ᠡᠷ᠎ᠡ ᠨᠢᠯᠪᠤᠰᠤ - ᠲ· ᠪᠠᠲᠤᠰᠠᠭᠤᠷᠢ Эр нулимс - Т· Батсуурь
ᠡᠷ᠎ᠡ ᠨᠢᠯᠪᠤᠰᠤ
ᠲ· ᠪᠠᠲᠤᠰᠠᠭᠤᠷᠢ
ᠠᠭᠤᠯᠠ ᠰᠢᠭ᠋ ᠡᠷ᠎ᠡ ᠬᠥᠮᠦᠨ ᠦ᠌ ᠤᠬᠢᠯᠠᠵᠤ ᠪᠠᠢᠬᠤ ᠶ᠋ᠢ ᠨᠢ ᠦᠵᠡᠯ᠎ᠡ
ᠤᠬᠢᠯᠠᠬᠤ ᠤᠬᠢᠯᠠᠬᠤ ᠳ᠋ᠠᠭᠠᠨ ᠪᠦᠷ ᠠᠰᠬᠠᠷᠠᠬᠤ ᠶᠤᠮ ᠪᠢᠯᠡ
ᠠᠭᠤᠯᠠ ᠬᠠᠭᠠᠷᠠᠵᠤ ᠤᠰᠤ ᠪᠣᠯᠬᠤ ᠶ᠋ᠢᠨ ᠴᠠᠭ ᠲᠤ
ᠠᠭᠤᠳᠠᠮ ᠣᠷᠴᠢᠯᠠᠩ ᠮᠠᠨᠠᠨ ᠲᠠᠲᠠᠵᠤ ᠠᠨᠢᠷᠯᠠᠳᠠᠭ ᠶᠤᠮ
ᠠᠰᠬ᠎ᠠ ᠲᠠᠢ ᠬᠠᠳᠠ ᠰᠢᠭ᠋ ᠡᠷ᠎ᠡ ᠬᠥᠮᠦᠨ ᠦ᠌
ᠤᠬᠢᠯᠠᠵᠤ ᠰᠠᠭᠤᠬᠤ ᠶ᠋ᠢ ᠨᠢ ᠦᠵᠡᠬᠦ ᠳ᠋ᠦ᠍
ᠠᠮᠢᠳᠤᠷᠠᠯ ᠴᠢᠮᠠᠶ᠋ᠢ ᠶᠠᠭᠤᠲᠠᠢ ᠤᠶᠠᠬᠠᠨ ᠪᠣᠯᠬᠤ ᠶ᠋ᠢ ᠮᠡᠳᠡᠯ᠎ᠡ
ᠠᠶᠠᠭᠠᠨ ᠳ᠋ᠠᠭᠠᠨ ᠳᠦᠭᠦᠷᠦᠭᠰᠡᠨ ᠨᠢᠯᠪᠤᠰᠤ ᠪᠠᠨ
ᠬᠥᠮᠦᠨ ᠳ᠋ᠦ᠍ ᠦᠵᠡᠭᠦᠯᠬᠦ ᠦᠭᠡᠢ ᠶ᠋ᠢ ᠬᠢᠴᠢᠶᠡᠵᠦ
ᠠᠯᠤᠰ ᠬᠣᠯᠠ ᠶ᠋ᠢ ᠬᠠᠷᠠᠨ ᠠᠯᠠᠭᠠᠨ ᠳ᠋ᠠᠭᠠᠨ ᠰᠢᠩᠭᠡᠭᠡᠳᠡᠭ ᠶᠦᠮ ᠪᠢᠯᠡ
ᠢᠵᠢᠢ ᠪᠡᠨ ᠶᠠᠷᠢᠬᠤ ᠳ᠋ᠠᠭᠠᠨ ᠡᠷ᠎ᠡ ᠨᠢᠯᠪᠤᠰᠤ ᠨᠢᠭᠡ ᠤᠨᠠᠳᠠᠭ
ᠡᠴᠢᠭᠡ ᠶ᠋ᠢ ᠪᠡᠨ ᠳᠤᠷᠠᠰᠬᠤ ᠳ᠋ᠠᠭᠠᠨ ᠡᠷ᠎ᠡ ᠨᠢᠯᠪᠤᠰᠤ ᠨᠢᠭᠡ ᠲᠤᠨᠤᠳᠠᠭ
ᠡᠭᠦᠯᠡ ᠠᠳᠠᠯᠢ ᠬᠤᠷᠠᠯᠳᠤᠵᠤ ᠪᠠᠢᠭᠠᠳ ᠦᠨᠡᠨ ᠳᠡᠭᠡᠷ᠎ᠡ ᠤᠨᠠᠳᠠᠭ
ᠡᠷ᠎ᠡ ᠨᠢᠯᠪᠤᠰᠤ
ᠬᠠᠳᠠ ᠰᠠᠭᠤᠭᠰᠠᠨ ᠡᠷ᠎ᠡ ᠬᠥᠮᠦᠨ
ᠡᠯᠴᠢ ᠰᠢᠭ ᠶᠠᠪᠤᠬᠤ ᠶ᠋ᠢᠨ ᠴᠠᠭ ᠲᠤ
ᠬᠠᠭᠠᠴᠠᠬᠤ ᠶ᠋ᠢᠨ ᠴᠠᠭ ᠲᠤ ᠣᠢᠴᠢᠳᠠᠭ
ᠡᠷ᠎ᠡ ᠨᠢᠯᠪᠤᠰᠤ ᠠ᠋
《ᠥᠪᠡᠷ ᠢ᠋ᠶ᠋ᠡᠨ ᠣᠢᠴᠢᠭᠰᠠᠨ ᠬᠡᠦᠬᠡᠳ ᠢ᠋ ᠤᠬᠢᠯᠠᠳᠠᠭ ᠦᠭᠡᠢ》ᠯᠡ ᠭᠡᠬᠦ ᠶᠦᠮ
ᠡᠪᠦᠳᠦᠭ ᠨᠢ ᠰᠢᠯᠪᠤᠷᠠᠭᠰᠠᠨ ᠬᠣᠢᠨ᠎ᠠ ᠤᠬᠢᠯᠠᠵᠤ ᠪᠠᠢᠭ ᠠ᠋ ᠬᠥᠭᠡᠷᠦᠬᠦᠢ
《ᠡᠷ᠎ᠡ ᠬᠥᠮᠦᠨ ᠬᠡᠵᠢᠶ᠎ᠡ ᠤᠬᠢᠯᠠᠵᠤ ᠪᠠᠢᠯ᠎ᠠ》 ᠭᠡᠬᠦ ᠶᠦᠮ
ᠡᠬᠡ ᠡᠴᠡ ᠲᠥᠷᠥᠭᠰᠡᠨ ᠶᠦᠮ ᠴᠢᠨᠢ
ᠨᠢᠯᠪᠤᠰᠤ ᠲᠠᠢ ᠪᠠᠢᠯᠭᠦᠢ ᠳᠡ ᠬᠥᠭᠡᠷᠦᠬᠦᠢ
ᠤᠬᠢᠯᠠᠮᠠᠷ ᠳᠠᠭᠤᠯᠠᠮᠠᠷ ᠣᠷᠴᠢᠯᠠᠩ ᠠ᠋ᠴᠠ
ᠭᠣᠮᠣᠳᠠᠯ ᠨᠡᠬᠡᠳᠡᠭ ᠦᠭᠡᠢ ᠪᠣᠯᠬᠣᠷ
ᠤᠨᠠᠭᠰᠠᠨ ᠨᠢᠯᠪᠤᠰᠤ ᠪᠣᠯᠭᠠᠨ ᠨᠢ
ᠦᠨᠡᠨ ᠦ᠌ ᠬᠢ ᠪᠠᠢᠳᠠᠭ ᠶᠤᠮ ᠪᠣᠯ ᠤᠤ?
ᠦᠨᠡᠨ ᠢ᠋ᠶ᠋ᠡᠷ ᠤᠨᠤᠭ᠎ᠠ ᠬᠢᠵᠦ
ᠬᠤᠳᠠᠯ ᠢ᠋ ᠭᠦᠢᠴᠡᠭᠰᠡᠨ ᠶᠦᠮ ᠪᠣᠯᠬᠣᠷ
ᠤᠬᠢᠯᠠᠬᠤ ᠨᠢᠯᠪᠤᠰᠤ ᠪᠣᠯᠭᠠᠨ ᠨᠢ
ᠦᠨᠡᠲᠡᠢ ᠪᠠᠢᠳᠠᠭ ᠶᠤᠮ ᠪᠣᠯ ᠤᠤ ᠳᠠ
ᠬᠣᠷᠸ᠎ᠠ ᠳᠡᠭᠡᠷ᠎ᠡ ᠬᠣᠪᠣᠷᠬᠠᠨ
ᠡᠷ᠎ᠡ ᠨᠢᠯᠪᠤᠰᠤ ᠶ᠋ᠢ ᠦᠵᠡᠪᠡᠯ
ᠲᠠ ᠬᠠᠷᠢᠨ
ᠬᠣᠪ ᠪᠣᠯᠭᠠᠵᠤ
ᠬᠥᠮᠦᠨ ᠳ᠋ᠦ᠍ ᠪᠢᠲᠡᠭᠡᠢ ᠬᠡᠯᠡᠭᠡᠷᠡᠢ
ᠥᠪᠡᠷ ᠦ᠋ᠨ ᠴᠢᠨᠢ ᠡᠮᠦᠨ᠎ᠡ ᠴᠦ᠍ ᠤᠨᠠᠵᠤ ᠪᠠᠢᠵᠤ ᠮᠡᠳᠡᠬᠦ
ᠦᠷᠦ ᠨᠢᠮᠭᠡᠨ ᠪᠠᠢᠳᠠᠭ ᠶᠤᠮ᠂
ᠡᠷ᠎ᠡ ᠨᠢᠯᠪᠤᠰᠤ ᠠ᠋ ᠭᠡᠵᠦ᠁
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
