ᠸᠠᠨ ᠵᠢᠶᠧ - ᠴᠠᠭᠠᠨᠪᠠᠷᠰ Van jiye-TsagaanbarВан жье-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠠᠨ ᠵᠢᠶᠧ - ᠴᠠᠭᠠᠨᠪᠠᠷᠰ Van jiye-TsagaanbarВан жье-Цагаанбар

ᠸᠠᠨ ᠵᠢᠶᠧ - ᠴᠠᠭᠠᠨᠪᠠᠷᠰ Van jiye-TsagaanbarВан жье-Цагаанбар

2025-10-26

211

ᠸᠠᠨ ᠵᠢᠶᠧ

   ᠴᠠᠭᠠᠨᠪᠠᠷᠰ ᠳᠠᠭᠤᠯᠠᠪᠠ 
      ᠬᠣᠷᠴᠢᠨ ᠠᠷᠠᠳ ᠤ᠋ᠨ ᠳᠠᠭᠤᠤ 

ᠭᠤᠷᠪᠠ ᠪᠠᠷ ᠬᠠᠪᠴᠢᠶᠠᠷᠢ ᠲᠠᠢ ᠶᠠ ᠭᠤᠲᠤᠯ ᠶᠤᠮ ᠠ᠋ ᠰᠧ ᠯᠠᠮᠠ ᠬᠡ ᠂ ᠠ ᠬᠦᠢ ᠰᠧ ᠯᠠᠮᠠ ᠬᠡ ᠬᠦᠢ 
ᠭᠤᠷᠪᠠᠨ ᠰᠠᠷ᠎ᠠ ᠶ᠋ᠢᠨ ᠬᠤᠷᠠᠯ ᠳᠡᠭᠡᠷ᠎ᠡ ᠡᠮᠦᠰᠬᠡᠶ᠎ᠡ ᠭᠡᠵᠡᠢ ᠣᠶᠣᠭᠰᠠᠨ ᠶᠤᠮ ᠠ᠋ ᠬᠦᠢ 
ᠭᠤᠷᠪᠠ ᠳᠥᠷᠪᠡᠨ ᠪᠡᠷᠭᠡᠢ ᠨᠠᠷ ᠴᠢᠨᠢ ᠤᠴᠠᠷᠠᠭᠠᠳ ᠠᠰᠠᠭᠤᠳᠠᠭ ᠪᠣᠯᠪᠠᠯ ᠠ᠋ ᠠ ᠬᠦᠢ ᠬᠡ ᠬᠡ ᠬᠦᠢ 
ᠭᠤᠢᠪᠠᠷᠬᠠᠨ ᠲᠥᠷᠥᠭᠰᠡᠨ ᠸᠠᠨ ᠵᠢᠶ᠋ᠸ᠋ ᠨᠠᠳᠠ ᠪᠠᠨ ᠮᠠᠨᠳᠤᠭᠤᠯᠵᠤ ᠶᠠᠪᠤ ᠳᠠ ᠭᠡᠢᠭᠦᠯᠵᠦ ᠶᠠᠪᠤ ᠳᠠ ᠬᠦᠢ 

ᠳᠥᠷᠪᠡ ᠪᠡᠷ ᠬᠠᠪᠴᠢᠶᠠᠷᠢ ᠲᠠᠢ ᠶᠠ ᠭᠤᠲᠤᠯ ᠶᠤᠮ ᠰᠢᠦ ᠰᠧ ᠯᠠᠮᠠ ᠬᠡ ᠠ ᠬᠦᠢ ᠬᠡ ᠬᠡ ᠬᠦᠢ
ᠳᠥᠷᠪᠡᠨ ᠰᠠᠷ᠎ᠠ ᠶ᠋ᠢᠨ ᠬᠤᠷᠠᠯ ᠳᠡᠭᠡᠷ᠎ᠡ ᠡᠮᠦᠰᠬᠡᠶ᠎ᠡ ᠭᠡᠵᠡᠢ ᠣᠶᠣᠭᠰᠠᠨ ᠶᠤᠮ ᠠ᠋ ᠬᠦᠢ
ᠳᠥᠷᠪᠡ ᠲᠠᠪᠤᠨ ᠪᠡᠷᠭᠡᠢ ᠨᠠᠷ ᠴᠢᠨᠢ ᠤᠴᠠᠷᠠᠭᠠᠳ ᠯᠠ ᠠᠰᠠᠭᠤᠳᠠᠭ ᠪᠣᠯᠪᠠᠯ ᠠ᠋ ᠠ ᠬᠦᠢ ᠬᠡ ᠬᠡ ᠬᠦᠢ
ᠳᠡᠮᠡᠢ ᠴᠦ᠍ ᠪᠠᠭ᠎ᠠ ᠸᠠᠨ ᠵᠢᠶᠧ ᠨᠠᠳᠠ ᠪᠠᠨ ᠳᠦᠭᠦᠷᠦᠭᠦᠯᠵᠦ ᠶᠠᠪᠤ ᠳᠠ ᠮᠠᠨᠳᠤᠭᠤᠯᠵᠤ ᠶᠠᠪᠤ ᠳᠠ ᠬᠦᠢ

ᠡᠷᠭᠢᠭᠦᠯᠦᠭᠡᠳ ᠣᠷᠢᠶᠠᠭᠰᠠᠨ ᠭᠡᠵᠢᠭᠡ ᠴᠢᠨᠢ ᠳᠡ ᠠ ᠸᠠᠨ ᠵᠢᠶᠧ ᠠ ᠬᠦᠢ ᠸᠠᠨ ᠵᠢᠶᠧ ᠬᠦᠢ
ᠡᠷᠢᠶᠡᠨ ᠯᠤᠤ ᠶ᠋ᠢᠨ ᠢ᠋ᠶ᠋ᠡᠨ ᠡᠪᠡᠷ ᠡᠴᠡ ᠳᠣᠣᠷ᠎ᠠ ᠤᠤ ᠳᠠ ᠬᠦᠢ
ᠡᠢᠰᠢ ᠲᠠᠢᠰᠢ ᠪᠠᠨ ᠪᠠᠷ᠎ᠠ ᠬᠠᠷᠠᠬᠤ ᠡᠷᠢᠶᠡᠨ ᠠᠯᠠᠭ ᠨᠢᠳᠦ ᠴᠢᠨᠢ ᠬᠦᠢ ᠠ ᠬᠦᠢ ᠸᠠᠨ ᠵᠢᠶᠧ ᠬᠦᠢ
ᠡᠷᠲᠡ ᠶ᠋ᠢᠨ ᠭᠠᠷᠤᠭᠠᠳ ᠲᠡᠭᠡᠭᠰᠡᠨ ᠴᠣᠯᠮᠣᠨ ᠣᠳᠣ ᠨᠢ ᠴᠦ᠍ ᠥᠭᠡᠷ᠎ᠡ ᠤᠤ ᠳᠠ ᠬᠦᠢ

ᠴᠠᠭᠠᠷᠢᠭᠯᠠᠭᠠᠳ ᠣᠷᠢᠶᠠᠭᠰᠠᠨ ᠭᠡᠵᠢᠭᠡ ᠶ᠋ᠢ ᠴᠢᠨᠢ ᠬᠡᠯᠡᠪᠡᠯ ᠠ᠋ ᠠ ᠬᠦᠢ ᠸᠠᠨ ᠵᠢᠶᠧ ᠬᠦᠢ
ᠴᠠᠭᠠᠨ ᠯᠤᠤ ᠶ᠋ᠢᠨ ᠡᠪᠡᠷ ᠡᠴᠡ ᠳᠣᠣᠷ᠎ᠠ ᠤᠤ ᠳᠠ ᠬᠦᠢ
ᠴᠠᠭᠠᠰᠢ ᠨᠠᠭᠠᠰᠢ ᠪᠠᠷᠠᠯᠠᠬᠤ ᠴᠠᠭᠠᠨ ᠠᠯᠠᠭ ᠨᠢᠳᠦ ᠴᠢᠨᠢ ᠠ᠋ ᠠ ᠬᠦᠢ ᠸᠠᠨ ᠵᠢᠶᠧ ᠬᠦᠢ
ᠴᠠᠭᠠᠨ ᠤᠤ ᠰᠠᠷ᠎ᠠ ᠳ᠋ᠠᠭᠠᠨ ᠡᠯᠭᠦᠭᠡᠳ ᠲᠡᠭᠡᠭᠰᠡᠨ ᠴᠠᠭᠠᠰᠤᠨ ᠳ᠋ᠧᠩᠯᠦ ᠥᠭᠡᠷ᠎ᠡ ᠤᠤ ᠳᠠ ᠠ᠋ ᠬᠦᠢ

  ᠳᠠᠭᠤᠤ ᠶ᠋ᠢᠨ ᠦᠭᠡ ᠶ᠋ᠢ ᠬᠠᠩᠭᠠᠭᠴᠢ ᠄ ᠮᠧᠢ ᠯᠢ ᠳᠢ ᠰᠢᠨ ᠴᠢᠩ᠃
  ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ᠂
  ᠵᠢᠷᠤᠭ ᠰᠡᠭᠦᠳᠡᠷ ᠢ᠋ ᠥᠪᠥᠷ ᠮᠣᠩᠭᠣᠯ ᠤ᠋ᠨ ᠵᠢᠷᠤᠭᠲᠤ ᠰᠡᠳᠬᠦᠯ ᠡᠴᠡ ᠬᠠᠭᠤᠯᠪᠠ᠂
  ᠬᠢᠨᠠᠭᠴᠢ ᠄ ᠴᠢᠨᠳᠠᠮᠤᠨᠢ