ᠡᠬᠡ ᠣᠷᠣᠨ ᠢ᠋ᠶ᠋ᠠᠨ ᠪᠢᠳᠡ ᠦᠷ᠎ᠡ ᠠᠴᠢ ᠳ᠋ᠠᠭᠠᠨ ᠬᠦᠯᠢᠶᠡᠯᠭᠡᠵᠦ ᠥᠭᠭᠦᠨ᠎ᠡ - ᠸᠴᠢᠷᠪᠠᠲᠤ ᠶ᠋ᠢᠨ ᠳᠠᠰᠢᠪᠠᠯᠪᠠᠷЭг орноо бид үр ачдаа хүлээлгэж өгнө-Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠣᠷᠣᠨ ᠢ᠋ᠶ᠋ᠠᠨ ᠪᠢᠳᠡ ᠦᠷ᠎ᠡ ᠠᠴᠢ ᠳ᠋ᠠᠭᠠᠨ ᠬᠦᠯᠢᠶᠡᠯᠭᠡᠵᠦ ᠥᠭᠭᠦᠨ᠎ᠡ - ᠸᠴᠢᠷᠪᠠᠲᠤ ᠶ᠋ᠢᠨ ᠳᠠᠰᠢᠪᠠᠯᠪᠠᠷЭг орноо бид үр ачдаа хүлээлгэж өгнө-Очирбатын Дашбалбар

ᠡᠬᠡ ᠣᠷᠣᠨ ᠢ᠋ᠶ᠋ᠠᠨ ᠪᠢᠳᠡ ᠦᠷ᠎ᠡ ᠠᠴᠢ ᠳ᠋ᠠᠭᠠᠨ ᠬᠦᠯᠢᠶᠡᠯᠭᠡᠵᠦ ᠥᠭᠭᠦᠨ᠎ᠡ - ᠸᠴᠢᠷᠪᠠᠲᠤ ᠶ᠋ᠢᠨ ᠳᠠᠰᠢᠪᠠᠯᠪᠠᠷЭг орноо бид үр ачдаа хүлээлгэж өгнө-Очирбатын Дашбалбар

2025-10-25

45

ᠡᠬᠡ ᠣᠷᠣᠨ ᠢ᠋ᠶ᠋ᠠᠨ ᠪᠢᠳᠡ ᠦᠷ᠎ᠡ ᠠᠴᠢ ᠳ᠋ᠠᠭᠠᠨ ᠬᠦᠯᠢᠶᠡᠯᠭᠡᠵᠦ ᠥᠭᠭᠦᠨ᠎ᠡ

       ᠸᠴᠢᠷᠪᠠᠲᠤ ᠶ᠋ᠢᠨ ᠳᠠᠰᠢᠪᠠᠯᠪᠠᠷ 
ᠡᠪᠦᠭᠡ ᠳᠡᠭᠡᠳᠦᠰ ᠡᠴᠡ ᠪᠡᠨ ᠪᠢᠳᠡ ᠡᠬᠡ ᠣᠷᠣᠨ ᠢ᠋ᠶ᠋ᠠᠨ ᠬᠦᠯᠢᠶᠡᠵᠦ ᠠᠪᠤᠭᠰᠠᠨ᠂
ᠦᠷ᠎ᠡ ᠠᠴᠢ ᠳ᠋ᠠᠭᠠᠨ ᠴᠤ᠌ ᠬᠦᠯᠢᠶᠡᠯᠭᠡᠵᠦ ᠥᠭᠭᠦᠨ᠎ᠡ!
ᠲᠤᠭ ᠰᠦᠯᠳᠡ ᠲᠤᠰᠠᠭᠠᠷ ᠲᠣᠭᠲᠠᠨᠢᠯ ᠲᠤᠯᠭ᠎ᠠ ᠶ᠋ᠢᠨ ᠭᠤᠷᠪᠠᠨ ᠴᠢᠯᠠᠭᠤ
ᠲᠤᠯᠤᠭᠰᠠᠨ ᠭᠠᠯ ᠭᠣᠯᠣᠮᠲᠠ ᠪᠠᠨ 
ᠡᠪᠦᠭᠡ ᠳᠡᠭᠡᠳᠦᠰ ᠡᠴᠡ ᠪᠡᠨ ᠪᠢᠳᠡ ᠡᠬᠡ ᠣᠷᠣᠨ ᠢ᠋ᠶ᠋ᠠᠨ ᠬᠦᠯᠢᠶᠡᠵᠦ ᠠᠪᠤᠭᠰᠠᠨ!
ᠦᠷ᠎ᠡ ᠠᠴᠢ ᠳ᠋ᠠᠭᠠᠨ ᠴᠦ᠍ ᠬᠦᠯᠢᠶᠡᠯᠭᠡᠵᠦ ᠥᠭᠭᠦᠨ᠎ᠡ᠃

ᠠᠯᠲᠠᠢ ᠬᠠᠩᠭᠠᠢ᠂ ᠭᠣᠪᠢ᠂ ᠲᠠᠯ᠎ᠠ ᠪᠠᠨ ᠴᠢᠯᠠᠭᠤ ᠪᠦᠬᠦᠨ ᠲᠡᠢ ᠨᠢ
ᠡᠪᠡᠰᠦ᠂ ᠨᠣᠭᠣᠭ᠎ᠠ᠂ ᠰᠢᠷᠣᠢ ᠶ᠋ᠢᠨ ᠬᠢᠨᠢ ᠰᠢᠷᠬᠡᠭ ᠪᠦᠬᠦᠨ ᠲᠡᠢ᠂
ᠠᠯᠲᠠᠨ ᠨᠠᠷᠠ᠂ ᠮᠥᠩᠭᠥᠨ ᠰᠠᠷᠠ ᠶ᠋ᠢ ᠲᠣᠭᠠᠯᠠᠬᠤ ᠶ᠋ᠢᠨ ᠠᠷᠭ᠎ᠠ ᠦᠭᠡᠢ ᠣᠳᠣᠨ ᠮᠡᠴᠢᠳ ᠲᠡᠢ ᠨᠢ
ᠬᠥᠪᠰᠥᠭᠥᠯ᠂ ᠡᠪᠡᠰᠦ᠂ ᠪᠤᠢᠷ ᠢ᠋ ᠤᠰᠤᠨ ᠤ᠋ ᠬᠢᠨᠢ ᠳᠤᠰᠤᠯ᠂ ᠵᠢᠭᠠᠰᠤ ᠪᠦᠬᠦᠨ ᠲᠡᠢ ᠨᠢ
ᠬᠥᠭᠡᠭᠡᠴᠡᠯᠳᠦᠨ ᠨᠠᠭᠠᠳᠬᠤ ᠳᠣᠯᠭᠢᠰ ᠢ᠋ ᠨᠢ ᠬᠦᠷᠲᠡᠯ᠎ᠡ
ᠡᠪᠦᠭᠡ ᠳᠡᠭᠡᠳᠦᠰ ᠡᠴᠡ ᠪᠡᠨ ᠪᠢᠳᠡ ᠬᠦᠯᠢᠶᠡᠵᠦ ᠠᠪᠤᠭᠰᠠᠨ
ᠦᠷ᠎ᠡ ᠠᠴᠢ ᠳ᠋ᠠᠭᠠᠨ ᠴᠤ᠌ ᠬᠦᠯᠢᠶᠡᠯᠭᠡᠵᠦ ᠥᠭᠭᠦᠨ᠎ᠡ!

ᠭᠠᠵᠠᠷ ᠰᠢᠷᠣᠢ ᠭᠠᠯ ᠭᠣᠯᠣᠮᠲᠠ ᠶ᠋ᠢᠨ ᠢ᠋ᠶ᠋ᠡᠨ ᠲᠥᠯᠥᠭᠡ
ᠭᠠᠭᠴᠠ ᠪᠢᠰᠢ ᠲᠦᠮᠡ ᠲᠦᠮᠡᠨ ᠠᠮᠢ ᠪᠠᠷ ᠢ᠋ᠶ᠋ᠠᠨ ᠳ᠋ᠦᠢᠵᠦ ᠬᠠᠮᠠᠭᠠᠯᠠᠭᠰᠠᠨ!
ᠭᠠᠯᠳᠠᠨ ᠪᠣᠱᠣᠭᠲᠤ᠂ ᠸᠠᠩ ᠮᠠᠭᠰᠤᠷᠵᠠᠪ
ᠢᠯᠳᠦ ᠪᠡᠨ ᠳᠠᠯᠠᠢᠵᠤ ᠪᠣᠰᠤᠭ᠎ᠠ ᠪᠠᠷ ᠢ᠋ᠶ᠋ᠠᠨ ᠨᠥᠭᠴᠢᠭᠰᠡᠨ ᠡᠷᠡᠰ᠂
ᠢᠳᠡᠷᠬᠡᠨ ᠨᠠᠰᠤᠨ ᠳ᠋ᠤ᠌ ᠪᠠᠨ ᠮᠣᠩᠭᠣᠯ ᠢ᠋ᠶ᠋ᠠᠨ ᠠᠪᠤᠷᠠᠭᠰᠠᠨ ᠰᠦᠬᠡ
ᠲᠡᠳᠡ ᠪᠦᠭᠦᠳᠡᠭᠡᠷ ᠢ᠋ᠶ᠋ᠡᠨ ᠠᠬᠢᠵᠤ ᠣᠯᠳᠠᠬᠤ ᠦᠭᠡᠢ ᠡᠬᠡ ᠣᠷᠣᠨ ᠤ᠋ ᠪᠠᠨ
ᠡᠰ ᠰᠢᠷᠬᠡᠭ ᠪᠦᠬᠦᠨ ᠳ᠋ᠦ᠍
ᠠᠯᠲᠠᠨ ᠠᠮᠢ᠂ ᠬᠦᠰᠡᠯ ᠬᠠᠢᠷ᠎ᠠ ᠪᠠᠨ ᠰᠢᠩᠭᠡᠭᠡᠭᠰᠡᠨ ᠢ᠋!
ᠡᠬᠡ ᠣᠷᠣᠨ ᠬᠣᠢᠴᠢ ᠦᠶ᠎ᠡ ᠶ᠋ᠢᠨ ᠢ᠋ᠶ᠋ᠡᠨ ᠲᠥᠯᠥᠭᠡ
ᠡᠨᠡ ᠪᠡᠶ᠎ᠡ ᠳᠡᠭᠡᠳᠦᠰ ᠦ᠋ᠨ ᠲᠠᠩᠭᠠᠷᠢᠭ ᠢ᠋ ᠳᠠᠪᠲᠠᠨᠠᠮ᠃

ᠳᠥᠴᠢᠨ ᠨᠠᠰᠤᠨ ᠠ᠋ᠴᠠ ᠡᠬᠢᠯᠡᠭᠰᠡᠨ ᠬᠤᠪᠢᠰᠬᠠᠯ ᠤ᠋ᠨ ᠲᠡᠦᠬᠡ
ᠲᠤᠭ ᠤ᠋ᠨ ᠳᠡᠭᠡᠷᠡᠬᠢ ᠡᠷᠲᠡᠨ ᠦ᠌ ᠪᠢᠴᠢᠭᠡᠰᠦ᠂ ᠰᠦᠬᠡᠪᠠᠭᠠᠲᠤᠷ ᠤ᠋ᠨ ᠭᠡᠷᠢᠶᠡᠰ ᠲᠡᠢ
ᠭᠤᠴᠢ ᠶᠢᠰᠦ᠂ ᠳᠥᠴᠢᠨ ᠲᠠᠪᠤᠨ ᠣᠨ ᠤ᠋
ᠭᠤᠢᠪᠢᠵᠤ ᠳᠠᠢᠪᠠᠭ᠎ᠠ ᠦᠭᠡᠢ ᠢᠯᠠᠯᠲᠠ ᠶ᠋ᠢᠨ ᠭᠡᠷᠡᠴᠢ ᠲᠡᠢ
ᠡᠬᠡ ᠣᠷᠣᠨ ᠢ᠋ᠶ᠋ᠠᠨ ᠪᠢᠳᠡ ᠡᠪᠦᠭᠡ ᠳᠡᠭᠡᠳᠦᠰ ᠡᠴᠡ ᠪᠡᠨ ᠬᠦᠯᠢᠶᠡᠵᠦ ᠠᠪᠤᠭᠰᠠᠨ᠂
ᠦᠷ᠎ᠡ ᠠᠴᠢ ᠳ᠋ᠠᠭᠠᠨ ᠴᠤ᠌ ᠬᠦᠯᠢᠶᠡᠯᠭᠡᠵᠦ ᠥᠭᠭᠦᠨ᠎ᠡ᠃  
ᠰᠣᠶᠣᠮᠪᠣᠲᠤ ᠲᠤᠭ ᠢ᠋ᠶ᠋ᠠᠨ ᠭᠤᠷᠪᠠᠨ ᠵᠠᠭᠤᠨ ᠤ᠋ ᠲᠡᠷᠲᠡᠭᠡ ᠡᠴᠡ ᠪᠢᠳᠡᠨ ᠳ᠋ᠦ᠍ ᠪᠡᠨ ᠢᠷᠡᠭᠦᠯᠦᠭᠰᠡᠨ
ᠴᠣᠭᠲᠤ ᠬᠣᠩ ᠲᠠᠢᠵᠢ ᠶ᠋ᠢ ᠴᠦ᠍
ᠰᠣᠳᠣ ᠤᠬᠠᠭᠠᠨ ᠢ᠋ᠶ᠋ᠠᠨ( ᠬᠥᠬᠡ ᠰᠤᠳᠤᠷ) ᠲᠤ᠌ ᠪᠠᠨ ᠦᠯᠡᠳᠡᠭᠡᠵᠦ᠂ ᠬᠣᠢᠴᠢ ᠦᠶ᠎ᠡ ᠳ᠋ᠡᠭᠡᠨ ᠢᠯᠡᠭᠡᠭᠰᠡᠨ
ᠰᠤᠤ ᠪᠢᠯᠢᠭᠲᠦ ᠢᠨᠵᠠᠨᠨᠠᠰᠢ ᠴᠤ᠌᠂
ᠡᠪᠦᠭᠡ ᠳᠡᠭᠡᠳᠦᠰ ᠡᠴᠡ ᠪᠡᠨ ᠪᠢᠳᠡ ᠬᠦᠯᠢᠶᠡᠵᠦ ᠠᠪᠤᠭᠰᠠᠨ᠂
ᠦᠷ᠎ᠡ ᠠᠴᠢ ᠳ᠋ᠠᠭᠠᠨ ᠴᠤ᠌ ᠬᠦᠯᠢᠶᠡᠯᠭᠡᠵᠦ ᠥᠭᠭᠦᠨ᠎ᠡ!

ᠠᠭᠤᠯᠠᠰ ᠢ᠋ ᠥᠨᠳᠡᠯᠵᠡᠭᠦᠯᠵᠦ᠂ ᠤᠰᠤ ᠭᠣᠣᠯ ᠢ᠋ ᠮᠡᠯᠮᠡᠯᠵᠡᠭᠦᠯᠬᠦ
ᠤᠶᠠᠬᠠᠨ ᠬᠣᠶᠠᠷ ᠴᠢᠪᠬᠠᠳᠠᠰᠤᠲᠤ ᠮᠣᠷᠢᠨ ᠬᠤᠭᠤᠷ᠂ ᠤᠷᠲᠤᠬᠠᠨ ᠠᠶᠠᠯᠭᠤᠲᠤ ᠳᠠᠭᠤᠤ
ᠤᠬᠠᠭᠠᠨᠲᠤ ᠠᠷᠠᠳ ᠤ᠋ᠨ ᠢ᠋ᠶ᠋ᠠᠨ ᠢᠷᠠᠭᠤᠬᠠᠨ ᠠᠯᠳᠠᠷ ᠮᠣᠩᠭᠣᠯ ᠬᠡᠮᠡᠬᠦ ᠨᠡᠷ᠎ᠡ ᠪᠡᠨ
ᠰᠠᠨᠰᠠᠷ ᠲᠤ᠌ ᠨᠢᠰᠦᠭᠰᠡᠨ ᠭᠠᠪᠢᠶ᠎ᠠ ᠲᠠᠢ ᠨᠢ᠂ ᠠᠲᠠᠷ ᠬᠠᠭᠠᠯᠤᠭᠰᠠᠨ ᠲᠡᠦᠬᠡ ᠲᠡᠢ ᠨᠢ᠂
ᠰᠠᠢᠬᠠᠨ ᠪᠦᠬᠦᠨ ᠢ᠋ ᠨᠡᠮᠡᠵᠦ ᠪᠦᠲᠦᠭᠡᠭᠰᠡᠨ ᠲᠡᠢ ᠪᠡᠨ
ᠤᠷᠤᠭ ᠡᠯᠢᠭᠡᠨ ᠢ᠋ᠶ᠋ᠡᠨ ᠤᠯᠠᠮ ᠣᠯᠠᠨ ᠪᠣᠯᠭᠠᠵᠤ᠂
ᠤᠰᠤ ᠨᠤᠲᠤᠭ ᠢ᠋ᠶ᠋ᠠᠨ ᠤᠯᠠᠮ ᠰᠠᠢᠬᠠᠨ ᠪᠣᠯᠭᠠᠵᠤ᠂
ᠲᠩᠷᠢ ᠪᠡᠨ ᠴᠡᠯᠮᠡᠭ᠂ ᠨᠠᠷᠠ ᠪᠠᠨ ᠲᠤᠩᠭᠠᠯᠠᠭ ᠬᠦᠯᠢᠶᠡᠯᠭᠡᠵᠦ ᠥᠭᠭᠦᠨ᠎ᠡ!
ᠡᠪᠦᠭᠡ ᠳᠡᠭᠡᠳᠦᠰ ᠡᠴᠡ ᠪᠡᠨ ᠬᠦᠯᠢᠶᠡᠵᠦ ᠠᠪᠤᠭᠰᠠᠨ ᠡᠬᠡ ᠣᠷᠣᠨ ᠰᠢᠦ!
                  ᠦᠷ᠎ᠡ ᠠᠴᠢ ᠮᠢᠨᠢ ᠠ᠋!

  ᠦᠰᠦᠭ ᠠᠮᠢᠯᠠᠭᠤᠯᠤᠭᠴᠢ᠄ ᠪᠠᠢ·ᠰᠠᠷᠠᠨ᠎ᠠ
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ᠄ ᠣᠳᠬᠠᠨᠰᠤ᠎ᠠ᠂ ᠰᠣᠨᠢᠨᠪᠠᠶᠠᠷ