ᠨᠠᠮᠤᠷ ᠲᠠᠢ ᠪᠠᠨ ᠨᠠᠭᠠᠳᠤᠨ᠎ᠠ -ᠲᠤᠭᠴᠢ ᠯᠤᠪᠰᠠᠩ Namartaigaa naadna-Tugch Luvsan Намартайгаа наадна-Тугч Лувсан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠲᠠᠢ ᠪᠠᠨ ᠨᠠᠭᠠᠳᠤᠨ᠎ᠠ -ᠲᠤᠭᠴᠢ ᠯᠤᠪᠰᠠᠩ Namartaigaa naadna-Tugch Luvsan Намартайгаа наадна-Тугч Лувсан

ᠨᠠᠮᠤᠷ ᠲᠠᠢ ᠪᠠᠨ ᠨᠠᠭᠠᠳᠤᠨ᠎ᠠ -ᠲᠤᠭᠴᠢ ᠯᠤᠪᠰᠠᠩ Namartaigaa naadna-Tugch Luvsan Намартайгаа наадна-Тугч Лувсан

2025-10-21

9396

ᠨᠠᠮᠤᠷ ᠲᠠᠢ ᠪᠠᠨ ᠨᠠᠭᠠᠳᠤᠨ᠎ᠠ

      ᠵᠣᠬᠢᠶᠠᠭᠴᠢ᠄ ᠲᠤᠭᠴᠢ ᠯᠤᠪᠰᠠᠩ 
      ᠤᠶᠠᠩᠭᠠᠯᠠᠭᠴᠢ᠄ ᠬᠠᠨᠠᠭᠠᠷ 

 ᠰᠠᠯᠬᠢᠨ ᠳ᠋ᠤ᠌ ᠪᠥᠵᠢᠭᠯᠡᠭᠰᠡᠨ ᠨᠠᠪᠴᠢᠰ ᠤ᠋ᠨ 
 ᠰᠢᠷᠭᠠᠯ ᠥᠩᠭᠡ ᠳ᠋ᠦ᠍ ᠨᠢ ᠬᠥᠭᠡᠷᠦᠨ᠎ᠡ 
 ᠰᠢᠷ᠎ᠠ ᠲᠡᠷᠯᠢᠭ ᠢ᠋ᠶ᠋ᠡᠨ ᠡᠮᠦᠰᠦᠭᠡᠳ 
 ᠨᠠᠮᠤᠷ ᠲᠠᠢ ᠪᠠᠨ ᠪᠢ ᠨᠠᠭᠠᠳᠤᠨ᠎ᠠ 

 ᠭᠠᠩᠭᠠᠨᠠᠯᠳᠤᠨ ᠨᠡᠭᠦᠭᠰᠡᠨ ᠭᠠᠯᠠᠭᠤᠳ ᠤ᠋ᠨ 
 ᠭᠠᠩᠭᠠᠷ ᠳᠠᠭᠤ ᠶ᠋ᠢ ᠨᠢ ᠦᠳᠡᠨ᠎ᠡ 
 ᠭᠠᠭᠴᠠᠭᠠᠷ ᠢ᠋ᠶ᠋ᠠᠨ ᠭᠠᠳᠠᠨ᠎ᠠ ᠦᠭᠡᠢᠯᠡᠭᠡᠳ 
 ᠨᠠᠮᠤᠷ ᠲᠠᠢ ᠪᠠᠨ ᠪᠢ ᠨᠠᠭᠠᠳᠤᠨ᠎ᠠ 

 ᠦᠨᠢᠶ᠎ᠡ ᠰᠠᠭᠠᠭᠰᠠᠨ ᠡᠵᠢ ᠶ᠋ᠢᠨ ᠢ᠋ᠶ᠋ᠡᠨ
 ᠥᠳᠬᠡᠨ ᠰᠦ ᠳ᠋ᠦ᠍ ᠨᠢ ᠳᠤᠷᠠᠯᠠᠨ᠎ᠠ
 ᠦᠷᠦᠮᠡᠨ ᠲᠣᠭᠣᠭ᠎ᠠ ᠳᠣᠯᠢᠶᠠᠭᠠᠳ
 ᠨᠠᠮᠤᠷ ᠲᠠᠢ ᠪᠠᠨ ᠪᠢ ᠨᠠᠭᠠᠳᠤᠨ᠎ᠠ

 ᠡᠷᠡᠮᠡᠬᠡᠢ ᠵᠣᠷᠢᠭᠲᠠᠨ ᠠᠪᠤ ᠶ᠋ᠢᠨ ᠢ᠋ᠶ᠋ᠡᠨ
 ᠡᠪᠡᠷᠰᠢᠭᠰᠡᠨ ᠭᠠᠷ ᠢ᠋ ᠨᠢ ᠦᠨᠦᠰᠦᠨ᠎ᠡ
 ᠡᠷ᠎ᠡ ᠶ᠋ᠢᠨ ᠵᠡᠷᠭᠡ ᠶ᠋ᠢ ᠬᠦᠰᠡᠭᠡᠳ
 ᠨᠠᠮᠤᠷ ᠲᠠᠢ ᠪᠠᠨ ᠪᠢ ᠨᠠᠭᠠᠳᠤᠨ᠎ᠠ

 ᠨᠠᠷᠠ ᠨᠠᠳᠠ ᠵᠢᠷᠤᠭᠰᠠᠨ 
 ᠨᠠᠮᠤᠷ ᠤ᠋ᠨ ᠦᠵᠡᠮᠵᠢ ᠶ᠋ᠢ ᠪᠠᠬᠠᠷᠬᠠᠨ᠎ᠠ
 ᠨᠠᠨᠳᠢᠨ ᠵᠢᠷᠤᠭ ᠢ᠋ᠶ᠋ᠠᠨ ᠡᠪᠦᠷᠯᠡᠭᠡᠳ
 ᠨᠠᠮᠤᠷ ᠲᠠᠢ ᠪᠠᠨ ᠪᠢ ᠨᠠᠭᠠᠳᠤᠨ᠎ᠠ

    ᠦᠰᠦᠭ ᠠᠮᠢᠯᠠᠭᠤᠯᠤᠭᠴᠢ᠄ ᠲᠤᠭᠴᠢ ᠯᠤᠪᠰᠠᠩ
    ᠦᠰᠦᠭ ᠬᠠᠳᠠᠭᠴᠢ᠄ ᠪᠠᠢ ᠰᠠᠷᠠᠨ᠎ᠠ
    ᠬᠢᠨᠠᠭᠴᠢ ᠪᠠᠭᠰᠢ᠄ ᠲᠤᠭᠴᠢ ᠯᠤᠪᠰᠠᠩ