ᠪᠢ ᠮᠣᠩᠭᠣᠯ ᠬᠥᠮᠦᠨ ᠮᠣᠩᠭᠣᠯ ᠦᠰᠦᠭ ᠪᠢᠴᠢᠭ ᠲᠦ᠍ ᠪᠡᠨ ᠬᠠᠢᠷᠠᠲᠠᠢBi mongol khümüün mongol ösög bichigtee khairtaiБи монгол хүмүүн монгол үсөг бичигтээ хайртай
ᠪᠢ ᠮᠣᠩᠭᠣᠯ ᠬᠥᠮᠦᠨ ᠮᠣᠩᠭᠣᠯ ᠦᠰᠦᠭ ᠪᠢᠴᠢᠭ ᠲᠦ᠍ ᠪᠡᠨ ᠬᠠᠢᠷᠠᠲᠠᠢ
1. ᠰᠡᠷᠭᠦᠯᠡᠩ
ᠠᠷᠭᠠᠯ ᠤ᠋ᠨ ᠤᠲᠤᠭ᠎ᠠ ᠪᠤᠷᠭᠢᠯᠤᠭᠰᠠᠨ ᠮᠠᠯᠴᠢᠨ ᠤ᠋ ᠭᠡᠷ ᠲᠦ᠍ ᠲᠥᠷᠥᠭᠰᠡᠨ ᠪᠢ᠂
ᠠᠲᠠᠷ ᠬᠡᠭᠡᠷ᠎ᠡ ᠨᠤᠲᠤᠭ ᠢ᠋ᠶ᠋ᠠᠨ ᠥᠯᠥᠭᠡᠢ ᠮᠢᠨᠢ ᠭᠡᠵᠦ ᠪᠣᠳᠣᠳᠠᠭ᠃
2. ᠲᠡᠷᠡᠪᠢᠰᠢ
ᠡᠵᠢ ᠬᠥᠮᠦᠨ ᠳ᠋ᠦ᠍ ᠦᠷ᠎ᠡ ᠪᠦᠲᠦᠭᠡᠯ ᠡᠴᠡ ᠨᠢ ᠥᠭᠡᠷ᠎ᠡ ᠥᠮᠴᠢ ᠭᠡᠵᠦ ᠪᠠᠢᠳᠠᠭ ᠦᠭᠡᠢ ᠭᠡᠨ᠎ᠡ᠃
ᠪᠢ ᠮᠣᠩᠭᠣᠯ ᠬᠥᠮᠦᠨ᠂ ᠮᠣᠩᠭᠣᠯ ᠦᠰᠦᠭ ᠪᠢᠴᠢᠭ ᠲᠡᠭᠡᠨ ᠬᠠᠢᠷᠠᠲᠠᠢ᠃
ᠠᠵᠢᠯ ᠬᠢᠪᠡᠯ ᠳᠠᠭᠤᠰᠲᠠᠯ᠎ᠠ᠂ ᠳᠠᠪᠤᠰᠤ ᠬᠢᠪᠡᠯ ᠠᠭᠤᠰᠲᠠᠯ᠎ᠠ᠃
3. ᠤᠷᠠᠨᠴᠡᠴᠡᠭ
ᠬᠡᠯᠡᠬᠦ ᠦᠭᠡ ᠶ᠋ᠢ ᠡᠵᠡᠨ ᠳ᠋ᠦ᠍ ᠨᠢ ᠬᠡᠯᠡ᠂ ᠲᠠᠯᠪᠢᠬᠤ ᠮᠣᠷᠢ ᠶ᠋ᠢ ᠢᠵᠢᠯᠢ ᠳ᠋ᠦ᠍ ᠨᠢ ᠳᠡᠯᠪᠢ᠂
ᠲᠤᠰᠠ ᠬᠢᠭᠰᠡᠨ ᠢ᠋ᠶ᠋ᠡᠨ ᠪᠤᠤ ᠳᠤᠷᠠᠰ᠂ ᠲᠤᠰᠠ ᠬᠦᠷᠲᠡᠭᠰᠡᠨ ᠢ᠋ᠶ᠋ᠡᠨ ᠪᠤᠤ ᠮᠠᠷᠲᠠ᠃
4. ᠰᠡᠷᠭᠦᠯᠡᠩ
ᠥᠩᠭᠡᠷᠡᠭᠰᠡᠨ ᠪᠣᠯ ᠰᠤᠷᠭᠠᠮᠵᠢ᠂ᠥᠨᠥᠳᠥᠷ ᠪᠣᠯ ᠪᠣᠯᠤᠮᠵᠢ᠂ ᠢᠷᠡᠭᠡᠳᠦᠢ ᠪᠣᠯ ᠪᠡᠯᠡᠭ᠃
5. ᠨᠠᠴᠢᠨ
ᠦᠶᠡᠷᠯᠡᠨ ᠢᠷᠡᠪᠡᠰᠦ ᠦᠬᠦᠯᠳᠦᠨ ᠦᠵᠡᠯᠴᠡᠶ᠎ᠡ
ᠨᠥᠮᠦᠷᠢᠨ ᠢᠷᠠᠪᠠᠰᠤ ᠨᠢᠳᠤᠯᠳᠤᠨ ᠣᠷᠣᠯᠳᠣᠶ᠎ᠠ
ᠨᠢᠰᠦᠯᠳᠤᠨ ᠢᠷᠠᠪᠠᠰᠤ ᠬᠠᠷᠪᠤᠯᠳᠤᠨ ᠤᠨᠠᠭᠠᠶ᠎ᠠ
ᠴᠠᠯᠭᠢᠯᠠᠨ ᠢᠷᠡᠪᠡᠰᠦ ᠴᠠᠪᠴᠢᠯᠳᠤᠨ ᠲᠡᠮᠡᠴᠡᠶ᠎ᠡ᠃
6. ᠠᠮᠤᠷ
ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠰᠤᠷᠤᠶ᠎ᠠ᠃ ᠮᠣᠩᠭᠣᠯ ᠦᠭᠡ ᠬᠡᠯᠡ ᠪᠡᠨ ᠬᠡᠷᠡᠭᠯᠡᠵᠦ ᠶᠠᠪᠤᠶ᠎ᠠ!
ᠥᠪᠡᠷ ᠦ᠋ᠨ ᠢ᠋ᠶ᠋ᠡᠨ ᠦᠰᠦᠭ ᠪᠢᠴᠢᠭ ᠢ᠋ᠶ᠋ᠡᠨ ᠬᠠᠢᠷᠠᠯᠠᠨ ᠬᠠᠮᠠᠭᠠᠯᠠᠵᠤ᠂ ᠬᠥᠭᠵᠢᠭᠦᠯᠦᠨ ᠮᠠᠨᠳᠤᠭᠤᠯᠵᠤ ᠶᠠᠪᠤᠶ᠎ᠠ!
7. ᠰᠡᠷᠭᠦᠯᠡᠩ
ᠥᠰᠬᠦ ᠡᠴᠡ ᠰᠤᠷᠤᠭᠰᠠᠨ ᠲᠥᠷᠥᠯᠬᠢ ᠬᠡᠯᠡ ᠮᠠᠷᠲᠠᠵᠤ ᠪᠣᠯᠣᠰᠢ ᠦᠭᠡᠢ ᠰᠣᠶᠣᠯ᠂
ᠦᠬᠦᠲᠡᠯ᠎ᠡ ᠣᠷᠣᠰᠢᠬᠤ ᠲᠥᠷᠥᠭᠰᠡᠨ ᠨᠤᠲᠤᠭ ᠰᠠᠯᠵᠤ ᠪᠣᠯᠣᠰᠢ ᠦᠭᠡᠢ ᠣᠷᠣᠨ᠃
ᠬᠥᠮᠦᠨ ᠦ᠌ ᠪᠤᠶᠠᠨ ᠬᠡᠮᠵᠢᠶ᠎ᠡ ᠲᠡᠢ ᠪᠠᠢᠳᠠᠭ᠂
ᠬᠤᠳᠳᠤᠭ ᠤ᠋ᠨ ᠤᠰᠤ ᠴᠤ᠌ ᠬᠡᠮᠵᠢᠶ᠎ᠡ ᠲᠡᠢ ᠪᠠᠢᠳᠠᠭ᠃
8. ᠰᠤᠳᠤᠯ
ᠪᠤᠭᠤᠷᠤᠯ ᠮᠣᠷᠢ ᠶ᠋ᠢ ᠤᠨᠤᠶ᠎ᠠ ᠭᠡᠪᠡᠯ
ᠪᠤᠲᠠᠷᠠᠭᠤᠯᠤᠭᠠᠳ ᠭᠠᠷᠤᠨ᠎ᠠ ᠬᠦ
ᠪᠤᠭᠤᠷᠤᠯ ᠬᠠᠯᠵᠠᠨ ᠭᠠᠯᠠᠭᠤᠨ ᠤ᠋ ᠳᠡᠭᠳᠡᠭᠡᠬᠡᠢ
ᠱᠣᠮᠪᠣᠯᠵᠠᠭᠤᠯᠤᠭᠠᠳ ᠢᠷᠡᠨ᠎ᠡ ᠬᠦ᠃
9. ᠨᠤᠮᠤᠴᠢᠨ ᠪᠢᠯᠢᠭ
ᠵᠢᠭᠦᠷ ᠲᠡᠭᠡᠨ ᠬᠦᠴᠦᠲᠡᠢ ᠰᠢᠪᠠᠭᠤ᠂ᠲᠩᠷᠢ ᠶ᠋ᠢᠨ ᠲᠠᠩᠨᠠᠢ ᠳ᠋ᠤ᠌ ᠨᠢᠰᠴᠦ
ᠵᠢᠷᠦᠬᠡᠨ ᠳ᠋ᠡᠭᠡᠨ ᠲᠠᠮᠢᠷ ᠲᠠᠢ ᠬᠥᠮᠦᠨ᠂ᠳᠡᠯᠡᠬᠡᠢ ᠶ᠋ᠢᠨ ᠮᠠᠩᠨᠠᠢ ᠳ᠋ᠤ᠌ ᠭᠢᠯᠠᠯᠵᠠᠨᠠᠮ᠃
10. ᠤᠤᠭᠠᠨᠵᠢᠳ
ᠶᠢᠷᠲᠢᠨᠴᠦ ᠶ᠋ᠢᠨ ᠪᠠᠷᠢᠯᠳᠤᠯᠭ᠎ᠠ
ᠠᠪᠤ ᠶ᠋ᠢᠨ ᠠᠴᠢ ᠠᠭᠠᠷ ᠲᠩᠷᠢ ᠶ᠋ᠢᠨ ᠠᠯᠲᠠᠨ ᠨᠠᠷᠠᠨ
ᠡᠵᠢ ᠶ᠋ᠢᠨ ᠬᠠᠢᠷ᠎ᠠ ᠡᠨᠡ ᠶᠢᠷᠲᠢᠨᠴᠦ ᠶ᠋ᠢᠨ ᠮᠥᠩᠭᠥᠨ ᠰᠠᠷᠠᠨ
ᠠᠬ᠎ᠠ ᠳᠡᠭᠦᠦ ᠶ᠋ᠢᠨ ᠬᠠᠷᠢᠴᠠᠭ᠎ᠠ ᠠᠷᠤᠭ ᠶᠠᠰᠤᠨ ᠤ᠋ ᠬᠡᠯᠲᠡᠷᠬᠡᠢ
ᠡᠭᠡᠴᠢ ᠳᠡᠭᠦᠦ ᠶ᠋ᠢᠨ ᠬᠣᠯᠪᠣᠭ᠎ᠠ ᠡᠯᠢᠭᠡ ᠵᠢᠷᠦᠬᠡᠨ ᠦ᠌ ᠰᠤᠳᠠᠰᠤ
ᠮᠢᠩᠭᠠᠨ ᠣᠨ ᠤ᠋ ᠢᠷᠦᠭᠡᠯ ᠢ᠋ᠶ᠋ᠡᠷ ᠨᠢᠭᠡᠨ ᠭᠡᠷ ᠲᠦ᠍ ᠲᠥᠷᠥᠵᠦ
ᠲᠦᠮᠡᠨ ᠵᠢᠯ ᠦ᠋ᠨ ᠪᠠᠷᠢᠯᠳᠤᠯᠭ᠎ᠠ ᠪᠠᠷ ᠬᠠᠮᠲᠤ ᠤᠴᠠᠷᠠᠨ ᠵᠠᠶᠠᠭᠠᠭᠰᠠᠨ ᠮᠢᠨᠦ ᠬᠠᠢᠷᠠᠲᠤ ᠠᠬ᠎ᠠ ᠡᠭᠡᠴᠢ ᠳᠡᠭᠦᠦ ᠨᠠᠷ
ᠲᠥᠷᠥᠯ ᠳᠣᠳᠣᠮ ᠠᠮᠢᠳᠤ ᠪᠤᠷᠬᠠᠨ ᠤ᠋ ᠪᠠᠨ ᠥᠯᠮᠡᠢ ᠳ᠋ᠦ᠍ᠷ ᠵᠠᠯᠪᠠᠷᠢᠰᠤ᠃
11. ᠳᠠᠯᠠᠨᠲᠠᠢ
ᠮᠣᠳᠣ ᠦᠨᠳᠦᠰᠦᠨ ᠡᠴᠡ ᠪᠡᠨ ᠰᠢᠮ᠎ᠡ ᠠᠪᠳᠠᠭ
ᠬᠥᠮᠦᠨ ᠰᠡᠳᠬᠢᠯ ᠡᠴᠡ ᠪᠡᠨ ᠬᠦᠴᠦ ᠠᠪᠳᠠᠭ᠃
ᠬᠡᠯᠡ ᠪᠡᠨ ᠪᠢᠲᠡᠭᠡᠢ ᠮᠠᠷᠲᠠᠭᠠᠷᠠᠢ ᠮᠥᠬᠥᠬᠦ ᠶᠦᠮ ᠰᠢᠦ᠃
ᠠᠷᠢᠬᠢ ᠶ᠋ᠢ ᠪᠠᠭ᠎ᠠ ᠡᠳ᠋ᠯᠡᠭᠡᠷᠡᠢ ᠬᠣᠣᠷ ᠶᠤᠮ ᠰᠢᠦ᠃
12. ᠮᠥᠩᠭᠦᠨᠴᠡᠴᠡᠭ
ᠬᠥᠮᠦᠨ ᠳ᠋ᠦ᠍ ᠬᠡᠯᠡᠭᠳᠡᠬᠦ ᠡᠴᠡ ᠪᠢᠲᠡᠭᠡᠢ ᠠᠶᠤ
ᠡᠷᠭᠢᠵᠦ ᠬᠠᠷᠠᠯ᠎ᠠ ᠦᠭᠡᠢ ᠶᠠᠪᠤᠵᠤ ᠯᠠ ᠪᠠᠢᠪᠠᠯ ᠵᠣᠷᠢᠯᠭ᠎ᠠ ᠳ᠋ᠤ᠌ ᠪᠠᠨ ᠬᠦᠷᠬᠦ ᠡᠳᠦᠷ ᠯᠠᠪ ᠪᠣᠢ᠃
ᠶᠠᠭᠤ ᠬᠡᠯᠡᠬᠦ ᠨᠢ ᠴᠢᠨᠦ ᠳᠤᠷ᠎ᠠ
ᠶᠠᠭᠠᠬᠢᠵᠤ ᠬᠢᠬᠦ ᠨᠢ ᠮᠢᠨᠦ ᠳᠤᠷ᠎ᠠ᠃
13. ᠣᠳᠣᠨᠲᠤᠶᠠᠭ᠎ᠠ
ᠪᠢ ᠲᠠᠪᠤᠨ ᠬᠠᠨ᠎ᠠ ᠲᠠᠢ ᠮᠣᠩᠭᠣᠯ ᠭᠡᠷ ᠲᠦ᠍ ᠲᠥᠷᠥᠭᠰᠡᠨ ᠦᠭᠡᠢ ᠴᠦ᠍ ᠥᠪᠡᠷ ᠢ᠋ ᠪᠡᠨ ᠪᠢ ᠮᠣᠩᠭᠣᠯ ᠭᠡᠳᠡᠭ ᠢ᠋ ᠮᠡᠳᠡᠨ᠎ᠡ! ᠡᠢᠮᠦ ᠡᠴᠡ ᠪᠢ ᠡᠳᠦᠷ ᠪᠣᠯᠭᠠᠨ ᠮᠣᠩᠭᠣᠯ ᠦᠰᠦᠭ ᠪᠢᠴᠢᠭ ᠲᠡᠢ ᠪᠡᠨ ᠬᠠᠮᠲᠤ ᠪᠠᠢᠳᠠᠭ᠃
14. ᠤᠷᠠᠨᠴᠡᠴᠡᠭ
ᠥᠷᠢ ᠦᠭᠡᠢ ᠪᠠᠶᠠᠨ᠂ ᠡᠪᠡᠳᠴᠢᠨ ᠦᠭᠡᠢ ᠵᠢᠷᠭᠠᠯ᠃
ᠮᠠᠯ ᠡᠵᠡᠨ ᠢ᠋ᠶ᠋ᠡᠨ᠂ ᠮᠠᠯᠠᠭᠠᠢ ᠲᠣᠯᠣᠭᠠᠢ ᠪᠠᠨ᠃
ᠠ ᠦᠰᠦᠭ ᠡᠷᠳᠡᠮ ᠦ᠋ᠨ ᠳᠡᠭᠡᠵᠢ᠂ ᠠᠶᠠᠭ᠎ᠠ ᠴᠠᠢ ᠢᠳᠡᠭᠡᠨ ᠦ᠌ ᠳᠡᠭᠡᠵᠢ᠃
15. ᠲᠡᠯᠭᠡᠷᠴᠡᠴᠡᠭ
ᠨᠠᠷᠠᠨ ᠤ᠋ ᠠᠯᠲᠠᠨ ᠲᠤᠶᠠᠭ᠎ᠠ ᠲᠠᠯ᠎ᠠ ᠶ᠋ᠢᠨ ᠡᠩ ᠢ᠋ᠶ᠋ᠡᠷ ᠲᠡᠯᠡᠵᠦ
ᠨᠠᠢᠷᠠᠭ ᠤ᠋ᠨ ᠮᠢᠩᠭᠠᠨ ᠤᠶᠠᠩᠭ᠎ᠠ ᠨᠤᠲᠤᠭ ᠤ᠋ᠨ ᠡᠯᠢᠭᠡᠨ ᠳ᠋ᠦ᠍ ᠬᠣᠨᠣᠭᠰᠢᠭᠰᠠᠨ
ᠬᠤᠪᠢᠲᠠᠢ ᠨᠠᠮᠤᠷ ᠤ᠋ᠨ ᠬᠡᠰᠡᠭ ᠪᠠᠶᠠᠨ ᠳᠡᠯᠭᠡᠷᠡᠬᠦ ᠪᠣᠯᠲᠤᠭᠠᠢ!
ᠪᠤᠶᠠᠨᠲᠠᠢ ᠴᠠᠭ ᠤ᠋ᠨ ᠬᠡᠢᠮᠣᠷᠢ ᠯᠤᠩᠳᠠ ᠳᠡᠯᠭᠡᠷᠡᠬᠦ ᠪᠣᠯᠲᠤᠭᠠᠢ!
16. ᠰᠡᠷᠭᠦᠯᠡᠩ ᠄
ᠵᠢᠷᠭᠠᠯ ᠲᠣᠬᠢᠶᠠᠭᠰᠠᠨ ᠴᠤ᠌ ᠤᠬᠠᠭᠠᠨᠲᠠᠢ ᠶᠠᠪᠤ᠂
ᠲᠡᠷᠡ ᠬᠤᠭᠤᠴᠠᠭ᠎ᠠ ᠲᠠᠢ ᠶ᠋ᠢ ᠰᠠᠨᠠ᠃
ᠵᠣᠪᠠᠯᠠᠩ ᠲᠠᠭᠠᠷᠠᠭᠰᠠᠨ ᠴᠤ᠌ ᠤᠬᠠᠭᠠᠨᠲᠠᠢ ᠳᠡᠰ᠂
ᠲᠡᠷᠡ ᠪᠠᠰᠠ ᠯᠠ ᠬᠤᠭᠤᠴᠠᠭ᠎ᠠ ᠲᠠᠢ ᠶ᠋ᠢ ᠰᠠᠨᠠ᠃
17. ᠤᠷᠠᠨᠴᠡᠴᠡᠭ ᠄
ᠨᠢᠰᠴᠦ ᠴᠢᠳᠠᠬᠤ ᠦᠭᠡᠢ ᠪᠣᠯ ᠭᠦᠶᠦ᠂
ᠭᠦᠶᠦᠵᠦ ᠴᠢᠳᠠᠬᠤ ᠦᠭᠡᠢ ᠪᠣᠯ ᠠᠯᠬᠤ᠂
ᠠᠯᠬᠤᠵᠤ ᠴᠢᠳᠠᠬᠤ ᠦᠭᠡᠢ ᠪᠣᠯ ᠮᠥᠯᠬᠥ᠂
ᠶᠠᠭᠤ ᠴᠤ᠌ ᠪᠣᠯᠤᠭᠰᠠᠨ ᠬᠠᠮᠢᠭ᠎ᠠ ᠦᠭᠡᠢ ᠤᠷᠤᠭᠰᠢ ᠪᠠᠨ ᠵᠢᠳᠬᠦ᠃
18. ᠨᠤᠮᠤᠴᠢᠨ ᠪᠢᠯᠢᠭ
ᠭᠠᠭᠴᠠᠭᠠᠷᠳᠠᠯ ᠢ᠋ ᠳᠠᠪᠠᠭᠰᠠᠨ ᠬᠥᠮᠦᠨ ᠳᠣᠲᠣᠭᠠᠳᠤ ᠰᠡᠳᠬᠢᠯ ᠬᠦᠴᠦᠷᠬᠡᠭ ᠪᠠᠢᠳᠠᠭ᠂
ᠭᠠᠰᠢᠭᠤᠳᠠᠯ ᠢ᠋ ᠮᠡᠳᠡᠷᠡᠭᠰᠡᠨ ᠬᠥᠮᠦᠨ ᠥᠷᠦᠪᠴᠢ ᠵᠥᠭᠡᠯᠡᠨ ᠵᠢᠷᠦᠬᠡ ᠲᠡᠢ ᠪᠠᠢᠳᠠᠭ᠃
ᠠᠮᠢᠳᠤᠷᠠᠯ ᠢ᠋ ᠲᠠᠨᠢᠭᠰᠠᠨ ᠬᠥᠮᠦᠨ ᠪᠣᠯ ᠠᠯᠢᠪᠠ ᠪᠦᠬᠦᠨ ᠢ᠋ᠶ᠋ᠡᠨ ᠨᠠᠨᠳᠢᠩᠨᠠᠵᠤ ᠶᠠᠪᠤᠳᠠᠭ᠂
ᠠᠯᠢᠪᠠ ᠶ᠋ᠢ ᠠᠭᠤᠴᠢᠯᠠᠭᠰᠠᠨ ᠬᠥᠮᠦᠨ ᠪᠣᠯ ᠬᠦᠴᠢᠷᠳᠡᠯ ᠦ᠋ᠨ ᠡᠮᠦᠨ᠎ᠡ ᠢᠨᠢᠶᠡᠵᠦ ᠴᠢᠳᠠᠳᠠᠭ᠃
19. ᠲᠡᠯᠭᠡᠷᠴᠡᠴᠡᠭ
ᠮᠠᠨ ᠤ᠋ ᠮᠣᠩᠭᠣᠯ ᠤ᠋ᠨ ᠨᠤᠲᠤᠭ ᠦᠵᠡᠰᠬᠦᠯᠡᠩ ᠂ᠬᠥᠮᠦᠨ ᠠᠷᠠᠳ ᠤ᠋ᠨ ᠰᠡᠳᠬᠢᠯ ᠴᠠᠢᠯᠭᠠᠨ ᠂ᠠᠮᠢᠳᠤᠷᠠᠯ ᠨᠢ ᠲᠣᠭᠲᠠᠭᠤᠨ᠃
20. ᠪᠠᠤᠠᠮᠠᠴᠡᠴᠩ
ᠪᠢ ᠮᠣᠩᠭᠣᠯ ᠬᠥᠮᠦᠨ᠂ ᠮᠣᠩᠭᠣᠯ ᠢ᠋ᠶ᠋ᠠᠷ ᠢ᠋ᠶ᠋ᠠᠨ ᠪᠠᠢᠶ᠎ᠠ᠃
ᠠ ᠦᠰᠦᠭ ᠡᠷᠳᠡᠮ ᠦ᠋ᠨ ᠳᠡᠭᠡᠵᠢ᠂ ᠠᠶᠠᠭ᠎ᠠ ᠴᠠᠢ ᠢᠳᠡᠭᠡᠨ ᠦ᠌ ᠳᠡᠭᠡᠵᠢ᠃
21. ᠰᠠᠴᠤᠷᠠᠯ
ᠪᠢ ᠮᠣᠩᠭᠣᠯ ᠬᠥᠮᠦᠨ ᠂ᠠᠷᠭᠠᠯ ᠤ᠋ᠨ ᠤᠲᠤᠭ᠎ᠠ ᠪᠤᠷᠭᠢᠯᠤᠭᠰᠠᠨ ᠮᠠᠯᠴᠢᠨ ᠤ᠋ ᠭᠡᠷ ᠲᠦ᠍ ᠲᠦᠷᠦᠬᠰᠡᠠ ᠪᠢ᠂
ᠠᠲᠠᠷ ᠬᠡᠭᠡᠷ᠎ᠡ ᠨᠤᠲᠤᠭ ᠢ᠋ᠶ᠋ᠠᠨ ᠥᠯᠥᠭᠡᠢ ᠮᠢᠨᠢ ᠭᠡᠵᠦ ᠪᠣᠳᠣᠳᠠᠭ᠃
22. ᠲᠡᠷᠡᠪᠢᠰᠢ ᠂
ᠦᠨᠡᠨ ᠢ᠋ᠶ᠋ᠡᠷ ᠶᠠᠪᠤᠪᠠᠯ ᠦᠬᠡᠷ ᠲᠡᠷᠡᠭᠡ ᠪᠡᠷ ᠲᠠᠤᠯᠠᠢ ᠭᠦᠢᠴᠡᠨ᠎ᠡ᠃
ᠮᠡᠳᠡᠳᠡᠭ ᠲᠦ᠍ ᠮᠡᠷᠭᠡᠨ ᠴᠣᠬᠣᠷ ᠮᠡᠳᠡᠳᠡᠭ ᠦᠭᠡᠢ ᠳ᠋ᠦ᠍ ᠡᠷᠢᠶᠡᠨ ᠴᠣᠬᠣᠷ᠃
23. ᠤᠤᠭᠠᠨᠵᠢᠳ
ᠪᠠᠯᠴᠢᠷ ᠪᠠᠢᠬᠤ ᠳ᠋ᠤ᠌ ᠪᠠᠨ ᠰᠠᠨᠠᠭᠰᠠᠨ ᠢ᠋ᠶ᠋ᠠᠨ ᠢᠯᠡᠳᠬᠡᠵᠦ ᠴᠢᠳᠠᠬᠤ ᠦᠭᠡᠢ
ᠪᠤᠭᠤᠷᠤᠯ ᠪᠣᠯᠬᠤ ᠳ᠋ᠤ᠌ ᠪᠠᠨ ᠰᠠᠨᠠᠭᠰᠠᠨ ᠢ᠋ᠶ᠋ᠠᠷ ᠢ᠋ᠶ᠋ᠠᠨ ᠢᠯᠡᠳᠬᠡᠬᠦ ᠦᠭᠡᠢ ᠪᠣᠯᠳᠠᠭ ᠠᠵᠢ᠃
24. ᠵᠢᠷᠠᠨᠲᠠᠢ
ᠴᠢᠷᠮᠠᠢᠯᠭ᠎ᠠ ᠭᠡᠳᠡᠭ ᠬᠥᠮᠦᠨ ᠳ᠋ᠦ᠍ ᠦᠵᠡᠭᠦᠯᠬᠦ ᠶ᠋ᠢᠨ ᠲᠥᠯᠥᠭᠡ ᠪᠢᠰᠢ᠂
ᠬᠠᠷᠢᠨ ᠬᠥᠮᠦᠨ ᠡᠴᠡ ᠳᠠᠪᠠᠲᠠᠯ᠎ᠠ ᠰᠠᠢᠬᠠᠨ ᠠᠮᠢᠳᠤᠷᠠᠬᠤ ᠶ᠋ᠢᠨ ᠲᠥᠯᠥᠭᠡᠨ ᠦ᠌ ᠵᠢᠳᠬᠦᠯ ᠪᠠᠢᠬᠤ ᠶᠣᠰᠣᠲᠠᠢ!
25. ᠮᠠᠨᠤ ᠴᠢᠯᠠᠭᠤ
ᠥᠨᠥᠳᠥᠷ ᠠᠷᠪᠠᠨ ᠰᠠᠷ᠎ᠠ ᠶ᠋ᠢᠨ ᠠᠷᠪᠠᠨ᠂ ᠪᠠᠶᠠᠨᠬᠤᠲᠠ ᠳ᠋ᠤ᠌ ᠰᠢᠪᠡᠷᠡᠭᠡ ᠪᠣᠷᠣᠭᠠᠨ ᠣᠷᠣᠵᠤ ᠪᠠᠢᠨ᠎ᠠ᠃
ᠠᠯᠠᠱᠠ ᠪᠠᠷᠠᠭᠤᠨ ᠬᠣᠰᠢᠭᠤ᠂ ᠠᠯᠠᠱᠠ ᠵᠡᠭᠦᠨ ᠬᠣᠰᠢᠭᠤ᠂ ᠣᠲᠣᠭ ᠬᠣᠰᠢᠭᠤ ᠃
ᠬᠥᠳᠡᠭᠡ ᠲᠠᠯ᠎ᠠ᠂ᠲᠠᠪᠤᠨ ᠬᠣᠰᠢᠭᠤ ᠮᠠᠯ ᠂ᠲᠡᠮᠡᠭᠡ᠂ ᠦᠬᠡᠷ᠂ ᠮᠣᠷᠢ᠂ ᠬᠣᠨᠢ᠂ ᠢᠮᠠᠭ᠎ᠠ᠃
26. ᠴᠠᠬᠠᠷ ᠪᠠᠲᠤ
ᠥᠯᠥᠰᠦᠭᠰᠡᠨ ᠬᠥᠮᠦᠨ ᠳ᠋ᠦ᠍ ᠪᠤᠳᠠᠭ᠎ᠠ ᠬᠡᠷᠡᠭᠲᠡᠢ᠂
ᠥᠲᠡᠯᠦᠭᠰᠡᠨ ᠬᠥᠮᠦᠨ ᠳ᠋ᠦ᠍ ᠲᠠᠶᠠᠭ ᠬᠡᠷᠡᠭᠲᠡᠢ᠃
27. ᠰᠡᠷᠭᠦᠯᠡᠩ
ᠲᠩᠷᠢ ᠭᠠᠵᠠᠷ ᠤ᠋ᠨ ᠳᠤᠮᠳᠠ ᠪᠣᠰᠤᠭ᠎ᠠ ᠶᠠᠪᠤᠭᠰᠠᠨ ᠮᠣᠩᠭᠣᠯ᠂
ᠲᠡᠦᠬᠡ ᠶ᠋ᠢᠨ ᠤᠷᠲᠤ ᠠᠶᠠᠨ ᠳ᠋ᠤ᠌ ᠬᠡᠢᠮᠣᠷᠢ ᠡᠷᠭᠦᠭᠰᠡᠨ ᠰᠣᠶᠣᠯ᠃
ᠬᠥᠮᠦᠨ ᠭᠡᠳᠡᠭ ᠴᠢᠨᠢ ᠤᠷᠮ᠎ᠠ ᠪᠠᠷ ᠤᠰᠤᠯᠠᠭᠤᠯᠵᠤ᠂
ᠬᠠᠢᠷ᠎ᠠ ᠪᠠᠷ ᠳᠡᠯᠪᠡᠭᠡᠯᠡᠳᠡᠭ ᠴᠡᠴᠡᠭ ᠶᠦᠮ ᠰᠢᠦ᠃
28.ᠬᠤᠷᠴᠠ
ᠬᠠᠮᠤᠭ ᠤ᠋ᠨ ᠲᠣᠮᠣ ᠲᠠᠪᠢᠯᠠᠩ ᠪᠣᠯ ᠢᠲᠡᠭᠡᠯ
ᠬᠠᠮᠤᠭ ᠤ᠋ᠨ ᠲᠣᠮᠣ ᠠᠵᠠ ᠵᠢᠷᠭᠠᠯ ᠪᠣᠯ ᠠᠮᠤᠭᠤᠯᠠᠩ᠃
29. ᠰᠡᠴᠡᠨᠪᠠᠭᠠᠲᠤᠷ
ᠬᠠᠮᠤᠭ ᠤ᠋ᠨ ᠲᠣᠮᠣ ᠬᠥᠷᠥᠩᠭᠡ ᠪᠣᠯ ᠬᠠᠨᠤᠮᠵᠢ
ᠬᠠᠮᠤᠭ ᠤ᠋ᠨ ᠲᠣᠮᠣ ᠠᠰᠢᠭ ᠪᠣᠯ ᠴᠢᠭᠢᠷᠠᠭ᠃
30. ᠲᠡᠯᠭᠡᠷᠴᠡᠴᠡᠭ
ᠨᠠᠯᠠᠭᠠᠷ ᠨᠠᠮᠤᠷ ᠤ᠋ᠨ ᠬᠤᠷᠢᠶᠠᠯᠲᠠ ᠡᠷᠳᠡᠨᠢ
ᠨᠠᠢᠷᠰᠠᠭ ᠨᠥᠬᠥᠷᠯᠡᠯᠡ ᠶ᠋ᠢᠨ ᠡᠪ ᠡᠷᠳᠡᠨᠢ
ᠳᠡᠭᠵᠢᠷᠡᠬᠦ ᠠᠮᠢᠳᠤᠷᠠᠯ ᠤ᠋ᠨ ᠢᠲᠡᠭᠡᠯ ᠡᠷᠳᠡᠨᠢ
ᠳᠠᠶᠠᠭᠠᠷ ᠲᠦᠮᠡᠨ ᠦ᠌ ᠬᠦᠰᠡᠯ ᠡᠷᠳᠡᠨᠢ᠃
31. ᠨᠠᠴᠢᠨ
ᠠᠨᠠᠪᠠᠳ ᠳᠠᠯᠠᠢ ᠳ᠋ᠤ᠌ ᠬᠡᠰᠦᠭᠦᠴᠢᠯᠡᠳᠡᠭ ᠳᠤᠯᠠᠨ ᠤ᠋ ᠵᠤᠯᠵᠠᠭ᠎ᠠ ᠶ᠋ᠢ ᠲᠤᠯᠪᠠᠭ᠎ᠠ ᠭᠡᠨ᠎ᠡ᠃
ᠪᠠᠷᠠᠭᠠᠨ ᠠᠯᠠᠭ ᠵᠢᠰᠦ ᠲᠡᠢ ᠪᠠᠷᠰ ᠤ᠋ᠨ ᠵᠤᠯᠵᠠᠭ᠎ᠠ ᠶ᠋ᠢ ᠪᠠᠮᠪᠠᠷ ᠭᠡᠨ᠎ᠡ᠃
32. ᠰᠡᠷᠭᠦᠯᠡᠩ ᠄
ᠬᠥᠮᠦᠨ ᠵᠢᠰᠦ ᠪᠡᠷ ᠢ᠋ᠶ᠋ᠡᠨ ᠠᠷᠪᠠᠨ ᠬᠥᠮᠦᠨ ᠳ᠋ᠦ᠍ ᠲᠠᠨᠢᠭᠳᠠᠨ᠎ᠠ᠂
ᠵᠢᠷᠦᠬᠡ ᠪᠡᠷ ᠢ᠋ᠶ᠋ᠡᠨ ᠮᠢᠩᠭᠠᠨ ᠬᠥᠮᠦᠨ ᠳ᠋ᠦ᠍ ᠲᠠᠨᠢᠭᠳᠠᠨ᠎ᠠ᠂
ᠮᠥᠩᠭᠥ ᠪᠡᠷ ᠢ᠋ᠶ᠋ᠡᠨ ᠬᠣᠶᠠᠷ ᠡᠳᠦᠷ ᠲᠠᠨᠢᠭᠳᠠᠨ᠎ᠠ᠂
ᠮᠥᠰᠥ ᠪᠡᠷ ᠢ᠋ᠶ᠋ᠡᠨ ᠮᠥᠩᠬᠡ ᠲᠠᠨᠢᠭᠳᠠᠨ᠎ᠠ᠃
33. ᠠᠯᠲᠠᠨᠴᠢᠮᠡᠭ
ᠵᠥᠪ ᠪᠤᠷᠤᠭᠤ ᠶ᠋ᠢᠨ ᠲᠡᠮᠡᠴᠡᠭᠡᠨ ᠦᠭᠡᠢ
ᠵᠥᠷᠢᠭᠦᠦ ᠪᠤᠷᠤᠭᠤ ᠬᠠᠷᠠᠭᠰᠠᠨ ᠴᠢᠷᠠᠢ ᠦᠭᠡᠢ
ᠡᠬᠡᠨᠡᠷ ᠬᠡᠦᠬᠡᠳ ᠦ᠋ᠨ ᠨᠢᠯᠪᠤᠰᠤ ᠦᠭᠡᠢ
ᠡᠶ᠎ᠡ ᠨᠠᠢᠷᠠᠮᠳᠠᠭᠤ ᠭᠡᠷ ᠪᠦᠯᠢ ᠯᠡ ᠰᠠᠢᠬᠠᠨ᠃
34. ᠤᠷᠠᠨᠴᠡᠴᠡᠭ
ᠵᠢᠷᠭᠠᠯ ᠲᠣᠬᠢᠶᠠᠭᠰᠠᠨ ᠴᠤ᠌ ᠤᠬᠠᠭᠠᠨ ᠲᠠᠢ ᠶᠠᠪᠤ᠂ ᠲᠡᠷᠡ ᠬᠤᠭᠤᠴᠠᠭ᠎ᠠ ᠲᠠᠢ ᠶ᠋ᠢ ᠰᠠᠨᠠ᠂
ᠵᠤᠪᠠᠠᠯᠠᠩ ᠲᠠᠭᠠᠷᠠᠭᠰᠠᠨ ᠴᠤ᠌ ᠤᠬᠠᠭᠠᠨ ᠲᠠᠢ ᠳᠡᠰ᠂ ᠲᠡᠷᠡ ᠪᠠᠰᠠ ᠴᠤ᠌ ᠬᠤᠭᠤᠴᠠᠭ᠎ᠠ ᠲᠠᠢ ᠶ᠋ᠢ ᠰᠠᠨᠠ᠃
35. ᠲᠡᠷᠡᠪᠢᠰᠢ
ᠢᠲᠡᠭᠡᠯ ᠦ᠋ᠨ ᠬᠦᠴᠦᠨ ᠳ᠋ᠦ᠍ ᠠᠮᠢᠳᠤᠷᠠᠯ ᠰᠠᠢᠬᠠᠨ
ᠵᠢᠳᠭᠡᠯ ᠦ᠋ᠨ ᠬᠦᠴᠦᠨ ᠳ᠋ᠦ᠍ ᠦᠢᠯᠡᠰ ᠰᠠᠷᠠᠭᠤᠯᠬᠠᠨ᠃
36. ᠰᠡᠷᠭᠦᠯᠡᠩ
ᠦᠭᠡ ᠬᠡᠯᠡ ᠪᠡᠨ ᠪᠠᠶᠠᠵᠢᠭᠤᠯᠳᠠᠭ᠂
ᠦᠰᠦᠭ ᠪᠢᠴᠢᠭ ᠢ᠋ᠶ᠋ᠡᠨ ᠬᠠᠮᠠᠭᠠᠯᠠᠳᠠᠭ᠂
ᠦᠷ᠎ᠡ ᠤᠳᠤᠮ ᠢ᠋ᠶ᠋ᠠᠨ ᠦᠯᠡᠳᠡᠭᠡᠳᠡᠭ᠂
ᠦᠨᠳᠦᠰᠦ ᠲᠡᠢ ᠮᠣᠩᠭᠣᠯ ᠤᠬᠠᠭᠠᠨ
ᠲᠣᠯᠣᠭᠠᠢ ᠪᠠᠨ ᠰᠠᠯᠠᠭᠠᠪᠴᠢᠯᠠᠵᠤ ᠬᠡᠪᠲᠡᠳᠡᠭ ᠦᠭᠡᠢ᠂
ᠲᠣᠯᠢ ᠶ᠋ᠢ ᠡᠭᠦᠳᠡ ᠤᠷᠤᠭᠤ ᠬᠠᠷᠠᠭᠤᠯᠳᠠᠭ ᠦᠭᠡᠢ᠂
ᠲᠣᠭᠣᠭ᠎ᠠ ᠶ᠋ᠢ ᠤᠷᠤᠭᠰᠢ ᠨᠢ ᠬᠡᠯᠲᠡᠢᠯᠭᠡᠳᠡᠭ ᠦᠭᠡᠢ᠂
ᠲᠣᠳᠣ ᠮᠣᠩᠭᠣᠯ ᠤᠬᠠᠭᠠᠨ᠃
37. ᠳᠠᠯᠠᠨᠲᠠᠢ
ᠤᠷᠤᠰᠴᠤ ᠪᠠᠢᠭ᠎ᠠ ᠶ᠋ᠢ ᠪᠦᠷ ᠨᠢᠯᠪᠤᠰᠤ ᠭᠡᠳᠡᠭ ᠶᠦᠮ ᠪᠣᠯ
ᠤᠶᠠᠷᠠᠵᠤ ᠪᠠᠢᠭ᠎ᠠ ᠶ᠋ᠢ ᠨᠢ ᠰᠡᠳᠬᠢᠯ ᠭᠡᠨ᠎ᠡ᠂
ᠠᠭᠤᠷᠯᠠᠵᠤ ᠪᠠᠢᠭ᠎ᠠ ᠶ᠋ᠢ ᠪᠦᠷ ᠬᠢᠯᠢᠩ ᠭᠡᠳᠡᠭ ᠶᠦᠮ ᠪᠣᠯ
ᠠᠭᠤᠴᠢᠯᠠᠵᠤ ᠪᠠᠢᠭ᠎ᠠ ᠶ᠋ᠢ ᠨᠢ ᠵᠢᠷᠦᠬᠡ ᠭᠡᠨ᠎ᠡ᠃
38. ᠲᠡᠯᠭᠡᠷᠴᠡᠴᠡᠭ
ᠦᠨᠡᠨ ᠢ᠋ᠶ᠋ᠡᠨ ᠬᠡᠯᠡᠳᠡᠭ ᠬᠥᠮᠦᠨ ᠲᠡᠢ
ᠥᠷᠥᠴᠡ ᠪᠡᠨ ᠳᠡᠯᠭᠡᠵᠦ ᠨᠥᠬᠥᠷᠯᠡᠶ᠎ᠡ᠃
ᠦᠷᠭᠦᠯᠵᠢ ᠰᠠᠨᠠᠬᠤ ᠦᠭᠡᠢ ᠬᠥᠮᠦᠨ ᠲᠡᠢ
ᠥᠩᠭᠡᠨ ᠲᠡᠳᠦᠢ ᠳ᠋ᠦ᠍ ᠨᠥᠬᠥᠷᠯᠡᠶ᠎ᠡ᠃
39. ᠤᠤᠭᠠᠨᠵᠢᠳ
ᠮᠥᠯᠬᠥᠵᠦ ᠥᠰᠦᠭᠰᠡᠨ ᠨᠤᠲᠤᠭ ᠤ᠋ᠨ ᠰᠢᠷᠣᠢ
ᠬᠠᠯᠴᠢᠭᠠᠷ ᠪᠣᠯᠤᠭᠰᠠᠨ ᠴᠤ᠌ ᠡᠷᠳᠡᠨᠢ ᠰᠢᠭ
ᠮᠥᠮᠥᠭᠦᠯᠵᠦ ᠥᠰᠬᠡᠭᠰᠡᠨ ᠡᠵᠢ ᠶ᠋ᠢᠨ ᠪᠠᠷ᠎ᠠ
ᠮᠠᠢᠵᠢᠭ ᠪᠣᠯᠤᠭᠰᠠᠨ ᠴᠤ᠌ ᠪᠤᠷᠬᠠᠨ ᠰᠢᠭ᠋
ᠮᠥᠩᠭᠥ ᠡᠴᠡ ᠦᠨᠡᠲᠡᠢ ᠨᠤᠲᠤᠭ ᠤ᠋ᠨ ᠮᠠᠩᠬ᠎ᠠ
ᠬᠤᠪᠠᠬᠠᠢ ᠪᠣᠯᠤᠭᠰᠠᠨ ᠴᠤ᠌ ᠠᠯᠲᠠ ᠰᠢᠭ᠋
ᠮᠦᠰᠢᠶᠡᠳᠦ ᠲᠣᠳᠣᠷᠠᠭᠰᠠᠨ ᠠᠪᠤ ᠶ᠋ᠢᠨ ᠳᠦᠷᠢ
ᠪᠤᠭᠤᠷᠤᠯ ᠪᠣᠯᠤᠭᠰᠠᠨ ᠴᠤ᠌ ᠪᠣᠭᠳᠠ ᠰᠢᠭ᠋᠃
40. ᠨᠠᠴᠢᠨ
ᠵᠢᠷ ᠵᠣᠷ ᠳᠠᠭᠤ ᠲᠠᠢ ᠵᠤᠷᠠᠮ᠎ᠠ ᠶ᠋ᠢᠨ ᠵᠤᠯᠵᠠᠭ᠎ᠠ ᠶ᠋ᠢ ᠴᠣᠷᠳᠠ ᠭᠡᠨ᠎ᠡ᠃
ᠮᠠᠩᠨᠠᠢ ᠳ᠋ᠤ᠌ ᠪᠠᠨ ᠴᠠᠢᠪᠤᠷ ᠵᠤᠷᠪᠤᠰ ᠲᠠᠢ ᠮᠠᠩᠭᠢᠰᠤ ᠶ᠋ᠢᠨ ᠵᠤᠯᠵᠠᠭ᠎ᠠ ᠶ᠋ᠢ ᠭᠠᠨᠢᠰᠤ ᠭᠡᠨ᠎ᠡ᠃
41. ᠲᠦᠮᠡᠨ᠌ᠥ᠌ᠯᠵᠡᠢ
ᠪᠢ ᠮᠣᠩᠭᠣᠯ ᠬᠥᠮᠦᠨ ᠪᠣᠯᠬᠤ ᠪᠠᠷ ᠮᠣᠩᠭᠣᠯ ᠦᠰᠦᠭ ᠪᠢᠴᠢᠭ ᠲᠡᠭᠡᠨ ᠬᠠᠢᠷᠠᠲᠠᠢ᠂ ᠬᠠᠮᠲᠤ ᠳ᠋ᠠᠭᠠᠨ ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠰᠤᠷᠤᠶ᠎ᠠ᠃
42. ᠤᠷᠠᠨᠴᠡᠴᠡᠭ
ᠰᠥᠨᠢ ᠶ᠋ᠢᠨ ᠬᠠᠷᠠᠩᠭᠤᠢ ᠳ᠋ᠤ᠌ ᠭᠡᠷᠡᠯ ᠡᠷᠳᠡᠨᠢ᠂
ᠰᠡᠳᠬᠢᠯ ᠦ᠋ᠨ ᠬᠠᠷᠠᠩᠭᠤᠢ ᠳ᠋ᠤ᠌ ᠨᠣᠮ ᠡᠷᠳᠡᠨᠢ᠃
ᠨᠣᠮ ᠨᠣᠮ ᠤᠩᠰᠢᠭᠠᠷᠠᠢ᠂ ᠨᠣᠮ ᠤ᠋ᠨ ᠨᠥᠬᠥᠷ ᠪᠣᠯᠤᠭᠠᠷᠠᠢ᠃
ᠨᠠᠷᠠ ᠭᠠᠷᠬᠤ ᠪᠠᠷ ᠪᠠᠢᠭᠠᠯᠢ ᠰᠡᠷᠭᠦᠳᠡᠭ᠂ ᠨᠣᠮ ᠤᠩᠰᠢᠬᠤ ᠪᠠᠷ ᠲᠠᠷᠢᠬᠢ ᠰᠡᠷᠭᠦᠳᠡᠭ᠃
43. ᠨᠠᠷᠠᠨᠲᠣᠭᠣᠰ
ᠮᠠᠷᠭᠠᠰᠢ ᠭᠡᠳᠡᠭ ᠭᠡᠷᠡᠯ ᠭᠡᠭᠡᠨ ᠦ᠌ ᠤᠭᠲᠤᠯᠲᠠ ᠶᠤᠮ
ᠮᠠᠷᠭᠠᠰᠢ ᠶ᠋ᠢ ᠬᠦᠯᠢᠶᠡᠬᠦ ᠭᠡᠳᠡᠭ ᠲᠣᠮᠣ ᠢᠲᠡᠭᠡᠯ ᠪᠠᠢᠳᠠᠭ᠃
44. ᠲᠡᠯᠭᠡᠷᠴᠡᠴᠡᠭ
ᠢᠳᠡᠭᠰᠡᠨ ᠪᠦᠬᠦᠨ ᠰᠢᠮ᠎ᠡ ᠪᠣᠯᠳᠠᠭ ᠦᠭᠡᠢ
ᠤᠩᠰᠢᠭᠰᠠᠨ ᠪᠦᠬᠦᠨ ᠮᠡᠳᠡᠯᠭᠡ ᠪᠣᠯᠳᠠᠭ ᠦᠭᠡᠢ
ᠤᠴᠠᠷᠠᠭᠰᠠᠨ ᠪᠦᠬᠦᠨ ᠨᠠᠢᠵᠠ ᠪᠣᠯᠳᠠᠭ ᠦᠭᠡᠢ
ᠤᠷᠭᠤᠭᠰᠠᠨ ᠪᠦᠬᠦᠨ ᠮᠠᠭᠤ ᠪᠣᠯᠳᠠᠭ ᠦᠭᠡᠢ᠃
45. ᠰᠡᠷᠭᠦᠯᠡᠩ
ᠠᠪᠳᠠᠷ᠎ᠠ ᠳᠤᠤᠭᠠᠷᠬᠤ ᠳ᠋ᠤ᠌ ᠪᠡᠯᠭᠡᠰᠢᠶᠡᠳᠡᠭ᠂
ᠠᠮᠠᠨ ᠤ᠋ ᠪᠡᠯᠭᠡ ᠶ᠋ᠢ ᠮᠢᠯᠢᠶᠠᠳᠠᠭ᠂
ᠠᠷᠤᠭ ᠲᠦᠰᠢᠭᠦᠯᠵᠦ ᠲᠥᠷᠥᠭᠦᠯᠳᠡᠭ᠂
ᠠᠮᠤᠷᠯᠢᠩᠭᠤᠢ ᠮᠣᠩᠭᠣᠯ ᠤᠬᠠᠭᠠᠨ᠃
ᠮᠣᠩᠭᠣᠯ ᠴᠢᠰᠤ ᠪᠠᠨ ᠬᠠᠮᠠᠭᠠᠯᠠᠳᠠᠭ᠂
ᠮᠣᠷᠢ ᠰᠢᠯᠭᠡᠭᠡᠬᠦ ᠳ᠋ᠦ᠍ ᠪᠠᠶᠠᠷᠯᠠᠳᠠᠭ᠂
ᠮᠣᠯᠣᠷ ᠬᠦᠯᠦᠭ ᠢ᠋ᠶ᠋ᠡᠨ ᠰᠦᠯᠳᠡᠯᠡᠳᠡᠭ᠂
ᠮᠣᠷᠢᠲᠠᠨ ᠮᠣᠩᠭᠣᠯ ᠤᠬᠠᠭᠠᠨ᠃
46. ᠣᠳᠣᠨᠲᠤᠶᠠᠭ᠎ᠠ
ᠰᠡᠷᠡᠬᠦ ᠶᠣᠰᠣᠲᠠᠢ ᠭᠠᠵᠠᠷ ᠢ᠋ᠶ᠋ᠠᠨ ᠰᠡᠷᠭᠦᠭᠰᠡᠨ ᠰᠢᠭ ᠰᠡᠷᠭᠦ!
ᠰᠡᠭᠡᠭᠡ ᠮᠠᠭᠤᠲᠠᠢ ᠶᠠᠭᠤᠮᠠᠰ ᠢ᠋ ᠨᠢᠷᠭᠡᠭᠰᠡᠨ ᠰᠢᠭ ᠨᠢᠷᠭᠡ!
47. ᠡᠷᠳᠡᠨᠢᠰᠤᠪᠤᠳ
ᠠᠯᠲᠠ ᠪᠠᠷ ᠰᠣᠯᠢᠬᠤ ᠦᠭᠡᠢ ᠴᠠᠭ ᠡᠷᠳᠡᠨᠢ
ᠠᠬᠢᠭᠠᠳ ᠣᠯᠳᠠᠬᠤ ᠦᠭᠡᠢ ᠨᠠᠰᠤ ᠡᠷᠳᠡᠨᠢ
48. ᠶᠡᠷᠡᠨᠲᠡᠢ
ᠶᠠᠪᠠᠭᠠᠨ ᠪᠠᠢᠵᠤ ᠪᠣᠯᠤᠨ᠎ᠠ᠂ᠡᠷᠴᠢ ᠲᠡᠢ ᠪᠠᠢᠬᠤ ᠬᠡᠷᠡᠭᠲᠡᠢ᠂ᠬᠦᠰᠡᠯ ᠳ᠋ᠦ᠍ ᠪᠡᠨ ᠯᠠᠪ ᠬᠦᠷᠬᠦ ᠶᠦᠮ᠂
ᠶᠠᠳᠠᠭᠤ ᠪᠠᠢᠵᠤ ᠪᠣᠯᠤᠨ᠎ᠠ᠂ᠢᠲᠡᠭᠡᠯ ᠲᠡᠢ ᠪᠠᠢᠬᠤ ᠬᠡᠷᠡᠭᠲᠡᠢ᠂ᠬᠥᠮᠦᠨ ᠯᠠᠪ ᠲᠤᠰᠠᠯᠠᠬᠤ ᠶᠤᠮ᠃
ᠬᠦᠯᠢᠶᠡᠯᠭᠡᠨ ᠳ᠋ᠦ᠍ ᠪᠠᠷᠠᠭᠳᠠᠳᠠᠭ ᠦᠭᠡᠢ ᠴᠠᠭ
ᠶᠠᠭᠠᠷᠠᠯᠭᠠᠨ ᠳ᠋ᠤ᠌ ᠬᠦᠷᠦᠯᠴᠡᠳᠡᠭ ᠦᠭᠡᠢ ᠴᠠᠭ᠃
49. ᠭᠡᠷᠡᠯᠴᠡᠴᠡᠭ
ᠰᠠᠭᠠᠷᠠᠯ ᠮᠣᠷᠢ ᠶ᠋ᠢ ᠤᠨᠤᠶ᠎ᠠ ᠭᠡᠪᠡᠯ
ᠰᠠᠳᠠᠷᠠᠭᠤᠯᠤᠭᠠᠳ ᠭᠠᠷᠤᠨ᠎ᠠ ᠬᠦ
ᠰᠠᠭᠠᠷᠠᠯ ᠬᠠᠯᠵᠠᠨ ᠭᠠᠯᠠᠭᠤᠨ ᠤ᠋ ᠳᠡᠭᠳᠡᠭᠡᠬᠡᠢ
ᠱᠣᠮᠪᠣᠯᠵᠠᠭᠤᠯᠤᠭᠠᠳ ᠢᠷᠡᠨ᠎ᠡ ᠬᠦ᠃
50. ᠮᠡᠷᠭᠡᠨᠪᠢᠯᠢᠭ
ᠬᠦᠷᠬᠦ ᠶ᠋ᠢᠨ ᠵᠦᠭ ᠬᠦᠯᠦᠭ ᠢ᠋ᠶ᠋ᠡᠨ ᠬᠤᠷᠳᠤᠯᠠ
ᠬᠦᠰᠡᠬᠦ ᠶ᠋ᠢᠨ ᠵᠦᠭ ᠪᠢᠯᠢᠭ ᠢ᠋ᠶ᠋ᠡᠨ ᠬᠤᠷᠴᠠᠯᠠ᠃
51. ᠲᠡᠷᠡᠪᠢᠰᠢ
ᠰᠠᠪᠠᠭ᠎ᠠ ᠦᠭᠡᠢ ᠨᠣᠬᠠᠢ ᠰᠠᠷᠠᠨ ᠳ᠋ᠤ᠌ ᠬᠤᠴᠠᠨ᠎ᠠ
ᠰᠠᠷᠢᠰᠤᠨ ᠪᠠᠪᠠᠭᠠᠢ ᠨᠠᠷᠠᠨ ᠳ᠋ᠤ᠌ ᠬᠠᠳᠠᠨ᠎ᠠ᠃
ᠦᠵᠡᠭᠡ ᠦᠭᠡᠢ ᠶᠠᠭᠤᠮ᠎ᠠ ᠪᠠᠨ ᠦᠵᠡᠵᠦ᠂ ᠦᠬᠡᠷ ᠴᠠᠮ ᠢ᠋ᠶ᠋ᠠᠨ ᠬᠠᠷᠠᠢᠨ᠎ᠠ᠃
52. ᠠᠷᠢᠭᠤᠨ᠎ᠠ
ᠬᠥᠮᠦᠨ ᠦ᠌ ᠰᠡᠳᠬᠢᠯ ᠳ᠋ᠦ᠍ ᠨᠠᠷᠠ ᠮᠠᠨᠳᠤᠭᠤᠯᠵᠤ
ᠪᠣᠳᠣᠯ ᠳ᠋ᠤ᠌ ᠨᠢ ᠴᠡᠴᠡᠭ ᠤᠷᠭᠤᠭᠤᠯᠵᠤ
ᠬᠦᠰᠡᠯ ᠳ᠋ᠦ᠍ ᠨᠢ ᠬᠦᠴᠦ ᠨᠡᠮᠡᠨ᠎ᠡ ᠭᠡᠳᠡᠭ
ᠬᠠᠮᠤᠭ ᠤ᠋ᠨ ᠰᠠᠢᠬᠠᠨ ᠪᠤᠶᠠᠨ ᠶᠤᠮ᠃
53. ᠰᠡᠷᠭᠦᠯᠡᠩ
ᠵᠢᠷᠭᠠᠯ ᠳ᠋ᠤ᠌ ᠪᠤᠤ ᠲᠠᠰᠢᠭᠤᠷᠠ᠂ ᠵᠣᠪᠠᠯᠠᠩ ᠠᠷᠤ ᠳ᠋ᠤ᠌ ᠨᠢ ᠠᠢᠰᠤᠢ ᠶ᠋ᠢᠨ ᠰᠢᠨᠵᠢ᠃
ᠵᠣᠪᠠᠯᠠᠩ ᠳ᠋ᠤ᠌ ᠪᠦᠦ ᠵᠢᠪ᠂ ᠵᠢᠷᠭᠠᠯ ᠤ᠋ᠨ ᠵᠠᠮ ᠢ᠋ ᠴᠡᠪᠡᠷᠯᠡᠵᠦ ᠪᠣᠢ ᠨᠢ ᠲᠡᠷᠡ᠃
ᠬᠤᠷᠤᠭᠤ ᠪᠠᠨ ᠴᠢᠴᠢᠵᠦ ᠶᠠᠷᠢᠳᠠᠭ ᠦᠭᠡᠢ᠂
ᠬᠢᠮᠤᠰᠤ ᠪᠠᠨ ᠰᠥᠨᠢ ᠠᠪᠳᠠᠭ ᠦᠭᠡᠢ᠂
ᠬᠢᠲᠤᠭ᠎ᠠ ᠶ᠋ᠢ ᠢᠷ ᠢ᠋ᠶ᠋ᠡᠷ ᠨᠢ ᠥᠭᠳᠡᠭ ᠦᠭᠡᠢ᠂
ᠬᠤᠷᠴᠠ ᠮᠣᠩᠭᠣᠯ ᠤᠬᠠᠭᠠᠨ᠃
54. ᠲᠡᠯᠭᠡᠷᠴᠡᠴᠡᠭ
ᠳᠠᠪᠤᠰᠤ ᠶ᠋ᠢ ᠬᠢᠪᠡᠯ ᠠᠭᠤᠰᠲᠠᠯ᠎ᠠ᠂
ᠠᠵᠢᠯ ᠢ᠋ ᠬᠢᠪᠡᠯ ᠳᠠᠭᠤᠰᠲᠠᠯ᠎ᠠ
ᠡᠷᠭᠢᠨ ᠳᠡᠭᠡᠷ᠎ᠡ ᠡᠯᠢᠶ᠎ᠡ ᠬᠡᠷᠢᠶ᠎ᠡ ᠭᠠᠯᠠᠭᠤ ᠭᠤᠷᠪᠠ
ᠡᠷᠡᠦ ᠠᠮᠠ ᠳᠣᠯᠢᠶᠠᠯᠴᠠᠨ᠎ᠠ᠃
55. ᠮᠡᠷᠭᠡᠨᠪᠢᠯᠢᠭ
ᠠᠮᠠ ᠠᠯᠳᠠᠪᠠᠯ ᠬᠡᠷᠡᠭ ᠭᠠᠷᠤᠨ᠎ᠠ᠂
ᠠᠭᠲᠠ ᠠᠯᠳᠠᠪᠠᠯ ᠡᠷᠢᠯ ᠭᠠᠷᠤᠨ᠎ᠠ᠃
《ᠵᠠᠭᠤᠨ ᠮᠡᠷᠭᠡᠳ ᠦ᠋ᠨ ᠰᠡᠴᠡᠨ ᠦᠭᠡᠰ》 ᠡᠴᠡ᠄
56. ᠣᠳᠬᠠᠨᠰᠣ᠎ᠡ
ᠠᠯᠲᠠᠨ ᠳᠡᠯᠡᠬᠡᠢ ᠰᠢᠭ ᠠᠭᠤᠤ ᠬᠥᠮᠦᠨ
ᠠᠷᠠᠳ ᠤ᠋ᠨ ᠦᠷᠡᠰ ᠲᠦ᠍ ᠪᠡᠨ ᠨᠠᠷᠠ ᠰᠢᠭ᠋ ᠬᠥᠮᠦᠨ᠂
ᠰᠣᠶᠣᠯ ᠤ᠋ᠨ ᠳᠠᠯᠠᠢ ᠳ᠋ᠤ᠌ ᠬᠥᠲᠥᠯᠦᠭᠰᠡᠨ ᠬᠥᠮᠦᠨ
ᠰᠦᠮᠪᠦᠷ ᠠᠭᠤᠯᠠ ᠰᠢᠭ᠋ ᠭᠠᠪᠢᠶ᠎ᠠ ᠲᠠᠢ ᠬᠥᠮᠦᠨ᠃
57. ᠰᠡᠷᠭᠦᠯᠡᠩ
ᠳᠠᠪᠬᠤᠷ ᠮᠠᠯᠠᠭᠠᠢ ᠡᠮᠦᠰᠳᠡᠭ ᠦᠭᠡᠢ᠂
ᠳᠠᠪᠤᠰᠤ ᠠᠢᠯ ᠠ᠋ᠴᠠ ᠵᠢᠭᠡᠯᠡᠳᠡᠭ ᠦᠭᠡᠢ᠂
ᠳᠠᠯᠤ ᠶ᠋ᠢ ᠭᠠᠭᠴᠠᠭᠠᠷ ᠢ᠋ᠶ᠋ᠠᠨ ᠢᠳᠡᠳᠡᠭ ᠦᠭᠡᠢ᠂
ᠳᠠᠷᠬᠠᠨ ᠮᠣᠩᠭᠣᠯ ᠤᠬᠠᠭᠠᠨ᠃
ᠡᠪᠦᠳᠦᠭ ᠭᠠᠷᠪᠠᠯ ᠳᠣᠮᠨᠣᠳᠠᠭ᠂
ᠡᠪᠡᠰᠦ ᠤᠷᠭᠤᠮᠠᠯ ᠢ᠋ᠶ᠋ᠠᠷ ᠡᠮᠨᠡᠳᠡᠭ᠂
ᠥᠯᠴᠢᠷ ᠴᠢᠭᠢᠷᠠᠭ ᠲᠤ᠌ ᠰᠤᠷᠭᠠᠳᠠᠭ᠂
ᠥᠪᠯᠡᠬᠦ ᠮᠣᠩᠭᠣᠯ ᠤᠬᠠᠭᠠᠨ᠃
58. ᠲᠡᠷᠡᠪᠢᠰᠢ
ᠬᠥᠮᠦᠨ ᠦ᠌ ᠰᠠᠢᠨ ᠢ᠋ ᠬᠠᠨᠢᠯᠠᠨ ᠪᠠᠢᠵᠤ ᠲᠠᠨᠢᠨ᠎ᠠ᠂ ᠮᠣᠷᠢᠨ ᠤ᠋ ᠰᠠᠢᠨ ᠢ᠋ ᠤᠨᠤᠨ ᠪᠠᠢᠵᠤ ᠮᠡᠳᠡᠨ᠎ᠡ
ᠬᠥᠮᠦᠨ ᠦ᠌ ᠴᠣᠬᠢᠨ᠎ᠠ ᠭᠡᠰᠡᠨ ᠴᠢᠯᠠᠭᠤ ᠪᠠᠷ ᠬᠥᠯ ᠢ᠋ᠶ᠋ᠡᠨ ᠴᠣᠬᠢᠨ᠎ᠠ᠃
59. ᠰᠡᠷᠭᠦᠯᠡᠩ
ᠡᠯᠢᠭᠡᠨ ᠲᠠᠷᠠᠭ ᠢ᠋ᠶ᠋ᠠᠨ ᠪᠦᠷᠢᠳᠡᠭ᠂
ᠡᠮᠡᠭᠡᠯ ᠦ᠋ᠨ ᠵᠢᠷᠢᠮ ᠢ᠋ᠶ᠋ᠡᠨ ᠭᠥᠷᠥᠳᠡᠭ᠂
ᠡᠭᠡᠷᠡᠦᠯ ᠦ᠋ᠨ ᠤᠲᠠᠰᠤ ᠪᠠᠷ ᠪᠥᠭᠡᠯᠡᠳᠡᠭ᠂
ᠡᠷᠬᠢᠮ ᠮᠣᠩᠭᠣᠯ ᠤᠬᠠᠭᠠᠨ᠃
ᠰᠦᠨ ᠳ᠋ᠦ᠍ ᠤᠰᠤ ᠳᠤᠰᠤᠭᠠᠳᠠᠭ ᠦᠭᠡᠢ᠂
ᠰᠦᠮ᠎ᠡ ᠳ᠋ᠦ᠍ ᠮᠠᠯᠠᠭᠠᠢ ᠲᠠᠢ ᠣᠷᠣᠳᠠᠭ ᠦᠭᠡᠢ᠂
ᠰᠦᠪᠡᠭᠡ ᠲᠤᠯᠵᠤ ᠵᠣᠭᠰᠣᠳᠠᠭ ᠦᠭᠡᠢ᠂
ᠰᠥᠳᠥ ᠮᠣᠩᠭᠣᠯ ᠤᠬᠠᠭᠠᠨ᠃
60. ᠲᠡᠯᠭᠡᠷᠴᠡᠴᠡᠭ
ᠲᠣᠭᠣᠷᠤᠤ ᠲᠣᠭᠣᠷᠤᠤ ᠴᠠᠮ ᠬᠠᠷᠠᠢ
ᠲᠣᠰᠣ ᠲᠠᠢ ᠬᠣᠭᠣᠯᠠ ᠢᠳᠡᠭᠦᠯᠦᠶ᠎ᠡ᠃
61. ᠤᠷᠠᠨᠴᠡᠴᠡᠭ
ᠬᠥᠮᠦᠨ ᠦ᠌ ᠡᠷᠢᠶᠡᠨ ᠳᠣᠲᠣᠷ᠎ᠠ ᠪᠠᠨ᠂ ᠮᠣᠭᠠᠢ ᠶ᠋ᠢᠨ ᠡᠷᠢᠶᠡᠨ ᠭᠠᠳᠠᠨ᠎ᠠ ᠪᠠᠨ᠃
ᠠᠢᠯ ᠠ᠋ᠴᠠ ᠡᠷᠢᠬᠦ ᠪᠡᠷ ᠠᠪᠳᠠᠷ᠎ᠠ ᠠ᠋ᠴᠠ ᠪᠠᠨ ᠡᠷᠢ᠃
ᠬᠥᠮᠦᠨ ᠪᠣᠯᠭᠠᠨ ᠠᠳᠠᠯᠢ ᠦᠭᠡᠢ᠂ ᠬᠦᠯᠦᠭ ᠪᠣᠯᠭᠠᠨ ᠵᠢᠷᠣᠭ᠎ᠠ ᠦᠭᠡᠢ᠃
ᠨᠣᠮ ᠢ᠋ ᠨᠢ ᠰᠤᠷᠬᠤ ᠦᠭᠡᠢ ᠴᠦ᠍᠂ ᠨᠣᠮᠣᠬᠠᠨ ᠢ᠋ ᠨᠢ ᠰᠤᠷ᠃
62. ᠡᠷᠳᠡᠨᠢᠰᠤᠪᠤᠳ
ᠰᠤᠷᠤᠭᠰᠠᠨ ᠬᠥᠮᠦᠨ ᠳ᠋ᠦ᠍ ᠡᠷᠳᠡᠮ ᠣᠯᠠᠨ
ᠰᠣᠨᠣᠰᠤᠭᠰᠠᠨ ᠬᠥᠮᠦᠨ ᠳ᠋ᠦ᠍ ᠰᠣᠨᠢᠨ ᠣᠯᠠᠨ᠃
63. ᠮᠡᠷᠭᠡᠨ
ᠪᠢᠳᠠᠭᠤ ᠲᠣᠯᠣᠭᠠᠢ ᠶ᠋ᠢ ᠰᠡᠩᠬᠡᠷᠡᠭᠦᠯᠳᠡᠭ
ᠪᠢᠲᠡᠭᠦᠦ ᠤᠬᠠᠭᠠᠨ ᠢ᠋ ᠨᠡᠭᠡᠭᠡᠭᠳᠡᠭᠦᠯᠳᠡᠭ
ᠮᠤᠨᠤᠭ ᠬᠥᠮᠦᠨ ᠢ᠋ ᠰᠡᠬᠡᠭᠡᠷᠡᠭᠦᠯᠳᠡᠭ
ᠮᠤᠩᠬᠠᠭ ᠣᠶᠤᠨ ᠢ᠋ ᠬᠡᠬᠡᠷᠡᠭᠦᠯᠳᠡᠭ᠃
64. ᠵᠢᠷᠠᠨᠲᠠᠢ
ᠬᠠᠢᠷᠠᠯᠠᠵᠤ ᠰᠠᠨᠠᠭᠰᠠᠨ ᠢ᠋ ᠪᠦᠷ ᠳᠤᠷᠠᠯᠠᠯ ᠭᠡᠳᠡᠭ ᠶᠦᠮ ᠪᠣᠯ
ᠬᠠᠷᠠᠮᠨᠠᠵᠤ ᠪᠣᠳᠣᠭᠰᠠᠨ ᠢ᠋ ᠨᠢ ᠬᠠᠢᠷ᠎ᠠ ᠭᠡᠨ᠎ᠡ᠃
ᠬᠠᠭᠠᠴᠠᠵᠤ ᠰᠠᠯᠤᠯᠴᠠᠭᠰᠠᠨ ᠢ᠋ ᠪᠦᠷ ᠵᠠᠶᠠᠭ᠎ᠠ ᠭᠡᠳᠡᠭ ᠶᠦᠮ ᠪᠣᠯ
ᠬᠠᠭᠠᠰ ᠵᠣᠭᠰᠣᠭᠰᠠᠨ ᠢ᠋ ᠨᠢ ᠲᠠᠪᠢᠯᠠᠩ ᠭᠡᠨ᠎ᠡ᠃
65. ᠰᠡᠷᠭᠦᠯᠡᠩ
ᠨᠠᠭᠠᠴᠤ ᠶ᠋ᠢᠨ ᠳᠡᠷᠭᠡᠳᠡ ᠳᠠᠯᠤ ᠪᠠᠷᠢᠳᠠᠭ ᠦᠭᠡᠢ᠂
ᠨᠠᠷᠠ ᠭᠬᠢᠷᠲᠦᠬᠦ ᠳ᠋ᠦ᠍ ᠨᠠᠢᠷᠯᠠᠳᠠᠭ ᠦᠭᠡᠢ᠂
ᠨᠠᠮᠤᠷ ᠤ᠋ᠨ ᠮᠠᠯ ᠢ᠋ ᠲᠠᠭᠤᠳᠠᠭ ᠦᠭᠡᠢ᠂
ᠨᠠᠢᠷᠰᠠᠭ ᠮᠣᠩᠭᠣᠯ ᠤᠬᠠᠭᠠᠨ᠃
ᠴᠠᠢ ᠶ᠋ᠢᠨ ᠳᠡᠭᠡᠵᠢ ᠪᠡᠨ ᠡᠷᠭᠦᠳᠡᠭ᠂
ᠴᠠᠭ ᠤ᠋ᠨ ᠰᠠᠢᠨ ᠢ᠋ ᠡᠷᠬᠢᠮᠯᠡᠳᠡᠭ᠂
ᠴᠠᠳᠢᠭ ᠲᠡᠦᠬᠡ ᠪᠡᠨ ᠥᠪᠯᠡᠭᠦᠯᠳᠡᠭ᠂
ᠴᠠᠭᠯᠠᠰᠢ ᠦᠭᠡᠢ ᠮᠣᠩᠭᠣᠯ ᠤᠬᠠᠭᠠᠨ᠃
66. ᠲᠡᠯᠭᠡᠷᠴᠡᠴᠡᠭ
ᠡᠬᠢᠯᠡᠨ ᠬᠠᠷ᠎ᠠ ᠥᠳᠥ ᠲᠡᠢ ᠡᠮᠦᠨ᠎ᠡ ᠣᠷᠣᠨ ᠳ᠋ᠤ᠌ ᠨᠤᠲᠤᠭ ᠲᠠᠢ ᠡᠪᠡᠰᠦ ᠰᠢᠪᠠᠷ ᠤ᠋ᠨ ᠭᠡᠷ ᠲᠡᠢ ᠡᠪᠦᠯ ᠪᠣᠯᠤᠭᠰᠠᠭᠠᠷ ᠬᠠᠷᠢᠳᠠᠭ᠃ ᠣᠨᠢᠰᠣᠭ᠎ᠠ
67. ᠰᠡᠷᠭᠦᠯᠡᠩ
ᠶᠠᠳᠠᠭᠤ ᠬᠥᠮᠦᠨ ᠦ᠌ ᠡᠮᠦᠨ᠎ᠡ ᠮᠥᠩᠭᠥ ᠪᠤᠤ ᠶᠠᠷᠢ᠃
ᠡᠪᠡᠳᠴᠢᠲᠡᠢ ᠬᠥᠮᠦᠨ ᠦ᠌ ᠡᠮᠦᠨ᠎ᠡ ᠡᠷᠡᠭᠦᠯ ᠮᠡᠨᠳᠦ ᠶ᠋ᠢ ᠪᠤᠤ ᠶᠠᠷᠢ᠃
ᠭᠤᠨᠢᠭᠲᠠᠢ ᠬᠥᠮᠦᠨ ᠦ᠌᠂ ᠡᠮᠦᠨ᠎ᠡ ᠠᠵᠠ ᠵᠢᠷᠭᠠᠯ ᠪᠤᠤ ᠶᠠᠷᠢ᠃
ᠥᠨᠥᠴᠢᠨ ᠬᠥᠮᠦᠨ ᠦ᠌ ᠡᠮᠦᠨ᠎ᠡ ᠠᠪᠤ ᠡᠵᠢ ᠶ᠋ᠢ ᠪᠡᠨ ᠪᠤᠤ ᠶᠠᠷᠢ᠃
ᠰᠢᠷᠬ᠎ᠠ ᠨᠢ ᠰᠡᠲᠡᠷᠡᠳᠡᠭ ᠶᠦᠮ᠃ ᠰᠡᠳᠬᠢᠯ ᠨᠢ ᠡᠮᠵᠡᠭᠯᠡᠳᠡᠭ ᠶᠦᠮ᠃
