ᠦᠯᠵᠡᠢᠲᠡᠮᠤᠷ ᠬᠠᠭᠠᠨ ᠪᠣᠶᠠᠨᠰᠢᠷᠢÖlziitömör khaan buyanshirӨлзийтөмөр хаан буяншир
ᠦᠯᠵᠡᠢᠲᠡᠮᠤᠷ ᠬᠠᠭᠠᠨ ᠪᠣᠶᠠᠨᠰᠢᠷᠢ
ᠨᠠᠢᠷᠠᠭᠤᠯᠤᠭᠰᠠᠨ ᠨᠢ ᠄ ᠱ · ᠴᠸᠶᠢᠨ — ᠣᠢᠳᠤᠪ
ᠬᠢᠶᠠᠳ ᠪᠣᠷᠵᠢᠭᠢᠨ ᠣᠪᠣᠭᠲᠤ ᠪᠣᠶᠠᠨᠰᠢᠷᠢ ᠶ᠋ᠢᠨ ᠥᠨᠳᠥᠷ ᠡᠪᠦᠭᠡ ᠲᠣᠭᠣᠨᠳᠡᠮᠤᠷ᠂ ᠥᠪᠡᠷ ᠦ᠋ᠨ ᠡᠪᠦᠭᠡ ᠲᠡᠭᠦᠰᠳᠡᠮᠦᠷ᠂ ᠡᠴᠢᠭᠡ ᠨᠢ ᠡᠯᠪᠡᠭ ᠨᠢᠭᠦᠯᠡᠰᠦᠭᠴᠢ ᠬᠠᠭᠠᠨ ᠶᠤᠮ᠃1379 ᠣᠨ ᠳ᠋ᠤ᠌ ᠮᠡᠨᠳᠦᠯᠡᠵᠡᠢ᠃ ᠭᠦᠨᠳᠡᠮᠦᠷ ᠬᠠᠭᠠᠨ ᠤ᠋ ᠳᠡᠭᠦᠦ᠃
1408 ᠣᠨ ᠠᠷᠤᠭᠲᠠᠢ ᠲᠠᠢᠰᠢ ᠶ᠋ᠢᠨ ᠳᠡᠮᠵᠢᠯᠭᠡ ᠪᠡᠷ ᠬᠠᠭᠠᠨ ᠰᠠᠭᠤᠷᠢᠨ ᠳ᠋ᠤ᠌ ᠰᠠᠭᠤᠵᠤ᠂ ᠬᠠᠭᠠᠨ ᠤ᠋ ᠴᠣᠯᠠ ᠪᠠᠨ《ᠦᠯᠵᠡᠢᠳᠡᠮᠦᠷ》 ᠭᠡᠵᠡᠢ᠃ᠦᠯᠵᠡᠢᠲᠡᠮᠤᠷ ᠬᠠᠭᠠᠨ ᠪᠣᠶᠠᠨᠰᠢᠷᠢ ᠪᠣᠯ ᠬᠠᠭᠠᠨᠲᠤ ᠮᠣᠩᠭᠣᠯ ᠤᠯᠤᠰ ᠤ᠋ᠨ21 ᠳᠡᠬᠢ ᠬᠠᠭᠠᠨ ᠪᠢᠯᠡ᠃
ᠡᠨᠡ ᠦᠶ᠎ᠡ ᠳ᠋ᠦ᠍ ᠤᠷᠲᠤ ᠴᠠᠭᠠᠨ ᠬᠡᠷᠡᠮ ᠦ᠋ᠨ ᠠᠷᠤ ᠳ᠋ᠠᠬᠢ ᠮᠣᠩᠭᠣᠯᠴᠤᠳ ᠢ᠋ ᠵᠡᠭᠦᠨ ᠮᠣᠩᠭᠣᠯ᠂ ᠳᠥᠷᠪᠡᠨ ᠣᠢᠷᠠᠳ ᠢ᠋ ᠪᠠᠷᠠᠭᠤᠨ ᠮᠣᠩᠭᠣᠯ ᠭᠡᠵᠦ ᠬᠤᠪᠢᠶᠠᠳᠠᠭ ᠪᠠᠢᠪᠠ᠃ ᠮᠢᠩ ᠤᠯᠤᠰ ᠵᠡᠭᠦᠨ ᠮᠣᠩᠭᠣᠯ ᠢ᠋ ᠲᠠᠲ᠋ᠠᠷ ᠤ᠋ᠳ ᠭᠡᠳᠡᠭ᠃
ᠵᠡᠭᠦᠨ ᠮᠣᠩᠭᠣᠯ ᠪᠣᠯ ᠶᠡᠬᠡ ᠬᠠᠭᠠᠨ ᠤ᠋ ᠰᠢᠭᠤᠳ ᠨᠣᠶᠠᠷᠬᠠᠯ ᠤ᠋ᠨ ᠳᠣᠣᠷ᠎ᠠ ᠪᠠᠢᠬᠤ ᠮᠣᠩᠭᠣᠯ ᠤ᠋ᠨ ᠡᠯ᠎ᠡ ᠠᠢᠮᠠᠭ᠂ ᠶᠡᠬᠡ ᠬᠠᠭᠠᠨ ᠤ᠋ ᠬᠠᠷᠢᠶᠠᠲᠤ ᠠᠢᠮᠠᠭ ᠢ᠋ᠶ᠋ᠠᠷ ᠪᠦᠷᠢᠳᠴᠦ᠂ ᠶᠡᠬᠡ ᠭᠣᠪᠢ ᠶ᠋ᠢᠨ ᠥᠷᠭᠡᠨ ᠠᠭᠤᠳᠠᠮ ᠭᠠᠵᠠᠷ ᠨᠤᠲᠤᠭ ᠲᠠᠢ᠃
ᠪᠠᠷᠠᠭᠤᠨ ᠮᠣᠩᠭᠣᠯ ᠪᠣᠯ ᠶᠢᠨᠢᠰᠠᠢ ᠮᠥᠷᠡᠨ ᠦ᠌ ᠤᠷᠤᠰᠬᠠᠯ ᠳᠠᠭᠤ ᠭᠠᠵᠠᠷ᠂ ᠠᠯᠲᠠᠢ ᠬᠠᠩᠭᠠᠢ ᠠᠭᠤᠯᠠ ᠪᠠᠷ ᠳᠠᠷᠬᠠᠨ ᠰᠠᠭᠤᠭᠰᠠᠨ ᠪᠠᠢᠨ᠎ᠠ᠃
1409 ᠣᠨ ᠮᠢᠩ ᠤᠯᠤᠰ ᠮᠣᠩᠭᠣᠯᠴᠤᠳ ᠢ᠋ ᠨᠢᠭᠡ ᠨᠢᠭᠡ ᠪᠡᠷ ᠨᠢ ᠬᠠᠭᠠᠯᠠᠨ᠂ ᠠᠢᠮᠠᠭ ᠤᠭᠰᠠᠭ᠎ᠠ ᠪᠠᠷ ᠨᠢ ᠰᠠᠯᠭᠠᠨ ᠪᠤᠲᠠ ᠴᠣᠬᠢᠬᠤ ᠬᠠᠷᠭᠢᠰ ᠪᠣᠳᠣᠯᠭ᠎ᠠ ᠶᠠᠪᠤᠭᠤᠯᠵᠤ᠂ ᠪᠠᠷᠠᠭᠤᠨ ᠮᠣᠩᠭᠣᠯ ᠤ᠋ᠨ ᠨᠣᠶᠠᠳ ᠲᠤ᠌ ᠸᠠᠩ᠂ ᠬᠦᠩ ᠴᠣᠯᠠ ᠥᠭᠴᠦ ᠶᠠᠰᠤ ᠬᠠᠶᠠᠭᠰᠠᠨ ᠢ᠋ ᠲᠡᠳᠡᠨ ᠢ᠋ ᠤᠷᠪᠠᠭᠴᠢ ᠭᠡᠮᠡᠨ ᠦᠵᠡᠵᠦ᠂ᠦᠯᠵᠡᠢᠲᠡᠮᠤᠷ ᠬᠠᠭᠠᠨ ᠪᠣᠶᠠᠨᠰᠢᠷᠢ᠂ ᠠᠷᠤᠭᠲᠠᠢ ᠲᠠᠢᠰᠢ ᠬᠣᠶᠠᠷ ᠪᠠᠷᠠᠭᠤᠨ ᠮᠣᠩᠭᠣᠯ ᠲᠠᠢ ᠲᠤᠯᠤᠯᠳᠤᠭᠰᠠᠨ ᠪᠣᠯᠪᠠᠴᠤ ᠢᠯᠠᠭᠳᠠᠵᠤ᠂ ᠭᠣᠣᠯ ᠬᠦᠴᠦᠨ ᠢ᠋ᠶ᠋ᠡᠨ ᠠᠪᠤᠨ ᠬᠡᠷᠦᠯᠦᠨ ᠭᠣᠣᠯ ᠤ᠋ᠨ ᠳᠠᠭᠤ ᠤᠬᠤᠷᠢᠭᠰᠠᠨ ᠪᠠᠢᠨ᠎ᠠ᠃
ᠮᠢᠩ ᠤᠯᠤᠰ ᠣᠢᠷᠠᠳ ᠲᠤ᠌ ᠢᠯᠠᠭᠳᠠᠵᠤ ᠬᠦᠴᠦ ᠪᠠᠭᠤᠷᠠᠭᠰᠠᠨ ᠢ᠋ ᠮᠡᠳᠡᠮᠡᠭᠴᠡ ᠪᠡᠨ10 ᠲᠦᠮᠡᠨ ᠴᠡᠷᠢᠭ ᠬᠥᠳᠡᠯᠭᠡᠵᠦ᠂ᠦᠯᠵᠡᠢᠲᠡᠮᠤᠷ ᠬᠠᠭᠠᠨ ᠪᠣᠶᠠᠨᠰᠢᠷᠢ ᠠᠷᠤᠭᠲᠠᠢ ᠲᠡᠢᠰᠢ ᠬᠣᠶᠠᠷ ᠢ᠋ ᠪᠤᠲᠠ ᠴᠣᠬᠢᠬᠤ ᠭᠡᠳ ᠭᠡᠳᠡᠷᠭᠦ ᠲᠡᠳᠡᠨ ᠦ᠌ ᠭᠡᠨᠡᠳᠲᠡ ᠳᠠᠭᠠᠷᠢᠯᠲᠠ ᠳ᠋ᠤ᠌ ᠮᠢᠩ ᠤᠯᠤᠰ ᠤ᠋ᠨ10 ᠲᠦᠮᠡᠨ ᠴᠡᠷᠢᠭ ᠬᠢᠶᠠᠷᠠᠲᠠᠯ᠎ᠠ ᠴᠣᠬᠢᠭᠳᠠᠵᠤ᠂ ᠲᠠᠪᠤᠨ ᠲᠣᠮᠣ ᠤᠳᠤᠷᠢᠳᠤᠭᠴᠢ ᠵᠠᠩᠵᠤᠨ ᠢ᠋ ᠪᠠᠷᠢᠵᠤ ᠠᠯᠠᠭᠰᠠᠨ ᠪᠠᠢᠨ᠎ᠠ᠃ ᠡᠨᠡᠬᠦ ᠢᠯᠠᠯᠲᠠ ᠶ᠋ᠢᠨ ᠡᠷᠴᠢᠨ ᠳ᠋ᠦ᠍ ᠪᠡᠨ ᠴᠢᠨᠠᠭᠰᠢ ᠲᠠᠪᠰᠢᠵᠤ᠂ ᠯᠢᠶᠣᠤᠳ᠋ᠦ᠋ᠩ᠂ ᠳ᠋ᠠᠲ᠋ᠦᠢ᠍ᠩ ᠵᠡᠷᠭᠡ ᠴᠢ᠋ᠵᠡ ᠶ᠋ᠢ ᠪᠤᠲᠠ ᠴᠣᠬᠢᠭᠰᠠᠨ ᠪᠠᠢᠨ᠎ᠠ᠃
ᠮᠢᠩ ᠤᠯᠤᠰ ᠳᠠᠬᠢᠨ5 ᠲᠦᠮᠡᠨ ᠴᠡᠷᠢᠭ ᠬᠥᠳᠡᠯᠭᠡᠵᠦ ᠮᠣᠩᠭᠣᠯ ᠤᠯᠤᠰ ᠲᠤ᠌ ᠳᠠᠪᠰᠢᠵᠤ ᠪᠠᠢᠬᠤ ᠶ᠋ᠢ ᠮᠡᠳᠡᠭᠡᠳ1409 ᠣᠨ ᠳ᠋ᠤ᠌ ᠦᠯᠵᠡᠢᠲᠡᠮᠤᠷ ᠬᠠᠭᠠᠨ ᠪᠣᠶᠠᠨᠰᠢᠷᠢ ᠪᠠᠷᠠᠭᠤᠨ ᠲᠡᠢᠰᠢ ᠤᠬᠤᠷᠢᠬᠤ ᠭᠡᠬᠦ ᠳ᠋ᠦ᠍ ᠠᠷᠤᠭᠲᠠᠢ ᠲᠠᠢᠰᠢ ᠡᠰᠡ ᠵᠥᠪᠰᠢᠶᠡᠷᠡᠨ ᠬᠠᠭᠠᠨ ᠲᠦᠰᠢᠮᠡᠯ ᠬᠣᠶᠠᠷ ᠤ᠋ᠨ ᠰᠠᠨᠠᠯ ᠵᠥᠷᠢᠵᠦ᠂ ᠲᠤᠰ ᠲᠤᠰ ᠤ᠋ᠨ ᠴᠡᠷᠢᠭ ᠵᠠᠬᠢᠷᠴᠤ ᠬᠣᠶᠠᠷ ᠲᠠᠢᠰᠢ ᠰᠠᠯᠵᠤ᠂ᠦᠯᠵᠡᠢᠲᠡᠮᠤᠷ ᠬᠠᠭᠠᠨ ᠪᠣᠶᠠᠨᠰᠢᠷᠢ ᠤᠨᠤᠨ ᠭᠣᠣᠯ ᠤ᠋ᠨ ᠰᠠᠪᠠ ᠭᠠᠵᠠᠷ ᠲᠤ᠌ ᠮᠢᠩ ᠤᠯᠤᠰ ᠤ᠋ᠨ ᠴᠡᠷᠢᠭ ᠲᠦ᠍ ᠢᠯᠠᠭᠳᠠᠭᠠᠳ ᠪᠠᠷᠠᠭᠤᠨ ᠲᠡᠢᠰᠢ ᠣᠢᠷᠠᠳ ᠤ᠋ᠨ ᠵᠦᠭ ᠵᠢᠭᠤᠲᠠᠵᠤ ᠶᠠᠪᠤᠭᠰᠠᠭᠠᠷ ᠣᠢᠷᠠᠳ ᠤ᠋ᠨ ᠠᠬᠠᠯᠠᠭᠴᠢ ᠨᠠᠷ ᠲᠤ᠌ ᠠᠯᠠᠭᠳᠠᠭᠠᠳ ᠬᠠᠷᠠᠬᠣᠷᠣᠮ ᠬᠣᠲᠠ ᠪᠠᠨ ᠴᠤ᠌ ᠲᠡᠳᠡᠨ ᠳ᠋ᠦ᠍ ᠡᠵᠡᠯᠡᠭᠦᠯᠵᠡᠢ᠃
ᠦᠯᠵᠡᠢᠲᠡᠮᠤᠷ ᠬᠠᠭᠠᠨ ᠪᠣᠶᠠᠨᠰᠢᠷᠢ1408 —1411 ᠣᠨ ᠬᠦᠷᠲᠡᠯ᠎ᠡ ᠳᠦᠷᠪᠡᠭᠡᠨ ᠵᠢᠯ ᠬᠠᠭᠠᠨ ᠰᠢᠷᠡᠭᠡᠨ ᠳ᠋ᠦ᠍ ᠰᠠᠭᠤᠭᠠᠳ33 ᠨᠠᠰᠤᠨ ᠳ᠋ᠤ᠌ ᠪᠠᠨ ᠥᠪᠡᠷᠰᠡᠳ ᠦ᠋ᠨ ᠬᠥᠮᠦᠨ ᠦ᠌ ᠭᠠᠷ ᠲᠤ᠌ ᠠᠮᠢ ᠦᠷᠡᠭᠳᠡᠭᠰᠡᠨ ᠶᠦᠮ᠃
ᠢᠷᠡᠯᠲᠡ᠄
《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠨᠠᠢᠷᠠᠭᠤᠯᠤᠨ ᠰᠣᠩᠭᠣᠵᠤ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
