ᠭᠠᠪᠢᠷ᠎ᠠ ᠶ᠋ᠢᠨ ᠬᠠᠯᠢᠰᠤGavryn khalisГаврын хальс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠪᠢᠷ᠎ᠠ ᠶ᠋ᠢᠨ ᠬᠠᠯᠢᠰᠤGavryn khalisГаврын хальс

ᠭᠠᠪᠢᠷ᠎ᠠ ᠶ᠋ᠢᠨ ᠬᠠᠯᠢᠰᠤGavryn khalisГаврын хальс

2025-10-15

33

ᠭᠠᠪᠢᠷ᠎ᠠ ᠶ᠋ᠢᠨ ᠬᠠᠯᠢᠰᠤ

   ᠲᠤᠰ ᠡᠮ ᠪᠣᠯ ᠵᠢᠭᠠᠷᠲᠤ ᠮᠣᠳᠣᠨ ᠤ᠋ ᠢᠵᠠᠭᠤᠷ ᠤ᠋ᠨ ᠤᠷᠭᠤᠮᠠᠯ ᠪᠣᠯᠬᠤ ᠵᠢᠭᠠᠷᠲᠤ ᠭᠠᠪᠢᠷ᠎ᠠ ᠶ᠋ᠢᠨ ᠬᠠᠲᠠᠭᠠᠭᠰᠠᠨ ᠡᠰᠢᠨ ᠦ᠌ ᠳᠤᠷᠤᠰᠤ ᠮᠥᠨ᠃ ᠪᠠᠰᠠ ᠰᠢᠩᠼᠠ᠂ ᠳ᠋ᠣᠸᠠᠼᠠ ᠭᠡᠳᠡᠭ᠃
   [ ᠤᠤᠯ ᠤᠷᠭᠤᠮᠠᠯ] ᠮᠥᠩᠬᠡ ᠬᠥᠬᠥᠷᠡᠭᠴᠢ ᠲᠤᠷᠤᠭ ᠮᠣᠳᠣ᠃ ᠬᠣᠯᠲᠣᠰᠣ ᠨᠢ ᠴᠠᠢᠪᠤᠷ ᠬᠦᠷᠡᠩ ᠥᠩᠭᠡ ᠲᠡᠢ᠂ ᠠᠩᠬᠢᠯᠤᠮᠠᠯ ᠦᠨᠦᠷ ᠲᠡᠢ᠂ ᠨᠢᠯᠬ᠎ᠠ ᠮᠥᠴᠢᠷ ᠨᠢ ᠳᠥᠷᠪᠡᠯᠵᠢᠨ ᠰᠢᠭ᠂ ᠨᠠᠪᠴᠢ ᠨᠢ ᠴᠤᠪᠤᠷᠠᠨ ᠤᠷᠭᠤᠨ᠎ᠠ᠂ ᠰᠠᠷᠢᠰᠤᠯᠢᠭ᠂ ᠤᠷᠲᠤ ᠵᠤᠤᠪᠠᠩ ᠠ᠋ᠴᠠ ᠬᠠᠪᠲᠠᠭᠠᠢ ᠲᠡᠪᠡᠨᠡᠯᠢᠭ ᠬᠡᠯᠪᠡᠷᠢ ᠲᠡᠢ᠂8~17cm ᠤᠷᠲᠤ᠂3.5~6cm ᠥᠷᠭᠡᠨ᠂ ᠱᠣᠪᠬᠣ ᠦᠵᠦᠭᠦᠷ ᠲᠡᠢ᠂ ᠮᠤᠬᠤᠷ ᠤᠭ ᠲᠠᠢ᠂ ᠪᠦᠲᠦᠨ ᠬᠥᠪᠡᠭᠡ ᠲᠡᠢ᠂ ᠨᠠᠪᠴᠢᠨ ᠤ᠋ ᠥᠪᠥᠷ ᠨᠢ ᠨᠣᠭᠣᠭᠠᠨ᠂ ᠭᠢᠯᠦᠭᠡᠷ᠂ ᠠᠷᠤ ᠨᠢ ᠴᠠᠢᠪᠤᠷ ᠨᠣᠭᠣᠭᠠᠨ ᠥᠩᠭᠡ ᠲᠡᠢ᠂ ᠳᠡᠭᠡᠷ᠎ᠡ ᠨᠢ ᠨᠠᠷᠢᠨ ᠵᠥᠭᠡᠯᠡᠨ ᠦᠰᠦ ᠲᠡᠢ᠂ ᠭᠤᠷᠪᠠᠳᠠᠭᠰᠠᠨ ᠰᠤᠳᠠᠯ ᠨᠢ ᠠᠷᠤ ᠳ᠋ᠤᠨᠢ ᠭᠦᠳᠦᠢᠨ᠎ᠡ᠂ ᠨᠠᠷᠢᠨ ᠰᠤᠳᠠᠯ ᠨᠢ ᠬᠥᠨᠳᠡᠯᠡᠨ ᠢ᠋ᠶ᠋ᠡᠷ ᠵᠡᠷᠭᠡᠴᠡᠨ᠎ᠡ᠃ ᠨᠠᠪᠴᠢᠨ ᠪᠠᠷᠢᠭᠤᠯ ᠨᠢ ᠲᠤᠷᠤᠭ᠂1~2cm ᠤᠷᠲᠤ᠂ ᠱᠣᠷᠣᠯᠵᠢᠨ ᠬᠡᠯᠪᠡᠷᠢᠲᠦ ᠪᠠᠭ ᠴᠡᠴᠡᠭ ᠨᠠᠪᠴᠢᠨ ᠤ᠋ ᠥᠪᠥᠷ ᠪᠤᠶᠤ ᠣᠷᠣᠢ ᠣᠷᠴᠢᠮ ᠳᠡᠯᠭᠡᠷᠡᠨ᠎ᠡ᠂10~19cm ᠤᠷᠲᠤ᠂ ᠣᠬᠣᠷ ᠵᠥᠭᠡᠯᠡᠨ ᠦᠰᠦ ᠲᠡᠢ᠃ ᠴᠡᠴᠡᠭ ᠨᠢ ᠵᠢᠵᠢᠭ᠂ ᠳ᠋ᠢᠶᠠᠮᠧᠲ᠋ᠷ ᠨᠢ ᠪᠠᠷᠤᠭ3cm ᠪᠣᠢ᠃ ᠴᠡᠴᠡᠭ ᠦ᠋ᠨ ᠪᠠᠷᠢᠭᠤᠯ ᠨᠢ ᠪᠠᠷᠤᠭ5cm ᠤᠷᠲᠤ᠃ ᠴᠡᠴᠡᠭ ᠦ᠋ᠨ ᠰᠢᠳᠠᠷ ᠤ᠋ᠨ ᠬᠣᠭᠣᠯᠠᠢ ᠨᠢ ᠪᠠᠷᠤᠭ 2mm ᠤᠷᠲᠤ᠂6 ᠰᠡᠵᠢᠭᠦᠷ ᠢᠯᠲᠠᠰᠤ ᠲᠠᠢ᠂ ᠰᠢᠷᠠᠩᠭᠤᠢ ᠨᠣᠭᠣᠭᠠᠨ ᠥᠩᠭᠡ ᠲᠡᠢ᠂ ᠵᠤᠤᠪᠠᠩ ᠬᠡᠯᠪᠡᠷᠢ ᠲᠡᠢ᠂ ᠪᠠᠷᠤᠭ3mm ᠤᠷᠲᠤ᠂ ᠳᠣᠲᠣᠷ᠎ᠠ ᠭᠠᠳᠠᠷ ᠨᠢ ᠨᠢᠬ ᠣᠬᠣᠷ ᠵᠥᠭᠡᠯᠡᠨ ᠦᠰᠦ ᠲᠡᠢ᠃ ᠬᠥᠭᠵᠢᠯ ᠲᠡᠢ ᠡᠷ᠎ᠡ ᠲᠣᠭᠣᠷᠴᠣᠭ ᠨᠢ9 ᠪᠣᠢ᠂3 ᠮᠥᠷ ᠢ᠋ᠶ᠋ᠡᠷ ᠵᠡᠷᠭᠡᠴᠡᠨ᠎ᠡ᠃ ᠲᠣᠭᠣᠰᠣᠪᠴᠢ ᠨᠢ ᠤᠷᠲᠤᠯᠵᠢᠨ ᠲᠣᠭᠣᠷᠢᠭ ᠬᠡᠯᠪᠡᠷᠢ ᠲᠡᠢ᠂4 ᠲᠠᠰᠤᠭ ᠲᠠᠢ᠂ ᠬᠡᠯᠲᠡᠰᠯᠡᠨ ᠬᠠᠭᠠᠷᠠᠨ᠎ᠠ᠂ ᠭᠠᠳᠠᠷ2 ᠮᠥᠷ ᠴᠡᠴᠡᠭ ᠦ᠋ᠨ ᠳᠣᠬᠢᠭᠤᠷ ᠳᠡᠭᠡᠷ᠎ᠡ ᠨᠢ ᠪᠤᠯᠴᠢᠷᠬᠠᠢ ᠦᠭᠡᠢ᠂ ᠳᠣᠲᠣᠭᠰᠢ ᠬᠠᠨᠳᠤᠭᠰᠠᠨ ᠲᠣᠭᠣᠰᠣᠪᠴᠢ ᠲᠠᠢ᠂ ᠭᠤᠷᠪᠠᠳᠤᠭᠠᠷ ᠮᠥᠷ ᠳᠠᠬᠢ ᠡᠷ᠎ᠡ ᠲᠣᠭᠣᠷᠴᠣᠭ ᠨᠢ ᠭᠠᠳᠠᠭᠰᠢ ᠬᠠᠨᠳᠤᠨ᠎ᠠ᠃ ᠴᠡᠴᠡᠭ ᠦ᠋ᠨ ᠳᠣᠬᠢᠭᠤᠷ ᠤ᠋ᠨ ᠤᠭ ᠲᠤᠨᠢ2 ᠪᠤᠯᠴᠢᠷᠬᠠᠢ ᠲᠠᠢ᠂ ᠬᠠᠮᠤᠭ ᠳᠣᠲᠣᠷ᠎ᠠ ᠨᠢ ᠪᠠᠰᠠ1 ᠮᠥᠷ ᠳᠣᠷᠣᠢᠲᠠᠭᠰᠠᠨ ᠡᠷ᠎ᠡ ᠲᠣᠭᠣᠷᠴᠣᠭ ᠲᠠᠢ᠂ ᠲᠣᠭᠣᠰᠣᠪᠴᠢ ᠨᠢ ᠵᠢᠷᠦᠬᠡᠨ ᠬᠡᠯᠪᠡᠷᠢ ᠲᠡᠢ᠃ ᠡᠮ᠎ᠡ ᠲᠣᠭᠣᠷᠴᠣᠭ ᠨᠢ ᠡᠷ᠎ᠡ ᠲᠣᠭᠣᠷᠴᠣᠭ ᠠ᠋ᠴᠠ ᠪᠠᠨ ᠪᠠᠭ᠎ᠠ ᠣᠬᠣᠷ᠂ ᠤᠮᠠᠢ ᠨᠢ ᠵᠤᠤᠪᠠᠩ ᠬᠡᠯᠪᠡᠷᠢ ᠲᠡᠢ᠂1 ᠲᠠᠰᠤᠭ ᠲᠠᠢ ᠪᠥᠭᠡᠳ ᠬᠥᠪᠦᠷᠡᠯ ᠦ᠋ᠨ ᠨᠠᠬᠢᠶ᠎ᠠ ᠲᠠᠢ᠂ ᠴᠡᠴᠡᠭ ᠦ᠋ᠨ ᠪᠠᠭᠠᠨ᠎ᠠ ᠨᠢ ᠨᠠᠷᠢᠨ᠂ ᠤᠮᠠᠢ ᠲᠠᠢ ᠪᠠᠨ ᠪᠠᠷᠤᠭ ᠲᠡᠩᠴᠡᠭᠦᠦ ᠤᠷᠲᠤ᠂ ᠪᠠᠭᠠᠨ᠎ᠠ ᠶ᠋ᠢᠨ ᠠᠮᠠᠰᠠᠷ ᠨᠢ ᠵᠢᠭᠠᠬᠠᠨ ᠲᠠᠪᠠᠭᠯᠢᠭ᠃ ᠰᠢᠭᠦᠰᠦᠯᠢᠭ ᠵᠢᠮᠢᠰ ᠨᠢ ᠵᠤᠤᠪᠠᠩ ᠪᠤᠶᠤ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠦᠵᠦᠭᠦᠷ ᠨᠢ ᠵᠢᠭᠠᠬᠠᠨ ᠲᠡᠭᠰᠢᠷᠡᠮᠡᠭ ᠪᠦᠳᠡᠭᠢ ᠪᠣᠷᠣ ᠥᠩᠭᠡ ᠲᠡᠢ᠂ ᠪᠠᠷᠤᠭ12~13mm ᠤᠷᠲᠤ᠂ ᠭᠠᠳᠠᠷ ᠨᠢ ᠮᠥᠩᠬᠡ ᠣᠷᠣᠰᠢᠬᠤ ᠴᠡᠴᠡᠭ ᠦ᠋ᠨ ᠰᠢᠳᠠᠷ ᠲᠠᠢ᠃ ᠦᠷ᠎ᠡ ᠨᠢ ᠤᠷᠲᠤ ᠳᠥᠷᠪᠡᠯᠵᠢᠨ ᠬᠡᠯᠪᠡᠷᠢ ᠲᠡᠢ᠂ ᠪᠣᠷᠣ ᠥᠩᠭᠡ ᠲᠡᠢ᠃5~7 ᠳ᠋ᠤᠭᠠᠷ ᠰᠠᠷ᠎ᠠ ᠳ᠋ᠤ᠌ ᠴᠡᠴᠡᠭᠯᠡᠵᠦ᠂ ᠳᠠᠷᠠᠭ᠎ᠠ ᠵᠢᠯ ᠦ᠋ᠨ2~3 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠡᠯᠡᠰᠦ ᠪᠤᠶᠤ ᠠᠭᠤᠯᠠᠨ ᠭᠠᠵᠠᠷ ᠠᠷᠠᠴᠢᠯᠠᠨ ᠲᠠᠷᠢᠵᠤ ᠪᠣᠢ᠂ ᠹᠦᠵᠢᠶᠠᠨ᠂ ᠭᠤᠸᠠᠩᠳᠥ᠋ᠩ᠂ ᠭᠤᠸᠠᠩᠰᠢ᠂ ᠶᠦᠨᠨᠠᠨ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠶᠡᠷᠦ ᠳ᠋ᠡᠭᠡᠨ8~10 ᠳ᠋ᠤᠭᠠᠷ ᠰᠠᠷ᠎ᠠ ᠶ᠋ᠢᠨ ᠬᠣᠭᠣᠷᠣᠨᠳᠣ ᠵᠢᠭᠠᠷᠲᠤ ᠮᠣᠳᠣ ᠶ᠋ᠢ ᠰᠣᠩᠭᠣᠨ ᠵᠣᠬᠢᠬᠤ ᠥᠷᠭᠡᠨ ᠢ᠋ᠶ᠋ᠡᠷ ᠬᠠᠯᠢᠰᠤ ᠶ᠋ᠢ ᠨᠢ ᠱᠠᠭᠠᠯᠤᠨ ᠠᠪᠴᠤ ᠠᠳᠠᠯᠢ ᠪᠤᠰᠤ ᠪᠠᠷᠢᠮᠵᠢᠶ᠎ᠠ ᠪᠠᠷ ᠪᠣᠯᠪᠠᠰᠤᠷᠠᠭᠤᠯᠤᠨ᠎ᠠ᠃
   [ ᠠᠮᠲᠠ᠂ ᠴᠢᠨᠠᠷ ᠂ ᠡᠷᠳᠡᠮ] ᠠᠮᠲᠠᠯᠢᠭ᠂ ᠭᠤᠱᠤᠭᠤᠨ᠂ ᠡᠬᠡᠭᠦᠨ ᠳᠠᠪᠤᠰᠤᠯᠢᠭ ᠠᠮᠲᠠ ᠲᠠᠢ᠃ ᠬᠠᠯᠠᠭᠤᠨ ᠴᠢᠨᠠᠷ ᠲᠠᠢ᠂ ᠲᠣᠰᠣᠯᠢᠭ᠂ ᠬᠥᠩᠭᠡᠨ᠂ ᠬᠠᠭᠤᠷᠠᠢ᠂ ᠬᠤᠷᠴᠠ᠂ ᠬᠥᠯᠪᠡᠷᠢᠭᠥᠨ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠦᠢᠲᠡᠨ ᠬᠡᠢ ᠶ᠋ᠢ ᠠᠷᠢᠯᠭᠠᠬᠤ᠂ ᠢᠯᠴᠢ ᠶ᠋ᠢ ᠰᠡᠯᠪᠢᠬᠦ᠂ ᠰᠠᠭᠤᠯᠭᠠᠬᠤ ᠶ᠋ᠢ ᠵᠣᠭᠰᠣᠭᠠᠬᠤ᠂ ᠦᠭᠡᠷᠢ ᠶ᠋ᠢ ᠲᠠᠲᠠᠬᠤ ᠴᠢᠳᠠᠯ ᠲᠠᠢ᠃ ᠭᠣᠣᠯᠳᠠᠭᠤ ᠡᠯᠢᠭᠡ ᠬᠣᠳᠣᠭᠣᠳᠣᠨ ᠤ᠋ ᠬᠡᠢ ᠡᠪᠡᠳᠴᠢᠨ᠂ ᠡᠰᠡ ᠰᠢᠩᠭᠡᠭᠰᠡᠨ᠂ ᠨᠢᠷᠤᠭᠤ ᠬᠥᠯ ᠡᠪᠡᠳᠬᠦ᠂ ᠬᠦᠢᠲᠡᠨ ᠢ᠋ᠶ᠋ᠡᠷ ᠰᠠᠭᠤᠯᠭᠠᠬᠤ᠂ ᠴᠠᠭᠠᠨ ᠴᠢᠭᠡᠭ ᠠᠷᠪᠢᠳᠠᠬᠤ᠂ ᠠᠭᠤᠰᠬᠢᠨ ᠤ᠋ ᠥᠭᠡᠷᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄肉桂
    ᠠᠩᠭ᠌ᠯᠢ ᠨᠡᠷ᠎ᠡ᠄Cinnamomun cassia Presl.

   ᠦᠰᠦᠭ ᠠᠮᠢᠯᠠᠭᠤᠯᠤᠭᠴᠢ᠄ ᠲᠤᠤᠬᠤᠸᠠᠷ
   ᠬᠢᠨᠠᠭᠴᠢ᠄ ᠲᠤᠶᠠᠭ᠎ᠠ