ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠨᠢᠭᠡ〕 Цаг төрийн үймээн – Д ᠂ Намдаг - Цаг төрийн үймээн ᠂ хоёрдугаар бүлэг -1 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠨᠢᠭᠡ〕 Цаг төрийн үймээн – Д ᠂ Намдаг - Цаг төрийн үймээн ᠂ хоёрдугаар бүлэг -1

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠨᠢᠭᠡ〕 Цаг төрийн үймээн – Д ᠂ Намдаг - Цаг төрийн үймээн ᠂ хоёрдугаар бүлэг -1

ᠠᠩᠭᠢᠯᠠᠯ:ᠲᠤᠭᠤᠵᠢ ᠷᠣᠮᠠᠨ
2025-10-17

217

ᠶᠡᠷᠦ ᠪᠤᠰᠤ ᠶᠢᠨ ᠡᠳᠦᠷ


       ᠰᠥᠨᠢ ᠳ᠋ᠡᠭᠡᠨ ᠰᠠᠢᠬᠠᠨ ᠵᠢᠪᠠᠷ ᠦᠭᠡᠢ ᠨᠠᠮ ᠭᠦᠮ ᠰᠠᠢᠬᠠᠨ ᠬᠣᠨᠣᠭᠰᠠᠨ ᠪᠣᠯᠪᠠᠴᠤ ᠵᠢᠮ ᠬᠢᠭᠰᠡᠨ ᠬᠦᠢᠲᠡᠨ ᠳ᠋ᠦ᠍ ᠨᠠᠮᠤᠭ ᠱᠠᠯᠪᠠᠭ ᠬᠥᠯᠳᠡᠵᠦ ᠰᠢᠷᠦᠭᠦᠨ ᠤᠷᠤᠰᠬᠠᠯᠲᠤ ᠲᠤᠤᠯᠠ ᠭᠣᠣᠯ ᠤ᠋ᠨ ᠵᠠᠬ᠎ᠠ᠂ ᠬᠣᠶᠠᠷ ᠲᠠᠯ᠎ᠠ ᠠ᠋ᠴᠠ ᠪᠠᠨ ᠵᠠᠢᠷᠮᠠᠭᠲᠤᠵᠤ᠂ ᠳᠤᠮᠳᠠ ᠪᠠᠨ ᠪᠠᠷᠤᠭ ᠠᠨᠢᠬᠤ ᠰᠢᠬᠠᠭᠰᠠᠨ ᠪᠠᠢᠯ᠎ᠠ᠃ ᠡᠨᠡ ᠪᠣᠯ ᠨᠠᠮᠤᠷ ᠤ᠋ᠨ ᠰᠡᠭᠦᠯ ᠰᠠᠷ᠎ᠠ ᠶ᠋ᠢᠨ ᠬᠣᠷᠢᠨ ᠵᠢᠷᠭᠤᠭᠠᠨ᠃  
       ᠬᠦᠷᠢᠶᠡᠨ ᠦ᠌ ᠤᠷᠢᠳᠤᠬᠢ ᠪᠣᠭᠳᠠ ᠠᠭᠤᠯᠠ ᠶ᠋ᠢᠨ ᠣᠢ᠂ ᠣᠷᠣᠢ ᠠ᠋ᠴᠠ ᠪᠠᠨ ᠡᠬᠢᠯᠡᠨ ᠰᠢᠷᠠᠯᠠᠭᠰᠠᠨ ᠲᠤᠬᠠᠢ ᠳ᠋ᠤ᠌ ᠡᠪᠦᠭᠡᠳ ᠬᠥᠭᠰᠢᠳ《ᠠ ᠳᠠ ᠠᠢᠬᠤᠪᠲᠤᠷ ᠵᠤᠳ ᠲᠤᠷᠠᠬᠠᠨ ᠪᠣᠯᠤᠨ᠎ᠠ ᠪᠣᠢ?》 ᠭᠡᠬᠦ ᠶ᠋ᠢᠨ ᠢ᠋ᠶ᠋ᠡᠨ ᠵᠡᠷᠭᠡᠴᠡᠭᠡ ᠪᠡᠷ《ᠡᠨᠡ ᠵᠢᠯ ᠪᠡᠴᠢᠨ ᠵᠢᠯ! ᠪᠡᠴᠢᠨ ᠵᠢᠯ ᠶᠡᠷᠦ ᠠᠮᠤᠷ ᠦᠭᠡᠢ ᠵᠤᠳ ᠲᠤᠷᠠᠬᠠᠨ ᠪᠣᠯᠬᠤ ᠲᠡᠳᠦᠢ ᠦᠭᠡᠢ ᠬᠠᠨᠢᠶᠠᠳᠤ ᠲᠣᠮᠣᠭᠣ ᠴᠤ᠌ ᠪᠣᠯᠬᠤ ᠨᠢ ᠭᠠᠷᠳᠠᠭ ᠰᠢᠦ ᠳᠡ》 ᠭᠡᠵᠦ ᠰᠡᠳᠬᠢᠯ ᠲᠦᠭᠰᠢᠨ ᠬᠡᠯᠡᠯᠴᠡᠨ᠎ᠡ᠃ ᠬᠠᠷᠢᠨ ᠭᠠᠮᠢᠩ ᠤ᠋ᠨ ᠲᠤᠬᠠᠢ ᠭᠡᠪᠡᠯ᠂ ᠬᠡᠳᠦᠬᠡᠨ ᠰᠠᠷ᠎ᠠ ᠶ᠋ᠢᠨ ᠡᠮᠦᠨ᠎ᠡ ᠬᠦᠷᠲᠡᠯ᠎ᠡ ᠬᠥᠮᠦᠨ ᠲᠣᠯᠣᠭᠠᠢ ᠲᠠᠢ ᠪᠦᠬᠦᠨ ᠢ᠋ᠶ᠋ᠡᠷ ᠢ᠋ᠶ᠋ᠡᠨ ᠬᠠᠷᠢᠶᠠᠯ ᠵᠠᠨᠤᠯ᠂ ᠥᠰᠢᠶ᠎ᠡ ᠬᠣᠷᠣᠰᠤᠯ᠁ ᠡᠯᠳᠡᠪ ᠮᠠᠭᠤ ᠪᠠᠷ ᠱᠠᠭᠰᠢᠨ ᠱᠤᠤᠭᠢᠳᠠᠭ ᠪᠠᠢᠭᠰᠠᠨ ᠢ᠋ᠶ᠋ᠠᠨ ᠣᠳᠣ ᠪᠣᠯᠬᠣᠷ᠂ ᠡᠨᠡ ᠳᠡᠢᠯᠦᠭᠳᠡᠰᠢ ᠦᠭᠡᠢ ᠶᠠᠭᠤᠮ᠎ᠠ ᠶ᠋ᠢ ᠳᠡᠮᠡᠢ ᠲᠡᠭᠡᠬᠦ ᠶ᠋ᠢᠨ ᠬᠡᠷᠡᠭ ᠶᠠᠭᠤ ᠪᠢᠯᠡ ᠭᠡᠰᠡᠨ ᠰᠢᠭ ᠳᠠᠩ ᠶᠡᠬᠡ ᠶᠠᠭᠤᠮ᠎ᠠ ᠶᠠᠷᠢᠬᠤ ᠪᠠᠨ ᠪᠣᠯᠢᠭᠰᠠᠨ ᠠᠵᠢ᠃ ᠭᠡᠪᠡᠴᠦ ᠭᠠᠮᠢᠩ ᠭᠡᠬᠦ ᠶ᠋ᠢᠨ ᠣᠷᠣᠨ ᠳ᠋ᠤ᠌《ᠴᠢᠨᠳᠠᠷᠤᠤ》 ᠭᠡᠵᠦ ᠨᠡᠷᠡᠯᠡᠨ᠎ᠡ᠃ ᠬᠡᠳᠦᠨ ᠰᠠᠷ᠎ᠠ ᠶ᠋ᠢᠨ ᠡᠮᠦᠨ᠎ᠡ《ᠭᠠᠮᠢᠩ ᠤ᠋ᠳ ᠦᠨᠡᠰᠦ ᠴᠢᠨᠳᠠᠷᠤᠤ ᠰᠢᠭ᠋ ᠬᠡᠢᠰᠦᠨ ᠠᠷᠢᠯᠤᠭᠠᠰᠠᠢ!》 ᠭᠡᠵᠦ ᠵᠠᠨᠤᠯᠬᠢᠯᠠᠨ ᠬᠠᠷᠢᠶᠠᠭᠰᠠᠨ ᠨᠢ ᠬᠠᠵᠠᠭᠤ ᠶ᠋ᠢᠨ ᠬᠥᠮᠦᠨ ᠦ᠌ ᠪᠠᠬ᠎ᠠ ᠬᠠᠩᠬᠤ ᠳ᠋ᠤ᠌ ᠬᠦᠷᠦᠭᠰᠡᠨ ᠪᠠᠢᠬᠤ ᠪᠥᠭᠡᠳ ᠲᠡᠭᠦᠨᠴᠡ ᠬᠣᠢᠰᠢ ᠣᠯᠠᠨ ᠤ᠋ ᠰᠡᠳᠬᠢᠯ ᠳ᠋ᠦ᠍ ᠦᠨᠡᠬᠡᠷ᠄《ᠦᠨᠡᠰᠦ ᠴᠢᠨᠳᠠᠷᠤᠤ》 ᠭᠡᠵᠦ ᠪᠠᠢᠪᠠᠯ ᠲᠡᠳᠡᠨ ᠦ᠌ ᠬᠤᠪᠢ ᠵᠠᠶᠠᠭ᠎ᠠ ᠳᠣᠷᠣᠢᠲᠠᠬᠤ ᠪᠣᠯᠤᠨ᠎ᠠ ᠭᠡᠵᠦ ᠪᠣᠳᠣᠭᠳᠠᠭᠰᠠᠨ ᠠ᠋ᠴᠠ ᠡᠢᠨᠬᠦ ᠨᠡᠷᠡᠯᠡᠬᠦ ᠪᠣᠯᠤᠭᠰᠠᠨ ᠠᠵᠢ᠃ 
       ᠥᠨᠥᠳᠥᠷ ᠦ᠋ᠨ ᠲᠩᠷᠢ ᠮᠠᠰᠢ ᠰᠠᠢᠬᠠᠨ᠃ ᠪᠣᠭᠳᠠ ᠶ᠋ᠢᠨ ᠬᠦᠷᠢᠶ᠎ᠡ ᠲᠡᠷᠡ ᠴᠢᠭ ᠢ᠋ᠶ᠋ᠡᠷ ᠢ᠋ᠶ᠋ᠡᠨ ᠲᠤᠯᠭ᠎ᠠ ᠶ᠋ᠢᠨ ᠭᠠᠯ ᠳ᠋ᠤ᠌ ᠡᠯᠢᠭᠡᠨ ᠪᠡᠶ᠎ᠡ ᠪᠡᠨ ᠡᠭᠡᠭᠡᠵᠦ ᠪᠠᠢᠭ᠎ᠠ ᠰᠢᠭ᠋ ᠨᠠᠮᠤᠷ ᠤ᠋ᠨ ᠣᠭᠣᠲᠣᠷ ᠰᠢᠷ᠎ᠠ ᠨᠠᠷᠠᠨ ᠳ᠋ᠤ᠌ ᠳᠤᠯᠠᠭᠠᠴᠠᠵᠤ ᠪᠠᠢᠬᠤ ᠪᠥᠭᠡᠳ ᠬᠥᠮᠦᠰ ᠦ᠋ᠨ ᠰᠡᠳᠬᠢᠯ ᠨᠠᠮ ᠲᠠᠢᠪᠤᠩ᠂ ᠬᠦᠷᠢᠶᠡᠨ ᠦ᠌ ᠬᠣᠢᠲᠠᠢ᠂ ᠤᠷᠢᠲᠠᠢ᠂ ᠪᠠᠷᠠᠭᠤᠨ ᠭᠤᠷᠪᠠᠨ ᠴᠢᠭᠯᠡᠯ ᠢ᠋ᠶ᠋ᠡᠷ ᠠᠶᠠᠨ ᠵᠠᠮ ᠤ᠋ᠨ ᠬᠥᠮᠦᠰ ᠨᠠᠭᠠᠰᠢ ᠴᠠᠭᠠᠰᠢ ᠬᠦᠪᠦᠷᠡᠯᠳᠦᠨ᠎ᠡ᠃ ᠭᠠᠭᠴᠠᠬᠠᠨ ᠵᠡᠭᠦᠨ ᠡᠴᠡ ᠶᠠᠭᠤ ᠴᠦ᠍ ᠠᠯᠠᠭ᠎ᠠ᠃ ᠶᠠᠭᠠᠬᠢᠭᠠᠳ ᠬᠥᠯ ᠬᠤᠷᠢᠶᠠᠭᠳᠠᠭᠰᠠᠨ ᠢ᠋ ᠱᠣᠬᠣᠭᠣᠷᠬᠠᠨ ᠰᠣᠨᠢᠷᠬᠠᠭᠰᠠᠨ ᠬᠥᠮᠦᠨ ᠴᠦ᠍ ᠲᠡᠳᠦᠢ ᠦᠭᠡᠢ ᠪᠠᠢᠯ᠎ᠠ᠃ 
       ᠵᠠᠬ᠎ᠠ ᠵᠡᠭᠡᠯᠢ ᠳᠡᠭᠡᠷ᠎ᠡ ᠵᠦᠢᠯ ᠪᠦᠷᠢ ᠶ᠋ᠢᠨ ᠬᠤᠳᠠᠯᠳᠤᠭᠠᠨ ᠤ᠋ ᠮᠠᠯ ᠬᠡᠳᠦᠨ ᠵᠠᠭᠤ ᠪᠠᠷ ᠪᠠᠭᠰᠢᠷᠠᠵᠤ᠂ ᠳᠡᠯᠭᠡᠭᠦᠷ ᠮᠠᠢᠮᠠᠢ ᠶ᠋ᠢᠨ ᠭᠠᠵᠠᠷ ᠪᠠᠷᠠᠭ᠎ᠠ ᠲᠠᠸᠠᠷ᠂ ᠡᠯᠳᠡᠪ ᠡᠳ᠋᠂ ᠬᠡᠷᠡᠭᠯᠡᠭᠳᠡᠬᠦᠨ ᠦ᠌ ᠶᠠᠭᠤᠮᠠᠰ ᠵᠢᠰᠦᠨ ᠵᠦᠢᠯ ᠢ᠋ᠶ᠋ᠡᠷ ᠠᠯᠠᠭᠯᠠᠨ ᠲᠡᠭᠦᠪᠡᠷ ᠭᠡᠷᠦᠨ ᠬᠡᠰᠦᠨ ᠶᠠᠪᠤᠭ᠎ᠠ ᠬᠥᠮᠦᠨ ᠪᠦᠬᠦᠨ ᠨᠢᠭᠡ ᠨᠢᠭᠡᠨ ᠡᠴᠡ ᠪᠡᠨ ᠬᠣᠨᠵᠢᠬᠤ ᠬᠣᠨᠵᠢᠭᠰᠠᠨ ᠵᠦᠢᠯ ᠢ᠋ᠶ᠋ᠡᠷ ᠢ᠋ᠶ᠋ᠡᠨ ᠪᠠᠶᠠᠵᠢᠬᠤ ᠠ᠋ᠴᠠ ᠥᠭᠡᠷ᠎ᠡ ᠶᠠᠭᠤ ᠴᠦ᠍ ᠡᠰᠡ ᠪᠣᠳᠣᠨ᠂ ᠢᠳᠡ ᠱᠠᠭᠰᠢᠭᠠᠨ ᠱᠤᠤᠭᠢᠶᠠᠨ ᠪᠣᠯᠵᠤ ᠪᠠᠢᠭ᠎ᠠ ᠳ᠋ᠤ᠌ ᠪᠠᠯᠳᠠᠨᠴᠡᠷᠢᠩ ᠭᠡᠷ ᠲᠡᠭᠡᠨ ᠭᠠᠭᠴᠠᠭᠠᠷ ᠵᠢᠰᠦ ᠴᠢᠷᠠᠢ ᠨᠢ ᠴᠣᠩᠬᠢᠢᠨ᠂ ᠴᠠᠭᠠᠨ ᠪᠥᠭᠡᠳ ᠪᠡᠶ᠎ᠡ ᠮᠠᠬᠠᠪᠣᠳ ᠨᠡᠯᠢᠶᠡᠳ ᠲᠤᠷᠠᠭᠰᠠᠨ ᠠ᠋ᠴᠠ ᠭᠠᠷ ᠤ᠋ᠨ ᠦᠶ᠎ᠡ ᠪᠣᠯᠭᠠᠨ ᠤ᠋ ᠵᠠᠪᠰᠠᠷ ᠢ᠋ᠶ᠋ᠠᠷ ᠴᠢᠨᠠᠳᠤ ᠶᠠᠭᠤᠮᠠᠰ ᠳᠠᠷᠤᠢ ᠨᠡᠪᠲᠡ ᠬᠠᠷᠠᠭᠳᠠᠬᠤ ᠪᠣᠯᠵᠠᠢ᠃ 
       ᠪᠠᠯᠳᠠᠨᠴᠡᠷᠢᠩ ᠣᠳᠣ ᠲᠡᠷᠡ ᠲᠤᠷᠠᠩᠬᠠᠢ ᠭᠠᠷ ᠢ᠋ᠶ᠋ᠠᠨ ᠬᠠᠨᠴᠤᠢ ᠳ᠋ᠠᠭᠠᠨ ᠵᠥᠷᠢᠭᠦᠯᠦᠨ ᠡᠯᠢᠭᠡ ᠪᠡᠨ ᠲᠡᠪᠡᠷᠢᠨ ᠰᠠᠭᠤᠬᠤ ᠪᠣᠯᠵᠠᠢ᠃ ᠤᠷᠢᠳᠤ ᠡᠮᠦᠨ᠎ᠡ ᠪᠠᠯᠳᠠᠨᠴᠡᠷᠢᠩ ᠭᠡᠷ ᠡᠴᠡ ᠭᠠᠷᠪᠠᠯ ᠣᠴᠢᠬᠤ ᠠᠢᠯ ᠲᠠᠢ᠂ ᠬᠦᠷᠦᠭᠡᠳ ᠢᠷᠡᠳᠡᠭ ᠨᠠᠢᠵᠢ ᠨᠥᠬᠥᠳ ᠲᠡᠢ ᠠᠭᠰᠠᠨ ᠪᠣᠯ᠂ ᠬᠠᠢᠷᠠᠲᠠᠢ ᠠᠮᠠᠷᠠᠭ ᠢ᠋ᠶ᠋ᠠᠨ ᠠᠯᠳᠠᠭᠰᠠᠨ ᠠ᠋ᠴᠠ ᠬᠣᠢᠰᠢ ᠬᠡᠨ ᠦ᠌ ᠳ᠋ᠦ᠍ ᠴᠦ᠍ ᠣᠷᠣᠳᠠᠭ ᠦᠭᠡᠢ᠂ ᠮᠥᠨ ᠬᠡᠨ ᠴᠦ᠍ ᠲᠡᠭᠦᠨ ᠦ᠌ ᠭᠡᠵᠦ ᠢᠷᠡᠳᠡᠭ ᠦᠭᠡᠢ᠂ ᠶᠣᠰᠣᠲᠠᠢ ᠭᠣᠣᠨᠢ ᠪᠡᠶ᠎ᠡ ᠭᠣᠵᠣᠩ ᠲᠣᠯᠣᠭᠠᠢ ᠭᠡᠭᠴᠢ ᠪᠣᠯᠵᠠᠢ᠃ ᠥᠪᠡᠷ ᠲᠦ᠍ ᠲᠣᠬᠢᠶᠠᠯᠳᠤᠭᠰᠠᠨ ᠭᠠᠰᠢᠭᠤᠨ ᠬᠠᠭᠠᠴᠠᠯ ᠢ᠋ ᠥᠪᠡᠷ ᠦ᠋ᠨ ᠪᠡᠶ᠎ᠡ ᠪᠡᠷ ᠠᠮᠰᠠᠵᠤ᠂ ᠪᠤᠰᠤᠳ ᠲᠤ ᠮᠡᠳᠡᠭᠳᠡᠭᠰᠡᠨ ᠵᠦᠢᠯ ᠦᠭᠡᠢ ᠪᠠᠢᠪᠠᠴᠤ ᠤᠭ ᠬᠡᠷᠡᠭ ᠳᠣᠣᠷᠠᠬᠠᠨ ᠢ᠋ᠶ᠋ᠠᠨ ᠬᠦᠷᠢᠶ᠎ᠡ ᠳᠠᠶᠠᠭᠠᠷ ᠲᠤ ᠲᠦᠭᠡᠨ ᠲᠠᠷᠬᠠᠵᠤ᠂ ᠬᠥᠮᠦᠰ ᠥᠪᠡᠷ ᠬᠣᠭᠣᠷᠣᠨᠳᠣ ᠪᠠᠨ ᠠᠮᠠ ᠳᠠᠮᠵᠢᠭᠤᠯᠤᠨ ᠶᠠᠷᠢᠬᠤ ᠳ᠋ᠠᠭᠠᠨ᠂ ᠪᠠᠯᠳᠠᠨᠴᠡᠷᠢᠩ ᠢ᠋ ᠤᠬᠠᠭᠠᠨ ᠰᠣᠯᠢᠶ᠎ᠠ ᠲᠠᠢ ᠪᠣᠯᠤᠭᠰᠠᠨ ᠭᠡᠨ᠎ᠡ ᠭᠡᠯᠴᠡᠬᠦ ᠲᠤᠯᠠ ᠲᠠᠨᠢᠯ ᠲᠠᠯ᠎ᠠ ᠶ᠋ᠢᠨ ᠬᠥᠮᠦᠰ ᠳᠡᠮᠡᠢ ᠰᠡᠳᠬᠢᠯ ᠵᠣᠪᠠᠨᠢᠨ ᠣᠷᠣᠵᠤ ᠢᠷᠡᠵᠦ ᠴᠢᠳᠠᠬᠤ ᠦᠭᠡᠢ ᠪᠣᠯᠤᠭᠰᠠᠨ ᠪᠠᠢᠪᠠ᠃    ᠢᠩᠭᠢᠭᠡᠳ ᠪᠠᠯᠳᠠᠨᠴᠡᠷᠩ ᠭᠡᠷ ᠲᠡᠭᠡᠨ ᠭᠠᠪ ᠭᠠᠭᠴᠠᠭᠠᠷ ᠢ᠋ᠶ᠋ᠠᠨ᠂ ᠰᠡᠳᠬᠢᠯ ᠳ᠋ᠦ᠍ᠨᠢ ᠵᠥᠪᠬᠡᠨ ᠣᠯᠠᠨ ᠬᠣᠨᠣᠭ ᠤ᠋ᠨ ᠲᠤᠷᠰᠢ ᠲᠠᠰᠤᠷᠠᠯᠲᠠ ᠦᠭᠡᠢ ᠡᠷᠭᠢᠯᠳᠦᠵᠦ ᠪᠠᠢᠭ᠎ᠠ ᠭᠤᠨᠢᠭ ᠤ᠋ᠨ ᠬᠠᠷ᠎ᠠ ᠲᠣᠯᠪᠣ ᠯᠠ ᠡᠷᠭᠢᠯᠳᠦᠨ᠎ᠡ᠃ ᠴᠢᠬᠢᠨ ᠳ᠋ᠡᠭᠡᠨ ᠨᠢᠭᠡ ᠤᠳᠠᠭ᠎ᠠ《ᠨᠦᠷᠬᠢᠭᠰᠡᠨ》 ᠣᠭᠵᠣᠮ ᠠᠪᠢᠶ᠎ᠠ ᠭᠡᠨᠡᠳᠲᠡ ᠰᠣᠨᠣᠰᠳᠠᠬᠤ ᠳ᠋ᠤ᠌ ᠭᠠᠢᠬᠠᠨ ᠴᠢᠩᠨᠠᠪᠠ᠃ ᠥᠨᠥᠬᠢ ᠳᠠᠭᠤ ᠳᠠᠬᠢᠨ ᠭᠠᠷᠤᠭᠠᠳ᠂ ᠭᠤᠷᠪᠠᠳᠠᠬᠢ ᠳᠡᠭᠡᠷ᠎ᠡ ᠪᠡᠨ ᠭᠠᠵᠠᠷ ᠳᠣᠩᠰᠣᠯᠭᠠᠨ ᠳᠤᠷᠭᠢᠯᠳᠤᠭᠤᠯᠬᠤ ᠳ᠋ᠤ᠌ ᠲᠡᠷᠡ ᠰᠠᠶᠢ ᠭᠡᠷ ᠡᠴᠡ ᠭᠠᠷᠪᠠ᠃ ᠭᠤᠳᠤᠮᠵᠢᠨ ᠳ᠋ᠤ᠌ ᠥᠪᠡᠷ ᠦ᠋ᠨ ᠬᠢᠨᠢ ᠠᠳᠠᠯᠢ ᠭᠠᠢᠬᠠᠭᠰᠠᠨ ᠬᠥᠮᠦᠰ ᠦᠢᠮᠡᠨ ᠱᠤᠤᠭᠢᠯᠳᠤᠵᠤ ᠪᠠᠢᠭ᠎ᠠ ᠦᠵᠡᠭᠳᠡᠨ᠎ᠡ᠃ ᠲᠡᠳᠡ ᠴᠥᠮ ᠵᠡᠭᠦᠨ ᠵᠦᠭ ᠲᠦ᠍ ᠠᠩᠬᠠᠷᠤᠯ ᠲᠠᠯᠪᠢᠨ᠄《ᠡᠨᠡ ᠶᠠᠭᠤ ᠪᠣᠯᠵᠤ ᠪᠠᠢᠨ᠎ᠠ ᠪᠣᠢ?》 ᠭᠡᠵᠦ ᠪᠡᠶ᠎ᠡ ᠡᠴᠡ ᠪᠡᠨ ᠠᠰᠠᠭᠤᠬᠤ ᠳ᠋ᠤ᠌᠄《ᠮᠡᠳᠡᠬᠦ ᠦᠭᠡᠢ! ᠮᠡᠳᠡᠬᠦ ᠦᠭᠡᠢ!》 ᠭᠡᠵᠦ ᠮᠢᠩᠭ᠎ᠠ ᠳᠠᠬᠢᠨ ᠬᠠᠷᠢᠭᠤᠯᠤᠭᠠᠳ ᠳᠡᠮᠡᠢ ᠯᠡ ᠦᠷᠭᠦᠭᠰᠡᠨ ᠮᠠᠯ ᠰᠢᠭ᠋ ᠡᠢᠰᠢ ᠲᠠᠢᠰᠢ ᠬᠤᠢᠯᠠᠷᠠᠨ ᠱᠤᠤᠭᠢᠯᠳᠤᠬᠤ ᠠᠵᠢ! 
       ᠲᠡᠭᠡᠭᠰᠡᠨ ᠢ᠋ᠶ᠋ᠡᠨ《ᠲᠡᠢᠨ!》 ᠭᠡᠳᠡᠭ ᠦᠭᠡ ᠬᠥᠮᠦᠰ ᠦ᠋ᠨ ᠰᠡᠳᠬᠢᠯ ᠳ᠋ᠦ᠍ ᠪᠠᠭᠤᠵᠤ ᠢᠷᠡᠪᠡ᠃ ᠬᠠᠰᠢᠶ᠎ᠠ ᠪᠠᠢᠰᠢᠩ ᠤ᠋ᠨ ᠣᠷᠣᠢ ᠳᠡᠭᠡᠷ᠎ᠡ ᠭᠠᠷᠤᠨ ᠠᠯᠤᠰ ᠤ᠋ᠨ ᠪᠠᠷ᠎ᠠ ᠬᠠᠷᠠᠵᠤ ᠪᠠᠢᠭ᠎ᠠ ᠬᠥᠮᠦᠰ ᠦ᠋ᠨ ᠵᠠᠷᠢᠮ ᠨᠢ᠄ 
       — ᠵᠡᠭᠦᠨ ᠲᠡᠢ ᠲᠡᠢᠨ! ᠭᠡᠵᠦ ᠳᠠᠭᠤ ᠠᠯᠳᠠᠬᠤ ᠳ᠋ᠤ᠌ ᠵᠠᠷᠢᠮ ᠨᠢ᠄   
       — ᠮᠠᠢᠮᠠᠢ ᠬᠣᠲᠠ ᠶ᠋ᠢᠨ ᠴᠠᠭᠠᠨ᠎ᠠ᠂ ᠨᠢᠳᠦᠨ ᠦ᠌ ᠦᠵᠦᠭᠦᠷ ᠳᠥᠩᠭᠡᠵᠦ ᠬᠦᠷᠬᠦ ᠭᠠᠵᠠᠷ ᠤ᠋ᠨ ᠪᠠᠷᠤᠭᠴᠠᠭᠠᠨ ᠳ᠋ᠤ᠌ ᠴᠡᠩᠬᠡᠷ ᠤᠲᠤᠭ᠎ᠠ ᠦᠷᠭᠦᠯᠵᠢᠯᠡᠨ ᠮᠠᠨᠠᠷᠠᠵᠤ ᠪᠠᠢᠨ᠎ᠠ ᠭᠡᠵᠦ ᠰᠦᠷ ᠪᠠᠳᠠᠷᠠᠭᠤᠯᠤᠨ ᠲᠠᠢᠯᠪᠤᠷᠢᠯᠠᠨ᠎ᠠ᠃ ᠳᠣᠣᠷ᠎ᠠ ᠨᠢ ᠪᠠᠢᠭ᠎ᠠ ᠬᠥᠮᠦᠰ᠄《ᠲᠡᠢᠨ!》 ᠭᠡᠳᠡᠭ ᠦᠭᠡ ᠶ᠋ᠢ ᠲᠡᠳᠦᠢ ᠯᠡ ᠦᠨᠡᠮᠰᠢᠬᠦ ᠦᠭᠡᠢ ᠪᠠᠢᠪᠠᠴᠤ《ᠬᠡᠨ ᠨᠢ ᠬᠡᠨ ᠲᠡᠢ ᠪᠡᠨ ᠳᠠᠢᠳᠤᠵᠤ ᠪᠠᠢᠨ᠎ᠠ ᠪᠣᠢ?》 ᠭᠡᠵᠦ ᠭᠠᠢᠬᠠᠨ᠎ᠠ᠃ ᠭᠡᠲᠡᠯ᠎ᠡ ᠴᠣᠬᠣᠮ ᠬᠡᠨ ᠨᠢ ᠬᠠᠮᠢᠭ᠎ᠠ ᠠ᠋ᠴᠠ ᠮᠡᠳᠡᠭᠰᠡᠨ ᠢ᠋ ᠪᠤᠤ ᠮᠡᠳᠡ!《ᠣᠷᠣᠰ᠂ ᠮᠣᠩᠭᠣᠯ ᠬᠣᠯᠢᠯᠳᠤᠭᠰᠠᠨ ᠪᠠᠬᠠᠨ ᠠᠮᠢᠲᠠᠳ ᠭᠠᠮᠢᠩ ᠢ᠋ ᠭᠡᠨᠡᠳᠲᠡ ᠳᠠᠭᠠᠷᠢᠨ ᠳᠠᠢᠳᠤᠪᠠ》 ᠭᠡᠰᠡᠨ ᠶᠠᠷᠢᠶ᠎ᠠ ᠨᠥᠭᠦᠭᠡ ᠭᠤᠳᠤᠮᠵᠢᠨ ᠤ᠋ ᠬᠥᠮᠦᠰ ᠡᠴᠡ ᠳᠠᠮᠵᠢᠨ ᠢᠷᠡᠪᠡ᠃  
       ᠡᠨᠡ ᠪᠣᠯ ᠪᠠᠶᠠᠷ《ᠭᠠᠮᠢᠩ ᠲᠠᠢ ᠳᠠᠢᠳᠤᠪᠠ》 ᠭᠡᠰᠡᠨ ᠦ᠌ ᠬᠢᠨᠢ ᠬᠤᠪᠢ ᠬᠥᠮᠦᠰ ᠦ᠋ᠨ ᠴᠢᠷᠠᠢ ᠳ᠋ᠤ᠌ ᠢᠨᠢᠶᠡᠮᠰᠦᠭᠯᠡᠯ ᠲᠣᠳᠣᠷᠠᠪᠠ᠃ ᠢᠯᠠᠩᠭᠤᠶ᠎ᠠ ᠪᠠᠯᠳᠠᠨᠴᠡᠷᠢᠩ ᠳ᠋ᠦ᠍ ᠡᠨᠡ ᠦᠭᠡ ᠰᠣᠨᠣᠰᠤᠭᠳᠠᠬᠤ ᠲᠠᠢ ᠪᠠᠨ ᠵᠡᠷᠭᠡ ᠣᠯᠠᠨ ᠬᠣᠨᠣᠭ ᠤ᠋ᠨ ᠲᠤᠷᠰᠢ ᠬᠠᠳᠠᠭᠠᠯᠠᠭᠳᠠᠭᠰᠠᠨ ᠭᠤᠨᠢᠭ ᠢ᠋ ᠨᠢ ᠣᠷᠣ ᠲᠠᠰᠤ ᠮᠠᠷᠲᠠᠭᠳᠠᠭᠤᠯᠤᠭᠠᠳ ᠣᠷᠣᠨ ᠳ᠋ᠤᠨᠢ᠄《ᠡᠨᠡ ᠭᠠᠮᠢᠩ ᠲᠠᠢ ᠳᠠᠢᠳᠤᠭᠴᠢ ᠨᠢ ᠬᠠᠮᠢᠭᠠᠬᠢ ᠶ᠋ᠢᠨ ᠬᠡᠨ ᠭᠡᠭᠴᠢ ᠪᠠᠢᠳᠠᠭ ᠶᠤᠮ ᠪᠣᠯ ᠳᠠ!》 ᠭᠡᠳᠡᠭ ᠪᠣᠳᠣᠯ ᠲᠥᠷᠥᠭᠦᠯᠪᠡ᠃ ᠥᠭᠡᠷ᠎ᠡ ᠬᠥᠮᠦᠰ ᠴᠦ᠍ ᠥᠭᠡᠷ᠎ᠡ ᠴᠦ᠍ ᠦᠭᠡᠢ ᠮᠥᠨ ᠯᠡ ᠡᠨᠡ ᠠᠰᠠᠭᠤᠳᠠᠯ ᠢ᠋ ᠭᠣᠴᠣ ᠭᠣᠢᠳᠠ ᠴᠢᠬᠢ ᠲᠠᠯᠪᠢᠨ ᠠᠩᠬᠠᠷᠴᠤ《ᠬᠠᠮᠢᠭᠠᠬᠢ ᠶ᠋ᠢᠨ ᠬᠡᠨ ᠭᠡᠭᠴᠢ ᠪᠣᠢ?》 ᠭᠡᠵᠦ ᠪᠡᠶ᠎ᠡ ᠪᠡᠶ᠎ᠡ ᠡᠴᠡ ᠪᠡᠨ ᠠᠰᠠᠭᠤᠨ ᠱᠤᠤᠭᠢᠯᠳᠤᠨ᠎ᠠ᠃ ᠲᠡᠭᠡᠭᠡᠳ ᠤᠯᠠ ᠮᠥᠷ ᠢ᠋ ᠬᠡᠨ ᠴᠦ᠍ ᠣᠯᠵᠤ ᠠᠪᠴᠤ ᠴᠢᠳᠠᠭ᠎ᠠ ᠦᠭᠡᠢ ᠪᠠᠢᠲᠠᠯ᠎ᠠ᠂ ᠦᠶ᠎ᠡ ᠦᠶ᠎ᠡ ᠨᠦᠷᠭᠢᠯᠡᠵᠦ ᠪᠠᠢᠭᠰᠠᠨ ᠦᠬᠡᠷ ᠫᠤᠤ ᠶ᠋ᠢᠨ ᠴᠢᠮᠡᠭᠡ ᠲᠠᠭ ᠴᠢᠭ ᠪᠣᠯᠵᠤ᠂ ᠲᠤᠩᠭᠠᠯᠠᠭ ᠡᠳᠦᠷ ᠦ᠋ᠨ ᠨᠠᠷᠠ ᠴᠦ᠍ ᠪᠠᠷᠠᠭᠤᠨ᠎ᠠ ᠤᠨᠠᠨ᠂ ᠶᠠᠭᠤ ᠶᠠᠭᠤ ᠦᠭᠡᠢ ᠵᠢᠷᠭᠠᠬᠤ ᠪᠣᠯᠪᠠ᠃  
       ᠲᠡᠭᠡᠬᠦ ᠳ᠋ᠦ᠍ ᠬᠥᠮᠦᠰ ᠮᠥᠨ ᠯᠡ ᠭᠤᠳᠤᠮᠵᠢ ᠵᠡᠭᠡᠯᠢ ᠳ᠋ᠡᠭᠡᠨ᠂ ᠨᠢᠯᠬ᠎ᠠ ᠨᠢᠷᠠᠢ ᠪᠠᠭᠠᠴᠤᠳ ᠲᠠᠢ ᠪᠣᠯᠪᠠᠴᠤ ᠲᠡᠭᠦᠨ ᠢ᠋ᠶ᠋ᠡᠨ ᠲᠡᠪᠡᠷᠢᠨ ᠰᠡᠳᠬᠢᠯ ᠲᠦᠭᠰᠢᠨ ᠵᠡᠭᠦᠨ ᠢ᠋ ᠰᠢᠷᠲᠡᠨ᠎ᠡ᠃ ᠣᠷᠣᠢ ᠶ᠋ᠢᠨ ᠨᠠᠷᠠ ᠵᠢᠷᠭᠠᠬᠤ ᠶ᠋ᠢᠨ ᠡᠮᠦᠨᠡᠬᠡᠨ ᠠᠰᠢᠭᠦᠢ ᠨᠢᠭᠡ ᠮᠡᠳᠡᠭᠡ ᠢᠷᠡᠭᠦᠯᠬᠦ ᠳ᠋ᠡᠭᠡᠨ᠄《ᠴᠠᠭᠠᠨ ᠣᠷᠣᠰ ᠤ᠋ᠨ ᠶᠡᠬᠡ ᠵᠠᠩᠵᠤᠨ ᠪᠠᠷᠤᠨ ᠣᠩᠭ᠌ᠸᠷᠠᠨ ᠭᠡᠭᠴᠢ ᠭᠠᠮᠢᠩ ᠲᠠᠢ ᠳᠠᠢᠳᠤᠭᠰᠠᠨ ᠭᠡᠨ᠎ᠡ!》 ᠭᠡᠳᠡᠭ ᠶᠠᠷᠢᠶ᠎ᠠ ᠳᠡᠭᠳᠡᠪᠡ᠃《ᠲᠡᠭᠡᠭᠡᠳ ᠶᠠᠭᠤ ᠪᠣᠯᠭᠠᠪᠠ? ᠭᠠᠮᠢᠩ ᠤ᠋ᠳ ᠢ᠋ ᠳᠡᠢᠯᠦᠭᠡ ᠤᠤ?》 ᠭᠡᠬᠦ ᠳ᠋ᠦ᠍ ᠪᠠᠰᠠ ᠴᠦ᠍ ᠲᠠᠪᠠᠲᠠᠢ ᠭᠣᠢᠳᠠ ᠬᠠᠷᠢᠭᠤ ᠠᠯᠠᠭ᠎ᠠ᠃ ᠵᠥᠪᠬᠡᠨ《ᠭᠠᠮᠢᠩ ᠤ᠋ᠳ ᠡᠳᠦᠷ ᠲᠡᠳᠦᠢ ᠪᠡᠷ ᠢ᠋ᠶ᠋ᠡᠨ ᠬᠢᠳᠤᠭᠳᠠᠭᠰᠠᠨ ᠪᠣᠢ!》 ᠭᠡᠳᠡᠭ ᠶᠠᠷᠢᠶ᠎ᠠ ᠪᠣᠢ ᠪᠣᠯᠤᠭᠰᠠᠨ ᠢ᠋ᠶ᠋ᠠᠨ ᠲᠡᠷᠡ ᠳᠣᠣᠷᠠᠬᠠᠨ ᠢ᠋ᠶ᠋ᠠᠨ《ᠪᠣᠢ!》 ᠭᠡᠰᠡᠨ ᠬᠦᠰᠡᠮᠵᠢᠯᠡᠯ ᠦ᠋ᠨ ᠦᠭᠡ《ᠭᠡᠨ᠎ᠡ ᠠ᠋》 ᠪᠣᠯᠤᠨ ᠬᠤᠪᠢᠷᠠᠪᠠ᠃  
       ᠰᠥᠨᠢ ᠪᠠᠯᠳᠠᠨᠴᠡᠷᠢᠩ ᠦ᠋ᠨ ᠨᠣᠢᠷ ᠬᠤᠯᠵᠢᠯ᠎ᠠ᠃  ᠤᠷᠢᠳ ᠤᠷᠢᠳᠤᠬᠢ ᠶ᠋ᠢᠨ ᠰᠥᠨᠢ ᠨᠦ᠍ᠭᠦᠳ ᠲᠦ᠍᠄ ᠮᠢᠨᠦ ᠢᠷᠡᠭᠡᠳᠦᠢ ᠶ᠋ᠢᠨ ᠠᠮᠢᠳᠤᠷᠠᠯ ᠳ᠋ᠤ᠌ ᠵᠢᠷᠭᠠᠬᠤ ᠴᠡᠩᠭᠡᠬᠦ᠂ ᠢᠨᠢᠶᠡᠨ ᠪᠠᠶᠠᠰᠬᠤ ᠶᠠᠭᠤ ᠴᠦ᠍ ᠪᠠᠢᠬᠤ ᠦᠭᠡᠢ᠃ ᠪᠠᠢᠬᠤ ᠠ᠋ᠴᠠ ᠵᠥᠪᠬᠡᠨ ᠭᠠᠰᠠᠯᠠᠩ ᠳ᠋ᠤ᠌ ᠳᠠᠷᠤᠭᠳᠠᠭᠰᠠᠨ ᠪᠦᠭᠴᠢᠮ ᠠᠮᠢᠰᠬᠤᠯ᠂ ᠵᠣᠪᠠᠯᠠᠩ ᠳ᠋ᠤ᠌ ᠨᠡᠷᠪᠡᠭᠳᠡᠭᠰᠡᠨ ᠵᠣᠪᠠᠯᠭᠠᠨ ᠪᠡᠶ᠎ᠡ ᠯᠡ ᠪᠠᠢᠨ᠎ᠠ ᠭᠡᠵᠦ ᠪᠣᠳᠣᠳᠠᠭ ᠪᠠᠢᠭᠰᠠᠨ ᠨᠢ ᠣᠳᠣ ᠣᠷᠣ ᠮᠥᠷ ᠦᠭᠡᠢ ᠪᠣᠯᠵᠤ᠂ ᠣᠷᠣᠨ ᠳ᠋ᠤᠨᠢ ᠡᠳᠦᠷ ᠦ᠋ᠨ ᠪᠣᠯᠤᠭᠰᠠᠨ ᠲᠡᠢᠨ ᠦ᠌ ᠴᠤᠤᠷᠢᠶ᠎ᠠ ᠲᠡᠭᠦᠨ ᠦ᠌ ᠤᠳᠠᠭ᠎ᠠ ᠳᠠᠷᠠᠭᠠᠯᠠᠨ ᠰᠣᠨᠣᠰᠤᠭᠳᠠᠭᠰᠠᠨ ᠦᠬᠡᠷ ᠫᠤᠤ ᠶ᠋ᠢᠨ ᠠᠪᠢᠶ᠎ᠠ ᠠ᠋ᠴᠠ ᠡᠬᠢᠯᠡᠭᠡᠳ᠄《ᠡᠨᠡ ᠴᠠᠭᠠᠨ ᠣᠷᠣᠰ ᠤ᠋ᠨ ᠬᠡᠨ ᠬᠠᠮᠢᠭ᠎ᠠ ᠠ᠋ᠴᠠ ᠭᠡᠨᠡᠳᠲᠡ ᠭᠠᠷᠤᠭᠠᠳ ᠢᠷᠡᠪᠡ? ᠡᠳᠡᠨ ᠦ᠌ ᠡᠴᠦᠰ ᠦ᠋ᠨ ᠵᠣᠷᠢᠯᠭ᠎ᠠ ᠴᠣᠬᠣᠮ ᠶᠠᠭᠤ ᠪᠠᠢᠵᠤ ᠲᠠᠭᠠᠷᠠᠬᠤ ᠪᠣᠢ?》 ᠭᠡᠬᠦᠴᠢᠯᠡᠨ᠂ ᠡᠯᠳᠡᠪ ᠤᠴᠢᠷ ᠨᠢ ᠦᠯᠦ ᠣᠯᠳᠠᠬᠤ ᠡᠳᠦᠢ ᠲᠡᠳᠦᠢ ᠶᠠᠭᠤᠮ᠎ᠠ ᠶ᠋ᠢ ᠵᠠᠢ ᠵᠠᠪᠰᠠᠷ ᠦᠭᠡᠢ ᠪᠣᠳᠣᠬᠤ ᠪᠣᠯᠪᠠ᠃ ᠰᠥᠨᠢ ᠳᠤᠮᠳᠠ ᠠ᠋ᠴᠠ ᠬᠣᠢᠰᠢ ᠠᠷᠠᠢᠬᠠᠨ ᠤᠨᠲᠠᠭᠠᠳ ᠥᠷᠯᠥᠭᠡ ᠡᠷᠲᠡᠯᠡᠨ ᠪᠣᠰᠴᠤ ᠭᠠᠳᠠᠭᠰᠢ ᠭᠠᠷᠤᠯ᠎ᠠ᠃ ᠲᠡᠭᠦᠨ ᠦ᠌ ᠡᠢᠨᠬᠦ ᠡᠷᠲᠡᠯᠡᠨ ᠭᠠᠷᠤᠭᠰᠠᠨ ᠤᠴᠢᠷ ᠶᠠᠭᠤ ᠪᠣᠢ ᠭᠡᠪᠡᠯ ᠤᠷᠢᠳ ᠰᠥᠨᠢ ᠶ᠋ᠢᠨ ᠢ᠋ᠶ᠋ᠡᠨ ᠪᠣᠳᠣᠭᠰᠠᠨ ᠤ᠋ ᠤᠴᠢᠷ ᠢ᠋ ᠣᠯᠬᠤ ᠶ᠋ᠢ ᠯᠡ ᠬᠦᠰᠡᠵᠡᠢ᠃ ᠥᠪᠡᠷ ᠦ᠋ᠨ ᠢ᠋ᠶ᠋ᠡᠨ ᠭᠤᠳᠤᠮᠵᠢ ᠶ᠋ᠢ ᠠᠷᠤ ᠳ᠋ᠠᠭᠠᠨ ᠣᠷᠬᠢᠨ᠂ ᠥᠭᠡᠷ᠎ᠡ ᠭᠤᠳᠤᠮᠵᠢᠨ᠎ᠠ ᠣᠷᠣᠩᠭᠤᠲᠠ ᠪᠠᠨ ᠡᠪᠦᠭᠡᠨ ᠡᠮᠡᠭᠡᠨ ᠬᠣᠶᠠᠷ ᠤ᠋ᠨ ᠠᠭᠤᠷ ᠬᠢᠯᠢᠩ ᠪᠣᠯᠤᠨ ᠬᠡᠷᠡᠯᠳᠦᠵᠦ ᠪᠠᠢᠭ᠎ᠠ ᠲᠠᠢ ᠳᠠᠭᠠᠷᠢᠯᠳᠤᠪᠠ᠃ ᠡᠳᠡᠨ ᠦ᠌ ᠶᠠᠪᠤᠳᠠᠯ ᠢ᠋ ᠰᠣᠨᠣᠰᠬᠤ ᠳ᠋ᠤ᠌ ᠡᠮᠡᠭᠡᠨ ᠨᠢ᠂ ᠥᠷᠯᠥᠭᠡᠨ ᠦ᠌ ᠪᠡᠨ  ᠴᠠᠢ ᠶ᠋ᠢᠨ ᠳᠡᠭᠡᠵᠢ ᠡᠷᠭᠦᠵᠦ ᠪᠠᠢᠬᠤ ᠳ᠋ᠤᠨᠢ ᠡᠪᠦᠭᠡᠨ ᠳᠠᠭᠠᠷᠢᠯᠳᠤᠪᠠ᠃ 
       — ᠦᠭᠡᠢ ᠴᠢ ᠵᠦᠭ ᠦ᠋ᠨ ᠮᠠᠭᠤ ᠵᠡᠭᠦᠨ ᠤᠷᠤᠭᠤ ᠴᠠᠢ ᠡᠷᠭᠦᠬᠦ ᠴᠢᠨᠢ ᠶᠠᠭᠤ ᠪᠣᠢ? ᠭᠡᠰᠡᠨ ᠠᠵᠢ᠃ ᠬᠠᠷᠢᠭᠤ ᠳ᠋ᠤᠨᠢ ᠡᠮᠡᠭᠡᠨ᠄ 
       — ᠵᠦᠭ ᠦ᠋ᠨ ᠮᠠᠭᠤ ᠵᠡᠭᠦᠨ ᠬᠣᠢᠰᠢ ᠭᠡᠬᠦ ᠶᠠᠭᠤ ᠪᠠᠢᠬᠤᠪ᠂ ᠵᠦᠭᠡᠷ ᠥᠴᠥᠭᠡᠳᠦᠷ ᠦ᠋ᠨ ᠭᠠᠮᠢᠩ ᠲᠠᠢ ᠳᠠᠢᠳᠤᠭᠰᠠᠨ ᠴᠠᠭᠠᠨ ᠤ᠋ ᠬᠢᠨ ᠭᠡᠭᠴᠢ ᠳ᠋ᠦ᠍ ᠯᠡ ᠳᠡᠭᠡᠵᠢ ᠡᠷᠭᠦᠵᠦ ᠪᠠᠢᠨ᠎ᠠ ᠭᠡᠰᠡᠨ ᠪᠣᠯᠤᠯᠲᠠᠢ᠂ ᠭᠡᠲᠡᠯ᠎ᠡ ᠡᠪᠦᠭᠡᠨ᠄ 
       — ᠡᠷᠭᠦᠵᠦ ᠪᠠᠢᠭ᠎ᠠ ᠡᠨᠡ ᠳᠡᠭᠡᠵᠢ ᠴᠢᠨᠢ ᠴᠠᠭᠠᠰᠢ ᠪᠠᠨ ᠶᠠᠪᠤᠴᠢᠬᠠᠭᠰᠠᠨ ᠴᠠᠭᠠᠨ ᠤ᠋ ᠬᠢᠨ ᠳ᠋ᠦ᠍ ᠪᠢᠰᠢ᠂ ᠨᠠᠭᠠᠨ᠎ᠠ ᠨᠢ ᠪᠠᠢᠭ᠎ᠠ ᠭᠠᠮᠢᠩ ᠤ᠋ᠨ ᠲᠥᠯᠥᠭᠡ ᠪᠣᠯᠬᠤ ᠪᠢᠰᠢᠦ? ᠭᠡᠵᠦ ᠳᠣᠭᠣᠭᠢᠯᠠᠭᠰᠠᠨ ᠠ᠋ᠴᠠ ᠬᠡᠷᠡᠭᠦᠯ ᠡᠭᠦᠰᠦᠭᠰᠡᠨ ᠪᠠᠢᠪᠠ᠃ ᠬᠠᠷᠢᠭᠤ ᠳ᠋ᠤᠨᠢ ᠪᠠᠯᠳᠠᠨᠴᠡᠷᠢᠩ᠄ 
       — ᠬᠥᠮᠦᠨ᠂ ᠬᠥᠮᠦᠨ ᠦ᠌ ᠪᠣᠳᠣᠯ ᠬᠦᠰᠡᠯ ᠶᠠᠭ ᠯᠠ ᠲᠡᠷᠡ ᠬᠥᠮᠦᠨ ᠳ᠋ᠡᠭᠡᠨ ᠵᠥᠪ ᠲᠡᠢ! ᠭᠡᠳ ᠴᠠᠭᠠᠨ ᠣᠷᠣᠰ ᠤ᠋ᠨ ᠴᠠᠭᠠᠰᠢ ᠪᠠᠨ ᠲᠠᠯᠢᠢᠨ ᠣᠳᠤᠭᠰᠠᠨ ᠢ᠋ ᠣᠯᠵᠤ ᠮᠡᠳᠡᠭᠰᠡᠨ ᠢ᠋ᠶ᠋ᠡᠨ ᠣᠯᠵᠠᠭᠤᠷᠬᠠᠨ ᠨᠥᠭᠦᠭᠡ ᠬᠣᠶᠠᠷ ᠠ᠋ᠴᠠ ᠬᠣᠯᠠᠳᠤᠨ ᠶᠠᠪᠤᠯ᠎ᠠ᠃  
       ᠶᠡᠷᠦ ᠤᠷᠢᠳ ᠰᠥᠨᠢ ᠪᠣᠭᠳᠠ ᠶ᠋ᠢᠨ ᠬᠦᠷᠢᠶᠡᠨ ᠦ᠌ ᠬᠢᠨ ᠪᠠᠯᠳᠠᠨᠴᠡᠷᠢᠩ ᠦ᠋ᠨ ᠠᠳᠠᠯᠢ ᠡᠯᠳᠡᠪ ᠢ᠋ ᠪᠣᠳᠣᠨ ᠨᠣᠢᠷ ᠮᠠᠭᠤᠲᠠᠢ ᠬᠣᠨᠣᠭᠠᠳ᠂ ᠥᠷᠯᠥᠭᠡ ᠡᠷᠲᠡ ᠪᠣᠰᠤᠨ᠂ ᠠᠭᠤᠯᠵᠠᠯᠳᠤᠵᠤ ᠤᠴᠢᠷ ᠶᠠᠪᠤᠳᠠᠯ ᠢ᠋ ᠪᠦᠷᠢᠨ ᠮᠡᠳᠡᠬᠦ ᠭᠡᠰᠡᠨ ᠪᠣᠯᠤᠯᠲᠠᠢ᠂ ᠨᠠᠷᠠ ᠳᠥᠩᠭᠡᠵᠦ ᠭᠠᠷᠤᠮᠠᠭᠴᠠ ᠭᠤᠳᠤᠮᠵᠢ ᠪᠣᠯᠭᠠᠨ᠎ᠠ ᠬᠥᠮᠦᠨ ᠪᠣᠢ ᠪᠣᠯᠤᠨ ᠬᠡᠳᠦ ᠭᠤᠷᠪᠠ ᠪᠠᠷ ᠢ᠋ᠶ᠋ᠠᠨ ᠪᠥᠭᠡᠮᠨᠡᠷᠡᠨ ᠬᠡᠯᠡᠯᠴᠡᠨ᠎ᠡ᠃ ᠡᠳᠡᠨ ᠦ᠌ ᠳᠤᠮᠳᠠ ᠪᠠᠯᠳᠠᠨᠴᠡᠷᠢᠩ ᠦᠭᠡ ᠴᠢᠩᠨᠠᠨ ᠵᠠᠭᠤᠷ᠎ᠠ ᠵᠠᠭᠤᠷ᠎ᠠ ᠵᠣᠭᠰᠣᠨ ᠶᠠᠪᠤᠭᠰᠠᠭᠠᠷ ᠡᠳᠦᠷ ᠳᠤᠮᠳᠠ ᠬᠦᠷᠪᠡ᠃ ᠡᠨᠡ ᠵᠠᠭᠤᠷ᠎ᠠ ᠪᠠᠯᠳᠠᠨᠴᠡᠷᠢᠩ᠄ ᠴᠠᠭᠠᠨ ᠣᠷᠣᠰ ᠤ᠋ᠨ ᠵᠠᠩᠵᠤᠨ ᠪᠡᠷᠤᠨ ᠣᠩᠭ᠌ᠸᠷᠠᠨ ᠭᠡᠭᠴᠢ ᠣᠷᠣᠰ᠂ ᠮᠣᠩᠭᠣᠯ ᠴᠡᠷᠢᠭ ᠲᠡᠢ ᠪᠡᠷ ᠮᠠᠢᠮᠠᠢ ᠬᠣᠲᠠ ᠶ᠋ᠢᠨ ᠵᠡᠭᠦᠨ ᠬᠣᠢᠲᠤᠬᠢ ᠤᠯᠢᠶᠠᠰᠤᠲᠠᠢ ᠶ᠋ᠢᠨ ᠠᠮᠠ ᠶ᠋ᠢ ᠤᠷᠤᠭᠤᠳᠠᠨ ᠭᠡᠨᠡᠳᠲᠡ ᠣᠷᠣᠵᠤ ᠢᠷᠡᠨ ᠭᠠᠮᠢᠩ ᠢ᠋ ᠳᠣᠪᠲᠣᠯᠬᠤ ᠳ᠋ᠤ᠌ ᠥᠭᠡᠳᠡ ᠡᠴᠡ ᠨᠢ ᠭᠠᠮᠢᠩ ᠤ᠋ᠨ ᠭᠠᠭᠴᠠ ᠬᠣᠷᠢᠶ᠎ᠠ ᠤᠭᠲᠤᠨ ᠪᠠᠢᠯᠳᠤᠵᠤ ᠪᠤᠴᠠᠭᠠᠭᠰᠠᠨ ᠢ᠋ ᠲᠣᠳᠣᠷᠬᠠᠢ ᠮᠡᠳᠡᠪᠡ᠃ ᠲᠡᠭᠡᠭᠡᠳ ᠴᠣᠬᠣᠮ ᠬᠡᠨ ᠨᠢ ᠬᠡᠨ ᠢ᠋ ᠪᠡᠨ ᠬᠣᠬᠢᠷᠠᠭᠠᠭᠰᠠᠨ ᠢ᠋ ᠨᠢ ᠰᠣᠨᠢᠷᠬᠠᠨ ᠴᠢᠬᠢ ᠲᠠᠯᠪᠢᠬᠤ ᠳ᠋ᠤ᠌《ᠭᠠᠮᠢᠩ ᠤ᠋ᠳ ᠡᠳᠦᠢ ᠲᠡᠳᠦᠢ ᠪᠡᠷ ᠢ᠋ᠶ᠋ᠡᠨ ᠬᠢᠳᠤᠭᠳᠠᠭᠰᠠᠨ ᠭᠡᠨ᠎ᠡ》 ᠭᠡᠬᠦ ᠡᠴᠡ ᠥᠭᠡᠷ᠎ᠡ ᠭᠣᠢᠳᠠ ᠶᠠᠭᠤᠮ᠎ᠠ ᠬᠡᠨ ᠴᠦ᠍ ᠦᠯᠦ ᠶᠠᠷᠢᠬᠤ ᠠᠵᠢ᠃ ᠭᠡᠪᠡᠴᠦ ᠪᠠᠯᠳᠠᠨᠴᠡᠷᠢᠩ᠂ ᠪᠠᠷᠤᠨ ᠤᠩᠭᠧᠷᠠᠨ ᠤ᠋ ᠪᠤᠴᠠᠨ ᠣᠳᠤᠭᠰᠠᠨ ᠢ᠋ᠶ᠋ᠠᠷ ᠨᠢ ᠲᠡᠭᠦᠨ ᠦ᠌ ᠬᠦᠴᠦᠨ ᠮᠡᠬᠦᠰᠳᠡᠨ ᠠᠶ᠎ᠠ ᠦᠭᠡᠢ ᠪᠣᠯ ᠤᠬᠠᠭᠠᠨ ᠵᠢᠯᠣᠭᠣ ᠦᠭᠡᠢ ᠵᠢᠭᠤᠲᠠᠭᠰᠠᠨ ᠬᠡᠷᠡᠭ ᠪᠣᠯᠪᠠ ᠤᠤ ᠭᠡᠵᠦ ᠳᠣᠲᠣᠷ᠎ᠠ ᠪᠠᠨ ᠰᠠᠨᠠᠨ ᠰᠡᠵᠢᠭᠯᠡᠪᠡ᠃ ᠭᠡᠲᠡᠯ᠎ᠡ ᠬᠥᠮᠦᠰ ᠦ᠋ᠨ ᠶᠠᠷᠢᠶᠠᠨ ᠡᠢᠮᠦ ᠪᠢᠰᠢ᠂《ᠡᠨᠡ ᠮᠠᠭᠤ ᠴᠢᠨᠳᠠᠷᠤᠤ ᠨᠤᠭᠤᠳ ᠥᠪᠡᠷ ᠦ᠋ᠨ ᠡᠷᠬᠡ ᠦᠭᠡᠢ ᠰᠥᠨᠥᠨ᠎ᠡ》 ᠭᠡᠵᠦ ᠪᠠᠶᠠᠷ ᠬᠥᠷ ᠪᠣᠯᠬᠤ ᠶ᠋ᠢᠨ ᠢ᠋ᠶ᠋ᠡᠨ ᠵᠡᠷᠭᠡᠴᠡᠭᠡ ᠪᠡᠷ ᠪᠠᠷᠤᠨ ᠤᠩᠭᠧᠷᠠᠨ ᠢ᠋ ᠣᠳᠣ ᠬᠡᠵᠢᠶ᠎ᠡ ᠬᠡᠵᠢᠶ᠎ᠡ ᠦᠭᠡᠢ ᠢᠷᠡᠨ᠎ᠡ ᠭᠡᠵᠦ ᠵᠡᠭᠦᠨ ᠵᠦᠭ ᠢ᠋ ᠪᠠᠢᠨ ᠪᠠᠢᠨ ᠰᠢᠷᠲᠡᠬᠦ ᠠᠶᠠᠲᠠᠢ ᠪᠠᠢᠬᠤ ᠠᠵᠢ᠃ 
       ᠡᠴᠦᠰ ᠲᠦ᠋ᠨᠢ ᠪᠠᠯᠳᠠᠨᠴᠡᠷᠢᠩ ᠭᠡᠳᠡᠷᠭᠦ ᠪᠤᠴᠠᠬᠤ ᠵᠠᠮ ᠳ᠋ᠠᠭᠠᠨ ᠨᠢᠭᠡ ᠭᠤᠳᠤᠮᠵᠢᠨ ᠤ᠋ ᠪᠤᠯᠤᠩ ᠳᠡᠭᠡᠷ᠎ᠡ᠂ ᠪᠤᠰᠤᠳ ᠢ᠋ ᠪᠣᠳᠣᠪᠠᠯ ᠠᠪᠤᠨ ᠰᠠᠪᠤᠨ ᠳᠡᠮᠡᠢ ᠶᠠᠷᠢᠮ᠎ᠠ ᠦᠭᠡᠢ ᠪᠠᠢᠳᠠᠯ ᠲᠠᠢ ᠬᠣᠶᠠᠷ ᠬᠥᠮᠦᠨ ᠦ᠌ ᠰᠠᠭᠤᠨ ᠶᠠᠷᠢᠯᠴᠠᠵᠤ ᠪᠠᠢᠭᠰᠠᠨ ᠠ᠋ᠴᠠ ᠨᠢᠭᠡ ᠵᠦᠢᠯ ᠢ᠋ ᠲᠣᠳᠣᠷᠬᠠᠢ ᠣᠯᠵᠤ ᠰᠣᠨᠣᠰᠪᠠ᠃ ᠡᠨᠡ ᠨᠢ᠂ 
       — ᠪᠠᠷᠤᠨ ᠤᠩᠭᠧᠷᠠᠨ ᠤ᠋ ᠬᠢᠨ ᠬᠣᠢᠰᠢ ᠤᠬᠤᠷᠢᠬᠤ ᠳ᠋ᠠᠭᠠᠨ ᠵᠢᠷᠭᠤᠭᠠᠨ ᠮᠣᠷᠢ ᠬᠥᠯᠦᠭᠰᠡᠨ ᠨᠢᠭᠡ ᠦᠬᠡᠷ ᠫᠤᠤ ᠪᠠᠨ ᠨᠠᠮᠤᠭ ᠲᠤ ᠰᠢᠭᠢᠳᠬᠡᠵᠦ ᠣᠷᠬᠢᠭᠠᠳ ᠳᠥᠩᠭᠡᠵᠦ ᠮᠣᠷᠢᠳ ᠢ᠋ᠶ᠋ᠠᠨ ᠰᠠᠯᠠᠭᠠᠨ ᠠᠪᠴᠤ ᠠᠮᠵᠢᠵᠤ ᠰᠢᠦ᠃ ᠭᠡᠲᠡᠯ᠎ᠡ ᠡᠷᠡᠰ ᠦ᠋ᠨ ᠰᠠᠢᠨ ᠨᠢ ᠲᠡᠢᠨ ᠪᠣᠢ ᠠ᠋ ᠭᠡᠳ ᠭᠠᠭᠴᠠᠭᠠᠷ ᠢ᠋ ᠨᠢ ᠬᠠᠶᠠᠭᠠᠳ ᠶᠠᠪᠤᠴᠢᠬᠠᠭᠰᠠᠨ ᠪᠠᠢᠪᠠ ᠭᠡᠵᠦ ᠬᠥᠬᠡ ᠴᠢᠰᠴᠡᠦ ᠳᠡᠪᠡᠯ ᠲᠡᠢ ᠳᠡᠭᠡᠳᠦ ᠤᠷᠤᠭᠤᠯ ᠳ᠋ᠠᠭᠠᠨ ᠰᠢᠨᠡᠬᠡᠨ ᠬᠠᠷ᠎ᠠ ᠰᠠᠬᠠᠯ ᠲᠠᠢ ᠬᠥᠮᠦᠨ ᠦ᠌ ᠬᠡᠯᠡᠬᠦ ᠳ᠋ᠦ᠍ ᠶ᠋ᠢᠨ ᠬᠠᠵᠠᠭᠤ ᠬᠢᠨᠢ ᠠᠷᠠᠢ ᠠᠬᠢᠮᠠᠭ ᠨᠠᠰᠤᠲᠠᠢ᠂ ᠬᠦᠷᠡᠩ ᠲᠣᠷᠭᠠᠨ ᠳᠡᠪᠡᠯ ᠲᠡᠢ ᠬᠥᠮᠦᠨ᠄  
       — ᠫᠧᠢ ᠠ᠋! ᠭᠡᠵᠦ ᠲᠣᠯᠣᠭᠠᠢ ᠰᠡᠭᠰᠦᠷᠦᠨ ᠭᠠᠰᠠᠯᠤᠭᠠᠳ᠄ ᠦᠭᠡᠢ ᠲᠡᠭᠡᠭᠡᠳ ᠲᠡᠷᠡ ᠡᠷ᠎ᠡ ᠶᠠᠭᠠᠬᠢᠭ᠎ᠠ ᠪᠣᠯ? 
       — ᠲᠡᠷᠡ ᠡᠷ᠎ᠡ ᠬᠠᠷᠠᠮᠰᠠᠯᠲᠠᠢ ᠨᠢ ᠠᠷᠭ᠎ᠠ ᠦᠭᠡᠢ ᠪᠣᠯᠪᠠᠴᠤ ᠮᠥᠨ ᠪᠠᠬᠠᠳᠤᠯᠲᠠᠢ! ᠭᠡᠳ ᠴᠠᠰᠢ ᠬᠡᠯᠡᠬᠦ ᠳ᠋ᠡᠭᠡᠨ᠄ ᠭᠠᠮᠢᠩ ᠤ᠋ᠨ ᠪᠠᠷᠤᠨ ᠤ᠋ ᠥᠭᠡᠳᠡ ᠡᠴᠡ ᠭᠠᠷᠤᠨ ᠪᠠᠢᠯᠳᠤᠭᠰᠠᠨ ᠬᠣᠷᠢᠶᠠᠨ ᠳᠠᠷᠤᠭ᠎ᠠ ᠥᠪᠡᠷᠰᠡᠳ ᠦ᠋ᠨ ᠢ᠋ᠶ᠋ᠡᠨ ᠵᠠᠩᠰᠢᠯ ᠢ᠋ᠶ᠋ᠠᠷ ᠳᠠᠢᠰᠤᠨ ᠤ᠋ ᠦᠬᠡᠷ ᠫᠤᠤ ᠶ᠋ᠢ ᠭᠠᠷ ᠢ᠋ᠶ᠋ᠠᠷ ᠣᠯᠵᠠᠯᠠᠨ ᠠᠪᠬᠤ ᠭᠡᠵᠦ ᠪᠦᠬᠦ ᠳᠣᠣᠷᠠᠲᠤ ᠳᠠᠷᠤᠭ᠎ᠠ ᠨᠠᠷ ᠢ᠋ᠶ᠋ᠠᠨ ᠳᠠᠭᠠᠭᠤᠯᠤᠨ ᠣᠴᠢᠭᠠᠳ ᠮᠣᠷᠢᠨ ᠠ᠋ᠴᠠ ᠪᠠᠨ ᠪᠠᠭᠤᠨ ᠣᠷᠣᠭᠰᠢ ᠲᠠᠪᠰᠢᠬᠤ ᠳ᠋ᠤᠨᠢ ᠥᠨᠥᠬᠢ ᠮᠣᠩᠭᠣᠯ ᠡᠷ᠎ᠡ ᠦᠬᠡᠷ ᠫᠤᠤ ᠶ᠋ᠢᠨ ᠠᠷᠤ ᠶ᠋ᠢᠨ ᠲᠡᠷᠡ ᠳᠠᠷᠤᠭ᠎ᠠ ᠶ᠋ᠢ ᠫᠤᠤᠳᠠᠨ ᠠᠯᠠᠭᠠᠳ᠂ ᠳᠠᠷᠠᠭ᠎ᠠ ᠨᠢ ᠥᠪᠡᠷ ᠢ᠋ ᠪᠡᠨ ᠫᠤᠤᠳᠠᠨ ᠥᠩᠭᠡᠷᠡᠵᠦ ᠰᠢᠦ ᠭᠡᠵᠦ ᠢᠨᠢᠶᠡᠮᠰᠦᠭᠯᠡᠨ ᠬᠡᠯᠡᠭᠰᠡᠨ ᠳ᠋ᠦ᠍ ᠬᠠᠵᠠᠭᠤ ᠠ᠋ᠴᠠ ᠨᠢ ᠪᠠᠯᠳᠠᠨᠴᠡᠷᠢᠩ᠄   
       — ᠦᠭᠡᠢ ᠮᠥᠨ ᠰᠠᠢᠨ ᠡᠷ᠎ᠡ! ᠭᠡᠵᠦ ᠥᠪᠡᠷ ᠦ᠋ᠨ ᠮᠠᠲᠠᠯ ᠦᠭᠡᠢ ᠳᠠᠭᠤ ᠠᠯᠳᠠᠪᠠ᠃ ᠡᠨᠡ ᠳᠠᠷᠤᠢ ᠨᠥᠭᠦᠭᠡ ᠬᠣᠶᠠᠷ ᠰᠣᠴᠢᠨ ᠪᠠᠯᠳᠠᠨᠴᠡᠷᠢᠩ ᠢ᠋ ᠬᠠᠷᠠᠪᠠ᠃ ᠵᠢᠰᠦ ᠴᠢᠷᠠᠢ ᠴᠣᠩᠬᠢᠷ ᠪᠣᠯᠤᠭᠠᠳ᠂ ᠦᠰᠦ ᠰᠠᠬᠠᠯ ᠬᠣᠶᠠᠷ ᠨᠢ ᠵᠢᠭᠲᠡᠢᠬᠡᠨ ᠤᠷᠭᠤᠭᠰᠠᠨ ᠤ᠋ ᠳᠡᠭᠡᠷ᠎ᠡ ᠣᠯᠠᠨ ᠬᠣᠨᠣᠭ ᠭᠠᠵᠠᠷ ᠰᠢᠷᠲᠡᠨ ᠭᠥᠯᠢᠷᠡᠭᠰᠡᠨ ᠨᠢᠳᠦ ᠨᠢ ᠬᠡᠳᠦᠢᠪᠡᠷ ᠢᠨᠢᠶᠡᠮᠰᠦᠭᠯᠡᠬᠦ ᠪᠣᠯᠪᠠᠴᠤ ᠬᠠᠷᠠᠭᠰᠠᠨ ᠵᠦᠭ ᠤᠷᠤᠭᠤ ᠪᠠᠨ ᠥᠷᠤᠮᠳᠤᠬᠦ ᠮᠡᠲᠦ ᠬᠤᠷᠴᠠ ᠲᠣᠰᠣᠨ ᠪᠦᠯᠲᠡᠢᠬᠦ ᠨᠢ ᠨᠢᠳᠦᠨ ᠳ᠋ᠦ᠍ ᠡᠷᠡᠭᠦᠯ ᠪᠢᠰᠢ ᠶ᠋ᠢᠨ ᠰᠢᠨᠵᠢ ᠲᠥᠯᠥᠪ ᠢ᠋ ᠦᠵᠡᠭᠦᠯᠦᠭᠰᠡᠨ ᠪᠠᠢᠵᠤ ᠮᠠᠭᠠᠳ᠃ ᠲᠡᠳᠡ ᠪᠠᠯᠳᠠᠨᠴᠡᠷᠢᠩ ᠢ᠋ ᠰᠣᠴᠢᠨ ᠠᠵᠢᠭᠰᠠᠨ ᠤ᠋ ᠳᠠᠷᠠᠭ᠎ᠠ᠂ ᠪᠡᠶ᠎ᠡ ᠪᠡᠨ ᠬᠠᠷᠠᠭᠠᠳ ᠦᠭᠡ ᠳᠠᠭᠤ ᠦᠭᠡᠢ ᠪᠣᠰᠤᠨ ᠶᠠᠪᠤᠪᠠ᠃ 

           ᠦᠰᠦᠭ ᠠᠮᠢᠯᠠᠭᠤᠯᠤᠭᠴᠢ᠄  ᠪᠠᠭᠠᠲᠤᠷ