ᠲᠡᠮᠦᠵᠢᠨ – ᠦᠬᠦᠯ ᠲᠡᠢ ᠣᠷᠣᠯᠳᠣᠭᠰᠠᠨ ᠵᠣᠴᠢᠨ - ᠴᠢᠩᠭᠢᠰ ᠬᠠᠭᠠᠨ ᠊ᠤ᠌ ᠨᠢᠭᠤᠴᠠ ᠲᠡᠦᠬᠡ 29 Тэмүүжин – Үхэлтэй оролдсон зочин - Чингис хаан оо нууц түүх 29
ᠲᠡᠮᠦᠵᠢᠨ ——
ᠦᠬᠦᠯ ᠲᠡᠢ ᠣᠷᠣᠯᠳᠣᠭᠰᠠᠨ ᠵᠣᠴᠢᠨ
| ᠴᠢᠩᠭᠢᠰ ᠬᠠᠭᠠᠨᠲᠠᠨ᠂ ᠲᠠᠨ ᠳ᠋ᠤ᠌ ᠨᠢᠭᠡ ᠬᠥᠮᠦᠨ ᠪᠠᠷᠠᠯᠬᠠᠬᠤ ᠪᠠᠷ ᠢᠷᠡᠵᠡᠢ ᠭᠡᠵᠦ ᠮᠡᠳᠡᠭᠳᠡᠪᠡ᠃
| ᠥᠨᠥ ᠣᠷᠣᠢ ᠬᠡᠨ ᠲᠡᠢ ᠴᠦ᠍ ᠠᠭᠤᠯᠵᠠᠬᠤ ᠦᠭᠡᠢ ᠬᠡᠳᠦᠭᠦᠯᠡ ᠳᠣᠲᠣᠨᠣ ᠰᠠᠢᠬᠠᠨ ᠨᠠᠷᠭᠢᠶ᠎ᠠ ᠭᠡᠵᠦ ᠲᠣᠭᠲᠠᠭᠰᠠᠨ ᠪᠢᠰᠢ ᠤᠤ? ᠮᠠᠷᠭᠠᠰᠢ ᠪᠣᠯ ᠭᠡᠵᠦ ᠬᠡᠷᠡᠭᠡ ᠳ᠋ᠦ᠍ ᠬᠡᠯᠡ ᠭᠡᠵᠦ ᠴᠢᠩᠭᠢᠰ ᠬᠠᠭᠠᠨ ᠤᠨᠲᠤᠭᠤᠴᠠᠵᠠᠢ᠃
| ᠬᠠᠭᠠᠨᠲᠠᠨ ᠡᠨᠡ ᠬᠥᠮᠦᠨ ᠲᠠᠨ ᠲᠠᠢ ᠠᠭᠤᠯᠵᠠᠬᠤ ᠭᠡᠵᠦ ᠲᠤᠩ ᠣᠯᠠᠨ ᠵᠢᠯ ᠶᠠᠪᠤᠵᠠᠢ᠃ ᠪᠦᠷ ᠵᠢᠷᠠᠨ ᠨᠠᠢ᠍ᠮᠠᠨ ᠵᠢᠯ ᠶᠠᠪᠤᠭᠰᠠᠨ ᠭᠡᠨ᠎ᠡ ᠭᠡᠵᠦ ᠪᠤᠭᠤᠷᠴᠢ ᠶ᠋ᠢᠨ ᠣᠭᠲᠣ ᠲᠣᠭᠯᠠᠭᠰᠠᠨ ᠶᠠᠩᠵᠤ ᠦᠭᠡᠢ ᠬᠡᠯᠡᠬᠦ ᠳ᠋ᠦ᠍ ᠪᠦᠭᠦᠳᠡ ᠭᠠᠢᠬᠠᠪᠠ᠃
| ᠬᠡᠨ ᠪᠣᠢ? ᠲᠡᠷᠡ ᠴᠢᠨᠢ᠃
| ᠲᠠ ᠦᠵᠡᠮᠡᠭᠴᠡ ᠲᠠᠨᠢᠬᠤ ᠪᠢᠵᠡ ᠭᠡᠨ᠎ᠡ᠃
| ᠶᠠᠭᠠᠬᠢᠬᠤ ᠪᠣᠢ ᠠᠭᠤᠯᠵᠠᠬᠤ ᠨᠢ ᠵᠥᠪ ᠤᠤ? ᠲᠠ ᠨᠠᠷ ᠶᠠᠭᠤ ᠭᠡᠵᠦ ᠪᠣᠳᠣᠨ᠎ᠠ?
| ᠡᠢᠮᠦ ᠴᠢᠬᠤᠯᠠ ᠵᠣᠴᠢᠨ ᠢ᠋ ᠬᠦᠯᠢᠶᠡᠯᠭᠡᠵᠦ ᠪᠣᠯᠬᠤ ᠦᠭᠡᠢ ᠭᠡᠵᠦ ᠰᠠᠨᠠᠨ᠎ᠠ ᠭᠡᠵᠦ ᠪᠤᠭᠤᠷᠴᠢ ᠪᠤᠰᠤᠳ ᠢ᠋ᠶ᠋ᠠᠨ ᠲᠥᠯᠥᠭᠡᠯᠡᠨ ᠬᠡᠯᠡᠬᠦ ᠳ᠋ᠦ᠍
| ᠲᠡᠭᠡᠪᠡᠯ ᠤᠷᠤᠭᠤᠯ ᠭᠡᠵᠦ ᠴᠢᠩᠭᠢᠰ ᠬᠠᠭᠠᠨ ᠵᠥᠪᠰᠢᠶᠡᠷᠡᠪᠡ᠃ ᠪᠤᠭᠤᠷᠴᠢ ᠭᠠᠷᠴᠤ ᠶᠡᠦᠳᠡᠨ ᠨᠥᠮᠥᠷᠦᠭᠰᠡᠨ᠂ ᠲᠠᠶᠠᠭ ᠲᠠᠢ ᠬᠥᠮᠦᠨ ᠢ᠋ ᠳᠠᠭᠠᠭᠤᠯᠤᠨ ᠣᠷᠣᠵᠤ ᠢᠷᠡᠪᠡ᠃ ᠦᠷᠭᠦᠭᠡᠨ ᠳ᠋ᠦ᠍ ᠪᠠᠮᠪᠠᠷ ᠳᠦᠷᠡᠯᠵᠡᠪᠡᠴᠦ ᠭᠡᠷᠡᠯ ᠨᠢ ᠦᠯᠦ ᠬᠦᠷᠦᠯᠴᠡᠬᠦ ᠲᠤᠯᠠ ᠲᠡᠳᠡ ᠥᠨᠥ ᠬᠥᠮᠦᠨ ᠢ᠋ ᠦᠵᠡᠮᠡᠭᠴᠡ ᠲᠠᠨᠢᠭᠰᠠᠨ ᠦᠭᠡᠢ᠃ ᠪᠠᠰᠠ ᠲᠡᠷᠡ ᠬᠥᠮᠦᠨ ᠦ᠌ ᠨᠢᠭᠤᠷ ᠴᠢᠷᠠᠢ ᠨᠢ ᠶᠡᠦᠳᠡᠨ ᠳᠣᠣᠷ᠎ᠠ ᠠ᠋ᠴᠠ ᠰᠠᠢᠨ ᠬᠠᠷᠠᠭᠳᠠᠬᠤ ᠦᠭᠡᠢ ᠪᠠᠢᠵᠠᠢ᠃ ᠥᠨᠥ ᠬᠥᠮᠦᠨ ᠬᠥᠯ ᠢ᠋ᠶ᠋ᠡᠨ ᠠᠷᠠᠢᠬᠠᠨ ᠵᠥᠭᠡᠭᠡᠬᠦ ᠨᠢ ᠰᠢᠷᠬ᠎ᠠ ᠲᠠᠢ ᠪᠣᠯᠤᠯᠲᠠᠢ ᠭᠡᠵᠦ ᠪᠣᠳᠣᠭᠳᠠᠮᠠᠷ ᠠᠵᠢ᠃
| ᠶᠢᠷᠲᠢᠨᠴᠦ ᠶ᠋ᠢᠨ ᠬᠠᠭᠠᠳ ᠤ᠋ᠨ ᠬᠠᠭᠠᠨ ᠶᠡᠬᠡ ᠴᠢᠩᠭᠢᠰ ᠬᠠᠭᠠᠨ ᠲᠠᠨ ᠤ᠋ ᠠᠮᠤᠷ ᠠᠮᠤᠭᠤᠯᠠᠩ ᠢ᠋ ᠡᠷᠢᠶ᠎ᠡ᠃ ᠪᠣᠭᠣᠯ ᠴᠢᠨᠢ ᠬᠥᠯ ᠨᠤᠭᠤᠷᠠᠬᠤ ᠦᠭᠡᠢ ᠡᠪᠡᠳᠴᠢᠲᠡᠢ ᠲᠤᠯᠠ ᠬᠠᠭᠠᠨ ᠲᠠᠨ ᠳ᠋ᠤ᠌ ᠰᠥᠬᠥᠷᠡᠵᠦ ᠦᠯᠦ ᠴᠢᠳᠠᠨ᠎ᠠ᠃ ᠥᠷᠥᠰᠢᠶᠡᠭᠲᠦᠨ ᠭᠡᠵᠦ ᠥᠨᠥ ᠬᠥᠮᠦᠨ ᠬᠡᠯᠡᠪᠡ᠃ ᠪᠦᠭᠦᠳᠡ ᠦᠵᠡᠬᠦ ᠪᠡᠷ ᠥᠨᠳᠡᠢᠵᠡᠢ᠃ ᠴᠢᠩᠭᠢᠰ ᠬᠠᠭᠠᠨ ᠪᠦᠷ ᠤᠬᠤᠰᠬᠢᠨ ᠪᠣᠰᠤᠭᠠᠳ
| ᠪᠣᠭᠣᠯ ᠭᠡᠨ᠎ᠡ ᠠ᠋? ᠭᠡᠵᠦ ᠬᠠᠰᠬᠢᠷᠴᠠᠢ᠃ ᠲᠡᠷᠡ ᠠᠨᠳᠠᠭᠤᠷᠠᠭᠰᠠᠨ ᠦᠭᠡᠢ᠃ ᠡᠨᠡ ᠪᠣᠯ ᠵᠡᠯᠮ᠎ᠡ ᠪᠠᠢᠪᠠ᠃ ᠲᠡᠮᠦᠵᠢᠨ ᠦ᠌ ᠤᠨᠠᠭᠠᠨ ᠪᠣᠭᠣᠯ ᠵᠠᠷᠴᠢᠭᠤᠳᠠᠢ ᠳᠠᠷᠬᠠᠨ ᠤ᠋ ᠬᠥᠪᠡᠭᠦᠨ ᠣᠷᠢᠶᠠᠩᠬᠠᠨ ᠵᠠᠯᠮ᠎ᠠ ᠢᠷᠡᠭᠰᠡᠨ ᠨᠢ ᠦᠬᠦᠳᠡᠯ ᠠᠮᠢᠯᠠᠭᠠᠳ ᠪᠣᠰᠤᠭᠠᠳ ᠢᠷᠡᠭᠰᠡᠨ ᠮᠡᠲᠦ ᠰᠣᠴᠢᠮᠠᠷ ᠬᠡᠷᠡᠭ ᠪᠣᠯᠵᠠᠢ᠃
| ᠠᠬ᠎ᠠ ᠠ᠋ ᠭᠡᠳ ᠰᠦᠪᠡᠭᠡᠳᠡᠢ ᠦᠰᠦᠷᠦᠨ ᠪᠣᠰᠪᠠ᠃ ᠴᠢᠩᠭᠢᠰ ᠬᠠᠭᠠᠨ ᠳᠠᠷᠤᠢ ᠲᠡᠭᠦᠨ ᠳ᠋ᠦ᠍ ᠳᠥᠭᠥᠨ ᠣᠴᠢᠪᠠ᠃
| ᠵᠡᠯᠮ᠎ᠡ᠂ ᠴᠢ ᠤᠤ? ᠡᠰᠡᠪᠡᠯ ᠪᠢ ᠵᠡᠭᠦᠳᠦᠯᠡᠵᠦ ᠪᠠᠢᠨ᠎ᠠ ᠤᠤ? ᠭᠡᠵᠦ ᠴᠢᠩᠭᠢᠰ ᠬᠠᠭᠠᠨ ᠬᠠᠰᠬᠢᠷᠪᠠ᠃ ᠲᠡᠭᠦᠨ ᠦ᠌ ᠰᠡᠳᠬᠢᠯ ᠳᠣᠭᠳᠣᠯᠤᠨ ᠬᠥᠳᠡᠯᠵᠡᠢ᠃
| ᠲᠡᠢᠮᠦ ᠠ᠋᠂ ᠬᠠᠭᠠᠨ ᠲᠠ ᠵᠥᠪ ᠲᠠᠨᠢᠵᠠᠢ᠃ ᠪᠢ ᠲᠠᠨ ᠤ᠋ ᠪᠣᠭᠣᠯ ᠵᠠᠷᠴᠢᠭᠤᠳᠠᠢ ᠶ᠋ᠢᠨ ᠵᠡᠯᠮ᠎ᠡ ᠪᠠᠢᠨ᠎ᠠ ᠭᠡᠵᠦ ᠵᠡᠯᠮ᠎ᠡ ᠬᠥᠯ ᠳᠡᠭᠡᠷ᠎ᠡ ᠪᠡᠨ ᠠᠷᠠᠢᠬᠠᠨ ᠲᠣᠭᠲᠠᠵᠤ ᠶᠠᠳᠠᠨ ᠰᠢᠪᠡᠨᠡᠪᠡ᠃ ᠶᠡᠬᠡ ᠬᠦᠴᠦᠯᠡᠭᠰᠡᠨ ᠳ᠋ᠡᠭᠡᠨ ᠲᠡᠭᠦᠨ ᠦ᠌ ᠬᠥᠯᠥᠰᠥ ᠲᠣᠰᠴᠤ ᠬᠥᠯ ᠨᠢ ᠴᠡᠴᠡᠷᠡᠵᠦ ᠪᠠᠢᠪᠠ᠃ ᠲᠡᠷᠡ ᠴᠢᠩᠭᠢᠰ ᠬᠠᠭᠠᠨ ᠲᠠᠢ ᠪᠣᠰᠤᠭ᠎ᠠ ᠠᠭᠤᠯᠵᠠᠬᠤ ᠶ᠋ᠢ ᠬᠦᠰᠡᠭᠰᠡᠨ ᠲᠤᠯᠠ ᠡᠪᠡᠳᠴᠢᠲᠡᠢ ᠪᠡᠶ᠎ᠡ ᠪᠡᠨ ᠢᠩᠭᠢᠵᠦ ᠵᠣᠪᠠᠭᠠᠵᠤ ᠡᠴᠦᠰ ᠦ᠋ᠨ ᠬᠦᠴᠦ ᠪᠡᠨ ᠰᠢᠪᠬᠠᠵᠠᠢ᠃ ᠡᠭᠦᠨ ᠢ᠋ ᠮᠡᠳᠡᠵᠦ ᠪᠠᠢᠭᠰᠠᠨ ᠪᠤᠭᠤᠷᠴᠢ ᠲᠡᠭᠦᠨ ᠢ᠋ ᠬᠥᠲᠥᠯᠦᠨ ᠴᠢᠩᠭᠢᠰ ᠬᠠᠭᠠᠨ ᠤ᠋ ᠰᠠᠭᠤᠵᠤ ᠪᠠᠢᠭᠰᠠᠨ ᠰᠡᠨᠳᠡᠢ ᠳ᠋ᠦ᠍ ᠡᠷᠭᠦᠬᠦ ᠰᠢᠬᠠᠮ ᠰᠠᠭᠤᠯᠭᠠᠪᠠ᠃
| ᠬᠠᠭᠠᠨᠲᠠᠨ ᠥᠷᠥᠰᠢᠶᠡ᠃ ᠮᠢᠨᠦ ᠬᠥᠯ ᠨᠤᠭᠤᠷᠠᠬᠤ ᠦᠭᠡᠢ ᠲᠤᠯᠠ ᠪᠢ ᠠᠷᠭ᠎ᠠ ᠪᠠᠨ ᠪᠠᠷᠠᠵᠤ ᠬᠠᠭᠠᠨ ᠲᠠᠨ ᠤ᠋ ᠰᠡᠨᠳᠡᠢ ᠳ᠋ᠦ᠍ ᠰᠠᠭᠤᠪᠠ᠃ ᠤᠭ ᠨᠢ ᠪᠢ ᠬᠡᠪᠲᠡᠮᠡᠷ ᠰᠠᠨᠠᠭᠳᠠᠨ᠎ᠠ᠃ ᠭᠡᠪᠡᠴᠦ ᠪᠢ ᠲᠠ ᠨᠠᠷ ᠤ᠋ᠨ ᠳᠡᠷᠭᠡᠳᠡ ᠶᠠᠭᠠᠬᠢᠵᠤ ᠬᠡᠪᠲᠡᠬᠦ ᠪᠢᠯᠡ? ᠭᠡᠵᠦ ᠵᠡᠯᠮ᠎ᠡ ᠰᠢᠪᠡᠨᠡᠪᠡ᠃ ᠪᠦᠭᠦᠳᠡ ᠬᠡᠯᠡᠬᠦ ᠦᠭᠡ ᠪᠡᠨ ᠣᠯᠬᠤ ᠦᠭᠡᠢ ᠳᠣᠭᠳᠣᠯᠵᠤ ᠬᠥᠭᠡᠷᠴᠡᠢ᠃ ᠬᠠᠮᠤᠭ ᠤ᠋ᠨ ᠲᠦᠷᠦᠭᠦᠨ ᠳ᠋ᠦ᠍ ᠰᠦᠪᠡᠭᠡᠳᠡᠢ ᠠᠬ᠎ᠠ ᠲᠠᠢ ᠪᠠᠨ ᠣᠴᠢᠵᠤ ᠵᠣᠯᠭᠠᠪᠠ᠃ ᠰᠦᠪᠡᠭᠡᠳᠡᠢ ᠠᠬ᠎ᠠ ᠲᠠᠢ ᠪᠠᠨ ᠠᠭᠤᠯᠵᠠᠭᠰᠠᠨ ᠦᠭᠡᠢ ᠨᠠᠢ᠍ᠮᠠᠨ ᠵᠢᠯ ᠪᠣᠯᠵᠠᠢ᠃
| ᠪᠢ ᠳᠡᠭᠦᠦ ᠴᠢᠮᠠᠲᠠᠢ ᠠᠭᠤᠯᠵᠠᠬᠤ ᠦᠭᠡᠢ ᠭᠡᠵᠦ ᠰᠠᠨᠠᠵᠤ ᠶᠠᠪᠤᠯ᠎ᠠ ᠭᠡᠵᠦ ᠵᠡᠯᠮ᠎ᠡ ᠨᠢᠯᠪᠤᠰᠤ ᠤᠨᠠᠭᠠᠪᠠ᠃ ᠪᠦᠭᠦᠳᠡ ᠶ᠋ᠢᠨ ᠨᠢᠳᠦ ᠨᠢᠯᠪᠤᠰᠤ ᠪᠠᠷ ᠳᠦᠭᠦᠷᠴᠡᠢ᠃
| ᠪᠢ ᠬᠠᠭᠠᠨ ᠲᠠᠨ ᠤ᠋ ᠵᠢᠭᠠᠭᠰᠠᠨ ᠨᠤᠲᠤᠭ ᠬᠢᠩᠭᠠᠨ ᠤ᠋ ᠨᠢᠷᠤᠭᠤᠨ ᠤ᠋ ᠠᠷᠤ ᠠᠢᠷᠠᠭ ᠨᠠᠭᠤᠷ ᠤ᠋ᠨ ᠳᠡᠷᠭᠡᠳᠡ ᠦᠬᠦᠵᠦ ᠡᠰᠡ ᠴᠢᠳᠠᠯ᠎ᠠ᠃ ᠲᠠ ᠨᠠᠷ ᠢ᠋ ᠡᠨᠳᠡ ᠴᠤᠭᠯᠠᠷᠠᠪᠠ ᠭᠡᠵᠦ ᠰᠣᠨᠣᠰᠤᠭᠠᠳ ᠦᠬᠦᠯ ᠡᠴᠡ ᠵᠢᠭᠤᠲᠠᠵᠤ ᠪᠡᠶ᠎ᠡ ᠪᠡᠨ ᠵᠣᠪᠠᠭᠠᠵᠤ ᠨᠠᠭᠠᠰᠢ ᠢᠷᠡᠯ᠎ᠡ᠃ ᠪᠤᠰᠤᠳ ᠢ᠋ ᠳᠠᠭᠤᠳᠠᠭᠠᠳ ᠨᠠᠮᠠᠶ᠋ᠢ ᠬᠥᠮᠦᠨ ᠭᠡᠵᠦ ᠲᠣᠭᠣᠵᠤ ᠬᠡᠯᠡ ᠥᠭᠳᠡᠭ ᠦᠭᠡᠢ ᠪᠠᠢᠵᠠᠢ᠃ ᠲᠠ ᠭᠡᠵᠦ ᠵᠠᠯᠮ᠎ᠠ ᠶ᠋ᠢᠨ ᠭᠣᠮᠣᠳᠠᠨ ᠬᠡᠯᠡᠭᠰᠡᠨ ᠨᠢ ᠠᠷᠭ᠎ᠠ ᠦᠭᠡᠢ ᠲᠤᠯᠠ ᠬᠡᠨ ᠴᠦ᠍ ᠲᠠᠢᠯᠪᠤᠷᠢ ᠬᠢᠵᠦ ᠴᠢᠳᠠᠭᠰᠠᠨ ᠦᠭᠡᠢ ᠪᠣᠯᠵᠠᠢ᠃ ᠴᠢᠩᠭᠢᠰ ᠬᠠᠭᠠᠨ ᠮᠤᠬᠤᠯᠠᠢ ᠰᠦᠪᠡᠭᠡᠳᠡᠢ ᠨᠠᠷ ᠢ᠋ ᠳᠠᠭᠤᠳᠠᠭᠰᠠᠨ ᠢ᠋ ᠶᠢᠰᠦᠨᠲᠠᠢ ᠬᠥᠪᠡᠭᠦᠨ ᠨᠢ ᠬᠡᠯᠡ ᠬᠦᠷᠭᠡᠭᠦᠯᠵᠦ᠂ ᠶᠠᠭᠠᠬᠢᠵᠤ ᠡᠢᠭᠡᠳ ᠢᠷᠡᠬᠦ ᠶ᠋ᠢ ᠬᠦᠰᠡᠵᠡᠢ᠃ ᠶᠢᠰᠦᠨᠲᠡᠢ᠂ ᠡᠴᠢᠭᠡ ᠶ᠋ᠢᠨ ᠢ᠋ᠶ᠋ᠡᠨ ᠰᠡᠳᠬᠢᠯ ᠢ᠋ ᠰᠠᠢᠨ ᠮᠡᠳᠡᠬᠦ ᠰᠦᠷᠡᠬᠡᠢ ᠤᠬᠠᠭᠠᠨ ᠲᠠᠢ ᠬᠥᠮᠦᠨ ᠲᠤᠯᠠ ᠣᠯᠠᠨ ᠵᠢᠯ ᠭᠠᠭᠴᠠᠭᠠᠷ ᠬᠡᠪᠲᠡᠭᠰᠡᠨ ᠡᠴᠢᠭᠡ ᠶ᠋ᠢ ᠪᠡᠨ ᠦᠷᠦ ᠡᠪᠡᠳᠦᠭᠰᠡᠨ ᠤᠴᠢᠷ ᠢᠩᠭᠢᠵᠡᠢ᠃ ᠲᠡᠭᠡᠭᠡᠳ ᠵᠡᠯᠮ᠎ᠡ ᠵᠠᠮ ᠳ᠋ᠠᠭᠠᠨ ᠦᠬᠦᠬᠦ ᠶ᠋ᠢ ᠦᠯᠦ ᠲᠣᠭᠣᠨ ᠨᠠᠭᠠᠰᠢ ᠭᠠᠷᠤᠭᠰᠠᠨ ᠨᠢ ᠡᠨᠡ ᠪᠠᠢᠪᠠ᠃《ᠪᠢ ᠵᠠᠮ ᠳ᠋ᠤ᠌ ᠦᠬᠦᠪᠡᠯ ᠮᠢᠨᠦ ᠬᠡᠭᠦᠷ ᠢ᠋ ᠴᠢᠩᠭᠢᠰ ᠬᠠᠭᠠᠨ ᠳ᠋ᠤ᠌ ᠦᠵᠡᠭᠦᠯᠵᠦ ᠬᠠᠮᠢᠭ᠎ᠠ ᠣᠷᠣᠰᠢᠭᠤᠯᠬᠤ ᠶ᠋ᠢ ᠲᠡᠭᠦᠨ ᠢ᠋ᠶ᠋ᠡᠷ ᠵᠢᠭᠠᠯᠭᠠ 》 ᠭᠡᠵᠦ ᠠᠯᠪᠠᠲᠤ ᠨᠤᠭᠤᠳ ᠲᠠᠭᠠᠨ ᠲᠤᠰᠢᠶᠠᠭᠠᠳ ᠤᠬᠠᠭᠠᠨ ᠲᠠᠢ᠂ ᠤᠬᠠᠭᠠᠨ ᠦᠭᠡᠢ ᠬᠣᠶᠠᠷ ᠤ᠋ᠨ ᠬᠣᠭᠣᠷᠣᠨᠳᠣ ᠲᠠᠩᠭᠤᠳ ᠲᠤ᠌ ᠠᠷᠠᠢᠬᠠᠨ ᠢᠷᠡᠵᠡᠢ᠃ ᠵᠠᠯᠮ᠎ᠠ ᠶ᠋ᠢᠨ ᠡᠪᠡᠳᠴᠢᠨ ᠨᠡᠩ ᠬᠦᠨᠳᠦ ᠲᠤᠯᠠ ᠲᠡᠷᠡ ᠣᠯᠠᠨ ᠦᠭᠡ ᠶᠠᠷᠢᠭᠰᠠᠨ ᠳ᠋ᠠᠭᠠᠨ ᠶᠠᠳᠠᠷᠠᠭᠠᠳ ᠠᠮᠢᠰᠬᠤᠭᠠᠳᠠᠵᠤ ᠵᠥᠪᠬᠡᠨ ᠰᠢᠨᠠᠯᠭᠠᠲᠠᠢ᠂ ᠴᠢᠮᠡᠭᠡ ᠦᠭᠡᠢ ᠢᠨᠢᠶᠡᠮᠰᠦᠭᠯᠡᠬᠦ ᠡᠴᠡ ᠴᠠᠭᠠᠰᠢ ᠦᠭᠡᠢ ᠠᠵᠢ᠃
| ᠵᠡᠯᠮ᠎ᠡ ᠴᠢᠮᠠᠶ᠋ᠢ ᠬᠠᠷᠠᠭᠠᠳ ᠮᠢᠨᠦ ᠰᠡᠳᠬᠢᠯ ᠬᠠᠨᠪᠠ᠃ ᠴᠢᠮᠠᠶ᠋ᠢ ᠳᠠᠭᠤᠳᠠᠭ᠎ᠠ ᠦᠭᠡᠢ ᠨᠢ ᠵᠥᠪᠬᠡᠨ ᠴᠢᠨᠦ ᠪᠡᠶ᠎ᠡ ᠶ᠋ᠢ ᠪᠣᠳᠣᠭᠰᠠᠨ ᠤ᠋ ᠬᠢ ᠶᠦᠮ᠃ ᠪᠢ ᠶᠡᠷᠦ ᠨᠢ ᠰᠠᠷ᠎ᠠ ᠪᠦᠷᠢ ᠴᠢᠮᠠᠲᠤ ᠬᠡᠰᠢᠭ ᠬᠦᠷᠲᠡᠭᠡᠬᠦ ᠪᠡᠨ ᠮᠠᠷᠲᠠᠭ᠎ᠠ ᠦᠭᠡᠢ ᠰᠢᠦ᠃ ᠴᠢᠮᠠᠶ᠋ᠢ ᠦᠵᠡᠮᠡᠭᠴᠡ ᠪᠢ ᠨᠤᠲᠤᠭ ᠲᠠᠭᠠᠨ ᠬᠠᠷᠢᠬᠤ ᠶ᠋ᠢ ᠶᠠᠭᠠᠬᠢᠭᠰᠠᠨ ᠶᠡᠬᠡ ᠬᠦᠰᠡᠨ᠎ᠡ᠃ ᠵᠡᠯᠮ᠎ᠡ ᠴᠢᠮᠠᠶ᠋ᠢ ᠬᠠᠷᠠᠭᠠᠳ ᠪᠠᠳᠮᠠᠯᠠᠭᠰᠠᠨ ᠵᠤᠯᠠ ᠰᠢᠭ᠋ ᠪᠠᠭ᠎ᠠ ᠨᠠᠰᠤ ᠮᠢᠨᠢ ᠰᠠᠨᠠᠭᠳᠠᠪᠠ᠃ ᠶᠢᠰᠦᠭᠡᠢ ᠡᠴᠢᠭᠡ ᠶ᠋ᠢ ᠪᠡᠨ ᠬᠣᠣᠷᠯᠠᠭᠤᠯᠤᠭᠠᠳ ᠣᠷᠢᠯᠠᠵᠤ ᠬᠡᠪᠲᠡᠭᠰᠡᠨ ᠲᠡᠮᠦᠵᠢᠨ ᠢ᠋ ᠪᠢ ᠣᠳᠣ ᠬᠠᠷᠠᠵᠤ ᠪᠠᠢᠨ᠎ᠠ ᠲᠡᠷᠡ ᠭᠠᠰᠢᠭᠤᠨ ᠨᠢᠯᠪᠤᠰᠤ ᠠᠮᠠᠨ ᠳ᠋ᠤ᠌ ᠠᠮᠲᠠᠭᠳᠠᠵᠤ ᠬᠣᠭᠣᠯᠠᠢ ᠬᠣᠷᠣᠰᠬᠠᠵᠤ ᠪᠠᠢᠨ᠎ᠠ᠃ ᠪᠢ ᠡᠨᠡ ᠨᠢᠯᠪᠤᠰᠤᠨ ᠣ ᠠᠮᠲᠠ ᠶ᠋ᠢ ᠶᠠᠭᠠᠬᠢᠵᠤ ᠮᠠᠷᠲᠠᠨ᠎ᠠ᠃ ᠪᠢ ᠡᠨᠡ ᠭᠠᠵᠠᠷ ᠤ᠋ᠨ ᠪᠦᠬᠦ ᠠᠮᠲᠠᠲᠤ ᠳᠠᠷᠠᠰᠤ ᠶ᠋ᠢ ᠤᠤᠭᠤᠪᠠ᠃ ᠲᠡᠷᠡ ᠳᠠᠷᠠᠰᠤ ᠪᠣᠯᠭᠠᠨ ᠠ᠋ᠴᠠ ᠮᠢᠨᠦ ᠨᠢᠯᠪᠤᠰᠤ ᠠᠮᠲᠠᠭᠳᠠᠬᠤ ᠰᠢᠭ᠋ ᠪᠣᠯᠳᠠᠭ ᠶᠤᠮ᠃ ᠲᠡᠷᠡ ᠨᠢᠯᠪᠤᠰᠤ ᠮᠢᠨᠦ ᠴᠢᠰᠤᠨ ᠳ᠋ᠤ᠌ ᠨᠡᠪᠴᠢᠭᠰᠡᠨ ᠪᠣᠯᠤᠯᠲᠠᠢ᠃ ᠵᠡᠯᠮ᠎ᠡ ᠴᠢ ᠲᠡᠷᠡ ᠭᠠᠰᠢᠭᠤᠨ ᠨᠢᠯᠪᠤᠰᠤ ᠶ᠋ᠢ ᠠᠮᠲᠠᠯᠠᠭᠤᠯᠪᠠ᠃ ᠵᠡᠯᠮ᠎ᠡ ᠴᠢ ᠮᠢᠨᠦ ᠳᠡᠷᠭᠡᠳᠡ ᠰᠠᠭᠤᠭᠠᠳ ᠨᠢᠯᠪᠤᠰᠤ ᠶ᠋ᠢ ᠮᠢᠨᠢ ᠠᠷᠴᠢᠵᠤ ᠪᠠᠢᠵᠤ ᠪᠢᠯᠡ ᠭᠡᠵᠦ ᠴᠢᠩᠭᠢᠰ ᠬᠠᠭᠠᠨ ᠥᠩᠭᠡᠷᠡᠭᠰᠡᠨ ᠢ᠋ ᠳᠤᠷᠠᠰᠤᠨ ᠤᠷᠤᠰᠬᠠᠨ ᠬᠡᠯᠡᠵᠡᠢ᠃
| ᠪᠢ ᠲᠠᠨ ᠳ᠋ᠤ᠌ ᠬᠠᠮᠤᠭ ᠤ᠋ᠨ ᠭᠠᠰᠢᠭᠤᠨ ᠳᠤᠷᠠᠰᠤᠮᠵᠢ ᠶ᠋ᠢ ᠰᠠᠨᠠᠭᠳᠠᠭᠤᠯᠵᠠᠢ᠃ ᠶᠢᠰᠦᠭᠡᠢ ᠡᠴᠢᠭᠡ ᠴᠢᠨᠢ ᠦᠬᠦᠬᠦ ᠳ᠋ᠦ᠍ 《ᠣᠳᠣ ᠥᠨᠥᠴᠢᠨ ᠪᠢᠳᠡ ᠶᠠᠭᠠᠬᠢᠨ᠎ᠠ᠃ ᠢᠩᠭᠢᠭᠡᠳ ᠪᠦᠭᠦᠳᠡ ᠦᠬᠦᠨ᠎ᠡ ᠳᠡ》 ᠭᠡᠵᠦ ᠪᠣᠳᠣᠭᠰᠠᠨ ᠰᠠᠨ᠃ ᠭᠡᠲᠡᠯ᠎ᠡ ᠦᠬᠦᠭᠰᠡᠨ ᠦᠭᠡᠢ ᠡᠳᠦᠢ ᠬᠦᠷᠦᠯ᠎ᠡ᠃ ᠪᠢ ᠤᠭ ᠨᠢ ᠬᠠᠭᠠᠨ ᠲᠠᠨ ᠳ᠋ᠤ᠌ ᠰᠥᠩ ᠤᠯᠤᠰ ᠢ᠋ ᠬᠤᠷᠢᠶᠠᠵᠤ ᠥᠭᠭᠦᠶ᠎ᠡ ᠭᠡᠵᠦ ᠶᠡᠬᠡ ᠬᠦᠰᠡᠭᠰᠡᠨ ᠰᠠᠨ᠃ ᠭᠡᠪᠡᠴᠦ ᠲᠩᠷᠢ ᠮᠢᠨᠦ ᠬᠦᠰᠡᠯ ᠢ᠋ ᠲᠠᠭᠠᠯᠠᠭᠰᠠᠨ ᠦᠭᠡᠢ᠃ ᠣᠳᠣ ᠬᠥᠪᠡᠭᠦᠳ᠂ ᠠᠴᠢ ᠨᠠᠷ ᠮᠢᠨᠢ ᠳᠤᠲᠠᠭᠤ ᠶ᠋ᠢ ᠭᠦᠢᠴᠡᠭᠡᠵᠦ ᠳᠤᠨᠳᠠᠭᠤᠷ ᠢ᠋ ᠳᠦᠭᠦᠷᠭᠡᠨ᠎ᠡ ᠪᠢᠵᠡ᠃ ᠶᠡᠷᠦ ᠨᠢ ᠶᠢᠷᠲᠢᠨᠴᠦ ᠶ᠋ᠢᠨ ᠬᠠᠭᠠᠰ ᠢ᠋ ᠲᠡᠳᠡᠨ ᠳ᠋ᠦ᠍ ᠦᠯᠡᠳᠡᠭᠡᠬᠦ ᠨᠢ ᠵᠥᠪ᠃ ᠶᠢᠰᠤᠨᠲᠡᠢ ᠬᠥᠪᠡᠭᠦᠨ ᠨᠠᠮᠠᠶ᠋ᠢ ᠣᠷᠣᠯᠠᠨ ᠮᠣᠷᠢ ᠶ᠋ᠢ ᠴᠢᠨᠢ ᠬᠥᠲᠥᠯᠵᠦ ᠥᠷᠭᠥᠭᠡ ᠶ᠋ᠢ ᠴᠢᠨᠢ ᠰᠠᠬᠢᠵᠤ ᠶᠠᠪᠤᠨ᠎ᠠ᠃ ᠡᠭᠦᠨ ᠡᠴᠡ ᠢᠯᠡᠭᠦᠦ ᠪᠢ ᠶᠠᠭᠤ ᠬᠦᠰᠡᠨ᠎ᠡ᠃ ᠬᠥᠪᠡᠭᠦᠨ ᠢ᠋ᠶ᠋ᠡᠨ ᠦᠵᠡᠪᠡ᠃ ᠳᠡᠭᠦᠦ ᠰᠦᠪᠡᠭᠡᠳᠡᠢ ᠴᠢᠮᠠᠶ᠋ᠢ ᠦᠵᠡᠪᠡ᠃ ᠡᠪᠦᠭᠡᠨ ᠪᠣᠯᠤᠭᠰᠠᠨ ᠪᠤᠭᠤᠷᠴᠢ᠂ ᠮᠤᠬᠤᠯᠠᠢ ᠨᠥᠬᠥᠷ ᠢ᠋ᠶ᠋ᠡᠨ ᠦᠵᠡᠪᠡ᠃ ᠬᠠᠭᠠᠨ ᠲᠠᠨ ᠤ᠋ ᠳᠡᠷᠭᠡᠳᠡ ᠢᠷᠡᠵᠦ ᠭᠡᠭᠡᠨ ᠳᠦᠷᠢ ᠶ᠋ᠢ ᠴᠢᠨᠢ ᠬᠠᠷᠠᠯ᠎ᠠ᠃ ᠣᠳᠣ ᠪᠢ ᠦᠬᠦᠬᠦ ᠳ᠋ᠦ᠍ ᠬᠠᠷᠠᠮᠰᠠᠬᠤ ᠵᠦᠢᠯ ᠦᠭᠡᠢ ᠪᠣᠯᠪᠠ᠃ ᠠᠮᠢᠳᠤ ᠶᠠᠪᠤᠬᠤ ᠴᠥᠭᠡᠨ ᠬᠡᠳᠦᠨ ᠬᠣᠨᠣᠭ ᠢ᠋ ᠮᠢᠨᠢ ᠬᠠᠭᠠᠨ ᠡᠵᠡᠨ ᠲᠠ ᠠᠪᠤᠭᠲᠤᠨ᠃ ᠪᠢ ᠣᠳᠣ ᠠᠮᠢᠳᠤᠷᠠᠵᠤ ᠬᠠᠨᠪᠠ ᠭᠡᠰᠡᠨ ᠨᠢ ᠵᠠᠯᠮ᠎ᠠ ᠶ᠋ᠢᠨ ᠰᠡᠭᠦᠯᠴᠢ ᠶ᠋ᠢᠨ ᠦᠭᠡ ᠪᠠᠢᠵᠠᠢ᠃ ᠲᠡᠭᠦᠨ ᠦ᠌ ᠡᠨᠡ ᠦᠭᠡᠨ ᠳ᠋ᠦ᠍ ᠰᠡᠳᠬᠢᠯ ᠬᠥᠳᠡᠯᠦᠭᠰᠡᠨ ᠲᠡᠳᠡ ᠤᠳᠠᠲᠠᠯ᠎ᠠ ᠳᠠᠭᠤ ᠦᠭᠡᠢ ᠰᠠᠭᠤᠪᠠ᠃ ᠵᠡᠯᠮ᠎ᠡ ᠶ᠋ᠢ ᠭᠡᠨᠡᠳᠲᠡ ᠠᠮᠢᠰᠬᠤᠭ᠎ᠠ ᠦᠭᠡᠢ ᠪᠣᠯᠤᠭᠰᠠᠨ ᠢ᠋ ᠪᠤᠭᠤᠷᠴᠢ ᠲᠦᠷᠦᠭᠦᠯᠡᠨ ᠮᠡᠳᠡᠪᠡ᠃ ᠵᠡᠯᠮ᠎ᠡ ᠨᠢᠭᠡᠨᠲᠡ ᠠᠮᠢᠰᠬᠤᠯ ᠬᠤᠷᠢᠶᠠᠵᠠᠢ᠃ ᠭᠤᠷᠪᠠᠨ ᠨᠠᠰᠤᠲᠠᠢ ᠵᠠᠯᠮ᠎ᠠ ᠬᠥᠪᠡᠭᠦᠨ ᠢ᠋ᠶ᠋ᠡᠨ ᠵᠠᠷᠴᠢᠭᠤᠳᠠᠢ ᠳᠠᠷᠬᠠᠨ ᠲᠡᠮᠦᠵᠢᠨ ᠢ᠋ ᠲᠥᠷᠥᠬᠦ ᠳ᠋ᠦ᠍ ᠪᠣᠭᠣᠯ ᠪᠣᠯᠭᠠᠨ ᠪᠡᠯᠡᠭᠯᠡᠭᠰᠡᠨ ᠡᠴᠡ ᠬᠣᠢᠰᠢ ᠲᠡᠳᠡ ᠬᠠᠭᠠᠴᠠᠭᠰᠠᠨ ᠦᠭᠡᠢ ᠪᠢᠯᠡ᠃ ᠵᠡᠯᠮ᠎ᠡ ᠢᠩᠭᠢᠵᠦ ᠵᠢᠷᠠᠨ ᠨᠠᠢ᠍ᠮᠠᠨ ᠨᠠᠰᠤᠯᠠᠪᠠ᠃ ᠲᠡᠮᠦᠵᠢᠨ ᠡᠵᠡᠨ ᠳ᠋ᠡᠭᠡᠨ ᠭᠬᠢᠷ ᠦᠭᠡᠢ ᠦᠨᠡᠨᠴᠢ ᠰᠡᠳᠬᠢᠯ ᠢ᠋ᠶ᠋ᠡᠷ ᠵᠢᠳᠬᠦᠭᠡᠳ ᠥᠨᠥᠳᠥᠷ ᠳᠡᠷᠭᠡᠳᠡ ᠨᠢ ᠢᠷᠡᠵᠦ ᠦᠬᠦᠪᠡ᠃
| ᠬᠡᠯᠡ ᠪᠡᠨ ᠵᠠᠯᠭᠢᠵᠤ ᠦᠬᠦᠵᠡᠢ ᠭᠡᠵᠦ ᠪᠤᠭᠤᠷᠴᠢ ᠶ᠋ᠢ ᠰᠢᠪᠡᠨᠡᠬᠦ ᠳ᠋ᠦ᠍ ᠪᠦᠭᠦᠳᠡ ᠲᠡᠭᠦᠨ ᠦ᠌ ᠳᠡᠷᠭᠡᠳᠡ ᠰᠥᠬᠥᠷᠡᠨ ᠰᠠᠭᠤᠵᠠᠢ᠃ ᠴᠢᠩᠭᠢᠰ ᠬᠠᠭᠠᠨ ᠤ᠋ ᠬᠠᠷᠠᠮᠰᠠᠯ ᠭᠡᠮᠰᠢᠯ ᠬᠡᠴᠢᠨᠡᠨ ᠶᠡᠬᠡ ᠪᠠᠢᠭ᠎ᠠ ᠶ᠋ᠢ ᠲᠡᠭᠦᠨ ᠦ᠌ ᠰᠤᠯᠠ ᠠᠰᠬᠠᠷᠠᠬᠤ ᠨᠢᠯᠪᠤᠰᠤ ᠢᠯᠡᠴᠢᠯᠡᠵᠦ ᠪᠠᠢᠪᠠ᠃
| ᠤᠷᠢᠶᠠᠩᠬᠠᠢ ᠶ᠋ᠢᠨ ᠰᠠᠢᠨ ᠵᠡᠯᠮ᠎ᠡ ᠴᠢ ᠡᠯᠢᠭᠡ ᠶ᠋ᠢ ᠮᠢᠨᠢ ᠡᠮᠲᠡᠯᠵᠦ ᠶᠠᠭᠠᠬᠢᠭᠠᠳ ᠦᠬᠦᠪᠡ? ᠴᠢ ᠦᠬᠦᠯ ᠢ᠋ ᠥᠪᠡᠷ ᠦ᠋ᠨ ᠳᠡᠷᠭᠡᠳᠡ ᠳᠠᠭᠤᠳᠠᠨ ᠢᠷᠡᠭᠦᠯᠦᠭᠴᠢ ᠰᠢᠳᠢᠲᠡᠨ ᠪᠠᠢᠭᠰᠠᠨ ᠢ᠋ ᠪᠢ ᠮᠡᠳᠡᠭᠰᠡᠨ ᠦᠭᠡᠢ ᠶᠠᠪᠤᠵᠠᠢ᠃ ᠬᠡᠨ ᠴᠢᠮ᠎ᠠ ᠰᠢᠭ᠋ ᠢᠩᠭᠢᠵᠦ ᠴᠢᠳᠠᠨ᠎ᠠ᠃ ᠴᠢ ᠵᠠᠯᠠᠭᠤ ᠨᠠᠰᠤ ᠪᠠᠨ ᠳᠤᠷᠠᠰᠴᠤ ᠭᠠᠭᠴᠠ ᠰᠥᠨᠢ ᠬᠠᠭᠤᠴᠢᠯᠠᠵᠤ ᠰᠠᠭᠤᠬᠤ ᠦᠭᠡᠢ ᠶᠠᠭᠤᠨ ᠳ᠋ᠤ᠌ ᠢᠩᠭᠢᠵᠦ ᠶᠠᠭᠠᠷᠠᠨ ᠣᠳᠪᠠ? ᠴᠢ ᠠᠮᠠᠯᠠᠭᠰᠠᠨ ᠳ᠋ᠠᠭᠠᠨ ᠬᠦᠷᠦᠯ ᠦᠭᠡᠢ ᠶᠠᠭᠤᠨ ᠳ᠋ᠤ᠌ ᠨᠠᠮᠠᠶ᠋ᠢ ᠣᠷᠬᠢᠪᠠ? ᠴᠢ ᠮᠢᠨᠦ ᠬᠣᠢᠨ᠎ᠠ ᠦᠬᠦᠬᠦ ᠶᠣᠰᠣᠲᠠᠢ ᠪᠢᠰᠢ ᠤᠤ? ᠴᠢ ᠶᠠᠭᠠᠬᠢᠵᠤ ᠦᠬᠦᠬᠦ ᠶ᠋ᠢ ᠨᠠᠳᠠᠳᠤ ᠵᠢᠭᠠᠯ ᠦᠭᠡᠢ ᠶᠠᠭᠤᠨ ᠳ᠋ᠤ᠌ ᠦᠬᠦᠪᠡ? ᠴᠢ ᠦᠬᠦᠯ ᠡᠴᠡ ᠠᠶᠤᠯ ᠦᠭᠡᠢ ᠲᠡᠭᠦᠨ ᠢ᠋ ᠥᠪᠡᠷ ᠦ᠋ᠨ ᠡᠷᠬᠡᠨ ᠳ᠋ᠦ᠍ ᠣᠷᠣᠭᠤᠯᠵᠤ ᠴᠢᠳᠠᠳᠠᠭ ᠪᠠᠢᠵᠠᠢ᠃ ᠲᠠ ᠨᠠᠷ ᠬᠠᠷᠢᠵᠠᠭ᠎ᠠ᠃ ᠡᠨᠡ ᠬᠥᠮᠦᠨ ᠮᠢᠨᠦ ᠶᠡᠬᠡ ᠤᠯᠤᠰ ᠢ᠋ ᠪᠠᠢᠭᠤᠯᠤᠭᠠᠳ ᠠᠮᠢ ᠪᠠᠨ ᠡᠷᠭᠦᠪᠡ᠃ ᠡᠭᠦᠨ ᠢ᠋ ᠪᠤᠤ ᠮᠠᠷᠲᠠ᠃ ᠲᠠ ᠨᠠᠷ ᠤ᠋ᠨ ᠡᠮᠦᠨ᠎ᠡ᠂ ᠤᠷᠢᠶᠠᠩᠬᠠᠢ ᠶ᠋ᠢᠨ ᠵᠠᠷᠴᠢᠭᠤᠳᠠᠢ ᠶ᠋ᠢᠨ ᠬᠥᠪᠡᠭᠦᠨ ᠵᠠᠯᠮ᠎ᠠ ᠬᠡᠪᠲᠡᠵᠦ ᠪᠠᠢᠨ᠎ᠠ᠃ ᠪᠦᠬᠦ ᠴᠡᠷᠢᠭ ᠢ᠋ ᠵᠢᠭᠰᠠᠭᠠᠭᠲᠤᠨ᠃ ᠪᠢ ᠵᠠᠯᠮ᠎ᠠ ᠶ᠋ᠢᠨ ᠦᠬᠦᠯ ᠢ᠋ ᠥᠪᠡᠷ ᠦ᠋ᠨ ᠪᠡᠶ᠎ᠡ ᠪᠡᠷ ᠵᠠᠷᠯᠠᠨ᠎ᠠ ᠭᠡᠵᠦ ᠴᠢᠩᠭᠢᠰ ᠬᠠᠭᠠᠨ ᠬᠠᠰᠬᠢᠷᠤᠭᠠᠳ ᠪᠠᠬᠠᠷᠳᠠᠨ ᠤᠨᠠᠵᠠᠢ᠃ ᠵᠠᠯᠮ᠎ᠠ ᠶ᠋ᠢᠨ ᠦᠬᠦᠯ ᠭᠠᠭᠴᠠ ᠴᠢᠩᠭᠢᠰ ᠬᠠᠭᠠᠨ ᠪᠢᠰᠢ ᠪᠦᠭᠦᠳᠡ ᠶ᠋ᠢ ᠶᠡᠬᠡᠳᠡ ᠰᠣᠴᠢᠭᠠᠵᠠᠢ᠃ ᠵᠠᠯᠮ᠎ᠠ ᠶ᠋ᠢ ᠶᠠᠭ ᠦᠬᠦᠭᠰᠡᠨ ᠭᠠᠵᠠᠷ ᠲᠤᠨᠢ ᠭᠡᠷ ᠲᠡᠢ ᠨᠢ ᠣᠩᠭᠣᠯᠠᠬᠤ ᠵᠠᠷᠯᠢᠭ ᠢ᠋ ᠴᠢᠩᠭᠢᠰ ᠬᠠᠭᠠᠨ ᠪᠠᠭᠤᠯᠭᠠᠵᠤ ᠶᠣᠰᠣᠭᠠᠷ ᠪᠣᠯᠭᠠᠪᠠ᠃
ᠵᠠᠯᠮ᠎ᠠ ᠶ᠋ᠢᠨ ᠦᠬᠦᠯ ᠳ᠋ᠦ᠍ ᠴᠣᠴᠢᠷᠳᠠᠭᠰᠠᠨ ᠴᠢᠩᠭᠢᠰ ᠬᠠᠭᠠᠨ ᠤ᠋ ᠪᠡᠶ᠎ᠡ ᠳᠠᠬᠢᠨ ᠴᠢᠯᠡᠭᠡᠷᠬᠡᠵᠦ ᠬᠡᠪᠲᠡᠷᠢ ᠳ᠋ᠦ᠍ ᠣᠷᠣᠭᠰᠠᠨ ᠨᠢ ᠪᠦᠭᠦᠳᠡ ᠶ᠋ᠢ ᠲᠥᠭᠰᠢᠭᠡᠪᠡ᠃ ᠭᠡᠪᠡᠴᠦ ᠴᠢᠩᠭᠢᠰ ᠬᠠᠭᠠᠨ ᠤ᠋ ᠪᠡᠶ᠎ᠡ ᠴᠢᠯᠡᠭᠡᠷᠬᠡᠭᠰᠡᠨ ᠢ᠋ ᠨᠢᠭᠤᠴᠠᠯᠠᠵᠤ ᠪᠠᠢᠪᠠ᠃ ᠵᠠᠯᠮ᠎ᠠ ᠶ᠋ᠢᠨ ᠦᠬᠦᠯ ᠴᠢᠩᠭᠢᠰ ᠬᠠᠭᠠᠨ ᠤ᠋ ᠦᠬᠦᠯ ᠦ᠋ᠨ ᠬᠣᠶᠠᠳᠠᠬᠢ ᠳᠣᠬᠢᠶ᠎ᠠ ᠪᠠᠢᠭᠰᠠᠨ ᠢ᠋ ᠲᠡᠷᠡ ᠣᠢᠯᠠᠭᠠᠵᠠᠢ᠃ ᠮᠣᠷᠢᠨ ᠠ᠋ᠴᠠ ᠤᠨᠠᠵᠤ ᠪᠡᠷᠲᠡᠭᠰᠡᠨ ᠨᠢ ᠡᠷᠭᠢᠨ ᠢᠯᠡᠷᠢᠰᠢᠬᠦ ᠶᠠᠩᠵᠤ ᠲᠠᠢ ᠪᠠᠢᠭᠰᠠᠨ ᠴᠤ᠌ ᠵᠠᠯᠮ᠎ᠠ ᠶ᠋ᠢᠨ ᠡᠨᠡ ᠭᠡᠨᠡᠳᠲᠡ ᠶ᠋ᠢᠨ ᠦᠬᠦᠯ ᠰᠡᠳᠬᠢᠯ ᠰᠠᠨᠠᠭᠠᠨ ᠤ᠋ ᠲᠡᠩᠴᠡᠭᠦᠷᠢ ᠶ᠋ᠢ ᠠᠯᠳᠠᠭᠳᠠᠭᠤᠯᠵᠠᠢ᠃ ᠴᠢᠩᠭᠢᠰ ᠬᠠᠭᠠᠨ ᠣᠳᠣ ᠥᠪᠡᠷ ᠦ᠋ᠨ ᠦᠬᠦᠯ ᠢ᠋ ᠬᠦᠯᠢᠶᠡᠵᠦ ᠪᠠᠢᠪᠠ᠃ ᠵᠡᠯᠮ᠎ᠡ ᠶ᠋ᠢᠨ ᠡᠨᠡ ᠰᠠᠢᠨ ᠳᠤᠷ᠎ᠠ ᠶ᠋ᠢᠨ ᠵᠣᠷᠢᠮᠠᠭ ᠦᠬᠦᠯ ᠴᠢᠩᠭᠢᠰ ᠬᠠᠭᠠᠨ ᠤ᠋ ᠦᠵᠡᠯ ᠪᠣᠳᠣᠯ ᠢ᠋ ᠭᠦᠨᠵᠡᠭᠡᠢ ᠶᠡᠬᠡ ᠪᠡᠷ ᠥᠭᠡᠷᠡᠴᠢᠯᠡᠵᠡᠢ᠃ ᠦᠬᠦᠬᠦ ᠳ᠋ᠦ᠍ ᠪᠠᠰᠠ ᠤᠴᠢᠷ ᠪᠠᠢᠵᠠᠢ᠃ ᠡᠭᠦᠨ ᠢ᠋ ᠴᠢᠩᠭᠢᠰ ᠬᠠᠭᠠᠨ ᠪᠣᠳᠣᠭᠰᠠᠨ ᠦᠭᠡᠢ ᠠᠵᠢ᠃ ᠣᠳᠣ ᠴᠢᠩᠭᠢᠰ ᠬᠠᠭᠠᠨ ᠬᠡᠷᠬᠢᠨ ᠦᠬᠦᠬᠦ ᠲᠤᠬᠠᠢ ᠪᠣᠳᠣᠬᠤ ᠪᠣᠯᠪᠠ᠃ ᠵᠠᠮᠤᠬ᠎ᠠ ᠶᠠᠭᠠᠬᠢᠬᠤ ᠭᠡᠵᠦ ᠬᠡᠷᠴᠡᠭᠡᠢ ᠲᠣᠭᠰᠢᠨ ᠢ᠋ᠶ᠋ᠠᠷ ᠴᠠᠭᠠᠵᠠᠯᠠᠬᠤ ᠶ᠋ᠢ ᠱᠠᠭᠠᠷᠳᠠᠵᠤ ᠪᠠᠢᠭᠰᠠᠨ ᠤᠴᠢᠷ ᠢ᠋ ᠣᠢᠯᠠᠭᠠᠪᠠ᠃ ᠵᠠᠯᠮ᠎ᠠ ᠰᠢᠭ ᠬᠡᠯᠡ ᠪᠡᠨ ᠵᠠᠯᠭᠢᠵᠤ ᠦᠬᠦᠬᠦ ᠳ᠋ᠦ᠍ ᠵᠢᠷᠦᠬᠡ ᠵᠣᠷᠢᠭ᠂ ᠲᠡᠪᠴᠢᠶᠡᠷᠢ ᠡᠴᠡ ᠭᠠᠳᠠᠨ᠎ᠠ ᠣᠯᠠᠨ ᠵᠢᠯ ᠦ᠋ᠨ ᠳᠠᠰᠬᠠᠯ ᠰᠤᠷᠭᠠᠭᠤᠯᠢ ᠬᠡᠷᠡᠭᠲᠡᠢ ᠶ᠋ᠢ ᠣᠢᠯᠠᠭᠠᠪᠠ᠃ ᠣᠯᠠᠨ ᠵᠢᠯ ᠬᠡᠪᠲᠡᠷᠢ ᠳ᠋ᠦ᠍ ᠪᠠᠢᠬᠤ ᠳ᠋ᠠᠭᠠᠨ ᠰᠤᠷᠭᠠᠭᠤᠯᠢᠯᠠᠭᠰᠠᠭᠠᠷ ᠵᠠᠯᠮ᠎ᠠ ᠬᠡᠯᠡ ᠪᠡᠨ ᠵᠠᠯᠭᠢᠵᠤ ᠴᠢᠳᠠᠬᠤ ᠪᠣᠯᠤᠭᠰᠠᠨ ᠢ᠋ ᠴᠦ᠍ ᠣᠢᠯᠠᠭᠠᠪᠠ᠃ ᠪᠠᠰᠠ ᠵᠠᠮᠤᠬ᠎ᠠ ᠶ᠋ᠢᠨ ᠬᠦᠰᠡᠯ ᠢ᠋ ᠪᠡᠶᠡᠯᠡᠭᠦᠯᠵᠦ ᠬᠡᠯᠡᠭᠰᠡᠨ ᠢ᠋ᠶ᠋ᠡᠷ ᠨᠢ ᠳᠠᠯᠠᠨ ᠠᠭᠲᠠ ᠶ᠋ᠢᠨ ᠰᠡᠭᠦᠯ ᠡᠴᠡ ᠵᠡᠭᠦᠵᠦ ᠠᠯᠠᠭ᠎ᠠ ᠦᠭᠡᠢ ᠳ᠋ᠡᠭᠡᠨ ᠴᠦ᠍ ᠬᠠᠷᠠᠮᠰᠠᠪᠠ᠃ ᠵᠠᠮᠤᠬ᠎ᠠ ᠶ᠋ᠢᠨ ᠦᠬᠦᠬᠦ ᠶ᠋ᠢᠨ ᠡᠮᠦᠨ᠎ᠡ ᠬᠡᠯᠡᠭᠰᠡᠨ ᠦᠭᠡ ᠰᠠᠨᠠᠭᠳᠠᠵᠠᠢ᠃ 《ᠬᠦᠰᠡᠭᠰᠡᠨ ᠢ᠋ᠶ᠋ᠡᠷ ᠢ᠋ᠶ᠋ᠡᠨ ᠦᠬᠦᠵᠦ ᠪᠣᠯᠬᠤ ᠦᠭᠡᠢ ᠲᠡᠢᠮᠦ ᠴᠠᠭ ᠴᠢᠮᠠᠲᠤ ᠴᠤ᠌ ᠢᠷᠡᠨ᠎ᠡ᠃ ᠲᠡᠷᠡ ᠴᠠᠭ ᠲᠤ᠌ ᠨᠠᠮᠠᠶ᠋ᠢ ᠣᠢᠯᠠᠭᠠᠬᠤ ᠪᠣᠯᠤᠨ᠎ᠠ 》ᠭᠡᠵᠦ ᠵᠠᠮᠤᠬ᠎ᠠ ᠬᠡᠯᠡᠭᠰᠡᠨ ᠪᠢᠯᠡ᠃ ᠴᠢᠩᠭᠢᠰ ᠬᠠᠭᠠᠨ ᠳ᠋ᠤ᠌ ᠶᠠᠭ ᠵᠡᠯᠮ᠎ᠡ ᠶ᠋ᠢᠨ ᠠᠳᠠᠯᠢ ᠥᠪᠡᠷ ᠦ᠋ᠨ ᠳᠤᠷ᠎ᠠ ᠪᠠᠷ ᠰᠢᠢᠳᠦᠭᠰᠡᠨ ᠦᠶ᠎ᠡ ᠳ᠋ᠡᠭᠡᠨ ᠦᠬᠦᠬᠦ ᠬᠢᠵᠠᠭᠠᠷ ᠦᠭᠡᠢ ᠶᠡᠬᠡ ᠬᠦᠰᠡᠯ ᠲᠥᠷᠥᠵᠦ ᠪᠠᠢᠪᠠ᠃ ᠭᠡᠰᠡᠨ ᠴᠦ᠍ ᠪᠠᠰᠠ ᠦᠬᠦᠬᠦ ᠦᠭᠡᠢ ᠮᠥᠩᠬᠡ ᠠᠮᠢᠳᠤᠷᠠᠬᠤ ᠬᠦᠰᠡᠯ ᠢ᠋ ᠲᠡᠭᠦᠨ ᠦ᠌ ᠶᠡᠬᠡ ᠰᠦᠷ᠂ ᠨᠡᠷ᠎ᠡ ᠲᠥᠷᠥ ᠣᠷᠭᠢᠯᠤᠭᠤᠯᠬᠤ ᠲᠤᠯᠠ ᠲᠡᠷᠡ ᠪᠡᠷ ᠦᠬᠦᠯ᠂ ᠮᠥᠩᠬᠡ ᠠᠮᠢᠳᠤᠷᠠᠬᠤ ᠬᠦᠰᠡᠯ ᠬᠣᠶᠠᠷ ᠤ᠋ᠨ ᠳᠤᠮᠳᠠ ᠰᠡᠳᠬᠢᠯ ᠬᠣᠶᠠᠳᠠᠬᠰᠠᠭᠠᠷ ᠪᠠᠢᠯ᠎ᠠ᠃ ᠲᠡᠭᠷᠢ ᠡᠴᠡ ᠢᠷᠡᠭᠦᠯᠵᠦ ᠪᠣᠢ ᠦᠬᠦᠯ ᠦ᠋ᠨ ᠳᠣᠬᠢᠶ᠎ᠠ ᠳᠡᠩᠳᠡᠭᠦᠦ ᠲᠣᠳᠣ ᠣᠢᠯᠠᠭᠠᠮᠵᠢᠲᠠᠢ ᠪᠠᠢᠭ᠎ᠠ ᠨᠢ ᠲᠡᠭᠦᠨ ᠢ᠋ ᠦᠬᠦᠯ ᠳ᠋ᠡᠭᠡᠨ ᠪᠡᠯᠡᠳᠬᠡᠬᠦ ᠶ᠋ᠢ ᠥᠪᠡᠷ ᠦ᠋ᠨ ᠡᠷᠬᠡ ᠦᠭᠡᠢ ᠱᠠᠭᠠᠷᠳᠠᠭᠰᠠᠭᠠᠷ ᠪᠠᠢᠪᠠ᠃ ᠬᠠᠷᠢᠨ ᠨᠢᠭᠡᠨ ᠵᠦᠢᠯ ᠦ᠋ᠨ ᠤᠴᠢᠷ ᠢ᠋ ᠲᠣᠳᠣ ᠣᠢᠯᠠᠭᠠᠵᠤ ᠠᠪᠴᠠᠢ᠃ ᠵᠡᠯᠮ᠎ᠡ ᠵᠢᠳᠬᠦᠨ ᠢᠷᠡᠵᠦ ᠳᠡᠷᠭᠡᠳᠡ ᠦᠬᠦᠭᠰᠡᠨ ᠨᠢ ᠥᠪᠡᠷ ᠲᠡᠭᠡᠨ ᠦᠯᠡᠳᠡᠭᠰᠡᠨ ᠴᠥᠭᠡᠨ ᠪᠣᠯᠪᠠᠴᠤ ᠬᠣᠨᠣᠭ ᠬᠤᠭᠤᠴᠠᠭ᠎ᠠ ᠪᠠᠨ ᠲᠡᠭᠦᠨ ᠳ᠋ᠦ᠍ ᠦᠯᠡᠳᠡᠭᠡᠭᠰᠨ ᠢ᠋ ᠮᠡᠳᠡᠵᠡᠢ᠃ ᠬᠡᠷᠪᠡ ᠵᠡᠯᠮ᠎ᠡ ᠢᠷᠡᠵᠦ ᠲᠡᠭᠦᠨ ᠦ᠌ ᠣᠷᠣᠨ ᠳ᠋ᠤ᠌ ᠠᠮᠢ ᠪᠠᠨ ᠡᠷᠭᠦᠭᠡ ᠦᠭᠡᠢ ᠪᠣᠯ ᠲᠡᠷᠡ ᠦᠳᠡᠰᠢ ᠴᠢᠩᠭᠢᠰ ᠬᠠᠭᠠᠨ ᠢ᠋ ᠦᠬᠦᠯ ᠠᠪᠴᠤ ᠣᠳᠬᠤ ᠪᠠᠢᠵᠠᠢ᠃ ᠡᠢᠮᠦ ᠤᠴᠢᠷ ᠢ᠋ ᠮᠡᠳᠡᠭᠰᠡᠨ ᠨᠢ ᠴᠢᠩᠭᠢᠰ ᠬᠠᠭᠠᠨ ᠢ᠋ ᠶᠠᠭᠠᠷᠠᠬᠤ ᠳ᠋ᠤ᠌ ᠬᠦᠷᠭᠡᠪᠡ᠃ ᠵᠠᠯᠮ᠎ᠠ ᠤᠨᠠᠭᠠᠨ ᠪᠣᠭᠣᠯ ᠤ᠋ᠨ ᠲᠠᠩᠭᠠᠷᠢᠭ ᠶᠣᠰᠣᠭᠠᠷ ᠡᠵᠡᠨ ᠲᠡᠮᠦᠵᠢᠨ ᠦ᠌ ᠪᠡᠨ ᠲᠥᠯᠥᠭᠡ ᠦᠯᠡᠳᠡᠭᠰᠡᠨ ᠠᠮᠢᠳᠤᠷᠠᠯ ᠤ᠋ᠨ ᠢ᠋ᠶ᠋ᠠᠨ ᠴᠥᠭᠡᠨ ᠬᠣᠨᠣᠭ ᠢ᠋ᠶ᠋ᠠᠨ ᠵᠣᠷᠢᠭᠤᠯᠵᠠᠢ᠃ ᠨᠥᠬᠥᠳ ᠨᠢ ᠲᠡᠭᠦᠨ ᠢ᠋ ᠦᠬᠦᠭᠦᠯᠬᠦ ᠶ᠋ᠢ ᠬᠦᠰᠡᠬᠦ ᠦᠭᠡᠢ ᠪᠠᠢᠭ᠎ᠠ ᠳ᠋ᠤ᠌ ᠴᠢᠩᠭᠢᠰ ᠬᠠᠭᠠᠨ ᠲᠤᠢᠯ ᠤ᠋ᠨ ᠶᠡᠬᠡ ᠪᠡᠷ ᠤᠶᠠᠷᠠᠨ ᠳᠣᠭᠳᠣᠯᠵᠤ ᠪᠠᠢᠪᠠ᠃ ᠭᠡᠪᠡᠴᠦ ᠲᠡᠭᠦᠨ ᠳ᠋ᠦ᠍ ᠦᠬᠦᠯ ᠢ᠋ ᠢᠯᠠᠬᠤ ᠬᠦᠰᠡᠯ ᠣᠷᠭᠢᠯᠤᠭᠰᠠᠨ ᠬᠡᠪ ᠢ᠋ᠶ᠋ᠡᠷ ᠠᠵᠢ᠃ ᠥᠨᠥ ᠶ᠋ᠢ ᠬᠦᠷᠲᠡᠯ᠎ᠡ ᠵᠦᠳᠡᠷᠡᠵᠦ ᠪᠠᠢᠭᠤᠯᠤᠭᠰᠠᠨ ᠬᠦᠴᠦᠷᠬᠡᠭ ᠤᠯᠤᠰ᠂ ᠶᠡᠬᠡ ᠡᠷᠬᠡ ᠮᠠᠲᠠᠯ ᠨᠢ ᠦᠬᠦᠯ ᠢ᠋ ᠴᠦ᠍ ᠪᠣᠯᠪᠠ ᠳᠡᠢᠯᠬᠦ ᠬᠦᠰᠡᠯ ᠢ᠋ ᠣᠷᠭᠢᠯᠤᠭᠤᠯᠵᠤ ᠲᠡᠷᠡ ᠦᠬᠦᠬᠦ ᠦᠭᠡᠢ ᠶᠦᠮ ᠰᠢᠭ ᠰᠠᠨᠠᠬᠤ ᠳ᠋ᠤ᠌ ᠬᠦᠷᠭᠡᠵᠡᠢ᠃ ᠴᠢᠩᠭᠢᠰ ᠬᠠᠭᠠᠨ ᠪᠣᠯᠤᠭᠠᠳ ᠲᠡᠭᠦᠨ ᠦ᠌ ᠰᠢᠳᠠᠷ ᠤ᠋ᠳ ᠮᠥᠩᠬᠡ ᠠᠮᠢᠳᠤᠷᠠᠬᠤ ᠠᠷᠭ᠎ᠠ ᠵᠠᠮ ᠢ᠋ ᠣᠢᠭ᠎ᠠ ᠦᠭᠡᠢ ᠡᠷᠢᠨ ᠰᠦᠪᠡᠭᠴᠢᠯᠡᠵᠦ ᠪᠠᠢᠯ᠎ᠠ᠃ ᠲᠡᠢᠮᠦ ᠴᠦ᠍ ᠤᠴᠢᠷ ᠠ᠋ᠴᠠ ᠫᠧᠷᠰ᠂ ᠣᠷᠣᠰ᠂ ᠬᠢᠲᠠᠳ ᠭᠠᠵᠠᠷ ᠤ᠋ᠨ ᠨᠡᠷᠡᠲᠡᠢ ᠵᠡᠷᠲᠡᠢ ᠡᠮᠴᠢ ᠳᠣᠮᠴᠢ᠂ ᠲᠥᠯᠭᠡᠴᠢᠳ ᠢ᠋ ᠴᠤᠭᠯᠠᠭᠤᠯᠤᠨ ᠠᠪᠴᠢᠷᠠᠪᠠ᠃ ᠲᠠᠩᠭᠤᠳ ᠤ᠋ᠨ ᠨᠡᠢᠰᠯᠡᠯ ᠵᠢᠩ ᠰᠢᠩ ᠹᠦ ᠪᠠᠯᠭᠠᠰᠤ ᠶ᠋ᠢ ᠪᠦᠰᠡᠯᠡᠵᠦ ᠰᠠᠭᠤᠬᠤ ᠠᠬᠤᠢ ᠳ᠋ᠤ᠌ ᠴᠢᠩᠭᠢᠰ ᠬᠠᠭᠠᠨ ᠤ᠋ ᠦᠷᠭᠦᠭᠡᠨ ᠦ᠌ ᠳᠡᠷᠭᠡᠳᠡ ᠭᠠᠵᠠᠷ ᠭᠠᠵᠠᠷ ᠤ᠋ᠨ ᠵᠠᠭᠤ ᠭᠠᠷᠤᠢ ᠣᠲᠠᠴᠢ ᠮᠡᠷᠭᠡᠳ᠂ ᠷᠢᠳᠢ ᠰᠢᠳᠢᠲᠡᠨ ᠨᠦ᠍ᠭᠦᠳ ᠴᠤᠭᠯᠠᠷᠠᠭᠠᠳ ᠪᠠᠢᠪᠠ᠃ ᠲᠡᠳᠡᠨ ᠦ᠌ ᠬᠡᠨ ᠨᠢ ᠴᠦ᠍ ᠮᠥᠩᠬᠡ ᠨᠠᠰᠤ ᠶ᠋ᠢ ᠠᠮᠠᠯᠠᠵᠤ ᠴᠢᠳᠠᠬᠤ ᠦᠭᠡᠢ ᠪᠠᠢᠯ᠎ᠠ᠃
ᠲᠠᠩᠭᠤᠳ ᠤ᠋ᠨ ᠪᠠᠷᠤᠭ ᠪᠦᠬᠦ ᠬᠣᠲᠠ ᠪᠠᠯᠭᠠᠰᠤ ᠡᠵᠡᠯᠡᠭᠳᠡᠨ ᠭᠠᠭᠴᠠ ᠵᠢᠩ ᠰᠢᠩ ᠹᠦ ᠯᠡ ᠦᠯᠡᠳᠡᠵᠡᠢ᠃ ᠲᠠᠩᠭᠤᠳ ᠤ᠋ᠨ ᠨᠤᠲᠤᠭ ᠲᠤ᠌ ᠮᠣᠩᠭᠣᠯ ᠤ᠋ᠨ ᠴᠡᠷᠢᠭ ᠪᠠᠭᠲᠠᠬᠤ ᠰᠢᠩᠭᠡᠬᠦ ᠭᠠᠵᠠᠷ ᠦᠭᠡᠢ ᠪᠣᠯᠤᠭᠰᠠᠨ ᠲᠤᠯᠠ ᠴᠢᠩᠭᠢᠰ ᠬᠠᠭᠠᠨ ᠳᠠᠷᠠᠭ᠎ᠠ ᠶ᠋ᠢᠨ ᠲᠥᠯᠥᠪᠯᠡᠭᠰᠡᠨ ᠢ᠋ᠶ᠋ᠡᠨ ᠭᠦᠢᠴᠡᠯᠳᠦᠭᠦᠯᠵᠦ ᠡᠬᠢᠯᠡᠪᠡ᠃ ᠥᠭᠡᠳᠡᠢ ᠶ᠋ᠢᠨ ᠴᠡᠷᠢᠭ᠂ ᠮᠤᠬᠤᠯᠠᠢ ᠶ᠋ᠢᠨ ᠴᠡᠷᠢᠭ ᠲᠡᠢ ᠬᠦᠴᠦ ᠬᠠᠪᠰᠤᠷᠤᠨ ᠠᠯᠲᠠᠨ ᠤᠯᠤᠰ ᠤ᠋ᠨ ᠵᠢᠢ ᠱᠢ ᠵᠧᠦ᠂ ᠯᠢᠨ ᠲᠠ ᠹᠦ᠂ ᠲᠠᠵᠸᠤ᠂ ᠾᠸᠵᠸᠤ᠂ ᠰᠢᠨᠢᠩ᠂ ᠳᠧ ᠱᠦᠨ ᠬᠣᠲᠠ ᠨᠤᠭᠤᠳ ᠢ᠋ ᠡᠵᠡᠯᠡᠨ ᠠᠪᠤᠭᠰᠠᠨ ᠳ᠋ᠤ᠌ ᠴᠢᠩᠭᠢᠰ ᠬᠠᠭᠠᠨ ᠬᠥᠳᠡᠯᠵᠦ ᠠᠯᠲᠠᠨ ᠤᠯᠤᠰ ᠤ᠋ᠨ ᠯᠢᠶᠣᠣ ᠨᠠᠨ ᠠᠭᠤᠯᠠᠨ ᠳ᠋ᠤ᠌ ᠭᠠᠷᠴᠤ ᠵᠤᠰᠠᠪᠠ᠃ ᠡᠨᠳᠡ ᠠᠷᠠᠢ ᠰᠡᠷᠢᠭᠦᠨ ᠲᠤᠯᠠ ᠪᠡᠶ᠎ᠡ ᠪᠡᠨ ᠰᠤᠪᠢᠯᠠᠨ ᠲᠡᠩᠬᠡᠷᠡᠭᠦᠯᠬᠦ ᠳ᠋ᠦ᠍ ᠳᠥᠭᠥᠮ ᠠᠵᠢ᠃ ᠴᠢᠩᠭᠢᠰ ᠬᠠᠭᠠᠨ ᠬᠦᠰᠡᠭᠰᠡᠨ ᠳ᠋ᠡᠭᠡᠨ ᠬᠦᠷᠴᠦ ᠯᠢᠶᠣᠣ ᠨᠠᠨ ᠠᠭᠤᠯᠠᠨ ᠳ᠋ᠤ᠌ ᠪᠠᠢᠬᠤ ᠳ᠋ᠤᠨᠢ ᠪᠦᠲᠦᠨ ᠰᠠᠷ᠎ᠠ ᠪᠦᠰᠡᠯᠡᠭᠳᠡᠨ ᠰᠠᠭᠤᠵᠤ ᠬᠠᠮᠤᠭ ᠴᠡᠷᠢᠭ ᠢ᠋ᠶ᠋ᠡᠨ ᠠᠯᠳᠠᠭᠰᠠᠨ ᠲᠠᠩᠭᠤᠳ ᠤ᠋ᠨ ᠪᠤᠤᠷ᠎ᠠ ᠬᠠᠭᠠᠨ ᠬᠥᠪᠡᠭᠦᠨ᠂ ᠬᠠᠲᠤᠳ ᠡᠮᠡᠰ ᠢ᠋ᠶ᠋ᠡᠨ ᠳᠠᠭᠠᠭᠤᠯᠤᠨ ᠬᠣᠲᠠ ᠠ᠋ᠴᠠ ᠪᠠᠨ ᠭᠠᠷᠴᠤ ᠢᠷᠡᠵᠦ ᠪᠠᠭᠤᠨ ᠥᠭᠪᠡ᠃ ᠡᠨᠡ ᠮᠡᠳᠡᠭᠡ ᠶ᠋ᠢ ᠲᠡᠷᠡ ᠳᠠᠷᠤᠢ ᠴᠢᠩᠭᠢᠰ ᠬᠠᠭᠠᠨ ᠳ᠋ᠤ᠌ ᠬᠦᠷᠭᠡᠵᠡᠢ᠃ ᠪᠤᠤᠷ᠎ᠠ ᠬᠠᠭᠠᠨ ᠤ᠋ ᠡᠴᠦᠰ ᠦ᠋ᠨ ᠪᠡᠬᠢᠯᠡᠯᠲᠡ ᠵᠢᠩ ᠰᠢᠩ ᠹᠦ ᠪᠠᠯᠭᠠᠰᠤ ᠶ᠋ᠢ ᠴᠠᠭᠠᠲᠠᠢ ᠪᠦᠰᠡᠯᠡᠵᠦ ᠰᠠᠭᠤᠭᠰᠠᠭᠠᠷ ᠪᠠᠢᠵᠠᠢ᠃《ᠪᠤᠤᠷ᠎ᠠ ᠬᠠᠭᠠᠨ ᠢ᠋ ᠥᠷᠲᠡᠭᠡ ᠭᠠᠵᠠᠷ ᠠ᠋ᠴᠠ ᠶᠠᠪᠠᠭᠠᠨ ᠶᠠᠪᠤᠭᠤᠯᠵᠤ ᠡᠳᠦᠷ ᠦ᠋ᠨ ᠭᠠᠵᠠᠷ ᠠ᠋ᠴᠠ ᠡᠪᠦᠳᠦᠭ ᠢ᠋ᠶ᠋ᠡᠷ ᠮᠥᠯᠬᠥᠭᠦᠯᠵᠦ ᠦᠵᠡᠭᠳᠡᠬᠦ ᠭᠠᠵᠠᠷ ᠠ᠋ᠴᠠ ᠡᠯᠢᠭᠡ ᠪᠡᠷ ᠬᠡᠪᠲᠡᠭᠦᠯᠵᠦ ᠨᠠᠳᠠᠳᠤ ᠪᠠᠷᠠᠯᠬᠠᠭᠤᠯ᠃ ᠲᠡᠷᠡ ᠴᠢᠩᠭᠢᠰ ᠬᠠᠭᠠᠨ ᠨᠠᠮᠠᠶ᠋ᠢ ᠬᠢᠷᠢ ᠤᠳᠠᠭᠠᠨ ᠬᠦᠯᠢᠶᠡᠯᠭᠡᠭᠰᠡᠨ ᠢ᠋ᠶ᠋ᠡᠨ ᠥᠪᠡᠷ ᠦ᠋ᠨ ᠵᠣᠪᠠᠯᠭ᠎ᠠ ᠪᠠᠷ ᠦᠵᠡᠭ 》 ᠭᠡᠰᠡᠨ ᠴᠢᠩᠭᠢᠰ ᠬᠠᠭᠠᠨ ᠤ᠋ ᠵᠠᠷᠯᠢᠭ ᠢ᠋ ᠬᠡᠷᠡᠭᠡ ᠴᠠᠭᠠᠲᠠᠢ ᠳ᠋ᠤ᠌ ᠬᠦᠷᠭᠡᠵᠦ ᠢᠷᠡᠵᠡᠢ᠃ ᠢᠩᠭᠢᠭᠡᠳ ᠤᠯᠤᠰ ᠢ᠋ᠶ᠋ᠠᠨ ᠠᠯᠳᠠᠭᠰᠠᠨ ᠪᠤᠤᠷ᠎ᠠ ᠬᠠᠭᠠᠨ ᠵᠤᠨ ᠤ᠋ ᠠᠭᠠᠭᠢᠮ᠎ᠠ ᠬᠠᠯᠠᠭᠤᠨ ᠳ᠋ᠤ᠌ ᠬᠠᠲᠤᠳ ᠬᠥᠪᠡᠭᠦᠳ ᠢ᠋ᠶ᠋ᠡᠨ ᠳᠠᠭᠠᠭᠤᠯᠤᠨ ᠥᠷᠲᠡᠭᠡ ᠭᠠᠵᠠᠷ ᠠ᠋ᠴᠠ ᠶᠠᠪᠠᠭᠠᠨ ᠠᠯᠬᠤᠵᠤ ᠡᠳᠦᠷ ᠦ᠋ᠨ ᠭᠠᠵᠠᠷ ᠢ᠋ ᠳᠥᠷᠪᠡᠨ ᠬᠥᠯᠯᠡᠨ ᠲᠤᠭᠤᠯᠵᠤ ᠥᠨᠳᠥᠷ ᠪᠠᠯ ᠢ᠋ ᠡᠯᠢᠭᠡᠯᠡᠨ ᠮᠥᠯᠬᠥᠵᠦ ᠪᠠᠷᠠᠭᠠᠳ ᠭᠤᠢᠪᠢᠵᠤ᠂ ᠳᠠᠢᠪᠠᠭᠰᠠᠨ ᠠᠮᠢᠲᠠᠳ ᠭᠤᠷᠪᠠᠨ ᠡᠳᠦᠷ ᠦ᠋ᠨ ᠬᠣᠢᠨ᠎ᠠ ᠠᠷᠠᠢᠬᠠᠨ ᠴᠢᠩᠭᠢᠰ ᠬᠠᠭᠠᠨ ᠤ᠋ ᠬᠦᠷᠢᠶᠡᠨ ᠦ᠌ ᠵᠠᠬ᠎ᠠ ᠳ᠋ᠤ᠌ ᠣᠴᠢᠪᠠ᠃ ᠴᠢᠩᠭᠢᠰ ᠬᠠᠭᠠᠨ ᠲᠡᠭᠦᠨ ᠢ᠋ ᠰᠢᠳᠠᠷ᠂ ᠬᠥᠪᠡᠭᠦᠳ ᠦ᠋ᠨ ᠬᠠᠮᠲᠤ ᠶᠡᠬᠡ ᠦᠷᠭᠦᠭᠡᠨ ᠳ᠋ᠡᠭᠡᠨ ᠬᠦᠨᠳᠦᠳᠬᠡᠯᠲᠡᠢ ᠪᠡᠷ ᠬᠦᠯᠢᠶᠡᠵᠦ ᠪᠠᠢᠪᠠ᠃ ᠡᠮᠦᠰᠦᠭᠰᠡᠨ ᠬᠤᠪᠴᠠᠰᠤ ᠨᠢ ᠤᠷᠠᠭᠳᠠᠵᠤ ᠡᠮᠦᠨ᠎ᠡ ᠪᠡᠶ᠎ᠡ ᠨᠢ ᠨᠢᠴᠦᠭᠦᠷᠡᠭᠰᠡᠨ ᠲᠡᠳᠡᠨ ᠢ᠋ ᠲᠡᠷᠡ ᠴᠠᠭ ᠢ᠋ᠶ᠋ᠠᠷ ᠪᠠᠷᠠᠯᠬᠠᠭᠤᠯᠪᠠ᠃ ᠬᠠᠷᠢᠨ ᠵᠠᠮ ᠳ᠋ᠤ᠌ ᠪᠤᠤᠷ᠎ᠠ ᠬᠠᠭᠠᠨ ᠤ᠋ ᠬᠠᠲᠤᠳ ᠬᠥᠪᠡᠭᠦᠳ ᠥᠬᠢᠳ ᠡᠴᠡ ᠦᠯᠡᠳᠡᠭᠰᠡᠨ ᠬᠣᠴᠣᠷᠤᠭᠰᠠᠨ ᠪᠦᠭᠦᠳᠡ ᠶ᠋ᠢ ᠬᠡᠷᠡᠭᠡ ᠥᠪᠡᠷ ᠦ᠋ᠨ ᠭᠠᠷ ᠢ᠋ᠶ᠋ᠠᠷ ᠴᠠᠪᠴᠢᠨ ᠠᠯᠠᠵᠠᠢ᠃ ᠮᠣᠩᠭᠣᠯ ᠪᠣᠯᠤᠭᠠᠳ ᠲᠠᠩᠭᠤᠳ ᠤᠯᠤᠰ ᠤ᠋ᠨ ᠬᠣᠭᠣᠷᠣᠨᠳᠣ ᠦᠷᠭᠦᠯᠵᠢᠯᠡᠭᠰᠡᠨ ᠬᠣᠷᠢᠨ ᠵᠢᠯ ᠦ᠋ᠨ ᠲᠡᠢᠨ ᠢᠩᠭᠢᠵᠦ ᠲᠠᠩᠭᠤᠳ ᠤᠯᠤᠰ ᠤ᠋ᠨ ᠪᠦᠷᠢᠨ ᠮᠥᠬᠥᠯ ᠢ᠋ᠶ᠋ᠡᠷ ᠳᠠᠭᠤᠰᠬᠤ ᠡᠳᠦᠷ ᠢᠷᠡᠵᠦ ᠪᠤᠤᠷ᠎ᠠ ᠬᠠᠭᠠᠨ ᠶᠡᠬᠡ ᠦᠭᠡ ᠶ᠋ᠢᠨ ᠢ᠋ᠶ᠋ᠡᠨ ᠵᠣᠯᠢᠶᠠᠰᠤ ᠪᠣᠯᠵᠤ ᠶᠠᠪᠠᠭᠠᠨ ᠨᠢᠴᠦᠭᠦᠨ ᠮᠥᠯᠬᠥᠭᠰᠡᠭᠡᠷ ᠴᠢᠩᠭᠢᠰ ᠬᠠᠭᠠᠨ ᠳ᠋ᠤ᠌ ᠮᠥᠷᠭᠥᠪᠡ᠃ ᠪᠤᠤᠷ᠎ᠠ ᠬᠠᠭᠠᠨ ᠳ᠋ᠤ᠌ ᠦᠬᠦᠬᠦ ᠬᠦᠰᠡᠯ ᠪᠠᠢᠭᠰᠠᠨ ᠦᠭᠡᠢ᠃ ᠤᠭ ᠨᠢ ᠮᠣᠩᠭᠣᠯ ᠤ᠋ᠨ ᠴᠡᠷᠢᠭ ᠢ᠋ ᠳᠠᠭᠠᠷᠢᠨ ᠢᠷᠡᠬᠦ ᠳ᠋ᠦ᠍ ᠤᠷᠢᠳ ᠬᠡᠳᠦᠨᠲᠡ ᠠᠷᠭᠠᠯᠠᠭᠰᠠᠨ ᠶᠣᠰᠣᠭᠠᠷ ᠢ᠋ᠶ᠋ᠠᠨ ᠪᠡᠯᠡᠭ ᠰᠡᠯᠲᠡ ᠡᠷᠭᠦᠨ ᠪᠠᠭᠤᠵᠤ ᠥᠭᠭᠦᠭᠰᠡᠨ ᠪᠣᠯ ᠲᠠᠩᠭᠤᠳ ᠤᠯᠤᠰ ᠮᠥᠬᠥᠬᠦ ᠦᠭᠡᠢ ᠪᠠᠰᠠ ᠬᠡᠳᠦᠨ ᠵᠢᠯ ᠪᠣᠯᠬᠤ ᠪᠠᠢᠯ᠎ᠠ᠃ ᠭᠡᠪᠡᠴᠦ ᠪᠤᠤᠷ᠎ᠠ ᠬᠠᠭᠠᠨ ᠬᠥᠭᠡᠷᠦᠦ᠂ ᠨᠡᠷᠡᠯᠬᠡᠦ ᠵᠠᠩ ᠳ᠋ᠠᠭᠠᠨ ᠬᠥᠲᠥᠯᠦᠭᠳᠡᠵᠦ ᠪᠠᠰᠠ ᠴᠡᠷᠢᠭ ᠦ᠋ᠨ ᠲᠣᠭ᠎ᠠ ᠣᠯᠠᠨ ᠳ᠋ᠠᠭᠠᠨ ᠡᠷᠳᠦᠨ ᠰᠢᠳᠠᠷ ᠲᠦᠰᠢᠮᠡᠯ ᠦ᠋ᠨ ᠢ᠋ᠶ᠋ᠡᠨ ᠣᠢᠪᠣᠷᠭᠠᠨ ᠵᠠᠩ ᠳ᠋ᠤ᠌ ᠠᠪᠲᠠᠨ ᠳᠡᠮᠡᠢ ᠡᠰᠡᠷᠭᠦᠴᠡᠭᠰᠡᠨ ᠨᠢ ᠲᠠᠩᠭᠤᠳ ᠤᠯᠤᠰ ᠢ᠋ ᠮᠥᠬᠥᠭᠡᠬᠦ ᠳ᠋ᠦ᠍ ᠬᠦᠷᠭᠡᠵᠦ ᠠᠯᠲᠠᠨ ᠤᠯᠤᠰ ᠭᠣᠣᠯ ᠬᠣᠯᠪᠣᠭᠠᠲᠠᠨ ᠢ᠋ᠶ᠋ᠠᠨ ᠠᠯᠲᠠᠨ ᠪᠠᠷᠠᠭᠤᠨ ᠲᠠᠯ᠎ᠠ ᠨᠢ ᠨᠢᠴᠦᠭᠦᠷᠡᠨ ᠭᠠᠷ ᠮᠤᠬᠤᠷ ᠪᠣᠯᠵᠠᠢ᠃ ᠪᠤᠤᠷ᠎ᠠ ᠬᠠᠭᠠᠨ ᠥᠷᠲᠡᠭᠡ ᠭᠠᠵᠠᠷ ᠠ᠋ᠴᠠ ᠮᠥᠯᠬᠥᠨ ᠢᠷᠡᠵᠦ ᠤᠯᠤᠰ ᠤ᠋ᠨ ᠢ᠋ᠶ᠋ᠠᠨ ᠲᠠᠮᠠᠭ᠎ᠠ ᠶ᠋ᠢ ᠲᠤᠰᠢᠶᠠᠭᠰᠠᠨ ᠨᠢ ᠠᠯᠲᠠᠨ ᠤᠯᠤᠰ ᠲᠤ᠌ ᠮᠥᠬᠥᠯ ᠦ᠋ᠨ ᠳᠣᠬᠢᠶ᠎ᠠ ᠪᠣᠯᠤᠯ᠎ᠠ᠃ ᠪᠤᠤᠷ᠎ᠠ ᠬᠠᠭᠠᠨ ᠠᠯᠲᠠᠨ ᠲᠠᠮᠠᠭ᠎ᠠ ᠪᠠᠨ ᠴᠢᠩᠭᠢᠰ ᠬᠠᠭᠠᠨ ᠳ᠋ᠤ᠌ ᠡᠷᠭᠦᠨ ᠪᠠᠷᠢᠪᠠ᠃ ᠲᠠᠩᠭᠤᠳ ᠤᠯᠤᠰ ᠤ᠋ᠨ ᠲᠥᠷᠥ ᠶ᠋ᠢᠨ ᠲᠠᠮᠠᠭ᠎ᠠ ᠶ᠋ᠢ ᠲᠤᠯᠤᠢ ᠬᠣᠷᠢᠶᠠᠨ ᠠᠪᠴᠠᠢ᠃
| ᠲᠠᠩᠭᠤᠳ ᠤᠯᠤᠰ ᠤ᠋ᠨ ᠪᠤᠤᠷ᠎ᠠ ᠬᠠᠭᠠᠨ ᠪᠢ ᠬᠠᠭᠠᠳ ᠤ᠋ᠨ ᠬᠠᠭᠠᠨ ᠶᠡᠬᠡ ᠴᠢᠩᠭᠢᠰ ᠬᠠᠭᠠᠨ ᠳ᠋ᠤ᠌ ᠬᠡᠢᠭᠦᠦ ᠬᠠᠲᠤᠨ ᠤ᠋ ᠪᠠᠨ ᠬᠠᠮᠲᠤ ᠮᠥᠷᠭᠥᠵᠦ ᠪᠠᠢᠨ᠎ᠠ᠃ ᠲᠠᠩᠭᠤᠳ ᠤᠯᠤᠰ ᠤ᠋ᠨ ᠡᠵᠡᠨ ᠳᠡᠭᠡᠳᠦᠰ ᠡᠴᠡ ᠥᠪᠯᠡᠨ ᠢᠷᠡᠭᠰᠡᠨ ᠰᠢᠲᠦᠭᠡᠨ ᠠᠯᠲᠠᠨ ᠲᠠᠮᠠᠭ᠎ᠠ ᠶ᠋ᠢ ᠲᠠᠨ ᠳ᠋ᠤ᠌ ᠡᠷᠭᠦᠨ ᠢᠪᠡᠭᠡᠯ ᠳ᠋ᠦ᠍ ᠲᠠᠨᠢ ᠪᠠᠭᠲᠠᠬᠤ ᠪᠠᠷ ᠢᠷᠡᠯ᠎ᠡ᠃ ᠮᠢᠨᠦ ᠤᠯᠤᠰ ᠨᠢᠭᠡᠨᠲᠡ ᠬᠦᠴᠦᠨ ᠳ᠋ᠦ᠍ ᠠᠪᠲᠠᠨ ᠴᠢᠩᠭᠢᠰ ᠬᠠᠭᠠᠨ ᠲᠠᠨ ᠤ᠋ ᠶᠡᠬᠡ ᠤᠯᠤᠰ ᠤ᠋ᠨ ᠳᠡᠭᠡᠪᠦᠷ ᠳᠣᠣᠷ᠎ᠠ ᠪᠦᠲᠦᠨ ᠢ᠋ᠶ᠋ᠡᠷ ᠣᠷᠣᠯ᠎ᠠ᠃ ᠬᠡᠷᠬᠢᠬᠦ ᠶ᠋ᠢ ᠴᠢᠩᠭᠢᠰ ᠬᠠᠭᠠᠨ ᠲᠠᠨ ᠤ᠋ ᠵᠠᠷᠯᠢᠭ ᠮᠡᠳᠡᠭ ᠭᠡᠵᠦ ᠪᠤᠤᠷ᠎ᠠ ᠬᠠᠭᠠᠨ ᠬᠡᠢᠭᠦᠦ ᠬᠠᠲᠤᠨ ᠤ᠋ ᠬᠠᠮᠲᠤ ᠮᠥᠷᠭᠥᠵᠡᠢ᠃ ᠴᠣᠬᠣᠮ ᠢᠩᠭᠢᠬᠦ ᠶ᠋ᠢ ᠴᠢᠩᠭᠢᠰ ᠬᠠᠭᠠᠨ ᠬᠦᠰᠡᠵᠦ ᠲᠠᠩᠭᠤᠳ ᠤ᠋ᠨ ᠬᠠᠯᠠᠭᠤᠨ ᠨᠤᠲᠤᠭ ᠲᠤ᠌ ᠪᠦᠲᠦᠨ ᠵᠢᠯ ᠬᠠᠭᠠᠰ ᠲᠡᠪᠴᠢᠨ ᠰᠠᠭᠤᠭᠰᠠᠨ ᠪᠢᠯᠡ᠃
| ᠪᠤᠤᠷ᠎ᠠ ᠬᠠᠭᠠᠨ ᠳ᠋ᠤ᠌ ᠬᠡᠯᠡ᠃ ᠡᠨᠡ ᠮᠥᠴᠡ ᠡᠴᠡ ᠬᠣᠢᠰᠢ ᠲᠠᠩᠭᠤᠳ ᠭᠡᠵᠦ ᠤᠯᠤᠰ ᠦᠭᠡᠢ ᠪᠣᠯᠤᠭᠰᠠᠨ ᠲᠤᠯᠠ ᠲᠠᠩᠭᠤᠳ ᠭᠡᠵᠦ ᠳᠠᠬᠢᠨ ᠪᠤᠤ ᠬᠡᠯᠡᠭᠲᠦᠨ᠃ ᠤᠯᠤᠰ ᠴᠢᠨᠢ ᠨᠢᠭᠡᠨᠲᠡ ᠦᠭᠡᠢ ᠪᠣᠯᠤᠭᠰᠠᠨ ᠲᠤᠯᠠ ᠪᠤᠤᠷ᠎ᠠ ᠬᠠᠭᠠᠨ ᠨᠡᠷ᠎ᠡ ᠶ᠋ᠢ ᠴᠢᠨᠢ ᠥᠭᠡᠷᠡᠴᠢᠯᠡᠵᠦ ᠴᠢᠮᠠᠶ᠋ᠢ ᠰᠢᠳᠤᠷᠭᠤ ᠭᠡᠵᠦ ᠨᠡᠷᠡᠯᠡᠶ᠎ᠡ᠃ ᠣᠳᠣ ᠴᠢ ᠨᠢᠭᠡᠨᠲᠡ ᠮᠢᠨᠦ ᠠᠯᠪᠠᠲᠤ ᠪᠣᠯᠤᠭᠰᠠᠨ ᠲᠤᠯᠠ ᠲᠡᠷᠡ ᠪᠠᠷᠠᠭᠤᠨ ᠲᠠᠯ᠎ᠠ ᠳ᠋ᠤ᠌ ᠮᠢᠨᠦ ᠠᠴᠢ ᠨᠠᠷ ᠤ᠋ᠨ ᠳᠣᠣᠷ᠎ᠠ ᠰᠠᠭᠤᠭᠲᠤᠨ ᠭᠡᠵᠦ ᠴᠢᠩᠭᠢᠰ ᠬᠠᠭᠠᠨ ᠵᠠᠷᠯᠢᠭ ᠪᠣᠯᠭᠠᠪᠠ᠃ ᠪᠠᠯᠴᠢᠷ ᠠᠴᠢ ᠨᠠᠷ ᠤ᠋ᠨ ᠬᠡᠨ ᠨᠢᠭᠡ ᠨᠢ ᠵᠢᠭ ᠵᠢᠭ ᠬᠥᠬᠥᠷᠡᠬᠦ ᠰᠣᠨᠣᠰᠳᠠᠭᠠᠳ ᠴᠢᠮᠡᠭᠡ ᠦᠭᠡᠢ ᠪᠣᠯᠵᠠᠢ᠃ ᠨᠡᠪᠰᠡᠷᠡᠵᠦ ᠴᠤᠭᠤᠷᠠᠭᠰᠠᠨ ᠬᠤᠪᠴᠠᠰᠤ ᠲᠠᠢ ᠪᠤᠤᠷ᠎ᠠ ᠬᠠᠭᠠᠨ ᠦᠨᠡᠬᠡᠷ ᠭᠤᠲᠤᠮᠰᠢᠭ᠂ ᠢᠨᠢᠶᠡᠳᠦ ᠲᠡᠢ ᠦᠵᠡᠭᠳᠡᠵᠡᠢ᠃ ᠤᠭ ᠨᠢ ᠲᠡᠷᠡ ᠢᠩᠭᠢᠵᠦ ᠳᠣᠷᠣᠮᠵᠢᠯᠠᠭᠳᠠᠵᠤ ᠪᠠᠢᠬᠤ ᠪᠠᠷ ᠦᠬᠦᠬᠦ ᠪᠠᠢᠵᠠᠢ᠃ ᠭᠡᠪᠡᠴᠦ ᠲᠡᠷᠡ ᠠᠮᠢᠳᠤ ᠶᠠᠪᠤᠬᠤ ᠶ᠋ᠢ ᠬᠦᠰᠡᠵᠡᠢ᠃ ᠠᠮᠢᠳᠤ ᠶᠠᠪᠤᠬᠤ ᠬᠦᠰᠡᠯ ᠨᠢ ᠯᠠᠪ ᠲᠠᠩᠭᠤᠳ ᠤᠯᠤᠰ ᠲᠠᠢ ᠲᠡᠩᠴᠡᠵᠦ ᠪᠠᠢᠯ᠎ᠠ᠃ ᠲᠡᠷᠡ ᠥᠪᠡᠷ ᠦ᠋ᠨ ᠠᠮᠢ ᠶ᠋ᠢ ᠪᠦᠲᠦᠨ ᠤᠯᠤᠰ ᠢ᠋ᠶ᠋ᠠᠷ ᠢ᠋ᠶ᠋ᠠᠨ ᠠᠷᠠᠯᠵᠢᠪᠠ᠃ ᠤᠳᠠᠯ ᠦᠭᠡᠢ ᠮᠣᠩᠭᠣᠯ ᠬᠤᠭᠤᠷᠴᠢ ᠳᠠᠭᠤᠴᠢᠳ ᠣᠷᠣᠵᠤ ᠢᠷᠡᠭᠡᠳ ᠠᠶ᠎ᠠ ᠳᠠᠭᠤᠤ ᠡᠷᠭᠦᠵᠡᠢ᠃ ᠡᠨᠡ ᠨᠢ ᠲᠠᠩᠭᠤᠳ ᠤᠯᠤᠰ ᠤ᠋ᠨ ᠮᠥᠬᠥᠯ ᠦ᠋ᠨ ᠳᠠᠭᠤᠯᠠᠯ ᠪᠣᠯᠤᠨ ᠰᠣᠨᠣᠰᠳᠠᠪᠠ᠃ ᠰᠢᠳᠤᠷᠭᠤ ᠨᠡᠷᠡᠲᠡᠢ ᠪᠣᠯᠤᠭᠰᠠᠨ ᠪᠤᠤᠷ᠎ᠠ ᠬᠠᠭᠠᠨ ᠤ᠋ ᠬᠠᠲᠤᠨ ᠬᠡᠢᠭᠦᠦ ᠲᠡᠰᠬᠡᠯ ᠦᠭᠡᠢ ᠤᠬᠢᠯᠠᠵᠠᠢ᠃ ᠠᠯᠲᠠᠨ ᠬᠠᠭᠠᠨ ᠤ᠋ ᠭᠦᠩᠵᠦ ᠡᠨᠡ ᠪᠦᠰᠡᠭᠦᠢ ᠴᠡᠪᠡᠷ ᠦᠵᠡᠰᠬᠦᠯᠡᠩᠲᠡᠢ ᠨᠠᠰᠤ ᠵᠠᠯᠠᠭᠤ ᠠᠵᠢ᠃ ᠤᠷᠲᠤ ᠶᠣᠰᠣᠯᠠᠯ ᠳᠠᠭᠤᠰᠪᠠ᠃ ᠡᠢᠮᠦ ᠤᠷᠲᠤ ᠶᠣᠰᠣᠯᠠᠯ ᠢ᠋ ᠵᠣᠬᠢᠶᠠᠭᠰᠠᠨ ᠨᠢ ᠲᠠᠩᠭᠤᠳ ᠤ᠋ᠨ ᠪᠤᠤᠷ᠎ᠠ ᠬᠠᠭᠠᠨ ᠢ᠋ ᠵᠠᠯᠬᠠᠭᠠᠨ ᠲᠠᠪᠠᠯᠠᠬᠤ ᠨᠢᠭᠡ ᠠᠷᠭ᠎ᠠ ᠪᠠᠢᠯ᠎ᠠ᠃ ᠶᠣᠰᠣᠯᠠᠯ ᠤ᠋ᠨ ᠳᠠᠷᠠᠭ᠎ᠠ ᠰᠢᠳᠤᠷᠭᠤ ᠬᠠᠭᠠᠨ ᠬᠥᠮᠦᠨ ᠦ᠌ ᠶᠣᠰᠣᠭᠠᠷ ᠪᠣᠰᠴᠤ ᠢᠩᠭᠢᠵᠦ ᠬᠦᠨᠳᠦᠳᠬᠡᠯ ᠦᠵᠡᠭᠦᠯᠦᠭᠰᠡᠨ ᠳ᠋ᠦ᠍ ᠲᠠᠯᠠᠷᠬᠠᠨ ᠪᠥᠬᠥᠢᠪᠡ᠃
| ᠰᠢᠳᠤᠷᠭᠤ ᠴᠢ ᠭᠠᠵᠠᠷ ᠨᠤᠲᠤᠭ᠂ ᠲᠡᠮᠡᠭᠡ ᠮᠠᠯ ᠢ᠋ᠶ᠋ᠠᠷ ᠠᠷᠪᠢᠨ᠂ ᠰᠢᠪᠡᠷ ᠣᠷᠣᠮᠵᠢᠨ ᠳ᠋ᠤ᠌ ᠰᠢᠪᠠᠯᠳᠤᠨ ᠰᠠᠭᠤᠭᠴᠢ ᠲᠠᠩᠭᠤᠳ ᠢᠷᠭᠡᠨ ᠢ᠋ ᠨᠠᠳᠠᠳᠤ ᠳᠠᠭᠠᠷ᠎ᠠ ᠣᠷᠣᠭᠤᠯᠤᠨ ᠠᠮᠢᠷᠯᠠᠭᠤᠯᠤᠭᠰᠠᠨ ᠳ᠋ᠤ᠌ ᠪᠢ ᠴᠢᠮᠠᠶ᠋ᠢ ᠰᠠᠢᠰᠢᠶᠠᠨ ᠱᠠᠩᠨᠠᠬᠤ ᠶᠣᠰᠣᠲᠠᠢ ᠶᠤᠮ᠃ ᠪᠢ ᠴᠢᠮᠠᠶ᠋ᠢ ᠥᠪᠡᠷ ᠦ᠋ᠨ ᠦᠨᠡᠨᠴᠢ ᠰᠢᠳᠠᠷ ᠤ᠋ᠨ ᠶᠣᠰᠣᠭᠠᠷ ᠦᠵᠡᠵᠦ ᠥᠪᠡᠷ ᠦ᠋ᠨ ᠥᠬᠢᠨ ᠲᠡᠨᠢᠭᠦᠨ ᠪᠢᠯᠢᠭ ᠢ᠋ ᠴᠢᠮᠠᠲᠤ ᠬᠠᠲᠤᠨ ᠪᠣᠯᠭᠠᠨ ᠱᠠᠩᠨᠠᠨ ᠥᠭᠭᠦᠶ᠎ᠡ ᠭᠡᠵᠦ ᠴᠢᠩᠭᠢᠰ ᠬᠠᠭᠠᠨ ᠬᠡᠯᠡᠪᠡ᠃
ᠴᠢᠩᠭᠢᠰ ᠬᠠᠭᠠᠨ ᠤ᠋ ᠡᠨᠡ ᠦᠭᠡᠨ ᠳ᠋ᠦ᠍ ᠪᠦᠭᠦᠳᠡ ᠰᠣᠴᠢᠵᠤ᠂ ᠶᠢᠰᠦᠢ ᠬᠠᠲᠤᠨ ᠪᠠᠷᠤᠭ ᠮᠠᠭᠤᠵᠢᠷᠠᠨ ᠤᠨᠠᠬᠤ ᠳᠥᠭᠥᠵᠡᠢ᠃ ᠳᠥᠩᠭᠡᠵᠢ ᠠᠷᠪᠠᠨ ᠲᠠᠪᠤ ᠬᠦᠷᠴᠦ ᠪᠣᠢ ᠬᠠᠮᠤᠭ ᠤ᠋ᠨ ᠬᠠᠢᠷᠠᠲᠠᠢ᠂ ᠡᠩᠬᠦᠷᠡᠢ ᠥᠬᠢᠨ ᠢ᠋ᠶ᠋ᠡᠨ ᠢᠩᠭᠢᠵᠦ ᠡᠰᠡᠷᠭᠦᠴᠡᠨ ᠲᠡᠮᠡᠴᠡᠭᠡᠳ ᠡᠴᠦᠰ ᠲᠦ᠋ᠨᠢ ᠢᠴᠢᠭᠦᠷᠢ ᠭᠤᠲᠤᠮᠰᠢᠭᠲᠠᠢ ᠪᠠᠷ ᠪᠠᠭᠤᠵᠤ ᠥᠭᠴᠦ ᠪᠣᠢ ᠳᠠᠢᠰᠤᠨ ᠳ᠋ᠠᠭᠠᠨ ᠱᠠᠩᠨᠠᠨ ᠥᠭᠭᠦᠭᠰᠡᠨ ᠨᠢ ᠪᠠᠢᠵᠤ ᠪᠣᠯᠤᠮ ᠦᠭᠡᠢ ᠳᠣᠷᠣᠮᠵᠢᠯᠠᠯ ᠮᠡᠲᠦ ᠣᠢᠯᠠᠭᠠᠮᠵᠢ ᠦᠭᠡᠢ ᠰᠠᠨᠠᠭᠳᠠᠭᠰᠠᠨ ᠴᠤ᠌ ᠬᠡᠨ ᠴᠦ᠍ ᠳᠤᠤᠭᠠᠷᠴᠤ ᠲᠥᠪᠳᠡᠭᠰᠡᠨ ᠦᠭᠡᠢ᠃
| ᠴᠢᠨᠦ ᠦᠷ᠎ᠡ ᠤᠳᠤᠮ ᠢ᠋ ᠮᠢᠨᠦ ᠰᠢᠳᠠᠷ ᠤ᠋ᠨ ᠦᠷ᠎ᠡ ᠤᠳᠤᠮ ᠭᠡᠵᠦ ᠮᠢᠨᠦ ᠠᠯᠲᠠᠨ ᠤᠷᠤᠭ ᠤ᠋ᠨ ᠦᠷ᠎ᠡ ᠰᠠᠲᠤ ᠦᠶ᠎ᠡ ᠶ᠋ᠢᠨ ᠦᠶ᠎ᠡ ᠳ᠋ᠦ᠍ ᠠᠰᠠᠷᠠᠵᠤ ᠶᠠᠪᠤᠬᠤ ᠪᠣᠯᠤᠨ᠎ᠠ᠃ ᠴᠢᠨᠦ ᠦᠷ᠎ᠡ ᠤᠳᠤᠮ ᠦᠶ᠎ᠡ ᠶ᠋ᠢᠨ ᠦᠶ᠎ᠡ ᠳ᠋ᠦ᠍ ᠮᠢᠨᠦ ᠥᠬᠢᠨ ᠲᠡᠨᠢᠭᠦᠨ ᠪᠢᠯᠢᠭ ᠦ᠋ᠨ ᠪᠣᠭᠣᠯ ᠪᠣᠯᠵᠤ ᠪᠣᠱᠣᠭᠠᠨ ᠤ᠋ ᠳᠡᠷᠭᠡᠳᠡ ᠰᠠᠭᠤᠵᠤ ᠵᠢᠳᠬᠦᠭᠲᠦᠨ ᠭᠡᠵᠦ ᠴᠢᠩᠭᠢᠰ ᠬᠠᠭᠠᠨ ᠦᠷᠭᠦᠯᠵᠢᠯᠡᠭᠦᠯᠦᠨ ᠵᠠᠷᠯᠢᠭ ᠪᠣᠯᠭᠠᠵᠠᠢ᠃ ᠲᠡᠨᠢᠭᠦᠨ ᠪᠢᠯᠢᠭ ᠥᠬᠢᠨ ᠢ᠋ ᠣᠬᠢᠯᠠᠭᠤᠯᠤᠨ ᠠᠪᠴᠢᠷᠠᠵᠤ ᠰᠢᠳᠤᠷᠭᠤ ᠶ᠋ᠢᠨ ᠳᠡᠷᠭᠡᠳᠡ ᠰᠠᠭᠤᠯᠭᠠᠪᠠ᠃ ᠶᠢᠰᠦᠢ ᠬᠠᠲᠤᠨ ᠠᠷᠠᠢ ᠯᠠ ᠤᠬᠢᠯᠠᠭᠰᠠᠨ ᠦᠭᠡᠢ᠃ ᠴᠢᠩᠭᠢᠰ ᠬᠠᠭᠠᠨ ᠤ᠋ ᠡᠨᠡ ᠵᠠᠷᠯᠢᠭ ᠣᠯᠠᠨ ᠤ᠋ ᠳᠤᠷ᠎ᠠ ᠦᠭᠡᠢᠴᠡᠯ ᠢ᠋ ᠲᠥᠷᠥᠭᠦᠯᠵᠦ ᠪᠠᠢᠭ᠎ᠠ ᠨᠢ ᠢᠯᠡᠳᠲᠡ ᠪᠠᠢᠭᠰᠠᠨ ᠴᠤ᠌ ᠲᠡᠷᠡ ᠣᠭᠲᠣ ᠠᠩᠵᠠᠭᠠᠷᠠᠵᠤ ᠲᠣᠭᠣᠭᠰᠠᠨ ᠦᠭᠡᠢ᠃ ᠤᠴᠢᠷ ᠨᠢ ᠪᠦᠬᠦ ᠬᠡᠷᠡᠭ ᠢ᠋ ᠲᠡᠷᠡ ᠨᠢᠭᠡᠨᠲᠡ ᠳᠣᠲᠣᠷ᠎ᠠ ᠪᠠᠨ ᠠᠯᠢ ᠡᠷᠲᠡ ᠰᠢᠢᠳᠦᠨ ᠲᠣᠭᠠᠴᠠᠭᠰᠠᠨ ᠪᠠᠢᠵᠠᠢ᠃
| ᠲᠡᠨᠢᠭᠦᠨ ᠪᠢᠯᠢᠭ ᠥᠬᠢᠨ ᠮᠢᠨᠢ ᠪᠦᠦ ᠤᠬᠢᠯᠠ᠃ ᠴᠢ ᠪᠣᠯ ᠮᠢᠨᠦ ᠥᠬᠢᠳ ᠦ᠋ᠨ ᠳᠣᠲᠣᠷ᠎ᠠ ᠠ᠋ᠴᠠ ᠤᠬᠠᠭᠠᠨ ᠡᠷᠳᠡᠮ᠂ ᠤᠷᠠᠨ ᠭᠤᠸᠠᠯᠢᠭ ᠢ᠋ᠶ᠋ᠠᠷ ᠢ᠋ᠶ᠋ᠠᠨ ᠣᠨᠴᠠᠭᠠᠢ ᠨᠢ ᠪᠢᠯᠡ᠃ ᠪᠢ ᠡᠨᠡ ᠰᠢᠳᠤᠷᠭᠤ ᠶ᠋ᠢᠨ ᠭᠠᠪᠢᠶ᠎ᠠ ᠶ᠋ᠢ ᠦᠨᠡᠯᠡᠵᠦ ᠴᠢᠮᠠᠶ᠋ᠢ ᠰᠢᠯᠢᠯᠡ᠃ ᠪᠢ ᠴᠢᠮᠠᠲᠤ ᠬᠠᠢᠷᠠᠲᠠᠢ ᠶ᠋ᠢᠨ ᠤᠴᠢᠷ ᠪᠠᠰᠠ ᠶᠢᠰᠦᠢ ᠬᠠᠲᠤᠨ ᠡᠬᠡ ᠶ᠋ᠢᠨ ᠴᠢᠨᠢ ᠤᠬᠠᠭᠠᠨ ᠰᠠᠷᠠᠭᠤᠯ ᠢ᠋᠂ ᠤᠯᠤᠰ ᠲᠠᠭᠠᠨ ᠵᠢᠳᠬᠦᠭᠰᠡᠨ ᠢ᠋ ᠦᠨᠡᠯᠡᠭᠰᠡᠨ ᠦ᠌ ᠤᠴᠢᠷ ᠪᠢ ᠴᠢᠮᠠᠶ᠋ᠢ ᠡᠨᠡ ᠰᠢᠳᠤᠷᠭᠤ ᠳ᠋ᠤ᠌ ᠥᠭᠴᠦ ᠪᠠᠢᠨ᠎ᠠ᠃ ᠴᠢ ᠡᠨᠡ ᠡᠳᠦᠷ ᠡᠴᠡ ᠡᠬᠢᠯᠡᠨ ᠲᠠᠩᠭᠤᠳ ᠤ᠋ᠨ ᠬᠠᠭᠠᠨ ᠤ᠋ ᠬᠠᠲᠤᠨ ᠤ᠋ ᠡᠳ᠋ᠯᠡᠵᠦ ᠪᠠᠢᠭᠰᠠᠨ ᠢ᠋ ᠡᠳ᠋ᠯᠡᠵᠦ᠂ ᠥᠮᠴᠢᠯᠡᠵᠦ ᠪᠠᠢᠭᠰᠠᠨ ᠢ᠋ ᠠᠪᠤᠭᠲᠤᠨ᠃ ᠵᠢᠩ ᠰᠢᠩ ᠹᠦ ᠪᠠᠯᠭᠠᠰᠤ ᠶ᠋ᠢ ᠡᠵᠡᠮᠰᠢᠨ ᠰᠠᠭᠤᠭᠲᠤᠨ᠃ ᠲᠠᠩᠭᠤᠳ ᠢᠷᠭᠡᠳ ᠢ᠋ ᠵᠠᠬᠢᠷᠤᠨ ᠬᠠᠯᠠᠮᠵᠢᠯᠠᠭᠲᠤᠨ᠃ ᠡᠨᠡ ᠡᠳᠦᠷ ᠡᠴᠡ ᠡᠬᠢᠯᠡᠨ ᠲᠡᠨᠢᠭᠦᠨ ᠪᠢᠯᠢᠭ ᠴᠢᠨᠦ ᠵᠥᠪᠰᠢᠶᠡᠷᠡᠯ ᠵᠠᠷᠯᠢᠭ ᠦᠭᠡᠢ ᠪᠡᠷ ᠲᠠᠩᠭᠤᠳ ᠢᠷᠭᠡᠨ ᠢ᠋ ᠬᠤᠪᠢᠶᠠᠵᠤ ᠵᠥᠭᠡᠭᠡᠬᠦ ᠶ᠋ᠢ ᠪᠢ ᠴᠠᠭᠠᠵᠠᠯᠠᠵᠤ ᠪᠠᠢᠨ᠎ᠠ᠃ ᠴᠢ ᠲᠡᠢᠨ ᠳ᠋ᠦ᠍ ᠨᠡᠷᠪᠡᠭᠳᠡᠭᠰᠡᠨ ᠲᠠᠩᠭᠤᠳ ᠢᠷᠭᠡᠳ ᠢ᠋ ᠠᠰᠠᠷᠠᠵᠤ ᠲᠡᠳᠡᠨ ᠢ᠋ ᠶᠡᠬᠡ ᠤᠯᠤᠰ ᠲᠠᠭᠠᠨ ᠵᠢᠳᠬᠦᠭᠦᠯ᠃
ᠴᠢᠩᠭᠢᠰ ᠬᠠᠭᠠᠨ ᠤ᠋ ᠳᠠᠯᠳᠠ ᠪᠣᠳᠣᠯ ᠢ᠋ ᠰᠠᠶᠢ ᠯᠠ ᠨᠢᠭᠡ ᠣᠢᠯᠠᠭᠠᠵᠤ ᠰᠣᠨᠣᠰᠤᠭᠰᠠᠨ ᠪᠦᠭᠦᠳᠡ ᠢᠨᠢᠶᠡᠮᠰᠦᠭᠯᠡᠨ ᠴᠢᠷᠠᠢ ᠲᠡᠨᠢᠢᠯᠭᠡᠭᠡᠳ ᠶᠢᠰᠦᠢ ᠬᠠᠲᠤᠨ ᠠᠮᠢᠰᠬᠤᠭ᠎ᠠ ᠠᠪᠴᠤ ᠨᠢᠯᠪᠤᠰᠤ ᠪᠠᠨ ᠠᠷᠴᠢᠵᠠᠢ᠃ ᠰᠢᠳᠤᠷᠭᠤ ᠪᠦᠷ ᠴᠦ᠍ ᠰᠡᠳᠬᠢᠯ ᠬᠠᠨᠪᠠ᠃ ᠴᠢᠩᠭᠢᠰ ᠬᠠᠭᠠᠨ ᠭᠡᠨᠡᠳᠲᠡ ᠥᠪᠡᠷ ᠦ᠋ᠨ ᠬᠠᠢᠷᠠᠲᠠᠢ ᠥᠬᠢᠨ ᠢ᠋ᠶ᠋ᠡᠨ ᠥᠭᠭᠦᠭᠰᠡᠨ ᠨᠢ ᠲᠩᠷᠢ ᠶ᠋ᠢᠨ ᠠᠪᠤᠷᠠᠯ ᠪᠣᠯᠵᠤ ᠰᠣᠬᠣᠷᠠᠭᠰᠠᠨ ᠪᠢᠰᠢ ᠵᠠᠪᠰᠢᠪᠠ ᠭᠡᠳᠡᠭ ᠪᠣᠯᠵᠠᠢ᠃ ᠲᠡᠢᠮᠦ ᠤᠴᠢᠷ ᠠ᠋ᠴᠠ ᠰᠢᠳᠤᠷᠭᠤ ᠦᠰᠦᠷᠦᠨ ᠪᠣᠰᠴᠤ ᠴᠢᠩᠭᠢᠰ ᠬᠠᠭᠠᠨ ᠤ᠋ ᠬᠥᠯ ᠳ᠋ᠦ᠍ ᠮᠥᠷᠭᠥᠭᠡᠳ
| ᠴᠢᠩᠭᠢᠰ ᠬᠠᠭᠠᠨ ᠲᠠᠨ ᠤ᠋ ᠢᠪᠡᠭᠡᠯ ᠳ᠋ᠦ᠍ ᠪᠢ ᠰᠡᠳᠬᠢᠯ ᠬᠠᠨᠪᠠ᠃ ᠠᠯᠲᠠᠨ ᠤᠷᠤᠭ ᠲᠤ᠌ ᠴᠢᠨᠢ ᠪᠠᠭᠲᠠᠵᠤ ᠠᠪᠤᠷᠠᠯ ᠳ᠋ᠤ᠌ ᠴᠢᠨᠢ ᠰᠢᠲᠦᠵᠦ ᠶᠠᠪᠤᠬᠤ ᠪᠠᠨ ᠲᠠᠩᠭᠠᠷᠢᠭᠯᠠᠶ᠎ᠠ ᠭᠡᠵᠦ ᠬᠠᠰᠬᠢᠷᠴᠠᠢ᠃ ᠭᠡᠪᠡᠴᠦ ᠲᠡᠷᠡ ᠳᠡᠩᠳᠡᠭᠦᠦ ᠶᠠᠭᠠᠷᠠᠵᠠᠢ᠃ ᠬᠠᠷᠢᠨ ᠰᠢᠳᠤᠷᠭᠤ ᠶ᠋ᠢᠨ ᠡᠢᠮᠦ ᠬᠠᠴᠢᠨ ᠠᠪᠤᠷᠢᠯᠠᠭᠰᠠᠨ ᠳ᠋ᠤ᠌ ᠭᠡᠢᠬᠦᠦ ᠬᠠᠲᠤᠨ ᠨᠢ ᠲᠡᠪᠴᠢᠵᠦ ᠡᠰᠡ ᠴᠢᠳᠠᠭᠠᠳ ᠥᠪᠡᠷ ᠦ᠋ᠨ ᠬᠡᠯᠡ ᠪᠡᠷ ᠨᠢᠭᠡ ᠵᠦᠢᠯ ᠢ᠋ ᠲᠠᠴᠢᠶᠠᠳᠠᠨ ᠵᠠᠩᠳᠤᠷᠤᠭᠰᠠᠨ ᠴᠤ᠌ ᠲᠡᠷᠡ ᠡᠮ᠎ᠡ ᠶ᠋ᠢᠨ ᠪᠤᠬᠢᠨᠢᠳᠤᠯ ᠢ᠋ ᠬᠡᠨ ᠴᠦ᠍ ᠲᠣᠭᠣᠭᠰᠠᠨ ᠦᠭᠡᠢ ᠥᠩᠭᠡᠷᠡᠵᠡᠢ᠃ ᠴᠢᠩᠭᠢᠰ ᠬᠠᠭᠠᠨ ᠲᠠᠭᠠᠯᠠᠮᠵᠢᠲᠠᠢ ᠪᠠᠷ ᠢᠨᠢᠶᠡᠮᠰᠦᠭᠯᠡᠵᠦ ᠪᠠᠢᠪᠠ᠃ ᠰᠡᠳᠬᠢᠯ ᠨᠢ ᠦᠨᠡᠬᠡᠷ ᠲᠡᠨᠢᠭᠦᠨ ᠰᠠᠢᠬᠠᠨ ᠪᠣᠯᠵᠠᠢ᠃ ᠰᠢᠳᠤᠷᠭᠤ ᠴᠢ ᠰᠣᠨᠣᠰᠴᠤ ᠪᠠᠢ᠃ ᠬᠡᠨ ᠪᠣᠯᠪᠠᠴᠤ ᠵᠢᠳᠬᠦᠯ ᠦ᠋ᠨ ᠬᠢᠷᠢ ᠪᠡᠷ ᠬᠠᠷᠠᠮᠵᠢ ᠬᠦᠷᠲᠡᠵᠦ᠂ ᠨᠢᠭᠦᠯ ᠦ᠋ᠨ ᠬᠢᠷᠢ ᠪᠡᠷ ᠬᠡᠰᠬᠡᠭᠡᠯ ᠠᠮᠰᠠᠬᠤ ᠶ᠋ᠢ ᠲᠩᠷᠢ ᠶ᠋ᠢᠨ ᠵᠠᠷᠯᠢᠭ ᠭᠡᠵᠦ ᠰᠠᠨᠠᠨ᠎ᠠ᠃ ᠲᠡᠢᠮᠦ ᠤᠴᠢᠷ ᠠ᠋ᠴᠠ ᠰᠢᠳᠤᠷᠭᠤ ᠴᠢᠨᠦ ᠭᠠᠪᠢᠶ᠎ᠠ ᠶ᠋ᠢ ᠦᠨᠡᠯᠡᠪᠡ᠃ ᠬᠠᠷᠢᠨ ᠪᠢ ᠴᠢᠨᠦ ᠡᠳᠦᠭᠦᠯᠦᠭᠰᠡᠨ ᠶᠠᠯ᠎ᠠ ᠶ᠋ᠢ ᠲᠣᠭᠠᠴᠠᠶᠠ ᠭᠡᠪᠡᠯ ᠨᠢᠭᠡᠨᠲᠡ ᠥᠪᠡᠷ ᠲᠡᠭᠡᠨ ᠢᠲᠡᠭᠡᠯᠲᠡᠢ ᠪᠣᠯᠵᠤ ᠬᠠᠭᠤᠷᠲᠠᠭᠰᠠᠨ ᠰᠢᠳᠤᠷᠭᠤ
| ᠪᠢ ᠲᠠᠨ ᠤ᠋ ᠴᠢᠩ ᠰᠢᠳᠤᠷᠭᠤ ᠦᠵᠡᠯ ᠢ᠋ ᠪᠠᠬᠠᠳᠤᠵᠤ ᠪᠠᠢᠨ᠎ᠠ ᠭᠡᠵᠦ ᠪᠥᠬᠥᠢᠪᠡ᠃ ᠴᠢᠩᠭᠢᠰ ᠬᠠᠭᠠᠨ ᠤ᠋ ᠰᠡᠳᠬᠢᠯ ᠳ᠋ᠦ᠍ ᠣᠯᠠᠨ ᠵᠢᠯ ᠬᠠᠳᠠᠭᠠᠯᠠᠭᠳᠠᠨ ᠢᠰᠦᠭᠰᠡᠨ ᠠᠶᠤᠮᠰᠢᠭᠲᠤ ᠬᠣᠷᠣᠰᠤᠯ ᠤ᠋ᠨ ᠲᠡᠭᠦᠰᠬᠡᠯ ᠣᠢᠷᠠᠲᠤᠵᠤ ᠪᠠᠢᠭ᠎ᠠ ᠶ᠋ᠢ ᠪᠤᠭᠤᠷᠴᠢ ᠭᠠᠳᠠᠷᠯᠠᠵᠤ ᠪᠠᠢᠪᠠ᠃ ᠴᠣᠬᠣᠮ ᠡᠭᠦᠨ ᠦ᠌ ᠤᠴᠢᠷ ᠲᠠᠩᠭᠤᠳ ᠲᠤ᠌ ᠠᠯᠭᠤᠷᠯᠠᠨ ᠰᠠᠭᠤᠭᠰᠠᠨ ᠢ᠋ ᠴᠦ᠍ ᠣᠢᠯᠠᠭᠠᠪᠠ᠃ ᠬᠣᠷᠣᠰᠤᠯ ᠵᠠᠨᠤᠯ ᠢ᠋ᠶ᠋ᠠᠨ ᠲᠠᠢᠯᠵᠤ ᠥᠰᠢᠶ᠎ᠡ ᠠᠪᠬᠤ ᠦᠶ᠎ᠡ ᠳ᠋ᠡᠭᠡᠨ ᠴᠢᠩᠭᠢᠰ ᠬᠠᠭᠠᠨ ᠬᠡᠷᠬᠢᠨ ᠠᠵᠠ ᠵᠢᠷᠭᠠᠯ ᠳᠦᠭᠦᠷᠡᠩ ᠪᠣᠯᠬᠤ ᠶ᠋ᠢ ᠲᠡᠷᠡ ᠬᠠᠷᠠᠵᠤ ᠪᠠᠢᠯ᠎ᠠ᠃
| ᠴᠢ ᠨᠠᠮᠠᠶ᠋ᠢ ᠣᠯᠠᠨ ᠵᠢᠯ ᠦ᠋ᠨ ᠡᠮᠦᠨ᠎ᠡ ᠬᠣᠷᠽᠧᠮ ᠳ᠋ᠦ᠍ ᠮᠣᠷᠢᠯᠠᠬᠤ ᠳ᠋ᠠᠭᠠᠨ ᠨᠢᠭᠡ ᠵᠠᠮ ᠤ᠋ᠨ ᠴᠡᠷᠢᠭ ᠭᠠᠷᠭ᠎ᠠ ᠭᠡᠬᠦ ᠳ᠋ᠦ᠍ 《ᠬᠦᠴᠦ ᠬᠦᠷᠬᠦ ᠦᠭᠡᠢ ᠪᠣᠯ ᠲᠡᠢᠨ ᠳ᠋ᠦ᠍ ᠮᠣᠷᠳᠠᠬᠤ ᠬᠡᠷᠡᠭ ᠶᠠᠭᠤᠨ》 ᠭᠡᠵᠦ ᠶᠡᠬᠡ ᠦᠭᠡ ᠬᠡᠯᠡᠭᠡᠳ ᠲᠣᠭᠣᠮᠰᠠᠷᠯᠠᠭᠰᠠᠨ ᠦᠭᠡᠢ ᠶᠠᠯ᠎ᠠ ᠬᠢᠵᠡᠢ᠃ ᠪᠠᠰᠠ ᠥᠩᠭᠡᠷᠡᠭᠰᠡᠨ ᠨᠠᠮᠤᠷ ᠴᠡᠷᠢᠭ ᠢ᠋ᠶ᠋ᠡᠨ ᠲᠠᠲᠠᠵᠤ ᠪᠠᠭᠤᠵᠤ ᠥᠭ ᠭᠡᠬᠦ ᠳ᠋ᠦ᠍ ᠦᠯᠦ ᠲᠣᠭᠣᠨ ᠠᠱᠠ ᠬᠠᠮᠪᠤ ᠶ᠋ᠢ ᠢᠯᠡᠬᠡᠨ ᠦᠯᠡᠮᠵᠢ ᠴᠡᠷᠢᠭ ᠦ᠋ᠨ ᠠᠮᠢ ᠶ᠋ᠢ ᠰᠦᠢᠳᠬᠡᠪᠡ᠃ ᠡᠨᠡ ᠬᠣᠶᠠᠷ ᠭᠡᠮ ᠳ᠋ᠦ᠍ ᠴᠢᠨᠢ ᠶᠠᠮᠠᠷ ᠶᠠᠯ᠎ᠠ ᠣᠯᠭᠣᠬᠤ ᠶ᠋ᠢ ᠴᠢ ᠬᠡᠯᠡ ᠭᠡᠵᠦ ᠴᠢᠩᠭᠢᠰ ᠬᠠᠭᠠᠨ ᠵᠠᠩᠳᠤᠷᠪᠠ᠃ ᠬᠡᠯᠡᠮᠦᠷᠴᠢ ᠳᠠᠷᠤᠢ ᠣᠷᠴᠢᠭᠤᠯᠤᠨ ᠬᠡᠯᠡᠬᠦ ᠳ᠋ᠦ᠍ ᠰᠢᠳᠤᠷᠭᠤ ᠶ᠋ᠢᠨ ᠴᠢᠷᠠᠢ ᠵᠢᠪᠡᠬᠡᠢᠷᠡᠵᠡᠢ᠃
| ᠴᠢᠩᠭᠢᠰ ᠬᠠᠭᠠᠨ ᠲᠠ ᠪᠣᠯᠭᠣᠭ᠎ᠠ᠃ ᠲᠠᠨ ᠢ᠋ ᠬᠣᠷᠽᠧᠮ ᠳ᠋ᠦ᠍ ᠮᠣᠷᠢᠯᠠᠬᠤ ᠳ᠋ᠤ᠌ ᠪᠢ ᠬᠠᠭᠠᠨ ᠣᠷᠣᠨ ᠳ᠋ᠤ᠌ ᠨᠢᠭᠡᠨᠲᠡ ᠰᠠᠭᠤᠭ᠎ᠠ ᠦᠭᠡᠢ ᠪᠠᠢᠭᠰᠠᠨ ᠪᠢᠯᠡ᠃ ᠲᠡᠷᠡ ᠶᠡᠬᠡ ᠦᠭᠡ ᠶ᠋ᠢ ᠠᠱᠠ ᠬᠠᠮᠪᠤ ᠵᠠᠩᠵᠤᠨ ᠬᠡᠯᠡᠭᠰᠡᠨ ᠢ᠋ ᠪᠢ ᠰᠣᠨᠣᠰᠤᠭᠰᠠᠨ᠃ ᠬᠠᠷᠢᠨ ᠥᠩᠭᠡᠷᠡᠭᠰᠡᠨ ᠬᠠᠪᠤᠷ ᠠᠱᠠ ᠬᠠᠮᠪᠤ ᠯᠠ ᠴᠡᠷᠢᠭ ᠬᠥᠳᠡᠯᠭᠡᠨ ᠡᠰᠡᠷᠭᠦᠴᠡᠬᠦ ᠶ᠋ᠢ ᠱᠠᠭᠠᠷᠳᠠᠭᠰᠠᠨ ᠳ᠋ᠤ᠌ ᠪᠢ ᠲᠡᠭᠦᠨ ᠢ᠋ ᠢᠳᠬᠠᠵᠤ ᠳᠡᠢᠯᠦᠭᠡ ᠦᠭᠡᠢ ᠪᠢᠯᠡ᠃ ᠡᠨᠳᠡ ᠮᠢᠨᠦ ᠬᠠᠮᠢᠶᠠᠷᠬᠤ ᠬᠡᠷᠡᠭ ᠭᠡᠵᠦ ᠶᠠᠭᠤ ᠪᠠᠢᠬᠤ ᠪᠢᠯᠡ ᠭᠡᠵᠦ ᠥᠪᠡᠷ ᠢ᠋ ᠪᠡᠨ ᠥᠮᠥᠭᠡᠷᠡᠪᠡ᠃
| ᠪᠢ ᠴᠢᠮ᠎ᠠ ᠲᠠᠢ ᠲᠠᠨ ᠤ᠋ ᠤᠯᠤᠰ ᠤ᠋ᠨ ᠦᠢᠯᠡᠳᠦᠭᠰᠡᠨ ᠶᠠᠯ᠎ᠠ ᠶ᠋ᠢ ᠬᠡᠯᠡᠯᠴᠡᠵᠦ ᠪᠠᠢᠨ᠎ᠠ᠃ ᠲᠠᠨ ᠤ᠋ ᠤᠯᠤᠰ ᠨᠠᠳᠠ ᠲᠠᠢ ᠡᠷᠲᠡᠨ ᠡᠴᠡ ᠳᠠᠢᠰᠤᠨ ᠪᠣᠯᠪᠠ᠃ ᠪᠦᠷ ᠡᠷᠲᠡᠨ ᠡᠴᠡ ᠲᠠ ᠨᠠᠷ ᠮᠢᠨᠦ ᠳᠠᠢᠰᠤᠨ ᠰᠡᠩᠭᠦᠮ ᠢ᠋ ᠢᠪᠡᠭᠡᠨ ᠣᠷᠣᠩᠨᠠᠭᠤᠯᠵᠤ ᠢᠷᠡᠭᠰᠡᠨ᠃ ᠪᠠᠰᠠ ᠳᠠᠭᠠᠵᠤ ᠣᠷᠣᠭᠠᠳ ᠨᠠᠢᠷᠠᠮᠳᠠᠭᠰᠠᠨ ᠮᠥᠷᠲᠡᠭᠡᠨ ᠠᠯᠲᠠᠨ ᠤᠯᠤᠰ ᠲᠠᠢ ᠡᠪᠰᠡᠨ ᠲᠡᠳᠡᠨ ᠦ᠌ ᠰᠠᠮᠠᠭᠤᠨ ᠢ᠋ ᠳᠡᠮᠵᠢᠵᠦ ᠮᠤᠬᠤᠯᠠᠢ ᠲᠠᠢ ᠳᠠᠢᠳᠤᠵᠤ ᠪᠠᠢᠭᠰᠠᠨ ᠢ᠋ ᠰᠠᠨᠠᠭᠤᠯᠤᠶ᠎ᠠ᠃ ᠴᠢ ᠬᠠᠭᠠᠨ ᠬᠥᠮᠦᠨ ᠲᠤᠯᠠ ᠤᠯᠤᠰ ᠤ᠋ᠨ ᠢ᠋ᠶ᠋ᠠᠨ ᠶᠠᠯ᠎ᠠ ᠶ᠋ᠢ ᠡᠭᠦᠷᠬᠦ ᠶᠣᠰᠣᠲᠠᠢ᠃ ᠡᠭᠦᠨ ᠦ᠌ ᠲᠤᠯᠠᠳᠠ ᠬᠠᠭᠠᠨ ᠰᠠᠭᠤᠳᠠᠭ ᠶᠤᠮ᠃ ᠬᠠᠭᠠᠨ ᠰᠠᠭᠤᠨ᠎ᠠ ᠭᠡᠳᠡᠭ ᠶᠠᠮᠪᠠ ᠡᠳ᠋ᠯᠡᠬᠦ ᠶ᠋ᠢ ᠪᠢᠰᠢ ᠶᠠᠯ᠎ᠠ ᠡᠭᠦᠷᠬᠦ ᠶ᠋ᠢ ᠬᠡᠯᠡᠳᠡᠭ ᠢ᠋ ᠴᠢ ᠮᠡᠳᠡᠵᠦ ᠠᠪ ᠃
| ᠪᠢ ᠪᠦᠲᠦᠨ ᠤᠯᠤᠰ ᠤ᠋ᠨ ᠤᠷᠢᠳᠤ ᠡᠮᠦᠨ᠎ᠡ ᠶ᠋ᠢᠨ ᠬᠠᠭᠠᠳ ᠤ᠋ᠨ ᠶᠠᠯ᠎ᠠ ᠶ᠋ᠢ ᠡᠭᠦᠷᠬᠦ ᠨᠢ ᠰᠢᠳᠤᠷᠭᠤ ᠪᠤᠰᠤ ᠪᠣᠯᠤᠨ᠎ᠠ᠃ ᠪᠢ ᠡᠭᠦᠨ ᠢ᠋ ᠬᠡᠷᠬᠢᠪᠡᠴᠦ ᠵᠥᠪᠰᠢᠶᠡᠷᠡᠬᠦ ᠦᠭᠡᠢ ᠭᠡᠵᠦ ᠰᠢᠳᠤᠷᠭᠤ ᠣᠷᠢᠯᠠᠪᠠ᠃ ᠭᠡᠪᠡᠴᠦ ᠲᠡᠷᠡ ᠣᠷᠣᠢᠲᠠᠵᠠᠢ᠃ ᠲᠡᠭᠦᠨ ᠦ᠌ ᠦᠬᠦᠯ ᠨᠢᠭᠡᠨᠲᠡ ᠢᠷᠡᠵᠡᠢ᠃
| ᠰᠢᠳᠤᠷᠭᠤ ᠴᠢ ᠪᠤᠤ ᠪᠠᠯᠠᠮᠠᠭᠳᠠ᠃ ᠡᠨᠳᠡ ᠴᠢᠨᠦ ᠵᠥᠪᠰᠢᠶᠡᠷᠡᠯ ᠬᠡᠷᠡᠭ ᠪᠣᠯᠬᠤ ᠦᠭᠡᠢ᠂ ᠰᠠᠨᠠᠭ᠎ᠠ ᠪᠤᠤ ᠵᠣᠪᠠ᠃ ᠨᠢᠭᠡᠨᠲᠡ ᠲᠠᠨ ᠤ᠋ ᠤᠯᠤᠰ ᠠ᠋ᠴᠠ ᠮᠢᠨᠦ ᠡᠮᠦᠨ᠎ᠡ ᠦᠢᠯᠡᠳᠦᠭᠰᠡᠨ ᠨᠢᠭᠦᠯ ᠶᠡᠬᠡ ᠲᠤᠯᠠ ᠪᠢ ᠴᠢᠮᠠᠶ᠋ᠢ ᠴᠠᠭᠠᠵᠠ ᠪᠠᠷ ᠠᠪᠠᠴᠢᠨ᠎ᠠ᠃ ᠬᠠᠭᠠᠨ ᠬᠥᠮᠦᠨ ᠭᠠᠪᠢᠶ᠎ᠠ ᠴᠤ᠌ ᠡᠳ᠋ᠯᠡᠬᠦ᠂ ᠭᠠᠢ ᠴᠤ᠌ ᠡᠭᠦᠷᠬᠦ ᠶᠣᠰᠣᠲᠠᠢ ᠶᠤᠮ᠃ ᠴᠢᠨᠦ ᠡᠳᠦᠭᠰᠡᠨ ᠲᠡᠢᠨ ᠳ᠋ᠦ᠍ ᠦᠷᠡᠭᠳᠡᠭᠰᠡᠨ ᠣᠯᠠᠨ ᠣᠯᠠᠨ ᠲᠠᠩᠭᠤᠳ ᠢᠷᠭᠡᠨ ᠦ᠌ ᠰᠦᠨᠡᠰᠦ ᠪᠠᠶᠠᠷᠯᠠᠬᠤ ᠪᠢᠵᠡ᠃ ᠡᠭᠦᠨ ᠢ᠋ ᠣᠳᠣ ᠬᠣᠷᠣᠭ᠎ᠠ ᠭᠡᠵᠦ ᠴᠢᠩᠭᠢᠰ ᠬᠠᠭᠠᠨ ᠵᠠᠷᠯᠢᠭ ᠪᠠᠭᠤᠯᠭᠠᠮᠠᠭᠴᠠ ᠬᠡᠷᠡᠭᠡ ᠶ᠋ᠢᠨ ᠲᠣᠷᠭᠠᠨ ᠴᠡᠷᠢᠭ ᠤᠬᠤᠰᠬᠢᠨ ᠣᠷᠣᠵᠤ ᠢᠷᠡᠭᠡᠳ ᠰᠢᠳᠤᠷᠭᠤ ᠶ᠋ᠢ ᠪᠠᠷᠢᠵᠤ ᠠᠪᠴᠠᠢ᠃
| ᠨᠠᠭᠠᠳᠤᠬᠢ ᠪᠠᠨ ᠬᠠᠭᠠᠨ ᠬᠥᠮᠦᠨ ᠦ᠌ ᠶᠣᠰᠣᠭᠠᠷ ᠴᠢᠰᠤ ᠦᠭᠡᠢ ᠦᠬᠦᠭᠦᠯ᠃ ᠬᠦᠨᠳᠦᠲᠡᠢ ᠣᠷᠣᠰᠢᠭᠤᠯ ᠭᠡᠮᠡᠭᠴᠡ ᠰᠢᠳᠤᠷᠭᠤ ᠳ᠋ᠤ᠌ ᠳᠠᠬᠢᠨ ᠳᠤᠤᠭᠠᠷᠬᠤ ᠰᠡᠬᠦᠭᠡ ᠥᠭᠭᠦᠭᠰᠡᠨ ᠦᠭᠡᠢ᠃ ᠠᠶᠤᠭᠰᠠᠨ ᠳ᠋ᠠᠭᠠᠨ ᠪᠣᠯᠤᠭᠠᠳ ᠰᠢᠳᠤᠷᠭᠤ ᠶ᠋ᠢᠨ ᠰᠢᠭᠡᠰᠦ ᠰᠠᠪᠢᠷᠠᠨ ᠤᠷᠤᠰᠬᠤ ᠶ᠋ᠢ ᠪᠦᠭᠦᠳᠡ ᠬᠠᠷᠠᠪᠠ᠃ ᠲᠣᠷᠭᠠᠨ ᠴᠡᠷᠢᠭ ᠦ᠋ᠳ ᠲᠡᠭᠦᠨ ᠦ᠌ ᠨᠢᠷᠤᠭᠤ ᠶ᠋ᠢ ᠳᠠᠷᠤᠢ ᠬᠤᠭᠤᠯᠵᠤ ᠠᠯᠠᠭᠠᠳ ᠴᠢᠷᠴᠦ ᠣᠳᠪᠠ᠃ ᠬᠡᠢᠬᠦᠦ ᠬᠠᠲᠤᠨ ᠪᠠᠷᠬᠢᠷᠠᠨ ᠤᠬᠢᠯᠠᠵᠤ ᠭᠠᠷᠴᠤ ᠭᠦᠶᠦᠵᠡᠢ᠃ ᠴᠢᠩᠭᠢᠰ ᠬᠠᠭᠠᠨ ᠤ᠋ ᠡᠨᠡ ᠭᠡᠨᠡᠳᠲᠡ ᠶ᠋ᠢᠨ ᠦᠢᠯᠡᠳᠦᠯ ᠪᠦᠭᠦᠳᠡ ᠶ᠋ᠢ ᠭᠠᠢᠬᠠᠭᠤᠯᠵᠤ ᠪᠠᠰᠠ ᠲᠡᠨᠢᠭᠦᠨ ᠪᠢᠯᠢᠭ ᠥᠬᠢᠨ ᠢ᠋ᠶ᠋ᠡᠨ ᠰᠢᠳᠤᠷᠭᠤ ᠳ᠋ᠤ᠌ ᠥᠭᠭᠦᠭᠰᠡᠨ ᠦ᠌ ᠴᠠᠭᠠᠳᠤ ᠤᠴᠢᠷ ᠲᠣᠳᠣᠷᠠᠭᠰᠠᠨ ᠨᠢ ᠣᠯᠠᠨ ᠢ᠋ ᠪᠢᠰᠢᠷᠡᠭᠦᠯᠵᠡᠢ᠃
| ᠬᠠᠷᠢᠨ ᠲᠡᠷᠡ ᠰᠢᠳᠤᠷᠭᠤ ᠶ᠋ᠢᠨ ᠡᠮ᠎ᠡ ᠶ᠋ᠢ ᠪᠤᠤ ᠬᠣᠷᠢᠭᠲᠤᠨ᠃ ᠬᠠᠮᠢᠭ᠎ᠠ ᠬᠦᠷᠲᠡᠯ᠎ᠡ ᠭᠦᠶᠦᠬᠦ ᠶᠦᠮ ᠪᠣᠯ ᠦᠵᠡᠶ᠎ᠡ᠃ ᠡᠷ᠎ᠡ ᠡᠴᠡ ᠵᠢᠭᠤᠲᠠᠭᠠᠳ ᠡᠮ᠎ᠡ ᠬᠥᠮᠦᠨ ᠬᠠᠮᠢᠭ᠎ᠠ ᠬᠣᠯᠠᠳᠤᠨ᠎ᠠ᠃ ᠶᠡᠬᠡ ᠰᠠᠢᠨ ᠳ᠋ᠠᠭᠠᠨ ᠬᠥᠬᠡ ᠨᠠᠭᠤᠷ ᠲᠤ᠌ ᠣᠢᠵᠤ ᠦᠬᠦᠨ᠎ᠡ ᠪᠢᠵᠡ ᠭᠡᠵᠦ ᠴᠢᠩᠭᠢᠰ ᠬᠠᠭᠠᠨ ᠬᠥᠬᠥᠷᠡᠵᠡᠢ᠃ ᠦᠨᠡᠬᠡᠷ ᠡᠷ᠎ᠡ ᠨᠢ ᠨᠢᠳᠦᠨ ᠦ᠌ ᠡᠮᠦᠨ᠎ᠡ ᠦᠬᠦᠬᠦ ᠶ᠋ᠢ ᠬᠠᠷᠠᠭᠰᠠᠨ ᠳ᠋ᠠᠭᠠᠨ ᠤᠬᠠᠭᠠᠨ ᠰᠠᠮᠠᠭᠤᠷᠠᠭᠰᠠᠨ ᠬᠡᠢᠬᠦᠦ ᠬᠠᠲᠤᠨ ᠬᠥᠬᠡ ᠨᠠᠭᠤᠷ ᠲᠤ᠌ ᠣᠢᠵᠤ ᠦᠬᠦᠵᠡᠢ᠃ ᠬᠠᠢᠷᠠᠲᠠᠢ ᠲᠡᠨᠢᠭᠦᠨ ᠪᠢᠯᠢᠭ ᠥᠬᠢᠨ ᠢ᠋ᠶ᠋ᠡᠨ ᠲᠠᠩᠭᠤᠳ ᠤ᠋ᠨ ᠬᠠᠭᠠᠨ ᠤ᠋ ᠰᠠᠭᠤᠷᠢᠨ ᠳ᠋ᠤ᠌ ᠰᠠᠭᠤᠯᠭᠠᠭᠰᠠᠨ ᠴᠢᠩᠭᠢᠰ ᠬᠠᠭᠠᠨ ᠤ᠋ ᠤᠬᠠᠭᠠᠨ ᠳ᠋ᠤ᠌ ᠶᠢᠰᠦᠢ ᠬᠠᠲᠤᠨ ᠪᠢᠰᠢᠷᠡᠵᠦ ᠲᠠᠯᠠᠷᠬᠠᠯᠲᠠᠢ ᠪᠠᠢᠭ᠎ᠠ ᠪᠠᠨ ᠢᠯᠡᠷᠬᠡᠢᠯᠡᠵᠦ ᠢᠨᠢᠶᠡᠮᠰᠦᠭᠯᠡᠨ ᠶᠣᠰᠣᠯᠠᠵᠠᠢ᠃ ᠶᠢᠰᠦᠢ ᠬᠠᠲᠤᠨ ᠢ᠋ᠶ᠋ᠠᠨ ᠪᠠᠶᠠᠷᠯᠠᠭᠤᠯᠤᠶ᠎ᠠ ᠭᠡᠵᠦ ᠪᠣᠳᠣᠭᠰᠠᠭᠠᠷ ᠶᠠᠪᠤᠭᠠᠳ ᠰᠠᠶᠢ ᠯᠠ ᠨᠢᠭᠡ ᠰᠠᠨᠠᠭᠰᠠᠨ ᠳ᠋ᠠᠭᠠᠨ ᠬᠦᠷᠦᠭᠰᠡᠨ ᠳ᠋ᠡᠭᠡᠨ ᠴᠢᠩᠭᠢᠰ ᠬᠠᠭᠠᠨ ᠴᠤ᠌ ᠪᠠᠶᠠᠷᠲᠠᠢ ᠪᠣᠯᠵᠠᠢ᠃ ᠬᠡᠷᠪᠡ ᠬᠡᠢᠭᠦᠦ ᠬᠠᠲᠤᠨ ᠦᠬᠦᠭᠡ ᠦᠭᠡᠢ ᠪᠣᠯ ᠲᠡᠭᠦᠨ ᠢ᠋ ᠲᠤᠯᠤᠢ ᠬᠥᠪᠡᠭᠦᠨ ᠳ᠋ᠡᠭᠡᠨ ᠥᠭᠭᠦᠶ᠎ᠡ ᠭᠡᠵᠦ ᠴᠢᠩᠭᠢᠰ ᠬᠠᠭᠠᠨ ᠪᠣᠳᠣᠵᠤ ᠪᠠᠢᠵᠠᠢ᠃ ᠭᠡᠪᠡᠴᠦ ᠪᠦᠬᠦ ᠶᠠᠭᠤᠮ᠎ᠠ ᠰᠠᠨᠠᠭᠰᠠᠨ ᠢ᠋ᠶ᠋ᠠᠷ ᠪᠣᠯᠤᠭᠰᠠᠨ ᠦᠭᠡᠢ ᠲᠡᠷᠡ ᠡᠮ᠎ᠡ ᠦᠬᠦᠭᠰᠡᠨ ᠳ᠋ᠦ᠍ ᠶᠡᠬᠡᠳᠡ ᠭᠣᠩᠰᠣᠢᠵᠠᠢ᠃ ᠬᠠᠷᠢᠨ ᠲᠠᠩᠭᠤᠳ ᠢᠷᠭᠡᠨ ᠡᠴᠡ ᠶᠢᠰᠦᠢ ᠬᠠᠲᠤᠨ ᠪᠣᠯᠤᠭᠠᠳ ᠪᠤᠭᠤᠷᠴᠢ᠂ ᠮᠤᠬᠤᠯᠠᠢ ᠨᠠᠷ ᠲᠤ᠌ ᠲᠦᠮᠡ ᠲᠦᠮᠡ ᠶ᠋ᠢ ᠥᠭᠪᠡ᠃ ᠲᠡᠨᠢᠭᠦᠨ ᠪᠢᠯᠢᠭ ᠥᠬᠢᠨ ᠨᠢ ᠲᠠᠩᠭᠤᠳ ᠤ᠋ᠨ ᠬᠠᠭᠠᠨ ᠤ᠋ ᠣᠷᠳᠣᠨ ᠢ᠋ ᠡᠵᠡᠯᠡᠨ ᠰᠠᠭᠤᠷᠢᠨ ᠳ᠋ᠤ᠌ ᠰᠠᠭᠤᠵᠤ ᠲᠠᠩᠭᠤᠳ ᠢᠷᠭᠡᠳ ᠢ᠋ ᠵᠠᠬᠢᠷᠬᠤ ᠪᠣᠯᠪᠠ᠃
ᠴᠢᠩᠭᠢᠰ ᠬᠠᠭᠠᠨ ᠤ᠋ ᠡᠨᠡ ᠵᠠᠷᠯᠢᠭ ᠢ᠋ ᠬᠡᠨ ᠴᠦ᠍ ᠡᠰᠡᠷᠭᠦᠴᠡᠭᠰᠡᠨ ᠦᠭᠡᠢ ᠴᠦ᠍ ᠲᠠᠩᠭᠤᠳ ᠤ᠋ᠨ ᠨᠤᠲᠤᠭ ᠤ᠋ᠨ ᠶᠡᠬᠡᠩᠬᠢ ᠶ᠋ᠢ ᠡᠵᠡᠯᠡᠨ ᠠᠪᠤᠭᠰᠠᠨ ᠴᠠᠭᠠᠲᠠᠢ ᠥᠭᠡᠳᠡᠢ ᠬᠣᠶᠠᠷ ᠲᠤ᠌ ᠲᠠᠭᠠᠰᠢᠶᠠᠭᠳᠠᠭᠰᠠᠨ ᠦᠭᠡᠢ ᠪᠢᠯᠡ᠃ ᠢᠩᠭᠢᠵᠦ ᠲᠠᠩᠭᠤᠳ ᠤᠯᠤᠰ ᠮᠥᠬᠥᠪᠡ᠃ ᠣᠳᠣ ᠶᠡᠬᠡ ᠮᠣᠩᠭᠣᠯ ᠤᠯᠤᠰ ᠤ᠋ᠨ ᠡᠮᠦᠨᠡᠲᠦ ᠬᠢᠯᠢ ᠾᠢᠮᠠᠯᠢ ᠶ᠋ᠢᠨ ᠶᠡᠬᠡ ᠠᠭᠤᠯᠠᠰ ᠲᠠᠢ ᠨᠡᠢᠯᠡᠵᠡᠢ᠃ ᠴᠢᠩᠭᠢᠰ ᠬᠠᠭᠠᠨ ᠲᠠᠩᠭᠤᠳ ᠢ᠋ ᠥᠪᠡᠷ ᠦ᠋ᠨ ᠰᠠᠨᠠᠭᠰᠠᠨ ᠢ᠋ᠶ᠋ᠠᠷ ᠮᠥᠬᠥᠭᠡᠭᠰᠡᠨ ᠳ᠋ᠡᠭᠡᠨ ᠪᠠᠬᠠᠳᠤᠵᠤ ᠬᠥᠭᠡᠷᠦᠭᠡᠳ ᠰᠡᠳᠬᠢᠯ ᠨᠢ ᠣᠯᠵᠠ ᠤᠷᠤᠭᠤ ᠪᠠᠨ ᠦᠰᠦᠷᠬᠦ ᠪᠡᠷ ᠪᠤᠯᠴᠢᠩ ᠰᠢᠷᠪᠥᠰᠥ ᠪᠡᠨ ᠬᠤᠷᠢᠶᠠᠭᠰᠠᠨ ᠢᠷᠪᠢᠰ ᠦ᠋ᠨ ᠠᠳᠠᠯᠢ ᠬᠥᠪᠴᠢᠷᠡᠵᠡᠢ᠃ ᠲᠡᠭᠦᠨ ᠦ᠌ ᠰᠡᠳᠬᠢᠯ ᠳ᠋ᠦ᠍ ᠢᠯᠠᠵᠤ ᠳᠡᠢᠯᠬᠦ᠂ ᠡᠵᠡᠯᠡᠨ ᠪᠤᠯᠢᠶᠠᠬᠤ ᠶᠡᠬᠡ ᠬᠦᠰᠡᠯ ᠲᠦᠢᠮᠡᠷ ᠮᠡᠲᠦ ᠳᠦᠷᠡᠯᠵᠡᠨ ᠪᠠᠢᠯ᠎ᠠ᠃ ᠲᠠᠩᠭᠤᠳ ᠢ᠋ ᠮᠥᠬᠥᠭᠡᠭᠰᠡᠨ ᠦ᠌ ᠶᠡᠬᠡ ᠢᠯᠠᠯᠲᠠ ᠶ᠋ᠢᠨ ᠪᠠᠬᠠᠳᠤᠯ ᠬᠥᠭᠡᠷᠦᠯ ᠦ᠋ᠨ ᠡᠷᠴᠢ ᠪᠡᠷ ᠲᠡᠷᠡ ᠠᠯᠲᠠᠨ ᠤᠯᠤᠰ ᠢ᠋ ᠡᠵᠡᠯᠡᠨ ᠠᠪᠬᠤ ᠶ᠋ᠢ ᠬᠦᠰᠡᠵᠦ ᠪᠠᠢᠪᠠ᠃ ᠲᠠᠩᠭᠤᠳ ᠤᠯᠤᠰ ᠮᠥᠬᠥᠭᠰᠡᠨ ᠨᠢ ᠠᠯᠲᠠᠨ ᠬᠠᠭᠠᠨ ᠢ᠋ ᠦᠬᠦᠲᠡᠯ᠎ᠡ ᠠᠶᠤᠯᠭᠠᠵᠤ ᠲᠡᠷᠡ ᠨᠡᠢᠰᠯᠡᠯ ᠢ᠋ᠶ᠋ᠡᠨ ᠪᠦᠷ ᠳᠣᠷᠣᠨ᠎ᠠ ᠵᠦᠭ ᠤᠷᠤᠭᠤ ᠨᠡᠭᠦᠯᠭᠡᠭᠰᠡᠨ ᠮᠡᠳᠡᠭᠡ ᠶ᠋ᠢ ᠲᠠᠩᠨᠠᠭᠤᠯ ᠬᠦᠷᠭᠡᠵᠦ ᠢᠷᠡᠵᠡᠢ᠃ ᠠᠯᠲᠠᠨ ᠤᠯᠤᠰ ᠤ᠋ᠨ ᠮᠥᠬᠥᠯ ᠨᠢᠭᠡᠨᠲᠡ ᠢᠷᠡᠵᠡᠢ᠃ ᠣᠳᠣᠬᠠᠨ ᠳ᠋ᠠᠭᠠᠨ ᠰᠥᠩ ᠤᠯᠤᠰ ᠲᠠᠢ ᠡᠪᠳᠡᠷᠡᠯᠴᠡᠬᠦ ᠨᠢ ᠠᠰᠢᠭ ᠦᠭᠡᠢ ᠲᠤᠯᠠ ᠲᠠᠩᠭᠤᠳ ᠤᠯᠤᠰ ᠢ᠋ ᠮᠥᠬᠥᠭᠡᠭᠰᠡᠨ ᠲᠤᠬᠠᠢ ᠮᠡᠳᠡᠭᠳᠡᠬᠦ ᠡᠯᠴᠢ ᠶ᠋ᠢ ᠶᠡᠬᠡ ᠪᠡᠯᠡᠭ ᠦ᠋ᠨ ᠬᠠᠮᠲᠤ ᠰᠥᠩ ᠤᠯᠤᠰ ᠤ᠋ᠨ ᠬᠠᠭᠠᠨ ᠳ᠋ᠤ᠌ ᠢᠯᠡᠭᠡᠪᠡ᠃ ᠡᠨᠡ ᠪᠣᠯ ᠰᠥᠩ ᠤᠯᠤᠰ ᠤ᠋ᠨ ᠨᠤᠲᠤᠭ ᠢ᠋ᠶ᠋ᠠᠷ ᠳᠠᠮᠵᠢᠨ ᠠᠯᠲᠠᠨ ᠤᠯᠤᠰ ᠢ᠋ ᠰᠠᠨᠠᠭᠠᠨ ᠳ᠋ᠤ᠌ ᠦᠭᠡᠢ ᠪᠠᠢᠭ᠎ᠠ ᠲᠠᠯ᠎ᠠ ᠠ᠋ᠴᠠ ᠨᠢ ᠴᠣᠬᠢᠬᠤ ᠪᠡᠯᠡᠳᠬᠡᠯ ᠪᠠᠢᠪᠠ᠃ ᠠᠯᠲᠠᠨ ᠤᠯᠤᠰ ᠬᠣᠢᠲᠤ ᠬᠢᠯᠢ ᠳᠡᠭᠡᠷ᠎ᠡ ᠪᠡᠨ ᠬᠠᠮᠤᠭ ᠴᠡᠷᠢᠭ ᠢ᠋ᠶ᠋ᠡᠨ ᠲᠠᠲᠠᠭᠰᠠᠨ ᠨᠢ ᠴᠢᠩᠭᠢᠰ ᠬᠠᠭᠠᠨ ᠢ᠋ ᠡᠮᠦᠨ᠎ᠡ ᠪᠣᠯᠤᠭᠠᠳ ᠪᠠᠷᠠᠭᠤᠨ ᠲᠠᠯ᠎ᠠ ᠠ᠋ᠴᠠ ᠳᠣᠪᠲᠣᠯᠬᠤ ᠦᠭᠡᠢ ᠭᠡᠵᠦ ᠰᠠᠨᠠᠭᠰᠠᠨ ᠤ᠋ ᠬᠢ ᠪᠠᠢᠪᠠ᠃ ᠡᠢᠮᠦ ᠴᠠᠭ ᠢ᠋ ᠠᠰᠢᠭᠯᠠᠨ ᠠᠯᠲᠠᠨ ᠤᠯᠤᠰ ᠢ᠋ ᠭᠡᠨ᠎ᠡ ᠦᠭᠡᠢ ᠲᠠᠯ᠎ᠠ ᠠ᠋ᠴᠠ ᠨᠢ ᠳᠣᠪᠲᠣᠯᠬᠤ ᠪᠠᠷ ᠴᠢᠩᠭᠢᠰ ᠬᠠᠭᠠᠨ ᠰᠢᠢᠳᠴᠡᠢ᠃ ᠲᠡᠭᠦᠨ ᠦ᠌ ᠤᠭᠤᠷᠠᠭ ᠲᠠᠷᠢᠬᠢ ᠡᠢᠮᠦ ᠡᠷᠴᠢ ᠬᠦᠴᠦᠲᠡᠢ᠂ ᠴᠡᠴᠡᠨ ᠴᠡᠯᠮᠡᠭ ᠪᠠᠢᠭ᠎ᠠ ᠦᠭᠡᠢ ᠮᠡᠲᠦ ᠰᠠᠨᠠᠭᠳᠠᠨ᠎ᠠ᠃ ᠰᠡᠭᠦᠯ ᠦ᠋ᠨ ᠬᠡᠳᠦ ᠬᠣᠨᠣᠭ ᠲᠤ᠌ ᠤᠷᠢᠳ ᠡᠮᠦᠨ᠎ᠡ ᠨᠢ ᠣᠢᠯᠠᠭᠠᠵᠤ ᠮᠡᠳᠡᠭᠡ ᠦᠭᠡᠢ ᠪᠠᠢᠭᠰᠠᠨ ᠣᠯᠠᠨ ᠴᠢᠬᠤᠯᠠ ᠤᠴᠢᠷ ᠢ᠋ ᠲᠣᠳᠣᠷᠠᠭᠤᠯᠤᠨ ᠣᠢᠯᠠᠭᠠᠵᠠᠢ᠃ ᠢᠩᠭᠢᠵᠦ ᠣᠶᠤᠨ ᠤᠬᠠᠭᠠᠨ ᠨᠢ ᠬᠡᠳᠦ ᠰᠡᠷᠭᠡᠭ ᠴᠡᠯᠮᠡᠭ ᠪᠣᠯᠤᠭᠰᠠᠨ ᠨᠢ ᠦᠬᠦᠯ ᠦ᠋ᠨ ᠭᠤᠷᠪᠠᠳᠠᠬᠢ ᠳᠣᠬᠢᠶ᠎ᠠ ᠪᠣᠯᠬᠤ ᠶ᠋ᠢ ᠲᠡᠷᠡ ᠣᠢᠯᠠᠭᠠᠬᠤ ᠦᠭᠡᠢ ᠪᠠᠢᠪᠠ᠃ ᠬᠠᠷᠢᠨ ᠴᠤ᠌ ᠡᠷᠭᠢᠭᠡᠳ ᠢᠯᠠᠷᠢᠰᠢᠵᠤ ᠪᠠᠢᠨ᠎ᠠ ᠭᠡᠵᠦ ᠬᠠᠭᠤᠷᠲᠠᠨ ᠪᠣᠳᠣᠵᠤ ᠢᠯᠠᠬᠤ ᠳᠡᠢᠯᠬᠦ ᠶᠡᠬᠡ ᠬᠦᠰᠡᠯ ᠳ᠋ᠦ᠍ ᠠᠪᠲᠠᠵᠠᠢ᠃ ᠲᠡᠭᠦᠨ ᠳ᠋ᠦ᠍ ᠢᠯᠠᠯᠲᠠ ᠠᠮᠵᠢᠯᠲᠠ ᠨᠢ ᠲᠣᠳᠣ ᠬᠠᠷᠠᠭᠳᠠᠵᠤ ᠪᠠᠢᠪᠠ᠃ ᠲᠡᠷᠡ ᠥᠪᠡᠷ ᠢ᠋ ᠪᠡᠨ ᠦᠬᠦᠬᠦ ᠦᠭᠡᠢ ᠭᠡᠳᠡᠭ ᠲᠦ᠍ ᠢᠲᠡᠭᠡᠯᠲᠡᠢ ᠪᠣᠯᠵᠠᠢ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠠᠯᠲᠠᠨᠴᠡᠴᠡᠭ᠂ ᠨᠠᠷᠠᠨᠲᠤᠶᠠᠭ᠎ᠠ᠂ ᠬᠡᠷᠡᠢᠳ·ᠮᠥᠩᠬᠡᠨᠠᠰᠤᠨ᠂
ᠵᠢᠩᠯᠢᠬᠤᠸᠠᠷ᠂ ᠪᠠᠶᠠᠨᠴᠡᠴᠡᠭ᠂ ᠬᠡᠯᠡᠰᠣᠶᠣᠯ( ᠪᠤᠤ ᠸᠸᠨ ᠬᠤᠸᠠ)
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠲ·ᠬᠦᠮᠦᠵᠢᠯᠲᠦ᠂ ᠠᠷᠢᠭᠤᠨ᠂ ᠬᠠᠢ ᠵᠢᠶᠦ᠋ᠨ
