ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ9(1) Шинэлам – 2-р бүлэг᠂ Өлзийжаргал– гялалзсан нэг нас 9(1) ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ9(1) Шинэлам – 2-р бүлэг᠂ Өлзийжаргал– гялалзсан нэг нас 9(1)

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ9(1) Шинэлам – 2-р бүлэг᠂ Өлзийжаргал– гялалзсан нэг нас 9(1)

ᠠᠩᠭᠢᠯᠠᠯ:ᠲᠡᠦᠬᠡ ᠰᠣᠶᠣᠯ
2025-10-18

97

ᠶᠢᠰᠦ᠂ ᠨᠤᠲᠤᠭ ᠲᠠᠭᠠᠨ ᠬᠠᠷᠢᠵᠤ ᠢᠷᠡᠭᠰᠡᠨ ᠦ᠌ ᠳᠠᠷᠠᠭ᠎ᠠ

(ᠨᠢᠭᠡ)᠂ ᠭᠠᠯᠠᠭᠤᠲᠤ ᠶ᠋ᠢᠨ ᠰᠦᠮ᠎ᠡ ᠳ᠋ᠦ᠍ ᠬᠤᠷᠠᠯᠳᠤᠭᠤᠯᠤᠭᠰᠠᠨ ᠠᠩᠬᠠᠨ ᠤ᠋ ᠬᠤᠷᠠᠯᠳᠤᠭᠠᠨ

 
       ᠴᠠᠭᠠᠨ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠦ᠋ᠨ ᠭᠠᠯᠠᠭᠤᠲᠤ ᠶ᠋ᠢᠨ ᠰᠦᠮ᠎ᠡ ᠶ᠋ᠢᠨ ᠴᠠᠮ ᠳᠡᠭᠡᠷ᠎ᠡ᠄ ᠭᠠᠯᠠᠭᠤᠲᠤ ᠶ᠋ᠢᠨ ᠰᠦᠮ᠎ᠡ ᠨᠢ ᠤᠭ ᠠ᠋ᠴᠠ ᠪᠠᠨ ᠣᠷᠳᠣᠰ ᠲᠣᠭᠠᠯᠠᠯ ᠤ᠋ᠨ ᠴᠠᠭᠠᠨ ᠰᠠᠷ᠎ᠠ ᠶ᠋ᠢᠨ ᠠᠷᠪᠠᠨ ᠲᠠᠪᠤᠨ ᠪᠣᠯᠤᠨ ᠠᠷᠪᠠᠨ ᠰᠠᠷ᠎ᠠ ᠶ᠋ᠢᠨ ᠠᠷᠪᠠᠨ ᠲᠠᠪᠤᠨ ᠳ᠋ᠤ᠌ ᠴᠠᠮ ᠤ᠋ᠨ ᠬᠤᠷᠠᠯ ᠲᠠᠢ᠃ ᠴᠠᠭᠠᠨ ᠰᠠᠷ᠎ᠠ ᠶ᠋ᠢᠨ ᠴᠠᠮ ᠤ᠋ᠨ ᠡᠳᠦᠷ ᠮᠥᠷᠭᠥᠯᠴᠢᠨ ᠪᠣᠯᠤᠨ ᠦᠵᠡᠭᠴᠢᠳ ᠨᠢ ᠴᠥᠭᠡᠬᠡᠨ ᠰᠢᠭ ᠪᠠᠢᠵᠤ᠂ ᠠᠷᠪᠠᠨ ᠰᠠᠷ᠎ᠠ ᠶ᠋ᠢᠨ ᠠᠷᠪᠠᠨ ᠲᠠᠪᠤᠨ ᠤ᠋ ᠴᠠᠮ ᠪᠣᠯ ᠠᠯᠲᠠᠨ ᠰᠢᠷᠭᠠᠯ ᠨᠠᠮᠤᠷ ᠤ᠋ᠨ ᠤᠯᠠᠷᠢᠯ ᠪᠣᠯᠬᠣᠷ ᠬᠣᠯᠠ ᠣᠢᠷ᠎ᠠ ᠶ᠋ᠢᠨ ᠮᠥᠷᠭᠥᠯᠴᠢᠳ ᠭᠡᠢᠴᠢᠳ ᠬᠠᠮᠤᠭ ᠤ᠋ᠨ ᠠᠷᠪᠢᠨ ᠢᠷᠡᠵᠦ ᠠᠷᠠᠯᠵᠢᠶ᠎ᠠ ᠮᠠᠢᠮᠠᠢ ᠶ᠋ᠢᠨ ᠵᠠᠬ᠎ᠠ ᠳᠡᠯᠭᠡᠭᠦᠷ ᠴᠦ᠍ ᠬᠥᠷ ᠬᠥᠭᠵᠢᠶᠡᠨ ᠲᠡᠢ ᠪᠠᠢᠳᠠᠭ᠃ ᠭᠡᠲᠡᠯ᠎ᠡ ᠤᠯᠠᠭᠠᠨ ᠪᠠᠷᠰ ᠵᠢᠯ ᠦ᠋ᠨ(1925 ᠣᠨ ᠤ᠋2 ᠰᠠᠷ᠎ᠠ ᠶ᠋ᠢᠨ27 ᠤ᠋ ᠡᠳᠦᠷ) ᠴᠠᠭᠠᠨ ᠰᠠᠷ᠎ᠠ ᠶ᠋ᠢᠨ ᠠᠷᠪᠠᠨ ᠲᠠᠪᠤᠨ ᠤ᠋ ᠴᠠᠮ ᠨᠢ ᠲᠡᠦᠬᠡᠨ ᠳ᠋ᠦ᠍ ᠬᠣᠪᠣᠷ ᠲᠣᠬᠢᠶᠠᠯᠳᠤᠭᠰᠠᠨ ᠮᠤᠨᠳᠠᠭ ᠠᠷᠪᠢᠨ ᠬᠥᠮᠦᠨ ᠴᠤᠭᠯᠠᠷᠠᠭᠰᠠᠨ ᠴᠠᠮ ᠪᠣᠯᠤᠭᠰᠠᠨ ᠭᠡᠨ᠎ᠡ᠃ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶ᠎ᠠ ᠴᠢᠭᠤᠯᠤᠯᠲᠤ ᠬᠠᠭᠠᠯᠭ᠎ᠠ ᠳ᠋ᠤ᠌ ᠪᠠᠢᠭᠤᠯᠤᠭᠳᠠᠭᠰᠠᠨ ᠤ᠋ ᠰᠡᠭᠦᠯᠡᠷ ᠲᠤᠬᠠᠢ ᠶ᠋ᠢᠨ ᠦᠶ᠎ᠡ ᠶ᠋ᠢᠨ ᠴᠠᠭ ᠤ᠋ᠨ ᠪᠠᠢᠳᠠᠯ ᠠ᠋ᠴᠠ ᠪᠣᠯᠵᠤ ᠴᠢᠭᠤᠯᠤᠯᠲᠤ ᠬᠠᠭᠠᠯᠭ᠎ᠠ  ᠠ᠋ᠴᠠ ᠪᠠᠷᠠᠭᠤᠨᠰᠢᠯᠠᠵᠤ ᠪᠤᠭᠤᠲᠤ ᠳ᠋ᠤ᠌ ᠰᠢᠯᠵᠢᠭᠰᠡᠨ ᠪᠠᠢᠵᠠᠢ᠃ ᠰᠢᠨᠡᠯᠡᠮ᠎ᠡ ᠪᠤᠭᠤᠲᠤ ᠠ᠋ᠴᠠ ᠵᠡᠭᠦᠨᠭᠠᠷ ᠬᠤᠰᠢᠭᠤᠨ ᠤ᠋ ᠴᠢ ᠰᠧ ᠵᠢᠶᠦ᠋ᠨ(ᠷᠠᠪᠳᠠᠨ) ᠤ᠋ ᠭᠡᠷ ᠲᠦ᠍ ᠰᠢᠨᠡᠯᠡᠭᠡᠳ ᠲᠡᠨᠳᠡ ᠡᠴᠡ ᠵᠢᠶᠦ᠋ᠨ ᠸᠠᠩ ᠤ᠋ᠨ ᠬᠤᠰᠢᠭᠤᠨ ᠤ᠋ ᠡᠷᠳᠡᠨᠢᠭᠡᠷᠡᠯ ᠲᠤᠰᠠᠯᠠᠭᠴᠢ ᠶ᠋ᠢᠨ ᠬᠢ ᠪᠡᠷ ᠳᠠᠭᠠᠷᠢᠵᠤ ᠨᠤᠲᠤᠭ ᠲᠠᠭᠠᠨ ᠬᠠᠷᠢᠵᠤ ᠢᠷᠡᠵᠡᠢ᠃ ᠲᠡᠭᠡᠬᠦ ᠳ᠋ᠦ᠍ ᠨᠤᠲᠤᠭ ᠤ᠋ᠨ ᠣᠯᠠᠨ ᠮᠠᠯᠴᠢᠳ ᠨᠢ ᠭᠠᠯᠠᠭᠤᠲᠤ ᠶ᠋ᠢᠨ ᠰᠦᠮ᠎ᠡ ᠶ᠋ᠢᠨ ᠴᠠᠮ ᠳᠡᠭᠡᠷ᠎ᠡ ᠬᠡᠳᠦᠨ ᠮᠢᠩᠭᠠᠨ ᠬᠥᠮᠦᠨ ᠬᠦᠷᠦᠯᠴᠡᠨ ᠢᠷᠡᠭᠰᠡᠨ ᠪᠠᠢᠵᠠᠢ᠃ ᠳᠠᠮᠪᠠᠷᠠᠪᠰᠠᠯ ᠨᠠᠰᠤᠲᠠᠨ1979 ᠣᠨ ᠳ᠋ᠤ᠌ ᠭᠠᠯᠠᠭᠤᠲᠤ ᠶ᠋ᠢᠨ ᠴᠠᠮ ᠤ᠋ᠨ ᠲᠤᠬᠠᠢ ᠶ᠋ᠢᠨ ᠦᠶ᠎ᠡ ᠶ᠋ᠢᠨ ᠪᠠᠢᠳᠠᠯ ᠢ᠋ ᠬᠡᠯᠡᠬᠦ ᠳ᠋ᠡᠭᠡᠨ᠄《ᠪᠢ ᠲᠡᠷᠡ ᠦᠶ᠎ᠡ ᠳ᠋ᠦ᠍ ᠪᠠᠭ᠎ᠠ ᠪᠠᠨᠳᠢ ᠪᠠᠢᠵᠤ ᠭᠠᠯᠠᠭᠤᠲᠤ ᠶ᠋ᠢᠨ ᠰᠦᠮ᠎ᠡ ᠶ᠋ᠢᠨ ᠭᠣᠣᠯ ᠳᠤᠭᠠᠩ ᠤ᠋ᠨ ᠪᠤᠷᠬᠠᠨ ᠨᠤᠭᠤᠳ ᠲᠤ᠌ ᠥᠷᠯᠥᠭᠡ ᠦᠳᠡᠰᠢ ᠲᠠᠰᠤᠷᠠᠯ ᠦᠭᠡᠢ ᠵᠤᠯᠠ ᠬᠦᠵᠢ ᠡᠷᠭᠦᠳᠡᠭ ᠭᠣᠨᠢᠷ ᠯᠠᠮᠠ ᠪᠠᠢᠵᠠᠢ᠃ ᠲᠡᠷᠡ ᠤᠳᠠᠭ᠎ᠠ ᠶ᠋ᠢᠨ ᠭᠠᠯᠠᠭᠤᠲᠤ ᠶ᠋ᠢᠨ ᠴᠠᠮ ᠶᠡᠬᠡ ᠰᠦᠮ᠎ᠡ ᠶ᠋ᠢᠨ ᠡᠭᠦᠳᠡᠨ ᠡᠮᠦᠨ᠎ᠡ( ᠶᠡᠬᠡ ᠬᠦᠷᠢᠶᠡᠨ ᠳᠣᠲᠣᠷ᠎ᠠ) ᠴᠠᠮᠨᠠᠭᠰᠠᠨ ᠶᠤᠮ᠃ ᠰᠢᠨᠡᠯᠡᠮ᠎ᠡ ᠴᠠᠮ ᠭᠠᠷᠬᠤ ᠠ᠋ᠴᠠ ᠡᠮᠦᠨ᠎ᠡ( ᠬᠡᠰᠡᠭ ᠦᠶ᠎ᠡ ᠳ᠋ᠦ᠍ ᠴᠠᠮ ᠤ᠋ᠨ ᠵᠠᠪᠰᠠᠷ ᠲᠤ᠌) ᠰᠦᠮ᠎ᠡ ᠶ᠋ᠢᠨ ᠡᠮᠦᠨᠡᠬᠢ ᠥᠨᠳᠥᠷ ᠶᠡᠨᠳᠡᠷ ᠲᠠᠢᠰᠠᠨ ᠳ᠋ᠤ᠌ ᠵᠣᠭᠰᠣᠵᠤ ᠨᠢᠭᠡ ᠠᠷᠪᠢᠨ ᠨᠣᠮ ᠰᠤᠳᠤᠷ ᠪᠠᠷᠢᠵᠤ ᠤᠯᠠᠭᠠᠨ ᠣᠷᠣᠰ ᠤ᠋ᠨ ᠲᠤᠬᠠᠢ ᠪᠤᠶᠤ ᠬᠠᠯᠬ᠎ᠠ ᠶ᠋ᠢᠨ ᠳᠡ ᠬᠦᠷᠢᠶ᠎ᠡ ᠶ᠋ᠢᠨ ᠬᠤᠪᠢᠰᠬᠠᠯ ᠤ᠋ᠨ ᠲᠤᠬᠠᠢ ᠬᠡᠯᠡᠵᠦ ᠪᠠᠢᠭᠰᠠᠨ ᠰᠢᠭ᠋ ᠰᠠᠨᠠᠭᠳᠠᠨ᠎ᠠ᠃ ᠪᠠᠰᠠ ᠴᠠᠭᠠᠨ ᠮᠣᠷᠢ ᠭᠦᠶᠦᠭᠰᠡᠨ ᠴᠠᠭᠠᠨ ᠬᠢᠭᠢᠷᠢ᠂ ᠭᠣᠣᠯ ᠳ᠋ᠤᠨᠢ ᠤᠯᠠᠭᠠᠨ ᠲᠠᠪᠤᠯᠵᠢᠨ ᠲᠠᠢ ᠬᠥᠬᠡ ᠥᠩᠭᠡ ᠶ᠋ᠢᠨ ᠡᠢᠮᠦ ᠬᠣᠶᠠᠷ ᠬᠢᠭᠢᠷᠢ ᠶ᠋ᠢ ᠵᠥᠷᠢᠯᠳᠦᠭᠦᠯᠦᠨ ᠳᠡᠭᠡᠷ᠎ᠡ ᠨᠢ ᠱᠠᠭᠵᠠᠮᠤᠨᠢ ᠶ᠋ᠢᠨ ᠰᠠᠭᠤᠳᠠᠯ ᠲᠠᠢ ᠭᠠᠯ ᠤᠯᠠᠭᠠᠨ ᠪᠠᠮᠪᠠᠷ ᠲᠠᠢ ᠨᠢᠭᠡᠨ ᠳᠡᠪᠲᠡᠷ ᠢ᠋ ᠣᠯᠠᠨ ᠮᠥᠷᠭᠥᠯᠴᠢᠨ ᠳ᠋ᠦ᠍ ᠤᠩᠰᠢᠵᠤ ᠥᠭᠴᠡᠢ᠃ ᠰᠡᠭᠦᠯᠡᠷ ᠳᠠᠮᠵᠢᠭᠤᠯᠤᠨ ᠦᠵᠡᠭᠦᠯᠵᠦ ᠬᠣᠮᠣᠷᠢᠯᠳᠤᠵᠤ ᠪᠠᠢᠭᠰᠠᠨ ᠰᠢᠭ᠋ ᠰᠠᠨᠠᠭᠳᠠᠵᠤ ᠪᠠᠢᠨ᠎ᠠ····》 ᠭᠡᠪᠡ᠃ ᠡᠭᠦᠨ ᠡᠴᠡ ᠦᠵᠡᠪᠡᠯ ᠰᠢᠨᠠᠯᠠᠮ᠎ᠠ ᠬᠠᠯᠬ᠎ᠠ ᠠ᠋ᠴᠠ ᠪᠤᠴᠠᠨ ᠢᠷᠡᠭᠡᠳ ᠵᠥᠪᠯᠡᠯᠲᠦ ᠬᠣᠯᠪᠣᠭᠠᠲᠤ ᠤᠯᠤᠰ ᠪᠣᠯᠤᠨ ᠮᠣᠩᠭᠣᠯ ᠤᠯᠤᠰ ᠤ᠋ᠨ ᠬᠤᠪᠢᠰᠬᠠᠯ ᠤ᠋ᠨ ᠪᠠᠢᠳᠠᠯ ᠢ᠋ ᠤᠬᠠᠭᠤᠯᠵᠤ᠂ ᠪᠠᠰᠠ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ《ᠪᠠᠲᠤ ᠢᠯᠡᠷᠬᠡᠢᠯᠡᠬᠦ ᠪᠢᠴᠢᠭ》(ᠨᠠᠮ ᠤ᠋ᠨ ᠳᠦᠷᠢᠮ) ᠢ᠋ ᠤᠩᠰᠢᠨ ᠲᠠᠢᠯᠪᠤᠷᠢᠯᠠᠵᠤ᠂ ᠦᠦᠰᠢᠨ ᠬᠤᠰᠢᠭᠤᠨ ᠳ᠋ᠤ᠌ ᠬᠠᠮᠤᠭ ᠠᠩᠬ᠎ᠠ ᠤᠳᠠᠭ᠎ᠠ ᠨᠠᠮ ᠤ᠋ᠨ ᠭᠡᠰᠢᠭᠦᠨ ᠡᠯᠰᠡᠬᠦ ᠰᠤᠷᠲᠠᠯ ᠤᠬᠠᠭᠤᠯᠭ᠎ᠠ ᠶ᠋ᠢᠨ ᠠᠵᠢᠯ ᠢ᠋ ᠭᠠᠯᠠᠭᠤᠲᠤ ᠶ᠋ᠢᠨ ᠰᠦᠮ᠎ᠡ ᠶ᠋ᠢᠨ ᠴᠠᠮ ᠤ᠋ᠨ ᠡᠳᠦᠷ ᠦ᠋ᠨ ᠲᠣᠬᠢᠶᠠᠯ ᠢ᠋ ᠠᠰᠢᠭᠯᠠᠨ ᠬᠢᠵᠦ ᠪᠠᠢᠵᠠᠢ᠃ 
       ᠰᠢᠨᠠᠯᠠᠮ᠎ᠠ᠂ ᠭᠠᠯᠠᠭᠤᠲᠤ ᠶ᠋ᠢᠨ ᠰᠦᠮ᠎ᠡ ᠶ᠋ᠢᠨ ᠴᠠᠮ ᠳᠡᠭᠡᠷ᠎ᠡ ᠬᠣᠶᠠᠷ ᠮᠢᠩᠭ᠎ᠠ ᠭᠠᠷᠤᠢ ᠣᠯᠠᠨ ᠲᠦᠮᠡᠨ ᠳ᠋ᠦ᠍ ᠳᠣᠲᠣᠭᠠᠳᠤ ᠮᠣᠩᠭᠣᠯ ᠤ᠋ᠨ ᠠᠷᠠᠳ ᠤ᠋ᠨ  ᠬᠤᠪᠢᠰᠬᠠᠯᠲᠤ ᠨᠠᠮ ᠤ᠋ᠨ ᠵᠣᠷᠢᠯᠭ᠎ᠠ ᠪᠣᠯᠤᠨ ᠪᠠᠲᠤ ᠢᠯᠡᠷᠬᠡᠢᠯᠡᠬᠦ ᠪᠢᠴᠢᠭ ᠢ᠋ ᠨᠠᠷᠢᠨ ᠲᠣᠳᠣᠷᠬᠠᠢ ᠲᠠᠢᠯᠪᠤᠷᠢᠯᠠᠵᠤ᠂ ᠥᠷᠭᠡᠨ ᠣᠯᠠᠨ ᠲᠦᠮᠡᠨ ᠢ᠋ ᠳᠠᠢᠴᠢᠯᠠᠵᠤ ᠴᠢᠳᠠᠭᠰᠠᠨ ᠠ᠋ᠴᠠ ᠴᠠᠮ ᠤ᠋ᠨ ᠬᠤᠷᠠᠯ ᠤ᠋ᠨ ᠳᠠᠷᠠᠭ᠎ᠠ ᠮᠠᠰᠢ ᠠᠷᠪᠢᠨ ᠳᠤᠭᠤᠢᠯᠠᠩ ᠤ᠋ᠨ ᠢᠳᠡᠪᠬᠢᠲᠡᠨ ᠨᠦ᠍ᠭᠦᠳ ᠨᠠᠮ ᠳ᠋ᠤ᠌ ᠣᠷᠣᠬᠤ ᠪᠠᠷ ᠱᠠᠭᠠᠷᠳᠠᠵᠤ ᠬᠡᠳᠦᠬᠡᠨ ᠰᠠᠷ᠎ᠠ ᠶ᠋ᠢᠨ ᠳᠣᠲᠣᠷ᠎ᠠ ᠪᠦᠬᠦ ᠬᠤᠰᠢᠭᠤᠨ ᠤ᠋ ᠬᠡᠪᠴᠢᠶ᠎ᠡ ᠳ᠋ᠦ᠍ ᠳᠣᠯᠣᠭᠠᠨ ᠵᠠᠭᠤ ᠰᠢᠬᠠᠮ ᠨᠠᠮ ᠡᠪᠯᠡᠯ ᠦ᠋ᠨ ᠰᠢᠨ᠎ᠡ ᠭᠡᠰᠢᠭᠦᠨ ᠡᠯᠰᠡᠪᠡ᠃ ᠢᠩᠭᠢᠭᠡᠳ ᠨᠠᠮ ᠤ᠋ᠨ ᠭᠡᠰᠢᠭᠦᠨ ᠦ᠌ ᠲᠣᠭ᠎ᠠ ᠪᠣᠯᠤᠨ ᠭᠠᠵᠠᠷ ᠨᠤᠲᠤᠭ ᠤ᠋ᠨ ᠲᠠᠷᠬᠠᠯᠲᠠ ᠶ᠋ᠢᠨ ᠬᠡᠪᠴᠢᠶ᠎ᠡ ᠶ᠋ᠢ ᠦᠨᠳᠦᠰᠦᠯᠡᠵᠦ᠂1925 ᠣᠨ ᠳ᠋ᠤ᠌ ᠬᠡᠳᠦᠨ ᠨᠠᠮ ᠤ᠋ᠨ ᠡᠭᠦᠷ ᠪᠠᠢᠭᠤᠯᠵᠤ᠂ ᠰᠡᠭᠦᠯᠡᠷ ᠨᠢ1926 ᠣᠨ ᠤ᠋3 ᠰᠠᠷ᠎ᠠ ᠪᠣᠯᠬᠤ ᠳ᠋ᠤ᠌ ᠲᠡᠮᠦᠷᠣ᠋ᠪᠤᠭ᠎ᠠ᠂ ᠳᠠᠪᠴᠠᠭ᠂ ᠮᠠᠩᠬᠠᠲᠤ᠂ ᠰᠢᠪᠡᠷ ᠡᠭᠦᠷ ᠢ᠋ ᠪᠠᠢᠭᠤᠯᠵᠠᠢ᠃ ᠰᠡᠭᠦᠯᠳᠡᠵᠦ ᠨᠠᠮ ᠤ᠋ᠨ ᠭᠡᠰᠢᠭᠦᠨ ᠨᠡᠮᠡᠭᠳᠡᠭᠰᠡᠭᠡᠷ ᠨᠠᠮ ᠤ᠋ᠨ ᠡᠭᠦᠷ ᠢ᠋ ᠠᠷᠪᠠᠨ ᠳᠣᠯᠣᠭ᠎ᠠ ᠪᠣᠯᠭᠠᠨ᠂1929 ᠣᠨ ᠪᠣᠯᠬᠤ ᠳ᠋ᠤ᠌ ᠪᠦᠬᠦ ᠬᠤᠰᠢᠭᠤᠨ ᠳ᠋ᠤ᠌ ᠨᠠᠮ ᠤ᠋ᠨ ᠡᠭᠦᠷ ᠠᠷᠪᠠ ᠶᠢᠰᠦ ᠪᠣᠯᠵᠤ᠂ ᠠᠯᠢᠪᠠ ᠤᠴᠢᠷ ᠶᠠᠪᠤᠳᠠᠯ ᠢ᠋ ᠨᠠᠮ ᠤ᠋ᠨ ᠡᠭᠦᠷ ᠢ᠋ᠶ᠋ᠡᠷ ᠶᠠᠷᠢᠯᠴᠠᠨ ᠰᠢᠢᠳᠪᠦᠷᠢᠯᠡᠬᠦ ᠪᠣᠯᠵᠤ᠂ ᠤᠭ ᠤ᠋ᠨ ᠬᠠᠷᠢᠶ᠎ᠠ ᠰᠤᠮᠤᠨ ᠤ᠋ ᠪᠠᠢᠭᠤᠯᠤᠮᠵᠢ ᠨᠢ ᠦᠨᠳᠦᠰᠦᠨ ᠳ᠋ᠡᠭᠡᠨ ᠦᠢᠯᠡᠳᠦᠯ ᠢ᠋ᠶ᠋ᠡᠨ ᠠᠯᠳᠠᠵᠤ ᠬᠦᠴᠦᠨ ᠦᠭᠡᠢ ᠪᠣᠯᠤᠭᠰᠠᠨ ᠪᠠᠢᠵᠠᠢ᠃  

     ᠦᠰᠦᠭ ᠠᠮᠢᠯᠠᠭᠤᠯᠤᠭᠴᠢ᠄ ᠣᠶᠤᠨᠪᠠᠲᠤ᠂ ᠪᠠᠳᠮᠠᠰᠡᠴᠡᠨ᠂ ᠪᠠᠯ 
        ᠬᠢᠨᠠᠭᠴᠢ᠄ ᠣᠳᠬᠣᠨᠴᠡᠴᠡᠭ