ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ – ᠣᠷᠴᠢᠭᠤᠯᠤᠭᠴᠢ ᠶᠢᠨ ᠦᠭᠡ Идээ ундааны жинхэнэ товч– Хүсэхүй нар найруулж Хөхлуу монголчлов – Орчуулагчийн үг
ᠣᠷᠴᠢᠭᠤᠯᠤᠭᠴᠢ ᠶᠢᠨ ᠦᠭᠡ
ᠲᠤᠰ ᠪᠢᠴᠢᠭ ᠦ᠋ᠨ ᠰᠡᠭᠦᠯ ᠳ᠋ᠦ᠍ ᠳᠠᠭᠠᠯᠳᠤᠭᠤᠯᠤᠭᠰᠠᠨ ᠭᠠᠷᠭᠠᠯᠭ᠎ᠠ ᠳ᠋ᠤᠷ ᠪᠢᠴᠢᠭᠰᠡᠨ ᠪᠠᠢᠳᠠᠯ ᠢ᠋ᠶ᠋ᠠᠷ ᠦᠵᠡᠪᠡᠰᠦ ᠶᠤᠸᠠᠨ ᠤᠯᠤᠰ ᠤ᠋ᠨ ᠦᠶ᠎ᠡ ᠳ᠋ᠦ᠍ ᠲᠤᠰ ᠪᠢᠴᠢᠭ ᠨᠢᠭᠡᠨᠲᠡ ᠬᠡᠪᠯᠡᠭᠳᠡᠭᠡᠳ ᠪᠠᠢᠭᠰᠠᠨ ᠪᠣᠯᠪᠠᠴᠤ ᠠᠭᠠᠵᠢᠮ ᠢ᠋ᠶ᠋ᠠᠷ ᠬᠣᠪᠣᠷ ᠴᠤᠬᠠᠭ ᠪᠣᠯᠤᠭᠰᠠᠨ ᠲᠤᠯᠠ᠂ ᠮᠢᠩ ᠤᠯᠤᠰ ᠤ᠋ᠨ ᠦᠶ᠎ᠡ ᠳ᠋ᠦ᠍ ᠪᠠᠰᠠ ᠳᠠᠬᠢᠨ ᠬᠡᠪᠯᠡᠭᠳᠡᠭᠰᠡᠨ ᠪᠠᠢᠨ᠎ᠠ᠃ ᠶᠠᠭ ᠭᠠᠷᠭᠠᠯᠭ᠎ᠠ ᠳ᠋ᠤᠷ ᠪᠢᠴᠢᠭᠰᠡᠨᠴᠢᠯᠡᠨ᠂ ᠶᠤᠸᠠᠨ ᠤᠯᠤᠰ ᠤ᠋ᠨ ᠬᠡᠪᠯᠡᠯ ᠢ᠋ ᠣᠯᠳᠠᠬᠤᠶ᠎ᠠ ᠨᠢᠭᠡᠨᠲᠡ ᠪᠡᠷᠬᠡ ᠪᠣᠯᠪᠠ ᠭᠡᠵᠦ ᠳᠤᠷᠠᠳᠤᠭᠰᠠᠨ ᠮᠡᠲᠦ ᠪᠡᠷ ᠶᠤᠸᠠᠨ ᠤᠯᠤᠰ ᠤ᠋ᠨ ᠬᠡᠪᠯᠡᠯ ᠢ᠋ ᠨᠡᠭᠡᠷᠡᠨ ᠴᠦ᠍ ᠶᠠᠭᠤᠲᠠᠢ ᠨᠠᠨᠳᠢᠨ ᠵᠦᠢᠯ ᠪᠣᠯᠤᠭᠰᠠᠨ ᠠᠵᠢ᠃ ᠡᠨᠡᠬᠦ ᠣᠷᠴᠢᠭᠤᠯᠭ᠎ᠠ ᠶ᠋ᠢᠨ ᠤᠭ ᠬᠢᠲᠠᠳ ᠳᠡᠪᠲᠡᠷ ᠪᠣᠯ ᠮᠢᠩ ᠤᠯᠤᠰ ᠤ᠋ᠨ ᠦᠶ᠎ᠡ ᠶ᠋ᠢᠨ ᠬᠡᠪᠯᠡᠯ ᠶᠦ᠍ᠮ᠃ ᠳᠤᠮᠳᠠᠳᠤ ᠢᠷᠭᠡᠨ ᠤᠯᠤᠰ ᠤ᠋ᠨ ᠠᠷᠪᠠᠨ ᠳᠣᠯᠣᠳᠤᠭᠠᠷ ᠣᠨ ᠤ᠋ ᠦᠶ᠎ᠡ ᠳ᠋ᠦ᠍ ᠵᠠᠩ ᠶᠤᠸᠠᠨ ᠵᠢᠢ ᠬᠡᠮᠡᠭᠴᠢ ᠢᠨᠦ ᠶᠠᠫᠣᠨ ᠤᠯᠤᠰ ᠤ᠋ᠨ ᠳ᠋ᠦᠩ ᠵᠢᠩ ᠬᠣᠲᠠ ᠶ᠋ᠢᠨ ᠵᠢᠩ ᠵᠢᠶᠠ ᠸᠸᠨ ᠺᠦ ᠭᠡᠬᠦ ᠨᠣᠮ ᠤ᠋ᠨ ᠰᠠᠩ ᠠ᠋ᠴᠠ ᠵᠢᠭᠡᠯᠡᠨ ᠠᠪᠴᠢᠷᠠᠵᠤ ᠰᠡᠭᠦᠳᠡᠷᠯᠡᠨ ᠳᠠᠷᠤᠮᠠᠯᠯᠠᠵᠤ ᠲᠠᠷᠬᠠᠭᠠᠭᠰᠠᠨ ᠳᠡᠪᠲᠡᠷ ᠪᠣᠯᠠᠢ᠃ ᠮᠠᠨ ᠤ᠋ ᠤᠯᠤᠰ ᠤ᠋ᠨ ᠣᠳᠣ ᠶ᠋ᠢᠨ ᠪᠠᠢᠳᠠᠯ ᠢ᠋ᠶ᠋ᠠᠷ ᠦᠵᠡᠭᠰᠡᠨ ᠴᠦ᠍ ᠡᠨᠡᠬᠦ ᠪᠢᠴᠢᠭ ᠮᠠᠲ᠋ᠧᠷᠢᠶᠠᠯ ᠮᠥᠨ ᠬᠣᠪᠣᠷ ᠨᠠᠨᠳᠢᠨ ᠵᠦᠢᠯ ᠪᠣᠯᠤᠭᠰᠠᠨ ᠪᠠᠢᠨ᠎ᠠ᠃
ᠲᠡᠦᠬᠡ ᠶ᠋ᠢᠨ ᠪᠠᠢᠳᠠᠯ ᠠ᠋ᠴᠠ ᠬᠡᠯᠡᠬᠦ ᠳ᠋ᠦ᠍ ᠲᠤᠰ ᠪᠢᠴᠢᠭ ᠲᠣᠷ ᠬᠤᠪᠢᠯᠠᠢ ᠰᠡᠴᠡᠨ ᠬᠠᠭᠠᠨ ᠦᠽᠦ᠋ᠩ ᠬᠠᠭᠠᠨ ᠪᠣᠯᠤᠨ ᠲᠡᠭᠦᠨ ᠦ᠌ ᠡᠬᠡ ᠬᠤᠸᠠᠩᠬᠡᠦ ᠬᠠᠲᠤᠨ ᠸᠸᠡᠨᠽᠦ᠋ᠩ ᠬᠠᠭᠠᠨ ᠵᠡᠷᠭᠡ ᠮᠣᠩᠭᠣᠯ ᠤ᠋ᠨ ᠡᠵᠡᠳ ᠬᠠᠭᠠᠳ ᠬᠢᠭᠡᠳ ᠴᠢᠨᠠᠭᠰᠢᠯᠠᠪᠠᠯ ᠬᠠᠨ ᠤᠯᠤᠰ ᠤ᠋ᠨ ᠡᠦ ᠳᠢ ᠬᠠᠭᠠᠨ ᠪᠠ ᠳᠠᠩ ᠤᠯᠤᠰ ᠤ᠋ᠨ ᠲᠠᠢᠽᠦ᠋ᠩ ᠬᠠᠭᠠᠨ ᠵᠡᠷᠭᠡ ᠲᠡᠦᠬᠡᠲᠦ ᠬᠥᠮᠦᠰ ᠢ᠋ ᠴᠥᠮ ᠢᠳᠡᠭᠡᠨ ᠤᠮᠳᠠᠭᠠᠨ ᠡᠷᠡᠭᠦᠯ ᠬᠠᠮᠠᠭᠠᠯᠠᠯ ᠳ᠋ᠤ᠌ ᠬᠣᠯᠪᠣᠭᠳᠠᠭᠤᠯᠵᠤ ᠳᠤᠷᠠᠳᠤᠭᠰᠠᠨ ᠭᠠᠵᠠᠷ ᠪᠣᠢ᠂ ᠡᠨᠡᠬᠦ ᠪᠢᠴᠢᠭ ᠬᠡᠳᠦᠢᠪᠡᠷ ᠢᠳᠡᠭᠡᠨ ᠤᠮᠳᠠᠭᠠᠨ ᠤ᠋ ᠵᠢᠩᠬᠢᠨᠢ ᠲᠣᠪᠴᠢ ᠭᠡᠵᠦ ᠨᠡᠷᠡᠢᠳᠦᠭᠳᠡᠭᠰᠡᠨ ᠪᠣᠯᠪᠠᠴᠤ ᠦᠨᠡᠨ ᠳ᠋ᠡᠭᠡᠨ ᠲᠡᠭᠦᠨ ᠦ᠌ ᠳᠣᠲᠣᠷ᠎ᠠ ᠡᠮ ᠡᠮᠨᠡᠯᠭᠡ ᠡᠷᠡᠭᠦᠯ ᠬᠠᠮᠠᠭᠠᠯᠠᠯ ᠤ᠋ᠨ ᠶᠠᠪᠤᠳᠠᠯ ᠤ᠋ᠳ ᠢ᠋ ᠬᠠᠮᠤᠷᠤᠨ ᠨᠠᠢᠷᠠᠭᠤᠯᠤᠭᠰᠠᠨ ᠶᠤᠮ᠃ ᠣᠳᠣ ᠳᠡᠭᠡᠷ᠎ᠡ ᠪᠡᠨ ᠡᠮ ᠡᠮᠨᠡᠯᠭᠡ ᠪᠠ ᠢᠯᠠᠩᠭᠤᠶ᠎ᠠ ᠡᠮ ᠡᠮᠨᠡᠯᠭᠡ ᠶ᠋ᠢᠨ ᠲᠡᠦᠬᠡ ᠶ᠋ᠢ ᠰᠢᠨᠵᠢᠯᠡᠨ ᠰᠤᠳᠤᠯᠵᠤ ᠪᠦᠬᠦᠢ ᠨᠥᠬᠥᠳ ᠦ᠋ᠨ ᠦᠵᠡᠯᠲᠡ ᠪᠡᠷ ᠪᠣᠯ᠂ ᠲᠤᠰ ᠪᠢᠴᠢᠭ ᠪᠣᠯᠪᠠᠰᠤ ᠮᠠᠨ ᠤ᠋ ᠤᠯᠤᠰ ᠤ᠋ᠨ ᠬᠠᠮᠤᠭ ᠤ᠋ᠨ ᠡᠷᠲᠡ ᠨᠠᠢᠷᠠᠭᠤᠯᠤᠭᠳᠠᠭᠰᠠᠨ ᠨᠢᠭᠡᠨ ᠢᠵᠢ ᠪᠦᠷᠢᠨ ᠪᠦᠲᠦᠨ ᠰᠢᠭ ᠢᠳᠡᠭᠡᠨ ᠤᠮᠳᠠᠭᠠᠨ ᠤ᠋ ᠵᠠᠰᠠᠯ ᠤ᠋ᠨ ᠵᠣᠬᠢᠶᠠᠯ ᠪᠣᠯᠤᠮᠤᠢ ᠭᠡᠮᠡᠨ ᠦᠨᠡᠯᠡᠵᠦ ᠪᠣᠢ᠃ ᠡᠨᠡ ᠪᠢᠴᠢᠭ ᠲᠣᠷ ᠥᠩᠭᠡᠷᠡᠭᠰᠡᠨ ᠦ᠌ ᠠᠯᠳᠠᠷᠲᠤ ᠡᠮᠴᠢᠳ ᠦ᠋ᠨ ᠲᠤᠷᠰᠢᠯᠭᠠᠲᠤ ᠵᠣᠷ ᠨᠢᠭᠤᠴᠠ ᠵᠣᠷ ᠢ᠋ ᠨᠠᠢᠷᠠᠭᠤᠯᠤᠨ ᠣᠷᠣᠭᠤᠯᠤᠭᠰᠠᠨ ᠪᠠᠢᠬᠤ ᠳ᠋ᠤ᠌᠂ ᠮᠥᠨ ᠪᠠᠰᠠ ᠮᠣᠩᠭᠣᠯ ᠦᠨᠳᠦᠰᠦᠲᠡᠨ ᠦ᠌ ᠢᠳᠡᠰᠢ ᠤᠤᠭᠤᠰᠢ ᠶ᠋ᠢᠨ ᠣᠨᠴᠠᠯᠢᠭ ᠪᠣᠯᠳᠠᠭ ᠤᠯᠠᠭᠠᠨ ᠴᠠᠭᠠᠨ ᠢᠳᠡᠭᠡᠨ ᠤᠮᠳᠠᠭᠠᠨ ᠤ᠋ ᠵᠦᠢᠯ ᠢ᠋ ᠴᠦ᠍ ᠨᠡᠯᠢᠶᠡᠳ ᠨᠠᠢᠷᠠᠭᠤᠯᠵᠤ ᠣᠷᠣᠭᠤᠯᠤᠭᠰᠠᠨ ᠪᠠᠢᠨ᠎ᠠ᠃ ᠲᠤᠰ ᠨᠣᠮ ᠤ᠋ᠨ ᠭᠠᠷᠭᠠᠯᠭ᠎ᠠ ᠳ᠋ᠤᠷ ᠳᠣᠷᠠᠳᠣᠭᠰᠠᠨᠴᠢᠯᠠᠨ ᠡᠨᠡᠬᠦ ᠨᠣᠮ ᠠ᠋ᠴᠠ ᠶᠤᠸᠠᠨ ᠤᠯᠤᠰ ᠤ᠋ᠨ ᠬᠥᠮᠦᠰ ᠦ᠋ᠨ ᠠᠮᠢᠳᠤᠷᠠᠯ ᠤ᠋ᠨ ᠵᠠᠩ ᠰᠤᠷᠲᠠᠬᠤᠨ ᠢ᠋ ᠵᠣᠬᠢᠬᠤ ᠬᠡᠮᠵᠢᠶ᠎ᠡ ᠪᠡᠷ ᠣᠢᠯᠠᠭᠠᠵᠤ ᠪᠣᠯᠬᠤ ᠶᠤᠮ ᠪᠠᠢᠨ᠎ᠠ᠃ ᠲᠡᠷᠡᠴᠢᠯᠡᠨ ᠮᠢᠩ ᠤᠯᠤᠰ ᠤ᠋ᠨ ᠠᠯᠳᠠᠷᠲᠤ ᠡᠮᠴᠢ ᠯᠢ ᠱᠢ ᠵᠧᠨ ᠦ᠌ ᠨᠠᠢᠷᠠᠭᠤᠯᠤᠭᠰᠠᠨ 《ᠪᠸᠨ ᠼᠤᠤ ᠭᠠᠩ ᠮᠦ᠍》 ᠬᠡᠮᠡᠬᠦ ᠡᠪᠡᠰᠦᠨ ᠡᠮ ᠦ᠋ᠨ ᠲᠣᠪᠴᠢ ᠳ᠋ᠠᠭᠠᠨ ᠲᠤᠰ ᠪᠢᠴᠢᠭ ᠡᠴᠡ ᠡᠰᠢ ᠲᠠᠲᠠᠭᠰᠠᠨ ᠭᠠᠵᠠᠷ ᠴᠤ᠌ ᠵᠣᠬᠢᠬᠤ ᠬᠡᠮᠵᠢᠶ᠎ᠡ ᠪᠡᠷ ᠪᠠᠢᠳᠠᠭ ᠶᠤᠮ᠃ ᠵᠢᠱ᠌ᠢᠶᠡᠯᠡᠪᠡᠯ᠄ ᠬᠤᠪᠢᠯᠠᠢ ᠶ᠋ᠢᠨ ᠢᠳᠡᠭᠡᠨ ᠤᠮᠳᠠᠭᠠᠨ ᠤ᠋ ᠵᠢᠩᠬᠢᠨᠢ ᠲᠣᠪᠴᠢ ᠳ᠋ᠤᠷ ᠶᠠᠮᠠᠷ ᠵᠦᠢᠯ ᠢ᠋ ᠶᠠᠭᠤ ᠶᠠᠭᠤ ᠭᠡᠮᠡᠨ ᠥᠭᠦᠯᠡᠵᠦ ᠪᠣᠢ ᠭᠡᠵᠦ ᠡᠰᠢ ᠲᠠᠲᠠᠳᠠᠭ ᠪᠠᠢᠨ᠎ᠠ᠃ ᠲᠡᠢᠮᠦ ᠡᠴᠡ ᠮᠠᠨ ᠤ᠋ ᠡᠬᠡ ᠤᠯᠤᠰ ᠤ᠋ᠨ ᠡᠮ ᠡᠮᠨᠡᠯᠭᠡ ᠶ᠋ᠢ ᠰᠤᠳᠤᠯᠬᠤ ᠪᠠ ᠦᠨᠳᠦᠰᠦᠲᠡᠨ ᠦ᠌ ᠡᠮ ᠡᠮᠨᠡᠯᠭᠡ ᠶ᠋ᠢᠨ ᠲᠡᠦᠬᠡ ᠶ᠋ᠢ ᠰᠢᠨᠵᠢᠯᠡᠨ ᠰᠤᠳᠤᠯᠬᠤ ᠳ᠋ᠤ᠌ ᠴᠥᠮ ᠯᠠᠪᠯᠠᠯᠲᠠ ᠪᠣᠯᠭᠠᠮᠠᠷ ᠦᠨ᠎ᠡ ᠴᠠᠨ᠎ᠠ ᠲᠠᠢ ᠶᠤᠮ᠃ ᠣᠳᠣ ᠳᠡᠭᠡᠷ᠎ᠡ ᠥᠪᠥᠷ ᠮᠣᠩᠭᠣᠯ ᠤ᠋ᠨ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢᠨ ᠵᠢᠭᠮᠡᠳ ᠨᠥᠬᠥᠷ ᠡᠴᠡ ᠮᠣᠩᠭᠣᠯ ᠡᠮ ᠡᠮᠨᠡᠯᠭᠡ ᠶ᠋ᠢᠨ ᠲᠡᠦᠬᠡ ᠶ᠋ᠢ ᠰᠤᠳᠤᠯᠵᠤ ᠪᠠᠢᠬᠤ ᠲᠠᠰᠢᠷᠠᠮ ᠪᠤᠰᠤᠳ ᠪᠠᠢᠭᠤᠯᠤᠯᠭ᠎ᠠ ᠠ᠋ᠴᠠ ᠲᠤᠰ ᠪᠢᠴᠢᠭ ᠦ᠋ᠨ ᠤᠭ ᠬᠢᠲᠠᠳ ᠳᠡᠪᠲᠡᠷ ᠢ᠋ ᠵᠢᠭᠡᠯᠡᠵᠦ ᠰᠡᠭᠦᠳᠡᠷᠯᠡᠨ ᠠᠪᠤᠭᠠᠳ ᠣᠯᠳᠣᠢ ᠨᠠᠮ᠎ᠠ ᠶ᠋ᠢ ᠮᠣᠩᠭᠣᠯ ᠬᠡᠯᠡᠨ ᠳᠡᠭᠡᠷ᠎ᠡ ᠣᠷᠴᠢᠭᠤᠯᠬᠤ ᠪᠣᠯᠪᠠᠤ ᠬᠡᠮᠡᠭᠰᠡᠨ ᠢ᠋ᠶ᠋ᠡᠷ ᠪᠢ ᠴᠦ᠍ ᠡᠷᠳᠡᠮ ᠴᠢᠳᠠᠪᠤᠷᠢ ᠮᠡᠬᠦᠰ ᠢ᠋ᠶ᠋ᠡᠨ ᠦᠯᠦ ᠪᠣᠳᠣᠨ ᠡᠨᠡᠬᠦ ᠪᠢᠴᠢᠭ ᠢ᠋ ᠣᠷᠴᠢᠭᠤᠯᠪᠠ᠃
ᠲᠤᠰ ᠪᠢᠴᠢᠭ ᠦ᠋ᠨ ᠠᠭᠤᠯᠭ᠎ᠠ ᠶ᠋ᠢᠨ ᠲᠤᠬᠠᠢ ᠲᠣᠪᠴᠢᠯᠠᠨ ᠥᠭᠦᠯᠡᠪᠡᠯ ᠡᠨᠡ ᠪᠢᠴᠢᠭ ᠢ᠋ ᠭᠤᠷᠪᠠᠨ ᠪᠤᠳ᠋ ᠢ᠋ᠶ᠋ᠠᠷ ᠬᠤᠪᠢᠶᠠᠷᠢᠯᠠᠨ ᠨᠠᠢᠷᠠᠭᠤᠯᠤᠭᠰᠠᠨ ᠪᠢᠯᠡ᠃ ᠨᠢᠭᠡᠳᠦᠭᠡᠷ ᠪᠣᠳᠢ ᠳ᠋ᠤᠷ ᠠᠵᠤ ᠲᠥᠷᠥᠬᠦ ᠶ᠋ᠢᠨ ᠴᠡᠭᠡᠷᠯᠡᠬᠦ ᠵᠦᠢᠯ᠂ ᠵᠢᠷᠮᠦᠰᠤᠯᠡᠭᠰᠡᠳ ᠦ᠋ᠨ ᠢᠳᠡᠭᠡᠨ ᠤᠮᠳᠠᠭᠠᠨ ᠤ᠋ ᠴᠡᠭᠡᠷᠯᠡᠯ᠂ ᠬᠥᠬᠥᠯᠲᠦ ᠡᠬᠡ ᠶ᠋ᠢᠨ ᠴᠡᠭᠡᠷᠯᠡᠬᠦ ᠵᠦᠢᠯ᠂ ᠠᠷᠢᠬᠢ ᠳᠠᠷᠠᠰᠤ ᠤᠤᠭᠤᠬᠤ ᠶ᠋ᠢᠨ ᠴᠡᠭᠡᠷᠯᠡᠬᠦ ᠵᠦᠢᠯ᠂ ᠭᠠᠢᠬᠠᠮᠰᠢᠭᠲᠤ ᠨᠠᠨᠳᠢᠨ ᠢᠳᠡᠰᠢ ᠤᠤᠭᠤᠰᠢ ᠶ᠋ᠢᠨ ᠵᠦᠢᠯ᠃ ᠬᠣᠶᠠᠳᠤᠭᠠᠷ ᠪᠣᠳᠢ ᠳ᠋ᠤᠷ ᠳᠠᠩ ᠲᠠᠯᠬ᠎ᠠ᠂ ᠬᠠᠨᠳᠠ ᠰᠢᠷᠭᠢᠬᠡᠮᠡᠯ᠂ ᠠᠷᠰᠢ ᠰᠠᠬᠢᠭᠤᠯᠰᠤᠨ ᠤ᠋ ᠢᠳᠡᠭᠡᠨ ᠤᠮᠳᠠᠭᠠᠨ᠂ ᠳᠥᠷᠪᠡᠨ ᠤᠯᠠᠷᠢᠯ ᠳ᠋ᠤᠷ ᠡᠳ᠋ᠯᠡᠪᠡᠰᠦ ᠵᠣᠬᠢᠬᠤ ᠵᠦᠢᠯ᠂ ᠲᠠᠪᠤᠨ ᠠᠮᠲᠠ ᠶ᠋ᠢᠨ ᠭᠦᠶᠦᠳᠡᠯ᠂ ᠢᠳᠡᠭᠡᠨ ᠤᠮᠳᠠᠭᠠᠨ ᠤ᠋ ᠵᠠᠰᠠᠯ᠂ ᠡᠮ ᠤᠤᠭᠤᠬᠤ ᠳ᠋ᠤ᠌ ᠴᠡᠭᠡᠷᠯᠡᠬᠦ ᠵᠦᠢᠯ ᠢᠳᠡᠭᠡᠨ ᠤᠮᠳᠠᠭᠠᠨ ᠤ᠋ ᠠᠰᠢᠭ ᠬᠣᠣᠷ ᠪᠠ ᠬᠠᠷᠰᠢᠯᠳᠤᠬᠤ ᠵᠢᠴᠢ ᠬᠣᠣᠷᠳᠣᠭᠳᠠᠬᠤ᠂ ᠠᠷᠢᠶᠠᠲᠠᠨ ᠵᠢᠭᠦᠷᠲᠡᠨ ᠦ᠌ ᠬᠡᠪ ᠦ᠋ᠨ ᠪᠤᠰᠤ ᠵᠡᠷᠭᠡ ᠶ᠋ᠢ ᠳᠤᠷᠠᠳᠤᠭᠰᠠᠨ ᠪᠠᠢᠨ᠎ᠠ᠃ ᠭᠤᠷᠪᠠᠳᠤᠭᠠᠷ ᠪᠣᠳᠢ ᠳ᠋ᠤᠷ ᠠᠮᠤ ᠪᠤᠳᠠᠭ᠎ᠠ ᠲᠠᠪᠤᠨ ᠲᠠᠷᠢᠶ᠎ᠠ᠂ ᠠᠷᠢᠶᠠᠲᠠᠨ ᠵᠢᠭᠦᠷᠲᠡᠨ ᠵᠢᠭᠠᠰᠤ ᠵᠢᠷᠠᠭᠠᠬᠠᠢ᠂ ᠨᠣᠭᠣᠭ᠎ᠠ ᠵᠢᠮᠢᠰ ᠦ᠋ᠨ ᠠᠮᠲᠠ ᠴᠢᠨᠠᠷ ᠪᠠ ᠴᠢᠳᠠᠯ ᠢ᠋ ᠲᠠᠨᠢᠯᠴᠠᠭᠤᠯᠵᠤ᠂ ᠪᠠᠰᠠ ᠨᠡᠯᠢᠶᠡᠳ ᠵᠢᠷᠤᠭ ᠬᠠᠲᠠᠵᠤ᠂ ᠡᠮ ᠡᠮᠨᠡᠯᠭᠡ ᠪᠣᠯᠤᠨ ᠢᠳᠡᠭᠡᠨ ᠤᠮᠳᠠᠭᠠᠨ ᠤ᠋ ᠤᠴᠢᠷ ᠢ᠋ ᠤᠷᠠᠯᠢᠭ ᠵᠢᠷᠤᠭ ᠢ᠋ᠶ᠋ᠠᠷ ᠳᠦᠷᠰᠦᠯᠡᠨ ᠬᠠᠷᠠᠭᠤᠯᠵᠠᠢ᠃
ᠮᠡᠳᠡᠭᠡᠵᠢ ᠶ᠋ᠢᠨ ᠶᠣᠰᠣᠭᠠᠷ ᠡᠷᠲᠡᠨ ᠦ᠌ ᠨᠠᠢᠷᠠᠭᠤᠯᠤᠯ ᠵᠣᠬᠢᠶᠠᠯ ᠪᠣᠯᠪᠠᠯ ᠲᠡᠦᠬᠡ ᠶ᠋ᠢᠨ ᠴᠠᠭ ᠡᠷᠡᠨ ᠦ᠌ ᠬᠢᠵᠠᠭᠠᠷᠯᠠᠯ ᠠ᠋ᠴᠠ ᠪᠣᠯᠵᠤ᠂ ᠹᠧᠣᠳᠠᠯ ᠤ᠋ᠨ ᠪᠠ ᠮᠤᠬᠤᠷ ᠰᠦᠰᠦᠭ ᠦ᠋ᠨ ᠦᠵᠡᠯ ᠡᠳᠦᠢ ᠲᠡᠳᠦᠢ ᠣᠷᠣᠰᠢᠵᠤ ᠪᠠᠢᠬᠤ ᠨᠢ ᠵᠠᠢᠯᠠᠰᠢ ᠦᠭᠡᠢ᠃ ᠭᠡᠬᠦ ᠳ᠋ᠦ᠍ ᠡᠷᠲᠡᠨ ᠦ᠌ ᠮᠠᠲ᠋ᠧᠷᠢᠶᠠᠯ ᠤ᠋ᠨ ᠤᠭ ᠳᠦᠷᠰᠦ ᠪᠠᠢᠳᠠᠯ ᠢ᠋ ᠬᠠᠳᠠᠭᠠᠯᠠᠬᠤ ᠶ᠋ᠢᠨ ᠡᠭᠦᠳᠡᠨ ᠡᠴᠡ ᠣᠷᠴᠢᠭᠤᠯᠬᠤ ᠳ᠋ᠠᠭᠠᠨ ᠤᠭ ᠤ᠋ᠨ ᠵᠣᠷᠢᠭ ᠰᠠᠨᠠᠭ᠎ᠠ ᠶ᠋ᠢ ᠪᠠᠷᠢᠮᠲᠠᠯᠠᠵᠤ ᠵᠠᠰᠠᠪᠤᠷᠢᠯᠠᠵᠤ ᠰᠢᠢᠳᠪᠦᠷᠢᠯᠡᠬᠦ ᠪᠤᠶᠤ ᠬᠠᠰᠤᠵᠤ ᠣᠷᠬᠢᠭᠰᠠᠨ ᠦᠭᠡᠢ ᠲᠡᠢᠮᠦ ᠡᠴᠡ ᠤᠩᠰᠢᠵᠤ ᠰᠣᠨᠢᠷᠬᠠᠬᠤ ᠳ᠋ᠠᠭᠠᠨ ᠰᠢᠭᠠᠷᠤ ᠶ᠋ᠢ ᠬᠠᠶᠠᠵᠤ ᠰᠣᠳᠣ ᠶ᠋ᠢ ᠠᠪᠬᠤ᠂ ᠬᠠᠭᠤᠷᠮᠠᠭ ᠢ᠋ ᠲᠡᠪᠴᠢᠨ ᠦᠨᠡᠨ ᠢ᠋ ᠦᠯᠡᠳᠡᠭᠡᠬᠦ ᠪᠣᠳᠠᠰᠴᠢ ᠦᠵᠡᠯ ᠢ᠋ ᠪᠠᠷᠢᠮᠲᠠᠯᠠᠵᠤ᠂ ᠰᠢᠭᠦᠮᠵᠢᠯᠡᠯ ᠲᠡᠢ ᠪᠡᠷ ᠤᠩᠰᠢᠨ ᠰᠣᠨᠢᠷᠬᠠᠬᠤ ᠪᠣᠯᠪᠠᠤ᠃
ᠥᠷᠭᠡᠨ ᠣᠯᠠᠨ ᠤᠩᠰᠢᠭᠴᠢᠳ ᠤ᠋ᠨ ᠤᠩᠰᠢᠨ ᠰᠣᠨᠢᠷᠬᠠᠬᠤ ᠳ᠋ᠤ᠌ ᠳᠥᠭᠥᠮ ᠦᠵᠡᠭᠦᠯᠬᠦ ᠶ᠋ᠢᠨ ᠲᠤᠰᠠᠳᠠ ᠲᠤᠰ ᠳᠡᠪᠲᠡᠷ ᠲᠣᠷ ᠬᠡᠷᠡᠭᠯᠡᠭᠳᠡᠭᠰᠡᠨ ᠵᠠᠷᠢᠮ ᠨᠡᠷᠡᠰ ᠢ᠋ ᠮᠣᠩᠭᠣᠯ ᠬᠢᠲᠠᠳ ᠬᠡᠯᠡ ᠪᠡᠷ ᠬᠠᠪᠰᠤᠷᠤᠭᠤᠯᠵᠤ᠂ ᠳᠡᠪᠲᠡᠷ ᠦ᠋ᠨ ᠰᠡᠭᠦᠯ ᠳ᠋ᠦ᠍ ᠳᠠᠭᠠᠯᠳᠤᠭᠤᠯᠪᠠ᠃ ᠬᠡᠷᠪᠡ ᠣᠷᠴᠢᠭᠤᠯᠵᠤ ᠬᠡᠷᠡᠭᠯᠡᠭᠰᠡᠨ ᠠᠯᠢ ᠨᠢᠭᠡᠨ ᠨᠡᠷᠡᠰ ᠨᠢ ᠵᠣᠬᠢᠰ ᠦᠭᠡᠢ ᠪᠤᠶᠤ ᠲᠠᠰᠢᠶᠠᠷᠠᠭᠰᠠᠨ ᠪᠠᠢᠪᠠᠯ ᠪᠢᠴᠢᠭ ᠦ᠋ᠨ ᠤᠤᠯ ᠠᠭᠤᠯᠭ᠎ᠠ ᠶ᠋ᠢ ᠪᠤᠷᠤᠭᠤ ᠣᠢᠯᠠᠭᠠᠬᠤ ᠦᠭᠡᠢ ᠪᠣᠯᠭᠠᠬᠤ ᠶ᠋ᠢᠨ ᠲᠤᠰᠠ ᠳ᠋ᠤ᠌᠂ ᠤᠭ ᠤ᠋ᠨ ᠬᠢᠲᠠᠳ ᠨᠡᠷᠡᠰ ᠢ᠋ᠶ᠋ᠡᠷ ᠪᠠᠷᠢᠮᠵᠢᠶ᠎ᠠ ᠪᠣᠯᠭᠠᠬᠤ ᠶ᠋ᠢ ᠬᠦᠰᠡᠮᠦ᠃
ᠲᠤᠰ ᠪᠢᠴᠢᠭ ᠦ᠋ᠨ ᠤᠭ ᠬᠢᠲᠠᠳ ᠳᠡᠪᠲᠡᠷ ᠨᠢ ᠡᠷᠲᠡᠨ ᠦ᠌ ᠮᠠᠶᠢᠭ ᠤ᠋ᠨ ᠦᠭᠡ ᠥᠭᠦᠯᠡᠪᠦᠷᠢ ᠪᠡᠷ ᠴᠦᠯᠪᠢᠨ ᠨᠠᠢᠷᠠᠭᠤᠯᠵᠤ ᠴᠢᠭ ᠳᠤᠰᠤᠯ ᠤ᠋ᠨ ᠲᠡᠮᠳᠡᠭ ᠴᠦ᠍ ᠲᠠᠯᠪᠢᠭᠰᠠᠨ ᠦᠭᠡᠢ ᠭᠠᠷ ᠪᠢᠴᠢᠮᠡᠯ ᠳᠡᠪᠲᠡᠷ ᠪᠣᠯᠤᠨ᠎ᠠ᠂ ᠣᠨᠴᠠ ᠵᠠᠷᠢᠮ ᠡᠮ ᠪᠣᠳᠠᠰ ᠤ᠋ᠨ ᠨᠡᠷᠡᠰ ᠢ᠋ ᠡᠷᠲᠡᠨ ᠦ᠌ ᠮᠠᠶᠢᠭ ᠤ᠋ᠨ ᠨᠡᠷ᠎ᠡ ᠶᠦ᠍ᠮ ᠤᠤ᠂ ᠡᠰᠡᠬᠦᠯ᠎ᠡ ᠪᠠᠷᠠᠭᠤᠨ ᠭᠠᠵᠠᠷ ᠤ᠋ᠨ ᠨᠡᠷ᠎ᠡ ᠪᠡᠷ ᠨᠡᠷᠡᠯᠡᠭᠰᠡᠨ ᠵᠦᠢᠯ ᠢ᠋ ᠣᠷᠴᠢᠭᠤᠯᠬᠤ ᠳ᠋ᠠᠭᠠᠨ ᠪᠠᠬᠠᠨ ᠲᠠᠢᠯᠪᠤᠷᠢ ᠬᠢᠬᠦ ᠪᠡᠷ ᠴᠢᠷᠮᠠᠢᠭᠰᠠᠨ ᠪᠣᠯᠪᠠᠴᠤ ᠪᠦᠷᠢᠨ ᠬᠠᠩᠭᠠᠮᠵᠢ ᠲᠠᠢ ᠪᠣᠯᠴᠢᠬᠠᠯ᠎ᠠ ᠭᠡᠵᠦ ᠬᠡᠯᠡᠬᠦ ᠶ᠋ᠢᠨ ᠠᠷᠭ᠎ᠠ ᠦᠭᠡᠢ ᠲᠡᠭᠦᠨᠴᠢᠯᠡᠨ ᠣᠯᠳᠣᠢ ᠮᠢᠨᠦ ᠰᠤᠷᠴᠤ ᠰᠤᠳᠤᠯᠤᠭᠰᠠᠨ ᠢ᠋ᠶ᠋ᠠᠷ ᠳᠤᠲᠠᠮᠠᠭ᠂ ᠬᠢᠷᠢ ᠬᠡᠮᠵᠢᠶ᠎ᠡ ᠴᠦ᠍ ᠬᠢᠵᠠᠭᠠᠷᠲᠠᠢ ᠠ᠋ᠴᠠ ᠪᠣᠯᠵᠤ ᠠᠯᠳᠠᠭ᠎ᠠ ᠳᠤᠲᠠᠭᠳᠠᠯ ᠣᠷᠣᠰᠢᠬᠤ ᠨᠢ ᠮᠠᠭᠠᠳ᠂ ᠤᠩᠰᠢᠭᠴᠢ ᠮᠡᠷᠭᠡᠳ ᠡᠴᠡ ᠡᠷᠢᠶᠡᠯ ᠦᠭᠡᠢ ᠪᠡᠷ ᠰᠠᠨᠠᠯ ᠰᠢᠭᠦᠮᠵᠢ ᠲᠠᠯᠪᠢᠵᠤ ᠵᠠᠰᠠᠨ ᠵᠠᠯᠠᠷᠠᠭᠤᠯᠵᠤ ᠥᠭᠬᠦ ᠶ᠋ᠢ ᠴᠢᠩ ᠰᠡᠳᠬᠢᠯ ᠡᠴᠡ ᠪᠡᠨ ᠬᠦᠰᠡᠵᠦ ᠪᠣᠢ᠃
ᠦᠰᠦᠭ ᠠᠮᠢᠯᠠᠭᠤᠯᠤᠭᠴᠢ᠄ ᠭᠠᠸᠠ
ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃
