ᠮᠡᠷᠭᠡᠨ ᠲᠠᠯᠤᠨ ᠤ᠋ ᠳᠣᠮᠣᠭMergen dalny domogМэргэн далны домог ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠡᠷᠭᠡᠨ ᠲᠠᠯᠤᠨ ᠤ᠋ ᠳᠣᠮᠣᠭMergen dalny domogМэргэн далны домог

ᠮᠡᠷᠭᠡᠨ ᠲᠠᠯᠤᠨ ᠤ᠋ ᠳᠣᠮᠣᠭMergen dalny domogМэргэн далны домог

ᠠᠩᠭᠢᠯᠠᠯ:ᠳᠣᠮᠣᠭ ᠦᠯᠢᠭᠡᠷ
2025-10-23

1663

ᠮᠡᠷᠭᠡᠨ ᠲᠠᠯᠤᠨ ᠤ᠋ ᠳᠣᠮᠣᠭ 

    ᠡᠷᠲᠡ ᠴᠠᠭ ᠲᠤ᠌᠂ ᠨᠢᠭᠡᠨ ᠬᠥᠮᠦᠨ ᠡᠵᠡᠨ ᠬᠠᠭᠠᠨ ᠤ᠋ ᠠᠯᠲᠠᠨ ᠭᠦᠩᠵᠦ ᠶ᠋ᠢ ᠶᠠᠭᠠᠬᠢᠵᠤ ᠠᠪᠤᠨ᠎ᠠ ᠤᠤ ᠭᠡᠵᠦ ᠪᠣᠳᠣᠵᠠᠢ᠃ ᠢᠩᠭᠢᠭᠡᠳ ᠠᠪᠬᠤ ᠠᠷᠭ᠎ᠠ ᠶᠠᠭᠤ ᠪᠢᠯᠡ ᠭᠡᠬᠦᠯᠡᠷ ᠳᠥᠷᠪᠡᠳ ᠦ᠋ᠨ ᠬᠤᠰᠢᠭᠤᠨ ᠤ᠋ ᠣᠢᠲᠤ ᠮᠡᠷᠭᠡᠨ ᠲᠥᠪ ᠭᠡᠵᠦ ᠪᠠᠢᠳᠠᠭ᠃ ᠡᠭᠦᠨ ᠢ᠋ᠶ᠋ᠡᠷ ᠠᠪᠤᠭᠤᠯᠤᠶ᠎ᠠ ᠭᠡᠵᠦ ᠰᠢᠢᠳᠦᠭᠡᠳ᠂
    — ᠴᠢ ᠨᠠᠳᠠ ᠳ᠋ᠤ᠌ ᠡᠵᠡᠨ ᠬᠠᠭᠠᠨ ᠤ᠋ ᠠᠯᠲᠠᠨ ᠭᠦᠩᠵᠦ ᠶ᠋ᠢ ᠠᠪᠴᠤ ᠥᠭᠴᠦ ᠴᠢᠳᠠᠨ᠎ᠠ ᠤᠤ? ᠭᠡᠰᠡᠨ ᠳ᠋ᠦ᠍ ᠥᠨᠥᠬᠢ ᠨᠢ ᠴᠢᠳᠠᠨ᠎ᠠ ᠭᠡᠵᠡᠢ᠃
     ᠡᠵᠡᠨ ᠬᠠᠭᠠᠨ ᠤ᠋ ᠠᠯᠲᠠᠨ ᠭᠦᠩᠵᠦ ᠶ᠋ᠢ ᠠᠪᠬᠤ ᠪᠠᠷ ᠣᠢᠲᠤ ᠮᠡᠷᠭᠡᠨ ᠲᠥᠪ ᠨᠢ ᠣᠳᠪᠠ᠃ ᠡᠵᠡᠨ ᠬᠠᠭᠠᠨ ᠤ᠋ ᠭᠦᠩᠵᠦ ᠶ᠋ᠢ ᠡᠨᠳᠡ ᠲᠡᠨᠳᠡᠬᠢ ᠶ᠋ᠢᠨ ᠡᠷᠡᠴᠦᠳ ᠠᠪᠬᠤ ᠭᠡᠳᠡᠭ ᠪᠣᠯᠪᠠᠴᠤ᠂ ᠡᠪ ᠢᠵᠢᠯᠢᠬᠢᠨ ᠨᠣᠪ ᠨᠣᠭᠣᠭᠠᠨ ᠲᠣᠷᠭᠠᠨ ᠳᠡᠪᠡᠯ ᠲᠡᠢ ᠨᠠᠶᠠᠨ ᠪᠦᠰᠡᠭᠦᠢᠴᠦᠳ ᠪᠠᠢᠳᠠᠭ᠃ ᠡᠭᠦᠨ ᠦ᠌ ᠳᠤᠮᠳᠠ ᠠ᠋ᠴᠠ ᠢᠯᠭᠠᠨ ᠲᠠᠨᠢᠵᠤ ᠴᠢᠳᠠᠳᠠᠭ ᠦᠭᠡᠢ ᠪᠠᠢᠵᠠᠢ᠃ ᠮᠡᠷᠭᠡᠨ ᠲᠥᠪ ᠨᠢ ᠠᠷᠭ᠎ᠠ ᠤᠴᠢᠷ ᠢ᠋ ᠨᠢ ᠬᠠᠢᠵᠤ ᠡᠵᠡᠨ ᠦ᠌ ᠠᠯᠲᠠᠨ ᠭᠦᠩᠵᠦ ᠶ᠋ᠢ ᠠᠰᠠᠷᠠᠵᠤ ᠥᠰᠬᠡᠭᠰᠡᠨ ᠰᠠᠮᠠᠭᠠᠨ ᠡᠬᠡ ᠶ᠋ᠢ ᠨᠢ ᠣᠯᠵᠤ ᠤᠴᠠᠷᠠᠭᠠᠳ᠂
    — ᠡᠵᠡᠨ ᠦ᠌ ᠠᠯᠲᠠᠨ ᠭᠦᠩᠵᠦ ᠶ᠋ᠢ ᠲᠠᠨᠢᠬᠤ ᠲᠡᠮᠳᠡᠭ ᠢ᠋ ᠬᠡᠯᠡᠵᠦ ᠥᠭᠭᠦᠭᠡᠴᠢ! ᠭᠡᠰᠡᠨ ᠳ᠋ᠦ᠍ ᠲᠡᠷᠡ ᠰᠠᠮᠠᠭᠠᠨ ᠬᠡᠯᠡᠪᠡ᠃
    — ᠡᠵᠡᠨ ᠦ᠌ ᠠᠯᠲᠠᠨ ᠭᠦᠩᠵᠦ ᠶ᠋ᠢ ᠬᠡᠯᠡᠵᠦ ᠪᠣᠯᠬᠤ ᠦᠭᠡᠢ᠂ ᠡᠭᠦᠨ ᠢ᠋ ᠬᠡᠯᠡᠭᠰᠡᠨ ᠬᠥᠮᠦᠨ ᠲᠡᠷᠡ ᠳᠣᠣᠷ᠎ᠠ ᠪᠠᠨ ᠪᠠᠷᠢᠭᠳᠠᠨ᠎ᠠ᠃ ᠡᠵᠡᠨ ᠦ᠌ ᠰᠢᠷ᠎ᠠ ᠪᠢᠴᠢᠭ ᠲᠠᠲᠠᠬᠤ ᠳ᠋ᠤ᠌ ᠬᠡᠨ ᠬᠡᠯᠡᠭᠰᠡᠨ ᠢ᠋ ᠬᠡᠯᠡᠭᠡᠳ ᠥᠭᠳᠡᠭ ᠴᠢᠳᠠᠯ ᠲᠠᠢ᠂ ᠪᠢ ᠬᠡᠯᠡᠰᠢ ᠦᠭᠡᠢ ᠭᠡᠪᠡ᠃
    ᠢᠩᠭᠢᠬᠦᠯᠡᠷ ᠨᠢ ᠮᠡᠷᠭᠡᠨ ᠲᠥᠪ ᠨᠢ ᠬᠡᠯᠡᠵᠡᠢ᠃
    — ᠡᠭᠦᠨ ᠦ᠌ ᠠᠷᠭ᠎ᠠ ᠤᠴᠢᠷ ᠢ᠋ ᠪᠢ ᠣᠯᠤᠶ᠎ᠠ᠂ ᠡᠵᠡᠨ ᠦ᠌ ᠰᠢᠷ᠎ᠠ ᠪᠢᠴᠢᠭ ᠲᠦ᠍ ᠬᠡᠨ ᠬᠡᠯᠡᠭᠰᠡᠨ ᠭᠡᠬᠦ ᠲᠡᠮᠳᠡᠭ ᠦᠭᠡᠢ ᠲᠥᠯᠥᠭᠡ ᠪᠠᠭᠤᠯᠭᠠᠵᠤ ᠪᠣᠯᠤᠨ᠎ᠠ ᠭᠡᠳ᠂ ᠭᠠᠵᠠᠷ ᠨᠦᠬᠡ ᠮᠠᠯᠲᠠᠵᠤ ᠰᠠᠮᠠᠭᠠᠨ ᠢ᠋ ᠣᠷᠣᠭᠤᠯᠤᠭᠠᠳ ᠡᠷ᠎ᠡ ᠨᠢ ᠭᠠᠯ ᠲᠦᠯᠡᠵᠦ ᠲᠣᠭᠣᠭ᠎ᠠ ᠲᠠᠯᠪᠢᠭᠠᠳ ᠤᠰᠤ ᠬᠢᠵᠦ ᠳᠣᠲᠣᠭᠤᠷ ᠨᠢ ᠲᠡᠮᠦᠷ ᠭᠤᠤᠷᠰᠤ ᠰᠢᠷᠭᠤᠭᠤᠯᠵᠤ᠂ ᠭᠤᠤᠷᠰᠤᠨ ᠤ᠋ ᠪᠠᠨ ᠠᠮᠠ ᠶ᠋ᠢ ᠬᠥᠪᠥᠩ ᠢ᠋ᠶ᠋ᠡᠷ ᠣᠷᠢᠶᠠᠭᠠᠳ ᠲᠡᠭᠦᠨ ᠢ᠋ᠶ᠋ᠡᠷ ᠢ᠋ᠶ᠋ᠡᠨ ᠰᠠᠮᠠᠭᠠᠨ ᠢ᠋《 ᠡᠵᠡᠨ ᠦ᠌ ᠠᠯᠲᠠᠨ ᠭᠦᠩᠵᠦ》 ᠶᠠᠮᠠᠷ ᠲᠡᠮᠳᠡᠭ ᠲᠡᠢ ᠶᠤᠮ ᠬᠡᠯᠡ ᠭᠡᠵᠡᠢ᠃ ᠰᠠᠮᠠᠭᠠᠨ᠂
    — ᠡᠵᠡᠨ ᠦ᠌ ᠠᠯᠲᠠᠨ ᠭᠦᠩᠵᠦ ᠶ᠋ᠢ ᠢᠨᠢᠶᠡᠯᠭᠡᠵᠦ ᠴᠢᠳᠠᠵᠠᠢ ᠭᠡᠮᠡᠨ ᠰᠢᠲᠦᠨ ᠡᠴᠡ ᠪᠡᠨ ᠠᠯᠲᠠᠨ ᠲᠤᠶᠠᠭ᠎ᠠ ᠬᠡᠷᠡᠯᠳᠦᠳᠡᠭ ᠶᠤᠮ ᠭᠡᠯ᠎ᠡ ᠭᠡᠵᠦ ᠬᠡᠯᠡᠵᠡᠢ᠃
     ᠡᠭᠦᠨ ᠢ᠋ ᠬᠡᠯᠡᠭᠦᠯᠵᠦ ᠠᠪᠤᠭᠠᠳ ᠡᠵᠡᠨ ᠦ᠌ ᠣᠷᠳᠣᠨ ᠳ᠋ᠤ᠌ ᠬᠦᠷᠴᠦ ᠠᠷᠭᠠᠯᠠᠵᠤ ᠴᠢᠷᠭᠠᠯᠠᠵᠤ ᠪᠠᠢᠭᠠᠳ ᠪᠦᠰᠡᠭᠦᠢ ᠨᠠᠷ ᠤ᠋ᠨ ᠪᠠᠢᠷᠢ ᠳ᠋ᠤ᠌ ᠨᠢ ᠣᠷᠣᠵᠤ ᠠᠯᠢᠶᠠᠯᠠᠵᠤ ᠨᠠᠷᠭᠢᠭᠤᠯᠵᠤ ᠪᠠᠢᠭᠠᠳ ᠪᠦᠰᠡᠭᠦᠢ ᠶ᠋ᠢᠨ ᠬᠡᠨ ᠰᠢᠳᠦᠨ ᠡᠴᠡ ᠦᠨᠡᠬᠡᠷ ᠠᠯᠲᠠᠨ ᠲᠤᠶᠠᠭ᠎ᠠ ᠰᠠᠴᠤᠷᠠᠭᠰᠠᠨ  ᠳ᠋ᠤ᠌ ᠲᠡᠭᠦᠨ ᠳ᠋ᠦ᠍ ᠰᠡᠮᠡᠬᠡᠷ ᠲᠡᠮᠳᠡᠭ ᠬᠢᠭᠡᠳ ᠶᠠᠪᠤᠵᠤ ᠣᠳᠪᠠ᠃ ᠮᠠᠷᠭᠠᠰᠢ ᠨᠢ ᠡᠵᠡᠨ ᠦ᠌ ᠠᠯᠲᠠᠨ ᠭᠦᠩᠵᠦ ᠶ᠋ᠢ ᠠᠪᠤᠨ᠎ᠠ ᠭᠡᠵᠦ ᠬᠠᠭᠠᠨ ᠳ᠋ᠤ᠌ ᠪᠠᠷᠠᠭᠠᠳᠠᠭᠰᠠᠨ ᠳ᠋ᠤ᠌ ᠲᠤᠩ ᠢᠵᠢᠯᠢᠬᠢᠨ ᠬᠡᠥᠬᠡᠰ ᠢᠵᠢᠯ ᠵᠢᠰᠦ ᠴᠢᠷᠠᠢ ᠲᠠᠢ ᠨᠠᠶᠠᠨ ᠬᠡᠦᠬᠡᠨ ᠡᠮᠦᠨᠡᠭᠦᠷ ᠴᠢᠨᠢ ᠠᠯᠬᠤᠭᠤᠯᠤᠨ᠎ᠠ᠂ ᠡᠭᠦᠨ ᠡᠴᠡ ᠲᠠᠨᠢᠭᠠᠳ ᠠᠪᠴᠤ ᠴᠢᠳᠠᠪᠠᠯ ᠠᠪ ᠭᠡᠵᠡᠢ᠃ ᠮᠡᠷᠭᠡᠨ ᠲᠥᠪ ᠨᠢ ᠲᠡᠮᠳᠡᠭ ᠲᠠᠯᠪᠢᠭᠰᠠᠨ ᠬᠡᠦᠬᠡᠨ ᠦ᠌ ᠭᠠᠷ ᠠ᠋ᠴᠠ ᠪᠠᠨ ᠬᠥᠲᠥᠯᠵᠦ᠂
    — ᠡᠨᠡ ᠡᠵᠡᠨ ᠦ᠌ ᠠᠯᠲᠠᠨ ᠭᠦᠩᠵᠦ ᠮᠥᠨ ᠭᠡᠯ᠎ᠡ᠃
     ᠡᠵᠡᠨ ᠬᠠᠭᠠᠨ ᠤ᠋ ᠬᠢᠨ ᠶᠡᠬᠡᠳᠡ ᠭᠠᠢᠬᠠᠴᠢᠬᠠᠵᠤ᠂ ᠡᠨᠡ ᠶᠠᠭᠠᠬᠢᠭᠠᠳ ᠡᠢᠮᠦ ᠠᠮᠠᠷᠬᠠᠨ ᠣᠯᠪᠠ᠃ ᠬᠥᠮᠦᠨ ᠬᠡᠯᠡᠵᠦ ᠥᠭᠪᠡ ᠤᠤ ᠭᠡᠴᠢᠬᠡᠭᠡᠳ᠂ ᠡᠵᠡᠨ ᠰᠢᠷ᠎ᠠ ᠪᠢᠴᠢᠭ ᠲᠠᠲᠠᠭᠤᠯᠤᠭᠰᠠᠨ ᠳ᠋ᠤ᠌᠂ ᠰᠢᠷᠣᠢ ᠪᠥᠭᠰᠡ ᠲᠡᠢ᠂ ᠭᠠᠯ ᠮᠠᠬᠠᠪᠣᠳ ᠲᠠᠢ᠂ ᠤᠰᠤᠨ ᠴᠡᠭᠡᠵᠢ ᠲᠡᠢ᠂ ᠲᠡᠮᠦᠷ ᠭᠣᠣᠯ ᠲᠠᠢ᠂ ᠬᠥᠪᠥᠩ ᠲᠣᠯᠣᠭᠠᠢ ᠲᠠᠢ ᠬᠥᠮᠦᠨ ᠬᠡᠯᠡᠭᠰᠡᠨ ᠪᠠᠢᠨ᠎ᠠ ᠭᠡᠵᠦ ᠪᠠᠭᠤᠵᠠᠢ᠃ ᠬᠠᠭᠠᠨ᠂ ᠮᠡᠷᠭᠡᠳ ᠰᠠᠢᠴᠤᠤᠯ ᠢ᠋ᠶ᠋ᠠᠨ ᠴᠤᠭᠯᠠᠭᠤᠯᠵᠤ᠂ ᠡᠨᠡ ᠶᠠᠭᠤ ᠭᠡᠰᠡᠨ ᠦᠭᠡ ᠪᠣᠢ ᠬᠡᠯᠡᠴᠢᠬᠡᠭᠡᠳ᠂ ᠬᠠᠭᠠᠨ ᠴᠤ᠌ ᠬᠢᠯᠢᠩᠨᠡᠵᠦ ᠡᠨᠡ ᠮᠠᠭᠤ ᠶᠤᠮ ᠴᠢᠨᠢ ᠶᠠᠭᠤ ᠴᠤ᠌ ᠮᠡᠳᠡᠬᠦ ᠪᠡᠨ ᠪᠣᠯᠢᠵᠠᠢ ᠭᠡᠳ ᠭᠠᠯ ᠳ᠋ᠤ᠌ ᠬᠢᠭᠡᠳ ᠰᠢᠲᠠᠭᠠᠴᠢᠬᠠᠵᠠᠢ᠃ ᠰᠢᠷ᠎ᠠ ᠪᠢᠴᠢᠭ ᠦ᠋ᠨ ᠰᠢᠲᠠᠭᠰᠠᠨ ᠦᠨᠡᠰᠦ ᠶ᠋ᠢ ᠨᠢ ᠬᠣᠨᠢ ᠳᠣᠯᠢᠶᠠᠵᠠᠢ᠃ ᠢᠩᠭᠢᠭᠰᠡᠨ ᠢ᠋ᠶ᠋ᠡᠷ ᠢ᠋ᠶ᠋ᠡᠨ ᠬᠣᠨᠢᠨ ᠤ᠋ ᠳᠠᠯᠤ ᠶᠡᠬᠡ ᠮᠡᠷᠭᠡᠨ ᠪᠣᠯᠤᠭᠰᠠᠨ ᠶᠤᠮ ᠭᠡᠨ᠎ᠡ ᠪᠢᠯᠡ᠃

    ᠦᠰᠦᠭ ᠠᠮᠢᠯᠠᠭᠤᠯᠤᠭᠴᠢ᠄ ᠠᠯᠲᠠᠨᠴᠢᠮᠡᠭ
    ᠦᠰᠦᠭ ᠬᠠᠳᠠᠭᠴᠢ᠄ ᠠᠯᠲᠠᠨᠴᠢᠮᠡᠭ
    ᠬᠢᠨᠠᠭᠴᠢ᠄ ᠭᠦᠩᠭᠠᠷ