ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ7(3) Шинэлам – 2-р бүлэг᠂ Өлзийжаргал– гялалзсан нэг нас 7(3) ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ7(3) Шинэлам – 2-р бүлэг᠂ Өлзийжаргал– гялалзсан нэг нас 7(3)

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ7(3) Шинэлам – 2-р бүлэг᠂ Өлзийжаргал– гялалзсан нэг нас 7(3)

ᠠᠩᠭᠢᠯᠠᠯ:ᠲᠡᠦᠬᠡ ᠰᠣᠶᠣᠯ
2025-10-13

179

ᠳᠣᠯᠣᠭ᠎ᠠ᠂ ᠭᠠᠳᠠᠭᠠᠳᠤ ᠳ᠋ᠤ᠌ ᠰᠤᠷᠤᠯᠴᠠᠬᠤ ᠪᠠᠷ ᠶᠠᠪᠤᠭᠰᠠᠨ ᠨᠢ

(ᠭᠤᠷᠪᠠ)᠂ ᠮᠣᠩᠭᠣᠯ ᠵᠥᠪᠯᠡᠯᠲᠦ ᠶᠢᠨ ᠳᠡᠮᠵᠢᠯᠭᠡ ᠳᠤᠰᠠᠯᠠᠮᠵᠢ ᠶᠢ ᠣᠯᠬᠤ ᠪᠠᠷ ᠪᠣᠯᠣᠭᠰᠠᠨ

      
       ᠰᠢᠨᠡᠯᠡᠮ᠎ᠡ ᠤᠯᠠᠭᠠᠨᠪᠠᠭᠠᠲᠤᠷ ᠲᠤ᠌ ᠰᠤᠷᠤᠯᠴᠠᠵᠤ ᠪᠠᠢᠬᠤ ᠬᠤᠭᠤᠴᠠᠭᠠᠨ ᠳ᠋ᠤ᠌ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠬᠤᠪᠢᠰᠬᠠᠯᠲᠤ ᠨᠠᠮ ᠳ᠋ᠤ᠌ ᠡᠯᠰᠡᠭᠳᠡᠪᠡ᠃ ᠲᠡᠷᠡ ᠮᠠᠷᠱᠸᠯ ᠴᠣᠢᠪᠠᠯᠰᠠᠩ ᠲᠠᠢ ᠲᠤᠢᠯ ᠤ᠋ᠨ ᠨᠥᠬᠥᠷᠰᠡᠭ ᠳᠣᠲᠣᠨᠣ ᠪᠠᠢᠵᠤ ᠣᠯᠠᠨ ᠤᠳᠠᠭᠠᠨ ᠤ᠋ ᠰᠤᠯᠠ ᠶᠠᠷᠢᠯᠴᠠᠭ᠎ᠠ ᠪᠠ ᠲᠥᠷᠥ ᠶ᠋ᠢᠨ ᠠᠭᠤᠯᠵᠠᠯᠲᠠ ᠪᠠᠷ ᠳᠡᠮᠵᠢᠵᠦ  ᠣᠷᠳᠣᠰ ᠤ᠋ᠨ ᠦᠦᠰᠢᠨ ᠬᠤᠰᠢᠭᠤᠨ ᠤ᠋ ᠳᠤᠭᠤᠢᠯᠠᠩ ᠤ᠋ᠨ ᠬᠤᠪᠢᠰᠬᠠᠯᠲᠤ ᠬᠥᠳᠡᠯᠭᠡᠭᠡᠨ ᠢ᠋ ᠳᠡᠮᠵᠢᠬᠦ ᠪᠡᠷ ᠰᠢᠨ᠎ᠡ  ᠮᠠᠶᠢᠭ ᠤ᠋ᠨ ᠮᠢᠩᠭᠠᠨ ᠶᠠᠪᠠᠭᠠᠨ ᠫᠤᠤ ᠪᠣᠯᠤᠨ ᠰᠤᠮᠤ ᠳᠠᠷᠢ ᠶ᠋ᠢ ᠵᠥᠪᠯᠡᠯᠲᠦ ᠬᠣᠯᠪᠣᠭᠠᠲᠤ ᠤᠯᠤᠰ ᠠ᠋ᠴᠠ ᠣᠷᠣᠭᠤᠯᠵᠤ ᠰᠢᠨᠠᠯᠠᠮ᠎ᠠ ᠳ᠋ᠤ᠌ ᠥᠭᠬᠦ ᠪᠡᠷ ᠶᠠᠷᠢᠯᠴᠠᠨ ᠲᠣᠭᠲᠠᠭᠰᠠᠨ ᠪᠠᠢᠨ᠎ᠠ᠃   
      ᠮᠠᠷᠱᠸᠯ ᠴᠣᠢᠪᠠᠯᠰᠠᠩ ᠰᠢᠨᠠᠯᠠᠮ᠎ᠠ ᠳ᠋ᠤ᠌ ᠵᠢᠭᠠᠪᠤᠷᠢᠯᠠᠭᠰᠠᠨ ᠤᠤᠯ ᠦᠭᠡ ᠶ᠋ᠢ ᠰᠡᠢᠷᠡᠭᠦᠯᠪᠡᠯ᠄《ᠲᠠᠨ ᠤ᠋ ᠠᠢᠮᠠᠭ ᠤᠷᠢᠳ ᠢ᠋ᠶ᠋ᠠᠷ ᠮᠢᠩᠭᠠᠨ ᠴᠡᠷᠢᠭ ᠦ᠋ᠨ ᠵᠡᠪᠰᠡᠭ ᠬᠡᠷᠡᠭᠯᠡᠯ ᠪᠠ ᠰᠤᠷᠭᠠᠭᠴᠢ ᠨᠠᠷ ᠢ᠋ ᠰᠠᠮ ᠢ᠋ᠶ᠋ᠠᠷ ᠠᠪᠠᠴᠢᠵᠤ᠂ ᠨᠤᠲᠤᠭ ᠤ᠋ᠨ ᠵᠠᠯᠠᠭᠤᠴᠤᠳ ᠢ᠋ᠶ᠋ᠠᠨ ᠪᠢᠴᠢᠭ ᠴᠡᠷᠢᠭ ᠦ᠋ᠨ ᠡᠷᠳᠡᠮ ᠳ᠋ᠦ᠍ᠷ ᠪᠣᠯᠪᠠᠰᠤᠷᠠᠭᠤᠯᠤᠨ ᠪᠡᠯᠡᠳᠬᠡᠵᠦ ᠬᠦᠴᠦᠨ ᠵᠢᠳᠬᠦᠵᠦ ᠨᠤᠲᠤᠭ ᠭᠠᠵᠠᠷ ᠢ᠋ᠶ᠋ᠠᠨ ᠡᠵᠡᠯᠡᠨ ᠵᠠᠬᠢᠷᠰᠤᠭᠠᠢ!》 ᠭᠡᠪᠡ᠃ ᠢᠩᠭᠢᠭᠡᠳ ᠤᠷᠢᠳ ᠢ᠋ᠶ᠋ᠠᠷ ᠮᠣᠩᠭᠣᠯ ᠤᠯᠤᠰ ᠠ᠋ᠴᠠ ᠬᠣᠶᠠᠷ ᠬᠥᠮᠦᠨ ᠢ᠋ ᠲᠣᠮᠢᠯᠠᠵᠤ ᠯᡁᠠᠮᠤᠵᠠᠪ  ᠤ᠋ᠨ ᠬᠠᠮᠲᠤ ᠦᠦᠰᠢᠨ ᠬᠣᠰᠢᠭᠤ ᠳ᠋ᠤ᠌ ᠶᠠᠪᠤᠭᠤᠯᠤᠭᠰᠠᠨ ᠭᠡᠨ᠎ᠡ᠃   
       ᠰᠢᠨᠡᠯᠡᠮ᠎ᠡ ᠯᠾᠠᠮᠤᠵᠠᠪ ᠢ᠋ᠶ᠋ᠠᠷ ᠨᠤᠲᠤᠭ ᠤ᠋ᠨ ᠠᠬ᠎ᠠ ᠳᠡᠭᠦᠦ ᠨᠠᠷ ᠲᠠᠭᠠᠨ ᠨᠢᠭᠡᠨ ᠬᠤᠪᠢ ᠤᠷᠲᠤ ᠵᠠᠬᠢᠳᠠᠯ ᠶᠠᠪᠤᠭᠤᠯᠵᠠᠢ᠃ ᠡᠨᠡ ᠬᠦ᠌ ᠵᠠᠬᠢᠳᠠᠯ ᠳ᠋ᠤ᠌᠄(᠁ ᠮᠠᠨ ᠤ᠋ ᠮᠡᠳᠡᠭᠦᠯᠦᠭᠰᠡᠨ ᠶᠣᠰᠣᠭᠠᠷ ᠪᠣᠢ ᠦᠭᠡᠢ ᠶ᠋ᠢ ᠮᠠᠭᠠᠳᠯᠠᠷ᠎ᠠ ᠬᠣᠶᠠᠷ ᠬᠥᠮᠦᠨ ᠮᠠᠨ ᠤ᠋ ᡀᠠᠮᠤᠵᠠᠪ ᠢ᠋ ᠳᠠᠭᠠᠭᠤᠯᠤᠨ ᠶᠠᠪᠤᠭᠤᠯᠤᠭᠰᠠᠨ ᠢ᠋ ᠬᠦᠷᠬᠦᠯ᠎ᠡ᠂ ᠲᠡᠷᠡ ᠳᠠᠷᠤᠢ ᠳ᠋ᠤᠨᠢ ᠣᠯᠠᠨ ᠳᠤᠭᠤᠢᠯᠠᠩ ᠢ᠋ᠶ᠋ᠠᠨ ᠴᠤᠭᠯᠠᠭᠤᠯᠤᠨ ᠡᠨᠡ ᠬᠣᠶᠠᠷ ᠬᠥᠮᠦᠨ ᠳ᠋ᠦ᠍ ᠮᠠᠨ ᠤ᠋ ᠮᠡᠳᠡᠭᠦᠯᠦᠭᠰᠡᠨ ᠡᠷᠭᠦᠯᠲᠡ ᠶ᠋ᠢᠨ ᠪᠠᠢᠳᠠᠯ ᠶᠣᠰᠣᠭᠠᠷ ᠮᠡᠳᠡᠭᠦᠯᠵᠦ᠂ ᠡᠷᠬᠢᠮ ᠬᠡᠷᠡᠭ ᠪᠦᠲᠦᠭᠡᠬᠦ ᠶ᠋ᠢ ᠠᠷᠠᠳ ᠠᠬ᠎ᠠ ᠳᠡᠭᠦᠦ ᠨᠡᠢᠲᠡ ᠳ᠋ᠦ᠍ᠷ ᠢᠲᠡᠭᠡᠮᠵᠢᠯᠡᠪᠡᠢ᠃ ᠡᠨᠡ ᠬᠣᠶᠠᠷ ᠬᠥᠮᠦᠨ ᠮᠠᠨ ᠤ᠋ ᠮᠡᠳᠡᠭᠦᠯᠦᠭᠰᠡᠨ ᠦ᠌ ᠶᠣᠰᠣᠭᠠᠷ ᠬᠡᠯᠡᠵᠦ ᠢᠷᠠᠪᠠᠰᠤ ᠪᠢᠳᠡ ᠨᠠᠷ ᠲᠤ᠌ ᠥᠭᠬᠦ ᠲᠤᠰᠠᠯᠠᠮᠵᠢ ᠪᠠ ᠪᠢᠳᠡᠨ ᠦ᠌ ᠬᠠᠮᠲᠤ ᠶ᠋ᠢ ᠬᠥᠳᠡᠯᠭᠡᠵᠦ ᠶᠠᠪᠤᠭᠤᠯᠬᠤ ᠪᠠᠷ ᠲᠣᠭᠲᠠᠭᠠᠵᠤ ᠪᠣᠢ ᠠᠮᠤᠢ》᠃   
       《ᠭᠠᠳᠠᠭᠠᠳᠤ ᠤᠯᠤᠰ ᠤ᠋ᠨ ᠲᠣᠭᠲᠠᠮᠵᠢ ᠠᠨᠤ᠄ ᠶᠠᠫᠣᠨ ᠠ᠋ᠴᠠ ᠬᠠᠯᠬ᠎ᠠ ᠪᠠ ᠥᠪᠥᠷ ᠵᠢᠷᠭᠤᠭᠠᠨ ᠴᠢᠭᠤᠯᠭᠠᠨ ᠬᠢᠭᠡᠳ ᠱᠧᠨᠶᠠᠩ ᠤ᠋ᠨ ᠬᠡᠳᠦᠨ ᠮᠣᠵᠢ ᠶ᠋ᠢ ᠬᠤᠪᠢᠶᠠᠨ ᠡᠵᠡᠯᠡᠬᠦ ᠪᠡᠷ ᠲᠣᠭᠲᠠᠭᠠᠭᠰᠠᠨ᠃ ᠡᠭᠦᠨ  ᠳ᠋ᠦ᠍ ᠶᠠᠫᠣᠨ  ᠪᠣᠯᠪᠠᠰᠤ ᠬᠡᠷᠴᠡᠭᠡᠢ ᠳᠣᠭᠰᠢᠨ ᠪᠥᠭᠡᠳ ᠪᠤᠷᠬᠠᠨ ᠱᠠᠰᠢᠨ ᠳ᠋ᠤᠷ ᠢᠯᠡᠷᠬᠡᠢ ᠬᠠᠷᠰᠢᠲᠠᠢ ᠠᠨᠤ ᠦᠵᠡᠭᠳᠡᠵᠦ ᠪᠣᠢ ᠶ᠋ᠢᠨ ᠳᠡᠭᠡᠷ᠎ᠡ᠂ ᠡᠳᠦᠭᠡ ᠰᠣᠯᠣᠩᠭᠣᠰ ᠤᠯᠤᠰ ᠢ᠋ ᠡᠵᠡᠯᠡᠭᠡᠳ᠂ ᠡᠷᠡᠰ ᠢ᠋ ᠢᠨᠦ ᠠᠳᠤᠭᠤᠰᠤᠨ ᠤ᠋ ᠠᠳᠠᠯᠢ ᠳᠣᠷᠣᠮᠵᠢᠯᠠᠨ ᠵᠠᠷᠤᠵᠤ ᠦᠬᠦᠭᠦᠯᠦᠭᠰᠡᠨ ᠪᠠ ᠤᠷᠭᠤᠭᠤᠯᠤᠨ ᠨᠤᠲᠤᠭ ᠲᠤᠷ ᠠᠨᠤ ᠣᠭᠲᠣ ᠡᠷ᠎ᠡ ᠬᠥᠮᠦᠨ ᠦᠭᠡᠢ ᠪᠣᠯᠭᠠᠵᠤ᠂ ᠡᠮᠡᠰ ᠪᠠ ᠭᠡᠷ ᠭᠠᠵᠠᠷ ᠢ᠋ ᠬᠡᠲᠦᠷᠬᠡᠢ ᠡᠵᠡᠯᠡᠭᠰᠡᠨ ᠢᠨᠦ ᠨᠡᠢᠲᠡ ᠳ᠋ᠦ᠍ᠷ ᠲᠣᠳᠣᠷᠬᠠᠢ ᠰᠣᠨᠣᠰᠳᠠᠮᠤᠢ᠃ ᠤᠷᠢᠳ ᠪᠤᠷᠢᠶᠠᠳ ᠤᠯᠤᠰ ᠣᠷᠣᠰ ᠢ᠋ ᠳᠠᠭᠠᠵᠤ ᠬᠡᠳᠦᠨ ᠵᠠᠭᠤᠨ ᠵᠢᠯ ᠪᠤᠷᠬᠠᠨ ᠱᠠᠰᠢᠨ ᠲᠠᠢ ᠪᠠᠢᠭᠠᠳ ᠡᠳᠦᠭᠡ ᠨᠡᠢᠰᠯᠡᠯ ᠬᠦᠷᠢᠶ᠎ᠡ ᠶ᠋ᠢ ᠳᠠᠭᠠᠵᠤ ᠪᠤᠷᠬᠠᠨ ᠱᠠᠰᠢᠨ ᠲᠠᠢ ᠪᠠᠢᠬᠤ ᠶ᠋ᠢ ᠦᠵᠡᠪᠡᠰᠦ ᠡᠳ᠋ ᠯᠦ᠍ᠭᠡ ᠨᠠᠢᠷᠠᠮᠳᠠᠬᠤ ᠬᠣᠯᠪᠣᠭ᠎ᠠ ᠲᠠᠢ ᠪᠣᠯᠪᠠᠰᠤ ᠪᠤᠰᠤ ᠤᠯᠤᠰ ᠢ᠋ ᠳᠠᠭᠠᠭᠰᠠᠨ ᠠ᠋ᠴᠠ ᠵᠢᠭᠠᠬᠠᠨ ᠳᠡᠭᠡᠷ᠎ᠡ ᠮᠡᠲᠦ᠂ ᠡᠢᠨ ᠬᠦ᠌ ᠪᠠᠢᠭᠰᠠᠭᠠᠷ ᠬᠣᠵᠢᠮ ᠬᠦᠴᠦᠷᠬᠡᠨ ᠪᠤᠯᠢᠶᠠᠯᠳᠤᠨ ᠡᠵᠡᠯᠡᠬᠦᠢ ᠳ᠋ᠦ᠍ᠷ  ᠬᠦᠷᠪᠡᠰᠦ ᠰᠣᠯᠣᠩᠭᠣᠰ ᠤᠯᠤᠰ ᠮᠡᠲᠦ ᠪᠣᠯᠪᠠᠰᠤ ᠲᠤᠩ ᠴᠤ᠌ ᠲᠤᠰᠠ ᠦᠭᠡᠢ  ᠪᠣᠯᠬᠤ ᠮᠡᠲᠦ ᠶ᠋ᠢ ᠢᠯᠡᠳᠬᠡᠶ᠎ᠡ᠃ ᠵᠦᠢ ᠢᠨᠦ ᠮᠠᠨ ᠤ᠋ ᠠᠷᠠᠳ ᠤ᠋ᠨ ᠳᠤᠭᠤᠢᠯᠠᠩ ᠤᠷᠢᠳ ᠠ᠋ᠴᠠ ᠴᠢᠩᠭ᠎ᠠ ᠳᠤᠭᠤᠢᠯᠠᠵᠤ᠂ ᠴᠢᠭᠤᠯᠭᠠᠨ ᠤ᠋ ᠲᠡᠷᠢᠭᠦᠨ ᠵᠠᠰᠠᠭ ᠨᠣᠶᠠᠨ ᠲᠦᠰᠢᠮᠡᠳ ᠲᠠᠢᠵᠢ ᠶᠠᠮᠤᠲᠠᠳ ᠪᠠ ᠶᠦᠩ ᠾᠧ ᠬᠦᠩ᠂ ᠲᠤᠯᠤᠨ ᠨᠠᠭᠤᠷ ᠤ᠋ᠨ ᠯᠠᠮᠠ ᠨᠠᠷ ᠤ᠋ᠨ ᠠᠯᠢᠪᠠ ᠣᠯᠠᠨ ᠵᠠᠯᠠᠨ ᠶᠠᠮᠤᠲᠠᠳ ᠪᠠ ᠪᠢᠴᠢᠭᠡᠴᠢ ᠨᠠᠷ ᠤ᠋ᠳ ᠢ᠋ ᠴᠥᠮ ᠳᠤᠭᠤᠢᠯᠠᠩ ᠳ᠋ᠤᠷ ᠣᠷᠣᠭᠤᠯᠵᠤ᠂ ᠨᠢᠭᠡᠨ ᠬᠥᠮᠦᠨ ᠢ᠋ᠶ᠋ᠡᠷ ᠳᠠᠷᠤᠭ᠎ᠠ ᠲᠠᠯᠪᠢᠵᠤ ᠵᠠᠬᠢᠷᠭᠠᠨ᠂ ᠠᠷᠠᠳ ᠤ᠋ᠨ ᠵᠠᠰᠠᠭ ᠢ᠋ ᠬᠥᠭᠵᠢᠭᠦᠯᠵᠦ ᠠᠷᠠᠳ ᠪᠢᠳᠡ ᠡᠷᠬᠡ ᠴᠢᠯᠥᠭᠡ ᠲᠡᠢ ᠪᠣᠯᠵᠤ ᠳᠡᠭᠡᠳᠦᠰ ᠳᠣᠣᠷᠠᠳᠤᠰ ᠬᠡᠮᠡᠬᠦ ᠦᠭᠡᠢ ᠪᠣᠯ ᠨᠣᠶᠠᠳ ᠲᠠᠢᠵᠢ ᠲᠦᠰᠢᠮᠡᠳ ᠨᠡᠢᠲᠡ ᠪᠡᠷ ᠨᠢᠭᠡᠨ ᠠᠳᠠᠯᠢ ᠠᠯᠪᠠᠨ ᠬᠦᠯᠢᠶᠡᠵᠦ ᠠᠵᠤ ᠲᠥᠷᠥᠵᠦ᠂ ᠠᠷᠠᠳ ᠤ᠋ᠨ ᠵᠠᠰᠠᠭ ᠤ᠋ᠨ ᠵᠢᠷᠤᠮ ᠯᠤᠭ᠎ᠠ ᠨᠢᠭᠡᠳᠬᠡᠬᠦ ᠶ᠋ᠢ ᠡᠷᠬᠢᠮ ᠪᠣᠯᠭᠠᠶ᠎ᠠ᠃ ᠁ ᠪᠠᠰᠠ< ᠦᠨᠳᠦᠰᠦᠨ ᠬᠠᠤᠯᠢ> ᠪᠠ< ᠬᠤᠷᠢᠶᠠᠩᠭᠤᠢ ᠲᠡᠦᠬᠡ> ᠬᠡᠮᠡᠬᠦ ᠳᠥᠷᠪᠡᠨ ᠳᠡᠪᠲᠡᠷ ᠢ᠋ ᠥᠭᠴᠦ ᠶᠠᠪᠤᠭᠤᠯᠤᠯ᠎ᠠ᠂ ᠪᠤᠰᠤᠳ ᠲᠤ᠌ ᠦᠵᠡᠭᠦᠯᠵᠦ ᠶᠡᠷᠦ ᠵᠠᠳᠠᠷᠠᠭᠤᠯᠵᠤ ᠦᠯᠦ   ᠪᠣᠯᠤᠮᠤᠢ᠁ ᠵᠣᠷᠢᠭᠰᠠᠨ ᠢ᠋ᠶ᠋ᠠᠷ ᠡᠭᠦᠷ ᠦ᠋ᠨ ᠬᠤᠷᠠᠯ ᠢ᠋ ᠪᠦᠲᠦᠭᠡᠪᠡᠰᠦ ᠲᠦᠰᠢᠭ ᠲᠤᠰᠠᠯᠠᠮᠵᠢ ᠬᠦᠷᠴᠦ ᠢᠷᠡᠬᠦ ᠡᠴᠡ ᠢᠨᠠᠷᠤ᠂ ᠡᠵᠡᠷᠬᠡᠭ ᠬᠠᠷᠭᠢᠰ ᠠ᠋ᠴᠠ ᠰᠠᠢᠲᠤᠷ ᠰᠡᠷᠡᠮᠵᠢᠯᠡᠬᠦ ᠶ᠋ᠢᠨ ᠬᠠᠮᠲᠤ ᠶ᠋ᠢ ᠰᠠᠨᠠᠭᠤᠯᠤᠨ ᠡᠭᠦᠨ ᠦ᠌ ᠲᠤᠯᠠ ᠮᠡᠳᠡᠭᠳᠡᠪᠡ᠃  
           ᠬᠥᠬᠡᠭᠴᠢᠨ ᠦᠬᠡᠷ ᠵᠢᠯ ᠦ᠋ᠨ ᠬᠣᠶᠠᠳᠤᠭᠠᠷ ᠰᠠᠷ᠎ᠠ ᠶ᠋ᠢᠨ ᠬᠣᠷᠢᠨ ᠨᠠᠢᠮᠠᠨ᠎ᠠ》  
 
       ᠲᠤᠬᠠᠢ ᠶ᠋ᠢᠨ ᠦᠶ᠎ᠡ  ᠳ᠋ᠦ᠍ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠴᠤ᠌ ᠤᠯᠤᠰ ᠲᠥᠷᠥ᠂ ᠠᠵᠤ ᠠᠬᠤᠢ᠂ ᠴᠡᠷᠢᠭ ᠦ᠋ᠨ ᠶᠠᠪᠤᠳᠠᠯ᠂ ᠪᠠᠷᠢᠯᠭ᠎ᠠ ᠪᠦᠲᠦᠭᠡᠨ ᠪᠠᠢᠭᠤᠯᠤᠯᠲᠠ᠂ ᠰᠣᠶᠣᠯ ᠰᠤᠷᠭᠠᠨ ᠬᠥᠮᠦᠵᠢᠯ ᠵᠡᠷᠭᠡ ᠣᠯᠠᠨ ᠲᠠᠯ᠎ᠠ ᠪᠠᠷ ᠵᠥᠪᠯᠡᠯᠲᠦ ᠬᠣᠯᠪᠣᠭᠠᠲᠤ ᠤᠯᠤᠰ ᠢ᠋ ᠲᠦᠰᠢᠭᠯᠡᠵᠦ ᠲᠡᠳᠡᠨ ᠲᠡᠢ ᠨᠥᠬᠥᠷᠰᠡᠭ ᠪᠠᠢᠵᠤ ᠭᠤᠷᠪᠠᠳᠤᠭᠠᠷ ᠢᠨᠲ᠋ᠧᠷᠨᠠᠼᠢᠣᠨᠠᠯ ᠤ᠋ᠨ ᠲᠤᠰᠠᠯᠠᠮᠵᠢ ᠲᠡᠳᠬᠦᠮᠵᠢ ᠶ᠋ᠢ ᠣᠯᠬᠤ ᠬᠡᠷᠡᠭᠲᠡᠢ ᠪᠠᠢᠭᠰᠠᠨ ᠲᠤᠯᠠ ᠮᠠᠷᠱᠧᠯ ᠴᠣᠢᠪᠠᠯᠰᠠᠩ ᠤ᠋ᠨ ᠬᠡᠯᠡᠭᠰᠡᠨ ᠦᠭᠡ《ᠬᠤᠷᠠᠴᠢᠯᠠᠨ ᠪᠠᠭᠤᠵᠤ ᠶᠣᠰᠣᠴᠢᠯᠠᠨ ᠪᠦᠲᠦᠬᠦ》 ᠪᠠᠲᠤ ᠢᠲᠡᠭᠡᠯ ᠲᠡᠢ ᠪᠠᠢᠵᠠᠢ᠃ 
       ᠰᠢᠨᠡᠯᠡᠮ᠎ᠡ ᠮᠣᠩᠭᠣᠯ ᠤᠯᠤᠰ ᠲᠤ᠌ ᠰᠤᠷᠤᠯᠴᠠᠵᠤ ᠪᠠᠢᠭ᠎ᠠ ᠬᠤᠭᠤᠴᠠᠭᠠᠨ ᠳ᠋ᠤ᠌《ᠵᠡᠪᠰᠡᠭ ᠡᠴᠡ ᠵᠠᠰᠠᠭ ᠤ᠋ᠨ ᠡᠷᠬᠡ ᠶ᠋ᠢ ᠲᠡᠮᠡᠴᠡᠨ ᠣᠯᠬᠤ》 ᠶᠣᠰᠣ ᠤᠴᠢᠷ ᠢ᠋ ᠨᠡᠩ ᠰᠠᠢᠨ ᠣᠢᠯᠠᠭᠠᠭᠰᠠᠨ ᠠ᠋ᠴᠠ ᠤᠯᠤᠰ ᠲᠠᠭᠠᠨ ᠪᠤᠴᠠᠵᠤ ᠴᠡᠷᠢᠭ ᠵᠡᠪᠰᠡᠭ ᠢ᠋ ᠠᠳᠬᠤᠵᠤ ᠮᠠᠯᠴᠢᠳ ᠢ᠋ᠶ᠋ᠠᠨ ᠵᠣᠬᠢᠶᠠᠨ ᠪᠠᠢᠭᠤᠯᠬᠤ ᠪᠠᠷ ᠰᠢᠭᠤᠳᠴᠠᠢ᠃1925 ᠣᠨ ᠤ᠋2 ᠰᠠᠷ᠎ᠠ ᠳ᠋ᠤ᠌᠂ ᡀᠠᠮᠤᠵᠠᠪ ᠠᠵᠢᠯ ᠤ᠋ᠨ ᠬᠡᠷᠡᠭᠴᠡᠭᠡ ᠱᠠᠭᠠᠷᠳᠠᠯᠭ᠎ᠠ ᠠ᠋ᠴᠠ ᠪᠣᠯᠵᠤ᠂ ᠰᠢᠨᠡᠯᠡᠮ᠎ᠡ ᠶ᠋ᠢᠨ ᠳᠤᠭᠤᠢᠯᠠᠩ ᠤ᠋ᠨ ᠨᠥᠬᠥᠳ ᠲᠡᠭᠡᠨ ᠥᠭᠭᠦᠭᠰᠡᠨ ᠨᠢᠭᠡᠨ ᠬᠤᠪᠢ ᠵᠠᠬᠢᠳᠠᠯ ᠢ᠋ ᠠᠪᠴᠤ ᠮᠣᠩᠭᠣᠯ ᠤ᠋ᠨ ᠬᠣᠶᠠᠷ ᠬᠥᠮᠦᠨ ᠲᠡᠢ ᠬᠠᠮᠲᠤ ᠦᠦᠰᠢᠨ ᠬᠤᠰᠢᠭᠤᠨ ᠳ᠋ᠤ᠌ ᠤᠷᠢᠳᠴᠢᠯᠠᠨ ᠪᠤᠴᠠᠵᠤ ᠢᠷᠡᠵᠡᠢ᠃ ᠪᠤᠰᠤᠳ ᠨᠥᠬᠥᠳ ᠨᠢ ᠦᠷᠭᠦᠯᠵᠢᠯᠡᠨ ᠰᠤᠷᠤᠯᠴᠠᠵᠤ᠂  ᠰᠤᠷᠤᠯᠴᠠᠯᠭ᠎ᠠ ᠶ᠋ᠢᠨ ᠴᠢᠯᠥᠭᠡ ᠵᠠᠪᠰᠠᠷ ᠲᠤ᠌  ᠡᠮᠡᠭᠲᠡᠢᠴᠦᠳ ᠨᠢ ᠦᠢᠯᠡ ᠤᠲᠠᠰᠤ ᠣᠶᠣᠬᠤ᠂ ᠡᠷᠡᠭᠲᠡᠢᠴᠦᠳ ᠨᠢ ᠪᠤᠰᠤᠳ ᠲᠤ᠌ ᠠᠵᠢᠯ ᠬᠠᠪᠰᠤᠷᠬᠤ ᠵᠡᠷᠭᠡ ᠪᠡᠷ ᠪᠡᠶ᠎ᠡ ᠶ᠋ᠢᠨ ᠬᠥᠳᠡᠯᠮᠦᠷᠢ ᠳ᠋ᠦ᠍ ᠣᠷᠣᠯᠴᠠᠵᠤ᠂ ᠣᠯᠤᠭᠰᠠᠨ ᠬᠠᠷᠠᠮᠵᠢ ᠵᠣᠭᠣᠰ ᠢ᠋ᠶ᠋ᠠᠨ ᠰᠤᠷᠤᠯᠭ᠎ᠠ ᠳ᠋ᠠᠭᠠᠨ ᠵᠠᠷᠤᠴᠠᠭᠤᠯᠳᠠᠭ ᠲᠤᠯᠠ ᠮᠣᠩᠭᠣᠯ ᠤ᠋ᠨ ᠬᠢᠨ ᠦ᠌ ᠰᠠᠢᠰᠢᠶᠠᠯ ᠮᠠᠭᠲᠠᠭᠠᠯ ᠢ᠋ ᠣᠯᠤᠭᠰᠠᠨ ᠪᠠᠢᠵᠠᠢ᠃ 
       1925 ᠣᠨ ᠤ᠋ ᠨᠠᠮᠤᠷ ᠰᠢᠨᠠᠯᠠᠮ᠎ᠠ ᠭᠤᠷᠪᠠᠳᠤᠭᠠᠷ ᠢᠨᠲ᠋ᠧᠷᠨᠠᠼᠢᠣᠨᠠᠯ ᠤ᠋ᠨ ᠵᠢᠭᠠᠪᠤᠷᠢ ᠪᠠᠷ ᠪᠤᠰᠤᠳ ᠨᠥᠬᠥᠳ ᠪᠣᠯᠤᠨ ᠵᠡᠭᠦᠨᠭᠠᠷ ᠬᠤᠰᠢᠭᠤᠨ ᠤ᠋ ᠴᠢ ᠰᠧ ᠵᠢᠶᠦ᠋ᠨ(ᠷᠠᠪᠳᠠᠨ) ᠲᠠᠢ ᠬᠠᠮᠲᠤ ᠪᠠᠷ ᠤᠯᠤᠰ ᠲᠠᠭᠠᠨ ᠪᠤᠴᠠᠵᠤ ᠢᠷᠡᠵᠡᠢ᠃①   

— — — — 
① ᠬᠠᠯᠬ᠎ᠠ ᠳ᠋ᠤ᠌ ᠰᠤᠷᠤᠯᠴᠠᠬᠤ ᠪᠠᠷ ᠶᠠᠪᠤᠭᠰᠠᠳ ᠤ᠋ᠨ ᠨᠢᠭᠡ ᠪᠣᠯᠬᠤ ᠳᠠᠨᠽᠠᠨ ᠪᠣᠯ ᠥᠨᠥ ᠶ᠋ᠢᠨ ᠭᠠᠯᠠᠭᠤᠲᠤ ᠰᠤᠮᠤᠨ ᠤ᠋ ᠬᠥᠬᠡᠨᠠᠭᠤᠷ ᠭᠠᠴᠠᠭᠠᠨ ᠤ᠋ ᠭᠠᠵᠠᠷ ᠲᠤ᠌ ᠪᠠᠢᠭ᠎ᠠ ᠰᠢᠨᠡᠰᠦᠮ᠎ᠡ ᠶ᠋ᠢᠨ ᠬᠡᠷᠡᠭ ᠮᠡᠳᠡᠭᠴᠢ ᠯᠠᠮᠠ ᠪᠠᠢᠭᠰᠠᠨ ᠶᠤᠮ᠃ ᠮᠢᠨᠦ ᠠᠪᠠᠢ ᠳᠠᠮᠪᠢᠨᠢᠮ᠎ᠠ ᠪᠣᠯ ᠮᠥᠨ ᠰᠢᠨᠡᠰᠦ᠋ᠮ᠎ᠡ ᠶ᠋ᠢᠨ ᠯᠠᠮᠠ ᠪᠠᠢᠵᠤ᠂ ᠳᠠᠨᠽᠠᠨ ᠤ᠋ ᠰᠢᠨᠠᠯᠠᠮ᠎ᠠ ᠲᠠᠢ ᠬᠠᠮᠲᠤ ᠮᠣᠩᠭᠣᠯ ᠤᠯᠤᠰ ᠲᠤ᠌ ᠰᠤᠷᠤᠯᠴᠠᠬᠤ ᠪᠠᠷ ᠶᠠᠪᠤᠭᠰᠠᠨ ᠢ᠋ᠶ᠋ᠠᠨ ᠡᠷᠭᠢᠴᠡᠭᠦᠯᠦᠨ ᠶᠠᠷᠢᠳᠠᠭ ᠢ᠋ ᠦᠷᠭᠦᠯᠵᠢ ᠰᠣᠨᠣᠰᠴᠤ ᠪᠠᠢᠵᠠᠢ᠃ ᠪᠢ ᠠᠪᠠᠢ ᠶ᠋ᠢᠨ ᠢ᠋ᠶ᠋ᠡᠨ ᠶᠠᠷᠢᠭᠰᠠᠨ ᠢ᠋ ᠦᠨᠳᠦᠰᠦᠯᠡᠵᠦ ᠲᠤᠰ ᠠᠭᠤᠯᠭ᠎ᠠ ᠶ᠋ᠢ ᠨᠠᠢᠷᠠᠭᠤᠯᠪᠠ᠃  

          ᠦᠰᠦᠭ ᠠᠮᠢᠯᠠᠭᠤᠯᠤᠭᠴᠢ᠄ ᠪᠠᠯ᠂ ᠣᠶᠤᠨᠪᠠᠲᠤ᠂ ᠰᠠᠷᠠᠨᠲᠤᠶᠠᠭ᠎ᠠ᠂ ᠣᠶᠤᠨᠪᠢᠯᠢᠭ᠌  
             ᠬᠢᠨᠠᠭᠴᠢ᠄ ᠣᠳᠬᠣᠨᠴᠡᠴᠡᠭ