ᠬᠡᠦᠬᠡᠳ ᠪᠠᠭᠠᠴᠤᠳ ᠢ᠋ᠶ᠋ᠠᠨ ᠮᠣᠩᠭᠣᠯ ᠢ᠋ᠶ᠋ᠠᠷ ᠢ᠋ᠶ᠋ᠠᠨ ᠬᠥᠮᠦᠵᠢᠭᠦᠯᠬᠦ ᠪᠣᠯ ᠪᠢᠳᠡ ᠦ᠌ ᠡᠭᠦᠷᠭᠡ ᠪᠢᠯᠡ -ᠪᠤᠤᠬᠢᠶ᠎ᠠ 20251026 ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠪᠠᠭᠠᠴᠤᠳ ᠢ᠋ᠶ᠋ᠠᠨ ᠮᠣᠩᠭᠣᠯ ᠢ᠋ᠶ᠋ᠠᠷ ᠢ᠋ᠶ᠋ᠠᠨ ᠬᠥᠮᠦᠵᠢᠭᠦᠯᠬᠦ ᠪᠣᠯ ᠪᠢᠳᠡ ᠦ᠌ ᠡᠭᠦᠷᠭᠡ ᠪᠢᠯᠡ -ᠪᠤᠤᠬᠢᠶ᠎ᠠ 20251026

ᠬᠡᠦᠬᠡᠳ ᠪᠠᠭᠠᠴᠤᠳ ᠢ᠋ᠶ᠋ᠠᠨ ᠮᠣᠩᠭᠣᠯ ᠢ᠋ᠶ᠋ᠠᠷ ᠢ᠋ᠶ᠋ᠠᠨ ᠬᠥᠮᠦᠵᠢᠭᠦᠯᠬᠦ ᠪᠣᠯ ᠪᠢᠳᠡ ᠦ᠌ ᠡᠭᠦᠷᠭᠡ ᠪᠢᠯᠡ -ᠪᠤᠤᠬᠢᠶ᠎ᠠ 20251026

ᠠᠩᠭᠢᠯᠠᠯ:ᠪᠤᠤᠬᠢᠶ᠎ᠠ
2025-10-26

306

ᠬᠡᠦᠬᠡᠳ ᠪᠠᠭᠠᠴᠤᠳ ᠢ᠋ᠶ᠋ᠠᠨ ᠮᠣᠩᠭᠣᠯ ᠢ᠋ᠶ᠋ᠠᠷ ᠢ᠋ᠶ᠋ᠠᠨ ᠬᠥᠮᠦᠵᠢᠭᠦᠯᠬᠦ ᠪᠣᠯ ᠪᠢᠳᠡ ᠦ᠌ ᠡᠭᠦᠷᠭᠡ ᠪᠢᠯᠡ

1. ᠦᠵᠢᠶᠡᠳ ᠡᠷᠳᠡᠨᠢᠴᠡᠴᠡᠭ 
ᠬᠥᠬᠡ ᠰᠤᠳᠤᠷ ᠢ᠋ᠶ᠋ᠠᠨ ᠳᠡᠭᠡᠳᠦᠯᠡᠳᠡᠭ 
ᠬᠥᠯ ᠬᠦᠨᠳᠦᠲᠦ ᠪᠡᠨ ᠬᠦᠨᠳᠦᠯᠡᠳᠡᠭ 
ᠬᠥᠬᠡ ᠲᠣᠯᠪᠣ ᠪᠠᠷ ᠲᠠᠨᠢᠭᠳᠠᠳᠠᠭ᠃
2. ᠰᠣᠨᠢᠨᠴᠡᠴᠡᠭ ᠂
   ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
ᠡᠬᠡ ᠣᠷᠣᠨ ᠤ᠋ ᠪᠠᠨ ᠡᠯᠢᠭᠡᠨ ᠳ᠋ᠦ᠍ ᠦᠷ᠎ᠡ ᠶ᠋ᠢᠨ ᠶᠣᠰᠣᠭᠠᠷ ᠡᠷᠳᠡᠨᠢ ᠠᠳᠠᠯᠢ ᠡᠬᠡ ᠬᠡᠯᠡ ᠪᠡᠨ ᠡᠷᠬᠢᠮᠨᠡᠵᠦ ᠶᠠᠪᠤᠬᠤ ᠮᠢᠨᠢ ᠰᠠᠢᠬᠠᠨ᠃
— ᠬᠦᠢ ᠶᠢᠩ( ᠪᠦᠰᠡᠭᠦᠢ ᠢᠷᠠᠭᠤ ᠨᠠᠢᠷᠠᠭᠴᠢ)
3. ᠰᠠᠷᠲᠠᠭᠤᠯ ᠳᠡᠯᠭᠡᠷᠪᠠᠲᠦ  
ᠠᠵᠢᠯ ᠤ᠋ᠨ ᠠᠮᠲᠠ ᠶᠠᠩᠵᠢᠨ ᠭᠤᠸᠠᠢ ᠥᠷᠯᠥᠭᠡ ᠢᠮᠠᠭ᠎ᠠ ᠪᠠᠨ ᠰᠠᠭᠠᠭᠠᠳ ᠭᠡᠷ ᠲᠦ᠍ ᠪᠡᠨ ᠣᠷᠣᠵᠤ᠂ ᠬᠦᠦ ᠪᠤᠶᠠᠨ ᠳ᠋ᠤ᠌ ᠠᠭᠠᠷᠴᠠ ᠥᠭᠭᠦᠪᠠ᠃
ᠪᠤᠶᠠᠨ ᠬᠡᠯᠡᠵᠡᠢ᠄
   ᠡᠨᠡ ᠠᠭᠠᠷᠴᠠ ᠶᠠᠭᠠᠬᠢᠭᠰᠠᠨ ᠬᠠᠬᠤᠨ ᠠᠭᠠᠷᠴᠠ ᠪᠣᠢ? ᠪᠢ ᠡᠢᠮᠦ ᠠᠭᠠᠷᠴᠠ ᠢᠳᠡᠬᠦ ᠦᠭᠡᠢ᠂ ᠠᠮᠲᠠᠲᠠᠢ ᠠᠭᠠᠷᠴᠠ ᠥᠭᠭᠦᠭᠡᠴᠢ ᠭᠡᠪᠡ᠃
 ᠶᠠᠩᠵᠢᠨ ᠬᠡᠯᠡᠵᠡᠢ᠄
 ᠣᠳᠣ ᠠᠮᠲᠠᠲᠠᠢ ᠠᠭᠠᠷᠴᠠ ᠪᠠᠢᠬᠤ ᠦᠭᠡᠢ ᠪᠠᠢᠨ᠎ᠠ᠃ ᠢᠮᠠᠭ᠎ᠠ ᠪᠠᠨ ᠬᠠᠷᠢᠭᠤᠯᠤᠭᠠᠳ ᠢᠷᠡᠬᠦ ᠳ᠋ᠦ᠍ ᠰᠠᠢᠬᠠᠨ ᠠᠭᠠᠷᠴᠠ ᠪᠡᠯᠡᠨ ᠪᠣᠯᠤᠨ᠎ᠠ ᠭᠡᠪᠡ᠃ᠪᠤᠶᠠᠨ ᠢᠮᠠᠭ᠎ᠠ ᠪᠠᠨ ᠬᠠᠷᠢᠭᠤᠯᠵᠤ ᠶᠠᠪᠤᠭᠠᠳ ᠡᠳᠦᠷ ᠢᠷᠡᠵᠦ
 ᠠᠮᠲᠠᠲᠠᠢ ᠠᠭᠠᠷᠴᠠ ᠪᠠᠢᠨ᠎ᠠ ᠤᠤ? ᠭᠡᠰᠡᠨ ᠳ᠋ᠦ᠍᠂
 ᠪᠠᠢᠨ᠎ᠠ ,ᠠ᠋ ᠭᠡᠳ ᠠᠭᠠᠷᠴᠠ ᠥᠭᠭᠦᠪᠡ᠃ ᠪᠤᠶᠠᠨ ᠡᠭᠦᠨ ᠢ᠋ ᠢᠳᠡᠭᠡᠳ
ᠶᠠᠭᠠᠬᠢᠭᠰᠠᠨ ᠂ ᠶᠠᠭᠠᠬᠢᠭᠰᠠᠨ ᠠᠮᠲᠠᠲᠠᠢ ᠠᠭᠠᠷᠴᠠ ᠪᠣᠢ? ᠭᠡᠪᠡ ᠃ ᠶᠠᠩᠵᠢᠨ ᠢᠩᠭᠢᠵᠦ ᠬᠡᠯᠡᠪᠡ᠄ 
 ᠴᠢᠨᠦ ᠥᠷᠯᠥᠭᠡᠨ ᠦ᠌ ᠭᠣᠯᠣᠭᠰᠠᠨ ᠠᠭᠠᠷᠴᠠ ᠰᠢᠦ᠃ ᠠᠵᠢᠯ ᠬᠢᠪᠡᠯ ᠠᠭᠠᠷᠴᠠ ᠮᠥᠨ ᠠᠮᠲᠠᠲᠠᠢ ᠪᠣᠯᠳᠠᠭ ᠭᠡᠵᠡᠢ᠃( ᠬᠠᠭᠤᠯᠤᠨ ᠪᠢᠴᠢᠪᠡ) 
4᠂ᠵᠢᠷᠠᠨᠲᠠᠢ
ᠶᠢᠰᠦᠨ ᠡᠷᠳᠡᠨᠢ ᠶ᠋ᠢᠨ ᠣᠷᠣᠨ
ᠢᠪᠡᠭᠡᠯᠲᠦ ᠨᠠᠷᠠᠨ  ᠤ᠋ ᠨᠢ ᠰᠠᠴᠤᠷᠠᠯ ᠠᠯᠲᠠᠨ ᠡᠷᠳᠡᠨᠢ
ᠢᠵᠢᠢ ᠲᠠᠨ  ᠤ᠋ ᠮᠢᠨᠢ ᠰᠠᠴᠤᠯᠢ ᠮᠥᠩᠭᠥᠨ ᠡᠷᠳᠡᠨᠢ
ᠢᠯᠴᠢᠲᠦ ᠤᠯᠠᠭᠠᠨ ᠭᠠᠯ ᠨᠢ  ᠱ᠌ᠢᠷᠦᠨ ᠡᠷᠳᠡᠨᠢ
ᠢᠳᠡᠭᠡᠰᠢᠵᠦ ᠰᠠᠭᠤᠭᠰᠠᠨ ᠭᠡᠷ ᠮᠢᠨᠢ ᠲᠠᠨᠠᠨ ᠡᠷᠳᠡᠨᠢ
       ᠡᠬᠡ ᠣᠷᠣᠨ ᠲᠠ ᠮᠢᠨᠢ᠂ ᠶᠢᠰᠦᠨ ᠡᠷᠳᠡᠨᠢ
       ᠡᠬᠡ ᠣᠷᠣᠨ ᠲᠠ ᠮᠢᠨᠢ᠂ ᠶᠢᠰᠦᠨ ᠡᠷᠳᠡᠨᠢ᠃
5. ᠤᠤᠭᠠᠨᠵᠢᠳ
ᠶᠢᠰᠦᠨ ᠡᠷᠳᠡᠨᠢ ᠶ᠋ᠢᠨ ᠣᠷᠣᠨ
 ᠡᠷᠬᠡᠰ ᠨᠠᠭᠠᠳᠬᠤ ᠲᠩᠷᠢ ᠨᠢ ᠨᠣᠮᠢᠨ ᠡᠷᠳᠡᠨᠢ
   ᠡᠩ ᠦᠭᠡᠢ ᠥᠷᠭᠡᠨ ᠲᠠᠯ᠎ᠠ ᠨᠢ ᠣᠭ᠌ᠶᠤ ᠡᠷᠳᠡᠨᠢ
   ᠡᠩᠬᠡ ᠦᠷ ᠦ᠋ᠨ ᠲᠤᠶᠠᠭ᠎ᠠ ᠨᠢ ᠵᠡᠰ ᠡᠷᠳᠡᠨᠢ
   ᠡᠭᠡᠯᠭᠡᠨ ᠪᠦᠰᠡᠭᠦᠢ ᠨᠢ ᠭᠣᠶᠣᠯ ᠰᠤᠪᠤᠳ ᠡᠷᠳᠡᠨᠢ
        ᠡᠬᠡ ᠣᠷᠣᠨ ᠲᠠ ᠮᠢᠨᠢ᠂ ᠶᠢᠰᠦᠨ ᠡᠷᠳᠡᠨᠢ
        ᠡᠬᠡ ᠣᠷᠣᠨ ᠲᠠ ᠮᠢᠨᠢ᠂ ᠶᠢᠰᠦᠨ ᠡᠷᠳᠡᠨᠢ᠃      
6. ᠬᠠᠰᠠᠠᠭᠣᠯᠠ 
ᠴᠢᠨᠳᠠᠮᠤᠨᠢ ᠡᠷᠳᠡᠨᠢ ᠮᠡᠲᠦ ᠬᠦᠰᠡᠯ ᠪᠦᠬᠦᠨ ᠢ᠋ ᠬᠠᠩᠭᠠᠭᠲᠤᠨ!
ᠴᠢᠳᠠᠯ ᠡᠷᠳᠡᠮ ᠪᠦᠷᠢᠨ ᠲᠡᠭᠦᠰ ᠭᠠᠢᠬᠠᠮᠰᠢᠭᠲᠤ ᠳᠡᠭᠵᠢᠷᠡᠨ᠂
ᠲᠠᠩᠰᠤᠭ ᠠᠷᠢᠭᠤᠨ ᠪᠤᠶᠠᠨᠲᠤ ᠦᠢᠯᠡᠰ ᠦ᠋ᠨ ᠴᠡᠴᠡᠭ ᠵᠢᠮᠢᠰ ᠳᠡᠯᠭᠡᠷᠡᠨ᠂
ᠲᠡᠷᠰ ᠳᠠᠢᠰᠤᠨ ᠲᠣᠳᠬᠠᠷ ᠪᠦᠬᠦᠨ ᠢ᠋ ᠴᠢᠩᠳᠠ ᠲᠣᠪᠷᠠᠭ ᠪᠣᠯᠭᠠᠭᠲᠤᠨ!
(ᠬᠡᠢᠮᠣᠷᠢ ᠶ᠋ᠢᠨ ᠰᠠᠩ ᠠ᠋ᠴᠠ)
7. ᠠᠯᠲᠠᠨᠴᠢᠮᠡᠭ 
ᠵᠡᠭᠦᠳᠦ
ᠴᠡᠴᠡᠭᠲᠦ ᠲᠠᠯ᠎ᠠ ᠪᠠᠷ ᠠᠳᠤᠭᠤ ᠪᠠᠨ ᠮᠠᠨᠠᠬᠤ ᠳ᠋ᠤ᠌
ᠴᠡᠭᠡᠯᠬᠡᠨ ᠳᠠᠭᠤᠨ ᠢ᠋ ᠴᠢᠩᠨᠠᠵᠤ ᠰᠣᠭᠲᠣᠭᠤᠷᠠᠨ᠎ᠠ
ᠬᠣᠯᠠᠬᠢ ᠡᠭᠦᠯᠡᠰ ᠢ᠋ ᠪᠠᠷᠠᠯᠠᠵᠤ ᠰᠢᠷᠳᠡᠬᠦ ᠳ᠋ᠦ᠍
ᠬᠣᠷᠸ᠎ᠠ ᠶ᠋ᠢᠨ ᠰᠠᠢᠬᠠᠨ ᠨᠢᠳᠦᠨ ᠳ᠋ᠦ᠍ ᠳᠡᠯᠭᠡᠭᠳᠡᠨ᠎ᠡ᠃
8. ᠭᠠᠸᠠ
ᠵᠣᠷ ᠦᠵᠡᠭᠰᠡᠨ ᠡᠮᠴᠢ ᠡᠴᠡ 
ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ ᠂
ᠬᠡᠯᠡᠪᠡᠯ ᠪᠤᠤ ᠪᠤᠴᠠ᠂ 
ᠰᠠᠨᠠᠪᠠᠯ ᠪᠤᠤ ᠮᠠᠷᠲᠠ ᠃  ᠣᠶᠤᠨ ᠪᠢᠴᠢᠭᠯᠡᠭᠦᠷ ᠦ᠋ᠨ ᠵᠦᠢᠷ ᠦᠭᠡᠰ
9. ᠰᠡᠴᠡᠨᠪᠠᠭᠠᠳᠤᠷ 
ᠰᠠᠢᠨ ᠪᠠᠢᠨ᠎ᠠ ᠤᠤ? ᠪᠠᠶᠠᠨ ᠲᠠᠩᠰᠤᠭ ᠨᠠᠮᠤᠷ᠃
ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠪᠠᠢᠶ᠎ᠠ᠃
ᠡᠳᠦᠷ ᠪᠣᠯᠭᠠᠨ ᠬᠣᠶᠠᠷ ᠰᠣᠷᠢᠯᠲᠠ ᠪᠠᠨ ᠬᠢᠵᠦ ᠪᠠᠢᠶ᠎ᠠ ᠴᠢᠷᠮᠠᠢᠶ᠎ᠠ!
ᠴᠢ ᠮᠣᠩᠭᠣᠯ ᠬᠥᠮᠦᠨ ᠪᠣᠯ ᠮᠣᠩᠭᠣᠯ ᠬᠡᠯᠡ ᠪᠡᠷ ᠢ᠋ᠶ᠋ᠡᠨ ᠶᠠᠷᠢᠵᠤ ᠶᠠᠪᠤᠭᠠᠷᠠᠢ!
10. ᠮᠥᠩᠭᠥᠨ
ᠡᠭᠦᠯᠡ ᠴᠤᠭᠯᠠᠪᠠᠰᠤ ᠪᠣᠷᠣᠭᠠᠨ ᠣᠷᠣᠮᠤ᠂ ᠮᠣᠩᠭᠣᠯ ᠠᠢᠮᠠᠭ ᠨᠡᠢᠯᠡᠪᠡᠰᠦ ᠴᠡᠷᠢᠭᠯᠡᠮᠦ᠂
ᠮᠣᠩᠭᠣᠯ ᠠᠢᠮᠠᠭ ᠨᠡᠢᠯᠡᠬᠦ ᠪᠠ ᠴᠡᠷᠢᠭ ᠲᠠᠷᠬᠠᠬᠤ
ᠠᠨᠤ ᠡᠭᠦᠯᠡᠨ ᠲᠠᠷᠬᠠᠭᠠᠳ ᠪᠣᠷᠣᠭᠠᠨ ᠠᠷᠢᠯᠬᠤᠢ ᠮᠡᠲᠦ ᠪᠣᠯᠠᠢ᠂
ᠲᠡᠭᠦᠨ ᠦ᠌ ᠨᠡᠢᠯᠡᠭᠰᠡᠨ ᠴᠡᠷᠢᠭ ᠲᠠᠷᠬᠠᠪᠠᠰᠤ᠂
ᠪᠢᠳᠡ ᠲᠡᠭᠦᠨ ᠦ᠌ ᠮᠥᠷ ᠢ᠋ ᠳᠠᠭᠠᠵᠤ ᠦᠷᠭᠦᠯᠵᠢ ᠠᠪᠰᠤᠭᠠᠢ!
— ᠨᠤᠷᠬᠠᠴᠢ (ᠮᠠᠨᠵᠤ ᠶ᠋ᠢᠨ ᠨᠣᠶᠠᠯᠠᠯ ᠳᠣᠣᠷᠠᠬᠢ ᠮᠣᠩᠭᠣᠯᠴᠤᠳ) ᠭᠡᠬᠦ ᠨᠣᠮ ᠠ᠋ᠴᠠ ᠬᠠᠭᠤᠯᠪᠠ᠃
11. ᠳᠠᠯᠠᠨᠲᠠᠢ
ᠶᠢᠰᠦᠨ ᠡᠷᠳᠡᠨᠢ ᠶ᠋ᠢᠨ ᠣᠷᠣᠨ
ᠢᠪᠡᠭᠡᠯᠲᠦ ᠨᠠᠷᠠᠨ ᠤ᠋ ᠨᠢ ᠰᠠᠴᠤᠷᠠᠯ ᠠᠯᠲᠠᠨ ᠡᠷᠳᠡᠨᠢ
ᠢᠵᠢᠢ ᠲᠠᠨ ᠤ᠋ ᠮᠢᠨᠢ ᠰᠠᠴᠤᠯᠢ ᠮᠥᠩᠭᠥᠨ ᠡᠷᠳᠡᠨᠢ
ᠢᠯᠴᠢᠲᠦ ᠤᠯᠠᠭᠠᠨ ᠭᠠᠯ ᠨᠢ  ᠱ᠌ᠢᠷᠦᠨ ᠡᠷᠳᠡᠨᠢ
ᠡᠷᠡᠯᠬᠡᠭ ᠠᠷᠠᠳ ᠲᠦᠮᠡᠨ  ᠦ᠌ ᠨᠢ ᠡᠪ ᠭᠠᠩ ᠡᠷᠳᠡᠨᠢ
        ᠡᠬᠡ ᠣᠷᠣᠨ ᠲᠠ ᠮᠢᠨᠢ᠂ ᠶᠢᠰᠦᠨ ᠡᠷᠳᠡᠨᠢ
        ᠡᠬᠡ ᠣᠷᠣᠨ ᠲᠠ ᠮᠢᠨᠢ᠂ ᠶᠢᠰᠦᠨ ᠡᠷᠳᠡᠨᠢ᠃
12. ᠮᠥᠩᠭᠥᠨ 
ᠡᠳᠦᠷ ᠪᠦᠷᠢ ᠥᠪᠡᠷ ᠦ᠋ᠨ ᠦᠰᠦᠭ ᠪᠢᠴᠢᠭ ᠢ᠋ᠶ᠋ᠡᠨ ᠪᠢᠴᠢᠶ᠎ᠡ᠃
13.ᠮᠡᠷᠭᠡᠨᠪᠢᠯᠢᠭ 
ᠪᠤᠭᠤᠷᠤᠯ ᠮᠣᠷᠢ ᠶ᠋ᠢ ᠤᠨᠤᠶ᠎ᠠ ᠭᠡᠪᠡᠯ
ᠪᠤᠲᠠᠷᠠᠭᠤᠯᠤᠭᠠᠳ ᠭᠠᠷᠤᠨ᠎ᠠ ᠬᠦ
ᠪᠤᠭᠤᠷᠤᠯ ᠬᠠᠯᠵᠠᠨ ᠭᠠᠯᠠᠭᠤᠨ ᠤ᠋ ᠳᠡᠭᠳᠡᠭᠡᠬᠡᠢ
ᠱᠣᠮᠪᠣᠯᠵᠠᠭᠤᠯᠤᠭᠠᠳ ᠢᠷᠡᠨ᠎ᠡ ᠬᠦ
ᠰᠠᠭᠠᠷᠠᠯ ᠮᠣᠷᠢ ᠶ᠋ᠢ ᠤᠨᠤᠶ᠎ᠠ ᠭᠡᠪᠡᠯ
ᠰᠠᠳᠠᠷᠠᠭᠤᠯᠤᠭᠠᠳ ᠭᠠᠷᠤᠨ᠎ᠠ ᠬᠦ
ᠰᠠᠭᠠᠷᠠᠯ ᠬᠠᠯᠵᠠᠨ ᠭᠠᠯᠠᠭᠤᠨ ᠤ᠋ ᠳᠡᠭᠳᠡᠭᠡᠬᠡᠢ
ᠱᠣᠮᠪᠣᠯᠵᠠᠭᠤᠯᠤᠭᠠᠳ ᠢᠷᠡᠨ᠎ᠡ ᠬᠦ
ᠰᠠᠢᠬᠠᠨ ᠲᠥᠷᠥᠭᠰᠡᠨ ᠠᠮᠠᠷᠠᠭ ᠴᠢᠮ᠎ᠠ ᠳ᠋ᠤ᠌ ᠪᠠᠨ
ᠰᠠᠨᠠᠭᠰᠠᠨ ᠢ᠋ ᠪᠡᠨ ᠬᠡᠯᠡᠪᠡᠯ ᠳᠡ ᠬᠦ
ᠰᠠᠷᠠᠪᠴᠢᠨ ᠤ᠋ ᠤᠰᠤ ᠰᠢᠭ᠋ ᠮᠡᠯᠲᠡᠯᠵᠡᠭᠦᠯᠦᠨ
ᠤᠬᠢᠯᠠᠭᠠᠳ ᠭᠠᠷᠤᠨ᠎ᠠ ᠬᠦ᠃
14. ᠨᠠᠮᠵᠢᠯ 
ᠪᠢᠳᠡ ᠪᠦᠬᠦᠨ ᠵᠠᠪ ᠲᠠᠢ ᠯᠠ ᠪᠣᠯ ᠴᠠᠬᠢᠮ ᠳᠡᠭᠡᠷ᠎ᠡ ᠮᠣᠩᠭᠣᠯ ᠦᠰᠦᠭ ᠢ᠋ᠶ᠋ᠡᠨ ᠪᠢᠴᠢᠵᠦ ᠪᠠᠢᠶ᠎ᠠ᠃
15. ᠨᠠᠪᠴᠢ 
ᠪᠤᠭᠤ ᠣᠷᠣᠮᠳᠠᠬᠤ ᠂ ᠦᠬᠡᠷ ᠮᠥᠭᠡᠷᠡᠬᠦ ᠂ ᠠᠳᠤᠭᠤ ᠦᠦᠷᠰᠡᠬᠦ᠂ᠠᠳᠤᠭᠤ ᠢᠨᠴᠠᠭᠠᠬᠤ᠂ ᠬᠣᠨᠢ ᠮᠠᠢᠯᠠᠬᠤ᠂ ᠢᠮᠠᠭ᠎ᠠ ᠮᠠᠢᠯᠠᠬᠤ᠂ ᠢᠩᠭᠡ ᠪᠤᠢᠯᠠᠬᠤ᠂ ᠪᠣᠲᠣᠭᠣ ᠪᠤᠢᠯᠠᠬᠤ᠂ ᠪᠤᠤᠷ᠎ᠠ ᠬᠥᠷᠬᠥᠯᠡᠬᠦ᠃
16. ᠨᠠᠷᠠᠨᠲᠣᠭᠣᠰ 
ᠬᠡᠦᠬᠡᠳ ᠪᠠᠭᠠᠴᠤᠳ ᠪᠣᠯ ᠮᠠᠨ ᠤ᠋ ᠢᠷᠡᠭᠡᠳᠦᠢ ᠶ᠋ᠢᠨ ᠵᠠᠯᠭᠠᠮᠵᠢᠯᠠᠭᠴᠢ ᠶᠤᠮ᠃ ᠰᠠᠢᠬᠠᠨ ᠬᠥᠮᠦᠵᠢᠭᠦᠯᠬᠦ ᠬᠡᠷᠡᠭᠲᠡᠢ ᠪᠠᠢᠨ᠎ᠠ᠂ ᠲᠡᠳᠡ ᠨᠠᠷ ᠮᠠᠷᠭᠠᠰᠢ ᠶ᠋ᠢᠨ ᠨᠠᠷᠠ ᠪᠣᠯᠤᠨ ᠭᠡᠷᠡᠯᠲᠦᠨ᠎ᠡ!
17. ᠠ᠊· ᠰᠠᠷᠠᠨᠭᠡᠷᠡᠯ 
ᠬᠡᠦᠬᠡᠳ ᠪᠠᠭᠠᠴᠤᠳ ᠢ᠋ᠶ᠋ᠠᠨ ᠮᠣᠩᠭᠣᠯ ᠢ᠋ᠶ᠋ᠠᠷ ᠢ᠋ᠶ᠋ᠠᠨ ᠬᠥᠮᠦᠵᠢᠭᠦᠯᠬᠦ ᠪᠣᠯ ᠬᠥᠮᠦᠨ ᠪᠦᠬᠦᠨ ᠦ᠌ ᠬᠦᠨᠳᠦ ᠡᠭᠦᠷᠭᠡ ᠭᠡᠳᠡᠭ ᠢ᠋ ᠴᠠᠭ ᠢᠮᠠᠭᠲᠠ ᠴᠡᠭᠡᠵᠢᠯᠡᠵᠦ᠂ ᠪᠠᠷᠢᠮᠲᠠᠯᠠᠵᠤ ᠪᠠᠢᠬᠤ ᠬᠡᠷᠡᠭᠲᠡᠢ᠃ ᠪᠢᠳᠡᠨ ᠦ᠌ ᠬᠡᠦᠬᠡᠳ ᠪᠣᠯ ᠮᠣᠩᠭᠣᠯ ᠤ᠋ᠨ ᠢᠷᠡᠭᠡᠳᠦᠢ ᠪᠣᠯᠬᠣᠷ ᠪᠢᠳᠡ ᠪᠦᠬᠦᠨ ᠴᠢᠷᠮᠠᠢᠬᠤ ᠬᠡᠷᠡᠭᠲᠡᠢ᠃
18. ᠰᠣᠨᠢᠨᠴᠡᠴᠡᠭ ᠂
ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
ᠮᠣᠩᠭᠣᠯᠴᠤᠳ ᠶᠡᠬᠡ ᠭᠠᠢᠬᠠᠯᠲᠠᠢ ᠦᠨᠳᠦᠰᠦᠲᠡᠨ᠂ ᠠᠶᠤᠩᠭ᠎ᠠ ᠴᠠᠬᠢᠯᠭᠠᠨ ᠰᠢᠭ᠋ ᠳᠤᠮᠳᠠᠳᠤ ᠣᠷᠣᠨ ᠢ᠋ ᠳᠣᠪᠲᠣᠯᠤᠨ ᠡᠵᠡᠯᠡᠭᠡᠳ᠂ ᠡᠪ ᠦᠭᠡᠢ ᠪᠣᠯᠬᠤ ᠪᠠᠷ ᠢ᠋ᠶ᠋ᠠᠨ ᠮᠥᠨ ᠠᠶᠤᠩᠭ᠎ᠠ ᠴᠠᠬᠢᠯᠭᠠᠨ ᠰᠢᠭ᠋ ᠮᠣᠩᠭᠣᠯ ᠤ᠋ᠨ ᠡᠬᠡ ᠨᠤᠲᠤᠭ ᠲᠠᠭᠠᠨ ᠤᠬᠤᠷᠢᠨ ᠬᠠᠷᠢᠪᠠ᠃
—— ᠪᠠᠢ ᠶᠠᠩ( ᠨᠡᠷᠡᠲᠦ ᠵᠣᠬᠢᠶᠠᠯᠴᠢ)
19. ᠦᠵᠢᠶᠡᠳ ᠡᠷᠳᠡᠨᠢᠴᠡᠴᠡᠭ
ᠮᠠᠩᠬᠠᠯᠠᠵᠤ ᠡᠮ ᠢ᠋ᠶ᠋ᠡᠨ ᠰᠠᠪᠠᠯᠠᠳᠠᠭ
ᠮᠠᠩᠭᠢᠰᠤ ᠠᠯᠠᠬᠤ ᠶ᠋ᠢ ᠴᠡᠭᠡᠷᠯᠡᠳᠡᠭ
ᠮᠠᠨᠴᠤᠢᠯᠠᠵᠤ ᠥᠯᠥᠭᠡᠢᠳᠡᠵᠦ ᠤᠨᠲᠠᠭᠤᠯᠳᠠᠭ
ᠭᠠᠨᠵᠤᠤᠷ ᠳ᠋ᠠᠨᠵᠤᠤᠷ ᠢ᠋ᠶ᠋ᠠᠨ ᠰᠢᠲᠦᠳᠡᠭ
ᠭᠠᠯ ᠭᠣᠯᠣᠮᠲᠠ ᠪᠠᠨ ᠪᠠᠳᠠᠷᠠᠭᠠᠳᠠᠭ
ᠭᠠᠩᠰᠠ ᠲᠠᠢ ᠲᠠᠮᠠᠬᠢ ᠪᠠᠨ ᠨᠡᠷᠡᠳᠡᠭ᠃
20. ᠨᠠᠷᠠᠩᠭᠤᠸ᠎ᠠ    
ᠠᠰᠢᠳᠠ᠎ᠶ᠋ᠢᠨ ᠰᠠᠢᠬᠠᠨ ᠎ᠢ᠋ ᠪᠡᠯᠭᠡᠳᠡᠭᠰᠡᠨ
ᠠᠷᠠᠳ᠎ ᠤ᠋ᠨ ᠮᠠᠨᠢ ᠪᠢᠯᠢᠭ ᠎ᠢ᠋ ᠭᠠᠢᠬᠠᠭᠤᠯᠤᠭᠰᠠᠨ ᠢᠷᠠᠭᠤ ᠮᠠᠭᠲᠠᠭᠠᠯ ᠮᠢᠨᠦ᠃
21. ᠨᠤᠮᠤᠴᠢᠨ ᠪᠢᠯᠢᠭ 
ᠪᠣᠳᠣᠭᠰᠠᠨ ᠪᠣᠳᠣᠯ ᠨᠢ ᠪᠣᠭᠴᠣ ᠳᠦᠭᠦᠷᠡᠩ 
ᠰᠠᠨᠠᠭᠰᠠᠨ ᠪᠦᠬᠦᠨ ᠨᠢ ᠰᠠᠪᠠ ᠳᠦᠭᠦᠷᠡᠩ᠃
22. ᠰᠣᠨᠢᠨᠴᠡᠴᠡᠭ 
ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
ᠮᠣᠩᠭᠣᠯᠴᠤᠳ ᠴᠤ᠌ ᠳᠡᠭᠡᠳᠦ ᠲᠩᠷᠢ ᠡᠴᠡ ᠡᠰᠢᠲᠡᠢ ᠲᠠᠯ᠎ᠠ ᠨᠤᠲᠤᠭ ᠤ᠋ᠨ ᠬᠠᠮᠠᠭᠠᠯᠠᠭᠴᠢᠳ ᠶᠤᠮ᠃
ᠲᠠᠯ᠎ᠠ ᠨᠤᠲᠤᠭ ᠦᠭᠡᠢ ᠪᠣᠯ ᠮᠣᠩᠭᠣᠯ ᠬᠥᠮᠦᠨ ᠪᠠᠢᠬᠤ ᠦᠭᠡᠢ᠂ 
ᠮᠣᠩᠭᠣᠯ ᠬᠥᠮᠦᠨ ᠦᠭᠡᠢ ᠪᠣᠯ ᠲᠠᠯ᠎ᠠ ᠨᠤᠲᠤᠭ ᠴᠤ᠌ ᠦᠭᠡᠢ ᠪᠣᠯᠤᠨ᠎ᠠ᠃
—— ᠵᠢᠶᠠᠩ ᠷᠦᠩ
23. ᠭᠠᠸᠠ
 ᠣᠯᠠᠨ ᠤ᠋ ᠬᠦᠴᠦ ᠡᠪ ᠲᠡᠭᠡᠨ ᠣᠯᠣᠰᠣᠨ  ᠤ᠋ ᠬᠦᠴᠦ ᠡᠷᠴᠢ  ᠳ᠋ᠦ᠍ ᠪᠡᠨ᠃
24. ᠨᠠ᠊᠂ ᠴᠠᠭᠠᠨ
ᠡᠪᠦᠭᠡᠳ ᠦ᠋ᠨ ᠶᠠᠷᠢᠶᠠᠨ ᠳ᠋ᠤ᠌ ᠪᠠᠢᠳᠠᠭ ᠢ᠋ᠶ᠋ᠠᠷ᠄
ᠠᠪᠤ ᠶ᠋ᠢᠨ ᠪᠤᠶᠠᠨ ᠳ᠋ᠤ᠌ ᠬᠥᠮᠦᠨ ᠲᠠᠨᠢᠨ᠎ᠠ!
ᠠᠭᠲᠠ ᠶ᠋ᠢᠨ ᠪᠤᠶᠠᠨ ᠳ᠋ᠤ᠌ ᠭᠠᠵᠠᠷ ᠲᠠᠨᠢᠨ᠎ᠠ! 
ᠠᠭᠲᠠ ᠶ᠋ᠢᠨ ᠰᠠᠢᠨ ᠢ᠋ ᠤᠨᠤᠨ ᠪᠠᠢᠵᠤ ᠮᠡᠳᠡᠨ᠎ᠡ! 
ᠠᠨᠳᠠ ᠶ᠋ᠢᠨ ᠰᠠᠢᠨ ᠢ᠋ ᠬᠠᠨᠢᠯᠠᠨ ᠪᠠᠢᠵᠤ ᠮᠡᠳᠡᠨ᠎ᠡ!
25. ᠤᠤᠭᠠᠨᠵᠢᠳ
ᠮᠣᠩᠭᠣᠯᠴᠤᠳ ᠎ᠤ᠋ᠨ ᠮᠢᠨᠢ ᠣᠶᠤᠨ ᠰᠠᠨᠠᠭᠠᠨ ᠎ᠤ᠋ ᠢᠯᠡᠷᠡᠯ᠎ ᠦ᠋ᠨ ᠰᠣᠩᠭᠣᠳᠠᠭ ᠬᠡᠯᠪᠡᠷᠢ᠂ ᠢᠷᠦᠭᠡᠯ ᠮᠠᠭᠲᠠᠭᠠᠯ᠎ ᠢ᠋ᠶ᠋ᠠᠨ ᠨᠠᠨᠳᠢᠩᠨᠠᠨ ᠣᠪᠯᠠᠵᠤ ᠶᠠᠪᠤᠵᠠᠭᠠᠶ᠎ᠠ ᠪᠢᠳᠡ!
26. ᠮᠥᠩᠭᠥᠨ 
ᠭᠤᠷᠪᠠᠨ ᠳᠦᠯᠢ
ᠬᠡᠯᠡ ᠦᠭᠡᠢ ᠬᠣᠩᠬᠣ ᠳᠦᠯᠢ
ᠬᠣᠭᠢᠰ ᠦᠭᠡᠢ ᠠᠢᠯ ᠳᠦᠯᠢ
ᠨᠣᠬᠠᠢ ᠦᠭᠡᠢ ᠬᠣᠲᠠ ᠳᠦᠯᠢ᠃
ᠭᠤᠷᠪᠠᠨ ᠴᠣᠭᠣᠷᠣᠬᠠᠢ
ᠣᠷᠣᠬᠤ ᠲᠩᠷᠢ ᠶ᠋ᠢᠨ ᠣᠷᠣᠢ ᠨᠢ ᠴᠣᠭᠣᠷᠣᠬᠠᠢ!
ᠣᠷᠣᠭᠰᠠᠨ ᠪᠤᠤᠷ᠎ᠠ ᠶ᠋ᠢᠨ ᠰᠢᠯᠢ ᠨᠢ ᠴᠣᠭᠣᠷᠣᠬᠠᠢ!
27. ᠬᠣᠪᠢᠰᠬᠠᠯᠮ᠎ᠠ 
ᠠᠢᠷᠠᠭ ᠬᠡᠮᠡᠭᠴᠢ ᠢᠳᠡᠭᠡᠨ ᠎ᠦ᠌ ᠳᠡᠭᠡᠵᠢ ᠎ᠶ᠋ᠢ
ᠠᠭᠠᠷᠤ ᠽᠠᠨᠳᠠᠨ ᠬᠤᠨᠳᠠᠭᠠᠨ ᠎ᠳ᠋ᠤᠷ
ᠠᠮᠠᠰᠠᠷ ᠳᠦᠭᠦᠷᠡᠩ ᠪᠢᠯᠬᠠᠭᠤᠯᠤᠭᠠᠳ
ᠨᠠᠭᠠᠨ᠎ᠠ ᠎ᠪᠠᠨ ᠨᠠᠪᠴᠢᠨ ᠬᠤᠸᠠᠷ ᠎ᠲᠠᠢ
ᠴᠠᠭᠠᠨ᠎ᠠ ᠎ᠪᠠᠨ ᠴᠠᠮᠢᠨ ᠬᠡ ᠎ᠲᠡᠢ
ᠰᠠᠮᠪᠠᠢ ᠬᠠᠳᠠᠭ᠎ ᠶᠤᠭᠠᠨ ᠪᠠᠷᠢᠭᠰᠠᠨ ᠲᠤᠯᠠ
ᠰᠠᠢᠨ ᠎ᠤ᠋ ᠢᠷᠦᠭᠡᠯ ᠎ᠢ᠋ ᠵᠥᠩᠨᠡᠵᠦ
ᠰᠠᠢᠬᠠᠨ ᠤᠴᠠᠷᠠᠯ ᠎ᠢ᠋ ᠪᠡᠯᠭᠡᠳᠡᠵᠦ
ᠰᠠᠭᠠᠲᠠᠭᠰᠠᠨ ᠪᠦᠬᠦᠨ ᠎ᠢ᠋ ᠪᠠᠶᠠᠰᠬᠠᠰᠤᠭᠠᠢ ⁉
28. ᠠ᠊· ᠰᠠᠷᠠᠨᠭᠡᠷᠡᠯ  
ᠦᠰᠦᠭ ᠪᠢᠴᠢᠭ ᠢ᠋ᠶ᠋ᠡᠨ ᠪᠢᠴᠢᠬᠦ ᠳ᠋ᠦ᠍ ᠦᠵᠦᠭᠦᠷ ᠬᠢᠵᠠᠭᠠᠷ ᠭᠡᠵᠦ ᠪᠠᠢᠳᠠᠭ ᠦᠭᠡᠢ᠂ ᠦᠷᠭᠦᠯᠵᠢᠯᠡᠨ ᠪᠢᠴᠢᠵᠡᠭᠡᠶ᠎ᠡ! ᠦᠶ᠎ᠡ ᠶ᠋ᠢᠨ ᠦᠶ᠎ᠡ ᠪᠡᠷ ᠢ᠋ᠶ᠋ᠡᠨ ᠪᠢᠴᠢᠬᠦ ᠪᠣᠯᠲᠤᠭᠠᠢ!
29. ᠮᠥᠩᠭᠥᠨ 
ᠴᠠᠰᠤ
ᠡᠭᠦᠯᠡᠰ ᠦ᠋ᠨ ᠰᠢᠪᠡᠨᠡᠭᠡ ᠳ᠋ᠦ᠍ ᠴᠢᠷᠠᠢ ᠵᠢᠮᠵᠢᠭᠢᠨᠡᠨᠡᠮ
ᠡᠷᠢᠭᠰᠡᠭᠡᠷ ᠡᠷᠢᠭᠰᠡᠭᠡᠷ ᠬᠠᠢᠷ᠎ᠠ ᠪᠠᠨ ᠣᠯᠬᠤ ᠨᠢ ᠡᠨᠡ
ᠡᠪᠦᠭᠡᠨ ᠠᠭᠤᠯᠠ ᠪᠦᠷᠦᠯᠵᠡᠨ ᠰᠦᠮᠡᠢᠨᠡᠮ
ᠥᠩᠭᠡᠷᠡᠭᠰᠡᠨ ᠦ᠌ ᠳᠤᠷᠠᠰᠤᠮᠵᠢ ᠳ᠋ᠠᠭᠠᠨ ᠰᠣᠭᠲᠣᠭᠤᠷᠠᠬᠤ ᠨᠢ ᠲᠡᠷᠡ 
ᠰᠣᠷᠮᠤᠤᠰᠤᠨ ᠤ᠋ ᠲᠣᠭ᠎ᠠ ᠪᠠᠷ ᠮᠢᠨᠢ ᠰᠠᠨᠰᠠᠷ ᠪᠥᠵᠢᠨᠡᠮ
ᠰᠠᠨᠠᠭ᠎ᠠ ᠮᠥᠷᠥᠭᠡᠳᠦᠯ ᠴᠢᠮ᠎ᠠ ᠳ᠋ᠠᠭᠠᠨ ᠲᠡᠮᠡᠦᠯᠬᠦ ᠨᠢ ᠡᠨᠡ
ᠵᠦᠩ ᠰᠤᠪᠢᠩ ᠵᠦᠭ ᠲᠡᠭᠡᠨ ᠰᠣᠯᠣᠩᠭᠠᠷᠠᠨᠠᠮ
ᠵᠡᠭᠦᠳᠦᠨ ᠦ᠌ ᠴᠢ ᠮᠢᠨᠢ ᠬᠡᠷᠡᠯᠳᠦᠭᠡᠳ ᠢᠷᠡᠬᠦ ᠨᠢ ᠲᠡᠷᠡ᠃
         (ᠷᠠᠰᠢᠨᠢᠮ᠎ᠠ)
30. ᠲᠤᠳᠤᠭᠡᠷᠡᠯ
ᠬᠥᠭᠡᠷᠦᠬᠦᠢ ᠠᠪᠤ ᠮᠢᠨᠢ
ᠨᠠᠢ᠍ᠮᠠᠨ ᠬᠠᠨ᠎ᠠ᠎ᠲᠠᠢ ᠮᠣᠩᠭᠣᠯ ᠭᠡᠷ᠎ᠲᠡᠭᠡᠨ
ᠨᠠᠮ᠎ᠠ᠎ᠶ᠋ᠢ᠎ᠪᠡᠨ ᠨᠠᠭᠠᠳᠤᠭᠤᠯᠵᠤ ᠥᠰᠬᠡᠭᠰᠡᠨ ᠠᠪᠤ ᠮᠢᠨᠢ᠃
31. ᠣᠳᠬᠠᠨᠰᠤᠸ᠎ᠠ
ᠰᠢᠷᠭ᠎ᠠ ᠮᠣᠷᠢᠨ ᠎ᠤ᠋ ᠬᠤᠷ ᠳᠡᠯ᠎ ᠢ᠋ ᠢᠯᠪᠢᠨ ᠵᠣᠭᠰᠣᠭᠰᠠᠨ
ᠰᠠᠨᠠᠵᠤ ᠬᠣᠢᠨ᠎ᠠ᠎ ᠠ᠋ᠴᠠ ᠨᠢ ᠬᠠᠷᠠᠭ᠎ᠠ ᠤᠤ ᠬᠥᠭᠡᠷᠦᠬᠦᠢ ᠠᠪᠤ ᠮᠢᠨᠢ!  
32. ᠳ· ᠣᠶᠤᠨᠴᠡᠴᠡᠭ 
ᠢᠨᠢᠶᠡᠮᠰᠦᠭᠯᠡᠯ ᠢ᠋ ᠵᠠᠷᠤᠵᠤ ᠦᠷᠡᠵᠦ ᠪᠣᠯᠳᠠᠭ ᠦᠭᠡᠢ
ᠢᠨᠢᠶᠡᠮᠰᠦᠭᠯᠡᠯ ᠢ᠋ ᠵᠢᠭᠡᠯᠡᠨ ᠬᠡᠷᠡᠭᠯᠡᠵᠦ ᠪᠣᠯᠳᠠᠭ ᠦᠭᠡᠢ
ᠢᠨᠢᠶᠡᠮᠰᠦᠭᠯᠡᠯ ᠢ᠋ ᠭᠤᠶᠤᠵᠤ ᠪᠣᠯᠳᠠᠭ ᠦᠭᠡᠢ
ᠬᠡᠷᠪᠡ ᠪᠤᠰᠤᠳ ᠲᠦ᠍ ᠢᠨᠢᠶᠡᠳᠦ ᠬᠥᠷ ᠪᠡᠯᠡᠭᠯᠡᠶ᠎ᠡ ᠭᠡᠪᠡᠯ ᠲᠡᠭᠦᠨ ᠢ᠋ ᠴᠢᠩ ᠰᠡᠳᠬᠢᠯ ᠡᠴᠡ ᠪᠡᠨ ᠥᠭᠬᠦ ᠬᠡᠷᠡᠭᠲᠡᠢ᠃
33. ᠰᠣᠨᠢᠨᠴᠡᠴᠡᠭ ᠂
ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
ᠬᠥᠮᠦᠨ ᠨᠤᠲᠤᠭ ᠬᠣᠶᠠᠷ ᠭᠡᠵᠦ ᠠᠮᠢᠨ ᠤ᠋ ᠬᠡᠯᠬᠢᠶ᠎ᠡ ᠲᠡᠢ ᠪᠠᠢᠳᠠᠭ᠃ ᠮᠣᠩᠭᠣᠯ ᠨᠤᠲᠤᠭ ᠲᠦ᠍ ᠳᠡᠯᠭᠡᠷᠡᠭᠰᠡᠨ ᠳᠠᠭᠤᠤ ᠨᠤᠭᠤᠳ ᠢ᠋ ᠰᠣᠨᠣᠰᠬᠤ ᠳᠣᠳᠣᠮ ᠳᠡᠭᠡᠳᠦᠰ ᠦ᠋ᠨ ᠨᠤᠲᠤᠭ ᠵᠡᠭᠦᠳᠦᠨ ᠳ᠋ᠦ᠍ ᠮᠢᠨᠢ ᠲᠣᠳᠣᠷᠠᠭᠠᠳ ᠪᠡᠶ᠎ᠡ ᠵᠠᠢᠳᠠᠭᠰᠠᠨ ᠴᠤ᠌ ᠰᠡᠳᠬᠢᠯ ᠵᠠᠢᠲᠠᠯ ᠦᠭᠡᠢ ᠶᠠᠪᠤᠨ᠎ᠠ᠃
— ᠯᠢ ᠮᠢᠩ
34. ᠲᠡᠮᠦᠷᠭᠤᠤᠯᠲᠥ 
ᠡᠷᠳᠡᠮ ᠮᠡᠳᠡᠯᠭᠡ ᠳ᠋ᠦ᠍ ᠰᠢᠮᠳᠠᠬᠤ ᠰᠠᠢᠬᠠᠨ᠂ 
ᠡᠨᠡᠬᠡᠨ ᠪᠡᠶ᠎ᠡ ᠳ᠋ᠦ᠍ ᠮᠣᠷᠠᠯ ᠰᠠᠢᠬᠠᠨ᠂ 
ᠡᠷᠢᠨ ᠵᠠᠭᠤᠨ ᠳ᠋ᠤ᠌ ᠴᠢᠳᠠᠪᠤᠷᠢ ᠰᠠᠢᠬᠠᠨ᠂ 
ᠡᠷᠭᠢᠬᠦ ᠬᠣᠷᠸ᠎ᠠ ᠳ᠋ᠤ᠌ ᠬᠦᠰᠡᠯ ᠰᠠᠢᠬᠠᠨ᠃
35. ᠨᠠ᠊᠂ ᠴᠠᠭᠠᠨ 
ᠠᠭᠲᠠ ᠠᠯᠳᠠᠪᠠᠯ ᠪᠠᠷᠢᠵᠤ ᠪᠣᠯᠤᠨ᠎ᠠ! 
ᠠᠮᠠ ᠠᠯᠳᠠᠪᠠᠯ ᠪᠠᠷᠢᠵᠤ ᠪᠣᠯᠬᠤ ᠦᠭᠡᠢ!
ᠠᠷᠪᠠ ᠯᠠᠩ ᠲᠠᠢ ᠶᠠᠪᠤᠬᠤ ᠠ᠋ᠴᠠ
ᠠᠷᠪᠠᠨ ᠠᠬ᠎ᠠ ᠳᠡᠭᠦᠦ ᠲᠡᠢ ᠶᠠᠪᠤ!
36. ᠭᠠᠸᠠ 
ᠰᠤᠷᠤᠭᠠᠳ ᠪᠠᠷᠠᠭᠳᠠᠰᠢ ᠦᠭᠡᠢ ᠡᠷᠳᠡᠮ ᠦ᠋ᠨ ᠳᠠᠯᠠᠢ 
ᠰᠤᠳᠤᠯᠤᠭᠠᠳ ᠪᠠᠷᠠᠭᠳᠠᠰᠢ ᠦᠭᠡᠢ ᠪᠣᠳᠠᠰ  ᠤ᠋ᠨ ᠳᠠᠯᠠᠢ᠃
(ᠣᠶᠤᠨ ᠪᠢᠴᠢᠭᠯᠡᠭᠦᠷ ᠦ᠋ᠨ ᠵᠦᠢᠷ ᠦᠭᠡ )
37. ᠰᠣᠨᠢᠨᠴᠡᠴᠡᠭ ᠂
ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
ᠡᠷᠳᠡᠮᠲᠡᠨ ᠪᠣᠯᠤᠶ᠎ᠠ ᠬᠡᠮᠡᠪᠡᠰᠦ ᠰᠤᠷᠬᠤ ᠬᠡᠷᠡᠭᠲᠡᠢ᠃
ᠡᠰᠡ ᠰᠤᠷᠤᠯᠴᠠᠪᠠᠰᠤ ᠥᠷᠭᠡᠨ ᠮᠡᠳᠡᠯᠭᠡ ᠶ᠋ᠢ ᠦᠯᠦ ᠣᠯᠤᠮᠤᠢ᠂ 
ᠡᠷᠡᠰ ᠵᠣᠷᠢᠭ ᠦᠭᠡᠢ ᠪᠣᠯᠪᠠᠰᠤ ᠡᠷᠳᠡᠮ ᠢ᠋ ᠰᠤᠷᠴᠤ ᠦᠯᠦ ᠴᠢᠳᠠᠮᠤᠢ᠃
— ᠵᠣ᠌ ᠭᠧ ᠯᠢᠶᠠᠩ( ᠭᠤᠷᠪᠠᠨ ᠤᠯᠤᠰ ᠤ᠋ᠨ ᠴᠡᠷᠢᠭ ᠦ᠋ᠨ ᠡᠷᠳᠡᠮᠲᠡᠨ)
38. ᠠᠵᠠᠵᠠᠶᠠᠭ᠎ᠠ
ᠠᠮᠢᠳᠤᠷᠠᠯ ᠤ᠋ᠨ ᠵᠠᠮ—
ᠵᠣᠪᠠᠵᠤ ᠣᠯᠳᠠᠭ ᠵᠢᠷᠭᠠᠯ
ᠪᠦᠳᠦᠷᠢᠵᠦ ᠣᠯᠳᠠᠭ ᠤᠬᠠᠭᠠᠷᠠᠯ
ᠵᠢᠳᠬᠦᠵᠦ ᠶᠠᠪᠤᠭᠰᠠᠨ ᠡᠳᠦᠷ ᠦ᠋ᠨ ᠲᠣᠭ᠎ᠠ ᠪᠠᠷ ᠠᠮᠵᠢᠯᠲᠠ ᠪᠠᠨ ᠬᠤᠷᠤᠢᠯᠠᠶ᠎ᠠ!
ᠵᠥᠪ ᠶᠠᠪᠤᠭᠰᠠᠨ ᠦᠨᠡᠨ ᠦ᠌ ᠮᠥᠷ ᠢ᠋ᠶ᠋ᠡᠷ ᠵᠢᠷᠭᠠᠯ ᠢ᠋ᠶ᠋ᠠᠨ ᠬᠤᠷᠤᠢᠯᠠᠶ᠎ᠠ!
39. ᠦᠵᠢᠶᠡᠳ ᠡᠷᠳᠡᠨᠢᠴᠡᠴᠡᠭ
ᠠᠪᠤ ᠶ᠋ᠢᠨ ᠢ᠋ᠶ᠋ᠡᠨ ᠨᠡᠷ᠎ᠡ ᠪᠡᠷ ᠳᠠᠭᠤᠳᠠᠳᠠᠭ ᠦᠭᠡᠢ
ᠠᠵᠢᠷᠭᠠᠨ ᠤ᠋ ᠳᠡᠯ ᠢ᠋ ᠬᠢᠷᠭᠠᠳᠠᠭ ᠦᠭᠡᠢ
ᠠᠭᠲᠠᠯᠠᠭᠰᠠᠨ ᠦᠷᠢᠶ᠎ᠡ ᠪᠡᠨ ᠤᠨᠤᠳᠠᠭ ᠦᠭᠡᠢ
ᠠᠩ ᠠᠩᠨᠠᠬᠤ ᠳ᠋ᠤ᠌ ᠦᠨᠳᠦᠰᠦ ᠶ᠋ᠢ ᠨᠢ ᠲᠠᠰᠤᠯᠳᠠᠭ ᠦᠭᠡᠢ
ᠠᠮᠢᠲᠠᠨ ᠤ᠋ ᠲᠦᠷᠦᠭᠦᠦ ᠶ᠋ᠢ ᠨᠢ ᠠᠩᠨᠠᠳᠠᠭ ᠦᠭᠡᠢ
ᠡᠪ ᠦ᠋ᠨ ᠣᠯᠵᠠ ᠶ᠋ᠢ ᠭᠠᠭᠴᠠᠭᠠᠷ ᠡᠵᠡᠯᠡᠳᠡᠭ ᠦᠭᠡᠢ
40. ᠰᠢᠨ ᠴᠦᠨ
ᠮᠣᠩᠭᠣᠯ ᠰᠣᠶᠣᠯ
ᠮᠣᠩᠭᠣᠯ ᠬᠡᠯᠡ ᠮᠢᠨᠢ
ᠮᠥᠩᠬᠡ ᠣᠷᠣᠰᠢᠬᠤ ᠪᠣᠯᠲᠤᠭᠠᠢ
41. ᠠᠵᠠᠵᠠᠶᠠᠭ᠎ᠠ
ᠡᠬᠡ ᠬᠡᠯᠡ ᠪᠡᠨ ᠰᠠᠬᠢᠨ ᠬᠠᠮᠠᠭᠠᠯᠠᠬᠤ ᠪᠣᠯ ᠪᠢᠳᠡᠨ ᠦ᠌ ᠡᠭᠦᠷᠭᠡ ᠬᠠᠷᠢᠭᠤᠴᠠᠯᠭ᠎ᠠ᠃
42. ᠮᠣᠩᠭᠣᠯ ᠰᠦᠨᠡᠰᠦ ᠄ 
ᠦᠭᠡ ᠪᠡᠨ ᠬᠡᠯᠡᠵᠦ᠂ ᠦᠰᠦᠭ ᠢ᠋ᠶ᠋ᠡᠨ ᠵᠢᠷᠤᠵᠤ ᠪᠢᠴᠢᠵᠦ ᠪᠠᠢᠨ᠎ᠠ ᠭᠡᠳᠡᠭ ᠪᠣᠯ ᠳᠠᠷᠤᠢ ᠨᠢᠭᠡ ᠶᠣᠰᠣᠨ ᠳ᠋ᠠᠭᠠᠨ ᠬᠠᠮᠠᠭᠠᠯᠠᠵᠤ ᠬᠥᠭᠵᠢᠭᠦᠯᠬᠦ ᠶ᠋ᠢᠨ ᠦᠢᠯᠡ ᠠᠵᠢᠯᠯᠠᠭ᠎ᠠ ᠪᠣᠯᠤᠨ᠎ᠠ᠃ ᠲᠡᠢᠮᠦ ᠡᠴᠡ ᠮᠣᠩᠭᠣᠯ ᠬᠥᠮᠦᠨ ᠪᠣᠯᠤᠭᠰᠠᠨ ᠤ᠋ ᠬᠤᠪᠢ ᠳ᠋ᠤ᠌᠂ ᠬᠠᠮᠤᠭ ᠨᠠᠭᠠᠳᠤ ᠵᠠᠬ᠎ᠠ ᠳ᠋ᠤ᠌ ᠪᠠᠨ ᠮᠣᠩᠭᠣᠯ ᠢ᠋ᠶ᠋ᠠᠷ ᠢ᠋ᠶ᠋ᠠᠨ ᠬᠡᠯᠡᠵᠦ᠂ ᠪᠣᠰᠤᠭ᠎ᠠ ᠦᠰᠦᠭ ᠢ᠋ᠶ᠋ᠡᠨ ᠪᠢᠴᠢᠵᠦ ᠪᠠᠢᠶ᠎ᠠ!
43. ᠰᠡᠴᠡᠨᠪᠠᠭᠠᠳᠤᠷ
ᠡᠳᠦᠷ ᠪᠣᠯᠭᠠᠨ ᠬᠣᠶᠠᠷ ᠰᠣᠷᠢᠯᠲᠠ ᠶ᠋ᠢ
ᠪᠢᠴᠢᠵᠦ ᠶᠠᠪᠤᠶ᠎ᠠ
44. ᠠᠵᠠᠵᠠᠶᠠᠭ᠎ᠠАззаяа
ᠵᠠᠩ ᠢ᠋ᠶ᠋ᠠᠨ ᠠᠯᠳᠠᠪᠠᠯ ᠳᠣᠷᠣᠢᠲᠠᠨ᠎ᠠ
ᠵᠠᠮ ᠢ᠋ᠶ᠋ᠠᠨ ᠠᠯᠳᠠᠪᠠᠯ ᠲᠥᠭᠡᠷᠢᠨ᠎ᠡ45. ᠨᠠ᠊᠂ ᠴᠠᠭᠠᠨ 
ᠮᠥᠩᠬᠡ ᠳᠠᠢᠴᠢᠨ ᠲᠡᠦᠬᠡ ᠳ᠋ᠦ᠍ ᠪᠡᠨ 
ᠴᠢᠰᠤᠨ ᠲᠠᠩᠭᠠᠷᠢᠭ ᠲᠠᠢ ᠮᠣᠩᠭᠣᠯ
ᠡᠩᠬᠡ ᠳᠠᠷᠬᠠᠨ ᠤᠭᠰᠠᠭ᠎ᠠ ᠳ᠋ᠤ᠌ ᠪᠠᠨ
ᠶᠠᠰᠤᠨ ᠪᠢᠴᠢᠭ ᠲᠡᠢ ᠮᠣᠩᠭᠣᠯ!
ᠵᠣᠬᠢᠶᠠᠭᠴᠢ᠄ ᠪᠤ· ᠳᠠᠯᠠᠨᠲᠠᠢ᠂《ᠰᠢᠯᠦᠭ ᠲᠡᠭᠦᠰᠪᠡ》
46. ᠨᠠᠷᠠᠨᠠᠭᠠᠰᠢ 
ᠮᠥᠩᠬᠡ ᠳᠠᠢᠴᠢᠨ ᠲᠡᠦᠬᠡ ᠳ᠋ᠦ᠍ ᠪᠡᠨ
ᠴᠢᠰᠤᠨ ᠲᠠᠩᠭᠠᠷᠢᠭ ᠲᠠᠢ ᠮᠣᠩᠭᠣᠯ
ᠡᠩᠬᠡ ᠳᠠᠷᠬᠠᠨ ᠤᠭᠰᠠᠭ᠎ᠠ ᠳ᠋ᠤ᠌ ᠪᠠᠨ
ᠶᠠᠰᠤᠨ ᠪᠢᠴᠢᠭ ᠲᠡᠢ ᠮᠣᠩᠭᠣᠯ!
ᠵᠣᠬᠢᠶᠠᠭᠴᠢ᠄ ᠪᠤ· ᠳᠠᠯᠠᠨᠲᠠᠢ᠂《ᠲᠤᠰ ᠰᠢᠯᠦᠭ ᠲᠡᠭᠦᠰᠪᠡ》
47.  ᠰᠦᠬᠡ 
ᠮᠥᠩᠬᠡ ᠳᠠᠢᠴᠢᠨ ᠲᠡᠦᠬᠡ ᠳ᠋ᠦ᠍ ᠪᠡᠨ
ᠴᠢᠰᠤᠨ ᠲᠠᠩᠭᠠᠷᠢᠭ ᠲᠠᠢ ᠮᠣᠩᠭᠣᠯ 
ᠡᠩᠬᠡ ᠳᠠᠷᠬᠠᠨ ᠤᠭᠰᠠᠭ᠎ᠠ ᠳ᠋ᠤ᠌ ᠪᠠᠨ
ᠶᠠᠰᠤᠨ ᠪᠢᠴᠢᠭ ᠲᠡᠢ ᠮᠣᠩᠭᠣᠯ ᠃
ᠵᠣᠬᠢᠶᠠᠭᠴᠢ: ᠪᠤ᠂ ᠳᠠᠯᠠᠨᠲᠠᠢ᠄《ᠰᠢᠯᠦᠭ ᠲᠡᠭᠦᠰᠪᠡ 》
48. ᠨᠠᠷᠠᠨᠲᠣᠭᠣᠰ 
ᠮᠥᠩᠬᠡ ᠳᠠᠢᠴᠢᠨ ᠲᠡᠦᠬᠡ ᠳ᠋ᠦ᠍ ᠪᠡᠨ ᠴᠢᠰᠤᠨ ᠲᠠᠩᠭᠠᠷᠢᠭ ᠲᠠᠢ ᠮᠣᠩᠭᠣᠯ᠂
ᠡᠩᠬᠡ ᠳᠠᠷᠬᠠᠨ ᠤᠭᠰᠤᠭ᠎ᠠ ᠳ᠋ᠤ᠌ ᠪᠠᠨ ᠶᠠᠰᠤᠨ ᠪᠢᠴᠢᠭ ᠲᠡᠢ ᠮᠣᠩᠭᠣᠯ᠃
《ᠰᠢᠯᠦᠭ ᠲᠡᠭᠦᠰᠪᠡ》
ᠰᠦᠨ ᠰᠠᠴᠤᠯᠢ ᠠ᠂ ᠬᠡ ᠬᠣᠯᠪᠣᠭᠠᠨ ᠤ᠋ ᠨᠠᠢᠵᠠ ᠨᠠᠷ ᠠ᠋ᠴᠠ  2025.10.21