ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ10 Шинэлам – 2-р бүлэг᠂ Өлзийжаргал– гялалзсан нэг нас 10 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ10 Шинэлам – 2-р бүлэг᠂ Өлзийжаргал– гялалзсан нэг нас 10

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ10 Шинэлам – 2-р бүлэг᠂ Өлзийжаргал– гялалзсан нэг нас 10

ᠠᠩᠭᠢᠯᠠᠯ:ᠲᠡᠦᠬᠡ ᠰᠣᠶᠣᠯ
2025-10-23

139

ᠠᠷᠪᠠ᠂ ᠦᠦᠰᠢᠨᠵᠤᠤ ᠶ᠋ᠢᠨ ᠰᠦᠮ᠎ᠡ ᠳ᠋ᠦ᠍ ᠬᠤᠷᠠᠯᠳᠤᠭᠤᠯᠤᠭᠰᠠᠨ《ᠭᠤᠷᠪᠠᠨ ᠡᠲᠡᠭᠡᠳ ᠦ᠋ᠨ ᠬᠤᠷᠠᠯ》


       ᠰᠢᠨᠡᠯᠡᠮ᠎ᠡ ᠦᠦᠰᠢᠨᠵᠤᠤ ᠶ᠋ᠢᠨ ᠰᠦᠮ᠎ᠡ ᠳ᠋ᠦ᠍ ᠢᠷᠡᠭᠰᠡᠨ ᠦ᠌ ᠳᠠᠷᠠᠭ᠎ᠠ ᠨᠢᠭᠡ ᠲᠠᠯ᠎ᠠ ᠪᠠᠷ ᠰᠢᠨ᠎ᠡ ᠴᠡᠷᠢᠭ ᠦ᠋ᠨ ᠪᠣᠯᠪᠠᠰᠤᠷᠠᠯ ᠬᠢᠯᠭᠡᠵᠦ᠂ ᠨᠥᠭᠦᠭᠡ ᠲᠠᠯ᠎ᠠ ᠪᠠᠷ《ᠭᠤᠷᠪᠠᠨ ᠡᠲᠡᠭᠡᠳ ᠦ᠋ᠨ ᠬᠤᠷᠠᠯ》 ᠬᠢᠬᠦ ᠪᠡᠷ ᠲᠤᠰᠬᠠᠢ ᠲᠤᠰᠢᠶᠠᠯᠲᠠᠳ ᠲᠣᠮᠢᠯᠠᠨ ᠦᠦᠰᠢᠨ ᠨᠣᠶᠠᠨ ᠲᠡᠭᠦᠰᠠᠠᠮᠤᠭᠤᠯᠠᠩ ᠪᠣᠯᠤᠨ ᠪᠤᠰᠤᠳ ᠲᠤᠰᠢᠶᠠᠯᠲᠠᠳ ᠢ᠋ ᠦᠦᠰᠢᠨᠵᠤᠤ ᠶ᠋ᠢᠨ ᠰᠦᠮ᠎ᠡ ᠳ᠋ᠦ᠍ ᠮᠣᠷᠢᠯᠠᠨ ᠰᠠᠭᠠᠲᠠᠬᠤ ᠪᠣᠯᠪᠠᠤ ᠭᠡᠮᠡᠨ ᠤᠷᠢᠯᠭ᠎ᠠ ᠶᠠᠪᠤᠭᠤᠯᠪᠠ᠃ ᠭᠡᠲᠡᠯ᠎ᠡ ᠨᠣᠶᠠᠨ ᠳᠤᠷ᠎ᠠ ᠦᠭᠡᠢ ᠰᠢᠭ ᠪᠠᠢᠵᠤ ᠲᠡᠷᠡ ᠳᠠᠷᠤᠢ ᠳ᠋ᠤᠨᠢ ᠢᠷᠡᠭᠰᠡᠨ ᠦᠭᠡᠢ ᠬᠣᠢᠰᠢᠯᠠᠵᠤ ᠪᠠᠢᠲᠠᠯ᠎ᠠ ᠲᠥᠪ ᠬᠣᠷᠢᠶᠠᠨ ᠤ᠋ ᠬᠥᠮᠦᠰ ᠪᠣᠯᠤᠨ ᠴᠡᠷᠢᠭ ᠦ᠋ᠳ ᠴᠦ᠍ ᠵᠠᠰᠠᠭ ᠬᠤᠰᠢᠭᠤᠨ ᠠ᠋ᠴᠠ ᠦᠦᠰᠢᠨᠵᠤᠤ ᠶ᠋ᠢᠨ ᠰᠦᠮ᠎ᠡ ᠳᠡᠭᠡᠷ᠎ᠡ ᠬᠦᠷᠦᠯᠴᠡᠨ ᠢᠷᠡᠯ᠎ᠡ ᠭᠡᠰᠡᠨ ᠢ᠋ ᠰᠣᠨᠣᠰᠤᠭᠠᠳ ᠠᠷᠭ᠎ᠠ ᠪᠤᠰᠤ ᠦᠦᠰᠢᠨᠵᠤᠤ ᠳ᠋ᠤ᠌ ᠬᠦᠷᠴᠦ ᠢᠷᠡᠵᠡᠢ᠃  
       ᠡᠨᠡ ᠤᠳᠠᠭ᠎ᠠ ᠶ᠋ᠢᠨ ᠬᠤᠷᠠᠯ ᠳ᠋ᠤ᠌ ᠦᠦᠰᠢᠨ ᠬᠤᠰᠢᠭᠤᠨ ᠤ᠋ ᠪᠡᠢᠯᠡ ᠨᠣᠶᠠᠨ ᠲᠡᠭᠦᠰᠠᠠᠮᠤᠭᠤᠯᠠᠩ ᠪᠣᠯᠤᠨ ᠬᠣᠰᠢᠭᠤ ᠵᠠᠬᠢᠷᠤᠭᠴᠢ ᠨᠠᠰᠤᠨᠪᠠᠲᠤ ᠠᠮᠪᠠᠨ᠂ ᠵᠡᠭᠦᠨ ᠮᠡᠢᠷᠡᠨ ᠬᠤᠷᠴᠠᠪᠢᠯᠢᠭ᠌ ᠵᠡᠷᠭᠡ ᠬᠣᠰᠢᠭᠤ ᠲᠠᠮᠠᠭ᠎ᠠ ᠶ᠋ᠢᠨ ᠲᠠᠪᠤᠨ ᠵᠢᠩᠬᠢᠨ ᠡᠴᠡ ᠣᠯᠠᠩᠬᠢ ᠨᠢ ᠣᠷᠣᠯᠴᠠᠪᠠ᠃ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶᠠᠨ ᠤ᠋ ᠳᠠᠷᠤᠭ᠎ᠠ ᠰᠠᠷᠠᠩᠳᠣᠩᠷᠣᠪ(ᠪᠠᠢ ᠶᠦᠨ ᠲᠢ)᠂ ᠲᠥᠪ ᠬᠣᠷᠢᠶᠠᠨ ᠤ᠋ ᠭᠦᠢᠴᠡᠳᠬᠡᠬᠦ ᠬᠣᠷᠢᠶᠠᠨ ᠤ᠋ ᠪᠠᠢᠩᠭᠤ ᠶ᠋ᠢᠨ ᠬᠡᠷᠡᠭ ᠡᠷᠬᠢᠯᠡᠭᠴᠢ ᠭᠡᠰᠢᠭᠦᠨ ᠪᠥᠭᠡᠳ ᠨᠠᠷᠢᠨ ᠪᠢᠴᠢᠭ ᠦ᠋ᠨ ᠳᠠᠷᠤᠭ᠎ᠠ ᠮᠧᠷᠰᠧ᠂ ᠲᠥᠪ ᠬᠣᠷᠢᠶᠠᠨ ᠤ᠋ ᠭᠦᠢᠴᠡᠳᠬᠡᠬᠦ ᠭᠡᠰᠢᠭᠦᠨ ᠪᠥᠭᠡᠳ ᠲᠥᠪ ᠬᠣᠷᠢᠶᠠᠨ ᠠ᠋ᠴᠠ ᠶᠡᠬᠡ ᠵᠣᠣ ᠶ᠋ᠢᠨ ᠴᠢᠭᠤᠯᠭᠠᠨ ᠳ᠋ᠤ᠌ ᠣᠨᠴᠠ ᠲᠣᠮᠢᠯᠠᠭᠰᠠᠨ ᠲᠥᠯᠥᠭᠡᠯᠡᠭᠴᠢ ᠰᠠᠢᠨᠪᠠᠶᠠᠷ(ᠪᠤᠤ ᠶᠤᠸᠠᠢ ᠴᠢᠩ)᠂ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠣᠷᠣᠯᠠᠭᠴᠢ ᠰᠧᠯᠢᠩ ᠣᠶᠤᠨᠲᠣᠲᠢ᠂ ᠲᠥᠪ ᠬᠣᠷᠢᠶᠠᠨ ᠤ᠋ ᠭᠦᠢᠴᠡᠳᠬᠡᠬᠦ ᠭᠡᠰᠢᠭᠦᠨ ᠪᠥᠭᠡᠳ ᠦᠦᠰᠢᠨ ᠬᠤᠰᠢᠭᠤᠨ ᠤ᠋ ᠬᠤᠪᠢᠰᠬᠠᠯᠲᠤ ᠴᠡᠷᠢᠭ ᠠᠩᠭᠢ ᠶ᠋ᠢᠨ ᠡᠷᠬᠢᠯᠡᠭᠴᠢ ᠰᠢᠨᠠᠯᠠᠮ᠎ᠠ᠂ ᠡᠪ ᠬᠠᠮᠲᠤ ᠨᠠᠮ ᠤ᠋ᠨ ᠢᠨᠲ᠋ᠧᠷᠨᠠᠼᠢᠣᠨᠠᠯ ᠤ᠋ᠨ ᠲᠥᠯᠥᠭᠡᠯᠡᠭᠴᠢ ᠹᠦᠯᠢᠮ ᠂ ᠣᠴᠠᠷᠣᠸ ᠪᠣᠯᠤᠨ ᠦᠦᠰᠢᠨ ᠬᠤᠰᠢᠭᠤᠨ ᠤ᠋ ᠬᠤᠪᠢᠰᠬᠠᠯᠲᠤ ᠴᠡᠷᠢᠭ ᠦ᠋ᠨ ᠲᠥᠯᠥᠭᠡᠯᠡᠭᠴᠢᠳ(ᠳᠤᠭᠤᠢᠯᠠᠩ ᠤ᠋ᠨ ᠬᠥᠮᠦᠰ ᠪᠠᠭᠲᠠᠨ᠎ᠠ) ᠣᠷᠣᠯᠴᠠᠭᠰᠠᠨ ᠶᠡᠬᠡ ᠬᠤᠷᠠᠯ ᠢ᠋ ᠬᠡᠳᠦᠨ ᠡᠳᠦᠷ ᠬᠤᠷᠠᠯᠳᠤᠭᠤᠯᠵᠤ᠂ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠪᠠᠢᠷᠢ ᠰᠠᠭᠤᠷᠢ᠂ ᠪᠣᠳᠣᠯᠭ᠎ᠠ ᠴᠢᠭᠯᠡᠯᠲᠡ ᠶ᠋ᠢ ᠰᠤᠷᠲᠠᠯᠴᠢᠯᠠᠨ ᠤᠬᠠᠭᠤᠯᠵᠤ᠂ ᠦᠦᠰᠢᠨ ᠬᠤᠰᠢᠭᠤᠨ ᠤ᠋ ᠬᠣᠰᠢᠭᠤ ᠨᠡᠢᠲᠡ ᠪᠡᠷ ᠡᠷᠬᠡᠪᠰᠢ ᠶᠣᠰᠣᠴᠢᠯᠠᠨ ᠬᠢᠬᠦ ᠵᠠᠷᠯᠢᠭ ᠤ᠋ᠨ ᠴᠢᠨᠠᠷ ᠲᠠᠢ ᠬᠡᠳᠦᠨ ᠵᠤᠷᠪᠤᠰ ᠭᠡᠷ᠎ᠡ ᠪᠢᠴᠢᠭ ᠢ᠋ ᠲᠣᠭᠲᠠᠭᠠᠭᠰᠠᠨ ᠪᠠᠢᠨ᠎ᠠ᠃ ᠡᠨᠡ ᠨᠢ《᠁ 
       ᠨᠢᠭᠡᠳᠦᠭᠡᠷ ᠲᠦ᠍᠂ ᠬᠣᠢᠰᠢᠳᠠ ᠬᠤᠰᠢᠭᠤᠨ ᠤ᠋ ᠬᠡᠪᠴᠢᠶ᠎ᠡ ᠪᠡᠷ ᠶᠡᠬᠡ ᠬᠡᠷᠡᠭ ᠤᠴᠢᠷ ᠢ᠋ ᠬᠣᠰᠢᠭᠤ ᠨᠠᠮ ᠤ᠋ᠨ ᠬᠣᠷᠢᠶ᠎ᠠ᠂ ᠬᠤᠪᠢᠰᠬᠠᠯᠲᠤ ᠴᠡᠷᠢᠭ ᠦ᠋ᠨ ᠬᠣᠷᠢᠶ᠎ᠠ᠂ ᠶᠠᠮᠤᠨ ᠵᠡᠷᠭᠡ ᠭᠤᠷᠪᠠᠨ ᠡᠲᠡᠭᠡᠳ ᠢ᠋ᠶ᠋ᠡᠷ ᠬᠠᠮᠲᠤ ᠪᠠᠷ ᠶᠠᠷᠢᠯᠴᠠᠵᠤ ᠲᠣᠭᠲᠠᠭᠠᠨ᠎ᠠ᠃ 
       ᠬᠣᠶᠠᠳᠤᠭᠠᠷ ᠲᠤ᠌᠂ ᠠᠷᠠᠳ ᠲᠦᠮᠡᠨ ᠦ᠌ ᠠᠷᠠᠳᠴᠢᠯᠠᠯᠲᠤ ᠠᠵᠢᠯᠯᠠᠭ᠎ᠠ᠂ ᠡᠷᠬᠡ ᠴᠢᠯᠥᠭᠡ ᠶ᠋ᠢ ᠬᠠᠷᠰᠢᠯᠠᠨ ᠬᠢᠵᠠᠭᠠᠷᠯᠠᠵᠤ ᠪᠣᠯᠬᠤ ᠦᠭᠡᠢ᠃   
       ᠭᠤᠷᠪᠠᠳᠤᠭᠠᠷ ᠲᠤ᠌᠂ ᠥᠨᠥ ᠶ᠋ᠢᠨ ᠲᠣᠮᠢ ᠲᠠᠨᠲᠠᠷ ᠤ᠋ᠨ ᠬᠠᠮᠢᠶᠠᠷᠤᠭᠰᠠᠨ ᠴᠡᠷᠢᠭ ᠢ᠋ ᠲᠠᠷᠬᠠᠭᠠᠵᠤ ᠲᠠᠨᠲᠠᠷ ᠤ᠋ᠨ ᠲᠣᠮᠢ ᠲᠤᠰᠢᠶᠠᠯ(ᠰᠤᠮᠤᠨ ᠳᠠᠷᠤᠭ᠎ᠠ ᠶ᠋ᠢᠨ ᠳᠡᠰ ᠦ᠋ᠨ ᠲᠤᠰᠢᠶᠠᠯ— ᠰᠡᠢᠷᠡᠭᠦᠯᠦᠭᠴᠢ ᠡᠴᠡ) ᠶ᠋ᠢ ᠬᠦᠴᠦᠨ ᠦᠭᠡᠢ ᠪᠣᠯᠭᠠᠨ ᠤᠭᠴᠠᠷᠠᠭᠤᠯᠤᠨ᠎ᠠ ᠁》 ᠭᠡᠵᠦ ᠲᠣᠭᠲᠠᠭᠠᠭᠰᠠᠨ ᠪᠥᠭᠡᠳ ᠭᠠᠷ ᠤ᠋ᠨ ᠦᠰᠦᠭ ᠵᠢᠷᠤᠵᠤ ᠪᠠᠲᠤᠯᠠᠭᠰᠠᠨ ᠪᠠᠢᠨ᠎ᠠ᠃  
       ᠡᠨᠡ ᠤᠳᠠᠭ᠎ᠠ ᠶ᠋ᠢᠨ ᠬᠤᠷᠠᠯ ᠳ᠋ᠤ᠌ ᠭᠤᠷᠪᠠᠨ ᠡᠲᠡᠭᠡᠳ ᠦ᠋ᠨ ᠲᠥᠯᠥᠭᠡᠯᠡᠭᠴᠢ ᠬᠥᠮᠦᠰ ᠣᠷᠣᠯᠴᠠᠭᠰᠠᠨ ᠲᠤᠯᠠ《ᠭᠤᠷᠪᠠᠨ ᠡᠲᠡᠭᠡᠳ ᠦ᠋ᠨ ᠬᠤᠷᠠᠯ》 ᠭᠡᠵᠦ ᠬᠡᠯᠡᠯᠴᠡᠬᠦ ᠪᠣᠯᠤᠭᠰᠠᠨ ᠪᠥᠭᠡᠳ ᠬᠣᠢᠰᠢᠳᠠ ᠡᠨᠡ ᠶᠠᠩᠵᠤ ᠶ᠋ᠢᠨ ᠬᠤᠷᠠᠯ ᠢ᠋ ᠵᠣᠬᠢᠬᠤ ᠬᠤᠭᠤᠴᠠᠭᠠᠨ ᠳ᠋ᠤ᠌ ᠬᠤᠷᠠᠯᠳᠤᠭᠤᠯᠬᠤ ᠪᠠᠷ ᠲᠣᠭᠲᠠᠭᠰᠠᠨ ᠪᠠᠢᠵᠠᠢ᠃  
       ᠦᠦᠰᠢᠨᠵᠦᠦ ᠶ᠋ᠢᠨ ᠰᠦᠮ᠎ᠡ ᠳ᠋ᠦ᠍ ᠬᠤᠷᠠᠯᠳᠤᠭᠰᠠᠨ《ᠭᠤᠷᠪᠠᠨ ᠡᠲᠡᠭᠡᠳ ᠦ᠋ᠨ ᠬᠤᠷᠠᠯ》 ᠪᠣᠯ ᠦᠦᠰᠢᠨ ᠬᠤᠰᠢᠭᠤᠨ ᠤ᠋ ᠳᠤᠭᠤᠢᠯᠠᠩ ᠤ᠋ᠨ ᠬᠥᠳᠡᠯᠭᠡᠭᠡᠨ ᠦ᠌ ᠲᠡᠦᠬᠡᠨ ᠳᠡᠭᠡᠷ᠎ᠡ ᠲᠡᠦᠬᠡᠲᠦ ᠠᠴᠢ ᠬᠣᠯᠪᠣᠭᠳᠠᠯ ᠲᠠᠢ ᠬᠤᠷᠠᠯ ᠪᠣᠯᠤᠨ᠎ᠠ᠃  
       ᠰᠢᠨᠠᠯᠠᠮ᠎ᠠ ᠡᠨᠡ ᠤᠳᠠᠭ᠎ᠠ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶ᠎ᠠ ᠪᠣᠯᠤᠨ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠣᠯᠠᠩᠬᠢ  ᠳᠠᠷᠤᠭ᠎ᠠ ᠨᠣᠶᠠᠳ᠂ ᠡᠪ ᠬᠠᠮᠲᠤ ᠶ᠋ᠢᠨ ᠢᠨᠲ᠋ᠧᠷᠨᠠᠼᠢᠣᠨᠠᠯ ᠤ᠋ᠨ ᠲᠥᠯᠥᠭᠡᠯᠡᠭᠴᠢ ᠶ᠋ᠢ ᠳᠠᠭᠠᠭᠤᠯᠤᠨ ᠢᠷᠡᠭᠰᠡᠨ ᠨᠢ ᠴᠠᠭ ᠲᠠᠭᠠᠨ ᠲᠣᠬᠢᠷᠠᠵᠤ᠂ ᠰᠢᠨᠡᠯᠡᠮ᠎ᠡ ᠶ᠋ᠢᠨ ᠠᠵᠢᠯ ᠢ᠋ᠶ᠋ᠠᠨ ᠥᠷᠨᠢᠭᠦᠯᠬᠦ ᠳ᠋ᠦ᠍ ᠠᠷᠤ ᠲᠦᠰᠢᠭ ᠪᠣᠯᠵᠤ ᠵᠣᠷᠢᠭᠰᠠᠨ ᠵᠣᠷᠢᠯᠭ᠎ᠠ ᠳ᠋ᠠᠭᠠᠨ ᠬᠦᠷᠴᠦ ᠴᠢᠳᠠᠭᠰᠠᠨ ᠪᠠᠢᠨ᠎ᠠ᠃  
       ᠦᠦᠰᠢᠨ ᠪᠡᠢᠯᠡ ᠨᠣᠶᠠᠨ ᠲᠤᠰ ᠵᠢᠯ ᠦ᠋ᠨ4 ᠰᠠᠷ᠎ᠠ ᠶ᠋ᠢᠨ26 ᠳ᠋ᠤ᠌ ᠲᠠᠪᠢᠨ ᠴᠡᠷᠢᠭ ᠦ᠋ᠨ ᠲᠣᠮᠢ ᠲᠠᠨᠲᠠᠷ ᠢ᠋ ᠴᠡᠷᠢᠭ ᠳᠠᠢᠴᠢᠯᠠᠭᠤᠯᠤᠨ ᠭᠠᠯᠠᠭᠤᠲᠤ ᠶ᠋ᠢᠨ ᠰᠦᠮ᠎ᠡ ᠳ᠋ᠦ᠍ ᠰᠢᠨᠠᠯᠠᠮ᠎ᠠ ᠶ᠋ᠢ ᠪᠠᠷᠢᠪᠴᠢᠯᠠᠬᠤ ᠪᠠᠷ ᠶᠠᠪᠤᠭᠤᠯᠤᠭᠰᠠᠨ ᠪᠠᠢᠲᠠᠯ᠎ᠠ9 ᠰᠠᠷ᠎ᠠ ᠶ᠋ᠢᠨ ᠳᠤᠮᠳᠠᠴᠢ ᠪᠠᠷ ᠲᠡᠭᠦᠰᠠᠠᠮᠤᠭᠤᠯᠠᠩ ᠤᠬᠠᠮᠰᠠᠷᠠᠭᠠᠳ᠂ ᠰᠢᠨᠠᠯᠠᠮ᠎ᠠ ᠶ᠋ᠢᠨ ᠦᠭᠡ ᠶ᠋ᠢ ᠰᠣᠨᠣᠰᠴᠤ《ᠭᠤᠷᠪᠠᠨ ᠡᠲᠡᠭᠡᠳ ᠦ᠋ᠨ ᠬᠤᠷᠠᠯ》 ᠤ᠋ᠨ ᠭᠡᠷ᠎ᠡ ᠪᠢᠴᠢᠭ ᠳᠡᠭᠡᠷ᠎ᠡ ᠲᠠᠮᠠᠭ᠎ᠠ ᠳᠠᠷᠤᠨ᠎ᠠ ᠭᠡᠳᠡᠭ ᠨᠢ ᠴᠢᠳᠠᠰᠢ ᠦᠭᠡᠢ ᠪᠠᠢᠵᠤ ᠮᠡᠳᠡᠨ᠎ᠡ⁈ ᠨᠡᠯᠢᠶᠡᠳ ᠬᠣᠵᠢᠭᠤ ᠦᠶ᠎ᠡ ᠳ᠋ᠦ᠍ ᠪᠡᠢᠯᠡ ᠨᠣᠶᠠᠨ ᠲᠡᠭᠦᠰᠠᠠᠮᠤᠭᠤᠯᠠᠩ ᠠ᠋ᠴᠠ ᠳᠠ ᠵᠠᠩᠵᠤᠨ ᠵᠠᠰᠠᠭ ᠵᠢᠶᠦ᠋ᠨ ᠸᠠᠩ ᠵᠢᠨᠦᠩ ᠨᠣᠶᠠᠨ ᠳ᠋ᠤ᠌ ᠢᠯᠡᠭᠡᠭᠰᠡᠨ ᠵᠠᠬᠢᠳᠠᠯ ᠳ᠋ᠠᠭᠠᠨ《᠁ ᠴᠡᠷᠢᠭ ᠦ᠋ᠨ ᠰᠦᠷ ᠬᠦᠴᠦᠨ ᠢ᠋ᠶ᠋ᠡᠷ ᠰᠦᠷᠳᠡᠭᠦᠯᠵᠦ ᠰᠢᠬᠠᠮᠳᠠᠭᠤᠯᠬᠤ ᠲᠤᠯᠠ ᠵᠠᠰᠠᠭ ᠲᠤᠰᠠᠯᠠᠭᠴᠢ ᠪᠢᠳᠡ ᠨᠠᠷ ᠲᠤᠢᠯ ᠤ᠋ᠨ ᠭᠠᠴᠢᠭᠳᠠᠨ ᠪᠡᠷᠬᠢᠳᠦᠯᠴᠡᠵᠦ ᠤᠷᠢᠳ ᠢ᠋ᠶ᠋ᠠᠷ ᠰᠠᠯᠤᠯᠴᠠᠬᠤ ᠶ᠋ᠢ ᠰᠠᠨᠠᠵᠤ ᠵᠠᠰᠠᠭ ᠲᠠᠮᠠᠭ᠎ᠠ ᠳᠠᠷᠤᠭᠰᠠᠨ ᠭᠡᠷ᠎ᠡ ᠪᠢᠴᠢᠭ ᠠᠪᠤᠯᠴᠠᠵᠤ ᠲᠦᠷ ᠥᠩᠭᠡᠷᠡᠭᠦᠯᠦᠭᠰᠡᠨ᠁》 ᠭᠡᠳᠡᠭ ᠡᠴᠡ ᠦᠵᠡᠪᠡᠯ ᠪᠡᠢᠯᠡ ᠨᠣᠶᠠᠨ ᠰᠦᠷᠳᠡᠭᠳᠡᠬᠦ ᠳ᠋ᠡᠭᠡᠨ ᠠᠷᠭ᠎ᠠ ᠪᠤᠰᠤ ᠬᠣᠰᠢᠭᠤ ᠵᠠᠰᠠᠭ ᠲᠠᠮᠠᠭ᠎ᠠ ᠪᠠᠨ ᠳᠠᠷᠤᠭᠰᠠᠨ ᠨᠢ ᠢᠯᠡᠷᠬᠡᠢ ᠪᠠᠢᠨ᠎ᠠ᠃ ᠭᠡᠪᠡᠴᠦ ᠠᠷᠠᠳ ᠤ᠋ᠨ ᠰᠡᠴᠡᠨ ᠦᠭᠡᠨ ᠳ᠋ᠦ᠍ᠷ᠄《ᠬᠡᠯᠡᠬᠦ ᠨᠢ ᠪᠢᠴᠢᠭᠰᠡᠨ ᠳ᠋ᠡᠭᠡᠨ ᠬᠦᠷᠳᠡᠭ ᠦᠭᠡᠢ》 ᠭᠡᠳᠡᠭᠴᠢᠯᠡᠨ ᠪᠢᠴᠢᠭᠰᠡᠨ ᠮᠥᠷᠲᠡᠭᠡᠨ ᠵᠠᠰᠠᠭ ᠲᠠᠮᠠᠭ᠎ᠠ ᠪᠠᠨ ᠨᠢᠭᠡᠨᠲᠡ ᠳᠠᠷᠤᠴᠢᠬᠠᠭᠰᠠᠨ ᠲᠤᠯᠠ ᠬᠡᠷᠡᠭ ᠳᠡᠭᠡᠷ᠎ᠡ ᠪᠡᠨ ᠤᠳᠠᠭᠠᠨ ᠵᠢᠯ ᠦ᠋ᠨ ᠹᠧᠣᠳᠠᠯ ᠤ᠋ᠨ ᠬᠦᠴᠦᠨ ᠢ᠋ ᠠᠩᠬ᠎ᠠ ᠠᠯᠬᠤᠮ ᠠᠷᠭ᠎ᠠ ᠪᠠᠷ ᠲᠠᠮᠪᠠᠷᠠᠭᠤᠯᠵᠠᠢ᠃ ᠰᠢᠨᠡᠯᠡᠮ᠎ᠡ ᠶ᠋ᠢᠨ ᠡᠨᠡ ᠬᠦ᠌《ᠭᠤᠷᠪᠠᠨ ᠡᠲᠡᠭᠡᠳ ᠦ᠋ᠨ ᠬᠤᠷᠠᠯ》 ᠭᠡᠳᠡᠭ ᠨᠢ ᠬᠤᠰᠢᠭᠤᠨ ᠤ᠋ ᠱᠠᠩ ᠶᠠᠮᠤᠨ ᠤ᠋ ᠲᠦᠰᠢᠮᠡᠳ ᠢ᠋ ᠪᠠᠭᠲᠠᠭᠠᠵᠤ ᠠᠷᠪᠠᠨ ᠬᠡᠳᠦᠨ ᠦᠶ᠎ᠡ ᠵᠠᠰᠠᠭ ᠵᠠᠯᠭᠠᠮᠵᠢᠯᠠᠭᠰᠠᠨ ᠤᠷᠲᠤ ᠤᠳᠠᠭᠠᠨ ᠲᠡᠦᠬᠡ ᠲᠡᠢ ᠦᠦᠰᠢᠨ ᠨᠣᠶᠠᠨ᠂ ᠠᠷᠠᠳ ᠲᠦᠮᠡᠨ ᠦ᠌ ᠠᠷᠠᠳᠴᠢᠯᠠᠯᠲᠤ ᠬᠥᠳᠡᠯᠭᠡᠭᠡᠨ ᠳ᠋ᠦ᠍ ᠡᠢᠮᠦ ᠪᠤᠶᠤ ᠲᠡᠢᠮᠦ ᠳᠠᠷᠤᠯᠲᠠ ᠦᠵᠡᠭᠦᠯᠦᠭᠰᠡᠨ ᠢ᠋ ᠣᠭᠲᠣ ᠨᠡᠬᠡᠮᠵᠢᠯᠡᠬᠦ ᠦᠭᠡᠢ ᠪᠡᠷ ᠪᠦᠯᠬᠦᠮᠳᠡᠬᠦ ᠣᠪᠣᠷ ᠢ᠋ᠶ᠋ᠠᠷ ᠨᠢᠭᠡᠳᠦᠮᠡᠯ ᠹᠷᠣᠨᠲ ᠤ᠋ᠨ ᠪᠣᠳᠣᠯᠭ᠎ᠠ ᠪᠠᠷ ᠬᠠᠨᠳᠤᠭᠰᠠᠨ ᠶᠠᠪᠤᠳᠠᠯ ᠪᠣᠯᠤᠨ᠎ᠠ᠃ ᠭᠡᠪᠡᠴᠦ ᠦᠦᠰᠢᠨ ᠪᠡᠢᠯᠡ ᠨᠣᠶᠠᠨ ᠲᠡᠭᠦᠰᠠᠠᠮᠤᠭᠤᠯᠠᠩ 1927 ᠣᠨ ᠤ᠋11 ᠰᠠᠷ᠎ᠠ ᠶ᠋ᠢᠨ12 ᠤ᠋ ᠰᠥᠨᠢ ᠨᠢᠭᠡ ᠪᠦᠯᠦᠭ ᠬᠥᠮᠦᠰ ᠢ᠋ᠶ᠋ᠡᠨ ᠳᠠᠭᠠᠭᠤᠯᠤᠨ ᠱᠠᠨᠰᠢ ᠶ᠋ᠢᠨ ᠲᠡᠮᠡᠭᠡᠲᠦ ᠬᠣᠲᠠ ᠳ᠋ᠤ᠌ ᠳᠤᠲᠠᠭᠠᠨ ᠬᠦᠷᠴᠦ ᠵᠢᠩ ᠶᠤᠸᠠᠢ ᠰᠢᠦ ᠶ᠋ᠢᠨ ᠴᠡᠷᠢᠭ ᠲᠡᠢ ᠬᠠᠮᠲᠤᠷᠠᠵᠤ ᠳᠠᠢᠰᠤᠩᠨᠠᠬᠤ ᠣᠪᠣᠷ ᠠᠪᠤᠭᠰᠠᠨ ᠨᠢ ᠲᠤᠩ ᠬᠠᠷᠠᠮᠰᠠᠯᠲᠠᠢ᠃ 
       ᠢᠩᠭᠢᠭᠡᠳ ᠦᠦᠰᠢᠨ ᠪᠡᠢᠯᠡ ᠨᠣᠶᠠᠨ ᠳᠤᠲᠠᠭᠠᠭᠰᠠᠨ ᠪᠣᠯᠪᠠᠴᠤ ᠬᠣᠵᠢᠮ ᠤ᠋ᠨ ᠭᠤᠷᠪᠠᠨ ᠡᠲᠡᠭᠡᠳ ᠦ᠋ᠨ ᠬᠤᠷᠠᠯᠳᠤᠭᠠᠨ ᠳ᠋ᠤ᠌ ᠪᠠᠷᠠᠭᠤᠨ ᠱᠠᠩ ᠤ᠋ᠨ ᠬᠦᠩ ᠨᠣᠶᠠᠨ ᠴᠣᠭᠲᠤᠸᠴᠢᠷ᠂ ᠬᠣᠰᠢᠭᠤ ᠵᠠᠬᠢᠷᠤᠭᠴᠢ ᠨᠠᠰᠤᠨᠪᠠᠲᠦ ᠠᠮᠪᠠᠨ ᠵᠡᠷᠭᠡ ᠬᠣᠰᠢᠭᠤ ᠲᠠᠮᠠᠭ᠎ᠠ ᠶ᠋ᠢᠨ ᠵᠢᠩᠬᠢᠨ ᠨᠦ᠍ᠭᠦᠳ ᠣᠷᠣᠯᠴᠠᠵᠤ ᠬᠤᠰᠢᠭᠤᠨ ᠤ᠋ ᠶᠡᠬᠡ ᠶᠡᠬᠡ ᠤᠴᠢᠷ ᠶᠠᠪᠤᠳᠠᠯ ᠢ᠋ ᠬᠠᠮᠲᠤ ᠪᠠᠷ ᠵᠥᠪᠯᠡᠨ ᠰᠤᠳᠤᠯᠵᠤ ᠶᠠᠷᠢᠯᠴᠠᠨ ᠲᠣᠭᠲᠠᠭᠠᠳᠠᠭ ᠪᠣᠯᠵᠠᠢ᠃ ᠢᠩᠭᠢᠵᠦ ᠰᠢᠨᠠᠯᠠᠮ᠎ᠠ ᠨᠠᠮ ᠵᠠᠰᠠᠭ ᠴᠡᠷᠢᠭ ᠦ᠋ᠨ ᠡᠷᠬᠡ ᠶ᠋ᠢ ᠪᠠᠳᠠᠷᠠᠭᠤᠯᠵᠤ᠂ ᠵᠣᠷᠢᠭᠰᠠᠨ ᠵᠣᠷᠢᠯᠭ᠎ᠠ ᠳ᠋ᠠᠭᠠᠨ ᠬᠦᠷᠴᠦ ᠴᠢᠳᠠᠭᠰᠠᠨ ᠠ᠋ᠴᠠ ᠲᠡᠦᠬᠡᠲᠦ ᠠᠴᠢ ᠬᠣᠯᠪᠣᠭᠳᠠᠯ ᠲᠠᠢ ᠠᠩᠬᠠᠨ ᠤ᠋ ᠨᠢᠭᠡᠨ ᠬᠤᠷᠠᠯ ᠪᠣᠯᠤᠭᠰᠠᠨ ᠶᠤᠮ᠃  

       ᠦᠰᠦᠭ ᠠᠮᠢᠯᠠᠭᠤᠯᠤᠭᠴᠢ᠄ ᠪᠠᠯ᠂ ᠴᠣᠯᠮᠣᠨᠭᠡᠷᠡᠯ᠂ ᠣᠶᠤᠨᠪᠠᠲᠤ᠂ ᠣᠶᠤᠨᠪᠢᠯᠢᠭ᠌  
          ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ