ᠲᠡᠮᠦᠵᠢᠨ – ᠪᠠᠲᠤ ᠬᠠᠭᠠᠨ ‍ᠤ ᠬᠠᠲᠠᠭᠤ ᠨᠡᠬᠡᠯ - ᠴᠢᠩᠭᠢᠰ ᠬᠠᠭᠠᠨ ᠊ᠤ᠌ ᠨᠢᠭᠤᠴᠠ ᠲᠡᠦᠬᠡ 30 Тэмүүжин – Бат хааны хатуу нэхэл - Чингис хаан оо нууц түүх 30 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠦᠵᠢᠨ – ᠪᠠᠲᠤ ᠬᠠᠭᠠᠨ ‍ᠤ ᠬᠠᠲᠠᠭᠤ ᠨᠡᠬᠡᠯ - ᠴᠢᠩᠭᠢᠰ ᠬᠠᠭᠠᠨ ᠊ᠤ᠌ ᠨᠢᠭᠤᠴᠠ ᠲᠡᠦᠬᠡ 30 Тэмүүжин – Бат хааны хатуу нэхэл - Чингис хаан оо нууц түүх 30

ᠲᠡᠮᠦᠵᠢᠨ – ᠪᠠᠲᠤ ᠬᠠᠭᠠᠨ ‍ᠤ ᠬᠠᠲᠠᠭᠤ ᠨᠡᠬᠡᠯ - ᠴᠢᠩᠭᠢᠰ ᠬᠠᠭᠠᠨ ᠊ᠤ᠌ ᠨᠢᠭᠤᠴᠠ ᠲᠡᠦᠬᠡ 30 Тэмүүжин – Бат хааны хатуу нэхэл - Чингис хаан оо нууц түүх 30

ᠠᠩᠭᠢᠯᠠᠯ:ᠲᠡᠦᠬᠡ ᠰᠣᠶᠣᠯ
2025-10-19

191

ᠲᠡᠮᠦᠵᠢᠨ –

ᠪᠠᠲᠤ ᠬᠠᠭᠠᠨ ‍ᠤ ᠬᠠᠲᠠᠭᠤ ᠨᠡᠬᠡᠯ


       ᠪᠠᠲᠤ ᠶ᠋ᠢᠨ ᠳᠠᠭᠠᠭᠤᠯ ᠤ᠋ᠳ ᠤ᠋ᠨ ᠳᠤᠮᠳᠠ ᠢᠷᠡᠭᠰᠡᠨ ᠨᠢᠭᠡ ᠬᠥᠮᠦᠨ ᠢ᠋ ᠬᠡᠨ ᠪᠣᠯᠬᠤ ᠶ᠋ᠢ ᠲᠠᠨᠢᠭᠠᠳ ᠴᠢᠩᠭᠢᠰ ᠬᠠᠭᠠᠨ ᠶᠡᠬᠡᠳᠡ ᠴᠣᠴᠢᠷᠳᠠᠨ ᠭᠠᠢᠬᠠᠵᠠᠢ᠃ 
       ᠲᠠᠩᠭᠤᠳ ᠢ᠋ ᠮᠥᠬᠥᠭᠡᠭᠰᠡᠨ ᠶᠡᠬᠡ ᠪᠠᠶᠠᠷ ᠤ᠋ᠨ ᠳᠤᠮᠳᠠ ᠪᠠᠲᠤ ᠶ᠋ᠢᠨ ᠳᠡᠷᠭᠡᠳᠡ ᠡᠴᠡ ᠠᠯᠬᠤᠮ ᠬᠣᠯᠠᠳᠬᠤ ᠦᠭᠡᠢ ᠰᠡᠭᠦᠳᠡᠷ ᠮᠡᠲᠦ ᠳ᠋ᠡᠭᠡᠨ ᠶᠠᠪᠤᠭᠰᠠᠨ ᠬᠥᠮᠦᠨ ᠪᠣᠯ ᠵᠥᠴᠢ ᠶ᠋ᠢᠨ ᠪᠣᠭᠣᠯ ᠲᠡᠳᠦ ᠪᠠᠢᠪᠠ᠃ ᠨᠢᠭᠤᠷ ᠤ᠋ᠨ ᠬᠢᠨᠢ ᠪᠠᠷᠠᠭᠤᠨ ᠲᠠᠯ᠎ᠠ ᠲᠦᠯᠡᠭᠳᠡᠨ ᠰᠢᠲᠠᠭᠠᠳ ᠠᠶᠤᠮᠰᠢᠭᠲᠠᠢ ᠲᠠᠲᠠᠯᠳᠤᠨ ᠡᠳᠡᠭᠡᠭᠰᠡᠨ ᠲᠡᠳᠦ ᠨᠢᠭᠡ ᠬᠠᠵᠠᠭᠤ ᠠ᠋ᠴᠠ ᠨᠢ ᠬᠠᠷᠠᠪᠠᠯ ᠴᠤ᠌ ᠡᠷᠡᠭᠦᠯ ᠬᠥᠮᠦᠨ ᠰᠢᠭ ᠨᠥᠭᠦᠭᠡ ᠰᠣᠷᠪᠢᠲᠠᠢ ᠲᠠᠯ᠎ᠠ ᠠ᠋ᠴᠠ ᠦᠵᠡᠪᠡᠯ ᠴᠢᠳᠬᠥᠷ ᠰᠢᠮᠨᠤ ᠮᠡᠲᠦ ᠠᠵᠢ᠃ ᠢᠩᠭᠢᠵᠦ ᠨᠢᠭᠤᠷ ᠴᠢᠷᠠᠢ ᠨᠢ ᠥᠭᠡᠷᠡᠴᠢᠯᠡᠭᠳᠡᠵᠦ ᠬᠤᠪᠢᠷᠠᠭᠰᠠᠨ ᠲᠡᠳᠦ ᠶ᠋ᠢ ᠲᠠᠨᠢᠮᠠᠭᠴᠠ ᠴᠢᠩᠭᠢᠰ ᠬᠠᠭᠠᠨ ᠪᠤᠭᠤᠷᠴᠢ ᠶ᠋ᠢ ᠳᠠᠭᠤᠳᠠᠪᠠ᠃ ᠨᠢᠭᠡᠨᠲᠡ ᠦᠬᠦᠭᠰᠡᠨ ᠭᠡᠵᠦ ᠪᠣᠳᠣᠵᠤ ᠢᠲᠡᠭᠡᠵᠦ ᠶᠠᠪᠤᠭᠰᠠᠨ ᠲᠡᠳᠦ ᠠᠮᠢᠳᠤ ᠲᠡᠳᠦᠢ ᠦᠭᠡᠢ ᠪᠠᠲᠤ ᠶ᠋ᠢ ᠳᠠᠭᠠᠵᠤ ᠢᠷᠡᠭᠰᠡᠨ ᠨᠢ ᠴᠢᠩᠭᠢᠰ ᠬᠠᠭᠠᠨ ᠢ᠋ ᠬᠢᠯᠢᠩᠨᠡᠬᠦ ᠳ᠋ᠦ᠍ ᠬᠦᠷᠭᠡᠪᠡ᠃ ᠲᠡᠳᠦ ᠠᠯᠢ ᠡᠷᠲᠡ ᠦᠬᠦᠬᠦ ᠶᠣᠰᠣᠲᠠᠢ ᠪᠠᠢᠵᠠᠢ᠃ 
       ᠴᠣᠬᠣᠮ ᠠᠯᠲᠠᠨ ᠤᠯᠤᠰ ᠲᠤ᠌ ᠥᠪᠡᠷ ᠦ᠋ᠨ ᠬᠦᠴᠦ ᠪᠡᠷ ᠴᠡᠷᠢᠭᠯᠡᠨ ᠣᠷᠣᠬᠤ ᠪᠠᠷ ᠰᠢᠢᠳᠦᠭᠡᠳ ᠦᠭᠡ ᠠᠪᠤᠯ ᠦᠭᠡᠢ ᠮᠤᠢᠬᠤᠷᠯᠠᠨ ᠵᠢᠳᠬᠦᠭᠰᠡᠭᠡᠷ ᠨᠤᠲᠤᠭ ᠪᠤᠴᠠᠭᠰᠠᠨ ᠬᠠᠰᠠᠷ ᠢ᠋ ᠬᠡᠨ ᠳ᠋ᠦ᠍ ᠴᠦ᠍ ᠰᠡᠵᠢᠭ ᠠᠪᠬᠠᠭᠤᠯᠬᠤ ᠦᠭᠡᠢ ᠪᠡᠷ ᠠᠯᠠᠵᠤ ᠴᠢᠳᠠᠬᠤ ᠬᠥᠮᠦᠨ ᠪᠣᠯ ᠲᠡᠳᠦ ᠭᠡᠵᠦ ᠵᠥᠴᠢ ᠦᠵᠡᠭᠰᠡᠨ ᠪᠢᠯᠡ᠃ ᠬᠠᠰᠠᠷ ᠶᠠᠭᠤ ᠰᠡᠳᠦᠵᠦ᠂ ᠲᠡᠭᠡᠭᠡᠳ ᠶᠠᠭᠤᠨ ᠤ᠋ ᠤᠴᠢᠷ ᠲᠡᠭᠦᠨ ᠢ᠋ ᠬᠥᠨᠥᠭᠡᠬᠦ ᠬᠡᠷᠡᠭᠲᠡᠢ ᠪᠣᠯᠤᠭᠰᠠᠨ ᠢ᠋ ᠴᠢᠩᠭᠢᠰ ᠬᠠᠭᠠᠨ ᠥᠪᠡᠷ ᠢ᠋ᠶ᠋ᠡᠨ ᠵᠥᠴᠢ ᠳ᠋ᠦ᠍ ᠬᠡᠯᠡᠵᠡᠢ᠃ ᠲᠡᠭᠦᠨ ᠦ᠌ ᠬᠡᠯᠡᠬᠦ ᠶ᠋ᠢ ᠵᠥᠴᠢ ᠳᠠᠭᠤ ᠦᠭᠡᠢ ᠰᠣᠨᠣᠰᠴᠤ ᠰᠠᠭᠤᠭᠰᠠᠨ ᠪᠢᠯᠡ᠃ 
       | ᠡᠢᠮᠦ ᠬᠦᠨᠳᠦ ᠪᠡᠷᠬᠡ ᠬᠡᠷᠡᠭ ᠢ᠋ ᠤᠤᠭᠠᠨ ᠬᠥᠪᠡᠭᠦᠨ ᠴᠢᠮᠠᠲᠤ ᠢᠳᠡᠭᠡᠨ ᠳᠠᠭᠠᠳᠬᠠᠬᠤ ᠠ᠋ᠴᠠ ᠥᠭᠡᠷ᠎ᠡ ᠠᠷᠭ᠎ᠠ ᠨᠠᠳᠠᠳᠤ ᠦᠭᠡᠢ ᠶᠦ᠍ᠮ᠃ ᠴᠢᠮ᠎ᠠ ᠠ᠋ᠴᠠ ᠥᠭᠡᠷ᠎ᠡ ᠢᠲᠡᠭᠡᠯᠲᠡᠢ ᠬᠥᠮᠦᠨ ᠢ᠋ ᠪᠢ ᠣᠯᠬᠤ ᠦᠭᠡᠢ ᠪᠢᠵᠡ ᠭᠡᠵᠦ ᠴᠢᠩᠭᠢᠰ ᠬᠠᠭᠠᠨ ᠢ᠋ ᠬᠡᠯᠡᠬᠦ ᠳ᠋ᠦ᠍ ᠵᠥᠴᠢ ᠶ᠋ᠢᠨ ᠨᠢᠳᠦ ᠪᠠᠶᠠᠷ ᠪᠠᠬᠠᠳᠤᠯ᠂ ᠣᠮᠣᠭ ᠵᠣᠷᠢᠭ ᠢ᠋ᠶ᠋ᠠᠷ ᠳᠦᠭᠦᠷᠡᠩ ᠬᠡᠷᠡᠯᠳᠦᠬᠦ ᠶ᠋ᠢ ᠪᠤᠭᠤᠷᠴᠢ ᠬᠠᠷᠠᠵᠤ ᠪᠠᠢᠵᠠᠢ᠃ ᠴᠢᠩᠭᠢᠰ ᠬᠠᠭᠠᠨ ᠨᠢᠭᠡ ᠰᠤᠮᠤ ᠪᠠᠷ ᠬᠣᠶᠠᠷ ᠲᠠᠤᠯᠠᠢ ᠫᠤᠤᠳᠠᠬᠤ ᠪᠠᠷ ᠰᠢᠢᠳᠦᠭᠰᠡᠨ ᠢ᠋ ᠪᠤᠭᠤᠷᠴᠢ ᠰᠠᠶᠢ ᠯᠠ ᠣᠢᠯᠠᠭᠠᠪᠠ᠃ ᠬᠠᠰᠠᠷ ᠤ᠋ᠨ ᠦᠬᠦᠯ ᠢ᠋ᠶ᠋ᠡᠷ ᠵᠥᠴᠢ ᠶ᠋ᠢᠨ ᠠᠯᠳᠠᠭᠳᠠᠭᠰᠠᠨ ᠢᠲᠡᠭᠡᠯ ᠢ᠋ ᠪᠤᠴᠠᠭᠠᠨ ᠣᠯᠬᠤ ᠶ᠋ᠢ ᠲᠡᠷᠡ ᠬᠦᠰᠡᠵᠡᠢ᠃ ᠡᠵᠡᠨᠲᠦ ᠤᠯᠤᠰ ᠤ᠋ᠨ ᠢ᠋ᠶ᠋ᠠᠨ ᠲᠥᠷᠥ᠂ ᠶᠡᠬᠡ ᠬᠠᠭᠠᠨ ᠤ᠋ ᠪᠠᠨ ᠥᠭᠡᠳᠡ ᠡᠴᠡ ᠲᠡᠷᠰᠯᠡᠭᠰᠡᠨ ᠬᠡᠨ ᠪᠣᠯᠪᠠᠴᠤ ᠦᠬᠦᠬᠦ ᠦᠢᠯᠡ ᠲᠡᠢ ᠶ᠋ᠢ ᠵᠥᠴᠢ ᠴᠦ᠍ ᠣᠢᠯᠠᠭᠠᠨ ᠡᠴᠢᠭᠡ ᠶ᠋ᠢᠨ ᠢ᠋ᠶ᠋ᠡᠨ ᠦᠭᠡ ᠶ᠋ᠢ ᠰᠢᠭᠤᠳ ᠳᠡᠮᠵᠢᠪᠡ᠃ ᠠᠯᠲᠠᠨ ᠤᠯᠤᠰ ᠤ᠋ᠨ ᠵᠡᠭᠦᠨ ᠬᠣᠢᠲᠤ ᠨᠤᠲᠤᠭ ᠢ᠋ ᠡᠵᠡᠯᠡᠨ ᠰᠠᠭᠤᠵᠤ ᠥᠪᠡᠷ ᠦ᠋ᠨ ᠤᠯᠤᠰ ᠢ᠋ ᠪᠠᠢᠭᠤᠯᠬᠤ ᠭᠡᠵᠦ ᠬᠠᠰᠠᠷ ᠠᠪᠠᠭ᠎ᠠ ᠨᠢ ᠰᠢᠢᠳᠦᠭᠰᠡᠨ ᠨᠢ ᠶᠡᠬᠡ ᠭᠡᠷ ᠦ᠋ᠨ ᠵᠡᠭᠦᠨ ᠬᠠᠨ᠎ᠠ ᠶ᠋ᠢ ᠪᠠᠭᠤᠯᠭᠠᠨ ᠵᠥᠭᠡᠭᠡᠭᠰᠡᠨ ᠲᠡᠢ ᠤᠳᠬ᠎ᠠ ᠨᠢᠭᠡ ᠪᠣᠯᠬᠤ ᠲᠤᠯᠠ ᠵᠥᠴᠢ ᠡᠴᠢᠭᠡ ᠶ᠋ᠢᠨ ᠢ᠋ᠶ᠋ᠡᠨ ᠰᠢᠢᠳᠪᠦᠷᠢ ᠶ᠋ᠢ ᠵᠥᠪ ᠭᠡᠳᠡᠭ ᠲᠦ᠍ ᠣᠭᠲᠣᠬᠠᠨ ᠴᠤ᠌ ᠡᠷᠡᠭᠡᠯᠵᠡᠭᠡ ᠦᠭᠡᠢ ᠪᠥᠭᠡᠳ ᠡᠨᠡ ᠨᠢᠭᠤᠴᠠ ᠪᠥᠭᠡᠳ ᠴᠢᠬᠤᠯᠠ ᠬᠡᠷᠡᠭ ᠢ᠋ ᠲᠡᠭᠦᠨ ᠢ᠋ᠶ᠋ᠡᠷ ᠢᠳᠡᠭᠡᠨ ᠭᠦᠢᠴᠡᠯᠳᠦᠭᠦᠯᠬᠦ ᠪᠡᠷ ᠪᠣᠯᠤᠭᠰᠠᠨ ᠨᠢ ᠴᠢᠩᠭᠢᠰ ᠬᠠᠭᠠᠨ ᠲᠡᠭᠦᠨ ᠳ᠋ᠦ᠍ ᠪᠤᠰᠤᠳ ᠠ᠋ᠴᠠ ᠢᠯᠡᠭᠦᠦ ᠢᠲᠡᠭᠡᠵᠦ ᠪᠠᠢᠭ᠎ᠠ ᠬᠡᠷᠡᠭ ᠭᠡᠵᠦ ᠦᠨᠡᠨ ᠪᠠᠶᠠᠷᠯᠠᠵᠠᠢ᠃ ᠬᠠᠷᠢᠨ ᠬᠠᠰᠠᠷ ᠢ᠋ ᠬᠡᠷᠬᠢᠨ ᠬᠡᠯᠡ ᠠᠮᠠ ᠦᠭᠡᠢ ᠦᠬᠦᠭᠦᠯᠬᠦ ᠶ᠋ᠢ ᠴᠢᠩᠭᠢᠰ ᠬᠠᠭᠠᠨ ᠬᠡᠯᠡᠭᠰᠡᠨ ᠦᠭᠡᠢ ᠪᠢᠯᠡ᠃ ᠵᠥᠴᠢ ᠪᠤᠭᠤᠷᠴᠢ ᠬᠣᠶᠠᠷ ᠵᠥᠪᠯᠡᠯᠳᠦᠭᠡᠳ ᠵᠥᠴᠢ ᠶ᠋ᠢᠨ ᠬᠡᠯᠡᠭᠰᠡᠨ ᠶᠣᠰᠣᠭᠠᠷ ᠬᠢᠬᠦ ᠪᠡᠷ ᠪᠣᠯᠵᠤ ᠴᠢᠩᠭᠢᠰ ᠬᠠᠭᠠᠨ ᠳ᠋ᠤ᠌ ᠠᠢᠯᠠᠳᠬᠠᠭᠰᠠᠨ ᠳ᠋ᠤ᠌ ᠲᠡᠷᠡ ᠵᠥᠪᠰᠢᠶᠡᠷᠡᠵᠡᠢ᠃ ᠢᠩᠭᠢᠭᠡᠳ ᠵᠥᠴᠢ᠂ ᠬᠠᠰᠠᠷ ᠤ᠋ᠨ ᠶᠡᠬᠡ ᠬᠠᠲᠤᠨ ᠪᠣᠷᠣᠭᠴᠢᠨ ᠤ᠋ ᠳᠡᠭᠦᠦ᠂ ᠥᠪᠡᠷ ᠦ᠋ᠨ ᠪᠣᠭᠣᠯ ᠲᠡᠳᠦ ᠶ᠋ᠢ ᠳᠠᠭᠤᠳᠠᠨ ᠢᠷᠡᠭᠦᠯᠵᠡᠢ᠃ ᠲᠡᠳᠦ᠂ ᠵᠥᠴᠢ ᠡᠵᠡᠨ ᠦ᠌ ᠪᠡᠨ ᠵᠠᠷᠯᠢᠭ ᠢ᠋ ᠭᠠᠭᠴᠠ ᠦᠭᠡ ᠭᠠᠩ ᠬᠢᠨ ᠡᠰᠡᠷᠭᠦᠴᠡᠭᠰᠡᠨ ᠦᠭᠡᠢ᠃ ᠠᠮᠢ ᠶ᠋ᠢ ᠨᠢ ᠠᠪᠤᠷᠠᠭᠰᠠᠨ ᠡᠵᠡᠨ ᠦ᠌ ᠦᠭᠡ ᠲᠡᠳᠦ ᠳ᠋ᠦ᠍ ᠲᠩᠷᠢ ᠶ᠋ᠢᠨ ᠵᠠᠷᠯᠢᠭ ᠪᠢᠯᠡ᠃ ᠲᠡᠳᠦ ᠬᠠᠰᠠᠷ ᠢ᠋ ᠬᠦᠷᠭᠡᠨ ᠠᠬ᠎ᠠ ᠮᠢᠨᠢ ᠴᠦ᠍ ᠭᠡᠵᠦ ᠪᠣᠳᠣᠭᠰᠠᠨ ᠦᠭᠡᠢ᠃ ᠶᠠᠭᠠᠬᠢᠭᠠᠳ ᠲᠡᠭᠦᠨ ᠢ᠋ ᠦᠬᠦᠭᠦᠯᠬᠦ ᠪᠣᠯᠤᠭᠰᠠᠨ ᠢ᠋ ᠠᠰᠠᠭᠤᠬᠤ ᠡᠷᠬᠡ ᠪᠠᠰᠠ ᠰᠣᠨᠢᠷᠬᠠᠯ ᠴᠤ᠌ ᠪᠠᠢᠭᠰᠠᠨ ᠦᠭᠡᠢ᠃ ᠬᠠᠰᠠᠷ ᠤ᠋ᠨ ᠥᠷᠭᠥᠭᠡ ᠭᠡᠷ ᠲᠦ᠍ ᠣᠷᠣᠵᠤ ᠭᠠᠷᠬᠤ ᠳ᠋ᠤ᠌ ᠬᠡᠨ ᠴᠦ᠍ ᠰᠡᠵᠢᠭᠯᠡᠬᠦ ᠦᠭᠡᠢ ᠴᠥᠭᠡᠬᠡᠨ ᠬᠥᠮᠦᠨ ᠦ᠌ ᠨᠢᠭᠡ ᠪᠣᠯ ᠲᠡᠳᠦ ᠭᠡᠳᠡᠭ ᠢ᠋ ᠵᠥᠴᠢ ᠰᠠᠢᠨ ᠮᠡᠳᠡᠵᠦ ᠪᠠᠢᠪᠠ᠃ ᠬᠠᠰᠠᠷ ᠪᠣᠷᠣᠭᠴᠢᠨ ᠬᠣᠶᠠᠷ ᠲᠡᠳᠦ ᠳ᠋ᠦ᠍ ᠶᠡᠬᠡᠳᠡ ᠰᠠᠢᠨ ᠢ᠋ᠶ᠋ᠠᠷ ᠬᠠᠨᠳᠤᠳᠠᠭ ᠢ᠋ ᠴᠦ᠍ ᠲᠣᠭᠠᠴᠢᠵᠠᠢ᠃ ᠬᠡᠷᠪᠡ ᠬᠡᠷᠡᠭ ᠢᠯᠡᠷᠡᠵᠦ ᠮᠡᠳᠡᠭᠳᠡᠪᠡᠯ ᠲᠡᠳᠦ ᠬᠡᠷᠡᠭ ᠢ᠋ ᠵᠠᠳᠠᠯᠬᠤ ᠥᠬᠡᠢ ᠪᠡᠷ ᠦᠭᠡ ᠳᠠᠭᠤ ᠦᠭᠡᠢ ᠦᠬᠦᠨ᠎ᠡ ᠭᠡᠳᠡᠭ ᠢ᠋ ᠴᠦ᠍ ᠮᠡᠳᠡᠵᠦ ᠪᠠᠢᠪᠠ᠃ ᠡᠨᠡ ᠤᠴᠢᠷ ᠢ᠋ ᠴᠦ᠍ ᠵᠥᠴᠢ ᠲᠡᠭᠦᠨ ᠳ᠋ᠦ᠍ ᠬᠠᠲᠠᠭᠤ ᠬᠡᠯᠡᠵᠡᠢ᠃ ᠵᠥᠴᠢ ᠡᠵᠡᠨ ᠦ᠌ ᠪᠡᠨ ᠲᠥᠯᠥᠭᠡ ᠠᠮᠢ ᠪᠠᠨ ᠥᠭᠬᠦ ᠨᠢ ᠲᠡᠭᠦᠨ ᠦ᠌ ᠡᠷᠬᠢᠮ ᠳᠡᠭᠡᠳᠦ ᠬᠦᠰᠡᠯ᠂ ᠠᠴᠢ ᠶ᠋ᠢ ᠨᠢ ᠬᠠᠷᠢᠭᠤᠯᠠᠭᠰᠠᠨ ᠬᠡᠷᠡᠭ ᠪᠣᠯᠤᠨ᠎ᠠ ᠭᠡᠵᠦ ᠲᠡᠳᠦ ᠬᠠᠷᠢᠨ ᠴᠤ᠌ ᠪᠠᠶᠠᠷᠲᠠᠢ ᠪᠣᠯᠵᠠᠢ᠃ ᠭᠡᠪᠡᠴᠦ ᠲᠡᠳᠦ ᠤᠭ ᠤ᠋ᠨ ᠵᠣᠷᠢᠭᠲᠠᠢ ᠭᠠᠪᠰᠢᠭᠠᠢ ᠬᠥᠮᠦᠨ ᠲᠤᠯᠠ ᠡᠨᠡ ᠪᠡᠷᠬᠡ ᠬᠡᠷᠡᠭ ᠢ᠋ ᠶᠠᠭᠠᠬᠢᠵᠤ ᠬᠢᠬᠦ ᠶ᠋ᠢ ᠥᠪᠡᠷ ᠢ᠋ᠶ᠋ᠡᠨ ᠰᠠᠢᠲᠤᠷ ᠪᠣᠳᠣᠵᠤ ᠲᠥᠯᠥᠪᠯᠡᠵᠡᠢ᠃ ᠦᠨᠡᠬᠡᠷ ᠲᠡᠳᠦ ᠶ᠋ᠢ ᠣᠴᠢᠭᠠᠳ ᠪᠤᠴᠠᠭᠰᠠᠨ ᠤ᠋ ᠮᠠᠷᠭᠠᠰᠢ ᠰᠥᠨᠢ ᠬᠠᠰᠠᠷ ᠦᠷᠭᠦᠭᠡᠨ ᠳ᠋ᠡᠭᠡᠨ ᠦᠬᠦᠭᠡᠳ ᠬᠣᠨᠣᠭᠰᠠᠨ ᠪᠢᠯᠡ᠃ ᠵᠠᠮ ᠠ᠋ᠴᠠ ᠡᠷᠭᠢᠨ ᠰᠥᠨᠢ ᠪᠤᠴᠠᠵᠤ ᠣᠴᠢᠭᠠᠳ ᠬᠠᠰᠠᠷ ᠤ᠋ᠨ ᠦᠷᠭᠦᠭᠡᠨ ᠦ᠌ ᠭᠠᠳᠠᠨ᠎ᠠ ᠬᠠᠷᠠᠭᠤᠯ ᠢ᠋ ᠬᠣᠪᠰᠣᠳᠠᠨ ᠤᠨᠲᠠᠭᠤᠯᠵᠤ ᠪᠦᠬᠦ ᠬᠡᠷᠡᠭ ᠢ᠋ ᠲᠡᠳᠦ ᠥᠪᠡᠷ ᠦ᠋ᠨ ᠬᠦᠰᠡᠭᠰᠡᠨ ᠢ᠋ᠶ᠋ᠡᠷ ᠬᠢᠵᠦ ᠣᠷᠬᠢᠭᠰᠠᠨ ᠢ᠋ ᠬᠡᠨ ᠴᠦ᠍ ᠮᠡᠳᠡᠵᠦ ᠰᠡᠵᠢᠭᠯᠡᠭᠰᠡᠨ ᠦᠭᠡᠢ᠃ ᠲᠡᠷᠡ ᠪᠤᠤ ᠬᠡᠯᠡ ᠵᠡᠭᠦᠨ ᠬᠠᠪᠢᠷᠭᠠᠨ ᠤ᠋ ᠵᠠᠪᠰᠠᠷ ᠢ᠋ᠶ᠋ᠠᠷ ᠰᠢᠭᠠᠭᠰᠠᠨ ᠬᠤᠯᠤᠰᠤᠨ ᠵᠡᠭᠦᠦ ᠶ᠋ᠢᠨ ᠣᠷᠣ ᠶ᠋ᠢ ᠬᠡᠨ ᠴᠦ᠍ ᠦᠵᠡᠯ ᠦᠭᠡᠢ ᠥᠩᠭᠡᠷᠡᠵᠡᠢ᠃ ᠠᠭᠤᠯᠠ ᠶ᠋ᠢᠨ ᠮᠣᠳᠣᠨ ᠳ᠋ᠤ᠌ ᠬᠦᠯᠢᠶᠡᠵᠦ ᠪᠠᠢᠭᠰᠠᠨ ᠵᠥᠴᠢ᠂ ᠲᠡᠳᠦ ᠶ᠋ᠢ ᠳᠠᠭᠠᠭᠤᠯᠤᠨ  ᠪᠤᠴᠠᠵᠠᠢ᠃ ᠬᠠᠷᠢᠨ ᠢᠩᠭᠢᠬᠦ ᠳ᠋ᠡᠭᠡᠨ ᠲᠡᠳᠦ ᠶ᠋ᠢ ᠦᠬᠦᠭᠦᠯᠬᠦ ᠴᠢᠩᠭᠢᠰ ᠬᠠᠭᠠᠨ ᠤ᠋ ᠵᠠᠷᠯᠢᠭ ᠢ᠋ ᠪᠡᠶᠡᠯᠡᠭᠦᠯᠦᠭᠰᠡᠨ ᠦᠭᠡᠢ ᠠᠵᠢ᠃ ᠴᠢᠩᠭᠢᠰ ᠬᠠᠭᠠᠨ ᠬᠠᠰᠠᠷ ᠤ᠋ᠨ ᠦᠬᠦᠯ ᠦ᠋ᠨ ᠰᠢᠯᠲᠠᠭᠠᠨ ᠢ᠋ ᠬᠡᠨ ᠨᠢᠭᠡᠨ ᠢᠯᠡᠷᠡᠭᠦᠯᠦᠨ ᠳᠡᠯᠭᠡᠭᠡᠰᠡᠢ ᠭᠡᠵᠦ ᠬᠦᠰᠡᠭᠡ ᠦᠭᠡᠢ ᠲᠤᠯᠠ ᠲᠡᠳᠦ ᠶ᠋ᠢ ᠦᠭᠡᠢ ᠬᠢᠬᠦ ᠵᠠᠷᠯᠢᠭ ᠪᠠᠭᠤᠯᠭᠠᠭᠰᠠᠨ ᠪᠥᠭᠡᠳ ᠵᠥᠴᠢ ᠶᠣᠰᠣᠭᠠᠷ ᠪᠣᠯᠭᠠᠭᠰᠠᠨ ᠭᠡᠵᠦ ᠬᠡᠯᠡᠭᠰᠡᠨ ᠠᠲᠠᠯ᠎ᠠ ᠥᠨᠥ ᠲᠡᠳᠦ ᠶ᠋ᠢ ᠠᠮᠢᠳᠤ ᠦᠯᠡᠳᠡᠭᠡᠭᠰᠡᠨ ᠳ᠋ᠦ᠍ ᠪᠢᠰᠢ ᠪᠣᠯᠬᠤ ᠶ᠋ᠢ ᠴᠢᠩᠭᠢᠰ ᠬᠠᠭᠠᠨ ᠣᠢᠯᠠᠭᠠᠵᠤ ᠪᠠᠢᠪᠠ᠃ ᠬᠠᠮᠤᠭ ᠤ᠋ᠨ ᠭᠣᠣᠯ ᠤᠴᠢᠷ ᠨᠢ ᠲᠡᠷᠡ ᠨᠢᠭᠡᠨ ᠡᠳᠦᠷ ᠬᠠᠰᠠᠷ ᠤ᠋ᠨ ᠬᠡᠯᠡᠭᠰᠡᠨ ᠦᠭᠡᠨ ᠳ᠋ᠦ᠍ ᠪᠠᠢᠭᠰᠠᠨ ᠪᠢᠯᠡ᠃ ᠲᠡᠳᠦ ᠶ᠋ᠢ ᠦᠵᠡᠭᠡᠳ ᠥᠩᠭᠡᠷᠡᠭᠰᠡᠨ ᠲᠡᠷᠡ ᠶᠠᠪᠤᠳᠠᠯ ᠰᠠᠨᠠᠭᠳᠠᠭᠰᠠᠨ ᠨᠢ ᠴᠢᠩᠭᠢᠰ ᠬᠠᠭᠠᠨ ᠢ᠋ ᠠᠶᠤᠮᠰᠢᠭᠲᠠᠢ ᠪᠠᠷ ᠬᠠᠷ᠎ᠠ ᠳᠠᠷᠤᠨ ᠵᠡᠭᠦᠳᠦᠯᠡᠵᠦ ᠪᠠᠢᠬᠤ ᠰᠢᠭ᠋ ᠪᠣᠯᠭᠠᠵᠠᠢ᠃ ᠲᠡᠷᠡ ᠡᠳᠦᠷ ᠦ᠋ᠨ ᠶᠠᠪᠤᠳᠠᠯ ᠢ᠋ ᠶᠠᠭᠠᠬᠢᠭᠠᠳ ᠴᠤ᠌ ᠮᠠᠷᠲᠠᠵᠤ ᠲᠠᠢᠪᠤᠰᠢᠷᠠᠵᠤ ᠪᠣᠯᠬᠤ ᠦᠭᠡᠢ ᠶ᠋ᠢ ᠲᠡᠳᠦ ᠶ᠋ᠢ ᠦᠵᠡᠮᠡᠭᠴᠡ ᠴᠢᠩᠭᠢᠰ ᠬᠠᠭᠠᠨ ᠣᠢᠯᠠᠭᠠᠵᠠᠢ᠃ 
       ᠬᠠᠰᠠᠷ ᠢ᠋ ᠣᠷᠣᠵᠤ ᠢᠷᠡᠮᠡᠭᠴᠡ ᠲᠡᠭᠦᠨ ᠦ᠌ ᠰᠡᠳᠬᠢᠯ ᠦ᠋ᠨ ᠬᠥᠳᠡᠯᠦᠯ ᠢ᠋ ᠴᠢᠩᠭᠢᠰ ᠬᠠᠭᠠᠨ ᠲᠣᠳᠣ ᠬᠠᠷᠠᠵᠠᠢ᠃ ᠡᠨᠡ ᠶᠠᠪᠤᠳᠠᠯ ᠬᠤᠷᠽᠸᠮ ᠢ᠋ ᠳᠠᠢᠯᠠᠬᠤ ᠪᠠᠷ ᠰᠢᠢᠳᠦᠭᠰᠡᠨ ᠶᠡᠬᠡ ᠬᠤᠷᠠᠯᠳᠠᠢ ᠶ᠋ᠢᠨ ᠳᠠᠷᠠᠭᠠᠬᠠᠨ ᠪᠣᠯᠵᠠᠢ᠃ ᠬᠠᠰᠠᠷ ᠴᠢᠩᠭᠢᠰ ᠬᠠᠭᠠᠨ ᠤ᠋ ᠳᠠᠢᠯᠠᠯᠭ᠎ᠠ ᠬᠦᠨᠳᠦᠯᠡᠯ ᠳ᠋ᠦ᠍ ᠲᠣᠰᠢᠬᠳᠠᠨ ᠠᠮᠠ ᠨᠡᠭᠡᠭᠡᠵᠦ ᠲᠥᠪᠳᠡᠭᠰᠡᠨ ᠦᠭᠡᠢ ᠬᠡᠰᠡᠭ ᠵᠠᠭᠤᠷ᠎ᠠ ᠪᠣᠯᠪᠠ᠃ ᠬᠦᠨᠳᠦ ᠬᠡᠴᠡᠭᠦᠦ ᠶᠠᠷᠢᠶ᠎ᠠ ᠪᠣᠯᠬᠤ ᠶ᠋ᠢ ᠠᠬ᠎ᠠ ᠳᠡᠭᠦᠦ ᠬᠣᠶᠠᠷ ᠬᠣᠶᠠᠭᠤᠯᠠ ᠮᠡᠳᠡᠵᠦ ᠬᠡᠨ ᠬᠡᠨ ᠨᠢ ᠰᠡᠳᠬᠢᠯ ᠲᠦᠭᠰᠢᠵᠦ ᠪᠠᠢᠯ᠎ᠠ᠃ ᠬᠠᠰᠠᠷ ᠤ᠋ᠨ ᠦᠷ᠎ᠡ ᠤᠳᠤᠮ ᠢ᠋ ᠠᠯᠲᠠᠨ ᠤᠷᠤᠭ ᠲᠤ᠌ ᠦᠯᠦ ᠲᠣᠭᠠᠴᠠᠨ ᠶᠡᠬᠡ ᠮᠣᠩᠭᠣᠯ ᠤᠯᠤᠰ ᠤ᠋ᠨ ᠬᠠᠭᠠᠨ ᠰᠠᠭᠤᠷᠢᠨ ᠳ᠋ᠤ᠌ ᠰᠠᠭᠤᠬᠤ ᠡᠷᠬᠡ ᠦᠭᠡᠢ ᠪᠣᠯᠭᠠᠭᠰᠠᠨ ᠵᠠᠷᠯᠢᠭ ᠨᠢ ᠪᠠᠢᠲᠤᠭᠠᠢ ᠬᠡᠴᠡᠭᠦᠦ ᠪᠡᠷᠬᠡᠰᠢᠶᠡᠯ ᠤᠴᠠᠷᠠᠭᠤᠯᠬᠤ ᠶ᠋ᠢ ᠴᠢᠩᠭᠢᠰ ᠬᠠᠭᠠᠨ ᠨᠢᠭᠡᠨᠲᠡ ᠲᠣᠭᠠᠴᠠᠭᠰᠠᠨ ᠲᠤᠯᠠ ᠬᠠᠰᠠᠷ ᠤ᠋ᠨ ᠶᠠᠭᠤᠨ ᠲᠤᠬᠠᠢ ᠶᠠᠷᠢᠬᠤ ᠶ᠋ᠢ ᠲᠠᠭᠠᠮᠠᠭᠯᠠᠵᠤ ᠪᠠᠢᠪᠠ᠃ ᠬᠠᠷᠢᠨ ᠡᠨᠡ ᠤᠳᠠᠭ᠎ᠠ ᠲᠡᠷᠡ ᠲᠦᠷᠦᠭᠦᠯᠡᠵᠦ ᠳᠤᠤᠭᠠᠷᠬᠤ ᠶ᠋ᠢ ᠪᠣᠳᠣᠭᠰᠠᠨ ᠦᠭᠡᠢ᠃ ᠲᠡᠭᠦᠨ ᠦ᠌ ᠦᠭᠡ ᠬᠠᠰᠠᠷ ᠤ᠋ᠨ ᠰᠡᠳᠬᠢᠯ ᠦ᠋ᠨ ᠪᠤᠬᠢᠨᠢᠳᠤᠯ ᠢ᠋ ᠴᠤᠴᠢᠷᠭᠠᠵᠦ ᠮᠡᠳᠡᠬᠦ ᠪᠢᠯᠡ᠃ ᠲᠡᠢᠮᠦ ᠤᠴᠢᠷ ᠠ᠋ᠴᠠ ᠴᠢᠩᠭᠢᠰ ᠬᠠᠭᠠᠨ ᠣᠭᠲᠣ ᠥᠭᠡᠷ᠎ᠡ ᠵᠦᠢᠯ ᠬᠦᠦᠷᠨᠢᠵᠦ ᠠᠵᠢᠭ ᠦᠭᠡᠢ ᠰᠠᠭᠤᠵᠠᠢ᠃ ᠪᠠᠰᠠ ᠳᠡᠭᠡᠷ᠎ᠡ ᠨᠢ ᠬᠤᠷᠽᠸᠮ ᠳ᠋ᠤ᠌ ᠴᠡᠷᠢᠭ ᠣᠷᠣᠭᠤᠯᠬᠤ ᠶ᠋ᠢ ᠬᠠᠰᠠᠷ ᠡᠷᠡᠰ ᠡᠰᠡᠷᠭᠦᠴᠡᠭᠰᠡᠨ ᠨᠢ ᠲᠡᠳᠡᠨ ᠢ᠋ ᠭᠡᠷᠡᠯᠲᠦᠭᠦᠯᠬᠦ ᠨᠢᠭᠡ ᠰᠡᠵᠢᠭᠦᠷ ᠪᠣᠯᠵᠠᠢ᠃ ᠴᠢᠩᠭᠢᠰ ᠬᠠᠭᠠᠨ ᠶᠠᠭᠠᠬᠢᠵᠤ ᠴᠤ᠌ ᠪᠣᠳᠣᠭᠠᠳ ᠬᠠᠰᠠᠷ ᠤ᠋ᠨ ᠶᠠᠭᠤ ᠭᠡᠵᠦ ᠬᠡᠯᠡᠵᠦ᠂ ᠶᠠᠭᠤᠨ ᠤ᠋ ᠲᠤᠬᠠᠢ ᠶᠠᠷᠢᠬᠤ ᠶ᠋ᠢ ᠲᠠᠭᠠᠮᠠᠭᠯᠠᠭ᠎ᠠ ᠦᠭᠡᠢ ᠴᠦ᠍ ᠶᠠᠮᠠᠷ ᠲᠠᠭᠠᠨ ᠴᠤ᠌ ᠬᠤᠷᠽᠸᠮ ᠳ᠋ᠤ᠌ ᠣᠷᠣᠬᠤ ᠴᠡᠷᠢᠭ ᠦ᠋ᠨ ᠨᠢᠭᠡ ᠵᠠᠮ ᠢ᠋ ᠬᠠᠰᠠᠷ ᠢ᠋ᠶ᠋ᠠᠷ ᠲᠣᠯᠣᠭᠠᠢᠯᠠᠭᠤᠯᠤᠨ ᠵᠢᠭᠠᠬᠠᠨ ᠪᠠᠭᠤᠯᠲᠠ ᠬᠢᠵᠦ ᠲᠡᠭᠦᠨ ᠢ᠋ ᠲᠠᠢᠪᠤᠰᠢᠷᠠᠭᠤᠯᠬᠤ ᠬᠠᠭᠤᠴᠢᠨ ᠰᠠᠢᠨ ᠠᠷᠭ᠎ᠠ ᠪᠠᠨ ᠰᠡᠳᠦᠵᠦ ᠰᠠᠭᠤᠵᠠᠢ᠃ ᠭᠡᠲᠡᠯ᠎ᠡ ᠶᠠᠷᠢᠶ᠎ᠠ ᠣᠭᠲᠣ ᠰᠠᠨᠠᠭᠠᠨ ᠳ᠋ᠤ᠌ ᠦᠭᠡᠢ ᠪᠠᠢᠳᠠᠯ ᠢ᠋ᠶ᠋ᠠᠷ ᠡᠬᠢᠯᠡᠵᠡᠢ᠃ ᠬᠠᠰᠠᠷ ᠲᠡᠢᠮᠦ ᠴᠦ᠍ ᠤᠳᠠᠭᠠᠨ ᠲᠡᠰᠪᠦᠷᠢᠯᠡᠵᠦ ᠴᠢᠳᠠᠭᠰᠠᠨ ᠦᠭᠡᠢ᠃ ᠲᠡᠭᠦᠨ ᠦ᠌ ᠢᠩᠭᠢᠵᠦ ᠬᠦᠯᠢᠶᠡᠨ ᠲᠡᠪᠴᠢᠭᠰᠡᠨ ᠨᠢ ᠡᠷᠬᠡᠪᠰᠢ ᠬᠠᠭᠠᠨ ᠠᠬ᠎ᠠ ᠶ᠋ᠢ ᠪᠡᠨ ᠬᠦᠨᠳᠦᠳᠬᠡᠨ ᠪᠠᠰᠠ ᠪᠣᠯᠤᠭᠰᠠᠨ ᠬᠡᠷᠡᠭ ᠶᠠᠪᠤᠳᠠᠯ ᠤ᠋ᠨ ᠲᠠᠯ᠎ᠠ ᠪᠠᠷ ᠲᠦᠷᠦᠭᠦᠯᠡᠨ ᠦᠭᠡ ᠬᠡᠯᠡᠵᠦ ᠲᠡᠭᠦᠨ ᠢ᠋ ᠲᠠᠢᠳᠬᠤᠷᠠᠭᠤᠯᠬᠤ ᠪᠠᠢᠬᠤ ᠭᠡᠵᠦ ᠨᠠᠢᠳᠠᠵᠤ ᠪᠠᠢᠭᠰᠠᠨ ᠤ᠋ ᠬᠢ ᠪᠢᠯᠡ᠃ ᠭᠡᠲᠡᠯ᠎ᠡ ᠴᠢᠩᠭᠢᠰ ᠬᠠᠭᠠᠨ ᠲᠡᠷᠡ ᠲᠠᠯ᠎ᠠ ᠪᠠᠷ ᠣᠭᠲᠣ ᠦᠭᠡ ᠬᠡᠯᠡᠭᠰᠡᠨ ᠦᠭᠡᠢ ᠥᠭᠡᠷ᠎ᠡ ᠵᠦᠢᠯ ᠢ᠋ ᠶᠠᠷᠢᠵᠤ ᠪᠤᠯᠵᠠᠭᠠᠷᠠᠭᠤᠯᠵᠤ ᠪᠠᠢᠬᠤ ᠨᠢ ᠶᠡᠷᠦ ᠥᠪᠡᠷ ᠦ᠋ᠨ ᠰᠢᠢᠳᠪᠦᠷᠢ ᠳ᠋ᠦ᠍ ᠡᠷᠡᠭᠡᠯᠵᠡᠵᠦ ᠲᠡᠨᠡᠭᠡᠯᠵᠡᠭᠰᠡᠨ ᠰᠢᠨᠵᠢ ᠦᠭᠡᠢ᠃ ᠬᠠᠰᠠᠷ ᠢ᠋ ᠬᠥᠮᠦᠨ ᠭᠡᠵᠦ ᠲᠣᠭᠣᠬᠤ ᠦᠭᠡᠢ ᠪᠠᠢᠭ᠎ᠠ ᠶ᠋ᠢ ᠢᠯᠡᠳᠬᠡᠵᠡᠢ᠃ ᠬᠠᠰᠠᠷ ᠴᠤ᠌ ᠶᠠᠭᠤ ᠭᠡᠵᠦ ᠬᠡᠯᠡᠵᠦ ᠶᠠᠷᠢᠬᠤ ᠪᠠᠨ ᠣᠯᠠᠨ ᠡᠳᠦᠷ ᠪᠣᠳᠣᠵᠤ ᠰᠢᠢᠳᠦᠭᠰᠡᠨ ᠪᠠᠢᠪᠠ᠃ ᠬᠠᠷᠢᠨ ᠬᠠᠰᠠᠷ ᠤ᠋ᠨ ᠦᠭᠡ ᠴᠢᠩᠭᠢᠰ ᠬᠠᠭᠠᠨ ᠢ᠋ ᠭᠠᠢᠬᠠᠭᠤᠯᠬᠤ ᠠ᠋ᠴᠠ ᠪᠠᠨ ᠢᠯᠡᠭᠦᠦ ᠠᠶᠤᠯᠭᠠᠵᠤ ᠲᠦᠭᠰᠢᠭᠡᠭᠰᠡᠨ ᠪᠢᠯᠡ᠃ 
       | ᠠᠬ᠎ᠠ ᠠ᠋᠂ ᠪᠢ ᠲᠠᠨ ᠳ᠋ᠤ᠌ ᠲᠩᠷᠢ ᠶ᠋ᠢᠨ ᠵᠠᠷᠯᠢᠭ ᠢ᠋ ᠳᠣᠭᠣᠯᠭᠠᠬᠤ ᠪᠠᠷ ᠢᠷᠡᠯ᠎ᠡ ᠭᠡᠵᠦ ᠬᠠᠰᠠᠷ ᠲᠣᠳᠣ ᠬᠡᠯᠡᠪᠡ᠃ ᠬᠠᠰᠠᠷ《ᠲᠩᠷᠢ ᠶ᠋ᠢᠨ ᠵᠠᠷᠯᠢᠭ》 ᠭᠡᠵᠦ ᠬᠡᠯᠡᠵᠦ ᠪᠠᠢᠬᠤ ᠶ᠋ᠢ ᠴᠢᠩᠭᠢᠰ ᠬᠠᠭᠠᠨ ᠬᠡᠵᠢᠶ᠎ᠡ ᠴᠦ᠍ ᠰᠣᠨᠣᠰᠤᠭ᠎ᠠ ᠦᠭᠡᠢ ᠲᠤᠯᠠ ᠡᠨᠡ ᠦᠭᠡᠨ ᠳ᠋ᠦ᠍ ᠰᠣᠴᠢᠵᠤ ᠣᠭᠲᠣ ᠲᠠᠭᠠᠮᠠᠭᠯᠠᠭ᠎ᠠ ᠦᠭᠡᠢ ᠶᠠᠷᠢᠶ᠎ᠠ ᠥᠷᠨᠢᠬᠦ ᠶ᠋ᠢ ᠮᠡᠳᠡᠷᠡᠵᠦ ᠶᠠᠭᠠᠬᠢᠭᠠᠳ ᠶᠤᠮ ᠪᠣᠢ ᠠᠶᠤᠵᠠᠢ᠃ ᠭᠡᠲᠡᠯ᠎ᠡ ᠲᠡᠭᠦᠨ ᠢ᠋ ᠬᠠᠮᠠᠭᠠᠯᠠᠬᠤ ᠬᠡᠨ ᠴᠦ᠍ ᠦᠭᠡᠢ ᠲᠡᠳᠡ ᠬᠣᠶᠠᠭᠤᠯᠠᠬᠠᠨ ᠢ᠋ᠶ᠋ᠠᠨ ᠪᠠᠢᠭᠰᠠᠨ ᠨᠢ ᠢᠩᠭᠢᠵᠦ ᠠᠶᠤᠬᠤ ᠰᠢᠯᠲᠠᠭ ᠪᠣᠯᠪᠠ᠃ ᠭᠡᠪᠡᠴᠦ ᠬᠠᠷᠢᠭᠤ ᠦᠭᠡ ᠬᠡᠯᠡᠭᠰᠡᠨ ᠦᠭᠡᠢ᠃ 
       | ᠲᠩᠷᠢ ᠨᠢᠭᠡᠨᠲᠡ ᠵᠠᠷᠯᠢᠭ ᠪᠠᠭᠤᠯᠭᠠᠵᠤ ᠬᠠᠰᠠᠷ ᠨᠠᠮᠠᠶ᠋ᠢ ᠤᠯᠤᠰ ᠤ᠋ᠨ ᠡᠷᠬᠡ ᠶ᠋ᠢ ᠪᠠᠷᠢᠨ᠎ᠠ ᠭᠡᠯ᠎ᠡ᠃ ᠪᠢ ᠲᠩᠷᠢ ᠶ᠋ᠢᠨ ᠵᠠᠷᠯᠢᠭ ᠢ᠋ ᠳᠠᠭᠠᠬᠤ ᠦᠭᠡᠢ ᠪᠠᠢᠵᠤ ᠶᠠᠭᠠᠬᠢᠨ ᠪᠣᠯᠬᠤ ᠪᠢᠯᠡ᠃ ᠬᠠᠷᠢᠨ ᠪᠢ ᠠᠬ᠎ᠠ ᠲᠠᠨ ᠲᠠᠢ ᠥᠷᠢᠰᠦᠯᠳᠦᠨ ᠡᠷᠬᠡ ᠪᠤᠯᠢᠶᠠᠯᠳᠤᠬᠤ ᠭᠡᠰᠡᠨ ᠰᠠᠨᠠᠭ᠎ᠠ ᠡᠪᠦᠷᠯᠡᠭᠰᠡᠨ ᠦᠭᠡᠢ ᠪᠡᠷ ᠥᠨᠥ ᠶ᠋ᠢ ᠬᠦᠷᠦᠯ᠎ᠡ᠃ ᠥᠰᠬᠦ ᠳ᠋ᠡᠭᠡᠨ ᠲᠠᠯᠪᠢᠭᠰᠠᠨ ᠲᠠᠩᠭᠠᠷᠢᠭ ᠢ᠋ᠶ᠋ᠠᠨ ᠪᠢ ᠥᠨᠥ ᠴᠦ᠍ ᠬᠦᠷᠲᠡᠯ᠎ᠡ ᠰᠠᠨᠠᠵᠤ ᠪᠠᠰᠠ ᠰᠠᠬᠢᠵᠤ ᠪᠠᠢᠨ᠎ᠠ᠃ ᠭᠡᠪᠡᠴᠦ ᠪᠢ ᠬᠠᠭᠠᠨ ᠠᠬ᠎ᠠ ᠲᠠᠨ ᠢ᠋ ᠰᠠᠨᠳᠤᠷᠭᠠᠬᠤ ᠦᠭᠡᠢ᠂ ᠬᠠᠮᠤᠭ ᠶᠡᠬᠡ ᠤᠯᠤᠰ ᠢ᠋ᠶ᠋ᠠᠨ ᠪᠤᠰᠠᠨᠢᠭᠤᠯᠬᠤ ᠦᠭᠡᠢ ᠪᠡᠷ ᠲᠩᠷᠢ ᠶ᠋ᠢᠨ ᠵᠠᠷᠯᠢᠭ ᠢ᠋ ᠳᠠᠭᠠᠬᠤ ᠪᠠᠷ ᠰᠢᠢᠳᠦᠯ᠎ᠡ᠃ ᠬᠠᠭᠠᠨ ᠠᠬ᠎ᠠ ᠲᠠᠨ ᠤ᠋ ᠪᠠᠭᠤᠯᠭᠠᠭᠰᠠᠨ ᠵᠠᠷᠯᠢᠭ ᠶᠣᠰᠣᠭᠠᠷ ᠬᠠᠰᠠᠷ ᠪᠢ ᠪᠣᠯᠤᠭᠠᠳ ᠮᠢᠨᠦ ᠦᠷ᠎ᠡ ᠤᠳᠤᠮ ᠶᠡᠬᠡ ᠮᠣᠩᠭᠣᠯ ᠤᠯᠤᠰ ᠲᠤ᠌ ᠳᠤᠷᠠᠰᠤᠭᠳᠠᠬᠤ ᠨᠡᠷ᠎ᠡ ᠦᠭᠡᠢ᠂ ᠳᠡᠭᠡᠳᠦ ᠢᠵᠠᠭᠤᠷ ᠦᠭᠡᠢ ᠡᠩ ᠦ᠋ᠨ ᠳᠣᠣᠷᠠᠲᠤ ᠰᠤᠯᠠ ᠢᠷᠭᠡᠨ ᠮᠡᠲᠦ ᠦᠵᠡᠭᠳᠡᠬᠦ ᠪᠣᠯᠤᠯ᠎ᠠ᠃ ᠪᠢ ᠠᠬ᠎ᠠ ᠲᠠᠨ ᠠ᠋ᠴᠠ ᠰᠡᠭᠦᠯᠳᠡᠵᠦ ᠲᠥᠷᠥᠭᠰᠡᠨ ᠡᠴᠡ ᠥᠭᠡᠷ᠎ᠡ ᠶᠠᠯ᠎ᠠ ᠦᠭᠡᠢ ᠲᠤᠯᠠ ᠵᠢᠳᠬᠦᠨ ᠪᠠᠢᠭᠤᠯᠤᠭᠰᠠᠨ ᠭᠠᠪᠢᠶ᠎ᠠ ᠮᠠᠨᠢ ᠶᠡᠬᠡ ᠮᠣᠩᠭᠣᠯ ᠤᠯᠤᠰ ᠲᠤ᠌ ᠦᠨᠡᠯᠡᠭᠳᠡᠬᠦ ᠶᠣᠰᠣᠲᠠᠢ ᠭᠡᠵᠦ ᠦᠵᠡᠨ᠎ᠡ᠃ ᠪᠢ ᠥᠪᠡᠷ ᠦ᠋ᠨ ᠦᠷ᠎ᠡ ᠤᠳᠤᠮ ᠢ᠋ ᠨᠡᠷ᠎ᠡ ᠦᠭᠡᠢ ᠶᠠᠪᠤᠵᠤ ᠭᠡᠷ ᠦᠭᠡᠢ ᠦᠷᠡᠭᠳᠡᠭᠡᠰᠡᠢ ᠭᠡᠵᠦ ᠦᠯᠦ ᠬᠦᠰᠡᠬᠦ ᠲᠤᠯᠠ ᠡᠨᠡ ᠦᠭᠡ ᠶ᠋ᠢ ᠬᠡᠯᠡᠵᠦ ᠪᠠᠢᠨ᠎ᠠ᠃ ᠲᠠ ᠮᠢᠨᠦ ᠣᠷᠣᠨ ᠳ᠋ᠤ᠌ ᠪᠠᠢᠭᠰᠠᠨ ᠪᠣᠯ ᠪᠠᠰᠠ ᠯᠠ ᠢᠩᠭᠢᠬᠦ ᠪᠢᠵᠡ᠃ ᠥᠨᠥᠳᠥᠷ ᠡᠴᠡ ᠬᠣᠢᠰᠢ ᠠᠬ᠎ᠠ ᠲᠠᠨ ᠠ᠋ᠴᠠ ᠠᠮᠠ ᠠᠰᠠᠭᠤᠵᠤ ᠵᠠᠷᠯᠢᠭ ᠰᠣᠨᠣᠰᠬᠤ ᠦᠭᠡᠢ ᠪᠡᠷ ᠶᠠᠪᠤᠬᠤ ᠪᠠᠷ ᠰᠢᠢᠳᠦᠯ᠎ᠡ᠃ ᠨᠠᠳᠠᠳᠤ ᠥᠪᠡᠷ ᠦ᠋ᠨ ᠠᠯᠪᠠᠲᠤ ᠢᠷᠭᠡᠳ ᠦᠨᠡᠨᠴᠢ ᠴᠡᠷᠢᠭ ᠦ᠋ᠳ ᠪᠣᠢ᠃ ᠪᠢ ᠡᠨᠡ ᠪᠦᠬᠦᠨ ᠢ᠋ ᠪᠦᠯᠢᠶᠡᠨ ᠴᠢᠰᠤ ᠪᠠᠨ ᠤᠷᠤᠰᠬᠠᠵᠤ ᠪᠦᠲᠦᠨ ᠪᠡᠶ᠎ᠡ ᠪᠡᠨ ᠦᠷᠡᠨ ᠶᠠᠪᠤᠵᠤ ᠣᠯᠵᠠᠢ᠃ ᠪᠢ ᠬᠠᠭᠠᠨ ᠠᠬ᠎ᠠ ᠲᠠᠨ ᠤ᠋ ᠬᠠᠮᠤᠭ ᠶᠡᠬᠡ ᠤᠯᠤᠰ ᠢ᠋ ᠰᠠᠨᠳᠤᠷᠭᠠᠬᠤ ᠦᠭᠡᠢ ᠬᠠᠶᠠᠭ᠎ᠠ ᠨᠡᠢᠯᠡᠨ ᠶᠠᠪᠤᠬᠤ ᠪᠠᠷ ᠰᠢᠢᠳᠦᠯ᠎ᠡ᠃ ᠨᠢᠭᠡᠨ ᠴᠠᠭ ᠲᠤ᠌ ᠪᠢ ᠬᠠᠭᠠᠨ ᠠᠬ᠎ᠠ ᠲᠠᠨ ᠤ᠋ ᠵᠠᠷᠯᠢᠭ ᠢ᠋ᠶ᠋ᠠᠷ ᠵᠦᠷᠴᠢᠳ ᠦ᠋ᠨ ᠠᠯᠲᠠᠨ ᠤᠯᠤᠰ ᠤ᠋ᠨ ᠵᠡᠭᠦᠨ ᠬᠣᠢᠲᠤ ᠨᠤᠲᠤᠭ ᠢ᠋ ᠡᠵᠡᠯᠡᠨ ᠬᠤᠷᠢᠶᠠᠭᠰᠠᠨ ᠪᠢᠯᠡ᠃ ᠣᠳᠣ ᠪᠢ ᠲᠡᠷᠡ ᠨᠤᠲᠤᠭ ᠢ᠋ᠶ᠋ᠠᠨ ᠡᠵᠡᠮᠰᠢᠨ ᠰᠠᠭᠤᠵᠤ ᠥᠪᠡᠷ ᠦ᠋ᠨ ᠤᠯᠤᠰ ᠢ᠋ ᠪᠠᠢᠭᠤᠯᠤᠶ᠎ᠠ᠃ ᠥᠷᠭᠡᠨ ᠶᠡᠬᠡ ᠤᠯᠤᠰ᠂ ᠶᠡᠬᠡ ᠤᠯᠤᠰ ᠤ᠋ᠨ ᠴᠢᠨᠢ ᠵᠡᠭᠦᠨ ᠬᠢᠯᠢ ᠶ᠋ᠢ ᠰᠠᠬᠢᠵᠤ᠂ ᠵᠡᠷᠭᠡᠴᠡᠨ ᠡᠪ ᠨᠠᠢᠷᠲᠠᠢ ᠶᠠᠪᠤᠶ᠎ᠠ᠃ ᠪᠢ ᠡᠵᠡᠯᠡᠭᠰᠡᠨ ᠤᠯᠤᠰ ᠠ᠋ᠴᠠ ᠴᠡᠷᠢᠭ ᠨᠡᠮᠡᠨ ᠳᠠᠢᠴᠢᠯᠠᠵᠤ ᠠᠯᠲᠠᠨ ᠤᠯᠤᠰ ᠤ᠋ᠨ ᠦᠯᠡᠳᠡᠭᠰᠡᠨ ᠨᠤᠲᠤᠭ ᠢ᠋ ᠬᠣᠷᠢᠶᠠᠨ ᠠᠪᠴᠤ ᠨᠢᠭᠡᠨ ᠴᠠᠭ ᠲᠤ᠌ ᠪᠢᠳᠡᠨ ᠦ᠌ ᠡᠪᠦᠭᠡ ᠳᠡᠭᠡᠳᠦᠰ ᠢ᠋ ᠲᠠᠮᠤᠯᠠᠨ ᠬᠣᠷᠣᠭᠠᠭᠰᠠᠨ ᠠᠯᠲᠠᠨ ᠤᠯᠤᠰ ᠠ᠋ᠴᠠ ᠥᠰᠢᠶ᠎ᠡ ᠠᠪᠴᠤ ᠳᠠᠭᠤᠰᠬᠠᠶ᠎ᠠ᠃ ᠶᠢᠰᠦᠭᠡᠢ ᠶ᠋ᠢᠨ ᠬᠣᠶᠠᠷ ᠬᠥᠪᠡᠭᠦᠨ ᠦ᠌ ᠪᠠᠢᠭᠤᠯᠤᠭᠰᠠᠨ ᠬᠣᠶᠠᠷ ᠶᠡᠬᠡ ᠤᠯᠤᠰ ᠵᠡᠷᠭᠡᠴᠡᠨ ᠣᠷᠣᠰᠢᠵᠤ ᠦᠷ᠎ᠡ ᠤᠳᠤᠮ ᠮᠢᠨᠢ ᠮᠥᠩᠬᠡᠳᠡ ᠲᠠ ᠪᠢᠳᠡᠨ ᠢ᠋ ᠵᠠᠯᠭᠠᠮᠵᠢᠯᠠᠨ ᠪᠢᠳᠡᠨ ᠦ᠌ ᠨᠡᠷ᠎ᠡ ᠶ᠋ᠢ ᠳᠠᠭᠤᠷᠢᠰᠬᠠᠨ ᠰᠠᠭᠤᠪᠠᠯ ᠪᠢᠳᠡ ᠲᠡᠭᠷᠢ ᠶ᠋ᠢᠨ ᠵᠠᠷᠯᠢᠭ ᠢ᠋ ᠳᠠᠭᠠᠭᠰᠠᠨ ᠬᠡᠷᠡᠭ ᠪᠣᠯᠤᠨ᠎ᠠ᠃ ᠲᠦᠮᠡᠨ ᠦᠶ᠎ᠡ ᠶ᠋ᠢᠨ ᠪᠠᠬᠠᠷᠬᠠᠯ ᠪᠣᠯᠬᠤ ᠪᠢᠰᠢ ᠤᠤ? 
       ᠬᠠᠰᠠᠷ ᠥᠪᠡᠷ ᠦ᠋ᠨ ᠦᠭᠡᠨ ᠳ᠋ᠦ᠍ ᠬᠥᠭᠡᠷᠦᠨ ᠳᠣᠭᠳᠣᠯᠵᠤ ᠪᠦᠷ ᠪᠣᠰᠴᠤ ᠵᠣᠭᠰᠣᠵᠠᠢ᠃ ᠴᠢᠩᠭᠢᠰ ᠬᠠᠭᠠᠨ ᠴᠤ᠌ ᠪᠣᠰᠪᠠ᠃ ᠲᠡᠳᠡ ᠶᠠᠭ ᠯᠠ ᠲᠤᠯᠤᠯᠳᠤᠬᠤ ᠭᠡᠵᠦ ᠪᠠᠢᠭ᠎ᠠ ᠮᠡᠲᠦ ᠭᠡᠷᠦᠨ ᠵᠣᠭᠰᠣᠵᠠᠢ᠃ 
       | ᠠᠬ᠎ᠠ ᠲᠠ ᠪᠠᠷᠠᠭᠤᠨ ᠵᠦᠭ ᠲᠦ᠍ ᠠᠭᠤᠵᠢᠭᠤ ᠲᠠᠢᠪᠤᠩ ᠶᠠᠪᠤᠵᠤ ᠶᠡᠬᠡ ᠭᠠᠵᠠᠷ ᠢ᠋ ᠡᠵᠡᠯᠡᠨ ᠠᠪᠬᠤ ᠬᠡᠷᠡᠭ ᠢ᠋ᠶ᠋ᠡᠨ ᠠᠷᠤ ᠳ᠋ᠠᠭᠠᠨ ᠰᠠᠨᠠᠭ᠎ᠠ ᠵᠣᠪᠠᠬᠤ ᠵᠦᠢᠯ ᠦᠭᠡᠢ ᠭᠦᠢᠴᠡᠯᠳᠦᠭᠦᠯᠦᠭᠲᠦᠨ᠃ ᠬᠠᠷᠢᠨ ᠪᠢ ᠥᠪᠡᠷ ᠦ᠋ᠨ ᠤᠯᠤᠰ ᠤ᠋ᠨ ᠬᠦᠴᠦ ᠪᠡᠷ ᠠᠯᠲᠠᠨ ᠤᠯᠤᠰ ᠪᠣᠯᠤᠭᠠᠳ ᠰᠣᠯᠣᠩᠭᠣᠰ ᠢ᠋ ᠡᠵᠡᠯᠡᠵᠦ ᠬᠠᠷᠢᠨ ᠳᠠᠷᠠᠭ᠎ᠠ ᠨᠢ ᠬᠣᠶᠠᠭᠤᠯᠠ ᠬᠦᠴᠦ ᠬᠠᠪᠰᠤᠷᠤᠨ ᠰᠥᠩ ᠤᠯᠤᠰ ᠢ᠋ ᠵᠡᠷᠭᠡ ᠳᠠᠭᠠᠷᠢᠨ ᠮᠥᠬᠥᠭᠡᠶ᠎ᠡ᠃ ᠢᠩᠭᠢᠪᠡᠯ ᠡᠨᠡ ᠭᠠᠵᠠᠷ ᠪᠦᠬᠦᠯᠢ ᠪᠡᠷ ᠲᠠ ᠪᠢᠳᠡ ᠬᠣᠶᠠᠷ ᠤ᠋ᠨ ᠭᠠᠷ ᠲᠤ᠌ ᠣᠷᠣᠬᠤ ᠡᠭᠦᠳᠡ ᠨᠡᠭᠡᠭᠡᠭᠳᠡᠨ᠎ᠡ᠃ ᠪᠢᠳᠡ ᠣᠳᠣ ᠬᠦᠴᠦᠲᠡᠢ ᠪᠣᠯᠵᠠᠢ᠃ ᠬᠠᠮᠤᠭ ᠬᠦᠴᠦ ᠪᠡᠨ ᠭᠠᠭᠴᠠ ᠵᠦᠭ ᠲᠦ᠍ ᠵᠠᠷᠤᠵᠤ ᠠᠯᠭᠤᠷᠯᠠᠨ ᠴᠠᠭ ᠠᠯᠳᠠᠯ ᠦᠭᠡᠢ ᠵᠡᠷᠭᠡ ᠶᠠᠪᠤᠵᠤ ᠶᠡᠬᠡ ᠶ᠋ᠢ ᠡᠵᠡᠯᠡᠶ᠎ᠡ᠃ ᠡᠨᠡ ᠨᠠᠷᠠᠨ ᠤ᠋ ᠳᠣᠣᠷ᠎ᠠ ᠶᠢᠰᠦᠭᠡᠢ ᠶ᠋ᠢᠨ ᠬᠥᠪᠡᠭᠦᠳ ᠦ᠋ᠨ ᠬᠣᠶᠠᠷ ᠶᠡᠬᠡ ᠤᠯᠤᠰ ᠵᠡᠷᠭᠡᠴᠡᠨ ᠣᠷᠣᠰᠢᠬᠤ ᠶ᠋ᠢ ᠦᠵᠡᠭᠡᠳ ᠡᠬᠡ ᠡᠴᠢᠭᠡ ᠬᠣᠶᠠᠷ ᠮᠢᠨᠢ ᠪᠠᠶᠠᠷᠯᠠᠨ ᠵᠢᠷᠭᠠᠬᠤ ᠪᠤᠰᠤ ᠤᠤ? ᠪᠢ ᠲᠠᠪᠢ ᠭᠠᠷᠲᠠᠯ᠎ᠠ ᠲᠡᠮᠦᠵᠢᠨ ᠠᠬ᠎ᠠ ᠲᠠᠨ ᠳ᠋ᠤ᠌ ᠵᠢᠳᠬᠦᠪᠡ᠃ ᠣᠳᠣ ᠦᠷ᠎ᠡ ᠬᠡᠦᠬᠡᠳ ᠦ᠋ᠨ ᠢ᠋ᠶ᠋ᠡᠨ ᠲᠥᠯᠥᠭᠡ ᠵᠢᠳᠬᠦᠬᠦ ᠴᠠᠭ ᠮᠢᠨᠢ ᠢᠷᠡᠵᠡᠢ᠃ ᠬᠠᠭᠠᠨ ᠠᠬ᠎ᠠ ᠲᠠ᠂ ᠲᠡᠮᠦᠭᠡ ᠳᠡᠭᠦᠦ ᠶ᠋ᠢ ᠠᠯᠪᠠᠲᠤ ᠴᠡᠷᠢᠭ ᠦ᠋ᠨ ᠬᠢᠨᠢ ᠬᠠᠮᠲᠤ ᠨᠠᠳᠠᠳᠤ ᠥᠭ᠃ ᠪᠢ ᠭᠠᠭᠴᠠ ᠠᠬ᠎ᠠ ᠲᠠᠨ ᠳ᠋ᠤ᠌ ᠵᠢᠳᠬᠦᠭᠰᠡᠨ ᠰᠢᠭ ᠲᠡᠮᠦᠭᠡ ᠨᠠᠳᠠᠳᠤ ᠵᠢᠳᠬᠦᠭ᠃ ᠪᠢ ᠲᠡᠭᠦᠨ ᠳ᠋ᠦ᠍ ᠥᠪᠡᠷ ᠦ᠋ᠨ ᠤᠯᠤᠰ ᠲᠤ᠌ ᠶᠡᠬᠡ ᠡᠷᠬᠡ ᠣᠯᠭᠣᠵᠤ ᠥᠪᠡᠷ ᠲᠡᠭᠡᠨ ᠬᠠᠪᠰᠤᠷᠤᠭᠤᠯᠤᠶ᠎ᠠ᠃ ᠪᠠᠰᠠ ᠮᠤᠬᠤᠯᠠᠢ ᠶ᠋ᠢ ᠨᠠᠳᠠᠳᠤ ᠦᠭᠭᠥᠭᠲᠦᠨ᠃ ᠲᠡᠷᠡ ᠠᠯᠲᠠᠨ ᠤᠯᠤᠰ ᠲᠠᠢ ᠪᠠᠢᠯᠳᠤᠬᠤ ᠶᠡᠬᠡ ᠲᠤᠷᠰᠢᠯᠭ᠎ᠠ ᠲᠠᠢ ᠲᠤᠯᠠ ᠪᠢ ᠲᠡᠭᠦᠨ ᠦ᠌ ᠬᠦᠴᠦ ᠶ᠋ᠢ ᠠᠪᠬᠤ ᠶ᠋ᠢ ᠬᠦᠰᠡᠵᠦ ᠪᠠᠢᠨ᠎ᠠ᠃ ᠥᠭᠡᠷ᠎ᠡ ᠬᠦᠰᠡᠬᠦ ᠵᠦᠢᠯ ᠨᠠᠳᠠᠳᠤ ᠦᠭᠡᠢ᠃ ᠪᠢ ᠲᠠᠨ ᠤ᠋ ᠠᠮᠢ ᠶ᠋ᠢ ᠬᠡᠳᠦᠨᠲᠡ ᠠᠪᠤᠷᠠᠭᠰᠠᠨ ᠭᠠᠪᠢᠶ᠎ᠠ ᠲᠠᠢ ᠬᠥᠮᠦᠨ᠃ ᠬᠠᠭᠠᠨ ᠠᠬ᠎ᠠ ᠲᠠ ᠵᠠᠷᠯᠢᠭ ᠪᠠᠭᠤᠯᠭᠠᠵᠤ ᠶᠡᠬᠡ ᠬᠤᠷᠠᠯᠲᠠᠢ ᠶ᠋ᠢ ᠵᠠᠷᠯᠠᠵᠤ ᠮᠢᠨᠦ ᠲᠤᠰᠠᠭᠠᠷ ᠤᠯᠤᠰ ᠢ᠋ ᠢᠯᠡ ᠲᠣᠳᠣ ᠲᠤᠩᠬᠠᠭᠯᠠᠭᠠᠰᠠᠢ ᠭᠡᠵᠦ ᠪᠢ ᠬᠦᠰᠡᠨ᠎ᠡ᠃ ᠮᠢᠨᠦ ᠤᠯᠤᠰ ᠢ᠋ ᠬᠠᠭᠠᠨ ᠲᠠᠨ ᠤ᠋ ᠵᠠᠷᠯᠢᠭ ᠢ᠋ᠶ᠋ᠠᠷ《ᠬᠠᠰᠠᠷ ᠶᠡᠬᠡ ᠤᠯᠤᠰ》 ᠭᠡᠵᠦ ᠨᠡᠷᠡᠯᠡᠶ᠎ᠡ᠃ ᠬᠠᠭᠠᠨ ᠠᠬ᠎ᠠ ᠲᠠ ᠡᠨᠡ ᠪᠦᠬᠦᠨ ᠢ᠋ ᠥᠪᠡᠷ ᠦ᠋ᠨ ᠵᠠᠷᠯᠢᠭ ᠢ᠋ᠶ᠋ᠠᠷ ᠪᠠᠲᠤᠯᠠᠨ ᠲᠤᠩᠬᠠᠭᠯᠠᠬᠤ ᠠᠪᠠᠰᠤ ᠰᠠᠶᠢ ᠲᠡᠭᠷᠢ ᠶ᠋ᠢᠨ ᠵᠠᠷᠯᠢᠭ ᠪᠣᠯᠬᠤ ᠪᠢᠯᠡ᠃ ᠣᠯᠠᠨ ᠵᠢᠯ ᠦ᠋ᠨ ᠡᠮᠦᠨ᠎ᠡ《ᠬᠠᠰᠠᠷ ᠴᠢᠮᠠᠶ᠋ᠢ ᠤᠯᠤᠰ ᠤ᠋ᠨ ᠡᠷᠬᠡ ᠶ᠋ᠢ ᠪᠠᠷᠢᠨ᠎ᠠ ᠭᠡᠵᠦ ᠲᠡᠭᠷᠢ ᠬᠡᠯᠡᠯ᠎ᠡ 》 ᠭᠡᠵᠦ ᠬᠥᠭᠡᠴᠦ ᠶ᠋ᠢᠨ ᠬᠡᠯᠡᠭᠰᠡᠨ ᠳ᠋ᠦ᠍ ᠪᠢ ᠶᠡᠬᠡᠳᠡ ᠠᠭᠤᠷᠯᠠᠵᠤ《ᠲᠡᠮᠦᠵᠢᠨ ᠠᠬ᠎ᠠ ᠲᠠᠢ ᠡᠪᠳᠡᠷᠡᠯᠴᠡᠭᠦᠯᠦᠨ ᠠᠯᠠᠯᠳᠤᠭᠤᠯᠬᠤ ᠮᠠᠭᠤ ᠠᠷᠭ᠎ᠠ ᠰᠠᠲᠤᠪᠠ》 ᠭᠡᠵᠦ ᠰᠠᠨᠠᠭᠰᠠᠨ ᠪᠢᠯᠡ᠃ ᠠᠬ᠎ᠠ ᠲᠠ ᠢᠩᠭᠢᠵᠦ ᠰᠠᠨᠠᠭᠰᠠᠨ ᠢ᠋ ᠪᠢ ᠮᠡᠳᠡᠵᠦ ᠪᠠᠢᠨ᠎ᠠ᠃ ᠭᠡᠲᠡᠯ᠎ᠡ ᠲᠡᠭᠷᠢ ᠶ᠋ᠢᠨ ᠵᠠᠷᠯᠢᠭ ᠲᠤ᠌ ᠨᠠᠮᠠᠶ᠋ᠢ ᠬᠠᠭᠠᠨ ᠠᠬ᠎ᠠ ᠲᠠᠢ ᠪᠠᠨ ᠥᠷᠢᠰᠦᠯᠳᠦᠨ ᠲᠡᠮᠡᠴᠡᠬᠦ ᠶ᠋ᠢ ᠪᠤᠰᠤ ᠥᠪᠡᠷ ᠦ᠋ᠨ ᠲᠤᠰᠠᠭᠠᠷ ᠤᠯᠤᠰ ᠪᠠᠢᠭᠤᠯᠬᠤ ᠶ᠋ᠢ ᠬᠡᠯᠡᠵᠡᠢ᠃ ᠪᠢ ᠡᠭᠦᠨ ᠢ᠋ ᠰᠠᠶᠢᠬᠠᠨ ᠯᠠ ᠣᠢᠯᠠᠭᠠᠵᠤ ᠮᠡᠳᠡᠪᠡ᠃ ᠭᠠᠵᠠᠷ ᠣᠷᠣᠨ ᠡᠢᠮᠦ ᠠᠭᠤᠳᠠᠮ ᠪᠠᠢᠬᠤ ᠳ᠋ᠤ᠌ ᠠᠬ᠎ᠠ ᠲᠠ ᠪᠢᠳᠡ ᠬᠣᠶᠠᠷ ᠵᠡᠷᠭᠡᠴᠡᠨ ᠰᠠᠭᠤᠵᠤ ᠵᠥᠷᠢᠯᠳᠦᠨ ᠲᠡᠮᠡᠴᠡᠬᠦ ᠶ᠋ᠢᠨ ᠬᠡᠷᠡᠭ ᠶᠠᠭᠤᠨ᠃ ᠲᠠ ᠪᠢᠳᠡ ᠬᠣᠶᠠᠷ ᠶᠡᠬᠡ ᠤᠯᠤᠰ ᠢ᠋ ᠪᠠᠢᠭᠤᠯᠪᠠᠯ ᠡᠨᠡ ᠶᠢᠷᠲᠢᠨᠴᠦ ᠪᠦᠬᠦᠯᠢ ᠳ᠋ᠡᠭᠡᠨ ᠶᠢᠰᠦᠭᠡᠢ ᠶ᠋ᠢᠨ ᠬᠥᠪᠡᠭᠦᠳ ᠦ᠋ᠨ ᠮᠠᠲᠠᠯ ᠳ᠋ᠤ᠌ ᠬᠤᠷᠢᠶᠠᠭᠳᠠᠬᠤ ᠪᠣᠯᠤᠨ᠎ᠠ᠃ ᠴᠣᠬᠣᠮ ᠡᠨᠡ ᠲᠤᠬᠠᠢ ᠠᠯᠤᠩᠭᠤᠸ᠎ᠠ ᠡᠬᠡ ᠶ᠋ᠢᠨ ᠲᠤᠬᠠᠢ ᠪᠣᠯᠤᠭᠠᠳ ᠪᠤᠶᠠᠨᠲᠠᠢ ᠡᠪᠦᠭᠡᠨ ᠦ᠌ ᠲᠤᠬᠠᠢ ᠳᠣᠮᠣᠭ ᠲᠤ᠌ ᠳᠤᠷᠠᠳᠤᠭᠰᠠᠨ ᠢ᠋ ᠮᠡᠳᠡᠭᠡᠳ ᠥᠭᠡᠯᠦᠨ ᠡᠬᠡ ᠮᠠᠨᠢ ᠪᠢᠳᠡᠨ ᠳ᠋ᠦ᠍ ᠥᠭᠦᠯᠡᠵᠡᠢ᠃ ᠡᠨᠡ ᠳᠣᠮᠣᠭ ᠢ᠋ ᠦᠨᠡᠨ ᠪᠣᠯᠭᠠᠬᠤ ᠴᠠᠭ ᠣᠳᠣ ᠨᠢᠭᠡᠨᠲᠡ ᠢᠷᠡᠪᠡ ᠭᠡᠵᠦ ᠬᠡᠯᠡᠭᠡᠳ ᠬᠠᠰᠠᠷ ᠰᠠᠶᠢ ᠯᠠ ᠨᠢᠭᠡ ᠲᠠᠢᠪᠤᠰᠢᠷᠠᠵᠠᠢ᠃ ᠴᠢᠩᠭᠢᠰ ᠬᠠᠭᠠᠨ ᠬᠣᠢᠮᠣᠷ ᠲᠤ᠌ ᠵᠣᠭᠰᠣᠭᠰᠠᠨ ᠴᠢᠭ ᠢ᠋ᠶ᠋ᠡᠷ ᠪᠣᠳᠣᠯ ᠳ᠋ᠤ᠌ ᠠᠪᠲᠠᠵᠠᠢ᠃ ᠬᠠᠰᠠᠷ ᠤ᠋ᠨ ᠬᠡᠯᠡᠭᠰᠡᠨ ᠳ᠋ᠦ᠍ ᠶᠡᠷᠦ ᠡᠪ ᠦᠭᠡᠢ ᠬᠣᠷᠣᠨ ᠰᠠᠨᠠᠭ᠎ᠠ ᠡᠪᠳᠡᠷᠡᠯᠴᠡᠯ ᠦ᠋ᠨ ᠰᠢᠨᠵᠢ ᠢᠯᠡᠷᠡᠭᠰᠡᠨ ᠦᠭᠡᠢ᠃ ᠪᠠᠰᠠ ᠶᠠᠭ ᠬᠠᠰᠠᠷ ᠤ᠋ᠨ ᠬᠡᠯᠡᠭᠰᠡᠨ ᠢ᠋ᠶ᠋ᠡᠷ ᠢᠩᠭᠢᠵᠦ ᠬᠢᠬᠦ ᠨᠢ ᠵᠦᠢᠲᠡᠢ ᠮᠡᠲᠦ ᠰᠠᠨᠠᠭᠳᠠᠭᠰᠠᠨ ᠪᠢᠯᠡ᠃ ᠬᠠᠰᠠᠷ ᠥᠪᠡᠷ ᠦ᠋ᠨ ᠤᠯᠤᠰ ᠢ᠋ ᠪᠠᠢᠭᠤᠯᠪᠠᠯ ᠪᠣᠯᠬᠤ ᠦᠭᠡᠢ ᠶᠠᠭᠤᠮ᠎ᠠ ᠦᠭᠡᠢ᠂ ᠪᠠᠰᠠ ᠲᠡᠷᠡ ᠢᠩᠭᠢᠬᠦ ᠡᠷᠬᠡ ᠲᠡᠢ ᠶᠦᠮ᠃ ᠲᠡᠷᠡ ᠨᠢᠭᠡᠨᠲᠡ ᠢᠩᠭᠢᠵᠦ ᠰᠢᠢᠳᠦᠭᠰᠡᠨ ᠪᠣᠯ ᠬᠠᠰᠠᠷ ᠲᠤ᠌ ᠬᠡᠨ ᠴᠦ᠍ ᠰᠠᠭᠠᠳ ᠬᠢᠵᠦ ᠴᠢᠳᠠᠬᠤ ᠦᠭᠡᠢ ᠬᠡᠷᠡᠭ ᠪᠠᠢᠪᠠ᠃ ᠡᠢᠮᠦ ᠵᠣᠷᠢᠯᠭ᠎ᠠ᠂ ᠦᠨᠡᠨ ᠵᠥᠪ ᠱᠠᠭᠠᠷᠳᠠᠯᠭ᠎ᠠ ᠶ᠋ᠢ ᠪᠡᠶᠡᠯᠡᠭᠦᠯᠬᠦ ᠦᠭᠡᠢ ᠡᠰᠡᠷᠭᠦᠴᠡᠬᠦ ᠥᠴᠦᠬᠡᠨ ᠲᠡᠳᠦᠢ ᠰᠢᠯᠲᠠᠭ ᠲᠡᠷᠡ ᠦᠶ᠎ᠡ ᠳ᠋ᠦ᠍ ᠴᠢᠩᠭᠢᠰ ᠬᠠᠭᠠᠨ ᠳ᠋ᠤ᠌ ᠣᠯᠳᠠᠭᠰᠠᠨ ᠦᠭᠡᠢ ᠲᠤᠯᠠ 
       | ᠬᠠᠰᠠᠷ ᠴᠢ ᠵᠥᠪ ᠪᠣᠳᠣᠵᠠᠢ᠃ ᠲᠤᠰᠠᠭᠠᠷ ᠶᠡᠬᠡ ᠤᠯᠤᠰ ᠪᠠᠢᠭᠤᠯᠬᠤ ᠶ᠋ᠢ ᠰᠠᠨᠠᠭᠰᠠᠨ ᠴᠢᠨᠢ ᠰᠠᠢᠨ ᠬᠡᠷᠡᠭ ᠪᠣᠯᠵᠠᠢ᠃ ᠴᠢ ᠴᠦ᠍ ᠡᠭᠦᠨ ᠢ᠋ ᠴᠢᠳᠠᠬᠤ ᠪᠢᠯᠡ᠃ ᠪᠢ ᠶᠡᠬᠡ ᠬᠤᠷᠠᠯᠲᠠᠢ ᠶ᠋ᠢ ᠬᠤᠷᠠᠯᠳᠤᠭᠤᠯᠵᠤ ᠵᠠᠷᠯᠢᠭ ᠪᠠᠭᠤᠯᠭᠠᠶ᠎ᠠ᠃ ᠴᠢ ᠥᠪᠡᠷ ᠦ᠋ᠨ ᠤᠯᠤᠰ ᠢ᠋ ᠬᠡᠯᠡᠭᠰᠡᠨ ᠢ᠋ᠶ᠋ᠡᠷ ᠢ᠋ᠶ᠋ᠡᠨ ᠨᠡᠷᠡᠯᠡᠭᠲᠦᠨ᠃ ᠬᠠᠷᠢᠨ ᠶᠡᠬᠡ ᠬᠤᠷᠠᠯᠲᠠᠢ ᠬᠤᠷᠠᠯᠳᠤᠵᠤ ᠨᠠᠮᠠᠶ᠋ᠢ ᠵᠠᠷᠯᠢᠭ ᠪᠠᠭᠤᠯᠭᠠᠲᠠᠯ᠎ᠠ ᠡᠨᠡ ᠪᠦᠬᠦᠨ ᠢ᠋ ᠴᠢᠩᠳᠠᠯᠠᠨ ᠨᠢᠭᠤᠴᠠᠯᠠᠬᠤ ᠨᠢ ᠵᠥᠪ᠃ ᠴᠠᠭᠠᠨ ᠬᠡᠯᠡ ᠠᠮᠠ ᠬᠦᠷᠴᠦ ᠪᠣᠯᠤᠨ᠎ᠠ᠃ ᠳᠡᠭᠦᠦ ᠴᠢᠨᠦ ᠲᠤᠰᠠᠭᠠᠷ ᠤᠯᠤᠰ ᠪᠠᠢᠭᠤᠯᠬᠤ ᠬᠦᠰᠡᠯ ᠢ᠋ ᠬᠣᠷᠣᠨ ᠰᠠᠨᠠᠭᠠᠲᠠᠨ ᠠᠰᠢᠭᠯᠠᠵᠤ ᠪᠢᠳᠡᠨ ᠢ᠋ ᠡᠪᠳᠡᠷᠡᠯᠴᠡᠪᠡ ᠭᠡᠮᠡᠨ ᠮᠤᠰᠬᠢᠨ ᠭᠤᠢᠪᠢᠭᠤᠯᠵᠤ ᠮᠡᠳᠡᠬᠦ ᠲᠤᠯᠠ ᠪᠢ ᠢᠩᠭᠢᠵᠦ ᠪᠣᠳᠣᠪᠠ ᠭᠡᠵᠦ ᠬᠡᠯᠡᠭᠰᠡᠨ ᠳ᠋ᠦ᠍ ᠬᠠᠰᠠᠷ ᠲᠡᠭᠦᠨ ᠦ᠌ ᠦᠭᠡ ᠶ᠋ᠢ ᠰᠠᠢᠰᠢᠶᠠᠨ ᠵᠥᠪᠰᠢᠶᠡᠷᠡᠵᠦ ᠪᠠᠶᠠᠷ ᠬᠥᠷ ᠳᠦᠭᠦᠷᠡᠩ ᠨᠤᠲᠤᠭ ᠢ᠋ᠶ᠋ᠠᠨ ᠵᠣᠷᠢᠭᠰᠠᠨ ᠪᠢᠯᠡ᠃ ᠳᠡᠭᠡᠷᠡᠬᠢ ᠦᠭᠡ ᠶ᠋ᠢ ᠴᠢᠩᠭᠢᠰ ᠬᠠᠭᠠᠨ ᠦᠨᠡᠨ ᠰᠡᠳᠬᠢᠯ ᠡᠴᠡ ᠪᠦᠷ ᠶᠠᠭ ᠢᠩᠭᠢᠵᠦ ᠬᠢᠬᠦ ᠪᠡᠷ ᠰᠢᠢᠳᠦᠭᠰᠡᠨ ᠮᠡᠲᠦ ᠬᠡᠯᠡᠭᠰᠡᠨ ᠪᠢᠯᠡ᠃ ᠭᠡᠪᠡᠴᠦ ᠬᠠᠰᠠᠷ ᠲᠤ᠌ ᠬᠡᠯᠡᠭᠰᠡᠨ ᠦᠭᠡ ᠨᠢ ᠲᠡᠭᠦᠨ ᠦ᠌ ᠶᠡᠬᠡ ᠬᠦᠰᠡᠯ᠂ ᠦᠢᠯᠡ ᠶ᠋ᠢ ᠲᠦᠷ ᠬᠤᠭᠤᠴᠠᠭ᠎ᠠ ᠪᠠᠷ ᠰᠠᠭᠠᠲᠠᠭᠤᠯᠵᠤ ᠴᠠᠭ ᠬᠣᠨᠵᠢᠭᠰᠠᠨ ᠲᠡᠳᠦᠢ ᠠᠷᠭ᠎ᠠ ᠪᠣᠯᠤᠭᠠᠳ ᠥᠩᠭᠡᠷᠡᠬᠦ ᠤᠴᠢᠷᠲᠠᠢ ᠪᠠᠢᠵᠠᠢ᠃ ᠬᠠᠰᠠᠷ ᠲᠤ᠌ ᠶᠠᠭᠠᠬᠢᠪᠠᠴᠤ ᠲᠤᠰᠠᠭᠠᠷ ᠤᠯᠤᠰ ᠪᠠᠢᠭᠤᠯᠬᠤ ᠡᠷᠬᠡ ᠣᠯᠭᠣᠵᠤ ᠪᠣᠯᠬᠤ ᠦᠭᠡᠢ ᠪᠠᠢᠪᠠ᠃ ᠴᠢᠩᠭᠢᠪᠡᠰᠦ ᠵᠣᠪᠠᠵᠤ ᠪᠠᠢᠭᠤᠯᠤᠭᠰᠠᠨ ᠤᠯᠤᠰ ᠢ᠋ᠶ᠋ᠠᠨ ᠡᠪᠳᠡᠨ ᠨᠤᠷᠠᠭᠠᠭᠰᠠᠨ ᠲᠠᠢ ᠦᠯᠢᠭᠡᠷ ᠨᠢᠭᠡ ᠪᠣᠯᠬᠤ ᠶᠤᠮ᠃ ᠵᠥᠪᠬᠡᠨ ᠨᠢᠭᠡᠳᠬᠡᠵᠦ ᠨᠢᠭᠡ ᠭᠠᠷ ᠤ᠋ᠨ ᠳᠣᠣᠷ᠎ᠠ ᠵᠠᠬᠢᠷᠤᠭᠤᠯᠬᠤ ᠶ᠋ᠢ ᠬᠦᠰᠡᠵᠦ ᠵᠢᠳᠬᠦᠭᠰᠡᠭᠡᠷ ᠢᠷᠡᠭᠰᠡᠨ ᠮᠥᠷᠲᠡᠯ᠎ᠡ ᠪᠡᠨ ᠬᠠᠰᠠᠷ ᠤ᠋ᠨ ᠬᠠᠲᠠᠭᠤ ᠦᠭᠡ᠂ ᠬᠠᠷ᠎ᠠ ᠵᠣᠷᠢᠭ ᠠ᠋ᠴᠠ ᠠᠶᠤᠵᠤ ᠡᠴᠦᠰ ᠲᠦ᠋ᠨᠢ ᠨᠢᠭᠡ ᠵᠣᠷᠢᠯᠭ᠎ᠠ ᠠ᠋ᠴᠠ ᠪᠠᠨ ᠤᠬᠤᠷᠢᠬᠤ ᠶ᠋ᠢ ᠲᠡᠷᠡ ᠬᠦᠰᠡᠭᠰᠡᠨ ᠦᠭᠡᠢ᠃ ᠬᠠᠰᠠᠷ ᠲᠤ᠌ ᠲᠤᠰᠠᠭᠠᠷ ᠡᠷᠬᠡ ᠥᠭᠪᠡᠯ ᠲᠡᠮᠦᠭᠡ ᠪᠣᠯᠤᠭᠠᠳ ᠬᠠᠴᠢᠭᠤᠨ ᠤ᠋ ᠦᠷ᠎ᠡ ᠤᠳᠤᠮ ᠶᠠᠭᠤ ᠬᠢᠬᠦ ᠪᠣᠢ? ᠡᠨᠡ ᠭᠠᠵᠠᠷ ᠣᠷᠣᠨ ᠢ᠋ ᠨᠢᠭᠡᠳᠬᠡᠬᠦ ᠦᠭᠡᠢ ᠪᠡᠷ ᠠᠮᠤᠷ ᠠᠮᠤᠭᠤᠯᠠᠩ ᠣᠷᠣᠰᠢᠵᠤ ᠴᠢᠳᠠᠬᠤ ᠦᠭᠡᠢ ᠭᠡᠵᠦ ᠴᠢᠩᠭᠢᠰ ᠬᠠᠭᠠᠨ ᠦᠵᠡᠬᠦ ᠲᠤᠯᠠ ᠬᠠᠰᠠᠷ ᠤ᠋ᠨ ᠦᠢᠯᠡᠳᠦᠯ ᠢ᠋ ᠭᠠᠵᠠᠷ ᠠᠪᠬᠠᠭᠤᠯᠬᠤ ᠦᠭᠡᠢ ᠵᠣᠭᠰᠣᠭᠠᠬᠤ ᠠ᠋ᠴᠠ ᠥᠭᠡᠷ᠎ᠡ ᠵᠠᠮ ᠣᠯᠤᠭᠰᠠᠨ ᠦᠭᠡᠢ᠃ ᠥᠪᠡᠷ ᠦ᠋ᠨ ᠶᠡᠬᠡ ᠤᠯᠤᠰ ᠤ᠋ᠨ ᠢᠷᠡᠭᠡᠳᠦᠢ ᠶ᠋ᠢᠨ ᠡᠩᠬᠡ ᠠᠮᠤᠷ ᠠᠮᠢᠳᠤᠷᠠᠯ᠂ ᠪᠦᠷᠢᠨ ᠪᠦᠲᠦᠨ ᠣᠷᠣᠰᠢᠨ ᠪᠠᠢᠬᠤ ᠪᠠᠲᠤ ᠦᠨᠳᠦᠰᠦ ᠶ᠋ᠢ ᠬᠠᠮᠠᠭᠠᠯᠠᠬᠤ ᠶ᠋ᠢᠨ ᠲᠤᠯᠠᠳᠠ ᠰᠠᠯᠤᠨ ᠲᠤᠰᠠᠭᠠᠷᠯᠠᠬᠤ ᠭᠡᠰᠡᠨ ᠬᠡᠨ ᠢ᠋ ᠴᠦ᠍ ᠪᠣᠯᠪᠠ ᠨᠠᠢᠷ ᠲᠠᠯᠪᠢᠨ ᠥᠷᠥᠰᠢᠶᠡᠬᠦ ᠦᠭᠡᠢ ᠪᠠᠢᠬᠤ ᠶᠣᠰᠣᠲᠠᠢ ᠶ᠋ᠢ ᠲᠡᠷᠡ ᠣᠢᠯᠠᠭᠠᠭᠰᠠᠨ ᠪᠢᠯᠡ᠃ ᠡᠭᠦᠨ ᠡᠴᠡ ᠡᠭᠦᠳᠦᠭᠡᠳ ᠬᠠᠰᠠᠷ ᠤ᠋ᠨ ᠲᠡᠷᠡ ᠬᠦ᠌ ᠵᠣᠷᠢᠮᠠᠭ ᠬᠦᠰᠡᠯ ᠵᠣᠷᠢᠯᠭ᠎ᠠ ᠶ᠋ᠢ ᠦᠯᠦ ᠲᠡᠪᠴᠢᠨ ᠪᠤᠬᠢᠨᠢᠳᠤᠬᠤ ᠪᠣᠯᠵᠤ ᠶᠠᠭᠠᠷᠠᠵᠤ ᠲᠡᠪᠡᠳᠡᠬᠦ ᠨᠢ ᠨᠡᠮᠡᠭᠳᠡᠵᠡᠢ᠃ ᠬᠠᠰᠠᠷ ᠲᠡᠭᠦᠨ ᠦ᠌ ᠵᠠᠷᠯᠢᠭ ᠢ᠋ ᠬᠦᠯᠢᠶᠡᠯ ᠦᠭᠡᠢ ᠪᠡᠷ ᠠᠯᠲᠠᠨ ᠤᠯᠤᠰ ᠲᠤ᠌ ᠳᠣᠪᠲᠣᠯᠤᠨ ᠣᠷᠣᠪᠠᠯ ᠶᠠᠭᠤ ᠪᠣᠯᠬᠤ ᠪᠢᠯᠡ᠃ ᠡᠰᠡᠪᠡᠯ ᠥᠪᠡᠷ ᠦ᠋ᠨ ᠤᠯᠤᠰ ᠢ᠋ ᠳᠤᠷ᠎ᠠ ᠮᠡᠳᠡᠵᠦ ᠲᠤᠩᠬᠠᠭᠯᠠᠨ ᠵᠠᠷᠯᠠᠪᠠᠯ ᠶᠠᠭᠠᠬᠢᠨ᠎ᠠ ᠭᠡᠵᠦ ᠪᠣᠳᠣᠬᠤ ᠠ᠋ᠴᠠ ᠪᠠᠢᠵᠤ ᠰᠠᠭᠤᠬᠤ ᠶ᠋ᠢᠨ ᠠᠷᠭ᠎ᠠ ᠦᠭᠡᠢ ᠪᠣᠯᠵᠠᠢ᠃ ᠬᠠᠰᠠᠷ ᠴᠣᠬᠣᠮ ᠳ᠋ᠠᠭᠠᠨ ᠶᠠᠭ ᠳᠠᠪ ᠲᠩᠷᠢ ᠶ᠋ᠢᠨ ᠠᠳᠠᠯᠢ ᠲᠡᠭᠦᠨ ᠦ᠌ ᠰᠡᠳᠬᠢᠯ ᠦ᠋ᠨ ᠳᠣᠲᠣᠷᠠᠬᠢ ᠳᠠᠢᠰᠤᠨ ᠪᠣᠯᠵᠠᠢ᠃ ᠲᠡᠭᠦᠨ ᠲᠡᠢ ᠢᠯᠡ ᠪᠡᠷ ᠲᠡᠮᠡᠴᠡᠯᠳᠦᠨ ᠪᠤᠯᠢᠶᠠᠯᠳᠤᠬᠤ ᠨᠢ ᠪᠣᠰᠬᠠᠭᠰᠠᠨ ᠤᠯᠤᠰ ᠢ᠋ᠶ᠋ᠠᠨ ᠨᠤᠷᠠᠭᠠᠭᠰᠠᠨ ᠲᠠᠢ ᠠᠳᠠᠯᠢ ᠠᠭᠠᠳ ᠶᠡᠬᠡ ᠮᠣᠩᠭᠣᠯ ᠤᠯᠤᠰ ᠤ᠋ᠨ ᠳᠣᠲᠣᠷ᠎ᠠ ᠴᠢᠩᠭᠢᠰ ᠬᠠᠭᠠᠨ ᠠ᠋ᠴᠠ ᠭᠠᠳᠠᠨ᠎ᠠ ᠬᠠᠰᠠᠷ ᠰᠢᠭ᠋ ᠡᠷᠬᠡ ᠮᠠᠲᠠᠯ ᠲᠠᠢ ᠪᠥᠭᠡᠳ ᠥᠪᠡᠷ ᠦ᠋ᠨ ᠬᠦᠴᠦᠷᠬᠡᠭ ᠴᠡᠷᠢᠭ ᠲᠡᠢ ᠬᠥᠮᠦᠨ ᠨᠢᠭᠡ ᠴᠦ᠍ ᠦᠭᠡᠢ ᠪᠠᠢᠭᠰᠠᠨ ᠨᠢ ᠴᠢᠩᠭᠢᠰ ᠬᠠᠭᠠᠨ ᠢ᠋ ᠮᠤᠬᠤᠷᠳᠠᠭᠤᠯᠵᠤ ᠪᠠᠢᠪᠠ᠃ ᠪᠠᠰᠠ ᠬᠠᠰᠠᠷ ᠢ᠋ ᠰᠢᠭᠤᠳ ᠡᠰᠡᠷᠭᠦᠴᠡᠵᠦ ᠲᠡᠭᠦᠨ ᠲᠡᠢ ᠡᠪᠳᠡᠷᠡᠯᠴᠡᠬᠦ ᠦᠭᠡᠢ ᠠᠶᠠᠲᠠᠢ ᠦᠭᠡ ᠬᠡᠯᠡᠨ ᠠᠷᠭᠠᠯᠠᠨ ᠲᠠᠢᠪᠤᠰᠢᠷᠠᠭᠤᠯᠵᠤ ᠶᠠᠪᠤᠭᠤᠯᠤᠭᠰᠠᠨ ᠨᠢ ᠵᠥᠪ ᠪᠣᠯᠪᠠ ᠭᠡᠵᠦ ᠲᠩᠷᠢ ᠳ᠋ᠦ᠍ ᠲᠠᠯᠠᠷᠬᠠᠨ ᠮᠥᠷᠭᠥᠵᠡᠢ᠃ ᠬᠠᠰᠠᠷ ᠢ᠋ ᠨᠢᠭᠡ ᠤᠳᠠᠭ᠎ᠠ ᠤᠯᠤᠰ ᠤ᠋ᠨ ᠡᠷᠬᠡ ᠪᠠᠷᠢᠨ᠎ᠠ ᠭᠡᠵᠦ ᠳᠠᠪ ᠲᠡᠭᠷᠢ ᠪᠥᠬᠡ ᠦᠨᠡᠨ ᠬᠡᠯᠡᠵᠡᠢ ᠭᠡᠳᠡᠭ ᠲᠦ᠍ ᠴᠢᠩᠭᠢᠰ ᠬᠠᠭᠠᠨ ᠳᠠᠬᠢᠨ ᠢᠲᠡᠭᠡᠪᠡ᠃ ᠡᠢᠮᠦ ᠡᠴᠡ ᠬᠡᠯᠡᠭᠰᠡᠨ ᠦᠭᠡ᠂ ᠠᠮᠠᠯᠠᠭᠰᠠᠨ ᠵᠦᠢᠯ ᠳᠤᠨᠢ ᠬᠠᠰᠠᠷ ᠢᠲᠡᠭᠡᠵᠦ ᠲᠠᠢᠪᠤᠰᠢᠷᠠᠭᠠᠳ ᠪᠣᠢ ᠴᠣᠬᠣᠮ ᠡᠨᠡ ᠴᠠᠭ ᠲᠤ᠌ ᠯᠠ ᠲᠡᠭᠦᠨ ᠢ᠋ ᠨᠢᠭᠡᠮᠦᠰᠦᠨ ᠦᠭᠡᠢ ᠬᠢᠬᠦ ᠨᠢ ᠭᠠᠭᠴᠠ ᠵᠥᠪ ᠵᠠᠮ ᠭᠡᠵᠦ ᠴᠢᠩᠭᠢᠰ ᠬᠠᠭᠠᠨ ᠡᠷᠭᠢᠯᠲᠡ ᠦᠭᠡᠢ ᠰᠢᠢᠳᠴᠡᠢ᠃ ᠶᠠᠭ ᠡᠨᠡ ᠦᠶ᠎ᠡ  ᠳ᠋ᠦ᠍ ᠪᠤᠭᠤᠷᠴᠢ ᠠᠯᠲᠠᠢ ᠶ᠋ᠢᠨ ᠥᠪᠥᠷ ᠲᠡᠬᠢ ᠬᠦᠷᠢᠶᠡᠨ ᠡᠴᠡ ᠪᠡᠨ ᠴᠢᠩᠭᠢᠰ ᠬᠠᠭᠠᠨ ᠤ᠋ ᠬᠦᠷᠢᠶᠡᠨ ᠳ᠋ᠦ᠍ ᠢᠷᠡᠭᠰᠡᠨ ᠨᠢ ᠲᠡᠭᠷᠢ ᠶ᠋ᠢᠨ ᠳᠠᠭᠠᠯᠠᠭᠰᠠᠨ ᠢ᠋ᠶ᠋ᠠᠷ  ᠪᠣᠯᠪᠠ ᠭᠡᠵᠦ ᠴᠢᠩᠭᠢᠰ ᠬᠠᠭᠠᠨ ᠪᠠᠶᠠᠷᠯᠠᠵᠠᠢ᠃ 
       ᠬᠡᠷᠡᠭ ᠶᠠᠪᠤᠳᠠᠯ ᠴᠢᠩᠭᠢᠰ ᠬᠠᠭᠠᠨ ᠤ᠋ ᠰᠠᠨᠠᠭᠰᠠᠨ ᠢ᠋ᠶ᠋ᠠᠷ ᠪᠣᠯᠵᠤ ᠲᠡᠷᠡ ᠥᠪᠡᠷ ᠦ᠋ᠨ ᠤᠯᠤᠰ ᠢ᠋ ᠪᠤᠲᠠᠷᠠᠬᠤ ᠠᠶᠤᠯ ᠠ᠋ᠴᠠ ᠰᠡᠷᠭᠡᠢᠯᠡᠵᠦ ᠬᠠᠰᠠᠷ ᠢ᠋ ᠬᠡᠯᠡ ᠠᠮᠠ ᠦᠭᠡᠢ ᠦᠬᠦᠭᠦᠯᠵᠦ ᠴᠢᠳᠠᠪᠠ᠃ ᠭᠡᠪᠡᠴᠦ ᠲᠤᠰᠠᠭᠠᠷ ᠤᠯᠤᠰ ᠪᠠᠢᠭᠤᠯᠬᠤ ᠬᠦᠰᠡᠯ ᠭᠠᠭᠴᠠ ᠬᠠᠰᠠᠷ ᠲᠤ᠌ ᠪᠠᠢᠭ᠎ᠠ ᠦᠭᠡᠢ ᠨᠢ ᠯᠠᠪᠲᠠᠢ ᠶ᠋ᠢ ᠲᠡᠷᠡ ᠲᠠᠭᠠᠮᠠᠭᠯᠠᠵᠠᠢ᠃ ᠡᠢᠮᠦ ᠡᠴᠡ ᠰᠠᠯᠵᠤ ᠲᠤᠰᠠᠭᠠᠷᠯᠠᠬᠤ ᠭᠡᠰᠡᠨ ᠬᠡᠨ ᠢ᠋ ᠴᠦ᠍ ᠪᠣᠯᠪᠠ ᠡᠵᠡᠨᠲᠦ ᠤᠯᠤᠰ ᠤ᠋ᠨ ᠡᠪ ᠨᠢᠭᠡᠳᠦᠯ᠂ ᠶᠡᠬᠡ ᠵᠣᠷᠢᠯᠭ᠎ᠠ ᠶ᠋ᠢᠨ ᠢ᠋ᠶ᠋ᠡᠨ ᠳᠠᠢᠰᠤᠨ ᠭᠡᠵᠦ ᠦᠵᠡᠵᠦ ᠥᠷᠥᠰᠢᠶᠡᠬᠦ ᠦᠭᠡᠢ ᠪᠠᠢᠬᠤ ᠪᠠᠷ ᠴᠢᠩᠭᠢᠰ ᠬᠠᠭᠠᠨ ᠡᠷᠭᠢᠯᠲᠡ ᠪᠤᠴᠠᠯᠲᠠ ᠦᠭᠡᠢ ᠪᠡᠷ ᠰᠢᠢᠳᠴᠦ ᠬᠣᠵᠢᠮ ᠬᠣᠢᠰᠢᠳᠠ ᠵᠠᠷᠯᠢᠭ ᠪᠣᠯᠭᠠᠨ ᠬᠡᠷᠡᠭᠵᠢᠭᠦᠯᠬᠦ ᠪᠡᠷ ᠲᠣᠭᠲᠠᠵᠠᠢ᠃ ᠡᠨᠡ ᠪᠣᠯ ᠵᠥᠪᠬᠡᠨ ᠭᠠᠭᠴᠠ ᠲᠡᠭᠦᠨ ᠦ᠌ ᠪᠣᠳᠣᠯ ᠪᠢᠰᠢ ᠰᠢᠳᠠᠷ ᠤ᠋ᠳ ᠨᠢ ᠴᠦ᠍ ᠳᠡᠮᠵᠢᠳᠡᠭ ᠶᠡᠬᠡ ᠮᠣᠩᠭᠣᠯ ᠤᠯᠤᠰ ᠤ᠋ᠨ ᠲᠥᠷᠥ ᠶ᠋ᠢᠨ ᠪᠣᠳᠣᠯᠭ᠎ᠠ ᠪᠣᠯᠤᠭᠰᠠᠨ ᠪᠠᠢᠯ᠎ᠠ᠃ ᠭᠡᠲᠡᠯ᠎ᠡ ᠡᠢᠮᠦ ᠨᠢᠭᠤᠴᠠ ᠴᠢᠬᠤᠯᠠ ᠬᠡᠷᠡᠭ ᠦ᠋ᠨ ᠠᠮᠢᠳᠤ ᠭᠡᠷᠡᠴᠢ ᠦᠯᠡᠳᠡᠭᠰᠡᠨ ᠢ᠋ ᠦᠵᠡᠭᠡᠳ ᠥᠩᠭᠡᠷᠡᠭᠰᠡᠨ ᠲᠡᠷᠡ ᠡᠮᠵᠡᠭ ᠶᠠᠪᠤᠳᠠᠯ ᠡᠷᠬᠡ ᠦᠭᠡᠢ ᠰᠠᠨᠠᠭᠳᠠᠨ ᠴᠢᠩᠭᠢᠰ ᠬᠠᠭᠠᠨ ᠴᠣᠴᠢᠵᠤ ᠭᠢᠷᠳ᠊ᠬᠢᠭᠰᠡᠨ ᠨᠢ ᠡᠨᠡ ᠶᠦᠮ᠃ ᠪᠠᠰᠠ ᠵᠥᠴᠢ ᠲᠡᠭᠦᠨ ᠦ᠌ ᠵᠠᠷᠯᠢᠭ ᠢ᠋ ᠪᠡᠶᠡᠯᠡᠭᠦᠯᠬᠦ ᠦᠭᠡᠢ ᠪᠠᠢᠭᠰᠠᠨ ᠨᠢ ᠭᠠᠭᠴᠠ ᠬᠤᠷᠽᠸᠮ ᠳ᠋ᠤ᠌ ᠪᠣᠯᠤᠭᠰᠠᠨ ᠬᠡᠷᠡᠭ ᠪᠢᠰᠢ ᠭᠡᠳᠡᠭ ᠨᠢ ᠲᠣᠳᠣᠷᠬᠠᠢ ᠪᠣᠯᠤᠭᠰᠠᠨ ᠪᠥᠭᠡᠳ ᠡᠨᠡ ᠶᠠᠪᠤᠳᠠᠯ ᠲᠡᠭᠦᠨ ᠢ᠋ ᠭᠤᠨᠢᠭᠲᠤ ᠪᠣᠳᠣᠯ ᠳ᠋ᠤ᠌ ᠠᠪᠲᠠᠭᠤᠯᠵᠠᠢ᠃ ᠲᠡᠭᠦᠨ ᠦ᠌ ᠦᠭᠡ᠂ ᠵᠠᠷᠯᠢᠭ ᠢ᠋ ᠲᠡᠭᠷᠢ ᠶ᠋ᠢᠨ ᠵᠠᠷᠯᠢᠭ ᠠᠳᠠᠯᠢ ᠣᠯᠠᠨ ᠪᠦᠭᠦᠳᠡᠭᠡᠷ ᠦᠭᠡ ᠳᠠᠭᠤ ᠦᠭᠡᠢ ᠪᠡᠶᠡᠯᠡᠭᠦᠯᠦᠨ ᠳᠠᠭᠠᠳᠠᠭ ᠭᠡᠵᠦ ᠢᠲᠡᠭᠡᠵᠦ ᠶᠠᠪᠤᠭᠰᠠᠨ ᠨᠢ ᠬᠤᠳᠠᠯ ᠪᠣᠯᠬᠤ ᠶ᠋ᠢ ᠦᠵᠡᠭᠡᠳ ᠴᠣᠴᠢᠷᠳᠠᠨ ᠬᠢᠯᠢᠩᠨᠡᠵᠦ ᠪᠤᠭᠤᠷᠴᠢ ᠶ᠋ᠢ ᠳᠠᠭᠤᠳᠠᠭᠰᠠᠨ ᠪᠢᠯᠡ᠃ ᠵᠥᠴᠢ ᠶ᠋ᠢᠨ ᠪᠤᠷᠤᠭᠤ ᠦᠢᠯᠡᠳᠦᠯ ᠢ᠋ ᠪᠤᠭᠤᠷᠴᠢ ᠡᠭᠦᠷᠬᠦ ᠶᠣᠰᠣᠲᠠᠢ ᠭᠡᠵᠦ ᠴᠢᠩᠭᠢᠰ ᠬᠠᠭᠠᠨ ᠦᠵᠡᠵᠡᠢ᠃ 
       ᠴᠢᠩᠭᠢᠰ ᠬᠠᠭᠠᠨ ᠤ᠋ ᠠᠭᠠᠰᠢ ᠠᠪᠤᠷᠢ᠂ ᠠᠯᠢᠪᠠ ᠮᠡᠳᠡᠷᠡᠮᠵᠢ ᠨᠡᠩ ᠬᠤᠷᠴᠠ ᠪᠣᠯᠤᠭᠰᠠᠨ ᠢ᠋ ᠠᠵᠢᠭᠯᠠᠭᠰᠠᠨ ᠪᠤᠭᠤᠷᠴᠢ ᠲᠡᠭᠦᠨ ᠦ᠌ ᠬᠢᠯᠢᠩᠨᠡᠬᠦ ᠶ᠋ᠢ ᠦᠭᠡ ᠳᠠᠭᠤ ᠦᠭᠡᠢ ᠬᠦᠯᠢᠴᠡᠨ ᠰᠣᠨᠣᠰᠴᠤ ᠪᠠᠢᠪᠠ᠃ ᠲᠠᠪᠢᠨ ᠵᠢᠯ ᠲᠣᠬᠣᠢ ᠰᠠᠯᠤᠯ ᠦᠭᠡᠢ ᠵᠢᠳᠬᠦᠭᠰᠡᠨ ᠡᠨᠡ ᠬᠤᠭᠤᠴᠠᠭᠠᠨ ᠳ᠋ᠤ᠌ ᠴᠢᠩᠭᠢᠰ ᠬᠠᠭᠠᠨ ᠠᠩᠬ᠎ᠠ ᠤᠳᠠᠭ᠎ᠠ ᠪᠤᠭᠤᠷᠴᠢ ᠳ᠋ᠤ᠌ ᠡᠢᠨ ᠬᠦ᠌ ᠬᠢᠯᠢᠩᠨᠡᠭᠰᠡᠨ ᠤᠴᠢᠷ ᠢ᠋ ᠴᠦ᠍ ᠪᠤᠭᠤᠷᠴᠢ ᠲᠠᠭᠠᠮᠠᠭᠯᠠᠵᠠᠢ᠃ ᠪᠠᠰᠠ ᠴᠢᠩᠭᠢᠰ ᠬᠠᠭᠠᠨ ᠤ᠋ ᠬᠠᠷᠠᠲᠠᠢ᠂ ᠪᠣᠯᠭᠣᠮᠵᠢᠲᠠᠢ ᠵᠠᠩ ᠢ᠋ ᠰᠢᠭᠦᠮᠵᠢᠯᠡᠨ ᠭᠠᠢᠬᠠᠵᠤ ᠰᠠᠭᠤᠪᠠ᠃ 
       | ᠴᠢ ᠲᠡᠷᠡ ᠪᠣᠭᠣᠯ ᠢ᠋ ᠳᠠᠷᠤᠢ ᠦᠬᠦᠭᠦᠯ᠃ ᠬᠠᠷᠢᠨ ᠪᠠᠲᠤ᠂ ᠬᠠᠰᠠᠷ ᠤ᠋ᠨ ᠦᠬᠦᠯ ᠦ᠋ᠨ ᠲᠠᠯ᠎ᠠ ᠪᠠᠷ ᠰᠡᠵᠢᠭ ᠠᠪᠴᠤ ᠮᠡᠳᠡᠬᠦ ᠲᠤᠯᠠ ᠪᠣᠯᠭᠣᠮᠵᠢᠲᠠᠢ ᠪᠠᠢᠭᠲᠤᠨ ᠭᠡᠵᠦ ᠴᠢᠩᠭᠢᠰ ᠬᠠᠭᠠᠨ ᠵᠢᠭᠠᠬᠠᠨ ᠲᠠᠢᠪᠤᠰᠢᠷᠠᠭᠠᠳ ᠬᠡᠯᠡᠵᠡᠢ᠃ ᠶᠡᠷᠦ ᠡᠴᠡ ᠴᠢᠩᠭᠢᠰ ᠬᠠᠭᠠᠨ ᠥᠪᠡᠷ ᠢ᠋ ᠪᠡᠨ ᠪᠤᠷᠤᠭᠤᠳᠬᠠᠬᠤ ᠶ᠋ᠢ ᠦᠯᠦ ᠬᠦᠰᠡᠬᠦ ᠲᠤᠯᠠ ᠠᠯᠢᠪᠠ ᠶᠠᠪᠤᠳᠠᠯ ᠢ᠋ ᠨᠢᠭᠤᠴᠠᠯᠠᠬᠤ ᠵᠠᠩ ᠲᠠᠢ ᠪᠠᠢᠭᠰᠠᠨ ᠨᠢ ᠨᠠᠰᠤᠨ ᠤ᠋ ᠡᠴᠦᠰ ᠣᠢᠷᠠᠲᠤᠵᠤ ᠡᠪᠦᠭᠡᠷᠡᠬᠦ ᠲᠣᠰᠤᠮ ᠭᠦᠨᠵᠡᠭᠡᠢᠷᠡᠭᠡᠳ ᠪᠦᠷ ᠰᠡᠭᠦᠯ ᠳ᠋ᠡᠭᠡᠨ ᠬᠠᠷᠠᠳᠠᠵᠤ ᠰᠡᠷᠡᠳᠡᠬᠦ᠂ ᠬᠠᠭᠠᠵᠤ ᠨᠢᠭᠤᠴᠠᠯᠠᠬᠤ ᠶ᠋ᠢᠨ ᠲᠤᠩ ᠪᠣᠯᠤᠨ ᠬᠤᠪᠢᠷᠠᠵᠠᠢ᠃ ᠡᠭᠦᠨ ᠢ᠋ ᠪᠤᠭᠤᠷᠴᠢ ᠮᠡᠳᠡᠬᠦ ᠲᠤᠯᠠ ᠲᠡᠭᠦᠨ ᠦ᠌ ᠵᠠᠷᠯᠢᠭ ᠢ᠋ ᠦᠭᠡ ᠳᠠᠭᠤ ᠦᠭᠡᠢ ᠬᠦᠯᠢᠶᠡᠨ ᠠᠪᠤᠪᠠ᠃ 
       ᠪᠤᠭᠤᠷᠴᠢ ᠲᠡᠷᠡ ᠳᠠᠷᠤᠢ ᠪᠠᠲᠤ ᠲᠠᠢ ᠠᠭᠤᠯᠵᠠᠵᠠᠢ᠃ ᠪᠠᠲᠤ ᠪᠤᠭᠤᠷᠴᠢ ᠶ᠋ᠢ ᠡᠴᠢᠭᠡ ᠶ᠋ᠢᠨ ᠢ᠋ᠶ᠋ᠡᠨ ᠠᠳᠠᠯᠢ ᠨᠡᠩ ᠶᠡᠬᠡ ᠬᠦᠨᠳᠦᠳᠬᠡᠬᠦ ᠲᠤᠯᠠ ᠠᠰᠠᠷ ᠲᠤᠨᠢ ᠥᠪᠡᠷ ᠦ᠋ᠨ ᠪᠡᠶ᠎ᠡ ᠪᠡᠷ ᠮᠣᠷᠢᠯᠠᠨ ᠢᠷᠡᠭᠰᠡᠨ ᠳ᠋ᠦ᠍ᠨᠢ ᠬᠥᠭᠡᠷᠴᠦ ᠪᠠᠶᠠᠷᠯᠠᠭᠰᠠᠨ ᠪᠢᠯᠡ᠃ ᠪᠤᠭᠤᠷᠴᠢ ᠶ᠋ᠢ ᠣᠴᠢᠬᠤ ᠳ᠋ᠤ᠌ ᠠᠰᠠᠷ ᠤ᠋ᠨ ᠡᠭᠦᠳᠡᠨ ᠳ᠋ᠦ᠍ ᠥᠨᠥ ᠦᠢᠯᠡᠲᠦ ᠲᠡᠳᠦ ᠴᠢᠳᠬᠥᠷ ᠴᠢᠷᠠᠢᠯᠠᠨ ᠵᠣᠭᠰᠣᠵᠤ ᠪᠠᠢᠪᠠ᠃ 
       | ᠡᠨᠡ ᠲᠡᠳᠦ ᠴᠢᠮᠠᠲᠤ ᠲᠡᠢᠮᠦ ᠶᠡᠬᠡ ᠦᠨᠡᠲᠡᠢ ᠬᠥᠮᠦᠨ ᠤᠤ? ᠭᠡᠵᠦ ᠪᠤᠭᠤᠷᠴᠢ ᠦᠭᠡ ᠶ᠋ᠢᠨ ᠳᠡᠯᠢᠮ ᠳ᠋ᠦ᠍ ᠠᠰᠠᠭᠤᠪᠠ᠃ ᠤᠴᠢᠷ ᠨᠢ ᠲᠡᠳᠦ ᠶ᠋ᠢ ᠪᠠᠲᠤ ᠳ᠋ᠤ᠌ ᠥᠭᠭᠦᠭᠰᠡᠨ ᠤᠴᠢᠷ ᠢ᠋᠂ ᠪᠠᠰᠠ ᠲᠡᠳᠦ ᠡᠴᠢᠭᠡ ᠬᠦᠦ ᠬᠣᠶᠠᠷ ᠲᠤ᠌ ᠬᠡᠷᠬᠢᠨ ᠵᠢᠳᠬᠦᠵᠦ ᠪᠠᠢᠭᠰᠠᠨ ᠢ᠋ ᠪᠤᠭᠤᠷᠴᠢ ᠮᠡᠳᠡᠬᠦ ᠲᠤᠯᠠ ᠪᠣᠯᠭᠣᠮᠵᠢᠯᠠᠵᠤ ᠪᠠᠢᠪᠠ᠃ ᠬᠠᠷᠢᠨ ᠪᠠᠲᠤ᠂ ᠪᠤᠷᠭᠤᠷᠴᠢ ᠶ᠋ᠢᠨ ᠡᠢᠨ ᠰᠣᠨᠢᠷᠬᠠᠭᠰᠠᠨ ᠢ᠋ ᠣᠭᠲᠣ ᠥᠭᠡᠷ᠎ᠡ ᠪᠡᠷ ᠲᠠᠭᠠᠪᠤᠷᠢᠯᠠᠵᠤ ᠡᠬᠢᠯᠡᠭᠡᠳ ᠮᠤᠬᠤᠯᠠᠢ ᠶ᠋ᠢᠨ ᠠᠳᠠᠯᠢ ᠲᠡᠳᠦ ᠶ᠋ᠢ ᠬᠤᠳᠠᠯᠳᠤᠨ ᠠᠪᠬᠤ ᠶ᠋ᠢ ᠬᠦᠰᠡᠵᠦ ᠪᠠᠢᠨ᠎ᠠ ᠭᠡᠵᠦ ᠣᠢᠯᠠᠭᠠᠵᠠᠢ᠃ 
       | ᠡᠨᠡ ᠲᠡᠳᠦ ᠪᠣᠯ ᠵᠥᠴᠢ ᠡᠴᠢᠭᠡ ᠶ᠋ᠢᠨ ᠮᠢᠨᠢ ᠵᠢᠷᠦᠬᠡ ᠶᠦᠮ ᠭᠡᠵᠦ ᠬᠡᠯᠡᠭᠰᠡᠨ ᠪᠠᠲᠤ ᠶ᠋ᠢᠨ ᠰᠦᠷᠵᠢᠨ ᠦᠭᠡ ᠶ᠋ᠢ ᠰᠣᠨᠣᠰᠤᠭᠠᠳ ᠪᠤᠭᠤᠷᠴᠢ ᠲᠤᠢᠯ ᠤ᠋ᠨ ᠶᠡᠬᠡ ᠭᠠᠢᠬᠠᠵᠠᠢ᠃ ᠭᠡᠪᠡᠴᠦ ᠴᠢᠩᠭᠢᠰ ᠬᠠᠭᠠᠨ ᠤ᠋ ᠵᠠᠷᠯᠢᠭ ᠢ᠋ ᠵᠥᠷᠢᠴᠡᠬᠦ ᠡᠷᠬᠡ ᠪᠠᠢᠭᠰᠠᠨ ᠦᠭᠡᠢ᠃ ᠪᠠᠰᠠ ᠲᠡᠳᠦ ᠶ᠋ᠢ ᠵᠠᠪᠠᠯ ᠦᠬᠦᠭᠦᠯᠬᠦ ᠤᠴᠢᠷᠲᠠᠢ ᠶ᠋ᠢ ᠴᠦ᠍ ᠪᠠᠲᠤ ᠳ᠋ᠤ᠌ ᠲᠠᠢᠯᠪᠤᠷᠢᠯᠠᠵᠤ ᠣᠢᠯᠠᠭᠠᠭᠤᠯᠬᠤ ᠠᠷᠭ᠎ᠠ ᠣᠯᠳᠠᠭᠰᠠᠨ ᠦᠭᠡᠢ᠃ 
       | ᠪᠠᠲᠤ ᠴᠢ ᠡᠨᠡ ᠪᠣᠭᠣᠯ ᠢ᠋ᠶ᠋ᠠᠨ ᠨᠤᠲᠤᠭ ᠤᠷᠤᠭᠤ ᠪᠠᠨ ᠳᠠᠷᠤᠢ ᠪᠤᠴᠠᠭ᠎ᠠ ᠭᠡᠰᠡᠨ ᠳ᠋ᠦ᠍ ᠪᠠᠲᠤ ᠶᠡᠬᠡ ᠭᠠᠢᠬᠠᠵᠠᠢ᠃ 
       | ᠴᠢᠩᠭᠢᠰ ᠬᠠᠭᠠᠨ ᠡᠨᠡ ᠪᠣᠭᠣᠯ ᠤ᠋ᠨ ᠠᠶᠤᠮᠰᠢᠭᠲᠤ ᠴᠢᠷᠠᠢ ᠶ᠋ᠢ ᠦᠵᠡᠭᠡᠳ ᠨᠢᠳᠦᠨ ᠡᠴᠡ ᠨᠢ ᠳᠠᠯᠳᠠ ᠣᠷᠣᠭᠤᠯᠬᠤ ᠶ᠋ᠢ ᠨᠠᠳᠠᠳᠤ ᠲᠤᠰᠢᠶᠠᠪᠠ᠃ ᠴᠢ ᠣᠳᠣ ᠲᠡᠭᠦᠨ ᠢ᠋ ᠶᠠᠪᠤᠭᠤᠯ᠃ ᠪᠢ ᠴᠢᠩᠭᠢᠰ ᠬᠠᠭᠠᠨ ᠳ᠋ᠤ᠌ ᠨᠢᠳᠦᠨ ᠡᠴᠡ ᠳᠠᠯᠳᠠ ᠪᠣᠯᠭᠠᠪᠠ ᠭᠡᠵᠦ ᠠᠢᠯᠠᠳᠬᠠᠶ᠎ᠠ ᠭᠡᠵᠦ ᠪᠤᠭᠤᠷᠴᠢ ᠰᠢᠭᠤᠳ ᠲᠤᠯᠭᠠᠪᠠ᠃ ᠲᠡᠳᠦ ᠶ᠋ᠢ ᠦᠬᠦᠭᠦᠯᠬᠦ ᠭᠡᠪᠡᠯ ᠲᠡᠭᠦᠨ ᠰᠢᠭ ᠬᠢᠯᠪᠠᠷ ᠵᠦᠢᠯ ᠦᠭᠡᠢ ᠴᠦ᠍ ᠢᠩᠭᠢᠬᠦ ᠬᠦᠰᠡᠯ ᠪᠤᠭᠤᠷᠴᠢ ᠳ᠋ᠤ᠌ ᠣᠭᠲᠣ ᠲᠥᠷᠥᠭᠰᠡᠨ ᠦᠭᠡᠢ ᠨᠢ ᠭᠠᠢᠬᠠᠯᠲᠠᠢ᠃ ᠲᠡᠳᠦ ᠰᠢᠭ ᠦᠨᠡᠨᠴᠢ ᠪᠣᠭᠣᠯ ᠢ᠋ ᠣᠯᠬᠤ ᠳ᠋ᠤ᠌ ᠪᠡᠷᠬᠡ᠂ ᠪᠠᠰᠠ ᠲᠡᠭᠦᠨ ᠢ᠋ ᠦᠬᠦᠭᠦᠯᠬᠦ ᠶ᠋ᠢ ᠪᠠᠲᠤ ᠬᠡᠵᠢᠶ᠎ᠡ ᠴᠦ᠍ ᠦᠯᠦ ᠵᠥᠪᠰᠢᠶᠡᠷᠡᠬᠦ ᠶ᠋ᠢ ᠰᠠᠶᠢ ᠠᠩᠵᠠᠭᠠᠷᠠᠵᠤ ᠮᠡᠳᠡᠭᠰᠡᠨ ᠲᠤᠯᠠ ᠲᠡᠭᠦᠨ ᠳ᠋ᠦ᠍ ᠡᠭᠦᠨ ᠡᠴᠡ ᠥᠭᠡᠷ᠎ᠡ ᠠᠷᠭ᠎ᠠ ᠣᠯᠳᠠᠭᠰᠠᠨ ᠦᠭᠡᠢ ᠪᠢᠯᠡ᠃ ᠬᠠᠷᠢᠨ ᠪᠠᠲᠤ ᠬᠡᠷᠡᠭ ᠦ᠋ᠨ ᠤᠴᠢᠷ ᠵᠥᠪᠬᠡᠨ ᠲᠡᠳᠦ ᠶ᠋ᠢᠨ ᠲᠦᠯᠡᠩᠬᠡᠢ ᠨᠢᠭᠤᠷ ᠲᠤ᠌ ᠪᠢᠰᠢ᠂ ᠴᠠᠭᠠᠨ᠎ᠠ ᠨᠢ ᠣᠭᠲᠣ ᠥᠭᠡᠷ᠎ᠡ ᠡᠮᠵᠡᠭ ᠰᠢᠯᠲᠠᠭᠠᠨ ᠪᠠᠢᠭ᠎ᠠ ᠶ᠋ᠢ ᠣᠢᠯᠠᠭᠠᠵᠢ᠃ ᠲᠡᠢᠮᠦ ᠪᠢᠰᠢ ᠪᠣᠯ ᠪᠤᠭᠤᠷᠴᠢ ᠰᠠᠢᠳ ᠢᠩᠭᠢᠵᠦ ᠥᠪᠡᠷ ᠦ᠋ᠨ ᠪᠡᠶ᠎ᠡ ᠪᠡᠷ ᠵᠠᠯᠠᠷᠠᠵᠤ ᠢᠷᠡᠬᠦ ᠦᠭᠡᠢ ᠪᠢᠯᠡ᠃ ᠪᠤᠭᠤᠷᠴᠢ ᠶᠠᠭᠠᠬᠢᠵᠤ ᠴᠤ᠌ ᠳᠦᠢᠪᠡᠭᠦᠯᠦᠭᠡᠳ ᠲᠡᠭᠦᠨ ᠦ᠌ ᠡᠢᠨ ᠬᠦ᠌ ᠬᠦᠷᠴᠦ ᠢᠷᠡᠭᠰᠡᠨ ᠦ᠌ ᠭᠣᠣᠯ ᠤᠴᠢᠷ ᠨᠢ ᠲᠡᠳᠦ ᠪᠣᠯᠬᠤ ᠶ᠋ᠢ ᠪᠠᠲᠤ ᠮᠡᠳᠡᠷᠡᠵᠦ ᠪᠠᠢᠭᠰᠠᠨ ᠴᠤ᠌ ᠠᠰᠠᠭᠤᠵᠤ ᠲᠥᠪᠳᠡᠭᠰᠡᠨ ᠦᠭᠡᠢ᠃ ᠪᠤᠭᠤᠷᠴᠢ ᠶ᠋ᠢᠨ ᠬᠡᠯᠡᠭᠰᠡᠨ ᠶᠣᠰᠣᠭᠠᠷ ᠲᠡᠷᠡ ᠳᠠᠷᠤᠢ ᠲᠡᠳᠦ ᠶ᠋ᠢ ᠪᠤᠴᠠᠭᠠᠪᠠ᠃ ᠬᠠᠷᠢᠨ ᠪᠤᠭᠤᠷᠴᠢ ᠴᠢᠩᠭᠢᠰ ᠬᠠᠭᠠᠨ ᠳ᠋ᠤ᠌ 
       | ᠲᠡᠳᠦ ᠶ᠋ᠢ ᠨᠢᠳᠦᠨ ᠡᠴᠡ ᠳᠠᠯᠳᠠ ᠪᠣᠯᠭᠠᠪᠠ ᠭᠡᠵᠦ ᠠᠢᠯᠠᠳᠬᠠᠵᠠᠢ᠃ ᠬᠠᠷᠢᠨ ᠴᠢᠩᠭᠢᠰ ᠬᠠᠭᠠᠨ ᠣᠭᠲᠣ ᠬᠠᠷᠢᠭᠤ ᠬᠡᠯᠡᠭᠰᠡᠨ ᠦᠭᠡᠢ ᠨᠢ ᠲᠡᠭᠦᠨ ᠦ᠌ ᠬᠢᠯᠢᠩ ᠳᠠᠷᠤᠭᠳᠠᠭ᠎ᠠ ᠦᠭᠡᠢ ᠶ᠋ᠢ ᠭᠡᠷᠡᠴᠢᠯᠡᠨ᠎ᠡ᠃ ᠵᠢᠭᠠᠰᠤᠨ ᠨᠢᠳᠦᠲᠦ ᠲᠡᠳᠦ ᠲᠩᠷᠢ ᠶ᠋ᠢᠨ ᠠᠪᠤᠷᠠᠯ ᠳ᠋ᠤ᠌ ᠪᠠᠭᠲᠠᠭᠰᠠᠨ ᠬᠥᠮᠦᠨ ᠪᠣᠯᠬᠤ ᠪᠠᠨ ᠳᠠᠬᠢᠨ ᠪᠠᠲᠤᠯᠠᠵᠤ ᠭᠤᠷᠪᠠᠳᠠᠬᠢ ᠤᠳᠠᠭ᠎ᠠ ᠪᠠᠨ ᠢᠩᠭᠢᠵᠦ ᠦᠬᠦᠯ ᠡᠴᠡ ᠠᠪᠤᠷᠠᠭᠳᠠᠪᠠ᠃ ᠤᠷᠬᠧᠨ᠋ᠴᠠ ᠳ᠋ᠤ᠌ ᠭᠠᠯ ᠳ᠋ᠤ᠌ ᠰᠢᠳᠡᠨ ᠦᠬᠦᠳᠡᠭ ᠦ᠋ᠨ ᠳᠠᠪᠠᠭᠠᠨ ᠳᠡᠭᠡᠷ᠎ᠡ ᠪᠠᠲᠤ ᠶ᠋ᠢᠨ ᠲᠤᠰᠢᠶᠠᠯ ᠢ᠋ᠶ᠋ᠠᠷ ᠡᠪᠳᠡᠭᠰᠡᠨ ᠳᠠᠯᠠᠩ ᠤ᠋ᠨ ᠤᠰᠤ ᠣᠪᠣᠯᠵᠠᠨ ᠢᠷᠡᠭᠡᠳ ᠭᠠᠯ ᠢ᠋ ᠤᠨᠲᠠᠷᠠᠭᠠᠭᠰᠠᠨ ᠴᠤ᠌ ᠲᠡᠳᠦ ᠰᠤᠪᠠᠭ ᠢ᠋ᠶ᠋ᠠᠷ ᠬᠣᠲᠠ ᠶ᠋ᠢᠨ ᠭᠠᠳᠠᠨ᠎ᠠ ᠬᠣᠯᠠ ᠳ᠋ᠤ᠌ ᠬᠠᠶᠠᠭᠳᠠᠭᠰᠠᠨ ᠪᠢᠯᠡ᠃ ᠲᠠᠯ᠎ᠠ ᠪᠡᠶ᠎ᠡ ᠨᠢ ᠰᠢᠲᠠᠭᠰᠠᠨ ᠲᠡᠳᠦ ᠶ᠋ᠢ ᠨᠤᠲᠤᠭ ᠤ᠋ᠨ ᠭᠡᠮ ᠦᠭᠡᠢ ᠲᠦᠷᠻ ᠬᠥᠮᠦᠨ ᠦ᠌ ᠣᠷᠣᠮᠵᠢᠨ ᠳ᠋ᠤ᠌ ᠨᠡᠷ᠎ᠡ ᠪᠡᠨ ᠪᠠᠰᠠ ᠬᠠᠮᠢᠭᠠᠬᠢ ᠶ᠋ᠢᠨ ᠬᠡᠨ ᠭᠡᠭᠴᠢ ᠪᠣᠯᠬᠤ ᠪᠠᠨ ᠰᠠᠨᠠᠲᠠᠯ᠎ᠠ ᠪᠠᠨ ᠲᠡᠳᠦ ᠵᠢᠯ ᠭᠠᠷᠤᠢ ᠡᠯᠦᠢ ᠪᠠᠯᠠᠢ ᠬᠡᠪᠲᠡᠭᠰᠡᠨ ᠪᠢᠯᠡ᠃ 
       ᠲᠡᠳᠦ ᠶ᠋ᠢ ᠪᠤᠴᠠᠭᠰᠠᠨ ᠤ᠋ ᠳᠠᠷᠠᠭ᠎ᠠ ᠪᠠᠲᠤ ᠰᠦᠪᠡᠭᠡᠳᠡᠢ ᠬᠣᠶᠠᠷ ᠶᠠᠪᠤᠬᠤ ᠬᠦᠰᠡᠯᠲᠡᠢ ᠪᠠᠢᠭ᠎ᠠ ᠪᠠᠨ ᠴᠢᠩᠭᠢᠰ ᠬᠠᠭᠠᠨ ᠳ᠋ᠤ᠌ ᠠᠢᠯᠠᠳᠬᠠᠭᠰᠠᠨ ᠨᠢ ᠲᠡᠭᠦᠨ ᠢ᠋ ᠪᠣᠳᠣᠯ ᠳ᠋ᠤ᠌ ᠣᠷᠣᠭᠤᠯᠵᠠᠢ᠃ ᠦᠨᠡᠬᠡᠷ ᠴᠦ᠍ ᠲᠡᠳᠡ ᠭᠡᠳᠡᠷᠭᠦ ᠪᠤᠴᠠᠬᠤ ᠬᠡᠷᠡᠭᠲᠡᠢ ᠨᠢ ᠲᠣᠳᠣᠷᠬᠠᠢ ᠪᠠᠢᠪᠠ᠃ ᠵᠥᠴᠢ ᠶ᠋ᠢᠨ ᠤᠯᠤᠰ ᠡᠵᠡᠭᠦᠢ ᠦᠯᠡᠳᠡᠭᠡᠳ ᠳᠠᠷᠤᠢ ᠬᠡᠳᠦᠨ ᠰᠠᠷ᠎ᠠ ᠪᠣᠯᠤᠭᠰᠠᠨ ᠲᠤᠯᠠ ᠢᠩᠭᠢᠬᠦ ᠡᠴᠡ ᠥᠭᠡᠷ᠎ᠡ ᠠᠷᠭ᠎ᠠ ᠦᠭᠡᠢ ᠶᠦᠮ᠃ ᠬᠠᠷᠢᠨ ᠪᠤᠴᠠᠬᠤ ᠲᠤᠬᠠᠢ ᠦᠭᠡ ᠶ᠋ᠢ ᠰᠦᠪᠡᠭᠡᠳᠡᠢ ᠪᠢᠰᠢ ᠪᠠᠲᠤ ᠬᠡᠯᠡᠵᠡᠢ᠃ 
       ᠴᠢᠩᠭᠢᠰ ᠬᠠᠭᠠᠨ ᠰᠦᠪᠡᠭᠡᠳᠡᠢ ᠶ᠋ᠢ ᠳᠠᠭᠤᠳᠠᠨ ᠵᠥᠪᠯᠡᠯᠳᠦᠪᠡ᠃ ᠵᠥᠴᠢ ᠶ᠋ᠢᠨ ᠤᠯᠤᠰ ᠢ᠋ ᠬᠥᠪᠡᠭᠦᠨ ᠪᠠᠲᠤ ᠳ᠋ᠤᠨᠢ ᠥᠪᠯᠡᠭᠦᠯᠦᠨ ᠦᠯᠡᠳᠡᠭᠡᠬᠦ ᠶ᠋ᠢ ᠰᠦᠪᠡᠭᠡᠳᠡᠢ ᠵᠥᠪᠯᠡᠭᠡᠳ ᠪᠠᠲᠤ ᠶ᠋ᠢᠨ ᠲᠤᠬᠠᠢ ᠰᠠᠢᠬᠠᠨ ᠦᠭᠡ ᠬᠡᠯᠡᠵᠦ ᠲᠡᠭᠦᠨ ᠢ᠋ ᠤᠯᠤᠰ ᠢ᠋ᠶ᠋ᠠᠨ ᠠᠪᠴᠤ ᠶᠠᠪᠤᠵᠤ ᠴᠢᠳᠠᠬᠤ ᠶ᠋ᠢ ᠪᠠᠲᠤᠯᠠᠵᠠᠢ᠃ ᠪᠠᠲᠤ ᠲᠡᠭᠡᠬᠦ ᠳ᠋ᠦ᠍ ᠳᠥᠩᠭᠡᠵᠢ ᠠᠷᠪᠠᠨ ᠨᠠᠢ᠍ᠮᠠᠨ ᠨᠠᠰᠤ ᠥᠩᠭᠡᠷᠡᠵᠦ ᠪᠠᠢᠭᠰᠠᠨ ᠪᠢᠯᠡ᠃ ᠰᠦᠪᠡᠭᠡᠳᠡᠢ ᠲᠡᠢ ᠡᠢᠨ ᠬᠦ᠌ ᠵᠥᠪᠯᠡᠯᠳᠦᠭᠰᠡᠨ ᠦ᠌ ᠬᠣᠢᠨ᠎ᠠ ᠴᠢᠩᠭᠢᠰ ᠬᠠᠭᠠᠨ ᠡᠷᠡᠭᠡᠯᠵᠡᠬᠦ ᠵᠦᠢᠯ ᠦᠭᠡᠢ ᠪᠣᠯᠵᠠᠢ᠃ ᠪᠠᠲᠤ ᠴᠤ᠌ ᠦᠨᠡᠬᠡᠷ ᠶᠠᠭᠠᠷᠠᠵᠤ ᠪᠠᠢᠪᠠ᠃ ᠤᠴᠢᠷ ᠨᠢ ᠴᠢᠩᠭᠢᠰ ᠬᠠᠭᠠᠨ ᠤ᠋ ᠵᠠᠷᠯᠢᠭ ᠢ᠋ ᠳᠠᠭᠠᠵᠤ ᠠᠯᠲᠠᠨ ᠣᠷᠳᠣᠨ ᠠ᠋ᠴᠠ ᠮᠣᠷᠳᠠᠬᠤ ᠦᠶ᠎ᠡ ᠳ᠋ᠦ᠍ ᠬᠠᠢᠷᠠᠲᠠᠢ ᠭᠸᠷᠲ᠋ᠠ ᠬᠠᠲᠤᠨ ᠨᠢ ᠪᠡᠶ᠎ᠡ ᠲᠤᠯᠭᠤᠷ ᠪᠠᠢᠭᠰᠠᠨ ᠪᠥᠭᠡᠳ ᠣᠳᠣ ᠲᠥᠷᠥᠬᠦ ᠨᠢ ᠬᠡᠵᠢᠶ᠎ᠡ ᠮᠥᠳᠳᠥ ᠦᠭᠡᠢ ᠪᠣᠯᠤᠭᠰᠠᠨ ᠲᠤᠯᠠ ᠬᠥᠪᠡᠭᠦᠨ ᠳᠦᠷᠦᠭᠦᠯᠦᠭᠡᠳ ᠪᠠᠢᠭᠠᠰᠠᠢ ᠭᠡᠵᠦ ᠶᠡᠬᠡᠳᠡ ᠬᠦᠰᠡᠵᠦ ᠪᠠᠢᠯ᠎ᠠ᠃ ᠴᠢᠩᠭᠢᠰ ᠬᠠᠭᠠᠨ ᠪᠠᠲᠤ ᠶ᠋ᠢ ᠪᠤᠴᠠᠬᠤ ᠪᠠᠷ ᠰᠢᠢᠳᠦᠭᠰᠡᠨ ᠢ᠋ ᠰᠠᠢᠰᠢᠶᠠᠭᠰᠠᠨ ᠠᠭᠠᠳ ᠬᠠᠷᠢᠨ ᠡᠨᠡ ᠲᠣᠬᠢᠶᠠᠯᠳᠤᠯ ᠢ᠋ ᠠᠰᠢᠭᠯᠠᠨ ᠰᠡᠭᠦᠯ ᠦ᠋ᠨ ᠰᠠᠷ᠎ᠠ ᠳ᠋ᠤ᠌ ᠪᠣᠳᠣᠵᠤ ᠲᠣᠭᠲᠠᠭᠰᠠᠨ ᠨᠢᠭᠡᠨ ᠬᠡᠷᠡᠭ ᠢ᠋ ᠭᠦᠢᠴᠡᠯᠳᠦᠭᠦᠯᠬᠦ ᠪᠡᠷ ᠰᠢᠢᠳᠪᠡ᠃ ᠡᠨᠡ ᠪᠣᠯ ᠥᠨᠥ ᠬᠢᠷᠢ ᠡᠵᠡᠯᠡᠨ ᠨᠢᠭᠡᠳᠬᠡᠭᠰᠡᠨ ᠶᠡᠬᠡ ᠤᠯᠤᠰ ᠢ᠋ᠶ᠋ᠠᠨ ᠬᠥᠪᠡᠭᠦᠳ ᠲᠡᠭᠡᠨ ᠬᠤᠪᠢᠶᠠᠨ ᠡᠵᠡᠮᠰᠢᠭᠦᠯᠬᠦ ᠶᠠᠪᠤᠳᠠᠯ ᠪᠠᠢᠪᠠ᠃ ᠲᠡᠳᠡᠨ ᠦ᠌ ᠡᠵᠡᠮᠰᠢᠨ ᠰᠠᠭᠤᠬᠤ ᠳ᠋ᠠᠭᠠᠨ ᠨᠤᠲᠤᠭ ᠣᠷᠣᠨ ᠢ᠋ ᠥᠪᠡᠷ ᠦ᠋ᠨ ᠵᠠᠷᠯᠢᠭ ᠢ᠋ᠶ᠋ᠠᠷ ᠰᠢᠢᠳᠦᠨ ᠪᠠᠲᠤᠳᠬᠠᠵᠤ᠂ ᠬᠤᠪᠢᠶᠠᠨ ᠥᠭᠬᠦ ᠨᠢ ᠬᠣᠵᠢᠮ ᠬᠣᠢᠰᠢᠳᠠ ᠥᠪᠡᠷ ᠬᠣᠭᠣᠷᠣᠨᠳᠣ ᠪᠠᠨ ᠬᠠᠷᠭᠤᠯᠳᠤᠨ ᠬᠡᠷᠡᠭᠦᠯ ᠵᠠᠷᠭᠤ ᠡᠭᠦᠰᠬᠡᠬᠦ᠂ ᠡᠪᠳᠡᠷᠡᠨ ᠪᠤᠯᠢᠶᠠᠯᠳᠤᠬᠤ ᠮᠠᠭᠤ ᠦᠢᠯᠡ ᠶ᠋ᠢᠨ ᠦᠨᠳᠦᠰᠦ ᠶ᠋ᠢ ᠨᠢᠭᠡ ᠮᠥᠷ ᠦᠭᠡᠢ ᠪᠣᠯᠭᠠᠨ᠎ᠠ ᠭᠡᠵᠦ ᠲᠡᠷᠡ ᠢᠲᠡᠭᠡᠬᠦ ᠪᠣᠯᠵᠠᠢ᠃ ᠨᠢᠭᠡᠨᠲᠡ ᠪᠣᠯᠬᠤ ᠦᠢᠯᠡ ᠡᠴᠡ ᠲᠣᠭᠣᠷᠢᠵᠤ ᠭᠠᠷᠬᠤ ᠠᠷᠭ᠎ᠠ ᠦᠭᠡᠢ ᠭᠡᠳᠡᠭ ᠢ᠋ ᠴᠦ᠍ ᠣᠢᠯᠠᠭᠠᠵᠠᠢ᠃ ᠪᠡᠶ᠎ᠡ ᠶ᠋ᠢᠨ ᠪᠠᠢᠳᠠᠯ ᠢ᠋ᠶ᠋ᠠᠨ ᠪᠣᠳᠣᠪᠠᠯ ᠶᠡᠷᠦ ᠡᠴᠡ ᠬᠥᠪᠡᠭᠦᠳ ᠲᠡᠢ ᠪᠡᠨ᠂ ᠲᠡᠷᠡ ᠳᠤᠮᠳᠠ ᠪᠠᠨ ᠪᠠᠲᠤ ᠲᠠᠢ ᠳᠠᠬᠢᠨ ᠠᠭᠤᠯᠵᠠᠵᠤ ᠤᠴᠢᠷᠲᠠᠢ ᠦᠭᠡ ᠶ᠋ᠢ ᠬᠡᠯᠡᠯᠴᠡᠬᠦ ᠪᠣᠯᠤᠮᠵᠢ ᠦᠭᠡᠢ ᠪᠣᠯᠬᠤ ᠶ᠋ᠢ ᠭᠡᠷᠡᠴᠢᠯᠡᠵᠦ ᠪᠠᠢᠭᠰᠠᠨ ᠨᠢ ᠪᠠᠰᠠ ᠢᠩᠭᠢᠵᠦ ᠰᠢᠢᠳᠬᠦ ᠳ᠋ᠦ᠍ ᠨᠥᠯᠥᠭᠡᠯᠡᠵᠡᠢ᠃ ᠴᠢᠩᠭᠢᠰ ᠬᠠᠭᠠᠨ ᠡᠢᠨ ᠰᠢᠢᠳᠬᠦ ᠶ᠋ᠢᠨ ᠡᠮᠦᠨ᠎ᠡ ᠣᠯᠠᠨ ᠲᠠᠯ᠎ᠠ ᠠ᠋ᠴᠠ ᠨᠢ ᠰᠢᠭᠰᠢᠨ ᠪᠣᠳᠣᠵᠤ ᠰᠢᠨᠵᠢᠨ ᠦᠵᠡᠭᠡᠳ ᠥᠪᠡᠷ ᠦ᠋ᠨ ᠰᠢᠢᠳᠪᠦᠷᠢ ᠶ᠋ᠢᠨ ᠵᠥᠪ ᠪᠤᠷᠤᠭᠤ ᠶ᠋ᠢ ᠨᠢᠭᠲᠠᠯᠠᠭᠰᠠᠨ ᠪᠢᠯᠡ᠃ ᠰᠢᠳᠠᠷ ᠨᠥᠬᠥᠳ ᠨᠢ ᠪᠦᠭᠦᠳᠡ ᠨᠢᠭᠡᠨ ᠳᠠᠭᠤ ᠪᠠᠷ ᠰᠠᠢᠰᠢᠶᠠᠪᠠ᠃ ᠥᠪᠡᠷ ᠢ᠋ᠶ᠋ᠡᠨ ᠮᠡᠷᠭᠡᠯᠡᠨ ᠦᠵᠡᠪᠡᠯ ᠲᠠᠭᠠᠲᠠᠢ ᠰᠠᠢᠬᠠᠨ ᠲᠥᠯᠭᠡ ᠪᠠᠭᠤᠵᠠᠢ᠃ ᠪᠠᠰᠠ ᠤᠷᠲᠤ ᠰᠥᠨᠢ ᠵᠡᠭᠦᠳᠦ ᠪᠡᠨ ᠮᠠᠨᠠᠵᠤ ᠬᠣᠨᠣᠪᠠᠯ ᠥᠭᠡᠯᠦᠨ ᠡᠬᠡ ᠨᠢ ᠵᠠᠯᠠᠭᠤ ᠦᠵᠡᠰᠬᠦᠯᠡᠩᠲᠡᠢ ᠳᠦᠷᠢ ᠪᠡᠷ ᠢ᠋ᠶ᠋ᠡᠨ ᠶᠢᠰᠦᠭᠡᠢ ᠡᠴᠢᠭᠡ ᠶ᠋ᠢ ᠨᠢ ᠶᠡᠬᠡ ᠠᠶᠠᠨ ᠠ᠋ᠴᠠ ᠢᠷᠡᠬᠦ ᠳ᠋ᠦ᠍ ᠤᠶᠠᠭᠠᠨ ᠳᠡᠭᠡᠷ᠎ᠡ ᠪᠡᠨ ᠤᠭᠲᠤᠨ ᠲᠣᠰᠴᠤ ᠪᠠᠢᠨ᠎ᠠ ᠭᠡᠵᠦ ᠵᠡᠭᠦᠳᠦᠯᠡᠭᠡᠳ ᠪᠦᠷ ᠴᠦ᠍ ᠪᠡᠶᠡᠰᠦᠨ ᠢᠲᠡᠭᠡᠵᠡᠢ᠃ ᠲᠡᠷᠡ ᠡᠴᠢᠭᠡ ᠡᠬᠡ ᠬᠣᠶᠠᠷ ᠢ᠋ᠶ᠋ᠠᠨ ᠬᠠᠮᠲᠤ ᠪᠠᠢᠭ᠎ᠠ ᠪᠠᠷ ᠣᠭᠲᠣ ᠵᠡᠭᠦᠳᠦᠯᠡᠵᠦ ᠪᠠᠢᠭ᠎ᠠ ᠦᠭᠡᠢ ᠪᠥᠭᠡᠳ ᠢᠩᠭᠢᠵᠦ ᠵᠡᠭᠦᠳᠦᠯᠡᠭᠰᠡᠨ ᠢ᠋ᠶ᠋ᠡᠨ ᠲᠡᠭᠦᠨ ᠣ ᠰᠢᠢᠳᠪᠦᠷᠢ ᠶ᠋ᠢ ᠥᠭᠡᠯᠦᠨ ᠡᠬᠡ᠂ ᠶᠢᠰᠦᠭᠡᠢ ᠡᠴᠢᠭᠡ ᠨᠢ ᠲᠠᠯᠠᠷᠬᠠᠨ ᠳᠡᠮᠵᠢᠵᠦ ᠪᠠᠢᠭ᠎ᠠ ᠬᠡᠷᠡᠭ ᠭᠡᠵᠦ ᠪᠣᠳᠣᠵᠠᠢ᠃ 
       ᠥᠷᠯᠥᠭᠡ ᠨᠢ ᠯᠢᠶᠣᠣ ᠨᠠᠨ ᠠᠭᠤᠯᠠᠨ ᠳ᠋ᠤ᠌ ᠡᠭᠦᠯᠡ ᠬᠤᠷᠠᠯᠳᠤᠵᠤ ᠰᠣᠯᠣᠩᠭ᠎ᠠ ᠲᠠᠲᠠᠭᠰᠠᠨ ᠪᠠᠢᠯ᠎ᠠ᠃ ᠡᠨᠡ ᠪᠣᠯ ᠲᠡᠭᠷᠢ ᠲᠡᠭᠦᠨ ᠦ᠌ ᠰᠢᠢᠳᠪᠦᠷᠢ ᠶ᠋ᠢ ᠰᠠᠢᠰᠢᠶᠠᠵᠤ ᠪᠣᠢ ᠶ᠋ᠢᠨ ᠳᠣᠬᠢᠶ᠎ᠠ ᠪᠠᠢᠭᠰᠠᠨ ᠲᠤᠯᠠ ᠨᠢᠭᠡᠨᠲᠡ ᠡᠷᠡᠭᠡᠯᠵᠡᠬᠦ ᠵᠦᠢᠯ ᠦᠭᠡᠢ ᠪᠣᠯᠤᠭᠠᠳ ᠴᠠᠭᠠᠲᠠᠢ᠂ ᠥᠭᠡᠳᠡᠢ᠂ ᠲᠤᠯᠤᠢ ᠬᠥᠪᠡᠭᠦᠳ ᠢ᠋ᠶ᠋ᠡᠨ ᠵᠥᠴᠢ ᠶ᠋ᠢᠨ ᠬᠥᠪᠡᠭᠦᠨ ᠪᠠᠲᠤ ᠶ᠋ᠢᠨ ᠬᠠᠮᠲᠤ ᠳᠠᠭᠤᠳᠠᠨ ᠢᠷᠡᠭᠦᠯᠵᠡᠢ᠃ ᠲᠡᠳᠡᠨ ᠢ᠋ ᠦᠷᠭᠦᠭᠡᠨ ᠳ᠋ᠦ᠍ ᠬᠦᠯᠢᠶᠡᠵᠦ ᠪᠠᠢᠲᠠᠯ᠎ᠠ ᠴᠢᠩᠭᠢᠰ ᠬᠠᠭᠠᠨ ᠣᠷᠣᠵᠤ ᠢᠷᠡᠪᠡ᠃ ᠲᠡᠭᠦᠨ ᠦ᠌ ᠬᠠᠮᠲᠤ ᠪᠤᠭᠤᠷᠴᠢ᠂ ᠮᠤᠬᠤᠯᠠᠢ᠂ ᠰᠦᠪᠡᠭᠡᠳᠡᠢ᠂ ᠰᠢᠭᠢᠬᠤᠲᠤᠭ ᠪᠠᠰᠠ ᠨᠠᠰᠤ ᠪᠠᠯᠴᠢᠷ ᠭᠡᠯ ᠦᠭᠡᠢ ᠲᠤᠯᠤᠢ ᠶ᠋ᠢᠨ ᠪᠠᠭ᠎ᠠ ᠬᠥᠪᠡᠭᠦᠨ ᠲᠠᠪᠤᠨ ᠨᠠᠰᠤᠲᠠᠢ ᠠᠷᠢᠭᠪᠦ᠋ᠬᠡ ᠬᠦᠷᠲᠡᠯ᠎ᠡ ᠠᠯᠲᠠᠨ ᠤᠷᠤᠭ ᠤ᠋ᠨ ᠪᠦᠬᠦ ᠠᠴᠢ ᠬᠥᠪᠡᠭᠦᠳ ᠣᠷᠣᠵᠤ ᠢᠷᠡᠭᠰᠡᠨ ᠨᠢ ᠭᠠᠢᠬᠠᠯᠲᠠᠢ ᠬᠡᠷᠡᠭ ᠪᠣᠯᠪᠠ᠃ ᠲᠡᠳᠡᠨ ᠦ᠌ ᠠᠷᠤ ᠠ᠋ᠴᠠ ᠥᠭᠡᠷ᠎ᠡ ᠬᠡᠨ ᠴᠦ᠍ ᠣᠷᠣᠵᠤ ᠢᠷᠡᠭᠰᠡᠨ ᠦᠭᠡᠢ᠃ 
       | ᠰᠠᠭᠤᠵᠠᠭ᠎ᠠ ᠭᠡᠵᠦ ᠴᠢᠩᠭᠢᠰ ᠬᠠᠭᠠᠨ ᠲᠤᠰᠢᠶᠠᠪᠠ᠃ ᠭᠡᠪᠡᠴᠦ ᠬᠥᠪᠡᠭᠦᠳ ᠨᠢ ᠬᠡᠷᠬᠢᠨ ᠰᠠᠭᠤᠬᠤ ᠤᠴᠢᠷ ᠢ᠋ᠶ᠋ᠠᠨ ᠣᠯᠵᠤ ᠴᠥᠬᠥᠵᠡᠢ᠃ 
       | ᠪᠠᠲᠤ ᠴᠢ ᠡᠴᠢᠭᠡ ᠶ᠋ᠢᠨ ᠢ᠋ᠶ᠋ᠡᠨ ᠰᠠᠭᠤᠷᠢᠨ ᠳ᠋ᠤ᠌ ᠰᠠᠭᠤ ᠭᠡᠵᠦ ᠴᠢᠩᠭᠢᠰ ᠬᠠᠭᠠᠨ ᠤ᠋ ᠬᠡᠯᠡᠭᠰᠡᠨ ᠨᠢ ᠬᠡᠷᠡᠭ ᠦ᠋ᠨ ᠤᠴᠢᠷ ᠢ᠋ ᠲᠠᠢᠯᠪᠠ᠃ ᠪᠠᠲᠤ ᠶ᠋ᠢ ᠵᠡᠭᠦᠨ ᠲᠠᠯ᠎ᠠ ᠳ᠋ᠤ᠌ ᠥᠭᠡᠳᠡᠢ ᠠᠪᠠᠭ᠎ᠠ ᠶ᠋ᠢᠨ ᠢ᠋ᠶ᠋ᠡᠨ ᠳᠣᠣᠷ᠎ᠠ ᠰᠠᠭᠤ ᠭᠡᠮᠡᠨ ᠰᠢᠭᠢᠬᠤᠲᠤᠭ ᠤᠷᠢᠬᠤ ᠳ᠋ᠤ᠌ ᠥᠨᠥᠳᠥᠷ ᠶᠠᠮᠠᠷ ᠨᠢᠭᠡᠨ ᠴᠢᠬᠤᠯᠠ ᠶᠠᠷᠢᠶ᠎ᠠ ᠪᠣᠯᠬᠤ ᠶ᠋ᠢ ᠡᠨᠡ ᠰᠣᠳᠣᠨ ᠶᠠᠪᠤᠳᠠᠯ ᠪᠠᠲᠤᠯᠠᠪᠠ᠃ ᠤᠴᠢᠷ ᠨᠢ ᠪᠠᠲᠤ ᠠ᠋ᠴᠠ ᠠᠬᠠᠮᠠᠳ ᠴᠠᠭᠠᠲᠠᠢ ᠶ᠋ᠢᠨ ᠶᠢᠰᠥᠨᠮᠥᠶ᠋ᠩᠬᠡ᠂ ᠥᠭᠡᠳᠡᠢ ᠶ᠋ᠢᠨ ᠬᠥᠶᠦᠭ ᠨᠠᠰᠤ ᠰᠠᠴᠠᠭᠤ ᠲᠤᠯᠤᠢ ᠶ᠋ᠢᠨ ᠮᠥᠩᠬᠡ᠂ ᠥᠭᠡᠳᠡᠢ ᠶ᠋ᠢᠨ ᠭᠤᠲᠤᠨ ᠭᠡᠳ ᠪᠤᠰᠤᠳ ᠠᠴᠢ ᠬᠥᠪᠡᠭᠦᠳ ᠵᠣᠭᠰᠣᠵᠤ ᠬᠣᠴᠣᠷᠴᠠᠢ᠃ ᠴᠢᠩᠭᠢᠰ ᠬᠠᠭᠠᠨ ᠬᠣᠢᠮᠣᠷ ᠤ᠋ᠨ ᠰᠡᠨᠳᠡᠢ ᠳ᠋ᠦ᠍ ᠵᠠᠯᠠᠷᠠᠬᠤ ᠳ᠋ᠤ᠌ ᠲᠡᠭᠦᠨ ᠦ᠌ ᠪᠠᠷᠠᠭᠤᠨ ᠲᠠᠯ᠎ᠠ ᠳ᠋ᠤ᠌ ᠴᠠᠭᠠᠲᠠᠢ᠂ ᠲᠤᠯᠤᠢ᠂ ᠵᠡᠭᠦᠨ ᠲᠠᠯ᠎ᠠ ᠳ᠋ᠤ᠌ ᠥᠭᠡᠳᠡᠢ᠂ ᠪᠠᠲᠤ ᠬᠣᠶᠠᠷ ᠢ᠋ ᠰᠠᠭᠤᠯᠭᠠᠭᠰᠠᠨ ᠪᠠᠢᠯ᠎ᠠ᠃ ᠪᠦᠭᠦᠳᠡ ᠶ᠋ᠢ ᠰᠠᠭᠤᠭᠰᠠᠨ ᠤ᠋ ᠬᠣᠢᠨ᠎ᠠ ᠴᠢᠩᠭᠢᠰ ᠬᠠᠭᠠᠨ ᠦᠭᠡ ᠪᠡᠨ ᠬᠡᠯᠡᠪᠡ᠃ ᠲᠡᠷᠡ ᠣᠯᠠᠨ ᠦᠭᠡ ᠨᠤᠷᠰᠢᠭᠰᠠᠨ ᠦᠭᠡᠢ ᠰᠢᠭᠤᠳ ᠯᠠ ᠭᠣᠣᠯ ᠵᠦᠢᠯ ᠢ᠋ᠶ᠋ᠡᠨ ᠬᠡᠯᠡᠨ᠎ᠡ ᠭᠡᠵᠦ ᠰᠢᠢᠳᠴᠡᠢ᠃ 
       | ᠪᠥᠷᠲᠡ ᠡᠬᠡ ᠴᠢᠨᠢ ᠪᠠᠢᠭᠰᠠᠨ ᠪᠣᠯ ᠢᠩᠬᠡᠭᠡᠳ ᠪᠢᠳᠡ ᠬᠠᠯᠠᠭᠤᠨ ᠪᠦᠯᠢ ᠪᠡᠷ ᠢ᠋ᠶ᠋ᠡᠨ ᠴᠤᠭᠯᠠᠪᠠ᠃ ᠮᠢᠨᠦ ᠣᠳᠣ ᠬᠡᠯᠡᠬᠦ ᠦᠭᠡ ᠶ᠋ᠢᠨ ᠭᠡᠷᠡᠴᠢ ᠪᠣᠯᠭᠠᠨ ᠲᠠ ᠨᠠᠷ ᠢ᠋ ᠬᠣᠵᠢᠮ ᠬᠣᠢᠨ᠎ᠠ ᠮᠠᠷᠲᠠᠵᠤ ᠴᠠᠯᠠᠭᠠᠷᠳᠠᠬᠤ ᠠᠪᠠᠰᠤ ᠰᠠᠨᠠᠭᠤᠯᠵᠤ ᠶᠠᠪᠤᠭ ᠭᠡᠵᠦ ᠪᠢ ᠡᠨᠳᠡ ᠪᠤᠭᠤᠷᠴᠢ᠂ ᠮᠤᠬᠤᠯᠠᠢ᠂ ᠰᠦᠪᠡᠭᠡᠳᠡᠢ᠂ ᠰᠢᠭᠢᠬᠤᠲᠤᠭ ᠨᠠᠷ ᠢ᠋ ᠵᠣᠷᠢᠭᠤᠳᠠ ᠪᠠᠢᠯᠭᠠᠵᠤ ᠪᠠᠢᠨ᠎ᠠ᠃ ᠡᠨᠡ ᠳᠥᠷᠪᠡ ᠪᠣᠯ ᠮᠢᠨᠦ ᠬᠡᠯᠡᠭᠰᠡᠨ ᠢ᠋ ᠬᠡᠵᠢᠶ᠎ᠡ ᠴᠦ᠍ ᠮᠠᠷᠲᠠᠵᠤ᠂ ᠪᠠᠰᠠ ᠣᠰᠣᠯᠳᠠᠵᠤ ᠵᠥᠷᠢᠴᠡᠬᠦ ᠦᠭᠡᠢ ᠢᠲᠡᠭᠡᠯᠲᠡᠢ ᠨᠥᠬᠥᠳ ᠮᠢᠨᠢ ᠶᠦᠮ᠃ ᠪᠢ ᠡᠳᠡᠭᠡᠷ ᠨᠥᠬᠥᠳ ᠦ᠋ᠨ ᠢ᠋ᠶ᠋ᠡᠨ ᠡᠮᠦᠨ᠎ᠡ ᠲᠠ ᠨᠠᠷ ᠲᠤ᠌ ᠠᠷᠯᠢᠭ ᠢ᠋ᠶ᠋ᠠᠨ ᠪᠠᠭᠤᠯᠭᠠᠶ᠎ᠠ᠃ ᠪᠠᠲᠤ ᠬᠥᠪᠡᠭᠦᠨ ᠨᠠᠰᠤ ᠪᠡᠶ᠎ᠡ ᠭᠦᠢᠴᠡᠵᠦ᠂ ᠡᠷ᠎ᠡ ᠵᠣᠷᠢᠭ᠂ ᠡᠷᠳᠡᠮ ᠴᠢᠳᠠᠯ ᠵᠢᠭᠳᠡᠷᠡᠨ ᠶᠡᠬᠡ ᠴᠡᠷᠢᠭ ᠢ᠋ ᠵᠠᠰᠠᠵᠤ᠂ ᠤᠯᠤᠰ ᠢ᠋ ᠤᠳᠤᠷᠢᠳᠬᠤ ᠴᠢᠳᠠᠯ ᠢ᠋ᠶ᠋ᠠᠨ ᠬᠠᠷᠠᠭᠤᠯᠤᠭᠰᠠᠨ ᠲᠤᠯᠠ ᠥᠨᠥᠳᠥᠷ ᠡᠴᠡ ᠡᠬᠢᠯᠡᠨ ᠪᠢ ᠲᠡᠭᠦᠨ ᠢ᠋ ᠵᠥᠴᠢ ᠡᠴᠢᠭᠡ ᠶ᠋ᠢᠨ ᠢ᠋ᠶ᠋ᠡᠨ ᠰᠠᠭᠤᠷᠢᠨ ᠳ᠋ᠤ᠌ ᠰᠠᠭᠤᠵᠤ ᠪᠠᠢᠬᠤ ᠶ᠋ᠢ ᠵᠠᠷᠯᠢᠭ ᠪᠣᠯᠭᠠᠵᠤ ᠪᠠᠢᠨ᠎ᠠ᠃ ᠡᠨᠡ ᠡᠳᠦᠷ ᠡᠴᠡ ᠡᠬᠢᠯᠡᠨ ᠪᠠᠲᠤ᠂ ᠵᠥᠴᠢ ᠶ᠋ᠢᠨ ᠡᠵᠡᠯᠡᠭᠰᠡᠨ ᠨᠤᠲᠤᠭ ᠢ᠋ ᠦᠷ᠎ᠡ ᠶ᠋ᠢᠨ ᠦᠷ᠎ᠡ ᠳ᠋ᠦ᠍ ᠵᠠᠬᠢᠷᠤᠨ ᠰᠠᠭᠤᠬᠤ ᠪᠣᠯᠤᠨ᠎ᠠ᠃ ᠡᠭᠦᠨ ᠢ᠋ ᠲᠠ ᠨᠠᠷ ᠰᠠᠢᠲᠤᠷ ᠮᠡᠳᠡᠲᠦᠭᠡᠢ᠃ ᠬᠠᠭᠠᠨ ᠮᠢᠨᠦ ᠨᠡᠷ᠎ᠡ ᠰᠦᠷ᠂ ᠴᠡᠷᠢᠭ ᠦ᠋ᠨ ᠬᠦᠴᠦ ᠶᠡᠬᠡ ᠴᠦ᠍ ᠬᠥᠮᠦᠨ ᠦ᠌ ᠪᠡᠶ᠎ᠡ ᠮᠥᠩᠬᠡ ᠪᠤᠰᠤ᠂ ᠪᠢ ᠡᠨᠡ ᠶᠢᠷᠲᠢᠨᠴᠦ ᠶ᠋ᠢᠨ ᠲᠠᠪᠤᠨ ᠥᠩᠭᠡ᠂ ᠳᠥᠷᠪᠡᠨ ᠬᠡᠯᠡ ᠶ᠋ᠢᠨ ᠳᠥᠴᠢᠨ ᠤᠯᠤᠰ ᠢ᠋ ᠨᠢᠭᠡᠳᠬᠡᠨ ᠬᠤᠷᠢᠶᠠᠪᠠ᠃ ᠵᠡᠭᠦᠨ ᠵᠦᠭ ᠲᠦ᠍ ᠭᠠᠤᠯᠢᠨ ᠤᠯᠤᠰ᠂ ᠪᠠᠷᠠᠭᠤᠨ ᠵᠦᠭ ᠲᠦ᠍ ᠡᠨᠡᠳᠬᠡᠭ᠂ ᠢᠨᠳ᠋ ᠮᠥᠷᠡᠨ᠂ ᠪᠠᠬᠳᠠᠳ᠋᠂ ᠺᠡᠤᠺᠡᠰ ᠦ᠋ᠨ ᠠᠭᠤᠯᠠ᠂ ᠺᠠᠰᠫᠢ ᠶ᠋ᠢᠨ ᠲᠠᠩᠭᠢᠰ ᠥᠩᠭᠡᠷᠡᠲᠡᠯ᠎ᠡ᠂ ᠤᠮᠠᠷᠠᠲᠤ ᠵᠦᠭ ᠲᠦ᠍ ᠪᠠᠢᠭᠠᠯ ᠳᠠᠯᠠᠢ᠂ ᠰᠠᠶᠠᠨ ᠤ᠋ ᠠᠭᠤᠯᠠ ᠶ᠋ᠢ ᠥᠩᠭᠡᠷᠡᠲᠡᠯ᠎ᠡ᠂ ᠡᠮᠦᠨ᠎ᠡ ᠵᠦᠭ ᠲᠦ᠍ ᠰᠢᠷ᠎ᠠ ᠮᠥᠷᠡᠨ ᠢ᠋ ᠥᠩᠭᠡᠷᠡᠵᠦ ᠾᠢᠮᠠᠯᠢ ᠶ᠋ᠢᠨ ᠠᠭᠤᠯᠠᠰ ᠢ᠋ ᠬᠦᠷᠲᠡᠯ᠎ᠡ ᠥᠷᠭᠡᠨ ᠶᠡᠬᠡ ᠭᠠᠵᠠᠷ ᠨᠤᠲᠤᠭ᠂ ᠦᠢ ᠣᠯᠠᠨ ᠤᠯᠤᠰ ᠢᠷᠭᠡᠨ ᠢ᠋ ᠨᠢᠭᠡᠳᠬᠡᠬᠦ ᠭᠡᠵᠦ ᠬᠠᠯᠠᠭᠤᠨ ᠴᠢᠰᠤ ᠪᠠᠨ ᠭᠥᠷᠥᠲᠡᠯ᠎ᠡ ᠬᠠᠳᠠᠨ ᠪᠡᠶ᠎ᠡ ᠪᠡᠨ ᠬᠠᠷᠢᠲᠠᠯ᠎ᠠ ᠵᠢᠳᠬᠦᠭᠰᠡᠨ ᠦ᠌ ᠤᠴᠢᠷ ᠶᠠᠭᠤ ᠪᠣᠢ? ᠲᠠ ᠨᠠᠷ ᠶᠠᠭᠤ ᠭᠡᠵᠦ ᠰᠠᠨᠠᠨ᠎ᠠ ᠭᠡᠵᠦ ᠴᠢᠩᠭᠢᠰ ᠬᠠᠭᠠᠨ ᠪᠠᠲᠤᠲᠠᠢ ᠰᠠᠢᠬᠠᠨ ᠬᠡᠯᠡᠭᠡᠳ ᠳᠠᠭᠤ ᠦᠭᠡᠢ ᠪᠣᠯᠪᠠ᠃ ᠬᠥᠪᠡᠭᠦᠳ᠂ ᠠᠴᠢ ᠨᠠᠷ ᠤ᠋ᠨ ᠬᠡᠨ ᠴᠦ᠍ ᠳᠤᠤᠭᠠᠷᠤᠭᠰᠠᠨ ᠦᠭᠡᠢ᠃ ᠪᠦᠭᠦᠳᠡ ᠵᠢᠵᠢᠭ ᠲᠣᠮᠣ ᠦᠭᠡᠢ ᠳᠠᠷᠤᠤ ᠲᠥᠯᠥᠪ ᠰᠠᠭᠤᠵᠤ ᠴᠢᠩᠭᠢᠰ ᠬᠠᠭᠠᠨ ᠤ᠋ ᠦᠭᠡ ᠶ᠋ᠢ ᠰᠢᠮᠳᠠᠨ ᠰᠣᠨᠣᠰᠴᠤ ᠪᠠᠢᠯ᠎ᠠ᠃ ᠴᠢᠩᠭᠢᠰ ᠬᠠᠭᠠᠨ ᠴᠤ᠌ ᠶᠠᠮᠠᠷ ᠨᠢᠭᠡᠨ ᠬᠠᠷᠢᠭᠤ ᠬᠦᠯᠢᠶᠡᠭᠡ ᠦᠭᠡᠢ ᠲᠤᠯᠠ ᠦᠭᠡ ᠪᠡᠨ ᠴᠠᠭᠠᠰᠢ ᠦᠷᠭᠦᠯᠵᠢᠯᠡᠭᠦᠯᠪᠡ᠃ ᠬᠠᠷᠢᠨ ᠭᠠᠭᠴᠠ ᠰᠢᠭᠢᠬᠤᠲᠤᠭ ᠯᠠ ᠴᠢᠩᠭᠢᠰ ᠬᠠᠭᠠᠨ ᠤ᠋ ᠦᠭᠡ ᠪᠦᠷᠢ ᠶ᠋ᠢ ᠬᠥᠬᠡ ᠳᠡᠪᠲᠡᠷ ᠲᠡᠭᠡᠨ ᠪᠢᠴᠢᠵᠦ ᠠᠪᠬᠤ ᠠᠵᠢ᠃ 
       | ᠲᠡᠢᠮᠦ ᠠ᠋᠂ ᠲᠠ ᠨᠠᠷ ᠥᠪᠡᠷ ᠥᠪᠡᠷ ᠦ᠋ᠨ ᠬᠢ ᠪᠡᠷ ᠢ᠋ᠶ᠋ᠡᠨ ᠪᠣᠳᠣᠬᠤ ᠪᠢᠵᠡ᠃ ᠭᠡᠪᠡᠴᠦ ᠲᠠ ᠨᠠᠷ ᠨᠠᠷᠢᠨ ᠤᠴᠢᠷ ᠢ᠋ ᠣᠯᠬᠤ ᠦᠭᠡᠢ᠃ ᠡᠨᠡ ᠪᠣᠯ ᠠᠯᠲᠠᠨ ᠤᠷᠤᠭ ᠤ᠋ᠨ ᠬᠥᠪᠡᠭᠦᠳ ᠲᠠ ᠨᠠᠷ ᠤ᠋ᠨ ᠲᠥᠯᠥᠭᠡ ᠶᠦᠮ᠃ ᠮᠢᠨᠦ ᠬᠥᠪᠡᠭᠦᠳ᠂ ᠠᠴᠢ ᠨᠠᠷ ᠴᠢᠨᠠᠭᠰᠢᠳᠠ ᠴᠢᠩᠭᠢᠰ ᠬᠠᠭᠠᠨ ᠤ᠋ ᠠᠯᠲᠠᠨ ᠤᠷᠤᠭ ᠤ᠋ᠨ ᠦᠷ᠎ᠡ ᠰᠠᠲᠤ ᠬᠡᠮᠡᠭᠳᠡᠨ ᠪᠦᠬᠦᠨ ᠳ᠋ᠦ᠍ ᠬᠦᠨᠳᠦᠯᠡᠭᠳᠡᠵᠦ ᠨᠡᠷ᠎ᠡ ᠲᠡᠢ ᠲᠥᠷᠥ ᠲᠡᠢ ᠪᠠᠶᠠᠨ ᠴᠠᠳᠬᠤᠯᠠᠩ ᠠᠮᠢᠳᠤᠷᠠᠬᠤ ᠶ᠋ᠢᠨ ᠲᠤᠯᠠᠳᠠ ᠶᠤᠮ᠃ ᠲᠩᠷᠢ ᠶ᠋ᠢᠨ ᠢᠪᠡᠭᠡᠯ ᠳ᠋ᠦ᠍ ᠣᠷᠣᠰᠢᠬᠤ ᠭᠠᠵᠠᠷ ᠣᠷᠣᠨ ᠢ᠋ ᠮᠢᠨᠦ ᠶᠡᠬᠡ ᠨᠡᠷ᠎ᠡ ᠶ᠋ᠢᠨ ᠳᠣᠣᠷ᠎ᠠ ᠨᠢᠭᠡᠳᠬᠡᠨ ᠠᠮᠤᠷᠯᠢᠭᠤᠯᠬᠤ ᠶ᠋ᠢᠨ ᠲᠤᠯᠠᠳᠠ ᠶᠤᠮ᠃ ᠡᠭᠦᠨ ᠢ᠋ ᠲᠠ ᠨᠠᠷ ᠮᠠᠷᠲᠠᠵᠤ ᠦᠯᠦ ᠪᠣᠯᠤᠨ᠎ᠠ᠃ ᠦᠷ᠎ᠡ ᠠᠴᠢ ᠳ᠋ᠠᠭᠠᠨ ᠵᠠᠬᠢᠵᠤ ᠨᠢᠭᠡᠨᠲᠡ ᠮᠢᠨᠦ ᠵᠠᠷᠯᠢᠭ ᠰᠤᠷᠭᠠᠯ ᠢ᠋ᠶ᠋ᠠᠷ ᠬᠤᠷᠢᠶᠠᠭᠰᠠᠨ ᠤᠯᠤᠰ ᠤ᠋ᠨ ᠬᠢᠯᠢ ᠬᠢᠵᠠᠭᠠᠷ ᠢ᠋ ᠥᠷᠭᠡᠳᠬᠡᠨ ᠲᠩᠷᠢ ᠶ᠋ᠢᠨ ᠬᠠᠶᠠᠭ᠎ᠠ ᠬᠦᠷᠲᠡᠯ᠎ᠡ ᠳᠠᠢᠯᠠᠨ ᠶᠠᠪᠤᠵᠠᠭᠠᠵᠤ ᠡᠵᠡᠯᠡᠨ ᠨᠢᠭᠡᠳᠬᠡᠭᠲᠦᠨ᠃ ᠡᠭᠦᠨ ᠦ᠌ ᠲᠤᠯᠠᠳᠠ ᠪᠢ ᠲᠠ ᠨᠠᠷ ᠢ᠋ ᠴᠤᠭᠯᠠᠭᠤᠯᠪᠠ᠃ ᠮᠢᠨᠦ ᠬᠣᠢᠨ᠎ᠠ ᠥᠭᠡᠳᠡᠢ ᠬᠠᠭᠠᠨ ᠰᠠᠭᠤᠷᠢᠨ ᠳ᠋ᠤ᠌ ᠰᠠᠭᠤᠵᠤ ᠪᠤᠰᠤᠳ ᠨᠢ ᠲᠡᠭᠦᠨ ᠳ᠋ᠦ᠍ ᠨᠢᠭᠡᠨ ᠦᠵᠦᠭᠦᠷᠲᠦ ᠰᠡᠳᠬᠢᠯ ᠢ᠋ᠶ᠋ᠡᠷ ᠬᠦᠴᠦᠨ ᠵᠢᠳᠬᠦᠯ ᠢ᠋ᠶ᠋ᠡᠨ ᠥᠭᠭᠦᠭᠲᠦᠨ᠃ ᠴᠠᠭᠠᠲᠠᠢ᠂ ᠠᠯᠲᠠᠢ ᠠ᠋ᠴᠠ ᠠᠮᠥ᠋ ᠳ᠋ᠠᠷᠢᠶᠠ ᠮᠥᠷᠡᠨ ᠬᠦᠷᠲᠡᠯᠡᠬᠢ ᠨᠤᠲᠤᠭ ᠢ᠋ ᠠᠪᠤᠭᠲᠤᠨ᠃ ᠥᠭᠡᠳᠡᠢ ᠤᠢᠭᠤᠷ ᠭᠠᠵᠠᠷ ᠢᠯ ᠮᠥᠷᠡᠨ᠂ ᠲᠠᠷᠪᠠᠭᠠᠲᠠᠢ ᠶ᠋ᠢᠨ ᠠᠭᠤᠯᠠᠰ ᠤ᠋ᠨ ᠬᠠᠪᠢ ᠶ᠋ᠢᠨ ᠨᠤᠲᠤᠭ ᠢ᠋ ᠡᠵᠡᠯᠡᠨ ᠰᠠᠭᠤ᠃ ᠲᠤᠯᠤᠢ ᠴᠢ ᠤᠳᠬᠤᠨ ᠬᠥᠪᠡᠭᠦᠨ ᠦ᠌ ᠶᠣᠰᠣᠭᠠᠷ ᠭᠤᠷᠪᠠᠨ ᠭᠣᠣᠯ ᠤ᠋ᠨ ᠮᠣᠩᠭᠣᠯ ᠨᠤᠲᠤᠭ ᠢ᠋ᠶ᠋ᠠᠨ ᠮᠡᠳᠡ᠃ ᠬᠠᠷᠢᠨ ᠪᠠᠲᠤ ᠴᠢ ᠡᠴᠢᠭᠡ ᠶ᠋ᠢᠨ ᠣᠷᠣᠨ ᠳ᠋ᠤ᠌ ᠰᠠᠶᠠᠨ ᠤ᠋ ᠠᠭᠤᠯᠠᠰ ᠠ᠋ᠴᠠ ᠺᠡᠣᠺᠡᠰ ᠦ᠋ᠨ ᠠᠭᠤᠯᠠᠰ ᠬᠦᠷᠲᠡᠯᠡᠬᠢ ᠭᠠᠵᠠᠷ ᠢ᠋ ᠠᠪᠴᠤ ᠲᠤᠰ ᠲᠤᠰ ᠲᠠᠭᠠᠨ ᠥᠷᠭᠡᠳᠬᠡᠨ ᠶᠠᠪᠤᠰᠤᠭᠠᠢ᠃ ᠲᠠ ᠨᠠᠷ ᠤ᠋ᠨ ᠡᠵᠡᠯᠡᠨ ᠰᠠᠭᠤᠭᠰᠠᠨ ᠨᠤᠲᠤᠭ ᠢ᠋ ᠲᠠ ᠨᠠᠷ ᠤ᠋ᠨ ᠦᠷ᠎ᠡ ᠬᠡᠦᠬᠡᠳ ᠶᠢᠰᠥᠨᠮᠥᠶ᠋ᠩᠬᠡ᠂ ᠭᠦᠶᠦᠭ᠂ ᠮᠥᠩᠬᠡ ᠭᠡᠳ ᠤᠤᠭᠠᠨ ᠠᠴᠢ ᠬᠥᠪᠡᠭᠦᠳ ᠠᠬᠠᠯᠠᠨ ᠠᠴᠢ ᠨᠠᠷ ᠮᠢᠨᠢ ᠤᠯᠠᠮᠵᠢᠯᠠᠨ ᠡᠵᠡᠮᠰᠢᠵᠦ ᠰᠠᠭᠤᠬᠤ ᠪᠢᠵᠡ᠃ ᠮᠢᠨᠦ ᠡᠵᠡᠯᠡᠭᠰᠡᠨ ᠨᠤᠲᠤᠭ ᠥᠷᠭᠡᠵᠢᠨ ᠲᠡᠯᠡᠵᠦ ᠪᠠᠢᠪᠠᠯ ᠮᠢᠨᠦ ᠰᠦᠨᠡᠰᠦ ᠰᠦᠯᠳᠡ ᠳ᠋ᠦ᠍ ᠪᠠᠬᠠᠷᠬᠠᠨ ᠪᠠᠶᠠᠰᠬᠤ ᠪᠣᠯᠤᠨ᠎ᠠ ᠭᠡᠳᠡᠭ ᠢ᠋ ᠪᠤᠤ ᠮᠠᠷᠲᠠ᠃ ᠮᠢᠨᠦ ᠡᠨᠡ ᠭᠡᠷᠢᠶᠡᠰ ᠢ᠋ ᠮᠢᠨᠦ ᠠᠯᠲᠠᠨ ᠤᠷᠤᠭ ᠤ᠋ᠨ ᠦᠷ᠎ᠡ ᠤᠳᠤᠮ ᠡᠭᠦᠷᠢᠳᠡ ᠳ᠋ᠡᠭᠡᠨ ᠮᠥᠷᠳᠡᠵᠦ ᠪᠠᠢᠬᠤ ᠶ᠋ᠢ ᠪᠢ ᠵᠠᠷᠯᠢᠭ ᠪᠣᠯᠭᠠᠵᠤ ᠪᠠᠢᠨ᠎ᠠ᠃ ᠠᠯᠲᠠᠨ ᠤᠷᠤᠭ ᠤ᠋ᠨ ᠬᠥᠪᠡᠭᠦᠳ ᠳᠣᠲᠣᠷ᠎ᠠ ᠠ᠋ᠴᠠ ᠡᠷᠬᠡ ᠪᠢᠰᠢ ᠤᠬᠠᠭᠠᠨ ᠲᠠᠢ ᠭᠠᠪᠰᠢᠭᠠᠢ ᠡᠷᠳᠡᠮ ᠲᠡᠭᠦᠰ ᠨᠢᠭᠡ ᠶ᠋ᠢ ᠪᠡᠨ ᠰᠢᠯᠢᠵᠦ ᠬᠠᠭᠠᠨ ᠰᠠᠭᠤᠷᠢᠨ ᠳ᠋ᠤ᠌ ᠡᠷᠭᠦᠮᠵᠢᠯᠡᠭᠲᠦᠨ᠃ ᠡᠷᠭᠦᠮᠵᠢᠯᠡᠭᠰᠡᠨ ᠪᠣᠯ ᠲᠡᠭᠦᠨ ᠦ᠌ ᠪᠡᠨ ᠦᠭᠡ ᠵᠠᠷᠯᠢᠭ ᠢ᠋ ᠲᠩᠷᠢ ᠶ᠋ᠢᠨ ᠵᠠᠷᠯᠢᠭ ᠭᠡᠵᠦ ᠳ᠋ᠡᠭᠡᠨ ᠪᠡᠶᠡᠯᠡᠭᠦᠯᠦᠭᠲᠦᠨ᠃ ᠢᠩᠭᠢᠵᠦ ᠴᠢᠳᠠᠪᠠᠯ ᠴᠢᠩᠭᠢᠰ ᠬᠠᠭᠠᠨ ᠮᠢᠨᠦ ᠠᠯᠲᠠᠨ ᠤᠷᠤᠭ ᠡᠨᠡ ᠭᠠᠵᠠᠷ ᠢ᠋ ᠮᠥᠩᠬᠡᠲᠡ ᠵᠠᠬᠢᠷᠤᠨ ᠰᠠᠭᠤᠬᠤ ᠨᠢ ᠭᠠᠷᠴᠠᠭ᠎ᠠ ᠦᠭᠡᠢ᠃ ᠮᠢᠨᠦ ᠡᠨᠡ ᠵᠠᠷᠯᠢᠭ ᠢ᠋ ᠬᠥᠬᠡ ᠳᠡᠪᠲᠡᠷ ᠲᠦ᠍ ᠪᠢᠴᠢᠭᠯᠡᠨ ᠦᠷ᠎ᠡ ᠶ᠋ᠢᠨ ᠦᠷ᠎ᠡ ᠳ᠋ᠦ᠍᠂ ᠦᠶ᠎ᠡ ᠶ᠋ᠢᠨ ᠦᠶ᠎ᠡ ᠳ᠋ᠦ᠍ ᠬᠦᠷᠲᠡᠯ᠎ᠡ ᠳᠠᠭᠠᠵᠤ ᠮᠥᠷᠳᠡᠭᠲᠦᠨ᠃ ᠪᠠᠰᠠ ᠡᠨᠡ ᠵᠠᠷᠯᠢᠭ ᠢ᠋ ᠴᠢᠬᠢ ᠪᠡᠷ ᠰᠣᠨᠣᠰᠤᠭᠰᠠᠨ ᠪᠦᠭᠦᠳᠡ ᠶ᠋ᠢᠨ ᠨᠡᠷ᠎ᠡ ᠶ᠋ᠢ ᠪᠢᠴᠢᠵᠦ ᠪᠠᠲᠤᠯᠠᠭᠲᠤᠨ ᠃ ᠬᠣᠵᠢᠮ ᠦᠭᠡ ᠪᠡᠨ ᠮᠠᠷᠲᠠᠵᠤ ᠮᠢᠨᠦ ᠵᠠᠷᠯᠢᠭ ᠢ᠋ ᠵᠥᠷᠢᠴᠡᠭᠰᠡᠨ ᠬᠥᠮᠦᠨ ᠭᠠᠷᠪᠠᠰᠤ ᠡᠨᠡ ᠳᠡᠪᠲᠡᠷ ᠢ᠋ ᠦᠵᠡᠭᠦᠯᠵᠦ ᠦᠭᠡ ᠶ᠋ᠢ ᠨᠢ ᠮᠡᠳᠡᠭᠦᠯᠵᠦ ᠰᠢᠳᠤᠷᠭᠤ ᠪᠠᠷ ᠶᠠᠯᠠᠯᠠᠭᠲᠤᠨ᠃ ᠡᠨᠡ ᠵᠠᠷᠯᠢᠭ ᠢ᠋ ᠬᠡᠨ ᠬᠡᠷᠬᠢᠨ ᠳᠠᠭᠠᠵᠤ ᠮᠥᠷᠳᠡᠵᠦ ᠪᠣᠢ ᠶ᠋ᠢ ᠪᠣᠭᠣᠷᠴᠢ ᠪᠣᠯᠤᠭᠠᠳ ᠰᠢᠭᠢᠬᠤᠲᠤᠭ ᠤ᠋ᠨ ᠦᠷ᠎ᠡ ᠤᠳᠤᠮ ᠬᠢᠨᠠᠨ ᠶᠠᠪᠤᠭᠲᠤᠨ᠃ ᠣᠳᠣ ᠶᠡᠬᠡ ᠴᠡᠷᠢᠭ ᠢ᠋ᠶ᠋ᠡᠨ ᠠᠯᠲᠠᠨ ᠤᠯᠤᠰ ᠤᠷᠤᠭᠤ ᠬᠥᠳᠡᠯᠭᠡᠬᠦ ᠳ᠋ᠦ᠍ ᠪᠡᠯᠡᠳᠬᠡᠭᠲᠦᠨ᠃ ᠶᠡᠬᠡ ᠴᠡᠷᠢᠭ ᠢ᠋ ᠥᠭᠡᠳᠡᠢ ᠵᠠᠬᠢᠷ᠃ ᠴᠠᠭᠠᠲᠠᠢ ᠪᠠᠷᠠᠭᠤᠨ ᠵᠠᠮ ᠤ᠋ᠨ ᠴᠡᠷᠢᠭ ᠢ᠋᠂ ᠪᠢ ᠲᠤᠯᠤᠢ ᠶ᠋ᠢᠨ ᠬᠠᠮᠲᠤ ᠵᠡᠭᠦᠨ ᠵᠠᠮ ᠤ᠋ᠨ ᠴᠡᠷᠢᠭ ᠢ᠋ ᠤᠳᠤᠷᠢᠳᠤᠶ᠎ᠠ᠃ ᠬᠥᠪᠡᠭᠦᠳ ᠢ᠋ᠶ᠋ᠡᠨ ᠲᠤᠰ ᠲᠤᠰ ᠤ᠋ᠨ ᠴᠡᠷᠢᠭ ᠲᠦ᠍ ᠬᠠᠮᠲᠤ ᠠᠪᠴᠤ ᠶᠠᠪᠤᠵᠠᠭ᠎ᠠ ᠭᠡᠵᠦ ᠴᠢᠩᠭᠢᠰ ᠬᠠᠭᠠᠨ ᠵᠠᠷᠯᠢᠭ ᠪᠣᠯᠪᠠ᠃ ᠴᠢᠩᠭᠢᠰ ᠬᠠᠭᠠᠨ ᠥᠭᠡᠯᠦᠨ ᠡᠬᠡ ᠶ᠋ᠢᠨ ᠢ᠋ᠶ᠋ᠡᠨ ᠶᠠᠷᠢᠭᠰᠠᠨ ᠪᠤᠶᠠᠨᠲᠠᠢ ᠡᠪᠦᠭᠡᠨ ᠦ᠌ ᠳᠣᠮᠣᠭ ᠢ᠋ ᠦᠨᠡᠨ ᠪᠣᠯᠭᠠᠵᠤ ᠡᠨᠡ ᠭᠠᠵᠠᠷ ᠢ᠋ ᠥᠪᠡᠷ ᠦ᠋ᠨ ᠬᠥᠪᠡᠭᠦᠳ ᠲᠡᠭᠡᠨ ᠬᠤᠪᠢᠲᠠᠨ ᠥᠭᠪᠡ᠃ ᠥᠭᠡᠯᠦᠨ ᠡᠬᠡ ᠨᠢ ᠬᠡᠴᠢᠨᠡᠨ ᠬᠣᠯᠠ ᠶ᠋ᠢ ᠬᠠᠷᠠᠵᠤ ᠲᠡᠷᠡ ᠳᠣᠮᠣᠭ ᠢ᠋ ᠶᠠᠷᠢᠭᠰᠠᠨ ᠢ᠋ ᠴᠢᠩᠭᠢᠰ ᠬᠠᠭᠠᠨ ᠭᠠᠢᠬᠠᠨ ᠪᠢᠰᠢᠷᠡᠭᠡᠳ ᠪᠠᠷᠠᠬᠤ ᠦᠭᠡᠢ ᠪᠠᠢᠯ᠎ᠠ᠃ ᠣᠳᠣ ᠲᠡᠭᠦᠨ ᠦ᠌ ᠬᠥᠪᠡᠭᠦᠳ ᠡᠨᠡ ᠭᠠᠵᠠᠷ ᠢ᠋ ᠥᠪᠡᠷᠰᠡᠳ ᠦ᠋ᠨ ᠨᠡᠷ᠎ᠡ ᠪᠡᠷ ᠨᠡᠷᠡᠯᠡᠭᠦᠯᠦᠨ ᠮᠥᠩᠬᠡᠯᠡᠭᠡᠰᠡᠢ ᠭᠡᠵᠦ ᠬᠦᠰᠡᠵᠦ ᠪᠠᠢᠪᠠ᠃ ᠳᠡᠮᠡᠢ ᠶᠠᠭᠠᠷᠠᠵᠤ ᠵᠥᠴᠢ ᠬᠥᠪᠡᠭᠦᠨ ᠢ᠋ᠶ᠋ᠡᠨ ᠬᠠᠷᠠᠳᠠᠨ ᠦᠢᠯᠡ ᠶ᠋ᠢ ᠨᠢ ᠪᠠᠷᠠᠭᠰᠠᠨ ᠳ᠋ᠠᠭᠠᠨ ᠶᠡᠬᠡᠳᠡ ᠬᠠᠷᠠᠮᠰᠠᠵᠠᠢ᠃ ᠬᠥᠪᠡᠭᠦᠳ ᠨᠢ ᠡᠴᠢᠭᠡ ᠶ᠋ᠢᠨ ᠢ᠋ᠶ᠋ᠡᠨ ᠠᠳᠠᠯᠢ ᠶᠡᠬᠡ ᠬᠠᠭᠠᠨ ᠰᠠᠭᠤᠬᠤ ᠶ᠋ᠢ ᠬᠦᠰᠡᠬᠦ ᠡᠷᠬᠡ ᠲᠡᠢ ᠶ᠋ᠢ ᠪᠠᠰᠠ ᠢᠩᠭᠢᠬᠦ ᠶᠣᠰᠣᠲᠠᠢ ᠶ᠋ᠢ ᠲᠡᠷᠡ ᠳᠠᠩᠴᠤ ᠬᠣᠵᠢᠭᠤ ᠤᠬᠠᠭᠠᠷᠠᠵᠠᠢ᠃ ᠭᠡᠪᠡᠴᠦ ᠴᠢᠩᠭᠢᠰ ᠬᠠᠭᠠᠨ ᠤ᠋ ᠨᠢᠭᠤᠷ ᠤ᠋ᠨ ᠳᠡᠭᠡᠷ᠎ᠡ ᠮᠣᠩᠭᠣᠯᠴᠤᠳ ᠵᠥᠪᠬᠡᠨ ᠣᠷᠬᠣᠨ᠂ ᠤᠨᠤᠨ᠂ ᠬᠡᠷᠦᠯᠦᠨ᠂ ᠲᠤᠤᠯᠠ᠂ ᠰᠡᠯᠡᠩᠭᠡ ᠲᠠᠪᠤᠨ ᠭᠣᠣᠯ ᠤ᠋ᠨ ᠡᠷᠭᠢ ᠪᠡᠷ ᠪᠢᠰᠢ ᠡᠨᠡ ᠬᠠᠪᠲᠠᠭᠠᠢ ᠭᠠᠵᠠᠷ ᠢ᠋ ᠪᠦᠬᠦᠯᠢ ᠪᠡᠷ ᠨᠢ ᠡᠵᠡᠯᠡᠨ ᠰᠠᠭᠤᠬᠤ ᠪᠣᠯᠤᠭᠰᠠᠨ ᠳ᠋ᠠᠭᠠᠨ ᠪᠠᠬᠠᠷᠬᠠᠵᠤ ᠬᠣᠵᠢᠮ ᠬᠣᠢᠨ᠎ᠠ ᠲᠡᠭᠦᠨ ᠦ᠌ ᠲᠤᠬᠠᠢ ᠶᠠᠭ ᠥᠨᠥ ᠪᠤᠶᠠᠨᠲᠠᠢ ᠡᠪᠦᠭᠡᠨ ᠦ᠌ ᠳᠣᠮᠣᠭ ᠮᠡᠲᠦ ᠦᠶ᠎ᠡ ᠳᠠᠮᠵᠢᠭᠤᠯᠤᠨ ᠬᠦᠦᠷᠨᠢᠨ᠎ᠡ ᠭᠡᠵᠦ ᠢᠲᠡᠭᠡᠵᠦ ᠪᠠᠢᠪᠠ᠃ 
       ᠡᠢᠨ ᠬᠦ᠌ ᠪᠦᠬᠦ ᠵᠦᠢᠯ ᠲᠣᠳᠣᠷᠬᠠᠢ ᠪᠣᠯᠪᠠ᠃ ᠪᠠᠲᠤ ᠠᠯᠲᠠᠨ ᠤᠷᠤᠭ ᠤ᠋ᠨ ᠳᠣᠲᠣᠷ᠎ᠠ ᠯᠠᠪᠲᠠᠢ ᠲᠤᠯᠤᠢ ᠶ᠋ᠢᠨ ᠳᠠᠷᠠᠭ᠎ᠠ ᠵᠢᠩᠳᠠᠭᠠᠯᠠᠬᠤ ᠡᠷᠬᠡ ᠲᠡᠢ ᠪᠣᠯᠵᠤ ᠶᠡᠬᠡ ᠬᠠᠭᠠᠨ ᠤ᠋ ᠠᠴᠢ ᠬᠥᠪᠡᠭᠦᠳ ᠦ᠋ᠨ ᠮᠠᠩᠯᠠᠢ ᠳ᠋ᠤ᠌ ᠰᠠᠭᠤᠬᠤ ᠨᠢ ᠭᠠᠷᠴᠠᠭ᠎ᠠ ᠦᠭᠡᠢ ᠪᠣᠯᠵᠠᠢ᠃ ᠢᠩᠭᠢᠵᠦ ᠰᠠᠨᠠᠭ᠎ᠠ ᠦᠭᠡᠢ ᠪᠠᠢᠭᠰᠠᠨ ᠪᠠᠲᠤ ᠶ᠋ᠢᠨ ᠰᠡᠳᠬᠢᠯ ᠶᠡᠬᠡᠳᠡ ᠬᠥᠳᠡᠯᠦᠭᠰᠡᠨ ᠴᠦ᠍ ᠠᠬᠠᠮᠠᠳ ᠬᠥᠪᠡᠭᠦᠳ ᠪᠡᠶ᠎ᠡ ᠪᠡᠨ ᠪᠠᠷᠢᠨ ᠳᠠᠭᠤ ᠦᠭᠡᠢ ᠰᠠᠭᠤᠵᠠᠭᠠᠪᠠ ᠃ ᠥᠭᠡᠳᠡᠢ᠂ ᠴᠠᠭᠠᠲᠠᠢ ᠬᠣᠶᠠᠷ ᠬᠡᠨ ᠮᠠᠨᠢ ᠦᠭᠡ ᠬᠡᠯᠡᠬᠦ ᠪᠣᠢ ᠭᠡᠵᠦ ᠲᠦᠷᠭᠡᠨ ᠵᠠᠭᠤᠷ᠎ᠠ ᠬᠠᠷᠠᠴᠠ ᠰᠣᠯᠢᠯᠴᠠᠭᠠᠳ ᠨᠢᠭᠡᠨᠲᠡ ᠠᠬᠠᠮᠠᠳ ᠬᠥᠪᠡᠭᠦᠨ ᠲᠤᠯᠠ ᠴᠠᠭᠠᠲᠠᠢ ᠬᠠᠷᠢᠭᠤ ᠬᠡᠯᠡᠬᠦ ᠪᠡᠷ ᠬᠣᠭᠣᠯᠠᠢ ᠵᠠᠰᠠᠵᠤ ᠠᠮᠵᠢᠭ᠎ᠠ ᠦᠭᠡᠢ ᠪᠠᠢᠲᠠᠯ᠎ᠠ ᠡᠨᠳᠡ ᠪᠠᠢᠭᠰᠠᠨ ᠠᠴᠢ ᠬᠥᠪᠡᠭᠦᠳ ᠦ᠋ᠨ ᠬᠠᠮᠤᠭ ᠤ᠋ᠨ ᠪᠠᠯᠴᠢᠷ ᠠᠷᠢᠬᠪᠦ᠋ᠬᠡ ᠭᠡᠨᠡᠳᠲᠡ 
       | ᠡᠪᠦᠭᠡ ᠡᠴᠢᠭᠡ ᠲᠡᠭᠡᠭᠡᠳ ᠬᠡᠵᠢᠶ᠎ᠡ ᠦᠬᠦᠬᠦ ᠪᠣᠢ? ᠭᠡᠵᠦ ᠴᠠᠩᠭᠢᠨᠠᠭᠤᠯᠤᠨ ᠬᠠᠰᠬᠢᠷᠴᠤ ᠪᠦᠭᠦᠳᠡ ᠶ᠋ᠢ ᠴᠣᠴᠢᠭᠠᠵᠠᠢ᠃ ᠳᠡᠷᠭᠡᠳᠡ ᠨᠢ ᠵᠣᠭᠰᠣᠵᠤ ᠪᠠᠢᠭᠰᠠᠨ ᠬᠤᠪᠢᠯᠠᠢ ᠠᠬ᠎ᠠ ᠨᠢ ᠤᠴᠢᠷ ᠢ᠋ ᠮᠡᠳᠡᠬᠦ ᠪᠣᠯᠤᠭᠰᠠᠨ ᠤ᠋ ᠬᠤᠪᠢ ᠳ᠋ᠤ᠌ ᠪᠤᠰᠢᠭᠤᠬᠠᠨ ᠠᠮᠠ ᠶ᠋ᠢ ᠨᠢ ᠳᠠᠷᠤᠭᠠᠳ ᠠᠪᠴᠠᠢ᠃ ᠭᠡᠰᠡᠨ ᠴᠦ᠍ ᠳᠤᠷ᠎ᠠ ᠪᠠᠷ ᠢ᠋ᠶ᠋ᠠᠨ ᠡᠷᠬᠡ ᠲᠠᠩᠬᠢ ᠥᠰᠦᠭᠰᠡᠨ ᠠᠷᠢᠬᠪᠦ᠋ᠬᠡ ᠲᠡᠢᠮᠦ ᠠᠮᠠᠷ ᠪᠠᠭᠤᠵᠤ ᠥᠭᠭᠦᠭᠰᠡᠨ ᠦᠭᠡᠢ᠃ 
       | ᠦᠬᠦᠬᠦ ᠭᠡᠵᠦ ᠪᠠᠢᠭ᠎ᠠ ᠬᠥᠮᠦᠨ ᠴᠢᠨᠢ ᠯᠡ ᠢᠩᠭᠢᠵᠦ ᠶᠠᠷᠢᠳᠠᠭ ᠪᠢᠵᠡ ᠳᠡ ᠭᠡᠵᠦ ᠬᠤᠪᠢᠯᠠᠢ ᠶ᠋ᠢᠨ ᠭᠠᠷ ᠢ᠋ ᠵᠠᠢᠯᠠᠭᠤᠯᠤᠨ ᠬᠠᠰᠬᠢᠷᠴᠤ ᠠᠮᠵᠢᠵᠠᠢ᠃ ᠰᠠᠨᠳᠤᠷᠤᠭᠰᠠᠨ ᠲᠤᠯᠤᠢ ᠭᠠᠷ ᠢ᠋ᠶ᠋ᠠᠷ ᠳᠣᠬᠢᠭᠰᠠᠨ ᠳ᠋ᠤ᠌ ᠬᠤᠪᠢᠯᠠᠢ᠂ ᠬᠦᠯᠡᠬᠦ ᠬᠣᠶᠠᠷ ᠡᠷᠬᠡ ᠲᠢᠭ ᠦᠭᠡᠢ ᠳᠡᠭᠦᠦ ᠪᠡᠨ ᠰᠤᠭᠤᠨ ᠠ᠋ᠴᠠ ᠨᠢ ᠡᠷᠭᠦᠨ ᠭᠠᠷᠴᠠᠢ᠃ ᠭᠡᠰᠡᠨ ᠴᠦ᠍ ᠠᠷᠢᠬᠪᠦ᠋ᠬᠡ 
       | ᠲᠠ ᠨᠠᠷ ᠡᠪᠦᠭᠡ ᠡᠴᠢᠭᠡ ᠶ᠋ᠢᠨ ᠦᠬᠦᠬᠦ ᠭᠡᠵᠦ ᠪᠠᠢᠭ᠎ᠠ ᠶ᠋ᠢ ᠮᠡᠳᠡᠬᠦ ᠦᠭᠡᠢ ᠪᠠᠢᠭ᠎ᠠ ᠶᠤᠮ ᠤᠤ? ᠲᠡᠭᠡᠪᠡᠯ ᠡᠪᠦᠭᠡ ᠡᠴᠢᠭᠡ ᠦᠬᠦᠬᠦ ᠭᠡᠵᠦ ᠪᠠᠢᠭ᠎ᠠ ᠶᠤᠮ ᠪᠠᠢᠨ᠎ᠠ᠃ ᠲᠡᠭᠦᠨ ᠢ᠋ ᠪᠡᠨ ᠲᠠ ᠨᠠᠷ ᠠ᠋ᠴᠠ ᠨᠢᠭᠤᠭᠠᠳ ᠪᠠᠢᠨ᠎ᠠ ᠰᠢᠦ ᠳᠡ᠃ ᠡᠪᠦᠭᠡ ᠡᠴᠢᠭᠡ ᠶ᠋ᠢ ᠪᠢᠲᠡᠭᠡᠢ ᠦᠬᠦᠭᠦᠯᠦᠭᠡᠴᠢ ᠳᠡ᠃ ᠠᠪᠤ ᠠ᠋ ᠂ ᠲᠠ ᠡᠪᠦᠭᠡ ᠡᠴᠢᠭᠡ ᠶ᠋ᠢ ᠪᠢᠲᠡᠭᠡᠢ ᠦᠬᠦᠭᠦᠯᠦᠭᠡᠷᠡᠢ᠃ ᠪᠢ ᠲᠠᠨ ᠳ᠋ᠤ᠌ ᠬᠡᠯᠡᠯ᠎ᠡ ᠰᠢᠦ ᠭᠡᠵᠦ ᠬᠠᠰᠬᠢᠷᠤᠭᠰᠠᠭᠠᠷ ᠭᠠᠷᠴᠠᠢ᠃ ᠠᠷᠢᠬᠪᠥ᠋ᠬᠡ ᠶ᠋ᠢᠨ ᠡᠨᠡ ᠰᠠᠨᠠᠭᠠᠨ ᠳ᠋ᠤ᠌ ᠦᠭᠡᠢ ᠠᠭᠠᠰᠢ ᠶᠠᠭ ᠲᠡᠭᠷᠢ ᠨᠢᠷᠬᠢᠵᠦ ᠠᠶᠤᠩᠭ᠎ᠠ ᠪᠠᠭᠤᠭᠰᠠᠨ ᠮᠡᠲᠦ ᠪᠦᠭᠦᠳᠡ ᠶ᠋ᠢ ᠰᠣᠴᠢᠭᠠᠵᠤ ᠭᠡᠷ ᠲᠦ᠍ ᠲᠦᠭᠰᠢᠭᠦᠷᠢ ᠲᠡᠢ ᠨᠠᠮ ᠭᠦᠮ ᠪᠣᠯᠤᠯ᠎ᠠ᠃ ᠠᠷᠢᠬᠪᠥ᠋ᠬᠡ ᠬᠡᠦᠬᠡᠳ ᠦ᠋ᠨ ᠵᠦᠩ ᠰᠣᠪᠢᠩ ᠢ᠋ᠶ᠋ᠠᠷ ᠪᠣᠯᠬᠤ ᠭᠡᠵᠦ ᠪᠣᠢ ᠠᠶᠤᠮᠰᠢᠭᠲᠤ ᠬᠡᠷᠡᠭ ᠢ᠋ ᠮᠡᠳᠡᠭᠰᠡᠨ ᠢ᠋ᠶ᠋ᠡᠨ ᠨᠢᠭᠤᠯ ᠦᠭᠡᠢ ᠬᠡᠯᠡᠭᠰᠡᠨ ᠨᠢ ᠡᠨᠡ ᠪᠠᠢᠪᠠ᠃ ᠬᠡᠨ ᠨᠢ ᠴᠦ᠍ ᠶᠠᠭᠤ ᠭᠡᠵᠦ ᠬᠡᠯᠡᠬᠦ ᠠᠷᠭ᠎ᠠ ᠤᠴᠢᠷ ᠢ᠋ᠶ᠋ᠠᠨ ᠲᠡᠷᠡ ᠳᠣᠣᠷ᠎ᠠ ᠪᠠᠨ ᠣᠯᠤᠭᠰᠠᠨ ᠦᠭᠡᠢ᠃ ᠴᠠᠭᠠᠲᠠᠢ ᠬᠡᠯᠡᠬᠦ ᠭᠡᠵᠦ ᠪᠠᠢᠭᠰᠠᠨ ᠦᠭᠡ ᠪᠡᠨ ᠮᠠᠷᠲᠠᠵᠠᠢ᠃ ᠬᠥᠪᠡᠭᠦᠳ ᠨᠢ ᠶᠠᠭᠠᠬᠢᠵᠤ ᠰᠠᠨᠳᠤᠷᠤᠨ ᠪᠠᠷᠢᠴᠠ ᠠᠯᠳᠠᠬᠤ ᠶ᠋ᠢ ᠴᠢᠩᠭᠢᠰ ᠬᠠᠭᠠᠨ ᠬᠠᠷᠠᠯ᠎ᠠ᠃ ᠲᠡᠳᠡᠨ ᠦ᠌ ᠬᠡᠨ ᠨᠢ ᠴᠦ᠍ ᠲᠡᠭᠦᠨ ᠦ᠌ ᠦᠬᠦᠯ ᠢ᠋ ᠲᠥᠰᠦᠭᠡᠯᠡᠬᠦ ᠦᠭᠡᠢ᠂ ᠶᠠᠮᠠᠷ ᠴᠤ᠌ ᠪᠡᠯᠡᠳᠬᠡᠯ ᠦᠭᠡᠢ ᠪᠠᠢᠭ᠎ᠠ ᠶ᠋ᠢ ᠢᠩᠭᠢᠵᠦ ᠰᠠᠨᠠᠭᠠᠨ ᠳ᠋ᠤ᠌ ᠦᠭᠡᠢ ᠮᠡᠳᠡᠭᠰᠡᠨ ᠨᠢ ᠴᠢᠩᠭᠢᠰ ᠬᠠᠭᠠᠨ ᠢ᠋ ᠬᠢᠷᠳ᠋ᠬᠢᠯᠭᠡᠵᠡᠢ᠃ ᠲᠡᠳᠡᠨ ᠢ᠋ ᠬᠠᠷᠠᠭᠠᠳ ᠨᠠᠳᠠ ᠠ᠋ᠴᠠ ᠬᠣᠢᠰᠢ ᠡᠨᠡ ᠬᠡᠳᠦ ᠮᠠᠨᠢ ᠶᠠᠭᠠᠬᠢᠨ᠎ᠠ ᠳᠠ ᠭᠡᠵᠦ ᠪᠣᠳᠣᠬᠤ ᠪᠦᠷᠢ ᠵᠢᠷᠦᠬᠡ ᠨᠢ ᠰᠢᠮᠰᠢᠷᠡᠵᠦ ᠲᠡᠳᠡᠨ ᠦ᠌ ᠡᠨᠡ ᠠᠷᠭ᠎ᠠ ᠪᠠᠨ ᠪᠠᠷᠠᠭᠰᠠᠨ ᠪᠠᠢᠳᠠᠯ ᠢ᠋ ᠬᠠᠷᠠᠭᠰᠠᠭᠠᠷ ᠰᠠᠭᠤᠬᠤ ᠲᠡᠪᠴᠢᠶᠡᠷᠢ ᠪᠠᠷᠠᠭᠳᠠᠨ 
       | ᠬᠡᠦᠬᠡᠳ ᠦ᠋ᠨ ᠦᠭᠡ ᠪᠡᠷ ᠦᠭᠡ ᠬᠢᠭᠡᠳ ᠶᠠᠭᠠᠬᠢᠬᠤ ᠪᠣᠢ᠃ ᠨᠠᠳᠠᠳᠤ ᠰᠠᠨᠠᠭ᠎ᠠ ᠵᠣᠪᠠᠬᠤ ᠶᠠᠪᠤᠳᠠᠯ ᠦᠭᠡᠢ᠃ ᠪᠢ ᠦᠬᠦᠬᠦ ᠪᠣᠯᠤᠭᠠᠳ ᠡᠨᠡ ᠦᠭᠡ ᠶ᠋ᠢ ᠬᠡᠯᠡᠭᠰᠡᠨ ᠦᠭᠡᠢ᠃ ᠲᠠ ᠨᠠᠷ ᠤ᠋ᠨ ᠵᠣᠷᠢᠯᠭ᠎ᠠ ᠶ᠋ᠢ ᠲᠣᠳᠣ ᠪᠣᠯᠭᠠᠬᠤ ᠶ᠋ᠢᠨ ᠲᠤᠯᠠᠳᠠ ᠬᠡᠯᠡᠯ᠎ᠡ᠃ ᠣᠳᠣ ᠶᠠᠪᠤᠵᠠᠭ᠎ᠠ᠃ ᠬᠠᠷᠢᠨ ᠪᠠᠲᠤ ᠴᠢ ᠦᠯᠡᠳᠡ ᠭᠡᠵᠡᠢ᠃ ᠪᠦᠭᠦᠳᠡ ᠲᠣᠪ ᠳᠤᠭᠤᠢ ᠭᠠᠷᠴᠠᠭᠠᠪᠠ᠃ ᠥᠪᠡᠷ ᠦ᠋ᠨ ᠢ᠋ᠶ᠋ᠡᠨ ᠦᠬᠦᠯ ᠦ᠋ᠨ ᠲᠤᠬᠠᠢ ᠢᠩᠭᠢᠵᠦ ᠭᠡᠨᠡᠳᠲᠡ ᠢᠯᠠᠨ ᠳᠠᠯᠠᠨ ᠦᠭᠡᠢ ᠰᠣᠨᠣᠰᠤᠭᠠᠳ ᠴᠢᠩᠭᠢᠰ ᠬᠠᠭᠠᠨ ᠴᠤ᠌ ᠲᠠᠢᠪᠤᠰᠢᠷᠠᠵᠤ ᠴᠢᠳᠠᠬᠤ ᠦᠭᠡᠢ ᠪᠣᠯᠵᠠᠢ᠃ 
       ᠪᠠᠲᠤ ᠦᠯᠡᠳᠡᠭᠡᠳ ᠡᠪᠦᠭᠡ ᠡᠴᠢᠭᠡ ᠶ᠋ᠢᠨ ᠢ᠋ᠶ᠋ᠡᠨ ᠪᠤᠭᠤᠷᠤᠯ ᠦᠰᠦᠲᠦ ᠲᠡᠷᠢᠭᠦᠨ᠂ ᠦᠷᠴᠢᠯᠡᠭᠡᠲᠦ ᠨᠢᠭᠤᠷ ᠢ᠋ ᠦᠷᠦ ᠡᠪᠡᠳᠴᠦ ᠬᠠᠷᠠᠮᠰᠠᠭᠰᠠᠨ ᠬᠠᠷᠠᠴᠠ ᠪᠠᠷ ᠰᠠᠮ ᠰᠢᠷᠳᠡᠨ ᠳᠠᠭᠤ ᠦᠭᠡᠢ ᠬᠦᠯᠢᠶᠡᠨ ᠰᠠᠭᠤᠵᠤ ᠪᠠᠢᠪᠠ᠃ ᠴᠢᠩᠭᠢᠰ ᠬᠠᠭᠠᠨ ᠡᠪᠦᠭᠡ ᠨᠢ ᠦᠬᠦᠨ᠎ᠡ ᠭᠡᠵᠦ ᠰᠠᠨᠠᠬᠤ ᠳ᠋ᠤ᠌ ᠪᠠᠲᠤ ᠳ᠋ᠤ᠌ ᠠᠶᠤᠮᠰᠢᠭᠲᠠᠢ᠂ ᠶᠠᠮᠠᠷ ᠴᠤ᠌ ᠬᠠᠮᠠᠭᠠᠯᠠᠯᠲᠠ ᠦᠭᠡᠢ ᠥᠨᠥᠴᠢᠷᠡᠨ ᠬᠣᠴᠣᠷᠬᠤ ᠮᠡᠲᠦ ᠰᠡᠳᠬᠢᠭᠳᠡᠵᠦ ᠪᠠᠢᠵᠠᠢ᠃ ᠴᠢᠩᠭᠢᠰ ᠬᠠᠭᠠᠨ ᠡᠴᠦᠰ ᠲᠦ᠋ᠨᠢ ᠬᠦᠴᠦᠯᠡᠨ ᠪᠡᠶ᠎ᠡ ᠪᠡᠨ ᠪᠠᠷᠢᠪᠠ᠃ ᠲᠡᠭᠦᠨ ᠦ᠌ ᠡᠮᠦᠨ᠎ᠡ ᠬᠠᠷᠢᠬᠤ ᠭᠡᠵᠦ ᠶᠠᠭᠠᠷᠠᠭᠰᠠᠨ ᠵᠠᠯᠠᠭᠤ ᠬᠥᠪᠡᠭᠦᠨ ᠰᠠᠭᠤᠵᠤ ᠪᠠᠢᠭ᠎ᠠ ᠶ᠋ᠢ ᠲᠡᠷᠡ ᠬᠠᠷᠠᠵᠤ ᠪᠠᠢᠯ᠎ᠠ᠃ ᠴᠢᠩᠭᠢᠰ ᠬᠠᠭᠠᠨ ᠴᠤ᠌ ᠪᠠᠰᠠ ᠶᠠᠭᠠᠷᠠᠬᠤ ᠪᠣᠯᠵᠠᠢ᠃ ᠨᠢᠯᠬ᠎ᠠ ᠪᠠᠯᠴᠢᠷ ᠠᠷᠢᠬᠪᠥ᠋ᠬᠡ ᠶ᠋ᠢᠨ ᠬᠡᠯᠡᠭᠰᠡᠨ ᠦᠭᠡᠰ ᠲᠡᠭᠷᠢ ᠲᠡᠭᠦᠨ ᠢ᠋ ᠶᠠᠭᠠᠷᠠᠭᠤᠯᠵᠤ ᠪᠠᠢᠭ᠎ᠠ ᠶ᠋ᠢᠨ ᠳᠣᠬᠢᠶ᠎ᠠ ᠪᠣᠯᠵᠠᠢ᠃ 
       | ᠬᠥᠪᠡᠭᠦᠨ ᠴᠢ ᠤᠯᠠᠭᠠᠨ ᠪᠠᠷᠰ ᠡᠳᠦᠷ ᠦ᠋ᠨ ᠮᠣᠷᠢᠨ ᠴᠠᠭ ᠲᠤ᠌ ᠮᠣᠩᠭᠣᠯ ᠨᠤᠲᠤᠭ ᠢ᠋ᠶ᠋ᠠᠨ ᠵᠣᠷᠢ᠃ ᠨᠤᠲᠤᠭ ᠲᠠᠭᠠᠨ ᠪᠤᠤ ᠤᠳᠠ᠃ ᠳᠠᠷᠤᠢ ᠥᠪᠡᠷ ᠦ᠋ᠨ ᠬᠦᠷᠢᠶ᠎ᠡ ᠤᠷᠤᠭᠤ ᠮᠣᠷᠳᠠ᠃ ᠣᠳᠣ ᠴᠢᠮᠠᠶ᠋ᠢ ᠬᠥᠮᠦᠨ ᠪᠦᠬᠦᠨ ᠪᠠᠲᠤ ᠬᠠᠭᠠᠨ ᠭᠡᠵᠦ ᠨᠡᠷᠡᠯᠡᠬᠦ ᠪᠣᠯᠤᠨ᠎ᠠ᠃ ᠴᠢ ᠡᠨᠡ ᠨᠡᠷ᠎ᠡ ᠶ᠋ᠢ ᠪᠠᠲᠤᠯᠠᠨ ᠠᠪᠴᠤ ᠶᠠᠪᠤᠬᠤ ᠪᠢᠵᠡ᠃ ᠴᠢᠮᠠᠲᠤ ᠡᠴᠢᠭᠡ ᠡᠴᠡ ᠥᠪᠯᠡᠭᠰᠡᠨ ᠤᠬᠠᠭᠠᠨ ᠴᠢᠳᠠᠯ ᠪᠣᠢ᠃ ᠪᠢ ᠴᠢᠮᠠᠲᠤ ᠡᠷᠡᠭᠡᠯᠵᠡᠬᠦ ᠦᠭᠡᠢ ᠪᠠᠢᠨ᠎ᠠ᠃ ᠴᠢᠮᠠᠲᠤ ᠬᠡᠯᠡᠬᠦ᠂ ᠬᠦᠰᠡᠯ ᠵᠦᠢᠯ ᠪᠠᠢᠪᠠᠯ ᠡᠷᠢᠶᠡᠯᠡᠯ ᠦᠭᠡᠢ ᠬᠡᠯᠡᠭᠲᠦᠨ ᠭᠡᠵᠦ ᠴᠢᠩᠭᠢᠰ ᠬᠠᠭᠠᠨ ᠪᠠᠲᠤ ᠶ᠋ᠢ ᠡᠭᠴᠡ ᠰᠢᠷᠲᠡᠵᠦ ᠪᠠᠢᠭᠠᠳ ᠬᠡᠯᠡᠪᠡ᠃ ᠪᠠᠲᠤ ᠪᠣᠯ ᠤᠭ ᠠ᠋ᠴᠠ ᠬᠡᠢ ᠮᠣᠷᠢ ᠲᠠᠢ ᠬᠠᠷ᠎ᠠ ᠪᠠᠭ᠎ᠠ ᠶ᠋ᠢᠨ ᠨᠢᠳᠦᠨ ᠳ᠋ᠦ᠍ ᠤᠨᠠᠵᠤ ᠪᠤᠰᠤᠳ ᠠ᠋ᠴᠠ ᠪᠠᠨ ᠲᠣᠳᠣᠷᠠᠭᠰᠠᠨ ᠬᠥᠪᠡᠭᠦᠨ ᠪᠢᠯᠡ᠃ ᠴᠢᠩᠭᠢᠰ ᠬᠠᠭᠠᠨ ᠣᠳᠣ ᠲᠡᠭᠦᠨ ᠢ᠋ ᠪᠠᠬᠠᠷᠬᠠᠨ ᠰᠢᠷᠲᠡᠵᠦ ᠪᠠᠢᠪᠠ᠃ ᠪᠠᠲᠤ ᠪᠠᠷᠠᠭᠤᠨ ᠬᠥᠯ ᠢ᠋ᠶ᠋ᠡᠨ ᠡᠪᠦᠳᠦᠭᠯᠡᠨ ᠰᠠᠭᠤᠵᠤ 
       | ᠬᠠᠭᠠᠨ ᠡᠴᠢᠭᠡ ᠶ᠋ᠢᠨ ᠵᠠᠷᠯᠢᠭ ᠲᠤ᠌ ᠪᠡᠶᠡᠰᠦᠨ ᠲᠠᠯᠠᠷᠬᠠᠵᠤ ᠪᠠᠢᠨ᠎ᠠ᠃ ᠪᠢ ᠲᠠᠨ ᠤ᠋ ᠨᠡᠷ᠎ᠡ ᠰᠦᠷ ᠢ᠋ ᠬᠡᠵᠢᠶ᠎ᠡ ᠴᠦ᠍ ᠬᠤᠭᠤᠯᠵᠤ ᠤᠨᠠᠭᠠᠬᠤ ᠦᠭᠡᠢ ᠠᠪᠴᠤ ᠶᠠᠪᠤᠨ᠎ᠠ ᠭᠡᠳᠡᠭ ᠢ᠋ᠶ᠋ᠡᠨ ᠲᠠᠩᠭᠠᠷᠢᠭᠯᠠᠶ᠎ᠠ᠃ ᠡᠴᠢᠭᠡ ᠶ᠋ᠢᠨ ᠬᠤᠷᠢᠶᠠᠭᠰᠠᠨ ᠤᠯᠤᠰ ᠤ᠋ᠨ ᠬᠢᠯᠢ ᠶ᠋ᠢ ᠪᠠᠷᠠᠭᠤᠨ ᠵᠦᠭ ᠲᠦ᠍ ᠲᠡᠯᠡᠵᠦ ᠭᠠᠳᠠᠭᠠᠳᠤ ᠶᠡᠬᠡ ᠳᠠᠯᠠᠢ ᠳ᠋ᠤ᠌ ᠬᠦᠷᠭᠡᠬᠦ ᠪᠡᠨ ᠪᠢ ᠲᠠᠨ ᠳ᠋ᠤ᠌ ᠠᠮᠠᠯᠠᠵᠤ ᠪᠠᠢᠨ᠎ᠠ᠃ ᠪᠢ ᠬᠡᠨ ᠡᠴᠡ ᠴᠦ᠍ ᠲᠤᠰᠠ ᠳᠠᠮ ᠠᠪᠬᠤ ᠶ᠋ᠢ ᠦᠯᠦ ᠬᠦᠰᠡᠨ᠎ᠡ᠃ ᠪᠢ ᠥᠪᠡᠷ ᠦ᠋ᠨ ᠴᠢᠳᠠᠯ ᠤᠬᠠᠭᠠᠨ ᠳ᠋ᠤ᠌ ᠯᠠ ᠢᠲᠡᠭᠡᠨ᠎ᠡ ᠭᠡᠵᠦ ᠨᠢᠳᠦ ᠪᠡᠨ ᠭᠢᠯᠠᠯᠵᠠᠭᠤᠯᠤᠨ ᠬᠡᠯᠡᠬᠦ ᠳ᠋ᠡᠭᠡᠨ ᠭᠡᠨᠡᠳᠲᠡ ᠵᠥᠴᠢ ᠡᠴᠢᠭᠡ ᠲᠡᠢ ᠪᠡᠨ ᠬᠠᠴᠢᠨ ᠠᠳᠠᠯᠢ ᠬᠠᠷᠠᠭᠳᠠᠭᠰᠠᠨ ᠳ᠋ᠤ᠌ ᠴᠢᠩᠭᠢᠰ ᠬᠠᠭᠠᠨ ᠤ᠋ ᠵᠢᠷᠦᠬᠡ ᠬᠦᠨᠲᠡᠭᠦᠷᠢᠯᠡᠵᠦ ᠳᠠᠭᠤ ᠠᠯᠲᠠᠨ ᠶᠣᠣᠯᠠᠭᠠᠳ ᠨᠠᠮ ᠰᠠᠭᠤᠵᠠᠢ᠃ ᠭᠡᠪᠡᠴᠦ ᠤᠬᠠᠭᠠᠨ ᠨᠢ ᠰᠠᠷᠠᠭᠤᠯ ᠪᠠᠢᠯ᠎ᠠ᠃ ᠪᠠᠲᠤ ᠰᠠᠨᠳᠤᠷᠤᠨ ᠳᠡᠷᠭᠡᠳᠡ ᠨᠢ ᠣᠢᠷᠠᠲᠤᠪᠠ᠃ 
       | ᠬᠥᠪᠡᠭᠦᠨ ᠴᠢ ᠪᠦᠦ ᠰᠠᠨᠳᠤᠷ᠃ ᠪᠢ ᠵᠦᠭᠡᠷ᠃ ᠬᠠᠷᠢᠨ ᠴᠢᠨᠦ ᠦᠭᠡ ᠨᠠᠮᠠᠶ᠋ᠢ ᠪᠠᠶᠠᠷᠯᠠᠭᠤᠯᠵᠤ ᠰᠡᠳᠬᠢᠯ ᠮᠢᠨᠢ ᠬᠠᠨᠪᠠ᠃ ᠬᠥᠮᠦᠨ ᠬᠠᠮᠤᠭ ᠤ᠋ᠨ ᠲᠦᠷᠦᠭᠦᠨ ᠳ᠋ᠦ᠍ ᠥᠪᠡᠷ ᠲᠦ᠍ ᠪᠠᠨ ᠯᠠ ᠢᠲᠡᠭᠡᠵᠦ ᠨᠠᠢᠳᠠᠬᠤ ᠬᠡᠷᠡᠭᠲᠡᠢ ᠶᠦᠮ᠃ ᠴᠢᠮᠠᠲᠤ ᠥᠪᠡᠷ ᠡᠴᠡ ᠴᠢᠨᠢ ᠢᠯᠡᠭᠦᠦ ᠦᠨᠡᠨᠴᠢ ᠨᠥᠬᠥᠷ᠂ ᠢᠲᠡᠭᠡᠯᠲᠡᠢ ᠲᠤᠰᠠᠯᠠᠭᠴᠢ ᠬᠠᠮᠢᠭ᠎ᠠ ᠠ᠋ᠴᠠ ᠴᠤ᠌ ᠦᠯᠦ ᠣᠯᠳᠠᠨ᠎ᠠ᠃ ᠴᠢᠨᠦ ᠡᠴᠢᠭᠡ᠂ ᠮᠢᠨᠦ ᠤᠤᠭᠠᠨ ᠬᠥᠪᠡᠭᠦᠨ ᠵᠥᠴᠢ ᠠᠷᠪᠠᠨ ᠬᠣᠶᠠᠷᠬᠠᠨ ᠨᠠᠰᠤᠲᠠᠢ ᠳ᠋ᠠᠭᠠᠨ ᠮᠢᠨᠦ ᠵᠠᠷᠯᠢᠭ ᠢ᠋ᠶ᠋ᠠᠷ ᠳᠠᠢᠰᠤᠨ ᠤ᠋ ᠴᠡᠷᠢᠭ ᠦ᠋ᠨ ᠬᠦᠷᠢᠶᠡᠨ ᠳ᠋ᠦ᠍ ᠠᠮᠢ ᠪᠠᠷ ᠢ᠋ᠶ᠋ᠠᠨ ᠳᠠᠨᠴᠢᠨ ᠲᠠᠯᠪᠢᠭᠠᠳ ᠠᠶᠤᠮᠰᠢᠭ ᠦᠭᠡᠢ ᠣᠴᠢᠵᠤ ᠪᠠᠢᠯ᠎ᠠ᠃ ᠲᠡᠭᠡᠬᠦ ᠳ᠋ᠦ᠍ ᠡᠴᠢᠭᠡ ᠴᠢᠨᠢ ᠲᠡᠨᠳᠡ ᠬᠡᠳᠦ ᠬᠣᠨᠣᠬᠤ ᠳ᠋ᠠᠭᠠᠨ ᠭᠠᠭᠴᠠ ᠴᠤ᠌ ᠤᠳᠠᠭ᠎ᠠ ᠳᠤᠭᠭᠢᠵᠤ ᠰᠡᠷᠡᠮᠵᠢ ᠠᠯᠳᠠᠯ ᠦᠭᠡᠢ᠂ ᠤᠷᠭᠤᠬᠤ ᠮᠥᠴᠡ ᠶ᠋ᠢ ᠬᠦᠯᠢᠶᠡᠵᠦ ᠪᠠᠢᠭᠠᠳ ᠳᠠᠢᠰᠤᠨ ᠤ᠋ ᠬᠦᠷᠢᠶᠡᠨ ᠡᠴᠡ ᠪᠠᠯᠴᠢᠷ ᠳᠡᠭᠦᠦ ᠪᠡᠨ ᠠᠪᠤᠭᠠᠳ ᠵᠠᠢᠯᠠᠨ ᠭᠠᠷᠴᠤ ᠴᠢᠳᠠᠭᠰᠠᠨ ᠶᠤᠮ᠃ ᠮᠢᠨᠦ ᠬᠥᠪᠡᠭᠦᠨ ᠵᠥᠴᠢ ᠦᠨᠡᠬᠡᠷ ᠭᠠᠢᠬᠠᠯᠲᠠᠢ ᠭᠠᠷᠮᠠᠭᠠᠢ ᠪᠠᠭᠠᠲᠤᠷ ᠪᠠᠢᠯ᠎ᠠ᠃ ᠬᠥᠪᠡᠭᠦᠨ ᠴᠢ ᠡᠴᠢᠭᠡ ᠡᠴᠡ ᠪᠡᠨ ᠢᠯᠡᠭᠦᠦ ᠪᠠᠭᠠᠲᠤᠷ ᠪᠣᠯᠤᠭᠠᠷᠠᠢ ᠭᠡᠵᠦ ᠰᠢᠪᠡᠨᠡᠪᠡ᠃ ᠡᠨᠡ ᠦᠭᠡᠨ ᠳ᠋ᠦ᠍ ᠪᠠᠲᠤ ᠤᠷᠮᠠᠰᠢᠨ 
       | ᠲᠠ ᠨᠠᠳᠠᠳᠤ ᠢᠲᠡᠭᠡᠵᠦ ᠪᠣᠯᠤᠨ᠎ᠠ᠃ ᠪᠢ ᠡᠴᠢᠭᠡ ᠰᠢᠭ ᠢ᠋ᠶ᠋ᠡᠨ ᠪᠠᠭᠠᠲᠤᠷ ᠪᠣᠯᠤᠨ᠎ᠠ᠃ ᠬᠠᠷᠢᠨ ᠡᠴᠢᠭᠡ ᠰᠢᠭ ᠢ᠋ᠶ᠋ᠡᠨ ᠡᠷᠲᠡ ᠦᠬᠦᠬᠦ ᠶ᠋ᠢ ᠦᠯᠦ ᠬᠦᠰᠡᠨ᠎ᠡ ᠭᠡᠵᠦ ᠬᠡᠯᠡᠵᠡᠢ᠃ ᠤᠭ ᠨᠢ ᠪᠠᠲᠤ ᠢᠩᠭᠢᠵᠦ ᠬᠡᠯᠡᠨ᠎ᠡ ᠭᠡᠵᠦ ᠣᠭᠲᠣ ᠰᠠᠨᠠᠭ᠎ᠠ ᠦᠭᠡᠢ ᠲᠤᠯᠠ ᠰᠠᠨᠠᠮᠰᠠᠷ ᠦᠭᠡᠢ ᠤᠨᠠᠭᠠᠭᠰᠠᠨ ᠡᠨᠡ ᠦᠭᠡᠨ ᠳ᠋ᠡᠭᠡᠨ ᠥᠪᠡᠷ ᠢ᠋ᠶ᠋ᠡᠨ ᠴᠦ᠍ ᠰᠣᠴᠢᠵᠤ ᠬᠠᠷᠠᠮᠰᠠᠵᠠᠢ᠃ ᠭᠡᠪᠡᠴᠦ ᠬᠡᠯᠡᠭᠰᠡᠨ ᠦᠭᠡ ᠪᠡᠨ ᠪᠤᠴᠠᠭᠠᠨ ᠵᠠᠯᠭᠢᠵᠤ ᠪᠣᠯᠳᠠᠭ ᠦᠭᠡᠢ ᠡᠴᠡ ᠬᠣᠢᠰᠢ ᠡᠴᠢᠭᠡ ᠶ᠋ᠢᠨ ᠢ᠋ᠶ᠋ᠡᠨ ᠦᠬᠦᠯ ᠦ᠋ᠨ ᠨᠢᠭᠤᠴᠠ ᠶ᠋ᠢ ᠲᠡᠭᠡᠭᠡᠵᠦ ᠴᠡᠭᠡᠵᠢ ᠪᠡᠨ ᠡᠪᠡᠳᠲᠡᠯ᠎ᠡ ᠶᠠᠪᠤᠭᠰᠠᠨ ᠢ᠋ᠶ᠋ᠠᠨ ᠪᠦᠭᠦᠳᠡ ᠶ᠋ᠢ ᠬᠡᠯᠡᠶ᠎ᠡ ᠭᠡᠵᠦ ᠭᠡᠨᠡᠳᠲᠡ ᠰᠢᠢᠳᠴᠡᠢ᠃ ᠴᠢᠩᠭᠢᠰ ᠬᠠᠭᠠᠨ ᠪᠠᠲᠤ ᠶ᠋ᠢᠨ ᠦᠭᠡᠨ ᠳ᠋ᠦ᠍ ᠠᠢᠬᠤᠪᠲᠤᠷ ᠰᠦᠷᠡᠬᠡᠢ ᠡᠮᠵᠡᠭᠯᠡᠵᠦ ᠰᠣᠴᠢᠭ᠎ᠠ ᠦᠭᠡᠢ ᠴᠦ᠍ ᠬᠠᠷ᠎ᠠ ᠪᠠᠭ᠎ᠠ ᠳ᠋ᠠᠭᠠᠨ ᠡᠴᠢᠭᠡ ᠡᠴᠡ ᠥᠨᠥᠴᠢᠷᠡᠭᠰᠡᠨ ᠲᠡᠭᠦᠨ ᠢ᠋ ᠶᠡᠬᠡᠳᠡ ᠥᠷᠥ ᠡᠪᠡᠳᠴᠡᠢ᠃ 
       | ᠡᠴᠢᠭᠡ ᠴᠢᠨᠢ ᠢᠳᠡᠷ ᠰᠠᠢᠬᠠᠨ ᠨᠠᠰᠤᠨ ᠳ᠋ᠠᠭᠠᠨ ᠬᠦᠨᠳᠦ ᠡᠪᠡᠳᠴᠢᠨ ᠳ᠋ᠦ᠍ ᠨᠡᠷᠪᠡᠭᠳᠡᠭᠰᠡᠨ ᠳᠡ᠃ ᠡᠪᠡᠳᠴᠢᠨ ᠢ᠋ ᠶᠠᠭᠤ ᠴᠤ᠌ ᠦᠯᠦ ᠳᠡᠢᠯᠦᠨ᠎ᠡ ᠭᠡᠵᠦ ᠲᠡᠷᠡ ᠪᠡᠷ ᠠᠷᠭᠠᠳᠠᠩᠭᠤᠢ ᠬᠡᠯᠡᠪᠡ᠃ 
       | ᠪᠢ ᠡᠴᠢᠭᠡ ᠶ᠋ᠢ ᠪᠡᠨ ᠡᠪᠡᠳᠴᠢᠨ ᠢ᠋ᠶ᠋ᠡᠷ ᠦᠬᠦᠭᠰᠡᠨ ᠳ᠋ᠦ᠍ ᠬᠡᠵᠢᠶ᠎ᠡ ᠴᠦ᠍ ᠦᠯᠦ ᠢᠲᠡᠭᠡᠨ᠎ᠡ ᠭᠡᠵᠦ ᠪᠠᠲᠤ ᠪᠡᠶ᠎ᠡ ᠪᠡᠨ ᠪᠠᠷᠢᠵᠤ ᠳᠡᠢᠯᠦᠭᠰᠡᠨ ᠦᠭᠡᠢ ᠬᠣᠭᠣᠯᠠᠢ ᠵᠠᠩᠭᠢᠷᠠᠭᠤᠯᠤᠨ ᠰᠢᠪᠡᠨᠡᠪᠡ᠃ ᠲᠡᠷᠡ ᠳᠠᠬᠢᠨ ᠦᠭᠡ ᠳᠤᠤᠭᠠᠷᠪᠠᠯ ᠠᠰᠬᠠᠷᠠᠲᠠᠯ᠎ᠠ ᠤᠬᠢᠯᠠᠬᠤ ᠳ᠋ᠤ᠌ ᠪᠡᠯᠡᠨ ᠪᠠᠢᠯ᠎ᠠ᠃ 
       | ᠴᠢ ᠶᠠᠭᠤᠨ ᠤ᠋ ᠤᠴᠢᠷ ᠢᠩᠭᠢᠵᠦ ᠬᠡᠯᠡᠨ᠎ᠡ ᠪᠣᠢ? ᠴᠢ ᠶᠠᠭᠠᠬᠢᠵᠤ ᠢᠩᠭᠢᠵᠦ ᠬᠡᠯᠡᠵᠦ ᠵᠢᠷᠦᠬᠡᠯᠡᠨ᠎ᠡ ᠪᠣᠢ? ᠭᠡᠵᠦ ᠬᠡᠯᠡᠬᠦ ᠵᠠᠭᠤᠷ᠎ᠠ ᠪᠠᠨ ᠴᠢᠩᠭᠢᠰ ᠬᠠᠭᠠᠨ᠂ ᠪᠠᠲᠤ ᠶ᠋ᠢᠨ ᠡᠨᠡ ᠦᠭᠡᠨ ᠳ᠋ᠦ᠍ ᠰᠣᠴᠢᠨ ᠵᠢᠳᠠ ᠪᠠᠷ ᠰᠦᠯᠪᠡᠭᠦᠯᠦᠭᠰᠡᠨ ᠮᠡᠲᠦ ᠪᠣᠯᠵᠠᠢ᠃ ᠪᠠᠰᠠ ᠡᠴᠢᠭᠡ ᠶ᠋ᠢᠨ ᠢ᠋ᠶ᠋ᠡᠨ ᠦᠬᠦᠯ ᠳ᠋ᠦ᠍ ᠪᠠᠲᠤ ᠲᠡᠭᠦᠨ ᠢ᠋ ᠰᠢᠭᠤᠳ ᠪᠤᠷᠤᠭᠤᠳᠬᠠᠵᠤ ᠪᠠᠢᠬᠤ ᠰᠢᠭ᠋ ᠰᠠᠨᠠᠭᠳᠠᠭᠠᠳ ᠭᠡᠨᠡᠳᠲᠡ ᠬᠢᠯᠢᠩ ᠪᠠᠳᠠᠷᠠᠵᠠᠢ᠃ ᠭᠡᠪᠡᠴᠦ ᠪᠠᠲᠤ ᠶ᠋ᠢ ᠵᠠᠩᠨᠠᠵᠤ ᠵᠠᠩᠳᠤᠷᠴᠤ ᠵᠢᠷᠦᠬᠡᠯᠡᠭᠰᠡᠨ ᠦᠭᠡᠢ᠃ ᠡᠴᠢᠭᠡ ᠡᠴᠡ ᠬᠠᠭᠠᠴᠠᠬᠤ ᠶ᠋ᠢᠨ ᠵᠣᠪᠠᠯᠠᠩ ᠢ᠋ ᠥᠪᠡᠷ ᠢ᠋ᠶ᠋ᠡᠨ ᠬᠠᠨᠲᠠᠯ᠎ᠠ ᠦᠵᠡᠭᠰᠡᠨ ᠲᠤᠯᠠ ᠪᠠᠲᠤ ᠶ᠋ᠢ ᠡᠢᠮᠦ ᠦᠶ᠎ᠡ ᠳ᠋ᠦ᠍ ᠵᠠᠩᠨᠠᠬᠤ ᠨᠢ ᠠᠷᠠᠢ ᠬᠠᠲᠠᠭᠤᠳᠠᠨ᠎ᠠ ᠭᠡᠵᠦ ᠪᠣᠳᠣᠭᠠᠳ ᠲᠡᠪᠴᠢᠨ ᠪᠡᠶ᠎ᠡ ᠪᠡᠨ ᠪᠠᠷᠢᠪᠠ᠃ ᠭᠡᠪᠡᠴᠦ ᠵᠢᠷᠦᠬᠡ ᠰᠡᠳᠬᠢᠯ ᠨᠢ ᠲᠦᠭᠰᠢᠨ ᠳᠣᠲᠣᠷ᠎ᠠ ᠨᠢ ᠲᠦᠯᠡᠭᠳᠡᠬᠦ ᠮᠡᠲᠦ ᠬᠣᠷᠣᠰᠤᠨ ᠡᠪᠡᠳᠦᠭᠰᠡᠭᠡᠷ ᠪᠠᠢᠯ᠎ᠠ᠃ 
       | ᠲᠠ ᠨᠠᠳᠠᠳᠤ ᠪᠤᠤ ᠬᠢᠯᠢᠩᠨᠡ᠃ ᠪᠢ ᠲᠥᠷᠥᠭᠰᠡᠨ ᠬᠥᠪᠡᠭᠦᠨ ᠦ᠌ ᠪᠡᠨ ᠬᠤᠪᠢ ᠳ᠋ᠤ᠌ ᠡᠴᠢᠭᠡ ᠶ᠋ᠢᠨ ᠢ᠋ᠶ᠋ᠡᠨ ᠦᠬᠦᠯ ᠦ᠋ᠨ ᠰᠢᠯᠲᠠᠭᠠᠨ ᠢ᠋ ᠣᠯᠬᠤ ᠭᠡᠵᠦ ᠪᠣᠳᠣᠵᠤ ᠪᠣᠯᠬᠤ ᠦᠭᠡᠢ ᠭᠡᠵᠦ ᠤᠤ? ᠲᠠ ᠶᠢᠰᠦᠭᠡᠢ ᠡᠪᠦᠭᠡ ᠶ᠋ᠢ ᠲᠠᠲ᠋ᠠᠷ ᠲᠤ᠌ ᠬᠣᠣᠷᠯᠠᠭᠳᠠᠬᠤ ᠳ᠋ᠤ᠌ ᠨᠠᠳᠠ ᠰᠢᠭ᠋ ᠢᠩᠭᠢᠵᠦ ᠭᠤᠨᠢᠵᠤ ᠰᠢᠨᠠᠯᠤᠭ᠎ᠠ ᠦᠭᠡᠢ ᠭᠡᠵᠦ ᠤᠤ? ᠲᠠ ᠶᠠᠭ ᠨᠠᠳᠠ ᠰᠢᠭ᠋ ᠡᠴᠢᠭᠡ ᠡᠴᠡ ᠪᠡᠨ ᠴᠠᠭ ᠪᠤᠰᠤ ᠪᠠᠷ ᠠᠮᠢ ᠬᠠᠭᠠᠴᠠᠭᠰᠠᠨ ᠪᠤᠰᠤ ᠤᠤ? ᠲᠠ ᠠᠬᠠᠮᠠᠳ ᠬᠥᠪᠡᠭᠦᠨ ᠵᠥᠴᠢ ᠪᠡᠨ ᠶᠠᠭᠤᠨ ᠳ᠋ᠤ᠌ ᠥᠪᠡᠷ ᠦ᠋ᠨ ᠣᠷᠣᠨ ᠳ᠋ᠤ᠌ ᠬᠠᠭᠠᠨ ᠰᠠᠭᠤᠷᠢᠨ ᠳ᠋ᠤ᠌ ᠰᠠᠭᠤᠯᠭᠠᠬᠤ ᠪᠠᠷ ᠵᠠᠷᠯᠠᠭᠰᠠᠨ ᠦᠭᠡᠢ ᠪᠣᠢ? ᠲᠡᠭᠡᠭᠰᠡᠨ ᠮᠥᠷᠲᠡᠭᠡᠨ ᠲᠠ ᠲᠡᠭᠦᠨ ᠢ᠋ ᠭᠠᠢᠬᠠᠮᠰᠢᠭᠲᠠᠢ ᠪᠠᠭᠠᠲᠤᠷ ᠭᠡᠵᠦ ᠪᠠᠬᠠᠳᠤᠬᠤ ᠨᠢ ᠶᠠᠭᠤ ᠪᠣᠢ? ᠬᠠᠭᠠᠨ ᠰᠠᠭᠤᠷᠢᠨ ᠳ᠋ᠤ᠌ ᠰᠠᠭᠤᠯᠭᠠᠬᠤ ᠦᠭᠡᠢ ᠶ᠋ᠢᠨ ᠲᠤᠯᠠᠳᠠ ᠬᠣᠣᠷᠯᠠᠭᠰᠠᠨ ᠪᠤᠰᠤ ᠤᠤ? ᠲᠠᠨ ᠳ᠋ᠤ᠌ ᠲᠡᠭᠡᠵᠦ ᠰᠠᠨᠠᠭᠳᠠᠬᠤ ᠦᠭᠡᠢ ᠪᠠᠢᠨ᠎ᠠ ᠭᠡᠵᠦ ᠤᠤ? ᠭᠡᠮᠡᠨ ᠪᠠᠲᠤ ᠨᠢᠭᠡ ᠯᠡ ᠮᠡᠳᠡᠬᠦ ᠳ᠋ᠦ᠍ ᠠᠶᠤᠮᠰᠢᠭ ᠦᠭᠡᠢ ᠪᠡᠷ ᠬᠡᠯᠡᠵᠦ ᠣᠷᠬᠢᠵᠠᠢ᠃ ᠡᠴᠢᠭᠡ ᠶ᠋ᠢ ᠪᠡᠨ ᠭᠡᠨᠡᠳᠲᠡ ᠦᠬᠦᠭᠰᠡᠨ ᠡᠴᠡ ᠬᠣᠢᠰᠢ ᠳᠣᠲᠣᠷ᠎ᠠ ᠪᠠᠨ ᠡᠷᠡᠭᠡᠯᠵᠡᠨ ᠰᠢᠨᠠᠯᠵᠤ ᠵᠢᠷᠦᠬᠡ ᠪᠡᠨ ᠰᠢᠷᠬᠠᠯᠠᠭᠤᠯᠤᠨ ᠪᠣᠳᠣᠵᠤ᠂ ᠳᠣᠲᠣᠷ᠎ᠠ ᠪᠠᠨ ᠬᠠᠳᠠᠭᠠᠯᠠᠵᠤ ᠶᠠᠪᠤᠭᠰᠠᠨ ᠦᠭᠡ ᠪᠡᠨ ᠡᠢᠨ ᠬᠦ᠌ ᠨᠢᠭᠡᠮᠦᠰᠦᠨ ᠬᠡᠯᠡᠵᠦ ᠰᠠᠨᠠᠭ᠎ᠠ ᠠᠮᠠᠷᠠᠪᠠ᠃ ᠣᠳᠣ ᠶᠠᠭᠤ ᠴᠤ᠌ ᠪᠣᠯᠪᠠᠯ ᠪᠣᠯᠤᠭ᠃ ᠦᠬᠦᠪᠡᠯ ᠴᠦ᠍ ᠦᠬᠦᠶ᠎ᠡ ᠭᠡᠵᠦ ᠣᠮᠣᠭᠰᠢᠨ ᠪᠣᠳᠣᠭᠰᠠᠨ ᠴᠤ᠌ ᠰᠡᠳᠬᠢᠯ ᠲᠦᠭᠰᠢᠵᠡᠢ᠃ ᠭᠡᠪᠡᠴᠦ ᠬᠡᠯᠡᠭᠰᠡᠨ ᠦᠭᠡᠨ ᠳ᠋ᠡᠭᠡᠨ ᠬᠠᠷᠠᠮᠰᠠᠬᠤ ᠨᠢ ᠨᠢᠭᠡᠨᠲᠡ ᠣᠷᠣᠢᠲᠠᠵᠠᠢ᠃ ᠴᠢᠩᠭᠢᠰ ᠬᠠᠭᠠᠨ ᠤ᠋ ᠴᠢᠷᠠᠢ ᠶ᠋ᠢ ᠬᠠᠷᠠᠬᠤ ᠳ᠋ᠤ᠌ ᠠᠮᠢ ᠨᠠᠰᠤ ᠨᠢ ᠬᠢᠲᠤᠭ᠎ᠠ ᠶ᠋ᠢᠨ ᠢᠷ ᠦ᠋ᠨ ᠳᠡᠭᠡᠷ᠎ᠡ ᠢᠷᠡᠭᠰᠡᠨ ᠨᠢ ᠲᠣᠳᠣ ᠪᠠᠢᠯ᠎ᠠ᠃ ᠣᠳᠣ ᠴᠢᠩᠭᠢᠰ ᠬᠠᠭᠠᠨ ᠶᠠᠭᠤ ᠭᠡᠵᠦ ᠬᠡᠯᠡᠬᠦ ᠡᠴᠡ ᠯᠡ ᠪᠦᠬᠦ ᠵᠦᠢᠯ ᠰᠢᠯᠲᠠᠭᠠᠯᠠᠬᠤ ᠪᠣᠯᠤᠯ᠎ᠠ᠃ ᠪᠠᠲᠤ ᠳᠠᠷᠤᠢ ᠰᠡᠬᠡᠭᠡᠷᠡᠭᠡᠳ ᠳᠡᠮᠡᠢ ᠦᠭᠡᠨ ᠦ᠌ ᠪᠡᠨ ᠲᠥᠯᠥᠭᠡ ᠠᠭᠤᠴᠢᠯᠠᠯ ᠡᠷᠢᠬᠦ ᠳ᠋ᠦ᠍ ᠴᠦ᠍ ᠪᠡᠯᠡᠨ ᠪᠠᠢᠪᠠ᠃ ᠲᠡᠷᠡ ᠳᠡᠩᠳᠡᠭᠦᠦ ᠲᠦᠷᠭᠡᠳᠴᠡᠢ᠃ ᠴᠢᠩᠭᠢᠰ ᠬᠠᠭᠠᠨ ᠤ᠋ ᠵᠠᠩ ᠠᠭᠠᠰᠢ ᠶ᠋ᠢ ᠰᠠᠢᠨ ᠮᠡᠳᠡᠳᠡᠭ ᠡᠴᠢᠭᠡ ᠨᠢ ᠭᠠᠭᠴᠠ ᠡᠭᠦᠨ ᠡᠴᠡ ᠯᠡ ᠪᠣᠯᠭᠣᠮᠵᠢᠯᠠᠨ ᠢᠷᠡᠵᠦ ᠠᠭᠤᠯᠵᠠᠬᠤ ᠦᠭᠡᠢ ᠪᠠᠢᠭᠰᠠᠨ ᠢ᠋ ᠮᠡᠳᠡᠭᠰᠡᠭᠡᠷ ᠪᠠᠢᠵᠤ ᠢᠩᠭᠢᠵᠦ ᠬᠡᠯᠡᠳᠡᠭ ᠢᠷᠣᠭᠠᠷ ᠦᠭᠡᠢ ᠲᠡᠨᠡᠭ ᠠᠮᠢᠲᠠᠨ ᠭᠡᠵᠦ ᠥᠪᠡᠷ ᠢ᠋ ᠪᠡᠨ ᠬᠠᠷᠢᠶᠠᠪᠠᠴᠤ ᠣᠷᠣᠢᠲᠠᠵᠠᠢ᠃ ᠬᠠᠢᠷᠠᠲᠠᠢ ᠵᠥᠴᠢ ᠡᠴᠢᠭᠡ ᠶ᠋ᠢᠨ ᠢ᠋ᠶ᠋ᠡᠨ ᠠᠮᠢ ᠪᠠᠷ ᠢ᠋ᠶ᠋ᠠᠨ ᠲᠠᠨᠴᠢᠨ ᠲᠠᠯᠪᠢᠨ ᠪᠠᠢᠵᠤ ᠠᠪᠴᠤ ᠥᠭᠭᠦᠭᠰᠡᠨ ᠤᠯᠤᠰ ᠢ᠋ ᠠᠯᠳᠠᠵᠤ ᠴᠤ᠌ ᠮᠡᠳᠡᠬᠦ ᠪᠠᠢᠳᠠᠯ ᠳ᠋ᠤ᠌ ᠣᠷᠣᠭᠰᠠᠨ ᠢ᠋ᠶ᠋ᠠᠨ ᠪᠠᠲᠤ ᠤᠬᠠᠭᠠᠷᠠᠪᠠ᠃ ᠡᠴᠢᠭᠡ ᠨᠢ ᠶᠠᠮᠠᠷ ᠨᠢᠭᠤᠴᠠ ᠬᠠᠳᠠᠭᠠᠯᠠᠵᠤ᠂ ᠶᠠᠮᠠᠷᠬᠠᠨ ᠤᠴᠢᠷ ᠰᠢᠯᠲᠠᠭᠠᠨ ᠤ᠋ ᠤᠯᠠᠮ ᠠ᠋ᠴᠠ ᠭᠡᠷ ᠲᠡᠭᠡᠨ ᠬᠡᠪᠲᠡᠭᠰᠡᠭᠡᠷ ᠡᠴᠦᠰ ᠪᠣᠯᠤᠭᠰᠠᠨ ᠢ᠋ ᠮᠡᠳᠡᠬᠦ ᠭᠠᠭᠴᠠ ᠬᠥᠮᠦᠨ ᠪᠣᠯ ᠪᠠᠲᠤ ᠶᠤᠮ᠃ ᠡᠴᠢᠭᠡ ᠨᠢ ᠴᠣᠬᠣᠮ ᠳ᠋ᠠᠭᠠᠨ ᠲᠡᠭᠦᠨ ᠣ ᠲᠥᠯᠥᠭᠡ ᠠᠮᠢ ᠪᠠᠨ ᠦᠷᠡᠭᠰᠡᠨ ᠪᠠᠢᠬᠤ ᠳ᠋ᠤ᠌ ᠬᠦᠦ ᠨᠢ ᠬᠡᠷᠡᠭ ᠤᠴᠢᠷ ᠢ᠋ ᠴᠢᠨᠠᠳᠤ ᠤᠬᠠᠭᠠᠷᠠᠨ ᠥᠪᠡᠷ ᠲᠡᠭᠡᠨ ᠬᠠᠳᠠᠭᠠᠯᠠᠵᠤ᠂ ᠬᠠᠵᠠᠭᠠᠢ ᠭᠢᠰᠬᠢᠵᠦ ᠢᠯᠡᠭᠦᠦ ᠶ᠋ᠢ ᠬᠡᠯᠡᠬᠦ ᠶᠣᠰᠣ ᠦᠭᠡᠢ ᠠᠲᠠᠯ᠎ᠠ ᠪᠠᠲᠤ ᠥᠴᠦᠬᠡᠨ ᠵᠦᠢᠯ ᠳ᠋ᠦ᠍ ᠰᠡᠳᠬᠢᠯ ᠢ᠋ᠶ᠋ᠡᠨ ᠲᠡᠪᠴᠢᠨ ᠪᠠᠷᠢᠵᠤ ᠴᠢᠳᠠᠭᠰᠠᠨ ᠦᠭᠡᠢ ᠠᠯᠳᠠᠪᠠ᠃ ᠬᠡᠷᠪᠡ ᠡᠴᠢᠭᠡ ᠶ᠋ᠢᠨ ᠢ᠋ᠶ᠋ᠡᠨ ᠥᠨᠳᠡᠢᠨ ᠪᠣᠰᠬᠤ ᠴᠤ᠌ ᠴᠢᠳᠠᠯ ᠦᠭᠡᠢ ᠮᠡᠲᠦ ᠪᠣᠯᠵᠤ ᠡᠪᠡᠳᠦᠭᠰᠡᠨ ᠳᠦᠷᠢ ᠡᠰᠬᠡᠨ ᠪᠠᠭᠠᠰᠢᠯᠠᠭᠰᠠᠨ ᠤ᠋ ᠴᠠᠭᠠᠳᠤ ᠨᠢᠭᠤᠴᠠ ᠶ᠋ᠢ ᠪᠠᠲᠤ ᠮᠡᠳᠡᠵᠦ ᠪᠠᠢᠭᠰᠠᠨ ᠢ᠋ ᠴᠢᠩᠭᠢᠰ ᠬᠠᠭᠠᠨ ᠭᠡᠨᠡᠳᠲᠡ ᠣᠢᠯᠠᠭᠠᠪᠠᠯ ᠲᠡᠭᠦᠨ ᠢ᠋ ᠤᠷᠪᠠᠭᠴᠢ ᠶ᠋ᠢᠨ ᠠᠳᠠᠯᠢ ᠦᠵᠡᠨ᠎ᠡ ᠭᠡᠳᠡᠭ ᠢ᠋ ᠲᠡᠷᠡ ᠭᠡᠨᠡᠳᠲᠡ ᠤᠬᠠᠭᠠᠷᠠᠵᠠᠢ᠃ ᠭᠡᠪᠡᠴᠦ ᠡᠨᠡ ᠨᠢ ᠵᠠᠯᠠᠭᠤ ᠬᠥᠪᠡᠭᠦᠨ ᠦ᠌ ᠬᠣᠵᠢᠮᠳᠠᠭᠰᠠᠨ ᠭᠡᠮᠰᠢᠯ ᠡᠴᠡ ᠥᠭᠡᠷ᠎ᠡ ᠶᠠᠭᠤ ᠴᠤ᠌ ᠪᠢᠰᠢ ᠪᠠᠢᠯ᠎ᠠ᠃ ᠪᠠᠲᠤ ᠶ᠋ᠢᠨ ᠠᠮᠢᠳᠤᠷᠠᠯ ᠳ᠋ᠤ᠌ ᠪᠠᠨ ᠦᠵᠡᠭᠰᠡᠨ ᠬᠠᠮᠤᠭ ᠤ᠋ᠨ ᠠᠶᠤᠮᠰᠢᠭᠲᠤ ᠮᠥᠴᠡ ᠡᠬᠢᠯᠡᠭᠰᠡᠨ ᠪᠠᠢᠭ᠎ᠠ ᠶ᠋ᠢ ᠲᠡᠷᠡ ᠵᠦᠩ ᠢ᠋ᠶ᠋ᠡᠷ ᠢ᠋ᠶ᠋ᠡᠨ ᠮᠡᠳᠡᠷᠡᠵᠦ ᠪᠠᠢᠪᠠ᠃ ᠡᠢᠮᠦ ᠡᠴᠡ ᠲᠡᠷᠡ ᠴᠢᠩᠭᠢᠰ ᠬᠠᠭᠠᠨ ᠤ᠋ ᠴᠢᠷᠠᠢ ᠶ᠋ᠢ ᠬᠠᠷᠠᠨ ᠬᠡᠯᠡᠬᠦ ᠦᠭᠡ ᠪᠡᠨ ᠪᠣᠳᠣᠵᠤ ᠵᠣᠭᠰᠣᠪᠠ᠃ ᠬᠠᠷᠢᠨ ᠴᠢᠩᠭᠢᠰ ᠬᠠᠭᠠᠨ ᠭᠡᠨᠡᠳᠲᠡ ᠲᠦᠷᠢᠰᠬᠢᠨ ᠠᠭᠤᠷᠯᠠᠭᠰᠠᠨ ᠴᠤ᠌ ᠭᠡᠨᠡᠳᠲᠡ ᠲᠠᠢᠪᠤᠰᠢᠷᠠᠭᠰᠠᠨ ᠨᠢ ᠵᠠᠪᠰᠢᠶᠠᠨ ᠪᠣᠯᠵᠤ ᠪᠠᠲᠤ ᠵᠢᠭᠠᠬᠠᠨ ᠴᠤ᠌ ᠭᠡᠰᠡᠨ ᠠᠭᠤᠵᠢᠷᠠᠵᠠᠢ ᠃ 
       | ᠪᠠᠲᠤ ᠴᠢ ᠶᠠᠭᠤ ᠶᠠᠷᠢᠨ᠎ᠠ? ᠬᠠᠭᠠᠨ ᠰᠢᠷᠡᠭᠡᠨ ᠳ᠋ᠦ᠍ ᠰᠠᠭᠤᠨ᠎ᠠ ᠭᠡᠳᠡᠭ ᠰᠠᠨᠠᠭᠰᠠᠨ ᠢ᠋ᠶ᠋ᠠᠷ ᠪᠣᠯᠳᠠᠭ ᠬᠡᠷᠡᠭ ᠪᠢᠰᠢ᠂ ᠪᠠᠭᠠᠲᠤᠷ ᠵᠣᠷᠢᠭ᠂ ᠪᠠᠷᠳᠠᠮ ᠵᠠᠩ ᠢ᠋ᠶ᠋ᠠᠷ ᠬᠠᠭᠠᠨ ᠪᠣᠯᠳᠠᠭ ᠦᠭᠡᠢ ᠶᠦᠮ᠃ ᠥᠭᠡᠳᠡᠢ ᠠᠪᠠᠭ᠎ᠠ ᠴᠢᠨᠢ ᠥᠷᠥᠭᠡᠯ ᠳ᠋ᠦ᠍ ᠡᠭᠡᠯᠢᠲᠡᠢ᠂ ᠴᠡᠷᠢᠭ ᠲᠡᠭᠡᠨ ᠡᠯᠪᠡᠷᠢᠯᠲᠡᠢ᠂ ᠡᠷᠳᠡᠮ ᠴᠢᠳᠠᠯ ᠪᠤᠰᠤᠳ ᠠ᠋ᠴᠠ ᠢᠯᠡᠭᠦᠦ ᠲᠤᠯᠠ ᠲᠡᠭᠷᠢ ᠳ᠋ᠦ᠍ ᠲᠣᠭᠣᠭᠳᠠᠵᠠᠢ᠃ ᠭᠠᠭᠴᠠᠬᠠᠨ ᠲᠡᠭᠷᠢ ᠶ᠋ᠢᠨ ᠵᠠᠷᠯᠢᠭ ᠢ᠋ᠶ᠋ᠠᠷ ᠯᠠ ᠬᠠᠭᠠᠨ ᠪᠣᠯᠳᠠᠭ ᠵᠠᠮ ᠲᠠᠢ᠃ ᠪᠠᠲᠤ ᠴᠢ ᠮᠥᠨ ᠡᠢᠮᠦ ᠪᠠᠢᠬᠤ ᠠᠪᠠᠰᠤ ᠬᠣᠵᠢᠮ ᠶᠡᠬᠡ ᠬᠠᠭᠠᠨ ᠪᠣᠯᠤᠨ᠎ᠠ᠃ ᠴᠢ ᠵᠥᠪᠬᠡᠨ ᠦᠰ ᠭᠣᠮᠣᠳᠠᠯ ᠡᠪᠦᠷᠯᠡᠭᠰᠡᠨ ᠪᠠᠯᠴᠢᠷ ᠰᠡᠳᠬᠢᠯ ᠦ᠋ᠨ ᠤᠯᠠᠮ ᠠ᠋ᠴᠠ ᠯᠠ ᠢᠩᠭᠢᠵᠦ ᠪᠣᠳᠣᠭᠰᠠᠨ ᠪᠠᠢᠨ᠎ᠠ᠃ ᠴᠢᠮᠠᠲᠤ ᠬᠡᠴᠡᠭᠦᠦ ᠪᠠᠢᠭ᠎ᠠ ᠶ᠋ᠢ ᠪᠢ ᠰᠠᠢᠨ ᠮᠡᠳᠡᠨ᠎ᠡ᠃ ᠡᠴᠢᠭᠡ ᠡᠴᠡ ᠬᠠᠭᠠᠴᠠᠬᠤ ᠰᠢᠭ᠋ ᠡᠮᠭᠡᠨᠢᠯ ᠬᠠᠮᠢᠭ᠎ᠠ ᠴᠤ᠌ ᠦᠭᠡᠢ᠃ ᠲᠠ ᠶᠢᠰᠦᠭᠡᠢ ᠡᠪᠦᠭᠡ ᠶ᠋ᠢᠨ ᠥᠰᠢᠶ᠎ᠡ ᠶ᠋ᠢ ᠠᠪᠤᠭ᠎ᠠ ᠦᠭᠡᠢ ᠭᠡᠵᠦ ᠤᠤ ᠭᠡᠵᠦ ᠴᠢ ᠨᠠᠳᠠ ᠠ᠋ᠴᠠ ᠠᠰᠠᠭᠤᠬᠤ ᠪᠠᠢᠬᠤ᠃ ᠲᠡᠢᠮᠦ ᠠ᠋᠃ ᠶᠢᠰᠦᠭᠡᠢ ᠡᠴᠢᠭᠡ ᠶ᠋ᠢ ᠮᠢᠨᠢ ᠵᠠᠨᠤᠯᠲᠠᠢ ᠪᠠᠷ ᠬᠣᠣᠷᠯᠠᠭᠰᠠᠨ ᠲᠠᠲ᠋ᠠᠷ ᠠᠢᠮᠠᠭ ᠦᠭᠡᠢ ᠪᠣᠯᠤᠭᠰᠠᠨ᠃ ᠡᠭᠦᠨ ᠢ᠋ ᠪᠡᠨ ᠡᠴᠢᠭᠡ ᠶ᠋ᠢ ᠪᠡᠨ ᠠᠯᠠᠭᠤᠯᠤᠭᠰᠠᠨ ᠤ᠋ ᠦᠰ ᠬᠣᠨᠵᠢᠩ ᠢ᠋ᠶ᠋ᠠᠷ ᠬᠢᠭᠰᠡ ᠶᠦᠮ ᠪᠢᠰᠢ᠃ ᠲᠠᠲ᠋ᠠᠷ ᠤ᠋ᠳ ᠲᠡᠭᠷᠢ ᠳ᠋ᠦ᠍ ᠲᠡᠷᠰᠯᠡᠵᠦ ᠪᠢᠳᠡᠨ ᠦ᠌ ᠡᠪᠦᠭᠡ ᠳᠡᠭᠡᠳᠦᠰ ᠢ᠋ ᠠᠯᠲᠠᠨ ᠤᠯᠤᠰ ᠲᠤ᠌ ᠪᠠᠷᠢᠵᠤ ᠥᠭᠭᠦᠭᠰᠡᠨ ᠦ᠌ ᠤᠴᠢᠷ ᠭᠡᠰᠬᠡᠭᠳᠡᠵᠡᠢ᠃ ᠣᠳᠣ ᠠᠯᠲᠠᠨ ᠤᠯᠤᠰ ᠴᠤ᠌ ᠦᠭᠡᠢ ᠪᠣᠯᠤᠨ᠎ᠠ᠃ ᠪᠠᠲᠤ ᠬᠠᠭᠠᠨ ᠴᠢ ᠰᠣᠨᠣᠰ᠃ ᠴᠢ ᠣᠳᠣ ᠨᠢᠭᠡᠨᠲᠡ ᠬᠠᠭᠠᠨ ᠪᠣᠯᠪᠠ᠃ ᠬᠠᠭᠠᠨ ᠬᠥᠮᠦᠨ ᠳ᠋ᠦ᠍ ᠬᠡᠯᠡᠬᠦ ᠬᠡᠯᠡᠬᠦ ᠦᠭᠡᠢ ᠦᠭᠡ᠂ ᠬᠢᠬᠦ ᠬᠢᠬᠦ ᠦᠭᠡᠢ ᠦᠢᠯᠡ ᠭᠡᠵᠦ ᠪᠣᠢ᠃ ᠴᠢ ᠣᠳᠣ ᠡᠬᠢᠯᠡᠭᠡᠳ ᠬᠠᠷ᠎ᠠ ᠲᠣᠯᠣᠭᠠᠢ ᠪᠠᠨ ᠪᠤᠰᠤ ᠬᠠᠮᠤᠭ ᠤᠯᠤᠰ ᠢ᠋ᠶ᠋ᠠᠨ ᠪᠣᠳᠣᠬᠤ ᠶᠣᠰᠣᠲᠠᠢ᠃ ᠬᠤᠪᠢ ᠶ᠋ᠢᠨ ᠥᠴᠦᠬᠡᠨ ᠬᠦᠰᠡᠯ ᠪᠣᠳᠣᠯ ᠢ᠋ᠶ᠋ᠠᠨ ᠬᠠᠵᠠᠭᠠᠷᠯᠠᠵᠤ᠂ ᠬᠠᠮᠤᠭ ᠣᠯᠠᠨ ᠤ᠋ ᠬᠦᠰᠡᠯ ᠵᠢᠷᠭᠠᠯ ᠢ᠋ ᠡᠷᠬᠢᠮ ᠪᠣᠯᠭᠠᠪᠠᠯ ᠬᠠᠭᠠᠨ ᠠᠯᠳᠠᠷ ᠴᠢᠮᠠᠲᠤ ᠥᠪᠡᠷ ᠢ᠋ᠶ᠋ᠡᠨ ᠢᠷᠡᠬᠦ ᠪᠣᠯᠤᠨ᠎ᠠ᠃ ᠬᠥᠪᠡᠭᠦᠨ ᠴᠢ ᠡᠭᠦᠨ ᠢ᠋ ᠪᠤᠤ ᠮᠠᠷᠲᠠ! ᠪᠠᠲᠤ ᠬᠠᠭᠠᠨ ᠴᠢᠮᠠᠶ᠋ᠢ ᠪᠢ ᠡᠨᠡ ᠡᠳᠦᠷ ᠡᠴᠡ ᠡᠬᠢᠯᠡᠨ ᠡᠴᠢᠭᠡ ᠶ᠋ᠢᠨ ᠢ᠋ᠶ᠋ᠡᠨ ᠦᠬᠦᠯ ᠦ᠋ᠨ ᠲᠤᠬᠠᠢ ᠡᠯᠳᠡᠪ ᠢ᠋ ᠪᠣᠳᠣᠵᠤ ᠡᠷᠡᠭᠡ ᠦᠭᠡᠢ ᠶᠠᠷᠢᠬᠤ ᠶ᠋ᠢ ᠴᠠᠭᠠᠵᠠᠯᠠᠵᠤ ᠪᠠᠢᠨ᠎ᠠ᠃ ᠡᠴᠢᠭᠡ ᠶ᠋ᠢᠨ ᠢ᠋ᠶ᠋ᠡᠨ ᠦᠬᠦᠯ ᠢ᠋ ᠮᠠᠷᠲᠠ᠃ ᠪᠤᠤ ᠬᠠᠷᠠᠮᠰᠠ᠃ ᠦᠰ ᠪᠤᠤ ᠰᠠᠨᠠ᠃ ᠡᠴᠢᠭᠡ ᠴᠢᠨᠢ ᠡᠪᠡᠳᠴᠢᠨ ᠢ᠋ᠶ᠋ᠡᠷ ᠦᠬᠦᠭᠰᠡᠨ᠃ ᠴᠢ ᠮᠢᠨᠦ ᠵᠠᠷᠯᠢᠭ ᠢ᠋ ᠳᠠᠭ᠎ᠠ᠃ ᠦᠭᠡᠢ ᠪᠣᠯ᠁ ᠭᠡᠵᠦ ᠴᠢᠩᠭᠢᠰ ᠬᠠᠭᠠᠨ ᠵᠢᠷᠦᠬᠡᠰᠢᠵᠦ ᠰᠦᠷᠳᠡᠮ᠎ᠡ ᠬᠠᠲᠠᠭᠤ ᠬᠡᠯᠡᠭᠡᠳ ᠦᠭᠡ ᠪᠡᠨ ᠲᠠᠰᠤᠯᠤᠨ ᠬᠦᠨᠳᠦ ᠪᠡᠷ ᠠᠮᠢᠰᠬᠤᠭᠠᠳᠠᠵᠤ ᠪᠠᠲᠤ ᠶ᠋ᠢ ᠵᠠᠭᠠᠮᠠᠳᠠᠨ ᠠᠪᠴᠤ ᠰᠡᠭᠰᠦᠴᠢᠪᠡ᠃ 
       | ᠰᠣᠨᠣᠰᠴᠤ ᠪᠠᠢᠨ᠎ᠠ ᠤᠤ? ᠴᠢ᠂ ᠮᠢᠨᠦ ᠵᠠᠷᠯᠢᠭ ᠢ᠋ ᠳᠠᠭ᠎ᠠ᠃ ᠨᠢᠭᠡᠨᠲᠡ ᠥᠩᠭᠡᠷᠡᠭᠰᠡᠨ ᠦᠶ᠎ᠡ ᠶ᠋ᠢ ᠪᠤᠤ ᠡᠷᠭᠢᠵᠦ ᠳᠤᠷᠠᠰ᠃ ᠵᠥᠪᠬᠡᠨ ᠣᠷᠣᠭᠰᠢ ᠪᠠᠨ᠂ ᠢᠷᠡᠭᠡᠳᠦᠢ ᠤᠷᠤᠭᠤ ᠬᠠᠷᠠ᠃ ᠮᠡᠳᠡᠪᠡ ᠤᠤ? ᠮᠠᠷᠲᠠ᠃ ᠮᠠᠷᠲᠠᠬᠤ ᠶᠣᠰᠣᠲᠠᠢ ᠶ᠋ᠢ ᠮᠠᠷᠲᠠᠵᠤ ᠡᠰᠡ ᠴᠢᠳᠠᠪᠠᠯ ᠴᠢ ᠬᠡᠵᠢᠶ᠎ᠡ ᠴᠦ᠍ ᠶᠡᠬᠡ ᠬᠠᠭᠠᠨ ᠪᠣᠯᠵᠤ ᠴᠢᠳᠠᠬᠤ ᠦᠭᠡᠢ᠃ ᠪᠠᠲᠤ ᠬᠠᠭᠠᠨ ᠴᠢ ᠮᠢᠨᠦ ᠵᠠᠷᠯᠢᠭ ᠢ᠋ ᠣᠢᠯᠠᠭᠠᠪᠠ ᠤᠤ? ᠭᠡᠵᠦ ᠴᠢᠩᠭᠢᠰ ᠬᠠᠭᠠᠨ ᠤ᠋ ᠪᠠᠬᠠᠷᠳᠠᠨ ᠬᠠᠰᠬᠢᠷᠤᠭᠰᠠᠨ ᠨᠢ ᠨᠡᠩ ᠠᠶᠤᠮᠰᠢᠭᠲᠠᠢ ᠪᠣᠯᠤᠭᠰᠠᠨ ᠳ᠋ᠤ᠌ ᠪᠠᠲᠤ ᠠᠶᠤᠭᠰᠠᠨ ᠳ᠋ᠠᠭᠠᠨ ᠥᠪᠡᠷ ᠦ᠋ᠨ ᠡᠷᠬᠡ ᠦᠭᠡᠢ ᠡᠪᠦᠳᠦᠭ ᠰᠥᠬᠥᠷᠡᠨ ᠰᠠᠭᠤᠵᠠᠢ᠃ 
       | ᠬᠠᠭᠠᠨᠲᠠᠨ ᠲᠠᠨ ᠤ᠋ ᠵᠠᠷᠯᠢᠭ ᠢ᠋ ᠪᠢ ᠬᠢᠴᠢᠶᠡᠨ ᠳᠠᠭᠠᠶ᠎ᠠ᠃ 
       | ᠪᠠᠲᠤ ᠬᠠᠭᠠᠨ᠃ ᠪᠢ ᠬᠡᠯᠡᠭᠰᠡᠨ ᠳ᠋ᠡᠭᠡᠨ ᠬᠦᠷᠳᠡᠭ ᠬᠥᠮᠦᠨ ᠳ᠋ᠦ᠍ ᠳᠤᠷᠠᠲᠠᠢ᠃ ᠴᠢ ᠨᠢᠭᠡᠨᠲᠡ ᠲᠡᠭᠷᠢ ᠳ᠋ᠦ᠍ ᠢᠪᠡᠭᠡᠭᠳᠡᠭᠰᠡᠨ ᠲᠤᠯᠠ ᠬᠠᠭᠠᠨ ᠠᠯᠳᠠᠷ ᠢ᠋ ᠣᠯᠪᠠ᠃ ᠡᠭᠦᠨ ᠡᠴᠡ ᠥᠭᠡᠷ᠎ᠡ ᠴᠢᠮᠠᠲᠤ ᠶᠠᠭᠤ ᠬᠡᠷᠡᠭᠲᠡᠢ ᠶᠦᠮ ᠪᠣᠢ? ᠰᠠᠢᠨ ᠡᠴᠢᠭᠡ ᠶ᠋ᠢᠨ ᠢ᠋ᠶ᠋ᠡᠨ ᠶᠠᠰᠤ ᠶ᠋ᠢ ᠪᠤᠤ ᠥᠨᠳᠡᠯᠵᠡᠭᠦᠯ ᠭᠡᠮᠡᠨ ᠴᠢᠩᠭᠢᠰ ᠬᠠᠭᠠᠨ ᠤ᠋ ᠬᠠᠰᠬᠢᠷᠬᠤ ᠳᠡᠩᠳᠡᠭᠦᠦ ᠵᠠᠨᠤᠯᠲᠠᠢ ᠪᠠᠢᠭᠰᠠᠨ ᠲᠤᠯᠠ ᠪᠠᠲᠤ 
       | ᠥᠷᠥᠰᠢᠶᠡ᠂ ᠬᠠᠭᠠᠨᠲᠠᠨ᠃ ᠲᠠᠨ ᠢ᠋ ᠢᠩᠭᠢᠵᠦ ᠶᠡᠬᠡ ᠬᠢᠯᠢᠩᠨᠡᠭᠦᠯᠦᠭᠰᠡᠨ ᠳ᠋ᠦ᠍ ᠥᠷᠥᠰᠢᠶᠡ᠃ ᠪᠢ ᠡᠴᠢᠭᠡ ᠳ᠋ᠡᠭᠡᠨ ᠬᠠᠢᠷᠠᠲᠠᠢ ᠲᠤᠯᠠ ᠳᠠᠰᠤᠯ ᠦᠭᠡᠢ ᠡᠢᠨ ᠬᠡᠯᠡᠯ᠎ᠡ ᠭᠡᠵᠦ ᠦᠨᠡᠨ ᠡᠴᠡ ᠪᠡᠨ ᠨᠢᠯᠪᠤᠰᠤ ᠠᠰᠬᠠᠷᠠᠭᠤᠯᠤᠨ ᠤᠬᠢᠯᠠᠵᠠᠢ᠃ ᠡᠮᠦᠨ᠎ᠡ ᠨᠢ ᠰᠥᠬᠥᠷᠡᠨ ᠰᠠᠭᠤᠭᠠᠳ ᠡᠬᠡᠷ ᠲᠡᠳᠡᠨ ᠤᠬᠢᠯᠠᠵᠤ ᠲᠣᠩᠭᠣᠢᠭᠰᠠᠨ ᠪᠠᠲᠤ ᠶ᠋ᠢᠨ ᠨᠢᠯᠪᠤᠰᠤ ᠶ᠋ᠢ ᠬᠠᠷᠠᠭᠠᠳ ᠴᠢᠩᠭᠢᠰ ᠬᠠᠭᠠᠨ ᠰᠠᠶᠢ ᠯᠠ ᠤᠬᠠᠭᠠᠨ ᠣᠷᠣᠵᠠᠢ᠃ ᠲᠡᠭᠡᠭᠡᠳ ᠪᠠᠲᠤ ᠶ᠋ᠢ ᠭᠡᠨᠡᠳᠲᠡ ᠦᠷᠦ ᠡᠪᠡᠳᠦᠨ ᠭᠣᠣᠯ ᠨᠢ ᠬᠠᠷᠠᠯᠠᠵᠤ ᠲᠡᠪᠡᠷᠢᠨ ᠠᠪᠤᠪᠠ᠃ ᠪᠠᠲᠤ ᠠᠶᠤᠭᠰᠠᠨ ᠳ᠋ᠠᠭᠠᠨ᠂ ᠪᠠᠰᠠ ᠡᠴᠢᠭᠡ ᠶ᠋ᠢ ᠪᠡᠨ ᠰᠠᠨᠠᠵᠤ ᠥᠨᠥᠴᠢᠷᠡᠭᠰᠡᠨ ᠡᠴᠡ ᠰᠡᠳᠬᠢᠯ ᠦ᠋ᠨ ᠲᠡᠩᠬᠡᠭᠡ ᠨᠢ ᠲᠠᠰᠤᠷᠠᠵᠤ ᠶᠠᠪᠤᠭᠰᠠᠨ ᠲᠤᠯᠠ ᠲᠡᠭᠦᠨ ᠢ᠋ ᠦᠷᠦ ᠡᠪᠡᠳᠦᠨ ᠡᠩᠬᠦᠷᠡᠢᠯᠡᠬᠦ ᠳ᠋ᠦ᠍ ᠰᠡᠳᠬᠢᠯ ᠨᠢ ᠳᠠᠩᠰᠠᠯᠠᠵᠤ ᠪᠦᠷ ᠭᠣᠮᠣᠳᠠᠯᠲᠠᠢ ᠪᠠᠷ ᠤᠯᠠᠮ ᠶᠡᠬᠡ ᠮᠡᠭᠰᠢᠨ ᠤᠬᠢᠯᠠᠭᠰᠠᠭᠠᠷ ᠪᠠᠢᠭᠰᠠᠨ ᠳ᠋ᠤ᠌ ᠴᠢᠩᠭᠢᠰ ᠬᠠᠭᠠᠨ ᠲᠡᠭᠦᠨ ᠢ᠋ ᠶᠡᠷᠦ ᠬᠣᠷᠢᠭᠯᠠᠭᠰᠠᠨ ᠦᠭᠡᠢ ᠲᠣᠯᠣᠭᠠᠢ ᠶ᠋ᠢ ᠨᠢ ᠡᠯᠢᠭᠡᠨ ᠳ᠋ᠡᠭᠡᠨ ᠲᠡᠪᠡᠷᠢᠭᠡᠳ ᠲᠠᠢᠪᠤᠰᠢᠷᠠᠲᠠᠯ᠎ᠠ ᠨᠢ ᠰᠠᠭᠤᠪᠠ᠃ 
       ᠪᠠᠲᠤ ᠶ᠋ᠢᠨ ᠬᠡᠯᠡᠭᠰᠡᠨ ᠦᠭᠡ᠂ ᠲᠡᠭᠦᠨ ᠦ᠌ ᠰᠡᠳᠬᠢᠯ ᠦ᠋ᠨ ᠭᠦᠨ ᠦ᠌ ᠳᠠᠯᠳᠠ ᠶ᠋ᠢᠨ ᠪᠣᠳᠣᠯ ᠨᠢ ᠴᠢᠩᠭᠢᠰ ᠬᠠᠭᠠᠨ ᠢ᠋ ᠶᠡᠬᠡᠳᠡ ᠲᠦᠭᠰᠢᠭᠡᠵᠡᠢ᠃ ᠡᠴᠢᠭᠡ ᠶ᠋ᠢᠨ ᠢ᠋ᠶ᠋ᠡᠨ ᠦᠬᠦᠯ ᠳ᠋ᠦ᠍ ᠬᠡᠨ ᠨᠢᠭᠡᠨ ᠢ᠋ ᠲᠡᠷᠡ ᠳᠤᠮᠳᠠ ᠪᠠᠨ ᠥᠪᠡᠷ ᠢ᠋ ᠨᠢ ᠪᠤᠷᠤᠭᠤᠳᠬᠠᠨ ᠪᠣᠳᠣᠵᠤ ᠶᠠᠪᠤᠭ᠎ᠠ ᠶ᠋ᠢ ᠣᠯᠵᠤ ᠮᠡᠳᠡᠭᠰᠡᠨ ᠨᠢ ᠢᠩᠭᠢᠵᠦ ᠴᠣᠴᠢᠷᠳᠠᠬᠤ ᠳ᠋ᠤ᠌ ᠬᠦᠷᠭᠡᠵᠡᠢ᠃ ᠪᠠᠲᠤ ᠶ᠋ᠢᠨ ᠡᠨᠡ ᠦᠰ ᠬᠣᠨᠵᠢᠩ ᠡᠴᠦᠰ ᠲᠡᠭᠡᠨ ᠶᠠᠭᠤᠨ ᠳ᠋ᠤ᠌ ᠬᠦᠷᠭᠡᠵᠦ ᠪᠣᠯᠬᠤ ᠶ᠋ᠢ ᠲᠡᠷᠡ ᠣᠢᠯᠠᠭᠠᠵᠠᠢ᠃ ᠡᠴᠢᠭᠡ ᠶ᠋ᠢᠨ ᠢ᠋ᠶ᠋ᠡᠨ ᠡᠪᠡᠳᠴᠢᠨ ᠢ᠋ᠶ᠋ᠡᠷ ᠦᠬᠦᠭᠰᠡᠨ ᠢ᠋ ᠨᠢᠭᠤᠴᠠ ᠠᠯᠠᠯᠭ᠎ᠠ ᠪᠠᠢᠭᠰᠠᠨ ᠭᠡᠵᠦ ᠪᠣᠳᠣᠭᠰᠠᠭᠠᠷ ᠪᠠᠢᠭ᠎ᠠ ᠪᠠᠲᠤ ᠶ᠋ᠢ ᠬᠠᠲᠠᠭᠤ ᠴᠢᠩᠭ᠎ᠠ ᠪᠠᠷ ᠪᠤᠷᠤᠭᠤᠳᠬᠠᠵᠤ ᠴᠢᠳᠠᠭ᠎ᠠ ᠦᠭᠡᠢ ᠴᠦ᠍ ᠪᠠᠰᠠ ᠢᠩᠭᠢᠬᠦ ᠰᠢᠯᠲᠠᠭᠠᠨ ᠪᠠᠢᠭᠰᠠᠨ ᠢ᠋᠂ ᠪᠦᠷ ᠡᠨᠡ ᠰᠢᠯᠲᠠᠭᠠᠨ ᠨᠥᠬᠥᠴᠡᠯ ᠢ᠋ ᠨᠢ ᠲᠡᠷᠡ ᠥᠪᠡᠷ ᠢ᠋ᠶ᠋ᠡᠨ ᠡᠭᠦᠰᠬᠡᠭᠰᠡᠨ ᠮᠡᠲᠦ ᠰᠠᠨᠠᠭᠳᠠᠭᠠᠳ ᠲᠠᠢᠪᠤᠰᠢᠷᠠᠵᠤ ᠴᠢᠳᠠᠭᠰᠠᠨ ᠦᠭᠡᠢ ᠲᠤᠯᠠ ᠰᠥᠨᠢ ᠳᠤᠮᠳᠠ ᠥᠩᠭᠡᠷᠡᠭᠰᠡᠨ ᠢ᠋ ᠴᠦ᠍ ᠦᠯᠦ ᠲᠣᠭᠣᠨ ᠪᠤᠭᠤᠷᠴᠢ ᠶ᠋ᠢ ᠳᠠᠭᠤᠳᠠᠭᠤᠯᠵᠠᠢ᠃ ᠪᠤᠭᠤᠷᠴᠢ ᠶ᠋ᠢ ᠶᠠᠭᠠᠬᠢᠬᠤ ᠭᠡᠵᠦ ᠳᠠᠭᠤᠳᠠᠵᠤ ᠪᠠᠢᠭ᠎ᠠ ᠪᠠᠨ ᠥᠪᠡᠷ ᠢ᠋ᠶ᠋ᠡᠨ ᠰᠠᠢᠨ ᠮᠡᠳᠡᠭᠡ ᠦᠭᠡᠢ ᠴᠦ᠍ ᠰᠡᠳᠬᠢᠯ ᠳ᠋ᠦ᠍ᠨᠢ ᠬᠤᠷᠠᠭᠰᠠᠨ ᠠᠢᠳᠠᠰ ᠠ᠋ᠴᠠ ᠲᠡᠷᠡ ᠯᠠ ᠨᠢᠭᠡ ᠬᠣᠯᠠᠳᠠᠭᠤᠯᠵᠤ ᠬᠠᠮᠠᠭᠠᠯᠠᠬᠤ ᠶᠤᠮ ᠰᠢᠭ᠋ ᠰᠠᠨᠠᠵᠠᠢ᠃ ᠰᠡᠳᠬᠢᠯ ᠳ᠋ᠦ᠍ᠨᠢ ᠴᠡᠪᠳᠡᠭ ᠬᠦᠢᠲᠡᠨ ᠠᠢᠳᠠᠰ ᠬᠦᠢᠲᠡᠰ ᠬᠡᠰᠡᠭ ᠪᠤᠰᠠᠭ ᠢ᠋ᠶ᠋ᠠᠷ ᠬᠤᠷᠠᠭᠰᠠᠭᠠᠷ ᠪᠠᠢᠭ᠎ᠠ ᠨᠢ ᠣᠢᠷᠠᠲᠤᠨ ᠪᠣᠢ ᠦᠬᠦᠯ ᠦ᠋ᠨ ᠰᠡᠭᠦᠳᠡᠷ ᠭᠡᠳᠡᠭ ᠢ᠋ ᠴᠢᠩᠭᠢᠰ ᠬᠠᠭᠠᠨ ᠰᠠᠢᠨ ᠮᠡᠳᠡᠷᠡᠵᠦ ᠪᠠᠢᠪᠠ᠃ ᠦᠨᠡᠨᠴᠢ ᠪᠣᠭᠣᠯ ᠵᠠᠯᠮ᠎ᠠ ᠶ᠋ᠢᠨ ᠬᠢᠨᠢ ᠦᠯᠡᠳᠡᠭᠡᠵᠦ ᠥᠭᠭᠦᠭᠰᠡᠨ ᠠᠮᠢᠳᠤᠷᠠᠯ ᠤ᠋ᠨ ᠴᠥᠭᠡᠨ ᠬᠣᠨᠣᠭ ᠤ᠋ᠳ ᠥᠩᠭᠡᠷᠡᠵᠦ ᠪᠠᠢᠭ᠎ᠠ ᠶ᠋ᠢ ᠲᠡᠷᠡ ᠮᠡᠳᠡᠬᠦ ᠦᠭᠡᠢ ᠪᠠᠢᠪᠠ᠃ ᠬᠡᠷᠪᠡ ᠥᠭᠡᠯᠦᠨ ᠡᠬᠡ ᠨᠢ ᠠᠮᠢ ᠨᠠᠰᠤ ᠪᠠᠨ ᠲᠠᠰᠤᠯᠤᠨ ᠲᠡᠭᠦᠨ ᠳ᠋ᠦ᠍ ᠦᠯᠡᠳᠡᠭᠡᠭᠡ ᠦᠭᠡᠢ ᠪᠣᠯ᠂ ᠬᠤᠯᠠᠨ ᠬᠠᠲᠤᠨ ᠤ᠋ ᠬᠢᠨᠢ ᠰᠦᠨᠡᠰᠦ ᠢᠷᠡᠵᠦ ᠠᠪᠤᠷᠠᠭ᠎ᠠ ᠦᠭᠡᠢ ᠪᠣᠯ ᠴᠢᠩᠭᠢᠰ ᠬᠠᠭᠠᠨ ᠠᠯᠢ ᠡᠷᠲᠡ ᠦᠬᠦᠬᠦ ᠪᠠᠢᠪᠠ᠃ ᠲᠡᠭᠦᠨ ᠦ᠌ ᠠᠮᠢᠳᠤ ᠪᠠᠢᠭᠰᠠᠭᠠᠷ ᠪᠣᠢ ᠨᠢ ᠬᠠᠢᠷᠠᠲᠠᠢ ᠥᠭᠡᠯᠦᠨ ᠡᠬᠡ᠂ ᠦᠨᠡᠨᠴᠢ ᠨᠥᠬᠥᠳ ᠦ᠋ᠨ ᠬᠢᠨᠢ ᠰᠡᠳᠬᠢᠯ ᠦ᠋ᠨ ᠬᠦᠴᠦ᠂ ᠪᠠᠰᠠ ᠲᠩᠷᠢ ᠶ᠋ᠢᠨ ᠬᠦᠰᠡᠯ ᠪᠠᠢᠯ᠎ᠠ᠃ ᠴᠢᠩᠭᠢᠰ ᠬᠠᠭᠠᠨ ᠥᠪᠡᠷ ᠦ᠋ᠨ ᠦᠬᠦᠯ ᠦ᠋ᠨ ᠡᠨᠡ ᠮᠡᠲᠦ ᠨᠠᠷᠢᠨ ᠨᠢᠭᠤᠴᠠ ᠶ᠋ᠢ ᠮᠡᠳᠡᠷᠡᠵᠦ ᠣᠢᠯᠠᠭᠠᠬᠤ ᠠᠷᠭ᠎ᠠ ᠦᠭᠡᠢ ᠴᠦ᠍ ᠦᠬᠦᠨ᠎ᠡ ᠭᠡᠳᠡᠭ ᠢ᠋ᠶ᠋ᠡᠨ ᠪᠠᠲᠤ ᠮᠡᠳᠡᠵᠦ ᠪᠠᠢᠭᠰᠠᠨ ᠲᠤᠯᠠ ᠥᠴᠦᠬᠡᠨ ᠲᠡᠳᠦᠢ ᠵᠦᠢᠯ ᠢ᠋ ᠴᠦ᠍ ᠣᠷᠬᠢᠭᠳᠠᠭᠤᠯᠬᠤ ᠦᠭᠡᠢ ᠪᠡᠷ ᠥᠪᠡᠷ ᠦ᠋ᠨ ᠰᠠᠨᠠᠭᠰᠠᠨ ᠢ᠋ᠶ᠋ᠠᠷ ᠬᠢᠵᠦ ᠰᠢᠢᠳᠬᠦ ᠭᠡᠵᠦ ᠶᠠᠭᠠᠷᠠᠵᠤ ᠪᠠᠢᠯ᠎ᠠ᠃ ᠲᠡᠢᠮᠦ ᠴᠦ᠍ ᠤᠴᠢᠷ ᠠ᠋ᠴᠠ ᠥᠷᠯᠥᠭᠡ ᠪᠣᠯᠲᠠᠯ᠎ᠠ ᠬᠦᠯᠢᠶᠡᠬᠦ ᠴᠠᠭ ᠲᠡᠭᠦᠨ ᠳ᠋ᠦ᠍ ᠪᠠᠢᠭᠰᠠᠨ ᠦᠭᠡᠢ᠃ ᠴᠢᠩᠭᠢᠰ ᠬᠠᠭᠠᠨ ᠭᠠᠳᠠᠭ᠎ᠠ ᠭᠠᠷᠴᠤ ᠬᠡᠰᠡᠭ ᠵᠣᠭᠰᠣᠪᠠ᠃ ᠡᠢᠮᠦ ᠠᠮᠤᠭᠤᠯᠠᠩ ᠨᠠᠮ ᠭᠦᠮ᠂ ᠠᠭᠤᠤ ᠭᠠᠢᠬᠠᠮᠰᠢᠭᠲᠤ ᠭᠠᠵᠠᠷ ᠳᠡᠯᠡᠬᠡᠢ ᠡᠴᠡ ᠬᠠᠭᠠᠴᠠᠨ᠎ᠠ ᠭᠡᠬᠦ ᠳ᠋ᠦ᠍ ᠳᠠᠩᠴᠤ ᠬᠠᠷᠠᠮᠰᠠᠯᠲᠠᠢ ᠰᠠᠨᠠᠭᠳᠠᠵᠠᠢ᠃ ᠲᠩᠷᠢ ᠳ᠋ᠦ᠍ ᠰᠠᠷᠠ ᠦᠭᠡᠢ ᠲᠤᠯᠠ ᠨᠦᠬᠡᠨ ᠬᠠᠷᠠᠩᠭᠤᠢ ᠣᠷᠴᠢᠯᠠᠩ ᠢ᠋ ᠨᠥᠮᠥᠷᠴᠡᠢ᠃ ᠭᠠᠭᠴᠠ ᠬᠦ᠌ ᠲᠦᠭ ᠲᠦᠮᠡᠨ ᠣᠳᠣᠳ ᠲᠡᠷᠲᠡᠭᠡ ᠳᠡᠭᠡᠷ᠎ᠡ ᠠᠨᠢᠪᠴᠢᠨ ᠭᠢᠯᠠᠯᠵᠠᠬᠤ ᠨᠢ ᠠᠯᠤᠰ ᠬᠣᠯᠠ ᠠ᠋ᠴᠠ ᠲᠡᠭᠦᠨ ᠢ᠋ ᠳᠠᠭᠤᠳᠠᠬᠤ ᠮᠡᠲᠦ ᠰᠠᠨᠠᠭᠳᠠᠨ᠎ᠠ᠃ ᠭᠡᠲᠡᠯ᠎ᠡ ᠭᠠᠵᠠᠷ ᠤ᠋ᠨ ᠭᠦᠨ ᠡᠴᠡ ᠪᠥᠬᠡ ᠶ᠋ᠢᠨ ᠳᠠᠭᠤᠳᠠᠯᠭ᠎ᠠ᠂ ᠬᠡᠩᠭᠡᠷᠭᠡ ᠶ᠋ᠢᠨ ᠴᠢᠮᠡᠭᠡ ᠤᠷᠤᠰᠤᠨ ᠭᠠᠷᠬᠤ ᠰᠢᠭ᠋ ᠪᠣᠯᠤᠭᠰᠠᠨ ᠢ᠋ᠶ᠋ᠠᠨ ᠤᠳᠠᠯ ᠦᠭᠡᠢ ᠴᠢᠨᠣ᠎ᠠ ᠣᠯᠢᠬᠤ ᠨᠢ ᠪᠦᠷ ᠲᠣᠪ ᠲᠣᠳᠣᠷᠬᠠᠢ ᠰᠣᠨᠣᠰᠳᠠᠵᠤ ᠡᠬᠢᠯᠡᠪᠡ᠃ ᠡᠨᠡ ᠪᠣᠯ ᠳᠠᠪ ᠲᠩᠷᠢ ᠪᠥᠬᠡ ᠪᠣᠯᠬᠤ ᠶ᠋ᠢ ᠴᠢᠩᠭᠢᠰ ᠬᠠᠭᠠᠨ ᠳᠣᠣᠷ᠎ᠠ ᠨᠢ ᠲᠠᠨᠢᠵᠠᠢ᠃ ᠬᠠᠷᠠᠴᠤ ᠮᠡᠩᠯᠢᠭ ᠦ᠋ᠨ ᠬᠥᠪᠡᠭᠦᠨ ᠢᠳᠢ ᠰᠢᠳᠢᠲᠦ ᠬᠥᠭᠡᠴᠦ ᠯᠡ ᠭᠠᠭᠴᠠᠭᠠᠷ ᠴᠢᠨᠣ᠎ᠠ ᠶ᠋ᠢᠨ ᠬᠡᠯᠡ ᠪᠡᠷ ᠶᠠᠷᠢᠵᠤ ᠴᠢᠳᠠᠳᠠᠭ ᠢ᠋ ᠴᠢᠩᠭᠢᠰ ᠬᠠᠭᠠᠨ ᠶᠠᠭᠠᠬᠢᠨ ᠮᠠᠷᠲᠠᠬᠤ ᠪᠢᠯᠡ᠃ ᠳᠠᠪ ᠲᠩᠷᠢ ᠶ᠋ᠢᠨ ᠣᠯᠢᠬᠤ ᠶ᠋ᠢ ᠰᠣᠨᠣᠰᠤᠮᠠᠭᠴᠠ ᠵᠢᠷᠦᠬᠡ ᠨᠢ ᠣᠪᠣᠯᠵᠠᠨ ᠪᠤᠯᠭᠢᠯᠠᠵᠤ ᠴᠡᠭᠡᠵᠢ ᠪᠡᠨ ᠳᠡᠯᠪᠡᠬᠦ ᠭᠡᠵᠦ ᠪᠣᠢ ᠮᠡᠲᠦ ᠳᠡᠯᠡᠰᠴᠦ ᠪᠠᠢᠬᠤ ᠶ᠋ᠢ ᠮᠡᠳᠡᠷᠡᠭᠰᠡᠨ ᠴᠦ᠍ ᠡᠨᠡ ᠨᠢ ᠪᠠᠶᠠᠷᠯᠠᠬᠤ᠂ ᠠᠶᠤᠬᠤ ᠶ᠋ᠢᠨ ᠠᠯᠢᠨ ᠠ᠋ᠴᠠ ᠡᠭᠦᠳᠦᠯᠲᠡᠢ ᠪᠣᠯᠬᠤ ᠶ᠋ᠢ ᠳᠠᠭᠠᠭᠰᠠᠨ ᠦᠭᠡᠢ᠃ ᠴᠢᠨᠣ᠎ᠠ ᠶ᠋ᠢᠨ ᠳᠦᠷᠢ ᠳ᠋ᠦ᠍ ᠬᠤᠪᠢᠯᠤᠭᠰᠠᠨ ᠬᠥᠭᠡᠴᠦ ᠶᠡᠬᠡ ᠬᠦᠷᠢᠶᠡᠨ ᠦ᠌ ᠠᠷᠤ ᠶ᠋ᠢᠨ ᠠᠭᠤᠯᠠ ᠶ᠋ᠢᠨ ᠣᠷᠣᠢ ᠳ᠋ᠤ᠌ ᠵᠣᠭᠰᠣᠭᠠᠳ ᠬᠣᠰᠢᠭᠤ ᠪᠠᠨ ᠲᠩᠷᠢ ᠳ᠋ᠦ᠍ ᠰᠤᠩᠭᠠᠨ ᠰᠠᠯᠬᠢ ᠲᠠᠲᠠᠭᠤᠯᠤᠨ ᠣᠯᠢᠵᠤ ᠪᠠᠢᠭᠰᠠᠨ ᠢ᠋ ᠴᠢᠩᠭᠢᠰ ᠬᠠᠭᠠᠨ ᠣᠯᠵᠤ ᠬᠠᠷᠠᠭᠰᠠᠨ ᠦᠭᠡᠢ᠃ 

   
         ᠦᠰᠦᠭ ᠠᠮᠢᠯᠠᠭᠤᠯᠤᠭᠴᠢ᠄ ᠰᠡᠴᠡᠨᠴᠢᠮᠡᠭ᠂ ᠬᠡᠷᠡᠢᠳ·ᠮᠥᠩᠬᠡᠨᠠᠰᠤᠨ᠂ ᠵᠢᠩᠯᠢᠬᠤᠸᠠᠷ᠂
                                  ᠠᠯᠲᠠᠨᠴᠡᠴᠡᠭ᠂ ᠠᠯᠲᠠᠨᠴᠢᠮᠡᠭ᠂ ᠬᠡᠯᠡᠰᠣᠶᠣᠯ(ᠪᠤᠤ ᠸᠸᠨ ᠬᠤᠸᠠ) ᠂
                                  ᠮᠥᠩᠭᠥᠨ᠂ ᠨᠠᠷᠠᠨᠲᠤᠶᠠᠭ᠎ᠠ
             ᠬᠢᠨᠠᠭᠴᠢ᠄ ᠣᠳᠬᠠᠨᠰᠣ᠎ᠠ᠂ ᠠᠷᠢᠭᠤᠨ᠂ ᠰᠡᠬᠡᠭᠡᠷᠡᠯ᠂ ᠲ·ᠬᠦᠮᠦᠵᠢᠯᠲᠦ᠂ ᠬᠠᠢ ᠵᠢᠶᠦ᠋ᠨ