ᠬᠠᠷᠠᠭ᠎ᠠ ᠵᠠᠰᠠᠳᠠᠭ ᠪᠢᠴᠢᠭ-ᠴᠢ᠊ · ᠤᠷᠠᠨᠴᠡᠴᠡᠭKharaa zasdag bichigХараа засдаг бичигЧи ·Урнцэцэг
ᠬᠠᠷᠠᠭ᠎ᠠ ᠵᠠᠰᠠᠳᠠᠭ ᠪᠢᠴᠢᠭ
ᠦᠭᠡ᠄ ᠴᠢ᠊ · ᠤᠷᠠᠨᠴᠡᠴᠡᠭ
ᠬᠠᠨ ᠳᠡᠯᠡᠬᠡᠢ ᠳ᠋ᠦ᠍ ᠭᠠᠭᠴᠠᠬᠠᠨ
ᠬᠠᠷᠠᠭ᠎ᠠ ᠵᠠᠰᠠᠳᠠᠭ ᠪᠢᠴᠢᠭ
ᠬᠠᠷᠠᠴᠤ ᠠᠷᠠᠳ ᠨᠠᠳᠠ ᠳ᠋ᠤ᠌
ᠬᠠᠮᠤᠭ ᠢ᠋ ᠮᠡᠳᠡᠭᠡᠯᠡᠳᠡᠭ ᠪᠢᠴᠢᠭ
ᠬᠠᠷᠠᠭ᠎ᠠ ᠣᠷᠣᠬᠤ ᠴᠠᠭ ᠠ᠋ᠴᠠ
ᠬᠠᠴᠠᠷ ᠨᠢᠭᠤᠷ ᠲᠤ᠌ ᠢᠯᠡᠷᠡᠳᠡᠭ ᠪᠢᠴᠢᠭ
ᠬᠡᠯᠡ ᠣᠷᠣᠬᠤ ᠴᠠᠭ ᠠ᠋ᠴᠠ
ᠬᠡᠬᠦᠳᠡᠭ ᠳᠦᠭᠦᠷᠡᠩ ᠶᠠᠷᠢᠭᠳᠠᠳᠠᠭ ᠪᠢᠴᠢᠭ
ᠤᠬᠠᠭᠠᠨ ᠣᠷᠣᠬᠤ ᠴᠠᠭ ᠠ᠋ᠴᠠ
ᠤᠭᠤᠷᠠᠭ ᠲᠠᠷᠢᠬᠢᠨ ᠳ᠋ᠤ᠌ ᠰᠢᠩᠭᠡᠭᠰᠡᠨ ᠪᠢᠴᠢᠭ
ᠥᠰᠴᠦ ᠪᠣᠢᠵᠢᠬᠤ ᠶ᠋ᠢᠨ ᠴᠠᠭ ᠲᠤ᠌
ᠥᠯᠥᠭᠡᠢ ᠨᠢ ᠪᠣᠯᠤᠭᠰᠠᠨ ᠪᠢᠴᠢᠭ
ᠤᠨᠠᠬᠤ ᠲᠤᠰᠬᠤ ᠶ᠋ᠢᠨ ᠴᠠᠭ ᠲᠤ᠌
ᠤᠬᠠᠭᠠᠨ ᠬᠠᠢᠷᠠᠯᠠᠳᠠᠭ ᠪᠢᠴᠢᠭ
ᠶᠠᠪᠤᠵᠤ ᠭᠦᠶᠦᠬᠦ ᠶ᠋ᠢᠨ ᠴᠠᠭ ᠲᠤ᠌
ᠵᠦᠭ ᠨᠢ ᠪᠣᠯᠤᠭᠰᠠᠨ ᠪᠢᠴᠢᠭ ᠲᠦ᠍
ᠶᠠᠳᠠᠵᠤ ᠵᠦᠳᠡᠬᠦ ᠶ᠋ᠢᠨ ᠴᠠᠭ ᠲᠤ᠌
ᠵᠠᠮ ᠨᠢ ᠪᠣᠯᠤᠭᠰᠠᠨ ᠪᠢᠴᠢᠭ
ᠠᠪᠴᠤ ᠭᠡᠭᠡᠬᠦ ᠶ᠋ᠢᠨ ᠴᠠᠭ ᠲᠤ᠌
ᠠᠷᠭ᠎ᠠ ᠨᠢ ᠪᠣᠯᠤᠭᠰᠠᠨ ᠪᠢᠴᠢᠭ
ᠦᠬᠦᠵᠦ ᠠᠮᠢᠳᠤᠷᠠᠬᠤ ᠶ᠋ᠢᠨ ᠴᠠᠭ ᠲᠤ᠌
ᠠᠮᠢ ᠨᠢ ᠪᠣᠯᠤᠭᠰᠠᠨ ᠪᠢᠴᠢᠭ
ᠪᠠᠢᠭᠠᠯᠢ ᠳᠡᠯᠡᠬᠡᠢ ᠳ᠋ᠦ᠍
ᠪᠢᠯᠢᠭ ᠵᠠᠰᠠᠳᠠᠭ ᠪᠢᠴᠢᠭ
ᠣᠴᠢᠬᠤ ᠣᠷᠴᠢᠯᠠᠩ ᠳ᠋ᠤ᠌
ᠣᠶᠤᠨ ᠢ᠋ ᠵᠠᠰᠠᠳᠠᠭ ᠪᠢᠴᠢᠭ
ᠬᠠᠮᠤᠭ ᠬᠣᠷᠸ᠎ᠠ ᠳ᠋ᠤ᠌
ᠬᠠᠷᠠᠭ᠎ᠠ ᠵᠠᠰᠠᠳᠠᠭ ᠪᠢᠴᠢᠭ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
