ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ9(2) Шинэлам – 2-р бүлэг᠂ Өлзийжаргал– гялалзсан нэг нас 9(2)
ᠶᠢᠰᠦ᠂ ᠨᠤᠲᠤᠭ ᠲᠠᠭᠠᠨ ᠬᠠᠷᠢᠵᠤ ᠢᠷᠡᠭᠰᠡᠨ ᠦ ᠳᠠᠷᠠᠭ᠎ᠠ
(ᠬᠣᠶᠠᠷ)᠂ ᠨᠠᠮ ᠤᠨ ᠲᠥᠯᠥᠭᠡᠯᠡᠭᠴᠢᠳ ᠤᠨ ᠶᠡᠬᠡ ᠬᠤᠷᠠᠯ ᠢ ᠬᠤᠷᠠᠯᠳᠤᠭᠤᠯᠤᠭᠰᠠᠨ
ᠡᠨᠡ ᠨᠢ ᠬᠡᠷᠡᠭ ᠳᠡᠭᠡᠷ᠎ᠡ ᠪᠡᠨ ᠲᠤᠬᠠᠢ ᠶ᠋ᠢᠨ ᠦᠶ᠎ᠡ ᠳ᠋ᠦ᠍ ᠪᠦᠬᠦ ᠶᠡᠬᠡ ᠵᠣᠣ ᠶ᠋ᠢᠨ ᠴᠢᠭᠤᠯᠭᠠᠨ ᠪᠣᠯᠤᠨ ᠴᠢᠨᠠᠭᠰᠢᠯᠠᠪᠠᠯ ᠥᠪᠥᠷ ᠮᠣᠩᠭᠣᠯ ᠤ᠋ᠨ ᠬᠡᠪᠴᠢᠶᠡᠨ ᠳ᠋ᠦ᠍ ᠴᠦ᠍ ᠨᠠᠮ᠂ ᠵᠠᠰᠠᠭ᠂ ᠴᠡᠷᠢᠭ ᠭᠤᠷᠪᠠᠨ ᠶᠡᠬᠡ ᠡᠷᠬᠡ ᠶ᠋ᠢ ᠴᠢᠩᠭ᠎ᠠ ᠠᠳᠬᠤᠭᠰᠠᠨ ᠴᠣᠷ ᠤ᠋ᠨ ᠭᠠᠭᠴᠠ ᠬᠣᠰᠢᠭᠤ ᠪᠣᠯᠵᠤ᠂ ᠪᠠᠰᠠ ᠴᠦ᠍《ᠲᠠᠮᠠᠭ᠎ᠠ ᠶ᠋ᠢᠨ ᠪᠦᠷᠢᠳᠬᠡᠯ》(ᠤᠭ ᠤ᠋ᠨ ᠬᠤᠷᠠᠯ)᠂《ᠭᠤᠷᠪᠠᠨ ᠡᠲᠡᠭᠡᠳ ᠦ᠋ᠨ ᠬᠤᠷᠠᠯ》᠂《ᠨᠠᠮ ᠤ᠋ᠨ ᠬᠤᠷᠠᠯ》᠂《ᠣᠯᠠᠨ ᠤ᠋ ᠵᠥᠪᠯᠡᠯ》 ᠵᠡᠷᠭᠡ ᠨᠢ ᠠᠷᠠᠳ ᠲᠦᠮᠡᠨ ᠦ᠌ ᠠᠷᠠᠳᠴᠢᠯᠠᠯ ᠤ᠋ᠨ ᠴᠢᠨᠠᠷ ᠲᠠᠢ᠂ ᠮᠠᠯᠴᠢᠨ ᠲᠦᠮᠡᠨ ᠦ᠌ ᠠᠰᠢᠭ ᠲᠤᠰᠠ ᠶ᠋ᠢ ᠲᠥᠯᠥᠭᠡᠯᠡᠭᠰᠡᠨ ᠴᠢᠨᠠᠷ ᠲᠠᠢ ᠬᠤᠷᠠᠯᠳᠤᠭᠠᠨ ᠪᠤᠶᠤ ᠪᠠᠢᠭᠤᠯᠤᠮᠵᠢ ᠨᠤᠭᠤᠳ ᠪᠣᠯᠤᠨ᠎ᠠ᠃①
— — — —
ᠳᠠᠭᠠᠯᠳᠤᠭᠤᠯᠤᠯ
ᠳᠣᠲᠣᠭᠠᠳᠤ ᠮᠣᠩᠭᠣᠯ ᠤ᠋ᠨ ᠨᠠᠮ ᠤ᠋ᠨ ᠳᠦᠷᠢᠮ ᠪᠠᠲᠤ ᠢᠯᠡᠷᠬᠡᠢᠯᠡᠬᠦ ᠪᠢᠴᠢᠭ ᠦ᠋ᠨ ᠨᠢᠭᠡᠨ ᠵᠢᠱ᠌ᠢᠶ᠎ᠡ
ᠨᠢᠭᠡᠳᠦᠭᠡᠷ᠂ ᠪᠡᠶ᠎ᠡ ᠶ᠋ᠢᠨ ᠪᠠᠷᠢᠮᠲᠠᠯ
ᠶᠡᠬᠡ ᠵᠣᠣ ᠴᠢᠭᠤᠯᠭᠠᠨ ᠤ᠋ ᠦᠦᠰᠢᠨ ᠬᠤᠰᠢᠭᠤᠨ ᠤ᠋ ᠬᠥᠮᠦᠨ᠂ ᠨᠠᠰᠤ ᠳᠥᠴᠢᠨ ᠨᠢᠭᠡ᠂ ᠨᠠᠮ ᠳ᠋ᠤᠷ ᠣᠷᠣᠭᠰᠠᠨ ᠡᠳᠦᠷ ᠨᠢ ᠢᠷᠭᠡᠨ ᠤᠯᠤᠰ ᠤ᠋ᠨ×× ᠣᠨ ᠤ᠋ ᠬᠠᠪᠤᠷ ᠤ᠋ᠨ ᠰᠡᠭᠦᠯ ᠰᠠᠷ᠎ᠠ ᠶ᠋ᠢᠨ ᠠᠷᠪᠠᠨ ᠳ᠋ᠤ᠌ ᠭᠠᠷ ᠤ᠋ᠨ ᠦᠰᠦᠭ ᠥᠯᠵᠡᠢᠪᠠᠶᠠᠷ(ᠭᠠᠯᠠᠭᠤᠲᠤ ᠰᠤᠮᠤᠨ ᠤ᠋ ᠰᠠᠷᠠᠭᠤᠯᠨᠤᠲᠤᠭ ᠤ᠋ᠨ ᠬᠥᠮᠦᠨ᠂ ᠵᠣᠬᠢᠶᠠᠭᠴᠢ ᠠ᠋ᠴᠠ)᠃
ᠬᠣᠶᠠᠳᠤᠭᠠᠷ᠂ ᠵᠢᠷᠤᠮ ᠤ᠋ᠨ ᠲᠠᠩᠭᠠᠷᠢᠭ
ᠮᠢᠨᠦ ᠪᠡᠶ᠎ᠡ ᠣᠯᠠᠨ ᠨᠥᠬᠥᠳ ᠲᠡᠢ ᠠᠬ᠎ᠠ ᠳᠡᠭᠦᠦ ᠪᠣᠯᠤᠨ ᠪᠠᠷᠢᠯᠳᠤᠵᠤ ᠲᠤᠰ ᠨᠠᠮ ᠤ᠋ᠨ ᠭᠡᠰᠢᠭᠦᠨ ᠪᠣᠯᠤᠨ ᠵᠢᠷᠤᠮ ᠤ᠋ᠨ ᠲᠠᠩᠭᠠᠷᠢᠭ ᠢ᠋ᠶ᠋ᠠᠨ ᠥᠭᠬᠦ ᠨᠢ᠄
ᠨᠢᠭᠡ᠂ ᠮᠢᠨᠦ ᠪᠡᠶ᠎ᠡ ᠲᠤᠰ ᠨᠠᠮ ᠤ᠋ᠨ ᠵᠣᠷᠢᠯᠲᠠ ᠰᠤᠷᠲᠠᠯ ᠢ᠋ ᠭᠦᠢᠴᠡᠳᠬᠡᠨ ᠪᠦᠲᠦᠭᠡᠬᠦ ᠶ᠋ᠢᠨ ᠶᠠᠪᠤᠳᠠᠯ ᠳ᠋ᠤᠷ ᠠᠮᠢ ᠪᠡᠶ᠎ᠡ ᠡᠳ᠋ ᠬᠥᠷᠥᠩᠭᠡ ᠪᠡᠨ ᠦᠯᠦ ᠬᠠᠢᠷᠠᠯᠠᠨ᠎ᠠ᠃
ᠬᠣᠶᠠᠷ᠂ ᠮᠢᠨᠦ ᠪᠡᠶ᠎ᠡ ᠲᠤᠰ ᠨᠠᠮ ᠤ᠋ᠨ ᠰᠠᠬᠢᠯᠭ᠎ᠠ ᠵᠢᠷᠤᠮ ᠢ᠋ ᠬᠡᠷᠬᠢᠪᠡᠴᠦ ᠵᠥᠷᠢᠴᠡᠬᠦ ᠦᠭᠡᠢ᠂ ᠠᠮᠢ ᠮᠡᠲᠦ ᠰᠠᠬᠢᠨ ᠶᠠᠪᠤᠨ᠎ᠠ᠃
ᠭᠤᠷᠪᠠ᠂ ᠮᠢᠨᠦ ᠪᠡᠶ᠎ᠡ ᠲᠤᠰ ᠨᠠᠮ ᠤ᠋ᠨ ᠲᠠᠩᠭᠠᠷᠢᠭᠲᠤ ᠨᠥᠬᠥᠳ ᠢ᠋ᠶ᠋ᠡᠨ ᠲᠥᠷᠥᠭᠰᠡᠨ ᠠᠬ᠎ᠠ ᠮᠡᠲᠦ ᠪᠣᠳᠣᠬᠤ ᠪᠥᠭᠡᠳ ᠶᠠᠮᠠᠷ ᠭᠠᠵᠠᠷ ᠭᠡᠰᠡᠨ ᠴᠦ᠍ ᠬᠠᠪᠰᠤᠷᠤᠯᠴᠠᠨ ᠲᠤᠰᠠᠯᠠᠯᠴᠠᠬᠤ ᠶ᠋ᠢ ᠦᠯᠦ ᠣᠰᠣᠯᠳᠠᠮᠤᠢ᠃
ᠳᠥᠷᠪᠡ᠂ ᠠᠷᠠᠳ ᠲᠦᠮᠡᠨ ᠢ᠋ᠶ᠋ᠡᠨ ᠡᠴᠢᠭᠡ ᠮᠡᠲᠦ ᠪᠣᠳᠣᠵᠤ ᠠᠰᠠᠷᠠᠵᠤ ᠲᠡᠩᠬᠡᠷᠡᠭᠦᠯᠬᠦ ᠪᠠ ᠠᠢᠮᠠᠭ ᠤᠭᠰᠠᠭ᠎ᠠ ᠪᠠᠨ ᠭᠡᠷ ᠣᠷᠣᠨ ᠮᠡᠲᠦ ᠬᠠᠮᠠᠭᠠᠯᠠᠨ ᠪᠠᠳᠠᠷᠠᠭᠤᠯᠤᠨ᠎ᠠ᠃
ᠲᠠᠪᠤ᠂ ᠮᠢᠨᠦ ᠪᠡᠶ᠎ᠡ ᠬᠠᠮᠢᠭ᠎ᠠ ᠭᠠᠵᠠᠷ ᠬᠦᠷᠪᠡᠴᠦ ᠴᠥᠮ ᠠᠷᠠᠳ ᠤ᠋ᠨ ᠲᠥᠯᠥᠭᠡ ᠤᠷᠤᠯᠳᠤᠵᠤ᠂ ᠵᠣᠷᠢᠯᠲᠠ ᠶ᠋ᠢᠨ ᠲᠥᠯᠥᠭᠡ ᠵᠢᠳᠬᠦᠨ᠎ᠡ᠃
ᠵᠢᠷᠭᠤᠭ᠎ᠠ᠂ ᠮᠢᠨᠦ ᠪᠡᠶ᠎ᠡ ᠬᠡᠷᠪᠡ ᠡᠯ᠎ᠡ ᠵᠦᠢᠯ ᠦ᠋ᠨ ᠪᠣᠳᠣᠯ ᠦᠵᠡᠯ᠂ ᠲᠠᠩᠭᠠᠷᠢᠭ ᠵᠢᠷᠤᠮ ᠢ᠋ᠶ᠋ᠠᠨ ᠨᠢᠴᠤᠭᠠᠵᠤ ᠵᠥᠷᠢᠴᠡᠬᠦ ᠳ᠋ᠦ᠍ ᠬᠦᠷᠪᠡᠯ ᠶᠡᠬᠡ ᠵᠢᠷᠤᠮᠲᠤ ᠬᠤᠪᠢᠰᠬᠠᠯ ᠤ᠋ᠨ ᠭᠠᠯ ᠳ᠋ᠤ᠌ ᠲᠦᠯᠡᠭᠳᠡᠵᠦ᠂ ᠠᠷᠠᠳ ᠤ᠋ᠨ ᠵᠡᠪᠰᠡᠭ ᠲᠦ᠍ ᠰᠥᠨᠦᠭᠡᠭᠲᠡᠲᠦᠭᠡᠢ ᠭᠡᠵᠦ ᠲᠠᠩᠭᠠᠷᠢᠭ ᠤ᠋ᠨ ᠲᠡᠮᠳᠡᠭ ᠢ᠋ᠶ᠋ᠡᠨ ᠳᠠᠷᠤᠵᠤ ᠪᠠᠲᠤᠯᠠᠪᠠ᠃ (ᠮᠥᠨ ᠬᠤᠷᠤᠭᠤᠨ ᠤ᠋ ᠵᠢᠷᠤᠭ ᠁ )
ᠭᠤᠷᠪᠠᠳᠤᠭᠠᠷ᠂ ᠪᠢᠳᠡᠨ ᠦ᠌ ᠭᠦᠢᠴᠡᠳᠬᠡᠬᠦ ᠪᠠ ᠵᠣᠷᠢᠯᠲᠠ
ᠨᠢᠭᠡ᠂ ᠵᠢᠩᠬᠢᠨᠢ ᠠᠷᠠᠳ ᠲᠦᠮᠡᠨ ᠦ᠌ ᠬᠤᠪᠢ ᠶ᠋ᠢᠨ ᠡᠷᠬᠡ ᠶ᠋ᠢ ᠬᠦᠨᠳᠦᠳᠬᠡᠨ ᠮᠠᠨᠳᠤᠭᠤᠯᠵᠤ᠂ ᠠᠮᠤᠷ ᠵᠢᠷᠭᠠᠯ ᠢ᠋ ᠣᠯᠭᠣᠨ᠎ᠠ᠃
ᠬᠣᠶᠠᠷ᠂ ᠥᠪᠡᠷᠲᠡᠭᠡᠨ ᠡᠵᠡᠷᠬᠡᠬᠦ ᠣᠷᠣᠨ ᠨᠤᠲᠤᠭ ᠤ᠋ᠨ ᠡᠷᠬᠡ ᠶ᠋ᠢ ᠠᠷᠠᠳ ᠲᠦᠮᠡᠨ ᠳ᠋ᠦ᠍ ᠰᠢᠯᠵᠢᠭᠦᠯᠦᠨ ᠣᠯᠭᠣᠨ᠎ᠠ᠃
ᠭᠤᠷᠪᠠ᠂ ᠠᠷᠠᠳ ᠲᠦᠮᠡᠨ ᠦ᠌ ᠬᠥᠮᠦᠵᠢᠵᠦ ᠪᠣᠯᠪᠠᠰᠤᠷᠠᠬᠤ ᠶ᠋ᠢᠨ ᠶᠡᠬᠡ ᠵᠠᠮ ᠢ᠋ ᠨᠡᠭᠡᠭᠡᠭᠳᠡᠭᠦᠯᠦᠨ᠎ᠡ᠃
ᠳᠥᠷᠪᠡ᠂ ᠠᠯᠢᠪᠠ ᠮᠥᠯᠵᠢᠭᠴᠢᠳ ᠦ᠋ᠨ ᠭᠡᠮ ᠢ᠋ ᠲᠠᠰᠤᠯᠵᠤ ᠠᠵᠤ ᠠᠬᠤᠢ ᠶ᠋ᠢᠨ ᠶᠠᠪᠤᠳᠠᠯ ᠢ᠋ ᠬᠥᠩᠭᠡᠷᠡᠭᠦᠯᠦᠨ᠎ᠡ᠃
ᠲᠠᠪᠤ᠂ ᠠᠯᠢᠪᠠ ᠠᠢᠮᠠᠭ ᠤᠭᠰᠠᠭ᠎ᠠ ᠲᠠᠢ ᠪᠠᠨ ᠲᠡᠭᠰᠢ ᠪᠡᠷ ᠬᠠᠨᠳᠤᠬᠤ ᠶ᠋ᠢ ᠵᠣᠷᠢᠨ᠎ᠠ᠃
ᠵᠢᠷᠭᠤᠭ᠎ᠠ᠂ ᠳᠡᠯᠡᠬᠡᠢ ᠳ᠋ᠠᠬᠢᠨ ᠤ᠋ ᠠᠷᠠᠳ ᠲᠦᠮᠡᠨ ᠲᠡᠢ ᠬᠦᠴᠦᠨ ᠬᠠᠪᠰᠤᠷᠴᠤ ᠡᠵᠡᠷᠬᠡᠭ ᠪᠦᠬᠦᠨ ᠢ᠋ ᠤᠰᠠᠳᠬᠠᠬᠤ ᠶ᠋ᠢ ᠡᠷᠡᠮᠡᠯᠵᠡᠯᠡᠨ᠎ᠡ᠃
ᠳᠣᠯᠣᠭ᠎ᠠ᠂ ᠮᠣᠩᠭᠣᠯ ᠤᠭᠰᠠᠭᠠᠲᠠᠨ ᠪᠦᠬᠦᠨ ᠲᠡᠢ ᠨᠡᠢᠯᠡᠵᠦ ᠤᠭᠲᠤᠨ᠂ ᠲᠤᠯᠭᠠᠭᠤᠷᠢ ᠪᠠᠨ ᠪᠠᠲᠤᠳᠬᠠᠨ ᠮᠠᠨᠳᠤᠭᠤᠯᠬᠤ ᠶ᠋ᠢ ᠵᠣᠷᠢᠨ᠎ᠠ᠃
ᠨᠠᠢ᠍ᠮᠠ᠂ ᠬᠠᠭᠤᠴᠢᠨ ᠡᠵᠡᠷᠬᠡᠭ ᠰᠤᠷᠲᠠᠯ ᠪᠦᠬᠦᠨ ᠢ᠋ ᠤᠰᠠᠳᠬᠠᠵᠤ ᠠᠷᠠᠳ ᠤ᠋ᠨ ᠲᠤᠰᠠᠲᠠᠢ ᠪᠠᠢᠳᠠᠯ ᠢ᠋ ᠵᠣᠬᠢᠴᠠᠭᠤᠯᠤᠨ᠎ᠠ᠃
ᠶᠢᠰᠦ᠂ ᠦᠨᠡᠨ ᠬᠦ᠌ ᠳᠤᠮᠳᠠᠳᠤ ᠤᠯᠤᠰ ᠤ᠋ᠨ ᠠᠷᠠᠳ ᠤ᠋ᠨ ᠬᠤᠪᠢᠰᠬᠠᠯᠴᠢ ᠨᠠᠷ ᠲᠤ᠌ ᠬᠦᠴᠦᠨ ᠲᠤᠰᠠᠯᠠᠬᠤ ᠶ᠋ᠢ ᠰᠢᠮᠳᠠᠨ᠎ᠠ᠃
ᠠᠷᠪᠠ᠂ ᠡᠴᠦᠰ ᠲᠡᠭᠡᠨ ᠪᠦᠭᠦᠳᠡ ᠨᠡᠢᠲᠡᠯᠡᠬᠦ ᠶᠡᠬᠡ ᠰᠤᠷᠲᠠᠯ ᠳ᠋ᠤ᠌ ᠬᠦᠷᠬᠦ ᠶ᠋ᠢ ᠵᠣᠷᠢᠨ᠎ᠠ᠃
ᠳᠥᠷᠪᠡᠳᠦᠭᠡᠷ ᠂ ᠶᠡᠬᠡ ᠵᠣᠷᠢᠯᠲᠠ ᠶ᠋ᠢᠨ ᠪᠦᠲᠦᠭᠡᠬᠦ ᠶ᠋ᠢᠨ ᠰᠤᠷᠲᠠᠯ
ᠨᠢᠭᠡ᠂ ᠠᠯᠢᠪᠠ ᠬᠡᠷᠡᠭ ᠢ᠋ ᠨᠢᠭᠡᠨ ᠰᠡᠳᠬᠢᠯ ᠢ᠋ᠶ᠋ᠡᠷ ᠬᠠᠯᠠᠭᠤᠨ ᠦᠨᠡᠨᠴᠢ ᠪᠡᠷ ᠵᠢᠳᠬᠦᠨ᠎ᠡ᠃
ᠬᠣᠶᠠᠷ᠂ ᠶᠠᠮᠠᠷ ᠪᠠ ᠬᠡᠷᠡᠭ ᠢ᠋ ᠪᠤᠰᠤᠳ ᠲᠤᠷ ᠲᠦᠯᠬᠢᠨ ᠥᠭᠬᠦ ᠦᠭᠡᠢ ᠪᠡᠶ᠎ᠡ ᠪᠡᠷ ᠢ᠋ᠶ᠋ᠡᠨ ᠳᠠᠭᠠᠭᠠᠨ ᠦᠢᠯᠡᠳᠬᠦ᠃
ᠭᠤᠷᠪᠠ᠂ ᠴᠠᠭ ᠤ᠋ᠨ ᠪᠠᠢᠳᠠᠯ᠂ ᠬᠡᠷᠡᠭ ᠦ᠋ᠨ ᠦᠨᠳᠦᠰᠦ ᠶ᠋ᠢ ᠭᠦᠨ ᠨᠠᠷᠢᠨ ᠢ᠋ᠶ᠋ᠠᠷ ᠮᠡᠳᠡᠵᠦ ᠴᠢᠳᠠᠬᠤ᠃
ᠳᠥᠷᠪᠡ᠂ ᠳᠦᠷᠢᠮ ᠢ᠋ᠶ᠋ᠡᠷ ᠶᠠᠪᠤᠵᠤ ᠴᠢᠳᠠᠬᠤ ᠶ᠋ᠢᠨ ᠶᠡᠬᠡ ᠡᠷᠳᠡᠮ ᠢ᠋ ᠮᠡᠳᠡᠬᠦ᠃
ᠲᠠᠪᠤ᠂ ᠤᠳᠤᠷᠢᠳᠬᠤ ᠭᠠᠵᠠᠷ ᠤ᠋ᠨ ᠵᠢᠭᠠᠨ ᠰᠤᠷᠭᠠᠭᠰᠠᠨ ᠢ᠋ ᠴᠠᠭ ᠳᠠᠷᠤᠢ ᠳ᠋ᠤ᠌ ᠥᠪᠡᠷᠲᠡᠭᠡᠨ ᠭᠦᠢᠴᠡᠳᠬᠡᠵᠦ ᠴᠢᠳᠠᠬᠤ ᠶ᠋ᠢᠨ ᠳᠡᠭᠡᠷ᠎ᠡ ᠥᠪᠡᠷ ᠦ᠋ᠨ ᠬᠥᠮᠦᠨ ᠢ᠋ᠶ᠋ᠡᠷ ᠭᠦᠢᠴᠡᠳᠬᠡᠭᠦᠯᠵᠦ ᠪᠠᠰᠠ ᠴᠢᠳᠠᠬᠤ᠃
ᠵᠢᠷᠭᠤᠭ᠎ᠠ᠂ ᠥᠪᠡᠷ ᠦ᠋ᠨ ᠶᠠᠪᠤᠳᠠᠯ ᠳᠣᠲᠣᠷᠠᠬᠢ ᠠᠯᠳᠠᠭᠰᠠᠨ ᠪᠠ ᠣᠰᠣᠯᠳᠠᠭᠰᠠᠨ ᠢ᠋ᠶ᠋ᠠᠨ ᠡᠩ ᠲᠡᠷᠢᠭᠦᠨ ᠳ᠋ᠦ᠍ ᠲᠠᠨᠢᠵᠤ ᠮᠡᠳᠡᠭᠡᠳ ᠪᠠᠰᠠ ᠵᠠᠯᠠᠷᠠᠭᠤᠯᠤᠨ ᠵᠠᠰᠠᠵᠤ ᠴᠢᠳᠠᠬᠤ᠃
ᠡᠨᠡ ᠵᠢᠷᠭᠤᠭᠠᠨ ᠵᠦᠢᠯ ᠨᠢ ᠴᠣᠬᠣᠮ ᠵᠣᠷᠢᠯᠲᠠ ᠪᠦᠲᠦᠭᠡᠵᠦ ᠴᠢᠳᠠᠬᠤ ᠵᠢᠩᠬᠢᠨᠢ ᠭᠡᠰᠢᠭᠦᠳ ᠦ᠋ᠨ ᠶᠡᠬᠡ ᠡᠭᠦᠷᠭᠡ ᠪᠥᠭᠡᠳ ᠬᠡᠷᠪᠡ ᠡᠨᠡ ᠵᠢᠷᠭᠤᠭᠠᠨ ᠵᠦᠢᠯ ᠦᠭᠡᠢ ᠪᠣᠯᠪᠠᠰᠤ ᠳᠠᠷᠤᠢ ᠬᠠᠭᠤᠷᠮᠠᠭ ᠭᠡᠰᠢᠭᠦᠨ ᠪᠣᠯᠤᠨ᠎ᠠ᠃
ᠲᠠᠪᠤᠳᠤᠭᠠᠷ᠂ ᠵᠢᠩᠬᠢᠨᠢ ᠭᠡᠰᠢᠭᠦᠨ ᠦ᠌ ᠰᠠᠬᠢᠯᠭ᠎ᠠ
ᠨᠢᠭᠡ᠂ ᠡᠳ᠋ ᠣᠯᠵᠠᠯᠠᠬᠤ ᠶ᠋ᠢ ᠬᠢᠴᠢᠶᠡᠵᠦ ᠪᠤᠰᠤᠳ ᠢ᠋ ᠮᠥᠯᠵᠢᠬᠦ᠂ ᠬᠣᠬᠢᠷᠠᠭᠤᠯᠬᠤ᠂ ᠬᠣᠣᠷᠯᠠᠬᠤ ᠶ᠋ᠢ ᠶᠡᠬᠡᠳᠡ ᠲᠡᠪᠴᠢᠮᠦ᠃
ᠬᠣᠶᠠᠷ᠂ ᠲᠣᠭᠰᠢᠨ ᠰᠢᠷᠦᠭᠦᠨ ᠬᠠᠷᠭᠢᠰ ᠣᠪᠣᠷ ᠢ᠋ᠶ᠋ᠠᠷ ᠬᠥᠮᠦᠨ ᠢ᠋ ᠵᠠᠩᠳᠤᠷᠴᠤ ᠣᠭᠲᠣ ᠪᠣᠯᠬᠤ ᠦᠭᠡᠢ᠃
ᠭᠤᠷᠪᠠ᠂ ᠢᠮᠠᠭᠲᠠ ᠦᠨᠡᠨᠴᠢ ᠰᠢᠳᠤᠷᠭᠤ ᠬᠢᠴᠢᠶᠡᠩᠭᠦᠢ᠂ ᠪᠣᠯᠭᠣᠮᠵᠢᠲᠠᠢ ᠶ᠋ᠢ ᠭᠣᠣᠯ ᠪᠣᠯᠭᠠᠨ᠎ᠠ᠃ ᠡᠨᠡ ᠳᠥᠷᠪᠡᠨ ᠵᠦᠢᠯ ᠢ᠋ ᠵᠥᠷᠢᠴᠡᠪᠡᠰᠦ᠂ ᠡᠨᠡ ᠨᠡᠷ᠎ᠡ ᠶ᠋ᠢ ᠪᠤᠵᠠᠷᠯᠠᠵᠤ ᠳᠠᠢᠰᠤᠨ ᠲᠠᠢ ᠠᠳᠠᠯᠢ ᠪᠣᠯᠤᠨ᠎ᠠ᠃
ᠵᠢᠷᠭᠤᠳᠤᠭᠠᠷ᠂ ᠰᠠᠢᠨ ᠤ᠋ ᠠᠷᠢᠭᠤᠯᠠᠯ
ᠨᠢᠭᠡ᠂ ᠲᠤᠰ ᠨᠠᠮ ᠤ᠋ᠨ ᠶᠡᠬᠡ ᠵᠣᠷᠢᠯᠲᠠ ᠶ᠋ᠢ ᠪᠦᠲᠦᠭᠡᠵᠦ ᠴᠢᠳᠠᠭᠰᠠᠨ ᠭᠡᠰᠢᠭᠦᠨ ᠡᠭᠦᠷᠢᠳᠡ ᠡᠷᠬᠢᠮ ᠬᠦᠨᠳᠦᠲᠦ ᠨᠥᠬᠥᠷ ᠪᠣᠯᠤᠨ᠎ᠠ᠃
ᠬᠣᠶᠠᠷ᠂ ᠲᠤᠰ ᠨᠠᠮ ᠤ᠋ᠨ ᠦᠵᠡᠯ ᠰᠤᠷᠲᠠᠯ ᠰᠠᠬᠢᠯᠭ᠎ᠠ ᠳᠦᠷᠢᠮ ᠢ᠋ᠶ᠋ᠡᠷ ᠠᠯᠳᠠᠯ ᠦᠭᠡᠢ ᠶᠠᠪᠤᠪᠠᠰᠤ ᠣᠯᠠᠨ ᠨᠡᠢᠲᠡ ᠳ᠋ᠦ᠍ ᠣᠨᠴᠠ ᠶᠡᠬᠡ ᠠᠯᠳᠠᠷ ᠲᠠᠢ ᠪᠣᠯᠤᠨ᠎ᠠ᠃
ᠭᠤᠷᠪᠠ᠂ ᠦᠨᠡᠨ ᠢ᠋ ᠪᠠᠷᠢᠵᠤ ᠦᠬᠦᠲᠡᠯ᠎ᠡ ᠵᠢᠳᠬᠦᠭᠰᠡᠨ ᠦᠨᠡᠨᠴᠢ ᠨᠥᠬᠥᠷ ᠢ᠋ᠶ᠋ᠡᠨ ᠥᠨᠢ ᠪᠣᠯᠲᠤᠭᠠᠢ ᠭᠡᠵᠦ ᠬᠠᠰ ᠴᠢᠯᠠᠭᠤᠨ ᠳ᠋ᠤ᠌ ᠲᠡᠮᠳᠡᠭᠯᠡᠨ᠎ᠡ᠃
ᠳᠥᠷᠪᠡ᠂ ᠶᠠᠭᠤᠨ ᠤ᠋ ᠡᠮᠦᠨ᠎ᠡ ᠵᠢᠳᠬᠦᠵᠦ ᠶᠠᠪᠤᠬᠤ ᠶᠠᠮᠠᠷ ᠴᠤ᠌ ᠬᠡᠷᠡᠭ ᠲᠦ᠍ ᠪᠣᠯᠭᠣᠮᠵᠢᠲᠠᠢ ᠨᠥᠬᠥᠳ ᠢ᠋ᠶ᠋ᠡᠨ ᠶᠠᠮᠠᠷ ᠴᠤ᠌ ᠲᠤᠰᠢᠶᠠᠯ ᠶᠠᠪᠤᠳᠠᠯ ᠳ᠋ᠤ᠌ ᠪᠣᠯᠪᠠᠴᠤ ᠢᠲᠡᠭᠡᠮᠵᠢᠯᠡᠨ ᠬᠡᠷᠡᠭᠯᠡᠨ᠎ᠡ᠃
ᠲᠠᠪᠤ᠂ ᠲᠤᠰ ᠨᠠᠮ ᠤ᠋ᠨ ᠲᠠᠩᠭᠠᠷᠢᠭ ᠲᠤ᠌ ᠦᠨᠡᠨᠴᠢ ᠨᠥᠬᠥᠳ ᠪᠣᠯᠪᠠᠯ ᠲᠦᠮᠡᠨ ᠦ᠌ ᠮᠠᠩᠯᠠᠢ ᠲᠥᠷᠥ ᠶ᠋ᠢᠨ ᠲᠤᠯᠭᠠᠭᠤᠷᠢ ᠪᠣᠯᠠᠢ᠃
ᠳᠣᠯᠣᠳᠤᠭᠠᠷ᠂ ᠮᠠᠭᠤ ᠶ᠋ᠢᠨ ᠬᠠᠷᠢᠭᠤᠯᠤᠯ
ᠨᠢᠭᠡ᠂ ᠬᠠᠭᠤᠷᠮᠠᠭ ᠵᠠᠯᠢᠬᠠᠢ ᠪᠠᠷ ᠨᠠᠮ ᠳ᠋ᠤ᠌ ᠣᠷᠣᠭᠰᠠᠨ ᠪᠣᠯ ᠬᠠᠷᠠᠭᠳᠠᠬᠤ ᠶ᠋ᠢᠨ ᠴᠠᠭ ᠲᠤ᠌ ᠭᠡᠮ ᠢ᠋ ᠠᠮᠰᠠᠭᠤᠯᠤᠨ᠎ᠠ᠃
ᠬᠣᠶᠠᠷ᠂ ᠦᠨᠡᠬᠡᠷ ᠵᠣᠷᠢᠯᠲᠠ ᠠ᠋ᠴᠠ ᠪᠠᠨ ᠤᠷᠪᠠᠪᠠᠯ ᠬᠤᠪᠢᠰᠬᠠᠯ ᠤ᠋ᠨ ᠲᠠᠩᠭᠠᠷᠢᠭ ᠤ᠋ᠨ ᠭᠠᠯ ᠳ᠋ᠤ᠌ ᠲᠦᠯᠡᠭᠳᠡᠨᠡ᠃
ᠭᠤᠷᠪᠠ᠂ ᠦᠵᠡᠯ ᠰᠤᠷᠲᠠᠯ ᠰᠠᠬᠢᠯᠭ᠎ᠠ ᠳᠦᠷᠢᠮ ᠢ᠋ ᠵᠥᠷᠢᠴᠡᠪᠡᠰᠦ ᠶᠡᠬᠡ ᠭᠡᠮ ᠢ᠋ ᠠᠮᠰᠠᠬᠤ ᠪᠥᠭᠡᠳ ᠢᠲᠡᠭᠡᠯ ᠦᠭᠡᠢ ᠪᠣᠯᠤᠨ᠎ᠠ᠃
ᠳᠥᠷᠪᠡ᠂ ᠴᠢᠬᠤᠯᠠ ᠴᠠᠭ ᠲᠤ᠌ ᠵᠢᠳᠬᠦᠬᠦ ᠦᠭᠡᠢ ᠪᠡᠶ᠎ᠡ ᠪᠡᠨ ᠬᠠᠢᠷᠠᠯᠠᠪᠠᠯ ᠨᠠᠮ ᠤ᠋ᠨ ᠳᠠᠢᠰᠤᠨ ᠲᠠᠢ ᠠᠳᠠᠯᠢ ᠪᠠᠷ ᠦᠵᠡᠨ᠎ᠡ᠃
ᠲᠠᠪᠤ᠂ ᠬᠡᠷᠡᠭ ᠪᠦᠷᠢ ᠳ᠋ᠦ᠍ ᠣᠷᠣᠯᠴᠠᠬᠤ ᠦᠭᠡᠢ ᠶ᠋ᠢ ᠬᠡᠢᠰᠪᠦᠷᠢ ᠬᠠᠭᠤᠷᠮᠠᠭ ᠡᠲᠡᠭᠡᠳ ᠢ᠋ᠶ᠋ᠡᠷ ᠦᠵᠡᠨ᠎ᠡ᠃
ᠨᠠᠢ᠍ᠮᠠᠳᠤᠭᠠᠷ᠂ ᠪᠠᠲᠤ ᠢᠯᠡᠷᠬᠡᠢᠯᠡᠬᠦ ᠪᠢᠴᠢᠭ ᠢ᠋ᠶ᠋ᠡᠨ ᠠᠪᠴᠤ ᠶᠠᠪᠤᠬᠤ ᠳᠦᠷᠢᠮ
ᠨᠢᠭᠡ᠂ ᠡᠨᠡ ᠬᠦ᠌ ᠪᠠᠲᠤ ᠢᠯᠡᠷᠬᠡᠢᠯᠡᠬᠦ ᠪᠢᠴᠢᠭ ᠢ᠋ᠶ᠋ᠡᠨ ᠡᠭᠦᠷᠢᠳᠡ ᠪᠡᠶ᠎ᠡ ᠡᠴᠡ ᠪᠡᠨ ᠬᠣᠯᠠᠳᠠᠭᠤᠯᠵᠤ ᠣᠭᠲᠣ ᠪᠣᠯᠬᠤ ᠦᠭᠡᠢ᠃
ᠬᠣᠶᠠᠷ᠂ ᠵᠢᠩᠬᠢᠨᠢ ᠠᠷᠠᠳ ᠪᠠ ᠢᠲᠡᠭᠡᠯᠲᠡᠢ ᠨᠥᠬᠥᠷ ᠪᠣᠯ ᠦᠵᠡᠭᠦᠯᠦᠨ ᠳᠠᠭᠠᠭᠤᠯᠵᠤ ᠪᠣᠯᠤᠨ᠎ᠠ᠃
ᠭᠤᠷᠪᠠ᠂ ᠡᠵᠡᠷᠬᠡᠭ ᠬᠠᠷᠭᠢᠰ ᠤ᠋ᠨ ᠡᠲᠡᠭᠡᠳ ᠲᠦ᠍ ᠦᠵᠡᠭᠦᠯᠵᠦ ᠬᠡᠷᠬᠢᠪᠡᠴᠦ ᠪᠣᠯᠬᠤ ᠦᠭᠡᠢ ᠶᠦᠮ᠃
ᠳᠥᠷᠪᠡ᠂ ᠡᠭᠦᠨ ᠳ᠋ᠦ᠍ ᠪᠢᠳᠡᠨ ᠦ᠌ ᠰᠤᠷᠲᠠᠯ ᠵᠣᠷᠢᠯᠭ᠎ᠠ ᠶ᠋ᠢᠨ ᠦᠨᠳᠦᠰᠦ ᠶ᠋ᠢ ᠪᠠᠭᠲᠠᠭᠠᠭᠰᠠᠨ ᠲᠤᠯᠠ ᠠᠮᠠᠨ ᠤ᠋ ᠤᠩᠰᠢᠯᠭ᠎ᠠ ᠮᠡᠲᠦ ᠴᠡᠭᠡᠵᠢᠯᠡᠨ ᠶᠠᠪᠤᠨ᠎ᠠ᠃
ᠲᠠᠪᠤ᠂ ᠪᠤᠰᠤ ᠭᠠᠵᠠᠷ ᠬᠦᠷᠪᠡᠯ ᠨᠠᠮ ᠤ᠋ᠨ ᠨᠥᠬᠥᠳ ᠤᠴᠠᠷᠠᠪᠠᠯ ᠳᠠᠷᠤᠢ ᠡᠨᠡ ᠨᠢ ᠴᠢᠮᠠᠶ᠋ᠢ ᠪᠠᠲᠤᠯᠠᠬᠤ ᠦᠨᠡᠮᠯᠡᠬᠦ ᠪᠢᠴᠢᠭ ᠪᠣᠯᠤᠨ᠎ᠠ᠃
ᠵᠢᠷᠭᠤᠭ᠎ᠠ᠂ ᠬᠡᠷᠪᠡ ᠢᠯᠡᠷᠬᠡᠢᠯᠡᠬᠦ ᠪᠢᠴᠢᠭ ᠦᠭᠡᠢ ᠭᠡᠰᠢᠭᠦᠨ ᠬᠡᠮᠡᠭᠴᠢᠳ ᠤᠴᠠᠷᠠᠪᠠᠰᠤ ᠶᠠᠭᠠᠬᠢᠭᠰᠠᠨ ᠴᠤ᠌ ᠢᠲᠡᠭᠡᠵᠦ ᠪᠣᠯᠬᠤ ᠦᠭᠡᠢ᠃
ᠳᠣᠯᠣᠭ᠎ᠠ᠂ ᠬᠡᠷᠪᠡ ᠪᠠᠲᠤ ᠢᠯᠡᠷᠬᠡᠢᠯᠡᠬᠦ ᠪᠢᠴᠢᠭ ᠢ᠋ᠶ᠋ᠡᠨ ᠠᠯᠳᠠᠭᠳᠠᠪᠠᠰᠤ ᠳᠠᠬᠢᠨ ᠦᠯᠦ ᠣᠯᠭᠣᠭᠤᠯᠬᠤ ᠶ᠋ᠢᠨ ᠵᠡᠷᠭᠡ ᠪᠡᠷ ᠰᠢᠢᠳᠬᠡᠨ᠎ᠡ᠃
ᠨᠠᠢ᠍ᠮᠠ᠂ ᠭᠤᠷᠪᠠᠨ ᠵᠢᠯ ᠦ᠋ᠨ ᠬᠤᠭᠤᠴᠠᠭ᠎ᠠ ᠬᠦᠷᠪᠡᠯ ᠲᠥᠪ ᠬᠣᠷᠢᠶᠠᠨ ᠳ᠋ᠤ᠌ ᠬᠤᠷᠢᠶᠠᠯᠭᠠᠵᠤ ᠳᠠᠬᠢᠨ ᠰᠢᠨᠡᠳᠬᠡᠨ ᠣᠯᠭᠣᠨ᠎ᠠ᠃
ᠶᠢᠰᠦ᠂ ᠨᠠᠮ ᠳ᠋ᠤ᠌ ᠣᠷᠣᠭᠴᠢᠳ ᠡᠨᠡ ᠪᠢᠴᠢᠭ ᠦ᠋ᠨ ᠶᠣᠰᠣᠭᠠᠷ ᠲᠠᠩᠭᠠᠷᠢᠭᠯᠠᠭᠰᠠᠨ ᠤ᠋ ᠬᠣᠢᠨ᠎ᠠ ᠰᠠᠶᠢ ᠲᠡᠭᠦᠨ ᠦ᠌ ᠨᠡᠷ᠎ᠡ ᠨᠠᠰᠤ ᠶ᠋ᠢ ᠨᠥᠬᠥᠵᠦ ᠳᠠᠬᠢᠨ ᠭᠠᠷ ᠤ᠋ᠨ ᠲᠡᠮᠳᠡᠭ ᠪᠠ ᠲᠥᠪ ᠬᠣᠷᠢᠶᠠᠨ ᠤ᠋ ᠲᠠᠮᠠᠭ᠎ᠠ ᠳᠠᠷᠤᠵᠤ ᠣᠯᠭᠣᠨ᠎ᠠ᠃
ᠠᠷᠪᠠ᠂ ᠪᠠᠲᠤ ᠢᠯᠡᠷᠬᠡᠢᠯᠡᠬᠦ ᠪᠢᠴᠢᠭ ᠢ᠋ ᠬᠦᠯᠢᠶᠡᠨ ᠠᠪᠬᠤ ᠳ᠋ᠤ᠌ ᠨᠠᠮ ᠤ᠋ᠨ ᠬᠡᠷᠡᠭ ᠲᠦ᠍ ᠨᠢᠵᠡᠭᠡᠳ ᠲᠥᠭᠥᠷᠢᠭ ᠦ᠋ᠨ ᠵᠢᠷᠤᠮ ᠲᠤᠰᠠᠯᠠᠮᠵᠢ ᠬᠤᠷᠢᠶᠠᠯᠭᠠᠪᠠᠯ ᠵᠣᠬᠢᠨ᠎ᠠ᠃
ᠨᠢᠭᠤᠴᠠ ᠳᠣᠬᠢᠶ᠎ᠠ
ᠨᠢᠭᠡ᠂ ᠪᠠᠲᠤ ᠢᠯᠡᠷᠬᠡᠢᠯᠡᠬᠦ ᠪᠢᠴᠢᠭ ᠦ᠋ᠨ ᠳ᠋ᠦ᠍ᠭᠠᠷ ᠨᠢ ᠲᠡᠷᠡ ᠬᠦ᠌ ᠭᠡᠰᠢᠭᠦᠨ ᠦ᠌ ᠳ᠋ᠦ᠍ᠭᠠᠷ ᠪᠣᠯᠤᠨ᠎ᠠ᠃
ᠬᠣᠶᠠᠷ᠂ ᠲᠠᠨᠢᠬᠤ ᠦᠭᠡᠢ ᠭᠡᠰᠢᠭᠦᠨ ᠬᠠᠷᠢᠯᠴᠠᠨ ᠤᠴᠠᠷᠠᠪᠠᠰᠤ ᠡᠩ ᠲᠡᠷᠢᠭᠦᠨ ᠳ᠋ᠦ᠍ ᠳ᠋ᠦ᠍ᠭᠠᠷ ᠬᠡᠳᠦ ᠭᠡᠵᠦ ᠠᠰᠠᠭᠤᠬᠤ ᠬᠡᠷᠡᠭᠲᠡᠢ᠂ ᠲᠡᠷᠡ ᠳ᠋ᠦ᠍ᠭᠠᠷ ᠡᠢᠮᠦ ᠳ᠋ᠦ᠍ᠭᠠᠷ ᠭᠡᠵᠦ ᠬᠡᠯᠡᠵᠦ ᠴᠢᠳᠠᠪᠠᠰᠤ ᠰᠠᠶᠢ ᠪᠠᠲᠤ ᠢᠯᠡᠷᠬᠡᠢᠯᠡᠬᠦ ᠪᠢᠴᠢᠭ ᠢ᠋ᠶ᠋ᠡᠨ ᠨᠢᠭᠡᠨ ᠵᠡᠷᠭᠡ ᠪᠡᠷ ᠦᠵᠡᠯᠴᠡᠵᠦ ᠢᠲᠡᠭᠡᠯᠴᠡᠪᠡᠯ ᠰᠠᠶᠢ ᠪᠣᠯᠤᠨ᠎ᠠ᠃
ᠢᠷᠭᠡᠨ ᠤᠯᠤᠰ ᠤ᠋ᠨⅩⅩ ᠣᠨ ᠤ᠋ ᠬᠠᠪᠤᠷ ᠤ᠋ᠨ ᠰᠡᠭᠦᠯ ᠰᠠᠷ᠎ᠠ ᠶ᠋ᠢᠨ ᠠᠷᠪᠠᠨ ᠤ᠋ ᠡᠳᠦᠷ
ᠲᠥᠪ ᠬᠣᠷᠢᠶᠠᠨ ᠤ᠋ ᠨᠠᠷᠢᠨ ᠪᠢᠴᠢᠭ ᠦ᠋ᠨ ᠳᠠᠷᠤᠭ᠎ᠠ ᠮᠧᠷᠰᠧ᠂
ᠵᠣᠬᠢᠶᠠᠨ ᠪᠠᠢᠭᠤᠯᠬᠤ ᠬᠡᠯᠲᠡᠰ ᠦ᠋ᠨ ᠳᠠᠷᠤᠭ᠎ᠠ ᠣᠷᠣᠯᠠᠭᠴᠢ ᠠᠯᠲᠠᠨ②
— — — —
① ᠠᠷᠪᠠᠨ ᠬᠣᠶᠠᠳᠤᠭᠠᠷ ᠬᠣᠷᠢᠶᠠᠨ ᠤ᠋ ᠺᠣᠮᠢᠰᠰᠠᠷ ᠪᠠᠢᠭᠰᠠᠨ ᡀᠥ᠋ᠩᠷᠤᠪ ᠨᠠᠰᠤᠲᠠᠨ ᠤ᠋1984 ᠣᠨ ᠤ᠋12 ᠰᠠᠷ᠎ᠠ ᠶ᠋ᠢᠨ23 ᠳ᠋ᠤ᠌ ᠬᠠᠩᠭᠢᠨ ᠬᠤᠰᠢᠭᠤᠨ ᠤ᠋ ᠪᠠᠶᠠᠨ᠌ᠡᠩᠭᠡᠷ ᠰᠤᠷᠭᠠᠭᠤᠯᠢ ᠳᠡᠭᠡᠷ᠎ᠡ ᠶᠠᠷᠢᠭᠰᠠᠨ ᠰᠢᠩᠭᠡᠭᠡᠯᠲᠡ ᠶᠠᠷᠢᠶ᠎ᠠ ᠠ᠋ᠴᠠ ᠡᠮᠬᠢᠳᠬᠡᠨ ᠨᠠᠢᠷᠠᠭᠤᠯᠪᠠ᠃
② ᠲᠤᠰ《ᠪᠠᠲᠤ ᠢᠯᠡᠷᠬᠡᠢᠯᠡᠬᠦ ᠪᠢᠴᠢᠭ》 ᠢ᠋ ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠣᠷᠴᠢᠨ ᠦᠶ᠎ᠡ ᠶ᠋ᠢᠨ ᠲᠡᠦᠬᠡ ᠰᠤᠳᠤᠯᠤᠭᠴᠢ ᠬᠣᠣ ᠸᠧᠢ ᠮᠢᠨ ᠫᠷᠣᠹᠧᠰᠰᠣᠷ ᠬᠠᠩᠭᠠᠪᠠ᠃
ᠦᠰᠦᠭ ᠠᠮᠢᠯᠠᠭᠤᠯᠤᠭᠴᠢ᠄ ᠣᠶᠤᠨᠪᠠᠲᠤ᠂ ᠪᠠᠳᠮᠠᠰᠡᠴᠡᠨ᠂ ᠪᠠᠯ᠂ ᠴᠣᠯᠮᠣᠨᠭᠡᠷᠡᠯ᠂ ᠣᠶᠤᠨᠪᠢᠯᠢᠭ᠌
ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂ ᠪᠠᠯ