ᠴᠠᠭᠠᠨ ᠽᠠᠨᠳᠠᠨTsagaan zandanЦагаан зандан ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠽᠠᠨᠳᠠᠨTsagaan zandanЦагаан зандан

ᠴᠠᠭᠠᠨ ᠽᠠᠨᠳᠠᠨTsagaan zandanЦагаан зандан

2025-10-24

163

ᠴᠠᠭᠠᠨ ᠽᠠᠨᠳᠠᠨ

   ᠲᠤᠰ ᠡᠮ ᠪᠣᠯ ᠽᠠᠨᠳᠠᠨ ᠤ᠋ ᠢᠵᠠᠭᠤᠷ ᠤ᠋ᠨ ᠤᠷᠭᠤᠮᠠᠯ ᠪᠣᠯᠬᠤ ᠴᠠᠭᠠᠨ ᠽᠠᠨᠳᠠᠨ ᠤ᠋ ᠬᠠᠲᠠᠭᠠᠭᠰᠠᠨ ᠡᠰᠢᠨ ᠦ᠌ ᠭᠣᠣᠯ ᠮᠥᠨ᠃ ᠪᠠᠰᠠ ᠽᠠᠨᠳᠠᠨᠭᠠᠷᠪᠤ᠂ ᠰᠠᠴᠤᠭᠽᠠᠨᠳᠠᠨ ᠭᠡᠳᠡᠭ᠃
   [ ᠤᠤᠯ ᠤᠷᠭᠤᠮᠠᠯ] ᠮᠥᠩᠬᠡ ᠬᠥᠬᠡᠷᠡᠭᠴᠢ ᠪᠠᠭᠠᠪᠲᠤᠷ ᠲᠤᠷᠤᠭ ᠮᠣᠳᠣ᠃6~9m ᠥᠨᠳᠥᠷ᠂ ᠮᠥᠯᠵᠢᠭᠦᠷ ᠦᠨᠳᠦᠰᠦ ᠲᠡᠢ᠃ ᠡᠰᠢᠨ ᠦ᠌ ᠬᠣᠯᠲᠣᠰᠣ ᠨᠢ ᠬᠦᠷᠡᠩ ᠥᠩᠭᠡ ᠲᠡᠢ᠂ ᠠᠷᠵᠠᠭᠠᠷ ᠪᠤᠶᠤ ᠭᠤᠯᠳᠤ ᠠᠩ ᠴᠠᠪᠠ ᠲᠠᠢ᠃ ᠣᠯᠠᠨ ᠰᠠᠯᠠᠭᠠᠯᠠᠨ᠎ᠠ᠃ ᠨᠢᠯᠬ᠎ᠠ ᠮᠥᠴᠢᠷ ᠨᠢ ᠭᠥᠯᠢᠭᠡᠷ᠂ ᠦᠰᠦ ᠦᠭᠡᠢ᠂ ᠨᠠᠪᠴᠢ ᠨᠢ ᠴᠢᠭᠲᠠᠯᠠᠨ ᠤᠷᠭᠤᠨ᠎ᠠ᠂ ᠰᠠᠷᠢᠰᠤᠯᠢᠭ ᠨᠠᠪᠴᠢᠨ ᠢᠯᠲᠠᠰᠤ ᠨᠢ ᠵᠣᠣᠪᠠᠩᠯᠢᠭ ᠥᠨᠳᠡᠭᠡᠯᠵᠢᠨ ᠪᠤᠶᠤ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂3.5~5cm ᠤᠷᠲᠤ᠂2~2.5cm ᠥᠷᠭᠡᠨ᠂ ᠱᠣᠪᠣᠭᠣᠷ ᠪᠤᠶᠤ ᠱᠣᠪᠣᠭᠣᠷ ᠰᠢᠭ᠋ ᠦᠵᠦᠭᠦᠷ ᠲᠡᠢ᠂ ᠱᠠᠭᠠᠨᠲᠠᠭ ᠤᠭ ᠲᠠᠢ᠂ ᠪᠦᠲᠦᠨ ᠬᠥᠪᠡᠭᠡ ᠲᠡᠢ᠂ ᠨᠠᠪᠴᠢᠨ ᠤ᠋ ᠥᠪᠥᠷ ᠨᠢ ᠨᠣᠭᠣᠭᠠᠨ᠂ ᠠᠷᠤ ᠨᠢ ᠴᠢᠯᠪᠠᠩ ᠥᠩᠭᠡ ᠲᠡᠢ᠂ ᠦᠰᠦ ᠦᠭᠡᠢ᠃ ᠨᠠᠪᠴᠢᠨ ᠪᠠᠷᠢᠭᠤᠯ ᠨᠢ0.7~1cm ᠤᠷᠲᠤ᠂ ᠭᠥᠯᠢᠭᠡᠷ᠂ ᠦᠰᠦ ᠦᠭᠡᠢ᠃ ᠨᠠᠪᠴᠢᠨ ᠤ᠋ ᠥᠪᠥᠷ ᠪᠤᠶᠤ ᠮᠥᠴᠢᠷ ᠦ᠋ᠨ ᠣᠷᠣᠢ ᠳ᠋ᠤᠨᠢ ᠭᠤᠷᠪᠠᠨ ᠰᠠᠯᠠᠭᠠᠲᠤ ᠴᠣᠮᠬᠠᠨ ᠱᠣᠷᠣᠯᠵᠢᠨ ᠪᠠᠭ ᠴᠡᠴᠡᠭ ᠳᠡᠯᠭᠡᠷᠡᠨ᠎ᠡ᠃ ᠴᠡᠴᠡᠭ ᠦ᠋ᠨ ᠪᠠᠷᠢᠭᠤᠯ ᠨᠢ ᠴᠢᠭᠲᠠᠯᠠᠨ ᠤᠷᠭᠤᠨ᠎ᠠ᠂ ᠤᠷᠲᠤ ᠨᠢ ᠪᠠᠷᠤᠭ ᠴᠡᠴᠡᠭ ᠦ᠋ᠨ ᠰᠢᠳᠠᠷ ᠤ᠋ᠨ ᠬᠣᠭᠣᠯᠠᠢ ᠲᠠᠢ ᠪᠠᠨ ᠲᠡᠩᠴᠡᠭᠦᠦ᠃ ᠣᠯᠠᠨ ᠵᠢᠵᠢᠭ ᠴᠡᠴᠡᠭ ᠲᠡᠢ᠂ ᠠᠩᠬᠠᠨ ᠳ᠋ᠠᠭᠠᠨ ᠰᠢᠷᠠᠩᠭᠤᠢ ᠥᠩᠭᠡ ᠲᠡᠢ᠂ ᠰᠡᠭᠦᠯᠡᠷ ᠨᠢ ᠵᠢᠪᠡ ᠶ᠋ᠢᠨ ᠪᠣᠷᠣ ᠥᠩᠭᠡ ᠲᠡᠢ ᠪᠣᠯᠵᠤ ᠬᠤᠪᠢᠷᠠᠳᠠᠭ᠃ ᠴᠡᠴᠡᠭ ᠦ᠋ᠨ ᠰᠢᠳᠠᠷ ᠨᠢ ᠬᠤᠩᠬ᠎ᠠ ᠬᠡᠯᠪᠡᠷᠢ ᠲᠡᠢ᠂ ᠦᠵᠦᠭᠦᠷ ᠲᠤᠨᠢ4 ᠰᠡᠵᠢᠭᠦᠷ ᠲᠡᠢ᠂ ᠰᠡᠵᠢᠭᠦᠷ ᠢᠯᠲᠠᠰᠤ ᠨᠢ ᠥᠨᠳᠡᠭᠡᠯᠵᠢᠨ ᠲᠣᠭᠣᠷᠢᠭ ᠬᠡᠯᠪᠡᠷᠢ ᠲᠡᠢ᠂ ᠦᠰᠦ ᠦᠭᠡᠢ᠂4 ᠪᠠᠯ ᠤ᠋ᠨ ᠪᠤᠯᠴᠢᠷᠬᠠᠢ ᠲᠠᠢ ᠪᠥᠭᠡᠳ ᠵᠢᠭᠠᠬᠠᠨ ᠲᠣᠭᠣᠷᠢᠭ ᠬᠡᠯᠪᠡᠷᠢ ᠲᠡᠢ ᠪᠣᠯᠳᠠᠭ᠃ ᠴᠡᠴᠡᠭ ᠦ᠋ᠨ ᠰᠢᠳᠠᠷ ᠤ᠋ᠨ ᠬᠣᠭᠣᠯᠠᠢ ᠶ᠋ᠢᠨ ᠳᠤᠮᠳᠠ ᠬᠡᠰᠡᠭ ᠲᠦ᠍ ᠴᠡᠴᠡᠭ ᠦ᠋ᠨ ᠰᠢᠳᠠᠷ ᠤ᠋ᠨ ᠬᠡᠯᠲᠡᠰ ᠲᠡᠢ ᠪᠡᠨ ᠰᠣᠯᠪᠢᠴᠠᠵᠤ ᠤᠷᠭᠤᠨ᠎ᠠ᠃ ᠪᠠᠯ ᠤ᠋ᠨ ᠪᠤᠯᠴᠢᠷᠬᠠᠢ ᠲᠠᠢ ᠪᠠᠨ ᠰᠣᠯᠪᠢᠴᠠᠵᠤ ᠤᠷᠭᠤᠭᠰᠠᠨ4 ᠡᠷ᠎ᠡ ᠲᠣᠭᠣᠷᠴᠣᠭ ᠲᠠᠢ ᠪᠥᠭᠡᠳ ᠡᠮ᠎ᠡ ᠲᠣᠭᠣᠷᠴᠣᠭ ᠲᠠᠢ ᠪᠠᠨ ᠪᠠᠷᠤᠭ ᠠᠳᠠᠯᠢ ᠤᠷᠲᠤ᠂ ᠲᠣᠭᠣᠰᠣᠪᠴᠢ ᠨᠢ2 ᠲᠠᠰᠤᠭ ᠲᠠᠢ᠂ ᠭᠤᠯᠳᠤ ᠪᠠᠷ ᠬᠠᠭᠠᠷᠠᠨ᠎ᠠ᠂ ᠪᠦᠰᠡᠯᠢᠭ ᠬᠡᠯᠪᠡᠷᠢᠲᠦ ᠳᠣᠬᠢᠭᠤᠷ ᠲᠠᠢ᠃ ᠬᠠᠭᠠᠰ ᠳᠣᠣᠷᠠᠲᠤ ᠣᠷᠣᠨᠲᠤ ᠤᠮᠠᠢ ᠲᠠᠢ᠂ ᠪᠠᠭᠠᠨᠠᠯᠢᠭ ᠬᠡᠯᠪᠡᠷᠢᠲᠦ ᠴᠡᠴᠡᠭ ᠦ᠋ᠨ ᠪᠠᠭᠠᠨ᠎ᠠ ᠲᠠᠢ᠂ ᠪᠠᠭᠠᠨ᠎ᠠ ᠶ᠋ᠢᠨ ᠠᠮᠠᠰᠠᠷ ᠨᠢ3 ᠰᠡᠵᠢᠭᠦᠷ ᠲᠡᠢ᠃ ᠢᠩᠲᠣᠣᠷ ᠤ᠋ᠨ ᠴᠥᠮ᠎ᠡ ᠶ᠋ᠢᠨ ᠬᠢᠷᠢᠲᠡᠢ ᠪᠥᠮᠪᠥᠯᠢᠭ ᠶᠠᠰᠤᠲᠤ ᠵᠢᠮᠢᠰ ᠲᠡᠢ᠂ ᠪᠣᠯᠪᠠᠰᠤᠷᠠᠪᠠᠯ ᠬᠠᠷ᠎ᠠ ᠥᠩᠭᠡ ᠲᠡᠢ ᠪᠣᠯᠳᠠᠭ᠃ ᠮᠢᠬᠠᠯᠢᠭ᠂ ᠰᠢᠭᠦᠰᠦ ᠶᠡᠬᠡ ᠲᠡᠢ᠂ ᠳᠣᠲᠣᠷ᠎ᠠ ᠵᠢᠮᠢᠰ ᠦ᠋ᠨ ᠬᠠᠯᠢᠰᠤ ᠨᠢ ᠪᠡᠬᠢ ᠬᠠᠲᠠᠭᠤ᠂3 ᠣᠬᠣᠷ ᠢᠷᠮᠡᠭ ᠲᠡᠢ᠂ ᠦᠷ᠎ᠡ ᠨᠢ ᠪᠥᠭᠡᠷᠡᠩᠬᠡᠢ᠂ ᠭᠥᠯᠢᠭᠡᠷ ᠮᠥᠷᠲᠡᠭᠡᠨ ᠦᠰᠦ ᠦᠭᠡᠢ᠃
   [ ᠤᠷᠭᠤᠬᠤ ᠣᠷᠴᠢᠨ ᠬᠢᠭᠡᠳ ᠲᠠᠷᠬᠠᠴᠠ] ᠵᠡᠷᠯᠢᠭ ᠤᠷᠭᠤᠳᠠᠭ ᠪᠤᠶᠤ ᠠᠷᠠᠴᠢᠯᠠᠨ ᠲᠠᠷᠢᠵᠤ ᠪᠠᠢᠨ᠎ᠠ᠃ ᠡᠨᠡᠳᠬᠡᠭ᠂ ᠠᠦ᠋ᠰᠲ᠋ᠷᠠᠯᠢᠶ᠎ᠠ᠂ ᠢᠨᠳᠦᠨᠧᠰᠢᠶ᠎ᠠ᠂ ᠮᠠᠯᠠᠢᠰᠢᠶ᠎ᠠ ᠵᠡᠷᠭᠡ ᠭᠠᠵᠠᠷ ᠣᠷᠣᠨ ᠳ᠋ᠤ᠌ ᠤᠷᠭᠤᠳᠠᠭ ᠪᠥᠭᠡᠳ ᠮᠠᠨ ᠤ᠋ ᠤᠯᠤᠰ ᠤ᠋ᠨ ᠲᠠᠢᠸᠠᠨ ᠳ᠋ᠤ᠌ ᠠᠷᠠᠴᠢᠯᠠᠨ ᠲᠠᠷᠢᠵᠤ ᠪᠠᠢᠨ᠎ᠠ᠃
   [ ᠲᠡᠭᠦᠵᠦ ᠪᠣᠯᠪᠠᠰᠤᠷᠠᠭᠤᠯᠬᠤ] ᠵᠢᠯ ᠦ᠋ᠨ ᠳᠥᠷᠪᠡᠨ ᠤᠯᠠᠷᠢᠯ ᠳ᠋ᠤ᠌ ᠪᠦᠷ ᠠᠪᠴᠤ ᠪᠣᠯᠬᠤ ᠪᠥᠭᠡᠳ ᠮᠣᠳᠣ ᠶ᠋ᠢ ᠨᠢ ᠣᠭᠲᠣᠯᠵᠤ ᠠᠪᠤᠭᠠᠳ ᠬᠡᠰᠡᠭᠯᠡᠭᠰᠡᠨ ᠦ᠌ ᠰᠡᠭᠦᠯᠡᠷ ᠬᠥᠪᠡᠭᠡ ᠶ᠋ᠢ ᠨᠢ ᠵᠣᠷᠭᠣᠨ ᠬᠠᠶᠠᠵᠤ᠂ ᠮᠣᠳᠣᠨ ᠤ᠋ ᠭᠣᠣᠯ ᠢ᠋ ᠨᠢ ᠬᠡᠷᠡᠭᠯᠡᠨ᠎ᠡ( ᠡᠳ᠋ᠯᠡᠯ ᠬᠡᠷᠡᠭᠰᠡᠯ ᠬᠢᠵᠦ ᠦᠯᠡᠳᠡᠭᠰᠡᠨ ᠥᠭᠡᠳᠡᠰᠦ ᠶ᠋ᠢ ᠨᠢ ᠠᠰᠢᠭᠯᠠᠭᠰᠠᠨ ᠴᠤ ᠪᠣᠯᠤᠨ᠎ᠠ)᠃
   [ ᠠᠮᠲᠠ᠂ ᠴᠢᠨᠠᠷ᠂ ᠡᠷᠳᠡᠮ] ᠡᠬᠡᠭᠦᠨ ᠠᠮᠲᠠ ᠲᠠᠢ᠂ ᠬᠦᠢᠲᠡᠨ ᠴᠢᠨᠠᠷ ᠲᠠᠢ᠂ ᠬᠥᠩᠭᠡᠨ᠂ ᠵᠥᠭᠡᠯᠡᠨ᠂ ᠬᠠᠭᠤᠷᠠᠢ᠂ ᠮᠣᠬᠣᠳᠠᠭ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠢᠮᠤᠷᠠᠭᠰᠠᠨ ᠬᠠᠯᠠᠭᠤᠨ ᠢ᠋ ᠠᠷᠢᠯᠭᠠᠬᠤ᠂ ᠰᠢᠮᠡᠵᠢᠭᠦᠯᠬᠦ᠂ ᠡᠪᠡᠳᠬᠦ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠠᠭᠤᠰᠬᠢ᠂ ᠵᠢᠷᠦᠬᠡᠨ ᠦ᠌ ᠬᠢᠮᠤᠷᠠᠭᠰᠠᠨ ᠬᠠᠯᠠᠭᠤᠨ᠂ ᠬᠢᠵᠢᠭ ᠬᠠᠯᠠᠭᠤᠨ᠂ ᠠᠭᠤᠰᠬᠢ ᠡᠯᠢᠭᠡᠨ ᠦ᠌ ᠬᠠᠯᠠᠭᠤᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 檀香 (檀)
   ᠠᠩᠭ᠌ᠯᠢ ᠨᠡᠷ᠎ᠡ ᠄ Santalum album L.