ᠮᠣᠳᠣᠨ ᠰᠤᠭᠰᠤᠷModon sogsorМодон согсор ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠳᠣᠨ ᠰᠤᠭᠰᠤᠷModon sogsorМодон согсор

ᠮᠣᠳᠣᠨ ᠰᠤᠭᠰᠤᠷModon sogsorМодон согсор

2025-10-16

185

ᠮᠣᠳᠣᠨ ᠰᠤᠭᠰᠤᠷ

   ᠲᠤᠰ ᠡᠮ ᠪᠣᠯ ᠮᠢᠨᠳᠠᠰᠤᠨ ᠬᠠᠯᠢᠰᠤᠲᠤ ᠮᠣᠳᠣᠨ ᠤ᠋ ᠢᠵᠠᠭᠤᠷ ᠤ᠋ᠨ ᠤᠷᠭᠤᠮᠠᠯ ᠪᠣᠯᠬᠤ ᠬᠣᠷᠣᠲᠤ ᠪᠣᠷᠣ ᠶ᠋ᠢᠨ ᠬᠠᠲᠠᠭᠠᠭᠰᠠᠨ ᠡᠰᠢᠨ ᠦ᠌ ᠳᠤᠷᠤᠰᠤ ᠮᠥᠨ᠃ ᠪᠠᠰᠠ ᠳ᠋ᠡᠪᠰᠧᠩ᠂ ᠮᠢᠨᠳᠠᠰᠤᠨ ᠬᠠᠯᠢᠰᠤᠲᠤ ᠮᠣᠳᠣ ᠭᠡᠳᠡᠭ᠃
   [ ᠤᠤᠯ ᠤᠷᠭᠤᠮᠠᠯ] ᠨᠠᠪᠴᠢ ᠵᠤᠯᠭᠠᠷᠠᠬᠤ ᠲᠤᠷᠤᠭ ᠮᠣᠳᠣ᠃ 20cm ᠥᠨᠳᠥᠷ᠂ ᠵᠢᠵᠢᠭ ᠰᠠᠯᠠᠭ᠎ᠠ ᠨᠢ ᠭᠢᠯᠦᠭᠡᠷ᠂ ᠰᠢᠷᠠᠩᠭᠤᠢ ᠬᠦᠷᠡᠩ ᠥᠩᠭᠡ ᠲᠡᠢ ᠪᠤᠶᠤ ᠨᠡᠯᠢᠶᠡᠳ ᠭᠦᠢᠬᠡᠨ ᠥᠩᠭᠡ ᠲᠡᠢ᠂ ᠢᠯᠲᠠᠰᠤᠯᠢᠭ ᠨᠤᠭᠤᠰᠤ ᠲᠠᠢ᠂ ᠬᠠᠯᠢᠰᠤ᠂ ᠮᠥᠴᠢᠷ᠂ ᠨᠠᠪᠴᠢᠨ ᠳ᠋ᠤᠨᠢ ᠪᠦᠷ ᠴᠠᠪᠠᠤᠯᠢᠭ ᠡᠳ᠋ ᠲᠡᠢ᠃ ᠳᠠᠩ ᠴᠡᠴᠡᠭ ᠲᠡᠢ᠂ ᠴᠤᠪᠤᠷᠠᠨ ᠤᠷᠭᠤᠨ᠎ᠠ᠂ ᠵᠤᠤᠪᠠᠩ ᠥᠨᠳᠡᠭᠡᠯᠵᠢᠨ ᠬᠡᠯᠪᠡᠷᠢ ᠲᠡᠢ᠂ 7~15cm ᠤᠷᠲᠤ᠂ 3.5~6.5cm ᠥᠷᠭᠡᠨ᠂ ᠱᠣᠪᠲᠣᠭᠣᠷ ᠦᠵᠦᠭᠦᠷ ᠲᠡᠢ᠃ ᠥᠷᠭᠡᠨ ᠱᠠᠭᠠᠨᠲᠠᠭ ᠤᠭ ᠲᠠᠢ᠂ ᠬᠢᠷᠥᠭᠡᠨ ᠰᠢᠳᠦᠲᠦ ᠬᠥᠪᠡᠭᠡ ᠲᠡᠢ᠂ ᠨᠢᠯᠬ᠎ᠠ ᠨᠠᠪᠴᠢᠨ ᠤ᠋ ᠥᠪᠥᠷ  ᠲᠤᠨᠢ ᠲᠠᠷᠠᠮᠠᠭ ᠵᠥᠭᠡᠯᠡᠨ ᠦᠰᠦ ᠲᠡᠢ᠂ ᠠᠷᠤ ᠳ᠋ᠠᠬᠢ ᠦᠰᠦ ᠨᠢ ᠨᠡᠯᠢᠶᠡᠳ ᠢᠬᠴᠤ᠂ ᠥᠲᠡᠯᠦᠭᠰᠡᠨ ᠨᠠᠪᠴᠢᠨ ᠤ᠋ ᠥᠪᠥᠷ ᠨᠢ ᠭᠥᠯᠢᠭᠡᠷ᠂ ᠠᠷᠤ ᠶ᠋ᠢᠨ ᠨᠠᠪᠴᠢᠨ ᠰᠤᠳᠠᠯ ᠢ᠋ᠶ᠋ᠠᠨ ᠳᠠᠭᠠᠭᠠᠳ ᠲᠠᠷᠠᠮᠠᠭ ᠦᠰᠦ ᠲᠡᠢ᠂ 1~2cm ᠤᠷᠲᠤ ᠪᠠᠷᠢᠭᠤᠯ ᠲᠠᠢ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷᠲᠡᠢ᠂ ᠨᠠᠪᠴᠢ ᠲᠠᠢ ᠪᠠᠨ ᠵᠡᠷᠭᠡᠪᠡᠷ ᠳᠡᠯᠭᠡᠷᠡᠬᠦ ᠪᠤᠶᠤ ᠨᠠᠪᠴᠢ ᠨᠢ ᠤᠷᠢᠳ ᠢ᠋ᠶ᠋ᠠᠷ ᠳᠡᠯᠭᠡᠷᠡᠨ᠎ᠡ᠃ ᠶᠡᠷᠦ ᠳ᠋ᠡᠭᠡᠨ ᠨᠢᠭᠡ ᠵᠢᠯ ᠤᠷᠭᠤᠭᠰᠠᠨ ᠮᠥᠴᠢᠷ ᠦ᠋ᠨ ᠤᠭ ᠳᠠᠬᠢ ᠪᠠᠭᠯᠠᠭᠴᠢ ᠢᠯᠲᠠᠰᠤᠨ ᠤ᠋ ᠰᠤᠭᠤᠨ ᠳ᠋ᠤ᠌ ᠳᠡᠯᠭᠡᠷᠡᠨ᠎ᠡ᠃ ᠴᠡᠴᠡᠭ ᠨᠢ ᠪᠠᠷᠢᠭᠤᠯ ᠲᠠᠢ᠂ ᠰᠢᠳᠠᠷ ᠦᠭᠡᠢ᠃ ᠡᠷ᠎ᠡ ᠴᠡᠴᠡᠭ ᠨᠢ 6~10 ᠡᠷ᠎ᠡ ᠲᠣᠭᠣᠷᠴᠣᠭ ᠲᠠᠢ᠂ ᠡᠮ᠎ᠡ ᠴᠡᠴᠡᠭ ᠨᠢ ᠨᠢᠴᠦᠭᠦᠨ ᠮᠥᠷᠲᠡᠭᠡᠨ ᠤᠷᠲᠤᠰᠤᠭᠰᠠᠨ ᠤᠮᠠᠢ ᠲᠠᠢ᠂ ᠤᠮᠠᠢ ᠨᠢ 1 ᠲᠠᠰᠤᠭ ᠲᠠᠢ᠂ ᠣᠷᠣᠢ ᠳ᠋ᠤᠨᠢ ᠠᠴᠠ ᠬᠡᠯᠪᠡᠷᠢᠲᠦ ᠴᠡᠴᠡᠭ ᠦ᠋ᠨ ᠪᠠᠭᠠᠨ᠎ᠠ ᠪᠣᠢ᠃ ᠳᠠᠯᠠᠪᠴᠢᠲᠤ ᠵᠢᠮᠢᠰ ᠨᠢ ᠥᠨᠳᠡᠭᠡᠯᠵᠢᠨ ᠤᠷᠲᠤᠯᠢᠭ ᠪᠥᠭᠡᠷᠡᠩᠬᠡᠢ ᠮᠥᠷᠲᠡᠭᠡᠨ ᠬᠠᠪᠲᠠᠭᠠᠢ᠂ ᠦᠵᠦᠭᠦᠷ ᠨᠢ ᠬᠣᠲᠣᠢᠭᠰᠠᠨ᠃ 4~5 ᠳ᠋ᠤᠭᠠᠷ ᠰᠠᠷ᠎ᠠ ᠳ᠋ᠤ᠌ ᠴᠡᠴᠡᠭᠯᠡᠵᠦ᠂ 9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠴᠠ ᠬᠢᠭᠡᠳ ᠲᠠᠷᠬᠠᠴᠠ] ᠠᠭᠤᠯᠠᠨ ᠣᠢ ᠳ᠋ᠤ᠌ ᠤᠷᠭᠤᠬᠤ ᠪᠤᠶᠤ ᠠᠷᠠᠴᠢᠯᠠᠨ ᠲᠠᠷᠢᠵᠤ ᠪᠠᠢᠨ᠎ᠠ᠃ ᠾᠧᠨᠠᠨ᠂ ᠱᠠᠨᠰᠢ᠂ ᠭᠠᠨᠰᠦ᠂ ᠬᠥᠬᠡᠮᠥ᠋ᠷᠡᠨ ᠦ᠌ ᠳᠤᠮᠳᠠ ᠤᠷᠤᠰᠬᠠᠯ ᠪᠣᠯᠤᠨ ᠡᠮᠦᠨ᠎ᠡ ᠣᠷᠣᠨ ᠤ᠋ ᠡᠯ᠎ᠡ ᠮᠣᠵᠢ ᠣᠷᠣᠨ ᠳ᠋ᠤ᠌ ᠨᠡᠢᠳᠡᠮ ᠠᠷᠠᠴᠢᠯᠠᠨ ᠲᠠᠷᠢᠵᠤ ᠪᠣᠢ᠃
   [ ᠲᠡᠭᠦᠵᠦ ᠪᠣᠯᠪᠠᠰᠤᠷᠠᠭᠤᠯᠬᠤ] ᠬᠠᠩᠰᠢ ᠠ᠋ᠴᠠ ᠵᠤᠨ ᠤ᠋ ᠲᠤᠢᠯ ᠤ᠋ᠨ ᠬᠣᠭᠣᠷᠣᠨᠳᠣ᠂ 15~20 ᠵᠢᠯ ᠡᠴᠡ ᠳᠡᠭᠡᠭᠰᠢ ᠤᠷᠭᠤᠭᠰᠠᠨ ᠮᠣᠳᠣ ᠶ᠋ᠢ ᠰᠣᠩᠭᠣᠵᠤ᠂ ᠡᠮ ᠦ᠋ᠨ ᠮᠠᠲ᠋ᠧᠷᠢᠶᠠᠯ ᠤ᠋ᠨ ᠪᠠᠷᠢᠮᠵᠢᠶ᠎ᠠ ᠪᠠᠷ ᠬᠠᠯᠢᠰᠤ ᠶ᠋ᠢ ᠨᠢ ᠱᠠᠭᠠᠯᠵᠤ ᠠᠪᠤᠭᠠᠳ᠂ ᠭᠠᠳᠠᠷ ᠠᠷᠵᠠᠭᠠᠷ ᠬᠠᠯᠢᠰᠤ ᠶ᠋ᠢ ᠨᠢ ᠬᠤᠰᠤᠵᠤ ᠬᠠᠶᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ᠂ ᠥᠴᠦᠬᠡᠨ ᠭᠤᠱᠤᠭᠤᠨ ᠠᠮᠲᠠ ᠲᠠᠢ; ᠲᠡᠭᠰᠢ ᠴᠢᠨᠠᠷ ᠲᠠᠢ; ᠵᠥᠭᠡᠯᠡᠨ᠂ ᠡᠶᠡᠯᠳᠡᠭ᠂ ᠬᠦᠨᠳᠦ᠂ ᠮᠣᠬᠣᠳᠠᠭ᠂ ᠬᠠᠭᠤᠷᠠᠢ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠶᠠᠰᠤ ᠶ᠋ᠢ ᠵᠠᠯᠭᠠᠬᠤ᠂ ᠬᠡᠮᠢ ᠶ᠋ᠢ ᠪᠠᠷᠢᠬᠤ᠂ ᠬᠠᠯᠠᠭᠤᠨ ᠢ᠋ ᠠᠷᠢᠯᠭᠠᠬᠤ ᠴᠢᠳᠠᠯ ᠲᠠᠢ᠃ ᠭᠣᠣᠯᠳᠠᠭᠤ ᠶᠠᠰᠤ ᠪᠡᠷᠲᠡᠭᠰᠡᠨ᠂ ᠶᠠᠰᠤᠨ ᠤ᠋ ᠬᠠᠯᠠᠭᠤᠨ᠂ ᠪᠦᠯᠡᠬᠡ ᠰᠢᠷᠪᠥᠰᠥ ᠲᠠᠰᠤᠷᠠᠭᠰᠠᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄杜仲
   ᠠᠩᠭ᠌ᠯᠢ ᠨᠡᠷ᠎ᠡ᠄Eucommia ulmoides Oliv.

   ᠦᠰᠦᠭ ᠠᠮᠢᠯᠠᠭᠤᠯᠤᠭᠴᠢ᠄ ᠡᠷᠳᠡᠨᠢᠭᠣᠸ᠎ᠠ
   ᠬᠢᠨᠠᠭᠴᠢ᠄ ᠤᠷᠠᠨᠴᠢᠮᠡᠭ