ᠳᠡᠯᠪᠡᠭ ᠬᠠᠭᠠᠨDelbeg khaanДэлбэг хаан ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠪᠡᠭ ᠬᠠᠭᠠᠨDelbeg khaanДэлбэг хаан

ᠳᠡᠯᠪᠡᠭ ᠬᠠᠭᠠᠨDelbeg khaanДэлбэг хаан

ᠠᠩᠭᠢᠯᠠᠯ:ᠴᠤᠤᠲᠤ ᠬᠥᠮᠥᠰ
2025-10-16

141

ᠳᠡᠯᠪᠡᠭ ᠬᠠᠭᠠᠨ

     ᠨᠠᠢᠷᠠᠭᠤᠯᠤᠭᠰᠠᠨ ᠨᠢ ᠄ ᠱ · ᠴᠸᠶᠢᠨ — ᠣᠢᠳᠤᠪ 

   ᠬᠢᠶᠠᠳ ᠪᠣᠷᠵᠢᠭᠢᠨ ᠣᠪᠣᠭᠲᠤ ᠳᠡᠯᠪᠡᠭ ᠦ᠋ᠨ ᠥᠨᠳᠥᠷ ᠡᠪᠦᠭᠡ ᠲᠡᠭᠦᠰᠲᠡᠮᠦᠷ᠂ ᠥᠪᠡᠷ ᠦ᠋ᠨ ᠡᠪᠦᠭᠡ ᠡᠯᠪᠡ ᠨᠢᠭᠦᠯᠡᠰᠦᠭᠴᠢ ᠬᠠᠭᠠᠨ᠂ ᠡᠴᠢᠭᠡ ᠨᠢ ᠦᠯᠵᠡᠢᠲᠡᠮᠦᠷ ᠬᠠᠭᠠᠨ ᠪᠣᠶᠡᠨᠰᠢᠷᠢ᠂ ᠳᠡᠯᠪᠡᠭ1359 ᠣᠨ ᠬᠥᠬᠡᠭᠴᠢᠨ ᠲᠠᠬᠢᠶ᠎ᠠ ᠵᠢᠯ ᠮᠡᠨᠳᠦᠯᠡᠭᠰᠡᠨ ᠶᠦᠮ᠃1411 ᠣᠨ ᠳ᠋ᠤ᠌ ᠡᠴᠢᠭᠡ ᠦᠯᠵᠡᠢᠲᠡᠮᠦᠷ ᠬᠠᠭᠠᠨ ᠪᠣᠶᠡᠨᠰᠢᠷᠢ ᠶ᠋ᠢ ᠥᠪᠡᠷ ᠦ᠋ᠨ ᠬᠥᠮᠦᠨ ᠦ᠌ ᠭᠠᠷ ᠲᠤ᠌ ᠣᠷᠣᠵᠤ ᠠᠮᠢ ᠪᠠᠨ ᠬᠣᠣᠷᠯᠠᠭᠤᠯᠤᠭᠰᠠᠨ ᠤ᠋ ᠳᠠᠷᠠᠭ᠎ᠠ16 ᠨᠠᠰᠤᠲᠠᠢ ᠬᠦᠦ ᠳᠡᠯᠪᠡᠭ ᠡᠴᠢᠭᠡ ᠬᠠᠭᠠᠨ ᠤ᠋ ᠣᠷᠣ ᠰᠠᠭᠤᠷᠢ ᠶ᠋ᠢ ᠵᠠᠯᠭᠠᠮᠵᠢᠯᠠᠨ ᠬᠠᠭᠠᠨ ᠰᠢᠷᠡᠭᠡᠨ ᠳ᠋ᠦ᠍ ᠰᠠᠭᠤᠭᠰᠠᠨ ᠬᠠᠭᠠᠨᠲᠤ ᠮᠣᠩᠭᠣᠯ ᠤᠯᠤᠰ ᠤ᠋ᠨ22ᠳᠠᠬᠢ ᠬᠠᠭᠠᠨ ᠪᠢᠯᠡ᠃
   1410 ᠣᠨ ᠳ᠋ᠤ᠌ ᠮᠣᠩᠭᠣᠯ ᠤ᠋ᠨ ᠦᠯᠵᠡᠢᠲᠡᠮᠦᠷ ᠬᠠᠭᠠᠨ ᠪᠣᠶᠡᠨᠰᠢᠷᠢ ᠤᠨᠤᠨ ᠭᠣᠣᠯ ᠤ᠋ᠨ ᠰᠠᠪᠠ ᠭᠠᠵᠠᠷ ᠮᠢᠩ ᠤᠯᠤᠰ ᠤ᠋ᠨ ᠴᠡᠷᠢᠭ ᠲᠡᠢ ᠪᠠᠢᠯᠳᠤᠵᠤ ᠢᠯᠠᠭᠳᠠᠭᠠᠳ ᠪᠠᠷᠠᠭᠤᠨ ᠲᠠᠢᠰᠢ ᠵᠢᠭᠤᠲᠠᠵᠤ ᠴᠠᠭᠠᠲᠠᠢ ᠤᠯᠤᠰ ᠤ᠋ᠨ ᠪᠢᠱᠪᠡᠯᠢᠺ ᠬᠣᠲᠠ ᠬᠦᠷᠬᠦ ᠰᠠᠨᠠᠭ᠎ᠠ ᠲᠠᠢ ᠶᠠᠪᠤᠵᠤ ᠪᠠᠢᠭᠠᠳ ᠣᠢᠷᠠᠳ ᠤ᠋ᠨ ᠪᠠᠲᠤᠯᠠ ᠴᠢᠩᠰᠠᠩ ᠳ᠋ᠤ᠌ ᠬᠣᠣᠷᠯᠠᠭᠳᠠᠨ ᠠᠮᠢ ᠦᠷᠡᠭᠳᠡᠵᠡᠢ᠃
   ᠪᠠᠲᠤᠯᠠ ᠴᠢᠩᠰᠠᠩ᠂ ᠬᠠᠭᠠᠨ ᠲᠥᠷᠥ ᠶ᠋ᠢᠨ ᠬᠠᠮᠤᠭ ᠢ᠋ ᠣᠯᠵᠢᠯᠡᠨ ᠠᠪᠴᠤ᠂ ᠨᠡᠢᠰᠯᠡᠯ ᠬᠠᠷᠠᠬᠣᠷᠣᠮ ᠬᠣᠲᠠ ᠶ᠋ᠢ ᠡᠵᠡᠯᠡᠵᠦ᠂ ᠵᠡᠭᠦᠨ ᠮᠣᠩᠭᠣᠯ ᠤ᠋ᠨ ᠨᠢᠭᠡᠳᠬᠡᠨ ᠵᠠᠬᠢᠷᠴᠤ ᠪᠠᠢᠬᠤ ᠤᠯᠤᠰ ᠲᠥᠷᠥ ᠶ᠋ᠢᠨ ᠵᠣᠷᠢᠯᠭ᠎ᠠ ᠪᠠᠷ ᠠᠯᠠᠭᠤᠯᠤᠭᠰᠠᠨ ᠬᠠᠭᠠᠨ ᠤ᠋ ᠬᠦᠦ16 ᠨᠠᠰᠤᠲᠠᠢ ᠳᠡᠯᠪᠡᠭ ᠢ᠋ ᠵᠣᠷᠢᠭᠤᠳᠠ ᠳᠡᠮᠵᠢᠵᠦ ᠡᠴᠢᠭᠡ ᠶ᠋ᠢᠨ ᠬᠢᠨᠢ ᠣᠷᠣ ᠰᠠᠭᠤᠷᠢ ᠶ᠋ᠢ ᠵᠠᠯᠭᠠᠮᠵᠢᠯᠠᠭᠤᠯᠤᠨ ᠬᠠᠭᠠᠨ ᠰᠢᠷᠡᠭᠡᠨ ᠳ᠋ᠦ᠍ ᠰᠠᠭᠤᠯᠭᠠᠭᠠᠳ ᠥᠪᠡᠷ ᠦ᠋ᠨ ᠮᠠᠨᠤᠤᠯ ᠬᠠᠯᠬᠠᠪᠴᠢ ᠪᠣᠯᠭᠠᠭᠰᠠᠨ ᠪᠠᠢᠨ᠎ᠠ᠃
   ᠪᠠᠲᠤᠯᠠ ᠴᠢᠩᠰᠠᠩ ᠪᠣᠯ ᠡᠯᠪᠡᠭ ᠨᠢᠭᠦᠯᠡᠰᠦᠭᠴᠢ ᠬᠠᠭᠠᠨ ᠳ᠋ᠤ᠌ ᠬᠢᠯᠢᠰ ᠢ᠋ᠶ᠋ᠡᠷ ᠠᠯᠠᠭᠤᠯᠤᠭᠰᠠᠨ ᠬᠤᠤᠬᠠᠢ ᠲᠢᠶᠣᠤ ᠲᠦᠰᠢᠮᠡᠯ ᠦ᠋ᠨ ᠬᠦᠦ ᠮᠥᠨ ᠪᠣᠯᠪᠠᠴᠤ ᠡᠯᠪᠡᠭ ᠨᠢᠭᠦᠯᠡᠰᠦᠭᠴᠢ ᠬᠠᠭᠠᠨ ᠤ᠋ ᠰᠠᠮᠤᠷ ᠭᠦᠩᠵᠦ ᠶ᠋ᠢ ᠠᠪᠤᠭᠰᠠᠨ ᠠ᠋ᠴᠠ ᠬᠠᠭᠠᠨ ᠤ᠋ ᠬᠦᠷᠭᠡᠨ ᠶᠦᠮ᠃
   ᠪᠠᠲᠤᠯᠠ ᠴᠢᠩᠰᠠᠩ ᠬᠠᠭᠠᠨ ᠤ᠋ ᠨᠡᠷ᠎ᠡ ᠶ᠋ᠢ ᠠᠰᠢᠭᠯᠠᠨ ᠪᠦᠬᠦ ᠮᠣᠩᠭᠣᠯ ᠢ᠋ ᠤᠷᠢᠶᠠᠯᠠᠨ ᠮᠢᠩ ᠤᠯᠤᠰ ᠢ᠋ ᠴᠡᠷᠢᠭ ᠭᠠᠷᠭᠠᠵᠤ᠂ ᠠᠷᠤᠭᠲᠠᠢ ᠲᠡᠢᠰᠢ ᠶ᠋ᠢ ᠳᠠᠢᠯᠠᠬᠤ ᠪᠠᠷ ᠱᠠᠭᠠᠷᠳᠠᠭᠰᠠᠨ ᠳ᠋ᠤ᠌᠂ ᠮᠢᠩ ᠤᠯᠤᠰ ᠣᠢᠷᠠᠳ ᠢ᠋ ᠬᠡᠲᠦᠷᠬᠡᠢ ᠬᠦᠴᠦᠷᠬᠡᠭᠵᠢᠵᠦ ᠠᠶᠤᠯ ᠵᠣᠪᠠᠯᠠᠩ ᠪᠣᠯᠬᠤ ᠠ᠋ᠴᠠ ᠠᠶᠤᠵᠤ᠂1413 ᠣᠨ ᠳ᠋ᠤ᠌ ᠵᠡᠭᠦᠨ ᠮᠣᠩᠭᠣᠯ ᠤ᠋ᠨ ᠠᠷᠤᠭᠲᠠᠢ ᠲᠡᠢᠰᠢ ᠶ᠋ᠢ ᠬᠡᠦ ᠸᠧᠢ ᠸᠠᠩ ᠡᠷᠭᠦᠮᠵᠢᠯᠡᠭᠰᠡᠨ ᠪᠠᠢᠨ᠎ᠠ᠃ ᠮᠥᠨ ᠲᠡᠷᠡ ᠵᠢᠯ ᠳ᠋ᠦ᠍ ᠪᠠᠲᠤᠯᠠ ᠠᠷᠤᠭᠲᠠᠢ ᠲᠡᠢᠰᠢ ᠶ᠋ᠢ ᠳᠠᠢᠯᠠᠬᠤ ᠨᠡᠷ᠎ᠡ ᠭᠠᠷᠭᠠᠭᠰᠠᠨ ᠪᠣᠯᠪᠠᠴᠤ ᠤᠭ ᠰᠠᠨᠠᠭ᠎ᠠ ᠨᠢ ᠮᠢᠩ ᠦ᠋ᠨ ᠬᠢᠵᠠᠭᠠᠷ ᠲᠤ᠌ ᠣᠴᠢᠬᠤ ᠰᠠᠨᠠᠭ᠎ᠠ ᠲᠠᠢ ᠪᠠᠢᠵᠠᠢ᠃
   1414 ᠣᠨ ᠤ᠋ 3 ᠰᠠᠷ᠎ᠠ ᠳ᠋ᠤ᠌ ᠮᠢᠩ ᠤᠯᠤᠰ ᠤ᠋ᠨ ᠬᠠᠭᠠᠨ ᠥᠪᠡᠷ ᠲᠦ᠍ ᠪᠡᠨ ᠴᠡᠷᠢᠭ ᠳᠠᠢᠴᠢᠯᠠᠨ ᠣᠢᠷᠠᠳ ᠢ᠋ ᠳᠣᠪᠲᠣᠯᠵᠤ᠂ ᠲᠤᠰ ᠵᠢᠯ ᠦ᠋ᠨ6 ᠰᠠᠷ᠎ᠠ ᠳ᠋ᠤ᠌ ᠳᠡᠯᠪᠡᠭ ᠬᠠᠭᠠᠨ᠂ ᠪᠠᠲᠤᠯᠠ ᠴᠢᠩᠰᠠᠩ ᠨᠠᠷ ᠲᠤᠤᠯᠠ ᠭᠣᠣᠯ ᠤ᠋ᠨ ᠳᠡᠭᠡᠳᠦ ᠤᠷᠤᠰᠬᠠᠯ ᠳᠠᠭᠤ ᠬᠤᠯᠤ ᠬᠣᠰᠢᠭᠤ ᠭᠡᠳᠡᠭ ᠭᠠᠵᠠᠷ ᠲᠤ᠌ ᠮᠢᠩ ᠦ᠋ᠨ ᠴᠡᠷᠢᠭ ᠲᠡᠢ ᠪᠠᠢᠯᠳᠤᠵᠤ᠂ ᠣᠢᠷᠠᠳ ᠤ᠋ᠨ ᠴᠡᠷᠢᠭ᠂ ᠸᠠᠩ ᠤ᠋ᠨ ᠬᠥᠪᠡᠭᠦᠨ ᠠᠷᠪᠠ ᠭᠠᠷᠤᠢ ᠬᠥᠮᠦᠨ ᠠᠮᠢ ᠦᠷᠡᠭᠳᠡᠵᠦ᠂ ᠬᠡᠳᠦᠨ ᠮᠢᠩᠭᠠᠨ ᠴᠡᠷᠢᠭ ᠰᠦᠢᠷᠡᠵᠦ᠂ ᠠᠷᠭ᠎ᠠ ᠪᠤᠰᠤ ᠲᠡᠢᠨ ᠦ᠌ ᠲᠠᠯᠠᠪᠤᠷ ᠠ᠋ᠴᠠ ᠤᠬᠤᠷᠢᠵᠠᠢ᠃ ᠮᠢᠩ ᠤᠯᠤᠰ ᠤ᠋ᠨ ᠴᠡᠷᠢᠭ ᠤᠯᠠᠮ ᠬᠣᠢᠰᠢ ᠲᠠᠪᠰᠢᠵᠤ᠂ ᠲᠤᠤᠯᠠ ᠭᠣᠣᠯ ᠬᠦᠷᠦᠭᠡᠳ ᠭᠡᠳᠡᠷᠭᠦ ᠪᠤᠴᠠᠭᠰᠠᠨ ᠪᠠᠢᠨ᠎ᠠ᠃
   1415 ᠣᠨ ᠤ᠋ ᠴᠠᠭᠠᠨ ᠰᠠᠷ᠎ᠠ ᠳ᠋ᠤ᠌ ᠪᠠᠲᠤᠯᠠ ᠴᠢᠩᠰᠠᠩ ᠨᠠᠷ ᠢᠯᠴᠢ ᠲᠣᠮᠢᠯᠠᠨ ᠮᠢᠩ ᠤᠯᠤᠰ ᠲᠤ᠌ ᠣᠴᠢᠭᠤᠯᠤᠨ ᠲᠡᠳᠡᠨ ᠲᠡᠢ ᠠᠷᠭ᠎ᠠ ᠪᠤᠰᠤ ᠨᠠᠢᠷᠠᠮᠳᠠᠵᠠᠢ᠃ ᠡᠨᠡ ᠣᠨ ᠳ᠋ᠤ᠌ ᠳᠡᠯᠪᠡᠭ ᠬᠠᠭᠠᠨ ᠨᠠᠰᠤ ᠪᠠᠷᠠᠪᠠ᠃
   ᠳᠡᠯᠪᠡᠭ ᠬᠠᠭᠠᠨ1411— 1415 ᠣᠨ ᠬᠦᠷᠲᠡᠯ᠎ᠡ ᠳᠥᠩᠭᠡᠵᠦ5 ᠵᠢᠯ ᠬᠠᠭᠠᠨ ᠰᠢᠷᠡᠭᠡᠨ ᠳ᠋ᠦ᠍ ᠰᠠᠭᠤᠭᠠᠳ21 ᠨᠠᠰᠤᠲᠠᠢ ᠨᠠᠰᠤ ᠨᠥᠭᠴᠢᠪᠡ᠃
ᠢᠷᠡᠯᠲᠡ᠄
《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠨᠠᠢᠷᠠᠭᠤᠯᠤᠨ ᠰᠣᠩᠭᠣᠵᠤ ᠰᠡᠢᠷᠡᠭᠦᠯᠪᠡ᠃

   ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ