ᠶᠢᠷᠲᠢᠨᠴᠦ ᠶ᠋ᠢᠨ ᠬᠥᠬᠡ ᠮᠣᠳᠣᠨ ᠤ᠋ ᠳᠡᠷᠭᠡᠳᠡ-ᠰ·ᠬᠠᠰᠪᠠᠭᠠᠨ᠎ᠠYertöntsiin khökh modny derged-S·KhasbaanaЕртөнцийн хөх модны дэргэд-С·Хасбаана
ᠶᠢᠷᠲᠢᠨᠴᠦ ᠶ᠋ᠢᠨ ᠬᠥᠬᠡ ᠮᠣᠳᠣᠨ ᠤ᠋ ᠳᠡᠷᠭᠡᠳᠡ
ᠵᠣᠬᠢᠶᠠᠭᠴᠢ᠄ ᠰ· ᠬᠠᠰᠪᠠᠭᠠᠨ᠎ᠠ
ᠤᠶᠠᠩᠭᠠᠯᠠᠭᠴᠢ᠄ ᠤᠷᠠᠩᠬᠤᠸᠠᠷ
ᠶᠢᠷᠲᠢᠨᠴᠦ ᠶ᠋ᠢᠨ ᠬᠥᠬᠡ ᠮᠣᠳᠣᠨ ᠤ᠋ ᠳᠡᠷᠭᠡᠳᠡ
ᠬᠠᠢᠷ᠎ᠠ ᠶ᠋ᠢ ᠴᠢᠨᠢ ᠮᠠᠨᠠᠵᠤ ᠰᠠᠭᠤᠯ᠎ᠠ᠂
ᠶᠢᠷᠲᠢᠨᠴᠦ ᠶ᠋ᠢᠨ ᠬᠥᠬᠡ ᠮᠣᠳᠣᠨ ᠤ᠋ ᠳᠡᠷᠭᠡᠳᠡ
ᠨᠠᠮ᠎ᠠ ᠶ᠋ᠢ ᠣᠷᠬᠢᠭᠠᠳ ᠴᠢ ᠡᠭᠦᠯᠡ ᠬᠤᠪᠢᠯᠴᠢᠬᠠᠭᠰᠠᠨ᠃
ᠶᠢᠷᠲᠢᠨᠴᠦ ᠶ᠋ᠢᠨ ᠬᠥᠬᠡ ᠮᠣᠳᠣ ᠨᠠᠳᠠ ᠳ᠋ᠤ᠌
ᠴᠢᠨᠦ ᠬᠠᠢᠷ᠎ᠠ ᠳᠠᠬᠢᠵᠤ ᠢᠷᠡᠨ᠎ᠡ ᠭᠡᠰᠡᠨ
ᠶᠢᠷᠲᠢᠨᠴᠦ ᠶ᠋ᠢᠨ ᠬᠥᠬᠡ ᠮᠣᠳᠣᠨ᠎ᠠ
ᠬᠠᠢᠷ᠎ᠠ ᠢᠷᠡᠭᠡ ᠦᠭᠡᠢ ᠲᠣᠭᠣᠷᠤᠤ ᠢᠷᠡᠭᠰᠡᠨ᠃
ᠲᠣᠭᠣᠷᠤᠤ ᠨᠠᠳᠠ ᠳ᠋ᠤ᠌ ᠬᠠᠢᠷ᠎ᠠ ᠶ᠋ᠢᠨ ᠮᠣᠳᠣᠨ᠎ᠠ
ᠳᠤᠷᠠᠯᠠᠯ ᠢ᠋ᠶ᠋ᠠᠨ ᠮᠠᠨᠠᠵᠤ ᠭᠡᠭᠡᠷᠡᠬᠦ ᠰᠢᠳᠢ ᠥᠭᠭᠦᠭᠰᠡᠨ
ᠢᠨᠠᠭ ᠤ᠋ᠨ ᠦᠯᠢᠭᠡᠷ ᠰᠢᠭ ᠪᠣᠷᠣ ᠲᠣᠯᠣᠭᠠᠢ
ᠷᠣᠮᠠᠨᠲ᠋ᠢᠭ ᠶᠣᠰᠣᠭᠠᠷ ᠳᠠᠬᠢᠭᠠᠳ ᠢᠷ᠎ᠡ ᠭᠡᠵᠦ ᠳᠠᠯᠠᠯᠤᠭᠰᠠᠨ᠃
ᠪᠣᠷᠣ ᠲᠣᠯᠣᠭᠠᠢ ᠳᠡᠭᠡᠷ᠎ᠡ ᠪᠣᠯᠵᠣᠵᠤ ᠶᠠᠪᠤᠭᠰᠠᠨ ᠮᠥᠴᠡ ᠨᠦ᠍ᠭᠦᠳ
ᠪᠦᠷᠢᠳᠦ ᠶ᠋ᠢᠨ ᠳᠡᠷᠡᠰᠦᠨ᠎ᠡ ᠨᠠᠢᠭᠤᠵᠤ ᠶᠠᠪᠤᠭᠰᠠᠨ ᠢ᠋ ᠬᠦᠦᠷᠨᠢᠭᠰᠡᠨ
ᠪᠣᠷᠣ ᠲᠣᠯᠣᠭᠠᠢ ᠶ᠋ᠢᠨ ᠬᠢᠷᠠᠭᠤᠨ ᠴᠡᠴᠡᠭ ᠨᠠᠳᠠ ᠳ᠋ᠤ᠌
ᠴᠢᠨᠦ ᠬᠡᠯᠡ ᠪᠡᠷ ᠬᠠᠢᠷᠠᠲᠠᠢ ᠭᠡᠵᠦ ᠰᠢᠪᠡᠨᠡᠭᠰᠡᠨ᠃
ᠳᠤᠷᠠᠯᠠᠯ ᠤ᠋ᠨ ᠦᠯᠢᠭᠡᠷ ᠦ᠋ᠳ ᠲᠠᠩᠳᠠ
ᠰᠠᠨᠠᠬᠤ ᠶ᠋ᠢᠨ ᠰᠠᠢᠬᠠᠨ ᠢ᠋ ᠬᠥᠭᠵᠢᠮᠳᠡᠭᠰᠡᠨ
ᠪᠣᠷᠣᠭᠠᠨ ᠤ᠋ ᠡᠭᠦᠯᠡᠰ ᠲᠠᠩᠳᠠ ᠪᠣᠳᠣᠯ ᠪᠣᠯᠤᠭᠠᠳ ᠳᠡᠯᠭᠡᠭᠳᠡᠵᠦ
ᠪᠣᠷᠣᠭᠠᠨ ᠤ᠋ ᠳᠤᠮᠳᠠ ᠪᠢᠳᠡ ᠬᠣᠶᠠᠷ ᠰᠢᠭᠦᠷ ᠳᠣᠣᠷ᠎ᠠ ᠠᠯᠬᠤᠯᠠᠳᠠᠭ ᠠ᠋᠃
ᠬᠠᠢᠷ᠎ᠠ ᠶ᠋ᠢᠨ ᠰᠢᠪᠡᠨᠡᠭᠡ ᠲᠡᠢ ᠠᠷᠤ ᠴᠠᠢᠳᠠᠮ ᠳ᠋ᠤ᠌
ᠵᠡᠭᠡᠰᠦᠨ ᠰᠥᠯ ᠰᠡᠳᠬᠢᠯ ᠶᠦᠮ ᠰᠢᠭ ᠰᠡᠮᠡᠷᠡᠳᠡᠭ
ᠠᠩᠬᠠᠨ ᠤ᠋ ᠳᠤᠷᠠᠯᠠᠯ ᠤ᠋ᠨ ᠥᠴᠢᠭ ᠲᠠᠮᠤᠵᠤ
ᠨᠠᠮᠤᠷ ᠪᠢᠳᠡ ᠬᠣᠶᠠᠷ ᠬᠤᠨ ᠤ᠋ ᠳᠠᠭᠤᠨ ᠳ᠋ᠤ᠌ ᠡᠩᠰᠡᠷᠳᠡᠭ ᠠ᠋᠃
ᠰᠠᠨᠠᠬᠤ ᠭᠡᠳᠡᠭ ᠬᠠᠢᠷᠠᠯᠠᠬᠤ ᠶ᠋ᠢᠨ ᠨᠥᠭᠦᠭᠡ ᠤᠳᠬ᠎ᠠ᠂
ᠤᠳᠬ᠎ᠠ ᠶ᠋ᠢᠨ ᠭᠦᠨ ᠳ᠋ᠦ᠍ ᠨᠡᠪᠲᠡᠷᠡᠬᠦ ᠬᠡᠮᠡᠵᠦ ᠨᠢᠯᠪᠤᠰᠤ ᠬᠤᠪᠢᠯᠤᠭᠰᠠᠨ
ᠨᠢᠯᠪᠤᠰᠤ ᠮᠢᠨᠢ ᠲᠠᠩᠳᠠ ᠰᠡᠳᠬᠢᠯ ᠪᠣᠯᠤᠭᠠᠳ
ᠴᠡᠴᠡᠭ ᠦ᠋ᠨ ᠳᠡᠭᠡᠷ᠎ᠡ ᠰᠥᠨᠢ ᠶ᠋ᠢᠨ ᠰᠡᠷᠢᠭᠦᠨᠡ ᠤᠨᠠᠳᠠᠭ᠃
ᠴᠢᠨᠦ ᠨᠡᠷ᠎ᠡ ᠪᠡᠷ ᠬᠡᠭᠡᠷ᠎ᠡ ᠶ᠋ᠢᠨ ᠴᠡᠴᠡᠭ ᠢ᠋ ᠨᠡᠷᠡᠯᠡᠭᠰᠡᠨ
ᠲᠡᠷᠡ ᠴᠡᠴᠡᠭ ᠴᠢᠨᠦ ᠨᠢᠳᠦ ᠪᠡᠷ ᠨᠠᠮ᠎ᠠ ᠶ᠋ᠢ ᠰᠡᠮᠬᠡᠨ ᠰᠢᠷᠳᠡᠳᠡᠭ
ᠪᠣᠷᠣ ᠲᠣᠯᠣᠭᠠᠢ ᠶ᠋ᠢᠨ ᠰᠠᠯᠬᠢ ᠬᠠᠶᠠ ᠨᠠᠮ᠎ᠠ ᠶ᠋ᠢ ᠦᠨᠦᠰᠳᠡᠭ
ᠵᠦᠩ ᠢ᠋ᠶ᠋ᠡᠷ ᠢ᠋ᠶ᠋ᠡᠨ ᠪᠢ ᠴᠢᠮ᠎ᠠ ᠪᠠᠨ ᠭᠡᠵᠦ ᠮᠡᠳᠡᠷᠡᠳᠡᠭ ᠠ᠋᠃
ᠤᠳᠬ᠎ᠠ ᠭᠡᠳᠡᠭ ᠳᠠᠰᠤᠯᠴᠠᠬᠤ ᠶ᠋ᠢᠨ ᠭᠦᠨ ᠴᠢᠨᠠᠷ
ᠢᠨᠠᠭ ᠤ᠋ᠨ ᠮᠣᠳᠣᠨ᠎ᠠ ᠵᠢᠮᠢᠰ ᠪᠣᠯᠤᠭᠠᠳ ᠪᠦᠨᠵᠢᠭᠡᠨᠡᠳᠡᠭ
ᠬᠣᠷᠢᠭᠠᠲᠤ ᠵᠢᠮᠢᠰ ᠢ᠋ ᠵᠢᠷᠦᠬᠡ ᠭᠡᠮᠡᠨ ᠰᠢᠲᠦᠵᠦ
ᠬᠣᠶᠠᠷ ᠪᠡᠶ᠎ᠡ ᠮᠢᠨᠢ ᠬᠦᠴᠦᠲᠦ ᠳᠡᠷᠡᠰᠦᠨ ᠳ᠋ᠦ᠍ ᠰᠣᠭᠲᠣᠭᠰᠠᠨ᠃
ᠳᠠᠭᠠᠨ᠎ᠠ ᠶ᠋ᠢᠨ ᠶᠠᠭᠠᠨ ᠴᠡᠴᠡᠭ ᠬᠣᠭᠣᠯᠠᠢ ᠪᠦᠷᠬᠦᠨ ᠢᠨᠢᠶᠡᠵᠦ
ᠶᠠᠩᠵᠤ ᠶ᠋ᠢᠨ ᠬᠣᠣᠰ ᠡᠷᠪᠡᠬᠡᠢ ᠪᠢᠳᠡ ᠬᠣᠶᠠᠷ ᠰᠢᠭ᠋ ᠪᠥᠵᠢᠭᠰᠡᠨ
ᠲᠡᠷᠡ ᠵᠢᠯ ᠦ᠋ᠨ ᠵᠤᠨ ᠳᠡᠩᠳᠡᠭᠦᠦ ᠣᠬᠣᠷ ᠵᠤᠨ
ᠨᠢᠭᠡ ᠯᠡ ᠮᠡᠳᠡᠬᠦ ᠳ᠋ᠦ᠍ ᠨᠠᠮᠤᠷ ᠨᠠᠮ᠎ᠠ ᠶ᠋ᠢ ᠬᠤᠴᠢᠴᠢᠬᠠᠭᠰᠠᠨ᠃
ᠳᠤᠷᠠᠰᠤᠯ ᠤ᠋ᠨ ᠠᠭᠤᠯᠠᠨ ᠤ᠋ ᠣᠷᠭᠢᠯ ᠳᠠᠩᠴᠤ ᠥᠨᠳᠥᠷ
ᠣᠷᠭᠢᠯ ᠳᠡᠭᠡᠷ᠎ᠡ ᠨᠢ ᠴᠢᠨᠦ ᠬᠠᠢᠷ᠎ᠠ ᠪᠠᠢᠬᠤ ᠶ᠋ᠢ ᠰᠤᠪᠢᠨᠠ
ᠳᠤᠷᠠᠯᠠᠨ᠎ᠠ ᠭᠡᠳᠡᠭ ᠳᠡᠩᠳᠡᠭᠦᠦ ᠬᠠᠲᠠᠭᠤ ᠲᠠᠩᠭᠠᠷᠢᠭ
ᠲᠣᠭᠣᠷᠤᠤ ᠪᠢᠳᠡ ᠬᠣᠶᠠᠷ ᠬᠥᠬᠡ ᠮᠣᠳᠣᠨᠡ ᠬᠦᠯᠢᠶᠡᠨ᠎ᠡ᠃
ᠠᠯᠢ ᠡᠳᠦᠷ ᠴᠠᠰᠤ ᠪᠤᠷᠠᠵᠤ ᠮᠣᠳᠣ ᠬᠤᠴᠢᠭᠳᠠᠬᠤ ᠶ᠋ᠢ
ᠶᠡᠷᠦ ᠪᠤᠰᠤ ᠶ᠋ᠢᠨ ᠨᠢᠭᠡᠨ ᠪᠦᠷᠦᠢ ᠬᠠᠷᠠᠬᠤ ᠪᠣᠯᠤᠨ᠎ᠠ
ᠵᠢᠩᠬᠢᠨᠢ ᠬᠠᠢᠷ᠎ᠠ ᠶ᠋ᠢᠨ ᠰᠢᠳᠢᠲᠦ ᠳᠡᠷᠡᠰᠦᠨ ᠦ᠌ ᠦᠨᠡᠨ ᠴᠢᠨᠠᠷ ᠢ᠋
ᠪᠢᠰᠢᠯᠭᠠᠵᠤ ᠰᠠᠭᠤᠭᠰᠠᠨ ᠬᠥᠬᠡ ᠮᠣᠳᠣ ᠶᠠᠷᠢᠬᠤ ᠪᠣᠯᠤᠨ᠎ᠠ᠃
ᠶᠢᠷᠲᠢᠨᠴᠦ ᠶ᠋ᠢᠨ ᠬᠥᠬᠡ ᠮᠣᠳᠣ ᠭᠡᠳᠡᠭ ᠰᠡᠳᠬᠢᠯ ᠶᠤᠮ
ᠶᠡᠷᠦ ᠶ᠋ᠢᠨ ᠬᠥᠮᠦᠨ ᠮᠠᠨᠠᠵᠤ ᠡᠰᠡ ᠴᠢᠳᠠᠬᠤ ᠭᠠᠯ ᠶᠤᠮ
ᠶᠢᠷᠲᠢᠨᠴᠦ ᠶ᠋ᠢᠨ ᠬᠥᠬᠡ ᠮᠣᠳᠣ ᠭᠡᠳᠡᠭ ᠬᠠᠢᠷ᠎ᠠ ᠶ᠋ᠢᠨ ᠰᠠᠬᠢᠭᠤᠰᠤ ᠶᠤᠮ
ᠴᠢᠩ ᠦᠨᠡᠨ ᠢ᠋ ᠳᠠᠭᠤᠯᠠᠭᠰᠠᠨ ᠨᠠᠢᠮᠠᠳᠠᠬᠢ ᠨᠣᠲ ᠶᠤᠮ᠃
ᠶᠢᠷᠲᠢᠨᠴᠦ ᠶ᠋ᠢᠨ ᠬᠥᠬᠡ ᠮᠣᠳᠣ ᠭᠡᠳᠡᠭ ᠳᠤᠷᠠᠰᠤᠯ ᠶᠤᠮ
ᠰᠠᠨᠠᠬᠤ ᠶ᠋ᠢᠨ ᠰᠠᠢᠬᠠᠨ ᠢ᠋ ᠪᠢᠰᠢᠯᠭᠠᠭᠰᠠᠨ ᠭᠡᠷᠡᠯ ᠦ᠋ᠨ ᠴᠠᠮᠬᠠᠭ ᠶᠤᠮ
ᠶᠢᠷᠲᠢᠨᠴᠦ ᠶ᠋ᠢᠨ ᠬᠥᠬᠡ ᠮᠣᠳᠣ ᠭᠡᠳᠡᠭ ᠵᠢᠷᠦᠬᠡᠨ ᠦ᠌ ᠵᠤᠯᠠ ᠶᠤᠮ
ᠭᠡᠷᠡᠯ ᠭᠡᠭᠡ ᠨᠢ ᠶᠢᠷᠲᠢᠨᠴᠦ ᠶ᠋ᠢ ᠭᠡᠢᠭᠦᠯᠦᠭᠰᠡᠭᠡᠷ ᠪᠠᠢᠬᠤ ᠪᠣᠯᠤᠨ᠎ᠠ᠁
ᠦᠰᠦᠭ ᠠᠮᠢᠯᠠᠭᠤᠯᠤᠭᠴᠢ᠄ ᠣᠳᠬᠣᠨᠴᠡᠴᠡᠭ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ ᠪᠠᠭᠰᠢ᠄ ᠣᠳᠬᠠᠨᠰᠣ᠎ᠠ᠂ ᠨᠠᠷᠠᠨ