ᠮᠣᠩᠭᠣᠯ ᠤ᠋ᠨ ᠲᠡᠦᠬᠡᠨ ᠳ᠋ᠦ᠍ ᠠᠯᠳᠠᠷᠲᠠᠢ ᠠᠷᠪᠠᠨ ᠵᠠᠩᠵᠤᠨ ᠤ᠋ ᠵᠢᠭᠰᠠᠭᠠᠯᠲᠠMongolyn tüükhend aldartai arvan janjny jagsaaltМонголын түүхэнд алдартай арван жанжны жагсаалт ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠤ᠋ᠨ ᠲᠡᠦᠬᠡᠨ ᠳ᠋ᠦ᠍ ᠠᠯᠳᠠᠷᠲᠠᠢ ᠠᠷᠪᠠᠨ ᠵᠠᠩᠵᠤᠨ ᠤ᠋ ᠵᠢᠭᠰᠠᠭᠠᠯᠲᠠMongolyn tüükhend aldartai arvan janjny jagsaaltМонголын түүхэнд алдартай арван жанжны жагсаалт

ᠮᠣᠩᠭᠣᠯ ᠤ᠋ᠨ ᠲᠡᠦᠬᠡᠨ ᠳ᠋ᠦ᠍ ᠠᠯᠳᠠᠷᠲᠠᠢ ᠠᠷᠪᠠᠨ ᠵᠠᠩᠵᠤᠨ ᠤ᠋ ᠵᠢᠭᠰᠠᠭᠠᠯᠲᠠMongolyn tüükhend aldartai arvan janjny jagsaaltМонголын түүхэнд алдартай арван жанжны жагсаалт

ᠠᠩᠭᠢᠯᠠᠯ:ᠲᠡᠦᠬᠡ ᠰᠣᠶᠣᠯ
2025-10-21

685

ᠮᠣᠩᠭᠣᠯ ᠤ᠋ᠨ ᠲᠡᠦᠬᠡᠨ ᠳ᠋ᠦ᠍ ᠠᠯᠳᠠᠷᠲᠠᠢ ᠠᠷᠪᠠᠨ ᠵᠠᠩᠵᠤᠨ ᠤ᠋ ᠵᠢᠭᠰᠠᠭᠠᠯᠲᠠ


ᠵᠢᠭᠰᠠᠭᠠᠯᠲᠠ ᠶ᠋ᠢᠨ ᠠᠷᠪᠠᠳᠤᠭᠠᠷ ᠲᠤ᠌ ᠠᠷᠠᠳ ᠤ᠋ᠨ ᠬᠤᠪᠢᠰᠬᠠᠯ ᠢ᠋ ᠤᠷᠢᠶᠠᠯᠠᠨ ᠤᠳᠤᠷᠢᠳᠤᠭᠴᠢ ᠵᠠᠩᠵᠤᠨ ᠰᠦᠬᠡᠪᠠᠭᠠᠲᠤᠷ᠂  
ᠵᠠᠩᠵᠤᠨ ᠰᠦᠬᠡᠪᠠᠭᠠᠲᠤᠷ ᠪᠣᠯ 1893 ᠣᠨ ᠳ᠋ᠤ᠌ ᠰᠡᠴᠡᠨ ᠬᠠᠭᠠᠨ ᠠᠢᠮᠠᠭ ᠤ᠋ᠨ  ᠶᠣᠰᠣᠲᠤ ᠳ᠋ᠢᠸᠢᠽᠢ ᠶ᠋ᠢᠨ ᠬᠤᠰᠢᠭᠤᠨ ᠤ᠋ ᠴᠠᠭᠠᠨ ᠳᠡᠪᠡᠯᠲᠦ ᠳᠠᠮᠳᠢᠨ ᠤ᠋ ᠭᠤᠷᠪᠠᠳᠤᠭᠠᠷ ᠬᠦᠦ ᠪᠣᠯᠤᠨ ᠵᠠᠶᠠᠭᠠᠭᠰᠠᠨ᠂ ᠲᠡᠷᠡ ᠪᠣᠯ ᠠᠷᠠᠳ ᠤ᠋ᠨ ᠬᠤᠪᠢᠰᠬᠠᠯ ᠤ᠋ᠨ ᠤᠷᠢᠶᠠᠯᠠᠨ ᠤᠳᠤᠷᠢᠳᠤᠭᠴᠢ ᠠᠷᠠᠳ ᠤ᠋ᠨ ᠵᠢᠷᠤᠮᠲᠤ ᠴᠡᠷᠢᠭ ᠦ᠋ᠨ ᠵᠠᠩᠵᠤᠨ ᠰᠦᠬᠡᠪᠠᠭᠠᠲᠤᠷ᠃
    
ᠵᠢᠭᠰᠠᠭᠠᠯᠲᠠ ᠶ᠋ᠢᠨ ᠶᠢᠰᠦ ᠳ᠋ᠦ᠍ ᠂ ᠴᠥᠪ ᠦ᠋ᠨ ᠴᠠᠭ ᠲᠤ᠌ ᠰᠥᠰᠥ ᠵᠣᠷᠢᠭ ᠢ᠋ᠶ᠋ᠠᠨ ᠭᠡᠭᠡ ᠦᠭᠡᠢ ᠬᠥᠬᠡ ᠲᠡᠮᠦᠷ ᠵᠠᠩᠵᠤᠨ  
ᠬᠥᠬᠡᠲᠡᠮᠦᠷ ᠪᠣᠯ ᠶᠤᠸᠠᠨ ᠤᠯᠤᠰ ᠤ᠋ᠨ ᠶᠡᠬᠡ ᠵᠠᠩᠵᠤᠨ ᠴᠠᠭᠠᠨᠲᠡᠮᠦᠷ ᠦ᠋ᠨ ᠬᠦᠦ ᠴᠠᠭᠠᠨᠲᠡᠮᠦᠷ ᠪᠣᠯ ᠤᠯᠠᠭᠠᠨ ᠠᠯᠴᠢᠭᠤᠷᠲᠠᠨ ᠤ᠋ ᠪᠣᠰᠤᠯᠭ᠎ᠠ ᠶ᠋ᠢ ᠳᠠᠷᠤᠬᠤ ᠭᠣᠣᠯ ᠡᠭᠦᠷᠭᠡ ᠶ᠋ᠢ ᠭᠦᠢᠴᠡᠳᠬᠡᠵᠦ ᠪᠠᠢᠭᠰᠠᠨ ᠶᠤᠸᠠᠨ ᠤᠯᠤᠰ ᠤ᠋ᠨ ᠶᠡᠬᠡ ᠵᠠᠩᠵᠤᠨ᠂ ᠲᠡᠭᠡᠭᠡᠳ ᠬᠥᠬᠡᠲᠡᠮᠦᠷ ᠠᠪᠤ ᠶ᠋ᠢᠨ ᠢ᠋ᠶ᠋ᠡᠨ ᠦᠢᠯᠡ ᠬᠡᠷᠡᠭ ᠢ᠋ ᠦᠷᠭᠦᠯᠵᠢᠯᠡᠭᠦᠯᠦᠭᠡᠳ ᠲᠣᠭᠣᠭᠠᠨᠲᠡᠮᠦᠷ ᠬᠠᠭᠠᠨ ᠤ᠋ ᠡᠮᠦᠨ᠎ᠡ ᠡᠴᠡ ᠮᠢᠩ ᠤᠯᠤᠰ ᠲᠠᠢ ᠡᠴᠦᠰ ᠲᠦ᠋ᠨᠢ ᠲᠤᠯᠲᠠᠯ᠎ᠠ ᠪᠠᠢᠯᠳᠤᠭᠰᠠᠨ ᠬᠦᠴᠦᠲᠦ ᠵᠠᠩᠵᠤᠨ᠂ ᠬᠣᠵᠢᠮ ᠨᠢ ᠠᠶᠤᠰᠢᠳᠠᠷ ᠬᠠᠭᠠᠨ ᠤ᠋ ᠦᠶ᠎ᠡ ᠳ᠋ᠦ᠍ ᠮᠢᠩ ᠤᠯᠤᠰ ᠤ᠋ᠨ ᠶᠡᠬᠡ ᠵᠠᠩᠵᠤᠨ ᠰᠢᠦᠢ ᠳᠡ ᠲᠡᠢ ᠪᠠᠢᠯᠳᠤᠵᠤ᠂ ᠰᠢᠦᠢ ᠳᠡ ᠶ᠋ᠢᠨ ᠴᠡᠷᠢᠭ ᠢ᠋ ᠴᠣᠬᠢᠨ ᠤᠬᠤᠷᠢᠭᠤᠯᠤᠭᠠᠳ ᠮᠣᠩᠭᠣᠯ ᠤ᠋ᠨ ᠲᠥᠷᠥ ᠶ᠋ᠢ ᠳᠠᠬᠢᠨ ᠰᠡᠷᠭᠦᠭᠡᠬᠦ ᠪᠡᠷ ᠴᠢᠷᠮᠠᠢᠭᠰᠠᠨ ᠵᠠᠩᠵᠤᠨ ᠪᠠᠢᠭᠰᠠᠨ ᠬᠥᠮᠦᠨ᠃ 

ᠵᠢᠭᠰᠠᠭᠠᠯᠲᠠ ᠶ᠋ᠢᠨ ᠨᠠᠢ᠍ᠮᠠ ᠳ᠋ᠤ᠌ ᠂ ᠰᠥᠩ ᠤᠯᠤᠰ ᠢ᠋ ᠰᠥᠭᠥᠳᠬᠡᠨ ᠮᠥᠬᠥᠭᠡᠭᠴᠢ ᠪᠢᠯᠢᠭᠴᠢ ᠵᠠᠩᠵᠤᠨ ᠪᠠᠶᠠᠨ᠂ 
 ᠪᠠᠶᠠᠨ 1236 ᠣᠨ ᠠ᠋ᠴᠠ 1295 ᠣᠨ ᠬᠤᠭᠤᠷᠤᠨᠳᠤ ᠳ᠋ᠤ᠌ ᠠᠮᠢᠳᠤᠷᠠᠵᠤ ᠪᠠᠢᠭᠰᠠᠨ ᠪᠠᠭᠠᠷᠢᠨ ᠣᠪᠣᠭ ᠤ᠋ᠨ ᠬᠤᠪᠢᠯᠠᠢ ᠬᠠᠭᠠᠨ ᠤ᠋ ᠭᠠᠷᠮᠠᠭᠠᠢ ᠵᠠᠩᠵᠤᠨ ᠴᠠᠷᠡᠭ ᠦ᠋ᠨ ᠶᠡᠷᠦᠩᠬᠡᠢ ᠵᠠᠬᠢᠷᠴᠤ ᠪᠠᠢᠭᠰᠠᠨ᠂ ᠪᠠᠶᠠᠨ ᠵᠠᠩᠵᠤᠨ ᠤ᠋ ᠤᠳᠤᠷᠢᠳᠤᠭᠰᠠᠨ ᠳᠠᠯᠠᠢ ᠶ᠋ᠢᠨ ᠴᠡᠷᠢᠭ ᠰᠥᠩ ᠤᠯᠤᠰ ᠤ᠋ᠨ ᠰᠡᠭᠦᠯᠴᠢ ᠶ᠋ᠢᠨ ᠴᠠᠢᠵᠠ ᠶ᠋ᠢ ᠡᠪᠳᠡᠭᠡᠳ ᠰᠥᠩ ᠤᠯᠤᠰ ᠤ᠋ᠨ ᠬᠠᠮᠤᠭ ᠰᠡᠭᠦᠯᠴᠢ ᠶ᠋ᠢᠨ ᠨᠢᠯᠬ᠎ᠠ ᠬᠠᠭᠠᠨ ᠢ᠋ ᠳᠠᠯᠠᠢ ᠳ᠋ᠤ᠌ ᠦᠰᠦᠷᠦᠭᠦᠯᠦᠭᠡᠳ ᠭᠤᠷᠪᠠᠨ ᠵᠠᠭᠤ ᠭᠠᠷᠤᠢ ᠲᠡᠦᠬᠡ ᠲᠡᠢ ᠰᠥᠩ ᠤᠯᠤᠰ ᠢ᠋ ᠮᠥᠬᠥᠭᠡᠵᠦ ᠪᠠᠢᠭᠰᠠᠨ ᠶᠡᠬᠡ ᠵᠠᠩᠵᠤᠨ᠃
   
ᠵᠢᠭᠰᠠᠭᠠᠯᠲᠠ ᠶ᠋ᠢᠨ ᠲᠤᠯᠤ ᠳ᠋ᠤ᠌᠂ ᠬᠠᠭᠠᠨ ᠠ᠋ᠴᠠ ᠢᠯᠡᠭᠦᠦ ᠬᠦᠴᠦᠲᠡᠢ ᠬᠠᠰᠢᠷ ᠵᠠᠩᠵᠤᠨ ᠨᠣᠭᠠᠢ ᠂  
ᠨᠣᠭᠠᠢ ᠪᠣᠯ ᠵᠥᠴᠢ ᠶ᠋ᠢᠨ ᠭᠤᠴᠢ ᠬᠦᠦ ᠪᠣᠯᠤᠨ᠎ᠠ ᠃ ᠪᠠᠲᠤ ᠶ᠋ᠢᠨ ᠵᠠᠬᠢᠷᠭᠠᠨ ᠤ᠋ ᠦᠶ᠎ᠡ ᠳ᠋ᠦ᠍ ᠪᠣᠯ ᠲᠡᠷᠡ ᠲᠦᠮᠡᠲᠦ ᠶ᠋ᠢᠨ ᠨᠣᠶᠠᠨ ᠢ᠋ᠶ᠋ᠠᠷ ᠲᠣᠮᠢᠯᠠᠭᠳᠠᠵᠤ ᠪᠠᠢᠭᠰᠠᠨ᠂ ᠪᠡᠷᠬᠡ ᠬᠠᠭᠠᠨ ᠤ᠋ ᠦᠶ᠎ᠡ ᠳ᠋ᠦ᠍ ᠢᠯ ᠬᠠᠭᠠᠨᠲᠤ ᠤᠯᠤᠰ ᠲᠠᠢ ᠬᠢᠭᠰᠡᠨ ᠲᠡᠢᠨ ᠢ᠋ ᠭᠣᠣᠯᠯᠠᠨ ᠤᠳᠤᠷᠢᠳᠴᠤ ᠪᠠᠢᠭᠰᠠᠨ᠂ ᠮᠦᠩᠬᠡᠲᠡᠮᠦᠷ ᠬᠠᠭᠠᠨ ᠤ᠋ ᠶ᠋ᠢᠨ ᠦᠶ᠎ᠡ ᠳ᠋ᠦ᠍ ᠪᠣᠯ ᠲᠥᠷᠥ ᠶ᠋ᠢᠨ ᠭᠣᠣᠯ ᠡᠷᠬᠡ ᠶ᠋ᠢ ᠠᠳᠬᠤᠵᠤ ᠪᠠᠢᠭᠰᠠᠨ᠂ ᠲᠡᠭᠦᠨ ᠡᠴᠡ ᠬᠣᠢᠰᠢ ᠪᠣᠯ ᠠᠯᠲᠠᠨ ᠣᠷᠳᠣᠨ ᠬᠠᠭᠠᠨᠲᠤ ᠤᠯᠤᠰ ᠢ᠋ ᠭᠠᠭᠴᠠᠭᠠᠷ ᠢ᠋ᠶ᠋ᠠᠨ ᠡᠵᠡᠨ ᠮᠡᠳᠡᠭᠰᠡᠨ ᠲᠣᠮᠣ ᠵᠠᠩᠵᠤᠨ ᠪᠠᠢᠵᠠᠢ᠃ 
  
ᠵᠢᠭᠰᠠᠭᠠᠯᠲᠠ ᠶ᠋ᠢᠨ ᠵᠢᠷᠭᠤᠳᠤᠭᠠᠷ ᠲᠤ᠌᠂ ᠯᠤᠤ ᠶ᠋ᠢᠨ ᠬᠦᠴᠦᠲᠦ ᠠᠷᠰᠯᠠᠨ ᠤ᠋ ᠵᠣᠷᠢᠭᠲᠤ ᠬᠡᠳᠦᠪᠤᠬ᠎ᠠ ᠵᠠᠩᠵᠤᠨ  
ᠬᠡᠳᠦᠪᠤᠬ᠎ᠠ ᠵᠠᠩᠵᠤᠨ ᠪᠣᠯ ᠬᠥᠯᠭᠡ ᠬᠠᠭᠠᠨ ᠤ᠋ ᠪᠠᠷᠠᠭᠤᠨ ᠭᠠᠷ ᠤ᠋ᠨ ᠵᠠᠩᠵᠤᠨ ᠶᠡᠬᠡ ᠠᠷᠮᠢ ᠶᠡᠷᠦᠩᠬᠡᠢᠯᠡᠨ ᠤᠳᠤᠷᠢᠳᠤᠭᠴᠢ᠂ ᠲᠡᠷᠡᠪᠡᠷ ᠬᠥᠯᠭᠡ ᠬᠠᠭᠠᠨ ᠲᠠᠢ ᠬᠠᠮᠲᠤᠪᠠᠷ ᠰᠢᠢᠳᠦᠭᠰᠡᠨ ᠢᠰᠯᠠᠮᠴᠣᠳ ᠢ᠋ ᠨᠤᠭᠤ ᠳᠠᠷᠤᠵᠤ ᠠᠰᠰᠣᠴᠢᠨ ᠢ᠋ ᠰᠦᠢᠷᠡᠭᠦᠯᠦᠭᠡᠳ ᠪᠠᠭᠳᠠᠲ ᠤ᠋ᠨ ᠬᠠᠯᠢᠪ ᠭᠦᠷᠦᠨ ᠢ᠋ ᠬᠠᠯᠳᠠᠭᠰᠠᠨ ᠰᠢᠷᠢᠶ᠎ᠡ ᠪᠠᠯᠡᠢᠰᠲ᠋ᠠᠨ ᠢ᠋ ᠴᠥᠯᠪᠡᠨ ᠬᠣᠭᠣᠰᠣᠯᠠᠭᠠᠳ ᠯᠠᠯᠤ ᠶ᠋ᠢᠨ ᠶᠢᠷᠲᠢᠨᠴᠦ ᠡᠴᠡ ᠭᠠᠭᠴᠠ ᠮᠣᠯᠧᠺᠦ‍ ᠦᠯᠡᠳᠡᠭᠡᠳ ᠪᠠᠢᠬᠤ ᠳ᠋ᠤ᠌ ᠬᠥᠯᠭᠡ ᠬᠠᠭᠠᠨ ᠶᠡᠬᠡ ᠴᠡᠷᠢᠭ ᠢ᠋ᠶ᠋ᠡᠨ ᠠᠪᠤᠭᠠᠳ ᠬᠡᠳᠦᠪᠤᠬ᠎ᠠ ᠵᠠᠩᠵᠤᠨ ᠳ᠋ᠤ᠌ ᠲᠦᠮᠡ ᠭᠠᠷᠤᠢ ᠴᠡᠷᠢᠭ ᠦᠯᠡᠳᠡᠭᠡᠭᠡᠳ ᠪᠤᠴᠠᠭᠰᠠᠨ ᠪᠠᠢᠳᠠᠭ᠂ ᠤᠴᠢᠷ ᠨᠢ ᠭᠡᠪᠡᠯ ᠮᠥᠩᠬᠡ ᠬᠠᠭᠠᠨ ᠨᠠᠰᠤ ᠪᠠᠷᠠᠭᠰᠠᠨ ᠪᠠᠢᠵᠠᠢ᠃ ᠭᠡᠬᠦ ᠳ᠋ᠦ᠍ ᠯᠤᠤ ᠶ᠋ᠢᠨ ᠬᠦᠴᠦᠲᠦ ᠠᠷᠰᠯᠠᠨ ᠤ᠋ ᠵᠣᠷᠢᠭᠲᠤ ᠬᠡᠳᠦᠪᠤᠬ᠎ᠠ ᠵᠠᠩᠵᠤᠨ ᠲᠦᠮᠡᠨ ᠴᠡᠷᠢᠭ ᠢ᠋ᠶ᠋ᠡᠷ ᠠᠯᠳᠠᠷᠲᠤ ᠰᠠᠯᠠᠳ᠋ᠧᠩ ᠦ᠋ᠨ ᠦᠷ᠎ᠡ ᠰᠠᠳᠤᠨ ᠮᠠᠯᠤ ᠶ᠋ᠢᠨ  ᠠᠷᠪᠠᠨ ᠲᠠᠪᠤᠨ ᠲᠦᠮᠡᠨ ᠴᠡᠷᠢᠭ ᠦ᠋ᠨ ᠥᠭᠡᠳᠡ ᠡᠴᠡ ᠲᠡᠢᠨ ᠳ᠋ᠦ᠍ ᠪᠡᠯᠡᠳᠬᠡᠵᠦ ᠲᠤᠯᠤᠯᠳᠤᠭᠰᠠᠨ ᠪᠠᠢᠳᠠᠭ᠃ ᠡᠨᠡ ᠲᠡᠢᠨ ᠢ᠋ ᠠᠢᠨ ᠵᠠᠯᠦᠳ ᠦ᠋ᠨ ᠪᠠᠢᠯᠳᠤᠭᠠᠨ ᠭᠡᠳᠡᠭ᠃ ᠡᠨᠡ ᠲᠡᠢᠨ ᠳ᠋ᠦ᠍ ᠬᠡᠳᠦᠪᠤᠬ᠎ᠠ ᠵᠠᠩᠵᠤᠨ ᠢᠯᠠᠭᠳᠠᠭᠰᠠᠨ᠂ ᠯᠠᠯᠤ ᠶ᠋ᠢᠨ ᠬᠢᠨ ᠡᠨᠡ ᠲᠡᠢᠨ ᠢ᠋ ᠠᠷᠢᠭᠤᠨ ᠲᠡᠢᠨ ᠭᠡᠵᠦ ᠨᠡᠷᠡᠯᠡᠭᠰᠡᠨ ᠪᠣᠯ ᠬᠡᠳᠦᠪᠤᠬ᠎ᠠ ᠵᠠᠩᠵᠤᠨ ᠨᠠᠳᠠ ᠰᠢᠭ᠋ ᠴᠡᠷᠡᠭ ᠡᠷ᠎ᠡ᠂ ᠬᠥᠯᠭᠡ ᠬᠠᠭᠠᠨ ᠳ᠋ᠤ᠌ ᠮᠢᠨᠢ ᠭᠤᠴᠢ ᠭᠤᠴᠢᠨ ᠲᠦᠮᠡ ᠪᠡᠷ ᠪᠠᠢᠨ᠎ᠠ ᠭᠡᠵᠦ ᠬᠡᠯᠡᠭᠰᠡᠨ ᠪᠠᠢᠳᠠᠭ᠃ 

ᠵᠢᠭᠰᠠᠭᠠᠯᠲᠠ ᠶ᠋ᠢᠨ ᠲᠠᠪᠤ ᠳ᠋ᠤ᠌᠂ ᠬᠣᠷᠧᠽᠮ ᠦ᠋ᠨ ᠰᠤᠯᠲᠠᠨ ᠢ᠋ ᠨᠤᠭᠤᠰᠤᠯᠠᠨ ᠳᠠᠷᠤᠵᠤ ᠲᠠᠩᠭᠢᠰ ᠳᠠᠯᠠᠢ ᠶ᠋ᠢ ᠡᠵᠡᠩᠨᠡᠭᠰᠡᠨ ᠴᠤᠷᠠᠮᠠᠨ ᠵᠠᠩᠵᠤᠨ  
ᠥᠭᠡᠳᠡᠢ ᠬᠠᠭᠠᠨ ᠠ᠋ᠴᠠ ᠴᠤᠷᠠᠮᠠᠨ ᠵᠠᠩᠵᠤᠨ ᠢ᠋ ᠭᠤᠷᠪᠠᠨ ᠲᠦᠮᠡᠨ ᠴᠡᠷᠢᠭ ᠲᠡᠢ᠂ ᠰᠠᠯᠢᠷᠢᠳ ᠢ ᠴᠤᠬᠢᠭᠤᠯᠬᠤ ᠪᠡᠷ ᠢᠯᠡᠭᠡᠭᠰᠡᠨ ᠪᠠᠢᠳᠠᠭ᠂ ᠬᠣᠷᠧᠽᠮ ᠦ᠋ᠨ ᠬᠠᠭᠠᠨ ᠬᠦᠦ ᠰᠠᠯᠢᠷᠢᠳ ᠡᠨᠡᠳᠬᠡᠭ ᠲᠦ᠍ ᠳᠤᠲᠠᠭᠠᠵᠤ ᠪᠠᠢᠭᠠᠳ ᠫᠠᠺᠢᠰᠲᠠᠨ ᠢ᠋ᠶ᠋ᠠᠷ ᠳᠡᠮᠵᠢᠵᠦ ᠠᠵᠠᠷᠪᠠᠢᠵᠠ ᠠᠷᠮᠠᠨᠢᠶ᠎ᠠ ᠵᠡᠷᠭᠡ ᠤᠯᠤᠰ ᠢ᠋ ᠡᠵᠡᠯᠡᠨ ᠮᠣᠩᠭᠣᠯ ᠲᠠᠢ ᠳᠠᠬᠢᠨ ᠪᠠᠢᠯᠳᠤᠬᠤ ᠪᠠᠷ ᠴᠡᠷᠢᠭ ᠴᠤᠭᠯᠠᠭᠤᠯᠵᠤ ᠪᠠᠢᠵᠠᠢ᠃ ᠢᠩᠭᠢᠬᠦ ᠳ᠋ᠦ᠍ ᠵᠠᠩᠵᠤᠨ ᠴᠤᠷᠠᠮᠠᠨ ᠥᠷᠭᠡᠨ ᠹᠷᠣᠨᠲ ᠢ᠋ᠶ᠋ᠠᠷ ᠲᠠᠪᠰᠢᠵᠤ ᠭᠡᠲᠡᠭᠦᠯ ᠲᠠᠩᠨᠠᠭᠤᠯ ᠢ᠋ ᠤᠰᠠᠳᠬᠠᠨ ᠳᠠᠷᠤᠵᠤ ᠣᠷᠣᠭᠠᠳ ᠰᠠᠯᠢᠷᠢᠳ ᠤ᠋ᠨ ᠴᠡᠷᠢᠭ ᠢ᠋ ᠰᠠᠨᠠᠮᠰᠠᠷ ᠦᠭᠡᠢ ᠪᠠᠢᠬᠤ ᠳ᠋ᠤ᠌ ᠳᠠᠭᠠᠷᠢᠨ ᠤᠰᠠᠳᠬᠠᠵᠤ᠂ ᠤᠷᠤᠭᠰᠢ ᠲᠠᠪᠰᠢᠵᠤ ᠠᠵᠠᠷᠪᠠᠢᠵᠠ ᠠᠷᠮᠠᠨᠢᠶ᠎ᠠ ᠬᠦᠷᠵᠢ ᠵᠡᠷᠭᠡ ᠤᠯᠤᠰ ᠢ᠋ ᠮᠣᠩᠭᠣᠯ ᠤ᠋ᠨ ᠬᠠᠷᠢᠶᠠᠨ ᠳ᠋ᠤ᠌ ᠠᠪᠤᠭᠠᠳ᠂ ᠺᠣᠺᠰ ᠨᠢᠷᠤᠭᠤ ᠶ᠋ᠢ ᠡᠵᠡᠯᠡᠨ ᠠᠪᠤᠭᠰᠠᠨ ᠪᠠᠢᠨ᠎ᠠ᠃ ᠳᠠᠷᠤᠢ ᠬᠠᠷ᠎ᠠ ᠲᠠᠩᠭᠢᠰ ᠪᠣᠯᠤᠨ ᠳᠣᠲᠣᠭᠠᠳᠤ ᠲᠠᠩᠭᠢᠰ ᠤ᠋ᠨ ᠬᠣᠭᠣᠷᠣᠨᠳᠣᠬᠢ ᠪᠦᠬᠦ ᠨᠤᠲᠤᠭ ᠢ᠋ ᠮᠣᠩᠭᠣᠯ ᠤ᠋ᠨ ᠮᠠᠲᠠᠯ ᠳ᠋ᠤ᠌ ᠣᠷᠣᠭᠤᠯᠤᠭᠰᠠᠨ ᠵᠠᠩᠵᠤᠨ ᠪᠠᠢᠨ᠎ᠠ᠃
  
ᠵᠢᠭᠰᠠᠭᠠᠯᠲᠠ ᠶ᠋ᠢᠨ ᠳᠥᠷᠪᠡ ᠳ᠋ᠦ᠍᠂  ᠭᠤᠷᠪᠠᠨ ᠦᠶ᠎ᠡ ᠶ᠋ᠢᠨ ᠳᠣᠮᠣᠭᠲᠤ ᠵᠠᠩᠵᠤᠨ ᠤᠷᠢᠶᠠᠩᠬᠠᠳᠠᠢ᠂  
ᠤᠷᠢᠶᠠᠩᠬᠠᠳᠠᠢ ᠪᠣᠯ ᠤᠷᠢᠶᠠᠩᠬᠠᠨ ᠣᠪᠣᠭᠲᠠᠨ ᠴᠢᠩᠭᠢᠰ ᠦ᠋ᠨ ᠥᠷᠯᠥᠭ ᠵᠠᠩᠵᠤᠨ ᠰᠥᠪᠡᠭᠡᠳ᠋ᠠᠶ ᠪᠠᠭᠠᠲᠤᠷ ᠤ᠋ᠨ ᠬᠦᠦ ᠪᠣᠯᠤᠨ᠎ᠠ᠃ ᠤᠷᠢᠶᠠᠩᠬᠠᠳᠠᠢ ᠶ᠋ᠢᠨ ᠬᠦᠦ ᠠᠵᠤ ᠭᠡᠳᠡᠭ ᠬᠣᠵᠢᠮ ᠨᠢ ᠪᠠᠰᠠ ᠠᠯᠳᠠᠷᠲᠠᠢ ᠵᠠᠩᠵᠤᠨ ᠪᠣᠯᠤᠭᠰᠠᠨ᠂ ᠲᠡᠷᠡᠪᠡᠷ᠂ ᠴᠢᠩᠭᠢᠰ ᠬᠠᠭᠠᠨ ᠤ᠋ ᠬᠡᠰᠢᠭᠲᠡᠨ ᠴᠡᠷᠢᠭ ᠪᠠᠢᠭᠰᠠᠨ᠂ ᠴᠢᠩᠭᠢᠰ ᠬᠠᠭᠠᠨ ᠥᠭᠡᠳᠡᠢ ᠬᠠᠭᠠᠨ ᠬᠥᠶᠦᠭ ᠬᠠᠭᠠᠨ ᠮᠥᠩᠬᠡ ᠬᠠᠭᠠᠨ  ᠬᠤᠪᠢᠯᠠᠢ ᠬᠠᠭᠠᠨ ᠤ᠋ ᠦᠶ᠎ᠡ ᠳ᠋ᠦ᠍ ᠲᠣᠮᠣ ᠴᠡᠷᠢᠭ ᠦ᠋ᠨ ᠵᠠᠩᠵᠤᠨ ᠪᠠᠢᠭᠰᠠᠨ ᠬᠥᠮᠦᠨ᠂ ᠲᠡᠭᠦᠨ ᠦ᠌ ᠲᠠᠬᠢᠷ ᠢᠯᠳᠦ ᠡᠸᠦ᠋ᠷᠥᠹᠡ ᠶ᠋ᠢᠨ ᠭᠦᠨ ᠵᠢᠭᠠᠭᠰᠠᠨ᠂ ᠲᠥᠪᠡᠳ ᠤᠷᠤᠭᠤ ᠵᠢᠭᠠᠭᠰᠠᠨ᠂ ᠰᠧᠴᠤᠸᠠᠨ ᠳ᠋ᠤ᠌᠂ ᠸᠢᠶᠢᠲᠨᠠᠮ ᠳ᠋ᠤ᠌᠂ ᠶᠦᠨᠨᠠᠨ ᠳ᠋ᠤ᠌᠂ ᠭᠦᠢᠵᠧᠦ ᠳ᠋ᠦ᠍ ᠂ ᠭᠤᠸᠠᠩᠰᠢ ᠳ᠋ᠤ᠌ ᠂ ᠬᠤᠪᠧᠢ ᠳ᠋ᠦ᠍ ᠂ ᠬᠤᠨᠠᠨ ᠳ᠋ᠤ᠌᠂ ᠰᠧᠴᠤᠸᠠᠨ ᠳ᠋ᠤ᠌ ᠪᠠᠢᠯᠳᠤᠭᠠᠳ ᠲᠥᠪᠡᠳ ᠳ᠋ᠠᠯᠢ ᠤᠯᠤᠰ᠂ ᠴᠡᠮᠪᠡ ᠤᠯᠤᠰ᠂ ᠰᠥᠩ ᠤᠯᠤᠰ ᠢ᠋ ᠳᠠᠢᠯᠠᠵᠤ ᠠᠪᠤᠭᠰᠠᠨ ᠠᠯᠳᠠᠷᠲᠤ ᠵᠠᠩᠵᠤᠨ ᠪᠠᠢᠯ᠎ᠠ᠂ ᠬᠣᠵᠢᠮ ᠨᠢ ᠾᠧᠨᠠᠨ ᠸᠠᠩ ᠡᠷᠭᠦᠮᠵᠢᠯᠡᠭᠳᠡᠭᠰᠡᠨ ᠪᠠᠢᠳᠠᠭ᠃ 
  
ᠵᠢᠭᠰᠠᠭᠠᠯᠲᠠ ᠶ᠋ᠢᠨ ᠭᠤᠷᠪᠠᠳᠤᠭᠠᠷ ᠲᠤ᠌᠂ ᠠᠮᠢᠳᠤ ᠳ᠋ᠤ᠌ ᠪᠠᠨ ᠳᠣᠮᠣᠭ ᠪᠣᠯᠤᠨ ᠠᠯᠳᠠᠷᠰᠢᠭᠰᠠᠨ ᠠᠷᠭᠠᠲᠤ ᠵᠡᠪᠡ ᠵᠠᠩᠵᠤᠨ 
ᠵᠡᠪᠡ ᠵᠠᠩᠵᠤᠨ ᠪᠣᠯ ᠴᠢᠩᠭᠢᠰ ᠬᠠᠭᠠᠨ ᠤ᠋ ᠶᠢᠰᠦᠨ ᠥᠷᠯᠥᠭ ᠦ᠋ᠨ ᠨᠢᠭᠡ᠂ ᠳᠥᠷᠪᠡᠨ ᠨᠣᠬᠠᠢ ᠶ᠋ᠢᠨ ᠨᠢᠭᠡ᠃ ᠴᠢᠩᠭᠢᠰ ᠬᠠᠭᠠᠨ ᠤ᠋ ᠨᠡᠷ᠎ᠡ ᠶ᠋ᠢ ᠥᠷᠥᠨ᠎ᠡ ᠳᠣᠷᠣᠨ᠎ᠠ ᠡᠮᠦᠨ᠎ᠡ ᠤᠮᠠᠷ᠎ᠠ ᠳᠥᠷᠪᠡᠨ ᠵᠦᠭ ᠲᠦ᠍ ᠠᠯᠳᠠᠷᠰᠢᠭᠤᠯᠤᠨ ᠳᠤᠮᠳᠠᠳᠤ ᠡᠷᠲᠡᠨ ᠦ᠌ ᠬᠠᠷ᠎ᠠ ᠪᠦᠷᠦᠢ ᠦᠶ᠎ᠡ ᠶ᠋ᠢᠨ ᠳᠣᠩᠰᠣᠯᠭᠠᠨ ᠲᠣᠳᠣᠷᠠᠭᠰᠠᠨ ᠮᠣᠩᠭᠣᠯ ᠤ᠋ᠨ ᠬᠠᠮᠤᠭ ᠤ᠋ᠨ ᠠᠯᠳᠠᠷ ᠲᠠᠢ ᠳᠣᠮᠣᠭᠲᠤ ᠵᠠᠩᠵᠤᠨ ᠨᠤᠭᠤᠳ ᠤ᠋ᠨ ᠨᠢᠭᠡ ᠪᠣᠯᠤᠨ᠎ᠠ᠃ ᠬᠤᠪᠢ ᠵᠠᠶᠠᠭᠠᠨ ᠤ᠋ ᠲᠥᠭᠡᠷᠭᠡ ᠪᠡᠷ ᠪᠣᠯ᠂ ᠵᠡᠪᠡ ᠵᠠᠩᠵᠤᠨ ᠤ᠋ ᠢᠳᠡᠪᠬᠢᠲᠡᠢ ᠠᠮᠢᠳᠤᠷᠠᠯ ᠤ᠋ᠨ ᠶᠡᠬᠡᠩᠬᠢ ᠬᠡᠰᠡᠭ ᠨᠢ ᠡᠬᠡ ᠣᠷᠣᠨ ᠳ᠋ᠠᠭᠠᠨ ᠪᠢᠰᠢ ᠬᠠᠷᠢᠨ ᠢᠯᠠᠭᠤᠭᠰᠠᠨ ᠠᠶᠠᠨ ᠲᠡᠢᠨ ᠢ᠋ ᠵᠠᠮ ᠳ᠋ᠤ᠌ ᠥᠩᠭᠡᠷᠡᠭᠦᠯᠦᠭᠰᠡᠨ ᠪᠠᠢᠨ᠎ᠠ᠂ ᠮᠣᠩᠭᠣᠯ ᠤ᠋ᠨ ᠪᠦᠷᠢᠯᠳᠦᠬᠦᠨ ᠬᠡᠰᠡᠭ ᠦ᠋ᠨ ᠨᠢᠭᠡ ᠲᠠᠢᠴᠢᠭᠤᠳ ᠠᠢᠮᠠᠭ ᠤ᠋ᠨ ᠪᠠᠰᠤᠳ ᠣᠪᠣᠭ ᠤ᠋ᠨ ᠬᠥᠮᠦᠨ᠂ ᠵᠢᠷᠭᠤᠭᠠᠲᠠᠢ ᠨᠡᠷ᠎ᠡ ᠲᠡᠢ ᠪᠠᠢᠳᠠᠭ᠃ ᠲᠡᠭᠦᠨ ᠦ᠌ ᠳᠠᠷᠠᠭ᠎ᠠ ᠶᠠᠭᠤ ᠪᠣᠯᠤᠭᠰᠠᠨ ᠢ᠋ ᠲᠠ ᠪᠢᠳᠡ ᠰᠠᠢᠨ ᠮᠡᠳᠡᠨ᠎ᠡ᠃ ᠵᠠ ᠲᠡᠭᠡᠭᠡᠳ᠂ ᠲᠡᠷᠡ ᠨᠠᠢ᠍ᠮᠠᠨ ᠠᠢᠮᠠᠭ ᠲᠠᠢ ᠪᠠᠢᠯᠳᠤᠭᠰᠠᠨ᠂ ᠠᠯᠲᠠᠨ ᠤᠯᠤᠰ ᠲᠠᠢ᠂  ᠬᠠᠷ᠎ᠠ  ᠬᠢᠳᠠᠨ ᠲᠠᠢ ᠪᠠᠢᠯᠳᠤᠭᠰᠠᠨ᠂ ᠬᠣᠷᠧᠽᠮ ᠲᠡᠢ ᠪᠠᠢᠯᠳᠤᠭᠰᠠᠨ᠃ ᠵᠠ ᠲᠡᠭᠡᠭᠡᠳ ᠵᠡᠪᠡ ᠪᠠ ᠰᠥᠪᠡᠭᠡᠳ᠋ᠠᠶ ᠤ᠋ᠨ ᠴᠡᠷᠢᠭ᠂ ᠫᠠᠮᠢᠷ ᠤ᠋ᠨ ᠥᠨᠳᠥᠷᠯᠢᠭ ᠢ᠋ ᠳᠠᠪᠠᠨ ᠲᠤᠭᠤᠯᠵᠤ ᠭᠠᠷᠴᠤ ᠢᠷᠡᠭᠡᠳ ᠬᠣᠷᠧᠽᠮ ᠤᠯᠤᠰ ᠤ᠋ᠨ ᠨᠤᠲᠤᠭ ᠳᠡᠪᠢᠰᠬᠡᠷ ᠢ᠋ᠶ᠋ᠡᠷ ᠳᠠᠮᠵᠢᠭᠠᠳ ᠠᠵᠠᠷᠪᠠᠢᠵᠠ ᠬᠦᠷᠵᠢ ᠺᠣᠺᠰ ᠨᠢᠷᠤᠭᠤ ᠶ᠋ᠢ ᠥᠩᠭᠡᠷᠡᠨ ᠭᠠᠷᠤᠭᠠᠳ ᠣᠷᠣᠰ ᠤ᠋ᠨ ᠭᠦᠷᠦᠨ ᠤᠷᠤᠭᠤ ᠣᠷᠣᠭᠰᠠᠨ᠂ ᠲᠡᠭᠡᠭᠡᠳ ᠺᠢᠪᠽᠢ ᠬᠦᠷᠦᠭᠡᠳ ᠢᠩᠭᠢᠵᠦ ᠪᠠᠢᠯᠳᠤᠵᠤ ᠣᠴᠢᠭᠰᠠᠨ᠂ ᠵᠡᠪᠡ ᠵᠠᠩᠵᠤᠨ ᠬᠣᠵᠢᠮ ᠨᠢ ᠪᠤᠴᠠᠬᠤ ᠵᠠᠮ ᠳ᠋ᠠᠭᠠᠨ ᠨᠠᠰᠤ ᠪᠠᠷᠠᠯ᠎ᠠ ᠭᠡᠳᠡᠭ᠂ ᠲᠡᠷᠡ ᠪᠣᠯ ᠴᠢᠩᠭᠢᠰ ᠦ᠋ᠨ ᠴᠡᠷᠢᠭ ᠦ᠋ᠨ ᠤᠷᠠᠯᠢᠭ ᠤ᠋ᠨ ᠲᠡᠦᠬᠡᠨ ᠳ᠋ᠤ᠌ ᠲᠣᠮᠣᠬᠠᠨ ᠪᠠᠢᠷᠢ ᠡᠵᠡᠯᠡᠳᠡᠭ ᠴᠢᠨᠠᠭᠰᠢᠯᠠᠨ ᠰᠢᠨ᠎ᠡ ᠠᠶᠠᠨ ᠲᠡᠢᠨ ᠦ᠌ ᠮᠥᠷ ᠢ᠋ᠶ᠋ᠡᠷ ᠲᠣᠳᠣᠳᠬᠠᠨ ᠬᠠᠷᠠᠭᠤᠯᠤᠭᠰᠠᠨ ᠠᠯᠳᠠᠷᠲᠠᠢ ᠵᠠᠩᠵᠤᠨ ᠤ᠋ ᠨᠢᠭᠡ ᠪᠣᠯᠤᠨ᠎ᠠ᠃ 

ᠵᠢᠭᠰᠠᠭᠠᠯᠲᠠ ᠶ᠋ᠢᠨ ᠬᠣᠶᠠᠳᠤᠭᠠᠷ ᠲᠤ᠌ ᠳᠤᠮᠳᠠᠳᠤ ᠣᠷᠣᠨ ᠢ᠋ ᠡᠵᠡᠯᠡᠨ ᠨᠣᠮᠣᠳᠬᠠᠭᠴᠢ ᠤᠯᠤᠰ ᠤ᠋ᠨ ᠶᠡᠬᠡ ᠸᠠᠩ ᠮᠤᠬᠤᠯᠠᠢ ᠵᠠᠩᠵᠤᠨ᠂  
ᠮᠤᠬᠤᠯᠠᠢ ᠵᠠᠩᠵᠤᠨ ᠪᠣᠯ᠂ ᠮᠣᠩᠭᠣᠯ ᠤ᠋ᠨ ᠲᠥᠷᠥ ᠨᠡᠢᠭᠡᠮ ᠴᠡᠷᠢᠭ ᠦ᠋ᠨ ᠶᠡᠬᠡ ᠵᠢᠳᠬᠦᠯᠲᠡᠨ᠂ ᠵᠠᠯᠠᠢᠷ ᠤ᠋ᠨ ᠮᠤᠬᠤᠯᠠᠢ ᠭᠡᠳᠡᠭ᠂ ᠮᠢᠩᠭ᠎ᠠ ᠨᠢᠭᠡ ᠵᠠᠭᠤᠨ ᠳᠠᠯᠠᠨ ᠨᠢᠭᠡ ᠣᠨ ᠳ᠋ᠤ᠌ ᠲᠥᠷᠥᠭᠰᠡᠨ᠂ ᠲᠡᠷᠡ ᠠᠷᠪᠠᠨ ᠲᠠᠪᠤᠨ ᠨᠠᠰᠤ ᠡᠴᠠ ᠴᠢᠩᠭᠢᠰ ᠬᠠᠭᠠᠨ ᠤ᠋ ᠶ᠋ᠢᠨ ᠠᠯᠪᠠᠨ ᠵᠢᠳᠬᠦᠵᠦ ᠡᠬᠢᠯᠡᠭᠰᠡᠨ᠂ ᠲᠡᠭᠡᠭᠡᠳ ᠡᠴᠢᠭᠡ ᠬᠦᠩ ᠭᠤᠸ᠎ᠠ ᠬᠦᠦ ᠶ᠋ᠢᠨ ᠢ᠋ᠶ᠋ᠡᠨ ᠬᠤᠪᠢ ᠲᠠᠪᠢᠯᠠᠩ ᠢ᠋ ᠵᠢᠭᠠᠵᠤ ᠥᠭᠭᠦᠭᠰᠡᠨ ᠪᠠᠢᠳᠠᠭ᠂ ᠲᠥᠷᠥᠯᠬᠢ ᠠᠪᠬᠠᠯᠵᠢᠲᠠᠢ ᠬᠢᠴᠢᠶᠡᠩᠭᠦᠢ ᠮᠤᠬᠤᠯᠠᠢ ᠪᠣᠯ ᠳᠣᠲᠣᠭᠠᠳᠤ ᠤᠢᠯᠠᠨ ᠳ᠋ᠤ᠌ ᠥᠭᠡᠯᠦᠨ ᠡᠬᠡ ᠂ ᠮᠡᠩᠯᠢᠭ ᠡᠴᠢᠭᠡ᠂ ᠰᠤᠷᠬᠠᠨ ᠰᠢᠷ᠎ᠠ ᠶ᠋ᠢᠨ ᠰᠤᠷᠭᠠᠯ ᠢ᠋ᠶ᠋ᠠᠷ ᠪᠣᠯᠪᠠᠰᠤᠷᠠᠭᠠᠳ᠂ ᠭᠠᠳᠠᠭᠠᠳᠤ ᠬᠡᠷᠡᠭ ᠲᠦ᠍ ᠪᠣᠯ ᠪᠤᠭᠤᠷᠴᠢ᠂ ᠴᠢᠯᠠᠭᠤᠨ᠂ ᠵᠡᠯᠮ᠎ᠡ ᠵᠡᠷᠭᠡ ᠬᠠᠲᠠᠭᠤ ᠭᠠᠷ ᠠ᠋ᠴᠠ ᠬᠥᠮᠦᠵᠢᠭᠰᠡᠨ ᠭᠡᠳᠡᠭ᠂ ᠠᠯᠲᠠᠨ ᠤᠷᠤᠭ ᠲᠤ᠌ ᠦᠯᠦ ᠬᠠᠮᠢᠶᠠᠷᠤᠭᠴᠢ ᠮᠤᠬᠤᠯᠠᠢ ᠬᠣᠷᠢ ᠬᠦᠷᠬᠦ ᠨᠠᠰᠤᠨ ᠳ᠋ᠤ᠌ ᠪᠠᠨ ᠴᠢᠩᠭᠢᠰ ᠦ᠋ᠨ ᠳᠥᠷᠪᠡᠨ ᠬᠦᠯᠦᠭ ᠪᠠᠭᠠᠲᠤᠷ ᠪᠣᠯᠤᠭᠰᠠᠨ᠂ ᠭᠤᠴᠢᠨ ᠨᠠᠰᠤᠨ ᠤ᠋ ᠪᠣᠱᠣᠭᠠᠨ ᠳᠡᠭᠡᠷ᠎ᠡ ᠪᠡᠨ ᠥᠷᠯᠥᠭ ᠦ᠋ᠨ ᠲᠣᠭᠠᠨ ᠳ᠋ᠤ᠌ ᠪᠠᠭᠲᠠᠨ ᠲᠡᠭᠦᠨ ᠡᠴᠡ ᠬᠣᠢᠰᠢ ᠵᠢᠯ ᠳᠠᠷᠠᠭᠠᠯᠠᠨ ᠵᠡᠷᠭᠡ ᠳᠠᠪᠰᠢᠨ ᠬᠣᠵᠢᠮ ᠨᠢ ᠤᠯᠤᠰ ᠤ᠋ᠨ ᠸᠠᠩ ᠪᠣᠯᠤᠭᠰᠠᠨ ᠪᠠᠢᠨ᠎ᠠ᠂ ᠲᠡᠭᠡᠭᠡᠳ ᠲᠠᠪᠢᠭᠠᠳ ᠵᠢᠯ ᠪᠠᠢᠯᠳᠤᠵᠤ ᠪᠦᠬᠦ ᠠᠮᠢᠳᠤᠷᠠᠯ ᠢ᠋ᠶ᠋ᠠᠨ ᠴᠡᠷᠢᠭ ᠤ᠋ᠨ ᠮᠠᠢᠬᠠᠨ ᠳ᠋ᠠᠭᠠᠨ ᠥᠷᠥᠵᠦ ᠠᠶᠠᠨ ᠵᠠᠮ ᠳ᠋ᠠᠭᠠᠨ ᠭᠡᠷᠯᠡᠵᠦ ᠦᠷ᠎ᠡ ᠬᠡᠦᠬᠡᠳ ᠢ᠋ᠶ᠋ᠡᠨ ᠥᠰᠬᠡᠵᠦ ᠶᠠᠪᠤᠭᠰᠠᠨ ᠭᠠᠢᠬᠠᠮᠰᠢᠭᠲᠠᠢ ᠵᠠᠩᠵᠤᠨ ᠪᠣᠯᠤᠨ᠎ᠠ᠂ 
 
ᠵᠢᠭᠰᠠᠭᠠᠯᠲᠠ ᠶ᠋ᠢᠨ ᠨᠢᠭᠡᠳᠦᠭᠡᠷ ᠲᠦ᠍ ᠳᠥᠷᠪᠡᠨ ᠵᠦᠭ ᠦ᠋ᠨ ᠲᠦᠮᠡᠨ ᠬᠡᠯᠡᠲᠡᠨ ᠢ᠋ ᠮᠥᠬᠥᠭᠡᠨ ᠳᠣᠷᠣᠢᠲᠠᠭᠤᠯᠤᠭᠴᠢ ᠲᠡᠮᠦᠷ ᠲᠡᠷᠭᠡᠲᠦ ᠰᠥᠪᠡᠭᠡᠳ᠋ᠠᠶ ᠪᠠᠭᠠᠲᠤᠷ ᠂  
ᠰᠥᠪᠡᠭᠡᠳ᠋ᠠᠶ ᠪᠠᠭᠠᠲᠤᠷ ᠳᠠᠯᠠᠨ ᠬᠣᠶᠠᠷ ᠬᠦᠷᠲᠡᠯ᠎ᠡ ᠨᠠᠰᠤᠯᠠᠵᠤ᠂ ᠳᠡᠯᠡᠬᠡᠢ ᠶ᠋ᠢᠨ  ᠭᠤᠴᠢᠨ ᠬᠣᠶᠠᠷ ᠦᠨᠳᠦᠰᠦᠲᠡᠨ ᠢ᠋ ᠨᠤᠮᠣᠳᠬᠠᠵᠦ᠂ ᠶᠡᠬᠡ ᠪᠠᠭ᠎ᠠ 65 ᠲᠤᠯᠤᠯᠳᠤᠭᠠᠨ ᠳ᠋ᠤ᠌ ᠣᠷᠣᠵᠤ ᠢᠯᠠᠨ ᠲᠠᠢᠯᠵᠤ ᠶᠠᠪᠤᠭᠰᠠᠨ ᠪᠥᠭᠡᠳ ᠳᠡᠯᠡᠬᠡᠢ ᠳ᠋ᠦ᠍ ᠠᠯᠳᠠᠷ ᠢ᠋ᠶ᠋ᠠᠨ ᠳᠠᠭᠤᠷᠢᠰᠤᠭᠤᠯᠤᠭᠰᠠᠨ ᠶᠠᠮᠠᠷ ᠴᠦ᠍ ᠪᠠᠭᠠᠲᠤᠷ  ᠡᠷ᠎ᠡ ᠳᠠᠪᠠᠵᠤ ᠴᠢᠳᠠᠰᠢ ᠦᠭᠡᠢ ᠭᠡᠵᠦ ᠰᠤᠳᠤᠯᠤᠭᠴᠢᠳ ᠢᠯᠠᠩᠭᠤᠶ᠎ᠠ ᠴᠡᠷᠢᠭ ᠦ᠋ᠨ ᠲᠡᠦᠬᠡᠴᠢᠳ ᠪᠢᠴᠢᠳᠡᠭ ᠃ ᠰᠥᠪᠡᠭᠡᠳ᠋ᠠᠶ ᠪᠠᠭᠠᠲᠤᠷ ᠪᠣᠯ ᠮᠣᠩᠭᠣᠯ ᠦ᠋ᠨ ᠡᠵᠡᠨᠲᠦ ᠭᠦᠷᠦᠨ ᠦ᠌ ᠭᠤᠷᠪᠠᠨ ᠶᠡᠬᠡ ᠬᠠᠭᠠᠨ ᠤ᠋ ᠴᠡᠷᠢᠭ ᠦ᠋ᠨ ᠨᠤᠮᠤᠯᠠᠭᠴᠢ ᠂ ᠪᠣᠳᠣᠯᠭ᠎ᠠ ᠪᠣᠯᠪᠠᠰᠤᠷᠠᠭᠤᠯᠤᠭᠴᠢ ᠪᠠᠢᠭᠰᠠᠨ ᠪᠥᠭᠡᠳ ᠳᠠᠢᠰᠤᠨ ᠤ᠋ ᠬᠦᠴᠦ ᠶ᠋ᠢ ᠵᠥᠪ ᠦᠨᠡᠯᠡᠭᠴᠢ ᠤᠷᠠᠨ ᠨᠠᠷᠢᠨ ᠪᠠᠢᠯᠳᠤᠬᠤ ᠪᠣᠳᠣᠯᠭ᠎ᠠ ᠪᠠᠢᠯᠳᠤᠬᠤ ᠠᠷᠭ᠎ᠠ ᠪᠣᠯᠪᠠᠰᠤᠷᠠᠭᠤᠯᠬᠤ ᠳ᠋ᠠᠭᠠᠨ ᠭᠣᠴᠣ ᠰᠡᠴᠡᠨ ᠤᠬᠠᠭᠠᠨ ᠰᠤᠤ ᠵᠢᠯᠢ ᠲᠡᠭᠦᠰ ᠬᠥᠮᠦᠨ ᠪᠠᠢᠭᠰᠠᠨ᠃ ᠰᠥᠪᠡᠭᠡᠳ᠋ᠠᠶ ᠪᠠᠭᠠᠲᠤᠷ ᠬᠢᠲᠠᠳ ᠰᠣᠯᠣᠩᠭᠣᠰ ᠵᠡᠷᠭᠡ ᠠᠽᠢᠶ᠎ᠠ ᠶ᠋ᠢᠨ ᠣᠷᠣᠨ ᠡᠴᠠ ᠳᠣᠷᠣᠨ᠎ᠠ ᠶ᠋ᠢᠨ ᠯᠠᠯᠤ ᠶ᠋ᠢᠨ ᠶᠢᠷᠲᠡᠨᠴᠦ ᠣᠷᠣᠰ ᠫᠤᠯᠠᠨᠲ ᠤᠩᠭᠠᠷ ᠭᠡᠳ ᠪᠠᠷᠠᠭᠤᠨ ᠡᠸᠦᠷᠦᠫᠡ ᠶ᠋ᠢᠨ ᠤᠯᠤᠰ ᠣᠷᠣᠨ ᠨᠤᠭᠤᠳ ᠢ᠋ ᠪᠠᠢᠯᠳᠤᠨ ᠳᠠᠭᠠᠭᠤᠯᠵᠤ ᠠᠯᠳᠠᠷ ᠢ᠋ᠶ᠋ᠠᠨ ᠲᠠᠭᠤᠷᠰᠠᠭᠤᠯᠵᠤ ᠶᠠᠪᠤᠭᠰᠠᠨ ᠨᠡᠷᠡᠲᠦ ᠪᠠᠭᠠᠲᠤᠷ ᠥᠷᠯᠥᠭ ᠵᠠᠩᠵᠤᠨ ᠂ ᠴᠢᠩᠭᠢᠰ ᠬᠠᠭᠠᠨ ᠤ᠋ ᠳᠥᠷᠪᠡᠨ ᠨᠣᠬᠠᠢ ᠶ᠋ᠢᠨ ᠨᠢᠭᠡ᠂ ᠶᠢᠰᠦᠨ ᠥᠷᠯᠥᠭ ᠦ᠋ᠨ ᠨᠢᠭᠡ ᠪᠠᠢᠯ᠎ᠠ᠃  

ᠦᠰᠦᠭ ᠠᠮᠢᠯᠢᠭᠤᠯᠤᠭᠴᠢ: ᠤᠷᠢᠶᠠᠩᠬᠠᠢ ᠨᠠᠷᠠᠨᠮᠠᠨᠳᠠ