ᠲᠡᠮᠦᠵᠢᠨ – ᠭᠠᠯᠲᠤ ᠴᠢᠨᠣ᠎ᠠ - ᠴᠢᠩᠭᠢᠰ ᠬᠠᠭᠠᠨ ᠊ᠤ᠌ ᠨᠢᠭᠤᠴᠠ ᠲᠡᠦᠬᠡ 31 Тэмүүжин – Галт чоно - Чингис хаан оо нууц түүх 31
ᠲᠡᠮᠦᠵᠢᠨ –
ᠭᠠᠯᠲᠤ ᠴᠢᠨᠣ᠎ᠠ
| ᠬᠠᠭᠠᠨᠲᠠᠨ᠂ ᠶᠠᠭᠤ ᠪᠣᠯᠪᠠ? ᠰᠥᠨᠢ ᠳᠤᠮᠳᠠ ᠭᠡᠨᠡᠳᠲᠡ ᠳᠠᠭᠤᠳᠠᠬᠤ ᠪᠠᠷ ᠨᠢ ᠪᠦᠷ ᠰᠡᠳᠬᠢᠯ ᠲᠦᠭᠰᠢᠵᠦ ᠮᠠᠭᠤ ᠰᠣᠪᠢᠩ ᠲᠠᠲᠠᠭᠠᠳ ᠃ ᠰᠡᠭᠦᠯ ᠦ᠋ᠨ ᠦᠶ᠎ᠡ ᠳ᠋ᠦ᠍ ᠪᠢ ᠶᠡᠷᠦ ᠢᠩᠭᠢᠵᠦ ᠰᠣᠴᠢᠨ ᠰᠠᠨᠳᠤᠷᠴᠤ ᠦᠵᠡᠭᠰᠡᠨ ᠦᠭᠡᠢ᠃ ᠪᠦᠷ ᠠᠶᠤᠬᠤ ᠴᠤ᠌ ᠰᠢᠭ᠋ ᠭᠡᠮᠡᠨ ᠳᠠᠭᠤ ᠠᠯᠳᠠᠵᠠᠢ᠃ ᠨᠡᠭᠡᠷᠡᠨ ᠴᠦ᠍ ᠪᠤᠭᠤᠷᠴᠢ ᠶ᠋ᠢ ᠡᠨᠡ ᠤᠳᠠᠭ᠎ᠠ ᠶ᠋ᠢᠨ ᠬᠢ ᠰᠢᠭ ᠢᠩᠭᠢᠵᠦ ᠲᠦᠷᠦᠭᠦᠯᠡᠨ ᠳᠠᠭᠤ ᠠᠯᠳᠠᠵᠤ ᠣᠯᠠᠨ ᠦᠭᠡ ᠬᠡᠯᠡᠬᠦ ᠶ᠋ᠢ ᠴᠢᠩᠭᠢᠰ ᠬᠠᠭᠠᠨ ᠦᠵᠡᠭᠡ ᠦᠭᠡᠢ ᠲᠤᠯᠠ ᠪᠠᠰᠠ ᠭᠠᠢᠬᠠᠵᠠᠢ᠃ ᠬᠠᠷᠢᠨ ᠬᠠᠴᠢᠷᠬᠠᠯᠲᠠᠢ ᠨᠢ ᠥᠨᠥ ᠳᠠᠪ ᠲᠡᠭᠷᠢ ᠶ᠋ᠢᠨ ᠴᠢᠨᠣ᠎ᠠ ᠮᠡᠲᠦ ᠣᠯᠢᠬᠤ ᠨᠢ ᠪᠤᠭᠤᠷᠴᠢ ᠶ᠋ᠢ ᠢᠷᠡᠮᠡᠭᠴᠡ ᠣᠭᠲᠣ ᠰᠣᠨᠣᠰᠤᠭᠳᠠᠬᠤ ᠦᠭᠡᠢ ᠪᠣᠯᠪᠠ᠃
| ᠪᠤᠭᠤᠷᠴᠢ ᠴᠢ ᠶᠡᠷᠦ ᠨᠢ ᠠᠶᠤᠳᠠᠭ ᠭᠡᠵᠦ ᠤᠤ? ᠭᠡᠵᠦ ᠴᠢᠩᠭᠢᠰ ᠬᠠᠭᠠᠨ ᠢᠨᠢᠶᠡᠮᠰᠦᠭᠯᠡᠨ ᠠᠰᠠᠭᠤᠭᠠᠳ ᠦᠷᠭᠦᠭᠡᠨ ᠳ᠋ᠡᠭᠡᠨ ᠣᠷᠣᠵᠠᠢ᠃ ᠪᠤᠭᠤᠷᠴᠢ ᠴᠤ᠌ ᠬᠣᠢᠨ᠎ᠠ ᠠ᠋ᠴᠠ ᠨᠢ ᠣᠷᠣᠵᠤ ᠲᠡᠳᠡ ᠰᠠᠭᠤᠵᠠᠭᠠᠪᠠ᠃ ᠴᠢᠩᠭᠢᠰ ᠬᠠᠭᠠᠨ ᠳᠠᠬᠢᠨ ᠳᠤᠤᠭᠠᠷᠬᠤ ᠦᠭᠡᠢ ᠪᠠᠢᠬᠤ ᠪᠠᠷ ᠪᠤᠭᠤᠷᠴᠢ
| ᠲᠠ ᠮᠢᠨᠦ ᠵᠢᠷᠦᠬᠡ ᠵᠣᠷᠢᠭ ᠢ᠋ ᠠᠰᠠᠭᠤᠬᠤ ᠭᠡᠵᠦ ᠡᠨᠡ ᠰᠥᠨᠢ ᠳᠤᠮᠳᠠ ᠳᠠᠭᠤᠳᠠᠪᠠ ᠤᠤ? ᠪᠢ ᠲᠠᠨ ᠤ᠋ ᠶᠠᠮᠠᠷ ᠴᠤ᠌ ᠵᠠᠷᠯᠢᠭ ᠢ᠋ ᠭᠦᠢᠴᠡᠯᠳᠦᠭᠦᠯᠬᠦ ᠳ᠋ᠡᠭᠡᠨ ᠠᠶᠤᠵᠤ ᠰᠠᠨᠳᠤᠷᠴᠤ ᠶᠠᠪᠤᠭᠰᠠᠨ ᠦᠭᠡᠢ ᠶ᠋ᠢ ᠲᠠ ᠮᠡᠳᠡᠨ᠎ᠡ᠃ ᠶᠠᠭᠤᠨ ᠤ᠋ ᠤᠴᠢᠷ ᠢᠩᠭᠢᠵᠦ ᠰᠥᠨᠢ ᠳᠤᠮᠳᠠ ᠳᠠᠭᠤᠳᠠᠭᠰᠠᠨ ᠢ᠋ᠶ᠋ᠠᠨ ᠬᠡᠯᠡᠭᠡᠴᠢ ᠭᠡᠮᠡᠨ ᠪᠣᠯᠭᠣᠮᠵᠢᠲᠠᠢᠬᠠᠨ ᠠᠰᠠᠭᠤᠵᠠᠢ᠃ ᠤᠴᠢᠷ ᠨᠢ ᠪᠤᠭᠤᠷᠴᠢ ᠳ᠋ᠤ᠌ ᠨᠢᠭᠡ ᠯᠡ ᠶᠣᠣᠵᠠ ᠦᠭᠡᠢ ᠮᠠᠭᠤ ᠰᠣᠪᠢᠩ ᠲᠠᠲᠠᠭᠠᠳ ᠪᠠᠢᠯ᠎ᠠ᠃
ᠣᠭᠲᠣ ᠰᠠᠨᠠᠭᠠᠨ ᠳ᠋ᠤ᠌ ᠦᠭᠡᠢ ᠪᠠᠢᠲᠠᠯ᠎ᠠ ᠴᠢᠩᠭᠢᠰ ᠬᠠᠭᠠᠨ ᠡᠴᠦᠰ ᠦ᠋ᠨ ᠭᠡᠷᠢᠶᠡᠰ ᠮᠡᠲᠦ ᠦᠭᠡ ᠶ᠋ᠢ ᠬᠥᠪᠡᠭᠦᠳ᠂ ᠠᠴᠢ ᠨᠠᠷ ᠲᠠᠭᠠᠨ ᠬᠡᠯᠡᠭᠰᠡᠨ ᠦ᠌ ᠳᠡᠭᠡᠷ᠎ᠡ ᠪᠠᠯᠴᠢᠷ ᠠᠷᠢᠬᠪᠥ᠋ᠬᠡ ᠶ᠋ᠢᠨ ᠬᠠᠰᠬᠢᠷᠤᠭᠰᠠᠨ ᠨᠢ ᠪᠦᠭᠦᠳᠡ ᠶ᠋ᠢ ᠰᠠᠨᠳᠤᠷᠤᠯ ᠳ᠋ᠤ᠌ ᠣᠷᠣᠭᠤᠯᠵᠠᠢ᠃ ᠴᠢᠩᠭᠢᠰ ᠬᠠᠭᠠᠨ ᠥᠪᠡᠷ ᠦ᠋ᠨ ᠦᠬᠦᠯ ᠢ᠋ ᠨᠢᠭᠡᠨᠲᠡ ᠮᠡᠳᠡᠵᠦ ᠪᠣᠢ ᠶ᠋ᠢ ᠪᠦᠭᠦᠳᠡᠭᠡᠷ ᠬᠦᠯᠢᠶᠡᠨ ᠵᠥᠪᠰᠢᠶᠡᠷᠡᠭᠰᠡᠨ ᠪᠢᠯᠡ᠃ ᠲᠡᠭᠡᠭᠡᠳ ᠴᠢᠩᠭᠢᠰ ᠬᠠᠭᠠᠨ ᠲᠡᠭᠷᠢ ᠳ᠋ᠦ᠍ ᠬᠠᠯᠢᠬᠤ ᠠᠪᠠᠰᠤ ᠶᠠᠭᠠᠬᠢᠬᠤ᠂ ᠶᠠᠭᠤ ᠬᠢᠬᠦ ᠶᠣᠰᠣᠲᠠᠢ ᠶ᠋ᠢ ᠤᠷᠢᠳᠴᠢᠯᠠᠨ ᠪᠡᠯᠡᠳᠬᠡᠬᠦ ᠶ᠋ᠢ ᠥᠭᠡᠳᠡᠢ ᠰᠢᠭᠢᠬᠤᠲᠤᠭ ᠬᠣᠶᠠᠷ ᠲᠤ᠌ ᠳᠠᠭᠠᠭᠠᠯᠭᠠᠵᠠᠢ᠃ ᠢᠩᠭᠢᠵᠦ ᠬᠥᠪᠡᠭᠦᠳ᠂ ᠰᠢᠳᠠᠷ ᠤ᠋ᠳ ᠨᠢ ᠲᠡᠭᠦᠨ ᠤ ᠦᠬᠦᠯ ᠳ᠋ᠦ᠍ ᠪᠡᠯᠡᠳᠴᠦ ᠡᠬᠢᠯᠡᠭᠰᠡᠨ ᠢ᠋ ᠴᠢᠩᠭᠢᠰ ᠬᠠᠭᠠᠨ ᠭᠠᠳᠠᠷᠯᠠᠭᠰᠠᠨ ᠦᠭᠡᠢ᠃
| ᠪᠤᠭᠤᠷᠴᠢ᠂ ᠪᠢ ᠴᠢᠮᠠᠶ᠋ᠢ ᠨᠤᠲᠤᠭ ᠲᠠᠭᠠᠨ ᠪᠤᠴᠠᠬᠤ ᠶ᠋ᠢ ᠲᠤᠰᠢᠶᠠᠵᠤ ᠪᠠᠢᠨ᠎ᠠ᠃ ᠪᠦᠷ ᠪᠤᠷᠬᠠᠨ ᠬᠠᠯᠳᠤᠨ ᠠᠭᠤᠯᠠᠨ ᠳ᠋ᠤ᠌ ᠣᠴᠢ ᠭᠡᠵᠦ ᠴᠢᠩᠭᠢᠰ ᠬᠠᠭᠠᠨ ᠶᠠᠮᠠᠷ ᠴᠤ᠌ ᠣᠷᠣᠰᠢᠯ ᠲᠠᠢᠯᠪᠤᠷᠢ ᠦᠭᠡᠢ ᠰᠢᠭᠤᠳ ᠬᠡᠯᠡᠭᠰᠡᠨ ᠳ᠋ᠦ᠍ ᠪᠤᠭᠤᠷᠴᠢ ᠡᠬᠢᠯᠡᠭᠡᠳ ᠪᠤᠷᠤᠭᠤ ᠰᠣᠨᠣᠰᠪᠠ ᠭᠡᠵᠦ ᠪᠣᠳᠣᠭᠰᠠᠨ ᠢ᠋ᠶ᠋ᠠᠨ ᠰᠡᠭᠦᠯ ᠳ᠋ᠦ᠍ᠨᠢ ᠴᠢᠩᠭᠢᠰ ᠬᠠᠭᠠᠨ ᠤ᠋ ᠤᠬᠠᠭᠠᠨ ᠰᠠᠮᠠᠭᠤᠷᠠᠪᠠ ᠭᠡᠵᠦ ᠰᠠᠨᠠᠵᠠᠢ᠃
ᠭᠡᠲᠡᠯ᠎ᠡ ᠴᠢᠩᠭᠢᠰ ᠬᠠᠭᠠᠨ ᠡᠮᠦᠨᠡᠬᠢ ᠪᠡᠨ ᠳᠠᠬᠢᠨ ᠳᠠᠪᠲᠠᠭᠠᠳ ᠡᠯᠳᠡᠪ ᠲᠠᠢᠯᠪᠤᠷᠢ ᠬᠡᠯᠡᠭᠰᠡᠨ ᠦᠭᠡᠢ ᠲᠤᠯᠠ
| ᠨᠤᠲᠤᠭ ᠲᠠᠭᠠᠨ ᠪᠤᠴᠠ ᠭᠡᠪᠡ ᠤᠤ? ᠲᠠ᠃ ᠶᠠᠭᠠᠬᠢᠬᠤ ᠭᠡᠵᠦ ᠲᠡᠷᠡ ᠪᠢᠯᠡ? ᠶᠡᠬᠡ ᠴᠡᠷᠢᠭ ᠬᠡᠳᠦᠬᠡᠨ ᠬᠣᠨᠣᠭ ᠤ᠋ᠨ ᠳᠠᠷᠠᠭ᠎ᠠ ᠠᠯᠲᠠᠨ ᠤᠯᠤᠰ ᠤ᠋ᠨ ᠲᠦᠷᠢᠮᠡᠬᠡᠢ ᠪᠠᠯᠭᠠᠰᠤ ᠶ᠋ᠢ ᠳᠠᠢᠯᠠᠨ᠎ᠠ᠃ ᠡᠢᠮᠦ ᠬᠡᠷᠡᠭ ᠡᠴᠡ ᠨᠠᠮᠠᠶ᠋ᠢ ᠵᠠᠢᠯᠠᠭᠤᠯᠵᠤ ᠭᠡᠷ ᠲᠦ᠍ ᠮᠢᠨᠢ ᠪᠤᠴᠠᠭᠠᠬᠤ ᠶᠠᠮᠠᠷ ᠬᠡᠷᠡᠭ ᠪᠣᠯᠪᠠ? ᠪᠢ ᠶᠠᠮᠠᠷ ᠭᠡᠮ ᠶᠠᠯ᠎ᠠ ᠳ᠋ᠤ᠌ ᠤᠨᠠᠪᠠ? ᠬᠠᠭᠠᠨ ᠲᠠ ᠨᠠᠮᠠᠶ᠋ᠢ ᠬᠥᠭᠰᠢᠨ ᠭᠡᠵᠦ᠂ ᠬᠣᠶᠠᠷ ᠭᠠᠷ ᠮᠢᠨᠢ ᠢᠯᠳᠦ ᠪᠡᠨ ᠡᠷᠭᠦᠵᠦ ᠳᠠᠭᠠᠭᠠᠬᠤ ᠦᠭᠡᠢ ᠪᠣᠯᠤᠯ᠎ᠠ ᠭᠡᠵᠦ ᠪᠣᠳᠣᠨ ᠭᠣᠯᠣᠪᠠ ᠤᠤ? ᠡᠰᠡᠪᠡᠯ ᠵᠠᠯᠮ᠎ᠠ ᠶ᠋ᠢᠨ ᠠᠳᠠᠯᠢ ᠰᠠᠨᠠᠭᠰᠠᠨ ᠢ᠋ᠶ᠋ᠠᠷ ᠢ᠋ᠶ᠋ᠠᠨ ᠦᠬᠦᠵᠦ ᠴᠢᠳᠠᠬᠤ ᠦᠭᠡᠢ ᠭᠡᠵᠦ ᠰᠤᠨᠵᠢᠪᠠ ᠤᠤ? ᠪᠢ ᠬᠠᠭᠠᠨ ᠲᠠᠨ ᠤ᠋ ᠬᠡᠰᠢᠭᠲᠡᠨ ᠴᠡᠷᠢᠭ ᠦ᠋ᠨ ᠨᠣᠶᠠᠨ᠃ ᠰᠢᠳᠠᠷ ᠰᠠᠢᠳ᠃ ᠶᠡᠬᠡ ᠡᠵᠡᠨ ᠴᠢᠩᠭᠢᠰ ᠬᠠᠭᠠᠨ ᠤ᠋ ᠠᠮᠢ ᠨᠠᠰᠤ ᠶ᠋ᠢ ᠳᠠᠭᠠᠭᠠᠭᠰᠠᠨ ᠬᠥᠮᠦᠨ᠃ ᠭᠡᠲᠡᠯ᠎ᠡ ᠡᠢᠮᠦ ᠦᠶ᠎ᠡ ᠳ᠋ᠦ᠍ ᠲᠠᠨ ᠢ᠋ ᠣᠷᠬᠢᠵᠤ ᠣᠳᠤᠨ᠎ᠠ ᠭᠡᠳᠡᠭ ᠶᠠᠭᠤ ᠭᠡᠰᠡᠨ ᠦᠭᠡ ᠪᠣᠢ? ᠠᠷᠪᠠᠨ ᠬᠡᠳᠦᠲᠡᠢ᠂ ᠠᠩᠭᠢᠷ ᠵᠢᠰᠦ ᠲᠡᠢ ᠠᠯᠲᠠᠨ ᠦᠶ᠎ᠡ ᠡᠴᠡ ᠪᠡᠨ ᠬᠠᠭᠠᠨ ᠲᠠᠨ ᠢ᠋ ᠳᠠᠭᠠᠪᠠ᠃ ᠲᠠᠨ ᠤ᠋ ᠪᠡᠶ᠎ᠡ ᠶ᠋ᠢ ᠣᠷᠬᠢᠨ ᠴᠠᠯᠠᠭᠠᠷᠳᠠᠭᠰᠠᠨ ᠨᠢᠭᠡ ᠴᠦ᠍ ᠬᠣᠨᠣᠭ ᠨᠠᠳᠠᠳᠤ ᠦᠭᠡᠢ᠃ ᠭᠠᠭᠴᠠ ᠬᠦ᠌ ᠲᠠᠨ ᠤ᠋ ᠵᠠᠷᠯᠢᠭ ᠢ᠋ᠶ᠋ᠠᠷ ᠺᠶᠸᠹ ᠦ᠋ᠨ ᠳᠡᠷᠭᠡᠳᠡ ᠪᠠᠢᠭᠰᠠᠨ ᠰᠥᠪᠡᠭᠡᠳᠡᠢ᠂ ᠬᠢᠪᠴᠠᠭ ᠤ᠋ᠨ ᠲᠠᠯ᠎ᠠ ᠳ᠋ᠠᠬᠢ ᠵᠥᠴᠢ ᠶ᠋ᠢᠨ ᠥᠷᠭᠥᠭᠡ ᠶ᠋ᠢ ᠵᠣᠷᠢᠬᠤ ᠳ᠋ᠠᠭᠠᠨ ᠯᠠ ᠬᠡᠳᠦᠨ ᠰᠠᠷ᠎ᠠ ᠬᠣᠯᠠ ᠪᠠᠢᠵᠠᠢ᠃ ᠪᠢ ᠲᠠᠨ ᠢ᠋ ᠡᠢᠨ ᠵᠠᠷᠯᠢᠭ ᠪᠠᠭᠤᠯᠭᠠᠭᠰᠠᠨ ᠳ᠋ᠤ᠌ ᠭᠠᠢᠬᠠᠭᠠᠳ ᠤᠴᠢᠷ ᠢ᠋ᠶ᠋ᠠᠨ ᠴᠤ᠌ ᠣᠯᠬᠤ ᠦᠭᠡᠢ ᠪᠠᠢᠨ᠎ᠠ᠃ ᠠᠷᠤ ᠭᠡᠷ᠂ ᠠᠭᠤᠷᠠᠭ ᠣᠷᠳᠣᠨ ᠳ᠋ᠤ᠌ ᠮᠠᠭᠤ ᠦᠢᠯᠡ ᠪᠣᠯᠪᠠ ᠤᠤ? ᠪᠥᠷᠲᠡ ᠬᠠᠲᠤᠨ ᠠ᠋ᠴᠠ ᠮᠠᠭᠤ ᠬᠡᠯᠡ ᠢᠷᠡᠪᠡ ᠤᠤ ᠭᠡᠵᠦ ᠪᠤᠭᠤᠷᠴᠢ ᠨᠢᠭᠡ ᠯᠡ ᠮᠡᠳᠡᠬᠦ ᠳ᠋ᠦ᠍ ᠥᠪᠡᠷ ᠦ᠋ᠨ ᠡᠷᠬᠡ ᠦᠭᠡᠢ ᠣᠯᠠᠨ ᠦᠭᠡ ᠤᠷᠤᠰᠬᠠᠪᠠ᠃ ᠪᠤᠭᠤᠷᠴᠢ ᠶ᠋ᠢ ᠭᠡᠨᠡᠳᠲᠡ ᠡᠢᠨ ᠬᠦ᠌ ᠳᠣᠭᠳᠣᠯᠤᠨ ᠬᠥᠭᠡᠷᠴᠦ ᠵᠠᠯᠠᠭᠤ ᠬᠥᠪᠡᠭᠦᠨ ᠰᠢᠭ ᠣᠪᠣᠯᠵᠠᠨ ᠣᠮᠣᠭᠲᠠᠢ ᠰᠢᠷᠠᠲᠠᠢ ᠦᠭᠡ ᠬᠡᠯᠡᠭᠰᠡᠨ ᠳ᠋ᠦ᠍ ᠴᠢᠩᠭᠢᠰ ᠬᠠᠭᠠᠨ ᠭᠠᠢᠬᠠᠭᠠᠳ᠄
| ᠲᠠᠢᠪᠤᠰᠢᠷᠠ ᠪᠤᠭᠤᠷᠴᠢ᠃ ᠴᠢ ᠴᠢᠨᠢ ᠶᠠᠭᠤ ᠪᠣᠯᠤᠭᠠᠳ ᠦᠭᠡ ᠶ᠋ᠢᠨ ᠵᠥᠷᠢᠶ᠎ᠡ ᠦᠭᠡᠢ ᠬᠠᠰᠬᠢᠴᠢᠭᠠᠳ ᠡᠬᠢᠯᠡᠪᠡ? ᠪᠢ ᠴᠢᠮᠠᠶ᠋ᠢ ᠡᠢᠮᠦ ᠶᠣᠰᠣ ᠵᠢᠷᠤᠮ ᠦᠭᠡᠢ ᠮᠡᠲᠦ ᠪᠠᠢᠬᠤ ᠶ᠋ᠢ ᠶᠡᠷᠦ ᠦᠵᠡᠭᠰᠡᠨ ᠦᠭᠡᠢ᠃ ᠡᠰᠡᠪᠡᠯ ᠪᠢ ᠵᠡᠭᠦᠳᠦᠯᠡᠵᠦ ᠪᠠᠢᠨ᠎ᠠ ᠤᠤ? ᠭᠡᠰᠡᠨ ᠳ᠋ᠦ᠍ ᠪᠤᠭᠤᠷᠴᠢ ᠰᠠᠶᠢ ᠯᠠ ᠴᠢᠩᠭᠢᠰ ᠬᠠᠭᠠᠨ ᠤ᠋ ᠡᠮᠦᠨ᠎ᠡ ᠪᠦᠷ ᠪᠣᠰᠤᠭᠠᠳ ᠵᠣᠭᠰᠣᠴᠢᠬᠠᠭᠰᠠᠨ ᠢ᠋ᠶ᠋ᠠᠨ ᠠᠩᠵᠠᠭᠠᠷᠠᠵᠤ ᠶᠡᠬᠡᠳᠡ ᠭᠠᠢᠬᠠᠨ ᠡᠪᠦᠳᠦᠭ ᠰᠥᠬᠥᠷᠡᠨ ᠪᠤᠴᠠᠵᠤ ᠰᠠᠭᠤᠵᠠᠢ᠃
| ᠲᠠ ᠨᠠᠷ ᠴᠢᠨᠢ ᠶᠠᠭᠤ ᠪᠣᠯᠪᠠ? ᠨᠠᠮᠠᠶ᠋ᠢ ᠦᠭᠡ ᠬᠡᠯᠡᠬᠦ ᠪᠠᠷ ᠯᠠ ᠡᠪᠡᠷ ᠲᠡᠢ ᠲᠠᠤᠯᠠᠢ ᠦᠵᠡᠭᠰᠡᠨ ᠮᠡᠲᠦ ᠪᠠᠢᠴᠠᠭᠠᠬᠤ ᠪᠣᠯᠵᠠᠢ ᠃ ᠡᠰᠡᠪᠡᠯ ᠮᠢᠨᠦ ᠤᠯᠠᠭᠠᠨ ᠨᠢᠭᠤᠷ ᠳᠡᠭᠡᠷ᠎ᠡ ᠦᠬᠦᠯ ᠨᠢ ᠢᠷᠡᠪᠡ ᠭᠡᠵᠦ ᠪᠢᠴᠢᠭᠡᠰᠦ ᠲᠡᠢ ᠪᠠᠢᠨ᠎ᠠ ᠤᠤ? ᠡᠷᠭᠢᠨ ᠲᠣᠭᠣᠷᠢᠨ ᠤ᠋ ᠶᠠᠭᠤᠮᠠᠰ ᠥᠭᠡᠷ᠎ᠡ ᠪᠣᠯᠤᠭᠠᠳ ᠴᠤ᠌ ᠪᠠᠢᠬᠤ ᠰᠢᠭ᠋᠃ ᠬᠠᠵᠠᠭᠤ ᠪᠠᠷ ᠨᠢ ᠪᠤᠭᠤᠷᠴᠢ ᠴᠢ ᠶᠠᠭᠤ ᠴᠤ᠌ ᠪᠣᠢ ᠳᠠ᠃ ᠵᠠᠯᠠᠭᠤ ᠬᠥᠪᠡᠭᠦᠨ ᠰᠢᠭ ᠲᠦᠷᠡᠰᠬᠢᠬᠦ ᠭᠡᠮᠡᠨ ᠴᠢᠩᠭᠢᠰ ᠬᠠᠭᠠᠨ ᠲᠡᠭᠦᠨ ᠢ᠋ ᠵᠢᠮᠡᠯᠡᠵᠡᠢ᠃ ᠪᠤᠭᠤᠷᠴᠢ ᠴᠤ᠌ ᠥᠪᠡᠷ ᠢ᠋ᠶ᠋ᠡᠨ ᠴᠣᠬᠣᠮ ᠶᠠᠭᠠᠬᠢᠭᠠᠳ ᠢᠩᠭᠢᠵᠦ ᠪᠢᠲᠡᠭᠦᠦ ᠬᠠᠲᠠᠭᠤ ᠦᠭᠡ ᠬᠡᠯᠡᠭᠰᠡᠨ ᠦ᠌ ᠪᠡᠨ ᠤᠴᠢᠷ ᠢ᠋ ᠣᠯᠬᠤ ᠦᠭᠡᠢ ᠭᠠᠢᠬᠠᠵᠠᠢ᠃
| ᠪᠤᠭᠤᠷᠴᠢ ᠴᠢ ᠠᠩ ᠭᠡᠵᠦ ᠪᠠᠢ᠃ ᠶᠡᠷᠦ ᠴᠢᠨᠦ ᠬᠡᠯᠡᠭᠰᠡᠨ ᠰᠢᠭ ᠵᠦᠢᠯ ᠢ᠋ ᠪᠢ ᠪᠣᠳᠣᠭᠰᠠᠨ ᠴᠤ᠌ ᠦᠭᠡᠢ᠃ ᠴᠢ ᠨᠠᠳᠠᠳᠤ ᠨᠢᠭᠤᠷ ᠠᠯᠳᠠᠵᠤ ᠭᠡᠮ ᠶᠠᠯ᠎ᠠ ᠳ᠋ᠤ᠌ ᠤᠨᠠᠬᠤ ᠶ᠋ᠢ ᠪᠤᠤ ᠬᠡᠯᠡ᠂ ᠮᠢᠨᠦ ᠠᠮᠢ ᠨᠠᠰᠤ᠂ ᠠᠯᠳᠠᠷ ᠨᠡᠷ᠎ᠡ ᠶ᠋ᠢ ᠮᠢᠨᠢ ᠰᠠᠬᠢᠵᠤ ᠬᠠᠷ᠎ᠠ ᠨᠢᠳᠦ ᠪᠡᠨ ᠠᠨᠢᠪᠬᠢᠯ ᠦᠭᠡᠢ ᠬᠠᠳᠠᠨ ᠪᠡᠶ᠎ᠡ ᠪᠡᠨ ᠠᠮᠤᠰᠬᠢᠯ ᠦᠭᠡᠢ ᠶᠠᠪᠤᠭ᠎ᠠ ᠶ᠋ᠢ ᠴᠢᠨᠢ ᠪᠢ ᠶᠠᠭᠠᠬᠢᠵᠤ ᠮᠠᠷᠲᠠᠨ᠎ᠠ᠃ ᠬᠡᠷᠦᠯᠦᠨ ᠦ᠌ ᠬᠥᠳᠡᠭᠡ ᠠᠷᠠᠯ ᠤ᠋ᠨ ᠣᠷᠳᠣᠨ ᠬᠢᠭᠡᠳ ᠲᠤᠤᠯᠠ ᠶ᠋ᠢᠨ ᠬᠥᠪᠡᠭᠡᠨ ᠳ᠋ᠡᠬᠢ ᠪᠥᠷᠲᠡ ᠶ᠋ᠢᠨ ᠣᠷᠳᠣᠨ ᠳ᠋ᠤ᠌ ᠮᠠᠭᠤ ᠶᠠᠭᠤᠮ᠎ᠠ ᠣᠭᠲᠣ ᠪᠣᠯᠤᠭᠰᠠᠨ ᠦᠭᠡᠢ᠃ ᠬᠠᠷᠢᠨ᠁ ᠭᠡᠳ ᠴᠢᠩᠭᠢᠰ ᠬᠠᠭᠠᠨ ᠦᠭᠡ ᠪᠡᠨ ᠲᠠᠰᠤᠯᠠᠭᠰᠠᠨ ᠳ᠋ᠤ᠌ ᠪᠤᠭᠤᠷᠴᠢ ᠳᠠᠬᠢᠭᠠᠳ ᠯᠠ ᠲᠡᠰᠦᠭᠰᠡᠨ ᠦᠭᠡᠢ ᠥᠨᠳᠡᠯᠵᠡᠵᠦ
| ᠬᠠᠭᠠᠨ ᠲᠠ ᠰᠢᠭᠤᠳ ᠬᠡᠯᠡᠭᠲᠦᠨ᠃ ᠮᠢᠨᠦ ᠵᠢᠷᠦᠬᠡ ᠬᠠᠲᠠᠭᠤ ᠦᠭᠡᠨ ᠳ᠋ᠦ᠍ ᠬᠠᠳᠠ ᠴᠢᠯᠠᠭᠤ ᠰᠢᠭ᠋ ᠳᠠᠰᠤᠭᠰᠠᠨ᠃ ᠪᠤᠤ ᠲᠦᠪᠡᠭᠳᠡᠭᠲᠦᠨ ᠭᠡᠵᠡᠢ᠃
| ᠪᠤᠭᠤᠷᠴᠢ᠂ ᠴᠢ ᠪᠢᠲᠡᠭᠡᠢ ᠬᠠᠰᠬᠢᠴᠢᠭᠠᠳ ᠪᠠᠢᠭᠠᠴᠢ᠃ ᠲᠠᠢᠪᠤᠩ ᠰᠠᠭᠤᠵᠤ ᠰᠣᠨᠣᠰ᠃ ᠪᠢ ᠬᠡᠷᠦᠯᠦᠨ ᠦ᠌ ᠬᠥᠳᠡᠭᠡ ᠠᠷᠠᠯ᠂ ᠳᠡᠯᠢᠭᠦᠨ ᠪᠣᠯᠳᠣᠭ ᠲᠠᠭᠠᠨ ᠪᠤᠴᠠᠰᠤᠭᠠᠢ ᠭᠡᠵᠦ ᠰᠢᠢᠳᠦᠯ᠎ᠡ ᠭᠡᠳ ᠴᠢᠩᠭᠢᠰ ᠬᠠᠭᠠᠨ ᠲᠣᠭᠣᠨᠣ ᠥᠭᠡᠳᠡ ᠬᠠᠷᠠᠵᠠᠢ᠃ ᠲᠣᠭᠣᠨᠣ ᠠ᠋ᠴᠠ ᠴᠠᠭᠠᠰᠢ ᠬᠠᠷᠠᠩᠭᠤᠢ ᠶ᠋ᠢᠨ ᠳᠤᠮᠳᠠ ᠲᠠᠰᠤ ᠬᠠᠷ᠎ᠠ᠂ ᠤᠷᠲᠤ ᠭᠣᠵᠣᠭᠣᠷ ᠳᠦᠷᠰᠦ ᠬᠠᠷᠠᠯᠠᠨ ᠪᠠᠢᠭᠰᠠᠨ ᠨᠢ ᠲᠡᠭᠦᠨ ᠦ᠌ ᠦᠬᠦᠯ ᠪᠣᠯᠬᠤ ᠶ᠋ᠢ ᠣᠳᠣ ᠴᠢᠩᠭᠢᠰ ᠬᠠᠭᠠᠨ ᠮᠡᠳᠡᠵᠦ ᠪᠠᠢᠪᠠ᠃ ᠭᠡᠪᠡᠴᠦ ᠲᠡᠷᠡ ᠦᠬᠦᠯ ᠲᠡᠭᠦᠨ ᠡᠴᠡ ᠪᠠᠰᠠ ᠴᠤ᠌ ᠬᠡᠳᠦᠨ ᠠᠯᠬᠤᠮ ᠵᠠᠢᠲᠠᠢ ᠪᠠᠢᠯ᠎ᠠ᠃ ᠴᠢᠩᠭᠢᠰ ᠬᠠᠭᠠᠨ ᠦᠬᠦᠯ ᠡᠴᠡ ᠶᠡᠷᠦ ᠠᠶᠤᠬᠤ ᠦᠭᠡᠢ ᠪᠣᠯᠵᠠᠢ᠃ ᠤᠴᠢᠷ ᠨᠢ ᠣᠳᠣ ᠲᠡᠭᠦᠨ ᠦ᠌ ᠳᠡᠷᠭᠡᠳᠡ ᠦᠨᠡᠨᠴᠢ ᠨᠥᠬᠥᠷ ᠪᠤᠭᠤᠷᠴᠢ ᠨᠢ ᠰᠠᠭᠤᠵᠤ ᠪᠠᠢᠯ᠎ᠠ᠃
| ᠬᠠᠭᠠᠨ ᠲᠠ ᠶᠡᠬᠡ ᠴᠡᠷᠢᠭ ᠢ᠋ᠶ᠋ᠡᠨ ᠣᠷᠬᠢᠭᠠᠳ ᠤᠤ? ᠪᠢ ᠣᠢᠯᠠᠭᠠᠵᠤ ᠶᠠᠳᠠᠵᠤ ᠪᠠᠢᠨ᠎ᠠ᠃ ᠲᠠᠨ ᠢ᠋ ᠨᠤᠲᠤᠭ ᠲᠠᠭᠠᠨ ᠪᠤᠴᠠᠪᠠᠯ ᠶᠡᠬᠡ ᠴᠡᠷᠢᠭ ᠦ᠋ᠨ᠁ ᠭᠡᠲᠡᠯ᠎ᠡ ᠴᠢᠩᠭᠢᠰ ᠬᠠᠭᠠᠨ ᠲᠡᠭᠦᠨ ᠦ᠌ ᠦᠭᠡ ᠶ᠋ᠢ ᠲᠠᠰᠤᠯᠪᠠ᠃
| ᠮᠣᠩᠭᠣᠯ ᠤ᠋ᠨ ᠶᠡᠬᠡ ᠴᠡᠷᠢᠭ ᠢ᠋ ᠣᠳᠣ ᠬᠡᠨ ᠴᠦ᠍ ᠵᠣᠭᠰᠣᠭᠠᠵᠤ ᠦᠯᠦ ᠴᠢᠳᠠᠨ᠎ᠠ᠃ ᠴᠢᠩᠭᠢᠰ ᠬᠠᠭᠠᠨ ᠪᠢ ᠴᠦ᠍ ᠵᠣᠭᠰᠣᠭᠠᠬᠤ ᠠ᠋ᠴᠠ ᠥᠩᠭᠡᠷᠡᠭᠰᠡᠨ᠃ ᠴᠢ ᠪᠢᠳᠡᠨ ᠦ᠌ ᠥᠰᠬᠡᠵᠦ ᠬᠥᠮᠦᠵᠢᠭᠦᠯᠦᠭᠰᠡᠨ ᠵᠠᠯᠠᠭᠤ ᠢᠳᠡᠷ ᠵᠠᠩᠵᠤᠳ᠂ ᠲᠡᠳᠡᠨ ᠦ᠌ ᠡᠷᠡᠯᠬᠡᠭ ᠴᠡᠷᠢᠭ ᠦ᠋ᠳ ᠶᠠᠭ ᠯᠠ ᠠᠭᠤᠯᠠ ᠶ᠋ᠢᠨ ᠭᠣᠣᠯ ᠤ᠋ᠨ ᠬᠦᠴᠦᠲᠦ ᠤᠷᠤᠰᠬᠠᠯ ᠰᠢᠭ᠋ ᠲᠦᠷᠢᠵᠦ ᠪᠠᠢᠨ᠎ᠠ᠃ ᠲᠡᠷᠡ ᠶᠡᠬᠡ ᠬᠦᠴᠦᠲᠦ ᠤᠷᠤᠰᠬᠠᠯ ᠤ᠋ᠨ ᠡᠮᠦᠨ᠎ᠡ ᠲᠡᠰᠴᠦ ᠦᠯᠡᠳᠡᠬᠦ ᠨᠢᠭᠡᠬᠡᠨ ᠴᠦ᠍ ᠪᠣᠭᠣᠮᠲᠠ᠂ ᠪᠡᠬᠢᠯᠡᠯᠲᠡ ᠴᠠᠢᠵᠠ᠂ ᠤᠯᠤᠰ ᠣᠷᠣᠨ ᠦᠭᠡᠢ ᠪᠣᠯᠵᠠᠢ᠃ ᠬᠠᠷᠢᠨ ᠪᠢ ᠯᠡ ᠲᠡᠷᠡ ᠡᠷᠴᠢᠲᠦ ᠤᠷᠤᠰᠬᠠᠯ ᠳ᠋ᠤ᠌ ᠰᠠᠭᠠᠳ ᠲᠤᠰᠢᠶ᠎ᠠ ᠪᠣᠯᠬᠤ ᠪᠣᠯᠪᠠ᠃ ᠮᠢᠨᠦ ᠪᠡᠶ᠎ᠡ ᠲᠡᠭᠷᠢ ᠪᠡᠷ ᠲᠡᠳᠬᠦᠭᠦᠯᠵᠦ ᠨᠥᠬᠥᠳ ᠢ᠋ᠶ᠋ᠡᠷ ᠳᠡᠮᠵᠢᠭᠦᠯᠵᠦ ᠶᠡᠬᠡ ᠮᠣᠩᠭᠣᠯ ᠤᠯᠤᠰ ᠢ᠋ ᠪᠠᠢᠭᠤᠯᠪᠠ᠃ ᠣᠳᠣ ᠪᠢ ᠥᠭᠡᠷ᠎ᠡ ᠶᠠᠭᠤ ᠶ᠋ᠢ ᠬᠦᠰᠡᠨ᠎ᠡ ᠭᠡᠵᠡᠢ᠃ ᠪᠤᠭᠤᠷᠴᠢ ᠴᠢᠩᠭᠢᠰ ᠬᠠᠭᠠᠨ ᠤ᠋ ᠡᠨᠡ ᠦᠭᠡ ᠶ᠋ᠢᠨ ᠴᠠᠭᠠᠳᠤ ᠰᠠᠨᠠᠭ᠎ᠠ ᠶ᠋ᠢ ᠰᠠᠢᠲᠤᠷ ᠤᠬᠠᠨ ᠣᠢᠯᠠᠭᠠᠭᠰᠠᠨ ᠦᠭᠡᠢ᠃
| ᠬᠠᠭᠠᠨ ᠲᠠᠨ ᠢ᠋ ᠶᠡᠬᠡ ᠴᠡᠷᠢᠭ ᠢ᠋ᠶ᠋ᠡᠨ ᠣᠷᠬᠢᠭᠠᠳ ᠨᠤᠲᠤᠭ ᠲᠠᠭᠠᠨ ᠪᠤᠴᠠᠬᠤ ᠳ᠋ᠤ᠌ ᠬᠦᠷᠪᠡᠯ ᠠᠯᠲᠠᠨ ᠤᠯᠤᠰ ᠶᠠᠭᠤ ᠭᠡᠵᠦ ᠦᠵᠡᠬᠦ ᠪᠣᠯ? ᠠᠶᠤᠵᠤ ᠬᠤᠯᠴᠢᠢᠨ ᠳᠠᠢᠯᠠᠬᠤ ᠵᠣᠷᠢᠭ ᠮᠣᠬᠣᠪᠠ ᠭᠡᠬᠦ ᠪᠤᠰᠤ ᠤᠤ? ᠡᠰᠡᠪᠡᠯ ᠪᠡᠶ᠎ᠡ ᠴᠢᠯᠡᠭᠡᠷᠬᠡᠵᠦ᠁ ᠭᠡᠳ ᠪᠤᠭᠤᠷᠴᠢ ᠬᠣᠭᠣᠯᠠᠢ ᠳ᠋ᠠᠭᠠᠨ ᠲᠤᠯᠵᠤ ᠢᠷᠡᠭᠰᠡᠨ ᠳᠠᠷᠠᠭ᠎ᠠ ᠶ᠋ᠢᠨ ᠦᠭᠡ ᠶ᠋ᠢ ᠵᠣᠷᠢᠭᠯᠠᠨ ᠬᠡᠯᠡᠯ ᠦᠭᠡᠢ ᠪᠤᠴᠠᠭᠠᠨ ᠵᠠᠯᠭᠢᠭᠰᠠᠨ ᠮᠡᠲᠦ ᠳᠠᠭᠤ ᠦᠭᠡᠢ ᠪᠣᠯᠪᠠ᠃ ᠭᠡᠪᠡᠴᠦ ᠴᠢᠩᠭᠢᠰ ᠬᠠᠭᠠᠨ ᠲᠡᠭᠦᠨ ᠦ᠌ ᠬᠡᠯᠡᠵᠦ ᠴᠢᠳᠠᠭ᠎ᠠ ᠦᠭᠡᠢ ᠦᠭᠡ ᠶ᠋ᠢ ᠵᠦᠩ ᠢ᠋ᠶ᠋ᠡᠷ ᠢ᠋ᠶ᠋ᠡᠨ ᠳᠠᠭᠠᠵᠤ ᠮᠡᠳᠡᠭᠡᠳ
| ᠦᠬᠦᠪᠡ ᠭᠡᠨ᠎ᠡ ᠭᠡᠵᠦ ᠤᠤ? ᠴᠢᠨᠦ ᠬᠡᠯᠡᠬᠦ ᠭᠡᠰᠡᠨ ᠦᠭᠡ ᠴᠢᠨᠢ ᠦᠨᠡᠨ᠃ ᠭᠡᠪᠡᠴᠦ ᠮᠢᠨᠦ ᠪᠤᠴᠠᠭᠰᠠᠨ ᠢ᠋ ᠬᠡᠭᠡᠷ᠎ᠡ ᠶ᠋ᠢᠨ ᠰᠠᠯᠬᠢ ᠂ ᠬᠡᠯᠡᠭᠡᠢ ᠱᠠᠭᠠᠵᠠᠭᠠᠢ ᠴᠤ᠌ ᠮᠡᠳᠡᠬᠦ ᠤᠴᠢᠷ ᠦᠭᠡᠢ᠃ ᠪᠢ ᠡᠢᠮᠦ ᠵᠠᠷᠯᠢᠭ ᠪᠠᠭᠤᠯᠭᠠᠶ᠎ᠠ᠃ ᠲᠡᠭᠡᠪᠡᠯ ᠴᠢ ᠶᠠᠭᠠᠬᠢᠬᠤ ᠪᠣᠢ?
| ᠨᠢᠭᠡᠨᠲᠡ ᠲᠠ ᠢᠩᠭᠢᠵᠦ ᠵᠠᠷᠯᠢᠭ ᠪᠠᠭᠤᠯᠭᠠᠪᠠᠯ ᠪᠢ ᠶᠠᠭᠤ ᠬᠡᠯᠡᠬᠦ ᠰᠠᠨ ᠪᠢᠯᠡ᠃ ᠲᠡᠭᠡᠪᠡᠯ ᠪᠢᠳᠡ ᠬᠡᠵᠢᠶ᠎ᠡ ᠬᠥᠳᠡᠯᠬᠦ ᠪᠣᠢ? ᠶᠠᠳᠠᠵᠤ ᠲᠦᠷᠢᠮᠡᠬᠡᠢ ᠪᠠᠯᠭᠠᠰᠤ ᠶ᠋ᠢ ᠡᠪᠳᠡᠬᠦ ᠶ᠋ᠢ ᠦᠵᠡᠬᠦ ᠰᠠᠨ᠃
| ᠪᠤᠭᠤᠷᠴᠢ ᠴᠢ ᠶᠠᠭᠤᠨ ᠥᠴᠦᠬᠡᠨ ᠵᠦᠢᠯ ᠬᠦᠰᠡᠨ᠎ᠡ᠃ ᠴᠢ ᠤᠯᠠᠭᠠᠨ ᠭᠠᠯ ᠳᠦᠷᠡᠯᠵᠡᠵᠦ ᠤᠲᠤᠭ᠎ᠠ ᠤᠨᠢᠶᠠᠷ ᠮᠠᠨᠠᠷᠠᠨ᠂ ᠮᠠᠨ ᠤ᠋ ᠴᠡᠷᠢᠭ ᠦ᠋ᠨ ᠡᠮᠦᠨ᠎ᠡ ᠰᠢᠪᠡᠷ ᠬᠡᠷᠡᠮ ᠨᠤᠷᠠᠵᠤ ᠤᠨᠠᠬᠤ ᠶ᠋ᠢ ᠦᠵᠡᠭᠡ ᠦᠭᠡᠢ ᠭᠡᠵᠦ ᠤᠤ?
| ᠪᠢ ᠳᠠᠬᠢᠭᠠᠳ ᠴᠢᠩᠭᠢᠬᠦ ᠶ᠋ᠢ ᠦᠵᠡᠬᠦ ᠦᠭᠡᠢ ᠮᠡᠲᠦ ᠰᠠᠨᠠᠭᠳᠠᠭᠰᠠᠨ ᠲᠤᠯᠠ ᠬᠡᠯᠡᠪᠡ᠃ ᠲᠠ ᠬᠡᠵᠢᠶ᠎ᠡ ᠮᠣᠷᠳᠠᠬᠤ ᠶ᠋ᠢ ᠵᠠᠷᠯᠢᠭ ᠪᠣᠯᠭᠠᠨ᠎ᠠ᠃ ᠪᠢ ᠪᠡᠯᠡᠳᠬᠡᠶ᠎ᠡ᠃
| ᠴᠢ ᠮᠣᠷᠢ ᠡᠳᠦᠷ ᠦ᠋ᠨ ᠮᠣᠷᠢᠨ ᠴᠠᠭ ᠲᠤ᠌ ᠬᠥᠳᠡᠯᠦᠭᠲᠦᠨ᠃ ᠬᠠᠷᠢᠨ ᠪᠢ ᠴᠢᠮᠠᠶ᠋ᠢ ᠪᠤᠷᠬᠠᠨ ᠬᠠᠯᠳᠤᠨ ᠳ᠋ᠤ᠌ ᠬᠦᠷᠴᠦ ᠨᠠᠮᠠᠶ᠋ᠢ ᠤᠭᠲᠤᠨ ᠠᠪᠬᠤ ᠳ᠋ᠤ᠌ ᠪᠡᠯᠡᠨ ᠪᠣᠯᠣᠮᠠᠭᠴᠠ ᠡᠨᠳᠡ ᠡᠴᠡ ᠳᠣᠪᠲᠣᠯᠭᠠᠶ᠎ᠠ᠃
| ᠤᠷᠢᠳ ᠨᠢ ᠬᠡᠵᠢᠶ᠎ᠡ ᠴᠦ᠍ ᠢᠩᠭᠢᠵᠦ ᠪᠠᠢᠭᠰᠠᠨ ᠦᠭᠡᠢ ᠲᠤᠯᠠ ᠨᠡᠩ ᠬᠠᠴᠢᠷᠬᠠᠯᠲᠠᠢ ᠪᠠᠢᠨ᠎ᠠ᠃ ᠪᠥᠷᠲᠡ ᠬᠠᠲᠤᠨ᠂ ᠤᠳᠴᠢᠬᠢᠨ ᠠᠪᠠᠭ᠎ᠠ ᠴᠢᠨᠢ ᠪᠢᠳᠡᠨ ᠢ᠋ ᠶᠡᠬᠡ ᠠᠶᠠᠨ ᠠ᠋ᠴᠠ ᠤᠭᠲᠤᠭᠰᠠᠭᠠᠷ ᠨᠢᠭᠡᠨᠲᠡ ᠶᠣᠰᠣ ᠳᠢᠭᠯᠢᠮ ᠬᠠᠲᠠᠭᠤ ᠲᠣᠭᠲᠠᠭᠰᠠᠨ ᠪᠤᠰᠤ ᠤᠤ? ᠲᠠ ᠨᠠᠮᠠᠶ᠋ᠢ ᠶᠠᠭᠤᠨ ᠳ᠋ᠤ᠌ ᠡᠢᠨ ᠬᠦ᠌ ᠥᠪᠡᠷ ᠦ᠋ᠨ ᠳᠡᠷᠭᠡᠳᠡ ᠡᠴᠡ ᠬᠣᠯᠠᠳᠤᠭᠤᠯᠬᠤ ᠮᠡᠲᠦ ᠲᠦᠷᠦᠭᠦᠯᠡᠨ ᠣᠳᠬᠤ ᠶ᠋ᠢ ᠲᠤᠰᠢᠶᠠᠨ᠎ᠠ ᠭᠡᠵᠦ ᠪᠤᠭᠤᠷᠴᠢ ᠰᠡᠳᠬᠢᠯ ᠳᠤᠨᠳᠠᠭᠤᠷ ᠪᠠᠢᠭ᠎ᠠ ᠪᠠᠨ ᠨᠢᠭᠤᠵᠤ ᠦᠯᠦ ᠴᠢᠳᠠᠨ ᠥᠭᠦᠯᠡᠪᠡ᠃ ᠮᠣᠷᠢ ᠡᠳᠦᠷ ᠭᠡᠳᠡᠭ ᠨᠢ ᠶᠡᠷᠦ ᠳ᠋ᠡᠭᠡᠨ ᠭᠤᠷᠪᠠ ᠬᠣᠨᠣᠭ ᠤ᠋ᠨ ᠳᠠᠷᠠᠭ᠎ᠠ ᠪᠣᠯᠬᠤ ᠲᠤᠯᠠ ᠪᠤᠭᠤᠷᠴᠢ ᠡᠢᠨ ᠬᠦ᠌ ᠭᠣᠮᠣᠳᠠᠯᠲᠠᠢ ᠪᠠᠢᠵᠠᠢ᠃ ᠤᠭ ᠨᠢ ᠶᠡᠬᠡ ᠴᠡᠷᠢᠭ ᠦ᠋ᠨ ᠬᠠᠮᠲᠤ ᠠᠯᠲᠠᠨ ᠤᠯᠤᠰ ᠢ᠋ ᠳᠠᠢᠯᠠᠨ ᠰᠥᠨᠥᠭᠡᠨ᠎ᠡ ᠭᠡᠵᠦ ᠪᠠᠯᠴᠢᠷ ᠬᠡᠦᠬᠡᠳ ᠰᠢᠭ ᠪᠠᠶᠠᠷᠯᠠᠨ ᠳᠣᠭᠳᠣᠯᠵᠤ ᠪᠠᠢᠭᠰᠠᠨ ᠪᠢᠯᠡ᠃
| ᠪᠤᠭᠤᠷᠴᠢ᠂ ᠴᠢ ᠪᠠᠢᠯᠳᠤᠵᠤ ᠳᠠᠢᠳᠤᠬᠤ ᠠ᠋ᠴᠠ ᠥᠭᠡᠷ᠎ᠡ ᠶ᠋ᠢ ᠪᠣᠳᠣᠬᠤ ᠦᠭᠡᠢ ᠪᠠᠢᠭᠰᠠᠭᠠᠷ ᠨᠠᠭᠠᠳᠤ ᠲᠠᠷᠢᠬᠢ ᠲᠣᠯᠣᠭᠠᠢ ᠴᠢᠨᠢ ᠲᠠᠷᠠᠭ ᠠᠢᠷᠠᠭ ᠤ᠋ᠨ ᠰᠠᠪᠠ ᠮᠡᠲᠦ ᠪᠣᠯᠪᠠ ᠤᠤ? ᠴᠢᠩᠭᠢᠰ ᠬᠠᠭᠠᠨ ᠪᠢ ᠬᠠᠮᠤᠭ ᠤ᠋ᠨ ᠰᠡᠭᠦᠯᠴᠢ ᠶ᠋ᠢᠨ ᠢ᠋ᠶ᠋ᠡᠨ ᠠᠶᠠᠨ ᠲᠡᠢᠨ ᠡᠴᠡ ᠨᠤᠲᠤᠭ ᠲᠠᠭᠠᠨ ᠬᠠᠷᠢᠵᠤ ᠶᠠᠪᠤᠨ᠎ᠠ᠃ ᠡᠨᠡ ᠲᠠᠩᠭᠤᠳ ᠤᠯᠤᠰ ᠲᠤ᠌ ᠢᠷᠡᠭᠰᠡᠨ ᠢ᠋ᠶ᠋ᠡᠷ ᠵᠢᠯ ᠬᠠᠭᠠᠰ ᠪᠣᠯᠪᠠ᠃ ᠣᠳᠣ ᠪᠢ ᠳᠡᠯᠢᠭᠦᠨ ᠪᠣᠯᠳᠣᠭ ᠠ᠋ᠴᠠ ᠪᠠᠨ ᠳᠠᠬᠢᠵᠤ ᠶᠠᠪᠤᠬᠤ ᠦᠭᠡᠢ᠃ ᠲᠡᠢᠮᠦ ᠶ᠋ᠢᠨ ᠤᠴᠢᠷ ᠪᠢ ᠴᠢᠮᠠᠶ᠋ᠢ ᠤᠷᠢᠳᠴᠢᠯᠠᠨ ᠢᠯᠡᠭᠡᠵᠦ ᠪᠠᠢᠨ᠎ᠠ᠃ ᠬᠠᠮᠢᠭ᠎ᠠ ᠪᠠᠭᠤᠬᠤ᠂ ᠬᠠᠮᠢᠭ᠎ᠠ ᠤᠭᠲᠤᠬᠤ ᠬᠢᠭᠡᠳ ᠬᠠᠮᠢᠭ᠎ᠠ᠂ ᠬᠡᠷᠬᠢᠨ ᠰᠠᠭᠤᠬᠤ ᠡᠨᠡ ᠪᠦᠭᠦᠳᠡ ᠶ᠋ᠢ ᠨᠠᠬᠤ ᠪᠠᠶᠠᠨ ᠤ᠋ ᠭᠠᠭᠴᠠ ᠬᠦᠦ ᠬᠦᠯᠦᠭ ᠪᠠᠭᠠᠲᠤᠷ ᠪᠤᠭᠤᠷᠴᠢ ᠴᠢ ᠰᠢᠢᠳᠲᠦᠭᠡᠢ᠃ ᠡᠭᠦᠨ ᠢ᠋ ᠪᠢ ᠬᠦᠰᠡᠵᠦ ᠪᠠᠢᠨ᠎ᠠ᠃ ᠴᠢᠨᠦ ᠵᠠᠰᠠᠵᠤ ᠵᠢᠭᠠᠭᠰᠠᠨ ᠪᠠᠭᠤᠷᠢᠨ ᠳ᠋ᠤ᠌ ᠪᠢ ᠮᠥᠩᠬᠡ ᠰᠠᠭᠤᠬᠤ ᠪᠠᠷ ᠰᠢᠢᠳᠪᠡ᠃ ᠡᠭᠦᠨ ᠢ᠋ ᠴᠢᠮ᠎ᠠ ᠠ᠋ᠴᠠ ᠥᠭᠡᠷ᠎ᠡ ᠬᠡᠨ ᠬᠢᠨ᠎ᠡ? ᠪᠢ ᠴᠦ᠍ ᠴᠢᠮ᠎ᠠ ᠠ᠋ᠴᠠ ᠥᠭᠡᠷ᠎ᠡ ᠬᠡᠨ ᠢ᠋ᠶ᠋ᠡᠷ ᠬᠢᠯᠭᠡᠨ᠎ᠡ? ᠮᠢᠨᠦ ᠥᠰᠬᠡᠭᠰᠡᠨ᠂ ᠡᠷᠭᠦᠭᠰᠡᠨ ᠨᠥᠬᠥᠳ ᠴᠢᠮ᠎ᠠ ᠠ᠋ᠴᠠ ᠪᠤᠰᠤᠳ ᠨᠢ ᠪᠠᠷᠤᠭ ᠪᠦᠭᠦᠳᠡ ᠦᠭᠡᠢ ᠪᠣᠯᠪᠠ᠃ ᠲᠡᠳᠡᠨ ᠦᠭᠡᠢ ᠪᠡᠷ ᠪᠢ ᠣᠳᠣ ᠶᠠᠭᠤ ᠬᠢᠵᠦ ᠴᠢᠳᠠᠨ᠎ᠠ? ᠪᠠᠲᠤ ᠬᠥᠪᠡᠭᠦᠨ ᠦ᠌ ᠬᠡᠯᠡᠭᠰᠡᠨ ᠦᠭᠡᠨ ᠡᠴᠡ ᠬᠣᠢᠰᠢ ᠪᠢ ᠶᠡᠬᠡ ᠶ᠋ᠢ ᠪᠣᠳᠣᠬᠤ ᠪᠣᠯᠪᠠ᠃ ᠲᠡᠷᠡ ᠬᠥᠪᠡᠭᠦᠨ ᠬᠣᠷᠢᠨ ᠨᠠᠰᠤᠲᠠᠢ ᠲᠡᠮᠦᠵᠢᠨ ᠢ᠋᠂ ᠪᠠᠰᠠ ᠵᠥᠴᠢ ᠶ᠋ᠢ ᠰᠠᠨᠠᠭᠳᠠᠭᠤᠯᠪᠠ᠃ ᠮᠢᠨᠦ ᠤᠳᠤᠮ ᠳ᠋ᠤ᠌ ᠡᠨᠡ ᠵᠣᠪᠠᠯᠠᠩ ᠶᠠᠭᠤᠨ ᠳ᠋ᠤ᠌ ᠦᠯᠦ ᠲᠠᠰᠤᠷᠠᠨ᠎ᠠ᠃ ᠨᠠᠳᠠ ᠠ᠋ᠴᠠ ᠬᠣᠢᠰᠢ ᠮᠢᠨᠦ ᠦᠷ᠎ᠡ ᠤᠳᠤᠮ ᠦᠰ ᠬᠣᠨᠵᠢᠩ ᠰᠠᠨᠠᠬᠤ ᠦᠭᠡᠢ ᠠᠮᠢᠳᠤᠷᠠᠭᠠᠰᠠᠢ ᠭᠡᠵᠦ ᠪᠢ ᠬᠦᠰᠡᠨ᠎ᠡ᠃ ᠬᠣᠷᠸ᠎ᠠ ᠶ᠋ᠢ ᠪᠢ ᠨᠢᠭᠡᠨᠲᠡ ᠡᠯᠡᠭᠡᠪᠡ᠃ ᠬᠠᠷᠢᠨ ᠣᠳᠣ ᠡᠨᠡ ᠬᠣᠷᠸ᠎ᠠ ᠨᠠᠮᠠᠶ᠋ᠢ ᠢᠳᠡᠵᠦ᠂ ᠡᠪᠳᠡᠵᠦ ᠳᠠᠭᠤᠰᠬᠠᠬᠤ ᠶ᠋ᠢ ᠬᠠᠷᠠᠵᠤ ᠪᠠᠢᠨ᠎ᠠ᠃ ᠪᠢ ᠴᠢᠳᠠᠬᠤ ᠪᠦᠬᠦᠨ ᠢ᠋ᠶ᠋ᠡᠨ ᠬᠢᠪᠡ᠃ ᠬᠣᠵᠢᠮ ᠨᠠᠮᠠᠶ᠋ᠢ ᠦᠷ᠎ᠡ ᠰᠡᠳᠦ ᠮᠢᠨᠢ ᠯᠠᠪ ᠬᠠᠷᠢᠶᠠᠬᠤ ᠦᠭᠡᠢ ᠪᠢᠵᠡ᠃ ᠬᠠᠷᠢᠶᠠᠵᠤ ᠨᠢᠯᠪᠤᠬᠤ ᠲᠡᠨᠡᠭ ᠦ᠋ᠳ ᠭᠠᠷᠤᠯ᠎ᠠ ᠴᠤ᠌ ᠲᠡᠳᠡ ᠴᠥᠭᠡᠨ ᠪᠠᠢᠬᠤ ᠪᠢᠵᠡ ᠭᠡᠵᠦ ᠨᠠᠢᠳᠠᠨ᠎ᠠ᠃ ᠪᠢ ᠬᠠᠮᠤᠭ ᠮᠣᠩᠭᠣᠯ ᠤ᠋ᠨ ᠬᠥᠬᠡ ᠭᠦᠷᠦᠨ ᠢ᠋ ᠬᠠᠨ ᠬᠣᠷᠸ᠎ᠠ ᠠ᠋ᠴᠠ ᠬᠡᠵᠢᠶ᠎ᠡ ᠴᠦ᠍ ᠠᠷᠢᠯᠬᠤ ᠦᠭᠡᠢ ᠪᠡᠷ ᠪᠠᠲᠤ ᠪᠠᠢᠭᠤᠯᠪᠠ᠃ ᠡᠭᠦᠨ ᠡᠴᠡ ᠥᠭᠡᠷ᠎ᠡ ᠪᠢ ᠶᠠᠭᠤ ᠬᠢᠵᠦ ᠴᠢᠳᠠᠨ᠎ᠠ᠃ ᠭᠠᠭᠴᠠ ᠪᠡᠶ᠎ᠡ ᠶ᠋ᠢᠨ ᠴᠢᠳᠠᠯ ᠢ᠋ᠶ᠋ᠠᠷ ᠪᠢᠰᠢ ᠭᠠᠪᠰᠢᠭᠠᠢ ᠨᠥᠬᠥᠳ ᠦ᠋ᠨ ᠬᠦᠴᠦ ᠪᠡᠷ ᠡᠭᠦᠨ ᠢ᠋ ᠭᠦᠢᠴᠡᠯᠳᠦᠭᠦᠯᠪᠡ᠃ ᠣᠳᠣ ᠬᠥᠪᠡᠭᠦᠳ ᠦ᠋ᠨ ᠮᠢᠨᠢ ᠴᠠᠭ ᠪᠣᠯᠵᠠᠢ᠃ ᠮᠣᠷᠢᠨ ᠤ᠋ ᠶᠠᠪᠤᠳᠠᠯ ᠳᠠᠭᠠᠭᠠᠬᠤ ᠦᠭᠡᠢ ᠥᠲᠡᠯ᠎ᠡ ᠪᠢ ᠬᠡᠦᠬᠡᠳ ᠨᠣᠬᠠᠢ ᠶ᠋ᠢᠨ ᠳᠣᠭᠣᠭᠢ᠂ ᠬᠥᠩᠭᠡᠨ ᠲᠡᠷᠭᠡᠨ ᠣ ᠠᠴᠢᠶ᠎ᠠ ᠪᠣᠯᠬᠤ ᠠ᠋ᠴᠠ ᠪᠠᠨ ᠡᠮᠦᠨ᠎ᠡ ᠨᠤᠲᠤᠭ ᠲᠠᠭᠠᠨ ᠬᠠᠷᠢᠵᠤ ᠡᠭᠦᠷᠢᠳᠡ ᠰᠠᠭᠤᠰᠤᠭᠠᠢ᠃ ᠲᠩᠷᠢ ᠶ᠋ᠢᠨ ᠵᠠᠷᠯᠢᠭ ᠢ᠋ ᠵᠥᠷᠢᠴᠡᠨ ᠪᠠᠢᠵᠤ ᠲᠠᠩᠭᠤᠳ ᠲᠤ᠌ ᠢᠷᠡᠭᠰᠡᠨ ᠮᠢᠨᠢ ᠮᠢᠨᠦ ᠠᠯᠳᠠᠭ᠎ᠠ ᠪᠣᠯᠪᠠ᠃ ᠭᠡᠪᠡᠴᠦ ᠬᠢᠪᠡᠯ ᠪᠦᠦ ᠠᠶᠤ᠂ ᠠᠶᠤᠪᠠᠯ ᠪᠦᠦ ᠬᠢ ᠭᠡᠳᠡᠭ ᠪᠢᠵᠡ᠃ ᠡᠢᠮᠦ ᠶ᠋ᠢᠨ ᠲᠤᠯᠠᠳᠠ ᠪᠢ ᠴᠢᠮᠠᠶ᠋ᠢ ᠲᠦᠷᠭᠡᠪᠴᠢᠯᠡᠨ ᠮᠣᠷᠳᠠᠬᠤ ᠶ᠋ᠢ ᠲᠤᠰᠢᠶᠠᠪᠠ᠃ ᠪᠢ ᠶᠡᠬᠡ ᠶᠠᠭᠠᠷᠠᠵᠤ ᠪᠠᠢᠨ᠎ᠠ᠃ ᠨᠠᠮᠠᠶ᠋ᠢ ᠬᠡᠨ ᠨᠢᠭᠡᠨ ᠡᠯᠳᠡᠨ ᠬᠥᠭᠡᠭᠡᠵᠦ ᠪᠢ ᠲᠡᠭᠦᠨ ᠡᠴᠡ ᠵᠢᠭᠤᠲᠠᠵᠤ ᠪᠠᠢᠬᠤ ᠰᠢᠭ᠋ ᠰᠠᠨᠠᠭᠳᠠᠬᠤ ᠪᠣᠯᠪᠠ᠃ ᠣᠳᠣ ᠨᠠᠳᠠᠳᠤ ᠲᠩᠷᠢ ᠳ᠋ᠦ᠍ ᠭᠠᠷᠴᠤ ᠡᠨᠡ ᠶᠢᠷᠲᠢᠨᠴᠦ ᠶ᠋ᠢ ᠪᠦᠲᠦᠨ ᠢ᠋ᠶ᠋ᠡᠷ ᠨᠢ ᠬᠠᠷᠠᠬᠤ ᠰᠠᠨ ᠭᠡᠰᠡᠨ ᠬᠠᠷ᠎ᠠ ᠪᠠᠭ᠎ᠠ ᠶ᠋ᠢᠨ ᠢ᠋ᠶ᠋ᠡᠨ ᠲᠡᠷᠡ ᠤᠷᠢ ᠬᠦᠰᠡᠯ ᠢ᠋ ᠪᠡᠶᠡᠯᠡᠭᠦᠯᠬᠦ ᠯᠡ ᠦᠯᠡᠲᠡᠯ᠎ᠡ᠃
ᠴᠢᠩᠭᠢᠰ ᠬᠠᠭᠠᠨ ᠴᠣᠬᠣᠮ ᠶᠠᠭᠤᠨ ᠤ᠋ ᠲᠤᠬᠠᠢ ᠶᠠᠷᠢᠵᠤ ᠪᠠᠢᠭ᠎ᠠ ᠶ᠋ᠢ ᠪᠤᠭᠤᠷᠴᠢ ᠣᠢᠯᠠᠭᠠᠬᠤ ᠲᠤᠯᠠ ᠲᠡᠭᠦᠨ ᠢ᠋ ᠦᠷᠦ ᠡᠪᠡᠳᠦᠨ ᠲᠡᠰᠬᠡᠯ ᠦᠭᠡᠢ ᠪᠡᠷᠬᠡ ᠪᠡᠷ ᠰᠢᠨᠠᠯᠵᠠᠢ᠃ ᠭᠡᠪᠡᠴᠦ ᠲᠡᠭᠦᠨ ᠳ᠋ᠦ᠍ ᠶᠠᠭᠠᠬᠢᠬᠤ ᠴᠤ᠌ ᠠᠷᠭ᠎ᠠ ᠪᠠᠢᠭᠰᠠᠨ ᠦᠭᠡᠢ᠃ ᠵᠥᠪᠬᠡᠨ ᠳᠡᠮᠡᠢ ᠲᠠᠢᠳᠬᠤᠷᠠᠭᠤᠯᠬᠤ ᠯᠠ ᠦᠯᠡᠳᠡᠵᠡᠢ᠃
| ᠬᠠᠭᠠᠨᠲᠠᠨ ᠲᠠ ᠶᠠᠭᠤᠨ ᠳ᠋ᠤ᠌ ᠢᠩᠭᠢᠲᠡᠯ᠎ᠡ ᠪᠡᠨ ᠶᠠᠭᠠᠷᠠᠨ᠎ᠠ ᠪᠣᠢ? ᠨᠤᠲᠤᠭ ᠲᠠᠭᠠᠨ ᠪᠤᠴᠠᠬᠤ ᠳᠠᠩᠴᠤ ᠰᠠᠢᠬᠠᠨ᠃ ᠭᠡᠲᠡᠯ᠎ᠡ ᠵᠣᠷᠢᠭᠰᠠᠨ ᠬᠡᠷᠡᠭ ᠦ᠋ᠨ ᠡᠴᠦᠰ ᠲᠦ᠍ ᠬᠦᠷᠦᠯ ᠦᠭᠡᠢ ᠵᠠᠮ ᠠ᠋ᠴᠠ ᠪᠤᠴᠠᠬᠤ ᠭᠡᠵᠦ ᠶᠠᠭᠠᠷᠠᠬᠤ ᠴᠢᠨᠢ ᠶᠠᠭᠤ ᠪᠣᠢ? ᠡᠭᠦᠨ ᠢ᠋ ᠴᠢᠨᠢ ᠪᠢ ᠯᠡ ᠭᠠᠢᠬᠠᠵᠤ ᠪᠠᠢᠨ᠎ᠠ᠃ ᠪᠤᠭᠤᠷᠴᠢ ᠶ᠋ᠢᠨ ᠡᠨᠡ ᠳᠡᠮᠡᠢ ᠬᠣᠭᠣᠰᠣᠨ᠂ ᠠᠷᠭ᠎ᠠ ᠪᠠᠨ ᠪᠠᠷᠠᠭᠰᠠᠨ ᠦᠭᠡ ᠶ᠋ᠢ ᠴᠢᠩᠭᠢᠰ ᠬᠠᠭᠠᠨ ᠲᠣᠭᠣᠵᠤ ᠬᠠᠷᠢᠭᠤ ᠬᠡᠯᠡᠭᠰᠡᠨ ᠦᠭᠡᠢ ᠨᠢ ᠲᠡᠭᠦᠨ ᠢ᠋ ᠤᠯᠠᠮ ᠴᠤ᠌ ᠠᠷᠴᠠᠭ᠎ᠠ ᠦᠭᠡᠢ ᠳᠣᠷᠣᠢ ᠪᠠᠢᠳᠠᠯ ᠳ᠋ᠤ᠌ ᠬᠦᠷᠭᠡᠵᠦ ᠲᠡᠷᠡ ᠥᠪᠡᠷ ᠢ᠋ ᠪᠡᠨ ᠦᠵᠡᠨ ᠶᠠᠳᠠᠵᠠᠢ᠃
| ᠲᠡᠭᠡᠪᠡᠯ ᠨᠤᠲᠤᠭ ᠲᠤ᠌ ᠬᠦᠷᠦᠭᠡᠳ ᠮᠢᠨᠦ ᠶᠠᠭᠤ ᠬᠢᠬᠦ ᠶ᠋ᠢ ᠬᠡᠯᠡᠭᠲᠦᠨ ᠭᠡᠵᠦ ᠪᠤᠭᠤᠷᠴᠢ ᠥᠪᠡᠷ ᠢ᠋ᠶ᠋ᠡᠨ ᠴᠦ᠍ ᠮᠠᠲᠠᠯ ᠦᠭᠡᠢ ᠣᠮᠣᠭᠲᠠᠢ ᠬᠡᠯᠡᠪᠡ᠃
| ᠴᠢᠨᠦ ᠶᠠᠭᠤ ᠬᠢᠬᠦ ᠶ᠋ᠢ ᠪᠢ ᠶᠠᠭᠠᠬᠢᠵᠤ ᠮᠡᠳᠡᠨ᠎ᠡ? ᠪᠢ ᠥᠪᠡᠷ ᠲᠡᠭᠡᠨ ᠪᠢᠰᠢ ᠵᠥᠪᠬᠡᠨ ᠥᠷᠭᠡᠨ ᠣᠯᠠᠨ ᠤ᠋ ᠰᠡᠳᠬᠢᠯ ᠳ᠋ᠦ᠍ ᠯᠡ ᠬᠠᠭᠠᠨ ᠪᠠᠢᠬᠤ ᠶ᠋ᠢ ᠬᠦᠰᠡᠨ᠎ᠡ᠃ ᠪᠢ ᠢᠩᠭᠢᠵᠦ ᠴᠢᠳᠠᠭᠰᠠᠨ ᠪᠣᠯ ᠠᠷᠪᠠᠨ ᠳᠥᠷᠪᠡᠨ ᠨᠠᠰᠤᠨ ᠠ᠋ᠴᠠ ᠴᠡᠷᠢᠭ ᠵᠠᠰᠠᠵᠤ ᠲᠥᠷᠥ ᠶ᠋ᠢᠨ ᠲᠥᠯᠥᠭᠡ ᠪᠡᠶ᠎ᠡ ᠪᠡᠨ ᠵᠣᠯᠢᠶᠠᠰᠤᠯᠠᠭᠰᠠᠨ ᠤ᠋ ᠬᠡᠷᠡᠭ ᠲᠡᠷᠡ᠃ ᠴᠢ ᠶᠠᠭ ᠢᠩᠭᠢᠵᠦ ᠦᠢᠯᠡᠳᠦᠭᠲᠦᠨ᠃ ᠥᠭᠡᠷ᠎ᠡ ᠪᠢ ᠶᠠᠭᠤ ᠬᠡᠯᠡᠨ᠎ᠡ᠃ ᠪᠤᠭᠤᠷᠴᠢ ᠴᠢ ᠪᠢᠳᠡ ᠬᠡᠳᠦ ᠪᠥᠷᠲᠡ ᠶ᠋ᠢ ᠪᠤᠴᠠᠭᠠᠵᠤ ᠠᠪᠤᠭᠠᠳ ᠪᠤᠷᠬᠠᠨ ᠬᠠᠯᠳᠤᠨ ᠠᠭᠤᠯᠠᠨ ᠳ᠋ᠤ᠌ ᠨᠢᠭᠡ ᠰᠠᠢᠬᠠᠨ ᠣᠢ ᠶ᠋ᠢᠨ ᠴᠤᠭᠤᠷᠬᠠᠢ ᠳ᠋ᠤ᠌ ᠰᠠᠭᠤᠵᠤ ᠶᠠᠭᠤ ᠬᠡᠯᠡᠯᠴᠡᠵᠦ ᠪᠠᠢᠭᠰᠠᠨ ᠢ᠋ᠶ᠋ᠠᠨ ᠰᠠᠨᠠᠨ᠎ᠠ ᠤᠤ? ᠥᠨᠥ ᠵᠡᠯᠮ᠎ᠡ ᠶ᠋ᠢᠨ ᠪᠤᠭᠤ ᠠᠯᠠᠳᠠᠭ ᠡᠳᠦᠷ᠃
| ᠪᠢ ᠰᠠᠨᠠᠵᠤ ᠪᠠᠢᠨ᠎ᠠ᠃ ᠶᠠᠭᠠᠬᠢᠵᠤ ᠮᠠᠷᠲᠠᠬᠤ ᠪᠢᠯᠡ᠃ ᠲᠡᠮᠦᠵᠢᠨ ᠴᠢᠨᠦ ᠶᠠᠭᠤ ᠬᠡᠯᠡᠭᠰᠡᠨ ᠢ᠋ ᠴᠦ᠍ ᠰᠠᠨᠠᠵᠤ ᠪᠠᠢᠨ᠎ᠠ᠃ ᠮᠢᠨᠦ ᠪᠡᠶ᠎ᠡ ᠬᠡᠵᠢᠶ᠎ᠡ ᠴᠦ᠍ ᠦᠭᠡᠢ ᠪᠣᠯᠵᠤ ᠮᠡᠳᠡᠨ᠎ᠡ᠃ ᠲᠡᠷᠡ ᠦᠶ᠎ᠡ ᠳ᠋ᠦ᠍ ᠡᠨᠡ ᠣᠢ ᠶ᠋ᠢᠨ ᠴᠤᠭᠤᠷᠬᠠᠢ ᠳ᠋ᠤ᠌ ᠪᠤᠩᠬᠤᠯᠠᠭᠲᠤᠨ᠃ ᠰᠦᠨᠡᠰᠦ ᠠᠮᠠᠷᠠᠮᠠᠷ ᠰᠠᠢᠬᠠᠨ ᠬᠠᠩᠭᠠᠢ ᠭᠡᠰᠡᠨ ᠢ᠋ ᠴᠢᠨᠢ ᠰᠠᠨᠠᠵᠤ ᠪᠠᠢᠨ᠎ᠠ᠃
| ᠲᠡᠭᠡᠪᠡᠯ ᠰᠡᠳᠬᠢᠯ ᠮᠢᠨᠢ ᠬᠠᠨᠪᠠ᠃ ᠣᠳᠣ ᠨᠠᠳᠠᠳᠤ ᠦᠬᠦᠯ ᠡᠴᠡ ᠠᠶᠤᠵᠤ᠂ ᠨᠢᠭᠦᠯ ᠡᠴᠡ ᠢᠴᠢᠬᠦ ᠶᠠᠭᠤᠮ᠎ᠠ ᠦᠭᠡᠢ ᠪᠣᠯᠤᠯ᠎ᠠ᠃ ᠬᠠᠷᠢᠨ ᠪᠥᠷᠲᠡ ᠳ᠋ᠦ᠍ ᠥᠭᠭᠦᠭᠰᠡᠨ ᠲᠠᠩᠭᠠᠷᠢᠭ ᠢ᠋ᠶ᠋ᠠᠨ ᠡᠪᠳᠡᠭᠰᠡᠨ ᠨᠢᠭᠡ ᠶᠠᠪᠤᠳᠠᠯ ᠪᠣᠢ᠃ ᠭᠡᠪᠡᠴᠦ ᠲᠡᠷᠡ ᠶ᠋ᠢ ᠪᠥᠷᠲᠡ ᠣᠢᠯᠠᠭᠠᠬᠤ ᠪᠢᠵᠡ᠃ ᠳᠡᠷᠭᠡᠳᠡ ᠪᠠᠢᠭᠰᠠᠨ ᠪᠣᠯ ᠬᠡᠳᠦᠨ ᠳᠤᠯᠠᠭᠠᠨ ᠦᠭᠡ ᠬᠡᠯᠡᠬᠦ ᠰᠠᠨ᠃ ᠪᠢ ᠲᠡᠭᠦᠨ ᠢ᠋ ᠪᠡᠨ ᠬᠠᠶᠠᠵᠤ ᠶᠠᠪᠤᠭᠰᠠᠭᠠᠷ ᠡᠨᠡ ᠨᠠᠰᠤ ᠶ᠋ᠢ ᠳᠠᠭᠤᠰᠬᠠᠬᠤ ᠤᠴᠢᠷ ᠲᠠᠢ ᠪᠠᠢᠵᠠᠢ᠃ ᠪᠢ ᠥᠪᠡᠷ ᠦ᠋ᠨ ᠢ᠋ᠶ᠋ᠡᠨ ᠪᠠᠭᠤᠯᠭᠠᠭᠰᠠᠨ ᠵᠠᠷᠯᠢᠭ ᠤ᠋ᠨ ᠲᠥᠯᠥᠭᠡ ᠬᠠᠷᠠᠮᠰᠠᠵᠤ ᠶᠠᠪᠤᠭᠰᠠᠨ ᠦᠭᠡᠢ᠃ ᠬᠠᠷᠢᠨ ᠵᠥᠴᠢ ᠬᠥᠪᠡᠭᠦᠨ ᠢ᠋ᠶ᠋ᠡᠨ ᠬᠥᠨᠥᠭᠡᠬᠦ ᠵᠠᠷᠯᠢᠭ ᠪᠠᠭᠤᠯᠭᠠᠭᠰᠠᠨ ᠳ᠋ᠠᠭᠠᠨ ᠯᠠ ᠶᠡᠬᠡ ᠬᠠᠷᠠᠮᠰᠠᠵᠤ ᠪᠠᠢᠨ᠎ᠠ᠃ ᠪᠢ ᠤᠬᠠᠭᠠᠨ ᠰᠠᠭᠤᠬᠤ ᠦᠭᠡᠢ᠂ ᠬᠥᠮᠦᠨ ᠳ᠋ᠦ᠍ ᠢᠲᠡᠭᠡᠬᠦ ᠦᠭᠡᠢ ᠬᠡᠪ ᠢ᠋ᠶ᠋ᠡᠷ ᠢ᠋ᠶ᠋ᠡᠨ ᠦᠯᠡᠳᠡᠵᠦ᠂ ᠬᠦᠨᠳᠦ ᠡᠪᠡᠳᠴᠢᠨ ᠳ᠋ᠦ᠍ ᠨᠡᠷᠪᠡᠭᠳᠡᠭᠡᠳ ᠢᠷᠡᠵᠦ ᠴᠢᠳᠠᠬᠤ ᠦᠭᠡᠢ ᠪᠣᠯᠪᠠ ᠭᠡᠭᠰᠡᠭᠡᠷ ᠪᠠᠢᠬᠤ ᠳ᠋ᠤᠨᠢ ᠦᠯᠦ ᠢᠲᠡᠭᠡᠵᠦ ᠴᠢᠮᠠᠶ᠋ᠢ ᠢᠯᠡᠭᠡᠭᠰᠡᠨ ᠳ᠋ᠡᠭᠡᠨ ᠣᠳᠣ ᠬᠠᠷᠠᠮᠰᠠᠵᠤ ᠪᠠᠢᠨ᠎ᠠ᠃ ᠭᠡᠲᠡᠯ᠎ᠡ ᠬᠥᠭᠡᠷᠦᠬᠦᠢ ᠲᠡᠷᠡ ᠬᠥᠪᠡᠭᠦᠨ ᠡᠪᠡᠳᠴᠢᠨ ᠳ᠋ᠦ᠍ ᠰᠢᠨᠠᠯᠤᠭᠰᠠᠭᠠᠷ ᠦᠬᠦᠪᠡ᠃ ᠬᠠᠷᠢᠨ ᠪᠠᠲᠤ ᠬᠥᠪᠡᠭᠦᠨ ᠨᠢ ᠨᠠᠳᠠ ᠠ᠋ᠴᠠ ᠡᠴᠢᠭᠡ ᠶ᠋ᠢᠨ ᠢ᠋ᠶ᠋ᠡᠨ ᠠᠮᠢ ᠶ᠋ᠢ ᠨᠡᠬᠡᠵᠦ ᠪᠠᠢᠳᠠᠭ᠃ ᠪᠢ ᠡᠢᠮᠦ ᠪᠣᠯᠴᠢᠮ ᠦᠭᠡᠢ ᠬᠡᠷᠡᠭ ᠦᠢᠯᠡᠳᠴᠡᠢ᠃ ᠵᠥᠴᠢ ᠶ᠋ᠢ ᠡᠪᠡᠳᠴᠢᠨ ᠢ᠋ᠶ᠋ᠡᠷ ᠦᠬᠦᠭᠰᠡᠨ ᠢ᠋ ᠮᠡᠳᠡᠭᠰᠡᠭᠡᠷ ᠠᠲᠠᠯ᠎ᠠ ᠪᠠᠲᠤ ᠶ᠋ᠢᠨ ᠡᠮᠦᠨ᠎ᠡ ᠪᠢ ᠪᠤᠷᠤᠭᠤᠲᠠᠨ ᠮᠡᠲᠦ ᠰᠠᠨᠠᠭᠳᠠᠭᠠᠳ ᠬᠡᠯᠡᠬᠦ ᠦᠭᠡ ᠴᠦ᠍ ᠣᠯᠳᠠᠭᠰᠠᠨ ᠦᠭᠡᠢ᠃ ᠨᠠᠳᠠ ᠠ᠋ᠴᠠ ᠬᠣᠢᠰᠢ ᠪᠠᠲᠤ ᠪᠠᠰᠠ ᠬᠡᠨ ᠢ᠋ ᠡᠴᠢᠭᠡ ᠶ᠋ᠢᠨ ᠢ᠋ᠶ᠋ᠡᠨ ᠦᠬᠦᠯ ᠳ᠋ᠦ᠍ ᠪᠤᠷᠤᠭᠤᠳᠬᠠᠵᠤ ᠶᠠᠭᠤ ᠬᠢᠬᠦ ᠪᠣᠯ ᠭᠡᠬᠦ ᠡᠴᠡ ᠰᠡᠳᠬᠢᠯ ᠰᠢᠮᠰᠢᠷᠡᠵᠦ ᠵᠢᠷᠦᠬᠡ ᠡᠪᠡᠳᠦᠭᠡᠳ ᠦᠬᠦᠬᠦ ᠳ᠋ᠦ᠍ ᠴᠦ᠍ ᠬᠡᠴᠡᠭᠦᠦ ᠪᠣᠯᠤᠯ᠎ᠠ ᠭᠡᠬᠦ ᠶ᠋ᠢ ᠰᠣᠨᠣᠰᠤᠮᠠᠭᠴᠠ ᠪᠤᠭᠤᠷᠴᠢ ᠶ᠋ᠢᠨ ᠦᠰᠦ ᠨᠢ ᠪᠣᠰᠴᠤ ᠦᠬᠦᠭᠡᠷ ᠦᠵᠡᠭᠰᠡᠨ ᠮᠡᠲᠦ ᠴᠢᠷᠠᠢ ᠨᠢ ᠵᠢᠪᠡᠬᠡᠢᠷᠡᠵᠡᠢ᠃
| ᠶᠠᠭᠤ ᠭᠡᠨ᠎ᠡ ᠠ᠋? ᠲᠡᠷᠡ ᠬᠥᠪᠡᠭᠦᠨ ᠡᠭᠦᠨ ᠦ᠌ ᠤᠴᠢᠷ ᠢ᠋ ᠶᠠᠭᠠᠬᠢᠵᠤ ᠮᠡᠳᠡᠭᠡ ᠪᠣᠢ? ᠮᠡᠳᠡᠬᠦ ᠤᠴᠢᠷ ᠦᠭᠡᠢ ᠪᠢᠰᠢ ᠤᠤ? ᠭᠡᠵᠦ ᠪᠤᠭᠤᠷᠴᠢ ᠳᠠᠭᠤ ᠠᠯᠳᠠᠬᠤ ᠳ᠋ᠠᠭᠠᠨ ᠵᠢᠷᠦᠬᠡ ᠰᠡᠳᠬᠢᠯ ᠳ᠋ᠦ᠍ᠨᠢ ᠬᠦᠢᠲᠡ ᠳᠠᠭᠠᠭᠠᠵᠤ ᠠᠢᠳᠠᠰ ᠳᠦᠭᠦᠷᠬᠦ ᠶ᠋ᠢ ᠮᠡᠳᠡᠷᠡᠵᠡᠢ᠃
| ᠠᠯᠳᠠᠭᠰᠠᠨ ᠬᠥᠮᠦᠨ ᠠᠷᠪᠠᠨ ᠲᠠᠮᠤ ᠲᠠᠢ ᠭᠡᠳᠡᠭ ᠪᠢᠯᠡ ᠤᠤ? ᠪᠠᠲᠤ ᠣᠳᠣ ᠤᠬᠠᠭᠠᠨ ᠰᠠᠭᠤᠵᠠᠢ᠃ ᠡᠴᠢᠭᠡ ᠵᠥᠴᠢ ᠪᠡᠨ᠂ ᠮᠢᠨᠦ ᠣᠷᠣᠨ ᠳ᠋ᠤ᠌ ᠬᠠᠭᠠᠨ ᠰᠢᠷᠡᠭᠡᠨ ᠵᠠᠯᠭᠠᠮᠵᠢᠯᠠᠬᠤ ᠶᠣᠰᠣᠲᠠᠢ᠂ ᠡᠴᠢᠭᠡ ᠶ᠋ᠢᠨ ᠢ᠋ᠶ᠋ᠡᠨ ᠳᠠᠷᠠᠭ᠎ᠠ ᠲᠡᠷᠡ ᠥᠪᠡᠷ ᠢ᠋ᠶ᠋ᠡᠨ ᠪᠠᠰᠠ ᠬᠠᠭᠠᠨ ᠣᠷᠣ ᠰᠠᠭᠤᠬᠤ ᠶᠣᠰᠣᠲᠠᠢ ᠭᠡᠵᠦ ᠦᠵᠡᠵᠦ ᠪᠠᠢᠨ᠎ᠠ᠃ ᠤᠭ ᠨᠢ ᠢᠩᠭᠢᠬᠦ ᠶᠣᠰᠣᠲᠠᠢ ᠴᠤ᠌ ᠪᠠᠢᠭᠰᠠᠨ ᠶᠤᠮ᠃ ᠭᠡᠲᠡᠯ᠎ᠡ ᠪᠢ ᠵᠥᠴᠢ ᠶ᠋ᠢ ᠥᠪᠡᠷ ᠦ᠋ᠨ ᠣᠷᠣᠨ ᠳ᠋ᠤ᠌ ᠬᠠᠭᠠᠨ ᠰᠢᠷᠡᠭᠡᠨ ᠳ᠋ᠦ᠍ ᠰᠠᠭᠤᠯᠭᠠᠵᠤ ᠶᠠᠭᠠᠬᠢᠵᠤ ᠴᠢᠳᠠᠨ᠎ᠠ᠃ ᠮᠢᠨᠦ ᠬᠥᠪᠡᠭᠦᠳ ᠪᠦᠭᠦᠳᠡᠭᠡᠷ ᠢ᠋ᠶ᠋ᠡᠨ ᠯᠡ ᠨᠠᠳᠠᠳᠤ ᠬᠡᠷᠡᠭᠲᠡᠢ᠃ ᠪᠦᠭᠦᠳᠡ ᠳ᠋ᠦ᠍ᠨᠢ ᠬᠠᠢᠷᠠᠲᠠᠢ ᠶᠤᠮ᠃ ᠵᠥᠴᠢ ᠬᠥᠪᠡᠭᠦᠨ ᠮᠡᠷᠭᠢᠳ ᠦ᠋ᠨ ᠴᠢᠰᠤᠨ ᠳ᠋ᠤ᠌ ᠲᠥᠷᠥᠭᠰᠡᠨ ᠨᠢ ᠲᠡᠭᠦᠨ ᠦ᠌ ᠪᠤᠷᠤᠭᠤ ᠭᠡᠵᠦ ᠤᠤ? ᠵᠥᠴᠢ ᠶ᠋ᠢ ᠪᠢ ᠪᠤᠷᠤᠭᠤᠳᠬᠠᠵᠤ ᠶᠠᠭᠠᠬᠢᠵᠤ ᠴᠢᠳᠠᠨ᠎ᠠ᠃ ᠲᠡᠷᠡ ᠡᠨᠡ ᠬᠣᠷᠸ᠎ᠠ ᠳ᠋ᠤ᠌ ᠠᠮᠢᠳᠤᠷᠠᠬᠤ ᠭᠡᠵᠦ ᠢᠷᠡᠭᠡᠳ ᠥᠪᠡᠷ ᠢ᠋ ᠪᠡᠨ ᠦᠬᠦᠯ ᠡᠴᠡ ᠪᠤᠯᠢᠶᠠᠵᠤ ᠲᠥᠷᠥᠭᠰᠡᠨ ᠪᠠᠭᠠᠲᠤᠷ ᠪᠠᠢᠪᠠ᠃ ᠪᠢ ᠵᠥᠴᠢ ᠳ᠋ᠦ᠍ ᠥᠪᠡᠷ ᠦ᠋ᠨ ᠬᠡᠦᠬᠡᠳ ᠰᠢᠭ ᠲᠡᠰᠲᠡᠯᠡ ᠪᠡᠨ ᠤᠳᠠᠭᠰᠠᠨ᠃ ᠭᠡᠪᠡᠴᠦ ᠲᠡᠷᠡ ᠨᠠᠮᠠᠶ᠋ᠢ ᠥᠪᠡᠷ ᠦ᠋ᠨ ᠢ᠋ᠶ᠋ᠡᠨ ᠬᠦᠴᠦ ᠪᠡᠷ ᠢᠲᠡᠭᠡᠭᠦᠯᠦᠭᠰᠡᠨ ᠶᠦᠮ᠃ ᠬᠣᠷᠢᠬᠠᠨ ᠨᠠᠰᠤᠲᠠᠢ ᠵᠠᠯᠠᠭᠤ ᠵᠥᠴᠢ ᠮᠢᠨᠦ ᠥᠭᠡᠳᠡ ᠡᠴᠡ ᠣᠭᠲᠣ ᠴᠠᠪᠴᠢᠬᠤ ᠦᠭᠡᠢ ᠰᠢᠷᠲᠡᠵᠦ ᠪᠠᠢᠭᠠᠳ 《ᠡᠴᠢᠭᠡ ᠮᠢᠨᠢ ᠪᠢ ᠣᠢ ᠶ᠋ᠢᠨ ᠢᠷᠭᠡᠳ ᠡᠴᠡ ᠠᠯᠤᠰ ᠶᠠᠪᠤᠵᠤ ᠠᠢᠮᠠᠭ ᠤᠯᠤᠰ ᠢ᠋ ᠬᠤᠷᠢᠶᠠᠵᠤ ᠢᠷᠡᠶ᠎ᠡ᠃ ᠣᠳᠣ ᠪᠢ ᠬᠣᠷᠢᠨ ᠨᠠᠰᠤ ᠬᠦᠷᠪᠡ᠃ ᠲᠠᠨ ᠤ᠋ ᠬᠥᠪᠡᠭᠦᠨ ᠪᠣᠯᠬᠤ ᠪᠠᠨ ᠨᠢᠭᠡ ᠪᠣᠯ ᠪᠠᠲᠤᠯᠠᠰᠤᠭᠠᠢ᠂ ᠡᠰᠡᠪᠡᠯ ᠠᠮᠢ ᠥᠷᠢᠰᠦᠨ ᠳᠣᠯᠣᠭᠠᠨ ᠳ᠋ᠤ᠌ ᠦᠬᠦᠶ᠎ᠡ》 ᠭᠡᠵᠦ ᠲᠣᠪ ᠲᠣᠳᠣ ᠬᠣᠭᠣᠯᠠᠢ ᠪᠠᠷ ᠥᠪᠡᠷ ᠲᠡᠭᠡᠨ ᠢᠲᠡᠭᠡᠯᠲᠡᠢ ᠪᠥᠭᠡᠳ ᠬᠠᠲᠠᠭᠤ ᠴᠢᠩᠳᠠ ᠬᠡᠯᠡᠬᠦ ᠳ᠋ᠦ᠍ᠨᠢ ᠵᠥᠴᠢ ᠶ᠋ᠢᠨ ᠮᠢᠨᠦ ᠬᠥᠪᠡᠭᠦᠨ ᠪᠣᠯᠬᠤ ᠬᠦᠰᠡᠯ ᠨᠢ ᠬᠠᠯᠠᠭᠤ ᠰᠢᠲᠠᠬᠤ ᠮᠡᠲᠦ ᠮᠡᠳᠡᠷᠡᠭᠳᠡᠵᠦ ᠰᠡᠳᠬᠢᠯ ᠵᠢᠷᠦᠬᠡ ᠮᠢᠨᠢ ᠤᠷᠠᠭᠳᠠᠵᠤ ᠪᠠᠢᠪᠠ᠃ ᠪᠢ ᠲᠡᠭᠦᠨ ᠣ ᠬᠦᠰᠡᠯᠲᠡ ᠶ᠋ᠢ ᠠᠷᠭ᠎ᠠ ᠦᠭᠡᠢᠳᠡᠨ ᠵᠥᠪᠰᠢᠶᠡᠷᠡᠭᠰᠡᠨ᠃ ᠵᠥᠪᠰᠢᠶᠡᠷᠡᠬᠦ ᠦᠭᠡᠢ ᠪᠠᠢᠬᠤ ᠴᠤ᠌ ᠠᠷᠭ᠎ᠠ ᠦᠭᠡᠢ ᠪᠠᠢᠭᠰᠠᠨ ᠶᠤᠮ ᠳ᠋ᠠᠭ᠃ 《ᠵᠥᠴᠢ ᠴᠢᠮᠠᠶ᠋ᠢ ᠠᠮᠢᠳᠤ ᠢᠷᠡᠪᠡᠯ ᠥᠪᠡᠷ ᠦ᠋ᠨ ᠬᠥᠪᠡᠭᠦᠨ ᠢ᠋ᠶ᠋ᠡᠨ ᠭᠡᠵᠦ ᠡᠭᠦᠷᠢᠳᠡ ᠨᠢᠭᠡ ᠰᠠᠨᠠᠭ᠎ᠠ ᠪᠠᠷ ᠲᠣᠭᠠᠴᠠᠬᠤ ᠪᠣᠯᠤᠨ᠎ᠠ》 ᠭᠡᠵᠦ ᠪᠢ ᠲᠡᠭᠡᠬᠦ ᠳ᠋ᠦ᠍ ᠳᠣᠲᠣᠷ᠎ᠠ ᠪᠠᠨ ᠲᠠᠩᠭᠠᠷᠢᠭᠯᠠᠭᠰᠠᠨ ᠶᠤᠮ᠃ ᠵᠥᠴᠢ ᠴᠦ᠍ ᠶᠠᠮᠠᠷ ᠰᠢᠦ ᠪᠠᠭᠠᠲᠤᠷ ᠡᠷ᠎ᠡ ᠪᠣᠯᠬᠤ ᠪᠠᠨ ᠬᠠᠷᠠᠭᠤᠯᠤᠭᠰᠠᠨ᠃ ᠪᠢ ᠪᠦᠷ ᠵᠠᠷᠢᠮ ᠳ᠋ᠠᠭᠠᠨ ᠵᠥᠴᠢ ᠳ᠋ᠦ᠍ ᠠᠲᠠᠭᠠᠷᠬᠠᠳᠠᠭ ᠪᠠᠢᠪᠠ᠃ ᠲᠡᠷᠡ ᠪᠣᠯ ᠤᠬᠠᠭᠠᠨ ᠴᠢᠳᠠᠯ ᠲᠡᠭᠰᠢ ᠲᠥᠷᠥᠭᠰᠡᠨ ᠪᠠᠭᠠᠲᠤᠷ᠂ ᠲᠩᠷᠢ ᠡᠴᠡ ᠨᠠᠳᠠᠳᠤ ᠢᠯᠡᠭᠡᠭᠰᠡᠨ ᠡᠯᠴᠢ ᠰᠢᠭ ᠰᠠᠨᠠᠭᠳᠠᠳᠠᠭ᠃ ᠪᠢ ᠵᠥᠴᠢ ᠳ᠋ᠦ᠍ ᠬᠠᠢᠷᠠᠲᠠᠢ᠂ ᠮᠠᠭᠠᠳ ᠦᠭᠡᠢ ᠪᠤᠰᠤᠳ ᠠ᠋ᠴᠠ ᠴᠤ᠌ ᠢᠯᠡᠭᠦᠦ ᠬᠠᠢᠷᠠᠲᠠᠢ ᠪᠠᠢᠪᠠ᠃ ᠭᠡᠪᠡᠴᠦ ᠬᠤᠷᠢᠶᠠᠭᠰᠠᠨ ᠤᠯᠤᠰ ᠤ᠋ᠨ ᠢ᠋ᠶ᠋ᠠᠨ ᠨᠢᠭᠡᠳᠦᠮᠡᠯ ᠪᠠᠢᠳᠠᠯ ᠤ᠋ᠨ ᠲᠥᠯᠥᠭᠡ᠂ ᠠᠯᠲᠠᠨ ᠤᠷᠤᠭ ᠤ᠋ᠨ ᠢ᠋ᠶ᠋ᠠᠨ ᠲᠥᠯᠥᠭᠡ ᠲᠡᠭᠦᠨ ᠢ᠋ ᠠᠯᠠᠬᠤ ᠠ᠋ᠴᠠ ᠥᠭᠡᠷ᠎ᠡ ᠵᠠᠮ ᠨᠠᠳᠠᠳᠤ ᠪᠠᠢᠭ᠎ᠠ ᠦᠭᠡᠢ ᠶᠦᠮ᠃ ᠡᠢᠮᠦ ᠵᠣᠪᠠᠯᠠᠩ ᠢ᠋ ᠨᠠᠳᠠ ᠠ᠋ᠴᠠ ᠥᠭᠡᠷ᠎ᠡ ᠬᠡᠨ ᠭᠡᠲᠦᠯᠵᠦ ᠴᠢᠳᠠᠨ᠎ᠠ᠃ ᠠᠵᠠ ᠪᠣᠯᠬᠤ ᠳ᠋ᠤ᠌ ᠲᠡᠷᠡ ᠵᠣᠪᠠᠯᠠᠩᠲᠤ ᠬᠥᠪᠡᠭᠦᠨ ᠡᠪᠡᠳᠴᠢᠨ ᠢ᠋ᠶ᠋ᠡᠷ ᠦᠬᠦᠬᠦ ᠶᠣᠰᠣᠲᠠᠢ ᠪᠠᠢᠵᠠᠢ᠃ ᠭᠡᠲᠡᠯ᠎ᠡ ᠪᠠᠲᠤ ᠨᠠᠮᠠᠶ᠋ᠢ ᠡᠴᠢᠭᠡ ᠶ᠋ᠢ ᠨᠢ ᠠᠯᠠᠭᠰᠠᠨ ᠭᠡᠵᠦ ᠰᠡᠵᠢᠭᠯᠡᠵᠦ ᠪᠠᠢᠭ᠎ᠠ ᠨᠢ ᠠᠶᠤᠮᠰᠢᠭᠲᠠᠢ᠃ ᠬᠣᠵᠢᠮ ᠬᠣᠢᠨ᠎ᠠ ᠠᠯᠲᠠᠨ ᠤᠷᠤᠭ ᠤ᠋ᠨ ᠬᠥᠪᠡᠭᠦᠳ᠂ ᠠᠴᠢ ᠨᠠᠷ ᠠᠯᠠᠯᠴᠠᠵᠤ ᠶᠠᠰᠤ ᠶ᠋ᠢ ᠮᠢᠨᠢ ᠥᠨᠳᠡᠯᠵᠡᠭᠦᠯᠬᠦ ᠪᠣᠢ ᠭᠡᠵᠦ ᠪᠢ ᠶᠡᠬᠡᠳᠡ ᠵᠣᠪᠠᠨ᠎ᠠ᠃ ᠬᠣᠵᠢᠮ ᠶᠠᠭᠤ ᠪᠣᠯᠬᠤ ᠶ᠋ᠢ ᠵᠥᠴᠢ ᠤᠬᠠᠭᠠᠨ᠂ ᠰᠣᠪᠢᠩ ᠬᠣᠶᠠᠷ ᠢ᠋ᠶ᠋ᠠᠷ ᠢᠶᠠᠨ ᠮᠡᠳᠡᠭᠡᠳ ᠭᠠᠵᠠᠷ ᠤ᠋ᠨ ᠬᠣᠯᠠ ᠶ᠋ᠢ ᠵᠣᠷᠢᠵᠤ ᠬᠢᠪᠴᠠᠭ ᠤᠷᠤᠭᠤ ᠣᠳᠤᠭᠰᠠᠨ᠃ ᠡᠨᠡ ᠨᠢ ᠴᠦ᠍ ᠵᠥᠪ ᠭᠡᠵᠦ ᠪᠢ ᠪᠣᠳᠣᠭᠰᠠᠨ ᠪᠢᠯᠡ᠃ ᠵᠥᠴᠢ ᠶ᠋ᠢᠨ ᠰᠤᠳᠠᠰᠤ ᠪᠠᠷ ᠬᠡᠨ ᠦ᠌ ᠴᠢᠰᠤ ᠪᠤᠯᠭᠢᠯᠠᠵᠤ ᠪᠣᠢ ᠶ᠋ᠢ ᠮᠡᠳᠡᠬᠦ ᠪᠣᠯᠤᠭᠰᠠᠨ ᠴᠠᠭ ᠠ᠋ᠴᠠ ᠪᠠᠨ ᠴᠠᠭᠠᠲᠠᠢ ᠲᠡᠭᠦᠨ ᠢ᠋ ᠣᠭᠲᠣ ᠦᠵᠡᠵᠦ ᠴᠢᠳᠠᠳᠠᠭ ᠦᠭᠡᠢ᠂ ᠠᠷᠠᠢ ᠭᠡᠵᠦ ᠲᠡᠪᠴᠢᠳᠡᠭ ᠪᠠᠢᠭᠰᠠᠨ ᠶᠤᠮ᠃ ᠴᠠᠭᠠᠲᠠᠢ ᠶ᠋ᠢᠨ ᠠᠭᠠᠰᠢ ᠵᠠᠩ ᠬᠡᠵᠢᠶᠡᠨ ᠡᠴᠡ ᠪᠡᠨ ᠪᠡᠷᠬᠡ᠃ ᠨᠠᠮᠠᠶ᠋ᠢ ᠦᠭᠡᠢ ᠪᠣᠯ ᠲᠡᠳᠡ ᠭᠠᠯᠵᠠᠭᠤ ᠨᠣᠬᠠᠳ ᠰᠢᠭ᠋ ᠬᠡᠮᠡᠯᠢᠯᠳᠤᠨ ᠬᠣᠭᠣᠯᠠᠢ ᠭᠦᠷᠡᠭᠡ ᠪᠡᠨ ᠲᠠᠰᠤ ᠲᠠᠲᠠᠯᠴᠠᠬᠤ ᠳ᠋ᠤ᠌ ᠴᠤ᠌ ᠪᠡᠯᠡᠨ ᠪᠠᠢᠭᠰᠠᠨ᠃ ᠬᠥᠭᠡᠷᠦᠬᠦᠢ ᠵᠥᠴᠢ ᠬᠥᠪᠡᠭᠦᠨ ᠥᠪᠡᠷ ᠦ᠋ᠨ ᠬᠤᠪᠢ ᠵᠠᠶᠠᠭ᠎ᠠ ᠶ᠋ᠢ ᠳᠠᠭᠠᠭᠠᠵᠤ ᠡᠵᠡᠨ ᠳ᠋ᠡᠭᠡᠨ ᠵᠣᠳᠣᠭᠤᠯᠤᠭᠰᠠᠨ ᠨᠣᠬᠠᠢ ᠰᠢᠭ᠋ ᠭᠣᠮᠣᠳᠠᠯᠲᠠᠢ ᠭᠠᠰᠠᠯᠤᠭᠰᠠᠭᠠᠷ ᠰᠠᠯᠵᠤ ᠣᠳᠤᠭᠰᠠᠨ ᠰᠠᠨ᠃ ᠲᠡᠭᠦᠨ ᠡᠴᠡ ᠬᠣᠢᠰᠢ ᠪᠢᠳᠡ ᠠᠭᠤᠯᠵᠠᠯᠳᠤᠭᠠ ᠦᠭᠡᠢ᠃ ᠬᠠᠮᠤᠭ ᠤ᠋ᠨ ᠰᠡᠭᠦᠯ ᠳ᠋ᠦ᠍ ᠠᠭᠤᠯᠵᠠᠭᠰᠠᠨ ᠬᠥᠮᠦᠨ ᠨᠢ ᠴᠢ᠃ ᠵᠥᠴᠢ ᠯᠠᠪ ᠥᠪᠡᠷ ᠦ᠋ᠨ ᠤᠯᠤᠰ ᠢ᠋ ᠪᠠᠢᠭᠤᠯᠬᠤ ᠶ᠋ᠢ ᠬᠦᠰᠡᠭᠰᠡᠨ ᠪᠢᠵᠡ᠃ ᠣᠳᠣ ᠪᠠᠲᠤ ᠬᠥᠪᠡᠭᠦᠨ ᠨᠢ ᠡᠴᠢᠭᠡ ᠶ᠋ᠢᠨ ᠢ᠋ᠶ᠋ᠡᠨ ᠬᠦᠰᠡᠯ ᠢ᠋ ᠭᠦᠢᠴᠡᠳᠬᠡᠭ᠃ ᠪᠠᠲᠤ ᠶ᠋ᠢᠨ ᠡᠮᠦᠨ᠎ᠡ ᠥᠷᠭᠡᠨ ᠠᠭᠤᠳᠠᠮ ᠨᠤᠲᠤᠭ ᠭᠠᠵᠠᠷ ᠪᠣᠢ᠃ ᠭᠡᠪᠡᠴᠦ ᠲᠡᠭᠦᠨ ᠦ᠌ ᠤᠯᠤᠰ ᠶᠡᠬᠡ ᠮᠣᠩᠭᠣᠯ ᠤᠯᠤᠰ ᠤ᠋ᠨ ᠪᠠᠷᠠᠭᠤᠨ ᠬᠢᠵᠠᠭᠠᠷ ᠯᠠ ᠪᠠᠢᠬᠤ ᠠ᠋ᠴᠠ ᠪᠢᠰᠢ ᠬᠡᠵᠢᠶ᠎ᠡ ᠴᠦ᠍ ᠲᠤᠰᠠᠭᠠᠷ ᠤᠯᠤᠰ ᠪᠣᠯᠬᠤ ᠶᠣᠰᠣ ᠦᠭᠡᠢ᠃ ᠮᠢᠨᠦ ᠶᠡᠬᠡ ᠤᠯᠤᠰ ᠢ ᠲᠠᠰᠤᠴᠢᠨ ᠬᠤᠪᠢᠶᠠᠵᠤ ᠪᠤᠯᠢᠶᠠᠯᠳᠤᠨ ᠰᠠᠯᠭᠠᠬᠤ ᠶ᠋ᠢ ᠪᠢ ᠲᠡᠪᠴᠢᠬᠦ ᠦᠭᠡᠢ᠃ ᠲᠡᠢᠮᠦ ᠬᠦᠰᠡᠯᠲᠡᠨ ᠪᠣᠢ ᠠᠪᠠᠰᠤ ᠬᠡᠨ ᠴᠦ᠍ ᠪᠠᠢ ᠲᠩᠷᠢ ᠶ᠋ᠢᠨ ᠴᠠᠭᠠᠵᠠᠨ ᠳ᠋ᠤ᠌ ᠤᠨᠠᠬᠤ ᠪᠣᠯᠤᠨ᠎ᠠ᠃ ᠬᠠᠰᠠᠷ ᠴᠤ᠌᠂ ᠵᠥᠴᠢ ᠴᠦ᠍ ᠢᠯᠭᠠᠭ᠎ᠠ ᠦᠭᠡᠢ ᠭᠡᠮᠡᠨ ᠴᠢᠩᠭᠢᠰ ᠬᠠᠭᠠᠨ ᠭᠡᠨᠡᠳᠲᠡ ᠪᠤᠬᠢᠨᠢᠳᠤᠨ ᠬᠢᠯᠢᠩᠨᠡᠵᠦ ᠪᠠᠬᠠᠷᠳᠠᠬᠤ ᠰᠢᠬᠠᠨ ᠥᠭᠦᠯᠡᠵᠡᠢ᠃ ᠴᠢᠩᠭᠢᠰ ᠬᠠᠭᠠᠨ ᠢ᠋ ᠲᠠᠢᠳᠬᠤᠷᠠᠭᠤᠯᠬᠤ ᠬᠡᠷᠡᠭᠲᠡᠢ ᠪᠠᠢᠯ᠎ᠠ᠃
| ᠲᠡᠢᠮᠦ ᠠ᠋᠂ ᠵᠥᠴᠢ ᠶ᠋ᠢ ᠶᠠᠭᠠᠬᠢᠨ ᠮᠠᠷᠲᠠᠵᠤ ᠪᠣᠯᠬᠤ ᠪᠢᠯᠡ᠃ ᠮᠠᠷᠲᠠᠬᠤ ᠶ᠋ᠢᠨ ᠠᠷᠭ᠎ᠠ ᠦᠭᠡᠢ ᠬᠥᠮᠦᠨ ᠭᠡᠵᠦ ᠪᠠᠢᠬ᠎ᠠ᠃ ᠲᠡᠷᠡ ᠪᠣᠯ ᠵᠥᠴᠢ ᠶᠦᠮ᠃ ᠪᠢ ᠪᠣᠯ ᠲᠡᠭᠦᠨ ᠢ᠋ ᠪᠦᠷ ᠴᠦ᠍ ᠮᠠᠷᠲᠠᠬᠤ ᠤᠴᠢᠷ ᠦᠭᠡᠢ ᠬᠥᠮᠦᠨ᠃ ᠠᠩᠬ᠎ᠠ ᠮᠣᠷᠢᠨ ᠤ᠋ ᠶᠠᠪᠤᠳᠠᠯ ᠳᠤᠮᠳᠠ ᠬᠥᠩᠭᠡᠵᠢᠬᠦ ᠳ᠋ᠡᠭᠡᠨ ᠪᠥᠷᠲᠡ ᠲᠡᠩᠬᠡᠯ ᠨᠢ ᠪᠠᠷᠠᠭᠳᠠᠵᠤ ᠠᠷᠭ᠎ᠠ ᠪᠠᠨ ᠪᠠᠷᠠᠭᠠᠳ ᠮᠣᠷᠢᠨ ᠠ᠋ᠴᠠ ᠤᠨᠠᠬᠤ ᠳ᠋ᠤᠨᠢ ᠪᠢ ᠵᠥᠴᠢ ᠶ᠋ᠢ ᠦᠬᠦᠭᠡ ᠪᠢᠵᠡ ᠭᠡᠵᠦ ᠪᠣᠳᠣᠵᠤ ᠪᠢᠯᠡ᠃ ᠮᠣᠷᠢᠳ ᠤ᠋ᠨ ᠲᠣᠭᠣᠰᠣᠨ ᠳᠤᠮᠳᠠ ᠤᠨᠠᠭᠠᠳ ᠬᠦᠢ ᠲᠠᠰᠤᠷᠠᠭ᠎ᠠ ᠦᠭᠡᠢ ᠬᠡᠪᠲᠡᠵᠦ ᠪᠠᠢᠭᠰᠠᠨ ᠲᠡᠷᠡ ᠤᠯᠠᠭᠠᠨ ᠨᠢᠯᠵᠠᠷᠠᠢ ᠠᠮᠢᠲᠠᠨ ᠢ᠋ ᠵᠠᠮ ᠠ᠋ᠴᠠ ᠵᠠᠢᠯᠠᠭᠤᠯᠬᠤ ᠰᠠᠨᠠᠭ᠎ᠠ ᠲᠠᠢ ᠠᠯᠠᠭᠠᠨ ᠳᠡᠭᠡᠷ᠎ᠡ ᠪᠡᠨ ᠠᠪᠬᠤ ᠳ᠋ᠤ᠌ ᠤᠴᠢᠷ ᠦᠭᠡᠢ ᠪᠠᠷᠬᠢᠷᠠᠵᠤ ᠪᠠᠢᠭᠰᠠᠨ ᠰᠠᠨ᠃ ᠲᠡᠭᠡᠬᠦ ᠳ᠋ᠦ᠍ ᠯᠡ ᠲᠡᠮᠦᠵᠢᠨ ᠴᠢᠨᠦ ᠵᠠᠷᠯᠢᠭ ᠢ᠋ ᠪᠢ ᠠᠮᠢᠳᠤᠷᠠᠯ ᠳ᠋ᠠᠭᠠᠨ ᠴᠣᠷ ᠤ᠋ᠨ ᠭᠠᠭᠴᠠ ᠤᠳᠠᠭ᠎ᠠ ᠵᠥᠷᠢᠴᠡᠵᠦ ᠬᠦᠢ ᠶ᠋ᠢ ᠨᠢ ᠲᠠᠰᠤ ᠬᠠᠵᠠᠭᠠᠳ ᠡᠪᠦᠷᠲᠦᠯᠡᠭᠰᠡᠨ ᠪᠢᠯᠡ᠃ ᠪᠢ ᠲᠡᠷᠡ ᠦᠶ᠎ᠡ ᠳ᠋ᠦ᠍ ᠴᠢᠨᠦ ᠬᠡᠯᠡᠭᠰᠡᠨ ᠢ᠋ᠶ᠋ᠡᠷ ᠲᠡᠭᠦᠨ ᠢ᠋ ᠡᠵᠡᠭᠦᠢ ᠬᠡᠭᠡᠷ᠎ᠡ ᠭᠠᠵᠠᠷ ᠬᠥᠰᠡᠷ ᠰᠢᠲᠠᠵᠤ ᠣᠷᠬᠢᠭᠰᠠᠨ ᠪᠣᠯ ᠬᠣᠷᠸ᠎ᠠ ᠳᠡᠭᠡᠷ᠎ᠡ ᠵᠥᠴᠢ ᠭᠡᠬᠦ ᠬᠥᠮᠦᠨ ᠪᠠᠢᠬᠤ ᠦᠭᠡᠢ᠂ ᠬᠣᠵᠢᠮ ᠨᠢ ᠬᠠᠭᠠᠨ ᠲᠠ ᠢᠩᠭᠢᠵᠦ ᠰᠢᠨᠠᠯᠬᠤ ᠦᠭᠡᠢ ᠪᠠᠢᠪᠠ ᠭᠡᠵᠦ ᠭᠡᠮᠰᠢᠨ ᠪᠣᠳᠣᠭᠰᠠᠭᠠᠷ ᠥᠨᠥ ᠬᠦᠷᠦᠯ᠎ᠡ᠃ ᠭᠡᠪᠡᠴᠦ ᠡᠨᠡ ᠬᠣᠷᠸ᠎ᠠ ᠶ᠋ᠢᠨ ᠡᠯᠳᠡᠪ ᠤᠴᠢᠷ ᠢ᠋ ᠬᠡᠨ ᠤᠷᠢᠳᠴᠢᠯᠠᠨ ᠳᠠᠭᠠᠵᠤ ᠮᠡᠳᠡᠬᠦ ᠪᠢᠯᠡ᠃ ᠠᠯᠠᠭᠠᠨ ᠳ᠋ᠤ᠌ ᠮᠢᠨᠢ ᠠᠷᠪᠠᠯᠵᠠᠨ ᠪᠠᠷᠬᠢᠷᠠᠬᠤ ᠲᠡᠷᠡ ᠨᠢᠯᠬ᠎ᠠ ᠠᠮᠢᠲᠠᠨ ᠢ᠋ ᠬᠠᠵᠠᠭᠤ ᠲᠠᠢᠰᠢ ᠨᠢ ᠰᠢᠳᠡᠴᠢᠬᠡᠬᠦ ᠵᠢᠷᠦᠬᠡ ᠬᠦᠷᠦᠭᠡ ᠦᠭᠡᠢ ᠶᠦᠮ ᠃ ᠤᠭᠤᠷᠠᠭ ᠢ᠋ ᠨᠢ ᠳᠥᠩᠭᠡᠵᠢ ᠠᠮᠠᠯᠠᠭᠤᠯᠤᠭᠠᠳ ᠪᠦᠲᠦᠨ ᠡᠳᠦᠷ ᠳᠠᠪᠬᠢᠨ ᠬᠡᠷᠦᠯᠦᠨ ᠦ᠌ ᠡᠷᠭᠢ ᠳ᠋ᠦ᠍ ᠪᠠᠭᠤᠬᠤ ᠳ᠋ᠤ᠌ ᠣᠭᠲᠣ ᠲᠠᠵᠢ ᠦᠭᠡᠢ ᠳᠡᠷᠪᠡᠯᠵᠡᠨ ᠤᠬᠢᠯᠠᠵᠤ ᠪᠠᠢᠭᠰᠠᠨ ᠪᠢᠯᠡ᠃ ᠲᠡᠭᠡᠬᠦ ᠳ᠋ᠦ᠍ ᠪᠢ 《ᠡᠨᠡ ᠬᠥᠪᠡᠭᠦᠨ ᠢ᠋ ᠬᠥᠮᠦᠨ ᠪᠣᠯᠳᠠᠭ ᠯᠠ ᠶᠤᠮ ᠪᠣᠯ ᠬᠠᠮᠠᠭᠠᠯᠠᠵᠤ ᠶᠠᠪᠤᠰᠤᠭᠠᠢ》 ᠭᠡᠵᠦ ᠥᠪᠡᠷ ᠲᠡᠭᠡᠨ ᠲᠠᠩᠭᠠᠷᠢᠭᠯᠠᠭᠰᠠᠨ ᠶᠤᠮ᠃ ᠬᠠᠭᠠᠨ ᠲᠠ ᠲᠡᠭᠡᠬᠦ ᠳ᠋ᠦ᠍ ᠵᠥᠴᠢ ᠶ᠋ᠢ ᠭᠣᠯᠣᠵᠤ ᠬᠠᠶᠠᠭᠰᠠᠨ ᠪᠣᠯ ᠪᠢ ᠠᠪᠬᠤ ᠪᠠᠢᠪᠠ ᠃ ᠲᠡᠢᠮᠦ ᠴᠦ᠍ ᠤᠴᠢᠷ ᠠ᠋ᠴᠠ ᠣᠢ ᠶ᠋ᠢᠨ ᠢᠷᠭᠡᠳ ᠢ᠋ ᠳᠠᠢᠯᠠᠬᠤ ᠳ᠋ᠤ᠌ ᠪᠢ ᠭᠤᠶᠤᠵᠤ ᠴᠣᠭ ᠶᠠᠪᠤᠭᠰᠠᠨ᠃ ᠤᠬᠠᠭᠠᠨ ᠳ᠋ᠠᠭᠠᠨ ᠲᠡᠭᠦᠨ ᠢ᠋ ᠬᠠᠮᠠᠭᠠᠯᠠᠭᠰᠠᠨ ᠰᠠᠨᠠᠭ᠎ᠠ ᠲᠠᠢ ᠶᠤᠮ᠃ ᠶᠠᠭᠠᠬᠢᠭᠠᠳ ᠴᠤ᠌ ᠪᠣᠢ ᠴᠢ ᠲᠡᠭᠦᠨ ᠢ᠋ ᠶᠠᠭᠤ ᠶᠠᠭᠤ ᠦᠭᠡᠢ ᠬᠣᠣᠷᠯᠠᠬᠤ ᠭᠡᠳ ᠪᠠᠢᠬᠤ ᠰᠢᠭ᠋ ᠰᠠᠨᠠᠭᠳᠠᠳᠠᠭ ᠰᠠᠨ᠃ ᠵᠥᠴᠢ ᠴᠦ᠍ ᠡᠭᠦᠨ ᠢ᠋ ᠮᠡᠳᠡᠳᠡᠭ ᠪᠠᠢᠭᠰᠠᠨ ᠳᠠ᠃
| ᠴᠢᠮ᠎ᠠ ᠳ᠋ᠤ᠌ ᠲᠡᠷᠡ ᠥᠪᠡᠷ ᠢ᠋ᠶ᠋ᠡᠨ ᠲᠡᠭᠡᠵᠦ ᠬᠡᠯᠡᠪᠡ ᠭᠡᠵᠦ ᠤᠤ?
| ᠵᠥᠴᠢ ᠲᠡᠭᠡᠵᠦ ᠬᠡᠯᠡᠬᠦ ᠬᠥᠮᠦᠨ ᠪᠢᠰᠢ᠃
| ᠪᠤᠭᠤᠷᠴᠢ᠂ ᠪᠠᠢᠵᠠ᠂ ᠪᠠᠢᠵᠠ ᠢᠩᠭᠢᠬᠦ ᠳ᠋ᠦ᠍ ᠴᠢ ᠶᠡᠷᠦ ᠨᠢ ᠵᠥᠴᠢ ᠶ᠋ᠢ ᠦᠬᠦᠭᠰᠡᠨ ᠭᠡᠵᠦ ᠨᠠᠳᠠᠳᠤ ᠬᠤᠳᠠᠯ ᠬᠡᠯᠡᠭᠰᠡᠨ ᠬᠥᠮᠦᠨ ᠪᠢᠰᠢ ᠪᠢᠵᠡ᠃ ᠭᠡᠨᠡᠳᠲᠡᠬᠡᠨ ᠲᠡᠭᠡᠵᠦ ᠪᠣᠳᠣᠭᠳᠠᠭᠠᠳ ᠶᠠᠪᠤᠴᠢᠬᠠᠬᠤ ᠴᠢᠨᠢ᠃ ᠲᠡᠭᠦᠨ ᠢ᠋ ᠡᠪᠡᠳᠴᠢᠨ ᠢ᠋ᠶ᠋ᠡᠷ ᠦᠬᠦᠪᠡ ᠭᠡᠵᠦ ᠴᠢ ᠨᠠᠳᠠᠳᠤ ᠬᠤᠳᠠᠯ ᠬᠡᠯᠡᠭᠰᠡᠨ ᠮᠡᠲᠦ ᠰᠠᠨᠠᠭᠳᠠᠨ᠎ᠠ᠃
ᠴᠢᠩᠭᠢᠰ ᠬᠠᠭᠠᠨ ᠤ᠋ ᠡᠨᠡ ᠰᠠᠨᠠᠭᠠᠨ ᠳ᠋ᠤ᠌ ᠦᠭᠡᠢ ᠦᠭᠡ ᠶ᠋ᠢ ᠰᠣᠨᠣᠰᠤᠭᠠᠳ ᠪᠤᠭᠤᠷᠴᠢ ᠡᠷᠡᠭᠡᠯᠵᠡᠵᠦ ᠣᠷᠬᠢᠪᠠ᠃ ᠪᠠᠲᠤ ᠶ᠋ᠢᠨ ᠲᠤᠬᠠᠢ ᠲᠡᠭᠦᠨ ᠣ ᠬᠡᠯᠡᠭᠰᠡᠨ ᠪᠣᠯᠤᠨ ᠣᠳᠣ ᠡᠨᠡ ᠬᠡᠯᠡᠵᠦ ᠪᠠᠢᠭ᠎ᠠ ᠠ᠋ᠴᠠ ᠦᠵᠡᠬᠦ ᠳ᠋ᠦ᠍ ᠴᠢᠩᠭᠢᠰ ᠬᠠᠭᠠᠨ ᠲᠡᠭᠦᠨ ᠢ᠋ ᠢᠩᠭᠢᠵᠦ ᠰᠥᠨᠢ ᠳᠦᠯᠢ ᠪᠡᠷ ᠳᠠᠭᠤᠳᠠᠭᠰᠠᠨ ᠤ᠋ ᠪᠠᠰᠠ ᠨᠢᠭᠡ ᠤᠴᠢᠷ ᠲᠣᠳᠣᠷᠠᠬᠤ ᠰᠢᠭ᠋ ᠪᠣᠯᠵᠠᠢ᠃ ᠲᠡᠳᠡᠨ ᠦ᠌ ᠬᠠᠮᠲᠤ ᠪᠠᠢᠬᠤ ᠬᠤᠭᠤᠴᠠᠭ᠎ᠠ ᠨᠢᠭᠡᠨᠲᠡ ᠳᠠᠭᠤᠰᠴᠤ ᠪᠠᠢᠭ᠎ᠠ ᠨᠢ ᠨᠢᠭᠤᠬᠤ ᠠᠷᠭ᠎ᠠ ᠦᠭᠡᠢ ᠦᠨᠡᠨ ᠪᠣᠯᠵᠤ ᠪᠠᠢᠬᠤ ᠳ᠋ᠤ᠌ ᠰᠡᠳᠬᠢᠯ ᠳ᠋ᠡᠭᠡᠨ ᠵᠣᠪᠠᠯᠠᠩ ᠲᠡᠭᠡᠭᠡᠵᠦ ᠶᠠᠪᠤᠬᠤ ᠶ᠋ᠢᠨ ᠬᠡᠷᠡᠭ ᠶᠠᠭᠤ ᠪᠢᠯᠡ ᠭᠡᠵᠦ ᠪᠤᠭᠤᠷᠴᠢ ᠪᠣᠳᠣᠪᠠ᠃ ᠪᠠᠰᠠ ᠲᠡᠷᠡ ᠨᠢᠭᠤᠴᠠ ᠶ᠋ᠢ ᠴᠢᠩᠭᠢᠰ ᠬᠠᠭᠠᠨ ᠬᠡᠳᠦᠢᠨ ᠮᠡᠳᠡᠴᠢᠬᠡᠭᠡᠳ ᠲᠡᠭᠦᠨ ᠢ᠋ ᠰᠣᠷᠢᠵᠤ ᠰᠤᠨᠵᠢᠵᠤ ᠰᠠᠭᠤᠭ᠎ᠠ ᠶ᠋ᠢ ᠴᠦ᠍ ᠬᠡᠨ ᠮᠡᠳᠡᠯ᠎ᠡ᠃ ᠶᠡᠷᠦ ᠨᠢ ᠲᠡᠷᠡ ᠪᠡᠷ ᠬᠡᠵᠢᠶᠡᠨ ᠦ᠌ ᠲᠡᠭᠡᠵᠦ ᠬᠥᠮᠦᠨ ᠢ᠋ ᠰᠣᠷᠢᠵᠤ ᠲᠤᠷᠰᠢᠵᠤ ᠪᠠᠢᠳᠠᠭ᠂ ᠬᠡᠨ ᠳ᠋ᠦ᠍ ᠴᠦ᠍ ᠦᠯᠦ ᠢᠲᠡᠭᠡᠭᠴᠢ᠂ ᠰᠡᠵᠢᠭᠴᠢ ᠵᠠᠩᠲᠠᠢ ᠪᠢᠯᠡ᠃ ᠲᠡᠭᠡᠭᠡᠳ ᠴᠦ᠍ ᠣᠳᠣ ᠪᠤᠭᠤᠷᠴᠢ ᠳ᠋ᠤ᠌ ᠠᠶᠤᠵᠤ ᠢᠴᠢᠬᠦ ᠬᠡᠷᠡᠭ ᠨᠢᠭᠡᠨᠲᠡ ᠦᠭᠡᠢ ᠪᠣᠯᠤᠭᠰᠠᠨ ᠨᠢ ᠢᠯᠡᠳᠲᠡ ᠪᠠᠢᠪᠠ᠃
| ᠵᠥᠴᠢ ᠶ᠋ᠢᠨ ᠦᠬᠦᠭᠰᠡᠨ ᠨᠢ ᠭᠠᠷᠴᠠᠭ᠎ᠠ ᠦᠭᠡᠢ ᠦᠨᠡᠨ᠃ ᠬᠠᠷᠢᠨ ᠡᠪᠡᠳᠴᠢᠨ ᠢ᠋ᠶ᠋ᠡᠷ ᠦᠬᠦᠭᠰᠡᠨ ᠨᠢ ᠬᠤᠳᠠᠯ᠃ ᠡᠭᠦᠨ ᠢ᠋ ᠪᠢ ᠭᠠᠭᠴᠠᠭᠠᠷ ᠢ᠋ᠶ᠋ᠠᠷ ᠯᠠ ᠮᠡᠳᠡᠬᠦ ᠶᠦᠮ ᠭᠡᠵᠦ ᠪᠤᠭᠤᠷᠴᠢ ᠬᠡᠳᠦᠨ ᠵᠢᠯ ᠥᠪᠡᠷ ᠡᠴᠡ ᠪᠡᠨ ᠴᠦ᠍ ᠪᠠᠷᠤᠭ ᠳᠠᠯᠳᠠᠯᠠᠨ ᠬᠠᠳᠠᠭᠠᠯᠠᠵᠤ ᠶᠠᠪᠤᠭᠰᠠᠨ ᠨᠢᠭᠤᠴᠠ ᠪᠠᠨ ᠰᠢᠭᠤᠳᠬᠠᠨ ᠲᠦᠰ ᠳᠡᠰ ᠬᠡᠯᠡᠪᠡ᠃ ᠴᠢᠩᠭᠢᠰ ᠬᠠᠭᠠᠨ ᠬᠠᠷᠢᠨ ᠪᠤᠭᠤᠷᠴᠢ ᠶ᠋ᠢᠨ ᠲᠥᠰᠦᠭᠡᠯᠡᠨ ᠬᠦᠯᠢᠶᠡᠭᠰᠡᠨ ᠰᠢᠭ ᠲᠡᠭᠡᠲᠡᠯ᠎ᠡ ᠪᠡᠨ ᠴᠣᠴᠢᠵᠤ ᠬᠢᠯᠢᠩᠨᠡᠬᠦ ᠪᠠᠢᠳᠠᠯ ᠭᠠᠷᠤᠭᠰᠠᠨ ᠦᠭᠡᠢ᠂ ᠰᠠᠨᠠᠭᠰᠠᠨ ᠠ᠋ᠴᠠ ᠶᠡᠬᠡᠳᠡ ᠲᠠᠢᠪᠤᠩ ᠰᠠᠭᠤᠵᠤ ᠰᠣᠨᠣᠰᠤᠭᠠᠳ
| ᠦᠬᠦᠭᠰᠡᠨ᠃ ᠭᠡᠬᠦ ᠳ᠋ᠡᠭᠡᠨ ᠡᠪᠡᠳᠴᠢᠨ ᠢ᠋ᠶ᠋ᠡᠷ ᠦᠬᠦᠭᠰᠡᠨ ᠨᠢ ᠬᠤᠳᠠᠯ ᠭᠡᠵᠦ ᠴᠢ ᠶᠠᠭᠤ ᠶᠠᠷᠢᠨ᠎ᠠ? ᠡᠨᠡ ᠶ᠋ᠢ ᠴᠢᠨᠢ ᠪᠢ ᠶᠠᠭᠤ ᠭᠡᠵᠦ ᠣᠢᠯᠠᠭᠠᠪᠠᠯ ᠵᠣᠬᠢᠬᠤ ᠶ᠋ᠢ ᠬᠡᠯᠡᠭᠡᠴᠢ ᠭᠡᠵᠡᠢ᠃
| ᠬᠠᠭᠠᠨ ᠲᠠ ᠵᠥᠴᠢ ᠶ᠋ᠢ ᠪᠤᠷᠤᠭᠤ ᠰᠠᠨᠠᠭ᠎ᠠ ᠠᠭᠤᠯᠤᠭᠰᠠᠨ ᠠᠬᠤᠯ᠎ᠠ ᠥᠪᠡᠷ ᠦ᠋ᠨ ᠦᠵᠡᠮᠵᠢ ᠪᠡᠷ ᠬᠣᠷᠣᠭᠠᠬᠤ ᠶᠣᠰᠣᠲᠠᠢ ᠪᠣᠯ ᠬᠣᠷᠣᠭᠠᠬᠤ ᠶ᠋ᠢ ᠨᠠᠳᠠᠳᠤ ᠲᠤᠰᠢᠶᠠᠭᠰᠠᠨ ᠪᠤᠰᠤ ᠤᠤ?
| ᠴᠢ ᠶᠠᠭᠤ ᠶᠠᠷᠢᠨ᠎ᠠ? ᠬᠢᠪᠴᠠᠭ ᠠ᠋ᠴᠠ ᠪᠤᠴᠠᠵᠤ ᠢᠷᠡᠭᠡᠳ ᠴᠢ ᠨᠠᠳᠠᠳᠤ ᠵᠥᠴᠢ ᠡᠪᠡᠳᠴᠢᠨ ᠢ᠋ᠶ᠋ᠡᠷ ᠨᠠᠰᠤ ᠪᠠᠷᠠᠪᠠ ᠭᠡᠰᠡᠨ ᠲᠤᠯᠠ ᠪᠦᠬᠦᠯᠢ ᠤᠯᠤᠰ ᠢ᠋ᠶ᠋ᠠᠷ ᠢ᠋ᠶ᠋ᠠᠨ ᠶᠡᠬᠡ ᠭᠠᠰᠢᠭᠤᠳᠠᠯ ᠵᠠᠷᠯᠠᠭᠰᠠᠨ ᠪᠤᠰᠤ ᠤᠤ?
| ᠬᠠᠭᠠᠨᠲᠠᠨ ᠲᠠ ᠶᠠᠭᠤ ᠠᠢᠯᠠᠳᠤᠨ᠎ᠠ? ᠮᠢᠨᠦ ᠵᠠᠷᠯᠢᠭ ᠢ᠋ᠶ᠋ᠠᠷ ᠵᠥᠴᠢ ᠶ᠋ᠢ ᠬᠣᠷᠣᠭᠠᠪᠠ ᠭᠡᠵᠦ ᠲᠠ ᠵᠠᠷᠯᠠᠬᠤ ᠪᠠᠢᠭᠰᠠᠨ ᠭᠡᠵᠦ ᠤᠤ? ᠬᠥᠪᠡᠭᠦᠨ ᠢ᠋ ᠴᠢᠨᠢ ᠬᠣᠷᠣᠭᠠᠪᠠ ᠭᠡᠵᠦ ᠬᠡᠯᠡᠬᠦ ᠦᠭᠡ ᠮᠢᠨᠦ ᠠᠮᠠᠨ ᠳ᠋ᠤ᠌ ᠶᠠᠭᠠᠬᠢᠨ ᠪᠠᠭᠲᠠᠬᠤ ᠪᠢᠯᠡ? ᠭᠡᠵᠦ ᠪᠤᠭᠤᠷᠴᠢ ᠭᠠᠰᠢᠭᠤᠳᠠᠯᠲᠠᠢ ᠰᠢᠪᠡᠨᠡᠪᠡ᠃ ᠬᠡᠰᠡᠭ ᠵᠠᠭᠤᠷ᠎ᠠ ᠨᠠᠮ ᠭᠦᠮ ᠪᠣᠯᠵᠠᠢ᠃ ᠴᠢᠩᠭᠢᠰ ᠬᠠᠭᠠᠨ ᠤ᠋ ᠭᠠᠷ ᠰᠠᠯᠭᠠᠨᠠᠨ ᠨᠢᠳᠦ ᠨᠢ ᠠᠶᠠᠭᠠᠨ ᠠ᠋ᠴᠠ ᠪᠠᠨ ᠪᠦᠯᠲᠡᠷᠡᠨ ᠭᠠᠷᠬᠤ ᠨᠢ ᠤᠤ ᠭᠡᠮᠡᠷ ᠪᠦᠯᠲᠡᠢᠵᠦ ᠨᠢᠭᠡ ᠶᠠᠭᠤᠮ᠎ᠠ ᠬᠡᠯᠡᠬᠦ ᠭᠡᠰᠡᠨ ᠪᠣᠯᠤᠯᠲᠠᠢ ᠠᠮᠠ ᠨᠢ ᠬᠡᠳᠦ ᠠᠩᠭᠠᠯᠵᠠᠭᠰᠠᠨ ᠢ᠋ᠶ᠋ᠠᠨ ᠶᠠᠭᠤ ᠴᠤ᠌ ᠳᠤᠤᠭᠠᠷᠴᠤ ᠴᠢᠳᠠᠯ ᠦᠭᠡᠢ ᠰᠢᠷᠡᠭᠡ ᠪᠡᠨ ᠲᠤᠯᠤᠨ ᠪᠣᠰᠤᠭᠠᠳ ᠢᠷᠡᠪᠡ᠃ ᠪᠤᠭᠤᠷᠴᠢ ᠴᠤ᠌ ᠦᠰᠦᠷᠦᠨ ᠪᠣᠰᠴᠠᠢ᠃ ᠴᠢᠩᠭᠢᠰ ᠬᠠᠭᠠᠨ ᠴᠢᠪ ᠴᠢᠮᠡᠭᠡ ᠦᠭᠡᠢ ᠣᠢᠷᠠᠲᠤᠨ ᠢᠷᠡᠭᠡᠳ ᠲᠡᠭᠦᠨ ᠢ᠋ ᠵᠠᠭᠠᠮᠠᠳᠠᠨ ᠠᠪᠤᠪᠠ᠃ ᠨᠢᠳᠦ ᠨᠢ ᠭᠠᠯᠵᠠᠭᠤᠷᠠᠭᠰᠠᠨ ᠮᠡᠲᠦ ᠳᠦᠷᠯᠡᠢᠵᠦ ᠠᠮᠠ ᠨᠢ ᠠᠩᠭᠠᠯᠵᠠᠬᠤ ᠨᠢ ᠠᠶᠤᠮᠰᠢᠭᠲᠤ ᠦᠭᠡᠰ ᠬᠠᠰᠬᠢᠷᠴᠤ ᠪᠠᠢᠬᠤ ᠮᠡᠲᠦ᠃ ᠭᠡᠪᠡᠴᠦ ᠲᠡᠭᠦᠨ ᠦ᠌ ᠳᠠᠭᠤ ᠭᠠᠷᠬᠤ ᠦᠭᠡᠢ ᠪᠥᠭᠯᠡᠷᠡᠵᠡᠢ᠃ ᠴᠢᠩᠭᠢᠰ ᠬᠠᠭᠠᠨ ᠢ᠋ ᠢᠩᠭᠢᠭᠡᠳ ᠦᠬᠦᠬᠦ ᠨᠢ ᠤᠤ ᠳᠠ ᠭᠡᠵᠦ ᠪᠤᠭᠤᠷᠴᠢ ᠰᠦᠨᠡᠰᠦ ᠪᠡᠨ ᠵᠠᠢᠯᠠᠲᠠᠯ᠎ᠠ ᠠᠶᠤᠬᠤ ᠮᠥᠷᠲᠡᠭᠡᠨ ᠳᠡᠮᠡᠢ ᠶᠠᠭᠤᠮ᠎ᠠ ᠬᠡᠯᠡᠪᠡ ᠭᠡᠵᠦ ᠬᠠᠷᠠᠮᠰᠠᠬᠤ ᠰᠡᠬᠦᠭᠡ ᠴᠦ᠍ ᠪᠠᠢᠭᠰᠠᠨ ᠦᠭᠡᠢ᠃ ᠴᠢᠩᠭᠢᠰ ᠬᠠᠭᠠᠨ ᠤ᠋ ᠴᠢᠷᠠᠢ ᠬᠥᠬᠡᠷᠡᠨ ᠠᠮᠢᠰᠬᠤᠭ᠎ᠠ ᠨᠢ ᠲᠠᠰᠤᠯᠳᠠᠬᠤ ᠳ᠋ᠤ᠌ ᠪᠤᠭᠤᠷᠴᠢ ᠠᠷᠭ᠎ᠠ ᠪᠠᠨ ᠪᠠᠷᠠᠵᠤ ᠥᠪᠡᠷ ᠦ᠋ᠨ ᠮᠠᠲᠠᠯ ᠦᠭᠡᠢ ᠠᠯᠠᠭᠠᠳᠠᠭᠠᠳ ᠠᠪᠴᠠᠢ᠃ ᠴᠢᠩᠭᠢᠰ ᠬᠠᠭᠠᠨ ᠰᠠᠶᠢ ᠯᠠ ᠨᠢᠭᠡ ᠰᠣᠴᠢᠨ ᠴᠡᠭᠡᠵᠢᠨ ᠦ᠌ ᠬᠢᠨᠢ ᠪᠥᠭᠯᠡᠭᠡ ᠣᠩᠭᠣᠢᠵᠤ ᠠᠷᠠᠢ ᠶᠠᠳᠠᠨ ᠠᠮᠢᠰᠬᠤᠭ᠎ᠠ ᠠᠪᠤᠭᠠᠳ
| ᠴᠢ ᠨᠠᠮᠠᠶ᠋ᠢ ᠬᠠᠭᠤᠷᠴᠠᠢ ᠭᠡᠮᠡᠨ ᠪᠠᠢᠳᠠᠭ ᠬᠣᠭᠣᠯᠠᠢ ᠪᠠᠷ ᠢ᠋ᠶ᠋ᠠᠨ ᠬᠢᠯᠢᠩᠲᠡᠢ ᠪᠡᠷ ᠬᠠᠰᠬᠢᠷᠴᠠᠢ᠃ ᠲᠡᠭᠦᠨ ᠦ᠌ ᠳᠠᠭᠤ ᠶ᠋ᠢ ᠰᠣᠨᠣᠰᠤᠭᠠᠳ ᠪᠤᠭᠤᠷᠴᠢ ᠲᠠᠢᠪᠤᠰᠢᠷᠠᠪᠠ᠃ ᠰᠠᠶᠢ ᠲᠡᠭᠦᠨ ᠢ᠋ ᠠᠯᠠᠭᠠᠳᠠᠭᠠ ᠦᠭᠡᠢ ᠪᠣᠯ ᠴᠢᠩᠭᠢᠰ ᠬᠠᠭᠠᠨ ᠠᠮᠢᠰᠬᠤᠯ ᠨᠢ ᠪᠥᠭᠯᠡᠷᠡᠨ ᠬᠣᠷᠣᠮ ᠤ᠋ᠨ ᠳᠣᠲᠣᠷ᠎ᠠ ᠦᠬᠦᠬᠦ ᠪᠠᠢᠪᠠ᠃ ᠬᠠᠷᠢᠨ ᠪᠤᠭᠤᠷᠴᠢ ᠤᠴᠢᠷ ᠢ᠋ ᠲᠡᠷᠡ ᠳᠣᠣᠷ᠎ᠠ ᠨᠢ ᠤᠬᠠᠭᠠᠷᠠᠨ ᠬᠡᠷᠬᠢᠬᠦ ᠶ᠋ᠢ ᠵᠥᠪ ᠰᠡᠳᠬᠢᠵᠦ ᠲᠡᠭᠦᠨ ᠢ᠋ ᠦᠬᠦᠯ ᠡᠴᠡ ᠵᠠᠢᠯᠠᠭᠤᠯᠵᠠᠢ᠃ ᠦᠬᠦᠯ ᠦ᠋ᠨ ᠬᠠᠷ᠎ᠠ ᠰᠡᠭᠦᠳᠡᠷ ᠠᠯᠭᠤᠷ ᠬᠣᠯᠠᠳᠤᠨ ᠣᠳᠪᠠ᠃
| ᠴᠢ ᠮᠢᠨᠦ ᠵᠠᠷᠯᠢᠭ ᠢ᠋ ᠵᠥᠷᠢᠴᠡᠵᠦ ᠠᠶᠤᠮᠰᠢᠭ ᠦᠭᠡᠢ ᠪᠡᠷ ᠬᠠᠭᠤᠷᠤᠭᠰᠠᠨ ᠪᠠᠢᠨ᠎ᠠ᠃ ᠪᠢ ᠴᠢᠨᠦ ᠠᠯᠢ ᠦᠭᠡᠨ ᠳ᠋ᠦ᠍ ᠢᠲᠡᠭᠡᠨ᠎ᠡ ᠤᠤ? ᠬᠡᠯᠡᠭᠡᠴᠢ! ᠭᠡᠵᠦ ᠴᠢᠩᠭᠢᠰ ᠬᠠᠭᠠᠨ ᠪᠤᠬᠢᠨᠢᠳᠤᠨ ᠥᠭᠦᠯᠡᠭᠡᠳ ᠲᠡᠭᠦᠨ ᠢ᠋ ᠳᠠᠬᠢᠨ ᠵᠠᠭᠠᠮᠠᠳᠠᠨ ᠠᠪᠤᠪᠠ᠃
| ᠪᠢ ᠴᠢᠮᠠᠶ᠋ᠢ ᠥᠪᠡᠷ ᠦ᠋ᠨ ᠭᠠᠷ ᠢ᠋ᠶ᠋ᠠᠷ ᠪᠠᠭᠠᠯᠵᠠᠭᠤᠷᠳᠠᠨ ᠠᠯᠠᠨ᠎ᠠ᠃ ᠮᠢᠨᠦ ᠬᠥᠪᠡᠭᠦᠨ ᠢ᠋ ᠠᠯᠠᠭᠰᠠᠨ ᠤ᠋ ᠴᠢᠨᠢ ᠲᠥᠯᠥᠭᠡ ᠠᠯᠠᠬᠤ ᠪᠣᠯᠤᠨ᠎ᠠ᠃ ᠪᠢ ᠴᠢᠮᠠᠶ᠋ᠢ ᠵᠥᠴᠢ ᠶ᠋ᠢ ᠠᠪᠴᠢᠷᠠ ᠭᠡᠰᠡᠨ ᠪᠢᠰᠢ ᠤᠤ? ᠴᠢ ᠴᠦ᠍ ᠲᠡᠭᠦᠨ ᠢ᠋ ᠳᠠᠷᠤᠢ ᠳᠠᠭᠠᠭᠤᠯᠤᠨ ᠠᠪᠴᠢᠷᠠᠨ᠎ᠠ ᠭᠡᠵᠦ ᠠᠮᠠᠯᠠᠭᠰᠠᠨ ᠪᠢᠰᠢ ᠤᠤ? ᠭᠡᠭᠰᠡᠭᠡᠷ ᠦᠭᠡ ᠪᠡᠨ ᠴᠦ᠍ ᠳᠠᠭᠤᠰᠬᠠᠯ ᠦᠭᠡᠢ ᠪᠤᠭᠤᠷᠴᠢ ᠲᠠᠢ ᠵᠢᠭᠤᠷᠠᠯᠳᠤᠭᠰᠠᠨ ᠴᠢᠭ ᠢ᠋ᠶ᠋ᠡᠷ ᠢ᠋ᠶ᠋ᠡᠨ ᠤᠬᠠᠭᠠᠨ ᠪᠠᠯᠠᠷᠳᠠᠨ ᠰᠠᠭᠤᠵᠠᠢ᠃ ᠭᠡᠪᠡᠴᠦ ᠲᠡᠷᠡ ᠳᠣᠣᠷ᠎ᠠ ᠪᠠᠨ ᠰᠡᠷᠭᠦᠵᠦ ᠥᠨᠳᠡᠢᠨ ᠰᠠᠭᠤᠪᠠ᠃ ᠴᠢᠩᠭᠢᠰ ᠬᠠᠭᠠᠨ ᠲᠡᠷᠡᠬᠡᠨ ᠬᠣᠭᠣᠷᠣᠨᠳᠣ ᠲᠠᠢᠪᠤᠰᠢᠷᠠᠭᠰᠠᠨ ᠨᠢ ᠭᠠᠢᠬᠠᠯᠲᠠᠢ ᠴᠤ᠌ ᠪᠤᠭᠤᠷᠴᠢ ᠲᠠᠢᠪᠤᠰᠢᠷᠠᠵᠤ ᠴᠢᠳᠠᠬᠤ ᠦᠭᠡᠢ ᠪᠠᠢᠯ᠎ᠠ᠃
| ᠨᠠᠮᠠᠶ᠋ᠢ ᠠᠯᠠᠬᠤ ᠴᠤ᠌ ᠪᠠᠭᠠᠳᠠᠨ᠎ᠠ᠃ ᠭᠡᠪᠡᠴᠦ ᠪᠢ ᠬᠠᠭᠠᠨ ᠲᠠᠨ ᠤ᠋ ᠵᠠᠷᠯᠢᠭ ᠢ᠋ ᠳᠠᠭᠠᠬᠤ ᠦᠭᠡᠢ ᠪᠠᠢᠵᠤ ᠶᠠᠭᠠᠬᠢᠨ ᠴᠢᠳᠠᠨ᠎ᠠ᠃ ᠡᠨᠡ ᠮᠠᠭᠤ ᠮᠣᠢᠨᠣᠭ ᠭᠠᠷ ᠶᠠᠭᠠᠬᠢᠭᠰᠠᠨ ᠶᠡᠬᠡ ᠨᠢᠭᠦᠯ ᠦᠢᠯᠡᠳᠪᠡ᠃ ᠨᠢᠭᠦᠯ ᠨᠢᠭᠦᠯ ᠦ᠋ᠨ ᠳᠣᠲᠣᠷ᠎ᠠ ᠠ᠋ᠴᠠ ᠣᠷᠴᠢᠯᠠᠩ ᠳ᠋ᠤ᠌ ᠢᠷᠡᠬᠦ ᠳ᠋ᠦ᠍ᠨᠢ ᠲᠣᠰᠴᠤ ᠠᠪᠤᠭᠰᠠᠨ ᠭᠠᠷ ᠢ᠋ᠶ᠋ᠠᠷ ᠢ᠋ᠶ᠋ᠠᠨ ᠲᠡᠭᠦᠨ ᠢ᠋ ᠬᠥᠨᠥᠭᠡᠬᠦ ᠭᠡᠳᠡᠭ ᠶᠠᠭᠤᠲᠠᠢ ᠠᠶᠤᠮᠰᠢᠭ᠃ ᠲᠡᠷᠡ ᠡᠳᠦᠷ ᠡᠴᠡ ᠬᠣᠢᠰᠢ ᠪᠢ ᠣᠭᠲᠣ ᠥᠭᠡᠷ᠎ᠡ ᠬᠥᠮᠦᠨ ᠪᠣᠯᠴᠢᠬᠠᠬᠤ ᠰᠢᠭ᠋ ᠯᠡ ᠰᠠᠨᠠᠭᠳᠠᠭᠰᠠᠨ ᠳᠠ᠃ ᠪᠢ ᠬᠠᠭᠠᠨ ᠲᠠᠨ ᠤ᠋ ᠰᠡᠳᠬᠢᠯ ᠢ᠋ ᠰᠢᠷᠬᠠᠯᠠᠭᠤᠯᠬᠤ ᠦᠭᠡᠢ ᠯᠡ ᠭᠡᠰᠡᠨ ᠳ᠋ᠡᠭᠡᠨ 《ᠡᠪᠡᠳᠴᠢᠨ ᠢ᠋ᠶ᠋ᠡᠷ ᠦᠬᠦᠪᠡ》 ᠬᠡᠮᠡᠭᠰᠡᠨ ᠪᠢᠯᠡ᠃ ᠪᠠᠰᠠ ᠦᠨᠡᠬᠡᠷ ᠡᠪᠡᠳᠴᠢᠨ ᠢ᠋ᠶ᠋ᠡᠷ ᠦᠬᠦᠭᠰᠡᠨ ᠮᠡᠲᠦ ᠯᠡ ᠬᠣᠷᠣᠭᠠᠭᠰᠠᠨ᠃ ᠡᠭᠦᠨ ᠡᠴᠡ ᠥᠭᠡᠷ᠎ᠡ ᠪᠡᠷ ᠪᠢ ᠶᠠᠭᠠᠬᠢᠬᠤ ᠪᠢᠯᠡ᠃ ᠪᠢ ᠦᠢᠯᠡ ᠪᠠᠨ ᠯᠠ ᠳᠠᠭᠠᠭᠰᠠᠨ᠃ ᠣᠳᠣ ᠴᠤ᠌ ᠳᠠᠭᠠᠬᠤ ᠳ᠋ᠤ᠌ ᠪᠡᠯᠡᠨ᠃ ᠨᠠᠬᠤ ᠪᠠᠶᠠᠨ ᠡᠴᠢᠭᠡ ᠶ᠋ᠢᠨ ᠢ᠋ᠶ᠋ᠡᠨ ᠠᠳᠤᠭᠤ ᠶ᠋ᠢ ᠡᠵᠡᠭᠦᠢ ᠬᠡᠭᠡᠷ᠎ᠡ ᠣᠷᠬᠢᠭᠠᠳ ᠴᠢᠮᠠᠶ᠋ᠢ ᠳᠠᠭᠠᠬᠤ ᠳ᠋ᠠᠭᠠᠨ ᠯᠠ ᠪᠢ ᠢᠩᠭᠢᠵᠦ ᠰᠢᠢᠳᠦᠭᠰᠡᠨ᠃ ᠨᠠᠮᠠᠶ᠋ᠢ ᠠᠯᠠᠪᠠᠯ ᠠᠯᠠᠲᠤᠭᠠᠢ᠃ ᠣᠳᠣ ᠨᠠᠳᠠᠳᠤ ᠦᠬᠦᠬᠦ ᠳ᠋ᠦ᠍ ᠬᠠᠢᠷᠠᠨ ᠪᠤᠰᠤ᠃
| ᠴᠢ ᠵᠥᠴᠢ ᠶ᠋ᠢᠨ ᠲᠤᠬᠠᠢ ᠴᠢᠩ ᠦᠨᠡᠨ ᠢ᠋ ᠬᠡᠯᠡᠭᠲᠦᠨ᠃ ᠮᠢᠨᠦ ᠰᠡᠳᠬᠢᠯ ᠢ᠋ ᠪᠦᠦ ᠳᠤᠷᠠᠰ᠃
| ᠲᠠᠨ ᠤ᠋ ᠰᠡᠵᠢᠭᠯᠡᠨ ᠪᠣᠳᠣᠭᠰᠠᠨ ᠪᠦᠭᠦᠳᠡ ᠦᠨᠡᠨ ᠪᠠᠢᠪᠠ᠃ ᠵᠥᠴᠢ 《ᠪᠡᠶ᠎ᠡ ᠡᠪᠡᠳᠴᠢᠯᠡᠪᠡ》 ᠭᠡᠵᠦ ᠵᠠᠷ ᠲᠠᠷᠬᠠᠭᠠᠳ ᠭᠡᠷ ᠲᠡᠭᠡᠨ ᠪᠦᠭᠭᠦᠵᠦ ᠬᠠᠭᠠᠨ ᠲᠠᠨ ᠢ᠋ ᠨᠤᠲᠤᠭ ᠪᠤᠴᠠᠬᠤ ᠶ᠋ᠢ ᠬᠦᠯᠢᠶᠡᠬᠦ ᠪᠡᠷ ᠰᠢᠢᠳᠦᠭᠰᠡᠨ ᠪᠠᠢᠪᠠ᠃ ᠶᠢᠰᠦᠨᠲᠡᠢ ᠲᠠᠨ ᠳ᠋ᠤ᠌ ᠴᠣᠬᠣᠮ ᠦᠨᠡᠨ ᠢ᠋ ᠬᠡᠯᠡᠵᠡᠢ᠃ ᠵᠥᠴᠢ ᠴᠦ᠍ ᠨᠠᠳᠠᠳᠤ ᠲᠡᠭᠡᠬᠦ ᠳ᠋ᠦ᠍ ᠪᠦᠬᠦ ᠦᠨᠡᠨ ᠢ᠋ᠶ᠋ᠡᠨ ᠬᠡᠯᠡᠵᠦ ᠪᠠᠰᠠ ᠨᠠᠮᠠᠶ᠋ᠢ ᠳᠡᠷᠭᠡᠳᠡ ᠪᠡᠨ ᠦᠯᠡᠳᠡᠭᠡᠬᠦ ᠶ᠋ᠢ ᠴᠦ᠍ ᠢᠳᠬᠠᠭᠰᠠᠨ᠃ ᠲᠡᠷᠡ ᠪᠦᠭᠦᠳᠡ ᠶ᠋ᠢ ᠰᠠᠢᠲᠤᠷ ᠲᠥᠯᠥᠪᠯᠡᠭᠰᠡᠨ ᠪᠠᠢᠯ᠎ᠠ᠃ 《ᠪᠡᠶ᠎ᠡ ᠮᠠᠭᠤᠳᠠᠪᠠ》 ᠭᠡᠰᠡᠨ ᠨᠢ ᠬᠠᠭᠠᠨ ᠡᠴᠢᠭᠡ ᠲᠡᠢ ᠪᠡᠨ ᠣᠯᠠᠨ ᠤ᠋ ᠨᠢᠳᠦᠨ ᠳᠡᠭᠡᠷ᠎ᠡ ᠡᠪᠳᠡᠷᠡᠯᠴᠡᠬᠦ ᠡᠴᠡ ᠵᠠᠢᠯᠠᠰᠬᠢᠬᠦ ᠶ᠋ᠢᠨ ᠲᠤᠯᠠᠳᠠ ᠪᠠᠢᠵᠠᠢ᠃ ᠪᠠᠰᠠ ᠨᠠᠮᠠᠶ᠋ᠢ ᠬᠠᠷᠠᠭᠠᠳ ᠯᠠ ᠶᠠᠭᠠᠬᠢᠬᠤ ᠭᠡᠵᠦ ᠢᠷᠡᠭᠰᠡᠨ ᠢ᠋ ᠮᠢᠨᠢ ᠳᠣᠣᠷ᠎ᠠ ᠨᠢ ᠮᠡᠳᠡᠭᠰᠡᠨ ᠳᠡ᠃《ᠬᠠᠭᠠᠨ ᠡᠴᠢᠭᠡ ᠴᠢᠨᠢ ᠬᠢᠯᠢᠩᠨᠡᠵᠦ ᠳᠠᠷᠤᠢ ᠢᠷᠡᠬᠦ ᠶ᠋ᠢ ᠲᠤᠰᠢᠶᠠᠪᠠ》 ᠭᠡᠬᠦ ᠶ᠋ᠢ ᠮᠢᠨᠢ ᠰᠣᠨᠣᠰᠤᠭᠠᠳ ᠰᠠᠭᠤᠵᠤ ᠰᠠᠭᠤᠵᠤ 《ᠪᠤᠭᠤᠷᠴᠢ ᠠᠬᠠᠢ᠂ ᠪᠢ ᠡᠨᠡ ᠤᠯᠤᠰ ᠢ᠋ ᠪᠠᠢᠭᠤᠯᠬᠤ ᠭᠡᠵᠦ ᠴᠢᠰᠤ ᠪᠠᠨ ᠤᠷᠤᠰᠬᠠᠵᠤ᠂ ᠴᠤᠯᠪᠤᠭᠤᠷ ᠢ᠋ᠶ᠋ᠠᠨ ᠬᠣᠮᠢᠯ ᠦᠭᠡᠢ ᠶᠠᠪᠤᠯ᠎ᠠ᠃ ᠪᠢ ᠥᠪᠡᠷ ᠦ᠋ᠨ ᠪᠠᠢᠭᠤᠯᠤᠭᠰᠠᠨ ᠤᠯᠤᠰ ᠲᠠᠭᠠᠨ ᠶᠠᠰᠤ ᠪᠠᠨ ᠲᠠᠯᠪᠢᠶ᠎ᠠ ᠳᠠ》 ᠭᠡᠰᠡᠨ ᠶᠦᠮ᠃ ᠪᠢ ᠶᠠᠭᠤ ᠴᠤ᠌ ᠬᠡᠯᠡᠵᠦ ᠴᠢᠳᠠᠭ᠎ᠠ ᠦᠭᠡᠢ᠃ ᠶᠡᠷᠦ ᠨᠢ ᠶᠠᠭᠤ ᠴᠤ᠌ ᠬᠡᠯᠡᠬᠦ ᠪᠢᠯᠡ᠃ ᠪᠢᠳᠡ ᠬᠣᠶᠠᠷ ᠺᠠᠰᠫᠢ ᠶ᠋ᠢᠨ ᠲᠠᠩᠭᠢᠰ ᠤ᠋ᠨ ᠵᠡᠭᠡᠰᠦᠲᠦ ᠬᠥᠪᠡᠭᠡ ᠪᠡᠷ ᠮᠣᠷᠢᠲᠠᠢ ᠵᠡᠷᠭᠡᠴᠡᠨ ᠭᠠᠯᠭᠢᠭᠤᠯᠵᠤ ᠶᠠᠪᠤᠯ᠎ᠠ᠃ ᠵᠥᠴᠢ ᠶᠡᠬᠡ ᠴᠡᠷᠢᠭ ᠢ᠋ᠶ᠋ᠡᠨ ᠲᠠᠯ᠎ᠠ ᠳᠦᠭᠦᠷᠲᠡᠯ᠎ᠡ ᠵᠢᠭᠰᠠᠭᠠᠭᠠᠳ 《ᠵᠠ ᠪᠤᠭᠤᠷᠴᠢ ᠠᠬᠠᠢ᠂ ᠲᠠᠨ ᠤ᠋ ᠡᠮᠦᠨ᠎ᠡ ᠮᠢᠨᠦ ᠶᠡᠬᠡ ᠴᠡᠷᠢᠭ ᠪᠠᠢᠨ᠎ᠠ᠃ ᠡᠨᠡ ᠴᠡᠷᠢᠭ ᠨᠠᠳᠠᠲᠠᠢ ᠴᠣᠭ ᠺᠠᠰᠫᠢ ᠶ᠋ᠢᠨ ᠲᠠᠩᠭᠢᠰ ᠤ᠋ᠨ ᠵᠡᠭᠦᠨ ᠡᠷᠭᠢ᠂ ᠬᠢᠪᠴᠠᠭ ᠤ᠋ᠨ ᠲᠠᠯ᠎ᠠ ᠶ᠋ᠢᠨ ᠭᠤᠷᠪᠠᠨ ᠶᠡᠬᠡ ᠭᠣᠣᠯ ᠤ᠋ᠨ ᠬᠣᠲᠠ ᠪᠠᠯᠭᠠᠰᠤ ᠶ᠋ᠢ ᠳᠠᠢᠯᠠᠨ ᠠᠪᠴᠤ ᠨᠢᠭᠡᠳᠬᠡᠭᠰᠡᠨ ᠶᠦᠮ᠃ ᠨᠠᠳᠠᠳᠤ ᠣᠳᠣ ᠶᠠᠮᠠᠷ ᠴᠤ᠌ ᠤᠯᠤᠰ ᠠᠶᠤᠯ ᠲᠠᠢ ᠪᠢᠰᠢ᠃ ᠮᠢᠨᠦ ᠴᠡᠷᠢᠭ ᠵᠣᠷᠢᠭᠲᠠᠢ᠂ ᠬᠤᠷᠳᠤᠨ ᠭᠠᠪᠰᠢᠭᠠᠢ᠂ ᠨᠠᠳᠠᠳᠤ ᠦᠬᠦᠲᠡᠯ᠎ᠡ ᠪᠡᠨ ᠦᠨᠡᠨᠴᠢ ᠲᠡᠮᠡᠴᠡᠨ᠎ᠡ᠃ ᠪᠢ ᠡᠢᠮᠦ ᠴᠡᠷᠢᠭ ᠦ᠋ᠳ ᠡᠴᠡ ᠬᠠᠭᠠᠴᠠᠬᠤ ᠳᠠᠩᠴᠤ ᠬᠠᠢᠷᠠᠨ᠃ ᠪᠢ ᠪᠥᠷᠲᠡ ᠡᠬᠡ ᠶ᠋ᠢᠨ ᠢ᠋ᠶ᠋ᠡᠨ ᠦᠭᠡ ᠶ᠋ᠢ ᠯᠡ ᠳᠠᠭᠠᠶ᠎ᠠ᠃ ᠪᠢ ᠡᠬᠡ ᠶ᠋ᠢᠨ ᠢ᠋ᠶ᠋ᠡᠨ ᠰᠡᠳᠬᠢᠯ ᠢ᠋ ᠵᠣᠪᠠᠭᠠᠵᠤ ᠦᠯᠦ ᠴᠢᠳᠠᠨ᠎ᠠ᠃ ᠡᠵᠢ ᠮᠢᠨᠢ ᠨᠠᠳᠠᠳᠤ 《ᠵᠥᠴᠢ ᠬᠦᠦ ᠮᠢᠨᠢ᠂ ᠴᠢ ᠪᠣᠯ ᠲᠡᠮᠦᠵᠢᠨ ᠡᠴᠢᠭᠡ᠂ ᠪᠥᠷᠲᠡ ᠡᠵᠢ ᠳ᠋ᠡᠭᠡᠨ ᠵᠣᠪᠠᠯᠠᠩ ᠠ᠋ᠴᠠ ᠣᠯᠳᠠᠭᠰᠠᠨ ᠦᠷ᠎ᠡ ᠨᠢ ᠶᠦᠮ᠃ ᠲᠡᠮᠦᠵᠢᠨ ᠡᠴᠢᠭᠡ ᠴᠢᠨᠢ ᠴᠢᠮᠠᠶ᠋ᠢ ᠬᠥᠮᠦᠨ ᠪᠣᠯᠤᠭ ᠭᠡᠵᠦ ᠡᠭᠡᠮ ᠡᠴᠡ ᠴᠢᠨᠢ ᠲᠠᠲᠠᠵᠤ ᠡᠩᠭᠡᠷ ᠲᠡᠭᠡᠨ ᠨᠠᠭᠠᠵᠤ᠂ ᠬᠥᠯ ᠢ᠋ ᠴᠢᠨᠢ ᠳᠥᠷᠦᠭᠡᠨ ᠳ᠋ᠦ᠍ ᠭᠠᠷ ᠢ᠋ ᠴᠢᠨᠢ ᠭᠠᠨᠵᠤᠭᠠᠨ ᠳ᠋ᠤ᠌ ᠬᠦᠷᠭᠡᠵᠦ ᠥᠭᠭᠦᠭᠰᠡᠨ ᠶᠦᠮ᠃ ᠡᠨᠡ ᠬᠥᠮᠦᠨ ᠦ᠌ ᠭᠠᠷ ᠲᠤ᠌ ᠴᠢᠨᠦ ᠠᠮᠢ ᠨᠠᠰᠤ ᠪᠠᠢᠭ᠎ᠠ ᠭᠡᠳᠡᠭ ᠢ᠋ ᠪᠤᠤ ᠮᠠᠷᠲᠠ᠃ ᠴᠢ ᠪᠣᠯ ᠡᠴᠢᠭᠡ ᠶ᠋ᠢᠨ ᠢ᠋ᠶ᠋ᠡᠨ ᠲᠡᠢᠨ ᠦ᠌ ᠰᠠᠬᠢᠭᠤᠰᠤ ᠪᠣᠯᠬᠤ ᠶᠣᠰᠣᠲᠠᠢ᠃ ᠲᠡᠢᠮᠦ ᠪᠣᠯᠬᠣᠷ ᠬᠥᠪᠡᠭᠦᠨ ᠴᠢ ᠡᠴᠢᠭᠡ ᠶ᠋ᠢ ᠪᠡᠨ ᠳᠠᠭᠤᠳᠠᠬᠤ ᠳ᠋ᠤ᠌ ᠢᠷᠡᠵᠦ᠂ ᠲᠣᠬᠢᠬᠤ ᠳ᠋ᠤ᠌ ᠵᠣᠭᠰᠣᠵᠤ ᠪᠠᠢ᠃ ᠴᠢ ᠦᠬᠦ ᠭᠡᠪᠡᠯ ᠳᠠᠭᠤ ᠦᠭᠡᠢ ᠯᠡ ᠦᠬᠦᠬᠦ ᠶᠣᠰᠣᠲᠠᠢ》 ᠭᠡᠵᠦ ᠦᠷᠭᠦᠯᠵᠢ ᠰᠤᠷᠭᠠᠭᠰᠠᠨ ᠶᠤᠮ᠃ ᠪᠢ ᠪᠤᠭᠤᠷᠴᠢ ᠲᠠᠨ ᠢ᠋ ᠠᠯᠠᠬᠤ ᠰᠢᠭ᠋ ᠠᠮᠠᠷᠬᠠᠨ ᠶᠠᠭᠤᠮ᠎ᠠ ᠠᠯᠠᠭ᠎ᠠ᠃ ᠪᠠᠰᠠ ᠴᠡᠷᠢᠭ ᠢ᠋ᠶ᠋ᠡᠨ ᠬᠥᠳᠡᠯᠭᠡᠵᠦ ᠲᠤᠤᠯᠠ ᠶ᠋ᠢᠨ ᠬᠥᠨᠳᠡᠢ ᠶ᠋ᠢ ᠳᠠᠢᠯᠠᠬᠤ ᠴᠤ᠌ ᠠᠮᠠᠷᠬᠠᠨ ᠪᠠᠢᠨ᠎ᠠ᠃ ᠭᠡᠪᠡᠴᠦ ᠲᠡᠭᠡᠵᠦ ᠲᠦᠮᠡᠨ ᠦ᠌ ᠰᠢᠪᠰᠢᠭ ᠪᠣᠯᠵᠤ ᠬᠠᠭᠠᠨ ᠡᠴᠢᠭᠡ ᠶ᠋ᠢᠨ ᠬᠠᠢᠷᠠᠨ ᠨᠡᠷ᠎ᠡ ᠶ᠋ᠢ ᠦᠷᠡᠵᠦ᠂ ᠬᠠᠮᠤᠭ ᠮᠣᠩᠭᠣᠯ ᠤ᠋ᠨ ᠬᠠᠨ᠎ᠠ ᠲᠤᠭᠤᠷᠭ᠎ᠠ ᠶ᠋ᠢ ᠡᠪᠳᠡᠭᠡᠳ ᠶᠠᠭᠠᠬᠢᠨ᠎ᠠ᠃ ᠪᠢ ᠬᠠᠭᠠᠨ ᠡᠴᠢᠭᠡ ᠶ᠋ᠢᠨ ᠥᠷᠥᠰᠢᠶᠡᠯ ᠢ᠋ᠶ᠋ᠡᠷ ᠬᠥᠮᠦᠨ ᠪᠣᠯᠤᠭᠰᠠᠨ᠃ ᠣᠳᠣ ᠲᠡᠭᠦᠨ ᠦ᠌ ᠬᠦᠰᠡᠯ ᠢ᠋ᠶ᠋ᠡᠷ ᠦᠬᠦᠰᠦᠭᠡᠢ᠃ ᠬᠠᠭᠠᠨ ᠡᠴᠢᠭᠡ ᠮᠢᠨᠢ ᠨᠠᠮᠠᠶ᠋ᠢ ᠰᠠᠢᠨ ᠬᠥᠪᠡᠭᠦᠨ ᠪᠠᠢᠭᠰᠠᠨ ᠳᠠ ᠭᠡᠵᠦ ᠬᠠᠢᠷᠠᠯᠠᠵᠤ ᠶᠠᠪᠤᠭᠠᠰᠠᠢ ᠭᠡᠵᠦ ᠬᠦᠰᠡᠨ᠎ᠡ᠃ ᠥᠭᠡᠷ᠎ᠡ ᠬᠡᠯᠡᠬᠦ ᠵᠦᠢᠯ ᠨᠠᠳᠠᠳᠤ ᠦᠭᠡᠢ᠃ ᠪᠢ ᠣᠳᠣ ᠳᠥᠩᠭᠡᠵᠢ ᠳᠥᠴᠢ ᠬᠡᠪᠡᠢᠵᠦ ᠪᠠᠢᠨ᠎ᠠ᠃ ᠬᠠᠮᠤᠭ ᠮᠣᠩᠭᠣᠯ ᠤ᠋ᠨ ᠶᠡᠬᠡ ᠦᠢᠯᠡᠰ ᠲᠦ᠍ ᠮᠢᠨᠢ ᠠᠮᠢ ᠨᠠᠰᠤ ᠬᠡᠷᠡᠭᠲᠡᠢ ᠪᠣᠯ ᠠᠪᠲᠤᠭᠠᠢ᠃ ᠬᠠᠮᠤᠭ ᠮᠣᠩᠭᠣᠯ ᠤ᠋ᠨ ᠲᠥᠯᠥᠭᠡ ᠭᠠᠭᠴᠠᠬᠠᠨ ᠵᠥᠴᠢ ᠪᠢ ᠴᠦ᠍ ᠪᠢᠰᠢ᠂ ᠬᠡᠷᠡᠭᠲᠡᠢ ᠪᠣᠯᠪᠠᠯ ᠲᠦᠮᠡ ᠲᠦᠮᠡᠨ ᠵᠥᠴᠢ ᠬᠠᠷᠠᠮᠰᠠᠬᠤ ᠶᠠᠭᠤᠮ᠎ᠠ ᠦᠭᠡᠢ ᠠᠮᠢ ᠪᠠᠨ ᠥᠭᠬᠦ ᠪᠢᠵᠡ》 ᠭᠡᠳ ᠢᠨᠢᠶᠡᠵᠦ ᠪᠠᠢᠭᠰᠠᠨ ᠳᠠ᠃ ᠪᠢ ᠣᠳᠣ ᠪᠥᠷᠲᠡ ᠬᠠᠲᠤᠨ ᠤ᠋ ᠤᠬᠠᠭᠠᠨ ᠢ᠋ ᠡᠷᠬᠡ ᠦᠭᠡᠢ ᠪᠢᠰᠢᠷᠡᠨ ᠭᠠᠢᠬᠠᠨ᠎ᠠ᠃ ᠬᠠᠯᠠᠭᠤᠨ ᠠᠮᠢ ᠪᠦᠯᠢᠶᠡᠨ ᠴᠢᠰᠤ ᠪᠠᠨ ᠲᠠᠰᠤᠯᠤᠨ ᠪᠠᠢᠵᠤ ᠥᠭᠭᠦᠭᠡᠳ ᠬᠣᠷᠸ᠎ᠠ ᠳ᠋ᠤ᠌ ᠲᠥᠷᠥᠭᠦᠯᠦᠭᠰᠡᠨ ᠬᠣᠩᠭᠣᠷ ᠦᠷ᠎ᠡ ᠪᠡᠨ ᠡᠬᠡ ᠬᠥᠮᠦᠨ ᠶᠠᠭᠠᠬᠢᠵᠤ ᠡᠢᠨ ᠬᠦ᠌ ᠬᠠᠲᠠᠭᠤ ᠪᠡᠷᠬᠡ ᠪᠡᠷ ᠢ᠋ᠶ᠋ᠡᠨ ᠵᠠᠰᠠᠨ ᠬᠥᠮᠦᠵᠢᠭᠦᠯᠵᠦ ᠴᠢᠳᠠᠪᠠ ᠭᠡᠮᠡᠨ ᠪᠤᠭᠤᠷᠴᠢ ᠰᠢᠪᠡᠨᠡᠨ ᠥᠭᠦᠯᠡᠵᠡᠢ᠃ ᠡᠨᠡ ᠦᠶ᠎ᠡ ᠳ᠋ᠦ᠍ ᠴᠢᠩᠭᠢᠰ ᠬᠠᠭᠠᠨ ᠤ᠋ ᠡᠮᠭᠡᠨᠢᠯ ᠬᠢᠵᠠᠭᠠᠷ ᠦᠭᠡᠢ ᠪᠣᠯᠤᠭᠠᠳ ᠪᠦᠷ ᠡᠬᠡᠷ ᠲᠡᠳᠡᠨ ᠤᠬᠢᠯᠠᠵᠤ ᠪᠠᠢᠪᠠ᠃
| ᠮᠢᠨᠦ ᠪᠠᠢᠭᠤᠯᠤᠭᠰᠠᠨ ᠤᠯᠤᠰ ᠢ᠋ ᠪᠠᠲᠤ ᠬᠥᠪᠡᠭᠦᠨ ᠮᠢᠨᠢ ᠵᠠᠰᠠᠨ᠎ᠠ ᠪᠢᠵᠡ᠃ ᠬᠠᠷᠢᠨ ᠬᠠᠭᠠᠨ ᠡᠴᠢᠭᠡ ᠳ᠋ᠦ᠍ ᠬᠡᠯᠡᠭᠲᠦᠨ᠃ ᠪᠠᠲᠤ ᠪᠣᠯ ᠵᠥᠴᠢ ᠪᠢᠰᠢ ᠲᠤᠯᠠ ᠲᠡᠭᠦᠨ ᠢ᠋ ᠪᠦᠦ ᠭᠠᠳᠠᠭᠤᠷᠬᠠᠭᠲᠤᠨ᠃ ᠮᠢᠨᠦ ᠪᠠᠢᠭᠤᠯᠤᠭᠰᠠᠨ ᠤᠯᠤᠰ ᠢ᠋ ᠥᠪᠡᠷ ᠦ᠋ᠨ ᠴᠢᠳᠠᠯ ᠢ᠋ᠶ᠋ᠠᠷ ᠥᠷᠭᠡᠳᠬᠡᠨ ᠶᠡᠬᠡ ᠤᠯᠤᠰ ᠤ᠋ᠨ ᠪᠠᠷᠠᠭᠤᠨ ᠬᠠᠶᠠᠭ᠎ᠠ ᠶ᠋ᠢ ᠪᠠᠲᠤᠯᠠᠨ ᠰᠠᠬᠢᠵᠤ ᠰᠠᠭᠤᠭ᠃ ᠲᠡᠭᠦᠨ ᠢ᠋ ᠪᠦᠦ ᠬᠣᠣᠷᠯᠠ ᠭᠡᠵᠦ ᠭᠤᠶᠤᠭᠠᠷᠠᠢ᠃ ᠨᠠᠮᠠᠶ᠋ᠢ ᠲᠥᠷᠥᠬᠦ ᠳ᠋ᠦ᠍ ᠦᠭᠡᠢ ᠬᠢᠵᠦ ᠣᠷᠬᠢᠭ᠎ᠠ ᠦᠭᠡᠢ ᠲᠤᠯᠠ ᠪᠢ ᠬᠠᠭᠠᠨ ᠡᠴᠢᠭᠡ ᠳ᠋ᠡᠭᠡᠨ ᠶᠡᠬᠡ ᠥᠷᠢ ᠲᠡᠢ ᠬᠥᠮᠦᠨ᠃ ᠲᠡᠷᠡ ᠨᠠᠮᠠᠶ᠋ᠢ ᠰᠣᠶᠣᠷᠬᠠᠵᠤ ᠠᠮᠢᠳᠤᠷᠠᠯ ᠥᠭᠭᠦᠭᠰᠡᠨ᠃ ᠪᠢ ᠡᠬᠡ ᠶ᠋ᠢᠨ ᠵᠠᠬᠢᠭᠰᠠᠨ ᠢ᠋ᠶ᠋ᠠᠷ ᠲᠡᠭᠦᠨ ᠳ᠋ᠦ᠍ ᠦᠨᠡᠨᠴᠢ ᠵᠢᠳᠬᠦᠪᠡ᠃ ᠣᠳᠣ ᠦᠬᠦ ᠬᠡᠮᠡᠭᠰᠡᠨ ᠲᠤᠯᠠ ᠪᠢ ᠦᠬᠦᠶ᠎ᠡ᠃ ᠬᠠᠷᠢᠨ ᠪᠢ ᠥᠪᠡᠷ ᠦ᠋ᠨ ᠠᠮᠢ ᠶ᠋ᠢ ᠶᠡᠭᠦᠳᠬᠡᠵᠦ ᠦᠯᠦ ᠴᠢᠳᠠᠨ᠎ᠠ ᠭᠡᠵᠦ ᠲᠣᠳᠣ ᠬᠡᠯᠡᠭᠡᠳ ᠳᠠᠪᠬᠢᠭᠠᠳ ᠶᠠᠪᠤᠭᠰᠠᠨ᠃
| ᠳᠠᠭᠤᠰᠲᠠᠯ᠎ᠠ ᠶᠠᠷᠢ᠃ ᠪᠢ ᠲᠡᠪᠴᠢᠵᠦ ᠰᠣᠨᠣᠰᠤᠨ᠎ᠠ᠃
| ᠵᠥᠴᠢ ᠨᠠᠮᠠᠶ᠋ᠢ ᠳᠡᠷᠭᠡᠳᠡ ᠪᠡᠨ ᠦᠯᠡᠳᠡᠵᠦ ᠶᠡᠬᠡ ᠤᠯᠤᠰ ᠬᠠᠮᠲᠤᠷᠠᠨ ᠪᠠᠢᠭᠤᠯᠬᠤ ᠪᠠᠷ ᠵᠢᠳᠬᠦᠭᠡᠴᠢ ᠭᠡᠰᠡᠨ᠃ ᠲᠡᠭᠦᠨ ᠳ᠋ᠦ᠍ ᠦᠬᠦᠬᠦ ᠬᠦᠰᠡᠯ ᠣᠭᠲᠣᠬᠠᠨ ᠴᠤ᠌ ᠪᠠᠢᠬᠤ ᠦᠭᠡᠢ ᠶ᠋ᠢ ᠪᠢ ᠬᠠᠷᠠᠵᠤ ᠪᠠᠢᠯ᠎ᠠ᠃ ᠵᠥᠴᠢ ᠡᠴᠡ ᠥᠭᠡᠷ᠎ᠡ ᠣᠪᠢᠯᠭᠠ ᠦᠭᠡᠢ ᠬᠥᠮᠦᠨ ᠪᠠᠢᠭᠰᠠᠨ ᠪᠣᠯ ᠠᠯᠢ ᠡᠷᠲᠡ ᠬᠠᠭᠠᠨ ᠲᠠᠨ ᠠ᠋ᠴᠠ ᠲᠤᠭᠤᠷᠭ᠎ᠠ ᠲᠤᠰᠠᠭᠠᠷᠯᠠᠨ ᠤᠯᠤᠰ ᠢ᠋ᠶ᠋ᠠᠨ ᠵᠠᠷᠯᠠᠬᠤ ᠪᠠᠢᠪᠠ᠃ ᠭᠡᠲᠡᠯ᠎ᠡ ᠲᠡᠷᠡ ᠬᠠᠭᠠᠨ ᠲᠠᠨ ᠢ᠋ ᠬᠦᠨᠳᠦᠳᠬᠡᠨ ᠠᠶᠠᠳᠠᠭᠤ ᠵᠥᠭᠡᠯᠡᠨ ᠬᠥᠮᠦᠵᠢᠯᠲᠡᠢ ᠵᠠᠩ ᠳ᠋ᠠᠭᠠᠨ ᠬᠥᠲᠥᠯᠦᠭᠳᠡᠨ ᠪᠦᠭᠦᠳᠡ ᠶ᠋ᠢ ᠬᠠᠭᠠᠨ ᠲᠠᠨ ᠳ᠋ᠤ᠌ ᠵᠣᠪᠠᠯᠠᠩ ᠤᠴᠠᠷᠠᠭᠤᠯᠤᠯ ᠦᠭᠡᠢ ᠪᠠᠭ᠎ᠠ ᠪᠠᠭ᠎ᠠ ᠪᠠᠷ ᠬᠢᠬᠦ ᠶ᠋ᠢ ᠵᠣᠷᠢᠵᠠᠢ᠃ ᠲᠡᠷᠡ ᠨᠠᠳᠠᠲᠠᠢ ᠬᠠᠮᠲᠤ ᠨᠠᠭᠠᠰᠢ ᠢᠷᠡᠬᠦ ᠦᠭᠡᠢ ᠨᠢ ᠲᠣᠳᠣᠷᠬᠠᠢ ᠪᠣᠯᠤᠭᠰᠠᠨ ᠲᠤᠯᠠ ᠨᠠᠳᠠᠳᠤ ᠥᠭᠡᠷ᠎ᠡ ᠠᠷᠭ᠎ᠠ ᠦᠯᠡᠳᠡᠭᠰᠡᠨ ᠦᠭᠡᠢ᠃ ᠪᠢ ᠵᠥᠴᠢ ᠶ᠋ᠢᠨ ᠦᠭᠡ ᠶ᠋ᠢ ᠰᠠᠢᠰᠢᠶᠠᠵᠤ ᠦᠯᠡᠳᠡᠬᠦ ᠪᠡᠷ ᠪᠣᠯᠤᠭᠠᠳ ᠲᠡᠭᠦᠨ ᠢ᠋ ᠬᠠᠭᠤᠷᠴᠤ ᠠᠯᠠᠭᠰᠠᠨ ᠪᠢᠯᠡ᠃ ᠪᠢ ᠲᠡᠭᠦᠨ ᠢ᠋ ᠰᠥᠨᠢ ᠤᠨᠲᠠᠵᠤ ᠪᠠᠢᠬᠤ ᠳ᠋ᠤ᠌ ᠨᠢᠷᠤᠭᠤ ᠶ᠋ᠢ ᠨᠢ ᠬᠤᠭᠤᠯᠵᠤ ᠣᠷᠬᠢᠭᠰᠠᠨ ᠭᠡᠵᠦ ᠪᠤᠭᠤᠷᠴᠢ ᠦᠭᠡ ᠪᠡᠨ ᠵᠥᠭᠡᠭᠡᠨ ᠪᠠᠢᠵᠤ ᠠᠷᠠᠢᠬᠠᠨ ᠬᠡᠯᠡᠵᠦ ᠳᠠᠭᠤᠰᠬᠠᠪᠠ᠃ ᠡᠨᠡ ᠦᠶ᠎ᠡ ᠳ᠋ᠦ᠍ ᠬᠠᠷᠠᠮᠰᠠᠵᠤ ᠭᠠᠰᠢᠭᠤᠳᠠᠭᠰᠠᠨ ᠳ᠋ᠠᠭᠠᠨ ᠲᠡᠭᠦᠨ ᠦ᠌ ᠤᠬᠠᠭᠠᠨ ᠪᠠᠯᠠᠷᠳᠠᠵᠤ ᠪᠠᠢᠵᠠᠢ᠃ ᠴᠢᠩᠭᠢᠰ ᠬᠠᠭᠠᠨ ᠴᠤ᠌ ᠴᠢᠮᠡᠭᠡ ᠦᠭᠡᠢ ᠤᠬᠢᠯᠠᠭᠰᠠᠭᠠᠷ ᠪᠠᠢᠯ᠎ᠠ᠃ ᠬᠦᠴᠦᠷᠬᠡᠭ ᠲᠦᠷᠢᠮᠡᠬᠡᠢ ᠠᠭᠠᠳ ᠣᠮᠣᠭ ᠪᠠᠷᠳᠠᠮ ᠵᠠᠩ ᠲᠠᠢ᠂ ᠬᠡᠨ ᠨᠢᠭᠡᠨ ᠳ᠋ᠦ᠍ ᠨᠢᠯᠪᠤᠰᠤ ᠪᠠᠨ ᠦᠵᠡᠭᠦᠯᠬᠦ ᠨᠢ ᠪᠠᠢᠲᠤᠭᠠᠢ ᠰᠠᠨᠳᠤᠷᠴᠤ ᠲᠡᠪᠡᠳᠡᠵᠦ᠂ ᠠᠶᠤᠵᠤ ᠪᠠᠯᠠᠮᠠᠭᠳᠠᠵᠤ ᠪᠠᠢᠭ᠎ᠠ ᠪᠠᠨ ᠴᠤ᠌ ᠬᠥᠮᠦᠨ ᠳ᠋ᠦ᠍ ᠬᠠᠷᠠᠭᠤᠯᠬᠤ ᠦᠭᠡᠢ ᠪᠠᠢᠬᠤ ᠶ᠋ᠢ ᠬᠠᠷ᠎ᠠ ᠪᠠᠭ᠎ᠠ ᠠ᠋ᠴᠠ ᠪᠠᠨ ᠰᠤᠷᠴᠤ᠂ ᠦᠷᠭᠦᠯᠵᠢ ᠰᠦᠷᠳᠡᠵᠦ ᠪᠢᠰᠢᠷᠡᠮ᠎ᠡ ᠪᠠᠢᠵᠤ ᠴᠢᠳᠠᠳᠠᠭ ᠴᠢᠩᠭᠢᠰ ᠬᠠᠭᠠᠨ ᠪᠢᠴᠢᠬᠠᠨ ᠬᠡᠦᠬᠡᠳ ᠮᠡᠲᠦ ᠶᠠᠩᠭᠢᠨᠠᠲᠠᠯ᠎ᠠ ᠤᠬᠢᠯᠠᠵᠤ ᠬᠠᠯᠠᠭᠤᠨ ᠨᠢᠯᠪᠤᠰᠤ ᠪᠠᠨ ᠬᠥᠮᠦᠨ ᠡᠴᠡ ᠨᠢᠭᠤᠬᠤ ᠦᠭᠡᠢ ᠠᠰᠬᠠᠷᠠᠭᠤᠯᠤᠨ ᠪᠠᠢᠬᠤ ᠶ᠋ᠢ ᠬᠠᠷᠠᠭᠰᠠᠨ ᠬᠥᠮᠦᠨ ᠭᠠᠢᠬᠠᠵᠤ ᠠᠯᠮᠠᠢᠷᠠᠬᠤ ᠠ᠋ᠴᠠ ᠪᠠᠨ ᠰᠡᠳᠬᠢᠯ ᠡᠮᠲᠡᠷᠡᠵᠦ ᠤᠶᠠᠷᠠᠨ ᠦᠷᠦ ᠡᠪᠡᠳᠦᠮᠡᠷ ᠬᠠᠷᠠᠭᠳᠠᠬᠤ ᠠᠵᠢ᠃
| ᠪᠤᠭᠤᠷᠴᠢ ᠴᠢ ᠮᠢᠨᠦ ᠨᠢᠯᠪᠤᠰᠤ ᠶ᠋ᠢ ᠦᠵᠡ᠃ ᠤᠰᠤ ᠪᠠᠢᠨ᠎ᠠ ᠤᠤ? ᠭᠡᠬᠦ ᠳ᠋ᠦ᠍ ᠮᠥᠯᠬᠥᠨ ᠣᠴᠢᠵᠤ ᠠᠷᠴᠢᠨ ᠦᠵᠡᠪᠡ᠃ ᠴᠢᠩᠭᠢᠰ ᠬᠠᠭᠠᠨ ᠤ᠋ ᠨᠢᠳᠦᠨ ᠡᠴᠡ ᠦᠨᠡᠬᠡᠷ ᠤᠰᠤ ᠪᠢᠰᠢ ᠴᠢᠰᠤᠨ ᠤᠷᠤᠰᠤᠨ ᠭᠠᠷᠴᠤ ᠪᠠᠢᠬᠤ ᠠᠵᠢ᠃ ᠲᠡᠷᠡ ᠵᠢᠷᠦᠬᠡ ᠪᠡᠷ ᠢ᠋ᠶ᠋ᠡᠨ ᠮᠡᠯᠮᠡᠷᠡᠨ ᠴᠢᠰᠤ ᠪᠠᠷ ᠤᠬᠢᠯᠠᠵᠤ ᠪᠠᠢᠯ᠎ᠠ᠃ ᠲᠡᠭᠦᠨ ᠦ᠌ ᠬᠢᠭᠰᠡᠨ ᠠᠶᠠᠨ ᠲᠡᠢᠨ ᠦ᠌ ᠬᠥᠯ ᠳ᠋ᠦ᠍ ᠳᠠᠭᠠᠷᠢᠭᠳᠠᠵᠤ ᠮᠣᠩᠭᠣᠯ ᠤ᠋ᠨ ᠡᠰᠡᠷᠭᠦ ᠮᠥᠴᠡᠭᠡᠷᠬᠡᠨ ᠮᠥᠩᠬᠡ ᠲᠩᠷᠢ ᠶ᠋ᠢᠨ ᠵᠠᠷᠯᠢᠭ ᠢ᠋ ᠠᠶᠤᠮᠰᠢᠭ ᠦᠭᠡᠢ ᠰᠥᠷᠴᠦ ᠬᠠᠷ᠎ᠠ ᠲᠣᠯᠣᠭᠠᠢ ᠳ᠋ᠠᠭᠠᠨ ᠯᠠᠢ ᠬᠤᠷᠢᠶᠠᠭᠠᠳ ᠴᠢᠩᠭᠢᠰ ᠬᠠᠭᠠᠨ ᠳ᠋ᠤ᠌ ᠪᠠᠭᠤᠵᠤ ᠥᠭᠭᠦᠭᠡ ᠦᠭᠡᠢ ᠶ᠋ᠢᠨ ᠤᠴᠢᠷ ᠲᠡᠭᠦᠨ ᠢ᠋ ᠬᠢᠯᠢᠩᠨᠡᠭᠦᠯᠵᠦ ᠣᠪᠣᠭ ᠤᠳᠤᠮ ᠢ᠋ᠶ᠋ᠠᠷ ᠢ᠋ᠶ᠋ᠠᠨ ᠬᠦᠢᠰᠦ ᠲᠡᠮᠲᠡᠷᠢᠭᠦᠯᠦᠭᠰᠡᠨ ᠲᠦᠮᠡᠨ ᠬᠡᠯᠡ ᠶ᠋ᠢᠨ ᠬᠡᠴᠢᠨᠡᠨ ᠬᠥᠮᠦᠨ ᠦ᠌ ᠵᠢᠷᠦᠬᠡᠨ ᠡᠴᠡ ᠭᠤᠨᠢᠭ ᠭᠠᠰᠠᠯᠠᠩ᠂ ᠥᠰᠢᠶ᠎ᠡ ᠬᠣᠷᠣᠰᠤᠯ ᠨᠡᠪᠲᠡ ᠰᠢᠩᠭᠡᠭᠰᠡᠨ ᠡᠢᠮᠦ ᠨᠢᠯᠪᠤᠰᠤ ᠴᠢᠰᠤᠨ ᠵᠠᠮ ᠲᠠᠲᠠᠭᠤᠯᠤᠨ ᠤᠷᠤᠰᠤᠭ᠎ᠠ ᠪᠣᠯ ᠭᠡᠰᠡᠨ ᠠᠶᠤᠮᠰᠢᠭᠲᠤ ᠪᠣᠳᠣᠯ ᠲᠣᠯᠣᠭᠠᠢ ᠳ᠋ᠤᠨᠢ ᠥᠪᠡᠷ ᠦ᠋ᠨ ᠡᠷᠬᠡ ᠦᠭᠡᠢ ᠵᠣᠷᠠᠰᠬᠢᠨ ᠣᠷᠣᠵᠤ ᠢᠷᠡᠭᠰᠡᠨ ᠳ᠋ᠦ᠍ ᠵᠢᠪᠡᠭᠦᠴᠡᠨ ᠬᠢᠷᠳ᠋ᠬᠢᠭᠰᠡᠨ ᠪᠤᠭᠤᠷᠴᠢ
| ᠴᠢᠰᠤ ᠪᠠᠢᠨ᠎ᠠ᠃ ᠣᠳᠣ ᠳᠠᠬᠢᠨ ᠤᠬᠢᠯᠠᠬᠤ ᠦᠭᠡᠢ ᠪᠢᠵᠡ᠃ ᠰᠠᠢᠨ ᠤᠬᠢᠯᠠ᠃ ᠲᠠᠨ ᠤ᠋ ᠬᠥᠪᠡᠭᠦᠳ ᠡᠴᠡ ᠬᠠᠮᠤᠭ ᠤ᠋ᠨ ᠭᠠᠢᠬᠠᠮᠰᠢᠭᠲᠠᠢ ᠨᠢ ᠵᠥᠴᠢ ᠪᠠᠢᠭᠰᠠᠨ ᠶᠤᠮ ᠳᠠ᠃ ᠭᠡᠲᠡᠯ᠎ᠡ ᠪᠢ ᠲᠡᠷᠡ ᠬᠥᠪᠡᠭᠦᠨ ᠢ᠋ ᠴᠢᠨᠢ ᠠᠯᠠᠵᠤ ᠠᠮᠢᠳᠤ ᠶ᠋ᠢᠨ ᠬᠠᠷ᠎ᠠ ᠨᠢᠭᠦᠯ ᠳ᠋ᠦ᠍ ᠤᠨᠠᠪᠠ᠃ ᠬᠠᠷᠢᠨ ᠣᠳᠣ ᠦᠨᠡᠨ ᠤᠴᠢᠷ ᠢ᠋ ᠲᠠᠨ ᠳ᠋ᠤ᠌ ᠬᠡᠯᠡᠵᠦ ᠮᠢᠨᠦ ᠰᠠᠨᠠᠭ᠎ᠠ ᠠᠮᠠᠷᠠᠯ᠎ᠠ᠃ ᠡᠨᠡ ᠠᠶᠤᠮᠰᠢᠭᠲᠤ ᠨᠢᠭᠤᠴᠠ ᠶ᠋ᠢ ᠲᠠ ᠪᠢᠳᠡ ᠬᠣᠶᠠᠷ ᠠ᠋ᠴᠠ ᠥᠭᠡᠷ᠎ᠡ ᠬᠡᠨ ᠴᠦ᠍ ᠦᠯᠦ ᠮᠡᠳᠡᠨ᠎ᠡ ᠃ ᠨᠠᠮᠠᠶ᠋ᠢ ᠬᠡᠷᠬᠢᠬᠦ ᠪᠡᠨ ᠲᠠ ᠮᠡᠳᠡ ᠭᠡᠮᠡᠨ ᠮᠥᠷᠭᠥᠵᠡᠢ᠃
| ᠮᠢᠨᠦ ᠨᠢᠳᠦᠨ ᠡᠴᠡ ᠭᠠᠰᠢᠭᠤᠨ ᠨᠢᠯᠪᠤᠰᠤ ᠪᠢᠰᠢ ᠵᠢᠷᠦᠬᠡᠨ ᠦ᠌ ᠮᠢᠨᠢ ᠰᠡᠭᠦᠯᠴᠢ ᠶ᠋ᠢᠨ ᠴᠢᠰᠤ ᠳᠤᠰᠤᠯ ᠳᠤᠰᠤᠯ ᠢ᠋ᠶ᠋ᠠᠷ ᠠᠰᠬᠠᠷᠠᠵᠤ ᠪᠠᠢᠨ᠎ᠠ᠃ ᠨᠠᠳᠠᠳᠤ ᠦᠯᠡᠳᠡᠭᠰᠡᠨ ᠪᠠᠯᠭᠤ ᠴᠢᠰᠤ ᠢᠩᠭᠢᠭᠡᠳ ᠳᠠᠭᠤᠰᠴᠤ ᠪᠠᠢᠨ᠎ᠠ᠃ ᠥᠭᠡᠯᠦᠨ ᠡᠬᠡ ᠶ᠋ᠢᠨ ᠮᠢᠨᠢ ᠨᠠᠳᠠᠳᠤ ᠬᠠᠢᠷᠠᠯᠠᠭᠰᠠᠨ ᠠᠮᠢᠳᠤᠷᠠᠯ ᠢ᠋ ᠲᠡᠳᠬᠦᠭᠴᠢ ᠬᠠᠯᠠᠭᠤᠨ ᠤᠷᠤᠰᠬᠠᠯ ᠡᠢᠨ ᠬᠦ᠌ ᠲᠠᠰᠤᠷᠠᠵᠤ ᠪᠠᠢᠨ᠎ᠠ ᠪᠤᠭᠤᠷᠴᠢ᠃ ᠪᠢ ᠶᠡᠬᠡ ᠨᠢᠭᠦᠯ ᠲᠡᠢ᠃ ᠦᠢᠯᠡ ᠶ᠋ᠢᠨ ᠦᠷ᠎ᠡ ᠲᠡᠢ ᠬᠥᠮᠦᠨ ᠶᠦᠮ᠃ ᠶᠠᠭᠤᠨ ᠤ᠋ ᠤᠴᠢᠷ ᠪᠢ ᠬᠥᠪᠡᠭᠦᠨ ᠢ᠋ᠶ᠋ᠡᠨ ᠠᠯᠠᠪᠠ? ᠶᠠᠭᠠᠬᠢᠬᠤ ᠭᠡᠵᠦ? ᠬᠣᠷᠢᠶᠠᠨ ᠠᠪᠤᠭᠰᠠᠨ ᠨᠤᠲᠤᠭ ᠣᠷᠣᠨ ᠪᠠᠭᠠᠳᠠᠭᠰᠠᠨ ᠮᠡᠲᠦ ᠵᠥᠴᠢ ᠡᠴᠡ ᠶᠠᠭᠠᠬᠢᠭᠠᠳ ᠬᠠᠷᠠᠮᠯᠠᠪᠠ? ᠪᠢ ᠰᠠᠶᠢ ᠤᠯᠤᠰ ᠢ᠋ᠶ᠋ᠠᠨ ᠬᠥᠪᠡᠭᠦᠳ ᠲᠡᠭᠡᠨ ᠬᠤᠪᠢᠶᠠᠨ ᠥᠭᠪᠡ᠃ ᠲᠡᠷᠡ ᠦᠶ᠎ᠡ ᠳ᠋ᠦ᠍ ᠪᠢ ᠵᠥᠴᠢ ᠡᠴᠡ ᠶᠠᠭᠠᠬᠢᠭᠠᠳ ᠬᠠᠷᠠᠮᠯᠠᠪᠠ? ᠪᠢ ᠶᠠᠭᠤᠨ ᠤ᠋ ᠤᠴᠢᠷ ᠢᠩᠭᠢᠵᠦ ᠥᠭᠡᠷᠡᠴᠢᠯᠡᠭᠳᠡᠨ᠎ᠡ ᠪᠣᠢ? ᠵᠥᠴᠢ ᠶ᠋ᠢᠨ ᠠᠮᠢᠳᠤ ᠳ᠋ᠤ᠌ ᠡᠢᠨ ᠰᠡᠳᠬᠢᠬᠦ ᠦᠭᠡᠢ ᠶᠠᠭᠠᠬᠢᠪᠠ? ᠨᠠᠳᠠ ᠰᠢᠭ᠋ ᠮᠤᠩᠬᠠᠭ ᠬᠥᠮᠦᠨ ᠦᠭᠡᠢ ᠪᠢᠵᠡ᠃ ᠥᠭᠡᠯᠦᠨ ᠡᠵᠢ ᠮᠢᠨᠢ ᠬᠡᠴᠢᠨᠡᠨ ᠵᠢᠯ ᠦ᠋ᠨ ᠡᠮᠦᠨ᠎ᠡ ᠮᠢᠨᠦ ᠥᠨᠥ ᠬᠢᠬᠦ ᠶ᠋ᠢ ᠤᠷᠢᠳᠴᠢᠯᠠᠨ ᠰᠠᠨᠠᠭᠤᠯᠵᠠᠢ᠃ ᠲᠡᠷᠡ ᠪᠤᠶᠠᠨᠲᠠᠢ ᠡᠪᠦᠭᠡᠨ ᠦ᠌ ᠲᠤᠬᠠᠢ ᠳᠣᠮᠣᠭ ᠲᠤ᠌ ᠮᠢᠨᠦ ᠬᠢᠬᠦ ᠶ᠋ᠢ ᠵᠢᠭᠠᠵᠠᠢ᠃ ᠭᠡᠲᠡᠯ᠎ᠡ ᠪᠢ ᠤᠬᠠᠭᠠᠷᠠᠭᠰᠠᠨ ᠦᠭᠡᠢ᠃
ᠴᠢᠩᠭᠢᠰ ᠬᠠᠭᠠᠨ ᠰᠢᠷᠬᠠᠲᠤᠵᠤ ᠤᠯᠠᠩᠭᠠᠰᠤᠭᠰᠠᠨ ᠠᠷᠢᠶᠠᠲᠠᠨ ᠮᠡᠲᠦ ᠭᠠᠰᠠᠯᠤᠨ ᠪᠠᠷᠬᠢᠷᠠᠨ᠎ᠠ᠃ ᠲᠡᠭᠦᠨ ᠦ᠌ ᠡᠮᠭᠡᠨᠢᠯ᠂ ᠬᠠᠷᠠᠭᠤᠰᠤᠯ᠂ ᠦᠵᠡᠨ ᠶᠠᠳᠠᠯᠲᠠ ᠶ᠋ᠢ ᠬᠠᠷᠠᠬᠤ ᠪᠤᠤ ᠬᠡᠯᠡ᠂ ᠤᠬᠢᠯᠠᠵᠤ ᠭᠠᠰᠠᠯᠬᠤ ᠳᠠᠭᠤ ᠶ᠋ᠢ ᠨᠢ ᠰᠣᠨᠣᠰᠬᠤ ᠳ᠋ᠤ᠌ ᠪᠡᠷᠬᠡ ᠠᠵᠢ᠃
| ᠪᠢ ᠬᠡᠵᠢᠶ᠎ᠡ᠂ ᠬᠡᠨ ᠳ᠋ᠦ᠍᠂ ᠶᠠᠮᠠᠷ ᠨᠢᠭᠦᠯ ᠬᠢᠭᠰᠡᠨ ᠦ᠌ ᠯᠠᠢ ᠪᠠᠷ ᠡᠢᠮᠦ ᠬᠦᠨᠳᠦ ᠶᠠᠯ᠎ᠠ ᠳ᠋ᠤ᠌ ᠤᠨᠠᠪᠠ? ᠬᠠᠢᠷᠠᠲᠠᠢ ᠪᠥᠷᠲᠡ ᠶ᠋ᠢᠨ ᠢ᠋ᠶ᠋ᠡᠨ ᠠᠮᠢᠨ ᠭᠠᠭᠴᠠ ᠦᠷ᠎ᠡ ᠶ᠋ᠢ ᠨᠢ ᠶᠠᠭᠤᠨ ᠳ᠋ᠤ᠌ ᠪᠢ ᠬᠥᠨᠥᠭᠡᠪᠡ? ᠪᠢ ᠶᠠᠭᠤᠨ ᠤ᠋ ᠲᠤᠯᠠᠳᠠ ᠭᠦᠷᠦᠨ ᠦ᠌ ᠬᠠᠭᠠᠨ ᠪᠣᠯᠵᠤ ᠡᠨᠡ ᠶᠡᠬᠡ ᠤᠯᠤᠰ ᠢ᠋ ᠬᠤᠷᠢᠶᠠᠪᠠ? ᠭᠡᠮ ᠦᠭᠡᠢ ᠬᠥᠪᠡᠭᠦᠨ ᠢ᠋ᠶ᠋ᠡᠨ ᠲᠤᠭᠤᠷᠭ᠎ᠠ ᠲᠤᠰᠠᠭᠠᠷᠯᠠᠬᠤ ᠶ᠋ᠢ ᠰᠠᠨᠠᠭᠠᠷᠬᠠᠭᠰᠠᠨ ᠤ᠋ ᠬᠢᠨᠢ ᠲᠥᠯᠥᠭᠡ ᠬᠥᠨᠥᠭᠡᠬᠦ ᠶ᠋ᠢᠨ ᠲᠤᠯᠠᠳᠠ ᠤᠤ? ᠪᠤᠭᠤᠷᠴᠢ ᠴᠢ ᠬᠡᠯᠡᠭᠡᠴᠢ᠃ ᠪᠢ ᠶᠠᠭᠠᠬᠢᠬᠤ ᠶᠣᠰᠣᠲᠠᠢ ᠪᠠᠢᠪᠠ?
ᠪᠤᠭᠤᠷᠴᠢ ᠳ᠋ᠤ᠌ ᠬᠠᠷᠢᠭᠤ ᠬᠡᠯᠡᠬᠦ ᠴᠢᠳᠠᠯ ᠨᠢᠭᠡᠨᠲᠡ ᠦᠭᠡᠢ ᠪᠣᠯᠤᠭᠰᠠᠨ ᠲᠤᠯᠠ ᠴᠢᠮᠡᠭᠡ ᠦᠭᠡᠢ ᠪᠣᠯᠵᠠᠢ᠃ ᠴᠢᠩᠭᠢᠰ ᠬᠠᠭᠠᠨ ᠭᠡᠨᠡᠳᠲᠡ ᠳᠠᠬᠢᠨ ᠳᠣᠭᠰᠢᠷᠠᠵᠤ
| ᠴᠢ ᠶᠠᠭᠤᠨ ᠳ᠋ᠤ᠌ ᠬᠥᠪᠡᠭᠦᠨ ᠢ᠋ ᠮᠢᠨᠢ ᠬᠥᠨᠥᠭᠡᠪᠡ? ᠴᠡᠷᠢᠭ ᠢ᠋ ᠨᠢ ᠬᠥᠳᠡᠯᠭᠡᠵᠦ ᠮᠣᠩᠭᠣᠯ ᠨᠤᠲᠤᠭ ᠲᠠᠭᠠᠨ ᠳᠠᠭᠠᠭᠤᠯᠤᠨ ᠢᠷᠡᠬᠦ ᠦᠭᠡᠢ ᠶᠠᠭᠠᠬᠢᠪᠠ ᠴᠢ? ᠪᠢ ᠲᠡᠭᠦᠨ ᠲᠡᠢ ᠲᠤᠯᠤᠯᠳᠤᠵᠤ ᠬᠡᠨ ᠨᠢ ᠠᠮᠢᠳᠤ ᠦᠯᠡᠳᠡᠬᠦ ᠪᠡᠨ ᠦᠵᠡᠭᠰᠡᠨ ᠪᠣᠯ ᠳᠡᠭᠡᠷ᠎ᠡ ᠪᠠᠢᠵᠤ? ᠲᠡᠭᠡᠭᠰᠡᠨ ᠪᠣᠯ ᠪᠢ ᠵᠥᠴᠢ ᠶ᠋ᠢᠨ ᠭᠠᠷ ᠲᠤ᠌ ᠦᠬᠦᠬᠦ ᠳ᠋ᠦ᠍ ᠬᠠᠷᠠᠮᠰᠠᠬᠤ ᠵᠦᠢᠯ ᠦᠭᠡᠢ ᠪᠠᠢᠪᠠ᠃ ᠪᠢ ᠵᠥᠴᠢ ᠬᠥᠪᠡᠭᠦᠨ ᠦ᠌ ᠪᠡᠨ ᠠᠮᠢ ᠪᠠᠷ ᠶᠠᠭᠤ ᠣᠯᠪᠠ? ᠶᠡᠬᠡ ᠤᠯᠤᠰ ᠢ᠋ᠶ᠋ᠠᠨ ᠬᠤᠷᠢᠶᠠᠬᠤ ᠳ᠋ᠤ᠌ ᠮᠢᠨᠢ ᠨᠥᠬᠥᠷ ᠪᠣᠯᠤᠭᠠᠴᠢ ᠭᠡᠰᠡᠨ ᠢ᠋ ᠨᠢ ᠠᠰᠢᠭᠯᠠᠨ ᠮᠡᠬᠡᠯᠡᠵᠦ᠂ ᠰᠠᠨᠠᠭᠠᠨ ᠳ᠋ᠤ᠌ ᠦᠭᠡᠢ ᠪᠠᠢᠭᠰᠠᠨ ᠬᠥᠪᠡᠭᠦᠨ ᠢ᠋ ᠮᠢᠨᠢ ᠴᠢ ᠬᠣᠷᠣᠭᠠᠵᠠᠢ᠃ ᠪᠢ ᠡᠨᠡ ᠦᠭᠡ ᠶ᠋ᠢ ᠴᠢᠨᠢ ᠰᠣᠨᠣᠰᠤᠭᠰᠠᠨ ᠬᠣᠢᠨ᠎ᠠ ᠪᠠᠨ ᠬᠠᠲᠤᠨ ᠪᠥᠷᠲᠡ ᠶ᠋ᠢᠨ ᠬᠢ ᠪᠡᠨ ᠴᠢᠷᠠᠢ ᠶ᠋ᠢ ᠶᠠᠭᠠᠬᠢᠵᠤ ᠬᠠᠷᠠᠨ᠎ᠠ? ᠡᠬᠡ ᠬᠥᠮᠦᠨ ᠵᠦᠩ ᠰᠣᠪᠢᠩ ᠢ᠋ᠶ᠋ᠠᠷ ᠢ᠋ᠶ᠋ᠠᠨ ᠮᠡᠳᠡᠳᠡᠭ ᠪᠠᠢᠵᠠᠢ᠃ ᠭᠡᠲᠡᠯ᠎ᠡ ᠪᠢ ᠭᠡᠳᠡᠭ ᠲᠡᠨᠡᠭ ᠲᠣᠯᠣᠭᠠᠢ ᠡᠢᠮᠦᠬᠡᠨ ᠶᠠᠭᠤᠮ᠎ᠠ ᠶ᠋ᠢᠨ ᠤᠴᠢᠷ ᠢ᠋ ᠣᠯᠬᠤ ᠦᠭᠡᠢ ᠡᠳᠦᠢ ᠣᠯᠠᠨ ᠵᠢᠯ ᠬᠠᠭᠤᠷᠲᠠᠵᠤ ᠶᠠᠪᠤᠵᠠᠢ᠃ ᠪᠤᠭᠤᠷᠴᠢ ᠴᠢ ᠨᠠᠮᠠᠶ᠋ᠢ ᠭᠤᠲᠤᠭᠠᠨ ᠳᠣᠷᠣᠮᠵᠢᠯᠠᠪᠠ᠃ ᠢᠲᠡᠭᠡᠯᠲᠦ ᠨᠥᠬᠥᠷ ᠪᠤᠭᠤᠷᠴᠢ ᠴᠢ ᠨᠠᠮᠠᠶ᠋ᠢ ᠡᠯᠵᠢᠭᠡᠨ ᠡᠴᠡ ᠳᠣᠣᠷ᠎ᠠ ᠦᠵᠡᠪᠡ᠃ ᠪᠢ ᠴᠢᠮᠠᠶ᠋ᠢ ᠨᠢᠳᠦᠨ ᠳ᠋ᠡᠭᠡᠨ ᠦᠵᠡᠬᠦ ᠶ᠋ᠢ ᠴᠦ᠍ ᠦᠯᠦ ᠬᠦᠰᠡᠨ᠎ᠡ᠃ ᠴᠢ ᠦᠳᠲᠡᠷ ᠲᠦᠷᠭᠡᠨ ᠳᠠᠯᠳᠠ ᠣᠷᠣ᠃ ᠵᠠᠢᠯᠠ᠂ ᠲᠣᠨᠢᠯ᠃
ᠪᠤᠭᠤᠷᠴᠢ ᠴᠢᠮᠡᠭᠡ ᠦᠭᠡᠢ ᠪᠣᠰᠴᠤ ᠶᠠᠪᠤᠪᠠ᠃
| ᠠᠮᠢᠳᠤ ᠳᠡᠭᠡᠷ᠎ᠡ ᠪᠡᠨ ᠵᠠᠢᠯᠠ᠃
ᠪᠤᠭᠤᠷᠴᠢ ᠶ᠋ᠢ ᠭᠠᠷᠬᠤ ᠶ᠋ᠢᠨ ᠠᠯᠲᠠ ᠳ᠋ᠤ᠌ ᠴᠢᠩᠭᠢᠰ ᠬᠠᠭᠠᠨ
| ᠪᠤᠭᠤᠷᠴᠢ ᠬᠦᠯᠢᠶᠡ᠃ ᠪᠢ ᠦᠭᠡ ᠪᠡᠨ ᠳᠠᠭᠤᠰᠬᠠᠭ᠎ᠠ ᠦᠭᠡᠢ ᠪᠠᠢᠨ᠎ᠠ ᠭᠡᠰᠡᠨ ᠲᠤᠯᠠ ᠲᠡᠷᠡ ᠡᠷᠭᠢᠵᠦ ᠰᠠᠭᠤᠵᠠᠢ᠃ ᠬᠣᠶᠠᠭᠤᠯᠠ ᠤᠴᠢᠷ ᠢ᠋ᠶ᠋ᠠᠨ ᠣᠯᠬᠤ ᠪᠠᠨ ᠪᠠᠢᠵᠤ ᠡᠯᠦᠢ ᠪᠠᠯᠠᠢ ᠪᠣᠯᠤᠨ ᠰᠣᠯᠢᠶᠠᠷᠠᠭᠰᠠᠨ ᠮᠡᠲᠦ ᠪᠣᠯᠵᠠᠢ᠃
ᠪᠤᠭᠤᠷᠴᠢ ᠪᠤᠰᠢᠭᠤᠬᠠᠨ ᠲᠡᠨᠳᠡ ᠡᠴᠡ ᠬᠣᠯᠠᠳᠬᠤ ᠶ᠋ᠢᠨ ᠲᠦᠦᠰ ᠪᠣᠯᠵᠤ ᠪᠠᠢᠪᠠ᠃ ᠤᠭ ᠠ᠋ᠴᠠ ᠭᠠᠩᠰᠠᠷᠠᠵᠤ ᠭᠠᠰᠢᠭᠤᠳᠠᠨ ᠬᠢᠯᠢᠩᠨᠡᠵᠦ ᠭᠠᠯᠵᠠᠭᠤᠷᠠᠭᠰᠠᠨ ᠴᠢᠩᠭᠢᠰ ᠬᠠᠭᠠᠨ ᠢ᠋ ᠲᠡᠰᠴᠦ ᠬᠠᠷᠠᠬᠤ᠂ ᠲᠡᠪᠴᠢᠵᠦ ᠰᠣᠨᠣᠰᠬᠤ ᠶ᠋ᠢᠨ ᠠᠷᠭ᠎ᠠ ᠦᠭᠡᠢ ᠪᠣᠯᠵᠤ ᠪᠠᠢᠪᠠ᠃
| ᠪᠢ ᠰᠣᠨᠣᠰᠴᠤ ᠪᠠᠢᠨ᠎ᠠ᠂ ᠬᠠᠭᠠᠨᠲᠠᠨ᠃
ᠴᠢᠩᠭᠢᠰ ᠬᠠᠭᠠᠨ ᠭᠡᠨᠡᠳᠲᠡ ᠬᠠᠮᠢᠭ᠎ᠠ ᠠ᠋ᠴᠠ ᠴᠤ᠌ ᠶᠤᠮ ᠤᠷᠢᠳ ᠨᠢ ᠪᠤᠭᠤᠷᠴᠢ ᠶ᠋ᠢᠨ ᠣᠭᠲᠣ ᠦᠵᠡᠵᠦ ᠬᠠᠷᠠᠭ᠎ᠠ ᠦᠭᠡᠢ ᠱ᠌ᠢᠷᠦ ᠮᠡᠲᠦ ᠲᠤᠶᠠᠭᠠᠷᠠᠭᠰᠠᠨ ᠵᠢᠵᠢᠭ ᠤᠯᠠᠭᠠᠨ ᠴᠢᠯᠠᠭᠤ ᠭᠠᠷᠭᠠᠵᠤ ᠢᠷᠡᠭᠡᠳ ᠳᠤᠬᠤᠨ ᠳ᠋ᠠᠭᠠᠨ ᠬᠦᠷᠭᠡᠵᠦ᠂ ᠵᠢᠷᠦᠬᠡᠨ ᠲᠤᠰ ᠭᠠᠵᠠᠷ ᠢ᠋ᠶ᠋ᠠᠨ ᠬᠡᠰᠡᠭ ᠵᠠᠭᠤᠷ᠎ᠠ ᠪᠠᠷᠢᠵᠤ ᠪᠠᠢᠭᠰᠠᠨ ᠢ᠋ᠶ᠋ᠠᠨ ᠵᠡᠭᠦᠨ ᠭᠠᠷ ᠲᠠᠭᠠᠨ ᠲᠠᠰᠤ ᠠᠳᠬᠤᠨ ᠨᠢᠳᠦ ᠪᠡᠨ ᠠᠨᠢᠵᠤ ᠴᠢᠮᠡᠭᠡ ᠦᠭᠡᠢ ᠪᠣᠯᠪᠠ᠃ ᠪᠤᠭᠤᠷᠴᠢ ᠴᠤ᠌ ᠳᠠᠬᠢᠨ ᠦᠭᠡ ᠳᠤᠤᠭᠠᠷᠤᠯ ᠦᠭᠡᠢ ᠴᠢᠩᠭᠢᠰ ᠬᠠᠭᠠᠨ ᠤ᠋ ᠨᠢᠳᠦ ᠪᠡᠨ ᠨᠡᠭᠡᠭᠡᠵᠦ ᠲᠡᠭᠦᠨ ᠢ᠋ ᠬᠠᠷᠠᠬᠤ ᠬᠦᠷᠲᠡᠯ᠎ᠡ ᠲᠡᠪᠴᠢᠶᠡᠷᠢ ᠲᠡᠢ ᠬᠦᠯᠢᠶᠡᠵᠦ ᠪᠠᠢᠯ᠎ᠠ᠃ ᠴᠢᠩᠭᠢᠰ ᠬᠠᠭᠠᠨ ᠤ᠋ ᠲᠠᠰᠤ ᠠᠳᠬᠤᠭᠠᠰᠤ ᠲᠠᠢ ᠵᠡᠭᠦᠨ ᠭᠠᠷ ᠭᠡᠨᠡᠳᠲᠡ ᠨᠡᠪᠲᠡ ᠭᠡᠷᠡᠯᠲᠦᠨ ᠪᠠᠢᠬᠤ ᠶ᠋ᠢ ᠪᠤᠭᠤᠷᠴᠢ ᠣᠯᠵᠤ ᠦᠵᠡᠵᠡᠢ᠃ ᠲᠡᠷᠡᠬᠡᠨ ᠵᠠᠭᠤᠷ᠎ᠠ ᠭᠡᠨᠡᠳᠲᠡ ᠳᠣᠲᠣᠷ᠎ᠠ ᠨᠢ ᠣᠩᠭᠣᠢᠭᠰᠠᠨ ᠮᠡᠲᠦ ᠪᠣᠯᠵᠤ ᠪᠢᠴᠢᠬᠠᠨ ᠲᠠᠢᠪᠤᠰᠢᠷᠠᠭᠠᠳ ᠰᠠᠶᠢᠬᠠᠨ ᠯᠠ ᠦᠬᠦᠳᠡᠯ ᠠᠳᠠᠯᠢ ᠥᠭᠢᠷ᠎ᠡ ᠵᠢᠪᠡᠬᠡᠢ ᠪᠣᠯᠴᠢᠬᠠᠭᠰᠠᠨ ᠪᠠᠢᠭᠰᠠᠨ ᠴᠢᠷᠠᠢ ᠵᠢᠰᠦ ᠨᠢ ᠬᠦᠷᠲᠡᠯ᠎ᠡ ᠭᠡᠢᠵᠦ ᠠᠭᠤᠵᠢᠷᠠᠭᠰᠠᠨ ᠴᠢᠩᠭᠢᠰ ᠬᠠᠭᠠᠨ
| ᠵᠥᠴᠢ ᠶ᠋ᠢᠨ ᠦᠬᠦᠯ ᠢ᠋ ᠴᠢ ᠡᠭᠦᠷᠢᠳᠡ ᠮᠠᠷᠲᠠ᠃ ᠴᠢ ᠲᠡᠭᠦᠨ ᠳ᠋ᠦ᠍ ᠣᠭᠲᠣ ᠪᠤᠷᠤᠭᠤ ᠦᠭᠡᠢ᠃ ᠰᠡᠳᠬᠢᠯ ᠢ᠋ᠶ᠋ᠡᠨ ᠲᠠᠢᠪᠤᠩ ᠪᠠᠢᠯᠭ᠎ᠠ᠃ ᠬᠠᠷᠢᠨ ᠨᠤᠲᠤᠭ ᠤ᠋ᠨ ᠵᠦᠭ ᠶᠠᠪᠤᠬᠤ ᠪᠠᠨ ᠪᠤᠤ ᠮᠠᠷᠲᠠ᠃ ᠬᠡᠯᠡᠭᠰᠡᠨ ᠴᠠᠭ ᠲᠤ᠌ ᠶᠠᠪᠤᠵᠤ ᠦᠵᠡ᠃ ᠣᠳᠣ ᠶᠠᠪᠤᠵᠤ ᠠᠮᠠᠷᠠ ᠭᠡᠵᠡᠢ᠃
ᠴᠢᠩᠭᠢᠰ ᠬᠠᠭᠠᠨ ᠤ᠋ ᠡᠨᠡ ᠭᠡᠨᠡᠳᠲᠡ ᠶ᠋ᠢᠨ ᠭᠡᠮᠡᠷ ᠲᠠᠢᠪᠤᠰᠢᠷᠠᠭᠤᠯᠬᠤ ᠦᠭᠡ ᠳ᠋ᠦ᠍ ᠰᠡᠳᠬᠢᠯ ᠪᠠᠬᠠᠨ ᠠᠭᠤᠵᠢᠷᠠᠭᠰᠠᠨ ᠴᠤ᠌ ᠳᠥᠩᠭᠡᠵᠦ ᠰᠠᠶᠢᠬᠠᠨ ᠢᠲᠡᠭᠡᠯᠲᠦ ᠨᠥᠬᠥᠷ ᠨᠢ ᠪᠤᠤ ᠬᠡᠯᠡ ᠡᠯᠢᠭᠡ ᠪᠤᠷᠤᠭᠤᠲᠠᠨ ᠴᠤ᠌ ᠬᠠᠷᠠᠭᠠᠳ ᠦᠷᠦ ᠡᠪᠡᠳᠴᠦ ᠬᠠᠷᠠᠭᠤᠰᠤᠮᠠᠷ ᠭᠠᠰᠠᠯᠤᠨ ᠭᠠᠰᠢᠭᠤᠳᠠᠵᠤ᠂ ᠬᠢᠯᠢᠩᠨᠡᠨ ᠳᠣᠭᠰᠢᠷᠠᠵᠤ ᠪᠠᠢᠭᠰᠠᠨ ᠪᠠᠭ᠎ᠠ ᠶ᠋ᠢᠨ ᠠᠨᠳᠠ ᠠ᠋ᠴᠠ ᠪᠠᠨ ᠨᠢᠭᠡ ᠯᠡ ᠬᠣᠯᠠᠳᠠᠮᠠ ᠦᠭᠡᠢ ᠰᠠᠨᠠᠭᠳᠠᠬᠤ ᠳ᠋ᠤ᠌
| ᠦᠷ ᠴᠠᠢᠲᠠᠯ᠎ᠠ ᠪᠠᠰᠠ ᠴᠤ᠌ ᠵᠠᠢ ᠪᠠᠢᠨ᠎ᠠ᠃ ᠲᠠᠨ ᠳ᠋ᠤ᠌ ᠪᠠᠷ᠎ᠠ ᠪᠣᠯᠵᠤ ᠬᠡᠰᠡᠭ ᠵᠠᠭᠤᠷ᠎ᠠ ᠬᠦᠯᠢᠶᠡᠵᠡᠨᠡᠶᠡ᠃ ᠬᠠᠭᠠᠨ ᠲᠠᠨ ᠤ᠋ ᠴᠢᠬᠤᠯ ᠵᠢᠭᠠᠬᠠᠨ ᠴᠤ᠌ ᠭᠡᠰᠡᠨ ᠳᠠᠷᠤᠭᠳᠠᠭ ᠭᠡᠪᠡ᠃
| ᠪᠢ ᠣᠳᠣ ᠴᠢᠮᠠᠲᠤ ᠴᠢᠩᠭᠢᠰ ᠬᠠᠭᠠᠨ ᠪᠢᠰᠢ ᠪᠣᠯᠤᠭᠰᠠᠨ᠃ ᠬᠣᠶᠠᠭᠤᠯᠠ ᠪᠠᠨ ᠠᠩᠬ᠎ᠠ ᠬᠡᠷᠦᠯᠦᠨ ᠦ᠌ ᠡᠷᠭᠢ ᠳᠡᠭᠡᠷ᠎ᠡ ᠠᠭᠤᠯᠵᠠᠭᠰᠠᠨ ᠲᠡᠮᠦᠵᠢᠨ᠂ ᠪᠤᠭᠤᠷᠴᠢ ᠬᠣᠶᠠᠷ ᠢ᠋ᠶ᠋ᠠᠷ ᠢ᠋ᠶ᠋ᠠᠨ ᠯᠠ ᠦᠯᠡᠳᠡᠶ᠎ᠡ᠃
ᠲᠡᠮᠦᠵᠢᠨ ᠦ᠌ ᠡᠨᠡ ᠡᠯᠢᠭᠡ ᠳᠡᠪᠲᠦᠮᠡ ᠡᠭᠡᠨᠡᠭ ᠳᠣᠲᠣᠨᠣ ᠦᠭᠡ ᠶ᠋ᠢ ᠰᠣᠨᠣᠰᠤᠭᠠᠳ
| ᠲᠡᠢᠮᠦ ᠪᠣᠯ ᠰᠠᠢᠨ ᠰᠠᠨ ᠭᠡᠵᠦ ᠪᠤᠭᠤᠷᠴᠢ ᠲᠠᠢᠳᠬᠤᠷᠠᠨ ᠢᠨᠢᠶᠡᠵᠡᠢ᠃ ᠬᠡᠳᠦᠢ ᠢᠨᠢᠶᠡᠵᠦ ᠰᠡᠳᠬᠢᠯ ᠰᠠᠨᠠᠭ᠎ᠠ ᠲᠠᠢᠪᠤᠰᠢᠷᠠᠭᠰᠠᠨ ᠮᠡᠲᠦ ᠪᠣᠯᠪᠠᠴᠤ ᠳᠠᠬᠢᠨ ᠬᠡᠵᠢᠶ᠎ᠡ ᠴᠦ᠍ ᠠᠭᠤᠯᠵᠠᠬᠤ ᠦᠭᠡᠢ ᠪᠡᠷ ᠰᠠᠯᠵᠤ ᠬᠠᠭᠠᠴᠠᠬᠤ ᠭᠡᠵᠦ ᠪᠠᠢᠭ᠎ᠠ ᠪᠠᠨ ᠬᠡᠨ ᠬᠡᠨ ᠨᠢ ᠵᠦᠩ ᠰᠣᠪᠢᠩ᠂ ᠵᠢᠷᠦᠬᠡ ᠰᠡᠳᠬᠢᠯ ᠢ᠋ᠶ᠋ᠡᠷ ᠢ᠋ᠶ᠋ᠡᠨ ᠲᠣᠳᠣ ᠮᠡᠳᠡᠷᠡᠭᠡᠳ ᠦᠭᠡ ᠪᠡᠷ ᠬᠡᠯᠡᠬᠦ ᠳ᠋ᠦ᠍ ᠬᠡᠴᠡᠭᠦᠦ ᠶᠡᠬᠡ ᠭᠤᠨᠢᠭ ᠲᠤ᠌ ᠠᠪᠲᠠᠵᠠᠢ᠃
ᠡᠨᠡ ᠬᠦ᠌ ᠬᠠᠭᠠᠴᠠᠯ ᠤ᠋ᠨ ᠥᠭᠦᠯᠡᠰᠢ ᠦᠭᠡᠢ ᠭᠤᠨᠢᠭ ᠤ᠋ᠨ ᠳᠡᠷᠭᠡᠳᠡ ᠠᠮᠢᠳᠤ ᠶᠠᠪᠤᠭ᠎ᠠ ᠨᠠᠰᠤᠨ ᠳ᠋ᠠᠭᠠᠨ ᠲᠡᠳᠡᠨ ᠦ᠌ ᠦᠵᠡᠵᠦ ᠡᠳ᠋ᠯᠡᠭᠰᠡᠨ ᠵᠣᠪᠠᠯᠠᠩ ᠰᠢᠨᠠᠯᠤᠯ ᠪᠣᠯ ᠬᠠᠷᠢᠨ ᠵᠢᠷᠭᠠᠯ ᠰᠢᠭ᠋ ᠰᠠᠨᠠᠭᠳᠠᠨ᠎ᠠ᠃ ᠲᠡᠳᠡ ᠨᠢᠭᠡ ᠶᠡᠬᠡ ᠶᠠᠭᠤᠮ᠎ᠠ ᠶᠠᠷᠢᠮᠠᠷ ᠪᠠᠢᠭᠰᠠᠨ ᠴᠤ᠌ ᠨᠢᠭᠡ ᠨᠠᠰᠤ ᠪᠠᠷ ᠰᠠᠯᠬᠤ ᠦᠭᠡᠢ ᠬᠠᠮᠲᠤ ᠶᠠᠪᠤᠭᠰᠠᠨ ᠲᠤᠯᠠ ᠶᠠᠷᠢᠬᠤ ᠬᠡᠯᠡᠯᠴᠡᠬᠦ ᠶᠠᠭᠤᠮ᠎ᠠ ᠨᠢᠭᠡᠨᠲᠡ ᠦᠭᠡᠢ ᠪᠣᠯᠵᠤ ᠳᠠᠭᠤᠰᠤᠭᠰᠠᠨ ᠮᠡᠲᠦ ᠪᠠᠢᠬᠤ ᠠᠵᠢ᠃ ᠵᠥᠪᠬᠡᠨ ᠬᠠᠭᠠᠴᠠᠬᠤ ᠶ᠋ᠢᠨ ᠲᠤᠯᠠᠳᠠ ᠢᠩᠭᠢᠵᠦ ᠣᠯᠠᠨ ᠵᠢᠯ ᠲᠣᠬᠣᠢ ᠵᠠᠯᠭᠠᠨ ᠵᠢᠳᠬᠦᠭᠰᠡᠨ ᠮᠡᠲᠦ ᠰᠠᠨᠠᠭᠳᠠᠬᠤ ᠨᠢ ᠳᠠᠩᠴᠤ ᠬᠠᠷᠠᠮᠰᠠᠯᠲᠠᠢ᠃ ᠭᠡᠪᠡᠴᠦ ᠲᠡᠳᠡ ᠴᠤᠭᠯᠠᠭᠤᠯᠵᠤ ᠬᠤᠷᠢᠶᠠᠭᠰᠠᠨ ᠠᠯᠲᠠ ᠡᠷᠳᠡᠨᠢᠰ᠂ ᠴᠤᠤᠷᠢᠶᠠᠲᠤᠵᠤ ᠮᠠᠨᠳᠤᠭᠰᠠᠨ ᠠᠯᠳᠠᠷ ᠨᠡᠷ᠎ᠡ ᠶ᠋ᠢᠨ ᠠᠯᠢ ᠶ᠋ᠢ ᠴᠦ᠍ ᠦᠯᠦ ᠲᠣᠭᠣᠨ ᠭᠣᠶᠤᠯᠭᠠᠬᠤ ᠦᠭᠡᠢ ᠢᠷᠡᠵᠦ ᠢᠯᠭᠠᠬᠤ ᠦᠭᠡᠢ ᠠᠪᠤᠭᠠᠳ ᠶᠠᠪᠤᠳᠠᠭ ᠠᠶᠤᠮᠰᠢᠭᠲᠤ ᠦᠬᠦᠯ ᠦ᠋ᠨ ᠡᠮᠦᠨ᠎ᠡ ᠬᠦᠴᠦ ᠦᠭᠡᠢᠳᠡᠨ ᠪᠠᠭᠤᠵᠤ ᠥᠭᠴᠦ ᠪᠠᠢᠭ᠎ᠠ ᠪᠠᠨ ᠵᠥᠪᠰᠢᠶᠡᠷᠡᠵᠦ ᠣᠢᠯᠠᠭᠠᠵᠤ ᠴᠢᠳᠠᠬᠤ ᠦᠭᠡᠢ ᠪᠠᠢᠪᠠ᠃ ᠬᠠᠷᠢᠶᠠᠯᠲᠠ ᠲᠡᠷᠡ ᠦᠬᠦᠯ ᠶᠡᠷᠦ ᠳ᠋ᠡᠭᠡᠨ ᠬᠡᠳᠦᠬᠡᠨ ᠠᠯᠬᠤᠮ ᠤ᠋ᠨ ᠵᠠᠢᠨ ᠳ᠋ᠤ᠌ ᠢᠷᠡᠴᠢᠬᠡᠭᠡᠳ ᠠᠯᠢ ᠬᠡᠳᠦᠢᠨ ᠬᠠᠯᠠᠭᠤᠨ ᠰᠡᠳᠬᠢᠯ᠂ ᠬᠠᠳᠠᠨ ᠵᠢᠷᠦᠬᠡᠨ ᠳ᠋ᠦ᠍ᠨᠢ ᠬᠠᠷ᠎ᠠ ᠰᠡᠭᠦᠳᠡᠷ ᠢ᠋ᠶ᠋ᠡᠨ ᠳᠤᠰᠬᠠᠭᠠᠳ ᠪᠠᠢᠭ᠎ᠠ ᠶ᠋ᠢ ᠤᠴᠢᠷ ᠮᠡᠳᠡᠬᠦ ᠦᠭᠡᠢ ᠪᠠᠯᠴᠢᠷ ᠬᠡᠦᠬᠡᠳ ᠴᠦ᠍ ᠭᠤᠨᠢᠭ ᠬᠤᠷᠠᠭ᠎ᠠ ᠦᠭᠡᠢ ᠨᠢᠳᠦ ᠪᠡᠷ ᠢ᠋ᠶ᠋ᠡᠨ ᠬᠢᠷᠳ᠋ᠬᠢᠨ ᠬᠠᠷᠠᠬᠤ ᠪᠠᠷ ᠲᠣᠳᠣ ᠪᠠᠢᠯ᠎ᠠ᠃ ᠣᠳᠣ ᠦᠬᠦᠯ ᠢ᠋ ᠪᠤᠴᠠᠭᠠᠬᠤ ᠬᠦᠴᠦ ᠨᠢᠭᠡᠨᠲᠡ ᠦᠭᠡᠢ ᠪᠣᠯᠤᠭᠰᠠᠨ ᠪᠠᠢᠪᠠ᠃ ᠡᠭᠦᠨ ᠢ᠋ ᠴᠢᠩᠭᠢᠰ ᠬᠠᠭᠠᠨ ᠮᠡᠳᠡᠵᠦ ᠪᠠᠢᠭᠰᠠᠨ ᠲᠤᠯᠠ ᠪᠦᠬᠦ ᠠᠷᠭ᠎ᠠ ᠪᠠᠨ ᠬᠡᠷᠡᠭᠯᠡᠨ ᠦᠬᠦᠯ ᠡᠴᠡ ᠵᠢᠭᠤᠲᠠᠬᠤ ᠶ᠋ᠢ ᠬᠢᠴᠢᠶᠡᠵᠦ ᠪᠠᠢᠪᠠ᠃
| ᠪᠤᠭᠤᠷᠴᠢ᠂ ᠮᠢᠨᠦ ᠰᠡᠳᠬᠢᠯ ᠲᠠᠢᠪᠤᠰᠢᠷᠠᠵᠤ ᠴᠡᠪᠡᠷᠰᠢᠪᠡ᠃ ᠶᠡᠬᠡ ᠤᠯᠤᠰ ᠤ᠋ᠨ ᠢ᠋ᠶ᠋ᠠᠨ ᠲᠥᠯᠥᠭᠡ ᠬᠢᠭᠰᠡᠨ ᠦᠢᠯᠡ ᠲᠤᠯᠠ ᠪᠢ ᠬᠠᠰᠠᠷ ᠤ᠋ᠨ ᠲᠥᠯᠥᠭᠡ ᠴᠦ᠍᠂ ᠵᠥᠴᠢ ᠶ᠋ᠢᠨ ᠲᠥᠯᠥᠭᠡ ᠴᠦ᠍ ᠬᠠᠷᠠᠮᠰᠠᠬᠤ ᠦᠭᠡᠢ ᠪᠠᠢᠬᠤ ᠨᠢ ᠵᠥᠪ ᠶᠦ᠍ᠮ᠃ ᠴᠢ ᠴᠦ᠍ ᠥᠪᠡᠷ ᠢ᠋ ᠪᠡᠨ ᠪᠤᠤ ᠪᠤᠷᠤᠭᠤᠳᠬᠠ ᠭᠡᠵᠦ ᠴᠢᠩᠭᠢᠰ ᠬᠠᠭᠠᠨ ᠲᠠᠢᠪᠤᠰᠢᠷᠠᠭᠠᠳ ᠬᠡᠯᠡᠪᠡ᠃ ᠭᠡᠪᠡᠴᠦ ᠲᠡᠳᠡ ᠬᠣᠶᠠᠭᠤᠯᠠ ᠵᠥᠴᠢ ᠶ᠋ᠢᠨ ᠦᠬᠦᠯ ᠳ᠋ᠦ᠍ ᠪᠤᠷᠤᠭᠤ ᠦᠭᠡᠢ ᠭᠡᠳᠡᠭ ᠢ᠋ᠶ᠋ᠡᠨ ᠳᠠᠩᠴᠤ ᠮᠡᠳᠡᠬᠦ ᠦᠭᠡᠢ ᠪᠠᠢᠯ᠎ᠠ᠃ ᠴᠢᠯᠭᠡᠷ ᠪᠥᠬᠡ ᠶ᠋ᠢᠨ ᠤᠳᠤᠮ ᠪᠢᠴᠢᠯᠲᠡᠢ ᠬᠥᠪᠡᠭᠦᠨ ᠢ᠋ ᠴᠠᠪᠴᠢᠨ ᠠᠯᠠᠬᠤ ᠳ᠋ᠠᠭᠠᠨ ᠦᠬᠦᠯ ᠦ᠋ᠨ ᠠᠶᠤᠮᠰᠢᠭᠲᠤ ᠳᠠᠭᠤ ᠬᠥᠳᠡᠯᠭᠡᠭᠡᠨ ᠢ᠋ ᠮᠡᠳᠡᠷᠡᠭᠰᠡᠨ ᠡᠴᠡ ᠪᠣᠯᠵᠤ ᠵᠥᠴᠢ ᠬᠠᠴᠢᠨ ᠶᠡᠬᠡ ᠪᠡᠷ ᠠᠶᠤᠵᠤ ᠰᠣᠴᠢᠭᠰᠠᠨ ᠪᠥᠭᠡᠳ ᠰᠡᠭᠦᠯ ᠳ᠋ᠦ᠍ᠨᠢ ᠪᠢᠴᠢᠯᠲᠡᠢ ᠶ᠋ᠢᠨ ᠦᠬᠦᠯ ᠳ᠋ᠦ᠍ ᠬᠠᠷᠠᠮᠰᠠᠨ ᠰᠢᠨᠠᠯᠤᠭᠰᠠᠭᠠᠷ ᠪᠠᠢᠭᠰᠠᠨ ᠨᠢ ᠵᠥᠴᠢ ᠶ᠋ᠢᠨ ᠰᠦᠨᠡᠰᠦ ᠵᠠᠢᠯᠠᠭᠰᠠᠨ ᠠ᠋ᠴᠠ ᠪᠣᠯᠤᠭᠰᠠᠨ ᠪᠠᠢᠪᠠ᠃ ᠬᠢᠬᠦ ᠶᠣᠰᠣ ᠦᠭᠡᠢ ᠦᠢᠯᠡ ᠶ᠋ᠢ ᠬᠢᠭᠰᠡᠨ ᠨᠢ ᠵᠥᠴᠢ ᠶ᠋ᠢᠨ ᠦᠢᠯᠡ ᠶ᠋ᠢᠨ ᠦᠷ᠎ᠡ ᠪᠣᠯᠵᠤ ᠲᠡᠷᠡ ᠮᠥᠴᠡ ᠳ᠋ᠦ᠍ ᠲᠡᠭᠦᠨ ᠦ᠌ ᠰᠦᠨᠡᠰᠦ ᠳᠠᠬᠢᠨ ᠡᠷᠭᠢᠵᠦ ᠢᠷᠡᠬᠦ ᠪᠡᠷ ᠦᠭᠡᠢ ᠵᠠᠢᠯᠠᠭᠰᠠᠨ ᠪᠠᠢᠵᠠᠢ᠃ ᠡᠭᠦᠨ ᠢ᠋ ᠬᠡᠨ ᠴᠦ᠍ ᠮᠡᠳᠡᠬᠦ ᠠᠷᠭ᠎ᠠ ᠦᠭᠡᠢ ᠶᠦ᠍ᠮ᠃ ᠪᠠᠲᠤ ᠬᠥᠪᠡᠭᠦᠨ ᠦ᠌ ᠪᠡᠨ ᠢᠷᠡᠭᠡᠳᠦᠢ ᠶ᠋ᠢᠨ ᠰᠠᠢᠨ ᠰᠠᠢᠬᠠᠨ᠂ ᠲᠤᠰᠠᠭᠠᠷ ᠶᠡᠬᠡ ᠤᠯᠤᠰ ᠤ᠋ᠨ ᠲᠥᠯᠥᠭᠡ ᠪᠢᠴᠢᠯᠲᠡᠢ ᠶ᠋ᠢ ᠦᠬᠦᠭᠦᠯᠪᠡ ᠭᠡᠮᠡᠨ ᠢᠲᠡᠭᠡᠵᠦ ᠶᠠᠪᠤᠭᠰᠠᠨ ᠨᠢ ᠵᠥᠴᠢ ᠶ᠋ᠢᠨ ᠦᠬᠦᠯ ᠢ᠋ ᠳᠠᠬᠢᠨ ᠬᠣᠶᠠᠷ ᠵᠢᠯ ᠰᠠᠭᠠᠳᠠᠭᠤᠯᠵᠠᠢ᠃ ᠪᠤᠭᠤᠷᠴᠢ ᠶᠠᠭᠠᠷᠠᠯ ᠦᠭᠡᠢ ᠳᠠᠬᠢᠨ ᠨᠢᠭᠡ ᠬᠣᠨᠣᠭ ᠲᠡᠪᠴᠢᠭᠰᠡᠨ ᠪᠣᠯ ᠵᠥᠴᠢ ᠥᠪᠡᠷ ᠢ᠋ᠶ᠋ᠡᠨ ᠦᠬᠦᠬᠦ ᠪᠠᠢᠪᠠ᠃ ᠭᠡᠪᠡᠴᠦ ᠡᠨᠡ ᠨᠢᠭᠤᠴᠠ ᠶ᠋ᠢ ᠲᠩᠷᠢ ᠯᠡ ᠮᠡᠳᠡᠬᠦ ᠲᠤᠯᠠ ᠪᠤᠭᠤᠷᠴᠢ ᠳ᠋ᠤ᠌ ᠶᠠᠭᠤᠨ ᠤ᠋ ᠪᠤᠷᠤᠭᠤ ᠪᠠᠢᠬᠤ ᠪᠢᠯᠡ᠃
| ᠲᠡᠮᠦᠵᠢᠨ ᠠᠨᠳᠠ ᠮᠢᠨᠢ᠂ ᠪᠢ ᠴᠢᠮᠠᠶ᠋ᠢ ᠶᠠᠭᠠᠬᠢᠵᠤ ᠣᠷᠬᠢᠵᠤ ᠶᠠᠪᠤᠨ᠎ᠠ ᠭᠡᠵᠦ ᠴᠢ ᠰᠠᠨᠠᠪᠠ? ᠭᠡᠵᠦ ᠪᠤᠭᠤᠷᠴᠢ ᠠᠷᠭ᠎ᠠ ᠪᠠᠷᠠᠭᠳᠠᠨ ᠰᠢᠪᠡᠨᠡᠵᠡᠢ᠃ 《ᠲᠡᠮᠦᠵᠢᠨ ᠠᠨᠳᠠ》 ᠭᠡᠰᠡᠨ ᠦᠭᠡ ᠰᠡᠳᠬᠢᠯ ᠳ᠋ᠦ᠍ ᠬᠡᠴᠢᠨᠡᠨ ᠣᠢᠷ᠎ᠠ᠂ ᠤᠶᠠᠷᠠᠯᠲᠠᠢ ᠰᠠᠢᠬᠠᠨ ᠰᠣᠨᠣᠰᠳᠠᠬᠤ ᠶ᠋ᠢ ᠴᠢᠩᠭᠢᠰ ᠬᠠᠭᠠᠨ ᠰᠡᠳᠬᠢᠯ ᠳᠡᠩᠰᠡᠯᠦᠨ ᠠᠩᠵᠠᠭᠠᠷᠠᠵᠠᠢ᠃
| ᠤᠳᠠᠬᠤ ᠦᠭᠡᠢ ᠠᠭᠤᠯᠵᠠᠬᠤ ᠲᠤᠯᠠ ᠰᠡᠳᠬᠢᠯ ᠢ᠋ᠶ᠋ᠡᠨ ᠪᠤᠤ ᠵᠣᠪᠠᠭ᠎ᠠ ᠪᠤᠭᠤᠷᠴᠢ ᠮᠢᠨᠢ᠃
| ᠲᠡᠢᠮᠦ ᠠ᠋᠃ ᠴᠢ ᠪᠢᠳᠡ ᠬᠣᠶᠠᠷ ᠤᠳᠠᠬᠤ ᠦᠭᠡᠢ ᠠᠭᠤᠯᠵᠠᠬᠤ ᠨᠢ ᠭᠠᠷᠴᠠᠭ᠎ᠠ ᠦᠭᠡᠢ᠃ ᠪᠢ ᠡᠭᠦᠨ ᠳ᠋ᠦ᠍ ᠢᠲᠡᠭᠡᠵᠦ ᠪᠠᠢᠨ᠎ᠠ᠃
ᠬᠠᠮᠢᠭ᠎ᠠ ᠨᠢᠭᠡᠲᠡᠢ ᠬᠣᠯᠠ ᠠ᠋ᠴᠠ ᠪᠥᠬᠡ ᠶ᠋ᠢᠨ ᠬᠡᠩᠭᠡᠷᠭᠡ ᠳᠤᠤᠭᠠᠷᠬᠤ ᠰᠣᠨᠣᠰᠳᠠᠭᠰᠠᠨ ᠳ᠋ᠤ᠌ ᠲᠡᠳᠡ ᠴᠢᠮᠡᠭᠡ ᠦᠭᠡᠢ ᠪᠣᠯᠵᠠᠢ᠃ ᠪᠤᠭᠤᠷᠴᠢ ᠴᠤ᠌ ᠡᠭᠦᠨ ᠢ᠋ ᠲᠣᠪ ᠲᠣᠳᠣᠬᠠᠨ ᠰᠣᠨᠣᠰᠪᠠ᠃
| ᠣᠢᠷ᠎ᠠ ᠠ᠋ᠴᠠ ᠨᠢᠭᠡ ᠬᠡᠷᠦᠮᠡᠯ ᠲᠡᠨᠦᠭᠦᠯᠴᠢ ᠢᠩᠭᠢᠵᠦ ᠬᠦᠰᠡᠭᠰᠡᠨ ᠭᠠᠵᠠᠷ ᠢ᠋ᠶ᠋ᠠᠨ᠂ ᠬᠦᠰᠡᠭᠰᠡᠨ ᠴᠠᠭ ᠲᠠᠭᠠᠨ ᠪᠥᠬᠡᠯᠡᠵᠦ ᠶᠠᠪᠤᠳᠠᠭ ᠪᠣᠯᠤᠭᠰᠠᠨ ᠭᠡᠨ᠎ᠡ ᠭᠡᠵᠦ ᠪᠤᠭᠤᠷᠴᠢ ᠬᠡᠯᠡᠵᠡᠢ᠃ ᠬᠠᠷᠢᠨ ᠲᠡᠮᠦᠵᠢᠨ ᠲᠡᠭᠦᠨ ᠦ᠌ ᠬᠡᠯᠡᠭᠰᠡᠨ ᠢ᠋ ᠰᠣᠨᠣᠰᠤᠭ᠎ᠠ ᠦᠭᠡᠢ ᠮᠡᠲᠦ
| ᠴᠢ ᠶᠠᠪᠤᠬᠤ ᠳ᠋ᠠᠭᠠᠨ ᠬᠡᠰᠢᠭᠲᠡᠨ ᠴᠡᠷᠢᠭ ᠦ᠋ᠨ ᠢ᠋ᠶ᠋ᠡᠨ ᠬᠠᠭᠠᠰ ᠢ᠋ ᠳᠠᠭᠠᠭᠤᠯ᠃ ᠣᠳᠣ ᠳᠠᠬᠢᠭᠠᠳ ᠠᠭᠤᠯᠵᠠᠬᠤ ᠦᠭᠡᠢ ᠪᠡᠷ ᠶᠠᠪᠤ᠃ ᠬᠣᠶᠠᠭᠤᠯᠠ ᠪᠤᠷᠬᠠᠨ ᠬᠠᠯᠳᠤᠨ ᠠᠭᠤᠯᠠ ᠳ᠋ᠠᠭᠠᠨ ᠳᠠᠬᠢᠨ ᠠᠭᠤᠯᠵᠠᠶ᠎ᠠ ᠭᠡᠪᠡ᠃ ᠪᠤᠭᠤᠷᠴᠢ ᠤᠳᠠᠯ ᠦᠭᠡᠢ ᠴᠢᠩᠭᠢᠰ ᠬᠠᠭᠠᠨ ᠤ᠋ ᠦᠷᠭᠦᠭᠡᠨ ᠡᠴᠡ ᠭᠠᠷᠴᠤ ᠶᠠᠪᠤᠬᠤ ᠳ᠋ᠤ᠌ ᠨᠢᠭᠡᠨᠲᠡ ᠦᠷ ᠴᠠᠢᠵᠤ ᠪᠠᠰᠠ ᠨᠢᠭᠡᠨ ᠡᠳᠦᠷ ᠡᠬᠢᠯᠡᠵᠦ ᠪᠠᠢᠪᠠ᠃ ᠲᠡᠳᠡ ᠢᠩᠭᠢᠵᠦ ᠥᠨᠥ ᠰᠠᠯᠤᠭᠠᠳ ᠮᠠᠷᠭᠠᠰᠢ ᠠᠭᠤᠯᠵᠠᠬᠤ ᠮᠡᠲᠦ ᠬᠠᠭᠠᠴᠠᠵᠠᠢ᠃ ᠡᠨᠡ ᠪᠦᠬᠦᠨ ᠲᠩᠷᠢ ᠶ᠋ᠢᠨ ᠵᠠᠷᠯᠢᠭ ᠪᠠᠢᠭᠰᠠᠨ ᠲᠤᠯᠠ ᠬᠡᠨ ᠨᠢ ᠴᠦ᠍ ᠵᠥᠷᠢᠴᠡᠭᠰᠡᠨ ᠦᠭᠡᠢ ᠪᠢᠯᠡ᠃ ᠲᠠᠪᠢᠨ ᠵᠢᠯ ᠬᠠᠮᠲᠤ ᠵᠢᠳᠬᠦᠭᠰᠡᠨ ᠲᠡᠳᠡᠨ ᠢ᠋ ᠬᠠᠭᠠᠴᠠᠭᠤᠯᠬᠤ ᠨᠢ ᠭᠠᠭᠴᠠᠬᠠᠨ ᠦᠬᠦᠯ ᠪᠣᠯᠪᠠᠴᠤ ᠪᠠᠰᠠ ᠳᠠᠬᠢᠨ ᠠᠭᠤᠯᠵᠠᠭᠤᠯᠬᠤ ᠨᠢ ᠦᠬᠦᠯ ᠶᠦᠮ᠃ ᠲᠡᠢᠮᠦ ᠤᠴᠢᠷ ᠠ᠋ᠴᠠ ᠪᠤᠭᠤᠷᠴᠢ ᠨᠤᠲᠤᠭ ᠤᠷᠤᠭᠤ ᠪᠠᠨ ᠶᠠᠭᠠᠷᠠᠨ ᠮᠣᠷᠳᠠᠵᠠᠢ᠃ ᠪᠤᠭᠤᠷᠴᠢ ᠶ᠋ᠢᠨ ᠡᠢᠨ ᠭᠡᠨᠡᠳᠲᠡ ᠶᠠᠪᠤᠭᠰᠠᠨ ᠤ᠋ ᠨᠠᠷᠢᠨ ᠨᠢᠭᠤᠴᠠ ᠶ᠋ᠢ ᠥᠭᠡᠳᠡᠢ ᠡᠴᠡ ᠥᠭᠡᠷ᠎ᠡ ᠬᠥᠮᠦᠨ ᠮᠡᠳᠡᠭᠰᠡᠨ ᠦᠭᠡᠢ᠃
ᠳᠠᠪ ᠲᠩᠷᠢ ᠶ᠋ᠢᠨ ᠰᠦᠨᠡᠰᠦ ᠡᠷᠭᠢᠨ ᠢᠷᠡᠭᠰᠡᠨ ᠢ᠋ ᠴᠢᠩᠭᠢᠰ ᠬᠠᠭᠠᠨ ᠮᠡᠳᠡᠷᠡᠵᠡᠢ᠃ ᠭᠡᠪᠡᠴᠦ ᠳᠠᠪ ᠲᠩᠷᠢ ᠶᠠᠭᠠᠬᠢᠭᠠᠳ ᠴᠤ᠌ ᠶᠤᠮ ᠪᠣᠢ᠂ ᠲᠡᠭᠦᠨ ᠢ᠋ ᠲᠣᠭᠣᠷᠢᠨ ᠬᠦᠷᠢᠶᠡᠨ ᠦ᠌ ᠭᠠᠳᠠᠭᠤᠷ ᠡᠷᠭᠢᠯᠳᠦᠵᠦ ᠵᠥᠪᠬᠡᠨ ᠢᠷᠡᠭᠰᠡᠨ ᠢ᠋ᠶ᠋ᠡᠨ ᠮᠡᠳᠡᠭᠳᠡᠬᠦ ᠲᠡᠳᠦᠢ ᠪᠠᠢᠯ᠎ᠠ᠃ ᠳᠠᠪ ᠲᠩᠷᠢ ᠲᠡᠭᠦᠨ ᠳ᠋ᠦ᠍ ᠲᠤᠰᠠᠯᠠᠬᠤ ᠭᠡᠵᠦ ᠢᠷᠡᠭᠰᠡᠨ ᠭᠡᠳᠡᠭ ᠲᠦ᠍ ᠴᠢᠩᠭᠢᠰ ᠬᠠᠭᠠᠨ ᠡᠷᠡᠭᠡᠯᠵᠡᠵᠦ ᠲᠡᠨᠡᠭᠡᠯᠵᠡᠬᠦ ᠦᠭᠡᠢ ᠢᠲᠡᠭᠡᠵᠦ ᠪᠠᠢᠪᠠ᠃ ᠦᠨᠡᠬᠡᠷ ᠦᠬᠦᠯ ᠦ᠋ᠨ ᠰᠡᠭᠦᠳᠡᠷ ᠣᠢᠷᠠᠲᠤᠨ ᠢᠷᠡᠬᠦ ᠳ᠋ᠦ᠍ ᠬᠠᠮᠢᠭ᠎ᠠ ᠬᠣᠯᠠ ᠳ᠋ᠤ᠌ ᠬᠡᠩᠭᠡᠷᠭᠡ ᠶ᠋ᠢᠨ ᠳᠠᠭᠤ᠂ ᠴᠢᠨᠣ᠎ᠠ ᠣᠯᠢᠬᠤ ᠰᠣᠨᠣᠰᠤᠭᠳᠠᠳᠠᠭ ᠪᠥᠭᠡᠳ ᠦᠬᠦᠯ ᠡᠴᠡ ᠳᠠᠷᠤᠢ ᠬᠣᠯᠠᠳᠤᠨ ᠣᠳᠳᠠᠭ ᠠᠵᠢ᠃ ᠰᠡᠭᠦᠯ ᠦ᠋ᠨ ᠬᠡᠳᠦᠨ ᠡᠳᠦᠷ ᠴᠢᠩᠭᠢᠰ ᠬᠠᠭᠠᠨ ᠥᠭᠡᠯᠦᠨ ᠡᠬᠡ ᠶ᠋ᠢᠨ ᠢ᠋ᠶ᠋ᠡᠨ ᠥᠭᠭᠦᠭᠰᠡᠨ ᠲᠩᠷᠢ ᠶ᠋ᠢᠨ ᠲᠡᠮᠳᠡᠭ ᠢ᠋ ᠭᠠᠷ ᠠ᠋ᠴᠠ ᠪᠠᠨ ᠨᠢᠭᠡ ᠮᠥᠴᠡ ᠴᠦ᠍ ᠰᠠᠯᠭᠠᠬᠤ ᠦᠭᠡᠢ ᠪᠣᠯᠤᠭᠰᠠᠨ ᠪᠥᠭᠡᠳ ᠬᠤᠯᠠᠨ ᠬᠠᠲᠤᠨ ᠤ᠋ ᠪᠠᠨ ᠬᠢᠲᠤᠭ᠎ᠠ ᠶ᠋ᠢ ᠪᠥᠰᠡᠨ ᠳ᠋ᠡᠭᠡᠨ ᠪᠠᠢᠩᠭᠤ ᠵᠡᠭᠦᠳᠡᠭ ᠪᠣᠯᠵᠠᠢ᠃ ᠬᠤᠯᠠᠨ ᠤ᠋ ᠠᠪᠠ ᠬᠣᠮᠣᠷᠭ᠎ᠠ ᠶ᠋ᠢᠨ ᠦᠶ᠎ᠡ ᠪᠡᠷ ᠲᠡᠭᠦᠨ ᠤᠷᠤᠭᠤ ᠳᠠᠭᠠᠷᠢᠭᠰᠠᠨ ᠥᠨᠥᠬᠢ ᠠᠶᠤᠮᠰᠢᠭᠲᠤ ᠬᠠᠷ᠎ᠠ ᠠᠵᠢᠷᠭ᠎ᠠ ᠶ᠋ᠢᠨ ᠵᠢᠷᠦᠬᠡᠨ ᠳ᠋ᠦ᠍ ᠵᠤᠭᠤᠯᠲᠠ ᠲᠠᠢ ᠪᠠᠢᠭᠰᠠᠨ ᠬᠢᠲᠤᠭ᠎ᠠ ᠪᠣᠯ ᠬᠤᠯᠠᠨ ᠬᠠᠲᠤᠨ ᠤ᠋ ᠬᠢᠨᠢ ᠬᠢᠲᠤᠭ᠎ᠠ ᠪᠣᠯᠬᠤ ᠶ᠋ᠢ ᠴᠢᠩᠭᠢᠰ ᠬᠠᠭᠠᠨ ᠠᠨᠳᠠᠭᠤᠷᠠᠯ ᠦᠭᠡᠢ ᠲᠠᠨᠢᠭᠰᠠᠨ ᠪᠢᠯᠡ᠃ ᠤᠴᠢᠷ ᠨᠢ ᠬᠤᠷᠽᠸᠮ ᠤ᠋ᠨ ᠬᠠᠭᠠᠨ ᠮᠤᠬᠠᠮᠮᠡᠳ᠋ ᠦ᠋ᠨ ᠡᠬᠡ ᠲᠤᠷᠠᠺᠢᠨᠠ ᠬᠠᠲᠤᠨ ᠤ᠋ ᠵᠡᠭᠦᠵᠦ ᠶᠠᠪᠤᠭᠰᠠᠨ ᠡᠨᠡ ᠬᠢᠲᠤᠭ᠎ᠠ ᠶ᠋ᠢ ᠬᠤᠯᠠᠨ ᠬᠠᠲᠤᠨ ᠭᠣᠶᠣᠭᠰᠠᠭᠠᠷ ᠪᠠᠢᠵᠤ ᠠᠪᠤᠭᠰᠠᠨ ᠶᠤᠮ᠃ ᠢᠩᠭᠢᠬᠦ ᠳ᠋ᠦ᠍ᠨᠢ ᠴᠢᠩᠭᠢᠰ ᠬᠠᠭᠠᠨ ᠮᠠᠰᠢ ᠶᠡᠬᠡ ᠳᠤᠷ᠎ᠠ ᠦᠭᠡᠢᠴᠡᠵᠦ ᠶᠠᠭ ᠠᠳᠠᠯᠢᠬᠠᠨ ᠬᠢᠲᠤᠭ᠎ᠠ ᠬᠢᠯᠭᠡᠵᠦ ᠥᠭᠭᠦᠶ᠎ᠡ ᠭᠡᠰᠡᠨ ᠴᠦ᠍ ᠵᠥᠪᠰᠢᠶᠡᠷᠡᠭᠡ ᠦᠭᠡᠢ ᠲᠤᠯᠠ ᠠᠷᠭ᠎ᠠ ᠪᠠᠨ ᠪᠠᠷᠠᠵᠤ ᠪᠢᠯᠡ᠃ ᠲᠡᠭᠡᠭᠡᠳ ᠡᠷᠬᠡ ᠳᠤᠷ᠎ᠠ ᠪᠠᠷ ᠢ᠋ᠶ᠋ᠠᠨ ᠬᠠᠲᠤᠨ ᠨᠢ ᠴᠣᠬᠣᠮ ᠶᠠᠭᠤᠨ ᠳ᠋ᠤᠨᠢ ᠪᠣᠯᠤᠭᠠᠳ ᠢᠩᠭᠢᠲᠡᠯ᠎ᠡ ᠪᠡᠨ ᠱᠣᠬᠣᠭᠣᠷᠬᠠᠭᠰᠠᠨ ᠢ᠋ ᠮᠡᠳᠡᠬᠦ ᠭᠡᠵᠦ ᠲᠡᠷᠡ ᠬᠢᠲᠤᠭ᠎ᠠ ᠶ᠋ᠢ ᠶᠡᠬᠡᠳᠡ ᠠᠩᠬᠠᠷᠤᠨ ᠦᠵᠡᠭᠰᠡᠨ ᠲᠤᠯᠠ ᠲᠡᠷᠡ ᠬᠣᠵᠢᠮ ᠬᠣᠢᠨ᠎ᠠ ᠴᠤ᠌ ᠠᠨᠳᠠᠭᠤᠷᠠᠬᠤ ᠦᠭᠡᠢ ᠲᠠᠨᠢᠬᠤ ᠪᠠᠷ ᠪᠣᠯᠵᠠᠢ᠃ ᠭᠡᠲᠡᠯ᠎ᠡ ᠬᠤᠯᠠᠨ ᠬᠠᠲᠤᠨ ᠨᠢ ᠭᠠᠭᠴᠠᠬᠠᠨ ᠲᠡᠭᠦᠨ ᠢ᠋ ᠠᠪᠤᠷᠠᠬᠤ ᠭᠡᠵᠦ ᠯᠡ ᠡᠨᠡ ᠬᠢᠲᠤᠭ᠎ᠠ ᠶ᠋ᠢ ᠵᠢᠳᠬᠦᠨ ᠵᠢᠳᠬᠦᠨ ᠪᠠᠢᠵᠤ ᠠᠪᠤᠭᠰᠠᠨ ᠢ᠋ ᠰᠠᠶᠢ ᠯᠠ ᠨᠢᠭᠡ ᠮᠡᠳᠡᠵᠡᠢ᠃ ᠡᠨᠡ ᠶᠠᠪᠤᠳᠠᠯ ᠪᠣᠯ ᠳᠠᠪ ᠲᠩᠷᠢ ᠪᠥᠬᠡ ᠶ᠋ᠢᠨ ᠬᠡᠯᠡᠭᠰᠡᠨ ᠢ᠋ᠶ᠋ᠡᠷ ᠲᠡᠮᠦᠵᠢᠨ᠂ ᠲᠩᠷᠢ ᠳ᠋ᠦ᠍ ᠢᠪᠡᠭᠡᠭᠳᠡᠭᠰᠡᠨ ᠦ᠌ ᠪᠠᠲᠤᠯᠠᠭ᠎ᠠ ᠭᠡᠵᠦ ᠢᠲᠡᠭᠡᠵᠡᠢ᠃ ᠬᠠᠷᠢᠨ ᠦᠬᠦᠯ ᠭᠠᠷᠴᠠᠭ᠎ᠠ ᠦᠭᠡᠢ ᠢᠷᠡᠬᠦ ᠶ᠋ᠢᠨ ᠳᠣᠬᠢᠶ᠎ᠠ ᠪᠣᠯ ᠳᠠᠪ ᠲᠩᠷᠢ ᠶ᠋ᠢᠨ ᠲᠡᠭᠦᠨ ᠳ᠋ᠦ᠍ ᠥᠭᠭᠦᠭᠰᠡᠨ ᠲᠩᠷᠢ ᠶ᠋ᠢᠨ ᠰᠠᠬᠢᠭᠤᠰᠤ ᠠᠯᠠᠭ᠎ᠠ ᠪᠣᠯᠤᠭᠰᠠᠨ ᠶᠠᠪᠤᠳᠠᠯ ᠪᠠᠢᠯ᠎ᠠ᠃ ᠲᠡᠷᠡ ᠰᠠᠬᠢᠭᠤᠰᠤ ᠶ᠋ᠢᠨ ᠨᠢᠭᠤᠴᠠ ᠶ᠋ᠢ ᠭᠠᠭᠴᠠ ᠲᠡᠮᠦᠵᠢᠨ ᠥᠪᠡᠷ ᠢ᠋ᠶ᠋ᠡᠨ ᠯᠡ ᠮᠡᠳᠡᠬᠦ ᠲᠤᠯᠠ ᠠᠯᠠᠭ᠎ᠠ ᠪᠣᠯᠤᠭᠰᠠᠨ ᠢ᠋ ᠨᠢ ᠬᠡᠨ ᠳ᠋ᠦ᠍ ᠴᠦ᠍ ᠬᠡᠯᠡᠭᠰᠡᠨ ᠦᠭᠡᠢ᠃ ᠬᠤᠯᠠᠨ ᠤ᠋ ᠠᠪᠠ ᠶ᠋ᠢᠨ ᠦᠶ᠎ᠡ ᠪᠡᠷ ᠲᠣᠭᠰᠢᠨ ᠬᠤᠯᠠᠨ ᠤ᠋ ᠬᠥᠯ ᠳ᠋ᠦ᠍ ᠥᠷᠲᠥᠨ ᠲᠠᠰᠤᠷᠠᠵᠤ ᠠᠯᠠᠭ᠎ᠠ ᠪᠣᠯᠤᠭᠰᠠᠨ ᠪᠠᠢᠬᠤ ᠭᠡᠵᠦ ᠳᠠᠭᠠᠬᠤ ᠠ᠋ᠴᠠ ᠥᠭᠡᠷ᠎ᠡ ᠠᠷᠭ᠎ᠠ ᠦᠭᠡᠢ ᠪᠠᠢᠯ᠎ᠠ᠃ ᠴᠢᠩᠭᠢᠰ ᠬᠠᠭᠠᠨ ᠤ᠋ ᠪᠡᠶ᠎ᠡ ᠪᠣᠯᠤᠭᠠᠳ ᠰᠡᠳᠬᠢᠯ ᠰᠠᠨᠠᠭ᠎ᠠ ᠬᠢᠮᠤᠷᠠᠵᠤ ᠡᠬᠢᠯᠡᠭᠰᠡᠨ ᠣ ᠦᠨᠳᠦᠰᠦ ᠨᠢ ᠲᠩᠷᠢ ᠶ᠋ᠢᠨ ᠰᠠᠬᠢᠭᠤᠰᠤ ᠪᠠᠨ ᠭᠡᠭᠡᠭᠰᠡᠨ ᠡᠴᠡ ᠪᠣᠯᠤᠭᠰᠠᠨ ᠭᠡᠳᠡᠭ ᠲᠦ᠍ ᠲᠡᠷᠡ ᠪᠡᠷ ᠢᠲᠡᠭᠡᠵᠦ ᠪᠠᠢᠯ᠎ᠠ᠃《ᠨᠤᠲᠤᠭ ᠲᠠᠭᠠᠨ ᠰᠠᠭᠤ》 ᠭᠡᠵᠦ ᠥᠭᠡᠯᠦᠨ ᠡᠬᠡ ᠨᠢ ᠲᠩᠷᠢ ᠶ᠋ᠢᠨ ᠨᠡᠷ᠎ᠡ ᠪᠡᠷ ᠪᠠᠷᠢᠬᠵᠢᠨ ᠠᠭᠤᠯᠠ ᠶ᠋ᠢᠨ ᠣᠷᠣᠢ ᠳ᠋ᠤ᠌ ᠭᠠᠷᠬᠤ ᠳ᠋ᠤ᠌ ᠵᠠᠬᠢᠭᠰᠠᠨ ᠨᠢ ᠴᠣᠬᠣᠮ ᠡᠨᠡ ᠶᠠᠪᠤᠳᠠᠯ ᠢ᠋ ᠵᠥᠩᠨᠡᠭᠰᠡᠨ ᠬᠡᠷᠡᠭ ᠪᠠᠢᠵᠠᠢ᠃
ᠣᠳᠣ ᠲᠡᠷᠡ ᠪᠡᠷ ᠬᠠᠷᠠᠮᠰᠠᠪᠠᠴᠤ ᠨᠢᠭᠡᠨᠲᠡ ᠣᠷᠣᠢᠲᠠᠵᠠᠢ᠃ ᠲᠡᠭᠦᠨ ᠢ᠋ ᠮᠥᠩᠬᠡ ᠲᠩᠷᠢ ᠦᠬᠦᠯ ᠡᠴᠡ ᠬᠠᠮᠠᠭᠠᠯᠠᠬᠤ ᠦᠭᠡᠢ ᠪᠣᠯᠵᠠᠢ᠃ ᠲᠩᠷᠢ ᠶ᠋ᠢᠨ ᠰᠠᠬᠢᠭᠤᠰᠤ ᠶ᠋ᠢᠨ ᠬᠦᠴᠦ ᠪᠡᠷ ᠴᠢᠩᠭᠢᠰ ᠬᠠᠭᠠᠨ ᠬᠡᠴᠢᠨᠡᠨ ᠤᠳᠠᠭ᠎ᠠ ᠦᠬᠦᠯ ᠡᠴᠡ ᠠᠪᠤᠷᠠᠭᠳᠠᠭᠰᠠᠨ ᠢ᠋ ᠲᠣᠭᠠᠴᠠᠯᠠᠵᠤ ᠬᠡᠯᠡᠬᠦ ᠶ᠋ᠢᠨ ᠠᠷᠭ᠎ᠠ ᠦᠭᠡᠢ ᠪᠠᠢᠯ᠎ᠠ᠃ ᠲᠠᠩᠭᠤᠳ ᠢ᠋ ᠵᠣᠷᠢᠯ ᠦᠭᠡᠢ ᠲᠩᠷᠢ ᠶ᠋ᠢᠨ ᠵᠠᠷᠯᠢᠭ ᠢ᠋ ᠳᠠᠭᠠᠵᠤ ᠨᠤᠲᠤᠭ ᠲᠠᠭᠠᠨ ᠰᠠᠭᠤᠭᠰᠠᠨ ᠪᠣᠯ ᠬᠡᠵᠢᠶ᠎ᠡ ᠦᠬᠦᠬᠦ ᠪᠠᠢᠭᠰᠠᠨ ᠢ᠋ ᠪᠠᠰᠠ ᠲᠣᠳᠣᠷᠬᠠᠢᠯᠠᠨ ᠬᠡᠯᠡᠬᠦ ᠶ᠋ᠢᠨ ᠠᠷᠭ᠎ᠠ ᠦᠭᠡᠢ ᠴᠦ᠍ ᠨᠢᠭᠡᠨᠲᠡ ᠪᠤᠷᠤᠭᠤ ᠵᠦᠢᠯ ᠬᠢᠭᠰᠡᠨ ᠢ᠋ᠶ᠋ᠡᠨ ᠬᠦᠯᠢᠶᠡᠨ ᠵᠥᠪᠰᠢᠶᠡᠷᠡᠬᠦ ᠡᠴᠡ ᠥᠭᠡᠷ᠎ᠡ ᠵᠠᠮ ᠦᠭᠡᠢ ᠪᠣᠯᠵᠠᠢ᠃ ᠦᠬᠦᠯ ᠬᠠᠶᠠᠭᠠᠨ ᠳ᠋ᠤᠨᠢ ᠢᠷᠡᠴᠢᠬᠡᠭᠰᠡᠨ ᠪᠠᠢᠭ᠎ᠠ ᠨᠢ ᠲᠣᠳᠣᠷᠬᠠᠢ ᠪᠣᠯᠣᠮᠠᠭᠴᠠ ᠬᠦᠰᠡᠭᠰᠡᠨ ᠢ᠋ᠶ᠋ᠡᠷ ᠢ᠋ᠶ᠋ᠡᠨ ᠦᠬᠦᠬᠦ ᠬᠦᠰᠡᠯ ᠲᠡᠰᠬᠡᠯ ᠦᠭᠡᠢ ᠣᠷᠭᠢᠯᠳᠠᠭ ᠠᠵᠢ᠃ ᠶᠠᠭ ᠡᠢᠨ ᠰᠠᠨᠠᠭᠳᠠᠬᠤ ᠳ᠋ᠤ᠌ ᠴᠢᠩᠭᠢᠰ ᠬᠠᠭᠠᠨ ᠥᠪᠡᠷ ᠦ᠋ᠨ ᠡᠷᠬᠡ ᠦᠭᠡᠢ ᠵᠠᠮᠤᠬ᠎ᠠ ᠶ᠋ᠢ ᠳᠤᠷᠠᠰᠤᠨ ᠰᠠᠨᠠᠳᠠᠭ ᠪᠥᠭᠡᠳ ᠲᠡᠭᠦᠨ ᠢ᠋ ᠬᠦᠰᠡᠭᠰᠡᠨ ᠢ᠋ᠶ᠋ᠡᠷ ᠨᠢ ᠦᠬᠦᠭᠦᠯᠦᠭᠡ ᠦᠭᠡᠢ ᠳ᠋ᠡᠭᠡᠨ ᠬᠠᠷᠠᠮᠰᠠᠨ ᠳᠡᠮᠡᠢ ᠵᠦᠢᠯ ᠬᠢᠵᠡᠢ ᠭᠡᠮᠡᠨ ᠦᠶ᠎ᠡ ᠦᠶ᠎ᠡ ᠭᠡᠮᠰᠢᠬᠦ ᠪᠣᠯᠵᠠᠢ᠃ ᠶᠡᠷᠦ ᠨᠢ ᠡᠨᠡ ᠬᠡᠳᠦ ᠬᠣᠨᠣᠭ ᠲᠤ᠌ ᠴᠢᠩᠭᠢᠰ ᠬᠠᠭᠠᠨ ᠥᠪᠡᠷ ᠢ᠋ ᠪᠡᠨ ᠲᠠᠨᠢᠬᠤ᠂ ᠣᠢᠯᠠᠭᠠᠬᠤ ᠪᠠᠨ ᠨᠢᠭᠡᠨᠲᠡ ᠪᠣᠯᠢᠭᠰᠠᠨ ᠪᠠᠢᠨ᠎ᠠ᠃ ᠡᠷᠭᠢᠨ ᠲᠣᠭᠣᠷᠢᠨ ᠤ᠋ ᠬᠡᠨ ᠨᠢ ᠴᠦ᠍ ᠡᠭᠦᠨ ᠢ᠋ ᠮᠡᠳᠡᠭᠡᠳ ᠲᠡᠭᠦᠨ ᠲᠡᠢ ᠮᠠᠰᠢ ᠪᠣᠯᠭᠣᠮᠵᠢᠲᠠᠢ ᠬᠠᠷᠢᠴᠠᠵᠤ ᠪᠠᠷᠤᠭ ᠵᠢᠭᠤᠲᠠᠬᠤ ᠪᠣᠯᠵᠠᠢ᠃
ᠬᠠᠭᠠᠨ ᠡᠴᠢᠭᠡ ᠶ᠋ᠢ ᠪᠡᠨ ᠡᠮᠴᠢᠯᠡᠨ ᠰᠤᠪᠢᠯᠠᠬᠤ ᠶ᠋ᠢᠨ ᠲᠤᠯᠠᠳᠠ ᠥᠭᠡᠳᠡᠢ ᠬᠥᠪᠡᠭᠦᠨ ᠨᠢ ᠲᠡᠷᠢᠭᠦᠯᠡᠨ ᠪᠦᠭᠦᠳᠡᠭᠡᠷ ᠢ᠋ᠶ᠋ᠡᠨ ᠪᠣᠯᠤᠯᠴᠠᠭ᠎ᠠ ᠲᠠᠢ ᠪᠦᠬᠦᠨ ᠢ᠋ ᠬᠢᠵᠦ ᠪᠠᠢᠯ᠎ᠠ᠃ ᠬᠠᠷᠢᠨ ᠪᠤᠭᠤᠷᠴᠢ ᠶ᠋ᠢ ᠬᠡᠷᠡᠭᠡ ᠶ᠋ᠢᠨ ᠬᠠᠮᠲᠤ ᠮᠣᠩᠭᠣᠯ ᠨᠤᠲᠤᠭ ᠤᠷᠤᠭᠤ ᠪᠠᠨ ᠶᠠᠪᠤᠭᠰᠠᠨ ᠤ᠋ ᠬᠣᠢᠨ᠎ᠠ ᠠᠯᠲᠠᠨ ᠤᠯᠤᠰ ᠠ᠋ᠴᠠ ᠨᠢᠭᠡᠨ ᠡᠪᠦᠭᠡᠨ ᠯᠠᠮᠠ ᠢᠷᠡᠵᠦ ᠴᠢᠩᠭᠢᠰ ᠬᠠᠭᠠᠨ ᠳ᠋ᠤ᠌ ᠪᠠᠷᠠᠯᠬᠠᠬᠤ ᠬᠦᠰᠡᠯ ᠢ᠋ᠶ᠋ᠡᠨ ᠢᠯᠡᠷᠬᠡᠢᠯᠡᠵᠡᠢ᠃ ᠶᠢᠰᠦᠨᠲᠠᠢ ᠶ᠋ᠢᠨ ᠲᠠᠩᠨᠠᠭᠤᠯ ᠲᠤᠷᠰᠢᠭᠤᠯ ᠤ᠋ᠳ ᠤ᠋ᠨ ᠬᠡᠯᠡᠭᠰᠡᠨ ᠢ᠋ᠶ᠋ᠡᠷ ᠡᠨᠡ ᠡᠪᠦᠭᠡᠨ ᠯᠠᠮᠠ ᠦᠬᠦᠭᠰᠡᠨ ᠢ᠋ ᠴᠦ᠍ ᠪᠣᠰᠬᠠᠳᠠᠭ ᠰᠢᠳᠢᠲᠡᠢ ᠳᠣᠮᠴᠢ ᠭᠡᠵᠦ ᠠᠯᠳᠠᠷᠰᠢᠭᠰᠠᠨ ᠬᠥᠮᠦᠨ ᠪᠠᠢᠵᠠᠢ᠃ ᠡᠭᠦᠨ ᠢ᠋ ᠰᠢᠯᠭᠠᠵᠤ ᠲᠣᠭᠲᠠᠭᠠᠮᠠᠭᠴᠠ ᠥᠭᠡᠳᠡᠢ ᠴᠢᠩᠭᠢᠰ ᠬᠠᠭᠠᠨ ᠳ᠋ᠤ᠌ ᠠᠢᠯᠠᠳᠬᠠᠪᠠ᠃ ᠴᠢᠩᠭᠢᠰ ᠬᠠᠭᠠᠨ ᠪᠡᠶ᠎ᠡ ᠲᠠᠪᠠ ᠦᠭᠡᠢᠷᠬᠡᠭᠰᠡᠨ ᠡᠴᠡ ᠬᠣᠢᠰᠢ ᠡᠨᠡ ᠲᠡᠷᠡ ᠣᠲᠠᠴᠢ ᠶ᠋ᠢᠨ ᠥᠭᠭᠥᠭᠰᠡᠨ ᠡᠮ ᠡᠴᠡ ᠥᠪᠡᠷ ᠢ᠋ᠶ᠋ᠡᠨ ᠰᠡᠵᠢᠭᠯᠡᠨ ᠤᠤᠭᠤᠬᠤ ᠦᠭᠡᠢ ᠪᠣᠯᠵᠠᠢ᠃ ᠲᠡᠷᠡ ᠪᠡᠷ ᠬᠥᠮᠦᠨ ᠪᠦᠬᠦᠨ ᠥᠪᠡᠷ ᠢ᠋ ᠨᠢ ᠬᠣᠣᠷᠯᠠᠨ ᠦᠬᠦᠭᠦᠯᠬᠦ ᠪᠣᠢ ᠭᠡᠵᠦ ᠮᠠᠭᠤ ᠰᠠᠨᠠᠵᠤ ᠪᠠᠢᠭᠰᠠᠨ ᠨᠢ ᠡᠳᠡᠭᠡᠷᠡᠬᠦ ᠲᠡᠩᠬᠡᠭᠡᠷᠡᠬᠦ ᠳ᠋ᠦ᠍ᠨᠢ ᠢᠯᠡᠷᠬᠡᠢ ᠰᠠᠭᠠᠳ ᠪᠣᠯᠵᠤ ᠪᠠᠢᠯ᠎ᠠ᠃ ᠡᠨᠡ ᠪᠣᠯ ᠲᠡᠭᠦᠨ ᠦ᠌ ᠦᠬᠦᠯ ᠦ᠋ᠨ ᠡᠷᠬᠡᠨ ᠳ᠋ᠦ᠍ ᠣᠷᠣᠵᠤ ᠡᠬᠢᠯᠡᠭᠰᠡᠨ ᠦ᠌ ᠴᠠᠭᠠᠳᠤ ᠰᠢᠯᠲᠠᠭᠠᠨ ᠪᠣᠯᠬᠤ ᠶ᠋ᠢ ᠴᠢᠩᠭᠢᠰ ᠬᠠᠭᠠᠨ ᠣᠢᠯᠠᠭᠠᠭᠰᠠᠨ ᠦᠭᠡᠢ᠃ ᠬᠠᠯᠠᠭᠤᠨ ᠬᠠᠨᠢᠶᠠᠳᠤ ᠲᠤᠰᠤᠭᠰᠠᠨ ᠨᠢ ᠤᠵᠢᠭᠷᠠᠭᠰᠠᠭᠠᠷ ᠪᠠᠢᠭ᠎ᠠ ᠶ᠋ᠢ ᠴᠦ᠍ ᠲᠡᠷᠡ ᠣᠢᠰᠢᠶᠠᠵᠤ ᠦᠵᠡᠭᠰᠡᠨ ᠦᠭᠡᠢ ᠪᠢᠯᠡ᠃
| ᠥᠭᠡᠳᠡᠢ ᠴᠢ ᠲᠦᠷᠦᠭᠦᠯᠡᠨ ᠠᠭᠤᠯᠵᠠᠵᠤ ᠪᠠᠢ᠃ ᠪᠢ ᠳᠠᠷᠠᠭ᠎ᠠ ᠨᠢ ᠣᠷᠣᠶ᠎ᠠ ᠭᠡᠵᠦ ᠴᠢᠩᠭᠢᠰ ᠬᠠᠭᠠᠨ ᠬᠡᠯᠡᠭᠰᠡᠨ ᠨᠢ ᠶᠡᠷᠦ ᠡᠮᠦᠨ᠎ᠡ ᠨᠢ ᠲᠣᠬᠢᠶᠠᠯᠳᠤᠵᠤ ᠪᠠᠢᠭ᠎ᠠ ᠦᠭᠡᠢ ᠶᠠᠪᠤᠳᠠᠯ ᠪᠥᠭᠡᠳ ᠥᠭᠡᠳᠡᠢ ᠴᠦ᠍ ᠣᠭᠲᠣ ᠶᠠᠭᠤᠮ᠎ᠠ ᠪᠣᠳᠣᠭ᠎ᠠ ᠦᠭᠡᠢ ᠠᠵᠢ᠃ ᠬᠠᠭᠠᠨ ᠡᠴᠢᠭᠡ ᠶ᠋ᠢᠨ ᠬᠡᠯᠡᠭᠰᠡᠨ ᠶᠣᠰᠣᠭᠠᠷ ᠥᠭᠡᠳᠡᠢ ᠲᠡᠷᠡ ᠯᠠᠮᠠ ᠲᠠᠢ ᠠᠭᠤᠯᠵᠠᠪᠠ᠃ ᠣᠯᠠᠨ ᠵᠢᠯ ᠳᠢᠶᠠᠨᠴᠢ ᠬᠢᠵᠦ ᠪᠣᠳᠣᠳᠠᠭ ᠰᠢᠲᠦᠨ ᠬᠡᠬᠡᠷᠡᠭᠰᠡᠨ ᠭᠡᠬᠦ ᠲᠡᠷᠡ ᠨᠠᠩᠭᠢᠶᠠᠳ ᠡᠪᠦᠭᠡᠨ ᠨᠡᠭᠡᠷᠡᠨ ᠯᠡ ᠬᠥᠮᠦᠨ ᠦ᠌ ᠰᠡᠳᠬᠢᠯ ᠢ᠋ ᠲᠠᠲᠠᠮᠠᠷ ᠠᠷᠢᠭᠤᠨ ᠳᠦᠷᠢ ᠲᠡᠢ ᠨᠢ ᠥᠪᠡᠷ ᠦ᠋ᠨ ᠡᠷᠬᠡ ᠦᠭᠡᠢ ᠰᠢᠲᠦᠨ ᠪᠢᠰᠢᠷᠡᠬᠦ ᠰᠡᠳᠬᠢᠯ ᠲᠥᠷᠥᠬᠦ ᠠᠵᠢ᠃ ᠥᠭᠡᠳᠡᠢ ᠶᠣᠰᠣ ᠠᠯᠳᠠᠬᠤ ᠦᠭᠡᠢ ᠭᠡᠵᠦ ᠯᠠᠮᠠ ᠲᠠᠢ ᠣᠢᠷ᠎ᠠ ᠵᠠᠭᠤᠷ᠎ᠠ ᠶ᠋ᠢ ᠲᠤᠷᠰᠢᠨ ᠶᠠᠷᠢᠯᠴᠠᠵᠠᠢ᠃ ᠥᠨᠥ ᠯᠠᠮᠠ ᠨᠢ ᠤᠴᠠᠩ ᠠᠷᠰᠢ ᠠᠭᠠᠳ ᠲᠡᠷᠡ ᠠᠷᠰᠢ ᠥᠭᠡᠳᠡᠢ ᠶ᠋ᠢᠨ ᠦᠭᠡ ᠶ᠋ᠢ ᠰᠣᠨᠣᠰᠴᠤ ᠰᠠᠭᠤᠭᠠᠳ
| ᠲᠠ ᠵᠠᠯᠠᠭᠤ ᠬᠥᠮᠦᠨ ᠭᠡᠬᠦ ᠳ᠋ᠦ᠍ ᠤᠬᠠᠭᠠᠨ ᠲᠠᠢ ᠬᠥᠮᠦᠨ ᠶᠦᠮ᠃ ᠪᠢ ᠲᠠᠨ ᠢ᠋ ᠶᠡᠬᠡ ᠬᠠᠭᠠᠨ ᠡᠴᠢᠭᠡ ᠶ᠋ᠢᠨ ᠢ᠋ᠶ᠋ᠡᠨ ᠨᠡᠷ᠎ᠡ ᠰᠦᠷ ᠦ᠋ᠨ ᠳᠣᠣᠷ᠎ᠠ ᠪᠦᠬᠦ ᠶᠠᠭᠤᠮ᠎ᠠ ᠶ᠋ᠢ ᠬᠢᠯᠪᠠᠷᠬᠠᠨ ᠢ᠋ᠶ᠋ᠠᠷ ᠪᠦᠲᠦᠭᠡᠭᠰᠡᠭᠡᠷ ᠥᠲᠡᠯᠦᠭᠰᠡᠨ ᠪᠣᠯᠪᠠ ᠤᠤ ᠭᠡᠵᠦ ᠪᠣᠳᠣᠭᠰᠠᠨ ᠶᠤᠮ᠃ ᠲᠠᠨ ᠰᠢᠭ᠋ ᠬᠤᠪᠢ ᠵᠣᠬᠢᠶᠠᠯᠲᠠᠢ ᠬᠥᠮᠦᠰ ᠶᠡᠬᠡᠪᠴᠢᠯᠡᠨ ᠤᠬᠠᠭᠠᠨ ᠰᠠᠨᠠᠭ᠎ᠠ ᠨᠢ ᠬᠥᠭᠵᠢᠭᠡ ᠦᠭᠡᠢ᠂ ᠪᠣᠳᠣᠯ ᠰᠡᠳᠬᠢᠯ ᠨᠢ ᠲᠦᠭᠵᠢᠭᠳᠡᠮᠡᠯ᠂ ᠭᠣᠣᠯᠳᠠᠭᠤ ᠥᠪᠡᠷ ᠢ᠋ ᠪᠡᠨ ᠶᠡᠬᠡᠳᠡ ᠪᠣᠳᠣᠵᠤ ᠪᠡᠶ᠎ᠡ ᠪᠡᠨ ᠲᠣᠭᠣᠭᠰᠠᠨ ᠮᠤᠯᠭᠤ ᠠᠮᠢᠲᠠᠳ ᠪᠣᠯᠤᠭᠰᠠᠨ ᠪᠠᠢᠳᠠᠭ ᠶᠤᠮ ᠭᠡᠪᠡᠯ ᠥᠭᠡᠳᠡᠢ
| ᠲᠠ ᠨᠠᠮᠠᠶ᠋ᠢ ᠪᠣᠳᠣᠭᠠᠳ ᠠᠷᠠᠢ ᠵᠥᠭᠡᠯᠡᠷᠡᠭᠦᠯᠵᠦ ᠬᠡᠯᠡᠵᠦ ᠪᠠᠢᠭ᠎ᠠ ᠪᠢᠰᠢ ᠶᠦᠮ ᠪᠢᠵᠡ᠃ ᠪᠢ ᠲᠠᠨ ᠳ᠋ᠤ᠌ ᠶᠠᠭ ᠲᠡᠢᠮᠦ ᠬᠥᠮᠦᠨ ᠰᠢᠭ ᠰᠠᠨᠠᠭᠳᠠᠵᠤ ᠪᠠᠢᠨ᠎ᠠ ᠤᠤ? ᠲᠠ ᠦᠨᠡᠨ ᠢ᠋ᠶ᠋ᠡᠨ ᠰᠢᠭᠤᠳ ᠬᠡᠯᠡᠪᠡᠯ ᠰᠠᠢᠨ ᠰᠠᠨ᠃ ᠪᠢ ᠢᠯᠡ ᠦᠨᠡᠨ ᠦᠭᠡᠨ ᠳ᠋ᠦ᠍ ᠳᠤᠷᠠᠲᠠᠢ᠃ ᠴᠢᠩᠭᠢᠰ ᠬᠠᠭᠠᠨ ᠡᠴᠢᠭᠡ ᠮᠢᠨᠢ ᠪᠢᠳᠡᠨ ᠢ᠋ ᠢᠩᠭᠢᠵᠦ ᠬᠥᠮᠦᠵᠢᠭᠦᠯᠦᠭᠰᠡᠨ ᠶᠦᠮ᠃ ᠲᠠ ᠠᠶᠤᠬᠤ ᠶᠠᠪᠤᠳᠠᠯ ᠦᠭᠡᠢ᠃ ᠦᠨᠡᠨ ᠰᠠᠨᠠᠭ᠎ᠠ ᠪᠠᠨ ᠬᠡᠯᠡᠭᠲᠦᠨ ᠭᠡᠵᠡᠢ᠃
| ᠪᠢ ᠦᠬᠦᠯ ᠡᠴᠡ ᠠᠶᠤᠳᠠᠭ ᠨᠠᠰᠤᠨ ᠠ᠋ᠴᠠ ᠪᠠᠨ ᠥᠩᠭᠡᠷᠡᠭᠰᠡᠨ ᠬᠥᠮᠦᠨ ᠲᠤᠯᠠ ᠶᠠᠮᠠᠷ ᠴᠤ᠌ ᠶᠡᠬᠡ ᠬᠠᠭᠠᠨ ᠠ᠋ᠴᠠ ᠦᠯᠦ ᠠᠶᠤᠨ᠎ᠠ᠃ ᠪᠠᠰᠠ ᠦᠨᠡᠨ ᠦᠭᠡ ᠬᠡᠯᠡᠬᠦ ᠡᠴᠡ ᠴᠦ᠍ ᠦᠯᠦ ᠠᠶᠤᠨ᠎ᠠ᠃ ᠲᠠ ᠮᠢᠨᠦ ᠬᠡᠯᠡᠭᠰᠡᠨ ᠢ᠋ ᠢᠲᠡᠭᠡᠵᠦ ᠪᠣᠯᠤᠨ᠎ᠠ᠃ ᠪᠢ ᠳᠥᠷᠪᠡᠨ ᠤᠯᠤᠰ ᠤ᠋ᠨ ᠬᠡᠯᠡ ᠨᠡᠪᠲᠡᠷᠬᠡᠢ ᠮᠡᠳᠡᠨ᠎ᠡ᠃ ᠮᠣᠩᠭᠣᠯᠴᠤᠳ ᠲᠠ ᠨᠠᠷ ᠤ᠋ᠨ ᠬᠡᠯᠡ ᠵᠠᠩᠰᠢᠯ ᠢ᠋ ᠪᠢ ᠬᠠᠮᠤᠭ ᠤ᠋ᠨ ᠡᠷᠲᠡ ᠰᠤᠷᠤᠭᠰᠠᠨ᠃ ᠤᠴᠢᠷ ᠨᠢ ᠲᠠᠨ ᠤ᠋ ᠡᠪᠦᠭᠡ ᠳᠡᠭᠡᠳᠦᠰ ᠴᠠᠭ ᠦᠷᠭᠦᠯᠵᠢ ᠯᠡ ᠮᠢᠨᠦ ᠤᠳᠤᠮ ᠤ᠋ᠨ ᠬᠢᠨ ᠦ᠌ ᠭᠡᠷ ᠣᠷᠣᠨ ᠢ᠋ ᠤᠤᠯᠭᠠᠯᠠᠨ ᠳᠠᠭᠠᠷᠢᠵᠤ ᠬᠦᠨᠡᠰᠦ᠂ ᠦᠷ᠎ᠡ ᠲᠠᠷᠢᠶ᠎ᠠ ᠶ᠋ᠢ ᠳᠡᠭᠡᠷᠡᠮᠳᠡᠳᠡᠭ ᠪᠠᠢᠪᠠ᠃ ᠣᠳᠣ ᠴᠥᠯᠮᠥᠨ ᠳᠡᠭᠡᠷᠡᠮᠳᠡᠬᠦ ᠡᠴᠡ ᠬᠡᠲᠦᠷᠡᠭᠡᠳ ᠪᠦᠷ ᠨᠤᠲᠤᠭ ᠣᠷᠣᠨ ᠢ᠋ ᠮᠢᠨᠢ ᠡᠵᠡᠯᠡᠨ ᠰᠠᠭᠤᠬᠤ ᠪᠠᠷ ᠢᠷᠡᠵᠦ ᠪᠠᠢᠨ᠎ᠠ᠃ ᠬᠠᠷᠢᠨ ᠲᠠᠨ ᠤ᠋ ᠡᠴᠢᠭᠡ ᠴᠢᠩᠭᠢᠰ ᠬᠠᠭᠠᠨ ᠡᠷᠳᠡᠮ ᠨᠣᠮ ᠲᠠᠢ᠂ ᠤᠬᠠᠭᠠᠨ ᠲᠠᠢ ᠬᠥᠮᠦᠰ ᠢ᠋ ᠦᠨᠡᠯᠡᠵᠦ ᠲᠦᠰᠢᠳᠡᠭ ᠂ ᠦᠭᠡ ᠰᠤᠷᠭᠠᠯ ᠢ᠋ ᠨᠢ ᠬᠦᠨᠳᠦᠯᠡᠨ ᠳᠠᠭᠠᠳᠠᠭ ᠭᠡᠵᠦ ᠰᠣᠨᠣᠰᠤᠭᠰᠠᠨ ᠲᠤᠯᠠ ᠪᠢ ᠥᠪᠡᠷ ᠦ᠋ᠨ ᠨᠢᠳᠦ ᠪᠡᠷ ᠦᠵᠡᠵᠦ᠂ ᠪᠡᠶ᠎ᠡ ᠪᠡᠷ ᠠᠭᠤᠯᠵᠠᠬᠤ ᠪᠠᠷ ᠢᠷᠡᠯ᠎ᠡ᠃ ᠪᠢ ᠳᠣᠷᠣᠨ᠎ᠠ ᠳ᠋ᠠᠬᠢᠨ ᠤ᠋ ᠪᠦᠬᠦ ᠭᠠᠵᠠᠷ ᠣᠷᠣᠨ ᠢ᠋ᠶ᠋ᠠᠷ ᠵᠣᠷᠴᠢᠵᠤ ᠪᠤᠮᠪᠠ ᠶ᠋ᠢᠨ ᠪᠣᠯᠤᠭᠠᠳ ᠪᠤᠳ᠋ᠳ᠋ᠾᠠ ᠶ᠋ᠢᠨ ᠨᠣᠮ ᠰᠤᠷᠭᠠᠯ ᠢ᠋ ᠦᠵᠡᠭᠰᠡᠨ ᠬᠥᠮᠦᠨ ᠭᠡᠮᠡᠨ ᠶᠠᠷᠢᠵᠤ ᠪᠠᠢᠲᠠᠯ᠎ᠠ ᠴᠢᠩᠭᠢᠰ ᠬᠠᠭᠠᠨ ᠭᠡᠨᠡᠳᠲᠡ ᠣᠷᠣᠵᠤ ᠢᠷᠡᠵᠡᠢ᠃ ᠨᠠᠩᠭᠢᠶᠠᠳ ᠠᠷᠰᠢ ᠪᠣᠰᠴᠤ ᠮᠡᠬᠦᠢᠪᠡ᠃ ᠴᠢᠩᠭᠢᠰ ᠬᠠᠭᠠᠨ ᠣᠭᠲᠣᠬᠠᠨ ᠴᠤ᠌ ᠶᠣᠰᠣ ᠲᠥᠷᠥ ᠭᠦᠢᠴᠡᠯᠳᠦᠭᠦᠯᠦᠯ ᠦᠭᠡᠢ ᠭᠠᠢᠬᠠᠮᠠᠷ ᠬᠦᠢᠲᠡᠨ ᠴᠢᠷᠠᠢ ᠭᠠᠷᠭᠠᠨ ᠰᠠᠭᠤᠵᠠᠢ᠃ ᠥᠭᠡᠳᠡᠢ ᠬᠠᠭᠠᠨ ᠡᠴᠢᠭᠡ ᠶ᠋ᠢ ᠪᠡᠨ ᠪᠦᠷ ᠣᠢᠯᠠᠭᠠᠬᠤ ᠪᠠᠨ ᠪᠣᠯᠢᠵᠠᠢ᠃
| ᠡᠷᠬᠢᠮ ᠨᠠᠩᠭᠢᠶᠠᠳ ᠬᠥᠮᠦᠨ ᠲᠠᠨ ᠤ᠋ ᠠᠯᠳᠠᠷ ᠢ᠋ ᠲᠤᠭᠤᠯᠤᠭᠰᠠᠨ ᠲᠤᠯᠠ ᠪᠢ ᠠᠭᠤᠯᠵᠠᠬᠤ ᠶ᠋ᠢ ᠵᠥᠪᠰᠢᠶᠡᠷᠡᠭᠰᠡᠨ ᠪᠢᠯᠡ᠃ ᠪᠢ ᠲᠠᠨ ᠠ᠋ᠴᠠ ᠬᠡᠳᠦᠨ ᠵᠦᠢᠯ ᠠᠰᠠᠭᠤᠶ᠎ᠠ᠃
| ᠬᠠᠭᠠᠨ ᠲᠠ ᠨᠠᠮᠠᠶ᠋ᠢ ᠰᠢᠯᠭᠠᠵᠤ ᠰᠣᠷᠢᠬᠤ ᠭᠡᠪᠡ ᠤᠤ? ᠭᠡᠰᠡᠨ ᠳ᠋ᠦ᠍ ᠴᠢᠩᠭᠢᠰ ᠬᠠᠭᠠᠨ
| ᠦᠭᠡᠢ᠂ ᠪᠢ ᠨᠠᠩᠭᠢᠶᠠᠳ ᠬᠥᠮᠦᠨ ᠴᠢᠨᠦ ᠦᠨᠡᠨ ᠦᠭᠡ ᠶ᠋ᠢ ᠰᠣᠨᠣᠰᠬᠤ ᠭᠡᠵᠦ ᠬᠦᠰᠡᠨ᠎ᠡ᠃ ᠪᠢ ᠰᠠᠶᠢ ᠴᠢᠨᠦ ᠶᠠᠷᠢᠬᠤ ᠶ᠋ᠢ ᠵᠠᠬ᠎ᠠ ᠵᠤᠬ᠎ᠠ ᠠ᠋ᠴᠠ ᠰᠣᠨᠣᠰᠪᠠ᠃ ᠮᠢᠨᠦ ᠡᠪᠦᠭᠡ ᠳᠡᠭᠡᠳᠦᠰ ᠴᠢᠨᠦ ᠤᠳᠤᠮ ᠢ᠋ ᠳᠡᠭᠡᠷᠡᠮᠳᠡᠭᠰᠡᠭᠡᠷ ᠢᠷᠡᠵᠡᠢ ᠭᠡᠪᠡ ᠤᠤ? ᠲᠡᠭᠡᠪᠡᠯ ᠲᠠᠨ ᠤ᠋ ᠨᠠᠩᠭᠢᠶᠠᠳ ᠢᠷᠭᠡᠨ ᠮᠠᠯᠴᠢᠨ ᠮᠣᠩᠭᠣᠯᠴᠤᠳ ᠪᠢᠳᠡᠨ ᠦ᠌ ᠪᠡᠯᠴᠢᠭᠡᠷ ᠭᠠᠵᠠᠷ ᠢ᠋ ᠰᠠᠮ ᠰᠡᠮᠡᠬᠡᠷ ᠡᠵᠡᠯᠡᠨ ᠲᠦᠷᠢᠵᠦ ᠡᠯᠡᠰᠦᠨ ᠦ᠌ ᠨᠡᠭᠦᠳᠡᠯ ᠰᠢᠭ ᠴᠢᠪ ᠴᠢᠮᠡᠭᠡ ᠦᠭᠡᠢ ᠡᠳᠦᠷ ᠬᠣᠨᠣᠭ ᠢ᠋ᠶ᠋ᠠᠷ ᠠᠬᠢᠬᠤ ᠲᠤᠯᠠ ᠬᠡᠴᠢᠨᠡᠨ ᠲᠠᠰᠤᠯᠵᠤ ᠵᠣᠯᠭᠠᠪᠠᠴᠤ ᠦᠨᠳᠦᠰᠦ ᠢᠷᠭᠤᠵᠤ ᠦᠷ᠎ᠡ ᠪᠡᠨ ᠰᠠᠴᠤᠭᠰᠠᠭᠠᠷ ᠪᠠᠢᠳᠠᠭ ᠬᠣᠭ ᠤ᠋ᠨ ᠤᠷᠭᠤᠮᠠᠯ ᠮᠡᠲᠦ ᠲᠡᠳᠡᠨ ᠢ᠋ ᠪᠢᠳᠡ ᠦᠳᠲᠡᠷ ᠬᠥᠭᠡᠭᠡᠨ ᠵᠠᠢᠯᠠᠭᠤᠯᠬᠤ ᠨᠢ ᠵᠥᠪ ᠪᠣᠢ ᠊ᠢ᠎ᠠ ᠭᠡᠵᠦ ᠬᠢᠯᠢᠩᠲᠡᠢ ᠠᠰᠠᠭᠤᠵᠠᠢ᠃ ᠴᠢᠩᠭᠢᠰ ᠬᠠᠭᠠᠨ ᠤ᠋ ᠬᠦᠢᠲᠡᠨ ᠴᠢᠷᠠᠢᠯᠠᠭᠰᠠᠨ ᠤ᠋ ᠤᠴᠢᠷ ᠡᠨᠡ ᠪᠠᠢᠵᠠᠢ᠃ ᠤᠭ ᠨᠢ ᠴᠢᠩᠭᠢᠰ ᠬᠠᠭᠠᠨ ᠠᠯᠢᠪᠠ ᠪᠠᠨ ᠡᠯᠴᠢ ᠬᠢᠭᠡᠳ ᠥᠷᠭᠥᠭᠡ ᠣᠷᠳᠣᠨ ᠢ᠋ ᠨᠢ ᠥᠪᠡᠷ ᠢ᠋ᠶ᠋ᠡᠨ ᠵᠣᠷᠢᠵᠤ ᠢᠷᠡᠭᠰᠡᠳ ᠲᠦ᠍ ᠲᠠᠩᠳᠠ ᠰᠠᠢᠨ ᠢ᠋ᠶ᠋ᠠᠷ ᠬᠠᠨᠳᠤᠳᠠᠭ ᠵᠠᠩᠰᠢᠯᠲᠠᠢ ᠮᠥᠷᠲᠡᠭᠡᠨ ᠨᠠᠩᠭᠢᠶᠠᠳ ᠠᠷᠰᠢ ᠶ᠋ᠢ ᠦᠵᠡᠭᠡᠳ ᠡᠢᠨ ᠬᠦ᠌ ᠬᠢᠯᠢᠩᠨᠡᠭᠰᠡᠨ ᠨᠢ ᠲᠡᠭᠦᠨ ᠣ ᠬᠡᠯᠡᠭᠰᠡᠨ ᠶᠡᠬᠡ ᠦᠭᠡᠨ ᠡᠴᠡ ᠪᠣᠯᠵᠠᠢ᠃ ᠭᠡᠲᠡᠯ᠎ᠡ ᠬᠥᠭᠰᠢᠨ ᠠᠷᠰᠢ ᠶᠡᠬᠡ ᠬᠠᠭᠠᠨ ᠠ᠋ᠴᠠ ᠣᠭᠲᠣ ᠠᠶᠤᠵᠤ ᠰᠦᠷᠳᠡᠭᠰᠡᠨ ᠦᠭᠡᠢ ᠪᠡᠷ ᠪᠠᠷᠠᠬᠤ ᠦᠭᠡᠢ
| ᠨᠡᠭᠦᠳᠡᠯᠴᠢᠨ ᠣᠮᠣᠭ ᠤ᠋ᠨ ᠪᠠᠢᠩᠭᠤ ᠶ᠋ᠢᠨ ᠳᠣᠪᠲᠣᠯᠭᠠᠨ ᠠ᠋ᠴᠠ ᠬᠠᠮᠠᠭᠠᠯᠠᠬᠤ ᠭᠡᠵᠦ ᠮᠠᠨ ᠤ᠋ ᠬᠠᠭᠠᠳ ᠶᠡᠬᠡ ᠴᠠᠭᠠᠨ ᠬᠡᠷᠡᠮ ᠢ᠋ ᠪᠠᠷᠢᠭᠰᠠᠨ ᠨᠢ ᠣᠳᠣ ᠴᠤ᠌ ᠲᠠᠨ ᠤ᠋ ᠡᠮᠦᠨ᠎ᠡ ᠳᠠᠪᠠᠰᠢ ᠦᠭᠡᠢ ᠳᠠᠪᠠᠭ᠎ᠠ᠂ ᠳᠠᠷᠤᠭᠳᠠᠰᠢ ᠦᠭᠡᠢ ᠬᠦᠴᠦ ᠪᠣᠯᠤᠨ ᠬᠥᠨᠳᠡᠯᠢᠳᠴᠦ ᠪᠣᠢ᠃ ᠲᠠ ᠡᠭᠦᠨ ᠢ᠋ ᠶᠠᠭᠠᠬᠢᠬᠤ ᠭᠡᠵᠦ ᠪᠠᠷᠢᠭᠰᠠᠨ ᠭᠡᠬᠦ ᠪᠣᠯ? ᠠᠷᠠᠢ ᠮᠣᠩᠭᠣᠯᠴᠤᠳ ᠡᠭᠦᠨ ᠢ᠋ ᠪᠠᠷᠢᠭᠰᠠᠨ ᠭᠡᠬᠦ ᠦᠭᠡᠢ ᠪᠠᠢᠯ ᠦᠭᠡᠢ ᠳᠡ ᠭᠡᠵᠦ ᠶᠡᠬᠡᠳᠡ ᠳᠠᠭᠠᠵᠢᠩᠨᠠᠨ ᠠᠰᠠᠭᠤᠵᠠᠢ᠃ ᠴᠢᠩᠭᠢᠰ ᠬᠠᠭᠠᠨ ᠤ᠋ ᠡᠮᠦᠨ᠎ᠡ ᠡᠴᠡ ᠡᠢᠨ ᠠᠶᠤᠮᠰᠢᠭ ᠦᠭᠡᠢ ᠳᠤᠤᠭᠠᠷᠬᠤ ᠵᠣᠷᠢᠭᠲᠠᠨ ᠪᠠᠢᠨ᠎ᠠ ᠭᠡᠵᠦ ᠣᠭᠲᠣ ᠰᠠᠨᠠᠭ᠎ᠠ ᠦᠭᠡᠢ ᠥᠭᠡᠳᠡᠢ ᠡᠨᠡ ᠬᠥᠬᠡᠴᠤᠨ ᠰᠢᠳᠢᠲᠦ ᠬᠥᠭᠰᠢᠨ ᠠᠷᠰᠢ ᠶ᠋ᠢᠨ ᠬᠡᠭᠵᠢᠭᠦᠨ ᠦᠭᠡᠨ ᠡᠴᠡ ᠪᠣᠯᠵᠤ ᠬᠠᠭᠠᠨ ᠡᠴᠢᠭᠡ ᠨᠢ ᠬᠢᠯᠢᠩᠨᠡᠨ ᠳᠣᠭᠰᠢᠷᠠᠵᠤ ᠪᠡᠶ᠎ᠡ ᠪᠡᠨ ᠮᠠᠭᠤᠳᠬᠠᠬᠤ ᠠ᠋ᠴᠠ ᠶᠡᠬᠡ ᠡᠮᠢᠶᠡᠵᠦ ᠪᠠᠢᠪᠠ᠃
| ᠲᠠ ᠦᠨᠡᠨ ᠦᠭᠡᠨ ᠳ᠋ᠦ᠍ ᠲᠤᠩ ᠣᠢᠷᠠᠬᠠᠨ ᠪᠠᠢᠨ᠎ᠠ᠃ ᠦᠨᠡᠨ ᠳ᠋ᠡᠭᠡᠨ ᠪᠣᠯ ᠡᠨᠡ ᠶᠡᠬᠡ ᠴᠠᠭᠠᠨ ᠬᠡᠷᠡᠮ ᠢ᠋ ᠪᠢᠳᠡᠨ ᠡᠴᠡ ᠠᠶᠤᠭᠰᠠᠨ ᠨᠠᠩᠭᠢᠶᠠᠳ ᠤ᠋ᠨ ᠬᠠᠭᠠᠳ ᠪᠠᠷᠢᠭᠰᠠᠨ ᠪᠢᠰᠢ᠃ ᠨᠠᠩᠭᠢᠶᠠᠳ ᠤ᠋ᠳ ᠢ᠋ ᠬᠣᠢᠲᠤ ᠵᠦᠭ ᠬᠣᠷᠣᠬᠠᠢ ᠠᠳᠠᠯᠢ ᠮᠥᠯᠬᠥᠵᠦ ᠬᠣᠣᠷᠲᠤ ᠮᠣᠭᠠᠢ ᠰᠢᠭ᠋ ᠭᠤᠯᠠᠰᠴᠤ ᠢᠷᠡᠬᠦ ᠡᠴᠡ ᠪᠣᠯᠭᠣᠮᠵᠢᠯᠠᠨ ᠲᠠ ᠨᠠᠷ ᠥᠪᠡᠷᠰᠡᠳ ᠢ᠋ᠶ᠋ᠡᠨ ᠳᠠᠪᠠᠵᠤ ᠢᠷᠡᠬᠦ ᠪᠡᠷ ᠦᠭᠡᠢ ᠲᠡᠷᠡ ᠰᠢᠪᠡᠷ ᠬᠡᠷᠡᠮ ᠢ᠋ ᠨᠡᠭᠦᠳᠡᠯᠴᠢᠨ ᠣᠮᠣᠭ ᠤ᠋ᠨ ᠬᠢᠨ ᠪᠢᠳᠡ ᠲᠠ ᠨᠠᠷ ᠢ᠋ᠶ᠋ᠠᠷ ᠪᠠᠷᠢᠭᠤᠯᠤᠭᠰᠠᠨ ᠶᠤᠮ᠃ ᠡᠨᠡ ᠴᠠᠭᠠᠨ ᠬᠡᠷᠡᠮ ᠲᠠ ᠨᠠᠷ ᠢ᠋ ᠪᠢᠳᠡᠨ ᠡᠴᠡ ᠪᠢᠰᠢ ᠬᠠᠷᠢᠨ ᠪᠢᠳᠡᠨ ᠢ᠋ ᠲᠠ ᠨᠠᠷ ᠠ᠋ᠴᠠ ᠬᠠᠮᠠᠭᠠᠯᠠᠵᠤ ᠪᠠᠢᠭ᠎ᠠ ᠪᠢᠰᠢ ᠤᠤ?
| ᠲᠠᠨ ᠤ᠋ ᠬᠡᠯᠡᠵᠦ ᠪᠣᠢ ᠪᠣᠯ ᠵᠣᠭᠣᠰᠤᠨ ᠤ᠋ ᠨᠢᠭᠡ ᠲᠠᠯ᠎ᠠ᠃ ᠵᠣᠭᠣᠰ ᠢ᠋ ᠭᠠᠵᠠᠷ ᠬᠠᠶᠠᠬᠤ ᠳ᠋ᠤ᠌ ᠠᠯᠢ ᠴᠤ᠌ ᠲᠠᠯ᠎ᠠ ᠪᠠᠷ ᠢ᠋ᠶ᠋ᠠᠨ ᠤᠨᠠᠵᠤ ᠮᠡᠳᠡᠨ᠎ᠡ᠃
| ᠣᠳᠣ ᠪᠢᠳᠡᠨ ᠳ᠋ᠦ᠍ ᠲᠡᠷᠡ ᠰᠢᠪᠠᠷ ᠬᠡᠷᠡᠮ ᠬᠡᠷᠡᠭ ᠦᠭᠡᠢ᠃ ᠶᠢᠷᠲᠢᠨᠴᠦ ᠶ᠋ᠢᠨ ᠪᠦᠬᠦ ᠤᠯᠤᠰ ᠬᠣᠭᠣᠷᠣᠨᠳᠣ ᠪᠠᠨ ᠡᠪ ᠨᠠᠢᠷ ᠢ᠋ ᠰᠠᠬᠢᠵᠤ ᠨᠢᠭᠡᠨ ᠳᠡᠭᠡᠪᠦᠷ ᠳᠣᠣᠷ᠎ᠠ ᠴᠢᠩᠭᠢᠰ ᠬᠠᠭᠠᠨ ᠤ᠋ ᠶᠡᠬᠡ ᠮᠣᠩᠭᠣᠯ ᠤᠯᠤᠰ ᠲᠤ᠌ ᠨᠢᠭᠡᠳᠦᠨ ᠲᠡᠢᠨ ᠳᠠᠵᠢᠨ ᠦᠭᠡᠢ ᠡᠩᠬᠡ ᠠᠮᠤᠷ ᠠᠮᠢᠳᠤᠷᠠᠬᠤ ᠴᠠᠭ ᠢᠷᠡᠵᠦ ᠪᠠᠢᠨ᠎ᠠ᠃
| ᠲᠠᠨ ᠤ᠋ ᠵᠣᠷᠢᠭ᠂ ᠵᠣᠷᠢᠯᠭ᠎ᠠ ᠬᠣᠶᠠᠷ ᠶᠡᠬᠡ ᠭᠡᠳᠡᠭ ᠢ᠋ ᠪᠢ ᠭᠠᠳᠠᠷᠯᠠᠨ᠎ᠠ᠃ ᠲᠠ ᠮᠥᠩᠬᠡ ᠪᠤᠰᠤ᠃ ᠲᠠᠨ ᠤ᠋ ᠡᠨᠡ ᠶᠡᠬᠡ ᠬᠦᠴᠦ ᠴᠦ᠍ ᠮᠥᠩᠬᠡ ᠪᠠᠢᠬᠤ ᠦᠭᠡᠢ᠃ ᠶᠢᠷᠲᠢᠨᠴᠦ ᠳ᠋ᠦ᠍ ᠮᠥᠩᠬᠡ ᠶᠠᠭᠤᠮ᠎ᠠ ᠭᠡᠵᠦ ᠦᠭᠡᠢ ᠲᠤᠯᠠ ᠬᠠᠭᠠᠨ ᠲᠠᠨ ᠤ᠋ ᠰᠦᠷ ᠬᠦᠴᠦ᠂ ᠬᠤᠷᠢᠶᠠᠭᠰᠠᠨ ᠶᠡᠬᠡ ᠤᠯᠤᠰ ᠨᠢᠭᠡ ᠯᠡ ᠡᠳᠦᠷ ᠦᠭᠡᠢ ᠪᠣᠯᠤᠨ᠎ᠠ᠃
| ᠭᠡᠪᠡᠴᠦ ᠭᠠᠵᠠᠷ ᠳᠡᠯᠡᠬᠡᠢ ᠪᠠᠢᠭᠰᠠᠭᠠᠷ᠂ ᠬᠥᠮᠦᠨ ᠵᠤᠨ ᠠᠮᠢᠳᠤᠷᠠᠭᠰᠠᠭᠠᠷ᠂ ᠲᠡᠮᠡᠴᠡᠭᠰᠡᠭᠡᠷ᠂ ᠤᠯᠤᠰ ᠭᠦᠷᠦᠨ ᠢ᠋ᠶ᠋ᠡᠨ ᠪᠠᠢᠭᠤᠯᠤᠭᠰᠠᠭᠠᠷ ᠪᠠᠢᠬᠤ ᠪᠢᠵᠡ᠃ ᠲᠡᠢᠮᠦ ᠪᠣᠯᠬᠣᠷ ᠶᠠᠮᠠᠷ ᠶᠠᠭᠤᠮ᠎ᠠ ᠮᠥᠩᠬᠡᠷᠡᠬᠦ᠂ ᠶᠠᠭᠤ ᠨᠢ ᠤᠯᠠ ᠮᠥᠷ ᠦᠭᠡᠢ ᠪᠣᠯᠬᠤ ᠲᠤᠬᠠᠢ ᠲᠠ ᠪᠢᠳᠡ ᠮᠠᠷᠭᠤᠭᠠᠳ ᠶᠠᠭᠠᠬᠢᠬᠤ ᠪᠣᠢ? ᠮᠥᠩᠬᠡᠷᠡᠬᠦ ᠶ᠋ᠢ ᠬᠦᠰᠡᠬᠦ ᠦᠭᠡᠢ ᠬᠡᠨ ᠪᠠᠢᠨ᠎ᠠ᠃ ᠲᠠ ᠴᠦ᠍ ᠮᠥᠩᠬᠡᠷᠡᠬᠦ ᠶ᠋ᠢ ᠬᠦᠰᠡᠵᠦ ᠪᠣᠢ᠃
| ᠲᠡᠢᠮᠦ ᠠ᠋᠃ ᠬᠥᠮᠦᠨ ᠤᠭ ᠠ᠋ᠴᠠ ᠪᠠᠨ ᠦᠬᠦᠬᠦ ᠶ᠋ᠢ ᠦᠯᠦ ᠬᠦᠰᠡᠨ᠎ᠡ᠃ ᠲᠡᠭᠡᠬᠦ ᠳ᠋ᠡᠭᠡᠨ ᠦᠬᠦᠯ ᠦ᠋ᠨ ᠬᠠᠵᠠᠭᠤ ᠪᠠᠷ ᠥᠩᠭᠡᠷᠡᠬᠦ ᠬᠥᠮᠦᠨ ᠨᠢᠭᠡ ᠴᠦ᠍ ᠦᠭᠡᠢ᠃ ᠬᠠᠷᠢᠨ ᠬᠥᠮᠦᠨ ᠦ᠌ ᠰᠠᠢᠨ ᠦᠢᠯᠡ ᠮᠥᠩᠬᠡ ᠪᠢᠰᠢ ᠶᠦᠮ ᠭᠡᠬᠦ ᠳ᠋ᠦ᠍ ᠣᠯᠠᠨ ᠵᠠᠭᠤᠨ ᠵᠢᠯ ᠢ᠋ᠶ᠋ᠡᠷ ᠦᠯᠡᠳᠡᠵᠦ ᠪᠣᠯᠤᠨ᠎ᠠ᠃ ᠲᠠ ᠣᠳᠣ ᠴᠠᠭᠠᠨ ᠬᠡᠷᠡᠮ ᠢ᠋ ᠬᠠᠷ᠎ᠠ᠃ ᠳᠠᠬᠢᠨ ᠬᠡᠳᠦᠨ ᠵᠠᠭᠤᠨ ᠪᠣᠯᠬᠤ ᠳ᠋ᠤ᠌ ᠪᠠᠢᠵᠤ ᠯᠠ ᠪᠠᠢᠨ᠎ᠠ᠃ ᠲᠡᠭᠦᠨ ᠦ᠌ ᠠᠳᠠᠯᠢ ᠬᠠᠭᠠᠨ ᠲᠠ ᠴᠦ᠍ ᠰᠠᠢᠨ ᠦᠢᠯᠡ ᠪᠦᠲᠦᠭᠡᠶ᠎ᠡ ᠭᠡᠪᠡᠯ ᠪᠣᠯᠬᠤ ᠪᠢᠵᠡ᠃ ᠬᠡᠷᠪᠡ ᠲᠠ ᠣᠳᠣᠬᠠᠨ ᠶᠡᠬᠡ ᠴᠡᠷᠢᠭ ᠢ᠋ᠶ᠋ᠡᠨ ᠭᠡᠳᠡᠷᠭᠦ ᠲᠡᠳᠡᠨ ᠪᠢᠳᠡᠨ ᠦ᠌ ᠨᠠᠩᠭᠢᠶᠠᠳ ᠤᠯᠤᠰ ᠢ᠋ ᠠᠮᠤᠷ ᠲᠠᠢᠪᠤᠩ ᠣᠷᠬᠢᠪᠠᠯ ᠲᠡᠷᠡ ᠲᠠᠨ ᠤ᠋ ᠪᠦᠲᠦᠭᠡᠬᠦ ᠬᠠᠮᠤᠭ ᠤ᠋ᠨ ᠶᠡᠬᠡ ᠠᠷᠢᠭᠤᠨ ᠦᠢᠯᠡᠰ ᠪᠣᠯᠬᠤ ᠰᠠᠨ᠃ ᠪᠢ ᠡᠭᠦᠨ ᠢ᠋ ᠯᠡ ᠲᠠᠨ ᠠ᠋ᠴᠠ ᠬᠦᠰᠡᠬᠦ ᠭᠡᠵᠦ ᠡᠳᠦᠷ ᠰᠥᠨᠢ ᠶ᠋ᠢ ᠢᠯᠭᠠᠯ ᠦᠭᠡᠢ ᠵᠢᠳᠬᠦᠵᠦ ᠡᠪᠦᠭᠡᠨ ᠪᠡᠶ᠎ᠡ ᠪᠡᠨ ᠴᠢᠯᠡᠭᠡᠨ ᠵᠣᠪᠠᠭᠰᠠᠭᠠᠷ ᠬᠦᠷᠴᠦ ᠢᠷᠡᠪᠡ᠃ ᠪᠢᠳᠡ ᠴᠠᠭᠠᠨ ᠬᠡᠷᠡᠮ ᠦ᠋ᠨ ᠢ᠋ᠶ᠋ᠡᠨ ᠬᠣᠢᠨ᠎ᠠ ᠤᠷᠲᠤ ᠲᠠᠯ᠎ᠠ ᠳ᠋ᠤ᠌ ᠠᠯᠢ ᠠᠯᠢ ᠨᠢ ᠠᠮᠤᠷ ᠵᠢᠮᠦᠷ ᠠᠮᠢᠳᠤᠷᠠᠨ ᠰᠠᠭᠤᠵᠠᠭᠠᠵᠤ ᠪᠣᠯᠤᠨ᠎ᠠ ᠰᠢᠦ ᠳᠡ᠃
| ᠡᠢᠮᠦ ᠬᠡᠷᠡᠭ ᠢ᠋ ᠪᠢ ᠲᠠᠨ ᠲᠠᠢ ᠬᠡᠯᠡᠯᠴᠡᠬᠦ ᠶᠣᠰᠣ ᠦᠭᠡᠢ᠃ ᠠᠯᠲᠠᠨ ᠤᠯᠤᠰ ᠪᠣᠯ ᠮᠣᠩᠭᠣᠯᠴᠤᠳ ᠢ᠋ ᠬᠡᠳᠦᠨ ᠦᠶ᠎ᠡ ᠪᠡᠷ ᠲᠦᠢᠪᠡᠭᠡᠨ ᠪᠤᠰᠠᠨᠢᠭᠤᠯᠵᠤ ᠲᠦᠷᠢᠮᠡᠬᠡᠢᠯᠡᠨ ᠬᠣᠣᠷᠯᠠᠭᠰᠠᠭᠠᠷ ᠢᠷᠡᠭᠰᠡᠨ ᠦ᠌ ᠶᠠᠯ᠎ᠠ ᠶ᠋ᠢ ᠲᠠᠨ ᠲᠠᠢ ᠬᠡᠯᠡᠯᠴᠡᠬᠦ ᠪᠢᠯᠡ ᠤᠤ ᠪᠢ᠃ ᠤᠬᠠᠭᠠᠨ ᠲᠠᠢ ᠵᠣᠷᠢᠭ ᠲᠠᠢ ᠡᠷᠡᠴᠦᠳ ᠢ᠋ ᠮᠠᠨᠢ ᠠᠯᠠᠨ ᠬᠢᠳᠤᠵᠤ᠂ ᠤᠶᠠᠬᠠᠨ ᠲᠤᠶᠠᠬᠠᠨ ᠪᠦᠰᠡᠭᠦᠢᠴᠦᠳ ᠢ᠋ ᠨᠢ ᠪᠤᠯᠢᠶᠠᠨ ᠡᠳ᠋ᠯᠡᠵᠦ᠂ ᠤᠳᠤᠮ ᠰᠠᠢᠲᠤ ᠮᠠᠯ ᠰᠦᠷᠦᠭ ᠢ᠋ ᠨᠢ ᠤᠤᠯᠭᠠᠯᠠᠨ ᠳᠡᠭᠡᠷᠡᠮᠳᠡᠭᠰᠡᠭᠡᠷ ᠢᠷᠡᠭᠰᠡᠨ ᠪᠢᠰᠢ ᠤᠤ᠂ ᠲᠠ ᠨᠠᠷ᠃ ᠪᠢ ᠡᠭᠦᠨ ᠢ᠋ ᠲᠡᠪᠴᠢᠨ ᠰᠠᠭᠤᠬᠤ ᠶ᠋ᠢᠨ ᠠᠷᠭ᠎ᠠ ᠦᠭᠡᠢ᠃ ᠶᠢᠷᠲᠢᠨᠴᠦ ᠶ᠋ᠢ ᠨᠢᠭᠡᠳᠬᠡᠨ ᠨᠢᠭᠡᠨ ᠵᠢᠯᠣᠭᠣ ᠪᠠᠷ ᠵᠠᠯᠠᠵᠤ ᠬᠥᠮᠦᠨ ᠵᠤᠨ ᠢ᠋ ᠨᠢ ᠠᠮᠢᠷᠯᠠᠭᠤᠯᠲᠠᠯᠠ ᠮᠢᠨᠦ ᠰᠠᠨᠠᠭ᠎ᠠ ᠦᠯᠦ ᠠᠮᠠᠷᠠᠨ᠎ᠠ᠃ ᠡᠨᠡ ᠬᠡᠷᠡᠭ ᠢ᠋ ᠪᠢ ᠡᠰᠡ ᠭᠡᠬᠦ ᠳ᠋ᠦ᠍ ᠮᠢᠨᠦ ᠬᠥᠪᠡᠭᠦᠳ ᠭᠦᠢᠴᠡᠯᠳᠦᠭᠦᠯᠬᠦ ᠪᠢᠵᠡ᠃ ᠲᠠ ᠡᠨᠡ ᠬᠡᠷᠡᠭ ᠲᠦ᠍ ᠤᠬᠠᠭᠠᠨ ᠵᠠᠷᠤᠬᠤ ᠬᠡᠷᠡᠭ ᠦᠭᠡᠢ᠃
| ᠡᠪᠦᠭᠡᠨ ᠠᠷᠰᠢ ᠪᠢ ᠬᠠᠭᠠᠨ ᠲᠠᠨ ᠤ᠋ ᠰᠠᠷᠠᠭᠤᠯ ᠤᠬᠠᠭᠠᠨ ᠳ᠋ᠤ᠌ ᠨᠠᠢᠳᠠᠨ ᠡᠨᠡ ᠦᠭᠡ ᠶ᠋ᠢ ᠬᠡᠯᠡᠭᠰᠡᠨ ᠪᠢᠯᠡ᠃ ᠨᠢᠭᠡᠨᠲᠡ ᠲᠣᠬᠢᠶᠠᠭᠰᠠᠨ ᠦᠢᠯᠡ ᠶ᠋ᠢ ᠳᠠᠭᠠᠬᠤ ᠠ᠋ᠴᠠ ᠥᠭᠡᠷ᠎ᠡ ᠵᠠᠮ ᠦᠭᠡᠢ᠃ ᠮᠠᠭᠠᠳ ᠦᠭᠡᠢ ᠲᠠᠨ ᠤ᠋ ᠠᠰᠠᠭᠠᠭᠰᠠᠨ ᠲᠠᠯ᠎ᠠ ᠶ᠋ᠢᠨ ᠶᠡᠬᠡ ᠲᠦᠢᠮᠡᠷ ᠶᠡᠬᠡ ᠳᠠᠯᠠᠢ ᠶ᠋ᠢᠨ ᠤᠰᠤ ᠬᠦᠷᠴᠦ ᠪᠠᠢᠵᠤ ᠤᠨᠲᠠᠷᠠᠬᠤ ᠪᠣᠢ᠃ ᠪᠠᠰᠠ ᠰᠠᠯᠬᠢ ᠡᠷᠭᠢᠪᠡᠯ ᠲᠠᠨ ᠤ᠋ ᠥᠷᠭᠥᠭᠡ ᠶ᠋ᠢ ᠴᠦ᠍ ᠠᠭᠱᠠᠨ ᠵᠠᠭᠤᠷ᠎ᠠ ᠥᠷᠥᠰᠢᠶᠡᠯ ᠦᠭᠡᠢ ᠲᠦᠢᠮᠡᠷᠳᠡᠵᠦ ᠮᠡᠳᠡᠨ᠎ᠡ ᠃
| ᠲᠠ ᠶᠡᠬᠡ ᠮᠡᠷᠭᠡᠨ ᠤᠬᠠᠭᠠᠨ ᠲᠠᠢ ᠦᠭᠡ ᠬᠡᠯᠡᠪᠡ᠃ ᠪᠢ ᠲᠠᠨ ᠢ᠋ ᠶᠡᠬᠡ ᠲᠣᠭᠣᠵᠤ ᠪᠠᠢᠨ᠎ᠠ᠃ ᠲᠠᠨ ᠤ᠋ ᠰᠤᠷᠤᠭᠰᠠᠨ ᠦᠵᠡᠭᠰᠡᠨ ᠶᠡᠬᠡ ᠪᠢᠵᠡ?
| ᠲᠡᠢᠮᠦ ᠠ᠋᠃ ᠪᠢ ᠬᠠᠲᠠᠩᠭᠢᠷ ᠬᠥᠮᠦᠨ ᠢ᠋ ᠲᠠᠷᠭᠤᠯᠠᠭᠤᠯᠵᠤ ᠬᠠᠯᠵᠠᠨ ᠬᠥᠮᠦᠨ ᠳ᠋ᠦ᠍ ᠦᠰᠦ ᠤᠷᠭᠤᠭᠤᠯᠬᠤ ᠠ᠋ᠴᠠ ᠡᠬᠢᠯᠡᠭᠡᠳ ᠠᠯᠢᠪᠠ ᠮᠠᠭᠤ ᠮᠠᠭᠤᠬᠠᠢ ᠠ᠋ᠴᠠ ᠠᠩᠭᠢᠵᠢᠷᠠᠭᠤᠯᠬᠤ᠂ ᠲᠡᠭᠦᠨ ᠦ᠌ ᠳᠣᠲᠣᠷ᠎ᠠ ᠡᠪᠡᠳᠬᠦ ᠡᠪᠡᠳᠴᠢᠨ᠂ ᠥᠷᠥᠰᠢᠶᠡᠯ ᠦᠭᠡᠢ ᠵᠣᠪᠠᠯᠠᠩ ᠠ᠋ᠴᠠ ᠭᠡᠲᠦᠯᠭᠡᠬᠦ ᠬᠦᠷᠲᠡᠯ᠎ᠡ ᠣᠯᠠᠨ ᠡᠷᠳᠡᠮ ᠦᠵᠡᠯ᠎ᠡ᠃ ᠰᠠᠨᠰᠠᠷ ᠣᠭᠲᠠᠷᠭᠤᠢ ᠶ᠋ᠢᠨ ᠶᠠᠪᠤᠳᠠᠯ᠂ ᠰᠠᠷ᠎ᠠ ᠨᠠᠷᠠᠨ ᠤ᠋ ᠬᠥᠳᠡᠯᠭᠡᠭᠡᠨ ᠭᠡᠳ ᠨᠠᠳᠠᠳᠤ ᠦᠵᠡᠭᠡ ᠦᠭᠡᠢ᠂ ᠰᠤᠳᠤᠯᠤᠭ᠎ᠠ ᠦᠭᠡᠢ ᠵᠦᠢᠯ ᠦᠭᠡᠢ᠃
| ᠶᠠᠭᠠᠬᠢᠬᠤ ᠭᠡᠵᠦ ᠡᠨᠡ ᠶᠡᠬᠡ ᠶᠠᠭᠤᠮ᠎ᠠ ᠶ᠋ᠢ ᠰᠤᠷᠬᠤ ᠭᠡᠵᠦ ᠪᠡᠶ᠎ᠡ ᠰᠡᠳᠬᠢᠯ ᠢ᠋ ᠴᠢᠯᠡᠭᠡᠨ ᠵᠢᠳᠬᠦᠨ᠎ᠡ᠂ ᠲᠠ᠂ ᠬᠡᠨ ᠳ᠋ᠦ᠍ ᠬᠡᠷᠡᠭ ᠪᠣᠯᠤᠨ᠎ᠠ ᠭᠡᠵᠦ ᠡᠢᠨ ᠬᠦ᠌ ᠨᠢᠭᠡᠨ ᠪᠡᠶ᠎ᠡ ᠳ᠋ᠦ᠍ ᠬᠡᠲᠦᠢᠳᠦᠮᠡ ᠶᠡᠬᠡ ᠶ᠋ᠢ ᠬᠤᠷᠢᠶᠠᠨ᠎ᠠ? ᠡᠪᠦᠭᠡᠨ ᠠᠷᠰᠢ ᠲᠠᠨ ᠳ᠋ᠤ᠌ ᠦᠷ᠎ᠡ ᠬᠡᠦᠬᠡᠳ ᠭᠡᠵᠦ ᠪᠣᠢ ᠤᠤ?
| ᠡᠷᠳᠡᠮ ᠢ᠋ ᠡᠨᠡ ᠪᠡᠶ᠎ᠡ ᠳ᠋ᠡᠭᠡᠨ ᠬᠡᠷᠡᠭᠯᠡᠬᠦ ᠭᠡᠵᠦ ᠰᠤᠷᠬᠤ ᠪᠠᠭ᠎ᠠ ᠬᠡᠷᠡᠭ᠃ ᠪᠢ ᠪᠤᠰᠤᠳ ᠲᠤ᠌ ᠬᠦᠷᠲᠡᠭᠡᠬᠦ ᠭᠡᠵᠦ᠂ ᠡᠷᠲᠡᠨ ᠦ᠌ ᠵᠠᠶᠠᠭ᠎ᠠ ᠲᠠᠢ ᠨᠠᠩᠭᠢᠶᠠᠳ ᠤᠯᠤᠰ ᠢ᠋ᠶ᠋ᠠᠨ ᠪᠠᠶᠠᠨ ᠬᠦᠴᠦᠷᠬᠡᠭ᠂ ᠪᠢᠯᠬᠠᠮ᠎ᠠ ᠲᠠᠩᠰᠤᠭ ᠪᠠᠢᠭᠠᠰᠠᠢ᠂ ᠠᠯᠲᠠᠨ ᠤᠯᠤᠰ ᠤ᠋ᠨ ᠰᠠᠪᠠᠷ ᠠ᠋ᠴᠠ ᠮᠤᠯᠲᠤᠷᠠᠵᠤ ᠠᠮᠤᠷ ᠲᠤᠰᠠᠭᠠᠷ ᠪᠣᠯᠤᠭᠠᠰᠠᠢ ᠭᠡᠰᠡᠨ ᠳ᠋ᠡᠭᠡᠨ ᠦᠰᠦ ᠪᠡᠨ ᠴᠠᠢᠵᠤ ᠦᠶ᠎ᠡ ᠪᠡᠨ ᠮᠣᠢᠨᠣᠢᠲᠠᠯᠠ ᠰᠠᠭᠤᠪᠠ᠃ ᠪᠢ ᠬᠦᠰᠡᠪᠡᠯ ᠲᠠᠨ ᠤ᠋ ᠳᠡᠷᠭᠡᠳᠡ ᠰᠢᠳᠠᠷᠯᠠᠨ ᠰᠠᠭᠤᠬᠤ ᠳ᠋ᠤ᠌ ᠴᠤ᠌ ᠲᠠᠲᠠᠭᠠᠯᠵᠠᠬᠤ ᠵᠦᠢᠯ ᠦᠭᠡᠢ᠃
| ᠮᠢᠨᠦ ᠰᠠᠨᠠᠬᠤ ᠳ᠋ᠤ᠌ ᠲᠠ ᠨᠠᠩᠭᠢᠶᠠᠳ ᠤᠯᠤᠰ ᠤ᠋ᠨ ᠢ᠋ᠶ᠋ᠠᠨ ᠲᠥᠯᠥᠭᠡ ᠵᠢᠳᠬᠦᠪᠡᠯ ᠵᠦᠢᠲᠡᠢ ᠪᠣᠢ ᠊ᠢ᠎ᠠ᠃ ᠬᠠᠷᠢᠨ ᠲᠠ ᠬᠥᠮᠦᠨ ᠢ᠋ ᠡᠪᠡᠳᠬᠦ ᠵᠣᠪᠠᠯᠠᠩ ᠠ᠋ᠴᠠ ᠬᠡᠷᠬᠢᠨ ᠰᠠᠯᠭᠠᠨ᠎ᠠ ᠪᠣᠢ?
| ᠡᠨᠡ ᠠᠮᠠᠷᠬᠠᠨ᠃ ᠪᠢ ᠨᠢᠭᠡᠨ ᠰᠢᠳᠢᠲᠦ ᠦᠷᠢᠯ ᠪᠦᠲᠦᠭᠡᠭᠰᠡᠨ ᠶᠦᠮ᠃ ᠪᠤᠮᠪᠠ ᠶ᠋ᠢᠨ ᠰᠤᠷᠭᠠᠯ ᠤ᠋ᠨ ᠢᠳᠢ ᠰᠢᠳᠢ ᠰᠢᠩᠭᠡᠭᠰᠡᠨ ᠡᠨᠡ ᠦᠷᠢᠯ ᠢ᠋ ᠬᠦᠷᠲᠡᠭᠰᠡᠨ ᠬᠥᠮᠦᠨ ᠬᠣᠷᠣᠮ ᠤ᠋ᠨ ᠳᠣᠲᠣᠷ᠎ᠠ ᠲᠩᠷᠢ ᠶ᠋ᠢᠨ ᠣᠷᠣᠨ ᠳ᠋ᠤ᠌ ᠣᠴᠢᠳᠠᠭ᠃ ᠶᠠᠮᠠᠷ ᠴᠤ᠌ ᠵᠣᠪᠠᠯᠠᠩ ᠰᠢᠨᠠᠯᠤᠯ ᠦᠭᠡᠢ᠃ ᠡᠨᠡ ᠪᠣᠯ ᠵᠣᠪᠠᠵᠤ ᠰᠢᠨᠠᠯᠤᠭᠰᠠᠨ᠂ ᠠᠮᠢᠳᠤᠷᠠᠬᠤ ᠢᠲᠡᠭᠡᠯ ᠦᠭᠡᠢ ᠪᠣᠯᠤᠭᠰᠠᠨ ᠬᠥᠭᠡᠷᠦᠬᠦᠢ ᠶᠠᠳᠠᠭᠤᠰ ᠢ᠋ ᠠᠪᠤᠷᠠᠬᠤ ᠪᠤᠶᠠᠨ ᠪᠣᠯᠬᠤ ᠰᠠᠢᠨ ᠦᠢᠯᠡ ᠶᠦᠮ ᠭᠡᠰᠡᠨ ᠳ᠋ᠦ᠍ ᠲᠡᠭᠦᠨ ᠣ ᠶᠠᠷᠢᠶ᠎ᠠ ᠴᠢᠩᠭᠢᠰ ᠬᠠᠭᠠᠨ ᠳ᠋ᠤ᠌ ᠲᠠᠭᠠᠯᠠᠭᠳᠠᠪᠠ ᠪᠣᠯᠤᠯᠲᠠᠢ ᠮᠠᠩᠨᠠᠢ ᠨᠢ ᠲᠡᠨᠢᠢᠭᠡᠳ
| ᠪᠢ ᠲᠠᠨ ᠢ᠋ ᠬᠦᠨᠳᠦᠳᠬᠡᠨ ᠵᠣᠭᠣᠭ ᠪᠠᠷᠢᠶ᠎ᠠ᠃ ᠲᠠ ᠲᠠᠲᠠᠭᠠᠯᠵᠠᠬᠤ ᠦᠭᠡᠢ ᠪᠣᠢ ᠊ᠢ᠎ᠠ ᠭᠡᠵᠦ ᠥᠭᠡᠳᠡᠢ ᠶ᠋ᠢ ᠵᠠᠩᠭᠠᠬᠤ ᠳ᠋ᠤ᠌ ᠲᠡᠷᠡ ᠭᠠᠷᠴᠤ ᠲᠡᠳᠡ ᠬᠣᠶᠠᠭᠤᠯᠠ ᠦᠯᠡᠳᠡᠪᠡ᠃
| ᠤᠬᠠᠭᠠᠨ ᠲᠠᠢ ᠬᠥᠮᠦᠨ ᠲᠡᠢ ᠦᠭᠡ ᠰᠣᠯᠢᠬᠤ ᠳ᠋ᠤ᠌ ᠡᠭᠦᠯᠡ ᠲᠡᠢ ᠲᠩᠷᠢ ᠴᠡᠯᠮᠡᠬᠦ ᠮᠡᠲᠦ ᠣᠶᠤᠨ ᠰᠠᠨᠠᠭ᠎ᠠ ᠣᠩᠭᠣᠢᠨ᠎ᠠ᠃ ᠲᠠ ᠲᠡᠷᠡ ᠰᠢᠳᠢᠲᠦ ᠦᠷᠢᠯ ᠦ᠋ᠨ ᠢ᠋ᠶ᠋ᠡᠨ ᠬᠦᠴᠦ ᠴᠢᠳᠠᠯ ᠢ᠋ ᠨᠠᠳᠠᠳᠤ ᠦᠵᠡᠭᠦᠯᠵᠦ ᠪᠣᠯᠬᠤ ᠤᠤ? ᠭᠡᠵᠦ ᠴᠢᠩᠭᠢᠰ ᠬᠠᠭᠠᠨ ᠥᠭᠡᠳᠡᠢ ᠶ᠋ᠢ ᠭᠠᠷᠤᠭᠰᠠᠨ ᠳᠠᠷᠤᠢ ᠶᠠᠭᠠᠷᠠᠨ ᠠᠰᠠᠭᠤᠵᠠᠢ᠃
| ᠡᠨᠡ ᠪᠣᠯ ᠪᠢ ᠲᠠᠨ ᠳ᠋ᠤ᠌ ᠯᠠ ᠢᠲᠡᠭᠡᠵᠦ ᠬᠡᠯᠡᠭᠰᠡᠨ ᠨᠢᠭᠤᠴᠠ ᠰᠢᠦ᠃ ᠬᠠᠭᠠᠨ ᠲᠥᠷᠥ ᠶ᠋ᠢ ᠪᠠᠷᠢᠨ᠎ᠠ ᠭᠡᠳᠡᠭ ᠬᠦᠴᠢᠷ ᠠᠵᠢᠯ᠃ ᠮᠠᠭᠠᠳ ᠦᠭᠡᠢ ᠡᠢᠮᠦ ᠦᠷᠢᠯ ᠲᠠᠨ ᠳ᠋ᠤ᠌ ᠬᠡᠷᠡᠭ ᠪᠣᠯᠵᠤ ᠮᠡᠳᠡᠬᠦ ᠶᠦᠮ᠃ ᠪᠢ ᠲᠠᠨ ᠳ᠋ᠤ᠌ ᠲᠤᠰᠠᠯᠠᠵᠤ ᠪᠣᠯᠤᠨ᠎ᠠ᠃ ᠲᠠ ᠱᠠᠩ ᠬᠠᠷᠠᠮᠵᠢ ᠭᠡᠬᠦ ᠵᠦᠢᠯ ᠦᠭᠡᠢ᠃ ᠡᠨᠡ ᠪᠠᠢᠨ᠎ᠠ ᠭᠡᠳ ᠠᠷᠰᠢ ᠤᠭᠤᠲᠠᠨ ᠠ᠋ᠴᠠ ᠦᠷᠢᠯ ᠭᠠᠷᠭᠠᠵᠤ ᠥᠭᠴᠡᠢ᠃
| ᠲᠠ ᠡᠨᠡ ᠦᠷᠢᠯ ᠢ᠋ ᠬᠦᠷᠲᠡᠮᠡᠭᠴᠡ ᠤᠬᠠᠭᠠᠨ ᠰᠠᠨᠠᠭ᠎ᠠ ᠴᠡᠯᠮᠡᠨ ᠬᠡᠬᠡᠷᠡᠭᠡᠳ ᠳᠠᠷᠤᠢ ᠠᠷᠢᠭᠤᠨ ᠬᠤᠲᠤᠭ ᠢ᠋ ᠣᠯᠵᠤ ᠠᠯᠢᠪᠠ ᠪᠦᠬᠦ ᠡᠪᠡᠳᠴᠢᠨ ᠵᠣᠪᠠᠯᠠᠩ ᠮᠠᠷᠲᠠᠭᠳᠠᠨ ᠢᠯᠠᠷᠢᠰᠢᠬᠤ ᠪᠣᠯᠤᠨ᠎ᠠ᠃ ᠪᠢ ᠲᠠᠨ ᠢ᠋ ᠪᠡᠶ᠎ᠡ ᠴᠡᠯᠡᠭᠡᠷᠬᠡᠨ ᠲᠠᠪᠠ ᠦᠭᠡᠢ ᠪᠠᠢᠭ᠎ᠠ ᠶ᠋ᠢ ᠳᠤᠭᠤᠯᠤᠭᠠᠳ ᠢᠩᠭᠢᠵᠦ ᠰᠠᠢᠬᠠᠨ ᠰᠡᠳᠬᠢᠯ ᠡᠪᠦᠷᠯᠡᠨ ᠢᠷᠡᠯ᠎ᠡ᠃ ᠲᠠ ᠨᠠᠭᠠᠳᠤ ᠦᠷᠢᠯ ᠢ᠋ᠶ᠋ᠡᠨ ᠭᠥᠷᠳᠡᠮᠡᠭᠴᠡ ᠶᠠᠮᠠᠷ ᠰᠢᠳᠢ ᠲᠡᠢ ᠶ᠋ᠢ ᠲᠡᠷᠡ ᠳᠣᠣᠷ᠎ᠠ ᠪᠠᠨ ᠦᠵᠡᠬᠦ ᠪᠣᠯᠤᠨ᠎ᠠ᠃
| ᠲᠡᠢᠮᠦ ᠤᠤ? ᠲᠠ ᠲᠡᠭᠡᠪᠡᠯ ᠨᠠᠳᠠᠳᠤ ᠬᠣᠶᠠᠷ ᠢ᠋ ᠦᠭᠭᠦᠨ᠎ᠡ ᠤᠤ?
| ᠬᠣᠶᠠᠷ ᠢ᠋ ᠲᠤᠷᠰᠢᠬᠤ ᠬᠡᠷᠡᠭ ᠦᠭᠡᠢ᠃ ᠨᠢᠭᠡ ᠯᠡ ᠪᠠᠢᠬᠤ ᠳ᠋ᠤ᠌ ᠬᠠᠩᠭᠠᠯᠲᠠ ᠲᠠᠢ᠃ ᠲᠠ ᠢᠲᠡᠭᠡᠯᠲᠡᠢ ᠪᠠᠢᠵᠤ ᠪᠣᠯᠤᠨ᠎ᠠ᠃
| ᠬᠠᠭᠠᠨ ᠪᠢ ᠴᠦ᠍ ᠭᠠᠭᠴᠠ ᠶ᠋ᠢ ᠬᠦᠷᠲᠡᠬᠦ ᠳ᠋ᠦ᠍ ᠪᠣᠯᠤᠨ᠎ᠠ ᠭᠡᠵᠦ ᠤᠤ?
| ᠲᠠ ᠶᠡᠬᠡ ᠨᠠᠷᠭᠢᠶᠠᠨᠴᠢ ᠬᠥᠮᠦᠨ ᠶᠦᠮ᠃ ᠲᠠ ᠠᠳᠠᠯᠢᠬᠠᠨ ᠯᠠ ᠮᠢᠬ᠎ᠠ ᠴᠢᠰᠤᠨ ᠳ᠋ᠤ᠌ ᠲᠥᠷᠥᠭᠰᠡᠨ ᠬᠥᠮᠦᠨ᠃ ᠨᠢᠭᠡ ᠯᠡ ᠪᠣᠯᠤᠨ᠎ᠠ᠃
| ᠪᠢ ᠡᠷᠡᠭᠡᠯᠵᠡᠵᠦ ᠪᠠᠢᠨ᠎ᠠ᠃ ᠪᠢ ᠦᠵᠡᠭᠡ ᠦᠭᠡᠢ ᠲᠤᠯᠠ ᠢᠲᠡᠭᠡᠮ᠎ᠡ ᠦᠭᠡᠢ ᠪᠠᠢᠨ᠎ᠠ᠃
| ᠲᠠ ᠨᠠᠭᠠᠳᠤ ᠦᠷᠢᠯ ᠢ᠋ᠶ᠋ᠡᠨ ᠠᠮᠠᠨ ᠳ᠋ᠠᠭᠠᠨ ᠬᠢᠭᠡᠳ ᠦᠵᠡᠭᠲᠦᠨ᠃ ᠲᠡᠭᠡᠪᠡᠯ ᠲᠠ ᠮᠢᠨᠦ ᠬᠡᠯᠡᠭᠰᠡᠨ ᠳ᠋ᠦ᠍ ᠢᠲᠡᠭᠡᠬᠦ ᠪᠣᠯᠤᠨ᠎ᠠ᠃
ᠭᠠᠳᠠᠨ᠎ᠠ ᠠ᠋ᠴᠠ ᠢᠳᠡᠭᠡ ᠪᠤᠳᠠᠭ᠎ᠠ ᠣᠷᠣᠭᠤᠯᠵᠤ ᠢᠷᠡᠭᠰᠡᠨ ᠲᠤᠯᠠ ᠲᠡᠳᠡᠨ ᠦ᠌ ᠶᠠᠷᠢᠶ᠎ᠠ ᠲᠠᠰᠤᠷᠠᠵᠠᠢ᠃ ᠥᠭᠡᠳᠡᠢ ᠶ᠋ᠢ ᠭᠠᠷ ᠭᠡᠰᠡᠨ ᠲᠤᠯᠠ ᠲᠡᠷᠡ ᠴᠦ᠍ ᠭᠠᠢᠬᠠᠭᠰᠠᠭᠠᠷ ᠭᠠᠷᠴᠠᠢ᠃ ᠡᠴᠢᠭᠡ ᠨᠢ ᠡᠨᠡ ᠨᠠᠩᠭᠢᠶᠠᠳ ᠠᠷᠰᠢ ᠲᠠᠢ ᠶᠠᠭᠤ ᠶ᠋ᠢ ᠢᠩᠭᠢᠲᠡᠯ᠎ᠡ ᠪᠡᠨ ᠨᠢᠭᠤᠴᠠᠯᠠᠨ ᠶᠠᠷᠢᠭᠰᠠᠭᠠᠷ ᠪᠠᠢᠭ᠎ᠠ ᠶ᠋ᠢ ᠲᠡᠷᠡ ᠣᠢᠯᠠᠭᠠᠵᠤ ᠶᠠᠳᠠᠵᠠᠢ᠃
| ᠨᠠᠩᠭᠢᠶᠠᠳ ᠬᠥᠮᠦᠨ ᠴᠢ ᠮᠥᠩᠬᠡᠷᠡᠬᠦ ᠬᠥᠮᠦᠨ ᠨᠢᠭᠡ ᠴᠦ᠍ ᠦᠭᠡᠢ ᠭᠡᠵᠦ ᠬᠡᠯᠡᠪᠡ ᠤᠤ?
| ᠲᠡᠢᠮᠦ ᠠ᠋᠂ ᠡᠨᠡ ᠶᠢᠷᠲᠢᠨᠴᠦ ᠳ᠋ᠦ᠍ ᠮᠥᠩᠬᠡ ᠵᠦᠢᠯ ᠭᠡᠵᠦ ᠨᠢᠭᠡᠬᠡᠨ ᠴᠦ᠍ ᠦᠭᠡᠢ᠃
| ᠨᠠᠩᠭᠢᠶᠠᠳ ᠬᠥᠮᠦᠨ᠂ ᠴᠢ ᠪᠤᠷᠤᠭᠤ ᠯᠠ ᠶᠠᠷᠢᠵᠤ ᠪᠠᠢᠨ᠎ᠠ᠃ ᠶᠡᠬᠡ ᠬᠡᠷᠡᠭ ᠦ᠋ᠨ ᠲᠥᠯᠥᠭᠡ ᠥᠪᠡᠷ ᠦ᠋ᠨ ᠠᠵᠠ ᠵᠢᠷᠭᠠᠯ ᠡᠳ᠋ ᠬᠥᠷᠥᠩᠭᠡ ᠨᠡᠷ᠎ᠡ ᠲᠥᠷᠥ ᠡᠴᠡ ᠪᠡᠨ ᠲᠠᠲᠠᠭᠠᠯᠵᠠᠨ ᠦᠬᠦᠵᠦ ᠴᠢᠳᠠᠪᠠᠯ ᠲᠡᠷᠡ ᠪᠠᠰᠠ ᠮᠥᠩᠬᠡ ᠨᠠᠰᠤ ᠪᠣᠯᠤᠨ᠎ᠠ᠃
| ᠢᠩᠭᠢᠵᠦ ᠢᠲᠡᠭᠡᠵᠦ ᠦᠬᠦᠭᠰᠡᠨ ᠬᠥᠮᠦᠨ ᠬᠡᠴᠢᠨᠡᠨ ᠣᠯᠠᠨ ᠢ᠋ ᠲᠣᠭᠠᠯᠠᠵᠤ ᠶᠠᠭᠠᠬᠢᠵᠤ ᠪᠠᠷᠠᠨ᠎ᠠ᠃ ᠲᠡᠳᠡᠨ ᠦ᠌ ᠬᠡᠳᠦ ᠨᠢ ᠡᠳᠦᠭᠡ ᠮᠥᠩᠬᠡᠷᠡᠭᠰᠡᠨ ᠢ᠋ ᠬᠡᠨ ᠶᠠᠭᠠᠬᠢᠵᠤ ᠮᠡᠳᠡᠨ᠎ᠡ᠃ ᠬᠠᠭᠠᠨᠲᠠᠨ ᠲᠠ ᠡᠢᠮᠦ ᠠᠷᠭ᠎ᠠ ᠪᠠᠷ ᠮᠥᠩᠬᠡᠷᠡᠬᠦ ᠭᠡᠪᠡᠯ ᠠᠯᠳᠠᠭ᠎ᠠ ᠪᠣᠯᠤᠨ᠎ᠠ᠃ ᠭᠡᠬᠦ ᠳ᠋ᠡᠭᠡᠨ ᠲᠠᠨ ᠳ᠋ᠤ᠌ ᠡᠢᠮᠦ ᠵᠣᠷᠢᠭ ᠵᠢᠷᠦᠬᠡ ᠪᠠᠢᠭ᠎ᠠ ᠭᠡᠳᠡᠭ ᠢ᠋ ᠪᠢ ᠬᠠᠷᠠᠵᠤ ᠪᠠᠢᠨ᠎ᠠ᠃
| ᠬᠥᠮᠦᠨ ᠬᠡᠷᠡᠭᠲᠡᠢ ᠴᠠᠭ ᠲᠤ᠌ ᠯᠠ ᠦᠬᠦᠵᠦ ᠰᠤᠷᠬᠤ ᠬᠡᠷᠡᠭᠲᠡᠢ᠃ ᠪᠢ ᠴᠦ᠍᠂ ᠲᠠ ᠴᠦ᠍᠂ ᠪᠦᠭᠦᠳᠡ ᠲᠡᠭᠡᠬᠦ ᠶᠣᠰᠣᠲᠠᠢ᠃
| ᠰᠠᠨᠠᠭᠰᠠᠨ ᠢ᠋ᠶ᠋ᠠᠷ ᠦᠬᠦᠨ᠎ᠡ ᠭᠡᠳᠡᠭ ᠥᠴᠦᠬᠡᠨ ᠲᠡᠳᠦᠢ ᠵᠣᠷᠢᠭ ᠤ᠋ᠨ ᠬᠡᠷᠡᠭ ᠰᠢᠦ ᠳᠡ᠃ ᠭᠡᠬᠦ ᠳ᠋ᠡᠭᠡᠨ ᠪᠢ ᠬᠠᠭᠠᠨ ᠲᠠᠨ ᠲᠠᠢ ᠮᠠᠷᠭᠤᠬᠤ ᠬᠦᠰᠡᠯ ᠦᠭᠡᠢ ᠪᠠᠢᠨ᠎ᠠ᠃ ᠪᠢ ᠲᠠᠨ ᠲᠠᠢ ᠰᠠᠨᠠᠭ᠎ᠠ ᠪᠦᠷᠢᠨ ᠨᠢᠭᠡ ᠪᠠᠢᠨ᠎ᠠ᠃ ᠠᠮᠲᠠᠲᠤ ᠢᠳᠡᠭᠡ ᠪᠤᠳᠠᠭ᠎ᠠ ᠪᠠᠷ ᠳᠠᠢᠯᠠᠭᠰᠠᠨ ᠳ᠋ᠤ᠌ ᠲᠠᠯᠠᠷᠬᠠᠵᠤ ᠪᠠᠢᠨ᠎ᠠ᠃
| ᠲᠠ ᠠᠯᠢ ᠨᠤᠲᠤᠭ ᠤ᠋ᠨ ᠬᠥᠮᠦᠨ ᠪᠣᠢ?
| ᠪᠢ ᠡᠮᠦᠨ᠎ᠡ ᠵᠦᠭ ᠦ᠋ᠨ ᠱᠧᠩ ᠯᠦ᠍ ᠠᠭᠤᠯᠠ ᠶ᠋ᠢᠨ ᠬᠥᠮᠦᠨ᠃ ᠲᠡᠨᠳᠡ ᠮᠢᠨᠦ ᠲᠥᠷᠥᠭᠰᠡᠨ ᠨᠤᠲᠤᠭ ᠪᠣᠢ᠃ ᠱᠸᠨ ᠯᠢᠦ ᠯᠢᠶᠠ ᠭᠡᠵᠦ ᠲᠣᠰᠬᠣᠨ ᠪᠣᠢ᠃ ᠠᠪᠤ ᠮᠢᠨᠢ ᠲᠡᠨᠳᠡ ᠡᠯᠵᠢᠭᠡ ᠬᠥᠯᠦᠭᠰᠡᠨ ᠠᠨᠵᠢᠰᠤ ᠪᠠᠷ ᠭᠠᠵᠠᠷ ᠬᠠᠭᠠᠯᠳᠠᠭ ᠪᠠᠢᠯ᠎ᠠ᠃ ᠪᠢ ᠠᠪᠤ ᠳ᠋ᠠᠭᠠᠨ ᠲᠤᠰᠠᠯᠠᠵᠤ ᠡᠯᠵᠢᠭᠡ ᠶ᠋ᠢ ᠨᠢ ᠲᠠᠭᠤᠵᠤ ᠥᠭᠳᠡᠭ ᠰᠠᠨ᠃
| ᠠᠪᠤ ᠲᠠᠨᠢ ᠲᠡᠭᠷᠢ ᠳ᠋ᠦ᠍ ᠬᠠᠯᠢᠭᠰᠠᠨ ᠪᠣᠢ ᠵᠡ?
| ᠲᠡᠢᠮᠦ ᠠ᠋᠃ ᠠᠪᠤ ᠮᠢᠨᠢ ᠣᠯᠠᠨ ᠵᠢᠯ ᠦ᠋ᠨ ᠡᠮᠦᠨ᠎ᠡ ᠨᠠᠰᠤ ᠡᠯᠡᠵᠦ᠂ ᠱᠠᠷᠢᠯ ᠢ᠋ ᠨᠢ ᠱᠧᠩ ᠯᠦ᠍ ᠠᠭᠤᠯᠠ ᠶ᠋ᠢᠨ ᠡᠩᠭᠡᠷ ᠲᠦ᠍ ᠣᠷᠣᠰᠢᠭᠤᠯᠤᠭᠰᠠᠨ᠃ ᠪᠢ ᠴᠦ᠍ ᠭᠡᠰᠡᠨ ᠬᠡᠵᠢᠶ᠎ᠡ ᠨᠢᠭᠡᠨ ᠴᠠᠭ ᠲᠤ᠌ ᠲᠡᠷᠡ ᠠᠭᠤᠯᠠᠨ ᠳ᠋ᠤ᠌ ᠡᠴᠢᠭᠡ ᠶ᠋ᠢᠨ ᠢ᠋ᠶ᠋ᠡᠨ ᠳᠡᠷᠭᠡᠳᠡ ᠨᠤᠲᠤᠭᠯᠠᠬᠤ ᠰᠠᠨ ᠭᠡᠵᠦ ᠬᠦᠰᠡᠳᠡᠭ ᠶᠦ᠍ᠮ᠃
| ᠪᠢ ᠲᠠᠨ ᠢ᠋ ᠬᠦᠰᠡᠭᠰᠡᠨ ᠶᠣᠰᠣᠭᠠᠷ ᠱᠧᠩ ᠯᠦ᠍ ᠠᠭᠤᠯᠠᠨ ᠳ᠋ᠤ᠌ ᠡᠴᠢᠭᠡ ᠶ᠋ᠢᠨ ᠲᠠᠨᠢ ᠬᠠᠵᠠᠭᠤ ᠳ᠋ᠤ᠌ ᠣᠷᠣᠰᠢᠭᠤᠯᠬᠤ ᠶ᠋ᠢ ᠵᠠᠷᠯᠢᠭ ᠪᠣᠯᠭᠠᠶ᠎ᠠ᠃
| ᠱᠧᠩ ᠯᠦ᠍ ᠠᠭᠤᠯᠠ ᠬᠦᠷᠲᠡᠯ᠎ᠡ ᠭᠠᠵᠠᠷ ᠬᠣᠯᠠ᠂ ᠵᠠᠮ ᠵᠠᠭᠤᠷ᠎ᠠ ᠣᠯᠠᠨ ᠪᠣᠭᠣᠮᠲᠠ ᠪᠡᠬᠢᠯᠡᠯᠲᠡ᠂ ᠨᠠᠩᠭᠢᠶᠠᠳ ᠤ᠋ᠨ ᠰᠢᠯᠢᠳᠡᠭ ᠴᠡᠷᠢᠭ ᠦ᠋ᠳ ᠲᠣᠰᠴᠤ ᠪᠣᠢ ᠲᠤᠯᠠ ᠲᠠᠨ ᠤ᠋ ᠵᠠᠷᠯᠢᠭ ᠢ᠋ ᠪᠡᠶᠡᠯᠡᠭᠦᠯᠬᠦ ᠪᠣᠯᠤᠮᠵᠢ ᠦᠭᠡᠢ ᠪᠣᠯᠪᠠ ᠤᠤ?
| ᠲᠠ ᠪᠢᠲᠡᠭᠡᠢ ᠰᠠᠨᠠᠭ᠎ᠠ ᠵᠣᠪᠠ᠃ ᠪᠦᠲᠦᠬᠦ ᠦᠭᠡᠢ ᠵᠦᠢᠯ ᠢ᠋ ᠪᠢ ᠶᠠᠭᠤ ᠭᠡᠵᠦ ᠵᠠᠷᠯᠢᠭ ᠪᠣᠯᠭᠠᠬᠤ ᠪᠣᠢ? ᠬᠠᠷᠢᠨ ᠲᠠ ᠨᠠᠳᠠ ᠠ᠋ᠴᠠ ᠬᠦᠰᠡᠬᠦ ᠵᠦᠢᠯ ᠢ᠋ᠶ᠋ᠡᠨ ᠬᠦᠰᠡᠭᠰᠡᠨ ᠲᠤᠯᠠ ᠪᠢ ᠲᠠᠨ ᠳ᠋ᠤ᠌ ᠨᠢᠭᠡᠨ ᠬᠦᠰᠡᠯᠲᠡ ᠲᠠᠯᠪᠢᠶ᠎ᠠ ᠭᠡᠵᠦ ᠴᠢᠩᠭᠢᠰ ᠬᠠᠭᠠᠨ ᠬᠡᠯᠡᠭᠰᠡᠨ ᠳ᠋ᠦ᠍ ᠠᠷᠰᠢ ᠵᠢᠭᠠᠬᠠᠨ ᠭᠠᠢᠬᠠᠭᠰᠠᠨ ᠴᠤ᠌ ᠶᠡᠬᠡ ᠯᠡ ᠳᠠᠷᠤᠤᠬᠠᠨ ᠢ᠋ᠶ᠋ᠠᠷ
| ᠪᠢ ᠪᠡᠶᠡᠯᠡᠭᠦᠯᠵᠦ ᠳᠥᠩᠭᠡᠬᠦ ᠪᠣᠯᠪᠠ ᠤᠤ? ᠭᠡᠵᠡᠢ᠃
| ᠲᠡᠷᠡ ᠠᠮᠠᠷᠬᠠᠨ ᠭᠡᠳ ᠴᠢᠩᠭᠢᠰ ᠬᠠᠭᠠᠨ ᠬᠤᠨᠳᠠᠭᠠᠨ ᠳ᠋ᠤ᠌ ᠳᠠᠷᠠᠰᠤ ᠳᠦᠭᠦᠷᠭᠡᠭᠡᠳ ᠳᠣᠲᠣᠷ᠎ᠠ ᠨᠢ ᠦᠷᠢᠯ ᠢ᠋ᠶ᠋ᠡᠨ ᠬᠢᠪᠡ᠃
| ᠲᠠ ᠡᠨᠡ ᠳᠠᠷᠠᠰᠤ ᠶ᠋ᠢ ᠲᠣᠭᠲᠠᠭᠠᠨ᠎ᠠ ᠤᠤ? ᠡᠨᠡ ᠳᠠᠷᠠᠰᠤ ᠪᠣᠯ ᠬᠥᠮᠦᠨ ᠦ᠌ ᠬᠦᠰᠡᠯ ᠢ᠋ ᠬᠠᠩᠭᠠᠭᠴᠢ ᠮᠣᠩᠭᠣᠯ ᠭᠠᠵᠠᠷ ᠤ᠋ᠨ ᠢᠳᠡᠭᠡ ᠶᠦ᠍ᠮ᠃ ᠳᠣᠲᠣᠷ᠎ᠠ ᠨᠢ ᠲᠠᠨ ᠤ᠋ ᠰᠢᠳᠢᠲᠦ ᠦᠷᠢᠯ ᠢ᠋ ᠬᠢᠭᠰᠡᠨ᠃ ᠢᠳᠡᠭᠡ ᠡᠵᠡᠨ ᠢ᠋ᠶ᠋ᠡᠨ ᠲᠠᠨᠢᠳᠠᠭ ᠦᠭᠡᠢ ᠭᠡᠳᠡᠭ ᠶᠦ᠍ᠮ ᠭᠡᠳ ᠪᠠᠷᠢᠵᠠᠢ᠃
| ᠬᠠᠭᠠᠨᠲᠠᠨ ᠲᠠ ᠶᠠᠭᠤ ᠬᠦᠰᠡᠨ᠎ᠡ ᠪᠣᠢ? ᠮᠢᠨᠦ ᠦᠭᠭᠦᠭᠰᠡᠨ ᠦᠷᠢᠯ ᠬᠣᠣᠷ ᠰᠢᠦ ᠳᠡ ᠭᠡᠵᠦ ᠨᠠᠩᠭᠢᠶᠠᠳ ᠠᠷᠰᠢ ᠪᠠᠯᠠᠮᠠᠭᠳᠠᠨ ᠬᠠᠰᠬᠢᠷᠴᠤ ᠪᠣᠰᠤᠨ ᠬᠠᠷᠠᠢᠵᠠᠢ᠃
| ᠪᠢ ᠨᠠᠩᠭᠢᠶᠠᠳ ᠬᠥᠮᠦᠨ ᠴᠢᠮᠠᠶ᠋ᠢ ᠵᠣᠪᠠᠯᠠᠩ ᠠ᠋ᠴᠠ ᠭᠡᠲᠦᠯᠭᠡᠬᠦ ᠪᠡᠷ ᠰᠢᠢᠳᠦᠯ᠎ᠡ᠃ ᠪᠢ ᠤᠬᠠᠭᠠᠨ ᠲᠠᠢ ᠬᠥᠮᠦᠨ ᠢ᠋ ᠬᠦᠨᠳᠦᠳᠬᠡᠨ᠎ᠡ᠃ ᠲᠡᠢᠮᠦ ᠤᠴᠢᠷ ᠠ᠋ᠴᠠ ᠥᠭᠡᠷ᠎ᠡ ᠦᠬᠦᠯ ᠢ᠋ ᠪᠤᠰᠤ᠂ ᠲᠠᠨ ᠤ᠋ ᠥᠪᠡᠷ ᠦ᠋ᠨ ᠵᠣᠬᠢᠶᠠᠨ ᠰᠡᠳᠦᠭᠰᠡᠨ ᠡᠨᠡ ᠦᠬᠦᠯ ᠢ᠋ ᠲᠠᠨ ᠳ᠋ᠤ᠌ ᠵᠣᠷᠢᠭᠤᠯᠵᠤ ᠪᠠᠢᠨ᠎ᠠ᠃ ᠪᠢ ᠲᠠᠨ ᠤ᠋ ᠬᠦᠰᠡᠯ ᠶᠣᠰᠣᠭᠠᠷ ᠱᠧᠩ ᠯᠦ᠍ ᠠᠭᠤᠯᠠᠨ ᠳ᠋ᠤ᠌ ᠡᠴᠢᠭᠡ ᠶ᠋ᠢᠨ ᠲᠠᠨᠢ ᠳᠡᠷᠭᠡᠳᠡ ᠣᠷᠣᠰᠢᠭᠤᠯ ᠭᠡᠵᠦ ᠲᠤᠰᠢᠶᠠᠶ᠎ᠠ᠃
| ᠲᠠ ᠨᠠᠮᠠᠶ᠋ᠢ ᠢᠩᠭᠢᠵᠦ ᠠᠯᠠᠬᠤ ᠬᠡᠷᠡᠭ ᠦᠭᠡᠢ᠃ ᠪᠢ ᠲᠠᠨ ᠤ᠋ ᠳᠠᠢᠰᠤᠨ ᠪᠢᠰᠢ᠃ ᠪᠢ ᠦᠬᠦᠬᠦ ᠪᠣᠯᠤᠭ᠎ᠠ ᠦᠭᠡᠢ᠃
| ᠲᠠ ᠨᠠᠩᠭᠢᠶᠠᠳ ᠤᠯᠤᠰ ᠤ᠋ᠨ ᠲᠥᠯᠥᠭᠡ ᠵᠢᠳᠬᠦᠨ᠎ᠡ ᠭᠡᠪᠡ᠃ ᠲᠡᠭᠡᠪᠡᠯ ᠤᠳᠠᠬᠤ ᠦᠭᠡᠢ ᠲᠡᠷᠡ ᠨᠠᠩᠭᠢᠶᠠᠳ ᠤᠯᠤᠰ ᠲᠠᠢ ᠠᠯᠲᠠᠨ ᠤᠯᠤᠰ ᠲᠠᠢ ᠬᠠᠮᠲᠤ ᠡᠭᠦᠷᠢᠳᠡ ᠦᠭᠡᠢ ᠪᠣᠯᠤᠨ᠎ᠠ᠃ ᠪᠠᠰᠠ ᠲᠠ ᠮᠠᠨ ᠤ᠋ ᠴᠡᠷᠢᠭ ᠦ᠋ᠳ ᠲᠦ᠍ ᠲᠠᠰᠤ ᠴᠠᠪᠴᠢᠭᠤᠯᠵᠤ ᠦᠬᠦᠬᠦ ᠦᠭᠡᠢ ᠪᠡᠷ ᠡᠨᠳᠡ ᠪᠡᠨ ᠬᠦᠨᠳᠦᠲᠡᠢ ᠪᠡᠷ ᠦᠬᠦᠬᠦ ᠨᠢ ᠳᠡᠭᠡᠷ᠎ᠡ ᠪᠣᠢ᠃ ᠤᠤᠭᠤᠭᠲᠤᠨ᠃ ᠲᠠ ᠨᠠᠩᠭᠢᠶᠠᠳ ᠤᠯᠤᠰ ᠤ᠋ᠨ ᠢ᠋ᠶ᠋ᠠᠨ ᠲᠥᠯᠥᠭᠡ ᠲᠣᠭᠲᠠᠭᠠᠭᠲᠤᠨ ᠭᠡᠵᠦ ᠴᠢᠩᠭᠢᠰ ᠬᠠᠭᠠᠨ ᠲᠤᠢᠯ ᠤ᠋ᠨ ᠲᠠᠭᠠᠰᠢᠶᠠᠯᠲᠠᠢ ᠪᠠᠷ ᠬᠡᠯᠡᠭᠡᠳ ᠬᠤᠨᠳᠠᠭ᠎ᠠ ᠲᠠᠢ ᠪᠠᠨ ᠪᠠᠷᠢᠨ ᠠᠷᠰᠢ ᠶ᠋ᠢᠨ ᠳᠡᠷᠭᠡᠳᠡ ᠣᠴᠢᠪᠠ᠃
| ᠬᠠᠭᠠᠨ ᠲᠠ ᠦᠨᠡᠨ ᠬᠡᠯᠡᠵᠦ ᠪᠣᠢ ᠪᠢᠵᠡ᠃ ᠪᠢ ᠦᠬᠦᠬᠦ ᠡᠴᠡ ᠦᠯᠦ ᠠᠶᠤᠨ᠎ᠠ᠃ ᠨᠠᠩᠭᠢᠶᠠᠳ ᠤᠯᠤᠰ ᠤ᠋ᠨ ᠢ᠋ᠶ᠋ᠠᠨ ᠲᠥᠯᠥᠭᠡ ᠪᠢ ᠲᠣᠭᠲᠠᠭᠠᠶ᠎ᠠ᠃ ᠴᠢ ᠬᠡᠵᠢᠶ᠎ᠡ ᠴᠦ᠍ ᠮᠢᠨᠦ ᠤᠯᠤᠰ ᠢ᠋ ᠳᠡᠢᠯᠬᠦ ᠦᠭᠡᠢ ᠪᠢᠵᠡ ᠭᠡᠳ ᠡᠪᠦᠭᠡᠨ ᠠᠷᠰᠢ ᠬᠣᠣᠷ ᠢ᠋ ᠳᠠᠷᠤᠢ ᠤᠤᠭᠤᠵᠠᠢ᠃ ᠬᠣᠷᠣᠮ ᠤ᠋ᠨ ᠲᠡᠳᠦᠢ ᠴᠢᠮᠡᠭᠡ ᠦᠭᠡᠢ ᠪᠠᠢᠭᠰᠠᠨ ᠢ᠋ᠶ᠋ᠠᠨ ᠳᠣᠲᠣᠷ᠎ᠠ ᠨᠢ ᠪᠠᠴᠢᠭᠤᠷᠠᠨ ᠴᠡᠭᠡᠵᠢ ᠬᠦᠵᠦᠭᠦᠦ ᠬᠣᠭᠣᠯᠠᠢ ᠪᠠᠨ ᠤᠷᠠᠵᠤ
| ᠴᠢ ᠲᠠᠯ᠎ᠠ ᠶ᠋ᠢᠨ ᠵᠡᠷᠯᠢᠭ ᠮᠢᠬᠠᠴᠢᠨ᠃ ᠭᠡᠮ ᠦᠭᠡᠢ ᠤᠯᠤᠰ ᠣᠷᠣᠨ ᠢ᠋ ᠰᠥᠨᠥᠭᠡᠨ ᠤᠰᠠᠳᠬᠠᠭᠴᠢ ᠠᠷᠢᠶᠠᠲᠠᠨ᠃ ᠴᠢᠨᠦ ᠡᠮᠦᠨ᠎ᠡ ᠭᠠᠭᠴᠠᠬᠠᠨ ᠦᠬᠦᠯ ᠰᠦᠢᠷᠡᠯ ᠯᠡ ᠪᠣᠢ᠃ ᠴᠢ ᠶᠢᠷᠲᠢᠨᠴᠦ ᠶ᠋ᠢᠨ ᠬᠠᠮᠤᠭ ᠰᠠᠢᠬᠠᠨ ᠢ᠋ ᠰᠦᠢᠷᠡᠭᠦᠯᠦᠨ ᠬᠥᠨᠦᠭᠡᠭᠴᠢ᠃ ᠴᠢᠮᠠᠶ᠋ᠢ ᠬᠠᠷᠢᠶᠠᠯ ᠢᠳᠡᠭ ᠭᠡᠵᠦ ᠥᠪᠡᠷ ᠦ᠋ᠨ ᠬᠡᠯᠡ ᠪᠡᠷ ᠭᠠᠯᠵᠠᠭᠤᠷᠠᠭᠰᠠᠨ ᠮᠡᠲᠦ ᠣᠷᠢᠯᠠᠭᠰᠠᠨ ᠲᠤᠯᠠ ᠥᠭᠡᠳᠡᠢ ᠣᠷᠣᠵᠤ ᠢᠷᠡᠵᠡᠢ᠃ ᠴᠢᠩᠭᠢᠰ ᠬᠠᠭᠠᠨ ᠢᠨᠢᠶᠡᠵᠦ ᠭᠠᠷ ᠡᠷᠭᠦᠨ ᠥᠭᠡᠳᠡᠢ ᠶ᠋ᠢ ᠬᠦᠯᠢᠶᠡ ᠭᠡᠵᠦ ᠳᠣᠬᠢᠵᠠᠢ᠃
| ᠴᠢ ᠦᠬᠦᠯ ᠦ᠋ᠨ ᠮᠠᠭᠤ ᠪᠠᠷ ᠦᠬᠦᠨ᠎ᠡ᠃ ᠴᠢᠮᠠᠶ᠋ᠢ ᠮᠢᠨᠦ ᠦᠷ᠎ᠡ ᠤᠳᠤᠮ᠂ ᠴᠢᠨᠦ ᠰᠦᠢᠳᠬᠡᠭᠰᠡᠨ ᠤᠯᠤᠰ ᠢᠷᠭᠡᠳ ᠦ᠋ᠨ ᠦᠷ᠎ᠡ ᠤᠳᠤᠮ ᠦᠷᠭᠦᠯᠵᠢ ᠬᠠᠷᠢᠶᠠᠬᠤ ᠪᠣᠯᠤᠨ᠎ᠠ᠃ ᠴᠢ ᠪᠣᠯ ᠬᠥᠮᠦᠨ ᠪᠢᠰᠢ᠂ ᠠᠯᠠᠭᠤᠷᠴᠢᠨ ᠭᠡᠵᠦ ᠬᠠᠰᠬᠢᠷᠤᠭᠠᠳ ᠰᠢᠷᠢᠳᠡᠭ ᠦ᠋ᠨ ᠳᠡᠭᠡᠷ᠎ᠡ ᠤᠨᠠᠵᠤ ᠲᠡᠷᠡ ᠳᠣᠣᠷ᠎ᠠ ᠪᠠᠨ ᠠᠮᠢᠰᠬᠤᠯ ᠨᠢ ᠲᠠᠰᠤᠷᠠᠵᠠᠢ᠃ ᠥᠭᠡᠳᠡᠢ ᠭᠠᠢᠬᠠᠭᠰᠠᠨ ᠴᠤ᠌ ᠶᠠᠭᠤᠮ᠎ᠠ ᠠᠰᠠᠭᠤᠵᠤ ᠠᠮᠵᠢᠭᠰᠠᠨ ᠦᠭᠡᠢ᠃ ᠪᠢ ᠡᠨᠡ ᠨᠠᠩᠭᠢᠶᠠᠳ ᠬᠥᠮᠦᠨ ᠦ᠌ ᠦᠨᠡᠨ ᠳᠦᠷᠢ ᠶ᠋ᠢ ᠦᠵᠡᠪᠡ᠂ ᠴᠢ ᠴᠦ᠍ ᠦᠵᠡᠪᠡ᠃ ᠨᠠᠩᠭᠢᠶᠠᠳ ᠬᠥᠮᠦᠨ ᠦ᠌ ᠦᠨᠡᠨ ᠳᠦᠷᠢ ᠡᠨᠡ ᠠᠵᠢ᠃ ᠨᠠᠮᠠᠶ᠋ᠢ ᠬᠣᠣᠷᠯᠠᠬᠤ ᠭᠡᠵᠦ ᠢᠷᠡᠭᠡᠳ ᠥᠪᠡᠷ ᠢ᠋ᠶ᠋ᠡᠨ ᠲᠡᠷᠡ ᠬᠣᠷᠣᠨ ᠳ᠋ᠠᠭᠠᠨ ᠦᠬᠦᠪᠡ᠃ ᠡᠨᠡ ᠨᠠᠩᠭᠢᠶᠠᠳ ᠤ᠋ᠨ ᠬᠡᠭᠦᠷ ᠢ᠋ ᠱᠧᠩ ᠯᠦ᠍ ᠠᠭᠤᠯᠠᠨ ᠳ᠋ᠤ᠌ ᠡᠴᠢᠭᠡ ᠶ᠋ᠢᠨ ᠬᠢᠨᠢ ᠳᠡᠷᠭᠡᠳᠡ ᠨᠤᠲᠤᠭᠯᠠᠭᠤᠯ᠃ ᠪᠢ ᠠᠮᠠᠯᠠᠭᠰᠠᠨ ᠶᠤᠮ᠃ ᠪᠢ ᠠᠯᠲᠠᠨ ᠬᠠᠭᠠᠨ ᠤ᠋ ᠢᠯᠡᠭᠡᠭᠰᠡᠨ ᠬᠣᠣᠷ ᠢ᠋ ᠲᠡᠭᠦᠨ ᠦ᠌ ᠡᠯᠴᠢ ᠳ᠋ᠦ᠍ ᠤᠤᠭᠤᠯᠭᠠᠵᠤ ᠬᠥᠨᠥᠭᠡᠪᠡ᠃ ᠲᠡᠷᠡ ᠨᠠᠮᠠᠶ᠋ᠢ ᠬᠣᠣᠷᠯᠠᠨ ᠠᠯᠠᠬᠤ ᠭᠡᠵᠦ ᠡᠨᠡ ᠠᠷᠰᠢ ᠶ᠋ᠢ ᠢᠯᠡᠭᠡᠵᠡᠢ᠃ ᠣᠳᠣ ᠲᠡᠷᠡ ᠠᠶᠤᠯ ᠥᠩᠭᠡᠷᠡᠪᠡ᠃ ᠰᠡᠳᠬᠢᠯ ᠮᠢᠨᠢ ᠬᠠᠨᠪᠠ ᠭᠡᠮᠡᠨ ᠴᠢᠩᠭᠢᠰ ᠬᠠᠭᠠᠨ ᠶᠡᠬᠡᠳᠡ ᠰᠡᠳᠬᠢᠯ ᠪᠠᠬᠠᠲᠠᠢ ᠬᠡᠯᠡᠭᠰᠡᠨ ᠳ᠋ᠦ᠍ ᠥᠭᠡᠳᠡᠢ
| ᠲᠠ ᠶᠠᠭᠠᠬᠢᠵᠤ ᠮᠡᠳᠡᠪᠡ? ᠭᠡᠵᠦ ᠶᠡᠬᠡᠳᠡ ᠭᠡᠮᠰᠢᠨ ᠠᠰᠠᠭᠤᠵᠠᠢ᠃
| ᠬᠥᠪᠡᠭᠦᠨ ᠴᠢ ᠪᠤᠤ ᠰᠡᠳᠬᠢᠯ ᠢ᠋ᠶ᠋ᠡᠨ ᠵᠤᠪᠠᠭ᠎ᠠ᠃ ᠲᠠ ᠨᠠᠷ ᠡᠭᠦᠨ ᠢ᠋ ᠮᠡᠳᠡᠬᠦ ᠠᠷᠭ᠎ᠠ ᠦᠭᠡᠢ᠃ ᠬᠠᠷᠢᠨ ᠨᠠᠳᠠᠳᠤ ᠲᠡᠭᠷᠢ ᠬᠡᠯᠡᠵᠡᠢ ᠭᠡᠳ ᠴᠢᠩᠭᠢᠰ ᠬᠠᠭᠠᠨ ᠭᠠᠷ ᠰᠤᠩᠭᠠᠨ ᠲᠡᠭᠷᠢ ᠳ᠋ᠦ᠍ ᠵᠠᠯᠪᠠᠷᠢᠵᠠᠢ᠃ ᠥᠭᠡᠳᠡᠢ ᠭᠠᠢᠬᠠᠬᠤ ᠦᠯᠦ ᠢᠲᠡᠭᠡᠬᠦ ᠬᠣᠣᠰᠯᠠᠨ ᠵᠣᠭᠰᠣᠪᠠ᠃
| ᠣᠳᠣ ᠪᠢ ᠲᠡᠳᠡᠨ ᠳ᠋ᠦ᠍ ᠦᠨᠡᠨ ᠳᠦᠷᠢ ᠪᠡᠨ ᠦᠵᠡᠭᠦᠯᠰᠦᠭᠡᠢ᠃ ᠲᠦᠷᠢᠮᠡᠬᠡᠢ ᠪᠠᠯᠭᠠᠰᠤ ᠶ᠋ᠢ ᠡᠪᠳᠡᠨ ᠰᠦᠢᠳᠬᠡ᠃ ᠬᠡᠨ ᠢ᠋ ᠴᠦ᠍ ᠪᠠᠢᠭᠰᠠᠨ ᠠᠮᠢᠳᠤ ᠪᠤᠤ ᠦᠯᠡᠳᠡᠭᠡ᠃ ᠬᠡᠨ ᠨᠢ ᠮᠢᠬᠠᠴᠢᠨ ᠠᠷᠢᠶᠠᠲᠠᠨ ᠪᠣᠯᠬᠤ ᠶ᠋ᠢ ᠦᠵᠡᠰᠦᠭᠡᠢ᠃ ᠪᠤᠰᠢᠭᠤᠯᠠ᠃ ᠴᠡᠷᠢᠭ ᠢ᠋ᠶ᠋ᠡᠨ ᠬᠥᠳᠡᠯᠭᠡ ᠭᠡᠵᠦ ᠬᠠᠰᠬᠢᠷᠤᠭᠠᠳ ᠴᠢᠩᠭᠢᠰ ᠤᠬᠠᠭᠠᠨ ᠠᠯᠲᠠᠨ ᠤᠨᠠᠵᠠᠢ᠃
ᠴᠠᠪ ᠴᠡᠩᠬᠡᠷ ᠲᠡᠭᠡᠭᠰᠡᠨ ᠮᠥᠷᠲᠡᠭᠡᠨ ᠭᠠᠢᠬᠠᠯᠲᠠᠢ ᠲᠤᠩᠭᠠᠯᠠᠭ ᠮᠠᠨᠠᠨ ᠳᠤᠮᠳᠠ ᠲᠡᠮᠦᠵᠢᠨ ᠬᠠᠮᠢᠭᠠᠰᠢ ᠪᠠᠨ ᠴᠤ᠌ ᠶᠤᠮ ᠪᠣᠢ ᠳᠠᠪᠬᠢᠵᠤ ᠣᠳᠴᠠᠢ᠃ ᠪᠥᠷᠲᠡ ᠥᠯᠥᠭᠡᠢ ᠲᠡᠢ ᠨᠢᠯᠬ᠎ᠠ ᠬᠦᠦ ᠪᠡᠨ ᠲᠡᠪᠡᠷᠢᠨ ᠵᠠᠮ ᠲᠣᠰᠣᠨ ᠵᠣᠭᠰᠣᠵᠤ ᠪᠠᠢᠯ᠎ᠠ᠃ ᠡᠨᠡ ᠵᠠᠮ ᠢ᠋ᠶ᠋ᠠᠷ ᠲᠡᠮᠦᠵᠢᠨ ᠨᠥᠬᠥᠳ ᠦ᠋ᠨ ᠬᠠᠮᠲᠤ ᠡᠷᠭᠢᠨ ᠢᠷᠡᠬᠦ ᠶᠣᠰᠣᠲᠠᠢ ᠠᠵᠢ᠃ ᠨᠡᠭᠡᠷᠡᠨ ᠴᠦ᠍ ᠤᠳᠠᠯ ᠦᠭᠡᠢ ᠠᠯᠤᠰ ᠲᠤ᠌ ᠮᠣᠷᠢᠨ ᠲᠦᠪᠡᠷᠭᠡᠨ ᠰᠣᠨᠣᠰᠳᠠᠪᠠ᠃ ᠪᠥᠷᠲᠡ ᠴᠢᠮᠡᠭᠡ ᠴᠢᠩᠨᠠᠨ ᠰᠡᠳᠬᠢᠯ ᠳᠣᠭᠳᠣᠯᠤᠭᠠᠳ
| ᠬᠥᠪᠡᠭᠦᠨ ᠮᠢᠨᠢ ᠴᠢ ᠰᠣᠨᠣᠰᠴᠤ ᠪᠠᠢᠨ᠎ᠠ ᠤᠤ? ᠠᠪᠤ ᠴᠢᠨᠢ ᠴᠢᠮᠠᠶ᠋ᠢ ᠲᠥᠷᠥᠯ᠎ᠡ ᠭᠡᠵᠦ ᠮᠡᠳᠡᠭᠡᠳ ᠡᠢᠮᠦ ᠬᠤᠷᠳᠤᠨ ᠡᠷᠭᠢᠭᠡᠳ ᠢᠷᠡᠵᠡᠢ᠃ ᠴᠢ ᠬᠠᠷ᠎ᠠ ᠳᠠ ᠲᠡᠷᠡ᠃ ᠠᠪᠤ ᠴᠢᠨᠢ ᠲᠠᠢᠴᠢᠭᠤᠳ ᠤ᠋ᠨ ᠲᠠᠷᠭᠤᠲᠠᠢ ᠶ᠋ᠢ ᠳᠠᠷᠤᠭᠠᠳ ᠢᠷᠡᠵᠡᠢ᠃ ᠲᠡᠷᠡ ᠠᠴᠢᠶ᠎ᠠ ᠬᠥᠰᠬᠡ ᠮᠣᠷᠢ ᠮᠠᠯ ᠢ᠋ ᠨᠢ ᠬᠠᠷ᠎ᠠ᠃ ᠯᠠᠪᠲᠠᠢ ᠠᠪᠤ ᠴᠢᠨᠢ ᠶᠡᠬᠡ ᠣᠯᠵᠠ ᠲᠠᠢ᠂ ᠢᠷᠮᠡᠭᠦᠨ ᠪᠠᠶᠠᠷᠲᠠᠢ ᠢᠷᠡᠵᠦ ᠶᠠᠪᠤᠨ᠎ᠠ᠃ ᠴᠢ ᠶᠡᠬᠡ ᠠᠵᠠ ᠲᠠᠢ ᠬᠦᠦ ᠶᠦ᠍ᠮ ᠳᠡ᠃ ᠴᠢ ᠠᠪᠤ ᠶ᠋ᠢᠨ ᠢ᠋ᠶ᠋ᠡᠨ ᠳᠠᠢᠰᠤᠨ ᠢ᠋ᠶ᠋ᠠᠨ ᠳᠠᠷᠤᠭᠰᠠᠨ ᠡᠳᠦᠷ ᠮᠡᠨᠳᠦᠯᠡᠵᠡᠢ᠃ ᠠᠪᠤ ᠳ᠋ᠠᠭᠠᠨ ᠪᠠᠰᠠ ᠢᠯᠠᠯᠲᠠ ᠠᠪᠴᠢᠷᠠᠵᠠᠢ᠃ ᠠᠪᠤ ᠴᠢᠨᠢ ᠶᠠᠭᠠᠬᠢᠭᠰᠠᠨ ᠶᠡᠬᠡ ᠪᠠᠶᠠᠷᠯᠠᠬᠤ ᠪᠣᠯ ᠭᠡᠵᠦ ᠥᠯᠥᠭᠡᠢ ᠲᠡᠢ ᠬᠡᠦᠬᠡᠳ ᠲᠡᠢ ᠪᠡᠨ ᠶᠠᠷᠢᠵᠤ ᠵᠣᠭᠰᠣᠬᠤ ᠶ᠋ᠢ ᠲᠡᠮᠦᠵᠢᠨ ᠬᠠᠷᠠᠵᠤ ᠪᠠᠢᠪᠠ᠃ ᠲᠡᠮᠦᠵᠢᠨ ᠬᠠᠰᠠᠷ ᠤ᠋ᠨ ᠬᠠᠮᠲᠤ ᠲᠡᠭᠦᠨ ᠦ᠌ ᠳᠡᠷᠭᠡᠳᠡ ᠳᠠᠪᠬᠢᠨ ᠣᠴᠢᠪᠠ᠃
| ᠴᠢ ᠶᠠᠭᠠᠬᠢᠭᠠᠳ ᠡᠨᠳᠡ ᠭᠠᠭᠴᠠᠭᠠᠷ ᠢ᠋ᠶ᠋ᠠᠨ ᠵᠣᠭᠰᠣᠨ᠎ᠠ ᠪᠣᠢ?
| ᠪᠢ ᠴᠢᠮᠠᠶ᠋ᠢ ᠪᠤᠰᠤᠳ ᠠ᠋ᠴᠠ ᠲᠦᠷᠦᠭᠦᠯᠡᠵᠦ ᠳᠤᠰᠤᠶᠠ ᠭᠡᠵᠦ ᠰᠠᠨᠠᠭᠠᠳ᠂
| ᠶᠠᠭᠠᠬᠢᠭᠰᠠᠨ ᠪᠣᠯᠭᠣᠮᠵᠢ ᠦᠭᠡᠢ ᠶᠦᠮ ᠪᠣᠢ? ᠲᠠᠢᠴᠢᠭᠤᠳ ᠪᠢᠳᠡᠨ ᠦ᠌ ᠠᠷᠤ ᠪᠠᠷ ᠶᠠᠪᠤᠵᠤ ᠪᠠᠢᠪᠠᠯ ᠶᠠᠭᠠᠬᠢᠨ᠎ᠠ᠃ ᠡᠭᠦᠨ ᠡᠴᠡ ᠬᠣᠢᠰᠢ ᠪᠤᠤ ᠢᠩᠭᠢᠵᠦ ᠬᠦᠷᠢᠶᠡᠨ ᠡᠴᠡ ᠬᠣᠯᠠ ᠶᠠᠪᠤ ᠭᠡᠵᠦ ᠬᠠᠰᠠᠷ ᠲᠦᠷᠦᠭᠦᠯᠡᠨ ᠬᠠᠰᠬᠢᠷᠴᠠᠢ᠃
| ᠲᠡᠮᠦᠵᠢᠨ ᠴᠢ ᠬᠠᠷ᠎ᠠ ᠳᠠ᠃ ᠴᠢ ᠳᠠᠬᠢᠭᠠᠳ ᠬᠦᠦ ᠲᠡᠢ ᠪᠣᠯᠤᠯ᠎ᠠ᠃
| ᠬᠦᠦ ᠤᠤ ᠭᠡᠵᠦ ᠲᠡᠮᠦᠵᠢᠨ ᠪᠠᠶᠠᠷᠲᠠᠢ ᠬᠡᠯᠡᠭᠡᠳ ᠦᠨᠦᠰᠪᠡ᠃
| ᠨᠠᠳᠠᠳᠤ ᠪᠠᠭᠠᠲᠤᠷ ᠡᠷ᠎ᠡ ᠬᠡᠷᠡᠭᠲᠡᠢ᠃ ᠮᠢᠨᠦ ᠬᠦᠰᠡᠯ ᠯᠠᠪ ᠪᠡᠶᠡᠯᠡᠨ᠎ᠡ᠃
| ᠲᠡᠮᠦᠵᠢᠨ ᠬᠦᠦ ᠳ᠋ᠡᠭᠡᠨ ᠨᠡᠷ᠎ᠡ ᠥᠭᠭᠦᠭᠡᠴᠢ᠃
| ᠠᠪᠤ ᠨᠢ ᠴᠢᠮᠠᠶ᠋ᠢ ᠥᠭᠡᠳᠡᠢ ᠭᠡᠵᠦ ᠨᠡᠷᠡᠯᠡᠶ᠎ᠡ᠃ ᠥᠭᠡᠳᠡᠢ᠂ ᠥᠭᠡᠳᠡᠢ ᠭᠡᠵᠦ ᠬᠥᠪᠡᠭᠦᠨ ᠦ᠌ ᠪᠡᠨ ᠴᠢᠬᠢᠨ ᠳ᠋ᠦ᠍ ᠬᠠᠰᠬᠢᠷᠤᠨ᠎ᠠ᠃
| ᠲᠡᠮᠦᠵᠢᠨ ᠪᠢ ᠴᠢᠮᠠᠶ᠋ᠢ ᠦᠬᠦᠪᠡ ᠭᠡᠵᠦ ᠵᠡᠭᠦᠳᠦᠯᠡᠯ᠎ᠡ᠃ ᠡᠭᠦᠨ ᠡᠴᠡ ᠬᠣᠢᠰᠢ ᠭᠡᠷ ᠲᠡᠭᠡᠨ ᠰᠠᠭᠤ᠃ ᠪᠢ ᠴᠢᠮᠠᠶ᠋ᠢ ᠭᠤᠶᠤᠶ᠎ᠠ ᠭᠡᠵᠦ ᠪᠥᠷᠲᠡ ᠤᠬᠢᠯᠠᠭᠰᠠᠨ ᠳ᠋ᠤ᠌
| ᠲᠡᠭᠡᠪᠡᠯ ᠪᠢ ᠮᠥᠩᠬᠡᠷᠡᠬᠦ ᠨᠢ ᠯᠡ ᠭᠡᠵᠦ ᠬᠥᠬᠥᠷᠡᠵᠦ ᠪᠠᠢᠪᠠ᠃ ᠡᠨᠡ ᠦᠶ᠎ᠡ ᠳ᠋ᠦ᠍ ᠪᠤᠭᠤᠷᠴᠢ᠂ ᠵᠡᠯᠮ᠎ᠡ ᠨᠠᠷ ᠢᠷᠡᠪᠡ᠃
| ᠬᠠᠷᠠᠵᠠᠭ᠎ᠠ ᠲᠠ ᠨᠠᠷ ᠡᠨᠡ ᠲᠡᠮᠦᠵᠢᠨ ᠠᠬ᠎ᠠ ᠶ᠋ᠢᠨ ᠬᠥᠪᠡᠭᠦᠨ ᠥᠭᠡᠳᠡᠢ᠃ ᠪᠢᠳᠡ ᠲᠠᠢᠴᠢᠭᠤᠳ ᠲᠠᠢ ᠲᠤᠯᠤᠯᠳᠤᠵᠤ ᠪᠠᠢᠭ᠎ᠠ ᠵᠠᠭᠤᠷ᠎ᠠ ᠬᠥᠪᠡᠭᠦᠨ ᠮᠡᠨᠳᠦᠯᠡᠵᠡᠢ᠃ ᠲᠡᠮᠦᠵᠢᠨ ᠠᠬ᠎ᠠ ᠭᠤᠷᠪᠠᠨ ᠬᠥᠪᠡᠭᠦᠨ ᠲᠡᠢ ᠪᠣᠯᠪᠠ᠃ ᠥᠭᠡᠳᠡᠢ᠂ ᠥᠭᠡᠳᠡᠢ᠂ ᠥᠭᠡᠳᠡᠢ ᠭᠡᠵᠦ ᠬᠠᠰᠠᠷ ᠬᠠᠰᠬᠢᠷᠤᠭᠰᠠᠭᠠᠷ ᠪᠠᠢᠲᠠᠯ᠎ᠠ ᠥᠨᠥᠬᠢ ᠴᠡᠩᠬᠡᠷ ᠮᠠᠨᠠᠨ ᠬᠡᠢᠰᠦᠨ ᠣᠲᠣᠭᠠᠳ ᠣᠷᠣᠨ ᠳ᠋ᠤᠨᠢ ᠭᠡᠷ ᠦ᠋ᠨ ᠣᠨᠢ ᠲᠣᠭᠣᠨᠣ ᠲᠣᠳᠣᠷᠠᠵᠠᠢ᠃ 《ᠬᠠᠰᠠᠷ ᠴᠢ ᠶᠠᠭᠤᠨ ᠳ᠋ᠤ᠌ ᠢᠩᠭᠢᠵᠦ ᠲᠦᠷᠦᠭᠦᠯᠡᠨ ᠳᠤᠤᠭᠠᠷᠴᠤ ᠲᠦᠷᠢᠮᠡᠬᠡᠢ ᠵᠠᠩᠨᠠᠨ᠎ᠠ ᠪᠣᠢ? ᠥᠭᠡᠳᠡᠢ ᠴᠢᠨᠢ ᠮᠢᠨᠦ ᠬᠥᠪᠡᠭᠦᠨ ᠪᠢᠰᠢ ᠤᠤ》 ᠭᠡᠵᠦ ᠪᠣᠳᠣᠭᠠᠳ ᠴᠢᠩᠭᠢᠰ ᠬᠠᠭᠠᠨ ᠰᠡᠷᠭᠦᠵᠡᠢ᠃ ᠭᠠᠵᠠᠷ ᠳᠣᠷᠭᠢᠨ ᠬᠥᠳᠡᠯᠵᠦ ᠪᠠᠢᠬᠤ ᠨᠢ ᠭᠡᠷ ᠲᠡᠷᠭᠡ ᠶᠠᠪᠤᠵᠤ ᠪᠣᠢ ᠶ᠋ᠢ ᠭᠡᠷᠡᠴᠢᠯᠡᠨ᠎ᠡ᠃ ᠤᠬᠠᠭᠠᠨ ᠠᠯᠳᠠᠭᠠᠳ ᠰᠡᠷᠭᠦᠵᠦ ᠪᠣᠢ ᠪᠠᠨ ᠴᠢᠩᠭᠢᠰ ᠬᠠᠭᠠᠨ ᠮᠡᠳᠡᠪᠡ᠃ ᠪᠠᠰᠠ ᠬᠣᠢᠲᠤ ᠨᠠᠰᠤᠨ ᠳ᠋ᠠᠭᠠᠨ ᠲᠦᠷ ᠣᠴᠢᠭᠠᠳ ᠡᠷᠭᠢᠵᠦ ᠢᠷᠡᠭᠰᠡᠨ ᠢ᠋ᠶ᠋ᠡᠨ ᠭᠠᠳᠠᠷᠯᠠᠪᠠ᠃ ᠲᠡᠨᠳᠡ ᠬᠠᠰᠠᠷ ᠲᠡᠭᠦᠨ ᠢ᠋ ᠬᠦᠯᠢᠶᠡᠵᠦ ᠪᠠᠢᠭ᠎ᠠ ᠶ᠋ᠢ ᠰᠠᠶᠢ ᠬᠠᠷᠠᠵᠠᠢ᠃ ᠣᠳᠣ ᠦᠬᠦᠯ ᠶᠠᠭ ᠲᠣᠭᠣᠨᠣ ᠶ᠋ᠢᠨ ᠢᠷᠮᠡᠭ ᠳᠡᠭᠡᠷ᠎ᠡ ᠰᠠᠭᠤᠭᠠᠳ ᠳᠠᠯᠪᠢᠯᠵᠠᠨ ᠬᠥᠳᠡᠯᠵᠦ᠂ ᠪᠠᠰᠠ ᠶᠡᠬᠡ ᠳᠣᠭᠣᠭᠢ ᠲᠠᠢ ᠪᠠᠷ ᠢᠨᠢᠶᠡᠵᠦ ᠪᠠᠢᠭ᠎ᠠ ᠨᠢ ᠲᠣᠪ ᠲᠣᠳᠣ ᠲᠠᠨᠢᠭᠳᠠᠵᠤ ᠪᠠᠢᠪᠠ᠃ ᠬᠠᠰᠠᠷ ᠳᠡᠭᠦᠦ ᠨᠢ ᠪᠣᠯᠤᠭᠠᠳ ᠪᠥᠷᠲᠡ ᠵᠡᠭᠦᠳᠦᠨ ᠳ᠋ᠦ᠍ ᠣᠷᠣᠭᠰᠠᠨ ᠨᠢ ᠦᠬᠦᠯ ᠦ᠋ᠨ ᠡᠴᠦᠰ ᠦ᠋ᠨ ᠳᠣᠬᠢᠶ᠎ᠠ ᠪᠣᠯᠬᠤ ᠶ᠋ᠢ ᠴᠢᠩᠭᠢᠰ ᠬᠠᠭᠠᠨ ᠣᠢᠯᠠᠭᠠᠪᠠ᠃ ᠴᠢᠩᠭᠢᠰ ᠬᠠᠭᠠᠨ ᠨᠠᠰᠤᠨ ᠡᠴᠦᠰᠯᠡᠵᠦ ᠪᠠᠢᠭ᠎ᠠ ᠶ᠋ᠢ ᠪᠥᠷᠲᠡ ᠵᠦᠩ ᠢ᠋ᠶ᠋ᠡᠷ ᠢ᠋ᠶ᠋ᠡᠨ ᠮᠡᠳᠡᠭᠡᠳ ᠶᠠᠭ ᠡᠨᠡ ᠮᠥᠴᠡ ᠳ᠋ᠦ᠍ ᠤᠬᠠᠭᠠᠨ ᠪᠠᠯᠠᠷᠳᠠᠨ ᠤᠨᠠᠭᠰᠠᠨ ᠳ᠋ᠤ᠌ ᠲᠤᠤᠯᠠ ᠶ᠋ᠢᠨ ᠬᠥᠨᠳᠡᠢ ᠶ᠋ᠢᠨ ᠬᠦᠷᠢᠶ᠎ᠡ ᠳᠠᠶᠠᠭᠠᠷ ᠢ᠋ᠶ᠋ᠠᠨ ᠲᠡᠭᠦᠨ ᠢ᠋ ᠰᠡᠬᠡᠭᠡᠬᠦ ᠭᠡᠵᠦ ᠰᠠᠨᠳᠤᠷᠴᠤ ᠪᠠᠢᠵᠠᠭᠠᠵᠠᠢ᠃ ᠦᠬᠦᠯ ᠦ᠋ᠨ ᠳᠣᠬᠢᠶ᠎ᠠ ᠪᠥᠷᠲᠡ ᠳ᠋ᠦ᠍ ᠠᠳᠠᠯᠢᠬᠠᠨ ᠦᠵᠡᠭᠳᠡᠵᠡᠢ᠃ ᠪᠥᠷᠲᠡ ᠶ᠋ᠢᠨ ᠶᠠᠭᠠᠬᠢᠵᠤ ᠲᠠᠷᠴᠢᠯᠠᠵᠤ ᠪᠠᠢᠭ᠎ᠠ ᠶ᠋ᠢ ᠴᠢᠩᠭᠢᠰ ᠬᠠᠭᠠᠨ ᠮᠡᠳᠡᠷᠡᠵᠦ ᠪᠠᠢᠪᠠ᠃ ᠲᠡᠭᠦᠨ ᠢ᠋ ᠦᠬᠦᠬᠦ ᠳ᠋ᠦ᠍ ᠬᠠᠮᠤᠭ ᠤ᠋ᠨ ᠶᠡᠬᠡ ᠪᠡᠷ ᠭᠠᠰᠢᠭᠤᠳᠠᠨ ᠰᠢᠨᠠᠯᠬᠤ ᠭᠠᠭᠴᠠ ᠬᠥᠮᠦᠨ ᠪᠣᠯ ᠪᠥᠷᠲᠡ ᠶᠦᠮ᠃ ᠦᠬᠦᠯ ᠠᠯᠭᠤᠷ ᠬᠣᠯᠠᠳᠬᠤ ᠳ᠋ᠤ᠌ ᠥᠭᠡᠳᠡᠢ ᠳᠡᠷᠭᠡᠳᠡ ᠨᠢ ᠭᠠᠭᠴᠠᠭᠠᠷ ᠰᠠᠭᠤᠵᠤ ᠪᠠᠢᠬᠤ ᠶ᠋ᠢ ᠬᠠᠷᠠᠵᠠᠢ᠃ ᠠᠮᠵᠢᠬᠤ ᠬᠡᠷᠡᠭᠲᠡᠢ ᠭᠡᠵᠦ ᠴᠢᠩᠭᠢᠰ ᠬᠠᠭᠠᠨ ᠰᠢᠨᠠᠯᠤᠨ ᠪᠣᠳᠣᠪᠠ᠃
| ᠥᠭᠡᠳᠡᠢ᠃ ᠪᠢ ᠴᠢᠮᠠᠶ᠋ᠢ ᠳᠠᠭᠤᠳᠠᠪᠠ᠃ ᠪᠢ ᠰᠠᠶᠢ ᠴᠢᠮᠠᠶ᠋ᠢ᠂ ᠪᠠᠰᠠ ᠡᠵᠢ ᠶ᠋ᠢ ᠴᠢᠨᠢ ᠵᠡᠭᠦᠳᠦᠯᠡᠪᠡ᠃ ᠪᠢ ᠪᠥᠷᠲᠡ ᠬᠠᠲᠤᠨ ᠡᠬᠡ ᠶ᠋ᠢ ᠴᠢᠨᠢ ᠰᠠᠨᠠᠪᠠ᠃ ᠦᠬᠦᠯ ᠣᠳᠣ ᠨᠠᠮᠠᠶ᠋ᠢ ᠨᠡᠬᠡᠨ ᠡᠨᠳᠡ ᠢᠷᠡᠵᠡᠢ᠃ ᠲᠡᠷᠡ ᠮᠢᠨᠦ ᠰᠦᠨᠡᠰᠦ ᠶ᠋ᠢ ᠠᠪᠴᠤ ᠶᠠᠪᠤᠬᠤ ᠪᠠᠷ ᠬᠦᠯᠢᠶᠡᠵᠦ ᠶᠠᠳᠠᠨ ᠪᠠᠢᠨ᠎ᠠ᠃ ᠬᠥᠪᠡᠭᠦᠨ ᠴᠢ ᠰᠠᠢᠨ ᠰᠣᠨᠣᠰ᠃ ᠬᠥᠪᠡᠭᠦᠨ ᠮᠢᠨᠢ ᠨᠠᠳᠠ ᠠ᠋ᠴᠠ ᠬᠣᠢᠰᠢ ᠡᠬᠡ ᠶ᠋ᠢ ᠪᠡᠨ ᠰᠠᠢᠲᠤᠷ ᠠᠰᠠᠷᠠ᠃ ᠪᠢ ᠶᠡᠬᠡ ᠬᠠᠭᠠᠨ ᠰᠠᠭᠤᠭᠰᠠᠨ ᠴᠤ᠌ ᠡᠬᠡ ᠶ᠋ᠢ ᠴᠢᠨᠢ ᠶᠡᠷᠦ ᠵᠢᠷᠭᠠᠭᠠᠭᠰᠠᠨ ᠦᠭᠡᠢ᠃ ᠪᠦᠲᠦᠨ ᠪᠡᠶ᠎ᠡ ᠶ᠋ᠢ ᠨᠢ ᠳᠥᠷᠪᠡ ᠬᠤᠪᠢᠶᠠᠵᠤ ᠵᠣᠪᠠᠭᠠᠪᠠ᠃ ᠲᠡᠢᠮᠦ ᠪᠤᠰᠤ ᠤᠤ? ᠪᠢ ᠡᠬᠡ ᠲᠡᠢ ᠴᠢᠨᠢ ᠠᠭᠤᠯᠵᠠᠵᠤ ᠴᠢᠳᠠᠬᠤ ᠦᠭᠡᠢ ᠲᠤᠯᠠ ᠮᠢᠨᠦ ᠢᠩᠭᠢᠵᠦ ᠬᠡᠯᠡᠭᠰᠡᠨ ᠢ᠋ ᠡᠬᠡ ᠳ᠋ᠡᠭᠡᠨ ᠳᠠᠮᠵᠢᠭᠤᠯᠤᠭᠠᠷᠠᠢ᠃ ᠠᠷᠪᠠᠨ ᠨᠠᠰᠤᠲᠠᠢ ᠪᠥᠷᠲᠡ ᠥᠬᠢᠨ ᠢ᠋ ᠪᠢ ᠣᠳᠣ ᠲᠣᠳᠣ ᠬᠠᠷᠠᠵᠤ ᠪᠠᠢᠨ᠎ᠠ᠃ ᠲᠡᠷᠡ ᠨᠠᠮᠠᠶ᠋ᠢ ᠯᠠᠪ ᠥᠷᠥᠰᠢᠶᠡᠬᠦ ᠪᠢᠵᠡ᠃
| ᠬᠠᠭᠠᠨ ᠠᠪᠤ ᠲᠠ ᠰᠠᠨᠠᠭ᠎ᠠ ᠪᠤᠤ ᠵᠣᠪᠠ᠃ ᠲᠠ ᠨᠤᠲᠤᠭ ᠲᠠᠭᠠᠨ ᠣᠴᠢᠨ᠎ᠠ᠃ ᠡᠵᠢ ᠲᠠᠨ ᠢ᠋ ᠲᠣᠰᠴᠤ ᠠᠪᠤᠨ᠎ᠠ ᠭᠡᠬᠦ ᠳ᠋ᠡᠭᠡᠨ ᠥᠭᠡᠳᠡᠢ ᠶ᠋ᠢᠨ ᠨᠢᠳᠦᠨ ᠡᠴᠡ ᠨᠢᠯᠪᠤᠰᠤ ᠠᠰᠬᠠᠷᠠᠭᠰᠠᠭᠠᠷ ᠠᠵᠢ᠃
| ᠲᠡᠢᠮᠦ ᠪᠣᠯ ᠰᠠᠢᠨ ᠰᠠᠨ᠃ ᠪᠢ ᠡᠵᠢ ᠶ᠋ᠢᠨ ᠴᠢᠨᠢ ᠡᠪᠦᠳᠦᠭ ᠢ᠋ ᠳᠡᠷᠡᠯᠡᠵᠦ ᠬᠡᠪᠲᠡᠭᠡᠳ ᠦᠰᠦ ᠪᠡᠨ ᠰᠠᠮᠨᠠᠭᠤᠯᠬᠤ ᠳᠤᠷᠠᠲᠠᠢ ᠶᠤᠮ ᠃ ᠢᠩᠭᠢᠵᠦ ᠦᠰᠦ ᠪᠡᠨ ᠰᠠᠮᠨᠠᠭᠤᠯᠵᠤ ᠬᠡᠪᠲᠡᠭᠰᠡᠨ ᠦᠭᠡᠢ ᠬᠡᠴᠢᠨᠡᠨ ᠤᠳᠠᠪᠠ᠃ ᠪᠢ ᠡᠵᠢ ᠳ᠋ᠦ᠍ ᠴᠢᠨᠢ ᠵᠠᠯᠠᠭᠤ ᠦᠶ᠎ᠡ ᠳ᠋ᠡᠭᠡᠨ ᠨᠢᠭᠡ ᠲᠠᠩᠭᠠᠷᠢᠭ ᠲᠠᠯᠪᠢᠭᠰᠠᠨ ᠶᠤᠮ᠃ ᠲᠡᠷᠡ ᠲᠠᠩᠭᠠᠷᠢᠭ ᠢ᠋ᠶ᠋ᠠᠨ ᠨᠢᠴᠤᠭᠰᠠᠨ ᠲᠤᠯᠠ ᠪᠢ ᠶᠡᠬᠡ ᠨᠢᠭᠦᠯ ᠲᠡᠢ ᠬᠥᠮᠦᠨ ᠰᠢᠦ᠃ ᠬᠦᠦ ᠴᠢ ᠮᠡᠳᠡᠵᠦ ᠠᠪ᠃
| ᠲᠠ ᠶᠠᠭᠤ ᠶᠠᠷᠢᠨ᠎ᠠ᠁
| ᠪᠢ ᠪᠥᠷᠲᠡ ᠳ᠋ᠦ᠍ ᠪᠣᠭᠣᠯ ᠤ᠋ᠨ ᠢ᠋ᠶ᠋ᠠᠨ ᠥᠬᠢᠨ ᠲᠡᠢ ᠰᠠᠮᠠᠭᠤᠷᠠᠬᠤ ᠦᠭᠡᠢ ᠭᠡᠵᠦ ᠲᠠᠩᠭᠠᠷᠢᠭᠯᠠᠭᠰᠠᠨ ᠶᠤᠮ᠃ ᠲᠡᠷᠡ ᠲᠠᠩᠭᠠᠷᠢᠭ ᠢ᠋ᠶ᠋ᠠᠨ ᠪᠢ ᠡᠪᠳᠡᠭᠰᠡᠨ᠃ ᠭᠡᠪᠡᠴᠦ ᠲᠡᠷᠡ ᠬᠡᠦᠬᠡᠨ ᠦᠬᠦᠭᠰᠡᠨ᠃ ᠪᠥᠷᠲᠡ ᠡᠵᠢ ᠴᠢᠨᠢ ᠶᠠᠮᠠᠷ ᠶᠡᠬᠡ ᠲᠡᠪᠴᠢᠶᠡᠷᠢ ᠲᠡᠢ᠂ ᠤᠬᠠᠭᠠᠨ ᠲᠠᠢ ᠶ᠋ᠢ ᠴᠢ ᠮᠡᠳᠡᠬᠦ ᠦᠭᠡᠢ᠃ ᠡᠵᠢ ᠴᠢᠨᠢ ᠮᠢᠨᠦ ᠪᠡᠶ᠎ᠡ ᠰᠡᠳᠬᠢᠯ ᠦ᠋ᠨ ᠲᠠᠯ᠎ᠠ ᠨᠢ ᠶᠦᠮ᠃ ᠪᠥᠷᠲᠡ ᠡᠨᠳᠡ ᠪᠠᠢᠪᠠᠯ ᠪᠢ ᠯᠠᠪ ᠢᠩᠭᠢᠵᠦ ᠬᠡᠪᠲᠡᠬᠦ ᠦᠭᠡᠢ᠃ ᠬᠥᠮᠦᠨ ᠳ᠋ᠦ᠍ ᠠᠪᠠᠯᠢ ᠡᠬᠡᠨᠡᠷ ᠰᠢᠭ ᠬᠥᠮᠦᠨ ᠬᠠᠮᠢᠭ᠎ᠠ ᠣᠯᠳᠠᠨ᠎ᠠ᠃ ᠶᠠᠳᠠᠷᠠᠭᠰᠠᠨ ᠴᠤ᠌᠂ ᠵᠠᠳᠠᠷᠠᠭᠰᠠᠨ ᠴᠤ᠌ ᠦᠷ᠎ᠡ ᠶ᠋ᠢᠨ ᠮᠢᠨᠢ ᠡᠬᠡ ᠯᠡ ᠳᠡᠷᠭᠡᠳᠡ ᠪᠠᠢᠵᠤ ᠪᠠᠶᠠᠷ ᠭᠤᠨᠢᠭ ᠢ᠋ ᠴᠣᠭ ᠬᠤᠪᠢᠶᠠᠯᠴᠠᠨ᠎ᠠ᠃ ᠲᠡᠢᠮᠦ ᠶ᠋ᠢᠨ ᠲᠤᠯᠠ ᠪᠢ ᠪᠥᠷᠲᠡ ᠶ᠋ᠢ ᠶᠠᠭᠠᠬᠢᠵᠤ ᠮᠠᠷᠲᠠᠨ᠎ᠠ᠃ ᠬᠥᠪᠡᠭᠦᠨ ᠴᠢ ᠲᠤᠯᠤᠢ ᠳᠡᠭᠦᠦ ᠪᠡᠷ ᠢ᠋ᠶ᠋ᠡᠨ ᠡᠵᠢ ᠶ᠋ᠢ ᠪᠡᠨ ᠠᠰᠠᠷᠠᠭᠤᠯ᠃ ᠤᠳᠬᠤᠨ ᠬᠥᠪᠡᠭᠦᠨ ᠭᠣᠯᠣᠮᠲᠠ ᠪᠠᠨ ᠰᠠᠬᠢᠭ᠃ ᠲᠡᠷᠡ ᠭᠣᠯᠣᠮᠲᠠ ᠶ᠋ᠢ ᠡᠬᠡ ᠴᠢᠨᠢ ᠨᠢᠭᠡ ᠨᠠᠰᠤ ᠪᠠᠷ ᠢ᠋ᠶ᠋ᠠᠨ ᠮᠠᠨᠠᠵᠤ ᠰᠠᠭᠤᠪᠠ᠃ ᠣᠳᠣ ᠪᠤᠤ ᠣᠰᠣᠯᠳᠠ᠃ ᠪᠤᠤ ᠴᠠᠯᠠᠭᠠᠷᠳᠠ᠃ ᠵᠥᠪ ᠲᠦ᠍ ᠵᠥᠭᠡᠯᠡᠨ᠂ ᠪᠤᠷᠤᠭᠤ ᠳ᠋ᠤ᠌ ᠬᠠᠲᠠᠭᠤ ᠪᠠᠢ᠃ ᠴᠡᠷᠢᠭ ᠢ᠋ᠶ᠋ᠡᠨ ᠠᠰᠠᠷᠠ᠃ ᠴᠡᠷᠢᠭ ᠢ᠋ ᠡᠰᠡ ᠠᠰᠠᠷᠠᠪᠠᠯ ᠴᠢ ᠶᠠᠭᠠᠬᠢᠵᠤ ᠵᠠᠩᠵᠤᠨ ᠪᠣᠯᠤᠨ᠎ᠠ᠃ ᠤᠬᠠᠭᠠᠨᠲᠠᠨ ᠢ᠋ ᠳᠥᠰᠢ᠂ ᠤᠷᠤᠭᠤᠳᠠᠭᠰᠠᠨ ᠢ᠋ ᠡᠷᠭᠢᠭᠦᠯ᠃ ᠠᠷᠠᠳ ᠣᠯᠠᠨ ᠢᠳᠡᠬᠦ ᠬᠣᠭᠣᠯᠠ ᠲᠠᠢ᠂ ᠡᠯᠪᠡᠭ ᠪᠠᠶᠠᠨ ᠪᠣᠯ ᠴᠢᠨᠦ ᠤᠯᠤᠰ ᠪᠠᠲᠤ ᠪᠡᠬᠢ ᠪᠠᠢᠬᠤ ᠪᠣᠯᠤᠨ᠎ᠠ᠃ ᠴᠠᠭᠠᠲᠠᠢ ᠠᠬ᠎ᠠ ᠴᠢᠨᠢ ᠲᠦᠷᠭᠡᠨ ᠵᠠᠩ ᠲᠠᠢ᠂ ᠲᠦᠷᠢᠮᠡᠬᠡᠢ ᠠᠭᠠᠰᠢ ᠲᠠᠢ ᠴᠤ᠌ ᠪᠠᠭᠤᠯᠲᠠ ᠨᠢ ᠵᠥᠭᠡᠯᠡᠨ᠃ ᠲᠡᠭᠦᠨ ᠢ᠋ ᠠᠶ᠎ᠠ ᠪᠠᠷ ᠨᠢ ᠪᠠᠢᠯᠭ᠎ᠠ᠃ ᠲᠤᠯᠤᠢ ᠯᠠᠪ ᠴᠢᠨᠦ ᠦᠭᠡᠨ ᠡᠴᠡ ᠦᠯᠦ ᠵᠥᠷᠢᠨ᠎ᠡ᠃ ᠪᠠᠲᠤ ᠶ᠋ᠢ ᠴᠢ ᠵᠥᠴᠢ ᠠᠬ᠎ᠠ ᠶ᠋ᠢ ᠪᠡᠨ ᠠᠳᠠᠯᠢ ᠬᠦᠨᠳᠦᠳᠬᠡᠵᠦ ᠥᠪᠡᠷ ᠦ᠋ᠨ ᠬᠦᠦ ᠭᠦᠶᠦᠭ ᠦ᠋ᠨ ᠠᠳᠠᠯᠢ ᠵᠠᠬᠢᠷᠴᠤ ᠶᠠᠪᠤ᠃ ᠪᠠᠲᠤ ᠶ᠋ᠢᠨ ᠰᠡᠳᠬᠢᠯ ᠲᠣᠭᠲᠠᠪᠤᠷᠢ ᠦᠭᠡᠢ ᠪᠣᠯᠵᠤ ᠮᠡᠳᠡᠨ᠎ᠡ᠃ ᠰᠥᠪᠡᠭᠡᠳᠡᠢ ᠶ᠋ᠢ ᠪᠠᠲᠤ ᠶ᠋ᠢᠨ ᠳᠡᠷᠭᠡᠳᠡ ᠡᠴᠡ ᠪᠤᠤ ᠬᠣᠯᠠᠳᠠᠭᠤᠯ᠃ ᠪᠤᠭᠤᠷᠴᠢ ᠶ᠋ᠢ ᠠᠯᠢᠪᠠ ᠳ᠋ᠤ᠌ ᠪᠤᠤ ᠠᠯᠪᠠᠳᠠ᠃ ᠲᠡᠷᠡ ᠦᠬᠦᠲᠡᠯ᠎ᠡ ᠪᠡᠨ ᠶᠠᠭᠤ ᠬᠦᠰᠡᠭᠰᠡᠨ ᠢ᠋ᠶ᠋ᠡᠨ ᠬᠢᠵᠦ ᠶᠠᠪᠤᠭ᠃ ᠵᠠᠯᠠᠭᠤ ᠬᠠᠯᠠᠭᠤᠨ ᠨᠠᠰᠤᠨ ᠤ᠋ ᠢᠲᠡᠭᠡᠯᠲᠦ ᠣᠯᠠᠨ ᠨᠥᠬᠥᠳ ᠡᠴᠡ ᠮᠢᠨᠢ ᠣᠳᠣ ᠲᠡᠷᠡ ᠯᠠ ᠭᠠᠭᠴᠠᠭᠠᠷ ᠦᠯᠡᠳᠡᠪᠡ᠃ ᠪᠢ ᠲᠡᠭᠦᠨ ᠦ᠌ ᠬᠠᠮᠤᠭ ᠠᠵᠠ ᠵᠢᠷᠭᠠᠯ᠂ ᠬᠠᠢᠷᠠᠨ ᠰᠠᠢᠬᠠᠨ ᠵᠠᠯᠠᠭᠤ ᠨᠠᠰᠤ ᠶ᠋ᠢ ᠪᠤᠯᠢᠶᠠᠨ ᠠᠪᠴᠠᠢ᠃ ᠲᠡᠷᠡ ᠡᠢᠮᠦ ᠦᠢᠯᠡ ᠲᠡᠢ ᠪᠠᠢᠵᠤ᠂ ᠪᠤᠭᠤᠷᠴᠢ ᠶ᠋ᠢ ᠡᠴᠢᠭᠡ ᠶ᠋ᠢᠨ ᠠᠳᠠᠯᠢ ᠠᠰᠠᠷᠠ᠃ ᠴᠢ ᠬᠡᠷᠡᠭᠡ ᠶ᠋ᠢ ᠪᠠᠰᠠ ᠰᠠᠢᠨ ᠠᠰᠠᠷᠠ᠃ ᠬᠡᠷᠡᠭᠡ ᠪᠣᠯ ᠪᠤᠭᠤᠷᠴᠢ ᠳ᠋ᠤ᠌ ᠲᠩᠷᠢ ᠡᠴᠡ ᠵᠠᠶᠠᠭᠠᠭᠰᠠᠨ ᠭᠠᠭᠴᠠ ᠦᠷ᠎ᠡ ᠨᠢ ᠶᠦᠮ ᠰᠢᠦ᠃ ᠲᠡᠭᠦᠨ ᠢ᠋ ᠪᠤᠤ ᠦᠬᠦᠭᠦᠯ᠃ ᠴᠢ ᠥᠪᠡᠷ ᠦ᠋ᠨ ᠥᠬᠢᠳ ᠡᠴᠡ ᠨᠠᠰᠤ ᠪᠡᠶ᠎ᠡ ᠭᠦᠢᠴᠡᠮᠡᠭᠴᠡ ᠬᠡᠷᠡᠭᠡ ᠳ᠋ᠦ᠍ ᠥᠭ᠃ ᠪᠤᠭᠤᠷᠴᠢ ᠯᠠᠪ ᠪᠠᠶᠠᠷᠯᠠᠨ᠎ᠠ᠃ ᠪᠡᠯᠭᠦᠳᠡᠢ ᠠᠪᠠᠭ᠎ᠠ ᠶ᠋ᠢᠨ ᠢ᠋ᠶ᠋ᠡᠨ ᠦᠷ᠎ᠡ ᠤᠳᠤᠮ ᠢ᠋ ᠰᠠᠢᠲᠤᠷ ᠠᠰᠠᠷᠠ᠃ ᠪᠡᠯᠭᠦᠳᠡᠢ ᠨᠠᠳᠠᠳᠤ ᠡᠷᠭᠦᠭᠰᠡᠨ ᠲᠠᠩᠭᠠᠷᠢᠭ ᠢ᠋ᠶ᠋ᠠᠨ ᠡᠪᠳᠡᠯ ᠥᠬᠡᠢ ᠦᠬᠦᠲᠡᠯ᠎ᠡ ᠪᠡᠨ ᠦᠨᠡᠨᠴᠢ ᠵᠢᠳᠬᠦᠭᠰᠡᠨ ᠢ᠋ ᠪᠤᠤ ᠤᠮᠠᠷᠲᠠ᠃ ᠬᠠᠰᠠᠷ ᠠᠪᠠᠭ᠎ᠠ ᠶ᠋ᠢᠨ ᠴᠢᠨᠢ ᠦᠷ᠎ᠡ ᠰᠡᠳᠦ ᠥᠷᠢᠰᠦᠯᠳᠦᠨ ᠲᠡᠮᠡᠴᠡᠯᠳᠦᠵᠦ ᠮᠠᠭᠠᠳ᠃ ᠲᠡᠳᠡᠨ ᠢ᠋ ᠬᠥᠯᠥᠨ ᠪᠤᠢᠷ ᠤ᠋ᠨ ᠲᠠᠯ᠎ᠠ ᠠ᠋ᠴᠠ ᠪᠤᠤ ᠨᠠᠭᠠᠰᠢ ᠥᠩᠭᠡᠷᠡᠭᠡ᠃ ᠲᠡᠨᠳᠡ ᠨᠢ ᠰᠠᠭᠤᠯᠭᠠᠭᠲᠤᠨ᠃
| ᠵᠠ ᠲᠠᠨ ᠤ᠋ ᠬᠡᠯᠡᠭᠰᠡᠨ ᠢ᠋ᠶ᠋ᠡᠷ ᠪᠢ ᠪᠦᠭᠦᠳᠡ ᠶ᠋ᠢ ᠬᠢᠶ᠎ᠡ᠁
| ᠴᠢ ᠥᠨᠥᠳᠥᠷ ᠡᠴᠡ ᠬᠠᠭᠠᠨ ᠮᠡᠲᠦ ᠶᠠᠪᠤᠭᠲᠤᠨ᠃ ᠬᠥᠮᠦᠨ ᠦ᠌ ᠲᠤᠰᠠ ᠶ᠋ᠢ ᠪᠠᠭ᠎ᠠ ᠭᠡᠯ ᠦᠭᠡᠢ ᠠᠮᠢ ᠲᠠᠯᠪᠢᠵᠤ ᠬᠠᠷᠢᠭᠤᠯ᠃ ᠴᠡᠷᠢᠭ ᠦ᠋ᠨ ᠳᠣᠲᠣᠷ᠎ᠠ ᠪᠠᠭᠠᠲᠤᠷ ᠪᠣᠳᠣᠯᠭ᠎ᠠ ᠶ᠋ᠢ ᠰᠠᠬᠢ᠃ ᠲᠥᠷᠥ ᠶ᠋ᠢᠨ ᠦᠢᠯᠡ ᠳ᠋ᠦ᠍ ᠲᠥᠪ ᠴᠢᠬᠡᠴᠢ ᠶ᠋ᠢ ᠡᠷᠬᠢᠮᠯᠡ᠃ ᠡᠨᠡ ᠳᠥᠷᠪᠡ ᠶ᠋ᠢᠨ ᠨᠢᠭᠡᠨ ᠢ᠋ ᠶᠠᠳᠠᠵᠤ ᠡᠷᠬᠢᠮᠯᠡᠨ ᠶᠠᠪᠤᠪᠠᠰᠤ ᠡᠷ᠎ᠡ ᠬᠥᠮᠦᠨ ᠳ᠋ᠦ᠍ ᠨᠢᠭᠡ ᠨᠠᠰᠤᠨ ᠤ᠋ ᠦᠢᠯᠡᠰ ᠪᠣᠯᠤᠨ᠎ᠠ᠃ ᠪᠢ ᠠᠷᠪᠠᠨ ᠳᠥᠷᠪᠡᠨ ᠨᠠᠰᠤᠨ ᠠ᠋ᠴᠠ ᠴᠡᠷᠢᠭ ᠢ᠋ ᠵᠠᠰᠠᠵᠤ᠂ ᠲᠥᠷᠥ ᠶ᠋ᠢ ᠬᠦᠴᠦᠷᠬᠡᠭ ᠪᠠᠢᠯᠭᠠᠬᠤ ᠶ᠋ᠢ ᠬᠢᠴᠢᠶᠡᠪᠡ᠃ ᠪᠢ ᠲᠠᠪᠤᠨ ᠥᠩᠭᠡ᠂ ᠳᠥᠷᠪᠡᠨ ᠬᠡᠯᠡ ᠶ᠋ᠢᠨ ᠶᠡᠬᠡ ᠪᠠᠭ᠎ᠠ ᠳᠥᠴᠢᠨ ᠤᠯᠤᠰ ᠢ᠋ ᠬᠣᠷᠢᠶᠠᠨ ᠨᠢᠭᠡᠳᠬᠡᠪᠡ᠃ ᠭᠡᠪᠡᠴᠦ ᠣᠳᠣ ᠪᠣᠳᠣᠪᠠᠰᠤ ᠲᠤᠩ ᠪᠠᠭ᠎ᠠ ᠵᠦᠢᠯ ᠢ᠋ ᠠᠮᠵᠢᠭᠤᠯᠵᠠᠢ᠃ ᠠᠮᠠᠷᠠᠵᠤ ᠴᠡᠩᠭᠡᠭᠰᠡᠨ ᠮᠢᠨᠢ ᠬᠡᠲᠦᠷᠡᠵᠦ ᠠᠯᠲᠠ ᠰᠢᠭ᠋ ᠡᠳᠦᠷ ᠦ᠋ᠳ ᠢ᠋ᠶ᠋ᠡᠨ ᠳᠡᠮᠡᠢ ᠶᠡᠬᠡ ᠦᠷᠡᠭᠰᠡᠨ ᠨᠢ ᠳᠠᠩᠳᠠᠵᠠᠢ᠃ ᠬᠠᠷᠢᠨ ᠶᠠᠭᠤᠨ ᠤ᠋ ᠤᠴᠢᠷ ᠬᠥᠮᠦᠨ ᠪᠣᠯᠵᠤ ᠬᠦᠵᠦᠭᠦᠦ ᠰᠡᠭᠡᠷ ᠬᠣᠯᠪᠣᠭᠰᠠᠨ ᠤ᠋ ᠪᠠᠨ ᠤᠴᠢᠷ ᠢ᠋ ᠣᠢᠯᠠᠭᠠᠭᠰᠠᠨ ᠮᠢᠨᠢ ᠭᠠᠪᠢᠶ᠎ᠠ ᠪᠣᠯᠤᠨ᠎ᠠ᠃ ᠪᠢ ᠬᠥᠪᠡᠭᠦᠨ ᠲᠠ ᠨᠠᠷ ᠲᠤ᠌ ᠡᠨᠡ ᠶᠡᠷᠳᠢᠨᠴᠤ ᠶ᠋ᠢ ᠡᠵᠡᠯᠡᠨ ᠨᠢᠭᠡᠳᠬᠡᠬᠦ ᠶᠡᠬᠡ ᠵᠠᠮ ᠢ᠋ ᠨᠡᠭᠡᠭᠡᠵᠦ ᠥᠭᠪᠡ᠃
ᠣᠳᠣ ᠴᠠᠭᠠᠲᠠᠢ ᠶ᠋ᠢᠨ ᠡᠮᠦᠨ᠎ᠡ ᠯᠠᠯᠤ ᠶ᠋ᠢᠨ ᠮᠥᠷᠭᠥᠯᠲᠡᠨ ᠦ᠌ ᠪᠦᠬᠦ ᠤᠯᠤᠰ ᠢ᠋ ᠨᠢᠭᠡᠳᠬᠡᠬᠦ ᠵᠠᠮ ᠨᠡᠭᠡᠭᠡᠯᠲᠡ ᠲᠡᠢ ᠪᠣᠯᠤᠯ᠎ᠠ᠃ ᠲᠡᠭᠦᠨ ᠢ᠋ ᠪᠠᠷᠠᠭᠤᠨ ᠣᠷᠣᠭᠰᠢ ᠳᠠᠪᠰᠢᠭᠤᠯᠵᠤ ᠶᠠᠭᠤᠨ ᠤ᠋ ᠲᠦᠷᠦᠭᠦᠨ ᠲᠡᠷᠡ ᠪᠠᠭᠲᠠᠳ᠋ ᠤ᠋ᠨ ᠶᠡᠬᠡ ᠥᠭᠡᠲᠦ ᠬᠠᠯᠢᠹ ᠢ᠋ ᠳᠠᠢᠯᠠᠨ ᠳᠠᠷᠤᠵᠤ ᠲᠡᠭᠦᠨ ᠡᠴᠡ ᠰᠦᠯᠳᠡ ᠴᠣᠯᠠ ᠣᠯᠭᠣᠳᠠᠭ ᠳᠠᠷᠬᠠᠨ ᠡᠷᠬᠡ ᠶ᠋ᠢ ᠨᠢ ᠳᠠᠷᠤᠢ ᠬᠣᠷᠢᠶᠠᠨ ᠠᠪ᠃ ᠲᠡᠭᠡᠪᠡᠯ ᠴᠠᠭᠠᠰᠢ ᠤᠯᠠᠭᠠᠨ ᠲᠠᠩᠭᠢᠰ ᠢ᠋ ᠥᠩᠭᠡᠷᠡᠵᠦ ᠮᠢᠰᠢᠷ ᠣᠷᠣᠨ ᠢ᠋ ᠡᠵᠡᠯᠡᠨ ᠠᠪ ᠭᠡᠵᠦ ᠳᠠᠭᠠᠭᠠᠯᠭ᠎ᠠ᠃
ᠪᠠᠲᠤ ᠶ᠋ᠢᠨ ᠡᠮᠦᠨ᠎ᠡ ᠵᠠᠭᠠᠯᠮᠠᠢ ᠮᠥᠷᠭᠥᠯᠲᠡᠨ ᠦ᠌ ᠤᠯᠤᠰ ᠤ᠋ᠳ ᠪᠦᠭᠦᠳᠡ ᠰᠤᠢᠷᠠᠨ ᠤᠨᠠᠬᠤ ᠡᠭᠦᠳᠡ ᠨᠡᠭᠡᠭᠡᠯᠲᠡ ᠲᠡᠢ ᠪᠣᠢ᠃ ᠲᠡᠷᠡ ᠬᠥᠪᠡᠭᠦᠨ ᠢ᠋ ᠰᠥᠪᠡᠭᠡᠳᠡᠢ ᠶ᠋ᠢᠨ ᠬᠠᠮᠲᠤ ᠶᠠᠪᠤᠵᠤ ᠵᠠᠭᠠᠯᠮᠠᠢ ᠶ᠋ᠢᠨ ᠮᠥᠷᠭᠥᠯᠲᠡᠨ ᠦ᠌ ᠪᠦᠬᠦ ᠤᠯᠤᠰ ᠢ᠋ ᠨᠢᠭᠡᠳᠬᠡᠨ ᠶᠡᠬᠡ ᠤᠯᠤᠰ ᠲᠤ᠌ ᠵᠠᠬᠢᠷᠤᠭᠤᠯᠬᠤ ᠶ᠋ᠢ ᠵᠠᠬᠢ᠃ ᠬᠠᠮᠤᠭ ᠤ᠋ᠨ ᠡᠬᠢᠯᠡᠭᠡᠳ ᠳᠣᠲᠣᠷ᠎ᠠ ᠪᠠᠨ ᠡᠪ ᠳᠥᠨᠵᠢᠨ ᠦᠭᠡᠢ ᠪᠠᠢᠭ᠎ᠠ ᠣᠷᠣᠰ ᠤᠭᠰᠠᠭᠠᠲᠠᠨ ᠠᠢᠮᠠᠭ ᠤ᠋ᠳ ᠤ᠋ᠨ ᠲᠠᠯ᠎ᠠ ᠶ᠋ᠢ ᠡᠵᠡᠯᠡᠨ ᠠᠪᠴᠤ ᠳᠠᠷᠠᠭ᠎ᠠ ᠨᠢ ᠣᠷᠣᠰ ᠢ᠋ ᠣᠷᠣᠰ ᠢ᠋ᠶ᠋ᠠᠷ ᠨᠢ ᠳᠠᠷᠤᠭᠤᠯᠤᠭᠲᠤᠨ᠃
ᠬᠠᠷᠢᠨ ᠬᠥᠪᠡᠭᠦᠨ ᠴᠢ ᠥᠪᠡᠷ ᠢ᠋ᠶ᠋ᠡᠨ ᠡᠨᠡ ᠳᠣᠷᠣᠨ᠎ᠠ ᠵᠦᠭ ᠦ᠋ᠨ ᠤᠯᠤᠰ ᠣᠷᠣᠨ᠂ ᠪᠤᠳ᠋ᠳ᠋ᠾᠠ ᠶ᠋ᠢ ᠰᠢᠲᠦᠭᠴᠢ ᠤᠯᠤᠰ ᠤ᠋ᠳ ᠢ᠋ ᠬᠣᠷᠢᠶᠠᠨ ᠠᠪᠤᠭᠲᠤᠨ ᠃ ᠠᠯᠲᠠᠨ ᠤᠯᠤᠰ ᠤ᠋ᠨ ᠪᠦᠬᠦ ᠰᠢᠯᠢᠳᠡᠭ ᠴᠡᠷᠢᠭ ᠳᠦᠩᠭᠤᠸᠠᠨ ᠪᠣᠭᠣᠮᠲᠠ ᠳ᠋ᠤ᠌ ᠪᠣᠢ᠃ ᠳᠦᠩᠭᠤᠸᠠᠨ ᠪᠣᠯ ᠡᠮᠦᠨ᠎ᠡ ᠪᠡᠨ ᠶᠡᠬᠡ ᠠᠭᠤᠯᠠ ᠲᠠᠢ ᠤᠮᠠᠷ᠎ᠠ ᠳ᠋ᠠᠭᠠᠨ ᠶᠡᠬᠡ ᠮᠥᠷᠡᠨ ᠢ᠋ᠶ᠋ᠡᠷ ᠬᠠᠰᠢᠭᠳᠠᠭᠰᠠᠨ ᠡᠵᠡᠯᠡᠬᠦᠶᠡ ᠪᠡᠷᠬᠡ ᠪᠣᠭᠣᠮᠲᠠ᠃ ᠬᠠᠷᠢᠨ ᠰᠥᠩ ᠤᠯᠤᠰ ᠲᠠᠢ ᠨᠠᠢᠷᠠᠮᠳᠠᠯ ᠢ᠋ᠶ᠋ᠠᠨ ᠪᠠᠲᠤᠯᠠᠭᠠᠳ ᠨᠤᠲᠤᠭ ᠢ᠋ᠶ᠋ᠠᠷ ᠨᠢ ᠳᠠᠭᠠᠷᠢᠨ ᠭᠠᠷᠴᠤ ᠠᠯᠲᠠᠨ ᠤᠯᠤᠰ ᠤ᠋ᠨ ᠡᠮᠦᠨ᠎ᠡ ᠡᠴᠡ ᠳᠣᠪᠲᠣᠯᠪᠠᠯ ᠲᠡᠳᠡ ᠳᠦᠩᠭᠤᠸᠠᠨ ᠪᠣᠭᠣᠮᠲᠠ ᠠ᠋ᠴᠠ ᠴᠡᠷᠢᠭ ᠢ᠋ᠶ᠋ᠡᠨ ᠰᠡᠩᠳᠡ ᠮᠡᠩᠳᠡ ᠭᠠᠷᠭᠠᠨ ᠡᠮᠦᠨ᠎ᠡ ᠵᠦᠭ ᠲᠠᠲᠠᠨ᠎ᠠ᠃ ᠲᠡᠷᠡ ᠦᠶ᠎ᠡ ᠳ᠋ᠦ᠍ᠨᠢ ᠳᠣᠪᠲᠣᠯᠤᠨ ᠳᠠᠷᠤᠪᠠᠯ ᠵᠣᠬᠢᠨ᠎ᠠ᠃ ᠲᠤᠯᠤᠢ ᠳᠡᠭᠦᠦ ᠪᠡᠨ ᠴᠢ ᠬᠠᠪᠰᠤᠷᠤᠭᠤᠯ᠃ ᠬᠠᠷᠢᠨ ᠲᠤᠯᠤᠢ ᠳᠡᠭᠦᠦ ᠴᠢᠨᠢ ᠶᠡᠬᠡ ᠮᠣᠩᠭᠣᠯ ᠨᠤᠲᠤᠭ ᠲᠠᠭᠠᠨ ᠡᠴᠢᠭᠡ ᠡᠪᠦᠭᠡᠳ ᠦ᠋ᠨ ᠢ᠋ᠶ᠋ᠡᠨ ᠱᠠᠷᠢᠯ ᠢ᠋ ᠰᠠᠬᠢᠨ ᠰᠠᠭᠤᠭ᠃ ᠡᠨᠡ ᠮᠣᠩᠭᠣᠯ ᠨᠤᠲᠤᠭ ᠴᠢᠨᠢ ᠶᠠᠳᠠᠷᠠᠬᠤ ᠳ᠋ᠤ᠌ ᠬᠣᠭᠣᠯᠠ᠂ ᠶᠠᠪᠠᠭᠠᠷᠠᠬᠤ ᠳ᠋ᠤ᠌ ᠮᠣᠷᠢ᠂ ᠤᠨᠲᠠᠬᠤ ᠳ᠋ᠤ᠌ ᠭᠡᠷ᠂ ᠡᠪᠡᠳᠬᠦ ᠳ᠋ᠦ᠍ ᠡᠮ ᠴᠢᠨᠢ ᠪᠣᠯᠬᠤ ᠶᠤᠮ᠃ ᠲᠡᠭᠡᠭᠡᠳ ᠬᠥᠪᠡᠭᠦᠨ ᠴᠢ ᠮᠢᠨᠦ ᠬᠡᠯᠡᠭᠰᠡᠨ ᠢ᠋ᠶ᠋ᠡᠷ ᠬᠢᠵᠦ ᠲᠡᠷᠡ ᠾᠷᠢᠰᠲ᠋ᠣᠰ᠂ ᠪᠤᠳ᠋ᠳ᠋ᠾᠠ᠂ ᠮᠤᠬᠠᠮᠮᠠᠳ᠋ ᠭᠤᠷᠪᠠ ᠶ᠋ᠢ ᠮᠥᠩᠬᠡ ᠲᠩᠷᠢ ᠶ᠋ᠢᠨ ᠬᠦᠴᠦᠨ ᠳᠣᠣᠷ᠎ᠠ ᠨᠢᠭᠡᠳᠬᠡᠨ ᠦᠨᠡᠨ ᠰᠦᠰᠦᠭᠲᠡᠨ ᠨᠦ᠍ᠭᠦᠳ ᠢ᠋ ᠨᠢ ᠬᠣᠷᠢᠶᠠᠨ ᠵᠠᠬᠢᠷᠴᠤ ᠰᠠᠭᠤ᠃ ᠶᠡᠷᠦ ᠬᠥᠮᠦᠨ ᠦ᠌ ᠰᠡᠳᠬᠢᠯ ᠰᠠᠨᠠᠭ᠎ᠠ ᠶ᠋ᠢ ᠳᠠᠭᠠᠭᠤᠯᠪᠠᠯ ᠦᠢᠯᠡ ᠨᠢ ᠠᠶᠠᠨᠳᠠᠭᠠᠨ ᠳᠠᠭᠠᠨ᠎ᠠ ᠭᠡᠳᠡᠭ ᠶᠦᠮ᠃ ᠮᠢᠨᠦ ᠠᠯᠲᠠᠨ ᠤᠷᠤᠭ ᠤ᠋ᠨ ᠬᠥᠪᠡᠭᠦᠳ ᠲᠠ ᠨᠠᠷ ᠲᠤ᠌ ᠪᠤᠷᠬᠠᠨ ᠤ᠋ ᠵᠠᠭᠠᠯᠮᠠᠢ ᠶ᠋ᠢᠨ ᠯᠠᠯᠤ ᠶ᠋ᠢᠨ ᠮᠥᠷᠭᠥᠯᠲᠡᠨ ᠢᠷᠭᠡᠳ ᠢ᠋ ᠲᠤᠰ ᠲᠤᠰ ᠤ᠋ᠨ ᠨᠤᠲᠤᠭ ᠲᠤᠨᠢ ᠨᠢᠭᠡᠳᠬᠡᠨ ᠮᠥᠩᠬᠡ ᠲᠩᠷᠢ ᠶ᠋ᠢᠨ ᠬᠦᠴᠦᠨ ᠳᠣᠣᠷ᠎ᠠ ᠵᠠᠬᠢᠷᠤᠨ ᠰᠠᠭᠤᠬᠤ ᠶ᠋ᠢ ᠲᠩᠷᠢ ᠵᠠᠷᠯᠢᠭ ᠪᠠᠭᠤᠯᠭᠠᠵᠠᠢ᠃ ᠡᠭᠦᠨ ᠢ᠋ ᠪᠤᠤ ᠮᠠᠷᠲᠠ᠃ ᠬᠡᠵᠢᠶ᠎ᠡ ᠴᠦ᠍ ᠪᠤᠤ ᠴᠠᠯᠠᠭᠠᠷᠳᠠᠵᠤ ᠣᠰᠤᠯᠲᠠ᠃ ᠴᠢᠮᠠᠲᠤ ᠬᠠᠮᠢᠭ᠎ᠠ ᠴᠤ᠌᠂ ᠬᠡᠨ ᠳ᠋ᠦ᠍ ᠴᠦ᠍ ᠪᠠᠢᠬᠤ ᠦᠭᠡᠢ ᠬᠦᠴᠦᠷᠬᠡᠭ ᠶᠡᠬᠡ ᠴᠡᠷᠢᠭ᠂ ᠰᠡᠳᠬᠢᠯ ᠰᠠᠨᠠᠭ᠎ᠠ ᠨᠢᠭᠡᠳᠦᠭᠰᠡᠨ ᠠᠯᠪᠠᠲᠤ ᠢᠷᠭᠡᠳ ᠲᠡᠢ᠂ ᠳᠡᠯᠡᠬᠡᠢ ᠳ᠋ᠦ᠍ ᠵᠢᠱ᠌ᠢᠭ ᠦᠭᠡᠢ ᠶᠡᠬᠡ ᠤᠯᠤᠰ ᠢ᠋ ᠪᠡᠶ᠎ᠡ ᠪᠡᠷ ᠬᠦᠯᠢᠶᠡᠯᠭᠡᠨ ᠥᠭᠪᠡ᠃
ᠣᠳᠣ ᠬᠥᠪᠡᠭᠦᠨ ᠴᠢᠮᠠᠶ᠋ᠢ ᠶᠠᠭᠤᠨ ᠤ᠋ ᠤᠴᠢᠷ ᠬᠠᠭᠠᠨ ᠰᠠᠭᠤᠷᠢᠨ ᠳ᠋ᠤ᠌ ᠰᠢᠯᠢᠨ ᠡᠷᠭᠦᠮᠵᠢᠯᠡᠭᠰᠡᠨ ᠦ᠌ ᠤᠴᠢᠷ ᠢ᠋ ᠬᠡᠯᠡᠶ᠎ᠡ᠃ ᠡᠨᠡ ᠤᠴᠢᠷ ᠢ᠋ ᠭᠠᠭᠴᠠ ᠪᠢ ᠯᠡ ᠮᠡᠳᠡᠬᠦ ᠶᠦᠮ᠃ ᠴᠢᠮᠠᠲᠤ ᠪᠤᠰᠤᠳ ᠠᠬ᠎ᠠ ᠳᠡᠭᠦᠦ ᠨᠠᠷ ᠠ᠋ᠴᠠ ᠪᠠᠨ ᠣᠨᠴᠠᠭᠠᠢᠷᠠᠵᠤ ᠲᠩᠷᠢ ᠳ᠋ᠦ᠍ ᠲᠣᠭᠣᠭᠳᠠᠭᠰᠠᠨ ᠬᠣᠶᠠᠷ ᠦᠢᠯᠡ ᠪᠣᠢ᠃ ᠨᠢᠭᠡ ᠳ᠋ᠦ᠍᠂ ᠴᠢ ᠨᠠᠮᠠᠶ᠋ᠢ ᠠᠯᠲᠠᠨ ᠤᠯᠤᠰ ᠲᠤ᠌ ᠳᠠᠢᠳᠤᠵᠤ ᠶᠠᠪᠤᠬᠤ ᠳ᠋ᠤ᠌ 《ᠣᠳᠣ ᠡᠨᠡ ᠠᠯᠲᠠᠨ ᠤᠯᠤᠰ ᠲᠠᠢ ᠳᠠᠢᠳᠤᠬᠤ ᠨᠢ ᠴᠠᠭ ᠪᠣᠯᠤᠭᠠᠳ ᠴᠡᠷᠢᠭ ᠦ᠋ᠨ ᠭᠠᠷᠤᠵᠠ ᠪᠣᠯᠤᠨ᠎ᠠ᠃ ᠬᠠᠷᠢᠨ ᠪᠠᠷᠠᠭᠤᠨ ᠵᠦᠭ ᠦ᠋ᠨ ᠤᠯᠤᠰ ᠤ᠋ᠳ ᠳᠣᠲᠣᠷ᠎ᠠ ᠪᠠᠨ ᠡᠪ ᠨᠢᠭᠡᠳᠦᠯ ᠦᠭᠡᠢ᠂ ᠬᠡᠷᠡᠭᠦᠯ ᠲᠡᠮᠡᠴᠡᠯ ᠶᠡᠬᠡᠲᠡᠢ ᠲᠤᠯᠠ ᠡᠵᠡᠯᠡᠬᠦ ᠳ᠋ᠦ᠍ ᠬᠢᠯᠪᠠᠷ》 ᠭᠡᠵᠦ ᠦᠨᠡᠨ ᠰᠠᠨᠠᠭ᠎ᠠ ᠶ᠋ᠢ ᠬᠡᠯᠡᠵᠦ ᠦᠢᠯᠡᠰ ᠢᠯᠠᠯᠲᠠ ᠶ᠋ᠢᠨ ᠡᠭᠦᠳᠡ ᠶ᠋ᠢ ᠨᠡᠭᠡᠭᠡᠵᠦ ᠲᠤᠰᠠᠯᠠᠪᠠ᠃ ᠬᠣᠶᠠᠷ ᠲᠤ᠌᠂ 《ᠬᠠᠭᠠᠨ ᠡᠴᠢᠭᠡ ᠲᠠ ᠥᠪᠡᠷ ᠢ᠋ᠶ᠋ᠡᠨ ᠵᠣᠷᠢᠨ ᠣᠴᠢᠵᠤ ᠪᠠᠢᠯᠳᠤᠨ ᠡᠵᠡᠯᠡᠬᠦ ᠴᠠᠭ ᠢ᠋ᠶ᠋ᠠᠨ ᠡᠴᠦᠰᠯᠡᠵᠦ ᠬᠠᠷᠢᠨ ᠡᠨᠡ ᠭᠠᠵᠠᠷ ᠤ᠋ᠨ ᠬᠥᠮᠦᠰ ᠥᠪᠡᠷᠰᠡᠳ ᠢ᠋ᠶ᠋ᠡᠨ ᠲᠠᠨ ᠢ᠋ ᠵᠣᠷᠢᠨ ᠬᠤᠢᠯᠠᠷᠠᠨ ᠢᠷᠡᠵᠦ ᠨᠢᠭᠡᠳᠬᠦ ᠲᠡᠢᠮᠦ ᠤᠯᠤᠰ ᠢ᠋ ᠪᠠᠢᠭᠤᠯᠵᠤ ᠣᠷᠬᠣᠨ ᠤ᠋ ᠬᠥᠨᠳᠡᠢ ᠳ᠋ᠦ᠍ ᠬᠠᠷ᠎ᠠ ᠬᠣᠷᠣᠮ ᠭᠡᠳᠡᠭ ᠶᠡᠬᠡ ᠬᠣᠲᠠ ᠶ᠋ᠢ ᠴᠣᠭᠴᠠᠯᠠᠨ ᠶᠢᠷᠲᠢᠨᠴᠦ ᠶ᠋ᠢᠨ ᠲᠥᠪ ᠪᠣᠯᠭᠠᠶ᠎ᠠ》 ᠭᠡᠮᠡᠨ ᠠᠯᠤᠰ ᠢᠷᠡᠭᠡᠳᠦᠢ ᠶ᠋ᠢᠨ ᠵᠠᠮ ᠢ᠋ ᠵᠢᠭᠠᠭᠰᠠᠨ ᠮᠡᠷᠭᠡᠨ ᠦᠭᠡ ᠬᠡᠯᠡᠪᠡ᠃ ᠡᠭᠦᠨ ᠦ᠌ ᠲᠤᠯᠠᠳᠠ ᠪᠢ ᠴᠢᠮᠠᠶ᠋ᠢ ᠡᠷᠡᠭᠡᠯᠵᠡᠬᠦ ᠵᠦᠢᠯ ᠦᠭᠡᠢ ᠪᠡᠷ ᠬᠠᠭᠠᠨ ᠰᠠᠭᠤᠷᠢᠨ ᠳ᠋ᠤ᠌ ᠰᠣᠩᠭᠣᠭᠰᠠᠨ ᠪᠢᠯᠡ᠃
ᠪᠢ ᠴᠢᠨᠦ ᠬᠡᠯᠡᠭᠰᠡᠨ ᠢ᠋ ᠪᠦᠷᠢᠨ ᠭᠦᠢᠴᠡᠯᠳᠦᠭᠦᠯᠵᠦ ᠴᠢᠳᠠᠭᠰᠠᠨ ᠦᠭᠡᠢ᠃ ᠬᠠᠷᠢᠨ ᠴᠢ ᠥᠪᠡᠷ ᠦ᠋ᠨ ᠬᠡᠯᠡᠭᠰᠡᠨ ᠢ᠋ ᠮᠠᠷᠲᠠᠯ ᠦᠭᠡᠢ ᠡᠨᠡ ᠮᠡᠲᠦ ᠮᠡᠷᠭᠡᠨ ᠰᠠᠨᠠᠭ᠎ᠠ ᠪᠠᠨ ᠬᠡᠷᠡᠭᠵᠢᠭᠦᠯᠦᠨ ᠬᠠᠷ᠎ᠠ ᠬᠣᠷᠣᠮ ᠲᠥᠪ ᠲᠡᠢ ᠨᠢᠭᠡᠨ ᠶᠡᠬᠡ ᠤᠯᠤᠰ ᠢ᠋ ᠭᠠᠵᠠᠷ ᠳᠡᠭᠡᠷ᠎ᠡ ᠪᠠᠢᠭᠤᠯ᠃ ᠬᠠᠷ᠎ᠠ ᠬᠣᠷᠣᠮ ᠢ᠋ ᠴᠣᠭᠴᠠᠯᠠᠬᠤ ᠣᠷᠬᠣᠨ ᠤ᠋ ᠬᠥᠨᠳᠡᠢ ᠪᠣᠯ ᠭᠠᠵᠠᠷ ᠳᠡᠯᠡᠬᠡᠢ ᠶ᠋ᠢᠨ ᠶᠡᠬᠡ ᠬᠦᠴᠦ ᠭᠠᠢᠬᠠᠮᠰᠢᠭᠲᠠᠢ ᠪᠠᠷ ᠬᠤᠷᠠᠭᠰᠠᠨ ᠤᠷᠮ᠎ᠠ ᠵᠣᠷᠢᠭ ᠰᠡᠷᠭᠦᠵᠦ᠂ ᠤᠬᠠᠭᠠᠨ ᠪᠣᠳᠣᠯ ᠰᠠᠷᠠᠭᠤᠯᠰᠢᠭᠠᠬᠤ ᠤᠪᠠᠳᠢᠰ ᠰᠢᠳᠢ ᠲᠡᠢ᠂ ᠥᠭᠡᠳᠡᠯᠡᠵᠦ ᠮᠠᠨᠳᠤᠬᠤ ᠶ᠋ᠢᠨ ᠬᠡᠰᠢᠭ ᠪᠤᠶᠠᠨ ᠲᠡᠭᠦᠰ ᠨᠤᠲᠤᠭ ᠰᠢᠦ᠃ ᠴᠣᠬᠣᠮ ᠲᠡᠷᠡ ᠯᠠ ᠭᠠᠵᠠᠷ ᠠᠯᠲᠠᠨ ᠤᠷᠤᠭ ᠤ᠋ᠨ ᠠᠵᠠ ᠬᠡᠢ ᠮᠣᠷᠢ ᠲᠡᠭᠦᠰ ᠪᠠᠳᠠᠷᠠᠵᠤ ᠶᠡᠬᠡ ᠤᠯᠤᠰ ᠤ᠋ᠨ ᠨᠡᠢᠰᠯᠡᠯ ᠢ᠋ ᠵᠣᠷᠢᠭᠰᠠᠨ ᠭᠠᠵᠠᠷ ᠭᠠᠵᠠᠷ ᠤ᠋ᠨ ᠣᠯᠠᠨ ᠬᠡᠯᠡ᠂ ᠰᠢᠲᠦᠯᠭᠡ ᠮᠥᠷᠭᠥᠯᠲᠡᠨ ᠣ ᠬᠥᠯ ᠲᠠᠰᠤᠷᠠᠬᠤ ᠦᠭᠡᠢ ᠪᠠᠢᠬᠤ ᠶ᠋ᠢ ᠪᠢ ᠣᠳᠣ ᠲᠣᠳᠣ ᠠ᠋ᠴᠠ ᠲᠣᠳᠣ ᠬᠠᠷᠠᠵᠤ ᠪᠠᠢᠨ᠎ᠠ᠃ ᠲᠡᠨᠳᠡ ᠡᠴᠡ ᠨᠡᠢᠰᠯᠡᠯ ᠢ᠋ᠶ᠋ᠡᠨ ᠪᠤᠤ ᠬᠥᠳᠡᠯᠭᠡᠭᠡᠷᠡᠢ᠃ ᠣᠰᠣᠯᠳᠠᠵᠤ ᠬᠥᠳᠡᠯᠭᠡᠬᠦ ᠠᠪᠠᠰᠤ ᠠᠯᠤᠰ ᠬᠡᠳᠦ ᠳ᠋ᠡᠭᠡᠨ ᠮᠣᠩᠭᠣᠯ ᠤ᠋ᠨ ᠵᠠᠶᠠᠭ᠎ᠠ ᠬᠠᠵᠠᠢᠬᠤ ᠶᠡᠬᠡ ᠤᠯᠤᠰ ᠤ᠋ᠨ ᠮᠢᠨᠢ ᠰᠦᠷ ᠬᠦᠴᠦᠨ᠂ ᠠᠯᠳᠠᠷ ᠰᠤᠤ ᠰᠠᠷᠨᠢᠬᠤ ᠪᠣᠢ᠃ ᠲᠦᠷᠺ ᠪᠣᠯᠤᠭᠠᠳ ᠾᠦᠩᠨᠦ ᠶ᠋ᠢᠨ ᠦᠶ᠎ᠡ ᠡᠴᠡ ᠲᠡᠨᠳᠡ ᠶᠡᠬᠡ ᠤᠯᠤᠰ ᠤ᠋ᠨ ᠨᠡᠢᠰᠯᠡᠯ ᠪᠠᠢᠵᠠᠢ᠃ ᠡᠭᠦᠨ ᠢ᠋ ᠡᠭᠦᠷᠢᠳᠡ ᠰᠠᠨᠠᠵᠤ ᠦᠷ᠎ᠡ ᠶ᠋ᠢᠨ ᠦᠷ᠎ᠡ ᠳ᠋ᠦ᠍ ᠤᠯᠠᠮᠵᠢᠯᠠᠨ ᠵᠠᠬᠢᠵᠤ ᠦᠯᠡᠳᠡᠭᠡ᠃ ᠴᠢᠩᠭᠢᠰ ᠬᠠᠭᠠᠨ ᠮᠢᠨᠦ ᠨᠡᠷ᠎ᠡ ᠶ᠋ᠢ ᠬᠡᠵᠢᠶ᠎ᠡ ᠴᠦ᠍ ᠮᠠᠭᠤ ᠪᠠᠷ ᠪᠤᠤ ᠳᠠᠭᠤᠳᠠᠭᠤᠯ᠃ ᠮᠢᠨᠦ ᠪᠡᠶ᠎ᠡ ᠦᠭᠡᠢ ᠪᠣᠯᠪᠠᠴᠤ ᠴᠢᠩᠭᠢᠰ ᠬᠠᠭᠠᠨ ᠤ᠋ ᠶᠡᠬᠡ ᠰᠤᠤ ᠠᠯᠳᠠᠷ ᠲᠡᠭᠷᠢ ᠮᠡᠲᠦ ᠣᠯᠠᠨ ᠮᠣᠩᠭᠣᠯᠴᠤᠳ ᠢ᠋ ᠡᠭᠦᠷᠢᠳᠡ ᠢᠪᠡᠭᠡᠵᠦ ᠮᠥᠩᠬᠡᠷᠡᠬᠦ ᠪᠣᠯᠤᠨ᠎ᠠ᠃
ᠪᠢ ᠠᠯᠲᠠᠨ ᠤᠯᠤᠰ ᠤ᠋ᠨ ᠭᠠᠭᠴᠠ ᠨᠢᠭᠡ ᠪᠣᠭᠣᠮᠲᠠ ᠶ᠋ᠢ ᠥᠪᠡᠷ ᠦ᠋ᠨ ᠪᠡᠶ᠎ᠡ ᠪᠡᠷ ᠠᠪᠴᠤ ᠡᠰᠡ ᠴᠢᠳᠠᠭᠰᠠᠨ ᠳ᠋ᠠᠭᠠᠨ ᠬᠠᠷᠠᠮᠰᠠᠵᠤ ᠪᠠᠢᠨ᠎ᠠ᠃ ᠭᠡᠪᠡᠴᠦ ᠨᠢᠭᠡᠨ ᠪᠡᠶ᠎ᠡ ᠳᠠᠭᠤᠰᠪᠠᠴᠤ ᠨᠠᠳᠠ ᠠ᠋ᠴᠠ ᠳᠤᠲᠠᠬᠤ ᠦᠭᠡᠢ ᠬᠥᠪᠡᠭᠦᠳ᠂ ᠠᠴᠢ ᠦᠷᠡᠰ ᠮᠢᠨᠢ ᠶᠡᠬᠡ ᠬᠡᠷᠡᠭ ᠢ᠋ ᠭᠦᠢᠴᠡᠭᠡᠨ ᠮᠢᠨᠦ ᠬᠦᠷᠦᠭᠡ ᠦᠭᠡᠢ ᠳ᠋ᠦ᠍ ᠬᠦᠷᠴᠦ᠂ ᠠᠮᠵᠢᠭ᠎ᠠ ᠦᠭᠡᠢ ᠶ᠋ᠢ ᠭᠦᠢᠴᠡᠯᠳᠦᠭᠦᠯᠦᠨᠡ ᠪᠢᠵᠡ᠃ ᠶᠡᠬᠡ ᠬᠠᠭᠠᠨ ᠣᠷᠣ ᠰᠠᠭᠤᠬᠤ ᠬᠥᠪᠡᠭᠦᠨ ᠴᠢ ᠲᠤᠢᠯ ᠢ᠋ᠶ᠋ᠠᠷ ᠬᠢᠴᠢᠶᠡ᠁
| ᠬᠠᠭᠠᠨ ᠡᠴᠢᠭᠡ ᠮᠢᠨᠢ᠃ ᠪᠢ ᠬᠢᠴᠢᠶᠡᠩᠭᠦᠢᠯᠡᠨ ᠰᠣᠨᠣᠰᠴᠤ ᠪᠠᠢᠨ᠎ᠠ ᠭᠡᠵᠦ ᠴᠢᠩᠭᠢᠰ ᠬᠠᠭᠠᠨ ᠤ᠋ ᠠᠮᠢᠰᠬᠤᠭ᠎ᠠ ᠳᠠᠷᠤᠬᠤ ᠶ᠋ᠢᠨ ᠬᠣᠭᠣᠷᠣᠨᠳᠣ ᠥᠭᠡᠳᠡᠢ ᠪᠢᠰᠢᠷᠡᠨ ᠰᠢᠪᠡᠨᠡᠵᠡᠢ᠃
| ᠪᠦᠬᠦ ᠴᠡᠷᠢᠭ ᠢ᠋ ᠳᠡᠭᠡᠳᠦ ᠳᠣᠭᠣᠳᠤ ᠭᠡᠯ ᠦᠭᠡᠢ ᠶᠡᠬᠡ ᠴᠠᠭᠠᠵᠠ ᠳ᠋ᠤ᠌ ᠵᠠᠬᠢᠷᠤᠭᠤᠯ᠃ ᠰᠠᠢᠳ ᠢ᠋ ᠰᠠᠨᠠᠭᠠᠨ ᠤ᠋ ᠲᠤᠢᠯ ᠳ᠋ᠤ᠌ ᠪᠤᠤ ᠬᠦᠷᠭᠡ᠃ ᠲᠦᠰᠢᠮᠡᠳ ᠢ᠋ ᠮᠠᠩᠯᠠᠢ ᠶ᠋ᠢᠨ ᠰᠠᠭᠤᠳᠠᠯ ᠳ᠋ᠤ᠌ ᠪᠤᠤ ᠰᠠᠭᠤᠯᠭ᠎ᠠ᠃ ᠰᠠᠢᠳ᠂ ᠲᠦᠰᠢᠮᠡᠳ ᠴᠢᠨᠢ ᠰᠠᠨᠠᠭᠠᠨ ᠤ᠋ ᠲᠤᠢᠯ ᠳ᠋ᠤ᠌ ᠬᠦᠷᠴᠦ᠂ ᠰᠠᠭᠤᠳᠠᠯ ᠤ᠋ᠨ ᠳᠡᠭᠡᠳᠦ ᠳ᠋ᠦ᠍ ᠰᠠᠭᠤᠪᠠᠰᠤ ᠰᠠᠨᠠᠭ᠎ᠠ ᠨᠢ ᠴᠠᠳᠴᠤ ᠴᠢᠷᠮᠠᠢᠨ ᠵᠢᠳᠬᠦᠬᠦ ᠨᠢ ᠪᠠᠭᠠᠰᠤᠭᠠᠳ ᠤᠯᠤᠰ ᠲᠥᠷᠥ ᠳ᠋ᠦ᠍ ᠬᠣᠬᠢᠷᠠᠯᠲᠠᠢ᠂ ᠬᠥᠮᠦᠵᠢᠯ ᠰᠤᠷᠲᠠᠯ ᠳ᠋ᠤ᠌ ᠮᠠᠭᠤ ᠨᠥᠯᠥᠭᠡᠲᠡᠢ ᠪᠣᠯᠤᠨ᠎ᠠ᠃ ᠬᠥᠪᠡᠭᠦᠨ ᠴᠢ ᠣᠳᠣ ᠶᠡᠬᠡ ᠬᠠᠭᠠᠨ ᠪᠣᠯᠪᠠ᠃ ᠡᠭᠦᠨ ᠢ᠋ ᠪᠤᠤ ᠮᠠᠷᠲᠠ᠃ ᠥᠷᠯᠥᠭᠡ ᠪᠦᠷᠢ ᠨᠣᠢᠷ ᠠ᠋ᠴᠠ ᠪᠠᠨ ᠰᠡᠷᠡᠩᠭᠦᠲᠡ ᠶᠡᠬᠡ ᠬᠠᠭᠠᠨ ᠳ᠋ᠤ᠌ ᠳ᠋ᠥᠢᠬᠦ ᠠᠭᠤᠤ ᠦᠢᠯᠡᠰ ᠦ᠋ᠨ ᠲᠤᠬᠠᠢ ᠪᠣᠳᠣᠵᠤ ᠪᠠᠢ᠃ ᠪᠤᠭᠤᠷᠴᠢ ᠮᠤᠬᠤᠯᠠᠢ ᠬᠣᠶᠠᠷ ᠵᠥᠪ ᠶᠠᠪᠤᠳᠠᠯ ᠢ᠋ ᠮᠢᠨᠢ ᠵᠥᠪᠰᠢᠶᠡᠷᠡᠨ ᠲᠡᠳᠬᠦᠵᠦ᠂ ᠪᠤᠷᠤᠭᠤ ᠶᠠᠪᠤᠳᠠᠯ ᠢ᠋ ᠪᠤᠴᠠᠭᠠᠨ ᠵᠣᠭᠰᠣᠭᠠᠵᠤ ᠡᠨᠡ ᠶᠡᠬᠡ ᠰᠠᠭᠤᠷᠢᠨ ᠳ᠋ᠤ᠌ ᠬᠦᠷᠭᠡᠪᠡ᠃ ᠬᠥᠪᠡᠭᠦᠨ ᠴᠢᠮᠠᠲᠤ ᠴᠣᠬᠣᠮ ᠡᠢᠮᠦ ᠦᠨᠡᠨᠴᠢ ᠨᠥᠬᠥᠷ ᠠᠮᠢ ᠮᠡᠲᠦ ᠴᠢᠬᠤᠯᠠ᠃ ᠲᠥᠷᠥ᠂ ᠴᠡᠷᠢᠭ ᠢ᠋ ᠬᠡᠷᠬᠢᠨ ᠵᠠᠰᠠᠬᠤ ᠶ᠋ᠢ ᠪᠤᠭᠤᠷᠴᠢ ᠶ᠋ᠢᠨ ᠠᠮᠢᠳᠤ ᠠᠬᠤᠢ ᠳ᠋ᠤ᠌ ᠲᠡᠭᠦᠨ ᠡᠴᠡ ᠠᠰᠠᠭᠤᠭᠲᠤᠨ᠃ ᠪᠢ ᠬᠢᠳᠡᠭ ᠢ᠋ᠶ᠋ᠡᠨ ᠬᠢᠪᠡ᠃ ᠣᠳᠣ ᠴᠠᠭ ᠮᠢᠨᠢ ᠪᠣᠯᠪᠠ᠃ ᠡᠭᠦᠨ ᠡᠴᠡ ᠢᠯᠡᠭᠦᠦ ᠤᠳᠠᠪᠠᠯ ᠪᠢ ᠲᠠ ᠨᠠᠷ ᠲᠤ᠌ ᠭᠠᠢ ᠪᠣᠯᠤᠨ᠎ᠠ᠃ ᠨᠠᠮᠠᠶ᠋ᠢ ᠪᠤᠰᠬ᠎ᠠ᠃
ᠥᠭᠡᠳᠡᠢ ᠡᠴᠢᠭᠡ ᠶ᠋ᠢ ᠪᠡᠨ ᠡᠷᠭᠦᠨ ᠪᠣᠰᠬᠠᠪᠠ᠃
| ᠦᠭᠡ ᠪᠡᠨ ᠬᠡᠯᠡᠵᠦ ᠰᠡᠳᠬᠢᠯ ᠮᠢᠨᠢ ᠠᠮᠠᠷᠠᠪᠠ᠃ ᠡᠨᠡ ᠪᠣᠯ ᠮᠢᠨᠦ ᠲᠥᠷᠥᠬᠦ ᠳ᠋ᠡᠭᠡᠨ ᠠᠳᠬᠤᠵᠤ ᠲᠥᠷᠥᠭᠰᠡᠨ ᠲᠡᠭᠷᠢ ᠶ᠋ᠢᠨ ᠲᠡᠮᠳᠡᠭ ᠶᠦᠮ᠃ ᠡᠭᠦᠨ ᠦ᠌ ᠠᠴᠢ ᠪᠠᠷ ᠪᠢ ᠴᠢᠳᠠᠯ ᠬᠦᠴᠦᠨ ᠮᠡᠬᠦᠰᠳᠡᠬᠦ ᠶ᠋ᠢᠨ ᠴᠠᠭ ᠲᠤ᠌ ᠪᠠᠭᠠᠲᠤᠷ ᠤ᠋ᠨ ᠲᠡᠩᠬᠡᠯ ᠠᠪᠴᠤ᠂ ᠪᠣᠳᠣᠯ ᠰᠠᠨᠠᠭ᠎ᠠ ᠠᠬᠤᠷᠳᠠᠨ ᠮᠤᠬᠤᠷᠳᠠᠪᠠᠰᠤ ᠰᠠᠷᠠᠭᠤᠯ ᠤᠬᠠᠭᠠᠨ ᠤ᠋ ᠠᠪᠰᠢᠭ ᠬᠦᠷᠲᠡᠵᠦ᠂ ᠠᠮᠢ ᠨᠠᠰᠤᠨ ᠤ᠋ ᠭᠠᠯ ᠪᠥᠬᠥᠬᠦ ᠴᠠᠭ ᠢᠷᠡᠭᠰᠡᠨ ᠡᠨᠡ ᠡᠳᠦᠷ ᠦ᠋ᠳ ᠲᠦ᠍ ᠴᠦ᠍ ᠡᠭᠦᠨ ᠡᠴᠡ ᠤᠬᠠᠭᠠᠨ᠂ ᠲᠡᠩᠬᠡᠭᠡ ᠰᠡᠯᠪᠢᠨ ᠠᠶᠤᠮᠰᠢᠭᠲᠤ ᠦᠬᠦᠯ ᠦ᠋ᠨ ᠥᠭᠡᠳᠡ ᠡᠴᠡ ᠳᠠᠯᠳᠢᠷᠠᠬᠤ ᠦᠭᠡᠢ ᠬᠠᠷᠠᠵᠤ᠂ ᠣᠶᠤᠨ ᠰᠡᠳᠬᠢᠯ ᠬᠬᠢᠷ ᠦᠭᠡᠢ ᠴᠡᠯᠮᠡᠭ ᠪᠠᠢᠭᠰᠠᠭᠠᠷ ᠬᠣᠷᠸ᠎ᠠ ᠠ᠋ᠴᠠ ᠶᠠᠪᠤᠬᠤ ᠮᠥᠴᠡ ᠲᠤᠯᠪᠠ᠃ ᠣᠳᠣ ᠪᠢ ᠲᠡᠭᠷᠢ ᠶ᠋ᠢᠨ ᠶᠡᠬᠡ ᠬᠦᠴᠦ ᠶ᠋ᠢ ᠡᠭᠦᠨ ᠡᠴᠡ ᠴᠠᠭᠠᠰᠢ ᠠᠪᠬᠤ ᠬᠦᠰᠡᠯ ᠦᠭᠡᠢ ᠪᠣᠯᠪᠠ᠃ ᠡᠢᠮᠦ ᠡᠴᠡ ᠪᠢ ᠲᠡᠭᠷᠢ ᠶ᠋ᠢᠨ ᠲᠡᠮᠳᠡᠭ ᠢ᠋ ᠪᠡᠶ᠎ᠡ ᠡᠴᠡ ᠪᠡᠨ ᠰᠠᠯᠭᠠᠵᠤ ᠪᠠᠢᠵᠤ ᠯᠠ ᠡᠨᠡ ᠬᠣᠷᠸ᠎ᠠ ᠶ᠋ᠢ ᠣᠷᠬᠢᠬᠤ ᠤᠴᠢᠷ ᠲᠠᠢ᠃ ᠬᠠᠷᠢᠨ ᠮᠢᠨᠦ ᠵᠠᠬᠢᠵᠤ ᠬᠡᠯᠡᠭᠰᠡᠨᠴᠢᠯᠡᠨ ᠡᠭᠦᠷᠢᠳᠡ ᠶ᠋ᠢᠨ ᠠᠮᠤᠭᠤᠯᠠᠩ ᠢ᠋ ᠣᠯᠤᠭᠰᠠᠨ ᠤ᠋ ᠪᠠᠨ ᠳᠠᠷᠠᠭ᠎ᠠ ᠪᠢ ᠡᠭᠦᠨ ᠢ᠋ ᠣᠷᠴᠢᠯᠠᠩ ᠳ᠋ᠤ᠌ ᠠᠩᠬ᠎ᠠ ᠢᠷᠡᠭᠰᠡᠨ ᠰᠢᠭ ᠵᠡᠭᠦᠨ ᠭᠠᠷ ᠲᠠᠭᠠᠨ ᠠᠳᠬᠤᠨ ᠮᠥᠩᠬᠡᠷᠡᠬᠦ ᠶᠣᠰᠣᠲᠠᠢ ᠶᠤᠮ ᠰᠢᠦ᠃ ᠥᠭᠡᠯᠦᠨ ᠡᠬᠡ ᠶ᠋ᠢᠨ ᠢ᠋ᠶ᠋ᠡᠨ ᠠᠮᠢᠨᠴᠢᠯᠠᠨ ᠵᠠᠬᠢᠵᠤ ᠬᠡᠯᠡᠭᠰᠡᠨ ᠢ᠋ᠶ᠋ᠡᠷ ᠡᠨᠡ ᠲᠩᠷᠢ ᠶ᠋ᠢᠨ ᠲᠡᠮᠳᠡᠭ ᠢ᠋ ᠨᠢᠳᠦ ᠦᠵᠡᠵᠦ᠂ ᠬᠥᠯ ᠬᠦᠷᠬᠦ ᠦᠭᠡᠢ ᠭᠠᠵᠠᠷ ᠲᠤ᠌ ᠪᠢ ᠥᠪᠡᠷ ᠦ᠋ᠨ ᠬᠠᠮᠲᠤ ᠠᠪᠴᠤ ᠶᠠᠪᠤᠶ᠎ᠠ᠃ ᠨᠠᠮᠠᠶ᠋ᠢ ᠪᠤᠩᠬᠤᠯᠠᠬᠤ ᠳ᠋ᠠᠭᠠᠨ ᠲᠩᠷᠢ ᠶ᠋ᠢᠨ ᠲᠡᠮᠳᠡᠭ ᠢ᠋ ᠵᠡᠭᠦᠨ ᠭᠠᠷ ᠲᠤ᠌ ᠮᠢᠨᠢ ᠠᠳᠬᠤᠭᠤᠯᠤᠭᠠᠷᠠᠢ᠃ ᠪᠢ ᠥᠭᠡᠯᠦᠨ ᠡᠬᠡ ᠶ᠋ᠢᠨ ᠢ᠋ᠶ᠋ᠡᠨ ᠤᠬᠠᠭᠠᠨ ᠢ᠋ ᠳᠥᠩᠭᠡᠵᠢ ᠰᠠᠶᠢ ᠯᠠ ᠨᠢᠭᠡ ᠭᠦᠢᠴᠡᠪᠡ ᠭᠡᠵᠦ ᠴᠢᠩᠭᠢᠰ ᠬᠠᠭᠠᠨ ᠬᠡᠯᠡᠭᠡᠳ ᠱ᠌ᠢᠷᠦ ᠮᠡᠲᠦ ᠤᠯᠠᠭᠠᠨ ᠥᠩᠭᠡᠲᠡᠢ ᠲᠩᠷᠢ ᠶ᠋ᠢᠨ ᠲᠡᠮᠳᠡᠭ ᠢ᠋ ᠶᠡᠬᠡ ᠯᠡ ᠨᠠᠨᠳᠢᠩᠨᠠᠨ ᠥᠭᠡᠳᠡᠢ ᠳ᠋ᠦ᠍ ᠥᠭᠴᠡᠢ᠃
| ᠠᠳᠬᠤ᠂ ᠬᠥᠮᠦᠨ ᠳ᠋ᠦ᠍ ᠪᠦᠦ ᠦᠵᠡᠭᠦᠯ᠃
ᠤᠯᠠᠢᠳᠠᠭᠰᠠᠨ ᠮᠡᠲᠦ ᠬᠠᠯᠠᠭᠤᠨ ᠲᠡᠷᠡ ᠴᠢᠯᠠᠭᠤ ᠴᠢᠩᠭᠢᠰ ᠬᠠᠭᠠᠨ ᠤ᠋ ᠭᠠᠷ ᠠ᠋ᠴᠠ ᠰᠢᠯᠵᠢᠩᠭᠦᠲᠡ ᠪᠡᠨ ᠥᠩᠭᠡ ᠨᠢ ᠪᠦᠳᠡᠭᠢᠷᠡᠵᠦ ᠪᠠᠢᠬᠤ ᠶ᠋ᠢ ᠥᠭᠡᠳᠡᠢ ᠠᠵᠢᠵᠤ ᠠᠮᠵᠢᠪᠠ᠃ ᠭᠠᠷ ᠤ᠋ᠨ ᠠᠯᠠᠭ᠎ᠠ ᠨᠢ ᠠᠶᠤᠮᠰᠢᠭᠲᠠᠢ ᠪᠠᠷ ᠲᠦᠯᠡᠭᠳᠡᠨ ᠬᠣᠷᠣᠰᠬᠤ ᠶ᠋ᠢ ᠥᠭᠡᠳᠡᠢ ᠲᠡᠪᠴᠢᠵᠡᠢ᠃
| ᠬᠠᠭᠠᠨ ᠡᠴᠢᠭᠡ ᠮᠢᠨᠢ ᠪᠢ ᠪᠦᠭᠦᠳᠡ ᠶ᠋ᠢ ᠲᠠᠨ ᠤ᠋ ᠠᠢᠯᠠᠳᠬᠠᠭᠰᠠᠨ ᠢ᠋ᠶ᠋ᠠᠷ ᠭᠦᠢᠴᠡᠯᠳᠦᠭᠦᠯᠦᠶᠡ᠃
| ᠣᠳᠣ ᠴᠢ ᠮᠢᠨᠦ ᠮᠣᠷᠢ ᠶ᠋ᠢ ᠠᠪᠴᠢᠷᠠᠭᠤᠯ᠃
| ᠬᠠᠭᠠᠨ ᠡᠴᠢᠭᠡ ᠮᠢᠨᠢ ᠲᠠ ᠡᠢᠮᠦ ᠪᠠᠢᠵᠤ ᠶᠠᠭᠠᠬᠢᠵᠤ ᠮᠣᠷᠢ ᠤᠨᠤᠨ᠎ᠠ? ᠲᠡᠷᠭᠡᠨ ᠳ᠋ᠦ᠍ ᠶᠠᠪᠤᠪᠠᠯ ᠠᠮᠤᠷ ᠪᠤᠰᠤ ᠤᠤ?
| ᠬᠥᠪᠡᠭᠦᠨ ᠴᠢ ᠮᠢᠨᠦ ᠬᠡᠯᠡᠭᠰᠡᠨ ᠢ᠋ ᠬᠢᠭᠲᠦᠨ᠃ ᠰᠡᠭᠦᠯᠴᠢ ᠶ᠋ᠢᠨ ᠬᠦᠰᠡᠯ ᠢ᠋ ᠮᠢᠨᠢ ᠰᠥᠷᠴᠦ ᠪᠦᠦ ᠴᠠᠭᠠᠷᠢᠭᠯᠠ᠃
| ᠶᠡᠬᠡ ᠴᠡᠷᠢᠭ ᠢ᠋ ᠵᠣᠭᠰᠣᠭᠠᠵᠤ ᠲᠠᠨ ᠤ᠋ ᠮᠣᠷᠢ ᠶ᠋ᠢ ᠠᠪᠴᠤ ᠢᠷᠡᠶ᠎ᠡ᠃
| ᠪᠠᠢᠵᠠ ᠬᠦᠯᠢᠶᠡ᠃ ᠶᠡᠬᠡ ᠴᠡᠷᠢᠭ ᠢ᠋ ᠪᠦᠦ ᠵᠣᠭᠰᠣᠭ᠎ᠠ᠃ ᠮᠢᠨᠦ ᠪᠡᠶ᠎ᠡ ᠰᠠᠮᠠᠭᠤᠷᠠᠬᠤ ᠶᠠᠭᠤ ᠴᠤ᠌ ᠪᠢᠰᠢ᠃ ᠶᠡᠬᠡ ᠴᠡᠷᠢᠭ ᠢ᠋ ᠨᠠᠳᠠ ᠠ᠋ᠴᠠ ᠪᠣᠯᠵᠤ ᠪᠦᠦ ᠵᠣᠭᠰᠣᠭ᠎ᠠ᠃ ᠶᠡᠬᠡ ᠴᠡᠷᠢᠭ ᠵᠣᠭᠰᠣᠨ᠎ᠠ ᠭᠡᠳᠡᠭ ᠮᠣᠩᠭᠣᠯ ᠤ᠋ᠨ ᠶᠡᠬᠡ ᠤᠯᠤᠰ ᠲᠤ᠌ ᠦᠬᠦᠯ ᠲᠡᠢ ᠠᠳᠠᠯᠢ᠃ ᠬᠥᠪᠡᠭᠦᠨ ᠴᠢ ᠡᠭᠦᠨ ᠢ᠋ ᠬᠡᠵᠢᠶ᠎ᠡ ᠴᠦ᠍ ᠪᠦᠦ ᠮᠠᠷᠲᠠ᠃ ᠪᠢ ᠲᠣᠯᠪᠣᠲᠤ ᠪᠣᠷᠣ ᠮᠣᠷᠢ ᠲᠠᠢ ᠪᠠᠨ ᠶᠡᠬᠡ ᠴᠡᠷᠢᠭ ᠦ᠋ᠨ ᠮᠠᠩᠯᠠᠢ ᠳ᠋ᠤ᠌ ᠶᠠᠪᠤᠰᠤᠭᠠᠢ᠃ ᠬᠥᠪᠡᠭᠦᠨ ᠴᠢ ᠬᠠᠭᠠᠨ ᠰᠠᠭᠤᠷᠢᠨ ᠳ᠋ᠠᠭᠠᠨ ᠰᠠᠭᠤ᠃ ᠨᠠᠮᠠᠶ᠋ᠢ ᠲᠩᠷᠢ ᠶ᠋ᠢᠨ ᠣᠷᠣᠨ ᠬᠦᠯᠢᠶᠡᠵᠦ ᠪᠠᠢᠨ᠎ᠠ᠃ ᠪᠢ ᠮᠣᠷᠢᠲᠠᠢ ᠪᠠᠨ᠂ ᠶᠡᠬᠡ ᠴᠡᠷᠢᠭ ᠲᠡᠢ ᠪᠡᠨ ᠬᠠᠮᠲᠤ ᠶᠠᠪᠤᠰᠤᠭᠠᠢ᠃ ᠶᠡᠬᠡ ᠴᠡᠷᠢᠭ ᠢ᠋ ᠪᠦᠦ ᠵᠣᠭᠰᠣᠭ᠎ᠠ᠃ ᠨᠠᠮᠠᠶ᠋ᠢ ᠲᠩᠷᠢ ᠳ᠋ᠦ᠍ ᠣᠳᠬᠤ ᠳ᠋ᠤ᠌ ᠦᠳᠡᠬᠦ ᠬᠦᠨᠳᠦᠳᠬᠡᠯ ᠦ᠋ᠨ ᠴᠤᠪᠤᠭ᠎ᠠ ᠪᠣᠯᠭ᠎ᠠ᠃ ᠨᠠᠳᠠ ᠠ᠋ᠴᠠ ᠬᠣᠢᠰᠢ ᠴᠤ᠌ ᠶᠡᠬᠡ ᠴᠡᠷᠢᠭ ᠢ᠋ ᠪᠦᠦ ᠵᠣᠭᠰᠣᠭ᠎ᠠ ᠭᠡᠰᠡᠨ ᠨᠢ ᠴᠢᠩᠭᠢᠰ ᠬᠠᠭᠠᠨ ᠤ᠋ ᠬᠦᠴᠦ ᠪᠡᠨ ᠰᠢᠪᠬᠠᠨ ᠬᠡᠯᠡᠭᠰᠡᠨ ᠡᠴᠦᠰ ᠦ᠋ᠨ ᠦᠭᠡ ᠪᠣᠯᠪᠠ᠃ ᠲᠡᠭᠦᠨ ᠦ᠌ ᠵᠢᠷᠦᠬᠡ ᠬᠠᠶᠠ ᠨᠢᠭᠡᠬᠡᠨ ᠲᠠᠰᠤᠯᠳᠠᠩᠭᠤᠢ ᠴᠣᠬᠢᠯᠠᠵᠤ ᠪᠠᠢᠭᠰᠠᠨ ᠴᠤ᠌ ᠲᠡᠷᠡ ᠥᠪᠡᠷ ᠲᠦ᠍ ᠰᠢᠩᠭᠡᠨ ᠦᠯᠡᠳᠡᠭᠰᠡᠨ ᠲᠩᠷᠢ ᠶ᠋ᠢᠨ ᠶᠡᠬᠡ ᠬᠦᠴᠦ ᠪᠡᠷ ᠦᠬᠦᠯ ᠲᠡᠢ ᠲᠡᠮᠡᠴᠡᠵᠦ ᠪᠠᠢᠪᠠ᠃
ᠴᠢᠩᠭᠢᠰ ᠬᠠᠭᠠᠨ ᠡᠨᠡ ᠣᠷᠴᠢᠯᠠᠩ ᠢ᠋ ᠣᠷᠬᠢᠨ ᠣᠳᠬᠤ ᠶ᠋ᠢᠨ ᠢ᠋ᠶ᠋ᠡᠨ ᠡᠮᠦᠨ᠎ᠡ ᠡᠢᠨ ᠬᠦ᠌ ᠰᠠᠨᠠᠭᠰᠠᠨ ᠪᠦᠭᠦᠳᠡ ᠪᠡᠨ ᠬᠢᠵᠦ ᠰᠠᠨᠠᠭ᠎ᠠ ᠨᠢ ᠠᠮᠠᠷᠠᠪᠠ᠃ ᠣᠳᠣ ᠭᠠᠭᠴᠠᠬᠠᠨ ᠬᠦᠰᠡᠯ ᠯᠡ ᠦᠯᠡᠳᠡᠪᠡ᠃ ᠡᠨᠡ ᠪᠣᠯ ᠲᠡᠭᠦᠨ ᠦ᠌ ᠣᠯᠠᠨ ᠬᠣᠨᠣᠭ ᠤ᠋ᠨ ᠲᠤᠷᠰᠢ ᠪᠣᠳᠣᠭᠰᠠᠨ ᠬᠡᠷᠡᠭ ᠪᠠᠢᠯ᠎ᠠ᠃ ᠴᠢᠩᠭᠢᠰ ᠬᠠᠭᠠᠨ ᠵᠠᠮᠤᠬ᠎ᠠ ᠰᠢᠭ᠋ ᠬᠥᠮᠦᠨ ᠦ᠌ ᠵᠢᠭᠠᠭᠰᠠᠨ ᠢ᠋ᠶ᠋ᠠᠷ ᠪᠢᠰᠢ᠂ ᠥᠪᠡᠷ ᠦ᠋ᠨ ᠬᠦᠰᠡᠭᠰᠡᠨ ᠢ᠋ᠶ᠋ᠡᠷ ᠦᠬᠦᠬᠦ ᠪᠡᠷ ᠬᠠᠲᠠᠭᠤ ᠰᠢᠢᠳᠦᠭᠰᠡᠨ ᠪᠢᠯᠡ᠃ ᠲᠡᠷᠡ ᠴᠠᠭ ᠣᠳᠣ ᠢᠷᠡᠪᠡ᠃ ᠲᠡᠷᠡ ᠦᠬᠦᠯ ᠡᠴᠡ ᠬᠦᠴᠦᠲᠡᠢ ᠭᠡᠳᠡᠭ ᠢ᠋ᠶ᠋ᠡᠨ ᠬᠠᠷᠠᠭᠤᠯᠬᠤ ᠶ᠋ᠢ ᠲᠤᠢᠯ ᠤ᠋ᠨ ᠶᠡᠬᠡ ᠪᠡᠷ ᠬᠦᠰᠡᠵᠦ ᠪᠠᠢᠪᠠ᠃ ᠪᠡᠶ᠎ᠡ ᠮᠠᠬᠠᠪᠣᠳ ᠨᠢ ᠠᠯᠢ ᠡᠷᠲᠡ ᠲᠡᠭᠦᠨ ᠦ᠌ ᠤᠬᠠᠭᠠᠨ ᠳ᠋ᠤ᠌ ᠵᠠᠬᠢᠷᠤᠭᠳᠠᠬᠤ ᠦᠭᠡᠢ ᠪᠣᠯᠵᠤ ᠪᠦᠬᠦ ᠬᠥᠳᠡᠯᠭᠡᠭᠡᠨ ᠨᠢ ᠵᠣᠭᠰᠣᠵᠠᠢ᠃ ᠭᠡᠪᠡᠴᠦ ᠲᠡᠭᠦᠨ ᠦ᠌ ᠤᠭᠤᠷᠠᠭ ᠲᠠᠷᠢᠬᠢ ᠠᠰᠤᠷᠤ ᠶᠡᠬᠡ ᠬᠦᠴᠦ ᠭᠠᠷᠭᠠᠨ ᠠᠵᠢᠯᠯᠠᠭᠰᠠᠭᠠᠷ ᠪᠠᠢᠯ᠎ᠠ᠃ ᠭᠠᠳᠠᠨ᠎ᠠ ᠮᠣᠷᠢ ᠬᠠᠩᠭᠢᠨᠠᠲᠠᠯ᠎ᠠ ᠢᠨᠴᠠᠭᠠᠬᠤ ᠨᠢ ᠰᠣᠨᠣᠰᠳᠠᠪᠠ᠃ ᠴᠢᠩᠭᠢᠰ ᠬᠠᠭᠠᠨ ᠢ᠋ ᠲᠡᠭᠦᠨ ᠦ᠌ ᠶᠡᠬᠡ ᠴᠡᠷᠢᠭ᠂ ᠡᠷᠡᠮᠡᠭ ᠬᠦᠯᠦᠭ ᠨᠢ ᠳᠠᠭᠤᠳᠠᠵᠤ ᠪᠠᠢᠭ᠎ᠠ ᠨᠢ ᠡᠨᠡ ᠶᠦᠮ᠃ ᠣᠶᠤᠨ ᠤᠬᠠᠭᠠᠨ ᠨᠢ ᠡᠴᠦᠰ ᠦ᠋ᠨ ᠬᠦᠴᠦ ᠪᠡᠨ ᠳᠠᠢᠴᠢᠯᠠᠨ ᠥᠪᠡᠷ ᠦ᠋ᠨ ᠪᠡᠶ᠎ᠡ ᠳ᠋ᠦ᠍ ᠬᠤᠷᠠᠮᠳᠤᠯᠠᠭᠳᠠᠨ ᠪᠠᠢᠭᠰᠠᠨ ᠲᠩᠷᠢ ᠶ᠋ᠢᠨ ᠶᠡᠬᠡ ᠬᠦᠴᠦ ᠶ᠋ᠢ ᠨᠢᠭᠡ ᠮᠥᠷ ᠰᠢᠪᠬᠠᠨ ᠭᠠᠷᠭᠠᠵᠠᠢ᠃ ᠴᠢᠩᠭᠢᠰ ᠬᠠᠭᠠᠨ ᠤ᠋ ᠪᠡᠶ᠎ᠡ ᠡᠴᠡ ᠢᠯᠭᠠᠷᠠᠨ ᠭᠠᠷᠤᠭᠰᠠᠨ ᠡᠨᠡ ᠶᠡᠬᠡ ᠬᠦᠴᠦᠨ ᠳ᠋ᠦ᠍ ᠬᠤᠢ ᠰᠠᠯᠬᠢ ᠬᠣᠷᠣᠮ ᠤ᠋ᠨ ᠳᠣᠲᠣᠷ᠎ᠠ ᠳᠡᠭᠳᠡᠨ ᠦᠷᠭᠦᠭᠡᠨ ᠣ ᠳᠡᠭᠡᠪᠦᠷ ᠲᠤᠭᠤᠷᠭ᠎ᠠ ᠶ᠋ᠢ ᠬᠡᠢᠰᠬᠡᠨ ᠣᠳᠬᠤ ᠮᠡᠲᠦ ᠪᠣᠯᠪᠠ᠃ ᠣᠳᠣ ᠲᠡᠭᠦᠨ ᠦ᠌ ᠨᠢᠳᠦᠨ ᠦ᠌ ᠬᠢᠨᠢ ᠡᠮᠦᠨ᠎ᠡ ᠪᠦᠬᠦ ᠵᠦᠢᠯ ᠢᠯᠡ ᠲᠣᠳᠣ ᠬᠠᠷᠠᠭᠳᠠᠨ᠎ᠠ᠃ ᠬᠣᠯᠠ ᠦᠭᠡᠢ ᠶᠡᠬᠡ ᠴᠡᠷᠢᠭ ᠬᠦᠪᠦᠷᠡᠨ ᠤᠷᠤᠭᠰᠢᠯᠠᠬᠤ ᠨᠢ ᠦᠵᠡᠭᠳᠡᠪᠡ᠃ ᠴᠢᠩᠭᠢᠰ ᠬᠠᠭᠠᠨ ᠣᠭᠲᠣ ᠡᠷᠡᠭᠦᠯ ᠬᠥᠮᠦᠨ ᠰᠢᠭ ᠴᠡᠭᠴᠡ ᠰᠢᠯᠤᠭᠤᠨ ᠠᠯᠬᠤᠨ ᠣᠴᠢᠭᠠᠳ ᠮᠣᠷᠢᠨ ᠳ᠋ᠠᠭᠠᠨ ᠮᠣᠷᠳᠠᠪᠠ᠃ ᠥᠭᠡᠳᠡᠢ ᠶ᠋ᠢᠨ ᠵᠠᠷᠯᠢᠭ ᠢ᠋ᠶ᠋ᠠᠷ ᠬᠡᠨ ᠴᠦ᠍ ᠲᠡᠭᠦᠨ ᠳ᠋ᠦ᠍ ᠣᠢᠷᠠᠲᠤᠭᠰᠠᠨ ᠦᠭᠡᠢ᠃
ᠴᠢᠩᠭᠢᠰ ᠬᠠᠭᠠᠨ ᠣᠳᠣ ᠶᠠᠭᠤ ᠴᠤ᠌ ᠣᠯᠵᠤ ᠬᠠᠷᠠᠬᠤ ᠦᠭᠡᠢ ᠪᠣᠯᠵᠠᠢ᠃ ᠲᠡᠭᠦᠨ ᠳ᠋ᠦ᠍ ᠭᠠᠭᠴᠠᠬᠠᠨ ᠨᠢᠳᠦ ᠰᠣᠬᠣᠯᠤᠮᠠ ᠴᠠᠭᠠᠨ ᠭᠡᠷᠡᠯ ᠦᠵᠡᠭᠳᠡᠨ᠎ᠡ᠃ 《ᠪᠢ ᠬᠦᠰᠡᠯ ᠢ᠋ᠶ᠋ᠡᠷ ᠢ᠋ᠶ᠋ᠡᠨ ᠦᠬᠦᠪᠡ᠃ ᠦᠬᠦᠯ ᠴᠠᠭᠠᠨ ᠥᠩᠭᠡᠲᠡᠢ ᠪᠠᠢᠳᠠᠭ ᠠᠵᠢ》 ᠭᠡᠵᠦ ᠪᠣᠳᠣᠭᠰᠠᠨ ᠨᠢ ᠲᠡᠭᠦᠨ ᠦ᠌ ᠡᠴᠦᠰ ᠦ᠋ᠨ ᠪᠣᠳᠣᠯ ᠪᠠᠢᠪᠠ᠃ ᠣᠯᠠᠨ ᠠᠭᠲᠠ᠂ ᠲᠦᠮᠡ ᠲᠦᠮᠡᠨ ᠴᠡᠷᠢᠭ ᠦ᠋ᠨ ᠵᠢᠭᠰᠠᠭᠠᠯ ᠤ᠋ᠨ ᠮᠠᠩᠯᠠᠢ ᠳ᠋ᠤ᠌ ᠶᠠᠪᠤᠵᠤ ᠰᠤᠷᠤᠭᠰᠠᠨ ᠲᠣᠯᠪᠣᠲᠤ ᠪᠣᠷᠣ ᠮᠣᠷᠢ ᠨᠢ ᠬᠠᠷᠠᠬᠤ ᠶ᠋ᠢᠨ ᠵᠠᠭᠤᠷ᠎ᠠ ᠦᠭᠡᠢ ᠴᠠᠬᠢᠯᠤᠨ ᠳᠠᠪᠬᠢᠵᠤ ᠴᠡᠷᠢᠭ ᠦ᠋ᠨ ᠴᠣᠪᠣᠭᠠᠨ ᠤ᠋ ᠲᠦᠷᠦᠭᠦᠨ ᠳ᠋ᠦ᠍ ᠭᠠᠷᠤᠮᠠᠭᠴᠠ ᠪᠠᠨ ᠲᠠᠢᠪᠤᠰᠢᠷᠠᠵᠤ ᠶᠡᠬᠡ ᠴᠡᠷᠢᠭ ᠦ᠋ᠨ ᠴᠤᠪᠤᠭ᠎ᠠ ᠶ᠋ᠢ ᠮᠠᠩᠯᠠᠢᠯᠠᠨ ᠲᠣᠪᠣᠷ ᠲᠣᠪᠣᠷ ᠠᠯᠬᠤᠯᠠᠪᠠ᠃ ᠶᠠᠭ ᠡᠨᠡ ᠦᠶᠡᠰ ᠴᠢᠩᠭᠢᠰ ᠬᠠᠭᠠᠨ ᠤ᠋ ᠰᠦᠨᠡᠰᠦ ᠪᠡᠶ᠎ᠡ ᠡᠴᠡ ᠰᠠᠯᠵᠤ ᠲᠩᠷᠢ ᠳ᠋ᠦ᠍ ᠬᠥᠭᠡᠷᠴᠡᠢ᠃ ᠴᠡᠷᠢᠭ ᠦ᠋ᠨ ᠴᠣᠪᠣᠭᠠᠨ ᠤ᠋ ᠡᠬᠢᠨ ᠳ᠋ᠦ᠍ ᠶᠠᠪᠤᠵᠤ ᠪᠠᠢᠭᠰᠠᠨ ᠲᠤᠯᠤᠢ ᠶ᠋ᠢᠨ ᠬᠥᠪᠡᠭᠦᠨ ᠬᠤᠪᠢᠯᠠᠢ ᠵᠢᠭᠰᠠᠭᠠᠯ ᠤ᠋ᠨ ᠡᠬᠢᠨ ᠡᠴᠡ ᠪᠥᠭᠡᠮ ᠭᠠᠯ ᠲᠩᠷᠢ ᠳ᠋ᠦ᠍ ᠬᠥᠭᠡᠷᠬᠦ ᠶ᠋ᠢ ᠬᠠᠷᠠᠭᠠᠳ
| ᠬᠠᠷᠠᠭᠠᠴᠢ᠂ ᠲᠡᠷᠡ ᠭᠠᠯ ᠢ᠋᠃ ᠲᠩᠷᠢ ᠳ᠋ᠦ᠍ ᠭᠠᠯ ᠬᠥᠭᠡᠷᠴᠦ ᠪᠠᠢᠨ᠎ᠠ᠃ ᠶᠠᠭ ᠴᠢᠨᠣ᠎ᠠ ᠰᠢᠭ᠋ ᠭᠠᠯ᠃ ᠭᠠᠯᠲᠤ ᠴᠢᠨᠣ᠎ᠠ ᠲᠩᠷᠢ ᠳ᠋ᠦ᠍ ᠬᠥᠭᠡᠷᠴᠦ ᠪᠠᠢᠨ᠎ᠠ ᠭᠡᠵᠦ ᠴᠠᠩᠭᠢᠨᠠᠭᠤᠯᠤᠨ ᠬᠠᠰᠬᠢᠷᠴᠠᠢ᠃ ᠬᠤᠪᠢᠯᠠᠢ ᠶ᠋ᠢᠨ ᠳᠠᠭᠤᠨ ᠢ᠋ᠶ᠋ᠠᠷ ᠪᠦᠭᠦᠳᠡ ᠳᠡᠭᠡᠭᠰᠢ ᠬᠠᠷᠠᠵᠤ ᠪᠦᠷ ᠲᠩᠷᠢ ᠶ᠋ᠢ ᠴᠣᠭᠣᠷᠠᠲᠠᠯ᠎ᠠ ᠰᠢᠷᠲᠡᠵᠡᠭᠡᠭᠰᠡᠨ ᠪᠣᠯᠪᠠᠴᠤ ᠶᠠᠭᠤ ᠴᠤ᠌ ᠣᠯᠵᠤ ᠦᠵᠡᠭᠰᠡᠨ ᠦᠭᠡᠢ᠃ ᠭᠡᠪᠡᠴᠦ ᠡᠨᠡ ᠴᠢᠨᠣ᠎ᠠ ᠶ᠋ᠢᠨ ᠳᠦᠷᠰᠦᠲᠦ ᠭᠠᠯ ᠬᠤᠪᠢᠯᠠᠢ ᠠ᠋ᠴᠠ ᠪᠤᠰᠤᠳ ᠬᠥᠮᠦᠰ ᠦ᠋ᠨ ᠨᠢᠳᠦᠨ ᠳ᠋ᠦ᠍ ᠬᠠᠷᠠᠭᠳᠠᠭ᠎ᠠ ᠦᠭᠡᠢ ᠨᠢ ᠲᠩᠷᠢ ᠶ᠋ᠢᠨ ᠬᠦᠰᠡᠯ ᠪᠣᠯᠬᠤ ᠶ᠋ᠢ ᠬᠡᠨ ᠴᠦ᠍ ᠭᠠᠳᠠᠷᠯᠠᠭᠰᠠᠨ ᠦᠭᠡᠢ ᠪᠥᠭᠡᠳ ᠪᠦᠭᠦᠳᠡᠭᠡᠷ ᠬᠤᠪᠢᠯᠠᠢ ᠶ᠋ᠢ ᠬᠡᠢ ᠶᠠᠭᠤᠮ᠎ᠠ ᠬᠠᠷᠠᠪᠠ ᠭᠡᠵᠦ ᠪᠤᠳᠤᠵᠠᠭᠠᠵᠠᠢ᠃ ᠬᠤᠪᠢᠯᠠᠢ ᠬᠠᠷᠠᠭᠰᠠᠭᠠᠷ ᠪᠠᠢᠲᠠᠯ᠎ᠠ ᠥᠨᠥ ᠭᠠᠯᠲᠤ ᠴᠢᠨᠣ᠎ᠠ ᠲᠦᠳᠡᠯ ᠦᠭᠡᠢ ᠲᠩᠷᠢ ᠳ᠋ᠦ᠍ ᠰᠢᠩᠭᠡᠨ ᠦᠵᠡᠭᠳᠡᠬᠦ ᠪᠡᠨ ᠪᠣᠯᠢᠵᠠᠢ᠃ ᠴᠢᠩᠭᠢᠰ ᠬᠠᠭᠠᠨ ᠤ᠋ ᠰᠦᠨᠡᠰᠦ ᠪᠡᠶ᠎ᠡ ᠡᠴᠡ ᠲᠠᠰᠤᠷᠠᠨ ᠮᠡᠩᠯᠢᠭ ᠦ᠋ᠨ ᠬᠥᠪᠡᠭᠦᠨ ᠬᠥᠭᠡᠴᠦ ᠶ᠋ᠢᠨ ᠬᠠᠮᠲᠤ ᠡᠢᠨ ᠬᠦ᠌ ᠲᠩᠷᠢ ᠶ᠋ᠢᠨ ᠣᠷᠣᠨ ᠢ᠋ ᠵᠣᠷᠢᠨ ᠣᠳᠤᠭᠰᠠᠨ ᠪᠢᠯᠡ᠂ ᠬᠠᠷ᠎ᠠ ᠪᠠᠭ᠎ᠠ ᠳ᠋ᠤᠨᠢ ᠭᠠᠭᠴᠠᠬᠠᠨ ᠤᠳᠠᠭ᠎ᠠ ᠦᠵᠡᠭᠳᠡᠭᠰᠡᠨ ᠭᠠᠯᠲᠤ ᠴᠢᠨᠣ᠎ᠠ ᠪᠣᠯ ᠴᠢᠩᠭᠢᠰ ᠬᠠᠭᠠᠨ ᠤ᠋ ᠥᠪᠡᠷ ᠦ᠋ᠨ ᠬᠢᠨᠢ ᠰᠡᠳᠬᠢᠯ ᠣᠶᠤᠨ ᠤ᠋ ᠬᠠᠷᠠᠭᠳᠠᠬᠤ ᠳᠦᠷᠢ᠂ ᠲᠡᠭᠦᠨ ᠦ᠌ ᠮᠥᠩᠬᠡ ᠲᠩᠷᠢ ᠪᠠᠢᠵᠠᠢ᠃ ᠲᠡᠮᠦᠵᠢᠨ ᠵᠡᠭᠦᠳᠦᠨ ᠳ᠋ᠡᠭᠡᠨ ᠭᠠᠯᠲᠤ ᠴᠢᠨᠣ᠎ᠠ ᠶ᠋ᠢ ᠦᠵᠡᠭᠰᠡᠨ ᠨᠢ ᠬᠥᠭᠡᠴᠦ ᠶ᠋ᠢᠨ ᠢᠳᠢ ᠰᠢᠳᠢ ᠶ᠋ᠢᠨ ᠬᠦᠴᠦ ᠪᠡᠷ ᠥᠪᠡᠷ ᠦ᠋ᠨ ᠰᠡᠳᠬᠢᠯ ᠢ᠋ ᠦᠵᠡᠭᠰᠡᠨ ᠬᠡᠷᠡᠭ ᠪᠠᠢᠪᠠ᠃ ᠡᠢᠮᠦ ᠶᠠᠪᠤᠳᠠᠯ ᠵᠢᠷ ᠦ᠋ᠨ ᠬᠥᠮᠦᠨ ᠳ᠋ᠦ᠍ ᠣᠭᠲᠣ ᠲᠣᠬᠢᠶᠠᠯᠳᠤᠬᠤ ᠦᠭᠡᠢ ᠠᠵᠢ᠃ ᠴᠢᠩᠭᠢᠰ ᠬᠠᠭᠠᠨ ᠤ᠋ ᠰᠦᠨᠡᠰᠦ ᠭᠠᠯᠲᠤ ᠴᠢᠨᠣ᠎ᠠ ᠭᠠᠵᠠᠷ ᠲᠤ᠌ ᠳᠠᠬᠢᠨ ᠡᠷᠭᠢᠵᠦ ᠪᠠᠭᠤᠬᠤ ᠦᠭᠡᠢ ᠪᠡᠷ ᠲᠩᠷᠢ ᠳ᠋ᠦ᠍ ᠣᠳᠤᠭᠰᠠᠨ ᠪᠥᠭᠡᠳ ᠰᠠᠶᠢ ᠥᠨᠳᠥᠷ ᠡᠴᠡ ᠬᠠᠷᠠᠬᠤ ᠳ᠋ᠤ᠌ ᠡᠨᠡ ᠭᠠᠵᠠᠷ ᠬᠠᠪᠲᠠᠭᠠᠢ ᠪᠢᠰᠢ ᠪᠥᠭᠡᠷᠡᠩᠬᠡᠢ᠂ ᠪᠠᠰᠠ ᠬᠦᠷᠳᠦ ᠮᠡᠲᠦ ᠡᠷᠭᠢᠯᠳᠦᠵᠦ ᠪᠠᠢᠬᠤ ᠶ᠋ᠢ ᠣᠯᠵᠤ ᠦᠵᠡᠭᠡᠳ ᠶᠡᠬᠡ ᠭᠠᠢᠬᠠᠵᠠᠢ᠃
ᠭᠠᠯᠲᠤ ᠴᠢᠨᠣ᠎ᠠ ᠶ᠋ᠢᠨ ᠳᠦᠷᠢ ᠳ᠋ᠦ᠍ ᠬᠤᠪᠢᠯᠤᠭᠰᠠᠨ ᠴᠢᠩᠭᠢᠰ ᠬᠠᠭᠠᠨ ᠤ᠋ ᠰᠦᠨᠡᠰᠦ ᠲᠩᠷᠢ ᠳ᠋ᠦ᠍ ᠡᠭᠦᠷᠢᠳᠡ ᠣᠳᠴᠤ᠂ ᠬᠠᠷᠢᠨ ᠰᠦᠯᠳᠡ ᠬᠡᠢ ᠮᠣᠷᠢ ᠨᠢ ᠲᠡᠭᠦᠨ ᠦ᠌ ᠤᠨᠠᠭᠰᠠᠨ ᠭᠠᠵᠠᠷ ᠰᠢᠷᠣᠢ᠂ ᠤᠳᠤᠮ ᠤᠭᠰᠠᠭ᠎ᠠ᠂ ᠦᠷ᠎ᠡ ᠬᠣᠢᠴᠢ ᠳ᠋ᠤ᠌ ᠰᠢᠩᠭᠡᠵᠦ ᠦᠯᠡᠳᠡᠭᠰᠡᠨ ᠲᠤᠯᠠ ᠣᠯᠠᠨ ᠮᠣᠩᠭᠣᠯᠴᠤᠳ ᠮᠥᠩᠬᠡ ᠲᠩᠷᠢ ᠳ᠋ᠦ᠍ ᠲᠡᠳᠬᠦᠭᠳᠡᠬᠦ ᠠᠷᠢᠭᠤᠨ ᠬᠤᠲᠤᠭ ᠢ᠋ ᠭᠠᠵᠠᠷ ᠤ᠋ᠨ ᠳᠡᠭᠡᠷ᠎ᠡ ᠡᠭᠡᠨᠡᠭᠲᠡ ᠣᠯᠵᠠᠢ᠁ ᠭᠡᠮᠡᠨ ᠬᠢᠴᠢᠶᠡᠩᠭᠦᠢᠯᠡᠨ ᠪᠢᠴᠢᠭᠡᠳ ᠣᠯᠠᠨ ᠬᠣᠨᠣᠭ ᠴᠣᠮᠴᠣᠢᠨ ᠰᠠᠭᠤᠭᠰᠠᠭᠠᠷ ᠶᠠᠳᠠᠷᠠᠵᠤ᠂ ᠭᠠᠷ ᠨᠢᠳᠦ ᠨᠢ ᠶᠡᠬᠡᠳᠡ ᠴᠢᠯᠡᠭᠰᠡᠨ ᠡᠪᠦᠭᠡᠨ ᠪᠤᠭᠤᠷᠤᠯ ᠪᠢᠴᠢᠭᠡᠴᠢ ᠲᠡᠷᠡ ᠪᠡᠷ ᠬᠥᠰᠢᠭᠰᠡᠨ ᠪᠡᠶ᠎ᠡ ᠪᠡᠨ ᠬᠥᠳᠡᠯᠭᠡᠨ ᠰᠤᠨᠢᠶᠠᠵᠠᠢ᠃
ᠭᠡᠪᠡᠴᠦ ᠢᠩᠭᠢᠭᠰᠡᠨ ᠢ᠋ᠶ᠋ᠡᠷ ᠲᠡᠭᠦᠨ ᠦ᠌ ᠣᠯᠠᠨ ᠵᠢᠯ ᠦ᠋ᠨ ᠬᠦᠴᠢᠷ ᠬᠥᠳᠡᠯᠮᠦᠷᠢ ᠳᠠᠭᠤᠰᠤᠭ᠎ᠠ ᠦᠭᠡᠢ ᠲᠤᠯᠠ ᠲᠠᠷᠢᠬᠢ ᠪᠠᠨ ᠰᠡᠷᠭᠦᠭᠡᠵᠦ ᠳᠠᠬᠢᠨ ᠨᠢᠭᠡ ᠰᠢᠨ᠎ᠡ ᠬᠠᠭᠤᠳᠠᠰᠤ ᠴᠠᠭᠠᠰᠤ ᠠᠪᠴᠤ ᠪᠢᠷ ᠢ᠋ᠶ᠋ᠡᠨ ᠪᠡᠬᠡᠨ ᠳ᠋ᠦ᠍ ᠨᠡᠢᠯᠡᠭᠦᠯᠦᠭᠡᠳ 《ᠴᠢᠩᠭᠢᠰ ᠬᠠᠭᠠᠨ ᠤ᠋ ᠨᠢᠭᠤᠴᠠ ᠲᠡᠦᠬᠡ》 ᠭᠡᠵᠦ ᠲᠣᠮᠣ ᠪᠠᠷ ᠳᠤᠷᠠᠢᠯᠭᠠᠨ ᠪᠢᠴᠢᠵᠦ ᠭᠠᠷᠴᠠᠭ ᠪᠣᠯᠭᠠᠭᠠᠳ ᠪᠠᠰᠠ ᠨᠢᠭᠡᠨ ᠴᠠᠭᠠᠰᠤᠨ ᠳᠡᠭᠡᠷ᠎ᠡ 《ᠡᠨᠡ ᠬᠦ᠌ ᠲᠡᠦᠬᠡ ᠶ᠋ᠢ ᠵᠥᠪᠬᠡᠨ ᠲᠠᠨ ᠳ᠋ᠤ᠌ ᠵᠣᠷᠢᠭᠤᠯᠤᠨ ᠪᠢᠴᠢᠭᠯᠡᠪᠡ᠃ ᠲᠠ ᠡᠭᠦᠨ ᠢ᠋ ᠤᠩᠰᠢᠨ ᠪᠣᠯᠭᠣᠭᠠᠭᠠᠳ ᠮᠠᠭᠲᠠᠨ ᠰᠠᠢᠰᠢᠶᠠᠬᠤ ᠪᠤᠶᠤ ᠬᠢᠯᠢᠩᠨᠡᠨ ᠬᠠᠷᠢᠶᠠᠬᠤ ᠪᠠᠨ ᠲᠦᠷ ᠲᠡᠪᠴᠢᠨ ᠠᠵᠠᠨᠠᠵᠤ ᠰᠠᠷᠠᠭᠤᠯ ᠮᠡᠷᠭᠡᠨ ᠤᠬᠠᠭᠠᠨ ᠳ᠋ᠠᠭᠠᠨ ᠰᠠᠢᠲᠤᠷ ᠲᠤᠩᠭᠠᠨ ᠪᠤᠳᠤᠭᠲᠤᠨ᠃ ᠬᠥᠮᠦᠨ ᠦ᠌ ᠠᠮᠢᠳᠤᠷᠠᠯ ᠤ᠋ᠨ ᠴᠢᠨᠠᠳᠤ ᠨᠢᠭᠤᠴᠠ ᠶ᠋ᠢ ᠬᠡᠨ ᠴᠦ᠍ ᠦᠯᠦ ᠮᠡᠳᠡᠨ᠎ᠡ᠃ ᠭᠠᠭᠴᠠ ᠬᠦ᠌ ᠮᠥᠩᠬᠡ ᠲᠩᠷᠢ ᠶ᠋ᠢᠨ ᠡᠷᠬᠡᠰᠢᠶᠡᠯ ᠳ᠋ᠦ᠍ ᠣᠷᠣᠰᠢᠬᠤ ᠲᠤᠯᠠ ᠲᠠ ᠤᠬᠠᠭᠠᠨ ᠰᠡᠳᠬᠢᠯ ᠦ᠋ᠨ ᠢ᠋ᠶ᠋ᠡᠨ ᠬᠢᠵᠠᠭᠠᠷ ᠦᠭᠡᠢ ᠣᠷᠴᠢᠯᠠᠩ ᠢ᠋ ᠣᠶᠤᠨ ᠤ᠋ ᠵᠤᠯᠠ ᠪᠠᠷ ᠬᠡᠬᠡᠷᠡᠭᠦᠯᠦᠨ ᠪᠠᠢᠵᠤ ᠲᠡᠷᠡ ᠬᠦ᠌ ᠴᠢᠨᠠᠳᠤ ᠨᠢᠭᠤᠴᠠ ᠶ᠋ᠢ ᠨᠢᠴᠤᠵᠤ ᠴᠤᠴᠠᠯ ᠦᠭᠡᠢ ᠡᠷᠢᠵᠦ ᠬᠠᠢᠭᠲᠤᠨ᠃ ᠨᠢᠭᠤᠴᠠ ᠶ᠋ᠢ ᠲᠠᠢᠯᠤᠮᠠᠭᠴᠠ ᠲᠠ ᠮᠥᠩᠬᠡ ᠲᠩᠷᠢ ᠶ᠋ᠢᠨ ᠢᠪᠡᠭᠡᠯ ᠳ᠋ᠦ᠍ ᠪᠠᠭᠲᠠᠬᠤ ᠪᠣᠢ ᠵᠠ 》 ᠭᠡᠵᠦ ᠬᠡᠨ ᠨᠢᠭᠡᠨ ᠳ᠋ᠦ᠍ ᠵᠣᠷᠢᠭᠤᠯᠤᠭᠰᠠᠨ ᠵᠤᠷᠪᠤᠰ ᠪᠢᠴᠢᠭᠡᠳ ᠰᠠᠶᠢ ᠯᠠ ᠰᠠᠨᠠᠭ᠎ᠠ ᠠᠮᠠᠷᠠᠨ ᠨᠢᠭᠡ ᠨᠠᠰᠤᠨ ᠤ᠋ ᠬᠡᠷᠡᠭ ᠢ᠋ᠶ᠋ᠡᠨ ᠪᠦᠲᠦᠭᠡᠭᠰᠡᠨ ᠬᠥᠮᠦᠨ ᠦ᠌ ᠥᠭᠡᠳᠡᠷᠬᠡᠭ ᠬᠠᠩᠬᠤᠯᠤᠭᠤᠨ ᠰᠡᠳᠬᠢᠯ ᠲᠡᠢ ᠪᠡᠷ ᠨᠠᠮ ᠤᠨᠲᠠᠵᠠᠢ᠃
ᠮᠠᠷᠭᠠᠰᠢ ᠨᠢ ᠣᠯᠠᠨ ᠤ᠋ ᠠᠩᠬᠠᠷᠤᠯ ᠢ᠋ ᠲᠠᠲᠠᠬᠤ ᠦᠭᠡᠢ ᠭᠠᠵᠠᠷ ᠢ᠋ᠶ᠋ᠠᠷ ᠬᠠᠭᠠᠨ ᠤ᠋ ᠣᠷᠳᠣᠨ ᠳ᠋ᠤ᠌ ᠨᠡᠪᠲᠡᠷᠡᠨ ᠣᠷᠣᠬᠤ ᠡᠰᠡᠪᠡᠯ ᠮᠥᠩᠬᠡ ᠬᠠᠭᠠᠨ ᠳ᠋ᠤ᠌ ᠤᠭ ᠲᠡᠦᠬᠡ ᠶ᠋ᠢ ᠥᠭᠡᠷ᠎ᠡ ᠢᠲᠡᠭᠡᠯᠲᠡᠢ ᠬᠥᠮᠦᠨ ᠢ᠋ᠶ᠋ᠡᠷ ᠳᠠᠮᠵᠢᠭᠤᠯᠤᠨ ᠣᠯᠠᠨ ᠤ᠋ ᠨᠢᠳᠦᠨ ᠳ᠋ᠦ᠍ ᠦᠵᠡᠭᠦᠯᠦᠯ ᠦᠭᠡᠢ ᠪᠡᠷ ᠬᠦᠷᠭᠡᠬᠦ ᠠᠷᠭ᠎ᠠ ᠶ᠋ᠢ ᠡᠷᠢᠯᠬᠢᠯᠡᠬᠦ ᠪᠡᠷ ᠬᠠᠷ᠎ᠠ ᠬᠣᠷᠣᠮ ᠬᠣᠲᠠ ᠶ᠋ᠢᠨ ᠶᠡᠬᠡ ᠵᠡᠭᠡᠯᠢ᠂ ᠬᠠᠭᠠᠨ ᠤ᠋ ᠣᠷᠳᠣᠨ ᠢ᠋ ᠵᠣᠷᠢᠵᠠᠢ᠃ ᠹᠷᠠᠨᠼᠢ ᠳᠠᠷᠬᠠᠨ ᠪᠣᠱᠸᠸ ᠤ᠋ᠨ ᠤᠷᠠᠯᠠᠭᠰᠠᠨ ᠳᠠᠯᠠᠪᠴᠢᠲᠤ ᠥᠬᠢᠨ ᠲᠩᠷᠢ ᠪᠦᠷᠢᠶ᠎ᠡ ᠲᠠᠲᠠᠵᠤ ᠪᠣᠢ ᠳᠦᠷᠰᠦ ᠲᠡᠢ᠂ ᠯᠤᠤ ᠶ᠋ᠢᠨ ᠲᠣᠯᠣᠭᠠᠢᠲᠤ ᠮᠥᠩᠭᠥᠨ ᠮᠣᠳᠣᠨ ᠤ᠋ ᠳᠡᠷᠭᠡᠳᠡᠭᠦᠷ ᠥᠩᠭᠡᠷᠡᠵᠦ ᠶᠠᠪᠤᠲᠠᠯ᠎ᠠ ᠣᠯᠠᠨ ᠲᠣᠷᠭᠠᠨ ᠴᠡᠷᠢᠭ ᠳᠠᠭᠠᠭᠤᠯᠤᠭᠰᠠᠨ ᠦᠵᠡᠰᠬᠦᠯᠡᠩᠲᠦ ᠬᠥᠪᠡᠭᠦᠨ ᠳᠠᠪᠬᠢᠨ ᠢᠷᠡᠬᠦ ᠳ᠋ᠦ᠍ ᠲᠡᠨᠳᠡ ᠪᠠᠢᠭᠰᠠᠨ ᠲᠦᠮᠡᠨ ᠬᠡᠯᠡᠨ ᠦ᠌ ᠤᠯᠤᠰ ᠪᠦᠭᠦᠳᠡ ᠰᠥᠬᠥᠷᠡᠨ ᠮᠥᠷᠭᠥᠵᠡᠢ᠃ ᠰᠢᠲᠦ ᠨᠢ ᠬᠡᠷᠡᠯᠳᠦᠵᠦ᠂ ᠨᠢᠳᠦ ᠨᠢ ᠭᠢᠯᠠᠯᠵᠠᠭᠰᠠᠨ ᠲᠡᠭᠰᠢ ᠥᠨᠳᠥᠷ ᠪᠡᠶ᠎ᠡ ᠲᠡᠢ ᠬᠠᠷ᠎ᠠ ᠠᠷᠠᠰᠤᠲᠠᠨ ᠴᠡᠷᠢᠭ ᠦ᠋ᠳ ᠬᠥᠪᠡᠭᠦᠨ ᠢ᠋ ᠳᠠᠭᠠᠯᠳᠤᠭᠰᠠᠨ ᠨᠢ ᠡᠪᠦᠭᠡᠨ ᠪᠢᠴᠢᠭᠡᠴᠢ ᠶ᠋ᠢ ᠠᠯᠮᠠᠢᠷᠠᠭᠤᠯᠵᠠᠢ᠃ ᠤᠴᠢᠷ ᠨᠢ ᠲᠡᠷᠡ ᠭᠡᠷ ᠲᠡᠭᠡᠨ ᠰᠢᠭᠢᠳᠦᠨ ᠰᠠᠭᠤᠭᠰᠠᠭᠠᠷ ᠬᠡᠳᠦᠨ ᠵᠢᠯ ᠥᠩᠭᠡᠷᠡᠭᠰᠡᠨ ᠲᠤᠯᠠ ᠬᠠᠷ᠎ᠠ ᠬᠣᠷᠣᠮ ᠬᠣᠲᠠ ᠳ᠋ᠤ᠌ ᠡᠨᠡ ᠮᠡᠲᠦ ᠰᠢᠨ᠎ᠡ ᠵᠦᠢᠯ ᠪᠣᠢ ᠪᠣᠯᠤᠭᠰᠠᠨ ᠢ᠋ ᠮᠡᠳᠡᠭᠰᠡᠨ ᠦᠭᠡᠢ ᠪᠠᠢᠵᠠᠢ᠃ ᠡᠨᠡ ᠪᠣᠯ ᠮᠥᠩᠬᠡ ᠬᠠᠭᠠᠨ ᠤ᠋ ᠪᠠᠭ᠎ᠠ ᠬᠥᠪᠡᠭᠦᠨ᠂ ᠰᠡᠷᠭᠦᠯᠡᠩ ᠴᠣᠪᠣᠭᠣ ᠰᠠᠷᠢᠭᠢᠨ ᠠᠵᠤᠭᠤ᠃ ᠬᠠᠨ ᠬᠥᠪᠡᠭᠦᠨ ᠬᠠᠷ᠎ᠠ ᠬᠣᠷᠣᠮ ᠬᠣᠲᠠ ᠶ᠋ᠢᠨ ᠶᠡᠬᠡ ᠵᠡᠭᠡᠯᠢ ᠶ᠋ᠢ ᠴᠢᠭᠯᠡᠨ ᠣᠳᠴᠠᠢ᠃ ᠮᠥᠩᠬᠡ ᠬᠠᠭᠠᠨ ᠤ᠋ ᠪᠠᠭ᠎ᠠ ᠬᠥᠪᠡᠭᠦᠨ᠂ ᠰᠡᠷᠭᠦᠯᠡᠩ ᠴᠣᠪᠣᠭᠣ ᠰᠡᠷᠢᠬᠢᠨ ᠢ᠋ ᠡᠷᠢᠶᠡᠨ ᠮᠡᠷᠢᠶᠡᠨ ᠪᠠᠷᠠᠭ᠎ᠠ ᠲᠠᠸᠠᠷ ᠰᠣᠨᠢᠷᠬᠠᠨ᠂ ᠬᠠᠮᠠᠭᠠᠯᠠᠭᠴᠢ ᠲᠣᠷᠭᠠᠨ ᠴᠡᠷᠢᠭ ᠦ᠋ᠳ ᠡᠴᠡ ᠰᠠᠳᠠᠭᠠᠷᠠᠨ ᠬᠣᠯᠠᠳᠠᠭᠰᠠᠨ ᠦᠶ᠎ᠡ ᠪᠡᠷ ᠨᠢ ᠰᠠᠮ ᠳᠠᠭᠤᠳᠠᠵᠤ ᠠᠭᠤᠯᠵᠠᠭᠠᠳ ᠲᠡᠭᠦᠨ ᠳ᠋ᠦ᠍ ᠨᠢᠭᠡᠨ ᠠᠯᠲᠠᠨ ᠵᠣᠭᠣᠰ ᠦᠵᠡᠭᠦᠯᠵᠦ
| ᠡᠭᠦᠨ ᠢ᠋ ᠪᠢ ᠮᠥᠩᠬᠡ ᠬᠠᠭᠠᠨ ᠳ᠋ᠤ᠌ ᠵᠠᠪᠠᠯ ᠥᠭᠬᠦ ᠤᠴᠢᠷ ᠲᠠᠢ ᠶᠤᠮ᠃ ᠰᠠᠢᠨ ᠬᠥᠪᠡᠭᠦᠨ ᠴᠢ ᠬᠠᠭᠠᠨ ᠡᠴᠢᠭᠡ ᠳ᠋ᠡᠭᠡᠨ ᠣᠰᠤᠯᠳᠠᠯ ᠦᠭᠡᠢ ᠬᠦᠷᠭᠡᠵᠦ ᠥᠭ᠃ ᠬᠠᠷᠢᠨ ᠡᠨᠡ ᠵᠣᠭᠣᠰ ᠢ᠋ ᠴᠢ ᠥᠪᠡᠷ ᠢ᠋ᠶ᠋ᠡᠨ ᠱᠠᠩ ᠳ᠋ᠤᠨᠢ ᠠᠪᠤᠭᠠᠷᠠᠢ ᠭᠡᠮᠡᠨ ᠪᠠᠰᠠ ᠨᠢᠭᠡ ᠮᠥᠩᠭᠥᠨ ᠵᠣᠭᠣᠰ ᠥᠭᠭᠦᠭᠡᠳ 《ᠡᠨᠡ ᠪᠠᠷᠢᠨᠲᠠᠭ ᠲᠠᠢ ᠰᠤᠳᠤᠷ ᠢ᠋ ᠬᠡᠨ ᠳ᠋ᠦ᠍ ᠴᠦ᠍ ᠮᠡᠳᠡᠭᠳᠡᠵᠦ ᠦᠵᠡᠭᠳᠡᠯ ᠦᠭᠡᠢ ᠬᠠᠭᠠᠨ ᠡᠴᠢᠭᠡ ᠳ᠋ᠡᠭᠡᠨ ᠠᠪᠠᠴᠢᠵᠤ ᠥᠭᠭᠦᠭᠡᠷᠡᠢ᠃ ᠬᠥᠪᠡᠭᠦᠨ ᠴᠢ ᠦᠵᠡᠲᠡᠯ᠎ᠡ ᠰᠡᠷᠭᠦᠯᠡᠩ᠂ ᠨᠢᠳᠦᠨ ᠳ᠋ᠡᠭᠡᠨ ᠭᠠᠯ ᠲᠠᠢ᠂ ᠨᠢᠭᠤᠷ ᠲᠠᠭᠠᠨ ᠴᠣᠭ ᠲᠠᠢ᠂ ᠪᠠᠭᠠᠲᠤᠷ ᠡᠷ᠎ᠡ ᠪᠣᠯᠬᠤ ᠬᠥᠮᠦᠨ ᠪᠠᠢᠨ᠎ᠠ᠃ ᠴᠢ ᠡᠭᠦᠨ ᠢ᠋ ᠡᠴᠢᠭᠡ ᠳ᠋ᠡᠭᠡᠨ ᠬᠦᠷᠭᠡᠵᠦ ᠥᠭᠭᠦᠭᠡᠳ ᠬᠡᠨ ᠳ᠋ᠦ᠍ ᠴᠦ᠍ ᠬᠡᠯᠡᠯ ᠦᠭᠡᠢ ᠡᠷᠭᠢᠵᠦ ᠢᠷᠡᠭᠲᠦᠨ᠃ ᠢᠷᠡᠬᠦ ᠪᠡᠷ ᠴᠢᠨᠢ ᠪᠢ ᠴᠢᠮᠠᠲᠤ ᠡᠭᠦᠨ ᠢ᠋ ᠥᠭᠭᠦᠨ᠎ᠡ》 ᠭᠡᠮᠡᠨ ᠨᠢᠭᠡᠨ ᠭᠢᠯᠠᠯᠵᠠᠭᠰᠠᠨ ᠭᠣᠶᠣ ᠠᠯᠲᠠᠨ ᠱᠠᠬᠠᠢ ᠦᠵᠡᠭᠦᠯᠵᠡᠢ᠃ 《ᠪᠠᠭᠠᠲᠤᠷ ᠡᠷ᠎ᠡ ᠪᠣᠯᠤᠨ᠎ᠠ》 ᠭᠡᠮᠡᠨ ᠵᠥᠩᠨᠡᠵᠦ ᠬᠡᠯᠡᠭᠰᠡᠨ ᠲᠡᠷᠡ ᠬᠦ᠌ ᠨᠢᠳᠦᠨ ᠳ᠋ᠦ᠍ ᠳᠤᠯᠠᠭᠠᠬᠠᠨ ᠡᠪᠦᠭᠡᠨ ᠦ᠌ ᠦᠭᠡᠨ ᠳ᠋ᠦ᠍ ᠤᠷᠮᠠᠰᠢᠨ ᠪᠡᠶᠡᠰᠴᠦ ᠠᠯᠲᠠᠨ ᠱᠠᠬᠠᠢ ᠱᠠᠩ ᠳ᠋ᠤᠨᠢ ᠠᠪᠬᠤ ᠶ᠋ᠢ ᠪᠣᠳᠣᠭᠰᠠᠨ ᠪᠠᠯᠴᠢᠷ ᠬᠥᠪᠡᠭᠦᠨ ᠰᠡᠷᠢᠬᠢᠨ ᠲᠡᠷᠡ ᠬᠦ᠌ ᠠᠯᠲᠠᠨ ᠵᠣᠭᠣᠰ ᠬᠢᠭᠡᠳ ᠪᠠᠷᠢᠨᠲᠠᠭ ᠲᠠᠢ ᠰᠤᠳᠤᠷ ᠢ᠋ ᠲᠠᠩᠰᠤᠭ ᠪᠥᠭᠡᠳ ᠡᠯᠪᠡᠭ ᠬᠤᠪᠴᠠᠰᠤᠨ ᠳ᠋ᠠᠭᠠᠨ ᠰᠠᠢᠲᠤᠷ ᠨᠢᠭᠤᠭᠠᠳ
| ᠲᠠ ᠨᠠᠳᠠᠳᠤ ᠢᠲᠡᠭᠡᠵᠦ ᠪᠣᠯᠤᠨ᠎ᠠ᠃ ᠪᠢ ᠪᠠᠭᠠᠲᠤᠷ ᠬᠥᠮᠦᠨ ᠦ᠌ ᠶᠣᠰᠣᠭᠠᠷ ᠣᠰᠤᠯᠳᠠᠯ ᠦᠭᠡᠢ ᠡᠷᠭᠢᠵᠦ ᠢᠷᠡᠨ᠎ᠡ᠃ ᠡᠭᠦᠨ ᠢ᠋ ᠪᠢ ᠬᠠᠭᠠᠨ ᠡᠴᠢᠭᠡ ᠳ᠋ᠡᠭᠡᠨ ᠳᠣᠣᠷ᠎ᠠ ᠨᠢ ᠬᠦᠷᠭᠡᠭᠡᠳ ᠥᠭᠴᠢᠬᠡᠨᠡ ᠭᠡᠮᠡᠨ ᠴᠣᠪᠣᠭᠣ ᠳᠠᠭᠤ ᠪᠠᠷ ᠢᠲᠡᠭᠡᠯᠲᠡᠢ ᠬᠡᠯᠡᠭᠡᠳ ᠬᠡᠪᠯᠡᠭᠦᠬᠡᠨ ᠨᠢ ᠠᠷᠭ᠎ᠠ ᠦᠭᠡᠢ ᠣᠷᠳᠣᠨ ᠤᠷᠤᠭᠤ ᠪᠠᠨ ᠳᠠᠪᠬᠢᠵᠠᠢ᠃ ᠬᠠᠷ᠎ᠠ ᠠᠷᠠᠰᠤᠲᠤ ᠴᠡᠷᠢᠭ ᠦ᠋ᠳ ᠴᠦ᠍ ᠳᠠᠭᠠᠯᠳᠤᠵᠠᠢ᠃ ᠬᠠᠷᠢᠨ ᠥᠩᠭᠡᠷᠡᠭᠰᠡᠨ ᠬᠣᠢᠨ᠎ᠠ ᠡᠪᠦᠭᠡᠨ ᠪᠢᠴᠢᠭᠡᠴᠢ ᠣᠰᠤᠯᠲᠠᠢ ᠵᠦᠢᠯ ᠬᠢᠭᠰᠡᠨ ᠢ᠋ᠶ᠋ᠡᠨ ᠭᠡᠨᠡᠳᠲᠡ ᠤᠬᠠᠭᠠᠷᠠᠵᠤ ᠥᠪᠡᠷ ᠢ᠋ ᠪᠡᠨ ᠵᠢᠮᠡᠯᠡᠭᠡᠳ ᠪᠠᠷᠠᠭᠰᠠᠨ ᠦᠭᠡᠢ᠃
《ᠥᠪᠡᠷ ᠦ᠋ᠨ ᠪᠡᠶ᠎ᠡ ᠪᠡᠷ ᠬᠦᠷᠭᠡᠵᠦ ᠥᠭᠪᠡᠯ ᠴᠢᠩᠳᠠ ᠨᠢᠭᠤᠴᠠ ᠶ᠋ᠢ ᠨᠢᠭᠡᠳ ᠨᠢᠭᠡᠨ ᠦᠭᠡᠢ ᠮᠡᠳᠡᠬᠦ ᠶ᠋ᠢᠨ ᠤᠴᠢᠷ ᠠᠮᠢ ᠨᠠᠰᠤᠨ ᠳ᠋ᠤ᠌ ᠣᠰᠣᠯ ᠪᠣᠯᠬᠤ ᠪᠣᠢ ᠭᠡᠰᠡᠨ ᠳ᠋ᠡᠭᠡᠨ ᠪᠠᠯᠴᠢᠷ ᠨᠢᠯᠬ᠎ᠠ ᠬᠥᠪᠡᠭᠦᠨ ᠳ᠋ᠦ᠍ ᠶᠡᠬᠡ ᠨᠢᠭᠤᠴᠠ ᠶ᠋ᠢ ᠳᠠᠭᠠᠳᠬᠠᠨ ᠥᠭᠴᠦ ᠬᠠᠷ᠎ᠠ ᠲᠣᠯᠣᠭᠠᠢ ᠳ᠋ᠠᠭᠠᠨ ᠠᠭᠤᠴᠢᠯᠠᠰᠢ ᠦᠭᠡᠢ ᠶᠠᠯ᠎ᠠ ᠬᠤᠷᠢᠶᠠᠪᠠ ᠪᠢ᠃ ᠲᠡᠷᠡ ᠲᠡᠢ ᠲᠡᠷᠡ ᠦᠭᠡᠢ ᠬᠥᠭᠰᠢᠨ ᠬᠣᠨᠢᠨ ᠤ᠋ ᠨᠠᠰᠤ ᠦᠭᠡᠢ ᠪᠣᠯᠤᠭᠰᠠᠨ ᠪᠢ ᠶᠠᠭᠤᠨ ᠳ᠋ᠠᠭᠠᠨ ᠢᠩᠭᠢᠲᠡᠯ᠎ᠡ ᠬᠣᠷᠭᠣᠳᠠᠭ᠎ᠠ ᠪᠣᠢ? ᠦᠬᠦᠲᠡᠯ᠎ᠡ ᠤᠬᠠᠭᠠᠨ ᠰᠠᠭᠤᠬᠤ ᠦᠭᠡᠢ ᠠᠮᠢᠲᠠᠨ ᠶᠤᠮ ᠳᠠ》 ᠭᠡᠮᠡᠨ ᠭᠡᠮᠰᠢᠨ ᠭᠠᠰᠠᠯᠤᠭᠰᠠᠭᠠᠷ ᠰᠠᠭᠤᠪᠠ᠃ ᠰᠡᠷᠢᠬᠢᠨ ᠬᠥᠪᠡᠭᠦᠨ ᠡᠷᠭᠢᠵᠦ ᠢᠷᠡᠬᠦ ᠦᠭᠡᠢ ᠳ᠋ᠦ᠍ ᠡᠪᠦᠭᠡᠨ ᠪᠢᠴᠢᠭᠡᠴᠢ ᠶ᠋ᠢᠨ ᠲᠡᠪᠴᠢᠶᠡᠷᠢ ᠪᠠᠷᠠᠭᠳᠠᠨ ᠪᠦᠬᠦᠢ ᠡᠨᠡ ᠦᠶᠡᠰ ᠲᠡᠭᠦᠨ ᠦ᠌ ᠢᠲᠡᠭᠡᠵᠦ ᠢᠯᠡᠭᠡᠭᠰᠡᠨ ᠪᠠᠯᠴᠢᠷ ᠡᠯᠴᠢ ᠠᠯᠢ ᠬᠡᠳᠦᠢᠨ ᠬᠠᠭᠠᠨ ᠡᠴᠢᠭᠡ ᠶ᠋ᠢᠨ ᠢ᠋ᠶ᠋ᠡᠨ ᠭᠠᠷ ᠲᠤ᠌ ᠮᠥᠨᠥᠬᠢ ᠠᠯᠲᠠᠨ ᠵᠣᠭᠣᠰ᠂ ᠪᠠᠷᠢᠨᠲᠠᠭ ᠲᠠᠢ ᠰᠤᠳᠤᠷ ᠪᠣᠯᠤᠨ ᠵᠢᠴᠢ ᠵᠤᠷᠪᠤᠰ ᠰᠡᠯᠲᠡ ᠶ᠋ᠢ ᠬᠥᠮᠦᠨ ᠦ᠌ ᠨᠢᠳᠦᠨ ᠬᠠᠷᠢᠭᠤᠯᠤᠨ ᠪᠠᠢᠵᠤ ᠣᠷᠣᠭᠤᠯᠵᠤ ᠥᠭᠭᠦᠭᠡᠳ ᠰᠠᠢᠰᠢᠶᠠᠯ ᠮᠠᠭᠲᠠᠭᠠᠯ ᠰᠣᠨᠣᠰᠬᠤ ᠶ᠋ᠢᠨ ᠵᠡᠷᠭᠡᠴᠡᠭᠡ ᠪᠢᠴᠢᠬᠠᠨ ᠪᠠᠢᠴᠠᠭᠠᠭᠳᠠᠵᠤ ᠵᠣᠭᠰᠣᠪᠠ᠃ ᠰᠡᠷᠢᠬᠢᠨ ᠣ ᠠᠪᠴᠢᠷᠠᠭᠰᠠᠨ ᠲᠡᠷᠡ ᠬᠦ᠌ ᠠᠯᠲᠠᠨ ᠵᠣᠭᠣᠰ ᠤ᠋ᠨ ᠨᠢᠭᠡ ᠲᠠᠯ᠎ᠠ ᠳ᠋ᠤ᠌ 《ᠠᠤᠭ᠎ᠠ ᠶᠡᠬᠡ ᠴᠢᠩᠭᠢᠰ ᠬᠠᠭᠠᠨ》 ᠭᠡᠮᠡᠨ ᠠᠷᠠᠪ ᠦᠰᠦᠭ ᠢ᠋ᠶ᠋ᠡᠷ ᠪᠢᠴᠢᠭᠰᠡᠨ ᠪᠠᠢᠬᠤ ᠠᠵᠢ᠃ ᠬᠠᠷᠢᠨ ᠰᠡᠷᠢᠬᠢᠨ ᠣ ᠠᠪᠴᠢᠷᠠᠭᠰᠠᠨ ᠲᠡᠷᠡ ᠬᠦ᠌ ᠵᠣᠭᠣᠰ ᠤ᠋ᠨ ᠳᠡᠭᠡᠷ᠎ᠡ ᠨᠢ 《ᠡᠷᠬᠢᠮ ᠳᠡᠭᠡᠳᠦ ᠡᠵᠡᠨ ᠴᠢᠩᠭᠢᠰ ᠬᠠᠭᠠᠨ》 ᠭᠡᠰᠡᠨ ᠦᠭᠡ ᠳᠤᠷᠠᠢᠨ ᠪᠠᠢᠭᠰᠠᠨ ᠢ᠋ ᠬᠡᠨ ᠴᠦ᠍ ᠮᠡᠳᠡᠭᠰᠡᠨ ᠦᠭᠡᠢ ᠥᠩᠭᠡᠷᠡᠭᠰᠡᠨ ᠪᠢᠯᠡ᠃ 《 ᠡᠨᠡ ᠬᠦ᠌ ᠲᠡᠦᠬᠡ ᠶ᠋ᠢ ᠵᠥᠪᠬᠡᠨ ᠲᠠᠨ ᠳ᠋ᠤ᠌ ᠵᠣᠷᠢᠭᠤᠯᠤᠨ ᠪᠢᠴᠢᠭᠯᠡᠪᠡ᠁ 》 ᠭᠡᠮᠡᠨ ᠡᠬᠢᠯᠡᠭᠰᠡᠨ ᠵᠤᠷᠪᠤᠰ ᠢ᠋ ᠤᠩᠰᠢᠵᠤ ᠰᠠᠭᠤᠭᠰᠠᠨ ᠮᠥᠩᠬᠡ ᠬᠠᠭᠠᠨ ᠬᠥᠪᠡᠭᠦᠨ ᠤᠷᠤᠭᠤ ᠪᠠᠨ ᠭᠠᠢᠬᠠᠵᠤ ᠰᠤᠨᠵᠢᠭᠰᠠᠨ ᠪᠠᠢᠳᠠᠯ ᠢ᠋ᠶ᠋ᠠᠷ ᠬᠠᠷᠠᠭᠠᠳ
| ᠡᠨᠡ ᠵᠣᠭᠣᠰ᠂ ᠵᠤᠷᠪᠤᠰ᠂ ᠪᠠᠷᠢᠨᠲᠠᠭ ᠲᠠᠢ ᠰᠤᠳᠤᠷ ᠢ᠋ ᠴᠢᠮᠠᠲᠤ ᠬᠡᠨ᠂ ᠬᠠᠮᠢᠭ᠎ᠠ ᠥᠭᠪᠡ? ᠭᠡᠮᠡᠨ ᠠᠰᠠᠭᠤᠵᠠᠢ᠃
| ᠨᠢᠭᠡ ᠡᠪᠦᠭᠡᠨ ᠶᠡᠬᠡ ᠵᠡᠭᠡᠯᠢ ᠳᠡᠭᠡᠷ᠎ᠡ ᠶᠠᠪᠤᠬᠤ ᠳ᠋ᠤ᠌ ᠨᠠᠮᠠᠶ᠋ᠢ ᠰᠡᠮᠬᠡᠨ ᠳᠠᠭᠤᠳᠠᠵᠤ ᠥᠭᠭᠦᠭᠡᠳ ᠬᠡᠨ ᠳ᠋ᠦ᠍ ᠴᠦ᠍ ᠦᠵᠡᠭᠦᠯᠦᠯ ᠦᠭᠡᠢ ᠨᠢᠭᠤᠵᠤ ᠬᠠᠭᠠᠨ ᠡᠴᠢᠭᠡ ᠳ᠋ᠡᠭᠡᠨ ᠣᠰᠤᠯᠳᠠᠯ ᠦᠭᠡᠢ ᠬᠦᠷᠭᠡᠭᠡᠷᠡᠢ ᠭᠡᠰᠡᠨ ᠶᠦᠮ᠃ ᠠᠯᠲᠠᠨ ᠵᠣᠭᠣᠰ ᠥᠭᠬᠦ ᠳ᠋ᠡᠭᠡᠨ ᠲᠡᠷᠡ ᠲᠠᠨ ᠳ᠋ᠤ᠌ ᠥᠷᠢ ᠲᠠᠢ ᠯᠠ ᠭᠡᠰᠡᠨ ᠰᠢᠦ ᠳᠡ᠃ ᠪᠠᠰᠠ ᠨᠠᠮᠠᠶ᠋ᠢ ᠪᠠᠭᠠᠲᠤᠷ ᠬᠥᠮᠦᠨ ᠪᠣᠯᠤᠨ᠎ᠠ ᠭᠡᠰᠡᠨ᠃
| ᠲᠡᠢᠮᠦ ᠠ᠋᠃ ᠲᠡᠷᠡ ᠨᠠᠳᠠᠳᠤ ᠥᠷᠢ ᠲᠡᠢ ᠪᠠᠢᠵᠤ ᠮᠠᠭᠠᠳ ᠦᠭᠡᠢ ᠶᠦᠮ᠃ ᠲᠡᠷᠡ ᠣᠳᠣ ᠬᠠᠮᠢᠭ᠎ᠠ ᠪᠠᠢᠨ᠎ᠠ?
| ᠮᠡᠳᠡᠬᠦ ᠦᠭᠡᠢ ᠠ᠋᠃ ᠨᠠᠳᠠᠳᠤ ᠡᠭᠦᠨ ᠢ᠋ ᠦᠭᠴᠢᠬᠡᠭᠡᠳ ᠯᠡ ᠶᠠᠪᠤᠭᠠᠳ ᠥᠭᠭᠦᠭᠰᠡᠨ ᠲᠠᠭ ᠭᠡᠮᠡᠨ ᠰᠡᠷᠢᠭᠢᠨ ᠬᠥᠪᠡᠭᠦᠨ ᠠᠩᠬ᠎ᠠ ᠤᠳᠠᠭ᠎ᠠ ᠬᠠᠭᠠᠨ ᠡᠴᠢᠭᠡ ᠳ᠋ᠡᠭᠡᠨ ᠬᠤᠳᠠᠯ ᠵᠠᠯᠠᠵᠤ ᠣᠷᠬᠢᠭᠠᠳ ᠰᠠᠨᠳᠤᠷᠤᠭᠰᠠᠨ ᠳ᠋ᠠᠭᠠᠨ ᠨᠢᠭᠤᠷ ᠨᠢ ᠤᠯᠠᠢᠬᠤ ᠶ᠋ᠢ ᠠᠵᠢᠭᠰᠠᠨ ᠮᠥᠩᠬᠡ ᠬᠠᠭᠠᠨ
| ᠵᠠ ᠶᠠᠭᠠᠬᠢᠬᠤ ᠪᠣᠢ? ᠬᠠᠷᠢᠨ ᠡᠨᠡ ᠶᠠᠪᠤᠳᠠᠯ ᠴᠢ ᠪᠢᠳᠡ ᠬᠣᠶᠠᠷ ᠤ᠋ᠨ ᠨᠢᠭᠤᠴᠠ ᠪᠣᠯᠵᠤ ᠦᠯᠡᠳᠡᠭ᠃ ᠬᠡᠨ ᠳ᠋ᠦ᠍ ᠴᠦ᠍ ᠪᠦᠦ ᠬᠡᠯᠡᠭᠡᠷᠡᠢ᠃ ᠡᠵᠢ᠂ ᠠᠬ᠎ᠠ ᠨᠠᠷ ᠲᠠᠭᠠᠨ ᠴᠤ᠌ ᠭᠡᠰᠡᠨ᠂ ᠴᠢ ᠣᠳᠣ ᠣᠷᠳᠣᠨ ᠠ᠋ᠴᠠ ᠬᠠᠮᠢᠶ᠎ᠠ ᠦᠭᠡᠢ ᠪᠦᠦ ᠭᠠᠷᠴᠤ ᠶᠠᠪᠤ ᠬᠡᠮᠡᠵᠡᠢ᠃
《ᠨᠢᠭᠤᠴᠠ ᠶ᠋ᠢ ᠬᠠᠳᠠᠭᠠᠯᠠᠨ᠎ᠠ᠂ ᠤᠳᠠᠬᠤ ᠦᠭᠡᠢ ᠡᠷᠭᠢᠭᠡᠳ ᠢᠷᠡᠨ᠎ᠡ 》 ᠭᠡᠵᠦ ᠥᠨᠥᠬᠢ ᠡᠪᠦᠭᠡᠨ ᠳ᠋ᠦ᠍ ᠠᠮᠠᠯᠠᠴᠢᠬᠠᠭᠰᠠᠨ ᠰᠡᠷᠢᠭᠢᠨ ᠬᠥᠪᠡᠭᠦᠨ 《ᠵᠠ》 ᠭᠡᠮᠡᠨ ᠳᠣᠷᠣᠢᠬᠠᠨ ᠳᠤᠤᠭᠠᠷᠴᠠᠢ᠃
ᠡᠭᠦᠨ ᠡᠴᠡ ᠬᠣᠢᠰᠢ ᠬᠡᠳᠦ ᠬᠣᠨᠣᠭ ᠤ᠋ᠨ ᠳᠠᠷᠠᠭ᠎ᠠ ᠨᠡᠷ᠎ᠡ ᠦᠯᠦ ᠮᠡᠳᠡᠬᠦ ᠲᠡᠷᠡ ᠬᠦ᠌ ᠬᠢᠴᠢᠶᠡᠩᠭᠦᠢ ᠳᠠᠷᠤᠤ ᠪᠢᠴᠢᠭᠡᠴᠢ ᠶ᠋ᠢᠨ ᠢᠷᠡᠭᠦᠯᠦᠭᠰᠡᠨ ᠳᠡᠭᠡᠷᠡᠬᠢ 《ᠴᠢᠩᠭᠢᠰ ᠬᠠᠭᠠᠨ ᠤ᠋ ᠨᠢᠭᠤᠴᠠ ᠲᠡᠦᠬᠡ》 ᠶ᠋ᠢ ᠡᠨᠡ ᠦᠶᠡᠰ ᠶᠡᠬᠡ ᠮᠣᠩᠭᠣᠯ ᠤᠯᠤᠰ ᠤ᠋ᠨ ᠬᠠᠭᠠᠨ ᠰᠠᠭᠤᠷᠢᠨ ᠳ᠋ᠤ᠌ ᠵᠠᠯᠠᠷᠠᠨ ᠪᠠᠢᠭᠰᠠᠨ ᠮᠥᠩᠬᠡ ᠬᠠᠭᠠᠨ ᠰᠥᠨᠢᠵᠢᠨ ᠰᠠᠭᠤᠵᠤ᠂ ᠪᠡᠶ᠎ᠡ ᠯᠠᠭᠱᠠᠨ ᠬᠢᠭᠡᠳ ᠰᠠᠷᠠᠭᠤᠯ ᠮᠡᠯᠮᠡᠢ ᠪᠡᠨ ᠴᠢᠯᠡᠭᠡᠨ ᠪᠠᠢᠵᠤ ᠶᠡᠬᠡᠳᠡ ᠰᠢᠮᠳᠠᠨ ᠤᠩᠰᠢᠵᠤ ᠳᠠᠭᠤᠰᠤᠭᠠᠳ ᠪᠣᠰᠴᠤ ᠪᠡᠶ᠎ᠡ ᠲᠨᠡᠢᠯᠭᠡᠨ 《ᠲᠦᠮᠡᠨ ᠠᠮᠤᠭᠤᠯᠠᠩᠲᠤ》 ᠣᠷᠳᠣᠨ ᠤ᠋ ᠪᠠᠨ ᠴᠣᠩᠬᠣ ᠪᠠᠷ ᠬᠠᠷᠠᠪᠠᠯ ᠬᠠᠷ᠎ᠠ ᠬᠣᠷᠣᠮ ᠬᠣᠲᠠ ᠳ᠋ᠤ᠌ ᠠᠯᠢ ᠬᠡᠳᠦᠢᠨ ᠥᠷᠯᠥᠭᠡ ᠶ᠋ᠢᠨ ᠨᠠᠷᠠ ᠮᠠᠨᠳᠤᠨ ᠭᠡᠢᠭᠡᠳ ᠪᠠᠷᠠᠭᠤᠨ ᠡᠲᠡᠭᠡᠳ ᠲᠦ᠍ ᠪᠠᠢᠬᠤ ᠶᠡᠬᠡ ᠬᠠᠲᠤᠳ ᠤ᠋ᠨ ᠣᠷᠳᠣᠨ ᠤ᠋ ᠠᠯᠲᠠᠨ ᠭᠠᠨᠵᠢᠷᠠᠲᠤ ᠳᠡᠭᠡᠪᠦᠷ ᠨᠢᠳᠦ ᠭᠢᠯᠪᠠᠭᠠᠵᠤ ᠪᠠᠰᠠ ᠬᠠᠷᠢ ᠶ᠋ᠢᠨ ᠢᠷᠭᠡᠳ ᠦ᠋ᠨ ᠰᠠᠭᠤᠳᠠᠭ ᠲᠠᠩᠰᠤᠭ ᠬᠦᠷᠢᠶᠡᠨ ᠦ᠌ ᠵᠦᠭ ᠡᠴᠡ ᠵᠠᠭᠠᠯᠮᠠᠢᠲᠤ ᠰᠦᠮ᠎ᠡ ᠶ᠋ᠢᠨ ᠬᠣᠩᠬᠣᠨ ᠳᠠᠭᠤ ᠳᠦᠩᠭᠢᠨᠡᠬᠦ᠂ ᠯᠠᠯᠤ ᠶ᠋ᠢᠨ ᠮᠥᠷᠭᠥᠯᠲᠡᠨ ᠢ᠋ ᠵᠠᠯᠪᠠᠷᠢᠯ ᠳ᠋ᠤ᠌ ᠳᠠᠭᠤᠳᠠᠨ ᠤᠶᠠᠩᠭᠠᠯᠠᠬᠤ ᠲᠣᠳᠣ ᠰᠣᠳᠣᠨ ᠳᠠᠭᠤᠤ᠂ ᠬᠤᠳᠠᠯᠳᠤᠭᠠᠴᠢᠳ ᠤ᠋ᠨ ᠡᠳ᠋ ᠪᠠᠷᠠᠭ᠎ᠠ ᠪᠠᠨ ᠮᠠᠭᠲᠠᠵᠤ ᠠᠮᠠ ᠥᠷᠢᠰᠦᠯᠳᠦᠨ ᠬᠠᠰᠬᠢᠷᠬᠤ ᠳᠠᠯᠠᠨ ᠬᠡᠯᠡᠨ ᠦ᠌ ᠱᠠᠭᠢᠶᠠᠨ ᠱᠤᠤᠭᠢᠶᠠᠨᠲᠠᠢ ᠬᠣᠯᠢᠯᠳᠤᠨ ᠰᠣᠨᠣᠰᠳᠠᠬᠤ ᠠᠪᠠᠢ᠃ ᠲᠦᠳᠡᠯ ᠦᠭᠡᠢ ᠣᠷᠳᠣᠨ ᠤ᠋ ᠰᠢᠳᠠᠷ ᠰᠠᠢᠳ ᠢᠷᠡᠭᠡᠳ ᠬᠠᠷᠢ ᠶ᠋ᠢᠨ ᠡᠯᠴᠢ᠂ ᠬᠤᠳᠠᠯᠳᠤᠭᠠᠴᠢᠳ ᠵᠡᠷᠭᠡ ᠬᠥᠮᠦᠰ ᠶᠡᠬᠡ ᠬᠠᠭᠠᠨ ᠳ᠋ᠤ᠌ ᠪᠠᠷᠠᠯᠬᠠᠬᠤ ᠴᠠᠭ ᠢ᠋ ᠬᠦᠯᠢᠶᠡᠨ ᠴᠢᠯᠡᠵᠦ ᠪᠠᠢᠭ᠎ᠠ ᠶ᠋ᠢ ᠰᠠᠨᠠᠭᠤᠯᠬᠤ ᠳ᠋ᠤ᠌ ᠮᠥᠩᠬᠡ ᠬᠠᠭᠠᠨ
| ᠲᠡᠳᠡ ᠵᠢᠭᠠᠬᠠᠨ ᠬᠦᠯᠢᠶᠡᠭ᠃ ᠶᠡᠬᠡ ᠬᠠᠭᠠᠨ ᠳ᠋ᠤ᠌ ᠪᠠᠷᠠᠯᠬᠠᠬᠤ ᠭᠡᠳᠡᠭ ᠰᠠᠨᠠᠭᠰᠠᠨ ᠵᠣᠷᠢᠭ ᠢ᠋ᠶ᠋ᠠᠷ ᠪᠣᠯᠳᠠᠭ ᠦᠭᠡᠢ ᠶ᠋ᠢ ᠤᠬᠠᠭᠠᠷᠠᠨ᠎ᠠ ᠪᠢᠵᠡ ᠬᠡᠮᠡᠬᠦ ᠳ᠋ᠡᠭᠡᠨ ᠬᠠᠷ᠎ᠠ ᠬᠣᠷᠣᠮ ᠨᠡᠢᠰᠯᠡᠯ ᠤᠷᠤᠭᠤ ᠨᠢ ᠬᠠᠷᠢ ᠶ᠋ᠢᠨ ᠬᠢᠨ ᠥᠪᠡᠷᠰᠡᠳ ᠢ᠋ᠶ᠋ᠡᠨ ᠲᠠᠯ᠎ᠠ ᠲᠠᠯ᠎ᠠ ᠠ᠋ᠴᠠ ᠪᠠᠨ ᠴᠤᠪᠤᠵᠤ ᠪᠠᠢᠬᠤ ᠴᠠᠭ ᠢ᠋ ᠤᠷᠢᠳᠴᠢᠯᠠᠨ ᠬᠠᠷᠠᠵᠤ ᠠᠭᠰᠠᠨ ᠶᠡᠬᠡ ᠴᠢᠩᠭᠢᠰ ᠬᠠᠭᠠᠨ ᠤ᠋ ᠵᠦᠩ ᠰᠣᠪᠢᠩ᠂ ᠤᠬᠠᠭᠠᠨ ᠪᠢᠯᠢᠭ ᠢ᠋ ᠪᠢᠰᠢᠷᠡᠵᠦ ᠲᠡᠭᠦᠨ ᠦ᠌ ᠭᠡᠷᠢᠶᠡᠰ ᠢ᠋ ᠴᠢᠩᠳᠠ ᠪᠡᠶᠡᠯᠡᠭᠦᠯᠬᠦ ᠴᠠᠭ ᠥᠪᠡᠷ ᠲᠦ᠋ᠨᠢ ᠢᠷᠡᠭᠰᠡᠨ ᠢ᠋ ᠰᠦᠰᠦᠭᠯᠡᠨ ᠪᠣᠳᠣᠵᠤ ᠵᠣᠭᠰᠣᠯ᠎ᠠ᠃ ᠮᠥᠩᠬᠡ ᠬᠠᠭᠠᠨ ᠣᠷᠳᠣᠨ ᠤ᠋ ᠬᠡᠰᠢᠭᠲᠡᠨ ᠡᠴᠡ ᠬᠠᠮᠤᠭ ᠤ᠋ᠨ ᠢᠲᠡᠭᠡᠯᠲᠡᠢ ᠬᠣᠶᠠᠷ ᠬᠥᠮᠦᠨ ᠢ᠋ ᠰᠣᠩᠭᠣᠵᠤ ᠢᠷᠡᠭᠦᠯᠬᠦ ᠶ᠋ᠢ ᠲᠤᠰᠢᠶᠠᠵᠠᠢ᠃ ᠤᠳᠠᠯ ᠦᠭᠡᠢ ᠬᠠᠮᠤᠭ ᠤ᠋ᠨ ᠨᠢᠭᠤᠴᠠ ᠦᠢᠯᠡ ᠳ᠋ᠦ᠍ ᠭᠣᠣᠯᠳᠠᠭᠤ ᠵᠠᠷᠤᠭᠳᠠᠳᠠᠭ ᠨᠠᠢᠳᠠᠪᠤᠷᠢᠲᠠᠢ ᠬᠣᠶᠠᠷ ᠴᠡᠷᠢᠭ ᠢᠷᠡᠭᠰᠡᠨ ᠳ᠋ᠦ᠍ ᠮᠥᠩᠬᠡ ᠬᠠᠭᠠᠨ ᠬᠥᠪᠡᠭᠦᠨ ᠰᠠᠷᠢᠭᠢᠨ ᠢ᠋ ᠡᠪᠲᠡᠢᠬᠡᠨ ᠰᠢᠯᠭᠠᠵᠤ ᠪᠠᠢᠭᠠᠳ ᠬᠡᠯᠡᠭᠦᠯᠦᠭᠰᠡᠨ ᠥᠨᠥᠬᠢ ᠡᠪᠦᠭᠡᠨ ᠣ ᠲᠥᠷᠬᠦ ᠪᠠᠢᠳᠠᠯ᠂ ᠴᠢᠷᠠᠢ ᠵᠢᠰᠦ ᠶ᠋ᠢ ᠳᠤᠷᠠᠳᠤᠨ ᠬᠡᠯᠡᠵᠦ ᠬᠠᠮᠢᠭ᠎ᠠ ᠰᠠᠭᠤᠳᠠᠭ᠂ ᠬᠡᠨ ᠪᠣᠯᠬᠤ ᠶ᠋ᠢ ᠣᠯᠵᠤ ᠲᠣᠭᠲᠠᠭᠠᠬᠤ ᠶ᠋ᠢ ᠴᠢᠩᠳᠠᠯᠠᠨ ᠲᠤᠰᠢᠶᠠᠭᠠᠳ ᠡᠭᠦᠨ ᠢ᠋ ᠪᠡᠨ ᠬᠡᠨ ᠳ᠋ᠦ᠍ ᠴᠦ᠍ ᠮᠡᠳᠡᠭᠳᠡᠬᠦ ᠦᠭᠡᠢ ᠪᠠᠢᠬᠤ ᠶ᠋ᠢ ᠬᠠᠲᠠᠭᠤ ᠰᠠᠨᠠᠭᠤᠯᠵᠠᠢ᠃
ᠮᠥᠩᠬᠡ ᠬᠠᠭᠠᠨ ᠪᠠᠷᠢᠨᠲᠠᠭ ᠲᠠᠢ ᠰᠤᠳᠤᠷ ᠢ᠋ ᠤᠩᠰᠢᠵᠤ ᠳᠠᠭᠤᠰᠤᠭᠰᠠᠨ ᠳᠠᠷᠤᠢ ᠳ᠋ᠠᠭᠠᠨ ᠮᠥᠨᠥᠬᠢ ᠪᠢᠴᠢᠭᠡᠴᠢ ᠶ᠋ᠢ ᠣᠯᠵᠤ ᠱᠠᠩ ᠬᠡᠰᠢᠭ ᠬᠠᠷᠠᠮ ᠦᠭᠡᠢ ᠬᠦᠷᠲᠡᠭᠡᠬᠦ᠂ ᠨᠥᠭᠦᠭᠡ ᠳᠡᠭᠡᠭᠦᠷ ᠴᠢᠩᠭᠢᠰ ᠬᠠᠭᠠᠨ ᠤ᠋ ᠠᠯᠲᠠᠨ ᠤᠷᠤᠭ ᠠ᠋ᠴᠠ ᠬᠠᠭᠠᠨ ᠣᠷᠣ ᠰᠠᠭᠤᠭᠰᠠᠨ ᠬᠥᠮᠦᠨ ᠯᠡ ᠭᠠᠭᠴᠠᠭᠠᠷ ᠨᠢᠭᠲᠠᠯᠠᠨ ᠤᠩᠰᠢᠬᠤ ᠤᠴᠢᠷ ᠲᠠᠢ ᠲᠡᠷᠡ ᠨᠢᠭᠤᠴᠠ ᠲᠡᠦᠬᠡ ᠶ᠋ᠢᠨ ᠨᠠᠷᠢᠨ ᠰᠢᠷᠢᠨ ᠢ᠋ ᠴᠢᠩᠳᠠᠯᠠᠨ ᠬᠠᠳᠠᠭᠠᠯᠠᠬᠤ ᠤᠴᠢᠷ ᠢ᠋ ᠪᠤᠳᠤᠯᠴᠠᠨ ᠬᠡᠷᠬᠢᠬᠦ ᠶ᠋ᠢ ᠰᠢᠢᠳᠬᠦ ᠪᠡᠷ ᠬᠠᠮᠤᠭ ᠤ᠋ᠨ ᠢᠲᠡᠭᠡᠯ ᠲᠡᠢ ᠬᠥᠮᠦᠨ ᠢ᠋ᠶ᠋ᠡᠨ ᠢᠯᠡᠬᠡᠨ ᠡᠢᠨ ᠬᠦ᠌ ᠡᠷᠢᠯ ᠬᠠᠢᠭᠤᠯ ᠪᠣᠯᠤᠭᠰᠠᠨ ᠳ᠋ᠤ᠌ ᠥᠨᠥᠬᠢ ᠦᠯᠦ ᠲᠠᠨᠢᠭᠳᠠᠬᠤ ᠡᠪᠦᠭᠡᠨ ᠪᠢᠴᠢᠭᠡᠴᠢ ᠨᠡᠩ ᠵᠣᠵᠢᠭ ᠭᠠᠭᠴᠠᠭᠠᠷ ᠬᠥᠮᠦᠨ ᠪᠠᠢᠭᠰᠠᠨ ᠠᠭᠠᠳ ᠬᠠᠷᠢ ᠶ᠋ᠢᠨ ᠬᠢᠨ ᠦ᠌ ᠬᠦᠷᠢᠶᠡᠨ ᠳ᠋ᠦ᠍ ᠠᠮᠢᠳᠤᠷᠠᠳᠠᠭ ᠪᠠᠢᠭᠰᠠᠨ ᠨᠢ ᠲᠣᠳᠣᠷᠬᠠᠢ ᠪᠣᠯᠵᠤ ᠬᠡᠨ ᠴᠦ᠍ ᠲᠡᠭᠦᠨ ᠦ᠌ ᠲᠤᠬᠠᠢ ᠮᠡᠳᠡᠬᠦ ᠦᠭᠡᠢ ᠪᠠᠢᠵᠠᠢ᠃ ᠭᠠᠭᠴᠠᠬᠦ ᠮᠥᠨᠥᠬᠢ ᠡᠪᠦᠭᠡᠨ ᠢ᠋ 《ᠦᠬᠦᠭᠡᠳ ᠭᠤᠷᠪᠠ ᠬᠣᠨᠣᠵᠠᠢ》 ᠭᠡᠰᠡᠨ ᠪᠠᠲᠤᠲᠠᠢ ᠪᠣᠯᠪᠠᠴᠤ ᠪᠦᠲᠦᠯ ᠦᠭᠡᠢ ᠬᠡᠯᠡ ᠮᠡᠳᠡᠭᠡ ᠶ᠋ᠢ ᠬᠣᠶᠠᠷ ᠬᠡᠰᠢᠭᠲᠡᠨ ᠨᠢ ᠮᠥᠩᠬᠡ ᠬᠠᠭᠠᠨ ᠳ᠋ᠤ᠌ ᠳᠣᠭᠣᠯᠭᠠᠭᠰᠠᠨ ᠲᠤᠯᠠ ᠲᠡᠷᠡ ᠪᠡᠷ ᠡᠷᠢᠯ ᠢ᠋ᠶ᠋ᠡᠨ ᠮᠤᠬᠤᠷᠯᠠᠨ ᠰᠠᠨᠠᠭ᠎ᠠ ᠠᠮᠠᠷᠠᠭᠠᠳ ᠪᠦᠷᠢᠯᠦᠭᠴᠢ ᠶ᠋ᠢ ᠣᠷᠬᠣᠨ ᠮᠥᠷᠡᠨ ᠦ᠌ ᠠᠭᠤᠵᠢᠮ ᠬᠥᠨᠳᠡᠢ ᠳ᠋ᠦ᠍ ᠬᠦᠨᠳᠦᠲᠡᠢ ᠨᠤᠲᠤᠭᠯᠠᠭᠤᠯᠵᠤ ᠳᠡᠭᠡᠷ᠎ᠡ ᠨᠢ ᠶᠠᠮᠠᠷ ᠴᠤ᠌ ᠪᠢᠴᠢᠭ ᠲᠡᠮᠳᠡᠭ ᠦᠭᠡᠢ ᠴᠢᠯᠠᠭᠤᠨ ᠬᠥᠰᠢᠶ᠎ᠡ ᠪᠣᠰᠬᠠᠬᠤ ᠪᠠᠷ ᠵᠠᠷᠯᠢᠭᠯᠠᠭᠰᠠᠨ ᠤ᠋ ᠶᠣᠰᠣᠭᠠᠷ ᠪᠣᠯᠭᠠᠭᠰᠠᠨ ᠪᠢᠯᠡ᠃
《ᠴᠢᠩᠭᠢᠰ ᠬᠠᠭᠠᠨ ᠤ᠋ ᠨᠢᠭᠤᠴᠠ ᠲᠡᠦᠬᠡ》 ᠨᠡᠷᠡᠲᠡᠢ ᠤᠭ ᠪᠢᠴᠢᠮᠡᠯ ᠳ᠋ᠦ᠍ ᠥᠭᠦᠯᠡᠭᠰᠡᠨ ᠢ᠋ ᠤᠩᠰᠢᠬᠤ ᠳ᠋ᠤ᠌ ᠡᠭᠦᠨ ᠢ᠋ ᠪᠢᠴᠢᠭᠯᠡᠭᠰᠡᠨ ᠲᠡᠷᠡ ᠡᠪᠦᠭᠡᠨ ᠪᠢᠴᠢᠭᠡᠴᠢ ᠴᠢᠩᠭᠢᠰ ᠬᠠᠭᠠᠨ ᠲᠠᠢ ᠶᠡᠬᠡᠳᠡ ᠳᠣᠲᠣᠨᠣ ᠣᠢᠷ᠎ᠠ ᠶᠠᠪᠤᠭᠰᠠᠨ ᠨᠢᠭᠡᠨ ᠪᠣᠯᠬᠤ ᠨᠢ ᠢᠯᠡᠳᠲᠡ ᠪᠠᠢᠪᠠ᠃ ᠭᠡᠪᠡᠴᠦ ᠮᠥᠩᠬᠡ ᠬᠠᠭᠠᠨ ᠬᠡᠴᠢᠨᠡᠨ ᠴᠦ᠍ ᠲᠤᠩᠭᠠᠨ ᠪᠣᠳᠣᠭᠠᠳ ᠲᠡᠷᠡ ᠪᠢᠴᠢᠭᠡᠴᠢ ᠶ᠋ᠢᠨ ᠬᠡᠨ ᠪᠣᠯᠬᠤ ᠶ᠋ᠢ ᠳᠠᠭᠠᠭᠰᠠᠨ ᠦᠭᠡᠢ᠃ ᠪᠠᠰᠠ ᠲᠡᠷᠡ ᠪᠡᠷ ᠬᠠᠷ᠎ᠠ ᠬᠣᠷᠣᠮ ᠬᠣᠲᠠ ᠶ᠋ᠢᠨ ᠬᠠᠷᠢ ᠶ᠋ᠢᠨ ᠢᠷᠭᠡᠳ ᠣᠷᠣᠰᠢᠨ ᠰᠠᠭᠤᠳᠠᠭ ᠲᠠᠩᠰᠤᠭ ᠬᠦᠷᠢᠶᠡᠨ ᠳ᠋ᠦ᠍ ᠳᠢᠶᠠᠨᠴᠢ ᠮᠡᠲᠦ ᠭᠠᠪ ᠭᠠᠭᠴᠠᠭᠠᠷ ᠰᠠᠭᠤᠳᠠᠭ ᠪᠠᠢᠭᠰᠠᠨ ᠬᠢᠭᠡᠳ ᠶᠡᠬᠡ ᠡᠵᠡᠨ ᠴᠢᠩᠭᠢᠰ ᠬᠠᠭᠠᠨ ᠤ᠋ ᠠᠮᠢᠳᠤ ᠰᠡᠷᠡᠭᠦᠨ ᠠᠬᠤᠢ ᠳ᠋ᠤ᠌ ᠴᠢᠳᠬᠤᠭᠰᠠᠨ ᠠᠷᠠᠪ ᠪᠢᠴᠢᠭᠲᠡᠢ ᠠᠯᠲᠠᠨ ᠵᠣᠭᠣᠰ ᠢ᠋ ᠮᠥᠩᠬᠡ ᠬᠠᠭᠠᠨ ᠳ᠋ᠤ᠌ ᠥᠭᠭᠦᠭᠦᠯᠦᠭᠰᠡᠨ ᠣ ᠨᠠᠷᠢᠨ ᠤᠴᠢᠷ ᠢ᠋ ᠴᠦ᠍ ᠲᠠᠢᠯᠬᠤ ᠠᠷᠭ᠎ᠠ ᠪᠠᠢᠭᠰᠠᠨ ᠦᠭᠡᠢ᠃ ᠡᠢᠨ ᠬᠦ᠌ ᠨᠢᠭᠡᠨᠲᠡ ᠲᠩᠷᠢ ᠶ᠋ᠢᠨ ᠣᠷᠳᠣᠨ ᠳ᠋ᠤ᠌ ᠣᠳᠤᠭᠰᠠᠨ ᠲᠡᠷᠡ ᠬᠦ᠌ ᠪᠢᠴᠢᠭᠡᠴᠢ ᠶ᠋ᠢᠨ ᠬᠡᠨ ᠪᠣᠯᠬᠤ ᠶ᠋ᠢ ᠮᠡᠳᠡᠬᠦ ᠬᠥᠮᠦᠨ ᠣᠭᠲᠣ ᠭᠠᠷᠤᠭᠰᠠᠨ ᠦᠭᠡᠢ᠃ ᠲᠡᠷᠡ ᠪᠡᠷ ᠭᠠᠭᠴᠠ ᠪᠡᠶ᠎ᠡ ᠪᠡᠷ ᠠᠮᠤᠷ ᠲᠠᠢᠪᠤᠩ ᠠᠮᠢᠳᠤᠷᠠᠳᠠᠭ᠂ ᠬᠠᠷ᠎ᠠ ᠬᠣᠷᠣᠮ ᠢ᠋ ᠪᠠᠢᠭᠤᠯᠬᠤ ᠠ᠋ᠴᠠ ᠡᠬᠢᠯᠡᠭᠡᠳ ᠯᠡ ᠡᠨᠳᠡ ᠰᠠᠭᠤᠷᠢᠰᠢᠨ ᠰᠠᠭᠤᠭᠰᠠᠨ ᠬᠥᠮᠦᠨ ᠭᠡᠬᠦ ᠡᠴᠡ ᠥᠭᠡᠷ᠎ᠡ ᠶ᠋ᠢ ᠣᠯᠵᠤ ᠮᠡᠳᠡᠭᠰᠡᠨ ᠦᠭᠡᠢ ᠥᠩᠭᠡᠷᠡᠪᠡ᠃ 《ᠴᠢᠩᠭᠢᠰ ᠬᠠᠭᠠᠨ ᠤ᠋ ᠨᠢᠭᠤᠴᠠ ᠲᠡᠦᠬᠡ》 ᠡᠢᠨ ᠪᠦᠬᠦ ᠨᠢᠭᠤᠴᠠ ᠶ᠋ᠢ ᠦᠯᠦ ᠲᠠᠨᠢᠬᠤ ᠲᠡᠷᠡ ᠪᠢᠴᠢᠭᠡᠴᠢ ᠡᠢᠨ ᠬᠦ᠌ ᠥᠪᠡᠷ ᠲᠡᠢ ᠪᠡᠨ ᠬᠠᠮᠲᠤ ᠬᠣᠷᠸ᠎ᠠ ᠠ᠋ᠴᠠ ᠠᠪᠴᠤ ᠣᠳᠴᠠᠢ᠃ ᠡᠢᠨ ᠬᠦ᠌ ᠦᠯᠦ ᠲᠠᠨᠢᠬᠤ ᠪᠢᠴᠢᠭᠡᠴᠢ ᠶ᠋ᠢᠨ ᠢᠯᠡᠭᠡᠭᠰᠡᠨ ᠲᠣᠪᠴᠢᠬᠠᠨ ᠵᠤᠷᠪᠤᠰ ᠲᠤ᠌ ᠥᠭᠦᠯᠡᠭᠰᠡᠨ ᠢ᠋ᠶ᠋ᠡᠷ ᠮᠥᠩᠬᠡ ᠬᠠᠭᠠᠨ ᠳ᠋ᠤ᠌ ᠭᠠᠭᠴᠠᠬᠠᠨ ᠥᠪᠡᠷ ᠦ᠋ᠨ ᠢ᠋ᠶ᠋ᠡᠨ ᠤᠬᠠᠭᠠᠨ ᠰᠡᠳᠬᠢᠯ ᠬᠢᠭᠡᠳ ᠮᠥᠩᠬᠡ ᠲᠩᠷᠢ ᠶ᠋ᠢᠨ ᠡᠷᠬᠡᠰᠢᠶᠡᠯ ᠳ᠋ᠦ᠍ ᠢᠲᠡᠭᠡᠬᠦ ᠯᠡ ᠦᠯᠡᠳᠡᠵᠡᠢ᠃
ᠮᠥᠩᠬᠡ ᠬᠠᠭᠠᠨ ᠲᠡᠷᠡ ᠳᠠᠷᠤᠢ ᠳ᠋ᠠᠭᠠᠨ ᠣᠷᠳᠣᠨ ᠤ᠋ ᠰᠢᠳᠠᠷ ᠨᠢᠭᠡᠨ ᠪᠢᠴᠢᠭᠡᠴᠢ ᠶ᠋ᠢ ᠳᠠᠭᠤᠳᠠᠨ ᠢᠷᠡᠭᠦᠯᠵᠦ ᠥᠪᠡᠷ ᠢ᠋ᠶ᠋ᠡᠨ ᠬᠠᠵᠠᠭᠤ ᠠ᠋ᠴᠠ ᠨᠢ ᠣᠭᠲᠣ ᠬᠣᠯᠠᠳᠠᠯ ᠦᠭᠡᠢ ᠰᠠᠬᠢᠨ ᠪᠠᠢᠵᠤ ᠤᠭ ᠨᠢᠭᠤᠴᠠ ᠲᠡᠦᠬᠡ ᠶ᠋ᠢ ᠨᠢᠭᠲᠠ ᠨᠢᠮᠪᠠᠢ ᠰᠡᠢᠷᠡᠭᠦᠯᠦᠨ ᠪᠢᠴᠢᠭᠦᠯᠵᠦ ᠳᠠᠭᠤᠰᠬᠠᠭᠠᠳ ᠲᠡᠭᠦᠨ ᠦ᠌ ᠠᠷᠤ ᠭᠡᠷ᠂ ᠡᠬᠡᠨᠡᠷ ᠬᠡᠦᠬᠡᠳ ᠲᠤᠨᠢ ᠡᠯᠪᠡᠭ ᠳᠡᠯᠪᠡᠭ ᠪᠡᠯᠡᠭ ᠰᠡᠯᠲᠡ᠂ ᠠᠯᠲᠠ ᠮᠥᠩᠭᠥ ᠶ᠋ᠢ ᠬᠠᠩᠭᠠᠯᠲᠠ ᠲᠠᠢ ᠬᠦᠷᠭᠡᠭᠦᠯᠦᠭᠡᠳ ᠮᠥᠨᠥᠬᠢ ᠪᠢᠴᠢᠭᠡᠴᠢ ᠶ᠋ᠢ ᠬᠣᠯᠠ ᠬᠤᠭᠤᠴᠠᠭ᠎ᠠ ᠦᠭᠡᠢ ᠨᠢᠭᠤᠴᠠ ᠠᠯᠪᠠᠨ ᠳ᠋ᠤ᠌ ᠶᠠᠪᠤᠭᠰᠠᠨ ᠭᠡᠮᠡᠨ ᠬᠡᠯᠡᠭᠦᠯᠦᠭᠰᠡᠨ ᠡᠴᠡ ᠬᠣᠢᠰᠢ ᠲᠡᠭᠦᠨ ᠢ᠋ ᠦᠵᠡᠭᠰᠡᠨ ᠬᠠᠷᠠᠭᠰᠠᠨ ᠬᠥᠮᠦᠨ ᠨᠢᠭᠡᠬᠡᠨ ᠴᠦ᠍ ᠦᠭᠡᠢ ᠪᠥᠯᠥᠭᠡ᠃
《ᠨᠢᠭᠤᠴᠠ ᠲᠡᠦᠬᠡ》 ᠶ᠋ᠢ ᠤᠩᠰᠢᠭᠰᠠᠨ ᠨᠢ ᠮᠥᠩᠬᠡ ᠬᠠᠭᠠᠨ ᠢ᠋ ᠲᠦᠮᠡᠨ ᠪᠣᠳᠣᠯ ᠳ᠋ᠤ᠌ ᠣᠷᠣᠭᠤᠯᠵᠤ᠂ ᠬᠤᠪᠢᠯᠠᠢ ᠶ᠋ᠢᠨ 《ᠭᠠᠯᠲᠤ ᠴᠢᠨᠣ᠎ᠠ ᠲᠩᠷᠢ ᠳ᠋ᠦ᠍ ᠬᠥᠭᠡᠷᠴᠦ ᠪᠠᠢᠨ᠎ᠠ 》 ᠭᠡᠵᠦ ᠨᠢᠳᠦ ᠪᠡᠨ ᠳᠦᠷᠯᠡᠢᠯᠭᠡᠨ ᠬᠠᠰᠬᠢᠷᠴᠤ ᠪᠠᠢᠭᠰᠠᠨ ᠨᠢ ᠨᠢᠳᠦᠨ ᠳ᠋ᠦ᠍ᠨᠢ ᠬᠠᠷᠠᠭᠳᠠᠭᠠᠳ ᠰᠠᠯᠬᠤ ᠪᠠᠨ ᠪᠠᠢᠵᠠᠢ᠃ ᠲᠡᠭᠡᠬᠦ ᠳ᠋ᠦ᠍ ᠲᠡᠳᠡ ᠴᠢᠩᠭᠢᠰ ᠬᠠᠭᠠᠨ ᠤ᠋ ᠱᠠᠷᠢᠯ ᠢ᠋ ᠵᠠᠯᠠᠭᠰᠠᠨ ᠭᠡᠷ ᠲᠡᠷᠭᠡᠨ ᠦ᠌ ᠠᠷᠤ ᠳ᠋ᠤ᠌ ᠵᠡᠷᠭᠡᠴᠡᠭᠡᠳ ᠶᠠᠪᠤᠵᠤ ᠪᠠᠢᠭᠰᠠᠨ ᠲᠤᠯᠠ ᠶᠠᠭᠠᠬᠢᠨ ᠰᠠᠨᠠᠬᠤ ᠦᠭᠡᠢ ᠪᠠᠢᠬᠤ ᠪᠢᠯᠡ᠃ ᠲᠡᠷᠡ ᠭᠠᠯᠲᠤ ᠴᠢᠨᠣ᠎ᠠ ᠶ᠋ᠢ ᠮᠥᠩᠬᠡ ᠬᠠᠭᠠᠨ ᠬᠠᠷᠠᠭ᠎ᠠ ᠦᠭᠡᠢ ᠪᠥᠭᠡᠳ ᠣᠭᠲᠣ ᠢᠲᠡᠭᠡᠭᠡ ᠦᠭᠡᠢ ᠠᠵᠢ᠃ ᠭᠡᠲᠡᠯ᠎ᠡ《ᠨᠢᠭᠤᠴᠠ ᠲᠡᠦᠬᠡ》 ᠶ᠋ᠢᠨ ᠲᠡᠭᠦᠰᠬᠡᠯ ᠳ᠋ᠦ᠍ ᠴᠢᠩᠭᠢᠰ ᠬᠠᠭᠠᠨ ᠤ᠋ ᠰᠦᠨᠡᠰᠦ ᠭᠠᠯᠲᠤ ᠴᠢᠨᠣ᠎ᠠ ᠪᠣᠯᠤᠨ ᠲᠩᠷᠢ ᠳ᠋ᠦ᠍ ᠬᠥᠭᠡᠷᠦᠭᠰᠡᠨ ᠢ᠋᠂ ᠪᠠᠰᠠ ᠭᠠᠭᠴᠠ ᠬᠤᠪᠢᠯᠠᠢ ᠳ᠋ᠤ᠌ ᠬᠠᠷᠠᠭᠳᠠᠭᠰᠠᠨ ᠲᠤᠬᠠᠢ ᠳᠤᠷᠠᠳᠤᠭᠰᠠᠨ ᠢ᠋ ᠮᠡᠳᠡᠭᠡᠳ ᠢᠲᠡᠭᠡᠬᠦ᠂ ᠭᠠᠢᠬᠠᠬᠤ ᠬᠣᠣᠰᠯᠠᠭᠰᠠᠭᠠᠷ ᠪᠠᠢᠪᠠ᠃ ᠢᠩᠭᠢᠵᠦ ᠪᠢᠴᠢᠭᠰᠡᠨ ᠨᠢ ᠦᠨᠡᠨ ᠪᠣᠯ ᠲᠤᠢᠯ ᠤ᠋ᠨ ᠠᠲᠠᠭᠠᠷᠬᠠᠮᠠᠷ᠂ ᠪᠠᠰᠠ ᠣᠯᠠᠨ ᠵᠦᠢᠯ ᠢ᠋ ᠡᠷᠭᠢᠴᠡᠭᠦᠯᠦᠨ ᠲᠤᠩᠭᠠᠮᠠᠷ ᠬᠡᠷᠡᠭ ᠠᠵᠢ᠃ ᠴᠠᠭᠠᠰᠢᠳᠠ 《ᠴᠢᠩᠭᠢᠰ ᠬᠠᠭᠠᠨ ᠤ᠋ ᠨᠢᠭᠤᠴᠠ ᠲᠡᠦᠬᠡ》 ᠶ᠋ᠢ ᠬᠡᠷᠬᠢᠬᠦ ᠪᠡᠨ ᠮᠥᠩᠬᠡ ᠬᠠᠭᠠᠨ ᠤᠳᠠᠭᠠᠨ ᠪᠣᠳᠣᠪᠠ᠃ ᠭᠠᠭᠴᠠ ᠪᠠᠶᠠᠨ ᠳ᠋ᠠᠭᠡᠨ ᠬᠠᠳᠠᠭᠠᠯᠠᠨ ᠨᠢᠭᠤᠬᠤ ᠨᠢ ᠳᠠᠩᠴᠤ ᠪᠠᠢᠵᠤ ᠪᠣᠯᠤᠮ ᠦᠭᠡᠢ᠃ ᠴᠣᠬᠣᠮ ᠲᠩᠷᠢ ᠶ᠋ᠢᠨ ᠵᠠᠷᠯᠢᠭ ᠢ᠋ ᠵᠥᠷᠢᠴᠡᠭᠰᠡᠨ ᠬᠡᠷᠡᠭ ᠭᠡᠳᠡᠭ ᠢ᠋ ᠲᠡᠷᠡ ᠣᠢᠯᠠᠭᠠᠵᠤ ᠪᠠᠢᠪᠠ᠃ ᠪᠠᠰᠠ ᠲᠦᠮᠡᠨ ᠣᠯᠠᠨ ᠳ᠋ᠤ᠌ ᠵᠠᠷᠯᠠᠨ ᠲᠤᠩᠬᠠᠭᠯᠠᠬᠤ ᠨᠢ ᠴᠦ᠍ ᠪᠠᠢᠵᠤ ᠪᠣᠯᠤᠮ ᠦᠭᠡᠢ ᠮᠡᠲᠦ ᠰᠠᠨᠠᠭᠳᠠᠵᠠᠢ᠃ ᠲᠡᠭᠡᠭᠡᠳ 《ᠴᠢᠩᠭᠢᠰ ᠬᠠᠭᠠᠨ ᠤ᠋ ᠨᠢᠭᠤᠴᠠ ᠲᠡᠦᠬᠡ》 ᠶ᠋ᠢ 《ᠴᠢᠩᠭᠢᠰ ᠬᠠᠭᠠᠨ ᠤ᠋ ᠠᠯᠲᠠᠨ ᠤᠷᠤᠭ ᠤ᠋ᠨ ᠪᠢᠴᠢᠭᠡᠰᠦ》 ᠲᠡᠢ ᠬᠠᠮᠲᠤ ᠶᠡᠬᠡ ᠬᠠᠭᠠᠨ ᠤ᠋ ᠶᠠᠮᠪᠠᠨ ᠤ᠋ ᠦᠷᠭᠦᠭᠡᠨ ᠳ᠋ᠦ᠍ ᠲᠤᠰᠬᠠᠢᠯᠠᠨ ᠬᠠᠳᠠᠭᠠᠯᠠᠵᠤ ᠵᠥᠪᠬᠡᠨ ᠶᠡᠬᠡ ᠮᠣᠩᠭᠣᠯ ᠤᠯᠤᠰ ᠤ᠋ᠨ ᠬᠠᠭᠠᠨ ᠰᠠᠭᠤᠷᠢᠨ ᠳ᠋ᠤ᠌ ᠵᠠᠯᠠᠷᠠᠭᠰᠠᠳ ᠯᠠ ᠨᠡᠭᠡᠭᠡᠨ ᠤᠩᠰᠢᠵᠤ ᠪᠣᠯᠬᠤ ᠶ᠋ᠢ ᠮᠥᠩᠬᠡ ᠬᠠᠭᠠᠨ ᠬᠠᠲᠠᠭᠤ ᠴᠢᠩᠳᠠ ᠵᠠᠷᠯᠢᠭ ᠪᠣᠯᠭᠠᠭᠰᠠᠨ ᠨᠢ ᠴᠢᠩᠭᠢᠰ ᠬᠠᠭᠠᠨ ᠤ᠋ ᠲᠠᠪᠢᠳᠤᠭᠠᠷ ᠣᠨ ᠪᠤᠶᠤ ᠾᠷᠢᠰᠲ᠋ᠣᠰ ᠤ᠋ᠨ ᠲᠣᠭᠠᠯᠠᠯ ᠤ᠋ᠨ ᠮᠢᠩᠭ᠎ᠠ ᠬᠣᠶᠠᠷ ᠵᠠᠭᠤᠨ ᠲᠠᠪᠢᠨ ᠵᠢᠷᠭᠤᠭᠠᠨ ᠣᠨ ᠪᠠᠢᠪᠠ᠃
ᠡᠨᠡ ᠦᠶ᠎ᠡ ᠳ᠋ᠦ᠍ ᠬᠠᠷ᠎ᠠ ᠬᠣᠷᠣᠮ ᠬᠣᠲᠠ 《ᠴᠢᠩᠭᠢᠰ ᠬᠠᠭᠠᠨ ᠤ᠋ ᠨᠢᠭᠤᠴᠠ ᠲᠡᠦᠬᠡ》 ᠳ᠋ᠦ᠍ ᠳᠤᠷᠠᠳᠤᠭᠰᠠᠨᠴᠢᠯᠡᠨ ᠪᠤᠷᠬᠠᠨ ᠤ᠋᠂ ᠵᠠᠭᠠᠯᠮᠠᠢ ᠶ᠋ᠢᠨ᠂ ᠯᠠᠯᠤ ᠶ᠋ᠢᠨ ᠱᠠᠰᠢᠨᠲᠠᠨ ᠤ᠋ ᠴᠣᠷ ᠤ᠋ᠨ ᠭᠠᠭᠴᠠ ᠨᠢᠭᠡᠳᠦᠭᠰᠡᠨ ᠮᠥᠷᠭᠥᠯ ᠦ᠋ᠨ ᠭᠠᠵᠠᠷ᠂ ᠠᠯᠪᠠᠨ ᠬᠠᠷᠢᠯᠴᠠᠭ᠎ᠠ᠂ ᠠᠷᠠᠯᠵᠢᠶ᠎ᠠ ᠬᠤᠳᠠᠯᠳᠤᠭᠠᠨ ᠤ᠋ ᠨᠢᠭᠡᠨ ᠴᠢᠬᠤᠯᠠ ᠵᠠᠩᠭᠢᠯᠠᠭ᠎ᠠ ᠭᠡᠭᠳᠡᠵᠦ ᠴᠢᠩᠭᠢᠰ ᠬᠠᠭᠠᠨ ᠤ᠋ ᠵᠠᠬᠢᠵᠤ ᠭᠡᠷᠢᠶᠡᠰᠯᠡᠨ ᠦᠯᠡᠳᠡᠭᠡᠭᠰᠡᠨ ᠢ᠋ᠶ᠋ᠡᠷ ᠶᠢᠷᠲᠢᠨᠴᠦ ᠶ᠋ᠢᠨ ᠲᠥᠪ ᠪᠣᠯᠤᠭᠠᠳ ᠪᠠᠢᠯ᠎ᠠ᠃ ᠡᠨᠡ ᠬᠦ᠌ ᠨᠢᠭᠡᠳᠦᠭᠰᠡᠨ ᠨᠢᠭᠡ ᠶᠢᠷᠲᠢᠨᠴᠦ ᠪᠣᠯ ᠴᠢᠩᠭᠢᠰ ᠬᠠᠭᠠᠨ ᠤ᠋ ᠲᠤᠢᠯ ᠤ᠋ᠨ ᠬᠦᠰᠡᠯᠡᠩ ᠪᠠᠢᠪᠠ᠃ ᠥᠪᠡᠷ ᠦ᠋ᠨ ᠬᠢᠨᠢ ᠬᠦᠰᠡᠯ ᠢ᠋ ᠲᠡᠭᠦᠨ ᠦ᠌ ᠦᠷ᠎ᠡ ᠤᠳᠤᠮ ᠠᠯᠭᠠᠰᠠᠨ ᠴᠠᠯᠠᠭᠠᠷᠲᠠᠭᠤᠯᠤᠯ ᠦᠭᠡᠢ ᠪᠡᠶᠡᠯᠡᠭᠦᠯᠵᠦ ᠨᠡᠷ᠎ᠡ ᠠᠯᠳᠠᠷ ᠢ᠋ ᠨᠢ ᠳᠠᠭᠤᠷᠢᠰᠬᠠᠨ ᠶᠠᠪᠤᠭ᠎ᠠ ᠶ᠋ᠢ ᠴᠢᠩᠭᠢᠰ ᠬᠠᠭᠠᠨ ᠤ᠋ ᠰᠦᠨᠡᠰᠦ | ᠭᠠᠯᠲᠤ ᠴᠢᠨᠣ᠎ᠠ ᠳᠡᠭᠡᠳᠦ ᠲᠩᠷᠢ ᠡᠴᠡ ᠪᠠᠬᠠᠳᠤᠨ ᠬᠠᠷᠠᠵᠤ ᠪᠠᠢᠭ᠎ᠠ ᠶ᠋ᠢ ᠮᠥᠩᠬᠡ ᠬᠠᠭᠠᠨ ᠵᠦᠩ ᠢ᠋ᠶ᠋ᠡᠷ ᠢ᠋ᠶ᠋ᠡᠨ ᠮᠡᠳᠡᠵᠦ ᠪᠠᠢᠪᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠵᠢᠩᠯᠢᠬᠤᠸᠠᠷ᠂ ᠪᠠᠶᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂
ᠬᠡᠯᠡᠰᠣᠶᠣᠯ(ᠪᠤᠤ ᠸᠸᠨ ᠬᠤᠸᠠ)᠂ ᠠᠯᠲᠠᠨᠴᠡᠴᠡᠭ᠂ ᠬᠡᠷᠡᠢᠳ·ᠮᠥᠩᠬᠡᠨᠠᠰᠤᠨ
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠠᠷᠢᠭᠤᠨ᠂ ᠲ·ᠬᠦᠮᠦᠵᠢᠯᠲᠦ᠂ ᠮᠣᠩᠭᠣᠯ ᠰᠦᠨᠡᠰᠦ᠂
ᠭᠠᠷᠮ᠎ᠠ᠂ ᠬᠠᠢ ᠵᠢᠶᠦ᠋ᠨ
