ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ – ᠣᠷᠣᠰᠢᠯ ᠨᠢᠭᠡ Идээ ундааны жинхэнэ товч– Хүсэхүй нар найруулж Хөхлуу монголчлов – Оршил 1
ᠣᠷᠣᠰᠢᠯ ᠨᠢᠭᠡ
ᠡᠳᠦᠭᠡ ᠶ᠋ᠢᠨ ᠳᠡᠭᠡᠳᠦ ᠬᠠᠭᠠᠨ ᠡᠵᠡᠨ ᠲᠥᠷᠥᠯᠬᠢ ᠯᠠᠭᠱᠠᠨ ᠰᠡᠴᠡᠨ ᠰᠡᠷᠭᠦᠯᠡᠩ ᠤᠳᠬᠠᠲᠤ ᠪᠣᠳᠣᠯᠭ᠎ᠠ ᠭᠦᠨ ᠬᠣᠯᠠ ᠲᠤᠯᠠ ᠢᠦᠢ ᠶᠠᠨ ᠭᠧ ᠲᠠᠭᠲᠤ ᠳ᠋ᠤᠷ ᠥᠷᠯᠥᠭᠡ ᠦᠳᠡᠰᠢ ᠴᠤᠴᠠᠯᠲᠠ ᠦᠭᠡᠢ ᠨᠣᠮ ᠪᠢᠴᠢᠭ ᠦᠵᠡᠬᠦ ᠢᠨᠤ ᠬᠠᠷᠠᠬᠠᠨ ᠣᠶᠤᠨ ᠰᠠᠨᠠᠭ᠎ᠠ ᠵᠠᠩ ᠴᠢᠨᠠᠷ ᠢ᠋ᠶ᠋ᠠᠨ ᠬᠥᠮᠦᠵᠢᠭᠦᠯᠦᠭᠡᠳ ᠲᠥᠷᠥ ᠭᠦᠷᠦᠨ ᠦ᠌ ᠲᠦᠮᠡᠨ ᠶᠠᠪᠤᠳᠠᠯ ᠢ᠋ ᠲᠤᠩ ᠴᠤ᠌ ᠭᠡᠭᠡᠬᠡᠨ ᠢ᠋ᠶ᠋ᠡᠷ ᠲᠣᠯᠢᠳᠠᠵᠤ ᠰᠢᠢᠳᠪᠦᠷᠢᠯᠡᠵᠦ ᠠᠭᠰᠠᠨ ᠠ᠋ᠴᠠ ᠳᠣᠲᠣᠭᠠᠳᠤ ᠪᠣᠭᠳᠠ ᠭᠠᠳᠠᠭᠠᠳᠤ ᠸᠠᠩ ᠤ᠋ᠨ ᠶᠣᠰᠣ ᠡᠷᠳᠡᠮ ᠢ᠋ ᠣᠯᠤᠭᠰᠠᠨ ᠪᠣᠢ ᠢ᠋᠎ᠠ᠃ ᠲᠡᠢᠮᠦ ᠡᠴᠡ ᠤᠯᠤᠰ ᠤ᠋ᠨ ᠵᠣᠣ ᠭᠦᠸᠧ ᠬᠦᠩ ᠲᠦᠰᠢᠮᠡᠯ ᠴᠠᠩ ᠫᠦ ᠯᠠᠨ ᠰᠢ ᠢᠨᠤ ᠬᠠᠷᠢᠶᠠᠲᠤ ᠴᠠᠢ ᠴᠠᠪ ᠢ᠋ ᠬᠠᠮᠢᠶᠠᠷᠳᠠᠭ ᠲᠦᠰᠢᠮᠡᠯ ᠬᠦᠰᠡᠬᠦᠢ ᠶ᠋ᠢᠨ ᠨᠠᠢᠷᠠᠭᠤᠯᠤᠭᠰᠠᠨ《ᠢᠳᠡᠭᠡᠨ ᠤᠮᠳᠠᠭᠠᠨ ᠤ᠋ ᠵᠢᠩᠬᠢᠨᠢ ᠲᠣᠪᠴᠢ 》 ᠬᠡᠮᠡᠬᠦ ᠪᠢᠴᠢᠭ ᠢ᠋ ᠳᠡᠭᠡᠭᠰᠢ ᠡᠷᠭᠦᠭᠰᠡᠨ ᠢ᠋ ᠳᠠᠭᠠᠯᠳᠤᠭᠤᠯᠤᠨ ᠮᠡᠬᠦᠢᠨ ᠥᠭᠦᠯᠡᠭᠰᠡᠨ ᠢᠨᠤ ᠡᠷᠲᠡ ᠱᠢᠽᠦ ᠬᠤᠸᠠᠩᠳᠢ ᠬᠠᠭᠠᠨ ᠠᠨᠤ ᠡᠪᠡᠰᠦᠨ ᠡᠮ ᠦ᠋ᠨ ᠶᠣᠰᠣ ᠶ᠋ᠢ ᠨᠢᠭᠲᠠᠯᠠᠵᠤ᠂ ᠢᠳᠡᠭᠡᠨ ᠤᠮᠳᠠᠭᠠᠨ ᠢ᠋ᠶ᠋ᠠᠨ ᠲᠣᠬᠢᠷᠠᠭᠤᠯᠤᠨ᠂ ᠶᠠᠪᠤᠵᠤ ᠰᠠᠭᠤᠬᠤ ᠬᠥᠳᠡᠯᠵᠦ ᠪᠠᠷᠢᠬᠤ ᠪᠠᠨ ᠶᠣᠰᠣ ᠳᠦᠷᠢᠮ ᠳ᠋ᠦ᠍ᠷ ᠨᠡᠢᠴᠡᠭᠦᠯᠬᠦ ᠤᠴᠢᠷ ᠠ᠋ᠴᠠ ᠯᠠᠭᠱᠠᠨ ᠪᠡᠶ᠎ᠡ ᠤᠷᠲᠤ ᠨᠠᠰᠤᠯᠠᠵᠤ ᠦᠷ᠎ᠡ ᠬᠡᠦᠬᠡᠳ ᠲᠡᠭᠡᠨ ᠬᠢᠵᠠᠭᠠᠯᠠᠰᠢ ᠦᠭᠡᠢ ᠪᠤᠶᠠᠨ ᠬᠡᠰᠢᠭ ᠢ᠋ ᠬᠦᠷᠲᠡᠭᠡᠭᠰᠡᠨ ᠪᠥᠯᠥᠭᠡ᠃
ᠡᠨᠡ ᠪᠢᠴᠢᠭ ᠪᠣᠯᠪᠠᠰᠤ ᠲᠤᠬᠠᠢ ᠶ᠋ᠢᠨ ᠦᠶ᠎ᠡ ᠶ᠋ᠢᠨ ᠳᠡᠭᠡᠳᠦ ᠡᠷᠳᠡᠮᠲᠡᠨ ᠡᠮᠴᠢ ᠶ᠋ᠢᠨ ᠥᠭᠦᠯᠡᠯ ᠵᠣᠬᠢᠶᠠᠯ ᠮᠥᠨ ᠬᠡᠮᠡᠭᠰᠡᠨ ᠠᠵᠠᠢ᠂ ᠠᠶ᠎ᠠ ᠪᠢᠴᠢᠭ ᠡᠷᠭᠦᠭᠴᠢ ᠶ᠋ᠢ ᠢᠨᠤ ᠦᠨᠡᠬᠡᠷ ᠤᠷᠠᠨ ᠮᠡᠷᠭᠡᠵᠢᠯ ᠢ᠋ ᠬᠡᠷᠡᠭᠵᠢᠭᠦᠯᠵᠦ᠂ᠦᠨᠡᠨᠴᠢ ᠰᠢᠳᠤᠷᠭᠤ ᠪᠠᠨ ᠭᠦᠢᠴᠡᠳᠬᠡᠨ ᠴᠢᠳᠠᠪᠠ ᠬᠡᠮᠡᠪᠡᠰᠦ ᠪᠣᠯᠤᠮᠤᠢ᠃ ᠡᠨᠡᠬᠦ ᠪᠢᠴᠢᠭ ᠢ᠋ ᠳᠤᠮᠳᠠᠳᠤ ᠣᠷᠳᠣᠨ ᠳ᠋ᠤᠷ ᠡᠷᠭᠦᠨ ᠳᠡᠪᠰᠢᠭᠦᠯᠦᠭᠰᠡᠨᠡ ᠬᠢᠨᠠᠵᠤ ᠰᠣᠶᠣᠷᠬᠠᠭᠰᠠᠨ ᠠ᠋ᠴᠠ ᠡᠪᠦᠭᠡ ᠳᠡᠭᠡᠳᠦᠰ ᠦ᠋ᠨ ᠡᠷᠡᠭᠦᠯ ᠬᠠᠮᠠᠭᠠᠯᠠᠯ ᠤ᠋ᠨ ᠲᠤᠬᠠᠢ ᠰᠤᠷᠭᠠᠯ ᠢ᠋ ᠬᠢᠴᠢᠶᠡᠩᠭᠦᠢᠯᠡᠨ ᠪᠣᠳᠣᠵᠤ᠂ ᠲᠦᠰᠢᠮᠡᠯ ᠰᠠᠢᠳ ᠠ᠋ᠴᠠ ᠦᠵᠡᠯ ᠰᠠᠨᠠᠭ᠎ᠠ ᠪᠠᠨ ᠬᠠᠯᠠᠰᠢᠷᠠᠯ ᠦᠭᠡᠢ ᠳᠡᠯᠭᠡᠨ ᠳᠤᠷᠠᠳᠤᠭᠰᠠᠨ ᠠᠨᠤ ᠴᠣᠬᠣᠮ ᠬᠦ᠌ ᠪᠣᠭᠳᠠ ᠡᠵᠡᠨ ᠦ᠌ ᠡᠷᠡᠭᠦᠯ ᠮᠡᠨᠳᠦ ᠳ᠋ᠦ᠍ᠷ ᠲᠤᠰᠠᠯᠠᠬᠤ ᠪᠠᠷ ᠦᠯᠦ ᠪᠠᠷᠠᠮ᠂ ᠴᠢᠨᠠᠭᠰᠢᠳᠠ ᠥᠷᠭᠡᠨ ᠲᠦᠮᠡᠨ ᠳ᠋ᠦ᠍ᠷ ᠥᠷᠥᠰᠢᠶᠡᠯ ᠬᠡᠰᠢᠭ ᠦᠵᠡᠭᠦᠯᠬᠦ ᠦᠪᠡᠳᠡᠭᠰᠢ ᠰᠠᠢᠬᠠᠨ ᠰᠠᠨᠠᠭ᠎ᠠ ᠮᠥᠨ ᠪᠣᠢ ᠢ᠋᠎ᠠ᠃ ᠲᠡᠢᠮᠦ ᠶ᠋ᠢᠨ ᠲᠤᠯᠠ ᠲᠤᠰ ᠪᠢᠴᠢᠭ ᠢ᠋ ᠰᠡᠢᠯᠪᠦᠷᠢᠯᠡᠨ ᠳᠠᠷᠤᠮᠠᠯᠯᠠᠭᠤᠯᠤᠭᠠᠳ ᠣᠯᠠᠨ᠎ᠠ ᠥᠷᠭᠡᠨ ᠲᠠᠷᠬᠠᠭᠠᠲᠤᠭᠠᠢ ᠭᠡᠮᠡᠨ ᠳᠣᠲᠣᠭᠠᠳᠤ ᠶᠠᠪᠤᠳᠠᠯ ᠤ᠋ᠨ ᠶᠠᠮᠤᠨ ᠵᠦᠩ ᠵᠧᠩ ᠶᠤᠸᠠᠨ ᠳ᠋ᠤᠷ ᠵᠠᠷᠯᠢᠭ ᠪᠠᠭᠤᠯᠭᠠᠪᠠᠢ᠃ ᠡᠨᠡ ᠢᠨᠦ ᠮᠥᠨ ᠨᠢᠭᠡᠯᠡ ᠬᠥᠮᠦᠨ ᠢ᠋ ᠠᠮᠤᠷᠵᠢᠭᠤᠯᠤᠭᠠᠳ ᠪᠠᠷᠠᠬᠤᠨ ᠢ᠋ᠶ᠋ᠠᠷ ᠦᠭᠡᠢ ᠳᠡᠯᠡᠬᠡᠢ ᠳ᠋ᠠᠬᠢᠨ ᠤ᠋ ᠬᠥᠮᠦᠰ ᠢ᠋ ᠴᠥᠮ ᠠᠮᠤᠷᠵᠢᠭᠤᠯᠵᠤ ᠨᠢᠭᠡᠯᠡ ᠬᠥᠮᠦᠨ ᠢ᠋ ᠤᠷᠲᠤ ᠨᠠᠰᠤᠯᠠᠭᠤᠯᠬᠤ ᠪᠠᠷ ᠳᠡᠯᠡᠬᠡᠢ ᠳ᠋ᠠᠬᠢᠨ ᠤ᠋ ᠬᠥᠮᠦᠰ ᠲᠦ᠍ ᠴᠥᠮ ᠨᠠᠰᠤᠨ ᠬᠤᠲᠤᠭ ᠨᠡᠮᠡᠭᠳᠡᠭᠦᠯᠰᠦᠭᠡᠢ ᠭᠡᠮᠡᠨ ᠵᠣᠷᠢᠭᠰᠠᠨ ᠲᠤᠯᠠ᠂ ᠦᠨᠡᠬᠡᠷ ᠪᠣᠯᠵᠤ ᠨᠡᠢᠲᠡ ᠳ᠋ᠦ᠍ᠷ ᠬᠠᠢᠷᠠᠯᠠᠭᠰᠠᠨ ᠪᠤᠶᠠᠨ ᠬᠡᠰᠢᠭ ᠢᠨᠦ ᠡᠭᠦᠨ ᠡᠴᠡ ᠦᠯᠡᠭᠦᠦ ᠪᠠᠢᠮᠤᠢ ᠤᠤ᠃ ᠲᠤᠰ ᠪᠢᠴᠢᠭ ᠢ᠋ ᠪᠦᠷᠢᠨ ᠨᠠᠢᠷᠠᠭᠤᠯᠵᠤ ᠳᠠᠭᠤᠰᠤᠭᠰᠠᠨ ᠬᠣᠢᠨ᠎ᠠ᠂ ᠨᠡᠢᠰᠯᠡᠯ ᠬᠣᠲᠠ ᠳᠠᠢᠳᠤ ᠶ᠋ᠢᠨ ᠵᠠᠬᠢᠷᠤᠭᠴᠢ ᠲᠦᠰᠢᠮᠡᠯ ᠵᠢᠨᠵᠢᠶᠧᠨᠦ ᠢᠨᠦ ᠡᠵᠡᠨ ᠦ᠌ ᠵᠠᠷᠯᠢᠭ ᠢ᠋ ᠤᠯᠠᠮᠵᠢᠯᠠᠵᠤ᠂ ᠲᠦᠰᠢᠮᠡᠯ ᠢᠦᠢ ᠵᠢᠢ ᠨᠠᠮ᠎ᠠ ᠶ᠋ᠢ ᠲᠤᠰ ᠪᠢᠴᠢᠭ ᠦ᠋ᠨ ᠡᠬᠢᠨ ᠳ᠋ᠦ᠍ᠷ ᠣᠷᠣᠰᠢᠯ ᠪᠢᠴᠢᠲᠦᠭᠡᠢ ᠦᠭᠡᠢ ᠭᠡᠮᠡᠨ ᠵᠠᠷᠯᠢᠭ ᠪᠣᠯᠪᠠ᠃ ᠲᠡᠢᠮᠦ ᠡᠴᠡ ᠢᠦᠢ ᠵᠢᠢ ᠪᠢ ᠳᠠᠬᠢᠨ ᠳᠠᠪᠲᠠᠨ ᠮᠡᠬᠦᠢᠨ ᠮᠥᠷᠭᠥᠵᠦ ᠬᠢᠴᠢᠶᠡᠩᠭᠦᠢᠯᠡᠨ ᠥᠭᠦᠯᠡᠬᠦ ᠢᠨᠤ᠄ ᠲᠦᠰᠢᠮᠡᠯ ᠪᠢ ᠰᠣᠨᠣᠰᠪᠠᠰᠤ ᠵᠢᠷᠤᠬᠠᠢ ᠶ᠋ᠢᠨ ᠱᠠᠰᠲᠢᠷ ᠲᠤᠷ ᠲᠡᠮᠳᠡᠭᠯᠡᠰᠡᠨᠴᠢᠯᠡᠨ ᠠᠭᠤᠤ ᠲᠡᠭᠷᠢ ᠡᠴᠡ ᠲᠦᠮᠡᠨ ᠪᠣᠳᠠᠰ ᠡᠭᠦᠰᠴᠦ᠂ ᠥᠷᠭᠡᠨ ᠬᠥᠷᠥᠰᠥ ᠡᠴᠡ ᠲᠦᠮᠡᠨ ᠪᠣᠳᠠᠰ ᠦᠷᠡᠵᠢᠵᠦ᠂ ᠲᠡᠭᠷᠢ ᠭᠠᠵᠠᠷ ᠤ᠋ᠨ ᠲᠦᠭᠡᠮᠡᠯ ᠡᠷᠳᠡᠮ ᠢᠨᠦ ᠲᠦᠮᠡᠨ ᠪᠣᠳᠠᠰ ᠢ᠋ ᠦᠷᠡᠵᠢᠭᠦᠯᠦᠨ ᠬᠥᠮᠦᠵᠢᠭᠦᠯᠬᠦ ᠲᠡᠳᠦᠢᠯᠡ ᠪᠣᠯᠠᠢ ᠬᠡᠮᠡᠵᠦᠬᠦᠢ᠃
ᠡᠳᠦᠭᠡ ᠪᠣᠭᠳᠠ ᠡᠵᠡᠨ ᠢᠨᠦ ᠳᠡᠭᠡᠳᠦ ᠲᠡᠭᠷᠢ ᠶ᠋ᠢᠨ ᠶᠣᠰᠣ ᠶ᠋ᠢ ᠤᠯᠠᠮᠵᠢᠯᠠᠵᠤ᠂ ᠪᠤᠶᠠᠨᠲᠤ ᠬᠠᠲᠤᠨ ᠠᠨᠤ ᠳᠤᠮᠳᠠᠳᠤ ᠬᠥᠷᠥᠰᠥ ᠶ᠋ᠢᠨ ᠶᠣᠰᠣ ᠶ᠋ᠢ ᠡᠶᠡᠪᠡᠷᠭᠦᠦ ᠬᠦᠯᠢᠶᠡᠭᠰᠡᠨ ᠪᠣᠯᠠᠢ᠃ ᠲᠡᠭᠷᠢ ᠭᠠᠵᠠᠷ ᠶᠣᠰᠣ ᠬᠥᠭᠵᠢᠩᠭᠦᠢ ᠪᠦᠷᠢᠳᠦᠭᠰᠡᠨ ᠢᠨᠦ ᠶᠠᠭ ᠡᠨᠡ ᠴᠠᠭ ᠦᠶ᠎ᠡ ᠮᠥᠨ ᠪᠣᠢ ᠢ᠋᠎ᠠ᠃ ᠠᠷᠠᠳ ᠢᠷᠭᠡᠨ᠂ ᠠᠯᠢᠪᠠ ᠪᠣᠳᠠᠰ ᠡᠨᠡᠬᠦ ᠴᠠᠭ ᠦᠶ᠎ᠡ ᠳ᠋ᠦ᠍ᠷ ᠥᠰᠴᠦ ᠲᠥᠷᠥᠭᠰᠡᠨ ᠢᠨᠦ ᠶᠠᠭᠤᠲᠠᠢ ᠵᠠᠪᠰᠢᠶᠠᠨ ᠠᠵᠠᠢ᠃ ᠲᠤᠰ ᠪᠢᠴᠢᠭ ᠢ᠋ ᠤᠬᠠᠭᠤᠯᠤᠨ ᠳᠡᠯᠭᠡᠷᠡᠭᠦᠯᠪᠡᠰᠦ ᠳᠡᠯᠡᠬᠡᠢ ᠳ᠋ᠠᠬᠢᠨ ᠤ᠋ ᠬᠣᠢᠴᠢ ᠦᠶ᠎ᠡ ᠶ᠋ᠢᠨ ᠬᠥᠮᠦᠰ ᠢᠨᠦ ᠥᠨᠥ ᠲᠥᠷᠥ ᠶ᠋ᠢᠨ ᠳᠡᠭᠡᠳᠦ ᠮᠡᠷᠭᠡᠨ ᠵᠤᠵᠠᠭᠠᠨ ᠬᠡᠰᠢᠭ ᠢ᠋ ᠳᠤᠷᠠᠰᠤᠨ ᠮᠡᠳᠡᠬᠦ ᠶ᠋ᠢ ᠪᠠᠰᠠ ᠶᠠᠭᠤᠨ ᠥᠭᠦᠯᠡᠬᠦ ᠠᠵᠠᠢ᠃ ᠲᠢᠶᠠᠨ ᠯᠢ ᠶ᠋ᠢᠨ ᠭᠤᠷᠪᠠᠳᠤᠭᠠᠷ ᠣᠨ ᠤ᠋ ᠲᠠᠪᠤ ᠳ᠋ᠤᠭᠠᠷ ᠰᠠᠷ᠎ᠠ ᠶ᠋ᠢᠨ ᠰᠢᠨᠡᠳᠬᠡᠯ ᠡᠳᠦᠷ ᠬᠢᠴᠢᠶᠡᠩᠭᠦᠢᠯᠡᠨ ᠣᠷᠣᠰᠢᠯ ᠪᠢᠴᠢᠪᠡᠢ᠃
ᠺᠦᠢ ᠵᠠᠩ ᠭᠧ ᠶᠠᠮᠤᠨ ᠤ᠋ ᠳ᠋ᠠᠰᠯᠠᠨ ᠪᠢᠴᠢᠭᠡᠴᠢ ᠰᠠᠢᠳ᠂ ᠪᠢᠴᠢᠭ ᠦ᠋ᠨ ᠤᠳᠬᠠᠴᠢ ᠰᠠᠢᠳ᠂ ᠵᠦᠩᠹᠧᠩ ᠳ᠋ᠠᠢᠪᠠᠩ᠂ ᠤᠬᠠᠭᠤᠯᠬᠤ ᠡᠷᠭᠦᠮᠵᠢᠯᠡᠯ ᠢ᠋ ᠮᠡᠳᠡᠭᠴᠢ ᠪᠥᠭᠡᠳ ᠲᠡᠦᠬᠡ ᠨᠠᠢᠷᠠᠭᠤᠯᠤᠭᠴᠢ ᠰᠠᠢᠳ ᠢᠦᠢ ᠵᠢᠢ ᠪᠢᠴᠢᠪᠡ᠃
ᠦᠰᠦᠭ ᠠᠮᠢᠯᠠᠭᠤᠯᠤᠭᠴᠢ ᠄ ᠭᠠᠸᠠ
ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃
