ᠴᠢᠮ᠎ᠠ ᠲᠠᠢ ᠪᠠᠨ ᠬᠠᠮᠲᠤ – ᠠᠯᠳᠠᠬᠠᠭᠤᠯᠠ Чамтайгаа хамт – Алтхуул
ᠴᠢᠮ᠎ᠠ ᠲᠠᠢ ᠪᠠᠨ ᠬᠠᠮᠲᠤ
ᠬᠤᠪᠢ ᠲᠠᠪᠢᠯᠠᠩ ᠭᠡᠵᠦ ᠬᠣᠷᠸ᠎ᠠ ᠶ᠋ᠢᠨ ᠠᠭᠤᠳᠠᠮ ᠵᠠᠢ ᠳ᠋ᠤ᠌ ᠬᠣᠶᠠᠷ ᠦᠭᠡᠢ ᠨᠢᠭᠡ ᠪᠡᠨ ᠣᠯᠵᠤ ᠤᠴᠠᠷᠠᠳᠠᠭ ᠨᠢ ᠭᠠᠢᠬᠠᠯᠲᠠᠢ ᠪᠢᠵᠡ ? ᠬᠥᠮᠦᠨ ᠦ᠌ ᠢᠷᠦᠭᠡᠯ ᠲᠠᠪᠢᠯᠠᠩ ᠭᠡᠵᠦ ᠳᠡᠭᠡᠳᠦ ᠲᠡᠭᠷᠢ ᠡᠴᠡ ᠬᠤᠪᠢᠶᠠᠵᠤ ᠥᠭᠭᠦᠭᠰᠡᠨ ᠤᠴᠠᠷᠠᠯ ᠪᠠᠢᠯᠲᠠᠢ᠃ ᠰᠡᠳᠬᠢᠯ ᠰᠦᠨᠡᠰᠦᠨ ᠡᠴᠡ ᠬᠣᠯᠪᠣᠭᠠᠰᠤ ᠲᠠᠢ ᠰᠠᠯᠤᠰᠢ ᠦᠭᠡᠢ᠂ ᠮᠠᠷᠲᠠᠭᠳᠠᠰᠢ ᠦᠭᠡᠢ᠂ ᠮᠠᠷᠲᠠᠵᠤ ᠴᠤ᠌ ᠴᠢᠳᠠᠰᠢ ᠦᠭᠡᠢ᠂ ᠰᠡᠳᠬᠢᠯ ᠦ᠋ᠨ ᠤᠭ ᠠ᠋ᠴᠠ ᠬᠣᠯᠪᠣᠭᠳᠠᠭᠰᠠᠨ ᠰᠣᠷᠢᠨᠵᠢᠨ ᠬᠦᠴᠦᠨ ᠭᠡᠯᠲᠡᠢ᠃
ᠢᠨᠠᠭᠰᠢᠵᠤ ᠶᠠᠪᠤᠭᠰᠠᠨ ᠴᠢᠮ᠎ᠠ ᠳ᠋ᠤ᠌ ᠪᠠᠨ ᠡᠷᠬᠡᠯᠡᠵᠦ ᠨᠢᠯᠬᠠᠷᠠᠵᠤ ᠡᠷ᠎ᠡ ᠪᠣᠯᠤᠭᠰᠠᠨ ᠶᠤᠮ ᠂ ᠢᠵᠢᠯᠢᠰᠢᠵᠦ ᠶᠠᠪᠤᠭᠰᠠᠨ ᠴᠢᠮ᠎ᠠ ᠲᠠᠢ ᠪᠠᠨ ᠬᠠᠨᠢᠯᠠᠵᠤ ᠬᠠᠢᠷᠠᠯᠠᠯᠴᠠᠵᠤ ᠬᠥᠮᠦᠨ ᠪᠣᠯᠤᠭᠰᠠᠨ ᠶᠤᠮ᠃
ᠬᠤᠷᠠᠭᠠᠨ ᠤ᠋ ᠪᠡᠯᠴᠢᠭᠡᠷ ᠲᠦ᠍ ᠬᠣᠶᠠᠭᠤᠯᠠ ᠪᠠᠨ ᠡᠪᠦᠳᠦᠭ ᠲᠣᠬᠣᠢ ᠴᠤᠭᠤᠷᠳᠠᠯ᠎ᠠ ᠪᠠᠷᠢᠯᠳᠤᠵᠤ ᠥᠭᠡᠬᠦᠨ ᠴᠢᠯᠠᠭᠤᠨ ᠪᠠᠶᠠᠨ ᠰᠦᠷᠦᠭ ᠲᠡᠢ《ᠠᠢᠯ ᠭᠡᠷ》 ᠪᠣᠯᠵᠤ ᠲᠣᠭᠯᠠᠵᠤ ᠥᠰᠦᠭᠰᠡᠨ ᠶᠦᠮ᠃ ᠭᠡᠬᠦ ᠳ᠋ᠦ᠍ ᠪᠡᠨ ᠨᠡᠷ᠎ᠡ ᠶ᠋ᠢ ᠴᠢᠨᠢ ᠶᠡᠷᠦ ᠮᠡᠳᠡᠬᠦ ᠦᠭᠡᠢ ᠂ ᠵᠢᠰᠦ ᠶ᠋ᠢ ᠴᠢᠨᠢ ᠶᠠᠭ ᠦᠵᠡᠭᠡ ᠦᠭᠡᠢ ᠪᠢᠯᠡ᠃
ᠨᠢᠭᠡᠳᠦᠯ ᠦ᠋ᠨ ᠰᠤᠷᠭᠠᠭᠤᠯᠢ ᠳ᠋ᠤ᠌ ᠡᠷᠢᠶᠡᠨ ᠪᠣᠭᠴᠣ ᠲᠠᠢ ᠬᠠᠮᠲᠤ ᠣᠴᠢᠭᠠᠳ ᠡᠬᠡᠰᠢᠭ ᠤᠶᠠᠩᠭ᠎ᠠ ᠲᠠᠢ《ᠴᠠᠭᠠᠨ ᠲᠣᠯᠣᠭᠠᠢ》 ᠨᠡᠷ᠎ᠡ ᠶ᠋ᠢ ᠴᠢᠨᠢ《ᠰᠤᠷᠤᠭᠴᠢ》 ᠠᠯᠳᠠᠷ ᠲᠠᠢ ᠪᠢ ᠠᠩᠬ᠎ᠠ ᠲᠠᠨᠢᠭᠰᠠᠨ ᠶᠤᠮ ᠃ ᠬᠠᠷᠠᠨᠳᠠ ᠳᠠᠰᠬᠠᠯ ᠤ᠋ᠨ ᠰᠢᠨ᠎ᠡ ᠲᠠᠪᠴᠠᠩ ᠳᠡᠭᠡᠷ᠎ᠡ ᠭᠠᠯᠪᠢᠷ ᠳᠦᠷᠢ ᠶ᠋ᠢ ᠴᠢᠨᠢ ᠠᠩᠬ᠎ᠠ ᠦᠵᠡᠭᠰᠡᠨ ᠶᠦᠮ᠃ ᠤᠭ ᠠ᠋ᠴᠠ ᠬᠠᠨᠢᠯᠠᠭᠰᠠᠨ ᠤᠨᠠᠭᠠᠨ ᠨᠠᠢᠵᠠ ᠮᠢᠨᠢ ᠦᠷᠦ ᠵᠢᠷᠦᠬᠡᠨ ᠦ᠌ ᠬᠠᠢᠷ᠎ᠠ ᠶ᠋ᠢᠨ ᠢᠨᠠᠭ ᠮᠢᠨᠢ᠂ ᠲᠡᠭᠡᠵᠦ ᠨᠢᠭᠡ ᠨᠡᠷ᠎ᠡ ᠵᠢᠰᠦ ᠪᠡᠨ ᠲᠣᠳᠣᠬᠠᠨ ᠨᠠᠮ᠎ᠠ ᠳ᠋ᠤ᠌ ᠲᠤᠰᠢᠶᠠᠭᠰᠠᠨ ᠠ᠋ᠴᠠ ᠬᠣᠢᠰᠢ ᠣᠨ ᠵᠢᠯ ᠦ᠋ᠨ ᠤᠷᠲᠤ ᠳ᠋ᠤ᠌ ᠥᠭᠡᠷ᠎ᠡ ᠦᠭᠡᠢ ᠦᠨᠡᠨᠴᠢ ᠰᠡᠳᠬᠢᠯ ᠢ᠋ᠶ᠋ᠡᠷ ᠢ᠋ᠶ᠋ᠡᠨ ᠦᠶᠡᠷᠬᠡᠵᠦ ᠥᠰᠦᠭᠰᠡᠨ ᠨᠠᠮ᠎ᠠ ᠶᠤᠭᠠᠨ ᠣᠯᠠᠨ ᠤ᠋ ᠰᠦᠷᠦᠭ ᠲᠦ᠍ ᠥᠩᠭᠡ ᠲᠡᠢ ᠳᠦᠷᠢ ᠲᠡᠢ᠂ ᠥᠪᠡᠷ ᠲᠡᠢ ᠪᠡᠨ ᠠᠳᠠᠯᠢ ᠪᠣᠰᠤᠭ᠎ᠠ ᠰᠦᠷᠯᠢᠭ ᠶᠠᠪᠤᠭᠠᠷᠠᠢ ᠭᠡᠵᠦ ᠡᠳᠦᠷ ᠰᠥᠨᠢ ᠶ᠋ᠢᠨ ᠬᠣᠪᠢᠨ ᠳ᠋ᠤ᠌ ᠦᠷᠭᠦᠯᠵᠢ ᠰᠢᠪᠡᠨᠡᠵᠦ ᠰᠠᠨᠠᠭᠤᠯᠳᠠᠭ ᠪᠢᠯᠡ᠃
ᠬᠣᠯᠠ ᠶ᠋ᠢᠨ ᠬᠣᠯᠠ ᠶ᠋ᠢᠨ ᠲᠥᠷᠥᠯ ᠰᠠᠳᠤᠨ᠂ ᠨᠠᠢᠵᠠ ᠨᠥᠬᠥᠳ ᠲᠦ᠍ ᠮᠢᠨᠢ ᠠᠮᠤᠷ ᠮᠡᠨᠳᠦ ᠶ᠋ᠢᠨ ᠠᠰᠠᠭᠤᠯ ᠵᠥᠩᠨᠡᠯ ᠢ᠋ ᠮᠢᠨᠢ ᠠᠯᠭᠠᠰᠠᠯ ᠣᠰᠣᠯᠳᠠᠯ ᠦᠭᠡᠢ ᠠᠰᠠᠭᠤᠵᠤ ᠬᠦᠷᠭᠡᠵᠦ ᠥᠭᠳᠡᠭ ᠨᠢ ᠴᠢ ᠮᠢᠨᠢ ᠪᠠᠢᠭᠰᠠᠨ ᠶᠤᠮ᠃ ᠠᠬᠢᠭᠠᠳ ᠪᠤᠴᠠᠭᠠᠳ ᠮᠡᠨᠳᠦ ᠶ᠋ᠢᠨ ᠬᠠᠳᠠᠭ ᠲᠠᠢ ᠮᠥᠷᠥᠭᠡᠳᠦᠯ ᠦ᠋ᠨ ᠬᠠᠷᠢᠭᠤ ᠲᠠᠢ ᠬᠠᠷᠢᠵᠤ ᠢᠷᠡᠳᠡᠭ ᠨᠢ ᠪᠠᠰᠠ ᠯᠠ ᠴᠢ ᠮᠢᠨᠢ ᠪᠠᠢᠭᠰᠠᠨ ᠶᠤᠮ᠃
ᠴᠢᠮ᠎ᠠ ᠲᠠᠢ ᠪᠠᠨ ᠬᠠᠮᠲᠤ ᠰᠣᠶᠣᠯ ᠤ᠋ᠨ ᠮᠥᠷ ᠬᠥᠭᠡᠭᠡᠭᠰᠡᠨ ᠡᠴᠡ ᠬᠠᠷᠠᠭ᠎ᠠ ᠮᠢᠨᠢ ᠥᠷᠭᠡᠵᠢᠵᠦ᠂ ᠬᠠᠢᠷ᠎ᠠ ᠮᠢᠨᠢ ᠳᠡᠯᠭᠡᠭᠳᠡᠵᠦ᠂ ᠬᠠᠨ ᠳᠡᠯᠡᠬᠡᠢ ᠶ᠋ᠢ ᠲᠠᠨᠢᠵᠤ ᠡᠬᠢᠯᠡᠭᠰᠡᠨ ᠶᠦᠮ᠂ ᠬᠠᠮᠤᠭ ᠪᠦᠬᠦᠨ ᠢ᠋ ᠣᠢᠯᠭᠠᠵᠤ ᠡᠬᠢᠯᠡᠭᠰᠡᠨ ᠶᠦᠮ᠃ ᠮᠥᠩᠬᠡ ᠲᠡᠭᠷᠢ ᠶ᠋ᠢᠨ ᠳᠣᠣᠷ᠎ᠠ ᠮᠢᠩᠭ᠎ᠠ ᠲᠦᠮᠡᠨ ᠬᠠᠪᠤᠷ ᠨᠠᠮᠤᠷ ᠢ᠋ ᠡᠯᠡᠭᠡᠭᠰᠡᠨ ᠮᠣᠩᠭᠣᠯ ᠤ᠋ᠨ ᠰᠠᠢᠬᠠᠨ ᠣᠷᠣᠨ ᠭᠡᠭᠴᠢ ᠮᠣᠷᠢ ᠲᠠᠢ ᠳᠡᠪᠡᠯ ᠲᠡᠢ ᠬᠥᠮᠦᠰ ᠦ᠋ᠨ ᠮᠥᠷ ᠢ᠋ᠶ᠋ᠡᠨ ᠲᠠᠮᠠᠭᠠᠯᠠᠵᠤ᠂ ᠦᠷ᠎ᠡ ᠳ᠋ᠦ᠍ ᠪᠡᠨ ᠥᠪᠯᠡᠭᠦᠯᠦᠭᠰᠡᠨ ᠮᠥᠩᠬᠡ ᠵᠢᠷᠭᠠᠯ ᠤ᠋ᠨ ᠭᠣᠯᠣᠮᠲᠠ ᠶᠤᠮ ᠭᠡᠵᠦ ᠮᠥᠨ ᠴᠢ ᠮᠢᠨᠢ ᠨᠠᠮ᠎ᠠ ᠳ᠋ᠤ᠌ ᠪᠠᠨ ᠶᠠᠷᠢᠵᠤ ᠥᠭᠭᠦᠭᠰᠡᠨ ᠠ᠋᠂ ᠴᠢ ᠮᠢᠨᠢ ᠨᠠᠮ᠎ᠠ ᠳ᠋ᠤ᠌ ᠪᠠᠨ ᠵᠠᠬᠢᠵᠤ ᠲᠤᠰᠢᠶᠠᠭᠰᠠᠨ ᠠ᠋᠃ ᠭᠠᠷ ᠭᠠᠷ ᠢ᠋ᠶ᠋ᠠᠷ ᠬᠣᠯᠪᠣᠯᠴᠠᠵᠤ ᠮᠥᠷᠥ ᠵᠡᠷᠭᠡᠴᠡᠨ ᠲᠦᠮᠡᠨ ᠦ᠌ ᠳᠤᠮᠳᠠᠭᠤᠷ ᠠᠯᠬᠤᠯᠠᠵᠤ ᠶᠠᠪᠤᠬᠤ ᠳ᠋ᠤ᠌ ᠪᠠᠨ《ᠳᠡᠭᠡᠷ᠎ᠡ ᠮᠥᠩᠬᠡ ᠬᠥᠬᠡ ᠲᠡᠭᠷᠢ ᠪᠣᠢ᠂ ᠳᠣᠣᠷ᠎ᠠ ᠬᠥᠷᠥᠰᠥᠲᠦ ᠠᠯᠲᠠᠨ ᠳᠡᠯᠡᠬᠡᠢ ᠪᠣᠢ᠂ ᠬᠥᠮᠦᠨ ᠰᠣᠶᠣᠯ ᠬᠣᠶᠠᠷ ᠬᠣᠷᠸ᠎ᠠ ᠳ᠋ᠤ᠌ ᠪᠣᠰᠤᠭ᠎ᠠ ᠶᠠᠪᠤᠳᠠᠭ ᠶᠤᠮ ᠰᠢᠦ 》 ᠭᠡᠵᠦ ᠭᠠᠷ ᠢ᠋ ᠮᠢᠨᠢ ᠴᠢ ᠴᠢᠩᠭ᠎ᠠ ᠠᠳᠬᠤᠵᠤ ᠂ ᠵᠣᠷᠢᠭ ᠢ᠋ ᠮᠢᠨᠢ ᠴᠢ ᠤᠯᠠᠮ ᠬᠥᠪᠴᠢᠯᠡᠵᠦ ᠥᠭᠭᠦᠭᠰᠡᠨ ᠶᠦᠮ᠃
ᠬᠥᠮᠦᠨ ᠦ᠌ ᠨᠡᠢᠭᠡᠮ ᠬᠥᠭᠵᠢᠨ ᠴᠡᠴᠡᠭᠯᠡᠵᠦ ᠺᠣᠮᠫᠢᠦ᠋ᠲ᠋ᠧᠷ ᠰᠦᠯᠵᠢᠶ᠎ᠡ ᠲᠦᠭᠡᠮᠡᠯᠵᠢᠬᠦ ᠳ᠋ᠦ᠍ ᠴᠢ ᠬᠠᠮᠤᠭ ᠤ᠋ᠨ ᠤᠷᠢᠳ ᠢ᠋ᠶ᠋ᠠᠷ ᠵᠥᠭᠡᠯᠡᠨ ᠲᠣᠨᠣᠭ ᠲᠤ᠌ ᠠᠵᠢᠯᠯᠠᠵᠤ《ᠣᠷᠣᠨ ᠪᠠᠢᠷᠢ ᠪᠠᠨ ᠨᠠᠮ᠎ᠠ ᠰᠢᠭ᠋ ᠡᠵᠡᠯᠡᠵᠦ᠂ ᠣᠯᠠᠨ ᠠ᠋ᠴᠠ ᠬᠣᠴᠣᠷᠤᠯ ᠦᠭᠡᠢ ᠴᠢᠷᠮᠠᠢᠵᠤ ᠶᠠᠪᠤ》 ᠭᠡᠵᠦ ᠰᠥᠨᠢ ᠶ᠋ᠢᠨ ᠭᠦᠨ ᠪᠣᠯᠲᠠᠯ᠎ᠠ᠂ ᠦᠷ ᠦ᠋ᠨ ᠭᠡᠭᠡ ᠤᠭᠲᠤᠲᠠᠯᠠ ᠤᠨᠲᠠᠬᠤ ᠨᠣᠢᠷ ᠦᠭᠡᠢ ᠠᠵᠢᠯᠯᠠᠵᠤ ᠦᠵᠡᠭᠦᠯᠦᠭᠰᠡᠨ ᠠ᠋᠂ ᠤᠯᠤᠰ ᠨᠡᠢᠲᠡ ᠳ᠋ᠦ᠍ ᠥᠪᠡᠷ ᠢ᠋ ᠪᠡᠨ ᠳᠠᠬᠢᠨ ᠲᠠᠨᠢᠭᠤᠯᠵᠤ᠂ ᠥᠪᠴᠢ ᠰᠢᠨ᠎ᠡ ᠪᠡᠷ ᠢᠨᠲ᠋ᠧᠷ ᠵᠠᠮ ᠢ᠋ᠶ᠋ᠠᠷ ᠥᠷᠯᠥᠭ ᠰᠣᠶᠣᠯ ᠢ᠋ᠶ᠋ᠠᠨ ᠠᠴᠢᠭᠠᠳ ᠮᠣᠷᠳᠠᠭᠰᠠᠨ ᠠ᠋᠃ ᠪᠢᠷ ᠴᠠᠭᠠᠰᠤ ᠰᠢᠤᠳᠠᠨ ᠭᠤᠷᠪᠠ ᠪᠠᠷ ᠳᠠᠮᠵᠢᠳᠠᠭ ᠬᠠᠭᠤᠴᠢᠨ ᠥᠷᠲᠡᠭᠡ ᠪᠡᠨ ᠬᠠᠯᠠᠵᠤ ᠬᠣᠷᠣᠮᠬᠠᠨ ᠵᠠᠭᠤᠷ᠎ᠠ ᠬᠣᠷᠸ᠎ᠠ ᠶ᠋ᠢ ᠲᠣᠭᠣᠷᠢᠳᠠᠭ ᠺᠣᠮᠫᠢᠦ᠋ᠲ᠋ᠧᠷ ᠢᠨᠲ᠋ᠧᠷ ᠢ᠋ᠶ᠋ᠡᠷ ᠵᠢᠭᠦᠷᠯᠡᠭᠡᠳ《ᠬᠤᠷᠳᠤᠨ ᠮᠣᠷᠳᠠ᠂ ᠬᠣᠴᠣᠷᠪᠠᠯ ᠪᠠᠯᠠᠷᠠᠨ᠎ᠠ ᠰᠢᠦ !》 ᠭᠡᠵᠦ ᠱᠠᠯᠠᠪᠳᠠᠵᠤ ᠨᠠᠮ᠎ᠠ ᠶ᠋ᠢ ᠪᠡᠨ ᠰᠦᠷᠡᠬᠡᠢ ᠱᠠᠭᠠᠷᠳᠠᠭᠰᠠᠨ ᠠ᠋᠃
ᠣᠨ ᠵᠢᠯ ᠦ᠋ᠨ ᠤᠷᠤᠰᠬᠠᠯ ᠪᠢᠳᠡᠨ ᠦ᠌ ᠥᠩᠭᠡᠷᠡᠭᠰᠡᠨ ᠣᠳᠣ ᠶ᠋ᠢ ᠬᠣᠯᠪᠣᠭᠠᠳ ᠢᠷᠡᠭᠡᠳᠦᠢ ᠵᠦᠭ ᠱᠤᠤᠭᠢᠨ ᠨᠢᠰᠬᠡᠵᠦ ᠪᠣᠢ᠃ ᠴᠢ ᠮᠢᠨᠢ ᠪᠠᠢᠭ᠎ᠠ ᠪᠣᠯᠬᠣᠷ ᠪᠢ ᠰᠡᠳᠬᠢᠯ ᠪᠠᠶᠠᠨ ᠪᠠᠢᠨ᠎ᠠ᠂ ᠴᠢ ᠮᠢᠨᠢ ᠮᠥᠩᠬᠡ ᠪᠣᠯᠬᠣᠷ ᠪᠢ ᠦᠷᠭᠦᠯᠵᠢ ᠵᠢᠷᠭᠠᠯᠲᠠᠢ ᠪᠠᠢᠳᠠᠭ᠃ ᠴᠢ ᠪᠣᠯ ᠮᠢᠨᠦᠬᠢ᠂ ᠪᠢ ᠴᠦ᠍ ᠴᠢᠨᠦᠬᠢ ᠶᠦᠮ᠃ ᠴᠡᠪᠡᠷ ᠠᠷᠢᠭᠤᠨ ᠬᠠᠢᠷ᠎ᠠ ᠢᠲᠡᠭᠡᠯ ᠴᠢ ᠪᠢᠳᠡᠨ ᠢ᠋ ᠬᠠᠮᠲᠤᠳᠬᠠᠵᠤ ᠬᠤᠪᠢ ᠵᠠᠶᠠᠭ᠎ᠠ ᠶ᠋ᠢ ᠮᠢᠨᠢ ᠨᠢᠭᠡᠳᠬᠡᠭᠰᠡᠨ ᠶᠦᠮ᠃ ᠬᠣᠶᠠᠭᠤᠯᠠ ᠪᠠᠨ ᠬᠠᠮᠲᠤ ᠪᠠᠢᠭᠰᠠᠨ ᠴᠠᠭ ᠲᠤ᠌ ᠬᠣᠷᠸ᠎ᠠ ᠶ᠋ᠢᠨ ᠴᠢᠮᠡᠭ ᠬᠤᠭᠤᠷ ᠤ᠋ᠨ ᠡᠬᠡᠰᠢᠭ᠂ ᠬᠣᠩᠭᠣᠷ ᠰᠠᠯᠬᠢᠨ ᠤ᠋ ᠬᠥᠮᠡᠢ ᠶ᠋ᠢᠨ ᠤᠶᠠᠩᠭ᠎ᠠ ᠲᠠᠰᠤᠷᠠᠬᠤ ᠤᠴᠢᠷ ᠦᠭᠡᠢ᠂ ᠮᠠᠷᠲᠠᠭᠳᠠᠬᠤ ᠶᠣᠰᠣ ᠦᠭᠡᠢ᠂ ᠦᠷᠭᠦᠯᠵᠢᠯᠡᠭᠰᠡᠭᠡᠷ ᠯᠡ ᠪᠠᠢᠬᠤ ᠤᠴᠢᠷ ᠲᠠᠢ᠃
ᠬᠠᠢᠷᠠᠲᠤ ᠮᠢᠨᠢ ᠠ᠋ ᠂ ᠬᠣᠶᠠᠭᠤᠯᠠ ᠪᠠᠨ ᠲᠦᠰᠢᠯᠴᠡᠵᠦ ᠡᠨᠡ ᠬᠣᠷᠸ᠎ᠠ ᠶ᠋ᠢ ᠡᠯᠡᠭᠡᠵᠦ ᠬᠠᠮᠲᠤ ᠳ᠋ᠤ᠌ ᠪᠠᠨ ᠮᠥᠩᠬᠡᠷᠡᠶᠡ !
2020 .11.27 ᠬᠠᠯᠢᠭᠤᠲᠤ ᠳ᠋ᠤ᠌
ᠢᠷᠡᠯᠲᠡ᠄
ᠤᠷᠠᠳ ᠤ᠋ᠨ ᠤᠳᠬ᠎ᠠ ᠤᠷᠠᠯᠢᠭ ᠲᠠᠪᠴᠠᠩ 2025 ᠣᠨ ᠤ᠋ 9 ᠰᠠᠷ᠎ᠠ
ᠦᠰᠦᠭ ᠠᠮᠢᠯᠠᠭᠤᠯᠤᠭᠴᠢ ᠄ ᠭᠠᠸᠠ
ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃
