ᠤᠨᠠᠭᠰᠠᠨ ᠰᠢᠷᠣᠢ ᠨᠤᠲᠤᠭ ᠮᠢᠨᠢ ᠮᠣᠩᠭᠣᠯ-ᠪᠤᠤᠬᠢᠶ᠎ᠠ 20251018Унасан шороо нутаг минь монгол-буухиа
ᠤᠨᠠᠭᠰᠠᠨ ᠰᠢᠷᠣᠢ ᠨᠤᠲᠤᠭ ᠮᠢᠨᠢ ᠮᠣᠩᠭᠣᠯ
ᠤᠨᠠᠭᠰᠠᠨ ᠰᠢᠷᠣᠢ ᠨᠤᠲᠤᠭ ᠮᠢᠨᠢ ᠮᠣᠩᠭᠣᠯ
ᠤᠶᠠᠩᠭᠠᠯᠠᠨ ᠳᠠᠭᠤᠯᠠᠬᠤ ᠳᠠᠭᠤᠤ ᠮᠢᠨᠢ ᠮᠣᠩᠭᠣᠯ
ᠤᠭᠰᠠᠭ᠎ᠠ ᠵᠠᠯᠭᠠᠬᠤ ᠤᠳᠤᠮ ᠮᠢᠨᠢ ᠮᠣᠩᠭᠣᠯ
ᠤᠬᠠᠭᠠᠷᠠᠵᠤ ᠠᠮᠢᠳᠤᠷᠠᠬᠤ ᠬᠣᠷᠸ᠎ᠠ ᠮᠢᠨᠢ ᠮᠣᠩᠭᠣᠯ
《 ᠵᠥᠪ ᠪᠢᠴᠢᠯᠭᠡ ᠶᠢᠰᠦᠳᠦᠭᠡᠷ ᠰᠦᠯᠳᠡ ᠬᠣᠯᠪᠣᠭᠠᠨ ᠤ᠋ ᠭᠡᠰᠢᠭᠦᠳ 》 ᠡᠴᠡ᠄
1. ᠪᠠᠶᠠᠩᠬᠠᠩᠭᠠᠢ ᠄
ᠮᠣᠷᠢ ᠮᠢᠨᠢ ᠦᠭᠡᠢ ᠪᠣᠯ ᠪᠢ ᠵᠠᠭᠤᠷᠲᠤ ᠶ᠋ᠢᠨ ᠶᠠᠪᠠᠭᠠᠨ
ᠮᠣᠩᠭᠣᠯ ᠮᠢᠨᠢ ᠦᠭᠡᠢ ᠪᠣᠯ ᠪᠢ ᠡᠭᠦᠷᠢᠳᠡ ᠶ᠋ᠢᠨ ᠥᠨᠥᠴᠢᠨ᠃
2. ᠠᠮᠢᠨ᠌ᠤ᠋ᠷᠲᠤ᠄
ᠭᠤᠷᠪᠠᠨ ᠬᠠᠪᠤᠷ᠂ ᠨᠢᠭᠡ ᠨᠠᠮᠤᠷ ᠤ᠋ᠨ ᠰᠢᠭ᠋ ᠶᠠᠭᠠᠷᠠᠤ ᠦᠭᠡᠢ᠃
3. ᠰᠠᠴᠤᠷᠠ᠄
ᠤᠨᠲᠠᠷᠠᠵᠤ ᠪᠣᠯᠣᠰᠢ ᠦᠭᠡᠢ ᠮᠥᠩᠬᠡ ᠭᠠᠯ
ᠤᠰᠠᠳᠴᠤ ᠪᠣᠯᠣᠰᠢ ᠦᠭᠡᠢ ᠡᠬᠡ ᠬᠡᠯᠡ
4. ᠣᠷᠠᠨᠭᠡᠷᠡᠯ ᠄
ᠠᠭᠤᠯᠠ ᠨᠢ ᠥᠨᠳᠥᠷ ᠤᠰᠤ ᠨᠢ ᠲᠤᠩᠭᠠᠯᠠᠭ
5. ᠪᠠᠶᠠᠨᠳᠡᠯᠭᠡᠷ᠄
ᠲᠦᠮᠡ ᠪᠤᠮᠠᠨ ᠡᠷᠳᠡᠨᠢ ᠶ᠋ᠢᠨ ᠣᠨᠢᠰᠣ ᠶ᠋ᠢ
ᠲᠥᠷᠥᠯᠬᠢ ᠬᠡᠯᠡ ᠪᠡᠷ ᠢ᠋ᠶ᠋ᠡᠨ ᠨᠡᠭᠡᠭᠡᠭᠰᠡᠨ ᠶᠦᠮ !
6. ᠭᠡᠷᠡᠯᠲᠤᠶᠠᠭ᠎ᠠ᠄
ᠥᠪᠡᠷ ᠦ᠋ᠨ ᠨᠤᠲᠤᠭ ᠲᠤ᠌ ᠪᠠᠨ ᠪᠠᠢᠬᠤ ᠳ᠋ᠤ᠌ ᠨᠤᠲᠤᠭ ᠤ᠋ᠨ ᠢ᠋ᠶ᠋ᠠᠨ ᠨᠡᠷ᠎ᠡ ᠪᠡᠨ ᠭᠠᠢᠬᠠᠭᠤᠯᠵᠤ ᠶᠠᠪᠤ᠂ ᠥᠷᠥᠭᠡᠯ ᠪᠤᠰᠤᠳ ᠤ᠋ᠨ ᠭᠠᠵᠠᠷ ᠲᠤ᠌ ᠶᠠᠪᠤᠬᠤ ᠳ᠋ᠤ᠌ ᠪᠠᠨ ᠥᠪᠡᠷ ᠦ᠋ᠨ ᠢ᠋ᠶ᠋ᠡᠨ ᠨᠡᠷ᠎ᠡ ᠶ᠋ᠢ ᠮᠠᠨᠳᠤᠭᠤᠯᠵᠤ ᠶᠠᠪᠤ᠃
7. ᠪᠠᠶᠠᠩᠬᠤᠷᠸᠠ᠄
(1) ᠬᠠᠷᠠᠩᠭᠤᠢ ᠶ᠋ᠢ ᠲᠤᠭᠤᠯᠪᠠᠯ ᠭᠡᠭᠡ ᠶ᠋ᠢ ᠦᠵᠡᠨ᠎ᠡ᠂ ᠬᠠᠲᠠᠭᠤ ᠶ᠋ᠢ ᠲᠤᠭᠤᠯᠪᠠᠯ ᠵᠢᠷᠭᠠᠯ ᠢ᠋ ᠦᠵᠡᠨ᠎ᠡ᠃
(2) ᠬᠠᠭᠤᠷᠠᠢ ᠬᠤᠲᠤᠭ ᠲᠤ᠌ ᠤᠰᠤ ᠦᠭᠡᠢ
ᠬᠤᠳᠠᠯᠴᠢ ᠬᠥᠮᠦᠨ ᠳ᠋ᠦ᠍ ᠨᠥᠬᠥᠷ ᠦᠭᠡᠢ
(3) ᠰᠡᠢᠮᠡᠬᠡᠢ ᠪᠣᠯᠤᠭᠰᠠᠨᠴᠤ ᠭᠡᠷ᠂ ᠰᠡᠭᠰᠡᠭᠡᠷ ᠭᠡᠰᠡᠨ ᠴᠦ᠍ ᠡᠵᠢ ᠮᠢᠨᠢ
8. ᠪᠣᠳᠢᠪᠣᠶᠠᠨ᠄
(1) ᠮᠥᠩᠬᠡ ᠭᠠᠯ ᠤᠨᠲᠠᠷᠠᠰᠢ ᠦᠭᠡᠢ᠂ ᠮᠥᠩᠬᠡ ᠭᠣᠣᠯ ᠰᠢᠷᠭᠢᠰᠢ ᠦᠭᠡᠢ᠃
(2) ᠪᠠᠷᠳᠠᠮ ᠳ᠋ᠤ᠌ ᠰᠠᠢᠨ ᠦᠭᠡᠢ᠂ ᠱᠠᠯᠳᠠᠩ ᠳ᠋ᠤ᠌ ᠳᠤᠯᠠᠭᠠᠨ ᠦᠭᠡᠢ᠃ ᠥᠪᠡᠷ ᠦ᠋ᠨ ᠪᠠᠯᠠᠢ ᠮᠤᠩᠬᠠᠭ ᠢ᠋ᠶ᠋ᠠᠷ ᠢ᠋ᠶ᠋ᠠᠨ᠂ ᠥᠭᠡᠷ᠎ᠡ ᠪᠤᠰᠤᠳ ᠢ᠋ ᠭᠡᠭᠡᠷᠡᠭᠦᠯᠬᠦ ᠭᠡᠬᠦ ᠴᠢᠨᠢ᠂ ᠲᠡᠷᠡ ᠬᠣᠯᠠ ᠲᠩᠷᠢ ᠣᠢᠷᠠᠬᠠᠨ
9. ᠬᠤᠪᠢᠰᠬᠠᠯᠲᠤ᠄
ᠠᠮᠢᠳᠤᠷᠠᠯ ᠤ᠋ᠨ ᠵᠠᠮ ᠢ᠋ ᠵᠣᠪᠠᠵᠤ ᠣᠯᠳᠠᠭ᠂ ᠵᠢᠷᠭᠠᠯ ᠤ᠋ᠨ ᠵᠠᠮ ᠢ᠋ ᠪᠦᠳᠦᠷᠢᠵᠦ ᠣᠯᠳᠠᠭ᠃ ᠤᠬᠠᠭᠠᠷᠠᠯ ᠢ᠋ ᠰᠤᠷᠤᠭᠠᠳ ᠪᠠᠷᠠᠬᠤ ᠦᠭᠡᠢ᠂ ᠮᠡᠳᠡᠯᠭᠡ ᠶ᠋ᠢ ᠲᠠᠨᠢᠭᠠᠳ ᠳᠠᠭᠤᠰᠬᠤ ᠦᠭᠡᠢ ᠬᠥᠮᠦᠨ ᠴᠢᠨᠠᠷ᠃
10. ᠮᠣᠩᠭᠣᠯ᠄
ᠡᠵᠡᠨ ᠴᠢᠩᠭᠢᠰ ᠦ᠋ᠨ ᠰᠤᠷᠭᠠᠯ᠄
ᠥᠪᠡᠷ ᠦ᠋ᠨ ᠢ᠋ᠶ᠋ᠡᠨ ᠰᠠᠢᠨ ᠢ᠋ᠶ᠋ᠠᠷ
ᠥᠭᠡᠳᠡ ᠪᠡᠨ ᠭᠠᠷᠤᠯᠤᠭᠠ ᠬᠡᠮᠡᠵᠦ ᠪᠢᠲᠡᠭᠡᠢ ᠪᠣᠳᠣ
ᠥᠷᠭᠡᠨ ᠲᠦᠮᠡᠨ ᠦ᠌ ᠬᠦᠴᠦᠨ ᠳ᠋ᠦ᠍ᠷ
ᠮᠥᠷᠭᠥᠵᠦ ᠪᠢᠰᠢᠷᠡᠵᠦ ᠶᠠᠪᠤ!
11. ᠪᠠᠲᠤ᠄
ᠵᠣᠭᠣᠰ ᠢ᠋ᠶ᠋ᠠᠷ ᠳᠤᠲᠠᠭᠰᠠᠨ ᠴᠤ᠌ ᠵᠣᠷᠢᠭ ᠢ᠋ᠶ᠋ᠠᠷ ᠪᠤᠤ ᠳᠤᠲᠠ!
ᠶᠠᠭᠤᠮ᠎ᠠ ᠪᠠᠷ ᠳᠤᠲᠠᠭᠰᠠᠨ ᠴᠤ᠌ ᠢᠲᠡᠭᠡᠯ ᠢ᠋ᠶ᠋ᠡᠷ ᠪᠤᠤ ᠳᠤᠲᠠ!
ᠬᠣᠭᠣᠰᠣᠨ ᠶᠠᠪᠤᠭᠰᠠᠨ ᠴᠤ᠌ ᠬᠤᠯᠠᠭᠠᠢ ᠬᠤᠳᠠᠯ ᠪᠤᠤ ᠦᠢᠯᠡᠳ!
ᠬᠣᠶᠠᠭᠤᠯᠠ ᠶᠠᠪᠤᠭᠰᠠᠨ ᠴᠤ᠌ ᠨᠢᠭᠡ ᠪᠡᠨ ᠪᠤᠤ ᠬᠤᠳᠠᠯᠳᠤ!
12. ᠴᠢ ᠰᠠᠷᠠᠨ ᠄
ᠡᠷᠢᠯ ᠢ᠋ ᠰᠤᠷᠠᠭ ᠢ᠋ᠶ᠋ᠠᠷ
ᠡᠷᠳᠡᠮ ᠢ᠋ ᠬᠢᠴᠢᠶᠡᠯ ᠢ᠋ᠶ᠋ᠡᠷ
13. ᠱ᠌ᠢᠷᠦᠨᠴᠢᠮᠡᠭ᠄
ᠬᠡᠯᠡ ᠪᠡᠨ ᠠᠯᠳᠠᠪᠠᠯ ᠣᠢ ᠪᠠᠨ ᠠᠯᠳᠠᠨ᠎ᠠ᠂
ᠣᠢ ᠪᠠᠨ ᠠᠯᠳᠠᠪᠠᠯ ᠠᠯᠢᠪᠠ ᠪᠠᠨ ᠠᠯᠳᠠᠨ᠎ᠠ᠃
14. ᠲᠡᠮᠦᠷᠭᠣᠣᠯᠳᠦ᠄
ᠰᠢᠨᠲᠠᠷᠠᠰᠢ ᠦᠭᠡᠢ ᠵᠣᠷᠢᠭ ᠢ᠋ ᠪᠠᠷᠢᠪᠠᠰᠤ ᠪᠡᠶᠡᠯᠡᠭᠳᠡᠬᠦ ᠦᠭᠡᠢ ᠵᠦᠢᠯ ᠬᠣᠪᠣᠷ᠂ ᠴᠥᠬᠥᠷᠡᠰᠢ ᠦᠭᠡᠢ ᠴᠢᠷᠮᠠᠢᠨ ᠲᠡᠮᠡᠴᠡᠪᠡᠰᠦ ᠪᠦᠲᠦᠬᠦ ᠦᠭᠡᠢ ᠠᠵᠢᠯ ᠴᠥᠭᠡᠨ᠃
15. ᠬᠥᠭᠵᠢᠯᠲᠦ ᠄
ᠥᠪᠡᠷ ᠦ᠋ᠨ ᠨᠤᠲᠤᠭ ᠲᠤ᠌ ᠪᠠᠢᠬᠤ ᠳ᠋ᠠᠭᠠᠨ
ᠬᠥᠮᠦᠨ ᠦ᠌ ᠬᠥᠮᠦᠨ ᠢ᠋ ᠬᠠᠢᠷᠠᠯᠠ᠂
ᠬᠥᠮᠦᠨ ᠦ᠌ ᠨᠤᠲᠤᠭ ᠲᠤ᠌ ᠶᠠᠪᠤᠬᠤ ᠳ᠋ᠠᠭᠠᠨ
ᠨᠤᠲᠤᠭ ᠤ᠋ᠨ ᠨᠡᠷ᠎ᠡ ᠶ᠋ᠢ ᠬᠠᠢᠷᠠᠯᠠ᠃
16. ᠣᠶᠤᠩᠬᠤᠸᠠᠷ ᠄
ᠥᠷᠯᠥᠭᠡ ᠶ᠋ᠢᠨ ᠳᠤᠯᠠᠭᠠᠨ ᠢ᠋ ᠳᠤᠯᠠᠭᠠᠨ ᠳ᠋ᠤ᠌ ᠪᠣᠳᠣᠳᠠᠭ ᠦᠭᠡᠢ᠂
ᠵᠠᠯᠠᠭᠤ ᠶ᠋ᠢᠨ ᠵᠢᠷᠭᠠᠯ ᠢ᠋ ᠵᠢᠷᠭᠠᠯᠠᠩ ᠳ᠋ᠤ᠌ ᠪᠣᠳᠣᠳᠠᠭ ᠦᠭᠡᠢ᠃
17. ᠲᠡᠰᠢᠮᠡ᠄
ᠤᠤᠭᠤᠭᠰᠠᠨ ᠤᠰᠤ ᠷᠠᠰᠢᠶᠠᠨ᠂ ᠤᠨᠠᠭᠰᠠᠨ ᠰᠢᠷᠣᠢ ᠠᠯᠲᠠ᠃
18. ᠬᠠᠨ· ᠲᠤᠶᠠᠭ᠎ᠠ᠄
ᠳᠡᠯᠡᠬᠡᠢ ᠶ᠋ᠢᠨ ᠰᠣᠶᠣᠯ ᠢ᠋ᠶ᠋ᠠᠷ ᠵᠢᠭᠦᠷ ᠬᠢᠵᠦ᠂ ᠮᠣᠩᠭᠣᠯ ᠰᠣᠶᠣᠯ ᠢ᠋ᠶ᠋ᠠᠷ ᠵᠢᠷᠦᠬᠡ ᠪᠡᠨ ᠬᠢᠭᠡᠷᠡᠢ!
19. ᠰᠡᠴᠡᠨᠲᠥ᠄
(1) ᠠᠭᠤᠯᠠᠨ ᠤ᠋ ᠴᠢᠮᠡᠭ ᠮᠣᠳᠣ
ᠤᠬᠠᠭᠠᠨ ᠤ᠋ ᠴᠢᠮᠡᠭ ᠡᠷᠳᠡᠮ
(2)ᠦᠨᠡᠨ ᠦᠭᠡ ᠦᠨ᠎ᠡ ᠬᠦᠷᠦᠨ᠎ᠡ
ᠬᠤᠳᠠᠯ ᠦᠭᠡ ᠬᠣᠣᠷ ᠬᠦᠷᠦᠨ᠎ᠡ
(3)ᠰᠠᠢᠨ ᠰᠠᠨᠠᠭᠠᠨ ᠤ᠋ ᠦᠵᠦᠭᠦᠷ ᠰᠦ
ᠮᠠᠭᠤ ᠰᠠᠨᠠᠭᠠᠨ ᠤ᠋ ᠦᠵᠦᠭᠦᠷ ᠬᠦ
20. ᠵᠠᠭᠤᠨᠨᠠᠰᠤᠲᠤ ᠄
ᠮᠣᠩᠭᠣᠯ ᠪᠢᠴᠢᠭ ᠢ᠋ᠶ᠋ᠡᠨ ᠪᠢᠴᠢᠰᠦᠭᠡᠢ᠂ ᠮᠣᠩᠭᠣᠯ ᠪᠢᠴᠢᠭ ᠢ᠋ᠶ᠋ᠡᠨ ᠬᠡᠷᠡᠭᠯᠡᠰᠦᠭᠡᠢ᠂ ᠮᠣᠩᠭᠣᠯ ᠪᠢᠴᠢᠭ ᠢ᠋ᠶ᠋ᠡᠨ ᠳᠡᠯᠭᠡᠷᠡᠭᠦᠯᠰᠦᠭᠡᠢ᠃
21. ᠱ᠌ᠢᠷᠦ᠄
ᠮᠠᠷᠲᠠᠵᠤ ᠪᠣᠯᠣᠰᠢ ᠦᠭᠡᠢ ᠲᠥᠷᠥᠯᠬᠢ ᠬᠡᠯᠡ ᠪᠡᠨ ᠰᠢᠨᠲᠠᠷᠠᠰᠢ ᠦᠭᠡᠢ ᠴᠢᠷᠮᠠᠢᠨ ᠰᠤᠷᠤᠯᠴᠠᠶ᠎ᠠ!
22. ᠬᠠᠰᠤᠩᠭᠤᠸ᠎ᠠ᠄
ᠥᠭᠡᠳᠡᠯᠡᠬᠦ ᠠᠢᠯ ᠤ᠋ᠨ ᠦᠭᠡ ᠨᠢ ᠨᠢᠭᠡ᠂ ᠥᠰᠬᠦ ᠮᠠᠯ ᠤ᠋ᠨ ᠥᠩᠭᠡ ᠨᠢ ᠨᠢᠭᠡ
23. ᠷᠠᠪᠲᠠᠨ᠄
ᠠᠷᠬᠠᠭ ᠡᠪᠡᠳᠴᠢᠨ ᠢ᠋ ᠨᠢ ᠦᠵᠡᠵᠦ ᠡᠮ ᠥᠭᠳᠡᠭ᠂ ᠠᠯᠳᠠᠭ᠎ᠠ ᠪᠤᠷᠤᠭᠤ ᠶ᠋ᠢ ᠨᠢ ᠦᠵᠡᠵᠦ ᠰᠢᠭᠦᠮᠵᠢᠯᠡᠯ ᠬᠢᠳᠡᠭ᠃
24. ᠰᠣᠶᠣᠯᠭᠡᠷᠠᠯ ᠄
ᠡᠷᠡᠬᠡᠢ ᠶ᠋ᠢᠨ ᠴᠢᠨᠡᠭᠡᠨ ᠪᠡᠶ᠎ᠡ ᠲᠡᠢ
ᠡᠷᠬᠢᠮ ᠵᠢᠷᠭᠤᠭᠠᠨ ᠲᠠᠯ᠎ᠠ ᠲᠠᠢ
25. ᠰ· ᠪᠠᠶᠠᠷ᠄
ᠬᠣᠯᠠ ᠭᠠᠵᠠᠷ ᠬᠥᠮᠦᠨ ᠦ᠌ ᠨᠤᠲᠤᠭ ᠲᠤ᠌
ᠬᠠᠷᠢ ᠬᠡᠯᠡ ᠣᠯᠠᠨ ᠴᠦ᠍
ᠡᠬᠡ ᠬᠡᠯᠡ ᠯᠡ ᠮᠢᠨᠦ ᠠᠮᠢᠨ ᠰᠦᠨᠡᠰᠦ᠂
ᠶᠢᠷᠲᠢᠨᠴᠦ ᠶ᠋ᠢᠨ ᠥᠨᠴᠥᠭ ᠪᠤᠯᠤᠩ ᠳ᠋ᠤ᠌ ᠵᠥᠪᠬᠡᠨ
ᠮᠣᠩᠭᠣᠯ ᠢ᠋ᠶ᠋ᠠᠷ ᠢ᠋ᠶ᠋ᠠᠨ ᠭᠤᠶᠤᠬᠤ ᠨᠢ ᠨᠡᠩ ᠡᠷᠬᠢᠮ᠃
26. ᠬᠤᠪᠢᠰᠬᠠᠯᠲᠤ᠄
ᠡᠬᠡ ᠬᠡᠯᠡ ᠨᠢᠭᠡ ᠦᠨᠳᠦᠰᠦᠲᠡᠨ ᠳ᠋ᠦ᠍ ᠠᠪᠴᠤ ᠬᠡᠯᠡᠪᠡᠯ ᠶᠠᠭᠤ ᠶ᠋ᠢ ᠬᠠᠷᠢᠭᠤᠯᠵᠤ ᠪᠠᠢᠭ᠎ᠠ ᠪᠣᠢ?
27. ᠬᠠᠰᠬᠡ ᠄
ᠦᠨᠳᠦᠰᠦᠲᠡᠨ ᠦ᠌ ᠪᠡᠨ ᠭᠠᠯ ᠭᠣᠯᠣᠮᠲᠠ ᠳ᠋ᠤ᠌ ᠢᠯᠴᠢ ᠨᠡᠮᠡᠷᠢᠯᠡᠶ᠎ᠡ!
ᠥᠪ ᠰᠣᠶᠣᠯ ᠤ᠋ᠨ ᠬᠠᠢᠷᠬᠠᠨ ᠣᠪᠣᠭᠠᠨ ᠳ᠋ᠤ᠌ ᠬᠡᠰᠢᠭ ᠬᠤᠷᠤᠢᠯᠠᠶ᠎ᠠ!
ᠦᠰᠦᠭ ᠪᠢᠴᠢᠭ ᠦ᠋ᠨ ᠢ᠋ᠶ᠋ᠡᠨ ᠨᠡᠯᠦᠭᠡᠷ ᠳᠠᠯᠠᠢ ᠳ᠋ᠤ᠌ ᠳᠤᠰᠤᠯ ᠨᠡᠮᠡᠷᠢᠯᠡᠶ᠎ᠡ!
ᠥᠭᠡᠳᠡᠯᠡᠨ ᠮᠠᠨᠳᠤᠬᠤ ᠶ᠋ᠢᠨ ᠠᠤᠭ᠎ᠠ ᠦᠢᠯᠡᠰ ᠲᠦ᠍ ᠤᠤᠬᠠᠢ ᠨᠡᠮᠡᠷᠢᠯᠡᠶ᠎ᠡ!
28. ᠳᠣᠷᠵᠢ᠄
ᠰᠡᠳᠬᠢᠯ ᠳ᠋ᠦ᠍ ᠪᠡᠨ ᠪᠠᠶᠠᠷ ᠲᠠᠢ ᠪᠣᠯ
ᠦᠢᠯᠡ ᠬᠡᠵᠢᠶᠡᠳᠡ ᠰᠢᠯᠤᠭᠤᠨ᠂
ᠢᠲᠡᠭᠡᠯ ᠳ᠋ᠦ᠍ ᠪᠡᠨ ᠪᠠᠲᠤᠯᠠᠭ᠎ᠠ ᠲᠠᠢ ᠪᠣᠯ
ᠢᠷᠡᠭᠡᠳᠦᠢ ᠬᠡᠵᠢᠶᠡᠳᠡ ᠭᠡᠭᠡᠨ᠃
ᠡᠨᠡ ᠪᠣᠯ ᠮᠣᠩᠭᠣᠯ ᠰᠠᠷᠠᠭᠤᠯ ᠤᠬᠠᠭᠠᠨ᠁
29. ᠮᠣᠩᠭᠣᠯ᠄
ᠴᠢᠩᠭᠢᠰ ᠬᠠᠭᠠᠨ ᠤ᠋ ᠪᠢᠯᠢᠭ ᠰᠤᠷᠭᠠᠯ— ᠰᠢᠯᠤᠭᠤᠨ ᠴᠢᠬᠡᠴᠢ᠂ ᠲᠥᠪ ᠰᠢᠳᠤᠷᠭᠤ᠂ ᠴᠢᠳᠠᠯ ᠡᠷᠳᠡᠮ ᠲᠡᠢ ᠰᠡᠴᠡᠨ ᠤᠬᠠᠭᠠᠨ ᠲᠠᠢ ᠬᠥᠮᠦᠨ ᠢ᠋ ᠬᠡᠨ ᠪᠠᠢᠭᠰᠠᠨ ᠴᠤ᠌ ᠬᠦᠨᠳᠦᠳᠬᠡᠬᠦ ᠬᠡᠷᠡᠭᠲᠡᠢ᠃
30. ᠭᠡᠷᠡᠯᠲᠤᠶᠠᠭ᠎ᠠ ᠄
ᠵᠥᠪᠯᠡᠪᠡᠯ ᠦᠭᠡ᠂ ᠵᠤᠢᠪᠡᠯ ᠬᠤᠪᠴᠠᠰᠤ᠃
31. ᠶᠠᠩ · ᠲᠤᠶᠠᠭ᠎ᠠ ᠄
ᠪᠣᠰᠤᠭ᠎ᠠ ᠮᠣᠩᠭᠣᠯ ᠰᠣᠶᠣᠯ᠂ ᠪᠤᠷᠬᠠᠨ ᠮᠣᠩᠭᠣᠯ ᠦᠰᠦᠭ ᠢ᠋ᠶ᠋ᠡᠨ ᠡᠷᠬᠢᠮᠯᠡ᠃
ᠪᠤᠶᠠᠨᠲᠤ ᠨᠠᠢᠷ ᠤ᠋ᠨ ᠮᠠᠩᠯᠠᠢ᠂ ᠡᠷ᠎ᠡ ᠶ᠋ᠢᠨ ᠭᠤᠷᠪᠠᠨ ᠨᠠᠭᠠᠳᠤᠮ ᠢ᠋ᠶ᠋ᠠᠨ ᠳᠡᠭᠡᠳᠦᠯᠡ᠃ ᠬᠣᠷᠸ᠎ᠠ ᠶ᠋ᠢᠨ ᠵᠠᠢ ᠳ᠋ᠤ᠌᠂ ᠳᠠᠷᠬᠠᠨ ᠰᠠᠭᠤᠭ᠎ᠠ ᠬᠥᠬᠡ ᠲᠣᠯᠪᠤᠲᠠᠳ ᠮᠢᠨᠢ᠂ ᠬᠣᠶᠠᠷᠲᠠ ᠣᠯᠳᠠᠬᠤ ᠦᠭᠡᠢ ᠮᠣᠩᠭᠣᠯ ᠢ᠋ᠶ᠋ᠠᠨ ᠬᠠᠢᠷᠠᠯᠠ᠃
32. ᠪᠠᠲᠤ᠄
ᠶᠠᠭᠠᠬᠢᠵᠤ ᠭᠣᠶᠣ ᠭᠠᠩᠭᠠᠯᠠᠯᠠ ᠭᠡᠳ ᠶᠠᠰᠤ ᠤᠭᠰᠠᠭ᠎ᠠ ᠪᠠᠨ ᠲᠠᠯᠲᠠᠷᠢᠲᠠᠯ᠎ᠠ ᠪᠢᠲᠡᠭᠡᠢ ᠭᠣᠶᠣ᠂ ᠶᠠᠮᠠᠷ ᠶᠡᠬᠡ ᠮᠡᠳᠡᠯᠭᠡ᠂ ᠶᠠᠮᠠᠷ ᠣᠯᠠᠨ ᠬᠡᠯᠡ ᠰᠤᠷᠤᠯ᠎ᠠ ᠭᠡᠳ ᠢᠷᠠᠭᠤ ᠰᠠᠢᠬᠠᠨ ᠮᠣᠩᠭᠣᠯ ᠬᠡᠯᠡ ᠪᠡᠨ ᠮᠠᠷᠲᠠᠵᠤ ᠪᠣᠯᠬᠤ ᠦᠭᠡᠢ᠃
33. ᠣᠶᠤᠩᠬᠤᠸᠠᠷ᠄
ᠡᠷᠳᠡᠮ ᠢ᠋ ᠬᠢᠴᠢᠶᠡᠯ ᠢ᠋ᠶ᠋ᠡᠷ
ᠡᠷᠢᠯ ᠢ᠋ ᠰᠤᠷᠠᠭ ᠢ᠋ᠶ᠋ᠠᠷ
34. ᠭᠠᠩᠬᠤᠶᠠᠭ᠄
ᠡᠬᠡ ᠬᠡᠯᠡ ᠲᠡᠢ ᠪᠣᠯᠬᠣᠷ
ᠡᠯᠢᠭᠡ ᠨᠢᠭᠡᠲᠡᠢ ᠪᠠᠢᠳᠠᠭ᠂
ᠦᠰᠦᠭ ᠪᠢᠴᠢᠭ ᠲᠡᠢ ᠪᠣᠯᠬᠣᠷ
ᠦᠨᠳᠦᠰᠦᠲᠡᠨ ᠪᠦᠲᠦᠨ ᠪᠠᠢᠳᠠᠭ᠃
35. ᠲᠠᠰᠢᠮᠠ᠄
ᠡᠷᠬᠡ ᠶ᠋ᠢ ᠰᠤᠷᠬᠤ ᠪᠠᠷ ᠪᠡᠷᠬᠡ ᠶ᠋ᠢ ᠰᠤᠷ᠃
36. ᠰᠣᠶᠣᠯᠭᠡᠷᠠᠯ᠄
ᠬᠥᠮᠦᠨ ᠪᠣᠯᠬᠤ ᠪᠠᠭ᠎ᠠ ᠠ᠋ᠴᠠ ᠪᠠᠨ
ᠬᠦᠯᠦᠭ ᠪᠣᠯᠬᠤ ᠤᠨᠠᠭᠠᠨ ᠠ᠋ᠴᠠ ᠪᠠᠨ
37. ᠷᠠᠪᠲᠠᠨ ᠄
ᠦᠨᠡᠨ ᠢ᠋ᠶ᠋ᠡᠷ ᠢ᠋ᠶ᠋ᠡᠨ ᠶᠠᠪᠤᠪᠠᠯ᠂ ᠦᠬᠡᠷ ᠲᠡᠷᠭᠡ ᠪᠡᠷ ᠲᠠᠤᠯᠠᠢ ᠶ᠋ᠢ ᠭᠦᠢᠴᠡᠨ᠎ᠡ᠃
38.ᠰᠠᠷᠠᠨ᠄
ᠡᠷᠳᠡᠮ ᠲᠡᠢ ᠬᠥᠮᠦᠨ ᠳᠠᠯᠠᠢ᠂ ᠡᠷᠳᠡᠮ ᠦᠭᠡᠢ ᠬᠥᠮᠦᠨ ᠪᠠᠯᠠᠢ᠃
39. ᠮᠠᠰᠢᠪᠠᠲᠦ ᠄
ᠬᠠᠨ ᠲᠩᠷᠢ ᠶ᠋ᠢᠨ ᠣᠷᠳᠣᠨ ᠳᠣᠯᠣᠭᠠᠨ ᠪᠤᠷᠬᠠᠨ ᠲᠠᠢ
ᠬᠠᠨᠠᠭᠠᠷ ᠲᠠᠯ᠎ᠠ ᠶ᠋ᠢᠨ ᠰᠣᠯᠣᠩᠭ᠎ᠠ ᠳᠣᠯᠣᠭᠠᠨ ᠥᠩᠭᠡ ᠲᠡᠢ
ᠬᠠᠮᠤᠭ ᠲᠦᠮᠡᠨ ᠬᠥᠭᠵᠢᠮ ᠳᠣᠯᠣᠭᠠᠨ ᠨᠣᠲ ᠲᠠᠢ
ᠬᠠᠨ ᠮᠣᠩᠭᠣᠯ ᠬᠡᠯᠡ ᠳᠣᠯᠣᠭᠠᠨ ᠡᠭᠡᠰᠢᠭ ᠲᠡᠢ
40. ᠬᠤᠪᠢᠰᠬᠠᠯᠲᠤ ᠄
ᠶᠢᠷᠲᠢᠨᠴᠦ ᠶ᠋ᠢᠨ ᠭᠤᠷᠪᠠ᠄ ᠨᠣᠶᠠᠨᠴᠢ ᠰᠤᠷᠲᠠᠯ ᠢ᠋ ᠲᠠᠶᠠᠭᠳᠠᠬᠤ ᠨᠢ ᠵᠦᠢ ᠂ᠨᠣᠮ ᠰᠤᠳᠤᠷ ᠢ᠋ ᠬᠢᠴᠢᠶᠡᠬᠦ ᠨᠢ ᠵᠦᠢ᠂ ᠨᠣᠮᠣᠬᠠᠨ ᠳᠠᠷᠤᠤ ᠶ᠋ᠢ ᠰᠤᠷᠬᠤ ᠨᠢ ᠵᠦᠢ
41. ᠣᠷᠠᠨᠭᠡᠷᠡᠯ᠄
ᠬᠣᠯᠠ ᠪᠠᠢᠯ᠎ᠠ ᠴᠦ᠍ ᠭᠡᠰᠡᠨ ᠬᠣᠯᠪᠣᠭ᠎ᠠ ᠪᠠᠷ ᠬᠡᠵᠢᠶᠡᠳᠡ ᠣᠢᠷᠠᠬᠠᠨ ᠪᠠᠢᠳᠠᠭ ᠂ᠠᠯᠤᠰ ᠲᠤ᠌ ᠪᠠᠢᠯ᠎ᠠ ᠴᠦ᠍ ᠭᠡᠰᠡᠨ ᠠᠭᠠᠷ ᠤ᠋ᠨ ᠤᠲᠠᠰᠤ ᠪᠠᠷ ᠦᠷᠭᠦᠯᠵᠢ ᠬᠣᠯᠪᠣᠭᠳᠠᠳᠠᠭ
42. ᠷᠠᠪᠲᠠᠨ᠄
ᠣᠯᠠᠨ ᠢ᠋ᠶ᠋ᠠᠷ ᠢ᠋ᠶ᠋ᠠᠨ ᠵᠥᠪᠯᠡᠪᠡᠯ ᠣᠰᠣᠯ ᠦᠭᠡᠢ᠂ ᠣᠯᠣᠮ ᠢ᠋ᠶ᠋ᠠᠷ ᠭᠡᠲᠦᠯᠪᠡᠯ ᠭᠡᠨᠡᠳᠡᠯ ᠦᠭᠡᠢ᠃
ᠬᠢᠨᠠᠭᠴᠢ᠄ ᠣᠳᠬᠠᠨᠰᠣ᠎ᠠ