ᠠᠷᠢᠬᠢ ᠪᠣᠯ ᠴᠢᠳᠬᠥᠷ-ᠱ᠂ᠰᠠᠷᠠᠨᠭᠡᠷᠡᠯArkhi bol chötgör -Sh,SarangerelАрхи бол чөтгөр-Ш,Сарангэрэл
ᠠᠷᠢᠬᠢ ᠪᠣᠯ ᠴᠢᠳᠬᠥᠷ
ᠱ᠂ᠰᠠᠷᠠᠨᠭᠡᠷᠡᠯ ᠵᠣᠬᠢᠶᠠᠪᠠ
ᠤᠶᠠᠩᠭᠠᠯᠠᠭᠴᠢ᠄ ᠱ᠂ᠰᠠᠷᠠᠨᠭᠡᠷᠡᠯ
ᠠᠷᠢᠬᠢ ᠭᠡᠳᠡᠭ ᠠᠳᠠ ᠶ᠋ᠢᠨ ᠴᠢᠳᠬᠥᠷ
ᠠᠮᠢ ᠲᠠᠢ ᠬᠡᠯᠡᠯᠴᠡᠬᠦ ᠰᠡᠭ ᠦ᠋ᠨ ᠴᠢᠳᠬᠥᠷ
ᠠᠯᠠᠯᠳᠤᠭᠠᠨ ᠡᠭᠦᠰᠬᠡᠬᠦ ᠠᠮᠢᠳᠤ ᠴᠢᠳᠬᠥᠷ
ᠠᠮᠠ ᠪᠤᠯᠢᠶᠠᠯᠴᠠᠭᠤᠯᠬᠤ ᠠᠯᠪᠠᠨ ᠴᠢᠳᠬᠥᠷ
ᠪᠠᠶᠠᠷᠯᠠᠭᠤᠯᠵᠤ ᠬᠥᠭᠰᠡᠭᠦᠯᠬᠦ ᠪᠠᠯᠲᠤ ᠴᠢᠳᠬᠥᠷ
ᠪᠠᠢᠳᠠᠭ ᠢ᠋ ᠨᠢ ᠮᠠᠷᠲᠠᠭᠤᠯᠬᠤ ᠪᠠᠯᠠᠢ ᠴᠢᠳᠬᠥᠷ
ᠪᠠᠷᠲᠠᠭ ᠬᠠᠷᠠᠭᠳᠠᠭᠤᠯᠬᠤ ᠭᠣᠳ ᠴᠢᠳᠬᠥᠷ
ᠪᠠᠷᠢᠮᠵᠢᠶ᠎ᠠ ᠠᠯᠳᠠᠭᠤᠯᠬᠤ ᠯᠦᠳ᠋ ᠴᠢᠳᠬᠥᠷ
ᠲᠡᠨᠡᠭ ᠪᠣᠯᠭᠠᠬᠤ ᠲᠡᠭᠡᠭᠡᠷ᠎ᠡ ᠲᠡᠢ ᠴᠢᠳᠬᠥᠷ
ᠲᠡᠩᠬᠡᠭᠡ ᠰᠢᠯᠭᠠᠬᠤ ᠬᠢᠨᠠᠭᠤᠷ ᠴᠢᠳᠬᠥᠷ
ᠲᠡᠪᠡᠨᠡ ᠰᠢᠭ ᠡᠪᠡᠳᠦᠭᠦᠯᠬᠦ ᠬᠣᠣᠷᠲᠤ ᠴᠢᠳᠬᠥᠷ
ᠲᠡᠭᠡᠭᠡᠰᠢ ᠳᠠᠭᠠᠭᠤᠯᠤᠭᠰᠠᠨ ᠤᠷᠰᠢᠭᠲᠤ ᠴᠢᠳᠬᠥᠷ
ᠰᠠᠭᠠᠳ ᠲᠠᠷᠢᠬᠤ ᠰᠠᠮᠪᠠᠭᠠᠲᠤ ᠴᠢᠳᠬᠥᠷ
ᠰᠠᠮᠠᠭᠤᠨ ᠪᠣᠯᠭᠠᠬᠤ ᠭᠠᠯᠵᠠᠭᠤ ᠴᠢᠳᠬᠥᠷ
ᠰᠠᠷᠬᠢᠶ᠎ᠠ ᠤᠷᠢᠯᠠᠭᠤᠯᠬᠤ ᠥᠲᠡᠭᠡᠭᠴᠢ ᠴᠢᠳᠬᠥᠷ
ᠰᠠᠢᠬᠠᠨ ᠢ᠋ ᠲᠣᠩᠭᠣᠷᠠᠭᠤᠯᠬᠤ ᠨᠣᠪᠰᠢ ᠴᠢᠳᠬᠥᠷ
ᠬᠠᠷᠠᠭ᠎ᠠ ᠪᠠᠯᠠᠯᠬᠤ ᠬᠠᠷ᠎ᠠ ᠲᠠᠢ ᠴᠢᠳᠬᠥᠷ
ᠬᠠᠢᠷ᠎ᠠ ᠶ᠋ᠢ ᠪᠤᠰᠠᠨᠢᠭᠤᠯᠬᠤ ᠬᠠᠷᠰᠢᠯᠳᠤ ᠴᠢᠳᠬᠥᠷ
ᠬᠠᠮᠤᠭ ᠢ᠋ ᠪᠤᠯᠠᠰᠢᠯᠠᠬᠤ ᠲᠣᠭᠰᠢᠨ ᠴᠢᠳᠬᠥᠷ
ᠬᠠᠭᠠᠴᠠᠯ ᠳ᠋ᠤ᠌ ᠬᠦᠷᠭᠡᠬᠦ ᠰᠦᠢᠳᠬᠡᠭᠴᠢ ᠴᠢᠳᠬᠥᠷ
ᠵᠣᠷᠢᠭ ᠨᠡᠮᠡᠭᠳᠡᠭᠦᠯᠬᠦ ᠵᠣᠯᠪᠢᠩ ᠴᠢᠳᠬᠥᠷ
ᠵᠣᠪᠠᠯᠠᠩ ᠳᠠᠯᠠᠯᠬᠤ ᠰᠦᠷᠡᠬᠡᠢ ᠴᠢᠳᠬᠥᠷ
ᠵᠢᠷᠣᠭ᠎ᠠ ᠰᠤᠷᠭᠠᠬᠤ ᠵᠠᠯᠢᠲᠤ ᠴᠢᠳᠬᠥᠷ
ᠵᠢᠷᠤᠮ ᠢ᠋ ᠤᠮᠠᠷᠲᠠᠭᠤᠯᠬᠤ ᠪᠤᠭ ᠴᠢᠳᠬᠥᠷ ᠠ᠋!
ᠦᠰᠦᠭ ᠠᠮᠢᠯᠠᠭᠤᠯᠤᠭᠴᠢ᠄ ᠵᠢᠩᠯᠢᠬᠤᠸᠠᠷ
ᠦᠰᠦᠭ ᠬᠠᠳᠠᠭᠴᠢ᠄ ᠠᠯᠳᠠᠨᠴᠢᠮᠡᠭ
ᠬᠢᠨᠠᠭᠴᠢ᠄ ᠭᠦᠩᠭᠠᠷ
