ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 1 Шинэлам – 3-р бүлэг᠂ Шинэлмийн зэвсэгт тэмцэл 1 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 1 Шинэлам – 3-р бүлэг᠂ Шинэлмийн зэвсэгт тэмцэл 1

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 1 Шинэлам – 3-р бүлэг᠂ Шинэлмийн зэвсэгт тэмцэл 1

ᠠᠩᠭᠢᠯᠠᠯ:ᠲᠡᠦᠬᠡ ᠰᠣᠶᠣᠯ
2025-10-25

113

ᠭᠤᠷᠪᠠᠳᠤᠭᠠᠷ ᠪᠦᠯᠦᠭ ᠂ ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ

ᠨᠢᠭᠡ᠂ ᠴᠡᠷᠢᠭ ᠠᠩᠭᠢ ᠪᠠᠢᠭᠤᠯᠤᠭᠰᠠᠨ


       ᠰᠢᠨᠡᠯᠡᠮ᠎ᠡ1926 ᠣᠨ ᠳ᠋ᠤ᠌ ᠪᠤᠭᠤᠲᠤ ᠳ᠋ᠤ᠌ ᠪᠠᠢᠬᠤ ᠵᠠᠭᠤᠷ᠎ᠠ ᠦᠦᠰᠢᠨ ᠬᠥᠮᠦᠨ ᠵᠠᠮᠢᠶᠠᠨᠵᠠᠪ ᠢ᠋ᠶ᠋ᠠᠷ ᠨᠢᠭᠡ ᠬᠤᠪᠢ ᠨᠢᠭᠤᠴᠠ ᠵᠠᠬᠢᠳᠠᠯ ᠠᠪᠤᠭᠤᠯᠵᠤ ᠦᠦᠰᠢᠨ ᠳ᠋ᠦ᠍ ᠬᠠᠷᠢᠭᠤᠯᠪᠠ᠃ ᠲᠤᠰ ᠵᠣᠬᠢᠶᠠᠯ(ᠵᠠᠬᠢᠳᠠᠯ) ᠳ᠋ᠠᠭᠠᠨ᠄《ᠳᠣᠲᠣᠭᠠᠳᠤ ᠮᠣᠩᠭᠣᠯ ᠤ᠋ᠨ ᠨᠠᠮ ᠤ᠋ᠨ ᠲᠥᠪ ᠬᠣᠷᠢᠶ᠎ᠠ ᠪᠤᠭᠤᠲᠤ ᠳ᠋ᠤ᠌ ᠢᠷᠡᠭᠰᠡᠨ ᠦ᠌ ᠳᠠᠷᠠᠭ᠎ᠠ ᠸᠠᠩᠳᠠᠨᠨᠢᠮ᠎ᠡ ᠮᠣᠩᠭᠣᠯ ᠬᠤᠰᠢᠭᠤᠨ ᠤ᠋ ᠠᠷᠠᠳ ᠤ᠋ᠨ ᠴᠡᠷᠢᠭ ᠢ᠋ ᠪᠣᠯᠪᠠᠰᠤᠷᠠᠭᠤᠯᠬᠤ ᠭᠠᠵᠠᠷ ᠤ᠋ᠨ ᠳᠡᠳ᠋ ᠳᠠᠷᠤᠭ᠎ᠠ ᠰᠤᠢᠶᠤᠸᠡᠨ ᠦ᠌ ᠮᠣᠩᠭᠣᠯ  ᠬᠣᠰᠢᠭᠤᠳ ᠤ᠋ᠨ ᠠᠷᠠᠳ ᠤ᠋ᠨ ᠴᠡᠷᠢᠭ ᠢ᠋ ᠵᠠᠬᠢᠷᠬᠤ ᠰᠸᠯᠢᠩ ᠪᠣᠯᠪᠠ᠃  ᠳ᠋ᠤᠲ᠋ᠥ᠋ᠩ ᠲᠦᠪᠰᠢᠨ ᠢ᠋ᠶ᠋ᠡᠷ ᠳᠠᠮᠵᠢᠭᠤᠯᠵᠤ ᠮᠢᠩᠭᠠᠨ ᠴᠡᠷᠢᠭ ᠦ᠋ᠨ ᠵᠡᠪᠰᠡᠭ ᠵᠠᠷᠤᠳᠠᠯ ᠬᠦᠷᠭᠡᠵᠦ ᠢᠷᠡᠪᠡ᠃ ᠮᠠᠨ ᠤ᠋ ᠳᠤᠭᠤᠢᠯᠠᠩ ᠤ᠋ᠨ ᠨᠠᠮ ᠡᠪᠯᠡᠯ ᠦ᠋ᠨ ᠭᠡᠰᠢᠭᠦᠳ ᠡᠷᠬᠡᠪᠰᠢ ᠲᠣᠯᠣᠭᠠᠢᠯᠠᠨ ᠨᠡᠷ᠎ᠡ ᠪᠡᠨ ᠮᠡᠳᠡᠭᠦᠯᠵᠦ᠂ ᠰᠠᠢᠨ ᠮᠣᠷᠢ ᠪᠠᠨ ᠰᠢᠯᠢᠨ ᠤᠨᠤᠵᠤ ᠱᠠᠯᠠᠪ ᠲᠦᠷᠭᠡᠨ ᠪᠤᠭᠤᠲᠤ ᠳ᠋ᠤ᠌ ᠢᠷᠡᠵᠦ ᠵᠡᠪᠰᠡᠭ ᠭᠠᠷᠳᠠᠨ ᠠᠪᠴᠤ ᠠᠷᠠᠳ ᠲᠦᠮᠡᠨ ᠦ᠌ ᠨᠢᠳᠦᠨ ᠦ᠌ ᠰᠣᠷᠮᠤᠤᠰᠤ ᠰᠢᠳᠡᠮᠡᠷ ᠪᠣᠯᠴᠢᠬᠠᠭᠰᠠᠨ ᠠᠶᠤᠯ ᠲᠦᠭᠰᠢᠭᠦᠷᠢᠲᠦ ᠴᠠᠭ ᠮᠥᠴᠡ ᠳ᠋ᠦ᠍᠂ ᠠᠷᠠᠳ ᠲᠦᠮᠡᠨ ᠦ᠌ ᠡᠷᠬᠡ ᠴᠢᠯᠥᠭᠡ ᠶ᠋ᠢᠨ ᠲᠥᠯᠥᠭᠡ ᠪᠠᠢᠯᠳᠤᠬᠤ ᠬᠡᠷᠡᠭᠲᠡᠢ᠃ ᠢᠷᠡᠬᠦ ᠵᠠᠮ ᠵᠠᠭᠤᠷ᠎ᠠ ᠠᠷᠠᠳ ᠢ᠋ ᠲᠦᠢᠪᠡᠭᠡᠯᠭᠡ ᠦᠭᠡᠢ ᠪᠡᠷ ᠰᠠᠬᠢᠯ ᠰᠠᠨᠸᠠᠷ ᠢ᠋ᠶ᠋ᠠᠨ ᠰᠠᠢᠨ ᠰᠠᠬᠢᠵᠤ ᠰᠠᠭᠠᠳ ᠭᠠᠷᠬᠤ ᠦᠭᠡᠢ ᠪᠡᠷ ᠬᠤᠷᠳᠤᠯᠠᠨ ᠶᠠᠪᠤᠵᠤ᠂ ᠴᠠᠭ ᠢ᠋ ᠣᠰᠣᠯᠳᠠᠵᠤ ᠶᠡᠷᠦ ᠪᠣᠯᠬᠤ ᠦᠭᠡᠢ᠁》 ᠭᠡᠮᠡᠨ ᠵᠠᠬᠢᠵᠠᠢ᠃ ᠡᠨᠡ ᠬᠦ᠌ ᠨᠢᠭᠤᠴᠠ ᠰᠠᠢᠨ ᠴᠢᠮᠡᠭᠡ ᠶ᠋ᠢ ᠰᠣᠨᠣᠰᠤᠭᠰᠠᠨ ᠪᠦᠬᠦᠨ ᠰᠠᠢᠨ ᠮᠣᠷᠢ ᠪᠠᠨ ᠤᠨᠤᠵᠤ ᠬᠡᠳᠦᠬᠡᠨ ᠡᠳᠦᠷ ᠲᠦ᠍ ᠦᠦᠰᠢᠨ ᠡᠴᠡ120 ᠭᠠᠷᠤᠢ ᠵᠠᠯᠠᠭᠤᠴᠤᠳ ᠪᠦᠯᠦᠭ ᠪᠦᠯᠦᠭ ᠢ᠋ᠶ᠋ᠡᠷ ᠪᠤᠭᠤᠲᠤ ᠳ᠋ᠤ᠌ ᠬᠦᠷᠴᠦ ᠴᠡᠷᠢᠭ ᠦ᠋ᠨ ᠡᠩᠨᠡᠭᠡᠨ ᠳ᠋ᠦ᠍ ᠣᠷᠣᠵᠤ ᠵᠡᠪᠰᠡᠭ ᠭᠠᠷᠲᠠᠭᠰᠠᠨ ᠪᠠᠢᠨ᠎ᠠ᠃ ᠡᠨᠡ ᠨᠢ ᠬᠣᠵᠢᠮ ᠤ᠋ᠨ ᠰᠢᠨᠠᠯᠠᠮ᠎ᠠ ᠶ᠋ᠢᠨ《ᠮᠣᠷᠢᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶᠠᠨ》 ᠤ᠋ ᠡᠭᠦᠰᠦᠯ ᠪᠣᠯᠤᠨ᠎ᠠ᠃   


           ᠦᠰᠦᠭ ᠠᠮᠢᠯᠠᠭᠤᠯᠤᠭᠴᠢ᠄ ᠴᠤᠯᠮᠤᠨᠭᠡᠷᠡᠯ
                ᠬᠢᠨᠠᠭᠴᠢ᠄ ᠣᠳᠬᠣᠨᠴᠡᠴᠡᠭ