ᠶᠦᠨ ᠯᠢᠶᠠᠩ-ᠴᠠᠭᠠᠨᠪᠠᠷᠰYen lan-TsagaanbarЕн лан-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠦᠨ ᠯᠢᠶᠠᠩ-ᠴᠠᠭᠠᠨᠪᠠᠷᠰYen lan-TsagaanbarЕн лан-Цагаанбар

ᠶᠦᠨ ᠯᠢᠶᠠᠩ-ᠴᠠᠭᠠᠨᠪᠠᠷᠰYen lan-TsagaanbarЕн лан-Цагаанбар

2025-10-18

199

ᠶᠦᠨ ᠯᠢᠶᠠᠩ


    ᠴᠠᠭᠠᠨᠪᠠᠷᠰ  ᠳᠠᠭᠤᠯᠠᠪᠠ
       ᠬᠣᠷᠴᠢᠨ ᠠᠷᠠᠳ ᠤ᠋ᠨ ᠳᠠᠭᠤᠤ   

ᠲᠥᠷᠥᠭᠡᠳ ᠲᠡᠭᠡᠭᠰᠡᠨ ᠭᠠᠵᠠᠷ ᠴᠢᠨᠢ ᠳᠡ ᠠ ᠶᠦᠨ ᠯᠢᠶᠠᠩ ᠠ᠋
ᠮᠣᠩᠭᠣᠯᠵᠢᠨ ᠬᠤᠰᠢᠭᠤᠨ ᠤ᠋ ᠯᠠᠭᠯᠠᠢᠭ ᠤ᠋ᠨ ᠠᠢᠯ ᠠ᠋ ᠬᠦᠢ
ᠲᠦᠪᠡᠭᠳᠡᠭᠡᠳ ᠵᠠᠶᠠᠭᠠᠳ ᠲᠡᠭᠡᠭᠰᠡᠨ ᠭᠠᠵᠠᠷ ᠢ᠋ ᠮᠢᠨᠢ ᠬᠡᠯᠡᠪᠡᠯ
ᠲᠦᠮᠡᠨ ᠬᠥᠮᠦᠨ ᠦ᠌ ᠴᠤᠭᠯᠠᠭᠠᠳ ᠯᠠ ᠰᠠᠭᠤᠭᠰᠠᠨ ᠪᠡᠭᠡᠵᠢᠩ ᠬᠣᠲᠠ ᠠ᠋

ᠤᠤᠭᠤᠭᠠᠳ ᠯᠠ ᠲᠡᠭᠡᠭᠰᠡᠨ ᠤᠰᠤ ᠴᠢᠨᠢ ᠳᠡ ᠠ ᠶᠦᠨ ᠯᠢᠶᠠᠩ ᠠ
ᠤᠷᠳᠤᠭᠤᠷ ᠨᠢ ᠤᠷᠤᠰᠴᠤ ᠪᠠᠢᠬᠤ ᠯᠠᠭᠯᠠᠢᠭ ᠤ᠋ᠨ ᠭᠣᠣᠯ ᠶᠠ ᠬᠦᠢ
ᠤᠴᠠᠷᠠᠭᠠᠳ ᠵᠠᠶᠠᠭᠠᠳ ᠲᠡᠭᠡᠭᠰᠡᠨ ᠭᠠᠵᠠᠷ ᠪᠣᠯᠤᠨ ᠣᠷᠣᠨ ᠢ᠋ ᠮᠢᠨᠢ ᠬᠡᠯᠡᠪᠡᠯ ᠬᠦᠢ
ᠣᠯᠠᠨ ᠬᠥᠮᠦᠨ ᠦ᠌ ᠣᠷᠣᠰᠢᠭᠠᠳ ᠯᠠ ᠰᠠᠭᠤᠭᠰᠠᠨ ᠪᠡᠭᠡᠵᠢᠩ ᠬᠣᠲᠠ ᠶ᠋ᠢ ᠠ᠋ ᠬᠦᠢ

ᠶᠦᠨ ᠯᠢᠶᠠᠩ ᠲᠡᠷᠡ ᠦᠶ᠎ᠡ ᠳ᠋ᠦ᠍ ᠭᠡᠷ ᠲᠦ᠍ ᠪᠡᠨ ᠬᠡᠦᠬᠡᠨ ᠢ᠋ᠶ᠋ᠡᠷ ᠢ᠋ᠶ᠋ᠡᠨ ᠪᠠᠢᠵᠠᠢ᠂ ᠡᠮᠧ ᠠᠪᠤ ᠨᠢ ᠰᠦᠵᠢᠭ ᠲᠡᠢ ᠪᠣᠯᠬᠤᠯᠠᠢ ᠠᠷᠤ ᠪᠣᠭᠳᠠ ᠳ᠋ᠤ᠌ ᠮᠥᠷᠭᠥᠬᠦ ᠭᠡᠳ ᠠᠩᠭ᠎ᠠ ᠶ᠋ᠢ ᠪᠡᠨ ᠠᠪᠤᠭᠠᠳ ᠮᠥᠷᠭᠥᠬᠦ ᠭᠠᠷᠴᠤ ᠢᠷᠡᠵᠡᠢ ᠂ ᠬᠠᠭᠠᠨ ᠤ᠋ ᠲᠥᠷᠥᠯ ᠭᠡᠷ ᠦᠵᠡᠵᠦ ᠲᠣᠭᠣᠭᠠᠳ ᠥᠬᠢᠨ ᠢ᠋ ᠨᠢ ᠪᠤᠯᠢᠶᠠᠭᠠᠳ ᠠᠪᠤᠭᠰᠠᠨ ᠶᠤᠮ ᠠ᠋᠂ ᠶᠦᠨ ᠯᠢᠶᠠᠩ ᠲᠡᠷᠡ ᠦᠶ᠎ᠡ ᠳ᠋ᠦ᠍ ᠭᠠᠴᠢᠭᠳᠠᠬᠤ ᠳ᠋ᠤ᠌ ᠪᠠᠨ ᠳᠠᠭᠤᠯᠠᠵᠤ ᠪᠠᠢᠨ᠎ᠠ᠂

ᠳᠠᠯᠠᠢ ᠴᠦ᠍ ᠭᠡᠳᠡᠭ ᠴᠢᠨᠢ ᠳᠡ ᠤᠰᠤᠨ ᠤ᠋ ᠪᠠᠨ ᠬᠠᠭᠠᠨ ᠶᠤᠮ ᠠ᠋
ᠳᠠᠯᠠᠢ ᠯᠠᠮᠠ ᠭᠡᠳᠡᠭ ᠴᠢᠨᠢ ᠳᠡ ᠱᠠᠰᠢᠨ ᠤ᠋ ᠬᠠᠭᠠᠨ ᠠ᠋ ᠬᠦᠢ
ᠳᠠᠯᠠᠢ ᠯᠠᠮᠠ ᠳ᠋ᠤ᠌ ᠪᠠᠨ ᠮᠥᠷᠭᠥᠨ᠎ᠡ ᠭᠡᠭᠰᠡᠭᠡᠷ ᠪᠠᠢᠭᠠᠳ
ᠳᠠᠪᠠᠭᠤ ᠪᠠᠭ᠎ᠠ ᠶᠦᠨ ᠯᠢᠶᠠᠩ ᠢ᠋ᠶ᠋ᠠᠨ ᠪᠤᠯᠢᠶᠠᠭᠳᠠᠴᠢᠬᠠᠵᠠᠢ ᠮᠥᠮᠥ ᠮᠢᠨᠢ ᠳᠡ ᠠ᠋ ᠬᠦᠢ

ᠠᠷᠰᠯᠠᠨ ᠭᠡᠳᠡᠭ ᠴᠢᠨᠢ ᠠᠷᠢᠶᠠᠲᠠᠨ ᠤ᠋ ᠪᠠᠨ ᠬᠠᠭᠠᠨ ᠶᠤᠮ ᠠ᠋
ᠠᠷᠤ ᠪᠣᠭᠳᠠ ᠭᠡᠳᠡᠭ ᠴᠢᠨᠢ ᠳᠡ ᠰᠢᠷ᠎ᠠ ᠶ᠋ᠢᠨ ᠢ᠋ᠶ᠋ᠡᠨ ᠬᠠᠭᠠᠨ ᠠ᠋
ᠠᠷᠤ ᠴᠤ᠌ ᠪᠣᠭᠳᠠ ᠳ᠋ᠤ᠌ ᠪᠠᠨ ᠮᠥᠷᠭᠥᠨ᠎ᠡ ᠭᠡᠭᠰᠡᠭᠡᠷ ᠠ᠋
ᠠᠩᠭ᠎ᠠ ᠪᠠᠭ᠎ᠠ ᠶᠦᠨ ᠯᠢᠶᠠᠩ ᠨᠠᠳᠠ ᠪᠠᠨ ᠪᠤᠯᠢᠶᠠᠭᠳᠠᠴᠢᠬᠠᠵᠠᠢ ᠮᠥᠮᠥ ᠮᠢᠨᠢ ᠠ᠋ ᠬᠦᠢ

ᠳᠥᠷᠪᠡᠨ ᠬᠥᠮᠦᠨ ᠦ᠌ ᠵᠢᠶᠣᠤ ᠳᠡᠭᠡᠷ᠎ᠡ ᠪᠡᠨ ᠰᠠᠭᠤᠯᠭᠠᠵᠤ ᠦᠵᠡᠵᠡᠢ ᠨᠠᠮ᠎ᠠ ᠶ᠋ᠢ ᠶᠠ
ᠳᠥᠷᠪᠡᠨ ᠭᠠᠢ ᠴᠤ᠌ ᠳᠥᠴᠢᠨ ᠬᠣᠲᠣᠩᠽᠢ ᠶ᠋ᠢ ᠲᠣᠭᠣᠷᠢᠭᠤᠯᠵᠤ ᠦᠵᠡᠵᠡᠢ ᠬᠦᠢ
ᠳᠥᠷᠪᠡᠨ ᠭᠠᠢ ᠴᠤ᠌ ᠳᠥᠴᠢᠨ ᠬᠣᠲᠣᠩᠽᠢ ᠶ᠋ᠢ ᠲᠣᠭᠣᠷᠢᠭᠠᠳ ᠦᠵᠡᠭᠰᠡᠨ ᠪᠣᠯᠪᠠᠴᠤ
ᠳᠡᠭᠡᠳᠦ ᠶ᠋ᠢᠨ ᠮᠢᠨᠢ ᠨᠤᠲᠤᠭ ᠯᠠᠭᠯᠠᠢᠭ ᠤ᠋ᠨ ᠠᠢᠯ ᠢ᠋ ᠭᠦᠶᠴᠡᠨ᠎ᠡ ᠭᠡᠵᠦ ᠪᠡᠨ ᠪᠠᠢᠨ᠎ᠠ ᠤᠤ ᠶᠠ ᠬᠦᠢ

ᠨᠠᠢ᠍ᠮᠠᠨ ᠬᠥᠮᠦᠨ ᠦ᠌ ᠵᠢᠶᠣᠤ ᠳᠡᠭᠡᠷ᠎ᠡ ᠨᠢ ᠰᠠᠭᠤᠯᠭᠠᠵᠤ ᠦᠵᠡᠵᠡᠢ ᠨᠠᠮ᠎ᠠ ᠶ᠋ᠢ ᠶᠠ
ᠨᠠᠢ᠍ᠮᠠᠨ ᠭᠠᠢ ᠴᠤ᠌ ᠨᠠᠶᠠᠨ ᠬᠣᠲᠣᠩᠽᠢ ᠶ᠋ᠢ ᠲᠣᠭᠣᠷᠢᠭᠤᠯᠵᠤ ᠦᠵᠡᠵᠡᠢ ᠬᠦᠢ
ᠨᠠᠢ᠍ᠮᠠᠨ ᠭᠠᠢ ᠴᠤ᠌ ᠨᠠᠶᠠᠨ ᠬᠣᠲᠣᠩᠽᠢ ᠶ᠋ᠢ ᠲᠣᠭᠣᠷᠢᠭᠠᠳ ᠦᠵᠡᠭᠰᠡᠨ ᠪᠣᠯᠪᠠᠴᠤ
ᠨᠢᠯᠬ᠎ᠠ ᠶ᠋ᠢᠨ ᠥᠰᠦᠭᠰᠡᠨ ᠯᠠᠭᠯᠠᠢᠭ ᠤ᠋ᠨ ᠠᠢᠯ ᠢ᠋ ᠭᠦᠶᠴᠡᠨ᠎ᠡ ᠭᠡᠵᠦ ᠪᠡᠨ ᠪᠠᠢᠨ᠎ᠠ ᠤᠤ ᠶᠠ ᠬᠦᠢ

ᠬᠠᠪᠤᠷ ᠤ᠋ᠨ ᠬᠠᠪᠤᠷ ᠤ᠋ᠨ ᠠ ᠬᠦᠢ ᠴᠡᠭᠴᠡᠦᠬᠡᠢ ᠰᠢᠦ ᠠ ᠮᠥᠮᠥ ᠠ᠋
ᠬᠠᠭᠳᠠᠨ ᠤ᠋ ᠥᠩᠭᠡ ᠪᠡᠨ ᠳᠠᠭᠠᠭᠠᠳ ᠠ ᠬᠦᠢ ᠵᠢᠷᠭᠢᠭᠡᠳ ᠪᠠᠢᠨ᠎ᠠ ᠠ ᠬᠦᠢ
ᠬᠠᠢᠷᠬᠠᠨ ᠤᠤ ᠪᠠᠭ᠎ᠠ ᠶᠦᠨ ᠯᠢᠶᠠᠩ ᠬᠡᠦᠬᠡᠨ ᠴᠢᠨᠢ
ᠬᠣᠪᠢᠨ ᠤ᠋ ᠨᠤᠲᠤᠭ ᠢ᠋ᠶ᠋ᠠᠨ ᠰᠠᠨᠠᠭᠠᠳ ᠯᠠ ᠬᠦᠢ ᠬᠠᠩᠭᠢᠨᠠᠭᠤᠯᠤᠭᠠᠳ ᠬᠦ ᠳᠠᠭᠤᠯᠠᠭᠰᠠᠨ ᠶᠤᠮ ᠠ᠋ ᠬᠦᠢ

ᠵᠤᠨ ᠤ᠋ ᠴᠤ᠌ ᠵᠤᠨ ᠤ᠋ ᠴᠡᠭᠴᠡᠦᠬᠡᠢ ᠰᠢᠦ ᠠ ᠮᠥᠮᠥ ᠠ᠋
ᠵᠤᠯᠵᠠᠭ᠎ᠠ ᠨᠤᠭᠤᠯ ᠢ᠋ᠶ᠋ᠠᠨ ᠳᠠᠭᠠᠭᠠᠳ ᠯᠠ ᠵᠢᠷᠭᠢᠭᠡᠳ ᠪᠠᠢᠨ᠎ᠠ ᠬᠦᠢ
ᠵᠤᠨ ᠤ᠋ ᠴᠤ᠌ ᠵᠢᠷᠭᠤᠭᠠᠨ ᠰᠠᠷ᠎ᠠ ᠪᠣᠯᠤᠭᠠᠳ ᠢᠷᠡᠪᠡᠯ
ᠵᠦᠢᠲᠡᠢ ᠨᠤᠲᠤᠭ ᠢ᠋ᠶ᠋ᠠᠨ ᠰᠠᠨᠠᠭᠠᠳ ᠯᠠ ᠳᠠ
ᠵᠦᠢᠲᠡᠢ ᠶᠦᠨ ᠯᠢᠶᠠᠩ ᠳᠠᠭᠤᠯᠠᠭᠰᠠᠨ ᠶᠤᠮ ᠠ᠋ ᠬᠦᠢ

ᠨᠠᠮᠤᠷ ᠤ᠋ᠨ ᠨᠠᠮᠤᠷ ᠤ᠋ᠨ  ᠡ  ᠴᠡᠭᠴᠡᠦᠬᠡᠢ ᠰᠢᠦ ᠠ ᠮᠥᠮᠥ ᠠ᠋
ᠨᠠᠪᠴᠢᠨ ᠥᠩᠭᠡ ᠪᠡᠨ ᠳᠠᠭᠠᠭᠠᠳ ᠬᠦᠢ ᠵᠢᠷᠭᠢᠭᠡᠳ ᠪᠠᠢᠨ᠎ᠠ ᠬᠦᠢ
ᠨᠠᠮᠤᠭᠤᠬᠠᠨ ᠲᠥᠷᠥᠭᠰᠡᠨ ᠶᠦᠨ ᠯᠢᠶᠠᠩ ᠬᠡᠦᠬᠡᠨ ᠴᠢᠨᠢ
ᠯᠠᠭᠯᠠᠢᠭ ᠤ᠋ᠨ ᠠᠢᠯ ᠢ᠋ᠶ᠋ᠠᠨ ᠰᠠᠨᠠᠭᠠᠳ ᠯᠠ ᠬᠠᠩᠭᠢᠨᠠᠭᠤᠯᠤᠭᠠᠳ ᠬᠦ ᠳᠠᠭᠤᠯᠠᠭᠰᠠᠨ ᠶᠤᠮ ᠠ᠋ ᠬᠦᠢ

ᠡᠪᠦᠯ ᠦ᠋ᠨ ᠡᠪᠦᠯ ᠦ᠋ᠨ ᠴᠠᠭ ᠢ᠋ ᠪᠡᠨ ᠪᠣᠯᠪᠠᠯ ᠮᠥᠮᠥ ᠠ᠋
ᠡᠯᠳᠡᠪ ᠵᠦᠢᠯ ᠦ᠋ᠨ ᠪᠣᠯᠵᠣᠮᠣᠷ ᠴᠢᠨᠢ ᠳᠣᠩᠭᠣᠳᠤᠭᠠᠳ ᠪᠠᠢᠨ᠎ᠠ ᠬᠦᠢ
ᠥᠰᠴᠦ ᠲᠥᠷᠥᠭᠰᠡᠨ ᠨᠤᠲᠤᠭ ᠣᠷᠣᠨ ᠢ᠋ᠶ᠋ᠠᠨ ᠡᠪᠯᠢᠭ ᠥᠬᠢᠨ ᠴᠢᠨᠢ ᠪᠣᠳᠣᠪᠠᠯ
ᠡᠳᠦᠷ ᠡᠳᠦᠷ ᠪᠣᠳᠣᠵᠤ ᠪᠠᠢᠭᠠᠳ ᠡᠩᠰᠡᠷᠡᠲᠡᠯ᠎ᠡ ᠪᠡᠨ ᠤᠬᠢᠯᠠᠭᠰᠠᠨ ᠶᠤᠮ ᠠ᠋ ᠬᠦᠢ

ᠮᠠᠩᠨᠠᠢ  ᠪᠠᠨ  ᠴᠣᠭᠣᠷᠠᠭᠠᠳ  ᠲᠡᠭᠡᠶ᠎ᠡ  ᠮᠠᠯᠠᠭᠠᠢ ᠳᠣᠲᠣᠷ᠎ᠠ  ᠰᠢᠦ  ᠠ ᠮᠥᠮᠥ ᠠ᠋  ᠬᠦᠢ 
ᠮᠠᠨᠠᠷᠠᠲᠠᠯ᠎ᠠ ᠪᠠᠨ  ᠤᠬᠢᠯᠠᠭᠠᠳ  ᠲᠡᠭᠡᠶ᠎ᠡ  ᠰᠡᠳᠬᠢᠯ ᠳᠡᠭᠡᠷ᠎ᠡ  ᠬᠦᠢ
ᠮᠠᠨᠠᠷᠠᠲᠠᠯ᠎ᠠ ᠪᠠᠨ ᠤᠬᠢᠯᠠᠯ᠎ᠠ ᠭᠡᠳ ᠬᠡᠷᠡᠭ ᠴᠦ᠍  ᠭᠡᠵᠦ ᠪᠡᠨ ᠪᠠᠢᠨ᠎ᠠ  ᠤᠤ  ᠳ᠋ᠠ 
ᠮᠥᠮᠥ ᠪᠣᠯᠤᠨ ᠠᠪᠤ ᠲᠠᠢ ᠪᠠᠨ ᠠᠭᠤᠯᠵᠠᠵᠤ  ᠶᠣᠯᠣᠬᠣ ᠠ᠋ᠴᠠ  ᠬᠣᠯᠠᠳᠠᠯ᠎ᠠ   ᠶᠠ ᠬᠦᠢ 

ᠲᠣᠯᠣᠭᠠᠢ ᠪᠠᠨ ᠴᠣᠭᠣᠷᠠᠭᠠᠳ  ᠲᠡᠭᠡᠶ᠎ᠡ ᠲᠣᠭᠣᠷᠴᠣᠭ ‍ᠤᠨ ᠳᠣᠲᠣᠷ᠎ᠠ  ᠠ ᠮᠥᠮᠥ ᠠ᠋ 
ᠲᠤᠨᠤᠷᠠᠲᠠᠯ᠎ᠠ  ᠪᠠᠨ ᠤᠬᠢᠯᠠᠯ᠎ᠠ   ᠭᠡᠳ ᠰᠡᠳᠬᠢᠯ ᠦ᠋ᠨ ᠳᠣᠲᠣᠷ᠎ᠠ  ᠬᠦᠢ 
ᠲᠤᠨᠤᠷᠠᠲᠠᠯ᠎ᠠ  ᠪᠠᠨ  ᠤᠬᠢᠯᠠᠯ᠎ᠠ  ᠭᠡᠳ ᠬᠡᠷᠡᠭ ᠴᠦ᠍ ᠭᠡᠵᠦ  ᠪᠠᠨ ᠪᠠᠶ᠋ᠢᠨ᠎ᠠ ‍ᠤᠤ ᠳ᠋ᠠ 
ᠲᠥᠷᠥᠭᠰᠡᠨ ᠨᠤᠲᠤᠭ  ᠯᠠᠭᠯᠠᠢᠭ ᠦᠨ  ᠠᠶ᠋ᠢᠯ ᠳ᠋ᠠᠭᠠᠨ ᠡᠷᠭᠢᠵᠦ  ᠣᠴᠢᠬᠣ  ᠡᠴᠡ  ᠬᠣᠯᠠᠳᠠᠯ᠎ᠠ ᠶᠠ  ᠬᠦᠢ 

    ᠳᠠᠭᠤᠤ ᠶ᠋ᠢᠨ ᠦᠭᠡ  ᠶᠢ ᠬᠠᠩᠭᠠᠭᠴᠢ ᠄ ᠮᠧᠢ ᠯᠢ ᠳᠢ ᠰᠢᠨ ᠴᠢᠩ᠃
    ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ᠂  ᠪᠢᠴᠢᠯᠭᠡ ᠶ᠋ᠢAI ᠪᠠᠷ ᠨᠠᠢᠷᠠᠭᠤᠯᠪᠠ
    ᠬᠢᠨᠠᠭᠴᠢ ᠄ ᠴᠢᠨᠳᠠᠮᠤᠨᠢ