ᠴᠠᠭᠠᠨ ᠠᠭᠠᠷᠤTsagaan agarЦагаан агар
ᠴᠠᠭᠠᠨ ᠠᠭᠠᠷᠤ
ᠲᠤᠰ ᠡᠮ ᠪᠣᠯ ᠪᠡᠯᠡᠭᠲᠦ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠴᠠᠭᠠᠨ ᠠᠭᠠᠷᠤ ᠶ᠋ᠢᠨ ᠬᠠᠲᠠᠭᠠᠭᠰᠠᠨ ᠳᠠᠪᠠᠷᠬᠠᠢ ᠲᠠᠢ ᠡᠰᠢ ᠮᠥᠨ᠃ ᠪᠠᠰᠠ ᠠᠷᠵᠠ ᠭᠡᠳᠡᠭ᠃
[ ᠤᠤᠯ ᠤᠷᠭᠤᠮᠠᠯ] ᠮᠥᠩᠬᠡ ᠬᠥᠬᠡᠷᠡᠭᠴᠢ ᠲᠤᠷᠤᠭ ᠮᠣᠳᠣ᠃ ᠬᠣᠯᠲᠣᠰᠣ ᠨᠢ ᠴᠠᠢᠪᠤᠷ ᠬᠦᠷᠡᠩ ᠥᠩᠭᠡ ᠲᠡᠢ᠃ ᠵᠢᠵᠢᠭ ᠮᠥᠴᠢᠷ ᠪᠠ ᠪᠠᠭ ᠴᠡᠴᠡᠭ ᠳᠡᠭᠡᠷ᠎ᠡ ᠨᠢ ᠵᠥᠭᠡᠯᠡᠨ ᠦᠰᠦ ᠲᠡᠢ᠃ ᠨᠠᠪᠴᠢ ᠨᠢ ᠴᠤᠪᠤᠷᠠᠨ ᠤᠷᠭᠤᠨ᠎ᠠ᠃ ᠰᠠᠷᠢᠰᠤᠯᠢᠭ᠂ ᠤᠷᠲᠤ ᠥᠨᠳᠡᠭᠡᠯᠵᠢᠨ᠂ ᠲᠣᠩᠭᠣᠷᠤᠤ ᠥᠨᠳᠡᠭᠡᠯᠵᠢᠨ ᠪᠤᠶᠤ ᠵᠤᠤᠪᠠᠩ ᠲᠣᠭᠣᠷᠢᠭ ᠬᠡᠯᠪᠡᠷᠢ ᠲᠡᠢ᠂6~12cm ᠤᠷᠲᠤ᠂2~4.5cm ᠥᠷᠭᠡᠨ᠂ ᠱᠣᠪᠲᠣᠭᠣᠷ ᠮᠥᠷᠲᠡᠭᠡᠨ ᠮᠤᠬᠤᠷ ᠦᠵᠦᠭᠦᠷ ᠲᠡᠢ᠂ ᠱᠠᠭᠠᠨᠲᠠᠭ ᠤᠭ ᠲᠠᠢ᠂ ᠪᠦᠲᠦᠨ ᠬᠥᠪᠡᠭᠡ ᠲᠡᠢ᠂ ᠬᠣᠶᠠᠷ ᠲᠠᠯ᠎ᠠ ᠳ᠋ᠠᠬᠢ ᠲᠠᠷᠠᠮᠠᠭ ᠦᠰᠦ ᠨᠢ ᠠᠶᠠᠨᠳᠠᠭᠠᠨ ᠵᠤᠯᠭᠠᠷᠠᠨ᠎ᠠ᠃ ᠨᠠᠪᠴᠢᠨ ᠪᠠᠷᠢᠭᠤᠯ ᠨᠢ5mm ᠣᠷᠴᠢᠮ ᠤᠷᠲᠤ᠂ ᠵᠥᠭᠡᠯᠡᠨ ᠦᠰᠦ ᠲᠡᠢ᠃ ᠰᠢᠬᠦᠷ ᠬᠡᠯᠪᠡᠷᠢᠲᠦ ᠪᠠᠭ ᠴᠡᠴᠡᠭ ᠨᠢ ᠣᠷᠣᠢ ᠳ᠋ᠤᠨᠢ ᠪᠤᠶᠤ ᠨᠠᠪᠴᠢᠨ ᠰᠤᠭᠤ ᠳ᠋ᠤ᠌ ᠳᠡᠯᠭᠡᠷᠡᠨ᠎ᠡ᠃ ᠶᠡᠷᠦᠩᠬᠡᠢ ᠴᠡᠴᠡᠭ ᠦ᠋ᠨ ᠪᠠᠷᠢᠭᠤᠯ ᠳᠡᠭᠡᠷ᠎ᠡ ᠨᠢ ᠴᠠᠢᠪᠤᠷ ᠴᠠᠭᠠᠨ ᠨᠣᠣᠯᠣᠭᠤᠷ ᠦᠰᠦ ᠲᠡᠢ᠂ ᠵᠢᠵᠢᠭ ᠴᠡᠴᠡᠭ ᠦ᠋ᠨ ᠪᠠᠷᠢᠭᠤᠯ ᠨᠢ0.5~1.2cm ᠤᠷᠲᠤ᠂ ᠴᠠᠢᠪᠤᠷ ᠴᠠᠭᠠᠨ ᠨᠣᠣᠯᠣᠭᠤᠷ ᠦᠰᠦ ᠲᠡᠢ᠃ ᠴᠡᠴᠡᠭ ᠨᠢ ᠰᠢᠷᠠᠩᠭᠤᠢ ᠨᠣᠭᠣᠭᠠᠨ ᠨᠣᠣᠯᠣᠭᠤᠷ ᠦᠰᠦ ᠲᠡᠢ᠃ ᠴᠡᠴᠡᠭ ᠦ᠋ᠨ ᠰᠢᠳᠠᠷ ᠨᠢ ᠬᠤᠩᠬ᠎ᠠ ᠬᠡᠯᠪᠡᠷᠢ ᠲᠡᠢ᠂5 ᠣᠨᠢ ᠲᠠᠢ᠂ ᠬᠠᠪᠲᠠᠭᠠᠢ ᠲᠣᠭᠣᠷᠢᠭ ᠬᠡᠯᠪᠡᠷᠢ ᠲᠡᠢ᠂7mm ᠣᠷᠴᠢᠮ ᠤᠷᠲᠤ᠂4mm ᠣᠷᠴᠢᠮ ᠥᠷᠭᠡᠨ᠂ ᠮᠤᠬᠤᠷ ᠲᠣᠭᠣᠷᠢᠭ ᠦᠵᠦᠭᠦᠷ ᠲᠡᠢ᠂ ᠴᠡᠴᠡᠭ ᠦ᠋ᠨ ᠰᠢᠳᠠᠷ ᠤ᠋ᠨ ᠬᠣᠭᠣᠯᠠᠢ ᠶ᠋ᠢᠨ ᠳᠡᠭᠡᠷ᠎ᠡ ᠬᠡᠰᠡᠭ ᠲᠦ᠋ᠨᠢ ᠬᠠᠢᠷᠰᠤᠯᠢᠭ ᠢᠯᠲᠠᠰᠤ10 ᠪᠣᠢ᠃ ᠨᠢᠭ᠋ ᠴᠠᠭᠠᠨ ᠨᠣᠣᠯᠣᠭᠤᠷ ᠦᠰᠦ ᠲᠡᠢ᠂5mm ᠣᠷᠴᠢᠮ ᠤᠷᠲᠤ᠂ ᠤᠭ ᠤ᠋ᠨ ᠬᠡᠰᠡᠭ ᠢ᠋ᠶ᠋ᠡᠷ ᠢ᠋ᠶ᠋ᠡᠨ ᠨᠡᠢᠯᠡᠭᠡᠳ ᠴᠠᠭᠠᠷᠢᠭ ᠪᠣᠯᠳᠠᠭ᠃10 ᠡᠷ᠎ᠡ ᠲᠣᠭᠣᠷᠴᠣᠭ ᠲᠠᠢ᠂ ᠳᠣᠬᠢᠭᠤᠷ ᠨᠢ ᠲᠤᠷᠤᠭ ᠪᠦᠳᠦᠭᠦᠨ᠃ ᠤᠮᠠᠢ ᠨᠢ ᠥᠨᠳᠡᠭᠡᠯᠵᠢᠨ ᠬᠡᠯᠪᠡᠷᠢ ᠲᠡᠢ ᠢᠭᠴᠤ ᠨᠣᠣᠯᠣᠭᠤᠷ ᠦᠰᠦ ᠲᠡᠢ᠃ ᠬᠣᠩᠭᠣᠷᠴᠣᠭᠲᠤ ᠵᠢᠮᠢᠰ ᠨᠢ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠮᠣᠳᠣᠯᠢᠭ᠂ ᠬᠠᠮᠰᠢᠭᠢᠷ᠂2.5~3cm ᠤᠷᠲᠤ᠂ ᠢᠭᠴᠤ ᠴᠠᠢᠪᠤᠷ ᠴᠠᠭᠠᠨ ᠦᠰᠦ ᠲᠡᠢ᠂ ᠤᠭ ᠲᠤᠨᠢ ᠵᠢᠭᠠᠬᠠᠨ ᠮᠣᠳᠤᠯᠢᠬᠵᠢᠬᠰᠠᠨ ᠮᠥᠩᠬᠡ ᠣᠷᠣᠰᠢᠬᠤ ᠴᠡᠴᠡᠭ ᠦ᠋ᠨ ᠰᠢᠳᠠᠷ ᠲᠠᠢ᠃ ᠤᠯᠠᠪᠤᠷ ᠬᠠᠷ᠎ᠠ ᠥᠨᠳᠡᠭᠡᠯᠵᠢᠨ ᠦᠷ᠎ᠡ ᠲᠡᠢ᠂1cm ᠣᠷᠴᠢᠮ ᠤᠷᠲᠤ᠂ ᠱᠣᠪᠲᠣᠭᠣᠷ ᠦᠵᠦᠭᠦᠷ ᠲᠡᠢ᠂ ᠦᠷ᠎ᠡ ᠶ᠋ᠢᠨ ᠤᠭ ᠤ᠋ᠨ ᠬᠡᠰᠡᠭ ᠨᠢ ᠰᠤᠨᠵᠤ ᠡᠪᠡᠷᠯᠢᠭ ᠳᠠᠭᠠᠯᠳᠤᠪᠤᠷᠢ ᠡᠳ᠋ ᠪᠣᠯᠳᠠᠭ᠃ ᠤᠯᠠᠪᠤᠷ ᠬᠦᠷᠡᠩ ᠥᠩᠭᠡ ᠲᠡᠢ᠂2cm ᠤᠷᠲᠤ ᠪᠠᠢᠳᠠᠭ ᠪᠥᠭᠡᠳ ᠳᠡᠭᠡᠷ᠎ᠡ ᠬᠡᠰᠡᠭ ᠨᠢ ᠥᠷᠭᠡᠵᠢᠨ᠎ᠡ᠃3~5 ᠳ᠋ᠤᠭᠠᠷ ᠰᠠᠷ᠎ᠠ ᠳ᠋ᠤ᠌ ᠴᠡᠴᠡᠭᠯᠡᠵᠦ᠂5~6 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠲᠡᠭᠰᠢ ᠲᠠᠯ᠎ᠠ᠂ ᠵᠣ ᠰᠢᠯᠢ ᠶ᠋ᠢᠨ ᠰᠡᠢᠷᠡᠭ ᠣᠢ ᠪᠤᠶᠤ ᠠᠭᠯᠠᠭ ᠠᠭᠤᠯᠠᠨ ᠳ᠋ᠤ᠌ ᠤᠷᠭᠤᠨ᠎ᠠ᠃ ᠪᠠᠭ᠎ᠠ ᠬᠡᠮᠵᠢᠶ᠎ᠡ ᠪᠡᠷ ᠠᠷᠠᠴᠢᠯᠠᠨ ᠲᠠᠷᠢᠵᠤ ᠪᠠᠢᠨ᠎ᠠ᠃ ᠲᠠᠢᠸᠠᠨ᠂ ᠭᠣᠸᠠᠩᠳᠥ᠋ᠩ᠂ ᠭᠤᠸᠠᠩᠰᠢ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠡᠰᠢᠨ ᠦ᠌ ᠳ᠋ᠢᠶᠠᠮᠧᠲ᠋ᠷ ᠨᠢ30cm ᠠ᠋ᠴᠠ ᠳᠡᠭᠡᠭᠰᠢᠬᠢ ᠲᠣᠮᠣ ᠮᠣᠳᠣ ᠶ᠋ᠢ ᠰᠣᠩᠭᠣᠵᠤ᠂ ᠬᠥᠷᠥᠰᠥᠨ ᠡᠴᠡ ᠳᠡᠭᠡᠭᠰᠢ1.5~2m ᠥᠨᠳᠥᠷ ᠬᠡᠰᠡᠭ ᠲᠦ᠍ ᠬᠢᠲᠤᠭ᠎ᠠ ᠪᠠᠷ3~4cm ᠭᠦᠨ ᠪᠣᠰᠤᠭ᠎ᠠ ᠪᠠᠷ ᠬᠡᠳᠦ ᠴᠠᠪᠴᠢᠵᠤ᠂ ᠳᠠᠪᠠᠷᠬᠠᠢ ᠱᠦᠭᠦᠷᠡᠭᠦᠯᠦᠭᠡᠳ ᠬᠡᠳᠦᠨ ᠵᠢᠯ ᠪᠣᠯᠤᠭᠰᠠᠨ ᠤ᠋ ᠰᠡᠭᠦᠯᠡᠷ ᠣᠭᠲᠣᠯᠤᠨ ᠠᠪᠴᠤ ᠪᠣᠯᠤᠨ᠎ᠠ᠃ ᠣᠭᠲᠣᠯᠤᠭᠰᠠᠨ ᠰᠢᠨ᠎ᠡ ᠰᠣᠷᠪᠢ ᠪᠠᠷ ᠨᠢ ᠦᠷᠭᠦᠯᠵᠢᠯᠡᠨ ᠳᠠᠪᠠᠷᠬᠠᠢ ᠱᠦᠭᠦᠷᠡᠭᠦᠯᠦᠨᠡ᠃ ᠪᠠᠰᠠ ᠬᠥᠷᠥᠰᠥᠨ ᠡᠴᠡ ᠳᠡᠭᠡᠭᠰᠢ1m ᠥᠨᠳᠥᠷ ᠬᠡᠰᠡᠭ ᠦ᠋ᠨ ᠡᠰᠢᠨ ᠳᠡᠭᠡᠷ᠎ᠡ ᠨᠢ3~6cm ᠭᠦᠨ᠂ ᠳ᠋ᠢᠶᠠᠮᠧᠲ᠋ᠷ ᠨᠢ3~10cm ᠤ᠋ᠨ ᠬᠡᠳᠦᠨ ᠵᠢᠵᠢᠭ ᠨᠦᠬᠡ ᠨᠦᠬᠡᠯᠡᠵᠦ᠂ ᠰᠢᠪᠠᠷ ᠢ᠋ᠶ᠋ᠠᠷ ᠪᠥᠭᠯᠡᠪᠡᠯ ᠰᠣᠷᠪᠢᠳᠤᠭᠰᠠᠨ ᠬᠡᠰᠡᠭ ᠦ᠋ᠨ ᠣᠷᠴᠢᠨ ᠳ᠋ᠠᠬᠢ ᠮᠣᠳᠣᠯᠢᠭ ᠬᠡᠰᠡᠭ ᠨᠢ ᠳᠠᠪᠠᠷᠬᠠᠢ ᠱᠦᠭᠦᠷᠡᠭᠦᠯᠳᠡᠭ᠃ ᠠᠭᠠᠷᠤ ᠶ᠋ᠢ ᠣᠭᠲᠣᠯᠵᠤ ᠠᠪᠤᠭᠰᠠᠨ ᠤ᠋ ᠰᠡᠭᠦᠯᠡᠷ ᠳᠠᠬᠢᠨ ᠬᠢᠲᠤᠭ᠎ᠠ ᠪᠠᠷ ᠳᠠᠪᠠᠷᠬᠠᠢ ᠦᠭᠡᠢ ᠬᠡᠰᠡᠭ ᠢ᠋ ᠨᠢ ᠬᠤᠰᠤᠵᠤ ᠬᠠᠶᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠤᠱᠤᠭᠤᠨ᠂ ᠭᠠᠰᠢᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠬᠦᠨᠳᠦ᠂ ᠵᠥᠭᠡᠯᠡᠨ᠂ ᠲᠣᠰᠣᠯᠢᠭ᠂ ᠬᠠᠭᠤᠷᠠᠢ᠂ ᠮᠣᠬᠣᠳᠠᠭ᠂ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠡᠢ ᠶ᠋ᠢ ᠳᠠᠷᠤᠬᠤ᠂ ᠬᠠᠯᠠᠭᠤᠨ ᠢ᠋ ᠠᠷᠢᠯᠭᠠᠬᠤ᠂ ᠬᠠᠳᠬᠤᠯᠭ᠎ᠠ ᠶ᠋ᠢ ᠳᠠᠷᠤᠬᠤ᠂ ᠠᠮᠢᠰᠬᠤᠯ ᠢ᠋ ᠠᠭᠤᠵᠢᠷᠠᠭᠤᠯᠬᠤ ᠴᠢᠳᠠᠯ ᠲᠠᠢ᠃ ᠭᠣᠣᠯᠳᠠᠭᠤ ᠭᠣᠣᠯ ᠰᠤᠳᠠᠯ ᠪᠣᠯᠤᠨ ᠵᠢᠷᠦᠬᠡᠨ ᠦ᠌ ᠬᠡᠢ ᠬᠠᠯᠠᠭᠤᠨ᠂ ᠠᠮᠢᠰᠬᠤᠯ ᠳᠠᠪᠬᠤᠴᠠᠬᠤ᠂ ᠨᠣᠢᠷ ᠬᠤᠯᠵᠢᠬᠤ᠂ ᠵᠢᠷᠦᠬᠡ ᠲᠦᠭᠰᠢᠬᠦ᠂ ᠵᠢᠷᠦᠬᠡᠨ ᠬᠠᠳᠬᠤᠯᠭ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄沉香(白木香)
ᠠᠩᠭ᠌ᠯᠢ ᠨᠡᠷ᠎ᠡ᠄Aquilaria sinensis (Lour) Gilg
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ᠄ ᠲᠤᠶᠠᠭ᠎ᠠ
