ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠬᠣᠶᠠᠷ〕 Цаг төрийн үймээн – Д ᠂ Намдаг - Цаг төрийн үймээн ᠂ хоёрдугаар бүлэг -2
ᠭᠠᠮᠢᠩ ᠤᠨ ᠳᠣᠭᠰᠢᠷᠠᠭᠰᠠᠨ ᠨᠢ
ᠡᠭᠦᠨ ᠦ᠌ ᠨᠥᠭᠦᠭᠡ ᠲᠠᠯ᠎ᠠ ᠪᠠᠷ ᠭᠠᠮᠢᠩ ᠤ᠋ᠨ ᠪᠠᠢᠳᠠᠯ ᠡᠷᠡᠰ ᠬᠤᠷᠴᠠᠳᠤᠨ ᠰᠢᠷᠦᠭᠦᠰᠦᠯᠡ᠃ ᠬᠦᠷᠢᠶ᠎ᠡ ᠲᠣᠭᠣᠷᠢᠨ ᠬᠡᠳᠦᠨ ᠳᠠᠪᠬᠤᠷ ᠬᠠᠷᠠᠭᠤᠯ ᠮᠠᠨᠠᠭ᠎ᠠ ᠪᠠᠷ ᠪᠦᠰᠡᠯᠡᠭᠳᠡᠵᠦ᠂ ᠣᠷᠣᠬᠤ ᠭᠠᠷᠬᠤ ᠬᠣᠶᠠᠷ ᠲᠤ ᠬᠥᠮᠦᠰ ᠥᠮᠥᠳᠥ ᠪᠡᠨ ᠲᠠᠢᠯᠬᠤ ᠰᠢᠬᠠᠮ ᠪᠣᠯᠲᠠᠯ᠎ᠠ ᠨᠡᠩᠵᠢᠭᠦᠯᠵᠦ ᠰᠢᠯᠭᠠᠭᠤᠯᠤᠭᠠᠳ ᠮᠤᠯᠲᠤᠷᠠᠨ᠎ᠠ᠃ ᠬᠦᠷᠢᠶᠡᠨ ᠳᠣᠲᠣᠷ᠎ᠠ ᠴᠦ᠍ ᠥᠭᠡᠷ᠎ᠡ ᠴᠦ᠍ ᠦᠭᠡᠢ᠂ ᠬᠠᠮᠢᠭ᠎ᠠ ᠪᠣᠯ ᠬᠠᠮᠢᠭ᠎ᠠ ᠮᠠᠨᠠᠭ᠎ᠠ ᠴᠠᠭᠳᠠᠭᠤᠯ᠁ ᠭᠠᠮᠢᠩ ᠤ᠋ᠳ᠂ ᠪᠦᠬᠦ ᠣᠷᠣᠰᠢᠨ ᠰᠠᠭᠤᠭ᠎ᠠ ᠡᠷᠡᠭᠲᠡᠢᠴᠦᠳ ᠦ᠋ᠨ ᠶᠡᠬᠡᠩᠬᠢ ᠬᠤᠪᠢ ᠶ᠋ᠢ ᠡᠵᠡᠯᠡᠭᠰᠡᠨ ᠯᠠᠮᠠ ᠨᠠᠷ ᠳᠡᠭᠡᠷ᠎ᠡ ᠠᠩᠬᠠᠷᠤᠯ ᠲᠠᠯᠪᠢᠨ ᠲᠡᠳᠡᠨ ᠦ᠌ ᠴᠤᠭᠯᠠᠷᠠᠬᠤ ᠬᠤᠷᠠᠯ ᠨᠣᠮ ᠤ᠋ᠨ ᠴᠠᠭ ᠢ᠋ᠶ᠋ᠠᠷ ᠬᠡᠳᠦ ᠭᠤᠷᠪᠠ ᠪᠠᠷ ᠢ᠋ᠶ᠋ᠠᠨ ᠢᠷᠡᠨ᠂ ᠳᠤᠭᠠᠩ ᠰᠦᠮ᠎ᠡ ᠪᠡᠷ ᠨᠢ ᠣᠷᠣᠨ ᠭᠠᠷᠤᠨ ᠶᠠᠪᠤᠨ᠎ᠠ᠃ ᠰᠠᠩ ᠵᠢᠰᠠ ᠶ᠋ᠢᠨ ᠬᠢᠨᠢ ᠭᠠᠵᠠᠷ ᠢ᠋ ᠰᠠᠬᠢᠨ ᠬᠠᠮᠠᠭᠠᠯᠠᠬᠤ ᠨᠡᠷᠡᠢᠳᠦᠯ ᠢ᠋ᠶ᠋ᠡᠷ ᠨᠢᠭᠡ ᠫᠤᠤ ᠲᠠᠢ ᠭᠠᠮᠢᠩ ᠪᠠᠢᠩᠭᠤ ᠰᠠᠬᠢᠨ ᠰᠠᠭᠤᠨ᠎ᠠ᠃ ᠬᠠᠷᠢᠭᠤ ᠳ᠋ᠤᠨᠢ ᠯᠠᠮᠠ ᠨᠠᠷ ᠵᠥᠪ ᠵᠦᠭᠡᠷ ᠬᠠᠷᠢᠨ ᠲᠡᠳᠡᠨ ᠦ᠌ ᠦᠢᠯᠡ ᠠᠵᠢᠯᠯᠠᠭ᠎ᠠ ᠶ᠋ᠢ ᠪᠠᠬᠠᠳᠤᠨ ᠰᠠᠢᠰᠢᠶᠠᠬᠤ ᠪᠠᠢᠳᠠᠯ ᠦᠵᠡᠭᠦᠯᠦᠨ ᠠᠯᠠᠭ᠎ᠠ ᠬᠠᠪᠰᠤᠷᠤᠨ ᠮᠡᠬᠦᠯᠵᠡᠭᠡᠳ《ᠳᠣᠪᠲᠣᠯᠤᠨ ᠢᠷᠡᠬᠦ ᠳᠠᠢᠰᠤᠨ ᠤ᠋ ᠴᠣᠭ ᠵᠠᠯᠢ ᠶ᠋ᠢ ᠳᠣᠷᠣᠢᠲᠠᠭᠤᠯᠬᠤ ᠲᠦᠢ ᠳᠣᠭᠵᠢᠷ ᠭᠡᠭᠴᠢ ᠶ᠋ᠢ ᠵᠠᠯᠠᠶ᠎ᠠ》 ᠭᠡᠵᠦ ᠭᠠᠮᠢᠩ ᠤ᠋ᠨ ᠶᠠᠮᠤᠨ ᠳ᠋ᠤ᠌ ᠪᠠᠢᠨ ᠪᠠᠢᠨ ᠠᠢᠯᠠᠳᠬᠠᠨ ᠵᠥᠪᠰᠢᠶᠡᠷᠡᠯ ᠠᠪᠤᠨ᠎ᠠ᠃ ᠭᠡᠲᠡᠯ᠎ᠡ ᠡᠨᠡ ᠲᠦᠢ ᠳᠣᠭᠵᠢᠷ ᠨᠢ ᠦᠨᠡᠬᠡᠷ ᠣᠩᠭᠧᠷᠡᠨ ᠦ᠌ ᠡᠰᠡᠷᠭᠦ ᠪᠢᠰᠢ᠂ ᠬᠠᠷᠢᠨ ᠥᠪᠡᠷᠰᠡᠳ ᠢ᠋ ᠨᠢ ᠳᠣᠷᠣᠢᠲᠠᠭᠤᠯᠬᠤ ᠶ᠋ᠢᠨ ᠲᠥᠯᠥᠭᠡ ᠪᠥᠭᠡᠳ᠄《ᠭᠠᠮᠢᠩ ᠤ᠋ᠳ》 ᠤᠳᠠᠬᠤ ᠦᠭᠡᠢ ᠰᠥᠨᠥᠨ᠎ᠡ! ᠣᠳᠣ ᠶ᠋ᠢᠨ ᠬᠥᠮᠦᠨ ᠳ᠋ᠦ᠍᠂ ᠡᠳᠡᠨ ᠢ᠋ ᠡᠰᠡᠷᠭᠦᠴᠡᠨ ᠲᠡᠮᠡᠴᠡᠬᠦ ᠡᠴᠡ ᠥᠭᠡᠷ᠎ᠡ ᠪᠤᠶᠠᠨ ᠠᠯᠠᠭ᠎ᠠ᠃ ᠪᠠᠢᠯᠳᠤᠨ ᠲᠤᠯᠤᠯᠳᠤᠬᠤ ᠶ᠋ᠢ ᠪᠡᠯᠡᠳᠭᠡ! ᠦᠬᠦᠬᠦ ᠡᠴᠡ ᠪᠤᠤ ᠠᠶᠤ! ᠠᠮᠢ ᠰᠦᠨᠡᠰᠦ ᠶ᠋ᠢ ᠴᠢᠨᠢ ᠪᠤᠷᠬᠠᠨ ᠰᠠᠬᠢᠭᠤᠰᠤ ᠬᠠᠮᠠᠭᠠᠯᠠᠨ᠎ᠠ᠃ ᠦᠬᠦᠪᠡᠴᠦ ᠬᠠᠮᠢᠶ᠎ᠠ ᠦᠭᠡᠢ᠂ ᠬᠣᠢᠲᠤ ᠨᠠᠰᠤᠨ ᠳ᠋ᠠᠭᠠᠨ ᠪᠤᠷᠬᠠᠨ ᠤ᠋ ᠣᠷᠣᠨ ᠳ᠋ᠤ᠌ ᠰᠠᠭᠠᠳ ᠦᠭᠡᠢ ᠣᠴᠢᠵᠤ ᠲᠥᠷᠥᠨ᠎ᠡ!》 ᠭᠡᠵᠦ ᠰᠦᠰᠦᠭᠲᠡᠨ ᠣᠯᠠᠨ ᠢ᠋ ᠲᠠᠰᠤᠷᠠᠯᠲᠠ ᠦᠭᠡᠢ ᠢᠳᠬᠠᠨ᠂ ᠥᠪᠡᠷ ᠦ᠋ᠨ ᠡᠷᠬᠡ ᠦᠭᠡᠢ ᠪᠣᠢ ᠪᠣᠯᠤᠭᠰᠠᠨ ᠲᠡᠮᠡᠴᠡᠬᠦ ᠶᠡᠬᠡ ᠦᠢᠯᠡᠰ ᠢ᠋ ᠨᠢ ᠤᠯᠠᠮ ᠢ᠋ᠶ᠋ᠠᠷ ᠬᠥᠭᠵᠢᠭᠡᠨ ᠪᠠᠳᠠᠷᠠᠭᠤᠯᠤᠨ᠎ᠠ᠃
ᠡᠯ᠎ᠡ ᠳᠤᠮᠳᠠ ᠪᠠᠯᠳᠠᠨᠴᠡᠷᠢᠩ ᠣᠷᠴᠢᠨ ᠲᠣᠭᠣᠷᠢᠨ ᠳ᠋ᠠᠭᠠᠨ ᠶᠠᠭᠤ ᠶᠠᠭᠤ ᠪᠣᠯᠵᠤ ᠪᠠᠢᠭ᠎ᠠ ᠶ᠋ᠢ ᠪᠤᠰᠤᠳ ᠤ᠋ᠨ ᠠᠳᠠᠯᠢ ᠮᠡᠳᠡᠵᠦ ᠪᠠᠢᠭ᠎ᠠ ᠪᠢᠯᠡ᠃ ᠲᠡᠭᠡᠬᠦ ᠳ᠋ᠡᠭᠡᠨ ᠪᠠᠯᠳᠠᠨᠴᠡᠷᠢᠩ ᠡᠨᠡ ᠲᠡᠷᠡ ᠶ᠋ᠢ ᠥᠭᠡᠷ᠎ᠡ ᠪᠤᠰᠤᠳ ᠲᠠᠢ ᠠᠭᠤᠯᠵᠠᠨ ᠶᠠᠷᠢᠯᠴᠠᠵᠤ ᠮᠡᠳᠡᠭᠰᠡᠨ ᠪᠢᠰᠢ᠂ ᠥᠨᠥᠬᠢ ᠣᠷᠴᠢᠯᠠᠩ ᠠ᠋ᠴᠠ ᠲᠠᠰᠤᠷᠠᠭᠰᠠᠨ ᠮᠡᠲᠦ ᠬᠥᠮᠦᠨ ᠠᠮᠢᠲᠠᠨ ᠲᠠᠢ ᠨᠡᠢᠯᠡᠬᠦ ᠦᠭᠡᠢ ᠪᠣᠯᠤᠭᠰᠠᠨ ᠨᠢ ᠬᠡᠪ ᠢ᠋ᠶ᠋ᠡᠷ ᠪᠥᠭᠡᠳ ᠵᠥᠪᠬᠡᠨ ᠣᠳᠣ ᠤᠯᠤᠰ ᠣᠷᠣᠨ ᠤ᠋ ᠮᠢᠨᠢ ᠢᠷᠡᠭᠡᠳᠦᠢ ᠶ᠋ᠢᠨ ᠬᠤᠪᠢ ᠵᠠᠶᠠᠭ᠎ᠠ ᠶᠠᠭᠤ ᠪᠣᠯᠬᠤ ᠨᠢ ᠪᠣᠢ? ᠭᠡᠳᠡᠭ ᠠᠰᠠᠭᠤᠳᠠᠯ ᠳ᠋ᠤ᠌ ᠪᠦᠬᠦ ᠰᠡᠳᠬᠢᠯ ᠨᠢ ᠲᠠᠲᠠᠭᠳᠠᠭᠠᠳ ᠲᠡᠷᠡ ᠵᠦᠭ ᠦ᠋ᠨ ᠶᠠᠭᠤᠮ᠎ᠠ ᠶ᠋ᠢ ᠤᠬᠠᠭᠠᠨ ᠵᠢᠯᠣᠭᠣ ᠦᠭᠡᠢ ᠰᠣᠨᠢᠷᠬᠠᠬᠤ ᠪᠣᠯᠤᠭᠰᠠᠨ ᠳ᠋ᠠᠭᠠᠨ᠂ ᠡᠳᠦᠷ ᠪᠦᠷᠢ ᠭᠠᠳᠠᠭᠤᠷ ᠭᠠᠷᠴᠤ ᠦᠨᠡᠨ ᠪᠣᠳᠠᠲᠤ ᠬᠡᠷᠡᠭ ᠢ᠋ ᠨᠢᠳᠦ ᠪᠡᠷ ᠦᠵᠡᠬᠦ᠂ ᠦᠯᠦ ᠦᠵᠡᠭᠳᠡᠬᠦ ᠶ᠋ᠢ ᠥᠭᠡᠷ᠎ᠡ ᠪᠤᠰᠤᠳ ᠤ᠋ᠨ ᠶᠠᠷᠢᠶ᠎ᠠ ᠶ᠋ᠢ ᠴᠢᠩᠨᠠᠨ ᠮᠡᠳᠡᠬᠦ ᠡᠢᠮᠦ ᠬᠣᠶᠠᠷ ᠤᠷᠤᠰᠬᠠᠯ ᠢ᠋ᠶ᠋ᠠᠷ ᠶᠠᠪᠤᠵᠤ ᠪᠠᠢᠭ᠎ᠠ ᠪᠢᠯᠡ᠃
ᠨᠢᠭᠡ ᠡᠳᠦᠷ ᠪᠠᠯᠳᠠᠨᠴᠡᠷᠢᠩ ᠮᠥᠨ ᠯᠡ ᠭᠠᠳᠠᠭᠰᠢ ᠭᠠᠷᠪᠠ᠃ ᠵᠠᠮ ᠳᠡᠭᠡᠷ᠎ᠡ ᠨᠢ ᠬᠡᠳᠦᠨ ᠬᠡᠦᠬᠡᠳ ᠲᠣᠭᠯᠠᠵᠤ ᠪᠠᠢᠭ᠎ᠠ ᠲᠠᠭᠠᠷᠠᠯᠳᠤᠯ᠎ᠠ᠃ ᠲᠡᠳᠡᠨ ᠦ᠌ ᠨᠢᠭᠡ ᠨᠢ ᠬᠤᠷᠢᠶᠠᠯᠲᠠ ᠲᠠᠢ ᠲᠦᠯᠡᠭᠡᠨ ᠦ᠌ ᠠᠷᠤ ᠳ᠋ᠤ᠌ ᠨᠢᠭᠤᠭᠳᠠᠵᠤ᠂ ᠪᠤᠰᠤᠳ ᠨᠢ ᠨᠥᠭᠦᠭᠡ ᠲᠠᠯ᠎ᠠ ᠠ᠋ᠴᠠ ᠳᠠᠪᠰᠢᠨ᠎ᠠ᠃ ᠦᠵᠡᠲᠡᠯ᠎ᠡ ᠲᠡᠳᠡ ᠥᠨᠥᠬᠢ ᠪᠠᠷᠤᠨ ᠣᠩᠭᠧᠷᠡᠨ ᠦ᠌ ᠦᠬᠡᠷ ᠫᠤᠤ ᠶ᠋ᠢᠨ ᠠᠷᠤ ᠳ᠋ᠤ᠌ ᠬᠠᠶᠠᠭᠳᠠᠭᠰᠠᠨ ᠮᠣᠩᠭᠣᠯ ᠡᠷ᠎ᠡ᠂ ᠭᠠᠮᠢᠩ ᠤ᠋ᠨ ᠬᠣᠷᠢᠶᠠᠨ ᠳᠠᠷᠤᠭ᠎ᠠ ᠶ᠋ᠢ ᠠᠯᠠᠭᠰᠠᠨ ᠪᠠᠬᠠᠳᠤᠯ ᠪᠣᠯᠭᠠᠨ ᠨᠠᠭᠠᠳᠤᠨ᠎ᠠ᠃
ᠲᠦᠯᠡᠭᠡᠨ ᠦ᠌ ᠠᠷᠤ ᠳ᠋ᠤ᠌ ᠨᠢᠭᠤᠭᠳᠠᠭᠰᠠᠨ ᠵᠢᠭᠠᠯ ᠭᠡᠨᠡᠳᠲᠡ ᠭᠠᠷᠤᠨ ᠲᠦᠷᠦᠭᠦᠨ ᠢᠷᠡᠭᠰᠡᠨ ᠬᠡᠦᠬᠡᠳ ᠢ᠋ ᠪᠤᠭ ᠮᠠᠯ ᠤ᠋ᠨ ᠡᠷᠡᠦ ᠶ᠋ᠢᠨ ᠶᠠᠰᠤ ᠪᠠᠷ ᠱᠠᠭᠠᠢᠨ᠂ ᠠᠮᠠ ᠪᠠᠷ ᠢ᠋ᠶ᠋ᠠᠨ ᠫᠤᠤᠳᠠᠨ ᠤᠨᠠᠭᠠᠩᠭᠤᠲᠠ ᠪᠠᠨ《ᠵᠠ ᠮᠢᠨᠦ ᠬᠡᠷᠡᠭ ᠭᠦᠢᠴᠡᠯ᠎ᠡ!》 ᠭᠡᠵᠦ ᠰᠢᠳᠦ ᠵᠠᠭᠤᠨ ᠥᠪᠡᠷ ᠢ᠋ ᠪᠡᠨ ᠫᠤᠤᠳᠠᠭᠰᠠᠨ ᠪᠣᠯᠤᠨ᠂ ᠲᠡᠷᠡᠢᠨ ᠤᠨᠠᠪᠠ᠃ ᠪᠠᠯᠳᠠᠨᠴᠡᠷᠢᠩ ᠲᠡᠳᠡᠨ ᠦ᠌ ᠬᠠᠵᠠᠭᠤ ᠪᠠᠷ ᠥᠩᠭᠡᠷᠡᠬᠦ ᠳ᠋ᠡᠭᠡᠨ᠄《ᠡᠨᠡ ᠴᠦ᠍ ᠯᠠᠪ ᠮᠣᠩᠭᠣᠯ ᠬᠥᠮᠦᠨ ᠦ᠌ ᠠᠮᠢ ᠬᠠᠢᠷ᠎ᠠ ᠦᠭᠡᠢ ᠠᠯᠠᠯᠴᠠᠨ ᠲᠤᠯᠤᠯᠳᠤᠬᠤ ᠶ᠋ᠢᠨ ᠵᠦᠩ ᠪᠣᠢ》 ᠭᠡᠵᠦ ᠪᠣᠳᠣᠪᠠ᠃ ᠴᠠᠭᠠᠰᠢ ᠶᠠᠪᠤᠨ ᠵᠡᠭᠡᠯᠢ ᠳᠡᠭᠡᠷ᠎ᠡ ᠣᠴᠢᠲᠠᠯ᠎ᠠ᠂ ᠡᠨᠳᠡ ᠬᠥᠮᠦᠰ ᠪᠤᠰᠤᠳ ᠡᠳᠦᠷ ᠦ᠋ᠳ ᠦ᠋ᠨ ᠯᠡ ᠠᠳᠠᠯᠢ ᠴᠤᠭᠯᠠᠷᠠᠭᠰᠠᠨ ᠪᠠᠢᠭ᠎ᠠ ᠪᠣᠯᠪᠠᠴᠤ ᠨᠢᠭᠡ ᠯᠡ ᠪᠢᠰᠢ᠂ ᠡᠨᠳᠡ ᠲᠡᠨᠳᠡ ᠦᠭᠡᠢ ᠤᠷᠤᠭᠤ ᠴᠢᠷᠠᠢ ᠲᠠᠢ ᠬᠥᠮᠦᠰ ᠬᠤᠳᠠᠯᠳᠤᠭ᠎ᠠ ᠮᠠᠢᠮᠠᠢ ᠬᠡᠯᠡᠯᠴᠡᠨ᠂ ᠬᠥᠯ ᠬᠥᠭᠵᠢᠭᠡᠨ ᠪᠣᠯᠬᠤ ᠶ᠋ᠢᠨ ᠣᠷᠣᠨ ᠳ᠋ᠤ᠌ ᠬᠡᠰᠡᠭ ᠪᠦᠯᠦᠭ ᠪᠣᠯᠤᠨ ᠪᠥᠭᠡᠮᠨᠡᠷᠡᠵᠦ ᠰᠢᠪᠠᠷ ᠠᠪᠢᠷ ᠶᠠᠷᠢᠯᠴᠠᠨ᠎ᠠ᠃ ᠲᠡᠭᠦᠨ ᠢ᠋ ᠶᠠᠪᠤᠭᠤᠲᠠ ᠴᠢᠬᠢ ᠲᠠᠯᠪᠢᠨ ᠴᠢᠩᠨᠠᠬᠤ ᠳ᠋ᠤ᠌᠂《᠁ ᠪᠠᠷᠢᠭᠳᠠᠪᠠ᠁ ᠪᠠᠰᠠ ᠪᠠᠷᠢᠭᠳᠠᠭᠰᠠᠨ᠂ ᠪᠠᠷᠢᠭᠠᠳ ᠯᠠ ᠪᠠᠢᠭ᠎ᠠ ᠭᠡᠨ᠎ᠡ!》 ᠭᠡᠬᠦ ᠮᠡᠲᠦ ᠶ᠋ᠢᠨ ᠦᠭᠡᠰ᠂ ᠬᠠᠭᠠᠰ ᠬᠤᠭᠤᠰ ᠰᠣᠨᠣᠰᠤᠭᠳᠠᠬᠤ ᠠᠵᠢ᠃《ᠬᠡᠨ ᠨᠢ ᠬᠡᠨ ᠢ᠋ ᠪᠡᠨ ᠶᠠᠭᠤ ᠪᠣᠯᠤᠯ᠎ᠠ ᠭᠡᠵᠦ ᠲᠡᠷᠡ ᠪᠣᠢ?》 ᠭᠡᠳᠡᠭ ᠠᠰᠠᠭᠤᠳᠠᠯ ᠪᠠᠯᠳᠠᠨᠴᠡᠷᠢᠩ ᠦ᠋ᠨ ᠰᠡᠳᠬᠢᠯ ᠢ᠋ ᠰᠢᠨ᠎ᠡ ᠪᠡᠷ ᠰᠡᠷᠭᠦᠭᠡᠪᠡ᠃ ᠬᠣᠶᠠᠷ ᠴᠢᠬᠢ ᠪᠡᠨ ᠠᠯᠢ ᠪᠠᠢᠳᠠᠭ ᠢ᠋ᠶ᠋ᠠᠷ ᠨᠢ ᠰᠤᠩᠭᠠᠨ᠂ ᠬᠥᠯ ᠦ᠋ᠨ ᠢ᠋ᠶ᠋ᠡᠨ ᠭᠢᠰᠬᠢᠯᠲᠡ ᠶ᠋ᠢ ᠬᠢᠴᠢᠨᠡᠬᠡᠨ ᠠᠭᠠᠵᠢᠷᠠᠭᠤᠯᠪᠠᠴᠤ᠂ ᠤᠭ ᠬᠡᠷᠡᠭ ᠦ᠋ᠨ ᠤᠴᠢᠷ ᠦᠯᠦ ᠣᠯᠳᠠᠬᠤ ᠠᠵᠢ᠃ ᠲᠡᠭᠡᠬᠦ ᠪᠡᠷ ᠪᠠᠯᠳᠠᠨᠴᠡᠷᠢᠩ ᠳᠠᠷᠵᠢᠩ ᠬᠤᠪᠴᠠᠰᠤ ᠲᠠᠢ ᠬᠣᠶᠠᠷ ᠡᠪᠦᠭᠡᠨ ᠳᠡᠭᠡᠷ᠎ᠡ ᠣᠴᠢᠪᠠ᠃ ᠣᠯᠠᠨ ᠠ᠋ᠴᠠ ᠣᠨᠴᠠᠭᠠᠢ ᠰᠠᠭᠤᠭ᠎ᠠ ᠲᠡᠷᠡ ᠬᠣᠶᠠᠷ ᠡᠪᠦᠭᠡᠨ ᠮᠥᠨ ᠯᠡ ᠲᠡᠷᠡ ᠬᠡᠷᠡᠭ ᠦ᠋ᠨ ᠲᠤᠬᠠᠢ ᠶᠠᠷᠢᠯᠴᠠᠵᠤ ᠪᠠᠢᠬᠤ ᠠᠵᠢ᠃
— ᠬᠡᠨ ᠪᠠᠷᠢᠭᠳᠠᠭ᠎ᠠ ᠪᠣᠢ? ᠭᠡᠬᠦ ᠳ᠋ᠦ᠍ ᠡᠪᠦᠭᠡᠳ ᠦ᠋ᠨ ᠨᠢᠭᠡ ᠨᠢ᠄
— ᠮᠠᠨ ᠤ᠋ ᠬᠠᠷᠢᠶ᠎ᠠ ᠶ᠋ᠢᠨ ᠳᠠᠷᠢ ᠡᠬᠡ ᠯᠠᠮᠠᠲᠠᠨ ᠭᠡᠵᠦ ᠴᠡᠴᠡᠷᠬᠢᠯᠡᠭᠰᠡᠨ ᠬᠣᠭᠣᠯᠠᠢ ᠪᠠᠷ ᠥᠭᠦᠯᠡᠭᠡᠳ᠂ ᠦᠷᠴᠢᠭᠡᠢ ᠨᠢᠳᠦᠨ ᠡᠴᠡ ᠪᠡᠨ ᠨᠢᠯᠪᠤᠰᠤ ᠭᠠᠷᠭᠠᠪᠠ᠃
— ᠬᠡᠨ ᠲᠡᠭᠦᠨ ᠢ᠋ ᠶᠠᠭᠤ ᠪᠣᠯᠤᠭ᠎ᠠ ᠭᠡᠵᠦ ᠪᠠᠷᠢᠭᠰᠠᠨ ᠬᠡᠷᠡᠭ ᠪᠣᠢ? ᠭᠡᠬᠦ ᠳ᠋ᠦ᠍᠂ ᠬᠣᠶᠠᠳᠠᠬᠢ ᠨᠢ᠄
— ᠮᠠᠭᠤ ᠰᠠᠢᠨ ᠴᠢᠨᠳᠠᠷᠤᠤ ᠨᠤᠭᠤᠳ ᠪᠠᠢᠬᠤ ᠦᠭᠡᠢ ᠤᠤ! ᠭᠡᠵᠦ ᠵᠠᠨᠤᠯᠲᠠᠢ ᠪᠠᠷ ᠥᠭᠦᠯᠡᠨ ᠲᠩᠷᠢ ᠰᠢᠷᠳᠡᠨ᠎ᠡ᠃ ᠪᠠᠯᠳᠠᠨᠴᠡᠷᠢᠩ᠄《ᠬᠠᠷᠢᠶ᠎ᠠ ᠶ᠋ᠢᠨ ᠳᠠᠷᠢ ᠡᠬᠡ ᠯᠠᠮᠠ ᠭᠡᠵᠦ ᠬᠡᠨ ᠪᠢᠯᠡ?》 ᠭᠡᠵᠦ ᠪᠣᠳᠣᠨ ᠳᠣᠷᠣᠭᠰᠢ ᠰᠢᠷᠳᠡᠪᠡ᠃ ᠰᠡᠳᠬᠢᠯ ᠳ᠋ᠦ᠍ᠨᠢ ᠨᠢᠭᠡ ᠤᠳᠠᠭ᠎ᠠ ᠳᠠᠭᠠᠷᠢᠯᠳᠤᠨ ᠪᠠᠷ᠎ᠠ ᠶ᠋ᠢ ᠨᠢ ᠬᠠᠷᠠᠭᠰᠠᠨ ᠤ᠋ ᠬᠤᠪᠢ ᠳ᠋ᠤ᠌᠂ ᠭᠠᠯ ᠤᠯᠠᠭᠠᠨ ᠲᠣᠷᠭᠠᠨ ᠳᠡᠪᠡᠯ ᠲᠡᠢ ᠬᠠᠷᠠᠬᠤ ᠨᠢᠳᠦ ᠰᠢᠷᠦᠭᠦᠨ ᠬᠤᠷᠴᠠ᠂ ᠬᠠᠮᠠᠷ ᠲᠣᠮᠣ ᠲᠠᠢ᠂ ᠴᠢᠷᠠᠢ ᠶ᠋ᠢᠨ ᠥᠩᠭᠡ ᠬᠦᠷᠡᠯᠭᠡᠷ ᠬᠦᠷᠡᠩ ᠪᠣᠯᠵᠤ ᠢᠷᠡᠭᠡᠳ ᠰᠦᠷᠡᠬᠡᠢ ᠪᠠᠶᠠᠷ ᠲᠠᠢ ᠪᠠᠢᠬᠤ ᠭᠡᠮᠡᠷ ᠲᠣᠮᠣ ᠪᠡᠶ᠎ᠡ ᠲᠡᠢ᠂ ᠭᠤᠴᠢ ᠳᠥᠴᠢ ᠬᠣᠶᠠᠷ ᠤ᠋ᠨ ᠬᠣᠭᠣᠷᠣᠨᠳᠣ ᠨᠠᠰᠤᠨ ᠤ᠋ ᠬᠥᠮᠦᠨ ᠰᠠᠨᠠᠭᠠᠨ ᠳ᠋ᠤ᠌ ᠪᠠᠭᠤᠨ᠎ᠠ᠃ ᠬᠥᠮᠦᠰ ᠦ᠋ᠨ ᠬᠡᠯᠡᠯᠴᠡᠬᠦ ᠪᠡᠷ ᠪᠣᠯ᠄ ᠡᠨᠡ ᠯᠠᠮᠠ ᠨᠠᠢᠷ ᠨᠠᠷᠭᠢᠶᠠᠨ ᠢ᠋ ᠲᠠᠭᠠᠯᠠᠨ ᠠᠷᠢᠬᠢ ᠰᠠᠷᠬᠤᠳ ᠵᠣᠭᠣᠭᠯᠠᠮᠠᠳᠠᠭᠠᠢ᠂ ᠬᠡᠳᠦ ᠵᠣᠭᠣᠭᠯᠠᠨ ᠬᠥᠯᠴᠥᠭᠦᠷᠡᠬᠦ ᠳ᠋ᠡᠭᠡᠨ ᠮᠠᠬᠠᠭᠠᠯᠠ ᠪᠤᠷᠬᠠᠨ ᠤ᠋ ᠳᠦᠷᠢ ᠪᠡᠷ ᠬᠢᠯᠢᠩᠨᠡᠨ ᠭᠠᠢ ᠪᠠᠷᠴᠢᠳ ᠢ᠋ ᠵᠠᠨᠴᠢᠬᠤ᠂ ᠬᠤᠪᠢ ᠵᠠᠶᠠᠭᠠᠳᠠᠨ ᠠᠪᠠᠬᠠᠢ ᠨᠠᠷ ᠢ᠋ ᠴᠦ᠍ ᠮᠥᠨ ᠵᠦᠭᠡᠷ ᠥᠩᠭᠡᠷᠡᠭᠦᠯᠳᠡᠭ ᠦᠭᠡᠢ ᠭᠡᠵᠦ ᠨᠢᠭᠡ ᠲᠠᠯ᠎ᠠ ᠪᠠᠷ ᠠᠶᠤᠨ ᠰᠦᠷᠳᠡᠨᠡ᠃ ᠨᠥᠭᠦᠭᠡ ᠲᠠᠯ᠎ᠠ ᠪᠠᠷ ᠮᠡᠷᠭᠡ ᠲᠥᠯᠭᠡ ᠦᠵᠡᠬᠦ᠂ ᠪᠠᠷᠴᠢᠳ ᠢ᠋ ᠦᠯᠢᠶᠡᠨ ᠲᠠᠷᠨᠢᠳᠠᠬᠤ᠂ ᠬᠠᠷᠢᠶᠠᠯ ᠵᠢᠳᠠᠭ ᠢ᠋ ᠬᠠᠷᠢᠭᠤᠯᠬᠤ᠂ ᠳᠣᠭᠰᠢᠨ ᠯᠤᠤᠰ ᠰᠠᠪᠳᠠᠭ ᠢ᠋ ᠨᠣᠮᠣᠬᠠᠳᠬᠠᠬᠤ ᠶᠣᠰᠣᠲᠠᠢ ᠠᠮᠢᠨᠳᠠᠭ ᠪᠤᠷᠬᠠᠨ ᠤ᠋ ᠪᠦᠷᠢᠯᠸ᠎ᠠ ᠭᠡᠵᠦ ᠱᠠᠭᠰᠢᠨ ᠪᠢᠰᠢᠷᠡᠨ᠎ᠡ᠃ ᠭᠡᠲᠡᠯ᠎ᠡ ᠡᠨᠡ ᠬᠥᠮᠦᠨ ᠪᠠᠰᠠ ᠮᠣᠩᠭᠣᠯ ᠪᠢᠴᠢᠭ ᠮᠡᠳᠡᠬᠦ ᠶ᠋ᠢᠨ ᠢ᠋ᠶ᠋ᠡᠨ ᠬᠤᠪᠢ ᠪᠠᠷ ᠶᠤᠮ ᠤᠤ᠂ ᠡᠰᠡ ᠪᠣᠯ ᠨᠡᠷ᠎ᠡ ᠠᠯᠳᠠᠷ ᠨᠢ ᠨᠢᠭᠡᠨᠲᠡ ᠳᠡᠭᠡᠷ᠎ᠡ ᠭᠠᠷᠤᠭᠰᠠᠨ ᠢ᠋ᠶ᠋ᠠᠷ ᠢ᠋ᠶ᠋ᠠᠨ ᠠᠦ᠋ᠲ᠋ᠣᠨᠣᠮᠢᠲᠤ ᠶ᠋ᠢᠨ ᠲᠥᠷᠥ ᠶ᠋ᠢ ᠠᠩᠬ᠎ᠠ ᠪᠠᠢᠭᠤᠯᠬᠤ ᠠ᠋ᠴᠠ ᠡᠬᠢᠯᠡᠨ ᠲᠥᠷᠥ ᠶ᠋ᠢᠨ ᠬᠡᠷᠡᠭ ᠲᠦ᠍ ᠨᠡᠷ᠎ᠡ ᠣᠷᠣᠯᠴᠠᠨ ᠴᠤᠤᠷᠢᠶᠠᠳᠠᠭᠰᠠᠭᠠᠷ ᠢᠷᠡᠭᠰᠡᠨ ᠠᠵᠢ᠃ ᠭᠡᠪᠡᠴᠦ ᠪᠠᠯᠳᠠᠨᠴᠡᠷᠢᠩ ᠡᠨᠡ ᠬᠥᠮᠦᠨ ᠢ᠋ ᠪᠤᠰᠤᠳ ᠤ᠋ᠨ ᠠᠳᠠᠯᠢ ᠣᠨᠴᠠᠯᠠᠨ ᠦᠵᠡᠵᠦ ᠪᠠᠢᠭᠰᠠᠨ ᠦᠭᠡᠢ᠂ ᠬᠠᠷᠢᠨ ᠴᠦ᠍ ᠬᠤᠪᠢ ᠶ᠋ᠢᠨ ᠡᠷᠬᠡ ᠠᠰᠢᠭ ᠶᠤᠭᠠᠨ ᠡᠯᠳᠡᠪ ᠤᠪ ᠮᠡᠬᠡ ᠪᠡᠷ ᠮᠠᠨᠳᠤᠭᠤᠯᠬᠤ ᠶ᠋ᠢ ᠪᠣᠳᠣᠳᠠᠭ ᠵᠠᠯᠢᠲᠠᠨ ᠨᠤᠭᠤᠳ ᠤ᠋ᠨ ᠨᠢᠭᠡ ᠪᠣᠢ ᠵᠠ ᠭᠡᠵᠦ ᠳᠣᠲᠣᠷ᠎ᠠ ᠪᠠᠨ ᠦᠯᠦ ᠲᠣᠭᠣᠮᠰᠠᠷᠯᠠᠳᠠᠭ ᠪᠠᠢᠯ᠎ᠠ᠃ ᠣᠳᠣ ᠪᠣᠯᠬᠤᠯᠠᠷ ᠲᠡᠭᠦᠨ ᠢ᠋ ᠭᠠᠮᠢᠩ ᠤ᠋ᠨ ᠭᠠᠷ ᠲᠤ ᠥᠪᠡᠷ ᠦ᠋ᠨ ᠡᠷᠬᠡ ᠦᠭᠡᠢ ᠣᠷᠣᠭᠰᠠᠨ ᠤ᠋ ᠬᠢᠨᠢ ᠬᠤᠪᠢ ᠳ᠋ᠤ᠌ ᠭᠣᠣᠯ ᠬᠠᠷᠠᠯᠠᠨ᠂ ᠲᠣᠯᠣᠭᠠᠢ ᠳᠡᠭᠡᠭᠰᠢ ᠲᠡᠳᠡᠨ ᠠᠪᠴᠤ ᠴᠢᠳᠠᠬᠤ ᠦᠭᠡᠢ ᠪᠣᠯᠪᠠ᠃ ᠲᠡᠭᠡᠭᠡᠳ ᠬᠡᠳᠦᠢ ᠤᠳᠠᠭᠠᠨ ᠭᠠᠵᠠᠷ ᠰᠢᠷᠳᠡᠭᠰᠡᠨ ᠢ᠋ᠶ᠋ᠡᠨ ᠥᠪᠡᠷ ᠢ᠋ᠶ᠋ᠡᠨ ᠡᠰᠡ ᠮᠡᠳᠡᠨ᠎ᠡ᠃ ᠡᠪᠦᠭᠡᠳ ᠡᠴᠡ ᠬᠡᠵᠢᠶ᠎ᠡ ᠪᠠᠷᠢᠭᠳᠠᠭᠰᠠᠨ ᠢ᠋ ᠨᠢ ᠠᠰᠠᠭᠤᠬᠤ ᠪᠠᠷ ᠬᠠᠷᠠᠪᠠᠯ ᠲᠡᠳᠡ ᠬᠡᠳᠦᠢᠨ ᠠᠯᠠᠭ᠎ᠠ ᠪᠣᠯᠵᠠᠢ᠃
ᠡᠨᠳᠡ ᠡᠴᠡ ᠪᠠᠯᠳᠠᠨᠴᠡᠷᠢᠩ ᠰᠠᠨᠠᠭ᠎ᠠ ᠠᠯᠲᠠᠨ ᠡᠷᠭᠢᠪᠡ᠃ ᠵᠡᠭᠡᠯᠢ ᠶ᠋ᠢᠨ ᠬᠥᠮᠦᠰ ᠮᠥᠨ ᠯᠡ ᠰᠢᠪᠡᠷ ᠠᠪᠢᠷ ᠶᠠᠷᠢᠯᠴᠠᠭᠰᠠᠭᠠᠷ ᠪᠠᠢᠭ᠎ᠠ ᠰᠢᠭ᠋ ᠦᠵᠡᠭᠳᠡᠨ᠎ᠡ᠃ ᠲᠡᠷᠡ ᠳᠣᠣᠷ᠎ᠠ ᠠ᠋ᠴᠠ ᠨᠣᠣᠷᠠᠩᠬᠠᠢ ᠴᠢᠰᠴᠡᠦ ᠳᠡᠪᠡᠯ ᠲᠡᠢ ᠨᠢᠭᠤᠷ ᠴᠢᠷᠠᠢ ᠦᠰᠦ ᠰᠠᠬᠠᠯ ᠨᠢ ᠲᠣᠭᠣᠰᠣ ᠰᠢᠷᠣᠢ ᠬᠣᠶᠠᠷ ᠲᠤ ᠬᠡᠳᠦ ᠳᠠᠷᠤᠭᠳᠠᠭᠰᠠᠨ ᠶᠠᠩᠬᠢᠭᠠᠷ ᠲᠤᠷᠠᠩᠬᠠᠢ ᠬᠥᠮᠦᠨ᠄《ᠲᠠ ᠮᠢᠨᠢ ᠠ᠋᠁》 ᠭᠡᠵᠦ ᠬᠠᠰᠬᠢᠷᠤᠨ ᠠᠢᠰᠤᠢ᠃ ᠬᠥᠮᠦᠰ ᠲᠡᠭᠦᠨ ᠢ᠋ ᠰᠣᠨᠢᠷᠬᠠᠨ ᠵᠦᠭ ᠪᠦᠷᠢ ᠡᠴᠡ ᠤᠭᠲᠤᠨ ᠬᠦᠷᠢᠶᠡᠯᠡᠵᠦ ᠠᠪᠤᠪᠠ᠃ ᠥᠨᠥᠬᠢ ᠬᠥᠮᠦᠨ ᠭᠠᠷ ᠤ᠋ᠨ ᠢ᠋ᠶ᠋ᠠᠨ ᠤᠷᠲᠤ ᠬᠢᠮᠤᠰᠤ ᠲᠠᠢ ᠪᠣᠬᠢᠷ ᠬᠤᠷᠤᠭᠤ ᠨᠤᠭᠤᠳ ᠢ᠋ᠶ᠋ᠠᠨ ᠳᠡᠭᠡᠭᠰᠢ ᠰᠠᠷᠪᠠᠯᠵᠠᠭᠤᠯᠤᠨ᠄
— ᠵᠠᠯᠠᠬᠠᠵᠠ ᠬᠤᠲᠤᠭᠲᠤ ᠪᠠᠷᠢᠭᠳᠠᠭᠰᠠᠨ! ᠭᠡᠵᠦ ᠬᠠᠰᠬᠢᠷᠪᠠ᠃ ᠪᠠᠯᠳᠠᠨᠴᠡᠷᠢᠩ ᠦ᠋ᠨ ᠳᠣᠲᠣᠷ᠎ᠠ ᠫᠠᠯᠬᠢᠨ ᠠᠮᠢᠰᠬᠤᠯ ᠨᠢ ᠳᠠᠭᠵᠢᠷᠠᠪᠠ᠃ ᠥᠨᠥᠬᠢ ᠬᠥᠮᠦᠨ ᠰᠢᠳᠦ ᠬᠠᠪᠢᠷᠤᠨ ᠰᠣᠯᠢᠭᠤ ᠭᠠᠵᠢᠭᠤ ᠭᠢᠰᠬᠢᠯᠡᠬᠦ ᠪᠣᠯᠤᠭᠰᠠᠨ ᠬᠥᠯ ᠳᠡᠭᠡᠷ᠎ᠡ ᠪᠡᠨ ᠨᠢᠭᠡ ᠦᠶ᠎ᠡ ᠳᠡᠨᠵᠢᠭᠢᠨᠡᠨ ᠲᠡᠩᠴᠡᠭᠦᠷᠢ ᠪᠡᠨ ᠣᠯᠵᠤ ᠠᠪᠤᠭᠠᠳ᠄
— ᠬᠠᠳᠠᠨ ᠪᠠᠭᠠᠲᠤᠷ ᠮᠠᠭᠰᠠᠷᠵᠠᠪ᠂ ᠮᠠᠩᠯᠠᠢ ᠸᠠᠩ ᠳᠠᠮᠳᠢᠨᠰᠦᠶ᠋ᠷᠦᠩᠲᠡᠨ ᠨᠠᠷ ᠪᠠᠰᠠ ᠪᠠᠷᠢᠭᠳᠠᠭᠰᠠᠨ! ᠭᠡᠵᠦ ᠬᠠᠰᠬᠢᠷᠪᠠ᠃ ᠪᠠᠯᠳᠠᠨᠴᠡᠷᠢᠩ ᠬᠠᠮᠤᠭ ᠰᠡᠳᠬᠢᠯ ᠮᠡᠳᠡᠷᠡᠯ ᠳᠠᠬᠢᠨ ᠬᠠᠷᠠᠩᠭᠤᠢᠯᠠᠵᠤ᠂ ᠨᠢᠭᠡ ᠦᠶ᠎ᠡ ᠣᠷᠴᠢᠨ ᠤ᠋ ᠶᠠᠭᠤᠮ᠎ᠠ ᠣᠷᠣ ᠲᠠᠰᠤ ᠦᠵᠡᠭᠳᠡᠬᠦ ᠦᠭᠡᠢ ᠪᠣᠯᠪᠠ᠃ ᠠᠯᠪᠠᠨ ᠬᠦᠴᠦ ᠪᠡᠷ ᠠᠮᠢᠰᠬᠤᠯ ᠠᠪᠤᠨ ᠨᠢᠳᠦᠨ ᠳ᠋ᠡᠭᠡᠨ ᠬᠤᠷᠠᠯᠳᠤᠭᠰᠠᠨ ᠬᠡᠰᠡᠭ ᠨᠢᠯᠪᠤᠰᠤ ᠶ᠋ᠢ ᠰᠢᠪᠬᠠᠨ ᠬᠠᠷᠠᠬᠤ ᠳ᠋ᠤ᠌ ᠥᠨᠥᠬᠢ ᠬᠥᠮᠦᠨ᠂ ᠬᠡᠳᠦ ᠠᠩᠭᠠᠢᠭᠰᠠᠨ ᠠᠮᠠ ᠪᠠᠨ ᠬᠠᠮᠬᠢᠨ ᠤᠷᠤᠭᠤᠯ ᠵᠢᠮᠢᠢᠬᠦ ᠶ᠋ᠢ ᠣᠷᠣᠯᠳᠣᠭᠰᠠᠨ ᠢ᠋ᠶ᠋ᠠᠨ ᠡᠰᠡ ᠴᠢᠳᠠᠨ ᠭᠠᠵᠠᠷ ᠨᠢᠯᠪᠤᠵᠤ᠄
— ᠲᠠ ᠮᠢᠨᠢ ᠠᠯᠠᠯᠴᠠᠶᠠ! ᠡᠨᠡ ᠮᠠᠭᠤ ᠰᠠᠢᠨ ᠴᠢᠨᠳᠠᠷᠤᠤ ᠨᠤᠭᠤᠳ ᠢ᠋ ᠵᠠᠬ᠎ᠠ ᠠ᠋ᠴᠠ ᠠᠪᠤᠨ ᠬᠢᠳᠤᠶᠠ! ᠭᠡᠬᠦ ᠳ᠋ᠦ᠍᠂
ᠬᠠᠵᠠᠭᠤ ᠳ᠋ᠤ᠌ ᠨᠢᠭᠡ ᠬᠥᠮᠦᠨ᠄ ᠲᠠ ᠮᠢᠨᠢ ᠡᠨᠡ ᠴᠢᠨᠢ ᠭᠠᠯᠵᠠᠭᠤ ᠶᠠᠭᠤᠮ᠎ᠠ ᠰᠢᠭ᠋ ᠪᠣᠢ? ᠭᠡᠬᠦ ᠰᠣᠨᠣᠰᠳᠠᠨ᠎ᠠ᠃ ᠥᠭᠡᠷ᠎ᠡ ᠨᠢᠭᠡ ᠬᠥᠮᠦᠨ ᠥᠨᠥᠬᠢ ᠶ᠋ᠢᠨ ᠡᠮᠦᠨ᠎ᠡ ᠣᠴᠢᠨ᠄
— ᠪᠠᠭᠠᠲᠤᠷ ᠭᠤᠸᠠᠢ᠂ ᠲᠠ ᠲᠤᠩ ᠠᠢᠬᠤᠪᠲᠤᠷ ᠰᠣᠭᠲᠣᠵᠤ ᠰᠢᠦ! ᠣᠳᠣ ᠢᠩᠭᠢᠵᠦ ᠶᠠᠪᠤᠬᠤ ᠬᠡᠷᠡᠭ ᠦᠭᠡᠢ᠂ ᠵᠦᠭᠡᠷ ᠭᠡᠷ ᠲᠡᠭᠡᠨ ᠬᠠᠷᠢᠵᠤ ᠠᠮᠠᠷᠠ! ᠭᠡᠳ ᠰᠤᠭᠤᠳᠠᠨ ᠠᠪᠴᠤ ᠣᠯᠠᠨ ᠠ᠋ᠴᠠ ᠵᠠᠢᠯᠠᠭᠤᠯᠬᠤ ᠶ᠋ᠢ ᠣᠷᠣᠯᠳᠣᠪᠠ᠃ ᠬᠠᠷᠢᠭᠤ ᠳ᠋ᠤᠨᠢ ᠥᠨᠥᠬᠢ ᠬᠥᠮᠦᠨ ᠦ᠌ ᠨᠢᠳᠦ ᠰᠡᠷᠭᠦᠨ᠄
— ᠵᠠ ᠲᠡᠢᠮᠦ᠂ ᠪᠢ ᠪᠣᠯ ᠪᠠᠭᠠᠲᠤᠷ ᠬᠥᠮᠦᠨ! ᠲᠣᠭᠣᠷᠢᠨ ᠵᠣᠭᠰᠣᠭᠰᠠᠳ ᠢ᠋ ᠢᠨᠢᠶᠡᠨ ᠰᠢᠷᠳᠡᠭᠡᠳ᠄ ᠵᠠ ᠲᠠ ᠮᠢᠨᠢ ᠪᠣᠰᠤᠶ᠎ᠠ᠂ ᠠᠯᠠᠯᠴᠠᠶᠠ! ᠪᠢᠳᠡᠨ ᠢ᠋ ᠫᠤᠤ ᠶ᠋ᠢᠨ ᠰᠤᠮᠤ ᠳᠠᠭᠠᠭᠠᠬᠤ ᠦᠭᠡᠢ᠂ ᠪᠤᠷᠬᠠᠨ ᠰᠠᠬᠢᠭᠤᠰᠤ ᠬᠠᠮᠠᠭᠠᠯᠠᠨ᠎ᠠ᠃
ᠬᠥᠮᠦᠰ ᠦᠭᠡ ᠳᠠᠭᠤ ᠦᠭᠡᠢ ᠪᠠᠢᠯ᠎ᠠ᠃
— ᠲᠠ ᠮᠢᠨᠢ᠂ ᠲᠠ ᠨᠠᠷ ᠶᠠᠭᠠᠬᠢᠭᠠᠳ ᠳᠠᠭᠤ ᠦᠭᠡᠢ ᠪᠠᠢᠨ᠎ᠠ ᠪᠣᠢ᠃ ᠠᠯᠢ ᠵᠥᠪᠰᠢᠶᠡᠷᠡᠬᠦ ᠦᠭᠡᠢ ᠪᠠᠢᠨ᠎ᠠ ᠤᠤ? ᠡᠰᠡ ᠪᠣᠯ ᠲᠠ ᠨᠠᠷ ᠰᠢᠷ᠎ᠠ ᠱᠠᠨᠵᠠᠪ ᠪᠠᠳᠮᠠᠳᠣᠷᠵᠢ ᠲᠠᠢ ᠰᠠᠨᠠᠯ ᠨᠢᠭᠡᠳᠦᠨ ᠤᠯᠤᠰ ᠣᠷᠣᠨ ᠢ᠋ᠶ᠋ᠠᠨ ᠬᠤᠳᠠᠯᠳᠤᠭᠰᠠᠨ ᠤᠯᠤᠰ ᠤᠤ?
ᠬᠥᠮᠦᠰ ᠮᠥᠨ ᠳᠠᠭᠤ ᠦᠭᠡᠢ᠂ ᠥᠨᠥᠬᠢ ᠰᠣᠭᠲᠣᠭᠤ ᠠᠭᠤᠷᠯᠠᠪᠠ᠃
— ᠲᠡᠢᠮᠦ ᠪᠠᠢᠯᠭᠦᠢ᠂ ᠰᠦᠨᠡᠰᠦ ᠪᠡᠨ ᠠᠯᠳᠠᠭᠰᠠᠨ ᠬᠠᠷ᠎ᠠ ᠨᠣᠬᠠᠳ! ᠤᠳᠠᠬᠤ ᠦᠭᠡᠢ ᠲᠡᠷᠡ ᠴᠢᠨᠳᠠᠷᠤᠤ ᠨᠤᠭᠤᠳ ᠲᠠᠢ ᠪᠠᠨ ᠴᠣᠭ ᠦᠨᠡᠰᠦᠨ ᠴᠢᠨᠳᠠᠷᠤᠤ ᠪᠣᠯᠤᠨ ᠲᠣᠨᠢᠯᠬᠤ ᠪᠠᠨ ᠮᠡᠳᠡᠵᠦ ᠪᠠᠢᠨ᠎ᠠ ᠤᠤ? ᠮᠢᠨᠦ ᠵᠠᠩᠵᠤᠨ ᠬᠠᠳᠠᠨ ᠪᠠᠭᠠᠲᠤᠷ ᠡᠭᠡᠯ ᠬᠥᠮᠦᠨ ᠪᠢᠰᠢ᠂ ᠲᠠᠨ ᠤ᠋ ᠲᠡᠷᠡ ᠭᠠᠮᠢᠩ ᠤ᠋ᠨ ᠱᠣᠷᠣᠩ ᠳ᠋ᠤ᠌ ᠲᠣᠭᠲᠠᠬᠤ ᠦᠭᠡᠢ᠂ ᠬᠡᠮᠬᠡ ᠢᠰᠬᠦᠯᠦᠨ ᠵᠠᠳᠠ ᠳᠠᠭᠠᠷᠢᠨ ᠭᠠᠷᠤᠨ᠎ᠠ᠃ ᠬᠠᠷᠠᠭᠠᠷᠠᠢ! ᠠᠭᠤᠷ ᠬᠢᠯᠢᠩ ᠨᠢ ᠪᠠᠳᠠᠷᠠᠨ ᠬᠠᠨᠴᠤᠢ ᠰᠢᠮᠡᠯᠡᠵᠦ᠂ ᠬᠠᠷᠢᠶᠠᠯ ᠵᠦᠬᠡᠯ ᠦ᠋ᠨ ᠤᠯᠠᠮ ᠢ᠋ᠶ᠋ᠠᠷ ᠲᠣᠩᠭᠣᠴᠠᠵᠤ ᠭᠠᠷᠪᠠ᠃ ᠬᠥᠮᠦᠰ ᠮᠥᠨ ᠯᠡ ᠳᠠᠭᠤ ᠦᠭᠡᠢ᠂ ᠪᠣᠳᠣᠬᠤ ᠰᠣᠨᠢᠷᠬᠠᠬᠤ ᠬᠣᠶᠠᠷ ᠢ᠋ ᠡᠭᠡᠯᠵᠢᠯᠡᠭᠦᠯᠦᠨ ᠪᠠᠢᠭᠰᠠᠨ ᠢ᠋ᠶ᠋ᠠᠨ ᠭᠡᠨᠡᠳᠲᠡ ᠵᠠᠬ᠎ᠠ ᠠ᠋ᠴᠠ ᠪᠠᠨ ᠳᠠᠷᠬᠠᠨ ᠪᠤᠲᠠᠷᠠᠵᠤ ᠡᠬᠢᠯᠡᠪᠡ᠃ ᠬᠡᠳᠦᠢ ᠳ᠋ᠦ᠍ ᠢᠷᠡᠭᠰᠡᠨ ᠢ᠋ ᠬᠡᠨ ᠮᠡᠳᠡᠯ᠎ᠡ᠂ ᠬᠤᠪᠢᠩ ᠬᠡᠯᠪᠡᠷᠢ ᠶ᠋ᠢᠨ ᠳᠤᠭᠤᠢ ᠰᠠᠷᠠᠯ ᠮᠠᠯᠠᠭᠠᠢ ᠳᠡᠭᠡᠷ᠎ᠡ ᠪᠡᠨ ᠴᠢᠭ ᠥᠭᠡᠳᠡ ᠭᠣᠵᠣᠢᠭᠰᠠᠨ ᠴᠢᠨᠳᠠᠭᠠᠨ ᠴᠠᠭᠠᠨ ᠤᠲᠤᠭ᠎ᠠ ᠲᠠᠢ ᠭᠠᠮᠢᠩ ᠨᠣᠶᠠᠨ ᠲᠠᠰᠢᠶᠠᠨ ᠳ᠋ᠠᠭᠠᠨ ᠵᠡᠭᠦᠭᠰᠡᠨ ᠬᠢᠯᠠᠩ ᠴᠠᠭᠠᠨ ᠰᠡᠯᠡᠮ᠎ᠡ ᠶ᠋ᠢᠨ ᠪᠠᠷᠢᠭᠤᠯ ᠢ᠋ ᠲᠠᠪᠤᠨ ᠬᠤᠷᠤᠭᠤᠨ ᠤ᠋ ᠪᠡᠭᠡᠯᠡᠢ ᠲᠡᠢ ᠭᠠᠷ ᠢ᠋ᠶ᠋ᠠᠷ ᠪᠠᠷᠢᠨ ᠵᠣᠭᠰᠣᠵᠤ ᠪᠠᠢᠪᠠ᠃ ᠬᠠᠵᠠᠭᠤ ᠳ᠋ᠤᠨᠢ ᠬᠡᠯᠡᠮᠦᠷᠴᠢ ᠪᠠᠢᠭ᠎ᠠ ᠪᠥᠭᠡᠳ ᠬᠡᠯᠡᠮᠦᠷᠴᠢ ᠶ᠋ᠢᠨ ᠦᠭᠡ ᠬᠡᠯᠡᠬᠦ ᠶ᠋ᠢ ᠨᠣᠶᠠᠨ᠂ ᠲᠣᠯᠣᠭᠠᠢ ᠪᠠᠨ ᠵᠢᠭᠠᠬᠠᠨ ᠬᠠᠵᠠᠢᠯᠭᠠᠨ ᠴᠢᠩᠨᠠᠵᠤ᠂ ᠠᠭᠰᠤᠮᠨᠠᠨ ᠬᠠᠰᠬᠢᠷᠴᠤ ᠪᠠᠢᠭ᠎ᠠ ᠰᠣᠭᠲᠣᠭᠤ ᠶ᠋ᠢ ᠬᠠᠷᠠᠭ᠎ᠠ ᠰᠠᠯᠭᠠᠯ ᠦᠭᠡᠢ ᠰᠢᠷᠲᠡᠨ᠎ᠡ᠃ ᠠᠷᠤ ᠳ᠋ᠤᠨᠢ ᠬᠣᠶᠠᠷ ᠭᠠᠮᠢᠩ ᠪᠡᠶ᠎ᠡ ᠪᠡᠨ ᠴᠢᠩᠭ᠎ᠠ ᠪᠠᠷᠢᠨ ᠵᠣᠭᠰᠣᠨ᠎ᠠ᠃ ᠡᠢᠮᠦ ᠳ᠋ᠦ᠍ ᠲᠡᠳᠡᠨ ᠢ᠋ ᠬᠠᠷᠠᠭᠰᠠᠨ ᠪᠦᠬᠦᠨ ᠦ᠌ ᠨᠢᠷᠤᠭᠤ ᠤᠷᠤᠭᠤ ᠬᠦᠢᠲᠡᠨ ᠣᠷᠣᠬᠤ ᠪᠣᠯᠤᠯᠲᠠᠢ᠂ ᠴᠡᠭᠡᠵᠢ ᠳᠠᠷᠤᠨ ᠨᠠᠪᠲᠠᠰᠬᠢᠨ ᠰᠠᠮ ᠵᠠᠢᠯᠠᠨ ᠵᠢᠭᠤᠲᠠᠨ᠎ᠠ᠃
ᠨᠣᠶᠠᠨ ᠳᠠᠭᠠᠯᠲᠠ ᠰᠡᠯᠲᠡ ᠶ᠋ᠢᠨ ᠢ᠋ᠶ᠋ᠡᠨ ᠬᠠᠮᠲᠤ ᠠᠯᠭᠤᠷ ᠭᠢᠰᠬᠢᠯᠡᠨ ᠣᠷᠣᠭᠰᠢ ᠳᠠᠪᠰᠢᠪᠠ᠃ ᠥᠨᠥᠬᠢ ᠰᠣᠭᠲᠣᠭᠤ ᠠᠵᠢᠭ ᠦᠭᠡᠢ ᠬᠡᠪ ᠢ᠋ᠶ᠋ᠡᠷ᠂ ᠳᠠᠯᠠᠨ ᠳᠣᠯᠣᠭᠠᠨ ᠶᠠᠭᠤᠮ᠎ᠠ ᠪᠠᠨ ᠬᠠᠰᠬᠢᠷᠤᠭᠰᠠᠭᠠᠷ ᠪᠠᠢᠪᠠ᠃ ᠲᠡᠳᠡᠨ ᠢ᠋ ᠪᠦᠷ ᠡᠮᠦᠨ᠎ᠡ ᠨᠢ ᠲᠤᠯᠤᠨ ᠣᠴᠢᠬᠤ ᠳ᠋ᠤ᠌ ᠭᠡᠨᠡᠳᠲᠡ ᠬᠠᠷᠠᠨ᠂
— ᠠ ᠵᠡᠪᠬᠡᠢ! ᠤᠤᠯᠭ᠎ᠠ ᠠᠯᠲᠠᠨ ᠬᠣᠢᠰᠢ ᠤᠬᠤᠷᠢᠪᠠ᠃ ᠭᠡᠪᠡᠴᠦ ᠳᠠᠷᠤᠢ ᠠᠭᠤᠷ ᠣᠮᠣᠭ ᠨᠢ ᠰᠢᠲᠠᠬᠤ ᠠᠵᠢ᠃
— ᠴᠢᠨᠳᠠᠷᠤᠤ ᠴᠢ ᠶᠠᠭᠤᠨ ᠳ᠋ᠤ᠌ ᠨᠢᠭᠤᠷ ᠤᠷᠤᠭᠤ ᠮᠢᠨᠢ ᠬᠢᠯᠠᠮ ᠬᠢᠯᠠᠮ ᠰᠢᠷᠲᠡᠨ᠎ᠡ ᠪᠣᠢ ᠭᠡᠳ ᠰᠢᠲᠦ ᠬᠠᠪᠢᠷᠤᠨ ᠲᠤᠯᠤᠨ ᠣᠴᠢᠭᠰᠠᠨ ᠢ᠋ᠶ᠋ᠠᠨ᠄
— ᠬᠤᠷᠠᠢ ᠲᠠ ᠮᠢᠨᠢ ᠡᠨᠡ ᠴᠢᠨᠳᠠᠷᠤᠤ ᠶ᠋ᠢ ᠠᠯᠠᠶ᠎ᠠ! ᠭᠡᠵᠦ ᠬᠠᠷ᠎ᠠ ᠲᠡᠩᠬᠡᠭᠡ ᠪᠡᠷ ᠢ᠋ᠶ᠋ᠡᠨ ᠬᠠᠰᠬᠢᠷᠪᠠ᠃ ᠬᠠᠷᠢᠭᠤ ᠳ᠋ᠤᠨᠢ ᠨᠣᠶᠠᠨ᠄ ᠵᠢᠦ ᠪᠠ! ᠭᠡᠵᠦ ᠬᠠᠰᠬᠢᠷᠪᠠ᠃
《ᠵᠢᠦ ᠪᠠ》 ᠭᠡᠵᠦ ᠶᠠᠭᠤ ᠪᠣᠢ? ᠡᠭᠦᠨ ᠢ᠋ ᠪᠠᠯᠳᠠᠨᠴᠡᠷᠢᠩ ᠡᠴᠡ ᠥᠭᠡᠷ᠎ᠡ ᠲᠣᠳᠣᠷᠬᠠᠢ ᠮᠡᠳᠡᠬᠦ ᠬᠥᠮᠦᠨ ᠦᠭᠡᠢ ᠪᠠᠢᠭ᠎ᠠ ᠪᠣᠯᠪᠠᠴᠤ ᠬᠣᠶᠠᠷ ᠭᠠᠮᠢᠩ ᠤ᠋ᠨ ᠤᠷᠤᠭᠰᠢ ᠳᠡᠪᠰᠢᠯᠲᠡ ᠡᠴᠡ ᠰᠡᠩᠳᠡ ᠮᠡᠩᠳᠡ ᠵᠢᠭᠤᠲᠠᠵᠤ᠂ ᠬᠠᠷᠢᠨ ᠪᠠᠯᠳᠠᠨᠴᠡᠷᠢᠩ ᠭᠠᠭᠴᠠᠭᠠᠷ ᠦᠯᠡᠳᠡᠪᠡ᠃ ᠰᠣᠭᠲᠣᠭᠤ ᠬᠥᠮᠦᠨ ᠭᠠᠮᠢᠩ ᠤ᠋ᠳ ᠲᠠᠢ ᠰᠢᠢᠳᠮᠡᠭᠡᠢ ᠪᠡᠷ ᠪᠠᠷᠢᠯᠴᠠᠨ ᠠᠪᠤᠪᠠ᠃ ᠲᠦᠷᠦᠭᠦᠯᠡᠨ ᠢᠷᠡᠭᠰᠡᠨ ᠢ᠋ ᠭᠠᠵᠠᠷ ᠭᠤᠶᠠᠳᠠᠨ ᠬᠠᠶᠠᠭᠰᠠᠨ ᠢ᠋ᠶ᠋ᠠᠨ᠂ ᠶᠠᠩᠬᠢᠭᠠᠷ ᠴᠡᠭᠡᠵᠢ ᠪᠡᠨ ᠲᠡᠳᠡᠨ ᠠᠪᠴᠤ ᠴᠢᠳᠠᠯ ᠦᠭᠡᠢ ᠳᠡᠭᠡᠷ᠎ᠡ ᠡᠴᠡ ᠨᠢ ᠳᠠᠷᠤᠨ ᠤᠨᠠᠭᠠᠳ᠂ ᠬᠣᠶᠠᠳᠠᠬᠢ ᠭᠠᠮᠢᠩ ᠤ᠋ᠨ ᠪᠠᠷᠢᠨ ᠠᠪᠬᠤ ᠳ᠋ᠤ᠌《ᠠ ᠬᠠᠷ᠎ᠠ ᠬᠤᠮᠬᠤᠷᠤᠤᠰᠤ ᠨᠤᠭᠤᠳ ᠠ᠋!》 ᠭᠡᠵᠦ ᠬᠠᠷᠢᠶᠠᠯ ᠲᠠᠯᠪᠢᠨ᠂ ᠠᠷᠤ ᠥᠪᠥᠷ ᠬᠣᠶᠠᠷ ᠲᠠᠭᠠᠨ ᠬᠣᠶᠠᠷ ᠭᠠᠮᠢᠩ ᠲᠠᠢ ᠪᠣᠯᠤᠨ ᠪᠣᠰᠪᠠ᠃ ᠳᠡᠭᠡᠷ᠎ᠡ ᠨᠢ ᠬᠡᠯᠡᠮᠦᠷᠴᠢ ᠨᠡᠮᠡᠭᠳᠡᠯ᠎ᠡ᠃ ᠲᠡᠳᠡᠨ ᠭᠤᠳᠤᠮᠵᠢᠨ ᠳ᠋ᠤ᠌ ᠴᠢᠰᠤ ᠤᠷᠤᠰᠬᠠᠬᠤ ᠶ᠋ᠢ ᠦᠯᠦ ᠬᠢᠴᠢᠶᠡᠬᠦ ᠳ᠋ᠡᠭᠡᠨ ᠵᠠᠷ ᠵᠡᠪᠰᠡᠭ ᠢ᠋ᠶ᠋ᠡᠨ ᠭᠠᠵᠠᠷ ᠲᠠᠯᠪᠢᠭᠰᠠᠨ ᠪᠥᠭᠡᠳ ᠨᠢᠭᠡ ᠰᠣᠭᠲᠣᠭᠤ ᠲᠠᠢ ᠭᠤᠷᠪᠠᠭᠤᠯᠠ ᠨᠣᠴᠣᠯᠳᠤᠬᠤ ᠪᠣᠯᠪᠠᠴᠤ ᠨᠡᠮᠡᠷᠢ ᠠᠯᠠᠭ᠎ᠠ᠂ ᠭᠠᠵᠠᠷ ᠥᠩᠬᠥᠷᠢᠨ ᠵᠢᠭᠤᠷᠠᠯᠳᠤᠵᠤ ᠥᠯᠥᠨ ᠰᠢᠷᠣᠢ ᠪᠤᠵᠢᠭᠢᠨᠠᠭᠤᠯᠤᠨᠠ᠃ ᠮᠠᠨ ᠤ᠋ ᠰᠣᠭᠲᠣᠭᠤ ᠨᠢᠭᠡ ᠤᠳᠠᠭ᠎ᠠ ᠪᠦᠭᠦᠳᠡ ᠶ᠋ᠢᠨ ᠳᠣᠣᠷ᠎ᠠ ᠣᠷᠣᠭᠰᠠᠨ ᠢ᠋ᠶ᠋ᠠᠨ᠄
— ᠠ ᠪᠣᠭᠳᠠ ᠶ᠋ᠢᠨ ᠰᠠᠬᠢᠭᠤᠰᠤ ᠠ᠋! ᠭᠡᠵᠦ ᠮᠠᠭᠤᠬᠠᠢ ᠳᠠᠭᠤ ᠪᠠᠷ ᠬᠠᠰᠬᠢᠷᠬᠤ ᠳ᠋ᠠᠭᠠᠨ ᠪᠣᠰᠤᠨ ᠬᠠᠷᠠᠢᠵᠤ᠂ ᠬᠣᠶᠠᠷ ᠢ᠋ ᠨᠢ ᠳᠣᠣᠷ᠎ᠠ ᠪᠠᠨ ᠬᠢᠪᠡ᠂ ᠳᠠᠬᠢᠭᠠᠳ ᠯᠠ ᠳᠣᠣᠷ᠎ᠠ ᠨᠢ ᠣᠷᠣᠨ᠎ᠠ᠃ ᠬᠣᠶᠠᠳᠠᠬᠢ ᠳᠡᠭᠡᠷ᠎ᠡ ᠪᠡᠨ᠂
— ᠠ ᠳᠠᠮᠳᠢᠨ ᠴᠣᠢᠵᠢ ᠶ᠋ᠢᠨ ᠰᠠᠬᠢᠭᠤᠰᠤ ᠠ᠋! ᠭᠡᠵᠦ ᠬᠠᠰᠬᠢᠷᠬᠤ ᠳ᠋ᠠᠭᠠᠨ ᠭᠤᠷᠪᠠᠨ ᠬᠥᠮᠦᠨ ᠢ᠋ ᠭᠤᠷᠪᠠᠨ ᠲᠡᠢᠰᠢ ᠥᠰᠥᠷᠬᠡᠨ ᠪᠣᠰᠪᠠ᠃ ᠭᠡᠪᠡᠴᠦ ᠨᠡᠮᠡᠷᠢ ᠠᠯᠠᠭ᠎ᠠ ᠥᠪᠡᠷ ᠢ᠋ᠶ᠋ᠡᠨ ᠬᠥᠯ ᠠᠯᠲᠠᠨ ᠭᠡᠳᠡᠷᠭᠦ ᠪᠡᠨ ᠰᠠᠪᠠᠨ ᠤᠨᠠᠨ᠎ᠠ᠃ ᠭᠠᠮᠢᠩ ᠳᠠᠷᠤᠭ᠎ᠠ ᠬᠠᠵᠠᠭᠤ ᠳ᠋ᠤᠨᠢ᠂ ᠵᠡᠭᠦᠨ ᠭᠠᠷ ᠲᠠᠭᠠᠨ ᠰᠡᠯᠡᠮ᠎ᠡ ᠶ᠋ᠢᠨ ᠢ᠋ᠶ᠋ᠡᠨ ᠪᠠᠷᠢᠭᠤᠯ ᠢ᠋ ᠪᠠᠷᠢᠭᠰᠠᠨ ᠬᠡᠪ ᠢ᠋ᠶ᠋ᠡᠷ᠂ ᠬᠥᠯ ᠠᠯᠴᠠᠢᠯᠭᠠᠨ ᠠᠵᠢᠭᠯᠠᠨ᠎ᠠ᠃ ᠵᠠᠭᠤᠷ᠎ᠠ ᠵᠠᠭᠤᠷ᠎ᠠ ᠢᠨᠢᠶᠡᠮᠰᠦᠭᠯᠡᠬᠦ ᠶ᠋ᠢ ᠦᠵᠡᠬᠦ ᠳ᠋ᠦ᠍᠂ ᠡᠨᠡ ᠨᠣᠴᠣᠯᠳᠤᠭᠠᠨ ᠢ᠋ ᠠᠭᠤᠷ ᠬᠢᠯᠢᠩ ᠢ᠋ᠶ᠋ᠡᠷ ᠪᠢᠰᠢ᠂ ᠠᠯᠢᠶ᠎ᠠ ᠨᠠᠭᠠᠳᠤᠮ ᠤ᠋ᠨ ᠴᠢᠷᠠᠢ ᠪᠠᠷ ᠦᠵᠡᠵᠦ ᠪᠠᠢᠭ᠎ᠠ ᠨᠢ ᠢᠯᠡᠷᠬᠡᠢ᠃
ᠬᠡᠰᠡᠭ ᠭᠠᠮᠢᠩ ᠭᠦᠶᠦᠯᠳᠦᠨ ᠢᠷᠡᠵᠦ ᠬᠦᠴᠦ ᠨᠡᠮᠡᠪᠡ᠃ ᠭᠠᠭᠴᠠ ᠰᠣᠭᠲᠣᠭᠤ ᠶ᠋ᠢᠨ ᠮᠥᠴᠢ ᠪᠣᠯᠭᠠᠨ ᠳ᠋ᠤ᠌ ᠨᠢᠭᠡ ᠬᠥᠮᠦᠨ ᠣᠨᠣᠭᠳᠠᠭᠠᠳ ᠴᠠᠭᠠᠨ᠎ᠠ ᠨᠢ ᠬᠣᠶᠠᠷ ᠬᠥᠮᠦᠨ ᠢᠯᠡᠭᠦᠦ ᠭᠠᠷᠤᠨ᠎ᠠ᠃ ᠮᠠᠨ ᠤ᠋ ᠰᠣᠭᠲᠣᠭᠤ ᠨᠢᠭᠡ ᠬᠡᠰᠡᠭ᠄《ᠢᠷ᠎ᠡ ᠬᠤᠷᠠᠢ!》 ᠭᠡᠵᠦ ᠬᠠᠰᠬᠢᠷᠤᠨ ᠪᠦᠬᠦ ᠬᠥᠳᠡᠯᠳᠡᠭ ᠪᠦᠬᠦᠨ ᠢ᠋ᠶ᠋ᠡᠷ ᠢ᠋ᠶ᠋ᠡᠨ ᠦᠵᠡᠯᠴᠡᠭᠡᠳ ᠡᠴᠦᠰ ᠲᠦ᠋ᠨᠢ ᠳᠥᠷᠪᠡᠨ ᠮᠥᠴᠢ ᠪᠡᠷ ᠢ᠋ᠶ᠋ᠡᠨ ᠳᠠᠮᠵᠢᠯᠠᠭᠳᠠᠨ ᠶᠠᠪᠤᠬᠤ ᠳ᠋ᠠᠭᠠᠨ᠄
— ᠵᠠ ᠭᠠᠢᠭᠤᠢ᠂ ᠡᠭᠡᠵᠦ ᠲᠥᠷᠥᠭᠡᠳ ᠳᠠᠬᠢᠨ ᠦᠵᠡᠯᠴᠡᠨᠡ ᠳᠡ ᠭᠡᠵᠦ ᠰᠡᠳᠬᠢᠯ ᠪᠦᠷᠢᠮᠦᠰᠦᠨ ᠠᠮᠠᠷᠠᠭᠰᠠᠨ ᠪᠠᠢᠳᠠᠯ ᠢ᠋ᠶ᠋ᠠᠷ ᠥᠭᠦᠯᠡᠬᠦ ᠰᠣᠨᠣᠰᠳᠠᠪᠠ᠃
ᠪᠠᠯᠳᠠᠨᠴᠡᠷᠢᠩ ᠴᠦ᠍ ᠡᠨᠳᠡ ᠡᠴᠡ ᠶᠠᠪᠤᠯ᠎ᠠ᠃ ᠲᠡᠭᠡᠬᠦ ᠳ᠋ᠡᠭᠡᠨ ᠭᠡᠷ ᠦ᠋ᠨ ᠵᠦᠭ ᠪᠢᠰᠢ᠂ ᠬᠣᠶᠠᠷ ᠬᠥᠯ ᠦ᠋ᠨ ᠢ᠋ᠶ᠋ᠡᠨ ᠬᠠᠨᠳᠤᠭᠰᠠᠨ ᠵᠦᠭ ᠢ᠋ ᠪᠠᠷᠢᠨ ᠳᠡᠮᠡᠢ ᠰᠠᠵᠢᠯᠠᠨ᠎ᠠ᠃ ᠰᠡᠳᠬᠢᠯ ᠳ᠋ᠦ᠍ᠨᠢ ᠰᠠᠶᠢ ᠶ᠋ᠢᠨ ᠪᠠᠷᠢᠭᠳᠠᠭᠰᠠᠨ ᠬᠥᠮᠦᠨ ᠦ᠌ ᠶᠡᠷᠦ ᠪᠢᠰᠢ ᠶ᠋ᠢᠨ ᠨᠢᠭᠤᠷ ᠴᠢᠷᠠᠢ ᠡᠷᠭᠢᠯᠳᠦᠨ ᠦᠵᠡᠭᠳᠡᠵᠦ ᠪᠠᠢᠯ᠎ᠠ᠃ ᠳᠣᠷᠣᠭᠰᠢ ᠤᠨᠠᠭᠠᠭᠰᠠᠨ ᠲᠣᠯᠣᠭᠠᠢ ᠪᠠᠨ ᠳᠡᠭᠡᠭᠰᠢ ᠲᠠᠲᠠᠬᠤ ᠳ᠋ᠤ᠌᠂ ᠨᠠᠷᠠ ᠶᠠᠭᠤ ᠶᠠᠭᠤ ᠦᠭᠡᠢ ᠵᠢᠷᠭᠠᠬᠤ ᠭᠡᠵᠦ ᠪᠠᠢᠬᠤ ᠪᠥᠭᠡᠳ ᠡᠨᠡ ᠨᠢ ᠮᠥᠨ ᠯᠡ ᠰᠠᠶᠢ ᠶ᠋ᠢᠨ ᠡᠷ᠎ᠡ ᠶ᠋ᠢ ᠪᠣᠳᠣᠭᠳᠠᠭᠤᠯᠤᠨ᠎ᠠ᠃ ᠲᠡᠭᠦᠨ ᠦ᠌ ᠬᠤᠪᠢ ᠵᠠᠶᠠᠭ᠎ᠠ ᠡᠨᠡ ᠵᠢᠷᠭᠠᠬᠤ ᠨᠠᠷᠠᠨ ᠤ᠋ ᠠᠳᠠᠯᠢ ᠪᠣᠯᠬᠤ ᠠ᠋ᠴᠠ ᠥᠭᠡᠷ᠎ᠡ ᠵᠠᠮ ᠪᠠᠢᠨ᠎ᠠ ᠤᠤ? ᠭᠡᠵᠦ ᠭᠤᠨᠢᠭᠲᠠᠶ᠎ᠠ ᠰᠠᠨᠠᠪᠠ᠃ ᠭᠡᠲᠡᠯ᠎ᠡ ᠬᠠᠳᠠᠨ ᠪᠠᠭᠠᠲᠤᠷ ᠮᠠᠭᠰᠠᠷᠵᠠᠪ᠂ ᠮᠠᠩᠯᠠᠢ ᠸᠠᠩ ᠳᠠᠮᠳᠢᠨᠰᠦ᠋ᠷᠦᠩ ᠨᠠᠷ ᠤ᠋ᠨ ᠶᠠᠪᠤᠳᠠᠯ ᠰᠠᠨᠠᠭᠠᠨ ᠳ᠋ᠤ᠌ ᠣᠷᠣᠪᠠ᠃
ᠮᠠᠭᠰᠠᠷᠵᠠᠪ ᠪᠣᠯ ᠠᠦ᠋ᠲ᠋ᠣᠨᠣᠮᠢᠲᠤ ᠵᠠᠰᠠᠭ ᠢ᠋ ᠪᠠᠢᠭᠤᠯᠬᠤ ᠶ᠋ᠢᠨ ᠡᠮᠦᠨ᠎ᠡ ᠡᠴᠡ ᠴᠡᠷᠢᠭ ᠳᠠᠭᠠᠭᠠᠨ᠂ ᠮᠠᠨᠵᠤ ᠬᠢᠲᠠᠳ ᠤ᠋ᠨ ᠡᠰᠡᠷᠭᠦ ᠪᠠᠢᠯᠳᠤᠨ ᠭᠠᠢᠬᠠᠮᠰᠢᠭᠲᠤ ᠢᠯᠠᠯᠲᠠ ᠨᠤᠭᠤᠳ ᠢ᠋ ᠪᠠᠢᠭᠤᠯᠤᠭᠰᠠᠨ ᠢ᠋ᠶ᠋ᠠᠷ ᠢ᠋ᠶ᠋ᠠᠨ ᠠᠷᠠᠳ ᠲᠦᠮᠡᠨ ᠳ᠋ᠦ᠍ ᠬᠠᠢᠷᠠᠯᠠᠭᠳᠠᠭᠰᠠᠨ ᠬᠥᠮᠦᠨ᠃ ᠳᠠᠮᠳᠢᠨᠰᠦ᠋ᠷᠦᠩ ᠨᠢ ᠪᠠᠷᠭᠤ ᠬᠥᠮᠦᠨ᠂ ᠪᠦᠷ ᠳᠡᠭᠡᠷ᠎ᠡ ᠴᠠᠭ ᠠ᠋ᠴᠠ ᠮᠠᠨᠵᠤ ᠶ᠋ᠢᠨ ᠡᠰᠡᠷᠭᠦ ᠬᠥᠳᠡᠯᠦᠨ ᠲᠡᠮᠡᠴᠡᠭᠴᠢ ᠪᠥᠭᠡᠳ ᠡᠴᠦᠰ ᠲᠦ᠋ᠨᠢ ᠬᠠᠯᠬ᠎ᠠ ᠨᠤᠲᠤᠭ ᠲᠤ ᠣᠷᠣᠵᠤ ᠢᠷᠡᠨ ᠬᠠᠯᠬ᠎ᠠ ᠶ᠋ᠢᠨ ᠲᠤᠰᠠᠭᠠᠷ ᠲᠣᠭᠲᠠᠨᠢᠯ ᠤ᠋ᠨ ᠲᠥᠯᠥᠭᠡ ᠠᠮᠢ ᠪᠡᠶ᠎ᠡ ᠪᠡᠨ ᠬᠠᠢᠷᠠᠯᠠᠬᠤ ᠦᠭᠡᠢ ᠵᠢᠳᠬᠦᠭᠰᠡᠨ ᠭᠠᠢᠬᠠᠮᠰᠢᠭᠲᠤ ᠬᠥᠮᠦᠨ᠂ ᠣᠳᠣ ᠭᠡᠪᠡᠯ ᠲᠡᠭᠦᠨ ᠦ᠌ ᠨᠠᠰᠤ ᠥᠨᠳᠥᠷ ᠵᠢᠷᠠ ᠬᠦᠷᠴᠦ ᠪᠠᠢᠭ᠎ᠠ ᠠᠵᠢ᠃ ᠡᠨᠡ ᠪᠦᠬᠦᠨ ᠢ᠋ ᠪᠠᠯᠳᠠᠨᠴᠡᠷᠢᠩ ᠰᠠᠢᠨ ᠮᠡᠳᠡᠬᠦ ᠲᠤᠯᠠ ᠤᠴᠢᠷ ᠳᠦᠷᠰᠦ ᠦᠭᠡᠢ ᠣᠯᠠᠨ ᠢ᠋ ᠪᠣᠳᠣᠨ ᠰᠡᠳᠬᠢᠯ ᠵᠣᠪᠠᠨ᠎ᠠ᠃
ᠣᠷᠣᠢ ᠶ᠋ᠢᠨ ᠨᠠᠷᠠ ᠵᠢᠷᠭᠠᠵᠤ᠂ ᠦᠳᠡᠰᠢ ᠶ᠋ᠢᠨ ᠪᠦᠷᠦᠩᠬᠦᠢ ᠪᠣᠯᠵᠤ ᠡᠬᠢᠯᠡᠯ᠎ᠡ᠃ ᠬᠦᠷᠢᠶ᠎ᠡ ᠳᠠᠶᠠᠭᠠᠷ ᠬᠥᠮᠦᠨ ᠦ᠌ ᠬᠥᠯ ᠬᠥᠳᠡᠯᠬᠦ ᠪᠡᠨ ᠵᠣᠭᠰᠣᠵᠤ ᠵᠣᠯᠪᠢᠩ ᠨᠣᠬᠠᠳ ᠤ᠋ᠨ ᠱᠤᠤᠭᠢᠶᠠᠨ ᠳᠡᠭᠳᠡᠨ᠎ᠡ᠃ ᠭᠡᠪᠡᠴᠦ ᠵᠡᠭᠦᠨ ᠬᠦᠷᠢᠶᠡᠨ ᠳ᠋ᠦ᠍ ᠪᠦᠷᠢᠶᠡᠨ ᠳᠠᠭᠤ ᠶᠡᠷᠦ ᠪᠢᠰᠢ ᠪᠡᠷ ᠬᠦᠩᠭᠢᠨᠡᠬᠦ ᠨᠢ ᠶᠠᠭᠤ ᠪᠣᠢ? ᠭᠡᠨᠡᠳᠲᠡ ᠶᠢᠨ ᠡᠨᠡ ᠶᠠᠪᠤᠳᠠᠯ ᠢ᠋ ᠬᠥᠮᠦᠨ ᠪᠦᠷᠢ ᠰᠣᠨᠢᠷᠬᠠᠨ ᠬᠠᠰᠢᠶ᠎ᠠ ᠬᠣᠷᠢᠶ᠎ᠠ ᠠ᠋ᠴᠠ ᠪᠠᠨ ᠭᠠᠷᠤᠨ ᠴᠢᠩᠨᠠᠬᠤ ᠪᠥᠭᠡᠳ ᠪᠠᠯᠳᠠᠨᠴᠡᠷᠢᠩ ᠴᠦ᠍ ᠮᠥᠨ ᠲᠡᠷᠡ ᠵᠦᠭ ᠬᠠᠨᠳᠤᠪᠠ᠃
ᠵᠡᠭᠦᠨ ᠬᠦᠷᠢᠶᠡᠨ ᠳ᠋ᠡᠬᠢ《ᠪᠣᠭᠳᠠ ᠰᠢᠷ᠎ᠠ ᠶ᠋ᠢᠨ ᠣᠷᠳᠣᠨ》 ᠭᠡᠳᠡᠭ ᠠᠯᠲᠠᠨ ᠳᠡᠭᠡᠪᠦᠷᠲᠦ ᠳᠤᠭᠠᠩ ᠤ᠋ᠨ ᠣᠷᠣᠢ᠂ ᠰᠢᠩᠭᠡᠭᠰᠡᠨ ᠨᠠᠷᠠᠨ ᠤ᠋ ᠭᠡᠷᠡᠯ ᠢ᠋ ᠥᠪᠡᠷ ᠲᠡᠭᠡᠨ ᠠᠪᠤᠨ ᠦᠯᠡᠳᠡᠭᠰᠡᠨ ᠮᠡᠲᠦ ᠬᠡᠷᠡᠯᠳᠦᠵᠦ ᠦᠶ᠎ᠡ ᠦᠶ᠎ᠡ ᠨᠢᠵᠢᠭᠢᠨᠡᠨ᠎ᠡ᠃ ᠬᠥᠮᠦᠰ ᠴᠤᠭᠯᠠᠷᠠᠨ ᠳᠤᠭᠠᠩ ᠤ᠋ᠨ ᠡᠮᠦᠨᠡᠬᠢ ᠲᠠᠯᠠᠪᠠᠢ ᠶ᠋ᠢ ᠳᠦᠭᠦᠷᠬᠦ ᠳ᠋ᠦ᠍ ᠳᠤᠭᠠᠩ ᠤ᠋ᠨ ᠬᠠᠭᠠᠯᠭ᠎ᠠ ᠪᠠᠷ ᠬᠣᠬᠢᠮᠠᠢ ᠲᠣᠯᠣᠭᠠᠢ ᠣᠷᠣᠢ ᠲᠠᠢ ᠭᠤᠷᠪᠠᠯᠵᠢᠨ ᠪᠠᠯᠢᠩ ᠢ᠋ ᠬᠦ ᠬᠤᠶᠠᠭ ᠪᠠᠭ ᠪᠠ ᠭᠠᠩ ᠳᠤᠭᠤᠯᠠᠭ᠎ᠠ ᠡᠮᠦᠰᠦᠭᠰᠡᠨ ᠬᠣᠶᠠᠷ ᠬᠥᠮᠦᠨ ᠳᠠᠮᠨᠠᠨ ᠭᠠᠷᠴᠤ ᠢᠷᠡᠪᠡ᠃ ᠡᠨᠡ ᠪᠣᠯ ᠰᠤᠷ᠂ ᠭᠠᠢ ᠭᠠᠮᠰᠢᠭ ᠢ᠋ ᠵᠠᠢᠯᠠᠭᠤᠯᠬᠤ ᠪᠤᠶᠤ ᠬᠠᠨᠢᠶᠠᠳᠤ ᠲᠣᠮᠣᠭᠣ ᠶ᠋ᠢ ᠳᠠᠷᠤᠬᠤ ᠬᠢᠭᠡᠳ ᠬᠠᠷᠭᠢᠰ ᠳᠣᠭᠰᠢᠨ ᠳᠠᠢᠰᠤᠨ ᠤ᠋ ᠴᠣᠭ ᠵᠠᠯᠢ ᠶ᠋ᠢ ᠮᠣᠬᠣᠭᠠᠨ ᠦᠬᠦᠯ ᠦ᠋ᠨ ᠣᠷᠣᠨ ᠳ᠋ᠤ᠌ ᠲᠣᠨᠢᠯᠭᠠᠬᠤ ᠠᠤᠭ᠎ᠠ ᠬᠦᠴᠦᠲᠡᠢ ᠶᠠᠭᠤᠮ᠎ᠠ ᠪᠣᠯ ᠡᠨᠡ ᠰᠤᠷ ᠭᠡᠵᠦ ᠬᠤᠷᠠᠨ ᠴᠤᠭᠯᠠᠷᠠᠭᠰᠠᠳ ᠤ᠋ᠨ ᠰᠡᠳᠬᠢᠯ ᠳ᠋ᠦ᠍ ᠪᠠᠭᠤᠬᠤ ᠠᠵᠢ᠃
ᠰᠤᠷ ᠤ᠋ᠨ ᠵᠡᠭᠦᠨ ᠪᠠᠷᠠᠭᠤᠨ ᠬᠣᠶᠠᠷ ᠲᠤ ᠮᠥᠨ ᠬᠤᠶᠠᠭ ᠳᠤᠭᠤᠯᠠᠭ᠎ᠠ ᠡᠮᠦᠰᠦᠨ ᠭᠠᠷ ᠲᠠᠭᠠᠨ ᠠᠯᠢ ᠡᠷᠲᠡ ᠴᠠᠭ ᠤ᠋ᠨ ᠮᠣᠩᠭᠣᠯ ᠳᠠᠷᠬᠠᠨ ᠤ᠋ ᠭᠠᠷ ᠢ᠋ᠶ᠋ᠠᠷ ᠪᠦᠲᠦᠭᠡᠭᠳᠡᠭᠰᠡᠨ ᠣᠩᠭᠣᠷᠬᠠᠢ ᠠᠮᠠ ᠲᠠᠢ ᠠᠯᠲᠠ ᠭᠠᠷᠤᠢ ᠬᠡᠮᠵᠢᠶᠡᠨ ᠦ᠌ ᠬᠦᠨᠳᠦ ᠴᠠᠬᠢᠭᠤᠷ ᠫᠤᠤ ᠪᠠᠷᠢᠭᠰᠠᠨ ᠳᠥᠷᠪᠡᠨ ᠬᠥᠮᠦᠨ ᠶᠠᠪᠤᠨ᠎ᠠ᠃ ᠡᠳᠡᠨ ᠦ᠌ ᠬᠣᠢᠨ᠎ᠠ ᠠ᠋ᠴᠠ ᠰᠤᠷ ᠵᠠᠯᠠᠬᠤ ᠯᠠᠮᠠ ᠭᠠᠷᠴᠤ ᠢᠷᠡᠪᠡ᠃ ᠡᠨᠡ ᠯᠠᠮᠠ ᠲᠣᠯᠣᠭᠠᠢ ᠳ᠋ᠠᠭᠠᠨ ᠸᠴᠢᠷ᠂ ᠸᠴᠢᠷ ᠦ᠋ᠨ ᠳᠣᠣᠷ᠎ᠠ ᠬᠣᠬᠢᠮᠠᠢ᠂ ᠲᠡᠭᠦᠨ ᠦ᠌ ᠳᠣᠣᠷ᠎ᠠ ᠬᠤᠪᠠᠬᠠᠢ ᠶᠠᠰᠤᠨ ᠴᠡᠭᠡᠵᠢ ᠪᠦᠬᠦᠢ ᠬᠣᠬᠢᠮᠠᠢ ᠵᠢᠩᠰᠡ ᠲᠡᠢ ᠪᠥᠭᠡᠳ ᠲᠡᠭᠦᠨ ᠦ᠌ ᠬᠣᠶᠠᠷ ᠲᠠᠯ᠎ᠠ ᠪᠠᠷ ᠤᠭ ᠮᠠᠯᠠᠭᠠᠢ ᠶ᠋ᠢᠨ ᠲᠣᠮᠣ ᠳᠤᠭᠤᠢ ᠬᠠᠷ᠎ᠠ ᠬᠦᠷᠢᠶᠡᠨ ᠡᠴᠡ ᠠᠪᠤᠭᠠᠳ ᠣᠷᠣᠢ ᠶ᠋ᠢᠨ ᠸᠴᠢᠷ ᠬᠦᠷᠦᠭᠰᠡᠨ ᠭᠠᠯ ᠳᠥᠯᠥ ᠶ᠋ᠢᠨ ᠴᠢᠮᠡᠭᠲᠦ《ᠰᠢᠨᠠᠨ ᠤ᠋ ᠲᠠᠭ》 ᠭᠡᠳᠡᠭ ᠶᠡᠷᠦ ᠪᠢᠰᠢ ᠶ᠋ᠢᠨ ᠰᠦᠷᠲᠦ ᠮᠠᠯᠠᠭᠠᠢ ᠡᠮᠦᠰᠴᠦ᠂ ᠪᠡᠶ᠎ᠡ ᠳ᠋ᠡᠭᠡᠨ ᠴᠠᠮ ᠤ᠋ᠨ ᠠᠳᠠᠯᠢ ᠳᠣᠷᠣᠭᠰᠢ ᠤᠨᠵᠢᠭᠰᠠᠨ ᠭᠤᠷᠪᠠᠯᠵᠢᠨ ᠲᠣᠮᠣ ᠬᠠᠨᠴᠤᠢ ᠲᠠᠢ ᠥᠪᠥᠷ ᠪᠡᠯᠭᠡᠭᠦᠰᠦᠨ ᠳ᠋ᠡᠭᠡᠨ ᠵᠠ ᠸᠠᠰᠠ ᠶ᠋ᠢᠨ ᠲᠣᠯᠣᠭᠠᠢ᠂ ᠳᠣᠭᠰᠢᠨ ᠳᠦᠷᠢ ᠶ᠋ᠢ ᠤᠷᠠᠯᠠᠨ ᠬᠠᠲᠠᠭᠰᠠᠨ ᠬᠠᠳᠬᠤᠮᠠᠯᠲᠤ ᠬᠤᠪᠴᠠᠰᠤ ᠡᠮᠦᠰᠦᠭᠰᠡᠨ ᠠᠵᠢ᠃
ᠡᠢᠨᠬᠦ ᠰᠤᠷ ᠵᠠᠯᠠᠬᠤ ᠨᠢ ᠪᠠᠭ᠎ᠠ ᠬᠡᠷᠡᠭ ᠪᠢᠰᠢ᠃ ᠪᠦᠬᠦ ᠳᠣᠭᠰᠢᠳ ᠪᠤᠷᠬᠠᠳ ᠤ᠋ᠨ ᠳᠣᠲᠣᠷ᠎ᠠ ᠠ᠋ᠴᠠ ᠬᠠᠮᠤᠭ ᠤ᠋ᠨ ᠲᠣᠭᠰᠢᠨ《ᠵᠢᠭᠵᠢᠳ ᠦ᠋ᠨ》 ᠨᠢᠨᠴᠢᠨ(ᠶᠡᠬᠡ ᠨᠢᠮᠪᠠ) ᠶ᠋ᠢ ᠭᠤᠷᠪᠠᠨ ᠵᠢᠯ ᠲᠥᠪᠯᠡᠨ(ᠪᠢᠰᠢᠯᠭᠠᠨ) ᠶᠡᠷᠦ ᠪᠤᠰᠤ ᠶ᠋ᠢᠨ ᠰᠢᠳᠢ ᠣᠯᠤᠭᠰᠠᠨ ᠬᠥᠮᠦᠨ ᠯᠡ ᠵᠠᠯᠠᠵᠤ ᠴᠢᠳᠠᠨ᠎ᠠ᠃
ᠰᠤᠷ ᠤ᠋ᠨ ᠯᠠᠮᠠ ᠶ᠋ᠢᠨ ᠠᠷᠤ ᠠ᠋ᠴᠠ ᠬᠡᠳᠦᠨ ᠠᠷᠪᠠᠨ ᠯᠠᠮᠠ ᠳ᠋ᠠᠭᠠᠨ ᠶᠠᠪᠤᠨ᠎ᠠ᠃ ᠲᠡᠳᠡᠨ ᠦ᠌ ᠡᠮᠦᠰᠴᠦ ᠵᠡᠭᠦᠭᠰᠡᠨ ᠨᠢ ᠪᠠᠰᠠ ᠡᠩ ᠦ᠋ᠨ ᠪᠢᠰᠢ ᠡᠯᠢᠭᠡᠨ ᠬᠦᠷᠡᠩ ᠲᠠᠷᠠᠮᠠᠨ ᠣᠷᠬᠢᠮᠵᠢ ᠪᠠᠷ ᠪᠦᠬᠦ ᠪᠡᠶ᠎ᠡ ᠪᠡᠨ ᠪᠢᠲᠡᠭᠦᠦ ᠣᠷᠢᠶᠠᠵᠤ᠂ ᠰᠢᠷ᠎ᠠ ᠲᠣᠷᠭᠠᠨ ᠥᠨᠳᠥᠷ ᠣᠷᠣᠢ ᠲᠠᠢ ᠬᠢᠩᠭᠠᠨ ᠢᠷᠮᠡᠭ ᠲᠡᠢ ᠣᠪᠣᠭᠠᠲᠠᠢ ᠶ᠋ᠢ ᠣᠷᠣᠢ ᠳᠡᠭᠡᠷ᠎ᠡ ᠪᠡᠨ ᠴᠣᠭᠴᠠᠯᠠᠭᠤᠯᠤᠭᠰᠠᠨ ᠢ᠋ ᠨᠢ ᠬᠡᠯᠡᠬᠦ ᠤᠤ! ᠦᠳᠡᠰᠢ ᠶ᠋ᠢᠨ ᠪᠦᠷᠦᠩᠬᠦᠢ᠂ ᠪᠦᠷᠢᠶᠡᠨ ᠳᠠᠭᠤᠨ ᠤ᠋ ᠬᠦᠨᠳᠦ ᠬᠦᠩᠭᠢᠨᠡᠯᠲᠡ᠂ ᠪᠢᠰᠬᠢᠭᠦᠷ ᠦ᠋ᠨ ᠠᠪᠢᠶ᠎ᠠ ᠶᠠᠮᠠᠷ ᠨᠢᠭᠡ ᠦᠯᠦ ᠦᠵᠡᠭᠳᠡᠬᠦ ᠬᠡᠢ ᠠᠮᠢᠲᠠᠨ ᠢ᠋ ᠠᠷᠭᠠᠳᠠᠬᠤ ᠮᠡᠲᠦ ᠤᠶᠠᠩᠭᠠᠯᠠᠬᠤ᠂ ᠴᠠᠩ ᠬᠡᠩᠭᠡᠷᠭᠡ ᠣᠭᠲᠠᠷᠭᠤᠢ ᠶ᠋ᠢᠨ ᠭᠦᠨ ᠢ᠋ ᠢᠯᠡᠴᠢᠯᠡᠵᠦ ᠪᠠᠢᠨ᠎ᠠ ᠤᠤ ᠭᠡᠮᠡᠷ ᠨᠦᠷᠵᠢᠭᠢᠨᠡᠬᠦ᠂ ᠡᠭᠦᠨ ᠦ᠌ ᠳᠡᠭᠡᠷ᠎ᠡ ᠥᠨᠥᠬᠢ ᠬᠣᠬᠢᠮᠠᠢ ᠣᠷᠣᠢ ᠲᠠᠢ ᠭᠤᠷᠪᠠᠯᠵᠢᠨ ᠰᠤᠷ᠂ ᠠᠷᠤ ᠳ᠋ᠤ᠌ ᠶᠠᠪᠤᠭ᠎ᠠ ᠵᠠᠯᠠᠭᠴᠢ ᠯᠠᠮᠠ᠂ ᠲᠡᠭᠦᠨ ᠦ᠌ ᠬᠣᠢᠨ᠎ᠠ ᠠ᠋ᠴᠠ ᠳᠠᠭᠠᠭᠰᠠᠨ ᠬᠠᠮᠲᠤᠷᠠᠨ ᠵᠠᠯᠠᠭᠴᠢ ᠯᠠᠮᠠ ᠨᠠᠷ᠂ ᠲᠡᠭᠡᠭᠡᠳ ᠪᠠᠰᠠ ᠵᠦᠭ ᠦ᠋ᠨ ᠮᠠᠭᠤ ᠵᠡᠭᠦᠨ ᠤᠷᠢᠳᠤ ᠵᠦᠭ ᠢ᠋ ᠪᠠᠷᠢᠨ ᠠᠭᠠᠵᠢᠭᠤᠬᠠᠨ ᠲᠠᠪᠰᠢᠬᠤ ᠨᠢ ᠦᠨᠡᠬᠡᠷ ᠦᠯᠦ ᠢᠯᠠᠭᠳᠠᠬᠤ ᠳᠠᠢᠰᠤᠨ ᠢ᠋ ᠠᠪᠤᠷᠭᠤ ᠬᠦᠴᠦ ᠪᠡᠷ ᠳᠠᠷᠤᠨ ᠲᠣᠨᠢᠯᠭᠠᠬᠤ ᠰᠢᠨᠵᠢ ᠲᠥᠯᠥᠪ ᠢ᠋ ᠪᠦᠷᠢᠯᠳᠦᠭᠦᠯᠵᠡᠢ᠃
ᠬᠦᠷᠬᠦ ᠭᠠᠵᠠᠷ ᠨᠢ ᠰᠢᠷ᠎ᠠ ᠣᠷᠳᠣᠨ ᠤ᠋ ᠵᠡᠭᠦᠨ ᠡᠮᠦᠨ᠎ᠡ᠂ ᠬᠡᠳᠦᠨ ᠵᠠᠭᠤᠨ ᠠᠯᠬᠤᠮ ᠤ᠋ᠨ ᠲᠡᠷᠲᠡᠭᠡ᠃ ᠲᠡᠨᠳᠡ ᠡᠪᠡᠰᠦ ᠮᠣᠳᠣ ᠬᠣᠶᠠᠷ ᠢ᠋ᠶ᠋ᠠᠷ ᠪᠦᠷᠢᠭᠰᠡᠨ ᠲᠣᠮᠣ ᠣᠪᠣᠬᠠᠢ ᠪᠠᠢᠨ᠎ᠠ᠃ ᠰᠤᠷ ᠢ᠋ ᠣᠴᠢᠮᠠᠭᠴᠠ ᠣᠪᠣᠬᠠᠢ ᠳ᠋ᠤ᠌ ᠭᠠᠯ ᠣᠷᠣᠭᠤᠯᠪᠠ᠃ ᠶᠡᠬᠡ ᠳᠥᠯᠥ ᠭᠡᠨᠡᠳᠲᠡ ᠪᠠᠳᠠᠷᠠᠨ ᠣᠢᠷᠠᠲᠤᠭᠰᠠᠨ ᠪᠦᠬᠦᠨ ᠦ᠌ ᠡᠯᠢᠭᠡᠨ ᠳ᠋ᠦ᠍ ᠤᠯᠠᠭᠠᠨ ᠰᠢᠷᠭᠠᠯ ᠲᠤᠶᠠᠭ᠎ᠠ ᠪᠠᠨ ᠳᠤᠰᠬᠠᠨ᠎ᠠ᠃ ᠣᠳᠣ ᠦᠵᠡᠪᠡᠯ ᠥᠨᠥᠬᠢ ᠰᠤᠷ᠂ ᠲᠡᠭᠦᠨ ᠦ᠌ ᠣᠷᠣᠢ ᠶ᠋ᠢᠨ ᠬᠣᠬᠢᠮᠠᠢ᠂ ᠬᠣᠶᠠᠷ ᠬᠠᠵᠠᠭᠤ ᠶ᠋ᠢᠨ ᠬᠢᠨᠢ ᠭᠠᠯ ᠤ᠋ᠨ ᠳᠥᠯᠥ ᠶ᠋ᠢᠨ ᠴᠢᠮᠡᠭᠯᠡᠯ ᠬᠢᠭᠡᠳ ᠳᠣᠣᠷᠠᠲᠤ ᠰᠠᠭᠤᠷᠢᠨ ᠳ᠋ᠤᠨᠢ ᠬᠡᠢ ᠳᠦᠭᠦᠷᠭᠡᠭᠰᠡᠨ ᠬᠣᠨᠢᠨ ᠤ᠋ ᠥᠯᠥᠨ ᠭᠡᠳᠡᠰᠦ ᠶ᠋ᠢ ᠮᠤᠰᠬᠢᠷᠠᠯᠳᠤᠭᠤᠯᠤᠨ ᠬᠡᠳᠦᠨ ᠳᠠᠪᠬᠤᠷ ᠣᠷᠢᠶᠠᠭᠰᠠᠨ ᠡᠨᠡ ᠲᠡᠷᠡ ᠨᠢ ᠪᠦᠷ ᠶᠡᠷᠦ ᠪᠢᠰᠢ᠂ ᠪᠦᠬᠦ ᠣᠷᠴᠢᠯᠠᠩ ᠤ᠋ᠨ ᠬᠠᠮᠤᠭ ᠭᠠᠢ ᠭᠠᠮᠰᠢᠭ ᠢ᠋ ᠰᠢᠩᠭᠡᠭᠡᠭᠰᠡᠨ ᠪᠣᠢ ᠵᠠ ᠭᠡᠵᠦ ᠯᠠᠪᠲᠠᠢ ᠢᠲᠡᠭᠡᠭᠳᠡᠨᠡ᠃ ᠠᠷᠤ ᠳ᠋ᠤ᠌ ᠶᠠᠪᠤᠭ᠎ᠠ ᠵᠠᠯᠠᠭᠴᠢ ᠶ᠋ᠢ ᠳᠠᠬᠢᠨ ᠠᠵᠢᠪᠠᠯ ᠬᠣᠬᠢᠮᠠᠢ ᠶᠠᠰᠤᠨ ᠵᠢᠩᠰᠡᠲᠦ ᠰᠢᠨᠠᠨ ᠤ᠋ ᠲᠠᠭ ᠡᠮᠦᠰᠦᠭᠰᠡᠨ ᠦ᠌ ᠪᠡᠨ ᠳᠣᠣᠷ᠎ᠠ ᠮᠠᠩᠨᠠᠢ ᠠ᠋ᠴᠠ ᠪᠠᠨ ᠠᠪᠤᠭᠠᠳ ᠬᠠᠮᠠᠷ ᠤ᠋ᠨ ᠢ᠋ᠶ᠋ᠠᠨ ᠦᠵᠦᠭᠦᠷ ᠢ᠋ ᠬᠦᠷᠲᠡᠯ᠎ᠡ ᠬᠠᠷ᠎ᠠ ᠪᠣᠳᠣᠭ ᠢ᠋ᠶ᠋ᠠᠷ ᠵᠤᠷᠪᠤᠰ ᠬᠠᠯᠵᠢᠯᠠᠭᠰᠠᠨ ᠨᠢ ᠶᠡᠬᠡ ᠭᠠᠯ ᠤ᠋ᠨ ᠭᠡᠷᠡᠯ ᠳ᠋ᠦ᠍ ᠠᠩᠬ᠎ᠠ ᠲᠣᠳᠣᠷᠠᠨ ᠦᠵᠡᠭᠳᠡᠬᠦ ᠪᠥᠭᠡᠳ ᠲᠡᠷᠡ ᠯᠠᠮᠠ᠂ ᠬᠣᠶᠠᠷ ᠨᠢᠳᠦ ᠪᠡᠨ ᠳᠠᠩ ᠴᠠᠭᠠᠨ ᠢ᠋ᠶ᠋ᠠᠷ ᠡᠷᠭᠢᠯᠳᠦᠭᠦᠯᠦᠨ ᠭᠢᠯᠠᠯᠵᠠᠭᠤᠯᠬᠤ ᠶ᠋ᠢᠨ ᠢ᠋ᠶ᠋ᠡᠨ ᠵᠡᠷᠭᠡᠴᠡᠭᠡ ᠪᠡᠷ ᠰᠢᠲᠦ ᠪᠡᠨ ᠬᠦᠴᠦᠯᠡᠨ ᠵᠠᠭᠤᠵᠤ᠂ ᠠᠮᠠ ᠪᠠᠨ ᠵᠨᠨᠤᠯᠲᠠᠢᠬᠠᠨ ᠢ᠋ᠶ᠋ᠠᠷ ᠦᠮᠦᠯᠵᠢᠭᠦᠯᠦᠨ ᠤᠩᠰᠢᠯᠭ᠎ᠠ ᠪᠠᠨ ᠤᠩᠰᠢᠵᠤ᠂ ᠵᠡᠭᠦᠨ ᠭᠠᠷ ᠲᠠᠭᠠᠨ ᠠᠳᠬᠤᠭᠰᠠᠨ ᠰᠢᠩᠭᠡᠨ ᠳᠠᠭᠤᠲᠤ ᠬᠣᠩᠬᠣ ᠶᠤᠭᠠᠨ ᠵᠢᠩ ᠵᠢᠩ ᠳᠤᠤᠭᠠᠷᠭᠠᠨ᠎ᠠ᠃ ᠢᠩᠭᠢᠬᠦ ᠳ᠋ᠦ᠍ ᠯᠠᠮᠠ ᠶ᠋ᠢᠨ ᠣᠶᠤᠨ ᠤᠬᠠᠭᠠᠨ ᠣᠷᠴᠢᠯᠠᠩ ᠠ᠋ᠴᠠ ᠠᠯᠢ ᠬᠡᠳᠦᠢᠨ ᠲᠠᠰᠤᠷᠠᠭᠠᠳ᠂ ᠦᠢ ᠲᠦᠮᠡᠨ ᠮᠠᠭᠤ ᠵᠦᠭ ᠦ᠋ᠨ ᠠᠮᠢᠲᠠᠳ ᠲᠠᠢ ᠠᠴᠤ ᠳᠠᠴᠤ ᠲᠤᠯᠤᠯᠳᠤᠵᠤ ᠪᠠᠢᠭ᠎ᠠ ᠮᠡᠲᠦ ᠠᠵᠢ᠃
ᠭᠡᠲᠡᠯ᠎ᠡ ᠥᠨᠥᠬᠢ ᠰᠤᠷ ᠤ᠋ᠨ ᠳᠣᠣᠷᠠᠳᠤᠬᠢ ᠬᠡᠳᠦᠨ ᠳᠠᠪᠬᠤᠷ ᠮᠤᠰᠬᠢᠷᠠᠯᠳᠤᠭᠰᠠᠨ ᠥᠯᠥᠨ ᠭᠡᠳᠡᠰᠦ ᠶ᠋ᠢᠨ ᠳᠤᠮᠳᠠ᠂ ᠬᠥᠮᠦᠰ ᠦ᠋ᠨ ᠵᠢᠵᠢᠭ ᠪᠠᠷᠢᠮᠠᠯ ᠳᠦᠷᠢ ᠣᠯᠠᠨ ᠰᠠᠭᠤᠯᠭᠠᠭᠰᠠᠨ ᠪᠠᠢᠬᠤ ᠨᠢ ᠶᠠᠭᠤ ᠪᠣᠢ? ᠲᠡᠷᠡ ᠪᠠᠷᠢᠮᠠᠯ ᠤ᠋ᠳ ᠨᠢᠭᠡ ᠵᠢᠭᠳᠡ ᠶ᠋ᠢᠨ ᠥᠨᠳᠥᠷ ᠴᠠᠮᠴᠠ ᠤᠷᠲᠤ ᠥᠮᠥᠳᠥ ᠲᠡᠢ ᠪᠥᠭᠡᠳ ᠲᠤᠰ ᠪᠦᠷᠢ ᠪᠡᠨ ᠫᠤᠤ ᠮᠡᠲᠦ ᠶ᠋ᠢ ᠪᠠᠷᠢᠭᠰᠠᠨ ᠢ᠋ᠶ᠋ᠠᠷ ᠢ᠋ᠶ᠋ᠠᠨ ᠭᠠᠮᠢᠩ ᠤ᠋ᠳ ᠪᠠᠢᠬᠤ ᠠᠵᠢ᠃
— ᠦᠭᠡᠢ ᠲᠡᠷᠡ ᠴᠢᠨᠳᠠᠷᠤᠤ ᠨᠤᠭᠤᠳ ᠢ᠋ ᠬᠠᠷᠠᠵᠤ ᠪᠠᠢᠨ᠎ᠠ ᠤᠤ? ᠭᠡᠬᠦ ᠰᠢᠪᠡᠭᠡᠨᠡᠨ ᠣᠯᠠᠨ ᠤ᠋ ᠳᠤᠮᠳᠠᠭᠤᠷ ᠨᠢᠭᠡ ᠶᠠᠪᠤᠭᠳᠠᠭᠠᠳ ᠳᠠᠷᠠᠭ᠎ᠠ ᠨᠢ᠄
— ᠬᠠᠢᠷᠬᠠᠨ! ᠳᠡᠭᠡᠷ᠎ᠡ ᠡᠴᠡ ᠲᠤᠢᠩᠬᠤᠷ ᠤ᠋ᠨ ᠳᠠ ᠯᠠᠮᠠᠳᠠᠨ ᠢ᠋ ᠥᠪᠡᠷ ᠦ᠋ᠨ ᠪᠡᠶ᠎ᠡ ᠪᠡᠷ ᠰᠤᠷ ᠵᠠᠯᠠᠨ᠎ᠠ ᠭᠡᠵᠦ ᠵᠠᠷᠯᠢᠭ ᠪᠠᠭᠤᠯᠭᠠᠭᠰᠠᠨ ᠶᠤᠮ ᠰᠢᠦ ᠭᠡᠰᠡᠨ ᠬᠣᠶᠠᠳᠠᠬᠢ ᠰᠢᠪᠡᠭᠡᠨᠡᠨ ᠰᠣᠨᠣᠰᠤᠭᠳᠠᠨ ᠵᠠᠮᠬᠠᠷᠠᠪᠠ᠃
ᠰᠤᠷ ᠵᠠᠯᠠᠭᠴᠢ ᠲᠤᠢᠩᠬᠤᠷ ᠤ᠋ᠨ ᠳᠠ ᠯᠠᠮᠠ ᠡᠮᠦᠨᠡᠬᠢ ᠰᠤᠷ ᠢ᠋ᠶ᠋ᠠᠨ ᠤᠬᠤᠰᠬᠢᠨ ᠰᠢᠭᠦᠷᠦᠨ ᠠᠪᠤᠯ᠎ᠠ᠃ ᠡᠨᠡ ᠬᠥᠮᠦᠨ ᠨᠢᠷᠤᠭᠤ ᠨᠠᠮ᠂ ᠦᠵᠡᠲᠡᠯ᠎ᠡ ᠪᠢᠷ᠎ᠠ ᠴᠢᠳᠠᠯ ᠪᠠᠭ᠎ᠠ ᠲᠠᠢ ᠪᠠᠢᠮᠠᠷ ᠠᠲᠠᠯ᠎ᠠ᠂ ᠬᠣᠶᠠᠷ ᠬᠥᠮᠦᠨ ᠦ᠌ ᠠᠷᠠᠢ ᠴᠢᠷᠠᠢ ᠳᠠᠮᠵᠢᠯᠠᠨ ᠠᠪᠴᠢᠷᠠᠭᠰᠠᠨ ᠬᠦᠨᠳᠦ ᠰᠤᠷ ᠢ᠋ ᠰᠡᠪ ᠬᠢᠯᠭᠡᠨ ᠳᠡᠭᠡᠷ᠎ᠡ ᠡᠷᠭᠦᠬᠦ ᠨᠢ ᠦᠨᠡᠬᠡᠷ ᠢᠳᠡ ᠰᠢᠳᠢ ᠶ᠋ᠢ ᠦᠵᠡᠭᠦᠯᠬᠦ ᠰᠢᠭ᠃
ᠡᠨᠡ ᠳᠠᠷᠤᠢ ᠪᠦᠬᠦ ᠣᠷᠴᠢᠨ ᠥᠭᠡᠷᠡᠴᠢᠯᠡᠭᠳᠡᠯ᠎ᠡ᠃ ᠰᠢᠷᠦᠭᠦᠨ ᠭᠠᠯ ᠤ᠋ᠨ ᠪᠠᠳᠠᠷᠠᠯᠲᠠ ᠲᠤᠢᠯ ᠳ᠋ᠠᠭᠠᠨ ᠭᠦᠷᠦᠨ ᠲᠣᠭᠰᠢᠨ ᠳᠥᠯᠥ ᠨᠢ ᠦᠶ᠎ᠡ ᠦᠶ᠎ᠡ ᠣᠷᠣᠢ ᠠ᠋ᠴᠠ ᠲᠠᠰᠤᠷᠠᠨ ᠬᠡᠢ ᠳ᠋ᠦ᠍ ᠵᠠᠮᠬᠠᠷᠠᠨ᠎ᠠ᠃ ᠪᠦᠷᠢᠶᠡᠨ ᠳᠠᠭᠤ ᠬᠤᠪᠢᠷᠠᠨ ᠬᠦᠩᠭᠢᠨᠡᠬᠦ ᠶ᠋ᠢᠨ ᠣᠷᠣᠨ ᠳ᠋ᠤ᠌ ᠶᠠᠷᠳᠠᠭᠯᠠᠨ ᠬᠠᠰᠬᠢᠷᠴᠤ᠂ ᠪᠢᠰᠬᠢᠭᠦᠷ ᠪᠠᠰᠠ ᠤᠶᠠᠩᠭᠠᠯᠠᠬᠤ ᠶ᠋ᠢᠨ ᠣᠷᠣᠨ ᠳ᠋ᠤ᠌ ᠬᠠᠮᠤᠭ ᠤ᠋ᠨ ᠢ᠋ᠶ᠋ᠠᠨ ᠨᠠᠷᠢᠨ ᠬᠥᠭ ᠢ᠋ᠶ᠋ᠡᠷ ᠴᠠᠷᠭᠢᠨ ᠵᠢᠷᠭᠢᠵᠦ᠂ ᠴᠠᠩ ᠬᠡᠩᠭᠡᠷᠭᠡ ᠨᠢᠵᠢᠭᠢᠨᠡᠬᠦ ᠶ᠋ᠢᠨ ᠣᠷᠣᠨ ᠳ᠋ᠤ᠌ ᠬᠠᠪᠢᠷᠤᠯᠳᠤᠨ ᠬᠠᠷᠰᠢᠯᠳᠤᠵᠤ᠂ ᠳᠡᠷᠭᠡᠳᠡ ᠪᠡᠨ ᠪᠠᠢᠭ᠎ᠠ ᠬᠥᠮᠦᠰ ᠢ᠋ ᠭᠠᠭᠴᠠᠬᠠᠨ ᠠᠶᠤᠨ ᠰᠦᠷᠳᠡᠬᠦ ᠶ᠋ᠢᠨ ᠵᠦᠭ ᠠᠪᠴᠢᠷᠠᠨ᠎ᠠ᠃ ᠭᠡᠲᠡᠯ᠎ᠡ ᠡᠭᠦᠨ ᠦ᠌ ᠬᠠᠵᠠᠭᠤ ᠪᠠᠷ ᠭᠠᠨᠳᠠᠩ᠂ ᠶᠠᠰᠤᠨ ᠳ᠋ᠤ᠌ ᠬᠠᠲᠠᠬᠤ ᠵᠢᠪᠡᠭᠦᠨ ᠳᠠᠭᠤ ᠪᠠᠷ ᠡᠬᠡᠷ ᠲᠡᠳᠡᠨ ᠶᠠᠭᠰᠢᠬᠤ ᠨᠢ ᠡᠷᠯᠢᠭ ᠦ᠋ᠨ ᠡᠯᠴᠢ ᠨᠠᠷ ᠢ᠋ ᠤᠷᠢᠨ ᠳᠠᠭᠤᠳᠠᠵᠤ ᠪᠠᠢᠭ᠎ᠠ ᠨᠢ ᠲᠡᠷᠡ ᠪᠠᠢᠯ᠎ᠠ᠃
ᠶᠠᠭᠤᠮ᠎ᠠ ᠪᠦᠷ ᠤᠴᠢᠷ ᠲᠠᠢ᠃ ᠳ᠋ᠠ ᠯᠠᠮᠠᠳᠠᠨ ᠳᠡᠭᠡᠷ᠎ᠡ ᠡᠷᠭᠦᠭᠰᠡᠨ ᠰᠤᠷ ᠢ᠋ᠶ᠋ᠠᠨ ᠭᠠᠯ ᠤ᠋ᠨ ᠵᠦᠭ ᠣᠷᠣᠢ ᠪᠠᠷ ᠢ᠋ᠶ᠋ᠠᠨ ᠪᠥᠬᠥᠢᠯᠭᠡᠨ ᠭᠤᠳᠤᠷᠴᠤ ᠮᠤᠰᠬᠢᠨ᠂ ᠠᠭᠠᠷ ᠥᠷᠥᠮᠳᠡᠭᠰᠡᠨ ᠢ᠋ᠶ᠋ᠡᠨ ᠳᠡᠭᠡᠭᠰᠢ ᠲᠠᠲᠠᠪᠠ᠃ ᠳᠠᠬᠢᠨ ᠬᠣᠶᠠᠳᠠᠬᠢ ᠥᠷᠥᠮᠳᠡᠯᠭᠡ ᠳ᠋ᠡᠭᠡᠨ ᠬᠢᠯ᠎ᠡ᠃ ᠭᠤᠷᠪᠠ ᠳᠠᠬᠢᠨ ᠬᠢᠬᠦ ᠳ᠋ᠦ᠍ᠨᠢ᠂ ᠪᠦᠬᠦ ᠬᠥᠭᠵᠢᠮ ᠦ᠋ᠨ ᠠᠪᠢᠶ᠎ᠠ ᠪᠠᠰᠠ ᠬᠤᠪᠢᠷᠠᠭᠰᠠᠨ ᠨᠢ ᠪᠦᠷ ᠵᠢᠪᠡᠭᠦᠨ! ᠬᠥᠮᠦᠰ ᠦ᠋ᠨ ᠭᠣᠣᠯ ᠵᠢᠷᠦᠬᠡ ᠠᠮᠠᠨ ᠳᠡᠭᠡᠷ᠎ᠡ ᠪᠡᠨ ᠢᠷᠡᠨ᠎ᠡ᠃ ᠶᠡᠬᠡ ᠯᠠᠮᠠ ᠶ᠋ᠢᠨ ᠨᠢᠳᠦ ᠪᠡᠨ ᠲᠠᠰᠤ ᠠᠨᠢᠨ ᠴᠢᠷᠠᠢ ᠨᠢ ᠴᠠᠢᠬᠤ ᠬᠠᠷᠠᠯᠠᠬᠤ ᠬᠣᠶᠠᠷ ᠢ᠋ᠶ᠋ᠠᠷ ᠡᠭᠡᠯᠵᠢᠯᠡᠨ ᠬᠥᠯᠥᠰᠥ ᠳᠤᠰᠤᠯᠠᠭᠤᠯᠬᠤ ᠶ᠋ᠢ ᠬᠠᠷᠠᠵᠤ ᠡᠰᠡ ᠴᠢᠳᠠᠨ᠎ᠠ᠃
ᠳᠥᠷᠪᠡᠳᠡᠬᠢ ᠳᠡᠭᠡᠷ᠎ᠡ ᠪᠠᠨ ᠳᠠ ᠯᠠᠮᠠ ᠰᠤᠷ ᠢ᠋ᠶ᠋ᠠᠨ ᠭᠠᠯ ᠤᠷᠤᠭᠤ ᠭᠢᠯᠠᠰ ᠪᠠᠭᠤᠯᠭᠠᠨ ᠰᠢᠳᠡᠭᠡᠳ ᠬᠣᠢᠨ᠎ᠠ ᠠ᠋ᠴᠠ ᠨᠢ ᠬᠠᠷ᠎ᠠ ᠬᠠᠳᠠᠭ ᠤᠶᠠᠭᠰᠠᠨ ᠸᠴᠢᠷ ᠪᠠᠷᠢᠭᠤᠯᠲᠤ ᠫᠦᠷᠪᠦ ᠶ᠋ᠢ ᠡᠯᠢᠭᠡᠨ ᠳᠣᠣᠷ᠎ᠠ ᠠ᠋ᠴᠠ ᠪᠠᠨ ᠰᠤᠭᠤ ᠲᠡᠳᠡᠨ ᠠᠪᠴᠤ ᠭᠤᠷᠪᠠᠨᠲᠠ ᠬᠡᠢ ᠲᠥᠷᠥᠬᠦ ᠪᠥᠭᠡᠳ ᠡᠨᠡ ᠳᠠᠷᠤᠢ ᠬᠤᠶᠠᠭ ᠳᠤᠭᠤᠯᠠᠭᠠᠲᠤ ᠳᠥᠷᠪᠡᠨ ᠡᠷ᠎ᠡ ᠣᠩᠭᠣᠷᠬᠠᠢ ᠠᠮᠠᠲᠤ ᠬᠦᠨᠳᠦ ᠴᠠᠬᠢᠭᠤᠷ ᠫᠤᠤ ᠪᠠᠨ ᠨᠢᠭᠡ ᠵᠡᠷᠭᠡ ᠭᠠᠯ ᠤᠷᠤᠭᠤ ᠲᠣᠩᠭᠣᠢᠯᠭᠠᠨ ᠫᠢᠩ ᠪᠠᠭᠤᠯᠭᠠᠨ᠎ᠠ᠃ ᠪᠦᠬᠦ ᠴᠢᠮᠡᠭᠡ ᠲᠠᠭ ᠲᠠᠰᠤᠷᠠᠯ᠎ᠠ᠃
ᠶᠣᠰᠣᠲᠠᠢ ᠲᠠᠭ ᠴᠢᠭ᠂ ᠲᠤᠩ ᠰᠠᠶᠢᠬᠠᠨ ᠲᠤᠢᠯ ᠳ᠋ᠠᠭᠠᠨ ᠭᠦᠷᠦᠨ ᠳᠦᠷᠡᠯᠵᠡᠵᠦ ᠪᠠᠢᠭᠰᠠᠨ ᠭᠠᠯ ᠳᠣᠷᠣᠭᠰᠢ ᠰᠠᠭᠤᠨ ᠲᠡᠭᠦᠨ ᠬᠤᠷᠴᠠ ᠳᠥᠯᠥ ᠶ᠋ᠢᠨ ᠣᠷᠣᠨ ᠳ᠋ᠤ᠌᠂ ᠬᠠᠶᠠ ᠳᠠᠷᠢ ᠶ᠋ᠢᠨ ᠭᠠᠰᠢᠭᠤᠨ ᠤᠲᠤᠭ᠎ᠠ ᠵᠦᠭ ᠪᠦᠷᠢ ᠳ᠋ᠡᠭᠡᠨ ᠬᠥᠮᠦᠰ ᠦ᠋ᠨ ᠬᠠᠮᠠᠷ ᠲᠤ ᠬᠦᠷᠦᠨ᠎ᠡ᠃
ᠣᠳᠣ ᠦᠵᠡᠪᠡᠯ ᠰᠤᠷ ᠵᠠᠯᠠᠭᠰᠠᠨ ᠯᠠᠮᠠ ᠥᠪᠡᠷ ᠦ᠋ᠨ ᠢ᠋ᠶ᠋ᠡᠨ ᠪᠡᠶ᠎ᠡ ᠡᠴᠡ ᠵᠠᠢᠯᠠᠨ ᠣᠳᠤᠭᠰᠠᠨ ᠠᠮᠢᠨ ᠰᠦᠨᠡᠰᠦ ᠪᠡᠨ ᠠᠷᠠᠢᠬᠠᠨ ᠡᠭᠡᠭᠦᠯᠦᠨ ᠠᠪᠴᠢᠷᠠᠬᠤ ᠪᠣᠯᠤᠯᠲᠠᠢ᠂ ᠲᠠᠰᠤ ᠠᠨᠢᠭᠰᠠᠨ ᠨᠢᠳᠦ ᠪᠡᠨ ᠨᠡᠭᠡᠭᠡᠨ ᠶᠡᠬᠡ ᠠᠮᠢᠰᠬᠤᠯ ᠠᠪᠤᠭᠠᠳ ᠠᠯᠢᠪᠠ ᠠᠮᠢᠲᠠᠳ ᠲᠤ ᠠᠮᠤᠷ ᠵᠢᠷᠭᠠᠯ ᠢ᠋ ᠲᠦᠭᠡᠭᠡᠬᠦ ᠢᠷᠦᠭᠡᠯ ᠦ᠋ᠨ ᠨᠣᠮ ᠢ᠋ ᠤᠶᠠᠬᠠᠨ ᠬᠣᠭᠣᠯᠠᠢ ᠪᠠᠷ ᠡᠬᠢᠯᠡᠨ ᠤᠩᠰᠢᠵᠤ ᠬᠣᠢᠰᠢ ᠡᠷᠭᠢᠨ᠎ᠡ᠃ ᠪᠤᠰᠤᠳ ᠯᠠᠮᠠ ᠨᠠᠷ ᠮᠥᠨ ᠤᠩᠰᠢᠯᠴᠠᠨ ᠬᠠᠮᠲᠤ ᠶᠠᠪᠤᠨ᠎ᠠ᠃ ᠲᠡᠳᠡᠨ ᠦ᠌ ᠠᠷᠤ ᠳ᠋ᠤ᠌ ᠶᠠᠭᠤ ᠦᠯᠡᠳᠡᠪᠡ ᠭᠡᠪᠡᠯ ᠳᠥᠯᠥ ᠨᠢ ᠪᠠᠷᠠᠭᠳᠠᠭᠰᠠᠨ ᠭᠠᠯ ᠤ᠋ᠨ ᠴᠢᠰ ᠤᠯᠠᠭᠠᠨ ᠴᠣᠭ ᠪᠥᠭᠡᠳ ᠬᠠᠷᠠᠩᠭᠤᠢ ᠳᠤᠮᠳᠠᠭᠤᠷ ᠭᠡᠷ ᠦ᠋ᠨ ᠵᠦᠭ ᠶᠠᠪᠤᠵᠤ ᠪᠠᠢᠭ᠎ᠠ ᠬᠥᠮᠦᠰ ᠦ᠋ᠨ ᠰᠡᠳᠬᠢᠯ ᠳ᠋ᠦ᠍᠂ ᠪᠦᠬᠦ ᠭᠠᠮᠢᠩ ᠤ᠋ᠨ ᠰᠦᠨᠡᠰᠦ ᠰᠦᠯᠳᠡ ᠲᠩᠷᠢ ᠶ᠋ᠢᠨ ᠢ᠋ᠶ᠋ᠡᠨ ᠬᠠᠮᠲᠤ ᠦᠭᠡᠢ ᠪᠣᠯᠪᠠ᠃ ᠣᠳᠣ ᠲᠡᠳᠡᠨ ᠦ᠌ ᠳᠤᠮᠳᠠ ᠬᠠᠨᠢᠶᠠᠳᠤ ᠲᠣᠮᠣᠭᠣ ᠳᠠᠷᠬᠠᠨ ᠦᠢ ᠣᠯᠠᠨ ᠢ᠋ᠶ᠋ᠠᠷ ᠢ᠋ᠶ᠋ᠠᠨ ᠬᠢᠶᠠᠷᠠᠨᠠ ᠪᠣᠢ ᠭᠡᠰᠡᠨ ᠨᠢᠭᠡ ᠭᠣᠷᠢᠳᠠᠯᠭ᠎ᠠ ᠡᠷᠭᠢᠯᠳᠦᠨ᠎ᠡ᠃
ᠡᠨᠡ ᠰᠥᠨᠢ ᠪᠠᠯᠳᠠᠨᠴᠡᠷᠢᠩ ᠦ᠋ᠨ ᠨᠣᠢᠷ ᠳᠠᠬᠢᠨ ᠬᠤᠯᠵᠢᠯ᠎ᠠ᠃ ᠶᠡᠷᠦ ᠭᠠᠮᠢᠩ ᠤ᠋ᠨ ᠡᠰᠡᠷᠭᠦ ᠲᠡᠮᠡᠴᠡᠬᠦ ᠶᠠᠪᠤᠳᠠᠯ ᠳ᠋ᠤ᠌ ᠰᠤᠷ ᠵᠠᠯᠠᠬᠤ ᠨᠢ ᠳᠡᠮᠡᠢ ᠰᠡᠳᠬᠢᠯ ᠢ᠋ᠶ᠋ᠡᠨ ᠬᠠᠭᠤᠷᠤᠭᠰᠠᠨ ᠠ᠋ᠴᠠ ᠥᠭᠡᠷ᠎ᠡ ᠦᠨᠡᠨ ᠪᠣᠳᠠᠲᠤ ᠶᠠᠭᠤᠮ᠎ᠠ ᠪᠣᠯᠬᠤ ᠤᠤ ᠭᠡᠵᠦ ᠪᠣᠳᠣᠵᠤ ᠡᠬᠢᠯᠡᠭᠰᠡᠨ ᠨᠢ ᠨᠢᠭᠡ ᠮᠡᠳᠡᠬᠦ ᠳ᠋ᠦ᠍ ᠲᠡᠷᠡ ᠬᠦ᠌ ᠪᠣᠳᠣᠯ ᠬᠤᠯᠵᠢᠨ ᠣᠴᠢᠵᠤ ᠤᠳᠠᠭ᠎ᠠ ᠳᠠᠷᠠᠭ᠎ᠠ ᠶ᠋ᠢᠨ ᠪᠠᠷᠢᠭᠳᠠᠭᠰᠠᠨ ᠬᠥᠮᠦᠰ ᠢ᠋ ᠳᠤᠷᠠᠰᠤᠨ ᠪᠣᠳᠣᠵᠤ ᠲᠡᠳᠡᠨ ᠦ᠌ ᠲᠥᠯᠥᠭᠡ ᠭᠠᠰᠢᠭᠤᠳᠠᠬᠤ ᠬᠠᠷᠠᠮᠰᠠᠬᠤ᠂ ᠭᠤᠨᠢᠨ ᠭᠤᠲᠤᠷᠠᠬᠤ ᠴᠥᠮ ᠨᠡᠢᠯᠡᠨ ᠲᠦᠮᠡᠨ ᠵᠦᠢᠯ ᠦ᠋ᠨ ᠵᠣᠪᠠᠯᠠᠩ ᠪᠣᠯᠤᠨ ᠡᠷᠭᠢᠯᠳᠦᠨ᠎ᠡ᠃ ᠡᠴᠦᠰ ᠲᠦ᠋ᠨᠢ ᠪᠠᠯᠳᠠᠨᠴᠡᠷᠢᠩ ᠶᠠᠭᠤ ᠴᠣ ᠪᠣᠳᠣᠬᠤ ᠦᠭᠡᠢ ᠪᠠᠢᠬᠤ ᠶ᠋ᠢᠨ ᠲᠥᠯᠥᠭᠡ ᠲᠡᠮᠡᠴᠡᠪᠡ᠃ ᠡᠯᠳᠡᠪ ᠢ᠋ ᠪᠣᠳᠣᠬᠤ ᠨᠢ ᠵᠥᠪᠬᠡᠨ ᠭᠠᠳᠠᠭᠰᠢ ᠭᠠᠷᠤᠨ ᠣᠯᠵᠤ ᠰᠣᠨᠣᠰᠤᠭᠰᠠᠨ ᠤ᠋ ᠬᠢ ᠪᠠᠢᠬᠤ ᠲᠤᠯᠠ ᠪᠠᠯᠳᠠᠨᠴᠡᠷᠢᠩ ᠭᠠᠳᠠᠭᠰᠢ ᠭᠠᠷᠬᠤ ᠪᠠᠨ ᠪᠠᠢᠶ᠎ᠠ ᠭᠡᠵᠦ ᠪᠣᠳᠣᠨ᠎ᠠ᠃ ᠬᠡᠪᠲᠡᠭᠡᠳ ᠪᠠᠢᠬᠤ ᠶᠤᠮ ᠬᠣᠨᠳᠠ ᠭᠡᠵᠦ ᠴᠢᠩ ᠰᠡᠳᠬᠢᠯ ᠡᠴᠡ ᠪᠡᠨ ᠪᠣᠳᠣᠬᠤ ᠪᠣᠯᠪᠠᠴᠤ ᠮᠠᠷᠭᠠᠰᠢ ᠨᠢ ᠴᠢᠬᠢᠨ ᠳ᠋ᠦ᠍ ᠴᠢᠮᠡᠭ ᠲᠡᠢ ᠶᠠᠭᠤᠮ᠎ᠠ ᠳᠤᠭᠤᠯᠳᠠᠬᠤ ᠶᠠᠭᠤ ᠮᠠᠭᠠᠳ ᠭᠡᠵᠦ ᠭᠣᠷᠢᠳᠠᠨ ᠮᠥᠨ ᠯᠡ ᠭᠠᠷᠤᠭᠰᠠᠨ ᠠᠵᠢ᠃ ᠭᠡᠲᠡᠯ᠎ᠡ ᠪᠠᠰᠠ ᠯᠠ ᠬᠦᠩ ᠵᠢᠭ᠌ᠮᠡᠳᠲᠣᠷᠵᠢ ᠪᠠᠷᠢᠭᠳᠠᠵᠠᠢ᠃ ᠯᠠᠮᠠ ᠴᠡᠩᠳᠡ ᠤᠷᠭᠤᠵᠠᠢ᠃ ᠪᠠᠪᠤᠤ ᠭᠡᠭᠴᠢ ᠴᠦ᠍ ᠪᠠᠷᠢᠭᠳᠠᠭᠰᠠᠨ ᠪᠣᠯᠤᠯᠲᠠᠢ᠃ ᠪᠠᠰᠠ ᠵᠠᠪ᠂ ᠳᠠᠰᠢ ᠨᠠᠷ ᠠᠯᠠᠭ᠎ᠠ ᠯᠠ ᠭᠡᠨ᠎ᠡ᠃ ᠮᠠᠭᠰᠤᠷ ᠬᠤᠭᠤᠷᠴᠢ ᠶ᠋ᠢᠨ ᠬᠦᠦ ᠳᠤᠭᠠᠷᠵᠠᠪ ᠤᠷᠭᠤᠭᠰᠠᠨ ᠯᠠ ᠭᠡᠨ᠎ᠡ᠃
ᠬᠠᠮᠢᠭ᠎ᠠ ᠪᠣᠯ ᠬᠠᠮᠢᠭ᠎ᠠ ᠠᠭᠤᠷ ᠪᠤᠬᠢᠨᠢᠳᠤᠯ ᠪᠣᠯᠤᠨ ᠬᠥᠮᠥᠰᠬᠡ ᠵᠠᠩᠭᠢᠳᠤᠭᠰᠠᠨ ᠬᠥᠮᠦᠰ ᠪᠠᠷᠢᠭᠳᠠᠭᠰᠠᠨ ᠵᠢᠭᠤᠲᠠᠭᠰᠠᠨ ᠬᠣᠶᠠᠷ ᠤ᠋ᠨ ᠲᠥᠯᠥᠭᠡ ᠰᠡᠳᠬᠢᠯ ᠵᠣᠪᠠᠨ ᠰᠢᠪᠡᠷ ᠢᠪᠢᠷ ᠬᠡᠯᠡᠯᠴᠡᠨ᠎ᠡ᠃ ᠨᠢᠭᠡ ᠮᠡᠳᠡᠬᠦ ᠳ᠋ᠦ᠍ ᠵᠠᠮᠢᠶᠠᠨ ᠬᠦᠩ ᠦ᠋ᠨ ᠨᠡᠷ᠎ᠡ ᠳᠤᠭᠤᠯᠳᠠᠬᠤ ᠰᠢᠭ᠋᠃
— ᠵᠠᠮᠢᠶᠠᠨ ᠬᠦᠩ ᠶᠠᠭᠠᠬᠢᠭᠰᠠᠨ ᠭᠡᠪᠡ? ᠭᠡᠵᠦ ᠰᠣᠴᠢᠨ ᠠᠰᠠᠭᠤᠬᠤ ᠳ᠋ᠤ᠌ ᠥᠭᠡᠷ᠎ᠡ ᠬᠥᠮᠦᠨ ᠲᠡᠢ ᠴᠠᠭᠠᠰᠢ ᠬᠠᠷᠠᠨ ᠶᠠᠷᠢᠵᠤ ᠪᠠᠢᠭ᠎ᠠ ᠬᠥᠮᠦᠨ ᠠᠬᠢᠨ᠄
— ᠠᠯᠢ ᠬᠡᠳᠦᠢᠨ ᠪᠠᠷᠢᠭᠳᠠᠭᠰᠠᠨ᠂ ᠣᠳᠣ ᠠᠷᠪᠠᠭᠠᠳ ᠬᠣᠨᠣᠵᠤ ᠪᠠᠢᠭ᠎ᠠ ᠪᠣᠯ ᠤᠤ᠂ ᠫᠤᠤ ᠲᠠᠢ ᠭᠠᠮᠢᠩ ᠤ᠋ᠳ ᠳᠤᠮᠳᠠ ᠪᠠᠨ ᠬᠢᠨ ᠶᠠᠪᠤᠵᠤ ᠪᠠᠢᠬᠤ ᠲᠠᠢ ᠨᠢ ᠪᠢ ᠳᠠᠭᠠᠷᠢᠯᠳᠤᠭᠰᠠᠨ ᠭᠡᠵᠡᠢ᠃
ᠪᠠᠯᠳᠠᠨᠴᠡᠷᠢᠩ ᠦ᠋ᠨ ᠴᠢᠷᠠᠢ ᠬᠣᠬᠢᠨ ᠴᠠᠭᠠᠨ ᠪᠣᠯᠤᠨ ᠭᠡᠷ ᠦ᠋ᠨ ᠵᠦᠭ ᠶᠠᠭᠠᠷᠠᠨ ᠡᠷᠭᠢᠪᠡ᠃ ᠶᠠᠭᠤᠨ ᠳ᠋ᠤ᠌ ᠡᠨᠡ ᠪᠣᠢ? ᠪᠤᠤ ᠮᠡᠳᠡ᠂ ᠥᠪᠡᠷ ᠢ᠋ᠶ᠋ᠡᠨ ᠦᠯᠦ ᠮᠡᠳᠡᠨ᠎ᠡ᠃ ᠭᠠᠮᠢᠩ ᠤ᠋ᠳ ᠶᠠᠭᠤ ᠬᠢᠵᠦ ᠪᠠᠢᠨ᠎ᠠ ᠪᠣᠢ? ᠠᠯᠢ ᠵᠢᠳᠬᠦᠯᠲᠡᠨ ᠪᠦᠬᠦᠨ ᠢ᠋ ᠬᠠᠮᠤᠨ ᠪᠡᠷᠢᠯᠡᠵᠦ ᠪᠠᠢᠭ᠎ᠠ ᠨᠢ ᠪᠠᠯᠳᠠᠨᠴᠡᠷᠢᠩ ᠳ᠋ᠦ᠍ ᠲᠣᠳᠣᠷᠬᠠᠢ ᠠᠵᠢ᠃ ᠭᠤᠷᠪᠠᠨ ᠬᠣᠨᠣᠭ ᠭᠡᠷ ᠲᠡᠭᠡᠨ ᠰᠢᠭᠢᠳᠦᠭᠡᠳ᠂ ᠣᠳᠣ ᠶᠠᠭᠤ ᠳᠤᠭᠤᠯᠳᠠᠬᠤ ᠪᠣᠯ ᠭᠡᠵᠦ ᠳᠠᠬᠢᠨ ᠭᠠᠷᠬᠤ ᠳ᠋ᠤ᠌ ᠪᠠᠰᠠ ᠯᠠ ᠪᠠᠷᠢᠭᠳᠠᠵᠤ ᠭᠡᠨ᠎ᠡ ᠯᠡ ᠭᠡᠯᠴᠡᠬᠦ ᠶᠦᠮ᠃ ᠵᠠ ᠬᠡᠨ ᠪᠠᠷᠢᠭᠳᠠᠪᠠ ᠭᠡᠬᠦ ᠳ᠋ᠦ᠍ ᠲᠤᠢᠩᠬᠤᠷ ᠤ᠋ᠨ ᠳᠠ ᠯᠠᠮᠠ ᠶ᠋ᠢᠨ ᠨᠡᠷ᠎ᠡ ᠴᠦ᠍ ᠭᠠᠷᠤᠯ᠎ᠠ᠃ ᠲᠡᠭᠡᠭᠰᠡᠨ ᠢ᠋ᠶ᠋ᠡᠨ ᠪᠠᠰᠠ ᠰᠦᠬᠡᠪᠠᠭᠠᠲᠤᠷ ᠢ᠋ ᠪᠠᠷᠢᠭᠰᠠᠨ ᠬᠥᠮᠦᠨ ᠳ᠋ᠦ᠍ ᠠᠷᠪᠠᠨ ᠮᠢᠩᠭᠠᠨ ᠶᠠᠩᠴᠢᠶᠠᠨ ᠥᠭᠭᠦᠨ᠎ᠡ ᠭᠡᠵᠦ ᠭᠠᠮᠢᠩ ᠤ᠋ᠨ ᠶᠠᠮᠤᠨ ᠠ᠋ᠴᠠ ᠵᠠᠷ ᠲᠠᠷᠬᠠᠭᠠᠭᠰᠠᠨ ᠭᠡᠨ᠎ᠡ᠃ ᠪᠣᠳᠤᠤ᠂ ᠳ᠋ᠠᠨᠽᠡᠨ᠂ ᠯᠣᠰᠣᠯ᠂ ᠲᠣᠭᠰᠣᠮ᠂ ᠱᠠᠭᠳᠠᠷᠵᠠᠪ᠂ ᠴᠣᠢᠪᠠᠯᠰᠠᠩ ᠨᠠᠷ ᠢ᠋ ᠪᠠᠷᠢᠵᠤ ᠠᠪᠴᠢᠷᠠᠭᠰᠠᠨ ᠬᠥᠮᠦᠨ ᠢ᠋ ᠬᠥᠬᠢᠭᠦᠯᠦᠨ ᠱᠠᠩᠨᠠᠬᠤ ᠭᠡᠨ᠎ᠡ ᠴᠦ᠍ ᠭᠡᠬᠦ ᠰᠢᠭ᠁ ᠬᠥᠮᠦᠰ ᠦ᠋ᠨ ᠶᠠᠷᠢᠶ᠎ᠠ ᠡᠢᠮᠦ ᠪᠠᠢᠬᠤ ᠶ᠋ᠢᠨ ᠵᠡᠷᠭᠡᠴᠡᠭᠡ ᠪᠡᠷ᠄《ᠪᠣᠭᠳᠠ ᠯᠠᠮᠠᠳᠠᠨ ᠢ᠋ ᠶᠠᠭᠠᠬᠢᠬᠤ ᠪᠣᠯ?》 ᠭᠡᠰᠡᠨ ᠨᠢᠭᠡ ᠲᠦᠭᠰᠢᠭᠦᠷᠢᠲᠦ ᠶᠠᠷᠢᠶ᠎ᠠ ᠪᠠᠢᠨ ᠪᠠᠢᠨ ᠳᠠᠭᠠᠷᠢᠯᠳᠤᠨ᠎ᠠ᠃ ᠥᠩᠭᠡᠷᠡᠭᠰᠡᠨ ᠬᠠᠪᠤᠷ ᠭᠠᠮᠢᠩ ᠤ᠋ᠳ ᠪᠣᠭᠳᠠ ᠶ᠋ᠢ ᠪᠠᠷᠢᠨ ᠬᠣᠷᠢᠭᠠᠳ᠂ ᠣᠯᠠᠨ ᠤ᠋ ᠰᠡᠳᠬᠢᠯ ᠠᠢᠬᠤᠪᠲᠤᠷ ᠠᠯᠳᠠᠭᠳᠠᠨ ᠠᠶᠤᠯ ᠭᠠᠷᠴᠤ ᠮᠠᠭᠠᠳ ᠦᠭᠡᠢ ᠪᠣᠯᠵᠤ ᠢᠷᠡᠬᠦ ᠳ᠋ᠦ᠍ ᠰᠤᠯᠠᠯᠠᠭᠰᠠᠨ ᠪᠥᠭᠡᠳ ᠲᠡᠭᠡᠬᠦ ᠳ᠋ᠡᠭᠡᠨ ᠮᠥᠨ ᠣᠯᠠᠨ ᠤ᠋ ᠰᠡᠳᠬᠢᠯ ᠢ᠋ ᠥᠪᠡᠷ ᠲᠡᠭᠡᠨ ᠲᠠᠲᠠᠬᠤ ᠭᠡᠵᠦ ᠲᠤᠭ ᠬᠢᠬᠢᠷᠡᠢ ᠬᠡᠢᠰᠬᠡᠨ ᠪᠦᠷᠢᠶ᠎ᠡ ᠪᠥᠮᠪᠥᠷ ᠨᠢᠵᠢᠭᠢᠨᠡᠭᠦᠯᠦᠨ ᠶᠡᠬᠡᠳᠡ ᠬᠦᠨᠳᠦᠳᠬᠡᠬᠦ ᠮᠠᠶᠢᠭ ᠭᠠᠷᠭᠠᠨ ᠣᠷᠳᠣᠨ ᠳ᠋ᠤ᠌ ᠵᠠᠯᠠᠭᠰᠠᠨ ᠠᠵᠢ᠃ ᠭᠡᠰᠡᠨ ᠴᠦ᠍ ᠠᠷᠠᠳ ᠣᠯᠠᠨ ᠭᠠᠮᠢᠩ ᠤ᠋ᠨ ᠲᠡᠷᠡ ᠠᠷᠭ᠎ᠠ ᠤᠬᠠᠭᠠᠨ ᠳ᠋ᠤ᠌ ᠠᠪᠲᠠᠭᠳᠠᠭᠰᠠᠨ ᠵᠦᠢᠯ ᠦᠭᠡᠢ᠂ ᠬᠠᠷᠢᠨ ᠭᠠᠮᠢᠩ ᠤ᠋ᠳ ᠪᠣᠭᠳᠠ ᠯᠠᠮᠠᠳᠠᠨ ᠤ᠋ ᠠᠮᠢᠳᠤ ᠪᠤᠷᠬᠠᠨ ᠪᠣᠯᠬᠤ ᠶ᠋ᠢ ᠣᠳᠣ ᠮᠡᠳᠡᠨ᠂ ᠥᠪᠡᠷ ᠦ᠋ᠨ ᠡᠷᠬᠡ ᠦᠭᠡᠢ ᠮᠥᠷᠭᠥᠨ ᠰᠥᠭᠥᠳᠪᠡ ᠭᠡᠵᠦ ᠦᠵᠡᠭᠰᠡᠨ ᠪᠠᠢᠨ᠎ᠠ᠃ ᠥᠨᠥ ᠴᠦ᠍ ᠭᠡᠰᠡᠨ ᠲᠡᠷᠡ ᠪᠣᠳᠣᠯ ᠨᠢ ᠬᠡᠪ ᠢ᠋ᠶ᠋ᠡᠷ ᠪᠥᠭᠡᠳ ᠭᠠᠮᠢᠩ ᠤ᠋ᠳ ᠪᠠᠷᠢᠬᠤ ᠦᠭᠡᠢ ᠳᠠᠭ ᠠ᠋ ᠭᠡᠵᠦ ᠪᠡᠶ᠎ᠡ ᠪᠡᠶ᠎ᠡ ᠶ᠋ᠢᠨ ᠰᠡᠳᠬᠢᠯ ᠢ᠋ ᠠᠷᠭᠠᠳᠠᠨ ᠲᠠᠢᠳᠬᠤᠷᠠᠭᠤᠯᠤᠨᠠ᠃ ᠭᠡᠲᠡᠯ᠎ᠡ ᠪᠠᠰᠠ《ᠪᠣᠭᠳᠠ ᠶ᠋ᠢᠨ ᠣᠷᠳᠣᠨ ᠬᠡᠳᠦᠨ ᠳᠠᠪᠬᠤᠷ ᠭᠠᠮᠢᠩ ᠤ᠋ᠨ ᠮᠠᠨᠠᠭ᠎ᠠ ᠪᠠᠷ ᠬᠦᠷᠢᠶᠡᠯᠡᠭᠳᠡᠨ ᠬᠥᠮᠦᠨ ᠠᠮᠢᠲᠠᠨ ᠣᠷᠣᠵᠤ ᠭᠠᠷᠴᠤ ᠪᠣᠯᠬᠤ ᠦᠭᠡᠢ ᠪᠠᠢᠨ᠎ᠠ》 ᠭᠡᠵᠦ ᠬᠡᠯᠡᠯᠴᠡᠬᠦ ᠨᠢ ᠶᠠᠭᠤ ᠪᠣᠢ?
ᠪᠠᠯᠳᠠᠨᠴᠡᠷᠢᠩ᠂ ᠪᠣᠭᠳᠠ ᠴᠦ᠍ ᠮᠥᠨ ᠪᠠᠷᠢᠭᠳᠠᠭᠠᠳ ᠪᠠᠢᠭ᠎ᠠ ᠶᠤᠮ ᠪᠠᠢᠨ᠎ᠠ ᠭᠡᠵᠦ ᠪᠣᠳᠣᠭᠰᠠᠭᠠᠷ ᠭᠡᠷ ᠲᠡᠭᠡᠨ ᠬᠠᠷᠢᠭᠠᠳ ᠲᠦᠰᠢᠬᠦ ᠲᠥᠷᠥ᠂ ᠲᠤᠯᠭᠠᠭᠤᠷᠢᠯᠠᠬᠤ ᠬᠠᠨᠢ ᠨᠥᠬᠥᠳ ᠦᠭᠡᠢ ᠬᠥᠮᠦᠨ ᠦ᠌ ᠶᠣᠰᠣᠭᠠᠷ ᠮᠥᠨ ᠯᠡ ᠡᠯᠢᠭᠡ ᠲᠡᠪᠡᠷᠢᠨ ᠭᠠᠵᠠᠷ ᠰᠢᠷᠳᠡᠨ ᠰᠠᠭᠤᠪᠠ᠃ ᠬᠠᠰᠢᠶᠠᠨ ᠤ᠋ ᠬᠠᠭᠠᠯᠭ᠎ᠠ ᠬᠢᠬᠤᠲᠤᠨᠠᠨ ᠨᠡᠭᠡᠭᠡᠭᠳᠡᠬᠦ ᠳ᠋ᠦ᠍᠄《ᠠᠱᠶ᠋ᠭᠦᠢ ᠬᠠᠭᠤᠴᠢᠨ ᠲᠠᠨᠢᠯ ᠤ᠋ᠳ ᠠ᠋ᠴᠠ ᠮᠠᠨᠢ ᠢᠷᠡᠵᠦ ᠪᠠᠢᠭ᠎ᠠ ᠪᠣᠯᠪᠠᠤ》 ᠭᠡᠵᠦ ᠭᠣᠷᠢᠳᠠᠨ ᠰᠡᠳᠬᠢᠯ ᠰᠡᠷᠭᠦᠪᠡ᠃ ᠬᠣᠶᠠᠷ ᠬᠥᠮᠦᠨ ᠦ᠌ ᠬᠥᠯ ᠦ᠋ᠨ ᠴᠢᠮᠡᠭᠡ ᠡᠭᠦᠳᠡᠨ ᠳᠡᠭᠡᠷ᠎ᠡ ᠢᠷᠡᠬᠦ ᠳ᠋ᠦ᠍ ᠤᠭᠲᠤᠨ ᠠᠪᠬᠤ ᠭᠡᠵᠦ ᠥᠨᠳᠡᠢᠪᠡ᠃ ᠭᠡᠲᠡᠯ᠎ᠡ ᠬᠣᠶᠠᠷ ᠭᠠᠮᠢᠩ ᠪᠠᠢᠪᠠ᠃ ᠲᠦᠷᠦᠭᠦᠴᠢ ᠶ᠋ᠢᠨ ᠬᠢᠨᠢ ᠭᠠᠮᠢᠩ ᠳᠠᠷᠤᠭ᠎ᠠ᠂ ᠳᠠᠷᠠᠭᠠᠴᠢ ᠶ᠋ᠢᠨ ᠬᠢᠨᠢ ᠬᠠᠷᠠᠴᠢᠨ ᠮᠣᠩᠭᠣᠯ ᠬᠡᠯᠡᠮᠦᠷᠴᠢ ᠠᠵᠢ᠃ ᠭᠠᠮᠢᠩ ᠳᠠᠷᠤᠭ᠎ᠠ ᠮᠠᠰᠢ ᠲᠤᠷᠠᠩᠬᠠᠢ᠂ ᠨᠢᠳᠦ ᠨᠢ ᠤᠬᠤᠷᠬᠠᠢ ᠳ᠋ᠠᠭᠠᠨ ᠰᠢᠭᠢᠳᠴᠦ ᠰᠢᠨᠠᠨ ᠤ᠋ ᠶᠠᠰᠤ ᠭᠠᠷ ᠲᠡᠭᠡᠭᠯᠡᠮᠡ ᠶᠣᠷᠳᠣᠭᠣᠷ ᠪᠥᠭᠡᠳ ᠭᠠᠤᠯᠢᠨ ᠰᠢᠷᠭᠠᠯ ᠴᠢᠷᠠᠢ ᠶ᠋ᠢᠨ ᠬᠢᠨᠢ ᠨᠢᠮᠭᠡᠨ ᠤᠷᠤᠭᠤᠯ ᠳ᠋ᠤ᠌ ᠠᠷᠠᠮᠠᠭ ᠲᠠᠷᠠᠮᠠᠭ ᠬᠦᠷᠡᠩ ᠰᠠᠬᠠᠯ ᠪᠤᠷᠵᠢᠢᠨᠠ᠃ ᠬᠤᠪᠴᠠᠰᠤ ᠶ᠋ᠢᠨ ᠬᠢᠨᠢ ᠵᠠᠬ᠎ᠠ ᠬᠦᠵᠦᠭᠦᠨ ᠳ᠋ᠡᠭᠡᠨ ᠬᠡᠳᠦ ᠡᠯᠪᠡᠭᠳᠡᠭᠰᠡᠨ ᠳᠥᠴᠢ ᠡᠷᠭᠢᠮ᠎ᠡ ᠨᠠᠰᠤᠨ ᠤ᠋ ᠬᠥᠮᠦᠨ ᠪᠠᠢᠯ᠎ᠠ᠃ ᠡᠨᠡ ᠬᠥᠮᠦᠨ ᠭᠡᠷ ᠦ᠋ᠨ ᠳᠣᠲᠣᠷᠠᠬᠢ ᠶ᠋ᠢ ᠤᠢᠳᠬᠠᠷ ᠲᠠᠢ ᠨᠢᠳᠦ ᠪᠡᠷ ᠰᠠᠨᠠᠭ᠎ᠠ ᠠᠯᠲᠠᠨ ᠡᠷᠭᠢᠭᠦᠯᠵᠦ ᠲᠣᠭᠣᠷᠢᠭᠤᠯᠤᠨ ᠬᠠᠷᠠᠭᠠᠳ ᠬᠡᠯᠡᠮᠦᠷᠴᠢ ᠪᠡᠨ ᠴᠢ ᠶᠠᠷᠢ ᠭᠡᠬᠦ ᠮᠡᠲᠦ ᠨᠢᠭᠤᠷ ᠢ᠋ ᠨᠢ ᠰᠢᠷᠳᠡᠪᠡ᠃ ᠬᠡᠯᠡᠮᠦᠷᠴᠢ᠄
— ᠲᠠ ᠪᠠᠯᠳᠠᠨᠴᠡᠷᠢᠩ ᠮᠥᠨ ᠤᠤ?
— ᠮᠥᠨ᠂ ᠪᠢ ᠪᠠᠯᠳᠠᠨᠴᠡᠷᠢᠩ ᠪᠠᠢᠨ᠎ᠠ᠃
— ᠲᠠ ᠠᠦ᠋ᠲ᠋ᠣᠨᠣᠮᠢᠲᠤ ᠶ᠋ᠢᠨ ᠭᠠᠳᠠᠭᠠᠳᠤ ᠶᠠᠮᠤᠨ ᠳ᠋ᠤ᠌ ᠭᠠᠳᠠᠭᠠᠳᠤ ᠬᠡᠷᠡᠭ ᠢ᠋ ᠡᠷᠬᠢᠯᠡᠭᠰᠡᠨ ᠲᠦᠰᠢᠮᠡᠯ ᠦ᠋ᠨ ᠠᠯᠪᠠᠨ ᠬᠠᠭᠠᠵᠤ ᠪᠠᠢᠭᠰᠠᠨ ᠪᠠᠢᠬ᠎ᠠ᠂ ᠲᠡᠢᠮᠦ ᠤᠤ?
— ᠲᠡᠢᠮᠦ ᠠ᠋᠂ ᠬᠠᠭᠠᠵᠤ ᠪᠠᠢᠭᠰᠠᠨ᠁ ᠬᠡᠯᠡᠮᠦᠷᠴᠢ ᠨᠢ ᠳᠠᠷᠤᠭ᠎ᠠ ᠳ᠋ᠠᠭᠠᠨ ᠰᠠᠶᠢ ᠶ᠋ᠢᠨ ᠢ᠋ᠶ᠋ᠡᠨ ᠶᠠᠷᠢᠭᠰᠠᠨ ᠢ᠋ ᠣᠢᠯᠠᠭᠠᠭᠤᠯᠤᠨ ᠳᠠᠮᠵᠢᠭᠤᠯᠪᠠ᠃ ᠳᠠᠷᠤᠭ᠎ᠠ ᠨᠢ᠄《ᠣᠩ᠂ ᠣᠩ》 ᠳᠤᠤᠭᠠᠷᠤᠨ ᠰᠣᠨᠣᠰᠤᠭᠠᠳ᠄
— ᠲᠠᠨ ᠢ᠋ ᠮᠠᠨ ᠤ᠋ ᠰᠧᠯᠢᠩᠪᠦ ᠶ᠋ᠢᠨ ᠶᠠᠮᠤᠨ ᠳᠠᠭᠤᠳᠠᠪᠠ ᠭᠡᠵᠦ ᠬᠡᠯᠡ ᠭᠡᠪᠡ᠃ ᠲᠡᠭᠦᠨ ᠢ᠋ ᠨᠢ ᠪᠠᠯᠳᠠᠨᠴᠡᠷᠢᠩ ᠲᠣᠳᠣᠷᠬᠠᠢ ᠣᠢᠯᠠᠭᠠᠭᠰᠠᠨ ᠪᠣᠯᠪᠠᠴᠤ ᠬᠡᠯᠡᠮᠦᠷᠴᠢ ᠪᠡᠷ ᠵᠣᠷᠢᠭᠤᠳᠠ ᠳᠠᠪᠲᠠᠭᠤᠯᠪᠠ᠃ ᠲᠡᠷᠡ ᠵᠠᠭᠤᠷ᠎ᠠ ᠪᠠᠨ᠄《ᠨᠠᠮᠠᠶ᠋ᠢ ᠪᠤᠰᠤᠳ ᠢ᠋ ᠪᠠᠢᠴᠠᠭᠠᠨ ᠰᠢᠭᠦᠬᠦ ᠥᠨᠥᠬᠢ ᠬᠡᠷᠡᠭ ᠲᠡᠭᠡᠨ ᠠᠰᠢᠭᠯᠠᠬᠤ ᠨᠢ》 ᠭᠡᠵᠦ ᠲᠠᠭᠠᠪᠤᠷᠢᠯᠠᠨ ᠬᠡᠷᠬᠢᠨ ᠮᠤᠯᠲᠤᠷᠠᠬᠤ ᠲᠤᠬᠠᠢ ᠪᠣᠳᠣᠪᠠ᠃ ᠲᠡᠭᠡᠭᠰᠡᠨ ᠢ᠋ᠶ᠋ᠡᠨ《 ᠵᠠ᠂ ᠵᠠ》 ᠭᠡᠳ ᠮᠠᠯᠠᠭᠠᠢ ᠠᠪᠤᠨ ᠪᠣᠰᠬᠤ ᠳ᠋ᠤ᠌ ᠬᠡᠯᠡᠮᠦᠷᠴᠢ᠄
— ᠦᠭᠡᠢ ᠲᠠ ᠪᠠᠢᠵᠠ! ᠪᠣᠳᠣᠪᠠᠯ ᠲᠠ ᠲᠡᠨᠳᠡ ᠭᠡᠵᠦ ᠬᠡᠴᠢᠨᠡᠭᠡᠨ ᠴᠦ᠍ ᠬᠣᠨᠣᠵᠤ ᠮᠠᠭᠠᠳ ᠦᠭᠡᠢ ᠬᠥᠨᠵᠢᠯᠡ ᠳᠡᠪᠢᠰᠬᠡᠷ ᠢ᠋ᠶ᠋ᠡᠨ ᠠᠪ! ᠭᠡᠪᠡ᠃
ᠪᠠᠯᠳᠠᠨᠴᠡᠷᠢᠩ ᠰᠠᠶᠢ ᠤᠴᠢᠷ ᠢ᠋ ᠪᠦᠷᠢᠨ ᠣᠢᠯᠠᠭᠠᠮᠠᠭᠴᠠ ᠠᠭᠱᠠᠨ ᠵᠠᠭᠤᠷ᠎ᠠ ᠶ᠋ᠢᠨ ᠳᠣᠲᠣᠷ᠎ᠠ ᠪᠦᠬᠦ ᠪᠡᠶ᠎ᠡ ᠵᠢᠷᠢᠰᠬᠢᠨ ᠵᠢᠷᠦᠬᠡᠨ ᠦ᠌ ᠴᠣᠬᠢᠯᠲᠠ ᠲᠠᠷᠢᠬᠢᠨ ᠳᠣᠲᠣᠷ᠎ᠠ ᠪᠠᠨ ᠲᠠᠰᠤᠷᠠᠬᠤ ᠰᠢᠭ᠋ ᠪᠣᠯᠤᠭᠰᠠᠨ ᠢ᠋ᠶ᠋ᠠᠨ《ᠵᠠ ᠶᠠᠭᠠᠬᠢᠮᠤᠢ! ᠡᠳᠦᠷ ᠳᠣᠳᠣᠮ ᠤᠯᠤᠰ ᠣᠷᠣᠨ ᠤ᠋ ᠲᠡᠷᠢᠭᠦᠨ ᠦ᠌ ᠬᠥᠮᠦᠰ ᠦ᠋ᠨ ᠡᠳᠦᠢ ᠲᠡᠳᠦᠢ ᠪᠡᠷ ᠢ᠋ᠶ᠋ᠡᠨ ᠪᠠᠷᠢᠭᠳᠠᠬᠤ ᠶ᠋ᠢ ᠰᠣᠨᠣᠰᠤᠨ ᠲᠠᠷᠴᠢᠯᠠᠵᠤ ᠰᠠᠭᠤᠭᠰᠠᠨ ᠠ᠋ᠴᠠ ᠨᠢᠭᠡᠨ ᠠᠳᠠᠯᠢ ᠪᠠᠷᠢᠭᠳᠠᠨ ᠬᠠᠮᠲᠤ ᠰᠠᠭᠤᠵᠤ ᠪᠠᠢᠭᠰᠠᠨ ᠨᠢ ᠳᠡᠭᠡᠷ᠎ᠡ》 ᠭᠡᠵᠦ ᠪᠣᠳᠣᠭᠳᠠᠬᠤ ᠲᠠᠢ ᠵᠡᠷᠭᠡ ᠰᠡᠳᠬᠢᠯ ᠣᠩᠭᠣᠢᠵᠤ ᠨᠢᠭᠡ ᠯᠡ ᠶᠡᠬᠡ ᠰᠠᠢᠬᠠᠨ ᠪᠣᠯᠬᠤ ᠰᠢᠭ᠋ ᠪᠣᠯᠪᠠ᠃ ᠬᠥᠨᠵᠢᠯᠡ ᠳᠡᠪᠢᠰᠬᠡᠷ ᠢ᠋ᠶ᠋ᠡᠨ ᠶᠠᠭᠠᠷᠠᠨ ᠬᠠᠭᠤᠯᠤᠨ ᠠᠪᠤᠭᠰᠠᠨ ᠳ᠋ᠤ᠌ ᠭᠠᠮᠢᠩ ᠳᠠᠷᠤᠭ᠎ᠠ᠄《ᠲᠠ ᠪᠢᠲᠡᠭᠡᠢ ᠶᠠᠭᠠᠷᠠ! ᠴᠠᠢ ᠬᠣᠭᠣᠯᠠ ᠪᠠᠨ ᠠᠶᠠᠲᠠᠢ ᠲᠠᠪᠠᠲᠠᠢ ᠢᠳᠡᠵᠦ ᠤᠤᠭᠤᠬᠤ ᠶ᠋ᠢ ᠴᠦ᠍ ᠪᠢ ᠵᠥᠪᠰᠢᠶᠡᠷᠡᠨ᠎ᠡ》 ᠭᠡᠪᠡ᠃ ᠡᠭᠦᠨ ᠳ᠋ᠦ᠍ ᠪᠠᠯᠳᠠᠨᠴᠡᠷᠢᠩ ᠪᠠᠶᠠᠷᠯᠠᠵᠤ᠂《ᠦᠨᠡᠬᠡᠷ ᠬᠢᠲᠠᠳ ᠤ᠋ᠨ ᠠᠷᠠᠳ ᠲᠦᠮᠡᠨ ᠪᠢᠳᠡᠨ ᠦ᠌ ᠬᠣᠭᠣᠷᠣᠨᠳᠣ ᠥᠰᠢᠶ᠎ᠡ ᠬᠣᠨᠵᠢᠶᠠᠨ ᠪᠠᠢᠬᠤ ᠦᠭᠡᠢ ᠰᠢᠦ ᠳᠡ!》 ᠭᠡᠳᠡᠭ ᠨᠢᠭᠡ ᠰᠢᠨ᠎ᠡ ᠪᠣᠳᠣᠯ ᠲᠥᠷᠥᠪᠡ᠃ ᠬᠥᠨᠵᠢᠯᠡ ᠳᠡᠪᠢᠰᠬᠡᠷ ᠢ᠋ᠶ᠋ᠡᠨ ᠰᠤᠭᠤᠪᠴᠢᠯᠠᠨ ᠭᠠᠷᠬᠤ ᠳ᠋ᠤ᠌ ᠭᠡᠷ ᠦ᠋ᠨ ᠬᠠᠭᠠᠯᠭᠠᠨ ᠤ᠋ ᠬᠣᠶᠠᠷ ᠲᠠᠯ᠎ᠠ ᠠ᠋ᠴᠠ ᠬᠣᠶᠠᠷ ᠭᠠᠮᠢᠩ ᠫᠤᠤ ᠲᠣᠩᠭᠣᠢᠯᠭᠠᠨ ᠤᠭᠲᠤᠨ ᠠᠪᠴᠤ ᠠᠷᠤ ᠠ᠋ᠴᠠ ᠨᠢ ᠳᠠᠭᠠᠵᠤ ᠡᠬᠢᠯᠡᠪᠡ᠃ ᠬᠠᠰᠢᠶᠠᠨ ᠤ᠋ ᠬᠠᠭᠠᠯᠭ᠎ᠠ ᠪᠠᠷ ᠭᠠᠷᠬᠤ ᠳ᠋ᠤ᠌ ᠪᠠᠰᠠ ᠬᠣᠶᠠᠷ ᠭᠠᠮᠢᠩ ᠤᠭᠲᠤᠨ ᠠᠪᠴᠤ ᠡᠮᠦᠨ᠎ᠡ ᠨᠢ ᠣᠷᠣᠪᠠ᠃
ᠣᠳᠣ ᠯᠠ ᠪᠠᠯᠳᠠᠨᠴᠡᠷᠢᠩ ᠥᠪᠡᠷ ᠢ᠋ ᠪᠡᠨ ᠬᠡᠴᠢᠨᠡᠭᠡᠨ ᠰᠦᠷᠡᠬᠡᠢ ᠲᠣᠮᠣ ᠬᠥᠮᠦᠨ ᠪᠣᠯᠬᠤ ᠪᠠᠨ ᠮᠡᠳᠡᠪᠡ᠃ ᠤᠷᠢᠳ ᠡᠮᠦᠨ᠎ᠡ ᠥᠪᠡᠷ ᠢ᠋ ᠪᠡᠨ ᠲᠤᠩ ᠶᠠᠯᠢᠭᠦᠢ ᠪᠠᠭ᠎ᠠ᠂ ᠬᠦᠴᠦ ᠴᠢᠳᠠᠯ ᠢ᠋ᠶ᠋ᠠᠷ ᠪᠣᠯᠪᠠᠴᠤ ᠳᠣᠷᠣᠢ ᠣᠶᠤᠨ ᠤᠬᠠᠭᠠᠨ ᠤ᠋ ᠲᠠᠯ᠎ᠠ ᠪᠠᠷ ᠴᠦ᠍ ᠭᠡᠪᠡᠯ ᠪᠤᠭᠤᠷᠤᠯ ᠲᠣᠯᠣᠭᠠᠢ ᠲᠠᠢ᠂ ᠨᠢᠳᠦᠨ ᠦ᠌ ᠬᠢᠨᠢ ᠵᠣᠪᠬᠢ ᠪᠠᠭᠤᠭᠰᠠᠨ ᠡᠪᠦᠭᠡᠳ ᠦ᠋ᠨ ᠳᠡᠷᠭᠡᠳᠡ ᠶᠠᠭᠤ ᠴᠦ᠍ ᠪᠢᠰᠢ ᠭᠡᠵᠦ ᠪᠡᠶ᠎ᠡ ᠪᠡᠨ ᠲᠤᠩ ᠪᠠᠭ᠎ᠠ ᠳ᠋ᠤ᠌ ᠠᠪᠠᠴᠢᠨ ᠪᠣᠳᠣᠳᠠᠭ ᠠᠵᠢ᠃
ᠦᠰᠦᠭ ᠠᠮᠢᠯᠠᠭᠤᠯᠤᠭᠴᠢ᠄ ᠳᠠᠪᠰᠢᠯᠲᠦ
