ᠠᠮᠵᠢᠯᠲᠠ ᠵᠢᠨ ᠨᠢᠭᠤᠴᠠ ᠡᠬᠢᠯᠡᠯ ᠳ᠋ᠦ᠍ ᠪᠡᠨ ᠪᠠᠢᠳᠠᠭ᠃ ᠲᠠᠨ ᠳ᠋ᠦ᠍ ᠠᠮᠵᠢᠯᠲᠠ ᠬᠦᠰᠡᠶ᠎ᠡ᠃
ᠠᠮᠠᠷᠠᠯᠲᠤ ᠬᠦᠵᠢ
ᠲᠤᠰ ᠡᠮ ᠪᠣᠯ ᠠᠮᠠᠷᠠᠯᠲᠤ ᠭᠦᠵᠢᠨ ᠮᠣᠳᠣᠨ ᠤ᠋ ᠢᠵᠠᠭᠤᠷ ᠤ᠋ᠨ ᠤᠷᠭᠤᠮᠠᠯ ᠪᠣᠯᠬᠤ ᠰᠢᠶᠠᠨ ᠯᠦᠸᠧ ᠠᠮᠠᠷᠠᠯᠲᠤ ᠬᠦᠵᠢᠨ ᠮᠣᠳᠣ ᠶ᠋ᠢᠨ ᠬᠠᠲᠠᠭᠠᠭᠰᠠᠨ ᠳᠠᠪᠠᠷᠬᠠᠢ ᠮᠥᠨ᠃
[ ᠤᠤᠯ ᠤᠷᠭᠤᠮᠠᠯ] ᠲᠤᠷᠤᠭ ᠮᠣᠳᠣ᠂6~30m ᠥᠨᠳᠥᠷ᠂ ᠨᠠᠪᠴᠢ ᠨᠢ ᠴᠤᠪᠤᠷᠠᠨ ᠤᠷᠭᠤᠨ᠎ᠠ᠃ ᠴᠠᠭᠠᠰᠤᠯᠢᠭ ᠠ᠋ᠴᠠ ᠨᠢᠮᠭᠡᠨ ᠰᠠᠷᠢᠰᠤᠯᠢᠭ᠂ ᠵᠤᠤᠪᠠᠩ ᠪᠤᠶᠤ ᠤᠷᠲᠤᠯᠵᠢᠨ ᠲᠣᠭᠣᠷᠢᠭ ᠰᠢᠭ᠋ ᠵᠤᠤᠪᠠᠩ ᠬᠡᠯᠪᠡᠷᠢ ᠲᠡᠢ᠂5~18cm ᠤᠷᠲᠤ᠂4~10cm ᠥᠷᠭᠡᠨ᠂ ᠪᠦᠲᠦᠨ ᠬᠥᠪᠡᠭᠡ ᠲᠡᠢ᠂ ᠨᠠᠪᠴᠢᠨ ᠤ᠋ ᠠᠷᠤ ᠳ᠋ᠤᠨᠢ ᠪᠤᠭᠤᠷᠤᠯ ᠣᠳᠣᠯᠢᠭ ᠨᠣᠣᠯᠣᠭᠤᠷ ᠦᠰᠦ ᠲᠡᠢ᠃ ᠴᠡᠴᠡᠭ ᠨᠢ ᠴᠠᠭᠠᠨ᠂12~25mm ᠤᠷᠲᠤ᠂ ᠳᠣᠣᠷ᠎ᠠ ᠬᠡᠰᠡᠭ ᠦ᠋ᠨ ᠴᠠᠴᠤᠭ ᠬᠡᠯᠪᠡᠷᠢᠲᠦ ᠪᠠᠭ ᠴᠡᠴᠡᠭ ᠨᠢ ᠨᠡᠯᠢᠶᠡᠳ ᠣᠬᠣᠷ᠂ ᠣᠷᠣᠢ ᠳ᠋ᠠᠬᠢ ᠱᠣᠷᠣᠯᠵᠢᠨ ᠪᠠᠭ ᠴᠡᠴᠡᠭ ᠨᠢ ᠨᠡᠯᠢᠶᠡᠳ ᠲᠣᠮᠣ᠂3~10cm ᠤᠷᠲᠤ ᠪᠤᠶᠤ ᠨᠡᠩ ᠤᠷᠲᠤ᠂ ᠴᠡᠴᠡᠭ ᠦ᠋ᠨ ᠳᠡᠯᠪᠢ ᠨᠢ5 ᠰᠡᠵᠢᠭᠦᠷ ᠢᠯᠲᠠᠰᠤ ᠲᠠᠢ᠂10~16mm ᠤᠷᠲᠤ᠂ ᠴᠡᠴᠡᠭ ᠦ᠋ᠨ ᠴᠣᠮᠣᠷᠯᠢᠭ ᠨᠢ ᠸᠠᠭᠠᠷᠯᠠᠨ ᠪᠠᠢᠷᠢᠯᠠᠨ᠎ᠠ᠃ ᠵᠢᠮᠢᠰ ᠨᠢ ᠪᠥᠮᠪᠥᠭᠡᠯᠢᠭ᠂10~12mm ᠤᠷᠲᠤ᠃ ᠥᠨᠳᠡᠭᠡᠯᠵᠢᠨ ᠦᠷ᠎ᠡ ᠲᠡᠢ᠂ ᠭᠠᠳᠠᠷ ᠨᠢ ᠨᠢᠭ ᠰᠢᠷᠦᠭᠦᠨ ᠵᠢᠵᠢᠭ ᠦᠰᠦ ᠲᠡᠢ ᠪᠤᠶᠤ ᠵᠢᠵᠢᠭ ᠦ ᠰᠢᠭ ᠳᠣᠪᠣᠭᠣᠷ᠃4~6 ᠳ᠋ᠤᠭᠠᠷ ᠰᠠᠷ᠎ᠠ ᠳ᠋ᠤ᠌ ᠴᠡᠴᠡᠭᠯᠡᠵᠦ᠂8~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠳᠤᠯᠠᠭᠠᠨ᠂ ᠴᠢᠭᠢᠭᠯᠢᠭ ᠠᠭᠤᠯᠠ ᠶ᠋ᠢᠨ ᠬᠠᠵᠠᠭᠤ ᠪᠤᠶᠤ ᠠᠭᠤᠯᠠ ᠶ᠋ᠢᠨ ᠭᠣᠣ᠂ ᠲᠠᠷᠠᠮᠠᠭ ᠣᠢ ᠪᠤᠶᠤ ᠣᠢ ᠶ᠋ᠢᠨ ᠬᠥᠪᠡᠭᠡ ᠪᠡᠷ ᠤᠷᠭᠤᠨ᠎ᠠ᠃ ᠶᠦᠨᠨᠠᠨ᠂ ᠭᠦᠢᠵᠧᠦ᠂ ᠭᠤᠸᠠᠩᠰᠢ᠂ ᠭᠣᠸᠠᠩᠳᠥ᠋ᠩ᠂ ᠹᠦᠵᠢᠶᠠᠨ᠂ ᠬᠤᠨᠠᠨ᠂ ᠵᠢᠶᠠᠩᠰᠢ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠤ᠋ᠨ ᠤᠯᠠᠷᠢᠯ ᠳ᠋ᠤ᠌5~10 ᠵᠢᠯ ᠤᠷᠭᠤᠭᠰᠠᠨ ᠮᠣᠳᠣ ᠶ᠋ᠢ ᠰᠣᠩᠭᠣᠵᠤ᠂ ᠲᠣᠭᠣᠷᠢᠭᠤᠯᠤᠭᠠᠳ ᠢᠵᠢᠯ ᠵᠠᠢ ᠲᠠᠢ ᠰᠢᠯᠤᠭᠤᠨ ᠬᠠᠵᠠᠭᠠᠢ ᠰᠢᠷᠬ᠎ᠠ ᠣᠯᠠᠨ ᠣᠭᠲᠣᠯᠤᠨ ᠭᠠᠷᠭᠠᠵᠤ᠂ ᠭᠠᠷᠠᠭ ᠤ᠋ᠨ ᠳᠠᠷᠠᠭ᠎ᠠ ᠰᠢᠷ᠎ᠠ ᠥᠩᠭᠡ ᠲᠡᠢ ᠳᠠᠪᠠᠷᠬᠠᠢ ᠭᠠᠷᠤᠭᠰᠠᠨ ᠢ᠋ ᠨᠢ ᠴᠤᠭᠯᠠᠭᠤᠯᠵᠤ ᠴᠠᠭᠠᠨ ᠥᠩᠭᠡ ᠲᠡᠢ ᠳᠠᠪᠠᠷᠬᠠᠢ ᠶ᠋ᠢ ᠨᠢ ᠬᠠᠲᠠᠭᠰᠠᠨ ᠤ᠋ ᠬᠣᠢᠨ᠎ᠠ ᠠᠪᠤᠨ᠎ᠠ᠃ ᠵᠣᠬᠢᠬᠤ ᠬᠤᠭᠤᠴᠠᠭ᠎ᠠ ᠪᠣᠯᠤᠭᠰᠠᠨ ᠤ᠋ ᠬᠣᠢᠨ᠎ᠠ ᠰᠢᠷᠬᠠᠨ ᠠ᠋ᠴᠠ ᠳᠡᠭᠡᠭᠰᠢ4 ᠰᠡᠨᠲ᠋ᠢᠮᠧᠲ᠋ᠷ ᠲᠤ ᠳᠠᠬᠢᠨ ᠰᠢᠷᠬ᠎ᠠ ᠣᠷᠣᠭᠤᠯᠵᠤ ᠠᠪᠤᠨ᠎ᠠ᠃ ᠬᠠᠮᠤᠭ ᠡᠮᠦᠨ᠎ᠡ ᠤᠷᠤᠰᠤᠨ ᠭᠠᠷᠤᠭᠰᠠᠨ ᠮᠥᠷᠲᠡᠭᠡᠨ ᠡᠭᠡᠳᠡᠭᠰᠡᠨ ᠨᠢ ᠴᠢᠨᠠᠷ ᠰᠠᠢᠲᠠᠢ ᠪᠠᠢᠳᠠᠭ᠃
[ ᠠᠮᠲᠠ᠂ ᠴᠢᠨᠠᠷ᠂ ᠡᠷᠳᠡᠮ] ᠭᠤᠱᠤᠭᠤᠨ᠂ ᠭᠠᠰᠢᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠮᠣᠬᠣᠳᠠᠭ᠂ ᠬᠦᠨᠳᠦ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠨᠢᠶᠠᠨ ᠢ᠋ ᠨᠢᠲᠤᠯᠬᠤ᠂ ᠬᠠᠳᠬᠤᠯᠭ᠎ᠠ ᠶ᠋ᠢ ᠳᠠᠷᠤᠬᠤ᠂ ᠬᠠᠪᠤᠳᠠᠷ ᠢ᠋ ᠬᠠᠷᠢᠭᠤᠯᠬᠤ᠂ ᠰᠢᠷᠬ᠎ᠠ ᠶ᠋ᠢ ᠠᠨᠠᠭᠠᠬᠤ ᠴᠢᠳᠠᠯ ᠲᠠᠢ᠃ ᠭᠣᠣᠯᠳᠠᠭᠤ ᠲᠠᠷᠢᠬᠢᠨ ᠬᠠᠳᠬᠤᠯᠭ᠎ᠠ᠂ ᠪᠣᠳᠣ ᠡᠰᠡᠷᠭᠡᠨ᠎ᠡ᠂ ᠨᠢᠶᠠᠨ ᠰᠠᠬᠤᠤ᠂ ᠪᠣᠭᠣᠮ᠎ᠠ ᠬᠠᠪᠤᠳᠠᠷ᠂ ᠡᠯᠢᠭᠡᠨ ᠦ᠌ ᠰᠢᠨ᠎ᠡ ᠬᠠᠭᠤᠴᠢᠨ ᠬᠠᠯᠠᠭᠤᠨ᠂ ᠭᠡᠮᠲᠦᠵᠦ ᠪᠡᠷᠲᠡᠭᠰᠡᠨ ᠰᠢᠷᠬ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄安息香(越南安息香)
ᠠᠩᠭ᠌ᠯᠢ ᠨᠡᠷ᠎ᠡ᠄slyrax lonKinensis (pierre) Craib ex Hartu.
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ᠄ ᠲᠤᠶᠠᠭ᠎ᠠ
