ᠪᠠᠭᠰᠢ -ᠱ᠂ᠰᠠᠷᠠᠨᠭᠡᠷᠡᠯ Bagsh-Sh,SarangerelБагш-Ш,Сарангэрэл
ᠪᠠᠭᠰᠢ
ᠵᠣᠬᠢᠶᠠᠭᠴᠢ᠄ ᠱ᠂ ᠰᠠᠷᠠᠨᠭᠡᠷᠡᠯ
ᠤᠶᠠᠩᠭᠠᠯᠠᠭᠴᠢ᠄ ᠱ᠂ ᠰᠠᠷᠠᠨᠭᠡᠷᠡᠯ
ᠠᠰᠠᠵᠤ ᠭᠡᠷᠡᠯᠲᠦᠳᠡᠭ ᠭᠡᠷᠡᠯ ᠪᠣᠯ ᠪᠠᠭᠰᠢ
ᠠᠷᠪᠢᠨ ᠢ᠋ ᠵᠢᠭᠠᠭᠰᠠᠨ ᠮᠡᠳᠡᠯᠭᠡᠲᠡᠨ ᠪᠣᠯ ᠪᠠᠭᠰᠢ
ᠠᠴᠢᠷ ᠦᠷ᠎ᠡ ᠪᠡᠨ ᠰᠢᠭ ᠬᠠᠢᠷᠠᠯᠠᠭᠰᠠᠳ ᠪᠣᠯ ᠪᠠᠭᠰᠢ
ᠠᠪᠤ ᠡᠵᠢ ᠶ᠋ᠢ ᠣᠷᠣᠯᠠᠭᠰᠠᠳ ᠪᠣᠯ ᠪᠠᠭᠰᠢ ᠠ᠋!
ᠪᠢᠯᠢᠭ ᠣᠶᠤᠨ ᠢ᠋ ᠨᠡᠭᠡᠭᠡᠭᠳᠡᠭᠦᠯᠦᠭᠴᠢ ᠪᠣᠯ ᠪᠠᠭᠰᠢ
ᠪᠢᠷ ᠴᠠᠭᠠᠰᠤ ᠲᠠᠢ ᠣᠢᠷᠠᠲᠤᠭᠤᠯᠤᠭᠴᠢ ᠪᠣᠯ ᠪᠠᠭᠰᠢ
ᠪᠢᠴᠢᠭ ᠦ᠋ᠨ ᠮᠥᠷ ᠢ᠋ ᠳᠠᠭᠠᠭᠤᠯᠤᠭᠴᠢ ᠪᠣᠯ ᠪᠠᠭᠰᠢ
ᠪᠢᠯᠬᠠᠮ᠎ᠠ ᠬᠠᠢᠷ᠎ᠠ ᠪᠠᠨ ᠶᠡᠭᠦᠯᠡᠭᠴᠢ ᠪᠣᠯ ᠪᠠᠭᠰᠢ ᠠ᠋!
ᠣᠯᠠᠨ ᠤ᠋ ᠦᠷ᠎ᠡ ᠶ᠋ᠢ ᠰᠤᠷᠭᠠᠭᠴᠢ ᠪᠣᠯ ᠪᠠᠭᠰᠢ
ᠣᠷᠭᠢᠯᠤᠮ᠎ᠠ ᠵᠣᠷᠢᠭ ᠢ᠋ ᠬᠥᠪᠴᠢᠯᠡᠭᠴᠢ ᠪᠣᠯ ᠪᠠᠭᠰᠢ
ᠣᠶᠤᠨ ᠰᠠᠨᠠᠭ᠎ᠠ ᠶ᠋ᠢ ᠬᠤᠷᠴᠠᠯᠠᠭᠴᠢ ᠪᠣᠯ ᠪᠠᠭᠰᠢ
ᠣᠳᠣᠨ ᠮᠡᠲᠦ ᠭᠢᠯᠠᠯᠵᠠᠭᠴᠢ ᠪᠣᠯ ᠪᠠᠭᠰᠢ
ᠠᠰᠠᠭᠠᠳ ᠳᠠᠭᠤᠰᠬᠤ ᠯᠠ ᠪᠣᠯ ᠪᠠᠭᠰᠢ
ᠠᠯᠳᠠᠭ᠎ᠠ ᠤᠨᠤᠭ᠎ᠠ ᠶ᠋ᠢ ᠴᠡᠭᠴᠡᠯᠡᠭᠴᠢ ᠪᠣᠯ ᠪᠠᠭᠰᠢ
ᠠᠷᠢᠭᠤᠨ ᠦᠢᠯᠡᠰ ᠦ᠋ᠨ ᠵᠠᠮᠴᠢ ᠪᠣᠯ ᠪᠠᠭᠰᠢ
ᠠᠰᠢᠳᠠ ᠳᠠᠭᠤᠷᠢᠰᠤᠭᠳᠠᠬᠤ ᠬᠦᠨᠳᠦᠲᠡᠨ ᠪᠣᠯ ᠪᠠᠭᠰᠢ
ᠮᠡᠷᠭᠡᠳ ᠦ᠋ᠨ ᠳᠣᠲᠣᠷᠠᠬᠢ ᠮᠡᠷᠭᠡᠳ ᠪᠣᠯ ᠪᠠᠭᠰᠢ
ᠮᠡᠳᠡᠭᠰᠡᠨ ᠴᠢᠳᠠᠭᠰᠠᠨ ᠢ᠋ᠶ᠋ᠠᠨ ᠵᠢᠭᠠᠭᠴᠢ ᠪᠣᠯ ᠪᠠᠭᠰᠢ
ᠮᠡᠨᠳᠦ ᠶ᠋ᠢᠨ ᠵᠠᠶᠠᠭᠠᠨ ᠤ᠋ ᠠᠴᠢᠲᠠᠨ ᠪᠣᠯ ᠪᠠᠭᠰᠢ
ᠮᠠᠨᠠᠨᠲᠤ ᠲᠡᠭᠷᠢ ᠶ᠋ᠢᠨ ᠨᠠᠷᠠᠨ ᠪᠣᠯ ᠪᠠᠭᠰᠢ ᠠ᠋!
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ