ᠴᠢᠩᠭᠢᠰ ᠬᠠᠭᠠᠨ ᠤ᠋ ᠮᠠᠭᠲᠠᠭᠠᠯChingis khaany magtaalЧингис хааны магтаал
ᠴᠢᠩᠭᠢᠰ ᠬᠠᠭᠠᠨ ᠤ᠋ ᠮᠠᠭᠲᠠᠭᠠᠯ
ᠬᠥᠷᠥᠰᠥ ᠳ᠋ᠦ᠍ ᠡᠬᠡ ᠳᠡᠯᠡᠬᠡᠢ ᠲᠡᠷᠡ ᠦᠶ᠎ᠡ ᠳ᠋ᠦ᠍
ᠬᠥᠷᠪᠡᠨ ᠤᠷᠪᠠᠵᠤ ᠪᠠᠢᠵᠤ ᠭᠡᠨ᠎ᠡ
ᠬᠥᠮᠦᠨ ᠠᠮᠢᠲᠠᠨ ᠲᠡᠷᠡ ᠦᠶ᠎ᠡ ᠳ᠋ᠦ᠍
ᠬᠥᠨᠥᠭᠡᠯᠲᠡᠨ ᠲᠡᠮᠡᠴᠡᠯᠳᠦᠵᠦ ᠪᠠᠢᠵᠤ
ᠣᠯᠠᠨ ᠤᠯᠤᠰ ᠲᠡᠷᠡ ᠦᠶ᠎ᠡ ᠳ᠋ᠦ᠍
ᠣᠯᠵᠠᠯᠠᠨ ᠪᠤᠯᠢᠶᠠᠯᠴᠠᠯᠳᠤᠵᠤ ᠪᠠᠢᠵᠤ ᠭᠡᠨ᠎ᠡ
ᠣᠷᠣᠨ ᠳ᠋ᠤ᠌ ᠪᠠᠨ ᠤᠨᠲᠠᠬᠤ ᠵᠠᠪ ᠦᠭᠡᠢ
ᠣᠷᠣᠯᠢᠯᠳᠤᠨ ᠲᠡᠮᠡᠴᠡᠯᠳᠦᠵᠦ ᠶᠠᠪᠤᠵᠠᠢ
ᠡᠷ᠎ᠡ ᠭᠠᠩᠭᠠᠨ ᠨᠤᠷᠠᠵᠤ
ᠡᠯᠴᠢ ᠳ᠋ᠦ᠍ ᠮᠥᠷᠡᠨ ᠨᠢ ᠬᠠᠯᠢᠵᠤ
ᠡᠩᠲᠦᠭᠡᠬᠦ ᠠᠭᠤᠯᠠᠰ ᠨᠢ ᠨᠤᠷᠠᠭᠰᠠᠨ
ᠲᠡᠷᠲᠡᠭᠡᠬᠢ ᠡᠭᠦᠯᠡᠰ ᠨᠢ ᠨᠡᠭᠦᠭᠰᠡᠨ
ᠡᠢᠮᠦ ᠨᠢᠭᠡᠨ ᠴᠠᠭ ᠲᠤ᠌
ᠶᠡᠬᠡ ᠡᠵᠡᠨ ᠪᠣᠭᠳᠠ
ᠴᠢᠩᠭᠢᠰ ᠬᠠᠭᠠᠨ ᠲᠥᠷᠥᠭᠰᠡᠨ ᠶᠦᠮ ᠭᠡᠳᠡᠭ
ᠳᠡᠯᠭᠡᠷ ᠴᠠᠭᠠᠨ ᠣᠨᠣᠨ ᠤ ᠪᠠᠨ
ᠳᠡᠯᠢᠭᠦᠨ ᠪᠣᠯᠳᠣᠭ ᠨᠤᠲᠤᠭ ᠲᠤ᠌
ᠬᠠᠷ᠎ᠠ ᠮᠣᠷᠢᠨ ᠵᠢᠯ ᠦ᠋ᠨ ᠢ᠋ᠶ᠋ᠡᠨ
ᠬᠠᠪᠤᠷ ᠤ᠋ᠨ ᠲᠡᠷᠢᠭᠦᠨ ᠰᠠᠷ᠎ᠠ ᠳ᠋ᠤ᠌ ᠨᠢ ᠬᠦ
ᠠᠷᠪᠠᠨ ᠵᠢᠷᠭᠤᠭᠠᠨ ᠬᠡᠮᠡᠬᠦ ᠤᠯᠠᠭᠠᠨ ᠲᠡᠷᠭᠡᠯ ᠡᠳᠦᠷ
ᠡᠳᠦᠷ ᠳᠤᠮᠳᠠ ᠴᠠᠭ ᠲᠤ᠌ ᠯᠠ ᠡᠵᠡᠨ ᠴᠢᠩᠭᠢᠰ ᠬᠠᠭᠠᠨ ᠲᠥᠷᠥᠬᠦ ᠳ᠋ᠦ᠍ ᠪᠡᠨ
ᠱᠠᠭ᠎ᠠ ᠶ᠋ᠢᠨ ᠴᠢᠨᠡᠭᠡᠨ ᠨᠥᠵᠢ ᠶ᠋ᠢ ᠪᠠᠷᠠᠭᠤᠨ ᠭᠠᠷ ᠲᠤ᠌ ᠪᠠᠨ ᠠᠳᠬᠤᠵᠤ
ᠪᠠᠷᠰ ᠤ᠋ᠨ ᠴᠢᠨᠡᠭᠡ ᠪᠠᠷᠬᠢᠷᠠᠯᠲᠠ ᠪᠠᠷ ᠢ᠋ᠶ᠋ᠠᠨ
ᠪᠠᠷᠠᠭᠠᠨ ᠥᠳᠬᠡᠨ ᠳ᠋ᠦ᠍ ᠤᠨᠠᠬᠤ ᠳ᠋ᠤ᠌ ᠪᠠᠨ
ᠰᠢᠷ᠎ᠠ ᠰᠣᠯᠣᠩᠭ᠎ᠠ ᠲᠩᠷᠢ ᠳ᠋ᠦ᠍ ᠪᠡᠨ ᠭᠡᠭᠡ ᠡᠳᠦᠷ ᠢ᠋ᠶ᠋ᠡᠨ ᠲᠠᠲᠠᠭᠤᠯᠵᠤ
ᠰᠢᠷᠭᠠᠯ ᠨᠠᠷᠠᠨ ᠤ᠋ ᠲᠤᠶᠠᠭ᠎ᠠ ᠶ᠋ᠢ ᠭᠡᠷ ᠲᠦ᠍ ᠪᠡᠨ ᠭᠡᠢᠭᠦᠯᠵᠦ ᠪᠠᠢᠵᠠᠢ᠃
ᠳᠣᠯᠣᠭ᠎ᠠ ᠬᠣᠨᠣᠭ ᠤ᠋ᠨ ᠬᠣᠢᠬᠠᠨᠠ ᠲᠠᠢ
ᠬᠠᠷᠴᠠᠭ᠎ᠠ ᠰᠢᠪᠠᠭᠤ ᠢᠷᠡᠭᠡᠳ ᠡᠷᠦᠬᠡ ᠨᠢ ᠳᠡᠭᠡᠷ᠎ᠡ ᠨᠢ ᠰᠠᠭᠤᠭᠠᠳ
ᠲᠡᠮᠦᠵᠢᠨ ᠲᠡᠮᠦᠵᠢᠨ ᠭᠡᠵᠦ ᠳᠣᠩᠭᠣᠳᠴᠠᠢ᠃
ᠡᠨᠡ ᠯᠡ ᠪᠡᠯᠭᠡᠲᠦ ᠨᠡᠷ᠎ᠡ ᠪᠡᠷ ᠨᠢ
ᠡᠴᠢᠭᠡ ᠶᠡᠰᠦᠭᠡᠢ ᠪᠡᠯᠭᠡᠳᠡᠵᠦ
ᠡᠷᠬᠡᠲᠦ ᠴᠢᠩᠭᠢᠰ ᠭᠡᠰᠡᠨ ᠢ᠋ᠶ᠋ᠡᠷ ᠨᠢ
ᠡᠨᠡᠬᠡᠨ ᠳᠡᠯᠡᠬᠡᠢ ᠳ᠋ᠦ᠍ ᠠᠯᠳᠠᠷᠰᠢᠵᠠᠢ᠃
ᠳᠡᠭᠡᠳᠦᠰ ᠦ᠋ᠨ ᠣᠶᠤᠨ ᠤᠬᠠᠭᠠᠨ ᠢ᠋ᠶ᠋ᠠᠷ
ᠳᠡᠯᠡᠬᠡᠢ ᠶ᠋ᠢᠨ ᠲᠠᠯ᠎ᠠ ᠶ᠋ᠢ ᠠᠪᠴᠤ ᠭᠡᠨ᠎ᠡ
ᠮᠣᠬᠣᠰᠢ ᠦᠭᠡᠢ ᠣᠶᠤᠨ ᠤᠬᠠᠭᠠᠨ ᠢ᠋ᠶ᠋ᠠᠷ
ᠮᠣᠩᠭᠣᠯ ᠣᠷᠣᠨ ᠢ᠋ᠶ᠋ᠠᠨ ᠮᠠᠨᠳᠤᠭᠤᠯᠵᠤ ᠭᠡᠨ᠎ᠡ
ᠠᠷᠭ᠎ᠠ ᠤᠬᠠᠭᠠᠨ ᠬᠣᠶᠠᠷ ᠢ᠋ᠶ᠋ᠠᠷ ᠢ᠋ᠶ᠋ᠠᠨ
ᠠᠭᠠᠳᠠᠷ ᠪᠣᠷᠣᠭ᠎ᠠ ᠰᠢᠭ᠋ ᠨᠥᠮᠥᠷᠦᠭᠰᠡᠨ
ᠠᠵᠠ ᠬᠡᠢᠮᠣᠷᠢ ᠭᠡᠳᠡᠭ ᠴᠢᠨᠢ
ᠤᠷᠢᠬᠠᠨ ᠰᠠᠯᠬᠢ ᠰᠢᠭ᠋ ᠳᠠᠭᠤᠳᠠᠵᠤ ᠭᠡᠨ᠎ᠡ
ᠬᠠᠩᠭᠠᠯ ᠮᠣᠷᠢᠨ ᠤ᠋ ᠵᠣᠭᠣᠨ ᠳᠡᠭᠡᠷ᠎ᠡ
ᠬᠠᠳᠠᠨ ᠳᠥᠷᠥᠭᠡ ᠮᠤᠯᠲᠤᠯᠤᠭᠠ ᠦᠭᠡᠢ
ᠬᠠᠮᠤᠭ ᠮᠣᠩᠭᠣᠯ ᠣᠷᠣᠨ ᠢ᠋ᠶ᠋ᠠᠨ
ᠬᠠᠷᠢ ᠶ᠋ᠢᠨ ᠳᠠᠢᠰᠤᠨ ᠳ᠋ᠤ᠌ ᠠᠯᠳᠠᠭ᠎ᠠ ᠦᠭᠡᠢ ᠠ᠋
ᠲᠥᠭᠡᠷᠭᠡ ᠵᠠᠶᠠᠭ᠎ᠠ ᠲᠡᠭᠰᠢᠷᠡᠵᠦ ᠭᠡᠨ᠎ᠡ
ᠲᠥᠷᠥ ᠤᠯᠤᠰ ᠢ᠋ᠶ᠋ᠠᠨ ᠮᠠᠨᠳᠤᠭᠤᠯᠵᠤ ᠭᠡᠨ᠎ᠡ
ᠲᠡᠦᠬᠡ ᠱᠠᠰᠲᠢᠷ ᠢ᠋ᠶ᠋ᠠᠨ ᠳᠠᠷᠬᠠᠯᠠᠵᠤ ᠭᠡᠨ᠎ᠡ
ᠲᠦᠮᠡᠨ ᠣᠯᠠᠨ ᠢ᠋ᠶ᠋ᠠᠨ ᠵᠢᠷᠭᠠᠭᠤᠯᠵᠤ ᠭᠡᠨ᠎ᠡ ᠳᠡ ᠬᠦ
ᠬᠥᠯᠥᠭ ᠮᠣᠷᠢᠨ ᠤ᠋ ᠵᠣᠭᠣᠨ ᠳᠡᠭᠡᠷ᠎ᠡ
ᠬᠦᠩ ᠳ᠋ᠦ᠍ ᠵᠡᠪᠰᠡᠭ ᠠᠭᠰᠠᠵᠤ
ᠬᠥᠨᠳᠡᠢ ᠳᠠᠯᠠᠢ ᠶᠢ ᠪᠦᠷᠬᠦᠵᠦ
ᠬᠥᠪᠴᠢ ᠶ᠋ᠢᠨ ᠠᠭᠤᠯᠠ ᠶ᠋ᠢ ᠠᠷᠭᠠᠳᠠᠵᠤ
ᠠᠷᠤ ᠠᠭᠤᠯᠠ ᠰᠢᠭ᠋ ᠨᠥᠮᠥᠷᠢᠯᠡᠭᠰᠡᠨ
ᠪᠠᠭᠠᠲᠤᠷ ᠴᠡᠷᠢᠭ ᠢ᠋ ᠪᠡᠨ ᠭᠠᠷᠳᠠᠵᠤ
ᠮᠠᠩᠨᠠᠢᠳᠠᠵᠤ ᠭᠠᠷᠴᠤ ᠭᠡᠨ᠎ᠡ
ᠮᠠᠩᠯᠠᠢᠯᠠᠨ ᠶᠠᠪᠤᠵᠤ ᠭᠡᠨ᠎ᠡ
ᠬᠣᠲᠠᠨ ᠳᠡᠯᠡᠬᠡᠢ ᠳ᠋ᠦ᠍ ᠴᠠᠷ᠎ᠠ ᠲᠠᠢ
ᠬᠠᠮᠤᠭ ᠮᠣᠩᠭᠣᠯ ᠲᠠ ᠨᠡᠷᠡᠲᠦ ᠪᠡᠨ
ᠬᠠᠭᠠᠨ ᠴᠢᠩᠭᠢᠰ ᠦ᠋ᠨ ᠢ᠋ᠶ᠋ᠡᠨ ᠲᠤᠬᠠᠢ
ᠬᠠᠭᠤᠷᠲᠠᠵᠤ ᠬᠡᠯᠡᠬᠦ ᠦᠭᠡ ᠡᠨᠡ ᠪᠢᠯᠡ
Хөрст эх дэлхий тэр үед
Хөрвөн урваж байж гэнэ
Хүмүүн амьтан тэр үед
Хөнөөлдөн тэмцэлдэж байж
Олон улс тэр үед
Олзлон булаацалдаж байж гэнэ
Орондоо унтах завгүй
Орлилдон тэмцэлдэж явжээ
Эр ганган нурж
Элчид мөрөн нь хальж
Энтээх уулс нь нурсан
Тэртээх үүлс нь нүүсэн
Ийм нэгэн цагт
Их эзэн богд
Чингис хаан төрсөн юм гэдэг
Дэлгэр цагаан Ононгийнхоо
Дэлүүн болдог нутагт
Хар морин жилийнхээ
Хаврын тэргүүн сард нь хө
Арван зургаан хэмээх улаан тэргэл өдөр
Өдөр дунд цагт л Эзэн Чингис хаан төрөхдөө
Шагайн чинээ нөжийг баруун гартаа атгаж
Барын чинээ бархиралтаараа
Бараан өтгөнд унахдаа
Шар солонго тэнгэртээ гэгээ өдрөө татуулж
Шаргал нарны туяаг гэртээ гийгүүлж байжээ.
Долоо хоногийн хойхнотой
Харцага шувуу ирээд өрх нь дээр нь суугаад
Тэмүүжин Тэмүүжин гэж донгоджээ.
Энэ л бэлгэт нэрээр нь
Эцэг Есүхэй бэлгэдэж
Эрхт Чингис гэснээр нь
Энэхэн Дэлхийд алдаршжээ.
Дээдсийн оюун ухаанаар
Дэлхийн талыг авч гэнэ
Мохошгүй оюун ухаанаар
Монгол орноо мандуулж гэнэ
Арга ухаан хоёроороо
Аадар бороо шиг нөмөрсөн
Аз хийморь гэдэг чинь
Урьхан салхи шиг дуудаж гэнэ
Хангал морины зоон дээр
Хатан дөрөө мултлаагүй
Хамаг Монгол орноо
Харийн дайсанд алдаагүй ээ
Төөрөг заяа тэгширч гэнэ
Төр улсаа мандуулж гэнэ
Түүх шастираа дархалж гэнэ
Түмэн олноо жаргуулж гэнэ дээ хө
Хүлэг морины зоон дээр
Хүнд зэвсэг агсаж
Хөндий талийг бүрхэж
Хөвчийн уулыг аргадаж
Ар уул шиг нөмөрлөсөн
Баатар цэргийгээ гардаж
Магнайдаж гарч гэнэ
Манлайлан явж гэнэ
Хотон дэлхийд цартай
Хамаг монгол та нартаа
Хаан чингисийнхээ тухай
Хуурдаж хэлэх үг энэ билээ
