ ᠭᠠᠭᠴᠠᠭᠠᠷ ᠴᠢᠳᠠᠭᠴᠢ ᠪᠣᠯᠬᠤ ᠪᠠᠷ ᠰᠠᠷ᠎ᠠ ᠲᠠᠢ ᠰᠥᠨᠢ ᠰᠠᠨᠠᠭ᠎ᠠ ᠪᠠᠨ ᠬᠠᠭᠤᠷᠴᠤ ᠰᠠᠢᠬᠠᠨ ᠵᠡᠭᠦᠳᠦ ᠪᠡᠷ ᠱᠠᠯᠪᠢᠩ ᠢᠳᠡᠭᠰᠡᠨ ᠲᠤᠯᠠ ᠨᠢᠭᠡ ᠴᠦ᠍ ᠬᠥᠮᠦᠨ ᠳᠠᠭᠠᠭᠤᠯᠤᠭᠰᠠᠨ ᠦᠭᠡᠢ ᠪᠡᠷ ᠬᠠᠮᠤᠭ ᠤ᠋ᠨ ᠰᠠᠢᠨ ᠬᠤᠷᠳᠤᠨ ᠵᠢᠷᠣᠭ᠎ᠠ ᠮᠣᠷᠢ ᠶ᠋ᠢ ᠰᠣᠩᠭᠣᠵᠤ ᠤᠨᠤᠭᠠᠳ ᠠᠷᠪᠠ ᠳᠤᠤᠭᠠᠷᠳᠠᠭ ᠭᠠᠷ ᠫᠤᠤ ᠪᠠᠨ ᠣᠯᠠᠨ ᠠᠷᠪᠢᠨ ᠰᠤᠮᠤ ᠲᠠᠢ ᠠᠪᠴᠤ ᠴᠢᠭᠤᠯᠭᠠᠨ ᠳᠠ ᠶ᠋ᠢᠨ ᠠᠯᠪᠠ ᠶ᠋ᠢ《ᠣᠯᠳᠠᠰᠢ ᠦᠭᠡᠢ ᠡᠷᠳᠡᠨᠢ》 ᠪᠡᠷ ᠡᠪᠦᠷᠯᠡᠭᠡᠳ ᠮᠣᠷᠳᠠᠯ᠎ᠠ᠃ ᠲᠡᠷᠡ ᠬᠤᠷᠳᠤᠨ ᠵᠢᠷᠣᠭ᠎ᠠ ᠮᠣᠷᠢᠨ ᠤ᠋ ᠪᠠᠨ ᠰᠠᠢᠨ ᠳ᠋ᠤ᠌ ᠰᠧᠳᠧᠩᠨᠣᠷᠪᠤ ᠶ᠋ᠢᠨ ᠳ᠋ᠦ᠍ ᠦᠳᠡ ᠶ᠋ᠢᠨ ᠬᠣᠭᠣᠯᠠ ᠢᠳᠡᠵᠦ ᠦᠷᠭᠦᠯᠵᠢᠯᠡᠨ ᠪᠠᠷᠠᠭᠤᠨᠰᠢᠯᠠᠵᠤ ᠲᠤᠰ ᠰᠥᠨᠢ ᠳ᠋ᠡᠭᠡᠨ ᠦᠦᠰᠢᠨ ᠬᠤᠰᠢᠭᠤᠨ ᠤ᠋ ᠲᠠᠮᠠᠭᠠᠯᠠᠢ ᠶ᠋ᠢᠨ ᠱᠠᠩ ᠳ᠋ᠤ᠌ ᠬᠦᠷᠴᠦ ᠰᠢᠨᠠᠯᠠᠮ᠎ᠠ ᠶ᠋ᠢᠨ ᠰᠤᠷᠠᠭ ᠴᠢᠮᠡᠭᠡ ᠶ᠋ᠢ ᠨᠢᠭᠤᠴᠠ ᠪᠠᠷ ᠣᠢᠯᠠᠭᠠᠪᠠ᠃ ᠡᠨᠡ ᠬᠦ᠌ ᠳ᠋ᠤᠯᠢ ᠶ᠋ᠢᠨ ᠲᠦᠷᠦᠭᠦᠦ ᠱᠠᠨᠵᠢᠮᠢᠳᠤᠭ ᠦᠦᠰᠢᠨ ᠨᠣᠶᠠᠨ ᠤ᠋ ᠱᠠᠩ ᠣᠷᠳᠣᠨ ᠳ᠋ᠠᠬᠢ ᠲᠦᠰᠢᠮᠡᠳ ᠲᠡᠢ ᠰᠠᠨᠠᠭ᠎ᠠ ᠨᠢᠭᠡᠲᠡᠢ ᠪᠠᠢᠪᠠᠴᠤ ᠬᠡᠷᠡᠭ ᠶᠠᠪᠤᠳᠠᠯ ᠪᠦᠲᠦᠬᠦ ᠡᠴᠡ ᠡᠮᠦᠨ᠎ᠡ ᠰᠢᠨᠡᠯᠡᠮ᠎ᠡ ᠶ᠋ᠢ ᠬᠣᠣᠷᠯᠠᠬᠤ ᠭᠡᠰᠡᠨ ᠨᠢᠭᠤᠴᠠ ᠪᠠᠨ ᠬᠠᠮᠠᠭᠠᠯᠠᠵᠤ᠂ ᠰᠢᠨᠠᠯᠠᠮ᠎ᠠ ᠶ᠋ᠢᠨ ᠲᠤᠬᠠᠢ ᠥᠴᠦᠬᠡᠨ ᠴᠦ᠍ ᠦᠵᠦᠭᠦᠷᠳᠡᠭᠦᠯᠦᠭᠰᠡᠨ ᠦᠭᠡᠢ ᠬᠣᠨᠣᠵᠠᠢ᠃ ᠮᠠᠷᠭᠠᠰᠢ ᠨᠢ ᠶᠠᠪᠤᠬᠤ ᠦᠶ᠎ᠡ ᠳ᠋ᠡᠭᠡᠨ ᠨᠢᠭᠡ ᠬᠥᠮᠦᠨ ᠡᠴᠡ᠄《ᠰᠢᠨᠠᠯᠠᠮ᠎ᠠ ᠬᠠᠮᠢᠭ᠎ᠠ ᠶᠠᠭᠤ ᠬᠢᠵᠦ ᠪᠠᠢᠨ᠎ᠠ ᠪᠣᠢ?》 ᠭᠡᠰᠡᠨ ᠳ᠋ᠦ᠍᠂ ᠲᠡᠷᠡ ᠬᠥᠮᠦᠨ᠄《ᠬᠠᠯᠢᠭᠤᠲᠤ ᠶ᠋ᠢᠨ ᠰᠦᠮ᠎ᠡ ᠳᠡᠭᠡᠷ᠎ᠡ ᠪᠠᠢᠨ᠎ᠠ ᠭᠡᠵᠦ ᠬᠡᠯᠡᠯᠴᠡᠵᠦ ᠪᠠᠢᠭᠰᠠᠨ᠁》 ᠭᠡᠵᠡᠢ᠃ ᠱᠠᠨᠵᠢᠮᠢᠳᠤᠭ《ᠬᠠᠯᠢᠭᠤᠲᠤ ᠶ᠋ᠢᠨ ᠰᠦᠮ᠎ᠡ》 ᠭᠡᠰᠡᠨ ᠦᠭᠡ ᠶ᠋ᠢ《ᠭᠠᠯᠠᠭᠤᠲᠤ ᠶ᠋ᠢᠨ ᠰᠦᠮ᠎ᠡ》 ᠭᠡᠵᠦ ᠡᠨᠳᠡᠭᠦᠦ ᠪᠡᠷ ᠰᠣᠨᠣᠰᠴᠠᠢ᠃ ᠲᠡᠭᠡᠭᠡᠳ ᠲᠠᠮᠠᠭᠠᠯᠠᠢ ᠶ᠋ᠢᠨ ᠱᠠᠩ ᠠ᠋ᠴᠠ ᠪᠠᠷᠠᠭᠤᠨ ᠡᠮᠦᠨᠡᠰᠢ ᠬᠠᠯᠢᠭᠤᠲᠤ ᠶ᠋ᠢᠨ ᠰᠦᠮ᠎ᠡ ᠬᠦᠷᠲᠡᠯ᠎ᠡ30 ᠺᠢᠯᠣᠮᠧᠲ᠋ᠷ ᠦ᠋ᠨ ᠠᠰᠬᠠᠨ ᠵᠠᠮ ᠢ᠋ ᠪᠠᠷᠠᠭᠤᠨ ᠬᠣᠢᠰᠢ ᠭᠠᠯᠠᠭᠤᠲᠤ ᠶ᠋ᠢᠨ ᠰᠦᠮ᠎ᠡ ᠬᠦᠷᠲᠡᠯ᠎ᠡ30 ᠺᠢᠯᠣᠮᠧᠲ᠋ᠷ ᠮᠤᠷᠤᠢ ᠵᠠᠮ ᠢ᠋ ᠶᠠᠪᠤᠵᠤ ᠳᠠᠬᠢᠨ ᠭᠠᠯᠠᠭᠤᠲᠤ ᠠ᠋ᠴᠠ ᠪᠠᠷᠠᠭᠤᠨ ᠡᠮᠦᠨᠡᠰᠢ40 ᠺᠢᠯᠣᠮᠧᠲ᠋ᠷ ᠦ᠋ᠨ ᠵᠠᠮ ᠶᠠᠪᠤᠬᠤ ᠳᠡᠭᠡᠷ᠎ᠡ ᠲᠤᠯᠵᠠᠢ᠃ ᠨᠢᠭᠡᠯᠬᠡᠨ ᠦᠭᠡᠨ ᠦ᠌ ᠵᠥᠷᠢᠶ᠎ᠡ ᠡᠴᠡ ᠪᠣᠯᠵᠤ ᠴᠡᠷᠢᠭ ᠬᠥᠮᠦᠨ ᠦ᠌ ᠲᠦᠷᠭᠡᠨ ᠬᠥᠳᠡᠯᠦᠯ ᠳ᠋ᠦ᠍70 ᠺᠢᠯᠣᠮᠧᠲ᠋ᠷ ᠦ᠋ᠨ ᠰᠠᠭᠠᠳ ᠲᠣᠳᠬᠠᠷ ᠤᠴᠠᠷᠠᠵᠠᠢ᠃
ᠱᠠᠨᠵᠢᠮᠢᠳᠤᠭ ᠲᠠᠮᠠᠭᠠᠯᠠᠢ ᠠ᠋ᠴᠠ ᠶᠠᠪᠤᠬᠤ ᠳ᠋ᠤ᠌ ᠶᠠᠷᠢᠯᠴᠠᠳᠠᠭ ᠲᠡᠷᠡ ᠬᠥᠮᠦᠨ ᠪᠣᠯᠪᠠᠰᠤ ᠱᠠᠩ ᠤ᠋ᠨ ᠨᠢᠭᠡᠨ ᠡᠩ ᠦ᠋ᠨ ᠠᠳᠤᠭᠤᠴᠢᠨ ᠪᠠᠢᠵᠠᠢ᠃ ᠲᠡᠷᠡ ᠰᠢᠪᠠᠷ ᠤ᠋ᠨ ᠶᠡᠬᠡ ᠴᠠᠢᠳᠠᠮ ᠳ᠋ᠤ᠌ ᠠᠳᠤᠭᠤᠨ ᠳ᠋ᠤ᠌ ᠶᠠᠪᠤᠵᠤ ᠪᠠᠢᠭᠠᠳ ᠪᠠᠰᠠ ᠨᠢᠭᠡᠨ ᠮᠠᠯᠴᠢᠨ ᠲᠠᠢ ᠤᠴᠠᠷᠠᠵᠤ ᠪᠡᠯᠴᠢᠭᠡᠷ ᠳᠡᠭᠡᠷ᠎ᠡ ᠵᠣᠭᠣᠭ ᠳᠡᠯᠭᠡᠬᠦ ᠳ᠋ᠡᠭᠡᠨ《ᠥᠴᠥᠭᠡᠳᠦᠷ ᠱᠠᠩ ᠳᠡᠭᠡᠷ᠎ᠡ ᠭᠠᠷ ᠫᠤᠤ ᠰᠦᠢᠷᠡᠵᠦ ᠰᠠᠢᠨ ᠵᠢᠷᠣᠭ᠎ᠠ ᠮᠣᠷᠢ ᠤᠨᠤᠭᠰᠠᠨ ᠳ᠋ᠤᠯᠢ ᠱᠠᠨᠵᠢᠮᠢᠳᠤᠭ ᠭᠡᠭᠴᠢ ᠬᠥᠮᠦᠨ ᠬᠣᠨᠣᠭᠠᠳ ᠰᠢᠨᠠᠯᠠᠮ᠎ᠠ ᠬᠠᠮᠢᠭ᠎ᠠ ᠪᠠᠢᠨ᠎ᠠ ᠭᠡᠵᠦ ᠠᠰᠠᠭᠤᠵᠤ ᠪᠠᠢᠭᠰᠠᠨ᠃ ᠡᠨᠡ ᠥᠷᠯᠥᠭᠡ ᠪᠠᠷᠠᠭᠤᠨ ᠬᠣᠢᠰᠢ ᠬᠠᠨᠳᠤᠭᠠᠳ ᠶᠠᠪᠤᠴᠢᠬᠠᠯ᠎ᠠ᠃ ᠱᠠᠩ ᠤ᠋ᠨ ᠳᠡᠮᠴᠢ ᠪᠠᠭᠰᠢ ᠨᠠᠷ ᠰᠠᠢᠨ ᠴᠠᠢ ᠪᠤᠳᠠᠭ᠎ᠠ ᠬᠢᠵᠦ ᠵᠣᠴᠢᠯᠠᠪᠠ ᠁》 ᠭᠡᠵᠦ ᠶᠠᠷᠢᠯᠴᠠᠯ᠎ᠠ᠃ ᠡᠨᠡ ᠬᠦ᠌ ᠱᠠᠩ ᠤ᠋ᠨ ᠠᠳᠤᠭᠤᠴᠢᠨ ᠲᠠᠢ ᠤᠴᠠᠷᠠᠭᠰᠠᠨ ᠮᠠᠯᠴᠢᠨ ᠪᠣᠯ ᠳᠤᠭᠤᠢᠯᠠᠩ ᠤ᠋ᠨ ᠭᠡᠰᠢᠭᠦᠨ ᠳᠠᠷᠠᠰᠤ ᠶ᠋ᠢᠨ (ᠥᠨᠥ ᠱᠠᠨᠰᠢ ᠮᠣᠵᠢ ᠶ᠋ᠢᠨ ᠢᠦᠢ ᠯᠢᠨ ᠦ᠌ ᠮᠠᠩᠬ᠎ᠠ ᠰᠢᠶᠠᠩ ᠤ᠋ᠨ ᠳ᠋ᠠᠷᠠᠰᠢ ᠲᠣᠰᠬᠣᠨ ᠳ᠋ᠤ᠌) ᠪᠠᠶᠠᠨ ᠠᠷᠰᠯᠠᠨ ᠪᠠᠢᠭᠰᠠᠨ ᠲᠤᠯᠠ ᠲᠡᠷᠡ ᠳᠣᠣᠷ᠎ᠠ ᠪᠠᠨ ᠰᠡᠵᠢᠭᠯᠡᠵᠦ ᠮᠣᠷᠢᠨ ᠵᠢᠯᠣᠭᠣ ᠰᠤᠩᠭᠠᠨ ᠪᠠᠷᠠᠭᠤᠨᠰᠢ ᠬᠠᠯᠢᠭᠤᠲᠤ ᠶ᠋ᠢᠨ ᠰᠦᠮ᠎ᠡ ᠳ᠋ᠦ᠍ ᠬᠦᠷᠴᠦ ᠰᠢᠨᠠᠯᠠᠮ᠎ᠠ ᠳ᠋ᠤ᠌ ᠡᠨᠡ ᠪᠠᠢᠳᠠᠯ ᠢ᠋ ᠳᠠᠮᠵᠢᠭᠤᠯᠪᠠ᠃
ᠵᠠᠮ ᠨᠡᠪᠲᠡᠷᠡᠯᠭᠡ ᠳᠥᠭᠥᠮ ᠦᠭᠡᠢ ᠡᠯᠡᠰᠦᠨ ᠰᠡᠷᠪᠡᠩ ᠳᠥᠭᠥᠮ ᠪᠤᠷᠭᠠᠰᠤ ᠰᠦᠯᠵᠢᠯᠳᠦᠭᠰᠡᠨ᠂ ᠴᠢᠮᠡᠭᠡ ᠬᠣᠯᠪᠣᠭ᠎ᠠ ᠬᠥᠭᠵᠢᠭᠰᠡᠨ ᠦᠭᠡᠢ ᠴᠠᠭ ᠦᠶ᠎ᠡ ᠳ᠋ᠦ᠍ ᠰᠢᠨᠡᠯᠡᠮ᠎ᠡ ᠶ᠋ᠢ ᠬᠣᠣᠷᠯᠠᠬᠤ ᠠᠶᠤᠮᠰᠢᠭᠲᠤ ᠴᠢᠮᠡᠭᠡ ᠬᠡᠳᠦᠢ ᠲᠦᠷᠭᠡᠨ ᠰᠢᠨᠠᠯᠠᠮ᠎ᠠ ᠳ᠋ᠤ᠌ ᠳᠠᠮᠵᠢᠭᠳᠠᠭᠰᠠᠨ ᠢ᠋ ᠭᠠᠢᠬᠠᠮᠠᠷ! ᠦᠵᠡᠯ ᠨᠢᠭᠡᠲᠡᠢ ᠳᠤᠭᠤᠢᠯᠠᠩ ᠤ᠋ᠨ ᠬᠥᠮᠦᠰ ᠦ᠋ᠨ ᠬᠥᠳᠡᠯᠦᠯ ᠢ᠋ ᠦᠨᠡᠨ ᠪᠢᠰᠢᠷᠡᠮᠡᠷ ᠪᠢᠯᠡ᠃
ᠰᠢᠨᠡᠯᠡᠮ᠎ᠡ ᠰᠣᠨᠣᠰᠤᠭᠠᠳ《ᠱᠠᠨᠵᠢᠮᠢᠳᠤᠭ ᠨᠠᠮᠠᠶ᠋ᠢ ᠳ᠋ᠤ᠌ ᠤᠴᠠᠷᠠᠬᠤ ᠪᠠᠷ ᠤᠴᠢᠷ ᠲᠠᠢ ᠪᠣᠯ ᠡᠨᠳᠡ ᠰᠢᠭᠤᠳ ᠢᠷᠡᠬᠦ ᠶᠦᠮ᠂ ᠨᠣᠶᠠᠨ ᠱᠠᠩ ᠳ᠋ᠤ᠌ ᠤᠷᠢᠳ ᠢ᠋ᠶ᠋ᠠᠷ ᠣᠴᠢᠵᠤ ᠬᠣᠨᠣᠭᠠᠳ ᠶᠡᠬᠡ ᠪᠡᠷ ᠴᠠᠢ ᠪᠤᠳᠠᠭ᠎ᠠ ᠪᠠᠷ ᠵᠣᠴᠢᠯᠠᠭᠤᠯᠤᠭᠰᠠᠨ ᠠ᠋ᠴᠠ ᠦᠵᠡᠪᠡᠯ ᠯᠠᠪ ᠰᠠᠢᠨ ᠰᠠᠨᠠᠭ᠎ᠠ ᠪᠤᠰᠤ ᠳᠠ ᠁》 ᠭᠡᠳ ᠨᠢᠳᠦ ᠪᠡᠨ ᠠᠨᠢᠵᠤ ᠭᠦᠨ ᠪᠣᠳᠣᠯᠭᠠᠰᠢᠷᠠᠪᠠ᠃
ᠲᠡᠷᠡ᠂ ᠴᠡᠷᠢᠭ ᠦ᠋ᠳ ᠲᠡᠭᠡᠨ ᠥᠨᠥᠳᠥᠷ ᠶᠡᠷᠦ ᠪᠤᠰᠤ ᠶ᠋ᠢᠨ ᠬᠣᠯᠠ ᠶ᠋ᠢᠨ ᠭᠡᠢᠴᠢᠨ ᠢᠷᠡᠵᠦ ᠮᠡᠳᠡᠨ᠎ᠡ᠃ ᠲᠠᠨᠤᠰ ᠬᠠᠷᠠᠭᠤᠯ ᠮᠠᠨᠠᠭ᠎ᠠ ᠪᠠᠨ ᠳᠠᠪᠬᠤᠷ ᠵᠣᠭᠰᠣᠭᠠᠨ ᠰᠣᠨᠣᠷ ᠰᠡᠷᠡᠮᠵᠢ ᠲᠡᠢ ᠪᠠᠢ! ᠶᠠᠮᠠᠷ ᠬᠥᠮᠦᠨ ᠢᠷᠡᠭᠰᠡᠨ ᠴᠦ᠍ ᠴᠡᠷᠢᠭ ᠲᠡᠢᠨ ᠦ᠌ ᠪᠠᠴᠢᠮ ᠪᠠᠢᠳᠠᠯ ᠲᠠᠢ ᠴᠢᠩᠭ᠎ᠠ ᠰᠡᠷᠭᠡᠢᠯᠡ᠂ ᠣᠷᠣᠵᠤ ᠭᠠᠷᠬᠤ ᠬᠥᠮᠦᠰ ᠢ᠋ ᠣᠰᠣᠯᠳᠠᠯ ᠦᠭᠡᠢ ᠰᠠᠢᠨ ᠪᠠᠢᠴᠠᠭᠠᠵᠤ ᠪᠠᠢᠭᠲᠤᠨ ᠭᠡᠵᠦ ᠬᠠᠯᠢᠭᠤᠲᠤ ᠶ᠋ᠢᠨ ᠰᠦᠮ᠎ᠡ ᠳᠡᠭᠡᠷ᠎ᠡ ᠪᠠᠢᠭ᠎ᠠ ᠭᠤᠷᠪᠠᠳᠤᠭᠠᠷ ᠯᠢᠶᠠᠨ ᠤ᠋ ᠬᠦᠴᠦᠨᠲᠡᠭᠦᠰ ᠦ᠋ᠨ ᠨᠢᠭᠡ ᠰᠠᠯᠠᠭ᠎ᠠ ᠬᠣᠷᠢ ᠰᠢᠬᠠᠮ ᠴᠡᠷᠢᠭ ᠲᠦ᠍ ᠵᠠᠷᠯᠢᠭ ᠪᠣᠯᠤᠭᠰᠠᠨ ᠪᠠᠢᠨ᠎ᠠ᠃
ᠬᠦᠴᠦᠨᠲᠡᠭᠦᠰ ᠰᠦᠮ᠎ᠡ ᠡᠴᠡ ᠬᠡᠳᠦᠨ ᠭᠠᠵᠠᠷ ᠤ᠋ᠨ ᠠᠯᠤᠰ ᠲᠤ᠌ ᠶᠠᠪᠤᠭᠤᠯ ᠳᠤᠷᠰᠢᠭᠤᠯᠤᠭᠴᠢ ᠲᠣᠮᠢᠯᠠᠵᠤ ᠰᠦᠮ᠎ᠡ ᠶ᠋ᠢᠨ ᠭᠤᠷᠢᠶᠠᠨ ᠵᠠᠮ ᠢ᠋ᠶ᠋ᠠᠷ ᠬᠠᠷᠠᠭᠤᠯ ᠭᠠᠷᠭᠠᠵᠤ᠂ ᠰᠦᠮ᠎ᠡ ᠶ᠋ᠢᠨ ᠱᠠᠩ ᠤ᠋ᠨ ᠡᠭᠦᠳᠡ(ᠳᠠᠷᠤᠢ ᠭᠡᠨᠳᠦᠨᠯᠢᠭ᠌ᠰᠣᠭ ᠱᠠᠪᠷᠤᠩ ᠤ᠋ᠨ ᠱᠠᠩ) ᠳ᠋ᠤ᠌ ᠬᠣᠶᠠᠷ ᠬᠠᠷᠠᠭᠤᠯ ᠵᠣᠭᠰᠣᠭᠠᠵᠤ ᠳᠣᠲᠣᠷ᠎ᠠ ᠪᠠᠢᠰᠢᠩ ᠤ᠋ᠨ ᠡᠭᠦᠳᠡᠨ ᠳ᠋ᠦ᠍ ᠨᠢᠭᠡ ᠬᠠᠷᠠᠭᠤᠯ᠂ ᠶᠡᠬᠡ ᠪᠠᠢᠰᠢᠩ ᠤ᠋ᠨ ᠳᠣᠲᠣᠷ᠎ᠠ ᠥᠷᠥᠭᠡ ᠶ᠋ᠢᠨ ᠡᠭᠦᠳᠡᠨ ᠳ᠋ᠦ᠍ ᠬᠣᠶᠠᠷ ᠰᠤᠯᠠ ᠬᠥᠮᠦᠨ ᠨᠠᠭᠠᠰᠢ ᠴᠠᠭᠠᠰᠢ ᠪᠠᠢᠳᠠᠯ ᠳᠠᠮᠵᠢᠭᠤᠯᠬᠤ ᠪᠠᠷ ᠡᠷᠭᠢᠴᠡᠵᠦ ᠶᠠᠭ ᠴᠡᠷᠢᠭ ᠲᠡᠢᠨ ᠦ᠌ ᠪᠠᠴᠢᠮ ᠦᠶ᠎ᠡ ᠶ᠋ᠢᠨ ᠪᠡᠯᠡᠳᠬᠡᠯ ᠬᠢᠵᠡᠢ᠃
ᠬᠣᠶᠠᠳᠤᠭᠠᠷ ᠡᠳᠦᠷ ᠦ᠋ᠨ ᠥᠷᠯᠥᠭᠡ ᠨᠢᠭᠡᠨ ᠡᠯᠵᠢᠭᠡ ᠤᠨᠤᠭᠰᠠᠨ ᠬᠢᠲᠠᠳ ᠪᠠᠷᠠᠭᠤᠨ ᠵᠠᠮ ᠢ᠋ᠶ᠋ᠠᠷ ᠬᠣᠢᠰᠢ ᠶᠠᠪᠤᠵᠤ ᠪᠠᠢᠭᠠᠳ ᠬᠠᠷᠠᠭᠤᠯ ᠳ᠋ᠤ᠌ ᠰᠡᠷᠡᠭᠳᠡᠵᠦ ᠪᠠᠢᠴᠠᠭᠠᠭᠳᠠᠪᠠ᠃ ᠲᠡᠷᠡ ᠨᠢ ᠰᠣᠷᠣᠭᠤᠯ ᠤ᠋ᠨ ᠯᠣᠩᠬᠣᠨ ᠳ᠋ᠤ᠌ ᠬᠠᠷ᠎ᠠ ᠲᠠᠮᠠᠬᠢ ᠬᠢᠭᠡᠳ ᠨᠢᠭᠤᠴᠠ ᠪᠠᠷ ᠬᠤᠳᠠᠯᠳᠤᠵᠤ ᠪᠠᠢᠭᠰᠠᠨ ᠬᠥᠮᠦᠨ ᠪᠠᠢᠵᠠᠢ᠃ ᠰᠢᠨᠠᠯᠠᠮ᠎ᠠ ᠲᠡᠷᠡ ᠬᠢᠲᠠᠳ ᠢ᠋ ᠰᠦᠮ᠎ᠡ ᠶ᠋ᠢᠨ ᠱᠠᠩ ᠤ᠋ᠨ ᠪᠠᠢᠰᠢᠩ ᠳ᠋ᠤ᠌ ᠠᠰᠠᠭᠤᠨ ᠪᠠᠢᠴᠠᠭᠠᠵᠤ᠄《ᠡᠭᠦᠨ ᠡᠴᠡ ᠬᠣᠢᠰᠢ ᠮᠣᠩᠭᠣᠯ ᠭᠠᠵᠠᠷ ᠢ᠋ᠶ᠋ᠠᠷ ᠡᠨᠡ ᠬᠣᠣᠷ ᠢ᠋ ᠣᠭᠲᠣ ᠬᠤᠳᠠᠯᠳᠤᠵᠤ ᠪᠣᠯᠬᠤ ᠥᠬᠡᠢ》 ᠭᠡᠮᠡᠨ ᠰᠤᠷᠭᠠᠵᠤ ᠪᠠᠢᠲᠠᠯ᠎ᠠ ᠬᠣᠢᠲᠤ ᠴᠠᠢᠳᠠᠮ ᠳ᠋ᠤ᠌ ᠴᠠᠭᠠᠨ ᠲᠣᠭᠣᠰᠣ ᠮᠠᠨᠠᠷᠠᠭᠤᠯᠤᠭᠰᠠᠨ ᠵᠢᠷᠣᠭ᠎ᠠ ᠮᠣᠷᠢ ᠲᠠᠢ ᠬᠥᠮᠦᠨ ᠰᠦᠮ᠎ᠡ ᠵᠦᠭ ᠶᠠᠪᠤᠵᠤ ᠪᠠᠢᠨ᠎ᠠ ᠭᠡᠵᠦ ᠬᠠᠷᠠᠭᠤᠯ ᠤ᠋ᠨ ᠴᠡᠷᠢᠭ ᠳᠠᠮᠵᠢᠭᠤᠯᠪᠠ᠃ ᠰᠢᠨᠡᠯᠡᠮ᠎ᠡ᠄《ᠬᠣᠣᠷ ᠡᠪᠦᠷᠯᠡᠵᠦ ᠡᠯᠵᠢᠭᠡ ᠤᠨᠤᠭᠰᠠᠨ ᠠᠷᠠᠯᠵᠢᠶᠠᠴᠢᠨ ᠢ᠋ ᠰᠢᠢᠳᠪᠦᠷᠢᠯᠡᠵᠦ ᠠᠮᠵᠢᠭᠠᠳᠤᠢ ᠪᠠᠢᠲᠠᠯ᠎ᠠ᠂ ᠫᠤᠤ ᠪᠠᠷᠢᠵᠤ ᠵᠢᠷᠣᠭ᠎ᠠ ᠮᠣᠷᠢ ᠤᠨᠤᠭᠰᠠᠨ ᠳ᠋ᠤᠯᠢ ᠢᠷᠡᠪᠡ ᠤᠤ? ᠲᠠᠨᠤᠰ ᠰᠠᠢᠨ ᠰᠡᠷᠡᠮᠵᠢ ᠲᠡᠢ ᠪᠠᠢᠭᠲᠤᠨ! ᠦᠨᠡᠨ ᠫᠤᠤ ᠲᠠᠢ ᠬᠥᠮᠦᠨ ᠪᠠᠢᠪᠠᠯ ᠴᠢᠩᠭ᠎ᠠ ᠣᠷᠣ!》 ᠭᠡᠵᠦ ᠳᠠᠯᠳᠠ ᠤᠴᠢᠷ ᠢ᠋ᠶ᠋ᠠᠨ ᠴᠤᠬᠤᠢᠯᠭᠠᠵᠤ ᠢᠨᠢᠶᠡᠵᠦ ᠬᠡᠯᠡᠯ᠎ᠡ᠃ ᠢᠩᠭᠢᠲᠡᠯ᠎ᠡ ᠱᠠᠨᠵᠢᠮᠢᠳᠤᠭ ᠮᠣᠷᠢᠨ ᠤ᠋ ᠬᠤᠷᠳᠤᠨ ᠢ᠋ᠶ᠋ᠠᠷ ᠭᠠᠳᠠᠨ᠎ᠠ ᠬᠦᠷᠦᠭᠡᠳ ᠢᠷᠡᠴᠢᠬᠡᠯ᠎ᠡ᠃ ᠲᠡᠷᠡ ᠱᠠᠩ ᠤ᠋ᠨ ᠣᠷᠴᠢᠮ ᠢᠷᠡᠭᠡᠳ ᠬᠠᠷᠠᠭᠤᠯ ᠤ᠋ᠨ ᠵᠠᠬᠢᠶ᠎ᠠ ᠪᠠᠷ ᠤᠷᠤᠭᠰᠢ ᠠᠯᠬᠤᠭᠰᠠᠨ ᠦᠭᠡᠢ ᠵᠣᠭᠰᠣᠴᠢᠬᠠᠯ᠎ᠠ᠃ ᠬᠠᠷᠠᠭᠤᠯ ᠠ᠋ᠴᠠ ᠲᠠ ᠶᠠᠭᠤᠨ ᠤ᠋ ᠬᠥᠮᠦᠨ ᠪᠣᠢ? ᠭᠡᠬᠦ ᠳ᠋ᠦ᠍ ᠱᠠᠨᠵᠢᠮᠢᠳᠤᠭ ᠳᠤᠷ᠎ᠠ ᠦᠭᠡᠢᠴᠡᠭᠰᠡᠨ ᠪᠠᠢᠳᠠᠯ ᠲᠠᠢ ᠣᠮᠣᠷᠬᠠᠭ ᠢ᠋ᠶ᠋ᠠᠷ᠄《ᠲᠠᠨ ᠤ᠋ ᠲᠤᠸᠠᠨᠵᠠᠩ ᠰᠢᠨᠡᠯᠡᠮ᠎ᠡ ᠬᠠᠮᠢᠭ᠎ᠠ ᠪᠠᠢᠨ᠎ᠠ? ᠪᠢ ᠤᠴᠠᠷᠠᠬᠤ ᠴᠢᠬᠤᠯᠠ ᠤᠴᠢᠷ ᠲᠠᠢ》 ᠭᠡᠵᠦ ᠵᠠᠩᠳᠤᠷᠪᠠ᠃ ᠡᠭᠦᠳᠡᠨ ᠬᠠᠷᠠᠭᠤᠯ ᠤ᠋ᠳ᠄《ᠲᠠᠨ ᠢ᠋ ᠪᠠᠢᠴᠠᠭᠠᠭᠰᠠᠨ ᠤ᠋ ᠳᠠᠷᠠᠭ᠎ᠠ ᠳᠣᠲᠣᠭᠰᠢ ᠮᠡᠳᠡᠭᠦᠯᠵᠦ ᠵᠥᠪᠰᠢᠶᠡᠷᠡᠪᠡᠯ ᠰᠠᠶᠢ ᠪᠣᠯᠤᠨ᠎ᠠ》 ᠭᠡᠬᠦ ᠳ᠋ᠦ᠍᠂ ᠱᠠᠨᠵᠢᠮᠢᠳᠤᠭ᠄《ᠲᠠᠨᠤᠰ ᠶᠠᠭᠤ ᠮᠡᠳᠡᠬᠦ ᠪᠣᠢ? ᠪᠢ ᠪᠣᠯ ᠲᠠᠨ ᠤ᠋ ᠲᠤᠸᠠᠨᠵᠠᠩ ᠰᠢᠨᠠᠯᠠᠮ᠎ᠠ ᠶ᠋ᠢ ᠨᠠᠶᠠᠨ ᠵᠢᠩ ᠦ᠋ᠨ ᠲᠡᠮᠦᠷ ᠭᠢᠨᠵᠢᠨ ᠡᠴᠡ ᠭᠠᠷᠭᠠᠵᠤ ᠠᠪᠤᠭᠰᠠᠨ ᠬᠥᠮᠦᠨ᠂ ᠰᠢᠨᠠᠯᠠᠮ᠎ᠠ ᠶ᠋ᠢᠨ ᠠᠮᠢ ᠶ᠋ᠢ ᠠᠪᠤᠷᠠᠭᠰᠠᠨ ᠠᠴᠢᠲᠤ ᠬᠥᠮᠦᠨ ᠳ᠋ᠤᠯᠢ ᠱᠠᠨᠵᠢᠮᠢᠳᠤᠭ ᠭᠡᠭᠴᠢ ᠪᠢ ᠮᠥᠨ᠂ ᠰᠢᠨᠡᠯᠡᠮ᠎ᠡ ᠳ᠋ᠦ᠍ ᠠᠭᠤᠯᠵᠠᠵᠤ ᠪᠣᠯᠬᠤ ᠦᠭᠡᠢ ᠤᠤ?》 ᠭᠡᠯᠡ᠃ ᠡᠨᠡ ᠦᠭᠡ ᠶ᠋ᠢ ᠰᠣᠨᠣᠰᠤᠭᠠᠳ ᠲᠡᠭᠦᠨ ᠦ᠌ ᠱᠠᠩ ᠤ᠋ᠨ ᠶᠡᠬᠡ ᠭᠡᠷ ᠲᠦ᠍ ᠣᠷᠣᠬᠤ ᠶ᠋ᠢ ᠵᠥᠪᠰᠢᠶᠡᠷᠡᠪᠡ᠃ ᠱᠠᠨᠵᠢᠮᠢᠳᠤᠭ ᠶᠡᠬᠡ ᠭᠡᠷ ᠲᠦ᠍ ᠣᠷᠣᠬᠤ ᠲᠠᠢ ᠵᠡᠷᠭᠡ ᠬᠠᠨᠵᠤᠨ ᠳᠡᠭᠡᠷ᠎ᠡ ᠨᠢᠭᠡ ᠬᠥᠮᠦᠨ(ᠬᠠᠷ᠎ᠠ ᠲᠠᠮᠠᠬᠢᠨ ᠤ᠋ ᠠᠷᠠᠯᠵᠢᠶᠠᠴᠢᠨ) ᠰᠠᠭᠤᠵᠤ ᠪᠠᠢᠭᠰᠠᠨ ᠢ᠋ ᠦᠵᠡᠭᠡᠳ ᠡᠪᠦᠷ ᠡᠴᠡ ᠪᠡᠨ ᠱᠤᠸᠠᠷᠳ᠋ ᠭᠡᠲᠡᠯ᠎ᠡ ᠭᠠᠷ ᠫᠤᠤ ᠪᠠᠨ ᠭᠠᠷᠭᠠᠬᠤ ᠳ᠋ᠤ᠌᠂ ᠲᠡᠷᠡ ᠬᠢᠲᠠᠳ《ᠮᠠ ᠶᠣᠣ!》 ᠭᠡᠮᠡᠨ ᠰᠣᠴᠢᠨ ᠪᠠᠷᠬᠢᠷᠠᠪᠠ᠃ ᠭᠡᠷ ᠲᠡᠬᠢ ᠴᠢᠯᠠᠭᠤᠲᠠᠢ᠂ ᠭᠡᠨᠳᠦᠨ ᠬᠣᠶᠠᠷ ᠴᠡᠷᠢᠭ ᠰᠡᠷᠡᠮᠵᠢ ᠲᠡᠢ ᠪᠠᠢᠭᠰᠠᠨ ᠲᠤᠯᠠ ᠱᠠᠨᠵᠢᠮᠢᠳᠤᠭ ᠤ᠋ᠨ ᠭᠠᠷ ᠫᠤᠤ ᠶ᠋ᠢ ᠪᠤᠯᠢᠶᠠᠵᠤ ᠠᠪᠴᠠᠢ᠃ ᠳᠣᠲᠣᠷ᠎ᠠ ᠥᠷᠥᠭᠡ ᠶ᠋ᠢᠨ ᠪᠢᠴᠢᠬᠠᠨ ᠴᠣᠩᠬᠣ ᠶ᠋ᠢᠨ ᠴᠠᠭᠠᠰᠤᠨ ᠴᠣᠭᠣᠷᠬᠠᠢ ᠪᠠᠷ ᠰᠢᠨᠠᠯᠠᠮ᠎ᠠ ᠭᠡᠷ ᠳᠣᠲᠣᠷᠠᠬᠢ ᠪᠠᠢᠳᠠᠯ ᠢ᠋ ᠲᠣᠪ ᠲᠣᠳᠣᠷᠬᠠᠢ ᠦᠵᠡᠵᠦ ᠪᠠᠢᠯ᠎ᠠ᠃
ᠤᠤᠯ ᠨᠢ ᠱᠠᠨᠵᠢᠮᠢᠳᠤᠭ ᠠᠷᠪᠠ ᠳᠤᠤᠭᠠᠷᠳᠠᠭ ᠭᠠᠷ ᠫᠤᠤ ᠳ᠋ᠠᠭᠠᠨ ᠠᠷᠪᠠᠨ ᠰᠤᠮᠤ ᠳᠠᠷᠤᠴᠢᠬᠠᠭᠠᠳ ᠳᠡᠪᠡᠯ ᠦ᠋ᠨ ᠢ᠋ᠶ᠋ᠡᠨ ᠪᠥᠰᠡᠨ ᠳ᠋ᠦ᠍ ᠬᠠᠪᠴᠢᠭᠤᠯᠤᠨ ᠭᠠᠳᠠᠭᠤᠷ ᠨᠢ ᠬᠤᠷᠠᠭᠠᠨ ᠳ᠋ᠠᠴᠠᠩ ᠡᠮᠦᠰᠴᠡᠢ᠃ ᠲᠡᠷᠡ ᠮᠡᠷᠭᠡᠨ ᠬᠠᠷᠪᠤᠬᠤ ᠪᠠ ᠬᠤᠷᠳᠤᠨ ᠮᠣᠷᠢᠨ ᠤ᠋ ᠪᠠᠨ ᠰᠠᠢᠨ ᠳ᠋ᠤ᠌ ᠣᠮᠣᠭᠰᠢᠵᠤ ᠰᠢᠨᠠᠯᠠᠮ᠎ᠠ ᠶ᠋ᠢ ᠣᠯᠵᠤ ᠦᠵᠡᠮᠡᠭᠴᠡ ᠭᠡᠨᠡᠳᠲᠡᠬᠡᠨ ᠬᠠᠷᠪᠤᠵᠤ ᠠᠯᠠᠭᠠᠳ ᠮᠣᠷᠢᠨ ᠳ᠋ᠠᠭᠠᠨ ᠮᠣᠷᠳᠠᠵᠤ ᠳᠤᠲᠠᠭᠠᠬᠤ ᠪᠠᠷ ᠪᠡᠯᠡᠳᠬᠡᠵᠦ ᠪᠠᠢᠭᠰᠠᠨ ᠲᠤᠯᠠ ᠶᠡᠬᠡ ᠭᠡᠷ ᠦ᠋ᠨ ᠬᠠᠨᠵᠤᠨ ᠳᠡᠭᠡᠷ᠎ᠡ ᠨᠢᠭᠡ ᠬᠥᠮᠦᠨ ᠰᠠᠭᠤᠵᠤ ᠪᠠᠢᠭᠰᠠᠨ ᠢ᠋ ᠰᠢᠨᠡᠯᠡᠮ᠎ᠡ ᠪᠠᠢᠨ᠎ᠠ ᠭᠡᠵᠦ ᠡᠨᠳᠡᠭᠦᠷᠡᠴᠢᠬᠡᠭᠰᠡᠨ ᠪᠠᠢᠵᠠᠢ᠃
ᠳ᠋ᠤᠯᠢ ᠱᠠᠨᠵᠢᠮᠢᠳᠤᠭ᠄《ᠲᠠ ᠨᠠᠷ ᠶᠠᠭᠠᠬᠢᠵᠤ ᠪᠣᠢ? ᠶᠠᠭᠤᠨ ᠳ᠋ᠤ᠌ ᠮᠢᠨᠦ ᠠᠮᠢ ᠪᠠᠨ ᠬᠠᠮᠠᠭᠠᠯᠠᠳᠠᠭ ᠭᠠᠷ ᠫᠤᠤ ᠶ᠋ᠢ ᠠᠪᠬᠤ ᠪᠣᠢ?》 ᠭᠡᠪᠡ᠃ ᠵᠠᠯᠠᠭᠤ ᠫᠠᠢᠵᠠᠩ ᠬᠦᠴᠦᠨᠲᠡᠭᠦᠰ ᠳᠣᠲᠣᠷ᠎ᠠ ᠥᠷᠥᠭᠡᠨ ᠡᠴᠡ ᠭᠠᠷᠴᠤ ᠢᠷᠡᠭᠡᠳ᠄《ᠲᠠ ᠶᠠᠭᠤᠨ ᠳ᠋ᠤ᠌ ᠭᠠᠷ ᠫᠤᠤ ᠳ᠋ᠠᠭᠠᠨ ᠠᠷᠪᠠᠨ ᠰᠤᠮᠤ ᠳᠠᠷᠤᠵᠤ ᠡᠪᠦᠷ ᠳᠣᠲᠣᠷ᠎ᠠ ᠪᠠᠨ ᠨᠢᠭᠤᠵᠤ᠂ ᠪᠠᠰᠠ ᠶᠠᠭᠤᠨ ᠳ᠋ᠤ᠌ ᠡᠩ ᠦ᠋ᠨ ᠨᠢᠭᠡᠨ ᠠᠷᠠᠯᠵᠢᠶᠠᠴᠢᠨ ᠳ᠋ᠤ᠌ ᠫᠤᠤ ᠵᠢᠭᠠᠬᠤ ᠪᠣᠢ? ᠡᠨᠡ ᠬᠥᠮᠦᠨ ᠢ᠋ ᠬᠦᠯᠢᠵᠦ ᠰᠠᠢᠲᠤᠷ ᠪᠠᠢᠴᠠᠭᠠᠭᠲᠤᠨ!》 ᠭᠡᠮᠡᠨ ᠵᠠᠷᠯᠢᠭ ᠪᠣᠯᠬᠤ ᠳ᠋ᠤ᠌ ᠲᠡᠭᠦᠨ ᠢ᠋ ᠤᠶᠠᠵᠤ ᠨᠡᠩᠵᠢᠭᠰᠡᠨ ᠳ᠋ᠦ᠍ ᠡᠪᠦᠷ ᠲᠤᠨᠢ ᠰᠢᠨᠠᠯᠠᠮ᠎ᠠ ᠶ᠋ᠢ ᠬᠣᠣᠷᠯᠠᠬᠤ ᠲᠤᠬᠠᠢ ᠴᠢᠭᠤᠯᠭᠠᠨ ᠳᠠ ᠶ᠋ᠢᠨ ᠭᠠᠵᠠᠷ ᠤ᠋ᠨ ᠠᠯᠪᠠᠨ ᠪᠢᠴᠢᠭ ᠪᠠᠢᠯ᠎ᠠ᠃ ᠱᠠᠨᠵᠢᠮᠢᠳᠤᠭ ᠤ᠋ᠨ ᠮᠣᠷᠢᠨ ᠳᠡᠭᠡᠷ᠎ᠡ ᠨᠢ ᠭᠠᠨᠵᠤᠭᠠᠯᠠᠵᠤ ᠪᠠᠢᠭ᠎ᠠ ᠲᠡᠮᠡᠭᠡᠨ ᠠᠬᠠᠷ ᠢ᠋ᠶ᠋ᠠᠷ ᠳᠡᠯᠳᠡᠵᠦ ᠨᠠᠷᠢᠯᠢᠭ ᠬᠢᠭᠰᠡᠨ ᠲᠡᠯᠢᠩ ᠤᠭᠤᠲᠠᠨ ᠳ᠋ᠤᠨᠢ ᠭᠠᠷ ᠫᠤᠤ ᠶ᠋ᠢᠨ ᠰᠤᠮᠤ ᠪᠠᠰᠠ ᠬᠡᠳᠦᠨ ᠠᠷᠪᠠ ᠪᠠᠢᠯ᠎ᠠ᠃
ᠬᠦᠴᠦᠨᠲᠡᠭᠦᠰ ᠫᠠᠢᠵᠠᠩ᠂ ᠳ᠋ᠤᠯᠢ ᠱᠠᠨᠵᠢᠮᠢᠳᠤᠭ ᠤ᠋ᠨ ᠡᠮᠦᠨᠡᠬᠢ ᠬᠠᠨᠵᠤᠨ ᠤ᠋ ᠰᠢᠷᠡᠭᠡᠨ ᠳᠡᠭᠡᠷ᠎ᠡ ᠴᠢᠭᠤᠯᠭᠠᠨ ᠳᠠ ᠶ᠋ᠢᠨ ᠠᠯᠪᠠᠨ ᠪᠢᠴᠢᠭ ᠢ᠋ ᠨᠢ ᠭᠠᠷᠭᠠᠵᠤ ᠨᠢᠭᠤᠷᠳᠠᠨ ᠰᠢᠭᠦᠭᠰᠡᠨ ᠳ᠋ᠦ᠍ ᠲᠡᠷᠡ ᠠᠷᠭ᠎ᠠ ᠪᠤᠰᠤ ᠤᠴᠢᠷ ᠶᠠᠪᠤᠳᠠᠯ ᠢ᠋ᠶ᠋ᠠᠨ ᠮᠡᠳᠡᠷᠡᠬᠦ ᠪᠣᠯᠪᠠᠴᠤ《ᠪᠢ ᠥᠩᠭᠡᠷᠡᠭᠰᠡᠨ ᠳ᠋ᠦ᠍ ᠰᠢᠨᠡᠯᠡᠮ᠎ᠡ ᠶ᠋ᠢ ᠠᠪᠤᠷᠠᠭᠰᠠᠨ ᠠᠴᠢᠲᠤ ᠬᠥᠮᠦᠨ ᠶᠦᠮ》 ᠭᠡᠬᠦ ᠰᠠᠢᠬᠠᠨ ᠦᠭᠡ ᠶ᠋ᠢ ᠳᠠᠬᠢᠨ ᠳᠠᠪᠲᠠᠨ ᠬᠡᠯᠡᠵᠦ ᠪᠠᠢᠯ᠎ᠠ᠃ ᠳ᠋ᠤᠯᠢ ᠱᠠᠨᠵᠢᠮᠢᠲᠤᠭ ᠢ᠋ ᠬᠡᠷᠬᠢᠨ ᠰᠢᠢᠳᠬᠡᠬᠦ ᠳ᠋ᠦᠩ ᠭᠠᠷᠤᠭᠠᠳᠤᠢ ᠲᠤᠯᠠ ᠲᠡᠭᠦᠨ ᠢ᠋ ᠲᠤᠰᠬᠠᠢ ᠭᠡᠷ ᠲᠦ᠍ ᠬᠡᠳᠦ ᠬᠣᠨᠣᠭ ᠰᠤᠯᠠ ᠬᠣᠷᠢᠵᠤ ᠴᠢᠩᠭ᠎ᠠ ᠬᠠᠮᠢᠶᠠᠷᠪᠠ᠃
ᠨᠢᠭᠡᠨ ᠡᠳᠦᠷ ᠵᠢᠶᠦ᠋ᠨ ᠸᠠᠩ ᠤ᠋ᠨ ᠬᠤᠰᠢᠭᠤᠨ ᠤ᠋ ᠰᠧᠳᠧᠩᠨᠣᠷᠪᠤ ᠶ᠋ᠢᠨ ᠲᠣᠮᠢᠯᠠᠭᠰᠠᠨ ᠬᠣᠶᠠᠷ ᠴᠡᠷᠢᠭ ᠨᠢᠭᠡᠨ ᠰᠢᠪᠠᠭᠤᠨ ᠥᠳᠥᠲᠦ ᠵᠠᠬᠢᠳᠠᠯ ᠬᠦᠷᠭᠡᠵᠦ ᠢᠷᠡᠯ᠎ᠡ᠃ ᠲᠡᠷᠡ ᠦᠶ᠎ᠡ ᠳ᠋ᠦ᠍ ᠪᠠᠴᠢᠮ ᠴᠢᠬᠤᠯᠠ ᠪᠤᠶᠤ ᠣᠰᠤᠯᠳᠠᠯ ᠦᠭᠡᠢ ᠲᠦᠷᠭᠡᠨ ᠬᠦᠷᠭᠡᠬᠦ ᠵᠠᠬᠢᠳᠠᠯ ᠤ᠋ᠨ ᠤᠭᠤᠲᠠᠨ ᠭᠠᠳᠠᠨ᠎ᠠ ᠨᠢᠭᠡᠨ ᠪᠢᠴᠢᠬᠠᠨ ᠰᠢᠪᠠᠭᠤᠨ ᠤ᠋ ᠳᠠᠯᠠᠪᠴᠢᠨ ᠦᠷᠪᠢᠭᠦᠯ ᠢ᠋ ᠬᠠᠲᠠᠵᠤ ᠶᠠᠪᠤᠭᠤᠯᠳᠠᠭ ᠪᠠᠢᠵᠠᠢ ᠭᠡᠨ᠎ᠡ᠃ ᠡᠨᠡ ᠬᠦ᠌ ᠵᠠᠬᠢᠳᠠᠯ ᠤ᠋ᠨ ᠭᠣᠣᠯ ᠠᠭᠤᠯᠭ᠎ᠠ ᠪᠣᠯᠪᠠᠰᠤ《᠁ ᠰᠢᠨᠠᠯᠠᠮ᠎ᠠ ᠲᠠ ᠪᠡᠶ᠎ᠡ ᠪᠡᠨ ᠰᠠᠢᠲᠤᠷ ᠬᠢᠴᠢᠶᠡ! ᠥᠨᠥ ᠨᠣᠶᠠᠨ ᠵᠢᠰᠤᠷ ᠠᠷᠭ᠎ᠠ ᠭᠠᠷᠭᠠᠵᠤ ᠳᠠᠯᠠᠳ ᠤ᠋ᠨ ᠳ᠋ᠤᠯᠢ ᠱᠠᠨᠵᠢᠮᠢᠲᠤᠭ ᠢ᠋ ᠵᠠᠷᠤᠵᠤ ᠴᠢᠮᠠᠶ᠋ᠢ ᠬᠣᠣᠷᠯᠠᠭᠤᠯᠬᠤ ᠪᠠᠷ ᠲᠣᠮᠢᠯᠠᠭᠰᠠᠨ ᠲᠤᠯᠠ ᠶᠠᠮᠠᠷ ᠶᠠᠩᠵᠤ ᠪᠠᠷ ᠬᠡᠵᠢᠶ᠎ᠡ ᠨᠢᠭᠡᠨ ᠡᠳᠦᠷ ᠣᠳᠴᠤ ᠣᠴᠢᠬᠤ ᠶ᠋ᠢ ᠪᠤᠤ ᠮᠡᠳᠡ! ᠮᠢᠨᠦ ᠪᠡᠶ᠎ᠡ ᠲᠤᠰᠬᠠᠢᠯᠠᠨ ᠬᠣᠶᠠᠷ ᠴᠡᠷᠢᠭ ᠲᠣᠮᠢᠯᠠᠵᠤ ᠲᠠᠨ ᠳ᠋ᠤᠷ ᠥᠪᠡᠷ ᠦ᠋ᠨ ᠮᠣᠳᠣᠷ ᠢ᠋ᠶ᠋ᠠᠷ ᠪᠢᠴᠢᠭ ᠪᠢᠴᠢᠵᠦ ᠰᠢᠭᠤᠳ ᠴᠢᠮᠡᠭᠡ ᠢᠯᠡᠭᠡᠪᠡᠢ ᠁》 ᠬᠡᠮᠡᠵᠡᠢ᠃ ᠡᠢᠮᠦ ᠡᠴᠡ ᠰᠢᠨᠠᠯᠠᠮ᠎ᠠ ᠶ᠋ᠢ ᠬᠣᠣᠷᠯᠠᠬᠤ ᠭᠡᠰᠡᠨ ᠤᠴᠢᠷ ᠶᠠᠪᠤᠳᠠᠯ ᠭᠡᠷᠡᠴᠢ ᠪᠠᠷᠢᠮᠲᠠ ᠲᠣᠳᠣᠷᠬᠠᠢ ᠪᠣᠯᠤᠭᠰᠠᠨ ᠳ᠋ᠤ᠌ ᠱᠠᠨᠵᠢᠮᠢᠲᠤᠭ ᠢ᠋ ᠥᠴᠢᠭᠯᠡᠭᠦᠯᠵᠦ ᠭᠠᠷ ᠤ᠋ᠨ ᠬᠤᠷᠤᠭᠤ ᠶ᠋ᠢ ᠨᠢ ᠳᠠᠷᠤᠭᠤᠯᠵᠤ ᠠᠪᠴᠠᠢ᠃
ᠡᠨᠡ ᠬᠤᠭᠤᠴᠠᠭᠠᠨ ᠳ᠋ᠤ᠌ ᠦᠦᠰᠢᠨ ᠬᠤᠰᠢᠭᠤᠨ ᠤ᠋ ᠡᠮᠦᠨᠡᠲᠦ ᠵᠠᠬ᠎ᠠ ᠶ᠋ᠢᠨ ᠲᠠᠷᠢᠶᠠᠴᠢᠳ ᠪᠣᠯᠤᠨ ᠮᠣᠩᠭᠣᠯᠴᠤᠳ ᠳ᠋ᠤᠯᠢ ᠱᠠᠨᠵᠢᠮᠢᠲᠤᠭ ᠬᠠᠯᠢᠭᠤᠲᠤ ᠶ᠋ᠢᠨ ᠰᠦᠮ᠎ᠡ ᠳᠡᠭᠡᠷ᠎ᠡ ᠪᠠᠷᠢᠭᠳᠠᠴᠢᠬᠠᠯᠠ ᠭᠡᠰᠡᠨ ᠴᠢᠮᠡᠭᠡ ᠶ᠋ᠢ ᠣᠯᠵᠤ ᠰᠣᠨᠣᠰᠤᠮᠠᠭᠴᠠ ᠡᠳᠦᠷ ᠪᠦᠷᠢ ᠰᠢᠨᠠᠯᠠᠮ᠎ᠠ ᠳ᠋ᠤ᠌᠄《ᠳ᠋ᠤᠯᠢ ᠱᠠᠨᠵᠢᠮᠢᠲᠤᠭ ᠮᠠᠨ ᠤ᠋ ᠭᠡᠷ ᠡᠴᠡ ᠴᠠᠭᠠᠨ ᠲᠥᠭᠥᠷᠢᠭ ᠢ᠋ ᠳᠡᠭᠡᠷᠡᠮᠳᠡᠭᠰᠡᠨ᠂ ᠠᠮᠤ ᠪᠤᠷᠴᠠᠭ ᠢ᠋ ᠪᠤᠯᠢᠶᠠᠭᠰᠠᠨ᠂ ᠬᠣᠨᠢ ᠮᠠᠯ ᠢ᠋ ᠲᠠᠭᠤᠵᠤ ᠶᠠᠪᠤᠭᠰᠠᠨ᠂ ᠡᠮᠡᠭᠲᠡᠢᠴᠦᠳ ᠦ᠋ᠨ ᠲᠣᠯᠣᠭᠠᠢ ᠶ᠋ᠢᠨ ᠵᠠᠰᠠᠯ ᠢ᠋ ᠪᠤᠯᠢᠶᠠᠭᠰᠠᠨ᠁》 ᠭᠡᠵᠦ ᠵᠠᠭᠠᠯᠳᠤᠬᠤ ᠪᠠᠷ ᠲᠠᠰᠤᠷᠠᠯᠲᠠ ᠦᠭᠡᠢ ᠢᠷᠡᠵᠦ ᠪᠠᠢᠯ᠎ᠠ᠃
ᠳ᠋ᠤᠯᠢ ᠱᠠᠨᠵᠢᠮᠢᠲᠤᠭ ᠦᠦᠰᠢᠨ ᠬᠤᠰᠢᠭᠤᠨ ᠤ᠋ ᠡᠮᠦᠨ᠎ᠡ ᠵᠠᠬ᠎ᠠ ᠪᠠᠷ ᠮᠠᠯᠵᠢᠬᠤ ᠣᠷᠣᠨ᠂ ᠱᠡᠨᠰᠢ ᠮᠣᠵᠢ ᠶ᠋ᠢᠨ ᠢᠦᠢ ᠯᠢᠨ᠂ ᠾᠧᠩ ᠱᠠᠨ ᠤ᠋ ᠬᠣᠢᠲᠤ ᠵᠠᠬ᠎ᠠ ᠪᠠᠷ ᠴᠡᠷᠢᠭ ᠰᠠᠭᠤᠵᠤ ᠦᠷᠭᠦᠯᠵᠢ ᠠᠷᠠᠳ ᠢ᠋ ᠳᠡᠭᠡᠷᠡᠮᠳᠡᠵᠦ ᠬᠣᠭᠣᠰᠣᠷᠠᠭᠤᠯᠤᠭᠰᠠᠨ ᠪᠥᠭᠡᠳ ᠵᠠᠷᠢᠮ ᠬᠥᠮᠦᠨ ᠦ᠌ ᠠᠮᠢᠨ ᠳ᠋ᠤ᠌ ᠬᠦᠷᠦᠭᠰᠡᠨ ᠵᠠᠨᠤᠯᠲᠤ ᠤᠴᠢᠷ ᠤ᠋ᠳ ᠪᠠᠢᠬᠤ ᠲᠤᠯᠠ ᠠᠷᠠᠳ ᠤ᠋ᠨ ᠬᠣᠷᠣᠰᠤᠯ ᠢ᠋ ᠲᠠᠢᠯᠵᠤ ᠦᠦᠰᠢᠨ ᠬᠤᠰᠢᠭᠤᠨ ᠳ᠋ᠤ᠌ ᠳ᠋ᠤᠯᠢ ᠶ᠋ᠢᠨ ᠲᠦᠢᠪᠡᠭᠡᠨ ᠢ᠋ ᠠᠷᠢᠯᠭᠠᠬᠤ ᠪᠤᠶᠤ ᠳᠠᠬᠢᠨ ᠢᠷᠡᠬᠦ ᠶ᠋ᠢ ᠰᠡᠷᠭᠡᠢᠯᠡᠬᠦ ᠶ᠋ᠢᠨ ᠲᠤᠰᠠᠳᠠ ᠳᠣᠯᠣᠳᠤᠭᠠᠷ ᠡᠳᠦᠷ ᠲᠦ᠍ ᠬᠠᠯᠢᠭᠤᠲᠤ ᠶ᠋ᠢᠨ ᠰᠦᠮ᠎ᠡ ᠶ᠋ᠢᠨ ᠪᠠᠷᠠᠭᠤᠨ ᠡᠮᠦᠨ᠎ᠡ ᠱᠠᠨᠰᠢ ᠮᠣᠵᠢ ᠶ᠋ᠢᠨ ᠢᠦᠢ ᠯᠢᠨ ᠬᠣᠲᠠ ᠠ᠋ᠴᠠ ᠣᠲᠣᠭ ᠬᠤᠰᠢᠭᠤᠨ ᠤ᠋ ᠬᠠᠮᠠᠷᠬᠠᠲᠠᠢ ᠶ᠋ᠢᠨ ᠨᠠᠭᠤᠷ᠂ ᠮᠣᠳᠣ ᠴᠠᠭᠠᠨᠨᠠᠭᠤᠷ ᠲᠤ᠌ ᠶᠠᠪᠤᠬᠤ ᠳᠠᠪᠤᠰᠤ ᠬᠤᠵᠢᠷ ᠤ᠋ᠨ ᠶᠡᠬᠡ ᠵᠠᠮ ᠤ᠋ᠨ ᠬᠠᠵᠠᠭᠤ ᠳ᠋ᠠᠬᠢ ᠶᠡᠬᠡ ᠴᠢᠴᠠᠷᠭᠠᠨ᠎ᠠ ᠶ᠋ᠢᠨ ᠳᠥᠭᠥᠮ ᠳ᠋ᠦ᠍ ᠲᠡᠭᠦᠨ ᠢ᠋ ᠴᠠᠭᠠᠵᠠ ᠪᠠᠷ ᠫᠤᠤᠳᠠᠨ ᠠᠯᠠᠵᠤ᠂ ᠦᠬᠦᠳᠡᠯ ᠢ᠋ ᠨᠢ ᠶᠡᠬᠡ ᠴᠢᠴᠠᠷᠭᠠᠨ᠎ᠠ ᠶ᠋ᠢᠨ ᠮᠣᠳᠣᠨ ᠳ᠋ᠤ᠌ ᠲᠤᠰᠬᠠᠢ ᠳᠡᠭᠦᠵᠢᠯᠡᠪᠡ᠃ ᠰᠢᠨᠠᠯᠠᠮ᠎ᠠ ᠳ᠋ᠤᠯᠢ ᠱᠠᠨᠵᠢᠮᠢᠳᠤᠭ ᠢ᠋ ᠡᠨᠳᠡ ᠠᠯᠠᠭᠰᠠᠨ ᠭᠡᠰᠡᠨ ᠢ᠋ ᠬᠣᠯᠠ ᠣᠢᠷ᠎ᠠ ᠶ᠋ᠢᠨ ᠬᠥᠮᠦᠰ ᠲᠦ᠍ ᠦᠵᠡᠭᠦᠯᠦᠨ ᠰᠣᠨᠣᠰᠬᠠᠵᠤ᠂ ᠬᠢᠲᠠᠳ ᠮᠣᠩᠭᠣᠯ ᠳ᠋ᠤᠯᠢ ᠦᠦᠰᠢᠨ ᠬᠤᠰᠢᠭᠤᠨ ᠳ᠋ᠤ᠌ ᠠᠶᠤᠮᠰᠢᠭ ᠦᠭᠡᠢ ᠢᠷᠡᠬᠦ ᠳ᠋ᠦ᠍ ᠤᠷᠢᠳᠴᠢᠯᠠᠨ ᠰᠡᠷᠡᠮᠵᠢ ᠶ᠋ᠢᠨ ᠳᠣᠬᠢᠶ᠎ᠠ ᠥᠭᠭᠦᠭᠰᠡᠨ ᠪᠠᠢᠵᠠᠢ᠃ ᠳ᠋ᠤᠯᠢ ᠱᠠᠨᠵᠢᠮᠢᠳᠤᠭ ᠭᠤᠷᠪᠠ ᠪᠠᠷ ᠬᠦᠷᠦᠵᠦ ᠲᠠᠮᠤᠭᠰᠠᠨ ᠮᠠᠨᠵᠤ ᠮᠠᠶᠢᠭ ᠤ᠋ᠨ ᠤᠷᠲᠤ ᠭᠡᠵᠢᠭᠡ ᠲᠡᠢ ᠪᠠᠢᠭᠰᠠᠨ ᠲᠤᠯᠠ ᠬᠡᠳᠦᠨ ᠵᠢᠯ ᠦ᠋ᠨ ᠳᠠᠷᠠᠭ᠎ᠠ ᠦᠬᠦᠳᠡᠯ ᠦ᠋ᠨ ᠭᠦᠷᠦᠮᠡᠯ ᠭᠡᠵᠢᠭᠡ ᠨᠢ ᠴᠢᠴᠠᠷᠭᠠᠨ᠎ᠠ ᠳ᠋ᠤ᠌ ᠬᠣᠯᠪᠣᠭᠠᠰᠤ ᠲᠠᠢ ᠪᠠᠢᠭᠰᠠᠨ ᠭᠡᠵᠦ ᠬᠥᠮᠦᠰ ᠬᠡᠯᠡᠯᠴᠡᠵᠦ ᠪᠠᠢᠵᠠᠢ᠃ ①
— — — —
① ᠲᠤᠰ ᠦᠯᠢᠭᠡᠷ ᠢ᠋ 1979 ᠣᠨ ᠳ᠋ᠤ᠌ ᠦᠦᠰᠢᠨ ᠬᠤᠰᠢᠭᠤᠨ ᠤ᠋ ᠴᠠᠭᠠᠨᠳᠦᠩ ᠨᠠᠰᠤᠲᠠᠨ ᠤ᠋ ᠶᠠᠷᠢᠭᠰᠠᠨ ᠢ᠋ ᠡᠮᠬᠢᠳᠬᠡᠪᠡ᠃
ᠦᠰᠦᠭ ᠠᠮᠢᠯᠠᠭᠤᠯᠤᠭᠴᠢ᠄ ᠣᠶᠤᠨᠪᠢᠯᠢᠭ᠌᠂ ᠣᠶᠤᠨᠪᠠᠲᠤ᠂ ᠮᠧᠢ ᠬᠤᠸᠠ᠂ ᠴᠤᠯᠮᠤᠨᠭᠡᠷᠡᠯ᠂ ᠪᠠᠯ᠂
ᠪᠠᠳᠮᠠᠰᠡᠴᠡᠨ᠂ ᠰᠠᠷᠠᠨᠲᠤᠶᠠᠭ᠎ᠠ᠂ ᠴᠡᠩᠬᠡᠯᠴᠡᠴᠡᠭ
ᠦᠰᠦᠭ ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂ ᠪᠠᠯ
