ᠬᠡᠦᠬᠡᠨ ᠮᠡᠷᠭᠡᠨ ᠬᠤᠲᠤᠭᠲᠤ ᠶ᠋ᠢᠨ ᠮᠠᠨᠢ ᠶ᠋ᠢᠨ ᠵᠠᠯᠪᠠᠷᠢᠯ ᠣᠷᠣᠰᠢᠪᠠ Хүүхэн мэргэн хутагтын маанийн залбирал оршив ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠨ ᠮᠡᠷᠭᠡᠨ ᠬᠤᠲᠤᠭᠲᠤ ᠶ᠋ᠢᠨ ᠮᠠᠨᠢ ᠶ᠋ᠢᠨ ᠵᠠᠯᠪᠠᠷᠢᠯ ᠣᠷᠣᠰᠢᠪᠠ Хүүхэн мэргэн хутагтын маанийн залбирал оршив

ᠬᠡᠦᠬᠡᠨ ᠮᠡᠷᠭᠡᠨ ᠬᠤᠲᠤᠭᠲᠤ ᠶ᠋ᠢᠨ ᠮᠠᠨᠢ ᠶ᠋ᠢᠨ ᠵᠠᠯᠪᠠᠷᠢᠯ ᠣᠷᠣᠰᠢᠪᠠ Хүүхэн мэргэн хутагтын маанийн залбирал оршив

2025-10-17

227

ᠬᠡᠦᠬᠡᠨ ᠮᠡᠷᠭᠡᠨ ᠬᠤᠲᠤᠭᠲᠤ ᠶ᠋ᠢᠨ ᠮᠠᠨᠢ ᠶ᠋ᠢᠨ ᠵᠠᠯᠪᠠᠷᠢᠯ ᠣᠷᠣᠰᠢᠪᠠ


ᠡᠷᠬᠢᠮ ᠰᠢᠨᠵᠢ ᠶᠠᠮᠠᠨᠳᠠᠭ᠎ᠠ 
ᠡᠷᠳᠡᠨᠢ ᠬᠡᠦᠬᠡᠨ ᠬᠤᠲᠤᠭᠲᠤ 
ᠡᠬᠡ ᠬᠠᠮᠤᠭ ᠠᠮᠢᠲᠠᠨ ᠢ᠋ 
ᠡᠨᠳᠡᠭᠦᠷᠡᠯ ᠦᠭᠡᠢ ᠥᠷᠥᠰᠢᠶᠡ᠃
ᠣᠮ ᠮᠠ᠋ ᠨᠢ ᠪᠠᠳ ᠮᠧᠢ ᠾᠤᠩ 
ᠢᠲᠡᠭᠡᠯ ᠬᠠᠷ᠎ᠠ ᠮᠠᠬᠠᠺᠠᠯᠠ 
ᠢᠯᠪᠢ ᠲᠣᠭᠰᠢᠨ ᠬᠤᠪᠢᠯᠭᠠᠨ ᠢ᠋ᠶ᠋ᠠᠷ 
ᠡᠯᠳᠡᠪ ᠵᠦᠢᠯ ᠦ᠋ᠨ ᠰᠢᠮᠨᠤᠰ ᠢ᠋ 
ᠳᠠᠷᠤᠢ ᠲᠦᠷᠭᠡᠨ ᠲᠣᠨᠢᠯᠭ᠎ᠠ᠃
ᠣᠮ ᠮᠠ᠋ ᠨᠢ ᠪᠠᠳ ᠮᠧᠢ ᠾᠤᠩ
ᠶᠡᠷᠦᠳᠡ ᠶ᠋ᠢᠨ ᠭᠠᠭᠴᠠ ᠮᠣᠳᠣ ᠶ᠋ᠢ
ᠵᠢᠷᠦᠬᠡ ᠪᠡᠷ ᠪᠤᠤᠳᠠᠶ᠎ᠡ
ᠵᠦᠢᠯ ᠪᠦᠷᠢ ᠶ᠋ᠢᠨ ᠰᠢᠮᠨᠤᠰ ᠢ᠋
ᠲᠦᠷᠭᠡᠨ ᠲᠣᠪᠷᠠᠭ ᠪᠣᠯᠭᠠᠶ᠎ᠠ᠃
ᠣᠮ ᠮᠠ᠋ ᠨᠢ ᠪᠠᠳ ᠮᠧᠢ ᠾᠤᠩ
ᠣᠷᠴᠢᠨ ᠪᠦᠷᠢᠳᠦ ᠶ᠋ᠢᠨ ᠤᠰᠤ ᠶ᠋ᠢ
ᠣᠨᠢᠲᠤ ᠰᠤᠮᠤ ᠪᠠᠷ ᠲᠠᠯᠪᠢᠶ᠎ᠠ
ᠣᠷᠬᠢᠳᠠᠰᠤᠨ ᠳᠠᠢᠰᠤᠨ ᠰᠢᠮᠨᠤᠰ ᠢ᠋
ᠲᠦᠷᠭᠡᠨ ᠲᠣᠪᠷᠠᠭ ᠪᠣᠯᠭᠠᠶ᠎ᠠ᠃
ᠣᠮ ᠮᠠ᠋ ᠨᠢ ᠪᠠᠳ ᠮᠧᠢ ᠾᠤᠩ
ᠣᠷᠴᠢᠯᠠᠩ ᠤ᠋ᠨ ᠣᠷᠣᠨ ᠳ᠋ᠤ᠌
ᠣᠳᠣ ᠲᠠᠢ ᠮᠡᠷᠭᠡᠨ ᠪᠤᠤᠴᠢ ᠪᠣᠢ
ᠣᠰᠣᠯᠳᠠᠬᠤᠢ ᠶ᠋ᠢᠨ ᠦᠢᠯᠡᠰ ᠢ᠋
ᠸᠴᠢᠷᠪᠠᠨᠢ ᠵᠠᠬᠢᠷᠠ᠃
ᠣᠮ ᠮᠠ᠋ ᠨᠢ ᠪᠠᠳ ᠮᠧᠢ ᠾᠤᠩ
ᠪᠠᠳᠠᠷᠠᠭᠰᠠᠨ ᠭᠠᠯ ᠤ᠋ᠨ ᠳᠤᠮᠳᠠ
ᠪᠠᠳᠮ᠎ᠠ ᠬᠠᠶᠢᠩᠬᠢᠷᠸ᠎ᠡ ᠪᠣᠢ
ᠪᠠᠷᠴᠢᠳ ᠲᠦᠢᠳᠬᠡᠷ ᠬᠣᠶᠠᠷ ᠢ᠋
ᠳᠠᠷᠤᠢ ᠲᠦᠷᠭᠡᠨ ᠠᠷᠢᠯᠭ᠎ᠠ᠃
ᠣᠮ ᠮᠠ᠋ ᠨᠢ ᠪᠠᠳ ᠮᠧᠢ ᠾᠤᠩ
ᠡᠵᠡᠨ ᠬᠠᠭᠠᠨ ᠵᠠᠷᠯᠢᠭ ᠲᠠᠢ
ᠡᠷᠬᠢᠮ ᠬᠠᠷ᠎ᠠ ᠪᠤᠤᠴᠢ ᠪᠣᠢ
ᠡᠨᠳᠡᠭᠳᠡᠬᠦᠢ ᠶ᠋ᠢᠨ ᠦᠢᠯᠡᠰ ᠢ᠋
ᠷᠠᠭᠪᠢ ᡀᠠᠮᠣ ᠵᠠᠬᠢᠷᠠ᠃
ᠣᠮ ᠮᠠ᠋ ᠨᠢ ᠪᠠᠳ ᠮᠧᠢ ᠾᠤᠩ
ᠴᠣᠭ ᠤᠯᠠᠭᠠᠨ ᠬᠠᠳᠠᠨ ᠳ᠋ᠤᠷ
ᠴᠢᠰᠤᠨ ᠵᠡᠭᠡᠷᠳᠡ ᠮᠣᠷᠢ ᠲᠠᠢ
ᠲᠦᠮᠡᠨ ᠠᠯᠪᠢᠨ ᠳᠤᠯᠬᠢᠶᠠᠰᠤ ᠲᠠᠢ
ᠪᠢᠬᠠᠽᠢ ᠤᠯᠠᠭᠠᠨ ᠮᠠᠬᠠᠺᠠᠯᠠ᠃
ᠣᠮ ᠮᠠ᠋ ᠨᠢ ᠪᠠᠳ ᠮᠧᠢ ᠾᠤᠩ
ᠠᠯᠲᠠᠨ ᠭᠠᠳᠠᠰᠤᠨ ᠠᠭᠤᠯᠠ ᠶ᠋ᠢ
ᠠᠩᠭᠢᠯᠠᠵᠤ ᠨᠡᠮᠨᠡᠶ᠎ᠡ
ᠠᠷᠪᠠᠨ ᠴᠣᠢᠵᠣᠩ ᠨᠥᠬᠥᠳ ᠮᠢᠨᠦ
ᠲᠦᠷᠭᠡᠨ ᠳᠠᠷᠤᠢ ᠬᠢᠴᠢᠶᠡ᠃
ᠣᠮ ᠮᠠ᠋ ᠨᠢ ᠪᠠᠳ ᠮᠧᠢ ᠾᠤᠩ
ᠲᠠᠩᠭᠠᠷᠢᠭᠯᠠᠵᠤ ᠰᠢᠲᠦᠭᠰᠡᠨ
ᠲᠠᠩᠰᠤᠭ ᠬᠠᠷ᠎ᠠ ᠮᠠᠬᠠᠺᠠᠯᠠ
ᠲᠠᠪᠤᠨ ᠢᠯᠠᠭᠤᠭᠰᠠᠳ ᠤ᠋ᠨ ᠪᠡᠶ᠎ᠡ ᠲᠡᠢ
ᠪᠢᠬᠠᠷ ᠵᠠᠯᠪᠤ ᠭᠦᠩᠭᠠᠷ᠃
ᠣᠮ ᠮᠠ᠋ ᠨᠢ ᠪᠠᠳ ᠮᠧᠢ ᠾᠤᠩ
ᠳ᠋ᠠᠮᠵᠠᠨ ᠵᠠᠯᠪᠤ ᠥᠬᠢᠨ ᠲᠩᠷᠢ
ᠳᠠᠢᠰᠤᠨ ᠢ᠋ ᠪᠠᠷᠢᠶ᠎ᠠ
ᠰᠦᠯᠳᠡ ᠶᠢᠰᠦᠨ ᠲᠩᠷᠢ
ᠬᠤᠶᠠᠭᠯᠠᠵᠤ ᠮᠣᠷᠳᠠᠶ᠎ᠠ᠃
ᠣᠮ ᠮᠠ᠋ ᠨᠢ ᠪᠠᠳ ᠮᠧᠢ ᠾᠤᠩ
ᠪᠡᠭᠡᠵᠢᠩ ᠭᠡᠭᠴᠢ ᠬᠣᠲᠠ ᠶ᠋ᠢ
ᠪᠡᠬᠢᠯᠡᠵᠦ ᠪᠠᠷᠢᠭᠠᠳ
ᠪᠡᠶ᠎ᠡ ᠮᠡᠨᠳᠦ ᠰᠠᠭᠤᠭᠠᠳ
ᠡᠵᠡᠨ ᠪᠠᠲᠤ ᠪᠣᠯᠲᠤᠭᠠᠢ᠃
ᠣᠮ ᠮᠠ᠋ ᠨᠢ ᠪᠠᠳ ᠮᠧᠢ ᠾᠤᠩ
ᠬᠠᠰᠬᠠᠲᠠᠢᠬᠠᠨ ᠠᠷᠢᠬᠢᠨ ᠳ᠋ᠤ᠌
ᠰᠣᠭᠲᠣᠬᠤᠶ᠎ᠠ ᠡᠨᠳᠡᠯ ᠦᠭᠡᠢ ᠪᠢ
ᠬᠠᠷᠰᠢ ᠳᠠᠢᠰᠤᠨ ᠰᠢᠮᠨᠤᠰ ᠲᠤ᠌
ᠠᠪᠲᠠᠭᠳᠠᠬᠤᠶ᠎ᠠ ᠡᠨᠳᠡᠯ ᠦᠭᠡᠢ ᠪᠢ᠃
ᠣᠮ ᠮᠠ᠋ ᠨᠢ ᠪᠠᠳ ᠮᠧᠢ ᠾᠤᠩ
ᠭᠠᠯᠵᠠᠭᠤ ᠲᠦᠷᠭᠡᠨ ᠭᠦᠶᠦᠳᠡᠯ ᠲᠡᠢ
ᠭᠠᠯ ᠤᠯᠠᠭᠠᠨ ᠬᠤᠯᠤᠭᠠᠨ᠎ᠠ
ᠭᠠᠭᠴᠠ ᠡᠨᠡ ᠪᠡᠶ᠎ᠡ ᠪᠡᠷ
ᠭᠠᠷ ᠤ᠋ᠨ ᠳᠣᠲᠣᠷ᠎ᠠ ᠪᠠᠷᠢᠶ᠎ᠠ᠃
ᠣᠮ ᠮᠠ᠋ ᠨᠢ ᠪᠠᠳ ᠮᠧᠢ ᠾᠤᠩ
ᠭᠠᠢᠲᠠᠢᠬᠠᠨ ᠴᠣ ᠬᠥᠮᠦᠨ ᠳ᠋ᠦ᠍
ᠭᠠᠯᠵᠠᠭᠤ ᠶᠤᠺᠠᠽᠷᠢ ᠶ᠋ᠢᠨ ᠳᠦᠷᠢ ᠲᠡᠢ
ᠠᠷᠢᠯᠤᠭᠰᠠᠨ ᠬᠥᠮᠦᠨ ᠳ᠋ᠦ᠍
ᠠᠷᠢᠶᠠᠪᠠᠯᠤ ᠶ᠋ᠢᠨ ᠳᠦᠷᠢ ᠲᠡᠢ ᠪᠢ᠃
ᠣᠮ ᠮᠠ᠋ ᠨᠢ ᠪᠠᠳ ᠮᠧᠢ ᠾᠤᠩ
ᠵᠢᠷᠭᠠᠯᠲᠠᠢᠬᠠᠨ ᠬᠥᠮᠦᠨ ᠳ᠋ᠦ᠍
ᠳᠠᠭᠤᠤ ᠪᠣᠯᠭᠠᠨ ᠳᠠᠭᠤᠯᠠᠪᠠᠢ
ᠣᠶᠤᠲᠠᠢᠬᠠᠨ ᠬᠥᠮᠦᠨ ᠳ᠋ᠦ᠍
ᠮᠠᠨᠢ ᠪᠣᠯᠭᠠᠨ ᠮᠠᠭᠲᠠᠪᠠᠢ᠃
ᠣᠮ ᠮᠠ᠋ ᠨᠢ ᠪᠠᠳ ᠮᠧᠢ ᠾᠤᠩ
ᠠᠷᠪᠠᠨ ᠨᠠᠢ᠍ᠮᠠᠨ ᠰᠢᠯᠦᠭ ᠢ᠋
ᠠᠳᠢᠰᠳᠠᠳᠯᠠᠨ ᠰᠣᠶᠣᠷᠬ᠎ᠠ
ᠠᠷᠪᠠᠨ ᠨᠠᠢ᠍ᠮᠠᠨ ᠲᠠᠮᠤ ᠡᠴᠡ
ᠳᠠᠷᠤᠢ ᠲᠦᠷᠭᠡᠨ ᠲᠣᠨᠢᠯᠭ᠎ᠠ᠃
ᠣᠮ ᠮᠠ᠋ ᠨᠢ ᠪᠠᠳ ᠮᠧᠢ ᠾᠤᠩ
ᠡᠨᠡ ᠮᠠᠨᠢ ᠶ᠋ᠢᠨ ᠨᠡᠷᠡᠰ ᠢ᠋
ᠡᠷᠬᠢᠮ ᠰᠢᠨᠵᠢ ᠶᠠᠮᠠᠨᠳᠠᠭ᠎ᠠ
ᠡᠷᠳᠡᠨᠢ ᠬᠡᠦᠬᠡᠨ ᠬᠤᠲᠤᠭᠲᠤ
ᠰᠢᠯᠦᠭᠯᠡᠨ ᠬᠣᠯᠪᠣᠨ ᠮᠠᠭᠲᠠᠪᠠᠢ᠃
ᠣᠮ ᠮᠠ᠋ ᠨᠢ ᠪᠠᠳ ᠮᠧᠢ ᠾᠤᠩ

  ᠦᠰᠦᠭ ᠠᠮᠢᠯᠠᠭᠤᠯᠤᠭᠴᠢ᠄ ᠲᠦᠮᠡᠨᠴᠡᠴᠡᠭ
  ᠬᠢᠨᠠᠭᠴᠢ᠄ ᠮᠤᠩᠭᠤᠯᠵᠠᠶᠠᠭ᠎ᠡ