ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠭᠤᠷᠪᠠ〕 Цаг төрийн үймээн – Д ᠂ Намдаг - Цаг төрийн үймээн ᠂ хоёрдугаар бүлэг -3
ᠭᠠᠮᠢᠩ ᠤ᠋ᠨ ᠱᠣᠷᠣᠩ
ᠪᠠᠯᠳᠠᠨᠴᠡᠷᠢᠩ ᠫᠤᠤ ᠲᠠᠢ ᠳᠥᠷᠪᠡᠨ ᠭᠠᠮᠢᠩ ᠤ᠋ᠨ ᠳᠤᠮᠳᠠ ᠶᠠᠪᠤᠭᠰᠠᠭᠠᠷ ᠰᠠᠶᠢ ᠶ᠋ᠢᠨ ᠳᠤᠷᠠᠳᠤᠭᠰᠠᠨ ᠭᠠᠵᠠᠷ ᠤ᠋ᠨ ᠶᠡᠬᠡ ᠬᠠᠰᠢᠶᠠᠨ ᠤ᠋ ᠡᠮᠦᠨ᠎ᠡ ᠢᠷᠡᠪᠡ᠃ ᠬᠠᠭᠠᠯᠭᠠᠨ ᠳᠡᠭᠡᠷ᠎ᠡ ᠨᠢ ᠪᠠᠰᠠ ᠯᠠ ᠫᠤᠤ ᠲᠠᠢ ᠮᠠᠨᠠᠭ᠎ᠠ ᠵᠣᠭᠰᠣᠵᠤ ᠪᠠᠢᠪᠠ᠃ ᠬᠠᠰᠢᠶ᠎ᠠ ᠨᠢ ᠮᠠᠰᠢ ᠥᠨᠳᠥᠷ᠂ ᠴᠢᠭ ᠰᠠᠢᠬᠠᠨ ᠭᠤᠸᠠᠯᠢᠩ ᠤ᠋ᠳ ᠤ᠋ᠨ ᠬᠣᠯᠲᠣᠰᠣ ᠶ᠋ᠢ ᠰᠢᠳᠤᠷᠭᠤᠳᠠᠨ ᠬᠣᠪᠬᠣᠯᠵᠤ᠂ ᠭᠠᠤᠯᠢᠨ ᠰᠢᠷ᠎ᠠ ᠪᠣᠯᠭᠠᠵᠤ᠂ ᠣᠷᠣᠢ ᠶ᠋ᠢ ᠨᠢ ᠱᠣᠷᠣ ᠪᠣᠯᠲᠠᠯ᠎ᠠ ᠦᠵᠦᠭᠦᠷᠯᠡᠵᠦ᠂ ᠬᠠᠳᠬᠤᠭᠰᠠᠨ ᠢ᠋ ᠨᠢ ᠬᠠᠷᠠᠬᠤ ᠳ᠋ᠠᠭᠠᠨ ᠬᠥᠮᠦᠰ ᠡᠨᠡ ᠬᠠᠰᠢᠶᠠᠨ ᠳᠣᠲᠣᠷ᠎ᠠ ᠨᠢ ᠶᠠᠭᠤ ᠪᠠᠢᠭ᠎ᠠ ᠶ᠋ᠢ ᠮᠥᠨ ᠲᠣᠳᠣᠷᠬᠠᠢ ᠮᠡᠳᠡᠵᠦ ᠪᠠᠢᠪᠠ᠃
ᠪᠠᠷᠢᠭᠳᠠᠭᠰᠠᠨ ᠡᠲᠡᠭᠡᠳ ᠢ᠋ ᠶᠡᠬᠡ ᠬᠠᠭᠠᠯᠭᠠᠨ ᠤ᠋ ᠬᠠᠵᠠᠭᠤ ᠶ᠋ᠢᠨ ᠪᠠᠭ᠎ᠠ ᠪᠠᠷ ᠣᠷᠣᠭᠤᠯᠤᠮᠠᠭᠴᠠ ᠡᠮᠦᠨ᠎ᠡ ᠡᠴᠡ ᠨᠢ ᠨᠢᠭᠡ ᠪᠠᠭ᠎ᠠ ᠳᠠᠷᠤᠭ᠎ᠠ ᠤᠭᠲᠤᠨ ᠠᠪᠴᠤ᠂ ᠬᠠᠵᠠᠭᠤ ᠶ᠋ᠢᠨ ᠪᠢᠴᠢᠬᠠᠨ ᠪᠠᠢᠰᠢᠩ ᠳ᠋ᠤ᠌ ᠣᠷᠣᠭᠤᠯᠵᠤ᠂ ᠬᠠᠨᠢ ᠨᠥᠬᠥᠳ ᠲᠡᠢ ᠪᠡᠨ ᠬᠦᠴᠦ ᠬᠠᠪᠰᠤᠷᠤᠨ ᠨᠡᠩᠵᠢᠬᠦ ᠲᠡᠳᠦᠢ ᠦᠭᠡᠢ《ᠥᠮᠥᠳᠥ ᠪᠡᠨ ᠰᠢᠪᠲᠦᠯᠠ! ᠴᠠᠭᠠᠰᠢ ᠡᠷᠭᠢ! ᠳᠣᠷᠣᠭᠰᠢ ᠳᠤᠩᠭᠤᠢ!》 ᠭᠡᠵᠦ ᠬᠦᠷᠲᠡᠯ᠎ᠡ ᠰᠢᠯᠭᠠᠨ᠎ᠠ᠃ ᠪᠠᠯᠳᠠᠨᠴᠡᠷᠢᠩ ᠴᠤ᠌ ᠢᠩᠭᠢᠵᠦ ᠬᠠᠮᠤᠭ ᠪᠠᠢᠳᠠᠭ ᠢ᠋ᠶ᠋ᠠᠨ ᠦᠵᠡᠭᠦᠯᠦᠨ ᠮᠥᠨ ᠯᠡ ᠲᠠᠭᠤᠭᠳᠠᠨ ᠭᠠᠷᠴᠤ ᠲᠡᠷᠡᠭᠦᠬᠡᠨ ᠬᠣᠢᠬᠣᠨ ᠨᠢ ᠪᠠᠢᠭ᠎ᠠ ᠭᠠᠩᠭ᠎ᠠ ᠶ᠋ᠢᠨ ᠨᠢᠭᠤᠷᠤᠨ ᠳ᠋ᠤ᠌ ᠵᠤᠭᠤᠵᠤ ᠰᠠᠭᠤᠯᠭᠠᠭᠰᠠᠨ ᠬᠣᠶᠠᠷ ᠬᠠᠭᠠᠯᠭ᠎ᠠ ᠶ᠋ᠢ ᠦᠵᠡᠨ᠂ ᠨᠣᠭᠣᠭᠠᠨ ᠤ᠋ ᠵᠣᠭᠣᠷᠢ ᠪᠣᠯᠪᠠ ᠤᠤ ᠭᠡᠵᠦ ᠪᠣᠳᠣᠪᠠ᠃ ᠲᠡᠭᠡᠭᠡᠳ ᠠᠷᠤ ᠳ᠋ᠤ᠌ ᠶᠠᠪᠤᠭ᠎ᠠ ᠳᠠᠷᠤᠭ᠎ᠠ ᠶ᠋ᠢᠨ ᠲᠦᠷᠦᠭᠦᠯᠡᠨ ᠣᠴᠢᠵᠤ ᠬᠣᠭᠣᠷᠣᠨᠳᠣ ᠪᠠᠨ ᠬᠡᠯᠬᠢᠶᠡᠰᠦᠲᠡᠢ ᠲᠣᠮᠣ ᠲᠣᠮᠣ ᠲᠦᠯᠬᠢᠭᠦᠷ ᠢ᠋ ᠱᠠᠵᠢᠭᠢᠨᠠᠭᠤᠯᠤᠨ ᠭᠠᠷᠭᠠᠵᠤ ᠢᠷᠡᠬᠦ ᠶ᠋ᠢ ᠨᠢ ᠨᠢᠳᠦ ᠭᠥᠯᠢᠷᠡᠨ ᠭᠠᠢᠬᠠᠨ᠎ᠠ᠃ ᠴᠣᠣᠵᠢ ᠨᠡᠭᠡᠭᠡᠭᠳᠡᠯ᠎ᠡ᠂ ᠬᠠᠭᠠᠯᠭ᠎ᠠ ᠶ᠋ᠢᠨ ᠰᠠᠮᠪᠠᠷ᠎ᠠ ᠶ᠋ᠢ ᠬᠥᠨᠳᠡᠯᠡᠨ ᠳᠠᠷᠤᠭᠤᠯᠤᠭᠰᠠᠨ ᠬᠦᠨᠳᠦ ᠲᠡᠮᠦᠷ ᠢ᠋ ᠴᠦ ᠡᠴᠡ ᠮᠤᠯᠲᠤᠯᠤᠨ ᠬᠠᠶᠠᠬᠤ ᠳ᠋ᠤ᠌ ᠬᠠᠩ ᠶᠠᠩ ᠬᠢᠭᠰᠡᠨ ᠠᠢᠬᠤᠪᠲᠤᠷ ᠠᠪᠢᠶ᠎ᠠ ᠭᠠᠷᠪᠠ᠃ ᠡᠢᠬᠦ ᠶᠡᠷᠦ ᠪᠤᠰᠤ ᠶ᠋ᠢᠨ ᠵᠤᠵᠠᠭᠠᠨ ᠬᠠᠭᠠᠯᠭ᠎ᠠ ᠬᠢᠬᠤᠨᠠᠭᠰᠠᠨ ᠮᠠᠭᠤ ᠳᠠᠭᠤ ᠪᠠᠷ ᠨᠡᠭᠡᠭᠡᠭᠳᠡᠵᠦ ᠬᠠᠳᠠᠨ ᠤ᠋ ᠠᠭᠤᠢ ᠮᠡᠲᠦ ᠠᠩᠭᠠᠢᠭᠰᠠᠨ ᠲᠣᠮᠣ ᠠᠮᠠ ᠲᠠᠢ ᠰᠠᠪᠠ ᠤᠷᠤᠭᠤ ᠪᠠᠯᠳᠠᠨᠴᠡᠷᠢᠩ ᠥᠪᠡᠷ ᠦ᠋ᠨ ᠡᠷᠬᠡ ᠦᠭᠡᠢ ᠲᠦᠯᠬᠢᠭᠳᠡᠨ ᠣᠷᠣᠯ᠎ᠠ᠃ ᠣᠷᠣᠭᠠᠳ ᠬᠡᠳᠦᠬᠡᠨ ᠠᠯᠬᠤᠬᠤ ᠳ᠋ᠤ᠌ ᠬᠥᠮᠦᠰ ᠦ᠋ᠨ ᠬᠡᠦᠬᠡᠨ ᠴᠠᠭᠠᠨ ᠴᠢᠷᠠᠢ ᠨᠢᠳᠦᠨ ᠳ᠋ᠦ᠍ᠨᠢ ᠲᠤᠰᠤᠭᠰᠠᠨ ᠢ᠋ ᠲᠠᠪᠠᠲᠠᠢ ᠠᠵᠢᠭᠯᠠᠵᠤ ᠠᠮᠵᠢᠭ᠎ᠠ ᠦᠭᠡᠢ ᠠᠲᠠᠯ᠎ᠠ ᠠᠷᠤ ᠳ᠋ᠤ᠌ ᠬᠠᠭᠠᠯᠭ᠎ᠠ ᠬᠠᠭᠠᠭᠳᠠᠮᠠᠭᠴᠠ ᠲᠠᠭ ᠬᠠᠷᠠᠩᠭᠤᠢ ᠪᠣᠯᠵᠠᠢ᠃ ᠡᠨᠡ ᠶᠠᠭᠤᠨ ᠰᠠᠪᠠ ᠪᠣᠢ? ᠱᠣᠷᠣᠩ ᠤᠤ? ᠪᠢᠰᠢ᠂ ᠵᠣᠭᠣᠷᠢ! ᠲᠡᠭᠡᠬᠦ ᠳ᠋ᠡᠭᠡᠨ ᠨᠣᠭᠣᠭ᠎ᠠ ᠶ᠋ᠢᠨ ᠪᠢᠰᠢ᠂ ᠬᠥᠮᠦᠨ ᠦ᠌ ᠬᠢ᠂ ᠶᠣᠰᠣᠲᠠᠢ ᠬᠥᠮᠦᠨ ᠢ᠋ ᠨᠡᠷ᠎ᠡ ᠳᠡᠭᠡᠷ᠎ᠡ ᠨᠢ ᠠᠮᠢᠳᠤ ᠬᠡᠭᠦᠷ ᠪᠣᠯᠭᠠᠳᠠᠭ ᠬᠠᠷ᠎ᠠ ᠲᠠᠮᠤ ᠶ᠋ᠢᠨ ᠵᠣᠭᠣᠷᠢ᠃ ᠱᠣᠷᠣᠩ ᠭᠡᠳᠡᠭ ᠨᠢ ᠬᠥᠮᠦᠰ ᠢ᠋ ᠵᠥᠪᠬᠡᠨ ᠭᠠᠳᠠᠭᠤᠷᠬᠢ ᠱᠣᠷᠣᠩ ᠣᠷᠣᠢᠲᠤ ᠬᠠᠰᠢᠶ᠎ᠠ ᠪᠠᠷ ᠬᠠᠰᠢᠭᠰᠠᠨ ᠢ᠋ ᠨᠡᠷᠡᠯᠡᠨ᠎ᠡ᠃ ᠨᠡᠭᠡᠷᠡᠨ ᠠᠶᠤᠮᠰᠢᠭᠲᠤ ᠵᠣᠭᠣᠷᠢ᠃ ᠬᠠᠭᠠᠯᠭ᠎ᠠ ᠬᠠᠭᠠᠭᠳᠠᠮᠠᠭᠴᠠ ᠬᠠᠪ ᠬᠠᠷᠠᠩᠭᠤᠢ ᠪᠣᠯᠵᠤ ᠢᠷᠡᠭᠡᠳ᠂ ᠰᠠᠨᠠᠭᠠᠨ ᠳ᠋ᠤ᠌ ᠪᠠᠭᠲᠠᠰᠢ ᠦᠭᠡᠢ ᠮᠠᠭᠤᠬᠠᠢ ᠦᠨᠦᠷ ᠬᠠᠩᠬᠤᠯᠤᠨ᠎ᠠ᠃ ᠪᠠᠯᠳᠠᠨᠴᠡᠷᠢᠩ ᠨᠢᠳᠤᠷᠭ᠎ᠠ ᠲᠠᠢ ᠬᠠᠨᠴᠤᠢ ᠪᠠᠨ ᠶᠠᠭᠠᠷᠠᠨ ᠬᠠᠮᠠᠷ ᠲᠠᠭᠠᠨ ᠠᠪᠠᠴᠢᠨ ᠨᠢᠭᠡ ᠬᠡᠰᠡᠭ ᠬᠥᠳᠡᠯᠭᠡᠭᠡᠨ ᠦᠭᠡᠢ ᠵᠣᠭᠰᠣᠪᠠ᠃ ᠨᠢᠭᠡᠨ ᠬᠥᠮᠦᠨ᠄
— ᠵᠠ ᠬᠦ ᠴᠢ ᠨᠠᠭᠠᠰᠢ ᠪᠠᠨ! ᠭᠡᠵᠦ ᠪᠠᠷᠭᠢᠯ ᠪᠦᠳᠦᠭᠦᠨ ᠬᠣᠭᠣᠯᠠᠢ ᠪᠠᠷ ᠳᠠᠭᠤᠳᠠᠬᠤ ᠰᠣᠨᠣᠰᠤᠭᠳᠠᠪᠠ᠃ ᠲᠡᠷᠡ ᠬᠥᠮᠦᠨ ᠦ᠌ ᠬᠠᠮᠢᠭ᠎ᠠ ᠪᠠᠢᠭ᠎ᠠ ᠶ᠋ᠢ ᠣᠯᠵᠤ ᠬᠠᠷᠠᠬᠤ ᠭᠡᠵᠦ ᠳᠣᠷᠣᠭᠰᠢ ᠪᠥᠬᠥᠢᠨ ᠰᠢᠷᠲᠡᠬᠦ ᠳ᠋ᠦ᠍ ᠬᠠᠵᠠᠭᠤ ᠠ᠋ᠴᠠ᠄
— ᠶᠠᠪᠤ᠂ ᠶᠠᠪᠤ ᠯᠠᠮᠠᠳᠠᠨ ᠳᠠᠭᠤᠳᠠᠵᠤ ᠪᠠᠢᠨ᠎ᠠ ᠭᠡᠵᠦ ᠰᠢᠪᠡᠨᠡᠨ᠎ᠡ᠃ ᠤᠷᠢᠳᠤ ᠪᠠᠨ ᠲᠡᠪᠡᠷᠢᠭᠰᠡᠨ ᠬᠥᠨᠵᠢᠯᠡ ᠳᠡᠪᠢᠰᠬᠡᠷ ᠢ᠋ ᠳᠣᠷᠣᠭᠰᠢ ᠪᠠᠭᠤᠯᠭᠠᠨ ᠣᠷᠬᠢᠵᠤ᠂ ᠤᠷᠤᠭᠰᠢ ᠵᠢᠳᠬᠦᠬᠦ ᠳ᠋ᠦ᠍᠄《ᠬᠥᠶᠢ ᠴᠢ ᠬᠥᠯ ᠳᠡᠭᠡᠷ᠎ᠡ!》《ᠦᠭᠡᠢ ᠡᠨᠡ ᠴᠢᠨᠢ ᠰᠣᠬᠣᠷ ᠶᠤᠮ ᠤᠤ ᠳᠠ?》《ᠠᠷᠭ᠎ᠠ ᠦᠭᠡᠢ ᠠ᠋᠂ ᠨᠢᠳᠦ ᠲᠡᠰᠴᠦ ᠶᠠᠭᠤᠮ᠎ᠠ ᠦᠵᠡᠬᠦ ᠪᠣᠯᠤᠭ᠎ᠠ ᠦᠭᠡᠢ ᠪᠠᠢᠭ᠎ᠠ ᠪᠣᠢ ᠊ᠢ᠎ᠠ》 ᠭᠡᠬᠦ ᠰᠣᠨᠣᠰᠤᠭᠳᠠᠨ᠎ᠠ᠃ ᠨᠢᠭᠡ ᠬᠥᠮᠦᠨ ᠭᠠᠷ ᠠ᠋ᠴᠠ ᠨᠢ ᠰᠢᠭᠦᠷᠡᠨ ᠠᠪᠴᠤ ᠬᠡᠳᠦ ᠠᠯᠬᠤᠭᠰᠠᠨ ᠢ᠋ᠶ᠋ᠠᠨ᠄
— ᠵᠠ ᠰᠤᠭᠤ! ᠣᠳᠣ ᠴᠢ ᠪᠠᠭᠰᠢ ᠯᠠᠮᠠᠲᠠᠨ ᠢ᠋ ᠬᠠᠷᠠᠵᠤ ᠪᠠᠢᠭ᠎ᠠ ᠪᠣᠢ ᠊ᠢ᠎ᠠ ᠭᠡᠵᠦ ᠰᠢᠪᠡᠨᠡᠬᠦ ᠶ᠋ᠢ ᠨᠢ ᠰᠣᠨᠣᠰᠤᠭᠠᠳ ᠳᠣᠷᠣᠭᠰᠢ ᠰᠠᠭᠤᠪᠠ᠃ ᠤᠷᠢᠳᠤ ᠨᠢ ᠦᠨᠡᠬᠡᠷ ᠨᠢᠭᠡ ᠬᠥᠮᠦᠨ ᠦ᠌ ᠬᠣᠬᠢᠨ ᠴᠠᠪᠢᠳᠠᠷ ᠪᠣᠯᠤᠭᠰᠠᠨ ᠴᠢᠷᠠᠢ ᠨᠢ ᠮᠠᠨᠠᠨ ᠪᠤᠳᠠᠩ ᠤ᠋ᠨ ᠴᠠᠭᠠᠨ᠎ᠠ ᠠ᠋ᠴᠠ ᠬᠠᠷᠠᠭᠳᠠᠬᠤ ᠰᠠᠷ᠎ᠠ ᠰᠢᠭ᠋ ᠦᠵᠡᠭᠳᠡᠵᠦ᠂ ᠬᠠᠵᠠᠭᠤ ᠳ᠋ᠤᠨᠢ ᠪᠠᠢᠭ᠎ᠠ ᠬᠥᠮᠦᠰ ᠪᠠᠯᠳᠠᠨᠴᠡᠷᠢᠩ ᠦ᠋ᠨ ᠨᠢᠳᠦᠨ ᠦ᠌ ᠪᠤᠯᠤᠩ ᠳ᠋ᠤ᠌ ᠪᠦᠦᠷ ᠲᠦᠦᠷ ᠦᠵᠡᠭᠳᠡᠬᠦ ᠲᠡᠢ ᠪᠣᠯᠪᠠ᠃
— ᠵᠠ ᠴᠢ ᠬᠡᠨ ᠪᠣᠢ?
— ᠵᠠ ᠪᠢ ᠪᠠᠯᠳᠠᠨᠴᠡᠷᠢᠩ ᠪᠠᠢᠨ᠎ᠠ᠃
— ᠤᠤᠬᠠᠢ ᠪᠠᠯᠳᠠᠨᠴᠡᠷᠢᠩ ᠬᠦᠩ ᠪᠢᠯᠡ ᠤᠤ?
— ᠵᠠ ᠲᠡᠢᠮᠦ ᠠ᠋᠂ ᠬᠦᠩ᠁
— ᠬᠦᠩ ᠴᠢ ᠲᠡᠭᠡᠭᠡᠳ ᠶᠠᠭᠤ ᠬᠢᠵᠦ ᠣᠷᠬᠢᠭᠠᠳ ᠪᠠᠷᠢᠭᠳᠠᠬᠤ ᠨᠢ ᠡᠨᠡ ᠪᠢᠯᠡ?
— ᠵᠠ ᠶᠡᠷᠦ ᠮᠡᠳᠡᠬᠦ ᠶᠠᠭᠤᠮ᠎ᠠ ᠠᠯᠠᠭ᠎ᠠ᠃ ᠮᠥᠨ᠃
— ᠣᠳᠣ ᠦᠵᠡᠪᠡᠯ ᠡᠨᠡ ᠬᠥᠮᠦᠨ ᠵᠠᠯᠠᠬᠠᠴᠠ ᠬᠤᠲᠤᠭᠲᠤ! ᠶᠡᠬᠡ ᠬᠤᠲᠤᠭᠲᠤ ᠶ᠋ᠢᠨ ᠡᠮᠦᠨ᠎ᠡ ᠰᠠᠭᠤᠵᠤ ᠪᠠᠢᠭ᠎ᠠ ᠪᠠᠨ ᠰᠠᠨᠠᠬᠤ ᠳ᠋ᠤ᠌᠂ ᠦᠭᠡᠢ ᠡᠨᠡ ᠴᠢᠨᠢ ᠶᠠᠭᠤ ᠪᠢᠯᠡ? ᠭᠡᠬᠦ ᠰᠢᠭ ᠰᠠᠨᠠᠭᠳᠠᠵᠠᠢ᠃
— ᠵᠠ ᠲᠡᠭᠡᠭᠡᠳ ᠣᠳᠣ ᠴᠢ ᠶᠠᠭᠤ ᠪᠣᠳᠣᠵᠤ ᠪᠠᠢᠨ᠎ᠠ ᠪᠣᠢ?
— ᠵᠠ ᠬᠢᠭᠰᠡᠨ ᠬᠡᠷᠡᠭ ᠦᠭᠡᠢ ᠠᠲᠠᠯ᠎ᠠ ᠡᠨᠡ ᠲᠠᠮᠤ ᠶ᠋ᠢᠨ ᠣᠷᠣᠨ ᠳ᠋ᠤ᠌ ᠣᠷᠣᠬᠤ ᠮᠢᠨᠢ ᠶᠠᠭᠤ ᠪᠢᠯᠡ? ᠭᠡᠵᠦ ᠭᠠᠢᠬᠠᠬᠤ ᠠ᠋ᠴᠠ ᠥᠭᠡᠷ᠎ᠡ ᠶᠠᠭᠤᠮ᠎ᠠ ᠠᠯᠠᠭ᠎ᠠ᠃
— ᠶᠠᠭᠤ᠂ ᠴᠢ ᠡᠭᠦᠨ ᠢ᠋ ᠲᠠᠮᠤ ᠶ᠋ᠢᠨ ᠣᠷᠣᠨ ᠭᠡᠵᠦ ᠪᠠᠢᠨ᠎ᠠ ᠤᠤ? ᠪᠢᠰᠢ ᠠ᠋! ᠡᠨᠡ ᠪᠣᠯ ᠪᠤᠷᠬᠠᠨ ᠤ᠋ ᠣᠷᠣᠨ ᠳ᠋ᠤ᠌ ᠣᠴᠢᠬᠤ ᠶ᠋ᠢᠨ ᠡᠮᠦᠨ᠎ᠡ ᠳᠠᠭᠠᠷᠢᠯᠳᠤᠳᠠᠭ ᠵᠠᠭᠤᠷᠠᠳᠤ ᠶ᠋ᠢᠨ ᠣᠷᠣᠨ᠁
— ᠪᠠᠯᠳᠠᠨᠴᠡᠷᠢᠩ ᠠᠯᠠᠭ᠎ᠠ ᠬᠠᠪᠰᠤᠷᠤᠨ《ᠵᠠ》 ᠭᠡᠵᠦ ᠴᠡᠭᠡᠵᠢ ᠳᠠᠷᠤᠨ ᠮᠡᠬᠦᠢᠪᠡ᠃
— ᠭᠡᠪᠡᠴᠦ ᠡᠨᠳᠡ ᠣᠷᠣᠵᠤ ᠢᠷᠡᠭᠰᠡᠨ ᠪᠦᠬᠦᠨ ᠢ᠋ᠶ᠋ᠡᠷ ᠢ᠋ᠶ᠋ᠡᠨ ᠪᠤᠷᠬᠠᠨ ᠤ᠋ ᠣᠷᠣᠨ ᠳ᠋ᠤ᠌ ᠣᠴᠢᠬᠤ ᠵᠠᠶᠠᠭᠠᠲᠠᠨ ᠴᠤ᠌ ᠪᠠᠰᠠ ᠪᠠᠢᠬᠤ ᠪᠢᠰᠢ᠂ ᠲᠠᠮᠤ ᠳ᠋ᠤ᠌ ᠤᠨᠠᠬᠤ ᠨᠢᠭᠦᠯᠲᠡᠨ ᠪᠠᠢᠵᠤ ᠪᠣᠯᠤᠨ᠎ᠠ᠂ ᠢᠩᠭᠢᠬᠦᠯᠡᠷ ᠥᠪᠡᠷ ᠦ᠋ᠨ ᠢ᠋ᠶ᠋ᠡᠨ ᠴᠢᠩ ᠰᠡᠳᠬᠢᠯ ᠢ᠋ ᠡᠨᠡ ᠲᠡᠷᠡ ᠬᠥᠮᠦᠨ ᠳ᠋ᠦ᠍ ᠬᠠᠮᠢᠶ᠎ᠠ ᠦᠭᠡᠢ ᠶᠠᠷᠢᠬᠤ ᠪᠠᠨ ᠴᠡᠭᠡᠷᠯᠡ! ᠵᠠ ᠠ᠋! ᠵᠠ ᠲᠡᠭᠡᠭᠡᠳ ᠬᠦᠨᠳᠦ ᠪᠡᠷᠬᠡ ᠰᠠᠪᠠᠨ ᠳ᠋ᠤ᠌ ᠣᠷᠣᠪᠠ ᠭᠡᠵᠦ ᠭᠤᠲᠤᠷᠠᠬᠤ ᠬᠡᠷᠡᠭ ᠦᠭᠡᠢ᠃ ᠬᠠᠷᠢᠨ ᠬᠠᠷᠠᠭ᠎ᠠ ᠪᠠᠨ ᠬᠠᠷᠠᠮᠯᠠᠭᠰᠠᠨ ᠨᠣᠬᠠᠢ ᠬᠠᠷᠢᠨ ᠬᠥᠮᠦᠨ ᠳ᠋ᠦ᠍ ᠢᠰᠬᠦᠯᠦᠭᠦᠯᠦᠭᠰᠡᠨ ᠳ᠋ᠡᠭᠡᠨ ᠤᠯᠠᠮ ᠢ᠋ᠶ᠋ᠠᠷ ᠵᠣᠷᠢᠭ ᠬᠠᠲᠠᠭᠤᠵᠢᠳᠠᠭ ᠶᠣᠰᠣ ᠴᠤ᠌ ᠪᠣᠢ᠃ ᠦᠨᠡᠨ ᠳ᠋ᠡᠭᠡᠨ ᠴᠤ᠌ ᠲᠡᠢᠮᠦ ᠶᠦᠮ ᠴᠢᠨᠢ ᠳᠡ᠁
— ᠵᠠ! ᠭᠡᠵᠦ ᠪᠠᠢᠭ᠎ᠠ ᠣᠷᠢᠶᠠᠯ ᠦᠭᠡᠢ ᠬᠠᠷᠢᠭᠤ ᠥᠴᠢᠬᠦ ᠮᠥᠷᠲᠡᠭᠡᠨ ᠬᠤᠲᠤᠭᠲᠤ ᠶ᠋ᠢᠨ ᠦᠭᠡ ᠶ᠋ᠢ《ᠡᠨᠳᠡ ᠭᠠᠮᠢᠩ ᠳ᠋ᠤ᠌ ᠪᠡᠶ᠎ᠡ ᠪᠡᠨ ᠬᠤᠳᠠᠯᠳᠤᠭᠰᠠᠨ ᠡᠲᠡᠭᠡᠳ ᠲᠠᠩᠨᠠᠭᠠᠳ ᠪᠠᠢᠵᠤ ᠮᠠᠭᠠᠳ ᠦᠭᠡᠢ ᠲᠤᠯᠠ ᠦᠭᠡ ᠪᠤᠤ ᠶᠠᠷᠢ! ᠤᠯᠤᠰ ᠣᠷᠣᠨ ᠤ᠋ ᠪᠠᠨ ᠲᠥᠯᠥᠭᠡ ᠲᠠᠯᠪᠢᠭᠰᠠᠨ ᠪᠣᠳᠣᠯ ᠢ᠋ᠶ᠋ᠠᠨ ᠬᠤᠪᠢ ᠳ᠋ᠠᠭᠠᠨ ᠬᠠᠳᠠᠭᠠᠯᠠᠵᠤ ᠲᠡᠷᠡ ᠯᠠ ᠪᠣᠳᠣᠯ ᠳᠡᠭᠡᠷ᠎ᠡ ᠪᠡᠨ ᠪᠠᠲᠤ ᠢᠲᠡᠭᠡᠵᠦ ᠵᠣᠭᠰᠣ!》 ᠭᠡᠵᠦ ᠪᠠᠢᠭ᠎ᠠ ᠬᠡᠷᠡᠭ ᠭᠡᠵᠦ ᠰᠠᠨᠠᠮᠠᠭᠴᠠ ᠳᠠᠬᠢᠨ《ᠵᠠ》 ᠭᠡᠳ ᠮᠠᠯᠠᠭᠠᠢ ᠠᠪᠤᠨ ᠮᠡᠬᠦᠢᠵᠦ᠄
— ᠯᠠᠮᠠᠳᠠᠨ ᠠᠳᠢᠰ ᠬᠠᠢᠷᠠᠯᠠ! ᠭᠡᠬᠦ ᠳ᠋ᠦ᠍᠂
— ᠵᠦᠭᠡᠷ! ᠭᠠᠵᠠᠷ ᠳᠣᠣᠷᠠᠬᠢ ᠠᠮᠢᠲᠠᠳ ᠤ᠋ᠨ ᠬᠤᠪᠢ ᠵᠠᠶᠠᠭ᠎ᠠ ᠠᠪ ᠠᠳᠠᠯᠢᠬᠠᠨ ᠪᠠᠢᠳᠠᠭ ᠰᠢᠭ᠋ ᠢ᠋ᠶ᠋ᠡᠷ ᠡᠨᠳᠡ ᠪᠠᠢᠭ᠎ᠠ ᠪᠢᠳᠡᠨ ᠳ᠋ᠦ᠍ ᠳᠡᠭᠡᠷ᠎ᠡ ᠳᠣᠣᠷ᠎ᠠ ᠭᠡᠬᠦ ᠶᠠᠭᠤᠮ᠎ᠠ ᠪᠠᠢᠬᠤ ᠦᠭᠡᠢ ᠪᠣᠯᠬᠤ ᠲᠤᠯᠠ ᠴᠢ ᠨᠠᠳᠠ ᠠ᠋ᠴᠠ ᠠᠳᠢᠰ ᠠᠪᠬᠤ ᠶ᠋ᠢ ᠬᠦᠰᠡᠬᠦ ᠬᠡᠷᠡᠭ ᠦᠭᠡᠢ ᠠ᠋᠃
— ᠵᠠ᠃ ᠪᠠᠯᠳᠠᠨᠴᠡᠷᠢᠩ ᠭᠡᠳᠡᠷᠭᠦ ᠡᠷᠭᠢᠨ ᠶᠠᠪᠤᠪᠠ᠃
ᠣᠳᠣ ᠦᠵᠡᠪᠡᠯ ᠡᠨᠡ ᠵᠣᠭᠣᠷᠢ ᠠᠷᠠᠢ ᠴᠤ᠌ ᠲᠠᠭ ᠬᠠᠷᠠᠩᠭᠤᠢ ᠪᠢᠰᠢ᠂ ᠪᠡᠬᠢ ᠪᠠᠲᠤ ᠬᠠᠭᠠᠯᠭ᠎ᠠ ᠶ᠋ᠢᠨ ᠳᠡᠭᠡᠲᠡᠢ ᠪᠠᠢᠭ᠎ᠠ ᠪᠢᠴᠢᠬᠠᠨ ᠭᠡᠭᠡᠪᠴᠢ ᠪᠡᠷ ᠦᠦᠷ ᠦ᠋ᠨ ᠲᠤᠶᠠᠭ᠎ᠠ ᠰᠢᠭ᠋ ᠭᠡᠭᠡ ᠲᠣᠰᠣᠨ᠂ ᠠᠷᠪᠠᠨ ᠬᠡᠳᠦᠨ ᠠᠯᠬᠤᠮ ᠤ᠋ᠨ ᠤᠷᠲᠤ ᠬᠣᠩᠭᠢᠯ ᠢ᠋ ᠭᠡᠢᠭᠦᠯᠦᠨ᠎ᠡ᠃ ᠢᠩᠭᠢᠬᠦ ᠳ᠋ᠦ᠍ ᠵᠠᠯᠠᠬᠠᠴᠠ ᠬᠤᠲᠤᠭᠲᠤ ᠳᠦᠢᠩᠬᠣᠷ ᠤ᠋ᠨ ᠳᠠ ᠯᠠᠮᠠ᠂ ᠳᠠᠷᠢ ᠡᠬᠡ ᠯᠠᠮᠠ᠂ ᠬᠠᠳᠠᠨ ᠪᠠᠭᠠᠲᠤᠷ ᠮᠠᠭᠰᠤᠷᠵᠠᠪ᠂ ᠮᠠᠩᠯᠠᠢ ᠸᠠᠩ ᠳᠠᠮᠳᠢᠨᠰᠦ᠋ᠷᠦᠩ ᠨᠠᠷ ᠠ᠋ᠴᠠ ᠡᠬᠢᠯᠡᠨ ᠤᠳᠠᠭ᠎ᠠ ᠳᠠᠷᠠᠭ᠎ᠠ ᠶ᠋ᠢᠨ ᠪᠠᠷᠢᠭᠳᠠᠭᠰᠠᠳ ᠡᠨᠳᠡ ᠴᠢᠬᠢᠭᠡᠰᠦᠲᠡᠢ ᠪᠠᠢᠭ᠎ᠠ ᠪᠥᠭᠡᠳ ᠡᠳᠡ ᠳᠤᠭᠠᠩ ᠳ᠋ᠤ᠌ ᠴᠤᠭᠯᠠᠷᠠᠨ ᠨᠢᠮᠪᠠ ᠬᠢᠵᠦ ᠪᠠᠢᠭ᠎ᠠ ᠶᠠᠭᠤᠮ᠎ᠠ ᠰᠢᠭ᠋ ᠬᠣᠶᠠᠷ ᠲᠠᠯ᠎ᠠ ᠶ᠋ᠢᠨ ᠬᠠᠨ᠎ᠠ ᠶ᠋ᠢᠨ ᠳᠠᠭᠤ ᠵᠢᠭᠡᠯᠡᠨ ᠰᠠᠭᠤᠵᠠᠢ᠃ ᠭᠠᠭᠴᠠᠬᠠᠨ ᠳᠠᠷᠢ ᠡᠬᠡ ᠯᠠᠮᠠᠳᠠᠨ ᠳᠡᠭᠡᠭᠰᠢ ᠬᠠᠷᠠᠨ ᠨᠢᠭᠡ ᠬᠥᠯ ᠳᠡᠭᠡᠷ᠎ᠡ ᠪᠡᠨ ᠨᠥᠭᠦᠭᠡ ᠬᠥᠯ ᠢ᠋ᠶ᠋ᠡᠨ ᠠᠴᠢᠨ ᠲᠡᠷᠡᠢᠨ ᠬᠡᠪᠲᠡᠵᠦ ᠪᠠᠢᠭ᠎ᠠ ᠠᠵᠢ᠃ ᠪᠠᠯᠳᠠᠨᠴᠡᠷᠢᠩ ᠬᠥᠨᠵᠢᠯᠡ ᠳᠡᠪᠢᠰᠬᠡᠷ ᠣᠷᠬᠢᠭᠰᠠᠨ ᠭᠠᠵᠠᠷ ᠢ᠋ᠶ᠋ᠠᠨ ᠢᠷᠡᠪᠡ᠃ ᠬᠠᠮᠤᠭ ᠤ᠋ᠨ ᠠᠳᠠᠭ ᠲᠤ ᠰᠠᠭᠤᠭ᠎ᠠ ᠬᠥᠮᠦᠨ ᠲᠠᠨᠢᠬᠤ ᠨᠢᠭᠤᠷ ᠰᠢᠭ᠋ ᠬᠠᠷᠠᠭᠳᠠᠭᠰᠠᠨ ᠢ᠋ ᠬᠡᠨ ᠭᠡᠭᠴᠢ ᠪᠢᠯᠡ? ᠭᠡᠵᠦ ᠪᠣᠳᠣᠬᠤ ᠳ᠋ᠤ᠌ ᠵᠡᠭᠡᠯᠢ ᠳᠡᠭᠡᠷ᠎ᠡ ᠰᠣᠭᠲᠣᠭᠤ᠂ ᠭᠠᠮᠢᠩ ᠤ᠋ᠳ ᠢ᠋ ᠬᠠᠷᠢᠶᠠᠨ ᠬᠠᠰᠬᠢᠷᠴᠤ ᠪᠠᠢᠭᠠᠳ ᠪᠠᠷᠢᠭᠳᠠᠭᠰᠠᠨ ᠬᠥᠮᠦᠨ ᠰᠠᠨᠠᠭᠠᠨ ᠳ᠋ᠤ᠌ ᠣᠷᠣᠪᠠ᠃ ᠠᠷᠤ ᠳ᠋ᠤ᠌ ᠨᠢᠭᠡ ᠬᠥᠮᠦᠨ᠄
— ᠪᠠᠯᠳᠠᠨᠴᠡᠷᠢᠩ ᠠ᠋᠂ ᠲᠡᠨᠳᠡ ᠴᠢᠨᠢ ᠵᠠᠢ ᠪᠠᠢᠬᠤ ᠦᠭᠡᠢ᠂ ᠴᠢ ᠵᠦᠭᠡᠷ ᠡᠨᠳᠡ ᠢᠷᠡᠨ᠎ᠡ ᠤᠤ? ᠭᠡᠬᠦ ᠪᠦᠷ ᠲᠠᠨᠢᠬᠤ ᠬᠥᠮᠦᠨ ᠦ᠌ ᠳᠠᠭᠤ ᠭᠠᠷᠪᠠ᠃ ᠲᠡᠷᠡ ᠬᠥᠮᠦᠨ ᠨᠢ ᠵᠠᠮᠢᠶᠠᠨ ᠬᠦᠩ ᠪᠠᠢᠵᠠᠢ᠃ ᠳᠡᠷᠭᠡᠳᠡ ᠨᠢ ᠨᠡᠭᠡᠷᠡᠨ ᠨᠢᠭᠡ ᠬᠥᠮᠦᠨ ᠪᠠᠭᠲᠠᠬᠤ ᠵᠠᠢ ᠪᠠᠢᠪᠠᠴᠤ ᠲᠣᠮᠣ ᠭᠡᠭᠴᠢ ᠶ᠋ᠢᠨ ᠮᠣᠳᠣᠨ ᠭᠠᠩ ᠲᠠᠢ ᠶᠠᠭᠤᠮ᠎ᠠ ᠪᠠᠢᠬᠤ ᠨᠢ ᠶᠠᠭᠤ ᠪᠣᠢ? ᠲᠡᠷᠡ ᠪᠣᠯ ᠪᠦᠬᠦ ᠬᠣᠷᠢᠭᠳᠠᠵᠤ ᠰᠠᠭᠤᠭ᠎ᠠ ᠬᠥᠮᠦᠰ ᠦ᠋ᠨ ᠪᠡᠶ᠎ᠡ ᠵᠠᠰᠠᠬᠤ ᠰᠠᠪᠠ᠃ ᠬᠡᠴᠡᠭᠦᠦ ᠦᠨᠦᠷ ᠨᠢ ᠣᠢᠷᠠᠲᠤᠬᠤ ᠳᠣᠳᠣᠮ ᠬᠦᠨᠳᠦᠷᠡᠵᠦ ᠦᠬᠦᠮᠡ ᠬᠡᠴᠡᠭᠦᠦ ᠪᠣᠯᠬᠤ ᠪᠣᠯᠪᠠᠴᠤ ᠪᠠᠯᠳᠠᠨᠴᠡᠷᠢᠩ ᠵᠠᠮᠢᠶᠠᠨ ᠤ᠋ ᠳᠡᠷᠭᠡᠳᠡ ᠣᠴᠢᠨ ᠬᠥᠨᠵᠢᠯᠡ ᠳᠡᠪᠢᠰᠬᠡᠷ ᠢ᠋ᠶ᠋ᠡᠨ ᠲᠠᠯᠪᠢᠪᠠ᠃
— ᠵᠠ ᠲᠡᠭᠡᠭᠡᠳ ᠲᠠ ᠰᠠᠢᠨ ᠰᠠᠭᠤᠵᠤ ᠪᠠᠢᠨ᠎ᠠ ᠤᠤ?
— ᠦᠭᠡᠢ ᠶᠠᠭᠠᠬᠢᠬᠤᠪ ᠳᠠ᠂ ᠠᠮᠢᠳᠤ ᠯᠠ ᠪᠠᠢᠨ᠎ᠠ᠃ ᠴᠢ ᠰᠠᠶᠢ ᠪᠠᠷᠢᠭᠳᠠᠭᠠᠳ ᠢᠷᠡᠵᠦ ᠪᠠᠢᠭ᠎ᠠ ᠴᠢᠨᠢ ᠡᠨᠡ ᠤᠤ?
— ᠲᠡᠢᠮᠦ᠃ ᠢᠩᠭᠢᠭᠡᠳ ᠬᠣᠢᠰᠢᠳᠠ ᠪᠠᠨ ᠶᠠᠭᠤ ᠭᠡᠳᠡᠭ ᠢ᠋ ᠦᠵᠡᠳᠡᠭ ᠬᠡᠷᠡᠭ ᠤᠤ?
— ᠠᠮᠤᠷ ᠦᠭᠡᠢ ᠳᠡ ᠭᠡᠳ ᠵᠠᠮᠢᠶᠠᠨ ᠬᠦᠩ ᠴᠠᠭᠠᠰᠢ ᠶᠠᠷᠢᠬᠤ ᠬᠡᠷᠡᠭ ᠦᠭᠡᠢ ᠭᠡᠬᠦ ᠮᠡᠲᠦ ᠳᠠᠭᠤ ᠬᠣᠷᠢᠶᠠᠨ ᠲᠠᠰᠢᠭᠤ ᠬᠠᠷᠠᠪᠠ᠃ ᠪᠠᠯᠳᠠᠨᠴᠡᠷᠢᠩ ᠴᠤ᠌ ᠬᠠᠵᠠᠭᠤ ᠶ᠋ᠢᠨ ᠢ᠋ᠶ᠋ᠡᠨ ᠶᠠᠭᠤᠮᠠᠨ ᠤ᠋ ᠦᠨᠦᠷ ᠲᠦ᠍ ᠪᠠᠢᠵᠤ ᠶᠠᠳᠠᠨ ᠠᠮᠠ ᠪᠠᠨ ᠲᠠᠭᠯᠠᠪᠠ᠃ ᠭᠡᠪᠡᠴᠦ《ᠡᠭᠦᠨ ᠳ᠋ᠦ᠍ ᠴᠢᠨᠢ ᠪᠢ ᠡᠷᠲᠡᠬᠡᠨ ᠲᠡᠰᠴᠦ ᠠᠪᠤᠪᠠᠯ ᠳᠡᠭᠡᠷ᠎ᠡ ᠰᠢᠦ ᠳᠡ》 ᠭᠡᠵᠦ ᠪᠣᠳᠣᠨ ᠬᠠᠨᠴᠤᠢ ᠲᠠᠢ ᠭᠠᠷ ᠢ᠋ᠶ᠋ᠠᠨ ᠳᠣᠷᠣᠭᠰᠢ ᠪᠠᠭᠤᠯᠭᠠᠨ ᠪᠡᠶ᠎ᠡ ᠪᠡᠨ ᠰᠤᠯᠠ ᠲᠠᠯᠪᠢᠨ ᠠᠮᠢᠰᠬᠤᠯᠠᠨ᠎ᠠ᠃ ᠪᠣᠬᠢᠷ ᠦᠨᠦᠷ ᠠᠭᠤᠰᠬᠢᠨ ᠳ᠋ᠤ᠌ ᠣᠷᠣᠭᠠᠳ ᠪᠤᠴᠠᠨ ᠭᠠᠷᠬᠤ ᠳ᠋ᠠᠭᠠᠨ ᠪᠦᠬᠦ ᠪᠡᠶ᠎ᠡ ᠶ᠋ᠢ ᠢᠯᠵᠠᠷᠠᠭᠤᠯᠵᠤ ᠪᠠᠢᠨ᠎ᠠ ᠤᠤ ᠭᠡᠮᠡᠷ ᠬᠠᠮᠠᠷ ᠬᠣᠭᠣᠯᠠᠢ ᠵᠠᠪᠠᠭᠠᠷᠠᠭᠤᠯᠤᠨ ᠬᠣᠷᠣᠰᠬᠠᠨ᠎ᠠ᠃
ᠬᠠᠭᠠᠯᠭ᠎ᠠ ᠶ᠋ᠢᠨ ᠠᠷᠤ ᠳ᠋ᠤ᠌ ᠲᠣᠮᠣ ᠲᠦᠯᠬᠢᠭᠦᠷ ᠨᠦ᠍ᠭᠦᠳ ᠱᠠᠵᠢᠭᠢᠨᠠᠨ ᠴᠣᠣᠵᠢ ᠲᠦᠯᠬᠢᠭᠳᠡᠪᠡ᠃ ᠬᠥᠨᠳᠡᠯᠡᠨ ᠲᠡᠮᠦᠷ ᠳᠣᠷᠣᠭᠰᠢ ᠬᠠᠶᠠᠭᠳᠠᠨ ᠬᠠᠩ ᠶᠠᠩ ᠰᠠᠪᠠᠯᠠᠬᠤ ᠨᠢ ᠳᠣᠲᠣᠷ᠎ᠠ ᠰᠠᠭᠤᠭ᠎ᠠ ᠬᠥᠮᠦᠰ ᠦ᠋ᠨ ᠴᠢᠬᠢᠨ ᠳ᠋ᠦ᠍ ᠮᠠᠰᠢ ᠵᠣᠪᠠᠭᠤᠷᠢ ᠲᠠᠢ ᠰᠣᠨᠣᠰᠤᠭᠳᠠᠨ᠎ᠠ᠃ ᠬᠠᠭᠠᠯᠭ᠎ᠠ ᠨᠡᠭᠡᠭᠡᠭᠳᠡᠨ ᠡᠳᠦᠷ ᠦ᠋ᠨ ᠰᠠᠢᠬᠠᠨ ᠴᠠᠭᠠᠨ ᠭᠡᠷᠡᠯ᠂ ᠠᠷᠢᠭᠤᠨ ᠲᠤᠩᠭᠠᠯᠠᠭ ᠠᠭᠠᠷ ᠤ᠋ᠨ ᠬᠠᠮᠲᠤ ᠴᠢᠯᠠᠰ ᠪᠠᠭᠤᠨ ᠣᠷᠣᠵᠤ ᠢᠷᠡᠪᠡ᠃ ᠬᠠᠭᠠᠯᠭ᠎ᠠ ᠶ᠋ᠢᠨ ᠬᠠᠵᠠᠭᠤ ᠳ᠋ᠤ᠌ ᠬᠣᠶᠠᠷ ᠬᠥᠯ ᠢ᠋ᠶ᠋ᠡᠨ ᠠᠯᠴᠠᠢᠯᠭᠠᠨ ᠵᠣᠭᠰᠣᠭᠰᠠᠨ ᠭᠠᠮᠢᠩ ᠳᠠᠷᠤᠭ᠎ᠠ ᠶ᠋ᠢᠨ ᠬᠠᠵᠠᠭᠤ ᠳ᠋ᠤ᠌ ᠬᠣᠶᠠᠷ ᠭᠠᠮᠢᠩ ᠭᠠᠳᠠᠭᠤᠷ ᠢ᠋ᠶ᠋ᠠᠨ ᠢᠰᠡᠭᠡᠢ ᠤᠭᠤᠲᠠᠨ ᠳ᠋ᠤ᠌ ᠬᠢᠭᠰᠡᠨ ᠲᠣᠮᠣ ᠬᠤᠪᠢᠩ ᠲᠠᠢ ᠶᠠᠭᠤᠮ᠎ᠠ ᠶ᠋ᠢ ᠳᠠᠮᠨᠠᠨ ᠣᠷᠣᠭᠤᠯᠵᠤ ᠢᠷᠡᠪᠡ᠃ ᠱᠣᠷᠣᠩ ᠳ᠋ᠤ᠌ ᠰᠠᠭᠤᠭ᠎ᠠ ᠬᠥᠮᠦᠰ ᠦ᠋ᠨ ᠨᠢᠭᠡᠨ ᠦ᠌ ᠬᠢᠨᠢ ᠠᠷᠤ ᠭᠡᠷ ᠡᠴᠡ ᠡᠷᠭᠢᠯᠲᠡ ᠢᠷᠡᠭᠦᠯᠦᠭᠰᠡᠨ ᠢ᠋ ᠣᠷᠣᠭᠤᠯᠵᠤ ᠪᠠᠢᠭ᠎ᠠ ᠨᠢ ᠡᠨᠡ ᠪᠠᠢᠯ᠎ᠠ᠃ ᠤᠭ ᠳᠡᠭᠡᠳᠦ ᠭᠠᠵᠠᠷ ᠤ᠋ᠨ ᠴᠢᠩᠭᠠᠯᠠᠨ ᠲᠤᠰᠢᠶᠠᠭᠰᠠᠨ ᠢ᠋ᠶ᠋ᠠᠷ ᠪᠣᠯ ᠡᠳᠦᠷ ᠳᠤᠮᠳᠠ ᠠ᠋ᠴᠠ ᠬᠣᠢᠰᠢ ᠡᠷᠭᠢᠯᠲᠡ ᠣᠷᠣᠭᠤᠯᠬᠤ ᠶ᠋ᠢ ᠪᠦᠷᠢᠮᠦᠰᠦᠨ ᠬᠣᠷᠢᠭᠰᠠᠨ ᠪᠠᠢᠪᠠ᠃ ᠭᠡᠪᠡᠴᠦ ᠡᠷᠭᠢᠯᠲᠡ ᠣᠷᠣᠭᠤᠯᠬᠤ ᠪᠠᠷ ᠢᠷᠡᠭᠰᠡᠨ ᠪᠦᠬᠦᠨ ᠭᠠᠳᠠᠨᠠᠬᠢ ᠮᠠᠨᠠᠭ᠎ᠠ ᠠ᠋ᠴᠠ ᠨᠢ ᠠᠪᠤᠭᠠᠳ ᠬᠠᠷᠠᠭᠤᠯ ᠡᠷᠬᠢᠯᠡᠭᠰᠡᠨ ᠳᠠᠷᠤᠭ᠎ᠠ ᠲᠡᠭᠡᠭᠡᠳ ᠴᠡᠷᠢᠭ ᠨᠢᠭᠡ ᠪᠦᠷᠢ ᠳ᠋ᠦ᠍ ᠮᠥᠩᠭᠥ ᠶᠠᠩᠴᠢᠶᠠᠨ ᠠᠳᠬᠤᠯᠤᠭᠰᠠᠭᠠᠷ ᠪᠠᠢᠭᠠᠳ ᠬᠠᠮᠢᠶ᠎ᠠ ᠨᠠᠮᠢᠶ᠎ᠠ ᠶ᠋ᠢ ᠨᠢ ᠠᠯᠳᠠᠭᠤᠯᠤᠭᠰᠠᠨ ᠲᠡᠳᠦᠢ ᠦᠭᠡᠢ ᠲᠡᠳᠡᠨ ᠳ᠋ᠦ᠍ ᠱᠣᠷᠣᠩ ᠰᠠᠬᠢᠬᠤ ᠠ᠋ᠴᠠ ᠳᠡᠭᠡᠳᠦ ᠶᠠᠭᠤᠮ᠎ᠠ ᠦᠭᠡᠢ ᠪᠣᠯᠭᠠᠵᠤ ᠴᠢᠳᠠᠭᠰᠠᠨ ᠠᠵᠢ᠃《ᠲᠡᠯᠢᠬᠢ ᠯᠠᠮᠠ ᠠ᠋!》 ᠭᠡᠵᠦ ᠭᠠᠮᠢᠩ ᠳᠠᠷᠤᠭ᠎ᠠ ᠶ᠋ᠢᠨ ᠥᠭᠦᠯᠡᠮᠡᠭᠴᠡ ᠳᠣᠣᠷᠠᠲᠤ ᠲᠠᠯ᠎ᠠ ᠠ᠋ᠴᠠ ᠬᠥᠮᠦᠨ ᠪᠣᠰᠤᠨ ᠬᠤᠪᠢᠩ ᠲᠠᠢ ᠶ᠋ᠢ ᠬᠦᠯᠢᠶᠡᠨ ᠠᠪᠴᠤ ᠬᠣᠢᠰᠢ ᠵᠢᠳᠬᠦᠨ᠎ᠡ᠃ ᠳᠠᠷᠢ ᠡᠬᠡ ᠯᠠᠮᠠ ᠲᠡᠷᠡᠢᠨ ᠬᠡᠪᠲᠡᠭᠰᠡᠨ ᠢ᠋ᠶ᠋ᠡᠨ ᠥᠨᠳᠡᠢᠪᠡ᠃ ᠬᠠᠵᠠᠭᠤ ᠶ᠋ᠢᠨ ᠬᠢᠨᠢ ᠬᠥᠮᠦᠰ ᠪᠣᠯᠪᠠᠴᠤ ᠠᠷᠭ᠎ᠠ ᠭᠠᠷᠭᠠᠨ ᠤᠷᠢᠳᠤ ᠪᠠᠨ ᠠᠪᠴᠢᠷᠠᠨ᠎ᠠ᠃ ᠭᠠᠳᠠᠨ᠎ᠠ ᠠ᠋ᠴᠠ ᠡᠷᠭᠢᠯᠲᠡ ᠣᠷᠣᠭᠤᠯᠬᠤ ᠨᠢ ᠵᠥᠪᠬᠡᠨ ᠱᠣᠷᠣᠩ ᠳ᠋ᠤ᠌ ᠣᠷᠣᠭᠰᠠᠳ ᠤ᠋ᠨ ᠠᠷᠤ ᠭᠡᠷ ᠪᠢᠰᠢ᠂ ᠠᠯᠢ ᠨᠢᠭᠡᠨ ᠳ᠋ᠦ᠍ᠨᠢ ᠱᠠᠪᠢ ᠣᠷᠣᠭᠰᠠᠨ ᠬᠥᠮᠦᠰ ᠪᠤᠶᠠᠨ ᠰᠠᠨᠠᠭᠴᠢ ᠰᠦᠰᠦᠭᠲᠡᠨ᠂ ᠨᠢᠩᠵᠢ ᠶ᠋ᠢᠨ ᠰᠡᠳᠬᠢᠯ ᠲᠡᠢ ᠵᠢᠷ ᠦ᠋ᠨ ᠬᠥᠮᠦᠰ ᠬᠢᠭᠡᠳ ᠲᠠᠨᠢᠯ ᠲᠠᠯ᠎ᠠ ᠨᠠᠢᠵᠢ ᠨᠠᠷ ᠪᠠ ᠠᠬ᠎ᠠ ᠳᠡᠭᠦᠦ ᠨᠠᠷ ᠤ᠋ᠨ ᠴᠥᠮ ᠡᠴᠡ ᠨᠢ ᠪᠠᠢᠬᠤ ᠪᠥᠭᠡᠳ ᠡᠳᠦᠷ ᠲᠡᠭᠡᠨ ᠪᠦᠬᠦᠯᠢ ᠪᠦᠲᠦᠨ ᠬᠣᠨᠢᠨ ᠤ᠋ ᠮᠢᠬ᠎ᠠ ᠪᠠᠷ ᠬᠢᠭᠰᠡᠨ ᠶᠠᠩᠵᠤ ᠪᠦᠷᠢ ᠶ᠋ᠢᠨ ᠬᠣᠭᠣᠯᠠ ᠬᠡᠳᠦ ᠬᠡᠳᠦ ᠴᠤ᠌ ᠣᠷᠣᠵᠤ ᠢᠷᠡᠵᠦ ᠮᠠᠭᠠᠳ ᠦᠭᠡᠢ ᠪᠠᠢᠳᠠᠭ ᠪᠠᠢᠵᠠᠢ᠃ ᠭᠡᠲᠡᠯ᠎ᠡ ᠵᠡᠭᠦᠨ ᠲᠠᠯ᠎ᠠ ᠶ᠋ᠢᠨ ᠱᠣᠷᠣᠩ ᠳ᠋ᠤ᠌ ᠤᠰᠤᠨ ᠳ᠋ᠤ᠌ ᠴᠢᠨᠠᠭᠰᠠᠨ ᠰᠢᠷ᠎ᠠ ᠪᠤᠳᠠᠭ᠎ᠠ ᠶ᠋ᠢ ᠳᠠᠪᠤᠰᠤᠯᠠᠭᠰᠠᠨ ᠨᠣᠭᠣᠭ᠎ᠠ ᠲᠠᠢ ᠨᠢ ᠭᠠᠮᠢᠩ ᠤ᠋ᠨ ᠭᠠᠷ ᠠ᠋ᠴᠠ ᠬᠠᠷᠠᠬᠤ ᠠ᠋ᠴᠠ ᠥᠭᠡᠷ᠎ᠡ ᠶᠠᠭᠤᠮ᠎ᠠ ᠦᠭᠡᠢ ᠬᠥᠭᠡᠷᠦᠬᠦᠢ ᠪᠣᠯᠤᠭᠰᠠᠨ ᠥᠪᠥᠷ ᠮᠣᠩᠭᠣᠯ ᠤ᠋ᠨ ᠬᠠᠷᠠᠴᠢᠨ᠂ ᠴᠠᠬᠠᠷ ᠪᠠᠷᠭᠤ ᠬᠣᠯᠢᠯᠳᠤᠭᠰᠠᠨ ᠪᠠᠬᠠᠨ ᠬᠥᠮᠦᠰ ᠪᠠᠢᠭ᠎ᠠ ᠠᠵᠢ᠃ ᠭᠡᠪᠡᠴᠦ ᠣᠳᠣ ᠲᠡᠳᠡ ᠭᠡᠳᠡᠰᠦ ᠴᠠᠳᠬᠤᠯᠠᠩ ᠰᠠᠭᠤᠨ᠎ᠠ᠃ ᠤᠴᠢᠷ ᠶᠠᠭᠤ ᠬᠡᠮᠡᠪᠡᠰᠦ ᠬᠠᠯᠬ᠎ᠠ ᠶ᠋ᠢᠨ ᠰᠠᠢᠴᠤᠤᠯ ᠥᠪᠡᠷᠰᠡᠳ ᠲᠡᠭᠡᠨ ᠣᠷᠣᠵᠤ ᠢᠷᠡᠳᠡᠭ ᠣᠯᠠᠨ ᠲᠦᠮᠡᠨ ᠦ᠌ ᠪᠤᠶᠠᠨ ᠠ᠋ᠴᠠ ᠲᠡᠳᠡ ᠤᠷᠤᠭᠤ ᠬᠠᠷᠠᠭᠤᠯ ᠮᠠᠨᠠᠭᠠᠨ ᠤ᠋ ᠭᠠᠮᠢᠩ ᠤ᠋ᠳ ᠢ᠋ᠶ᠋ᠠᠷ ᠳᠠᠮᠵᠢᠭᠤᠯᠤᠨ ᠥᠭᠭᠦᠭᠰᠡᠭᠡᠷ ᠪᠠᠢᠭᠠᠳ ᠴᠢᠳᠬᠤᠭᠰᠠᠨ ᠲᠡᠳᠦᠢ ᠦᠭᠡᠢ ᠠᠯᠳᠠᠭᠳᠠᠭᠰᠠᠨ ᠬᠦᠴᠦ ᠲᠠᠮᠢᠷ ᠨᠢ ᠴᠦ᠍ ᠡᠭᠡᠵᠦ ᠰᠠᠭᠤᠵᠠᠢ᠃ ᠲᠦᠯᠬᠢᠭᠦᠷ ᠴᠣᠣᠵᠢ ᠬᠠᠩᠭᠢᠷ ᠵᠢᠩᠭᠢᠷ ᠳᠤᠤᠭᠠᠷᠤᠨ ᠬᠠᠭᠠᠯᠭ᠎ᠠ ᠶ᠋ᠢᠨ ᠬᠥᠨᠳᠡᠯᠡᠨ ᠳᠠᠷᠤᠭᠤᠯᠭ᠎ᠠ ᠲᠡᠮᠦᠷ ᠬᠠᠶᠠᠭᠳᠠᠨ ᠳᠠᠬᠢᠨ ᠬᠠᠭᠠᠯᠭ᠎ᠠ ᠨᠡᠭᠡᠭᠡᠭᠳᠡᠪᠡ᠃ ᠭᠠᠮᠢᠩ ᠤ᠋ᠨ ᠲᠠᠯ᠎ᠠ ᠠ᠋ᠴᠠ ᠱᠣᠷᠣᠩ ᠤ᠋ᠨ ᠬᠥᠮᠦᠰ ᠲᠦ᠍ ᠵᠣᠷᠢᠭᠤᠯᠤᠭᠰᠠᠨ ᠬᠣᠭᠣᠯᠠ ᠤᠮᠳᠠ ᠣᠷᠣᠵᠤ ᠢᠷᠡᠵᠦ ᠪᠠᠢᠭ᠎ᠠ ᠨᠢ ᠡᠨᠡ ᠠᠵᠢ᠃ ᠵᠠᠯᠠᠬᠠᠴᠠ ᠬᠤᠲᠤᠭᠲᠤ ᠠ᠋ᠴᠠ《ᠬᠣᠭᠣᠯᠠ ᠶ᠋ᠢ ᠬᠦᠨᠳᠦᠳᠬᠡᠨ ᠢᠳᠡᠵᠦ ᠪᠠᠢ》 ᠭᠡᠵᠦ ᠠᠢᠯᠠᠳᠤᠭᠰᠠᠨ ᠤᠴᠢᠷ ᠬᠥᠮᠦᠨ ᠪᠦᠷᠢ ᠠᠶᠠᠭ᠎ᠠ ᠪᠠᠷᠢᠨ ᠤᠷᠤᠭᠰᠢ ᠰᠡᠷᠪᠡᠢᠨ ᠲᠡᠪᠰᠢᠯᠡᠨᠡ᠃ ᠡᠳᠡᠨ ᠦ᠌ ᠳᠤᠮᠳᠠ ᠪᠠᠯᠳᠠᠨᠴᠡᠷᠢᠩ ᠰᠡᠳᠬᠢᠯ ᠠᠮᠤᠭᠤᠯᠠᠩ᠂ ᠤᠯᠤᠰ ᠣᠷᠣᠨ ᠤ᠋ ᠲᠥᠯᠥᠭᠡ ᠤᠳᠠᠭᠠᠨ ᠬᠤᠭᠤᠴᠠᠭ᠎ᠠ ᠪᠠᠷ ᠰᠡᠳᠬᠢᠯ ᠦ᠋ᠨ ᠵᠣᠪᠠᠯᠠᠩ ᠡᠳ᠋ᠯᠡᠬᠦ ᠵᠠᠭᠤᠷ᠎ᠠ ᠬᠠᠯᠠᠭᠤᠨ ᠠᠮᠠᠷᠠᠭ ᠠ᠋ᠴᠠ ᠬᠠᠭᠠᠴᠠᠨ ᠭᠠᠰᠠᠯᠠᠩ ᠤ᠋ᠨ ᠬᠦᠨᠳᠦ ᠶ᠋ᠢ ᠦᠵᠡᠭᠰᠡᠨ ᠦ᠌ ᠡᠴᠦᠰ ᠲᠦ᠍ ᠭᠡᠷ ᠣᠷᠣᠨ ᠢ᠋ᠶ᠋ᠠᠨ ᠡᠵᠡᠭᠦᠢ ᠬᠠᠶᠠᠨ ᠢᠷᠡᠭᠰᠡᠨ ᠪᠦᠬᠦ ᠶᠠᠪᠤᠳᠠᠯ ᠢ᠋ᠶ᠋ᠠᠨ ᠪᠦᠷᠢᠮᠦᠰᠦᠨ ᠮᠠᠷᠲᠠᠵᠠᠢ᠃ ᠲᠡᠷᠡ ᠪᠠᠢᠲᠤᠭᠠᠢ ᠱᠣᠷᠣᠩ ᠤ᠋ᠨ ᠬᠣᠭᠣᠯᠠ ᠬᠡᠴᠢᠨᠡᠭᠡᠨ ᠠᠮᠲᠠ ᠰᠢᠮᠲᠡ ᠦᠭᠡᠢ ᠪᠠᠢᠬᠤ ᠶ᠋ᠢᠨ ᠬᠢᠷᠢ ᠪᠡᠷ ᠡᠨᠳᠡ ᠣᠷᠣᠵᠤ ᠢᠷᠡᠭᠰᠡᠨ ᠢ᠋ᠶ᠋ᠡᠨ ᠪᠠᠬᠠᠷᠣᠯ ᠪᠣᠯᠭᠠᠨ ᠦᠵᠡᠨ᠎ᠡ᠃ ᠬᠠᠭᠠᠯᠭ᠎ᠠ ᠳᠠᠬᠢᠨ ᠨᠡᠭᠡᠭᠡᠭᠳᠡᠵᠦ ᠬᠣᠶᠠᠷ ᠭᠠᠮᠢᠩ ᠤᠬᠠᠭᠠᠨ ᠦᠭᠡᠢ ᠪᠣᠯᠤᠭᠰᠠᠨ ᠨᠢᠭᠡ ᠬᠥᠮᠦᠨ ᠢ᠋ ᠳᠠᠮᠨᠠᠨ ᠣᠷᠣᠭᠤᠯᠵᠤ ᠢᠷᠡᠨ᠂ ᠱᠣᠷᠣᠩ ᠤ᠋ᠨ ᠭᠣᠣᠯ ᠳ᠋ᠤ᠌ ᠲᠠᠯᠪᠢᠨ ᠳᠠᠮᠨᠠᠭᠤᠷ ᠢ᠋ᠶ᠋ᠠᠨ ᠠᠪᠤᠨ᠎ᠠ ᠭᠠᠷᠪᠠ᠃ ᠬᠥᠮᠦᠰ ᠦᠬᠦᠭᠰᠡᠨ ᠮᠡᠲᠦ ᠬᠡᠪᠲᠡᠵᠦ ᠪᠠᠢᠭ᠎ᠠ ᠬᠥᠮᠦᠨ ᠤᠷᠤᠭᠤ ᠴᠢᠭᠴᠢᠯᠳᠦᠨᠠ᠃
— ᠦᠭᠡᠢ᠂ ᠲᠠ ᠮᠢᠨᠢ᠂ ᠵᠠᠢ ᠳᠡᠯᠪᠢ! ᠰᠠᠯᠬᠢ ᠣᠷᠣᠭᠤᠯᠤᠭᠰᠠᠨ ᠨᠢ ᠳᠡᠭᠡᠷ᠎ᠡ᠃
— ᠲᠡᠢᠮᠦ ᠠ᠋᠂ ᠡᠩᠭᠡᠷ ᠵᠠᠭᠠᠮ᠎ᠠ ᠶ᠋ᠢ ᠨᠢ ᠲᠠᠢᠯᠤᠶᠠ ᠭᠡᠵᠦ ᠬᠥᠮᠦᠰ ᠦ᠋ᠨ ᠰᠠᠨᠳᠤᠷᠤᠨ ᠬᠡᠯᠡᠯᠴᠡᠬᠦ ᠶ᠋ᠢᠨ ᠳᠡᠯᠢᠮ ᠳ᠋ᠦ᠍ ᠪᠠᠯᠳᠠᠨᠴᠡᠷᠢᠩ᠂ ᠬᠣᠶᠠᠷ ᠬᠠᠴᠠᠷ ᠤᠯᠠᠭᠠᠨ ᠨᠡᠯᠦᠢ ᠪᠣᠯᠲᠠᠯ᠎ᠠ ᠪᠠᠨ ᠱᠠᠬᠠᠢᠳᠠᠭᠤᠯᠤᠭᠰᠠᠨ ᠬᠥᠮᠦᠨ ᠦ᠌ ᠨᠢᠭᠤᠷ ᠢ᠋ ᠬᠠᠯᠲᠤ ᠣᠯᠵᠤ ᠬᠠᠷᠠᠪᠠ᠃ ᠲᠡᠭᠡᠭᠰᠡᠨ ᠢ᠋ᠶ᠋ᠡᠨ ᠲᠡᠷᠡ ᠬᠥᠮᠦᠨ ᠠᠮᠢᠰᠬᠤᠯ ᠠᠪᠴᠤ ᠡᠬᠢᠯᠡᠬᠦ ᠰᠢᠭ ᠪᠣᠯᠪᠠ᠃ ᠰᠢᠲᠦ ᠵᠠᠭᠤᠨ ᠢᠨᠴᠠᠭᠯᠠᠵᠤ ᠲᠥᠷᠥᠭᠦᠯᠭᠡ ᠪᠡᠨ ᠬᠠᠷᠠᠬᠤ ᠶ᠋ᠢ ᠣᠷᠣᠯᠳᠣᠪᠠ᠃ ᠡᠨᠡ ᠨᠢ ᠬᠣᠶᠠᠷ ᠬᠣᠩᠬᠣ ᠪᠠᠨ ᠰᠡᠭ ᠪᠣᠯᠲᠠᠯ᠎ᠠ ᠪᠠᠩᠵᠠᠳᠠᠭᠤᠯᠤᠭᠰᠠᠨ ᠤ᠋ ᠲᠡᠮᠳᠡᠭ ᠠᠵᠢ᠃
— ᠬᠡᠴᠢᠨᠡᠭᠡᠨ ᠪᠠᠩᠵᠠᠳᠠᠭᠤᠯᠪᠠ ᠭᠡᠬᠦ ᠳ᠋ᠦ᠍᠄ ᠭᠠᠷ ᠥᠨᠳᠡᠢᠯᠭᠡᠨ ᠲᠠᠪᠤᠨ ᠬᠤᠷᠤᠭᠤ ᠰᠠᠷᠪᠠᠢᠯᠭᠠᠨᠠ᠃ ᠡᠨᠡ ᠪᠣᠯ ᠲᠠᠪᠤᠨ ᠵᠠᠭᠤ ᠪᠠᠩᠵᠠᠳᠠᠭᠤᠯᠤᠭᠰᠠᠨ ᠢ᠋ᠶ᠋ᠠᠨ ᠮᠡᠳᠡᠭᠳᠡᠵᠦ ᠪᠠᠢᠭ᠎ᠠ ᠠᠵᠢ᠃
— ᠬᠡᠷᠡᠭ ᠬᠦᠯᠢᠶᠡᠭᠰᠡᠨ ᠤᠤ? ᠲᠣᠯᠣᠭᠠᠢ ᠰᠡᠭᠰᠦᠷᠦᠭᠡᠳ᠂ ᠨᠢᠳᠦ ᠨᠡᠭᠡᠭᠡᠨ ᠬᠥᠮᠦᠨ ᠨᠢᠭᠡᠪᠦᠷᠢ ᠶ᠋ᠢ ᠰᠢᠷᠳᠡᠨ ᠠᠵᠢᠭᠰᠠᠨ ᠢ᠋ᠶ᠋ᠠᠨ ᠵᠠᠮᠢᠶᠠᠨ ᠬᠦᠩ ᠢ᠋ ᠣᠨᠴᠠᠯᠠᠨ ᠰᠢᠷᠳᠡᠵᠦ᠄
— ᠮᠠᠭᠤ ᠵᠣᠯᠢᠭ! ᠣᠯᠣᠭᠠᠢ ᠬᠣᠷᠣᠬᠠᠢ ᠰᠢᠭ᠋ ᠨᠢᠯᠴᠠᠭᠠᠢ ᠪᠣᠯᠤᠭᠠᠳ ᠬᠣᠣᠷᠲᠤ ᠠᠮᠢᠲᠠᠨ ᠴᠢ ᠰᠠᠢᠬᠠᠨ ᠮᠡᠳᠡᠭᠡᠷᠡᠢ! ᠭᠡᠪᠡ᠃ ᠡᠨᠡ ᠪᠣᠯ ᠵᠢᠬᠮᠡᠳᠳᠣᠷᠵᠢ ᠬᠦᠩ ᠭᠡᠭᠴᠢ᠃ ᠪᠠᠯᠳᠠᠨᠴᠡᠷᠢᠩ ᠳᠠᠭᠤ ᠪᠠᠷ ᠲᠠᠨᠢᠪᠠ᠃ ᠭᠡᠲᠡᠯ᠎ᠡ ᠵᠠᠮᠢᠶᠠᠨ ᠢ᠋ ᠵᠠᠨᠤᠬᠤ ᠨᠢ ᠶᠠᠭᠤ ᠪᠣᠢ? ᠬᠥᠮᠦᠰ ᠵᠢᠬᠮᠡᠳᠳᠣᠷᠵᠢ ᠶ᠋ᠢᠨ ᠦᠭᠡ ᠶ᠋ᠢ ᠪᠦᠷᠢᠨ ᠵᠥᠪᠰᠢᠶᠡᠷᠡᠬᠦ ᠪᠠᠢᠳᠠᠯ ᠢ᠋ᠶ᠋ᠠᠷ ᠵᠠᠮᠢᠶᠠᠨ ᠢ᠋ ᠬᠦᠢᠲᠡᠨ ᠢ᠋ᠶ᠋ᠡᠷ ᠬᠠᠷᠠᠪᠠ᠃ ᠵᠠᠮᠢᠶᠠᠨ ᠦᠭᠡ ᠳᠠᠭᠤᠨ ᠦᠭᠡᠢ ᠳᠣᠷᠣᠭᠰᠢ ᠰᠢᠷᠲᠡᠨ ᠬᠣᠢᠰᠢ ᠰᠠᠭᠤᠪᠠ᠃ ᠡᠷᠳᠡᠮ ᠦ᠋ᠨ ᠬᠤᠪᠢ ᠳ᠋ᠤ᠌ ᠬᠡᠨ ᠪᠦᠬᠦᠨ ᠡᠴᠡ ᠳᠠᠪᠠᠭᠤᠲᠠᠢ ᠡᠷᠳᠡᠮᠲᠡᠨ ᠬᠥᠮᠦᠨ ᠪᠣᠯᠪᠠᠴᠤ ᠣᠯᠠᠨ ᠳ᠋ᠤ᠌ ᠵᠢᠮᠡᠯᠡᠭᠳᠡᠬᠦ ᠨᠢᠭᠡ ᠪᠤᠷᠤᠭᠤ ᠲᠠᠢ ᠶᠠᠭᠤᠮ᠎ᠠ ᠬᠢᠵᠦ ᠣᠷᠬᠢᠭᠰᠠᠨ ᠨᠢ ᠢᠯᠡᠷᠬᠡᠢ ᠪᠠᠢᠨ᠎ᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
