ᠠᠯᠲᠠᠨ ᠤᠲᠠᠰᠤ ᠡᠪᠡᠰᠦAltan utas övsАлтан утас өвс
ᠠᠯᠲᠠᠨ ᠤᠲᠠᠰᠤ ᠡᠪᠡᠰᠦ
ᠲᠤᠰ ᠡᠮ ᠪᠣᠯ ᠨᠠᠷᠠᠰᠤᠨ ᠬᠠᠭ ᠤ᠋ᠨ ᠢᠵᠠᠭᠤᠷ ᠤ᠋ᠨ ᠤᠷᠭᠤᠮᠠᠯ ᠪᠣᠯᠬᠤ ᠤᠷᠲᠤᠯᠢᠭ ᠨᠠᠷᠠᠰᠤᠨ ᠬᠠᠭ ᠤ᠋ᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠰᠧᠷᠫᠤᠳ ᠭᠡᠳᠡᠭ᠃
[ ᠤᠤᠯ ᠤᠷᠭᠤᠮᠠᠯ] ᠳᠠᠭᠠᠯᠳᠤᠵᠤ ᠤᠷᠭᠤᠬᠤ ᠤᠷᠭᠤᠮᠠᠯ᠃ ᠤᠷᠭᠤᠮᠠᠯ ᠨᠢ 4cm, ᠬᠠᠮᠤᠭ ᠤᠷᠲᠤ ᠳ᠋ᠠᠭᠠᠨ 1m ᠬᠦᠷᠳᠡᠭ᠃ ᠥᠲᠡᠯᠦᠭᠰᠡᠨ ᠬᠠᠷᠭᠠᠢ ᠶ᠋ᠢᠨ ᠮᠥᠴᠢᠷ ᠰᠠᠯᠠᠭ᠎ᠠ ᠳᠡᠭᠡᠷ᠎ᠡ ᠳᠠᠭᠠᠯᠳᠤᠵᠤ ᠤᠷᠭᠤᠳᠠᠭ᠃ ᠥᠳᠥᠯᠢᠭ ᠰᠠᠯᠠᠭ᠎ᠠ ᠪᠦᠬᠦᠢ ᠰᠢᠷᠬᠡᠭᠯᠢᠭ ᠪᠡᠶᠡᠲᠦ ᠪᠣᠯᠤᠨ᠎ᠠ᠂ ᠬᠥᠨᠳᠡᠯᠡᠨ ᠣᠨᠢ ᠦᠭᠡᠢ᠃ ᠢᠬᠴᠤ ᠵᠢᠵᠢᠭ ᠮᠥᠷᠲᠡᠭᠡᠨ ᠣᠬᠣᠷ ᠬᠠᠵᠠᠭᠤ ᠰᠠᠯᠠᠭ᠎ᠠ ᠲᠠᠢ᠂ ᠪᠠᠷᠤᠭ 1cm ᠣᠷᠴᠢᠮ ᠤᠷᠲᠤ᠂ ᠪᠦᠬᠦ ᠪᠡᠶ᠎ᠡ ᠨᠢ ᠴᠠᠢᠪᠤᠷ ᠨᠣᠭᠣᠭᠠᠨ ᠥᠩᠭᠡ ᠲᠡᠢ᠃ ᠬᠠᠯᠢᠰᠤᠨ ᠬᠡᠰᠡᠭ ᠨᠢ ᠠᠷᠵᠠᠭᠠᠷ ᠰᠤᠯᠠᠪᠲᠤᠷ᠂ ᠲᠡᠩᠭᠡᠯᠢᠭ ᠦ᠋ᠨ ᠬᠡᠰᠡᠭ ᠨᠢ ᠪᠡᠬᠢᠯᠢᠭ ᠨᠢᠭᠲᠠ᠃ ᠦᠷ᠎ᠡ ᠶ᠋ᠢᠨ ᠡᠳ᠋ ᠴᠥᠭᠡᠨ᠂ ᠫᠢᠯᠠ ᠬᠡᠯᠪᠡᠷᠢ ᠲᠡᠢ᠂ ᠮᠥᠴᠢᠷ ᠦ᠋ᠨ ᠦᠵᠦᠭᠦᠷ ᠲᠦ᠍ ᠤᠷᠭᠤᠳᠠᠭ᠃
[ ᠤᠷᠭᠤᠬᠤ ᠣᠷᠴᠢᠨ ᠬᠢᠭᠡᠳ ᠲᠠᠷᠬᠠᠴᠠ] ᠰᠡᠭᠦᠳᠡᠷ ᠴᠢᠭᠢᠭᠯᠢᠭ᠂ ᠥᠲᠡᠯᠦᠭᠰᠡᠨ ᠮᠥᠴᠢᠷ ᠳᠡᠭᠡᠷ᠎ᠡ ᠶᠡᠬᠡ ᠬᠢᠩᠭᠠᠨ ᠳᠠᠪᠠᠭᠠᠨ ᠳ᠋ᠤ᠌ ᠤᠷᠭᠤᠨ᠎ᠠ᠃ ᠬᠠᠷᠭᠠᠢ ᠶ᠋ᠢᠨ ᠣᠢ ᠶ᠋ᠢᠨ ᠭᠦᠨ ᠳ᠋ᠦ᠍ ᠣᠯᠠᠨ ᠭᠠᠷᠳᠠᠭ᠃
[ ᠲᠡᠭᠦᠵᠦ ᠪᠣᠯᠪᠠᠰᠤᠷᠠᠭᠤᠯᠬᠤ] ᠳᠥᠷᠪᠡᠨ ᠤᠯᠠᠷᠢᠯ ᠳ᠋ᠤ᠌ ᠴᠥᠮ ᠲᠡᠭᠦᠵᠦ ᠪᠣᠯᠤᠨ᠎ᠠ᠂ ᠲᠡᠭᠦᠵᠦ ᠠᠪᠤᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ; ᠰᠡᠷᠢᠭᠦᠨ ᠴᠢᠨᠠᠷ ᠲᠠᠢ; ᠮᠣᠬᠣᠳᠠᠭ ᠡᠶᠡᠯᠳᠡᠭ᠂ ᠵᠥᠭᠡᠯᠡᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠠᠭᠤᠰᠬᠢᠨ ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ ᠴᠢᠳᠠᠯ ᠲᠠᠢ᠃ ᠭᠣᠣᠯᠳᠠᠭᠤ ᠠᠭᠤᠰᠬᠢᠨ ᠬᠠᠯᠠᠭᠤᠨ᠂ ᠠᠭᠤᠰᠬᠢ ᠦᠭᠡᠷᠢᠯᠡᠭᠰᠡᠨ᠂ ᠠᠭᠤᠰᠬᠢᠨ ᠠᠷᠬᠠᠭ᠂᠂ ᠡᠯᠢᠭᠡᠨ ᠬᠠᠯᠠᠭᠤᠨ᠂ ᠰᠤᠳᠠᠯ ᠤ᠋ᠨ ᠬᠠᠯᠠᠭᠤᠨ᠂ ᠭᠡᠳᠡᠰᠦᠨ ᠬᠠᠳᠬᠤᠯᠭ᠎ᠠ᠂ ᠬᠣᠣᠷ ᠤ᠋ᠨ ᠬᠠᠯᠠᠭᠤᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄松萝
ᠠᠩᠭ᠌ᠯᠢ ᠨᠡᠷ᠎ᠡ᠄
Usnea lonngissima (L.) Ach.
ᠦᠰᠦᠭ ᠠᠮᠢᠯᠠᠭᠤᠯᠤᠭᠴᠢ᠄ ᠡᠷᠳᠡᠨᠢᠭᠣᠸ᠎ᠠ
ᠬᠢᠨᠠᠭᠴᠢ᠄ ᠤᠷᠠᠨᠴᠢᠮᠡᠭ
