ᠭᠠᠯᠪᠠ ᠡᠷᠢᠨ ᠦ ᠵᠦᠩᠴᠢ - ᠸᠠᠴᠢᠷᠪᠠᠲᠤ ᠶ᠋ᠢᠨ ᠳᠠᠰᠢᠪᠠᠯᠪᠠᠷ Галав эриний зөнч - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠪᠠ ᠡᠷᠢᠨ ᠦ ᠵᠦᠩᠴᠢ - ᠸᠠᠴᠢᠷᠪᠠᠲᠤ ᠶ᠋ᠢᠨ ᠳᠠᠰᠢᠪᠠᠯᠪᠠᠷ Галав эриний зөнч - Очирбатын Дашбалбар

ᠭᠠᠯᠪᠠ ᠡᠷᠢᠨ ᠦ ᠵᠦᠩᠴᠢ - ᠸᠠᠴᠢᠷᠪᠠᠲᠤ ᠶ᠋ᠢᠨ ᠳᠠᠰᠢᠪᠠᠯᠪᠠᠷ Галав эриний зөнч - Очирбатын Дашбалбар

2025-10-19

210

ᠭᠠᠯᠪᠠ ᠡᠷᠢᠨ ᠦ ᠵᠦᠩᠴᠢ


 ᠳᠣᠯᠣᠭᠠᠨ ᠪᠤᠷᠬᠠᠨ ᠣᠳᠣᠳ ᠵᠠᠯᠠᠭᠭᠤᠳᠠᠶ᠎ᠠ ᠭᠢᠯᠠᠯᠵᠠᠬᠤ 
 ᠳᠣᠯᠣᠳᠤᠭᠠᠷ ᠰᠠᠷ᠎ᠠ ᠶ᠋ᠢᠨ ᠴᠠᠳᠬᠤᠯᠠᠩ ᠡᠳᠦᠷ ᠦ᠋ᠳ ᠲᠦ᠍ ᠪᠢ ᠳᠤᠷ᠎ᠠ ᠦᠭᠡᠢ 
 ᠣᠷᠣᠭ᠎ᠠ ᠰᠠᠯᠬᠢ ᠬᠦᠩᠭᠢᠨᠡᠨ ᠣᠷᠬᠢᠷᠠᠵᠤ᠂ ᠣᠷᠣᠭᠰᠠᠨ ᠪᠤᠤᠷ᠎ᠠ ᠰᠢᠭ᠋ ᠲᠩᠷᠢ ᠬᠦᠷᠬᠢᠷᠡᠬᠦ 
 ᠤᠷᠤᠭ ᠪᠤᠭᠤᠷᠤᠯ ᠡᠪᠦᠯ ᠦ᠋ᠨ ᠬᠣᠶᠠᠳᠤᠭᠠᠷ ᠰᠠᠷ᠎ᠠ ᠳ᠋ᠤ᠌ ᠪᠢ ᠳᠤᠷᠠᠲᠠᠢ 
 ᠣᠷᠪᠣᠩ ᠢ᠋ᠶ᠋ᠠᠷ ᠢ᠋ᠶ᠋ᠠᠨ ᠳᠦᠩᠭᠢᠨᠡᠬᠦ ᠠᠭᠤᠯᠠᠰ ᠣᠳᠣᠬᠠᠨ ᠨᠢᠰᠬᠦ ᠨᠢ ᠭᠡᠮᠡᠷ 
 ᠣᠷᠴᠢᠯᠠᠩ ᠬᠣᠷᠸ᠎ᠠ ᠳᠣᠷᠭᠢᠵᠤ ᠲᠩᠷᠢ ᠳᠡᠭᠡᠷ᠎ᠡ ᠡᠴᠡ ᠨᠤᠷᠠᠬᠤ ᠨᠢ ᠭᠡᠮᠡᠷ 
 ᠣᠳᠣᠳ ᠵᠢᠩᠭᠢᠨᠡᠨ ᠪᠠᠭᠤᠵᠤ᠂ ᠬᠣᠷᠸ᠎ᠠ ᠪᠠᠷ ᠨᠢᠭᠡ ᠴᠠᠴᠤᠭᠳᠠᠬᠤ ᠨᠢ ᠭᠡᠮᠡᠷ 
 ᠣᠳᠣ ᠯᠠ ᠶᠢᠷᠲᠢᠨᠴᠦ ᠳ᠋ᠦ᠍ ᠭᠠᠯᠪᠠ ᠶᠡᠭᠦᠯᠡᠬᠦ ᠨᠢ ᠭᠡᠮᠡᠷ 
 ᠬᠣᠶᠠᠳᠤᠭᠠᠷ ᠰᠠᠷ᠎ᠠ ᠳ᠋ᠤ᠌ ᠯᠠ ᠳᠤᠷᠠᠲᠠᠢ  

 ᠲᠦᠨᠡᠷ ᠬᠠᠷᠠᠩᠭᠤᠢ ᠰᠥᠨᠢ ᠶ᠋ᠢᠨ ᠬᠦᠢᠲᠡᠨ ᠳ᠋ᠦ᠍ ᠵᠠᠬ᠎ᠠ ᠪᠠᠨ ᠪᠤᠰᠬᠠᠵᠤ 
 ᠲᠦᠨᠡᠷ ᠬᠠᠷᠠᠩᠭᠤᠢ ᠰᠥᠨᠢ ᠰᠢᠭᠤᠷᠭᠠᠨ ᠳ᠋ᠤ᠌ ᠳᠠᠷᠤᠭᠳᠠᠭᠰᠠᠨ ᠶᠡᠬᠡ ᠲᠠᠯ᠎ᠠ ᠳ᠋ᠤ᠌ 
 ᠮᠠᠯᠠᠭᠠᠢ ᠪᠠᠨ ᠪᠦᠴᠡᠯᠡᠭᠰᠡᠨ ᠨᠠᠢᠷᠠᠭᠴᠢ ᠵᠦᠭ ᠴᠢᠭ ᠢ᠋ᠶ᠋ᠡᠨ ᠠᠯᠳᠠᠵᠤ 
 ᠮᠠᠨᠠᠨ᠂ ᠰᠠᠯᠬᠢ᠂ ᠰᠢᠭᠤᠷᠭ᠎ᠠ᠂ ᠰᠥᠨᠢ ᠠᠭᠤᠯᠠᠰ ᠲᠠᠢ ᠨᠥᠬᠥᠷᠯᠡᠨ᠎ᠡ 
 ᠬᠥᠯᠳᠡᠭᠦᠦ ᠰᠠᠯᠬᠢᠨ ᠳ᠋ᠤ᠌ ᠬᠣᠷᠮᠣᠢ ᠨᠢ ᠳᠡᠷᠪᠡᠵᠦ ᠳᠣᠲᠣᠷ᠎ᠠ ᠨᠢ ᠬᠠᠯᠠᠭᠤᠴᠠᠬᠤ 
 ᠬᠥᠭᠡᠷᠦᠬᠦᠢ ᠨᠠᠢᠷᠠᠭᠴᠢ ᠶᠡᠬᠡ ᠣᠷᠴᠢᠯᠠᠩ ᠳ᠋ᠤ᠌ ᠲᠡᠨᠦᠭᠦᠴᠢᠯᠡᠬᠦ ᠪᠡᠷ ᠢᠷᠡᠭᠰᠡᠨ ᠶᠦᠮ 
 ᠭᠠᠯᠪᠠ ᠡᠷᠢᠨ ᠦ᠌ ᠶᠡᠬᠡ ᠵᠥᠩᠴᠢ᠂ ᠰᠦᠢᠷᠡᠯ ᠦ᠋ᠨ ᠳᠠᠭᠤᠴᠢ ᠡᠨᠡ ᠬᠥᠮᠦᠨ ᠢ᠋ 
 ᠭᠠᠯᠵᠠᠭᠤ ᠴᠠᠰᠤᠨ ᠰᠢᠭᠤᠷᠭ᠎ᠠ ᠤᠯᠢᠨ ᠲᠣᠰᠴᠤ ᠠᠪᠤᠭᠰᠠᠨ ᠶᠤᠮ 
 ᠳᠦᠩᠭᠢᠨᠡᠬᠦ ᠲᠩᠷᠢ᠂ ᠠᠪᠤᠷᠭᠤ ᠶᠡᠬᠡ ᠠᠭᠤᠯᠠᠰ ᠴᠠᠷᠴᠠᠬᠤ ᠬᠦᠢᠲᠡᠨ ᠳ᠋ᠦ᠍ 
 ᠳ᠋ᠦᠩᠰᠢᠭᠤᠷ ᠴᠢᠨᠣ᠎ᠠ ᠤᠯᠢᠨ ᠬᠡᠮᠬᠢᠯᠴᠡᠬᠦ ᠯᠤᠭ᠎ᠠ ᠶᠡᠬᠡ ᠰᠢᠭᠤᠷᠭᠠᠨ ᠳ᠋ᠤ᠌ 
 ᠬᠥᠮᠦᠨ ᠲᠥᠷᠥᠯᠬᠢᠲᠡᠨ ᠦ᠌ ᠰᠥᠨᠢ ᠶ᠋ᠢᠨ ᠬᠠᠷᠠᠩᠭᠤᠢ ᠡᠨᠡ ᠶᠡᠬᠡ ᠰᠢᠭᠤᠷᠭᠠᠨ ᠳ᠋ᠤ᠌ 
 ᠬᠦᠢᠲᠡᠨ ᠣᠷᠣᠨ ᠵᠠᠢ ᠶ᠋ᠢ ᠪᠦᠯᠢᠶᠡᠴᠡᠭᠦᠯᠦᠨ ᠭᠠᠭᠴᠠ ᠨᠠᠢᠷᠠᠭᠴᠢ ᠠᠯᠬᠤᠨ᠎ᠠ᠃