ᠲᠡᠮᠦᠵᠢᠨ – ᠣᠯᠣᠭᠠᠢ ᠬᠠᠭᠠᠷᠠᠪᠠᠴᠤ ᠲᠣᠭᠣᠭᠠᠨ ᠲᠣᠲᠣᠷ᠎ᠠ - ᠴᠢᠩᠭᠢᠰ ᠬᠠᠭᠠᠨ ᠊ᠤ᠌ ᠨᠢᠭᠤᠴᠠ ᠲᠡᠦᠬᠡ 27 Тэмүүжин – Олгой хагаравч тогоон дотор - Чингис хаан оо нууц түүх 27
ᠲᠡᠮᠦᠵᠢᠨ –
ᠣᠯᠣᠭᠠᠢ ᠬᠠᠭᠠᠷᠠᠪᠠᠴᠤ ᠲᠣᠭᠣᠭᠠᠨ ᠲᠣᠲᠣᠷ᠎ᠠ
| ᠬᠠᠭᠠᠨ ᠲᠠ ᠬᠥᠪᠡᠭᠦᠳ ᠦ᠋ᠨ ᠢ᠋ᠶ᠋ᠡᠨ ᠦᠭᠡ ᠶ᠋ᠢ ᠰᠣᠨᠣᠰᠬᠤ ᠦᠭᠡᠢ ᠪᠣᠯ ᠬᠡᠨ ᠲᠡᠳᠡᠨ ᠦ᠌ ᠦᠭᠡ ᠶ᠋ᠢ ᠰᠣᠨᠣᠰᠬᠤ ᠪᠢᠯᠡ? ᠣᠳᠣ ᠪᠢᠳᠡ ᠴᠠᠭᠠᠲᠠᠢ ᠥᠭᠡᠳᠡᠢ ᠬᠣᠶᠠᠷ ᠤ᠋ᠨ ᠡᠵᠡᠭᠦᠢ ᠳ᠋ᠦ᠍ ᠡᠨᠳᠡ ᠶᠠᠭᠤ ᠪᠠᠨ ᠬᠡᠯᠡᠯᠴᠡᠬᠦ ᠪᠢᠯᠡ? ᠭᠡᠵᠦ ᠠᠷᠭᠠᠳᠠᠨ ᠤᠴᠢᠷᠯᠠᠨ ᠬᠡᠯᠡᠭᠰᠡᠨ ᠢ᠋ ᠰᠣᠨᠣᠰᠤᠭᠠᠳ ᠠᠭᠤᠵᠢᠷᠠᠵᠤ ᠲᠡᠳᠡᠨ ᠳ᠋ᠦ᠍ ᠥᠪᠡᠷ ᠦ᠋ᠨ ᠨᠡᠷ᠎ᠡ ᠪᠡᠷ ᠬᠡᠷᠡᠭᠡ ᠶ᠋ᠢ ᠢᠯᠡᠬᠡᠨ ᠳᠠᠷᠤᠢ ᠢᠷᠡᠬᠦ ᠵᠠᠷᠯᠢᠭ ᠪᠠᠭᠤᠯᠭᠠᠵᠠᠢ᠃ ᠶᠠᠭᠠᠬᠢᠭᠠᠳ ᠬᠡᠷᠡᠭᠡ ᠶ᠋ᠢᠨ ᠨᠡᠷ᠎ᠡ ᠶ᠋ᠢ ᠳᠤᠷᠠᠳᠤᠭᠰᠠᠨ ᠢ᠋ ᠪᠡᠨ ᠲᠡᠷᠡ ᠦᠶ᠎ᠡ ᠳ᠋ᠡᠭᠡᠨ ᠠᠩᠵᠠᠭᠠᠷᠠᠭᠰᠠᠨ ᠦᠭᠡᠢ ᠪᠢᠯᠡ᠃ ᠵᠦᠭᠡᠷ ᠯᠡ ᠪᠤᠭᠤᠷᠴᠢ ᠶ᠋ᠢᠨ ᠬᠥᠪᠡᠭᠦᠨ ᠦ᠌ ᠨᠡᠷ᠎ᠡ᠂ ᠳᠦᠷᠢ ᠴᠡᠭᠡᠵᠢᠨ ᠳ᠋ᠦ᠍ᠨᠢ ᠬᠣᠨᠣᠭᠰᠢᠭᠰᠠᠨ ᠠ᠋ᠴᠠ ᠲᠡᠷᠡ ᠪᠠᠢᠪᠠ᠃
ᠭᠡᠲᠡᠯ᠎ᠡ ᠰᠢᠵᠤᠤ ᠪᠠᠯᠭᠠᠰᠤ ᠶ᠋ᠢ ᠡᠵᠡᠯᠡᠬᠦ ᠭᠡᠳ ᠤᠯᠠᠢᠷᠠᠵᠤ ᠪᠠᠢᠭᠰᠠᠨ ᠴᠠᠭᠠᠲᠠᠢ ᠥᠭᠡᠳᠡᠢ ᠬᠣᠶᠠᠷ ᠬᠡᠷᠡᠭᠡ ᠶ᠋ᠢ ᠪᠤᠴᠠᠵᠤ ᠢᠷᠡᠭᠰᠡᠨ ᠡᠴᠡ ᠬᠣᠢᠰᠢ ᠳᠠᠬᠢᠨ ᠰᠠᠷ᠎ᠠ ᠰᠠᠭᠠᠳᠠᠭᠠᠳ ᠰᠠᠶᠢ ᠯᠠ ᠨᠢᠭᠡ ᠴᠢᠩᠭᠢᠰ ᠬᠠᠭᠠᠨ ᠤ᠋ ᠬᠡᠭᠡᠷ᠎ᠡ ᠶ᠋ᠢᠨ ᠦᠷᠭᠦᠭᠡᠨ ᠳ᠋ᠦ᠍ ᠢᠷᠡᠲᠡᠯ᠎ᠡ ᠴᠢᠩᠭᠢᠰ ᠬᠠᠭᠠᠨ ᠬᠢᠯᠢᠩᠨᠡᠭᠡᠳ ᠲᠡᠳᠡᠨ ᠢ᠋ ᠪᠠᠷᠠᠯᠬᠠᠭᠤᠯᠤᠭᠰᠠᠨ ᠦᠭᠡᠢ ᠥᠨᠵᠢᠵᠡᠢ᠃ ᠴᠢᠩᠭᠢᠰ ᠬᠠᠭᠠᠨ ᠤ᠋ ᠪᠡᠶ᠎ᠡ ᠵᠢᠭᠠᠯ ᠢᠯᠠᠷᠢᠰᠢᠨ ᠨᠠᠭᠠᠰᠢᠯᠠᠭᠰᠠᠨ ᠴᠤ᠌ ᠪᠣᠰᠴᠤ ᠶᠠᠪᠤᠬᠤ ᠪᠠᠷ ᠪᠣᠯᠤᠭ᠎ᠠ ᠦᠭᠡᠢ ᠶ᠋ᠢᠨ ᠳᠡᠭᠡᠷ᠎ᠡ ᠡᠪᠡᠳᠴᠢᠨ ᠳ᠋ᠡᠭᠡᠨ ᠰᠢᠨᠠᠯᠵᠤ ᠭᠤᠳᠤᠷᠠᠭᠠᠳ ᠠᠭᠤᠷ ᠤᠴᠠᠭᠠᠷ ᠶᠡᠬᠡᠲᠡᠢ ᠪᠣᠯᠵᠠᠢ᠃ ᠳᠠᠭᠤᠳᠠᠮᠠᠭᠴᠠ ᠢᠷᠡᠭᠰᠡᠨ ᠦᠭᠡᠢ ᠭᠡᠵᠦ ᠬᠢᠯᠢᠩᠨᠡᠪᠡ ᠭᠡᠵᠦ ᠴᠠᠭᠠᠲᠠᠢ ᠥᠭᠡᠳᠡᠢ ᠬᠣᠶᠠᠷ ᠪᠣᠳᠣᠵᠤ ᠪᠠᠢᠪᠠ᠃ ᠴᠢᠩᠭᠢᠰ ᠬᠠᠭᠠᠨ ᠡᠴᠢᠭᠡ ᠨᠢ ᠬᠢᠯᠢᠩᠨᠡᠭᠰᠡᠨ ᠳ᠋ᠦ᠍ ᠪᠠᠬᠠᠨ ᠡᠮᠢᠶᠡᠭᠰᠡᠨ ᠲᠡᠳᠡ ᠵᠦᠭᠡᠷ ᠵᠣᠭᠰᠣᠭᠠᠳ ᠪᠠᠢᠵᠤ ᠴᠢᠳᠠᠭᠰᠠᠨ ᠦᠭᠡᠢ᠂ ᠠᠭᠤᠯᠵᠠᠭ᠎ᠠ ᠦᠭᠡᠢ ᠤᠳᠠᠭᠰᠠᠨ ᠶᠢᠰᠦᠢ ᠬᠠᠲᠤᠨ ᠳ᠋ᠤ᠌ ᠪᠠᠷᠠᠯᠬᠠᠵᠤ ᠪᠡᠯᠡᠭ ᠰᠡᠯᠲᠡ ᠪᠡᠨ ᠡᠷᠭᠦᠵᠡᠢ᠃ ᠡᠨᠡ ᠪᠣᠯ ᠲᠣᠭᠲᠠᠭᠰᠠᠨ ᠬᠠᠲᠠᠭᠤ ᠶᠣᠰᠣ ᠶᠤᠮ᠃ ᠶᠢᠰᠦᠢ ᠬᠠᠲᠤᠨ ᠲᠡᠳᠡᠨ ᠡᠴᠡ ᠰᠡᠳᠬᠢᠯ ᠦ᠋ᠨ ᠠᠢᠳᠠᠰ ᠲᠦᠭᠰᠢᠭᠦᠷᠢ ᠪᠡᠨ ᠨᠢᠭᠤᠵᠤ ᠴᠢᠳᠠᠭᠰᠠᠨ ᠦᠭᠡᠢ ᠤᠬᠢᠯᠠᠵᠤ ᠪᠦᠬᠦ ᠦᠨᠡᠨ ᠢ᠋ ᠬᠡᠯᠡᠵᠡᠢ᠃
| ᠥᠩᠭᠡᠷᠡᠭᠰᠡᠨ ᠵᠢᠯ ᠢᠷᠡᠬᠦ ᠵᠠᠮ ᠳ᠋ᠠᠭᠠᠨ ᠬᠤᠯᠠᠨ ᠤ᠋ ᠠᠪᠠ ᠶ᠋ᠢᠨ ᠦᠶ᠎ᠡ ᠪᠡᠷ ᠣᠰᠣᠯᠳᠠᠨ ᠮᠣᠷᠢᠨ ᠠ᠋ᠴᠠ ᠤᠨᠠᠭᠰᠠᠨ ᠠ᠋ᠴᠠ ᠡᠢᠮᠦ ᠬᠡᠷᠡᠭ ᠪᠣᠯᠪᠠ᠃ ᠥᠭᠡᠳᠡ ᠦᠭᠡᠢ ᠡᠮ᠎ᠡ ᠪᠢ ᠬᠠᠭᠠᠨ ᠡᠵᠡᠨ ᠢ᠋ᠶ᠋ᠡᠨ ᠬᠠᠷᠢ ᠶ᠋ᠢᠨ ᠭᠠᠵᠠᠷ ᠬᠠᠯᠠᠮᠵᠢᠯᠠᠨ ᠶᠠᠪᠤᠵᠤ ᠴᠢᠳᠠᠭᠰᠠᠨ ᠦᠭᠡᠢ᠃ ᠲᠡᠷᠡ ᠡᠳᠦᠷ ᠬᠠᠯᠠᠭᠤᠨ ᠪᠠᠢᠭᠰᠠᠨ ᠳ᠋ᠤ᠌ ᠬᠠᠭᠠᠨ ᠡᠵᠡᠨ ᠮᠢᠨᠦ ᠦᠭᠡᠨ ᠳ᠋ᠦ᠍ ᠣᠷᠤᠯ ᠦᠭᠡᠢ ᠳᠠᠩ ᠴᠠᠮᠴᠠ ᠲᠠᠢ ᠶᠠᠪᠤᠭᠠᠳ ᠢᠩᠭᠢᠵᠦ ᠳᠣᠲᠣᠭᠤᠷ ᠢ᠋ᠶ᠋ᠠᠨ ᠬᠦᠨᠳᠦ ᠭᠡᠮᠲᠦᠯᠡ᠃ ᠬᠥᠪᠡᠭᠦᠳ ᠲᠠ ᠨᠠᠷ ᠨᠠᠮᠠᠶ᠋ᠢ ᠶᠠᠭᠠᠬᠢᠵᠤ ᠵᠢᠮᠡᠯᠡᠵᠦ ᠰᠢᠢᠳᠬᠡᠭᠰᠡᠨ ᠴᠦ᠍ ᠭᠣᠮᠣᠳᠠᠬᠤ ᠵᠦᠢᠯ ᠦᠭᠡᠢ ᠭᠡᠵᠦ ᠡᠬᠡᠷ ᠲᠡᠳᠡᠨ ᠤᠬᠢᠯᠠᠵᠠᠢ᠃ ᠡᠴᠢᠭᠡ ᠶ᠋ᠢᠨ ᠢ᠋ᠶ᠋ᠡᠨ ᠮᠣᠷᠢᠨ ᠠ᠋ᠴᠠ ᠤᠨᠠᠵᠤ ᠪᠡᠷᠲᠡᠭᠰᠡᠨ ᠢ᠋ ᠲᠡᠳᠡ ᠣᠭᠲᠣ ᠮᠡᠳᠡᠭᠡ ᠦᠭᠡᠢ ᠪᠠᠢᠭᠰᠠᠨ ᠪᠥᠭᠡᠳ ᠴᠢᠩᠭᠢᠰ ᠬᠠᠭᠠᠨ ᠡᠨᠡ ᠬᠡᠷᠡᠭ ᠢ᠋ ᠲᠡᠳᠡᠨ ᠳ᠋ᠦ᠍ ᠳᠣᠭᠣᠯᠭᠠᠬᠤ ᠶ᠋ᠢ ᠴᠠᠭᠠᠵᠠᠯᠠᠭᠰᠠᠨ ᠢ᠋ ᠴᠦ᠍ ᠬᠡᠯᠡᠵᠡᠢ᠃ ᠴᠠᠭᠠᠲᠠᠢ ᠥᠭᠡᠳᠡᠢ ᠬᠣᠶᠠᠷ ᠤ᠋ᠨ ᠠᠭᠤᠷᠯᠠᠵᠤ ᠰᠣᠴᠢᠭᠰᠠᠨ ᠨᠢ ᠬᠡᠮᠵᠢᠶ᠎ᠡ ᠦᠭᠡᠢ ᠪᠣᠯᠤᠭᠠᠳ ᠶᠣᠰᠣ ᠵᠢᠷᠤᠮ ᠢ᠋ᠶ᠋ᠠᠨ ᠠᠯᠳᠠᠵᠤ ᠪᠤᠭᠤᠷᠴᠢ ᠶ᠋ᠢᠨ ᠦᠷᠭᠦᠭᠡᠨ ᠳ᠋ᠦ᠍ ᠦᠰᠦᠷᠦᠨ ᠣᠷᠣᠵᠠᠢ᠃ ᠲᠡᠳᠡᠨ ᠦ᠌ ᠶᠠᠭᠤ ᠪᠣᠯᠤᠭᠰᠠᠨ ᠢ᠋ ᠪᠤᠭᠤᠷᠴᠢ ᠬᠠᠷᠠᠭᠠᠳ ᠮᠡᠳᠡᠪᠡ᠃ ᠴᠠᠭᠠᠲᠠᠢ ᠬᠠᠮᠤᠭ ᠬᠡᠷᠡᠭ ᠲᠦ᠍ ᠪᠤᠭᠤᠷᠴᠢ ᠶ᠋ᠢ ᠪᠤᠷᠤᠭᠤᠳᠬᠠᠨ ᠬᠢᠯᠢᠩᠨᠡᠨ ᠬᠠᠰᠬᠢᠷᠴᠠᠢ᠃
| ᠬᠠᠭᠠᠨ ᠡᠵᠡᠨ ᠢ᠋ᠶ᠋ᠡᠨ ᠬᠠᠮᠠᠭᠠᠯᠠᠬᠤ ᠶᠣᠰᠣᠲᠠᠢ ᠲᠣᠷᠭᠠᠨ ᠴᠡᠷᠢᠭ ᠦ᠋ᠳ ᠡᠩ ᠦ᠋ᠨ ᠬᠢᠯᠪᠠᠷ ᠠᠩ ᠤ᠋ᠨ ᠦᠶ᠎ᠡ ᠪᠡᠷ ᠡᠢᠮᠦ ᠣᠰᠣᠯ ᠭᠠᠷᠭᠠᠭᠰᠠᠨ ᠢ᠋ ᠲᠠ ᠶᠠᠭᠤᠨ ᠤ᠋ ᠤᠴᠢᠷ ᠪᠢᠳᠡᠨ ᠡᠴᠡ᠂ ᠴᠢᠩᠭᠢᠰ ᠬᠠᠭᠠᠨ ᠤ᠋ ᠲᠥᠷᠥᠭᠰᠡᠨ ᠬᠥᠪᠡᠭᠦᠳ ᠡᠴᠡ ᠨᠢᠭᠤᠪᠠ? ᠶᠠᠭᠠᠬᠢᠭᠠᠳ? ᠶᠠᠭᠠᠬᠢᠭᠠᠳ? ᠭᠡᠵᠦ ᠴᠠᠭᠠᠲᠠᠢ ᠰᠠᠭᠤᠭᠰᠠᠨ ᠴᠤ᠌ ᠦᠭᠡᠢ ᠬᠠᠰᠬᠢᠷᠴᠠᠢ᠃
| ᠬᠠᠭᠠᠨ ᠡᠵᠡᠨ ᠦ᠌ ᠪᠡᠨ ᠠᠮᠢ ᠨᠠᠰᠤ᠂ ᠠᠯᠲᠠᠨ ᠪᠡᠶ᠎ᠡ ᠶ᠋ᠢ ᠬᠠᠮᠠᠭᠠᠯᠠᠵᠤ ᠴᠢᠳᠠᠭ᠎ᠠ ᠦᠭᠡᠢ ᠲᠡᠷᠡ ᠭᠡᠮᠲᠡᠨ ᠡᠲᠡᠭᠡᠳ ᠢ᠋ ᠨᠠᠳᠠᠳᠤ ᠲᠤᠰᠢᠶ᠎ᠠ᠃ ᠪᠢ ᠲᠡᠳᠡᠨ ᠢ᠋ ᠬᠠᠭᠠᠨ ᠡᠵᠡᠨ ᠳ᠋ᠡᠭᠡᠨ ᠰᠠᠨᠠᠭ᠎ᠠ ᠲᠠᠢ ᠬᠠᠯᠠᠳᠠᠭᠰᠠᠨ ᠭᠡᠵᠦ ᠦᠵᠡᠵᠦ ᠲᠥᠷᠥ ᠶ᠋ᠢᠨ ᠴᠠᠭᠠᠵᠠ ᠪᠠᠷ ᠠᠪᠠᠴᠢᠨ᠎ᠠ᠃ ᠲᠠ ᠶᠠᠭᠤᠨ ᠤ᠋ ᠤᠴᠢᠷ ᠪᠢᠳᠡᠨ ᠡᠴᠡ ᠨᠢᠭᠤᠵᠤ ᠲᠡᠳᠡᠨ ᠢ᠋ ᠡᠳᠦᠢ ᠪᠣᠯᠲᠠᠯ᠎ᠠ ᠬᠠᠭᠠᠴᠠᠢᠯᠠᠨ ᠰᠠᠭᠤᠨ᠎ᠠ ᠪᠣᠢ?
ᠪᠤᠭᠤᠷᠴᠢ ᠳ᠋ᠤ᠌ ᠬᠡᠯᠡᠬᠦ ᠦᠭᠡ᠂ ᠡᠰᠡᠷᠭᠦᠴᠡᠬᠦ ᠲᠠᠢᠯᠪᠤᠷᠢ ᠣᠯᠳᠠᠭᠰᠠᠨ ᠦᠭᠡᠢ᠃ ᠴᠠᠭᠠᠲᠠᠢ ᠶ᠋ᠢᠨ ᠬᠡᠯᠡᠳᠡᠭ ᠲᠦᠮᠡᠨ ᠵᠥᠪ ᠶᠦᠮ᠃ ᠴᠢᠩᠭᠢᠰ ᠬᠠᠭᠠᠨ ᠬᠣᠷᠢᠭᠯᠠᠭ᠎ᠠ ᠦᠭᠡᠢ ᠪᠣᠯ ᠪᠤᠭᠤᠷᠴᠢ ᠶᠠᠭ ᠴᠠᠭᠠᠲᠠᠢ ᠶ᠋ᠢᠨ ᠠᠳᠠᠯᠢ ᠬᠢᠬᠦ ᠰᠠᠨ ᠪᠢᠯᠡ᠃
| ᠬᠡᠷᠪᠡ ᠲᠠ ᠭᠡᠮᠲᠡᠨ ᠡᠲᠡᠭᠡᠳ ᠢ᠋ ᠴᠠᠭᠠᠵᠠᠯᠠᠬᠤ ᠦᠭᠡᠢ ᠠᠪᠠᠰᠤ ᠪᠤᠭᠤᠷᠴᠢ ᠲᠠᠨ ᠢ᠋ ᠪᠢ ᠴᠢᠩᠭᠢᠰ ᠬᠠᠭᠠᠨ ᠠ᠋ᠴᠠ ᠤᠷᠪᠠᠭᠰᠠᠨ ᠭᠡᠵᠦ ᠦᠵᠡᠨ᠎ᠡ᠃ ᠲᠠᠨ ᠢ᠋ ᠴᠦ᠍ ᠪᠠᠰᠠ ᠲᠥᠷᠥ ᠶ᠋ᠢᠨ ᠴᠠᠭᠠᠵᠠ ᠪᠠᠷ ᠠᠪᠠᠴᠢᠪᠠᠯ ᠵᠣᠬᠢᠨ᠎ᠠ᠃ ᠴᠢᠩᠭᠢᠰ ᠬᠠᠭᠠᠨ ᠤ᠋ ᠠᠮᠢ ᠨᠠᠰᠤ ᠶ᠋ᠢ ᠲᠠ ᠬᠠᠷᠢᠭᠤᠴᠠᠨ ᠰᠠᠭᠤᠭ᠎ᠠ ᠪᠢᠰᠢ ᠤᠤ? ᠮᠠᠷᠲᠠᠭᠰᠠᠨ ᠪᠣᠯ ᠪᠢ ᠲᠠᠨ ᠳ᠋ᠤ᠌ ᠰᠠᠨᠠᠭᠤᠯᠵᠤ ᠪᠠᠢᠨ᠎ᠠ ᠭᠡᠵᠦ ᠴᠠᠭᠠᠲᠠᠢ ᠬᠡᠯᠡᠭᠡᠳ ᠡᠭᠦᠳᠡ ᠰᠢᠲᠠᠨ ᠭᠠᠷᠴᠠᠢ᠃ ᠬᠠᠷᠢᠨ ᠥᠭᠡᠳᠡᠢ ᠠᠬ᠎ᠠ ᠶ᠋ᠢᠨ ᠬᠢᠨᠢ ᠬᠣᠷᠢᠭᠯᠠᠭ᠎ᠠ ᠦᠭᠡᠢ ᠨᠢ ᠪᠤᠭᠤᠷᠴᠢ ᠶ᠋ᠢ ᠪᠤᠷᠤᠭᠤᠳᠬᠠᠨ ᠪᠣᠳᠣᠭᠰᠠᠨ ᠤ᠋ ᠬᠢ ᠶᠦᠮ᠃
| ᠳᠡᠭᠡᠭᠰᠢ ᠪᠡᠨ ᠮᠣᠷᠢᠯᠠ ᠭᠡᠵᠦ ᠪᠤᠭᠤᠷᠴᠢ ᠶ᠋ᠢ ᠵᠥᠭᠡᠯᠡᠨ ᠬᠡᠯᠡᠬᠦ ᠳ᠋ᠦ᠍ ᠥᠭᠡᠳᠡᠢ ᠲᠡᠭᠡᠨᠡᠭᠡᠯᠵᠡᠯᠡ᠃ ᠪᠤᠭᠤᠷᠴᠢ ᠶ᠋ᠢᠨ ᠭᠡᠷ ᠲᠦ᠍ ᠦᠯᠡᠳᠡᠬᠦ ᠨᠢ ᠴᠠᠭᠠᠲᠠᠢ ᠶ᠋ᠢᠨ ᠠᠭᠤᠷ ᠬᠢᠯᠢᠩ ᠢ᠋ ᠤᠯᠠᠮ ᠰᠢᠲᠠᠭᠠᠬᠤ ᠲᠤᠯᠠ ᠲᠡᠷᠡ ᠶᠠᠭ ᠡᠨᠡ ᠮᠥᠴᠡ ᠳ᠋ᠦ᠍ ᠴᠠᠭᠠᠲᠠᠢ ᠶ᠋ᠢᠨ ᠲᠠᠯ᠎ᠠ ᠳ᠋ᠤ᠌ ᠣᠷᠣᠵᠠᠢ᠃ ᠪᠠᠰᠠ ᠴᠢᠩᠭᠢᠰ ᠬᠠᠭᠠᠨ ᠡᠴᠢᠭᠡ ᠶ᠋ᠢᠨ ᠬᠢᠨᠢ ᠬᠠᠮᠤᠭ ᠤ᠋ᠨ ᠶᠡᠬᠡ ᠪᠡᠷ ᠬᠦᠨᠳᠦᠯᠡᠨ ᠲᠣᠭᠣᠳᠠᠭ ᠰᠢᠳᠠᠷ ᠰᠠᠢᠳ ᠪᠤᠭᠤᠷᠴᠢ ᠲᠠᠢ ᠤᠴᠢᠷ ᠪᠦᠷᠬᠦᠭ ᠬᠡᠷᠡᠭ ᠦ᠋ᠨ ᠤᠯᠠᠮ ᠠ᠋ᠴᠠ ᠡᠪᠳᠡᠷᠡᠨ ᠮᠠᠭᠤᠳᠠᠯᠴᠠᠬᠤ ᠶ᠋ᠢ ᠬᠦᠰᠡᠭᠰᠡᠨ ᠦᠭᠡᠢ ᠲᠤᠯᠠ
| ᠲᠠ ᠥᠷᠥᠰᠢᠶᠡ᠃ ᠪᠢᠳᠡ ᠶᠣᠰᠣ ᠠᠯᠳᠠᠯ᠎ᠠ᠃ ᠡᠢᠮᠦ ᠶᠠᠭᠤᠮ᠎ᠠ ᠰᠣᠨᠣᠰᠤᠭᠠᠳ ᠰᠣᠴᠢᠵᠤ ᠪᠠᠯᠠᠮᠠᠭᠳᠠᠭᠰᠠᠨ ᠠ᠋ᠴᠠ ᠪᠣᠯᠪᠠ᠃ ᠪᠢ ᠴᠠᠭᠠᠲᠠᠢ ᠠᠬ᠎ᠠ ᠶ᠋ᠢᠨ ᠠᠷᠤ ᠠ᠋ᠴᠠ ᠣᠴᠢᠶ᠎ᠠ᠃ ᠲᠡᠷᠡ ᠠᠭᠤᠷ ᠲᠠᠭᠠᠨ ᠶᠠᠭᠤ ᠴᠤ᠌ ᠬᠢᠵᠦ ᠮᠡᠳᠡᠨ᠎ᠡ ᠭᠡᠳ ᠭᠠᠷᠴᠠᠢ᠃ ᠴᠠᠭᠠᠲᠠᠢ ᠶ᠋ᠢᠨ ᠬᠡᠯᠡᠭᠰᠡᠨ ᠦᠭᠡ ᠪᠣᠯ ᠣᠯᠠᠨ ᠵᠢᠯ ᠦ᠋ᠨ ᠡᠮᠦᠨ᠎ᠡ ᠬᠦᠢᠲᠡᠨ ᠠᠭᠤᠯᠠᠨ ᠳ᠋ᠤ᠌ ᠪᠣᠯᠤᠭᠰᠠᠨ ᠲᠤᠯᠤᠯᠳᠤᠭᠠᠨ ᠳ᠋ᠤ᠌ ᠲᠡᠮᠦᠵᠢᠨ ᠢ᠋ ᠰᠢᠷᠬᠠᠲᠤᠬᠤ ᠳ᠋ᠤ᠌ ᠬᠠᠰᠠᠷ ᠤ᠋ᠨ ᠠᠮᠠᠨ ᠠ᠋ᠴᠠ ᠠᠩᠬ᠎ᠠ ᠭᠠᠷᠤᠭᠰᠠᠨ ᠦᠭᠡ ᠪᠠᠢᠪᠠ᠃ ᠴᠠᠭᠠᠲᠠᠢ ᠲᠦᠷᠢᠮᠡᠬᠡᠢ ᠵᠣᠷᠢᠭ ᠲᠠᠢ᠂ ᠬᠡᠯᠡᠭᠰᠡᠨ ᠡᠴᠡ ᠪᠤᠴᠠᠬᠤ ᠦᠭᠡᠢ ᠲᠤᠯᠠ ᠡᠨᠡ ᠬᠡᠷᠡᠭ ᠡᠴᠦᠰ ᠲᠡᠭᠡᠨ ᠶᠠᠭᠤᠨ ᠳ᠋ᠤ᠌ ᠬᠦᠷᠴᠦ ᠲᠡᠭᠦᠰᠬᠦ ᠶ᠋ᠢ ᠪᠣᠳᠣᠮᠠᠭᠴᠠ ᠪᠤᠭᠤᠷᠴᠢ ᠶ᠋ᠢᠨ ᠵᠢᠪᠡᠬᠡᠢ ᠨᠢ ᠴᠡᠢᠨ ᠰᠠᠯᠭᠠᠨᠠᠯᠠ᠃ ᠬᠠᠢᠷᠠᠯᠠᠵᠤ ᠥᠰᠬᠡᠭᠡᠳ ᠲᠡᠮᠦᠵᠢᠨ ᠡᠴᠡ ᠬᠤᠯᠠᠭᠠᠢᠯᠠᠨ ᠠᠪᠤᠭᠰᠠᠨ ᠬᠡᠷᠡᠭᠡ ᠬᠥᠪᠡᠭᠦᠨ ᠢ᠋ ᠨᠢ ᠴᠠᠭᠠᠲᠠᠢ ᠴᠠᠭᠠᠵᠠᠯᠠᠬᠤ ᠶ᠋ᠢ ᠱᠠᠭᠠᠷᠳᠠᠵᠠᠢ᠃ ᠬᠡᠷᠡᠭᠡ ᠪᠣᠯ ᠪᠤᠭᠤᠷᠴᠢ ᠶ᠋ᠢᠨ ᠬᠤᠪᠢ ᠳ᠋ᠤ᠌ ᠲᠡᠮᠦᠵᠢᠨ ᠳ᠋ᠦ᠍ ᠦᠨᠡᠨᠴᠢ ᠵᠢᠳᠬᠦᠭᠰᠡᠨ ᠦ᠌ ᠬᠢᠨᠢ ᠲᠥᠯᠥᠭᠡ ᠲᠡᠭᠷᠢ ᠡᠴᠡ ᠥᠭᠭᠦᠭᠰᠡᠨ ᠬᠠᠢᠷ᠎ᠠ ᠱᠠᠩᠨᠠᠯ ᠶᠤᠮ᠃ ᠣᠳᠣ ᠲᠡᠭᠦᠨ ᠢ᠋ ᠪᠡᠨ ᠠᠯᠳᠠᠬᠤ ᠪᠣᠯᠪᠠ᠃ ᠴᠢᠩᠭᠢᠰ ᠬᠠᠭᠠᠨ ᠤ᠋ ᠬᠣᠶᠠᠷ ᠬᠥᠪᠡᠭᠦᠨ ᠲᠡᠢ ᠥᠷᠢᠰᠦᠯᠳᠦᠨ ᠲᠡᠮᠡᠴᠡᠬᠦ ᠬᠦᠴᠦ ᠮᠠᠲᠠᠯ ᠲᠡᠭᠦᠨ ᠳ᠋ᠦ᠍ ᠦᠭᠡᠢ ᠶᠦᠮ᠃ ᠪᠠᠰᠠ ᠴᠠᠭᠠᠲᠠᠢ᠁ ᠭᠡᠵᠦ ᠪᠣᠳᠣᠮᠠᠭᠴᠠ ᠪᠤᠭᠤᠷᠴᠢ ᠠᠶᠤᠭᠰᠠᠨ ᠳ᠋ᠠᠭᠠᠨ ᠬᠠᠰᠬᠢᠷᠤᠭᠠᠳ ᠦᠰᠦᠷᠦᠨ ᠪᠣᠰᠤᠯ᠎ᠠ᠃ ᠲᠡᠷᠡ ᠠᠮᠢᠳᠤᠷᠠᠯ ᠳ᠋ᠠᠭᠠᠨ ᠢᠩᠭᠢᠵᠦ ᠠᠶᠤᠵᠤ ᠦᠵᠡᠭᠰᠡᠨ ᠦᠭᠡᠢ᠃ ᠴᠠᠭᠠᠲᠠᠢ ᠠᠭᠤᠷ ᠲᠠᠭᠠᠨ ᠣᠴᠢᠭᠠᠳ ᠬᠡᠷᠡᠭᠡ ᠬᠥᠪᠡᠭᠦᠨ ᠢ᠋ ᠨᠢ ᠴᠠᠪᠴᠢᠨ ᠠᠯᠠᠴᠢᠬᠠᠭᠰᠠᠨ ᠮᠡᠲᠦ ᠰᠣᠪᠢᠩ ᠲᠠᠲᠠᠭᠠᠳ ᠬᠦᠵᠦᠭᠦᠨ ᠦ᠌ ᠬᠢᠨᠢ ᠤᠯᠠᠭᠠᠨ ᠰᠣᠷᠪᠢ ᠵᠠᠳᠠ ᠦᠰᠦᠷᠦᠨ ᠴᠢᠰᠤ ᠤᠷᠤᠰᠴᠠᠢ᠃ ᠪᠤᠭᠤᠷᠴᠢ ᠰᠡᠯᠡᠮ᠎ᠡ ᠪᠡᠨ ᠰᠤᠭᠤᠯᠤᠨ ᠠᠪᠴᠤ ᠤᠬᠤᠰᠬᠢᠯᠡ᠃ ᠲᠡᠭᠦᠨ ᠦ᠌ ᠡᠴᠦᠰ ᠦ᠋ᠨ ᠲᠤᠯᠤᠯᠳᠤᠭᠠᠨ ᠢᠷᠡᠭᠰᠡᠨ ᠮᠡᠲᠦ ᠰᠠᠨᠠᠭᠳᠠᠭᠠᠳ ᠵᠢᠷᠦᠬᠡ ᠨᠢ ᠬᠠᠭᠠᠷᠠᠬᠤ ᠰᠢᠬᠠᠵᠤ ᠪᠠᠢᠪᠠ᠃ ᠭᠡᠪᠡᠴᠦ ᠲᠡᠷᠡ ᠪᠣᠱᠣᠭ᠎ᠠ ᠪᠠᠨ ᠳᠠᠪᠠᠵᠤ ᠴᠢᠳᠠᠭᠰᠠᠨ ᠦᠭᠡᠢ ᠮᠠᠭᠤᠵᠢᠷᠠᠨ ᠤᠨᠠᠵᠠᠢ᠃ ᠶᠠᠳᠠᠷᠠᠵᠤ ᠰᠢᠷᠬᠠᠳᠤᠭᠰᠠᠨ ᠵᠢᠷᠦᠬᠡ ᠨᠢ ᠲᠡᠰᠦᠭᠰᠡᠨ ᠦᠭᠡᠢ ᠃ ᠲᠡᠭᠦᠨ ᠦ᠌ ᠤᠬᠠᠭᠠᠨ ᠰᠠᠮᠠᠭᠤᠷᠠᠨ ᠵᠡᠭᠦᠳᠦᠯᠡᠵᠦ ᠪᠠᠢᠬᠤ ᠰᠢᠭ᠋ ᠪᠣᠯᠵᠠᠢ᠃
᠁ ᠭᠣᠣᠯ ᠠ᠋ᠴᠠ ᠬᠠᠢᠷᠠᠲᠠᠢ ᠭᠦᠮᠦᠳᠠ ᠨᠢ ᠬᠣᠯᠠ ᠠ᠋ᠴᠠ ᠶᠠᠮᠠᠷ ᠨᠢᠭᠡ ᠶ᠋ᠢ ᠬᠠᠰᠬᠢᠷᠤᠨ ᠭᠦᠶᠦᠭᠰᠡᠭᠡᠷ ᠪᠣᠯᠪᠠᠴᠤ ᠨᠢᠭᠡ ᠴᠦ᠍ ᠠᠯᠬᠤᠮ ᠣᠢᠷᠠᠲᠤᠬᠤ ᠦᠭᠡᠢ ᠵᠣᠪᠠᠭᠠᠨ᠎ᠠ᠃ ᠠᠷᠤ ᠠ᠋ᠴᠠ ᠨᠢ ᠴᠠᠭᠠᠲᠠᠢ ᠰᠡᠯᠡᠮ᠎ᠡ ᠪᠡᠨ ᠳᠠᠯᠠᠢᠨ ᠬᠠᠰᠬᠢᠷᠤᠨ ᠳᠥᠭᠥᠨ᠎ᠡ᠃ ᠴᠠᠭᠠᠲᠠᠢ ᠶ᠋ᠢᠨ ᠰᠡᠯᠡᠮ᠎ᠡ ᠡᠴᠡ ᠴᠢᠰᠤ ᠳᠤᠰᠤᠯᠠᠵᠤ ᠪᠠᠢᠪᠠ᠃
| ᠬᠡᠷᠡᠭᠡ ᠠ᠋᠂ ᠬᠦᠦ ᠮᠢᠨᠢ᠂ ᠴᠠᠭᠠᠲᠠᠢ ᠲᠡᠭᠦᠨ ᠢ᠋ ᠮᠢᠨᠢ ᠠᠯᠠᠴᠢᠬᠠᠵᠠᠢ᠃ ᠪᠢ ᠴᠢᠮᠠᠶ᠋ᠢ ᠬᠠᠮᠠᠭᠠᠯᠠᠵᠤ ᠴᠢᠳᠠᠭᠰᠠᠨ ᠦᠭᠡᠢ᠃ ᠴᠢ ᠶᠠᠭᠠᠬᠢᠭᠰᠠᠨ ᠠᠵᠠ ᠦᠭᠡᠢ ᠬᠥᠪᠡᠭᠦᠨ ᠪᠠᠢᠪᠠ ᠳᠠ᠃ ᠬᠡᠷᠡᠭᠡ ᠠ᠋᠂ ᠬᠦᠦ ᠮᠢᠨᠢ ᠭᠡᠵᠦ ᠳᠠᠭᠤᠳᠠᠪᠠ᠃ ᠪᠤᠭᠤᠷᠴᠢ ᠨᠢᠳᠦ ᠪᠡᠨ ᠨᠡᠭᠡᠭᠡᠯ᠎ᠡ᠃ ᠬᠡᠷᠡᠭᠡ ᠲᠡᠭᠦᠨ ᠢ᠋ ᠳᠠᠭᠤᠳᠠᠵᠤ ᠪᠠᠢᠵᠠᠢ᠃
| ᠠᠪᠤ ᠠ᠋᠂ ᠲᠠ ᠶᠠᠭᠠᠬᠢᠪᠠ ᠠ᠋? ᠭᠡᠵᠦ ᠬᠥᠪᠡᠭᠦᠨ ᠳᠤᠬᠤ ᠶ᠋ᠢ ᠨᠢ ᠢᠯᠪᠢᠬᠦ ᠠᠵᠢ᠃ ᠪᠤᠭᠤᠷᠴᠢ ᠤᠬᠠᠭᠠᠨ ᠣᠷᠣᠪᠠ᠃ ᠡᠮᠦᠨ᠎ᠡ ᠨᠢ ᠬᠥᠪᠡᠭᠦᠨ ᠨᠢ ᠰᠥᠬᠥᠷᠡᠨ ᠰᠠᠭᠤᠭᠠᠳ ᠳᠣᠭᠣᠯᠠᠩ ᠨᠢᠯᠪᠤᠰᠤ ᠲᠠᠢ ᠨᠢᠳᠦ ᠪᠡᠷ ᠢᠨᠢᠶᠡᠮᠰᠦᠭᠯᠡᠨ ᠰᠢᠷᠳᠡᠵᠦ ᠪᠠᠢᠪᠠ᠃
| ᠠᠪᠤ ᠠ᠋᠂ ᠪᠢ ᠲᠠᠨ ᠢ᠋ ᠦᠬᠦᠴᠢᠬᠡᠯ᠎ᠡ ᠭᠡᠵᠦ ᠰᠠᠨᠠᠭᠠᠳ ᠭᠡᠳ ᠬᠡᠷᠡᠭᠡ ᠡᠬᠡᠷ ᠲᠠᠲᠠᠵᠠᠢ᠃《ᠴᠢᠨᠦ ᠬᠡᠷᠡᠭᠡ ᠬᠥᠪᠡᠭᠦᠨ ᠦ᠌ ᠥᠨᠥᠳᠥᠷ ᠤᠴᠢᠷ ᠦᠭᠡᠢ ᠤᠬᠢᠯᠠᠬᠤ ᠶ᠋ᠢ ᠦᠵᠡᠵᠦ ᠶᠡᠬᠡ ᠤᠶᠠᠷᠠᠯ᠎ᠠ᠃ ᠴᠢ ᠲᠡᠭᠦᠨ ᠢ᠋ ᠶᠡᠬᠡ ᠵᠥᠭᠡᠯᠡᠨ ᠰᠠᠢᠬᠠᠨ ᠰᠡᠳᠬᠢᠯᠲᠡᠢ ᠬᠥᠮᠦᠨ ᠪᠣᠯᠭᠠᠨ ᠬᠥᠮᠦᠵᠢᠭᠦᠯᠵᠡᠢ᠃ ᠪᠢ ᠲᠡᠭᠡᠵᠦ ᠴᠢᠩ ᠰᠡᠳᠬᠢᠯ ᠡᠴᠡ ᠪᠡᠨ ᠤᠬᠢᠯᠠᠳᠠᠭ ᠬᠥᠮᠦᠨ ᠢ᠋ ᠠᠩᠬ᠎ᠠ ᠦᠵᠡᠪᠡ᠃ ᠲᠡᠭᠦᠨ ᠦ᠌ ᠨᠢᠯᠪᠤᠰᠤ ᠨᠢᠳᠦᠨ ᠡᠴᠡ ᠪᠡᠨ ᠪᠢᠰᠢ ᠵᠢᠷᠦᠬᠡᠨ ᠡᠴᠡ ᠪᠡᠨ ᠤᠷᠤᠰᠴᠤ ᠪᠠᠢᠬᠤ ᠰᠢᠭ᠋ ᠰᠠᠨᠠᠭᠳᠠᠯ᠎ᠠ᠃ ᠴᠢ ᠭᠦᠮᠦᠳᠠ ᠪᠠᠨ ᠦᠬᠦᠭᠦᠯᠴᠢᠬᠡᠭᠡᠳ ᠶᠠᠭ ᠢᠩᠭᠢᠵᠦ ᠵᠢᠷᠦᠬᠡ ᠪᠡᠷ ᠢ᠋ᠶ᠋ᠡᠨ ᠤᠬᠢᠯᠠᠵᠤ ᠪᠠᠢᠭᠰᠠᠨ ᠢ᠋ ᠪᠢ ᠮᠠᠷᠲᠠᠭ᠎ᠠ ᠦᠭᠡᠢ ᠪᠠᠢᠨ᠎ᠠ᠃ ᠲᠡᠷᠡ ᠨᠠᠳᠠᠳᠤ ᠪᠢᠳᠡᠨ ᠦ᠌ ᠵᠠᠯᠠᠭᠤ ᠨᠠᠰᠤ ᠶ᠋ᠢ ᠰᠠᠨᠠᠭᠳᠠᠭᠤᠯᠤᠯᠠ᠃ ᠬᠡᠷᠡᠭᠡ ᠬᠥᠪᠡᠭᠦᠨ ᠴᠢᠮᠠᠶ᠋ᠢ ᠳᠠᠭᠤᠷᠢᠶᠠᠵᠠᠢ᠃ ᠲᠡᠭᠦᠨ ᠢ᠋ ᠯᠠᠪ ᠲᠡᠭᠷᠢ ᠡᠴᠡ ᠴᠢᠮᠠᠲᠤ ᠢᠯᠡᠭᠡᠭᠰᠡᠨ ᠪᠢᠵᠡ》 ᠭᠡᠵᠦ ᠲᠡᠷᠡ ᠨᠢᠭᠡ ᠡᠳᠦᠷ ᠴᠢᠩᠭᠢᠰ ᠬᠠᠭᠠᠨ ᠤ᠋ ᠬᠡᠯᠡᠭᠰᠡᠨ ᠢ᠋ ᠪᠤᠭᠤᠷᠴᠢ ᠰᠠᠨᠠᠵᠠᠢ᠃ ᠬᠡᠷᠡᠭᠡ ᠬᠥᠪᠡᠭᠦᠨ ᠨᠢ ᠠᠮᠢᠳᠤ ᠪᠠᠢᠭ᠎ᠠ ᠳ᠋ᠤ᠌ ᠪᠤᠭᠤᠷᠴᠢ ᠬᠢᠵᠠᠭᠠᠷ ᠦᠭᠡᠢ ᠠᠵᠠ ᠵᠢᠷᠭᠠᠯ ᠲᠠᠢ ᠪᠣᠯᠪᠠ᠃ ᠲᠡᠷᠡ ᠡᠭᠦᠨ ᠡᠴᠡ ᠡᠮᠦᠨ᠎ᠡ ᠡᠢᠮᠦ ᠠᠵᠠ ᠵᠢᠷᠭᠠᠯᠲᠠᠢ ᠪᠠᠢᠭ᠎ᠠ ᠦᠭᠡᠢ ᠪᠢᠯᠡ᠃
ᠬᠠᠷᠢᠨ ᠲᠡᠷᠡ ᠬᠡᠷᠡᠭᠡ ᠬᠥᠪᠡᠭᠦᠨ ᠳ᠋ᠡᠭᠡᠨ ᠶᠠᠭᠤ ᠴᠤ᠌ ᠬᠡᠯᠡᠭᠰᠡᠨ ᠦᠭᠡᠢ᠃ ᠴᠢᠩᠭᠢᠰ ᠬᠠᠭᠠᠨ ᠳ᠋ᠤ᠌ ᠴᠤ᠌ ᠠᠢᠯᠠᠳᠬᠠᠭᠰᠠᠨ ᠦᠭᠡᠢ ᠥᠩᠭᠡᠷᠡᠵᠡᠢ᠃ ᠭᠡᠪᠡᠴᠦ ᠪᠤᠭᠤᠷᠴᠢ ᠶᠠᠭᠤ ᠬᠢᠬᠦ ᠪᠡᠨ ᠰᠠᠢᠲᠤᠷ ᠪᠣᠳᠣᠨ ᠨᠢᠭᠡᠨᠲᠡ ᠬᠠᠲᠠᠭᠤ ᠰᠢᠢᠳᠦᠭᠰᠡᠨ ᠪᠠᠢᠪᠠ᠃ ᠲᠡᠢᠮᠦ ᠤᠴᠢᠷ ᠠ᠋ᠴᠠ ᠬᠥᠪᠡᠭᠦᠨ ᠢ᠋ᠶ᠋ᠡᠨ ᠬᠠᠷᠠᠵᠤ ᠠᠵᠠ ᠵᠢᠷᠭᠠᠯ ᠳᠦᠭᠦᠷᠡᠩ ᠰᠠᠭᠤᠵᠠᠢ᠃ ᠲᠠᠩᠭᠤᠳ ᠤ᠋ᠨ ᠠᠭᠤᠯᠠᠨ ᠳ᠋ᠤ᠌ ᠪᠣᠷᠣᠭᠠᠨ ᠤ᠋ ᠤᠯᠠᠷᠢᠯ ᠡᠬᠢᠯᠡᠵᠦ ᠬᠡᠳᠦᠨ ᠡᠳᠦᠷ ᠪᠣᠷᠣᠭ᠎ᠠ ᠵᠦᠰᠡᠷᠡᠪᠡ᠃ ᠴᠢᠩᠭᠢᠰ ᠬᠠᠭᠠᠨ ᠳ᠋ᠤ᠌ ᠪᠡᠯᠡᠭᠯᠡᠬᠦ ᠪᠡᠷ ᠴᠠᠭᠠᠲᠠᠢ ᠥᠭᠡᠳᠡᠢ ᠬᠣᠶᠠᠷ ᠤ᠋ᠨ ᠠᠪᠴᠤ ᠢᠷᠡᠭᠰᠡᠨ ᠣᠯᠠᠨ ᠡᠮᠡᠰ ᠥᠬᠢᠳ᠂ ᠬᠥᠪᠡᠭᠦᠳ ᠡᠨᠡ ᠪᠣᠷᠣᠭᠠᠨ ᠳ᠋ᠤ᠌ ᠰᠥᠬᠥᠷᠡᠵᠦ ᠰᠠᠭᠤᠭᠰᠠᠭᠠᠷ ᠬᠣᠨᠣᠭ ᠥᠩᠭᠡᠷᠡᠬᠦ ᠳ᠋ᠦ᠍ ᠵᠠᠬ᠎ᠠ ᠠ᠋ᠴᠠ ᠪᠠᠨ ᠮᠠᠭᠤᠵᠢᠷᠠᠨ ᠤᠨᠠᠵᠤ ᠡᠬᠢᠯᠡᠭᠰᠡᠨ ᠴᠦ᠍ ᠲᠡᠳᠡ ᠲᠣᠭᠣᠭᠰᠠᠨ ᠦᠭᠡᠢ᠃ ᠭᠠᠭᠴᠠ ᠡᠴᠢᠭᠡ ᠶ᠋ᠢᠨ ᠬᠢᠯᠢᠩᠨᠡᠭᠰᠡᠨ ᠳ᠋ᠦ᠍ ᠥᠭᠡᠳᠡᠢ ᠲᠤᠢᠯ ᠤ᠋ᠨ ᠶᠡᠬᠡ ᠭᠡᠯᠮᠡᠭᠳᠡᠵᠦ ᠠᠶᠤᠵᠠᠢ᠃ ᠳᠡᠭᠡᠷ᠎ᠡ ᠨᠢ ᠪᠤᠭᠤᠷᠴᠢ ᠶ᠋ᠢᠨ ᠦᠷᠭᠦᠭᠡᠨ ᠳ᠋ᠦ᠍ ᠪᠣᠯᠤᠭᠰᠠᠨ ᠭᠡᠨᠡᠳᠲᠡ ᠶ᠋ᠢᠨ ᠰᠠᠨᠠᠭᠠᠨ ᠳ᠋ᠤ᠌ ᠦᠭᠡᠢ ᠶᠠᠪᠤᠳᠠᠯ ᠶᠠᠭᠤ ᠪᠠᠷ ᠲᠡᠭᠦᠰᠬᠦ ᠶ᠋ᠢ ᠳᠠᠭᠠᠬᠤ ᠶ᠋ᠢᠨ ᠠᠷᠭ᠎ᠠ ᠦᠭᠡᠢ ᠪᠠᠢᠯ᠎ᠠ᠃ ᠴᠠᠭᠠᠲᠠᠢ᠂ ᠥᠩᠭᠡᠷᠡᠭᠰᠡᠨ ᠬᠣᠢᠨ᠎ᠠ ᠪᠣᠯᠤᠭᠰᠠᠨ ᠶᠠᠪᠤᠳᠠᠯ ᠳ᠋ᠤ᠌ ᠪᠢᠴᠢᠬᠠᠨ ᠬᠠᠷᠠᠮᠰᠠᠭᠰᠠᠨ ᠴᠤ᠌ ᠶᠢᠰᠦᠢ ᠬᠠᠲᠤᠨ ᠳ᠋ᠤ᠌
| ᠪᠢ ᠥᠪᠡᠷ ᠦ᠋ᠨ ᠰᠢᠢᠳᠪᠦᠷᠢ ᠡᠴᠡ ᠨᠢᠴᠤᠵᠤ ᠤᠬᠤᠷᠢᠬᠤ ᠦᠭᠡᠢ᠃ ᠬᠡᠨ ᠦ᠌ ᠬᠥᠪᠡᠭᠦᠨ᠂ ᠬᠡᠨ ᠪᠠᠢᠭᠰᠠᠨ ᠴᠤ᠌ ᠬᠠᠭᠠᠨ ᠡᠵᠡᠨ ᠢ᠋ᠶ᠋ᠡᠨ ᠬᠠᠮᠠᠭᠠᠯᠠᠨ ᠬᠠᠷᠠᠭᠠᠯᠵᠠᠵᠤ ᠴᠢᠳᠠᠭ᠎ᠠ ᠦᠭᠡᠢ ᠪᠣᠯ ᠭᠡᠮ ᠶᠠᠯ᠎ᠠ ᠪᠠᠨ ᠬᠦᠷᠲᠡᠬᠦ ᠶᠣᠰᠣᠲᠠᠢ ᠭᠡᠵᠦ ᠬᠡᠯᠡᠵᠡᠢ᠃
| ᠳᠠᠢᠳᠤᠵᠤ ᠪᠠᠢᠭ᠎ᠠ ᠴᠡᠷᠢᠭ ᠢ᠋ᠶ᠋ᠡᠨ ᠣᠷᠬᠢᠭᠠᠳ ᠢᠷᠡᠵᠦ ᠴᠢᠳᠠᠭ᠎ᠠ ᠦᠭᠡᠢ ᠶᠠᠯ᠎ᠠ ᠪᠠᠨ ᠪᠢᠳᠡ ᠬᠦᠯᠢᠶᠡᠶ᠎ᠡ᠃ ᠬᠠᠷᠢᠨ ᠬᠠᠭᠠᠨ ᠡᠴᠢᠭᠡ ᠶ᠋ᠢ ᠮᠣᠷᠢᠨ ᠠ᠋ᠴᠠ ᠤᠨᠠᠭᠠᠭᠰᠠᠨ ᠶᠠᠯᠠᠲᠠᠨ ᠢ᠋ ᠰᠢᠳᠤᠷᠭᠤ ᠪᠠᠷ ᠵᠠᠯᠬᠠᠭᠠᠭᠲᠤᠨ ᠭᠡᠵᠦ ᠪᠠᠰᠠ ᠬᠡᠯᠡᠬᠦ ᠪᠡᠨ ᠮᠠᠷᠲᠠᠭᠰᠠᠨ ᠦᠭᠡᠢ᠃ ᠤᠴᠢᠷ ᠨᠢ ᠶᠢᠰᠦᠢ ᠬᠠᠲᠤᠨ ᠲᠡᠭᠦᠨ ᠦ᠌ ᠡᠨᠡ ᠦᠭᠡ ᠶ᠋ᠢ ᠴᠢᠩᠭᠢᠰ ᠬᠠᠭᠠᠨ ᠳ᠋ᠤ᠌ ᠤᠯᠠᠮᠵᠢᠯᠠᠬᠤ ᠶ᠋ᠢ ᠲᠡᠷᠡ ᠮᠡᠳᠡᠵᠦ ᠪᠠᠢᠪᠠ᠃ ᠲᠡᠷᠡ ᠶᠣᠰᠣᠭᠠᠷ ᠴᠤ᠌ ᠪᠣᠯᠵᠠᠢ᠃ ᠭᠡᠲᠡᠯ᠎ᠡ ᠴᠠᠭᠠᠲᠠᠢ ᠶ᠋ᠢᠨ ᠪᠣᠳᠣᠭᠰᠠᠨ ᠰᠢᠭ᠋ ᠴᠢᠩᠭᠢᠰ ᠬᠠᠭᠠᠨ ᠠᠭᠤᠵᠢᠷᠠᠨ ᠲᠠᠢᠳᠬᠤᠷᠠᠵᠤ᠂ ᠠᠭᠤᠴᠢᠯᠠᠨ ᠥᠷᠥᠰᠢᠶᠡᠵᠦ᠂ ᠪᠦᠭᠦᠳᠡ ᠶ᠋ᠢ ᠲᠡᠭᠦᠨ ᠦ᠌ ᠰᠠᠨᠠᠭᠰᠠᠨ ᠢ᠋ᠶ᠋ᠠᠷ ᠬᠢᠭᠰᠡᠨ ᠦᠭᠡᠢ᠂ ᠬᠠᠷᠢᠨ ᠴᠤ᠌ ᠲᠡᠳᠡᠨ ᠢ᠋ ᠪᠠᠷᠠᠯᠬᠠᠭᠤᠯᠤᠭᠰᠠᠨ ᠦᠭᠡᠢ ᠳᠠᠬᠢᠨ ᠨᠢᠭᠡ ᠬᠣᠨᠣᠪᠠ᠃ ᠴᠠᠭᠠᠲᠠᠢ ᠶ᠋ᠢᠨ ᠲᠡᠪᠴᠢᠶᠡᠷᠢ ᠠᠯᠳᠠᠷᠠᠵᠤ ᠶᠣᠰᠣᠲᠠᠢ ᠥᠯᠥᠰᠬᠦᠯᠡᠩ ᠰᠤᠮᠤᠨ ᠮᠣᠭᠠᠢ ᠰᠢᠭ᠋ ᠡᠪᠬᠡᠷᠡᠵᠦ᠂ ᠦᠰᠦᠴᠢᠵᠦ ᠪᠠᠢᠪᠠ᠃ ᠭᠡᠪᠡᠴᠦ ᠣᠳᠣ ᠲᠡᠭᠦᠨ ᠳ᠋ᠦ᠍ ᠥᠭᠡᠷ᠎ᠡ ᠬᠢᠬᠦ ᠶᠠᠭᠤᠮ᠎ᠠ ᠣᠯᠳᠠᠭᠰᠠᠨ ᠦᠭᠡᠢ᠃ ᠪᠤᠭᠤᠷᠴᠢ ᠶ᠋ᠢᠨ ᠡᠷᠭᠦᠮᠡᠯ ᠬᠥᠪᠡᠭᠦᠨ ᠭᠡᠭᠳᠡᠬᠦ ᠲᠡᠷᠡ ᠬᠡᠷᠡᠭᠡ ᠲᠡᠢ ᠡᠭᠦᠨ ᠡᠴᠡ ᠢᠯᠡᠭᠦᠦ ᠱᠦᠷᠭᠦᠭᠡᠯᠳᠦᠪᠡᠯ ᠠᠶᠤᠯ ᠲᠠᠢ ᠶ᠋ᠢ ᠥᠭᠡᠳᠡᠢ ᠰᠠᠨᠠᠭᠤᠯᠤᠭᠰᠠᠨ ᠲᠤᠯᠠ ᠡᠷᠬᠡ ᠦᠭᠡᠢ ᠦᠭᠡᠨ ᠳ᠋ᠦ᠍ᠨᠢ ᠣᠷᠣᠵᠠᠢ᠃ ᠤᠭ ᠨᠢ ᠲᠡᠭᠦᠨ ᠢ᠋ ᠲᠠᠰᠤ ᠴᠠᠪᠴᠢᠨ ᠠᠯᠠᠬᠤ ᠳ᠋ᠤ᠌ ᠴᠠᠭᠠᠲᠠᠢ ᠪᠡᠯᠡᠨ ᠪᠠᠢᠪᠠ᠃ ᠭᠡᠷ ᠲᠡᠷᠭᠡ ᠶ᠋ᠢᠨ ᠢ᠋ᠶ᠋ᠡᠨ ᠲᠠᠪᠴᠠᠩ ᠳᠡᠭᠡᠷ᠎ᠡ ᠴᠠᠭᠠᠲᠠᠢ ᠪᠠᠷᠤᠭᠠᠷ ᠴᠢᠷᠠᠢᠯᠠᠨ ᠵᠣᠭᠰᠣᠵᠤ ᠪᠠᠢᠲᠠᠯ᠎ᠠ ᠴᠢᠩᠭᠢᠰ ᠬᠠᠭᠠᠨ ᠤ᠋ ᠬᠦᠷᠢᠶ᠎ᠡ ᠤᠷᠤᠭᠤ ᠶᠠᠪᠤᠭᠰᠠᠨ ᠥᠭᠡᠳᠡᠢ ᠪᠤᠴᠠᠵᠤ ᠢᠷᠡᠭᠡᠳ ᠲᠡᠭᠦᠨ ᠦ᠌ ᠳᠡᠷᠭᠡᠳᠡ ᠲᠠᠭ ᠳᠠᠭᠤ ᠦᠭᠡᠢ ᠵᠣᠭᠰᠣᠪᠠ᠃ ᠡᠨᠡ ᠦᠶ᠎ᠡ ᠳ᠋ᠦ᠍ ᠴᠠᠭᠠᠲᠠᠢ ᠳᠥᠴᠢᠨ ᠭᠤᠷᠪᠠ᠂ ᠥᠭᠡᠳᠡᠢ ᠳᠥᠴᠢᠨ ᠨᠢᠭᠡᠨ ᠨᠠᠰᠤ ᠬᠦᠷᠴᠦ ᠪᠠᠢᠯ᠎ᠠ᠃ ᠥᠭᠡᠳᠡᠢ ᠶ᠋ᠢᠨ ᠴᠢᠷᠠᠢ ᠶ᠋ᠢ ᠬᠠᠷᠠᠮᠠᠭᠴᠠ ᠯᠠ ᠣᠯᠢᠭᠲᠠᠢ ᠶᠠᠭᠤᠮ᠎ᠠ ᠪᠣᠯᠤᠭᠰᠠᠨ ᠦᠭᠡᠢ ᠶ᠋ᠢ ᠴᠠᠭᠠᠲᠠᠢ ᠣᠢᠯᠠᠭᠠᠭᠰᠠᠨ ᠴᠤ᠌ ᠲᠡᠰᠦᠭᠰᠡᠨ ᠦᠭᠡᠢ᠃
| ᠬᠠᠭᠠᠨ ᠡᠴᠢᠭᠡ ᠪᠢᠳᠡᠨ ᠢ᠋ ᠪᠠᠷᠠᠯᠬᠠᠭᠤᠯᠬᠤ ᠶ᠋ᠢ ᠵᠠᠷᠯᠢᠭ ᠪᠠᠭᠤᠯᠭᠠᠭᠰᠠᠨ ᠦᠭᠡᠢ ᠤᠤ? ᠭᠡᠵᠦ ᠬᠠᠰᠬᠢᠷᠴᠠᠢ᠃ ᠴᠠᠭᠠᠲᠠᠢ ᠠᠭᠤᠷᠯᠠᠨ ᠬᠢᠯᠢᠩᠨᠡᠭᠰᠡᠨ ᠡᠴᠡ ᠪᠡᠨ ᠪᠣᠯᠤᠭᠠᠳ ᠰᠢᠲᠠᠵᠤ ᠳᠡᠯᠪᠡᠷᠡᠬᠦ ᠭᠡᠵᠦ ᠪᠠᠢᠯ᠎ᠠ᠃
| ᠴᠠᠭᠠᠲᠠᠢ ᠠᠬ᠎ᠠ ᠠ᠋᠂ ᠪᠢ ᠶᠢᠰᠦᠢ ᠬᠠᠲᠤᠨ ᠲᠠᠢ ᠠᠭᠤᠯᠵᠠᠯ᠎ᠠ᠃ ᠬᠠᠭᠠᠨ ᠡᠴᠢᠭᠡ ᠶᠠᠭᠤ ᠴᠤ᠌ ᠡᠰᠡ ᠬᠡᠯᠡᠵᠡᠢ᠃ ᠪᠢᠳᠡᠨ ᠢ᠋ ᠲᠦᠷᠭᠡᠨ ᠭᠣᠣᠮᠠᠢ ᠬᠥᠳᠡᠯᠵᠡᠢ ᠭᠡᠵᠦ ᠶᠢᠰᠦᠢ ᠬᠠᠲᠤᠨ ᠵᠢᠮᠡᠯᠡᠵᠦ ᠪᠠᠢᠨ᠎ᠠ ᠭᠡᠵᠦ ᠥᠭᠡᠳᠡᠢ ᠭᠠᠰᠢᠭᠤᠳᠠᠯᠲᠠᠢ ᠪᠠᠷ ᠰᠢᠪᠡᠨᠡᠪᠡ᠃
| ᠥᠭᠡᠳᠡᠢ᠂ ᠴᠢᠨᠦ ᠡᠨᠡ ᠦᠯᠪᠡᠭᠡᠷ ᠦᠬᠡᠨᠴᠡ ᠵᠠᠩ ᠬᠡᠨ ᠳ᠋ᠦ᠍ ᠬᠡᠷᠡᠭ ᠲᠡᠢ ᠶᠦᠮ ᠪᠣᠢ? ᠶᠠᠭᠤᠨ ᠳ᠋ᠤ᠌ ᠲᠡᠷᠡ ᠡᠮ᠎ᠡ ᠳ᠋ᠦ᠍ ᠣᠯᠠᠨ ᠦᠭᠡ ᠬᠡᠯᠡᠵᠦ ᠳᠡᠮᠡᠢ ᠴᠠᠯᠴᠢᠨ ᠮᠠᠭᠤ ᠪᠠᠨ ᠦᠵᠡᠭᠦᠯᠪᠡ? ᠴᠢ ᠲᠡᠭᠦᠨ ᠢ᠋ ᠬᠠᠭᠠᠨ ᠡᠴᠢᠭᠡ ᠳ᠋ᠦ᠍ ᠶᠠᠭᠤ ᠭᠡᠵᠦ ᠨᠡᠮᠡᠵᠦ ᠵᠣᠬᠢᠶᠠᠵᠤ ᠪᠤᠷᠠᠬᠤ ᠶ᠋ᠢ ᠮᠡᠳᠡᠬᠦ ᠤᠤ? ᠲᠡᠷᠡ ᠴᠢᠨᠢ ᠨᠢᠭᠡ ᠮᠠᠭᠤ ᠬᠥᠨᠳᠡᠯᠡᠨ ᠦ᠌ ᠡᠮ᠎ᠡ ᠪᠢᠰᠢ ᠤᠤ? ᠴᠢ ᠪᠢᠳᠡ ᠬᠣᠶᠠᠷ ᠢᠩᠭᠢᠵᠦ ᠬᠥᠨᠳᠡᠯᠡᠨ ᠦ᠌ ᠡᠮ᠎ᠡ ᠡᠴᠡ ᠳᠣᠣᠷ᠎ᠠ ᠳ᠋ᠤ᠌ ᠦᠵᠡᠭᠳᠡᠵᠦ ᠳᠣᠯᠳᠣᠢ ᠰᠢᠭ᠋ ᠪᠠᠢᠬᠤ ᠪᠠᠷ ᠬᠠᠭᠠᠨ ᠡᠴᠢᠭᠡ ᠶ᠋ᠢᠨ ᠦᠷᠭᠦᠭᠡᠨ ᠳ᠋ᠦ᠍ ᠳᠠᠭᠠᠷᠢᠨ ᠣᠷᠣᠵᠤ ᠤᠴᠢᠷ ᠢ᠋ ᠠᠰᠠᠭᠤᠨ ᠶᠠᠯᠠᠯᠠᠭᠳᠠᠪᠠᠯ ᠶᠠᠯᠠᠯᠠᠭᠳᠠᠶᠠ ᠭᠡᠵᠦ ᠴᠠᠭᠠᠲᠠᠢ ᠲᠡᠰᠬᠡᠯ ᠦᠭᠡᠢ ᠪᠤᠬᠢᠨᠢᠳᠤᠪᠠ᠃ ᠴᠠᠭᠠᠲᠠᠢ ᠶ᠋ᠢᠨ ᠡᠨᠡ ᠦᠭᠡ ᠥᠭᠡᠳᠡᠢ ᠳ᠋ᠦ᠍ ᠲᠠᠭᠠᠯᠠᠭᠳᠠᠭᠰᠠᠨ ᠦᠭᠡᠢ᠃
| ᠴᠠᠭᠠᠲᠠᠢ ᠠᠬ᠎ᠠ ᠲᠠ ᠲᠡᠪᠴᠢᠵᠦ ᠠᠵᠠᠨᠠ᠃ ᠶᠢᠰᠦᠢ ᠬᠠᠲᠤᠨ ᠢ᠋ ᠶᠠᠭᠠᠬᠢᠵᠤ ᠲᠡᠭᠡᠵᠦ ᠦᠵᠡᠵᠦ ᠪᠣᠯᠤᠨ᠎ᠠ? ᠲᠡᠭᠡᠭᠡᠳ ᠴᠦ᠍ ᠪᠢ ᠲᠠᠨ ᠤ᠋ ᠬᠡᠯᠡᠭᠰᠡᠨ ᠢ᠋ᠶ᠋ᠡᠷ ᠪᠦᠬᠦᠨ ᠢ᠋ ᠬᠢᠬᠦ ᠶᠣᠰᠣᠲᠠᠢ ᠭᠡᠵᠦ ᠤᠤ? ᠪᠦᠦ ᠣᠮᠣᠭᠳᠠ᠃ ᠶᠡᠷᠦ ᠨᠢ ᠪᠢ ᠪᠤᠷᠤᠭᠤ ᠬᠡᠷᠡᠭ ᠬᠢᠭᠰᠡᠨ ᠦᠭᠡᠢ᠃ ᠪᠤᠷᠤᠭᠤ ᠶ᠋ᠢ ᠲᠠ ᠬᠢᠪᠡ ᠭᠡᠵᠦ ᠡᠰᠡᠷᠭᠦᠴᠡᠨ ᠰᠢᠪᠡᠨᠡᠪᠡ᠃ ᠲᠡᠳᠡ ᠪᠡᠶ᠎ᠡ ᠪᠡᠶ᠎ᠡ ᠶ᠋ᠢ ᠬᠡᠷᠦᠭᠰᠡᠨ ᠪᠤᠬ᠎ᠠ ᠰᠢᠭ᠋ ᠬᠠᠷᠠᠵᠤ ᠵᠣᠭᠰᠣᠵᠠᠢ᠃
| ᠥᠭᠡᠳᠡᠢ᠂ ᠴᠢ ᠢᠰᠦᠭᠰᠡᠨ ᠲᠠᠷᠠᠭ ᠰᠢᠭ᠋ ᠪᠦᠦ ᠰᠠᠭᠭᠠ᠃ ᠴᠢ ᠣᠳᠣᠬᠠᠨ ᠳ᠋ᠠᠭᠠᠨ ᠬᠠᠭᠠᠨ ᠰᠠᠭᠤᠭ᠎ᠠ ᠦᠭᠡᠢ ᠪᠠᠢᠨ᠎ᠠ᠃ ᠬᠠᠭᠠᠨ ᠡᠴᠢᠭᠡ ᠡᠩᠬᠡ ᠲᠤᠩᠬ᠎ᠠ ᠪᠠᠢᠬᠤ ᠳ᠋ᠤ᠌ ᠴᠢ ᠪᠦᠦ ᠬᠠᠭᠠᠨ ᠬᠥᠮᠦᠨ ᠮᠡᠲᠦ ᠵᠠᠩᠨᠠᠵᠤ᠂ ᠬᠠᠮᠤᠭ ᠶᠡᠬᠡ ᠦᠭᠡ ᠶ᠋ᠢ ᠬᠡᠯᠡᠭᠲᠦᠨ᠃ ᠢᠰᠦᠭᠰᠡᠨ ᠲᠠᠷᠠᠭ ᠰᠠᠢᠨ ᠳ᠋ᠠᠭᠠᠨ ᠯᠠ ᠢᠷᠮᠡᠭ ᠳᠠᠪᠠᠨ ᠰᠢᠷᠢᠳᠡᠭ ᠦ᠋ᠨ ᠳᠡᠭᠡᠷ᠎ᠡ ᠠᠰᠬᠠᠷᠠᠨ᠎ᠠ᠃ ᠴᠢ ᠥᠪᠡᠷ ᠢ᠋ ᠪᠡᠨ ᠶᠡᠬᠡᠳᠡ ᠪᠦᠦ ᠪᠣᠳᠣ᠃ ᠬᠡᠷᠪᠡ ᠴᠠᠭᠠᠲᠠᠢ ᠪᠢ᠂ ᠴᠢᠨᠦ ᠨᠡᠷ᠎ᠡ ᠶ᠋ᠢ ᠳᠤᠷᠠᠳᠬᠠᠨ ᠬᠠᠭᠠᠨ ᠡᠴᠢᠭᠡ ᠶ᠋ᠢᠨ ᠡᠮᠦᠨ᠎ᠡ᠂ ᠬᠠᠮᠤᠭ ᠶᠡᠬᠡᠰ ᠦ᠋ᠨ ᠳᠡᠷᠭᠡᠳᠡ ᠳᠡᠪᠰᠢᠭᠦᠯᠦᠭᠡ ᠦᠭᠡᠢ ᠪᠣᠯ ᠬᠡᠨ ᠴᠢᠮᠠᠶ᠋ᠢ ᠬᠠᠭᠠᠨ ᠰᠠᠭᠤᠳᠠᠯ ᠳ᠋ᠤ᠌ ᠡᠷᠭᠦᠮᠵᠢᠯᠡᠬᠦ ᠪᠢᠯᠡ᠃ ᠲᠡᠢᠮᠦ ᠪᠣᠯᠬᠣᠷ ᠴᠢ ᠮᠢᠨᠦ ᠦᠭᠡ ᠶ᠋ᠢ ᠳᠠᠭᠠᠬᠤ ᠶᠣᠰᠣᠲᠠᠢ᠃ ᠪᠢ ᠴᠢᠨᠦ ᠠᠬ᠎ᠠ ᠪᠢᠰᠢ ᠤᠤ?
| ᠪᠢ ᠳᠤᠷᠠᠲᠠᠢ ᠳ᠋ᠠᠭᠠᠨ ᠬᠠᠭᠠᠨ ᠪᠣᠯᠤᠶ᠎ᠠ ᠭᠡᠰᠡᠨ ᠦᠭᠡᠢ᠃ ᠬᠠᠭᠠᠨ ᠡᠴᠢᠭᠡ ᠰᠣᠶᠣᠷᠬᠠᠨ ᠵᠠᠷᠯᠢᠭ ᠪᠠᠭᠤᠯᠭᠠᠵᠤ ᠵᠥᠴᠢ ᠠᠬ᠎ᠠ᠂ ᠲᠤᠯᠤᠢ ᠳᠡᠭᠦᠦ ᠲᠠ ᠭᠤᠷᠪᠠ ᠳᠡᠮᠵᠢᠵᠦ ᠪᠠᠲᠤᠯᠠᠭᠰᠠᠨ ᠪᠢᠰᠢ ᠤᠤ? ᠴᠠᠭᠠᠲᠠᠢ ᠠᠬ᠎ᠠ ᠲᠠ ᠥᠩᠭᠡᠷᠡᠭᠰᠡᠨ ᠬᠣᠢᠨ᠎ᠠ ᠵᠠᠯᠢᠬᠠᠢ ᠦᠭᠡ ᠪᠦᠦ ᠬᠡᠯᠡ᠃ ᠪᠢ ᠲᠠᠨ ᠤ᠋ ᠡᠨᠡ ᠦᠭᠡ ᠶ᠋ᠢ ᠰᠣᠨᠣᠰᠤᠭ᠎ᠠ ᠦᠭᠡᠢ ᠭᠡᠵᠦ ᠰᠠᠨᠠᠶ᠎ᠠ᠃ ᠬᠠᠷᠢᠨ ᠲᠠᠨ ᠤ᠋ ᠡᠨᠡ ᠦᠭᠡ ᠶ᠋ᠢ ᠬᠠᠭᠠᠨ ᠡᠴᠢᠭᠡ ᠰᠣᠨᠣᠰᠪᠠᠯ ᠶᠡᠷᠦ ᠰᠠᠢᠨ ᠶᠠᠭᠤᠮ᠎ᠠ ᠪᠣᠯᠬᠤ ᠦᠭᠡᠢ ᠭᠡᠵᠦ ᠥᠭᠡᠳᠡᠢ᠂ ᠴᠠᠭᠠᠲᠠᠢ ᠶ᠋ᠢᠨ ᠬᠤᠷᠴᠠ ᠲᠦᠷᠭᠡᠨ ᠵᠠᠩ ᠢ᠋ ᠮᠡᠳᠡᠬᠦ ᠬᠥᠮᠦᠨ ᠦ᠌ ᠶᠣᠰᠣᠭᠠᠷ ᠲᠠᠢᠪᠤᠰᠢᠷᠠᠭᠤᠯᠤᠨ ᠬᠡᠯᠡᠪᠡ᠃ ᠴᠠᠭᠠᠲᠠᠢ ᠬᠡᠳᠦᠢ ᠪᠡᠷ ᠥᠭᠡᠳᠡᠢ ᠶ᠋ᠢᠨ ᠡᠨᠡ ᠦᠭᠡᠨ ᠳ᠋ᠦ᠍ ᠰᠢᠷᠪᠡᠭᠡᠲᠦᠨ ᠰᠣᠴᠢᠵᠤ ᠠᠶᠤᠭᠰᠠᠨ ᠪᠣᠯᠪᠠᠴᠤ ᠲᠡᠢᠮᠦ ᠴᠦ᠍ ᠠᠮᠠᠷ ᠪᠠᠭᠤᠵᠤ ᠥᠭᠬᠦ ᠶ᠋ᠢ ᠦᠯᠦ ᠬᠦᠰᠡᠪᠡ᠃ ᠲᠡᠷᠡ ᠤᠭ ᠠ᠋ᠴᠠ ᠪᠠᠭᠤᠵᠤ ᠥᠭᠬᠦ ᠶ᠋ᠢ ᠦᠬᠦᠬᠦ ᠲᠡᠢ ᠠᠳᠠᠯᠢ ᠦᠵᠡᠬᠦ ᠪᠢᠯᠡ᠃
| ᠥᠭᠡᠳᠡᠢ᠂ ᠪᠢ ᠴᠢᠮᠠᠶ᠋ᠢ ᠬᠠᠭᠠᠨ ᠰᠠᠭᠤᠨ᠎ᠠ ᠭᠡᠵᠦ ᠬᠡᠯᠡᠭᠰᠡᠨ ᠦᠭᠡ ᠪᠡᠨ ᠦᠯᠦ ᠪᠤᠴᠠᠭᠠᠨ᠎ᠠ᠃ ᠪᠢ ᠪᠥᠭᠡᠯᠵᠢᠰᠦ ᠪᠡᠨ ᠪᠤᠴᠠᠭᠠᠵᠤ ᠢᠳᠡᠳᠡᠭ ᠨᠣᠬᠠᠢ ᠪᠢᠰᠢ᠃ ᠭᠡᠪᠡᠴᠦ ᠬᠣᠵᠢᠮ ᠤ᠋ᠨ ᠨᠢᠭᠡ ᠡᠳᠦᠷ ᠦᠭᠡ ᠵᠥᠷᠢᠵᠦ᠂ ᠦᠢᠯᠡᠰ ᠬᠠᠵᠠᠢᠬᠤ ᠦᠭᠡᠢ ᠶ᠋ᠢᠨ ᠲᠤᠯᠠᠳᠠ ᠪᠢ ᠬᠡᠯᠡᠭᠰᠡᠨ ᠦᠭᠡ ᠪᠡᠨ ᠮᠠᠷᠲᠠᠶ᠎ᠠ᠃ ᠴᠢ ᠴᠦ᠍ ᠳᠠᠬᠢᠨ ᠪᠦᠦ ᠰᠠᠨᠠ ᠭᠡᠪᠡᠯ ᠥᠭᠡᠳᠡᠢ
| ᠠᠬ᠎ᠠ ᠶ᠋ᠢᠨ ᠦᠭᠡᠨ ᠳ᠋ᠦ᠍ ᠰᠡᠳᠬᠢᠯ ᠬᠠᠨᠤᠯ᠎ᠠ ᠭᠡᠵᠦ ᠵᠥᠭᠡᠯᠡᠨ ᠢᠨᠢᠶᠡᠮᠰᠦᠭᠯᠡᠪᠡ᠃ ᠦᠨᠡᠬᠡᠷ ᠥᠭᠡᠳᠡᠢ ᠡᠴᠡ ᠥᠭᠡᠷ᠎ᠡ ᠬᠥᠮᠦᠨ ᠪᠠᠢᠭᠠᠳ ᠴᠠᠭᠠᠲᠠᠢ ᠶ᠋ᠢ ᠴᠢᠩᠭᠢᠰ ᠬᠠᠭᠠᠨ ᠳ᠋ᠤ᠌ ᠬᠣᠪᠯᠠᠪᠠᠯ ᠲᠡᠷᠡ ᠰᠠᠢᠨ ᠢ᠋ᠶ᠋ᠠᠨ ᠦᠵᠡᠬᠦ ᠦᠭᠡᠢ ᠨᠢ ᠮᠡᠳᠡᠭᠡᠵᠢ ᠪᠢᠯᠡ᠃ ᠲᠡᠳᠡ ᠳᠠᠬᠢᠨ ᠦᠭᠡ ᠬᠡᠯᠡᠯᠴᠡᠵᠦ ᠴᠢᠳᠠᠭᠰᠠᠨ ᠦᠭᠡᠢ᠃ ᠤᠴᠢᠷ ᠨᠢ ᠰᠥᠬᠥᠷᠡᠨ ᠰᠠᠭᠤᠭᠰᠠᠨ ᠪᠣᠭᠣᠯ ᠤ᠋ᠳ ᠤ᠋ᠨ ᠳᠤᠮᠳᠠ ᠦᠢᠮᠡᠭᠡᠨ ᠭᠠᠷᠴᠤ ᠬᠠᠷᠠᠭᠤᠯ ᠤ᠋ᠳ ᠤ᠋ᠨ᠂ ᠨᠢᠭᠡ ᠬᠥᠮᠦᠨ ᠢ᠋ ᠴᠢᠷᠦᠨ ᠠᠪᠴᠢᠷᠠᠭᠰᠠᠨ ᠨᠢ ᠤᠷᠲᠤ ᠪᠠᠪᠠᠭᠠᠷ ᠰᠠᠬᠠᠯ ᠲᠠᠢ᠂ ᠴᠠᠭᠠᠲᠠᠢ ᠶ᠋ᠢᠨ ᠪᠣᠭᠣᠯ ᠣᠷᠣᠰ ᠳᠠᠷᠬᠠᠨ ᠠᠵᠢ᠃ ᠣᠷᠣᠰ ᠳᠠᠷᠬᠠᠨ ᠬᠣᠶᠠᠷ ᠬᠣᠨᠣᠭ ᠰᠥᠬᠥᠷᠡᠨ ᠰᠠᠭᠤᠵᠤ ᠳᠣᠷᠣᠮᠵᠢᠯᠠᠭᠳᠠᠭᠰᠠᠨ ᠳ᠋ᠠᠭᠠᠨ ᠶᠡᠬᠡᠳᠡ ᠬᠢᠯᠢᠩᠨᠡᠵᠦ ᠠᠭᠤᠷ ᠲᠠᠭᠠᠨ ᠦᠬᠦᠯ ᠡᠴᠡ ᠴᠦ᠍ ᠠᠶᠤᠬᠤ ᠦᠭᠡᠢ ᠪᠣᠯᠵᠠᠢ᠃ ᠲᠡᠷᠡ 《ᠮᠠᠭᠤ ᠰᠠᠢᠨ ᠦᠬᠡᠷ ᠮᠣᠩᠭᠣᠯᠴᠤᠳ ᠨᠠᠮᠠᠶ᠋ᠢ ᠦᠳᠲᠡᠷ ᠲᠦᠷᠭᠡᠨ ᠠᠯᠠᠭᠲᠤᠨ᠃ ᠲᠠ ᠨᠠᠷ ᠤ᠋ᠨ ᠪᠣᠭᠣᠯ ᠪᠠᠢᠭᠰᠠᠨ ᠠ᠋ᠴᠠ ᠲᠠᠪᠠ ᠪᠠᠷ ᠢ᠋ᠶ᠋ᠠᠨ ᠦᠬᠦᠶ᠎ᠡ》 ᠭᠡᠵᠦ ᠣᠷᠣᠰ ᠬᠡᠯᠡ ᠪᠡᠷ ᠢ᠋ᠶ᠋ᠡᠨ ᠬᠠᠰᠬᠢᠷᠴᠤ ᠵᠥᠭᠡᠵᠦ ᠴᠡᠷᠢᠭ ᠦ᠋ᠳ ᠲᠡᠢ ᠨᠣᠴᠣᠯᠳᠤᠬᠤ ᠪᠥᠯᠥᠭᠡ᠃
| ᠨᠠᠭᠠᠳᠤᠬᠢ ᠴᠢᠨᠢ ᠶᠠᠭᠤ ᠭᠡᠵᠦ ᠬᠡᠳᠡᠭᠡᠨ᠎ᠡ ᠰᠢᠭ ᠳᠦᠩᠭᠢᠨᠡᠭᠡᠳ ᠪᠠᠢᠨ᠎ᠠ? ᠭᠡᠵᠦ ᠴᠠᠭᠠᠲᠠᠢ ᠥᠪᠡᠷ ᠦ᠋ᠨ ᠪᠣᠭᠣᠯ ᠢ᠋ ᠲᠠᠨᠢᠮᠠᠭᠴᠠ ᠬᠠᠰᠬᠢᠷᠪᠠ᠃ ᠡᠨᠡ ᠮᠢᠭᠡ ᠭᠡᠭᠴᠢ ᠣᠷᠣᠰ ᠡᠷ᠎ᠡ ᠪᠣᠯ ᠰᠡᠯᠡᠮ᠎ᠡ ᠤᠷᠠᠯᠠᠬᠤ ᠳ᠋ᠠᠭᠠᠨ ᠳᠠᠩᠴᠤ ᠤᠷᠠᠨ ᠭᠠᠷ ᠲᠠᠢ ᠲᠤᠯᠠ ᠴᠠᠭᠠᠲᠠᠢ᠂ ᠴᠢᠩᠭᠢᠰ ᠬᠠᠭᠠᠨ ᠳ᠋ᠤ᠌ ᠪᠡᠯᠡᠭᠯᠡᠬᠦ ᠪᠡᠷ ᠠᠪᠴᠢᠷᠠᠭᠰᠠᠨ ᠨᠢ ᠡᠨᠡ ᠪᠠᠢᠵᠠᠢ᠃ ᠴᠠᠭᠠᠲᠠᠢ ᠶ᠋ᠢ ᠦᠵᠡᠮᠡᠭᠴᠡ ᠳᠠᠷᠬᠠᠨ ᠰᠥᠬᠥᠷᠡᠵᠦ ᠬᠠᠰᠬᠢᠷᠤᠭᠰᠠᠨ ᠢ᠋ ᠬᠡᠯᠡᠮᠦᠷᠴᠢ ᠳᠠᠮᠵᠢᠭᠤᠯᠪᠠ᠃
| ᠴᠠᠭᠠᠲᠠᠢ ᠡᠵᠡᠨᠲᠡᠨ᠂ ᠪᠢ ᠲᠠᠨ ᠤ᠋ ᠳ᠋ᠤ᠌ ᠢᠷᠡᠭᠡᠳ ᠪᠦᠲᠦᠨ ᠵᠢᠯ ᠬᠣᠶᠠᠷ ᠭᠠᠷ ᠢ᠋ᠶ᠋ᠠᠨ ᠬᠣᠯᠴᠣᠷᠠᠲᠠᠯᠠ ᠰᠡᠯᠡᠮ᠎ᠡ ᠬᠢᠲᠤᠭ᠎ᠠ ᠳᠠᠷᠬᠠᠯᠠᠯᠠ᠃ ᠭᠡᠲᠡᠯ᠎ᠡ ᠪᠢ ᠡᠨᠳᠡ ᠤᠰᠤ ᠰᠢᠪᠡᠷ ᠳᠤᠮᠳᠠ ᠬᠣᠶᠠᠷ ᠬᠣᠨᠣᠭ ᠪᠣᠷᠪᠢ ᠪᠠᠨ ᠲᠡᠨᠢᠢᠯᠭᠡᠭᠰᠡᠨ ᠦᠭᠡᠢ ᠰᠥᠬᠥᠷᠡᠵᠦ ᠰᠠᠭᠤᠯ᠎ᠠ᠃ ᠪᠢ ᠰᠥᠬᠥᠷᠡᠵᠦ ᠰᠠᠭᠤᠵᠤ ᠬᠠᠨᠪᠠ᠃ ᠡᠢᠮᠦ ᠵᠠᠯᠬᠠᠭᠠᠯᠲᠠ ᠶ᠋ᠢ ᠲᠡᠪᠴᠢᠵᠦ ᠴᠢᠳᠠᠬᠤ ᠦᠭᠡᠢ᠃ ᠡᠨᠳᠡ ᠭᠡᠮ ᠦᠭᠡᠢ ᠥᠬᠢᠳ ᠬᠥᠪᠡᠭᠦᠳ ᠰᠢᠷᠪᠥᠰᠥ ᠨᠢ ᠲᠠᠲᠠᠵᠤ ᠦᠬᠦᠵᠦ ᠪᠠᠢᠨ᠎ᠠ᠃ ᠨᠠᠮᠠᠶ᠋ᠢ ᠲᠦᠷᠭᠡᠨ ᠠᠯᠠᠭᠲᠤᠨ᠃ ᠪᠢ ᠶᠠᠰᠤ ᠪᠠᠨ ᠠᠮᠠᠷᠠᠭᠠᠶ᠎ᠠ ᠭᠡᠰᠡᠨ ᠠᠵᠢ᠃ ᠣᠷᠣᠰ ᠳᠠᠷᠬᠠᠨ ᠤ᠋ ᠦᠭᠡ ᠶ᠋ᠢ ᠰᠣᠨᠣᠰᠤᠭᠠᠳ ᠴᠠᠭᠠᠲᠠᠢ ᠭᠡᠷ ᠲᠡᠷᠭᠡᠨ ᠡᠴᠡ ᠪᠡᠨ ᠳᠣᠭᠣᠭᠰᠢ ᠪᠠᠭᠤᠵᠤ ᠣᠴᠢᠪᠠ᠃ ᠥᠭᠡᠳᠡᠢ ᠴᠦ᠍ ᠳᠠᠭᠠᠯᠳᠤᠵᠠᠢ᠃ ᠪᠠᠭᠠᠪᠠᠭᠠᠢ ᠰᠢᠭ᠋ ᠬᠦᠳᠡᠷ ᠪᠣᠯᠬᠢ ᠪᠡᠶ᠎ᠡ ᠲᠡᠢ ᠣᠷᠣᠰ ᠳᠠᠷᠬᠠᠨ ᠦᠨᠡᠬᠡᠷ ᠦᠬᠦᠬᠦ ᠪᠡᠷ ᠰᠢᠢᠳᠦᠭᠰᠡᠨ ᠪᠣᠯᠤᠯᠲᠠᠢ ᠵᠣᠷᠢᠭ ᠲᠡᠭᠦᠰ ᠦᠵᠡᠭᠳᠡᠪᠡ᠃
| ᠳᠠᠷᠬᠠᠨ ᠴᠢᠨᠦ ᠬᠥᠯ ᠡᠪᠡᠳᠪᠡ ᠤᠤ? ᠭᠡᠵᠦ ᠴᠠᠭᠠᠲᠠᠢ ᠶᠠᠭᠤᠨ ᠳ᠋ᠤ᠌ ᠴᠤ᠌ ᠶᠤᠮ ᠵᠤᠭᠠᠲᠠᠢ ᠪᠣᠯᠵᠤ ᠢᠨᠢᠶᠡᠮᠰᠦᠭᠯᠡᠨ ᠠᠰᠠᠭᠤᠪᠠ᠃
| ᠡᠵᠡᠨᠲᠡᠨ᠂ ᠪᠢ ᠪᠣᠯ ᠠᠯᠤᠰ ᠬᠣᠯᠠ ᠶ᠋ᠢᠨ ᠺᠢᠶᠸᠹ ᠬᠣᠲᠠ ᠶ᠋ᠢᠨ ᠬᠥᠮᠦᠨ ᠶᠦᠮ᠃ ᠠᠩᠬ᠎ᠠ ᠨᠠᠮᠠᠶ᠋ᠢ ᠰᠦᠪᠡᠭᠡᠳᠡᠢ ᠶ᠋ᠢᠨ ᠴᠡᠷᠢᠭ ᠣᠯᠵᠠᠯᠠᠵᠤ ᠠᠪᠤᠯ᠎ᠠ᠃ ᠰᠦᠪᠡᠭᠡᠳᠡᠢ ᠨᠠᠮᠠᠶ᠋ᠢ ᠪᠠᠲᠤ ᠳ᠋ᠤ᠌ ᠥᠭᠪᠡ᠃ ᠪᠠᠲᠤ ᠨᠠᠮᠠᠶ᠋ᠢ ᠬᠠᠷᠢᠨ ᠴᠠᠭᠠᠲᠠᠢ ᠲᠠᠨ ᠳ᠋ᠤ᠌ ᠥᠭᠭᠦᠭᠰᠡᠨ ᠪᠢᠯᠡ᠃ ᠪᠢ ᠡᠨᠳᠡ ᠭᠤᠷᠪᠠᠨ ᠡᠳᠦᠷ ᠳᠡᠮᠡᠢ ᠰᠠᠭᠤᠪᠠ᠃ ᠰᠥᠬᠥᠷᠡᠭᠰᠡᠭᠡᠷ ᠰᠠᠭᠤᠲᠠᠯ᠎ᠠ ᠬᠥᠯ ᠮᠢᠨᠢ ᠲᠡᠨᠢᠢᠬᠦ ᠦᠭᠡᠢ ᠪᠣᠯᠵᠠᠢ᠃
| ᠳᠠᠷᠬᠠᠨ ᠴᠢ ᠬᠡᠳᠦ ᠴᠦ᠍ ᠬᠣᠨᠣᠭᠰᠠᠨ ᠲᠡᠪᠴᠢᠨ ᠰᠠᠭᠤᠬᠤ ᠶᠣᠰᠣᠲᠠᠢ ᠪᠣᠯᠵᠠᠢ ᠭᠡᠵᠦ ᠴᠠᠭᠠᠲᠠᠢ ᠥᠨᠥᠬᠢ ᠯᠡ ᠢᠪᠡᠭᠡᠩᠭᠦᠢ ᠥᠩᠭᠡ ᠪᠡᠷ ᠬᠡᠯᠡᠪᠡ᠃ ᠴᠠᠭᠠᠲᠠᠢ ᠶᠡᠷᠦ ᠠᠭᠤᠷᠯᠠᠵᠤ ᠬᠢᠯᠢᠩᠨᠡᠭᠰᠡᠨ ᠦᠭᠡᠢ ᠨᠢ ᠭᠠᠢᠬᠠᠯᠲᠠᠢ᠃ ᠪᠥᠷᠲᠡ ᠬᠠᠲᠤᠨ ᠡᠵᠢ ᠨᠢ ᠪᠠᠲᠤ ᠶ᠋ᠢᠨ ᠳ᠋ᠦ᠍ ᠢᠷᠡᠭᠰᠡᠨ ᠢ᠋ ᠳᠤᠭᠤᠯᠤᠭᠠᠳ ᠴᠠᠭᠠᠲᠠᠢ ᠰᠸᠢᠢᠷ ᠳ᠋ᠠᠷᠢᠶᠠ ᠮᠥᠷᠡᠨ ᠦ᠌ ᠡᠷᠭᠢ ᠶ᠋ᠢᠨ ᠲᠠᠷᠮᠠᠰᠢ ᠪᠠᠯᠭᠠᠰᠤ ᠠ᠋ᠴᠠ ᠪᠠᠨ ᠤᠬᠠᠭᠠᠨ ᠦᠭᠡᠢ ᠶᠠᠭᠠᠷᠠᠨ ᠳᠠᠪᠬᠢᠨ ᠣᠴᠢᠵᠤ ᠪᠢᠯᠡ᠃ ᠲᠡᠭᠡᠬᠦ ᠳ᠋ᠦ᠍ ᠪᠠᠲᠤ ᠡᠨᠡ ᠳᠠᠷᠬᠠᠨ ᠢ᠋ ᠪᠡᠯᠡᠭᠯᠡᠵᠡᠢ᠃
| ᠪᠢ ᠶᠠᠭᠠᠬᠢᠬᠤ ᠭᠡᠵᠦ ᠢᠩᠭᠢᠵᠦ ᠳᠡᠮᠡᠢ ᠰᠠᠭᠤᠨ᠎ᠠ ᠪᠣᠢ? ᠭᠡᠵᠦ ᠣᠷᠣᠰ ᠳᠠᠷᠬᠠᠨ ᠳᠠᠬᠢᠨ ᠬᠠᠰᠬᠢᠷᠴᠠᠢ᠃
| ᠳᠠᠷᠬᠠᠨ ᠴᠢ ᠰᠣᠨᠣᠰ᠃ ᠡᠨᠡ ᠲᠠᠯ᠎ᠠ ᠳ᠋ᠤ᠌ ᠫᠧᠷᠰ᠂ ᠲᠠᠩᠭᠤᠳ ᠭᠠᠵᠠᠷ ᠤ᠋ᠨ ᠬᠠᠮᠤᠭ ᠤ᠋ᠨ ᠰᠢᠯᠢᠳᠡᠭ ᠳᠠᠷᠬᠠᠨ ᠤᠷᠠᠴᠤᠳ᠂ ᠭᠣᠶᠣ ᠡᠮᠡᠰ᠂ ᠭᠣᠶᠣᠯᠢᠭ ᠬᠥᠪᠡᠭᠦᠳ ᠴᠤᠭᠯᠠᠷᠠᠭᠰᠠᠨ ᠶᠤᠮ᠃ ᠲᠡᠳᠡᠨ ᠢ᠋ ᠪᠢ ᠶᠢᠷᠲᠢᠨᠴᠦ ᠶ᠋ᠢᠨ ᠡᠵᠡᠨ ᠴᠢᠩᠭᠢᠰ ᠬᠠᠭᠠᠨ ᠡᠴᠢᠭᠡ ᠳ᠋ᠡᠭᠡᠨ ᠪᠡᠯᠡᠭᠯᠡᠨ᠎ᠡ᠃ ᠶᠢᠷᠲᠢᠨᠴᠦ ᠶ᠋ᠢᠨ ᠡᠵᠡᠨ ᠴᠢᠩᠭᠢᠰ ᠬᠠᠭᠠᠨ ᠤ᠋ ᠪᠣᠭᠣᠯ ᠪᠣᠯᠤᠨ᠎ᠠ ᠭᠡᠳᠡᠭ ᠴᠢᠮᠠᠲᠤ ᠣᠯᠳᠠᠬᠤ ᠦᠭᠡᠢ ᠬᠤᠪᠢ ᠲᠠᠪᠢᠯᠠᠩ ᠶᠤᠮ᠃
| ᠬᠡᠨ ᠦ᠌ ᠴᠦ᠍ ᠪᠣᠭᠣᠯ ᠪᠣᠯᠤᠭᠰᠠᠨ ᠪᠢ ᠬᠢᠳᠡᠭ ᠢ᠋ᠶ᠋ᠡᠨ ᠯᠡ ᠬᠢᠨ᠎ᠡ ᠪᠢᠵᠡ᠃ ᠪᠣᠭᠣᠯ ᠬᠥᠮᠦᠨ ᠳ᠋ᠦ᠍ ᠶᠠᠭᠤᠨ ᠤ᠋ ᠢᠯᠭᠠᠭ᠎ᠠ᠃ ᠬᠠᠷᠢᠨ ᠮᠢᠨᠦ ᠬᠥᠯ ᠡᠪᠡᠳᠦᠭᠡᠳ ᠲᠡᠰᠬᠦ ᠦᠭᠡᠢ ᠨᠢ ᠠ᠋᠃ ᠳᠠᠷᠬᠠᠨ ᠤ᠋ ᠡᠨᠡ ᠦᠭᠡ ᠶ᠋ᠢ ᠬᠡᠯᠡᠮᠦᠷᠴᠢ ᠡᠴᠡ ᠰᠣᠨᠣᠰᠤᠭᠰᠠᠨ ᠥᠭᠡᠳᠡᠢ ᠭᠡᠨᠡᠳᠲᠡ ᠣᠷᠣᠭᠰᠢ ᠣᠢᠷᠠᠲᠤᠭᠠᠳ
| ᠣᠷᠣᠰ ᠳᠠᠷᠬᠠᠨ ᠴᠢ ᠬᠡᠯᠡ᠃ ᠡᠨᠳᠡ ᠴᠢᠮ᠎ᠠ ᠰᠢᠭ ᠬᠥᠯ ᠨᠢ ᠡᠪᠡᠳᠦᠭᠰᠡᠨ ᠬᠥᠮᠦᠨ ᠣᠯᠠᠨ ᠪᠠᠢᠨ᠎ᠠ ᠤᠤ? ᠭᠡᠪᠡ᠃
| ᠣᠯᠠᠨ ᠪᠠᠢᠨ᠎ᠠ᠃ ᠡᠨᠳᠡ ᠪᠦᠭᠦᠳᠡ ᠶ᠋ᠢᠨ ᠬᠥᠯ ᠡᠪᠡᠳᠦᠨ ᠰᠢᠨᠠᠯᠵᠤ ᠪᠠᠢᠨ᠎ᠠ᠃ ᠲᠡᠳᠡ ᠪᠦᠭᠦᠳᠡ ᠨᠠᠳᠠ ᠰᠢᠭ᠋ ᠡᠢᠮᠦ ᠦᠭᠡ ᠬᠡᠯᠡᠵᠦ ᠪᠠᠢᠨ᠎ᠠ᠃ ᠡᠨᠳᠡ ᠭᠡᠮ ᠦᠭᠡᠢ ᠬᠥᠮᠦᠰ ᠦᠬᠦᠵᠦ ᠪᠠᠢᠨ᠎ᠠ᠃
| ᠲᠡᠭᠡᠪᠡᠯ ᠴᠢ ᠶᠠᠭᠤᠨ ᠳ᠋ᠤ᠌ ᠭᠠᠭᠴᠠᠭᠠᠷ ᠢᠷᠡᠪᠡ? ᠭᠡᠵᠦ ᠥᠭᠡᠳᠡᠢ ᠰᠡᠯᠡᠮ᠎ᠡ ᠪᠡᠨ ᠬᠠᠩᠭᠢᠨᠠᠲᠠᠯ᠎ᠠ ᠰᠤᠭᠤᠯᠪᠠ᠃ ᠳᠠᠷᠬᠠᠨ ᠤ᠋ ᠴᠢᠷᠠᠢ ᠪᠠᠷᠤᠢᠭᠰᠠᠨ ᠴᠤ᠌
| ᠪᠢ ᠴᠦ᠍ ᠦᠬᠦᠬᠦ ᠡᠴᠡ ᠦᠯᠦ ᠠᠶᠤᠬᠤ ᠲᠤᠯᠠ ᠢᠷᠡᠯ᠎ᠡ ᠭᠡᠵᠦ ᠰᠢᠪᠡᠨᠡᠵᠡᠢ᠃
| ᠴᠢ ᠦᠬᠦᠬᠦ ᠶ᠋ᠢ ᠬᠦᠰᠡᠪᠡ ᠤᠤ? ᠭᠡᠵᠦ ᠥᠭᠡᠳᠡᠢ ᠳᠠᠬᠢᠨ ᠠᠯᠬᠤᠮ ᠤᠷᠤᠭᠰᠢ ᠪᠣᠯᠵᠤ ᠠᠰᠠᠭᠤᠪᠠ᠃
| ᠮᠢᠨᠦ ᠬᠥᠯ ᠡᠪᠡᠳᠦᠭᠡᠳ ᠪᠠᠢᠨ᠎ᠠ ᠯᠠ ᠳᠠ ᠭᠡᠵᠦ ᠬᠡᠷᠡᠭ ᠪᠢᠰᠢᠳᠡᠭᠰᠡᠨ ᠢ᠋ ᠮᠡᠳᠡᠭᠰᠡᠨ ᠳᠠᠷᠬᠠᠨ ᠪᠤᠪᠠᠲᠤᠨᠠᠬᠤ ᠳ᠋ᠤ᠌ 《ᠴᠢᠩᠭᠠᠬᠠᠨ ᠳᠤᠤᠭᠠᠷᠤᠭᠠᠴᠢ》 ᠭᠡᠵᠦ ᠬᠡᠯᠡᠮᠦᠷᠴᠢ ᠵᠠᠩᠳᠤᠷᠴᠠᠢ᠃ ᠴᠠᠭᠠᠲᠠᠢ ᠤᠯᠠᠮ ᠵᠤᠭᠠᠲᠠᠢ ᠪᠣᠯᠵᠤ ᠰᠡᠭᠦᠯ ᠦ᠋ᠨ ᠬᠡᠳᠦᠨ ᠡᠳᠦᠷ ᠠᠩᠬ᠎ᠠ ᠤᠳᠠᠭ᠎ᠠ ᠬᠥᠮᠥᠰᠬᠡ ᠨᠢ ᠲᠠᠯᠪᠢᠷᠠᠨ ᠢᠨᠢᠶᠡᠵᠦ ᠪᠠᠢᠪᠠ᠃
| ᠪᠢ ᠳᠠᠷᠬᠠᠨ ᠬᠥᠮᠦᠨ᠂ ᠢᠩᠭᠢᠵᠦ ᠳᠡᠮᠡᠢ ᠰᠠᠭᠤᠵᠤ ᠪᠣᠯᠬᠤ ᠦᠭᠡᠢ᠃ ᠲᠠ ᠨᠠᠷ ᠲᠤ᠌ ᠰᠡᠯᠡᠮ᠎ᠡ ᠵᠡᠪᠰᠡᠭ ᠬᠡᠷᠡᠭᠲᠡᠢ ᠪᠢᠵᠡ ᠳᠡ? ᠭᠡᠵᠦ ᠳᠠᠷᠬᠠᠨ ᠡᠪᠡᠷᠰᠢᠭᠰᠡᠨ ᠪᠠᠷᠪᠠᠭᠠᠷ ᠭᠠᠷ ᠢ᠋ᠶ᠋ᠠᠨ ᠰᠤᠩᠭᠠᠨ ᠬᠠᠰᠬᠢᠷᠪᠠ᠃
| ᠴᠢ ᠴᠢᠩᠭᠢᠰ ᠬᠠᠭᠠᠨ ᠤ᠋ ᠪᠣᠭᠣᠯ ᠪᠣᠯᠬᠤ ᠥᠬᠡᠢ ᠭᠡᠨ᠎ᠡ ᠠ᠋? ᠭᠡᠵᠦ ᠥᠭᠡᠳᠡᠢ ᠵᠠᠨᠤᠯᠲᠠᠢ ᠬᠡᠯᠡᠭᠰᠡᠨ ᠳ᠋ᠦ᠍ ᠲᠡᠭᠦᠨ ᠢ᠋ ᠢᠩᠭᠢᠵᠦ ᠠᠭᠠᠰᠢᠯᠠᠬᠤ ᠶ᠋ᠢ ᠦᠵᠡᠭᠡ ᠦᠭᠡᠢ ᠴᠠᠭᠠᠲᠠᠢ ᠭᠠᠢᠬᠠᠭᠰᠠᠨ ᠳ᠋ᠠᠭᠠᠨ ᠪᠦᠷ ᠠᠩᠭᠠᠢᠲᠠᠯ᠎ᠠ ᠢᠨᠢᠶᠡᠵᠡᠢ᠃
| ᠪᠢ ᠬᠡᠨ ᠦ᠌ ᠴᠦ᠍ ᠪᠣᠭᠣᠯ ᠪᠠᠢᠭᠰᠠᠨ ᠠᠳᠠᠯᠢᠬᠠᠨ᠃ ᠦᠷᠭᠦᠯᠵᠢ ᠯᠡ ᠰᠥᠬᠥᠷᠡᠵᠦ ᠠᠮᠢᠳᠤᠷᠠᠬᠤ ᠪᠢᠰᠢ ᠤᠤ!
ᠡᠨᠡ ᠣᠷᠣᠰ ᠳᠠᠷᠬᠠᠨ ᠪᠠᠰᠠ ᠴᠢᠰᠤ ᠶᠡᠬᠡᠲᠡᠢ ᠡᠷ᠎ᠡ ᠠᠵᠢ᠃ ᠲᠡᠷᠡ ᠥᠭᠡᠳᠡᠢ ᠶ᠋ᠢᠨ ᠰᠦᠷᠳᠡᠭᠦᠯᠦᠭᠰᠡᠨ ᠳ᠋ᠦ᠍ ᠲᠡᠢᠮᠦ ᠴᠦ᠍ ᠠᠮᠠᠷ ᠪᠠᠭᠤᠵᠤ ᠥᠭᠬᠦ ᠦᠭᠡᠢ ᠰᠢᠨᠵᠢ ᠲᠡᠢ ᠪᠠᠢᠭᠰᠠᠨ ᠨᠢ ᠥᠭᠡᠳᠡᠢ ᠶ᠋ᠢ ᠤᠯᠠᠮ ᠴᠤ᠌ ᠬᠢᠯᠢᠩᠨᠡᠭᠦᠯᠵᠡᠢ᠃
| ᠴᠢ ᠨᠢᠭᠡᠨᠲᠡ ᠥᠪᠡᠷ ᠢ᠋ᠶ᠋ᠡᠨ ᠴᠢᠩᠭᠢᠰ ᠬᠠᠭᠠᠨ ᠤ᠋ ᠪᠣᠭᠣᠯ ᠪᠠᠢᠬᠤ ᠬᠤᠪᠢ ᠵᠣᠬᠢᠶᠠᠯ ᠠ᠋ᠴᠠ ᠲᠠᠲᠠᠭᠠᠯᠵᠠᠭᠰᠠᠨ ᠲᠤᠯᠠ ᠬᠦᠰᠡᠯ ᠢ᠋ ᠴᠢᠨᠢ ᠶᠣᠰᠣᠭᠠᠷ ᠪᠣᠯᠭᠠᠶ᠎ᠠ ᠭᠡᠵᠦ ᠥᠭᠡᠳᠡᠢ ᠰᠡᠯᠡᠮ᠎ᠡ ᠪᠡᠨ ᠳᠠᠯᠠᠢᠪᠠ᠃
| ᠴᠢ ᠨᠠᠮᠠᠶ᠋ᠢ ᠠᠯᠠᠵᠤ ᠴᠢᠳᠠᠬᠤ ᠦᠭᠡᠢ᠃ ᠲᠠ ᠨᠠᠷ ᠲᠤ᠌ ᠵᠡᠪᠰᠡᠭ ᠬᠢᠵᠦ ᠥᠭᠳᠡᠭ ᠬᠥᠮᠦᠨ ᠰᠢᠦ ᠳᠡ ᠪᠢ ᠭᠡᠵᠦ ᠳᠠᠷᠬᠠᠨ ᠬᠠᠰᠬᠢᠷᠤᠭᠰᠠᠨ ᠴᠤ᠌ ᠳᠠᠯᠳᠢᠷᠠᠭᠰᠠᠨ ᠦᠭᠡᠢ᠃ ᠬᠠᠷᠢᠨ ᠴᠤ᠌ ᠰᠥᠬᠥᠷᠡᠵᠦ ᠰᠠᠭᠤᠭᠰᠠᠨ ᠢ᠋ᠶ᠋ᠠᠨ ᠪᠣᠰᠴᠠᠢ᠃ ᠡᠷᠭᠢᠨ ᠲᠣᠭᠣᠷᠢᠨ ᠨᠠᠮ ᠭᠦᠮ ᠪᠣᠯᠪᠠ᠃
| ᠪᠢ ᠴᠢᠮᠠᠶ᠋ᠢ ᠠᠯᠠᠬᠤ ᠦᠭᠡᠢ ᠠ᠋᠃ ᠬᠠᠷᠢᠨ ᠶᠠᠳᠠᠷᠠᠭᠠᠳ ᠪᠠᠢᠭ᠎ᠠ ᠬᠥᠯ ᠢ᠋ ᠴᠢᠨᠢ ᠳᠠᠭᠠᠷᠢᠭᠠᠳ ᠥᠭᠭᠦᠶ᠎ᠡ᠃ ᠳᠠᠷᠬᠠᠨ ᠬᠥᠮᠦᠨ ᠳ᠋ᠦ᠍ ᠬᠥᠯ ᠦ᠋ᠨ ᠬᠡᠷᠡᠭ ᠶᠠᠭᠤ ᠪᠣᠢ ᠭᠡᠵᠦ ᠥᠭᠡᠳᠡᠢ ᠬᠠᠰᠬᠢᠷᠤᠭᠠᠳ ᠬᠡᠯᠡᠮᠦᠷᠴᠢ ᠶ᠋ᠢ ᠳᠤᠤᠭᠠᠷᠬᠤ ᠠ᠋ᠴᠠ ᠡᠮᠦᠨ᠎ᠡ ᠳᠠᠷᠬᠠᠨ ᠤ᠋ ᠬᠥᠯ ᠢ᠋ ᠡᠪᠦᠳᠦᠭ ᠢ᠋ᠶ᠋ᠡᠷ ᠨᠢ ᠴᠠᠪᠴᠢᠨ ᠤᠨᠠᠭᠠᠪᠠ᠃
| ᠢᠩᠭᠢᠭᠡᠳ ᠴᠢ ᠮᠠᠭᠤ ᠦᠮᠡᠬᠡᠢ ᠣᠷᠣᠰ ᠶᠡᠬᠡ ᠴᠢᠩᠭᠢᠰ ᠬᠠᠭᠠᠨ ᠤ᠋ ᠡᠮᠦᠨ᠎ᠡ ᠡᠭᠦᠷᠢᠳᠡ ᠰᠥᠬᠥᠷᠡᠵᠦ ᠶᠠᠪᠤᠬᠤ ᠪᠣᠯᠤᠯ᠎ᠠ᠃ ᠠᠪᠤᠭᠠᠳ ᠶᠠᠪᠤ᠂ ᠨᠠᠭᠠᠳᠤᠬᠢ ᠪᠠᠨ ᠭᠡᠪᠡᠯ ᠬᠠᠷᠠᠭᠤᠯ ᠤ᠋ᠳ ᠳᠠᠷᠬᠠᠨ ᠤ᠋ ᠴᠢᠰᠤ ᠶ᠋ᠢ ᠭᠣᠭᠣᠵᠢᠭᠤᠯᠤᠭᠰᠠᠭᠠᠷ ᠤᠷᠢᠯᠠᠭᠤᠯᠤᠨ ᠠᠪᠴᠤ ᠣᠳᠴᠠᠢ᠃ ᠥᠭᠡᠳᠡᠢ ᠶ᠋ᠢᠨ ᠡᠮᠦᠨ᠎ᠡ ᠭᠠᠭᠴᠠ ᠴᠠᠭᠠᠲᠠᠢ ᠬᠣᠴᠣᠷᠪᠠ᠃
| ᠥᠭᠡᠳᠡᠢ ᠴᠢ ᠶᠠᠭᠠᠬᠢᠭᠰᠠᠨ ᠬᠠᠲᠠᠭᠤ ᠰᠡᠳᠬᠢᠯ ᠲᠡᠢ ᠬᠥᠮᠦᠨ ᠪᠣᠢ? ᠤᠭ ᠨᠢ ᠬᠠᠮᠤᠭ ᠤ᠋ᠨ ᠰᠠᠢᠨ ᠳᠠᠷᠬᠠᠨ ᠶᠤᠮ ᠰᠢᠦ᠃ ᠴᠢᠨᠦ ᠨᠠᠭᠠᠳᠤ ᠰᠡᠯᠡᠮ᠎ᠡ ᠶ᠋ᠢ ᠳᠠᠷᠬᠠᠯᠠᠭᠰᠠᠨ ᠶᠤᠮ᠃ ᠭᠡᠲᠡᠯ᠎ᠡ ᠴᠢ ᠬᠥᠯ ᠦᠭᠡᠢ ᠪᠣᠯᠭᠠᠵᠤ ᠣᠷᠬᠢᠳᠠᠭ᠃ ᠤᠭ ᠨᠢ ᠨᠢᠭᠡ ᠮᠥᠷᠥ ᠲᠣᠯᠣᠭᠠᠢ ᠶ᠋ᠢ ᠨᠢ ᠴᠠᠪᠴᠢᠭᠰᠠᠨ ᠪᠣᠯ ᠰᠠᠢᠨ ᠪᠠᠢᠯ᠎ᠠ᠃ ᠪᠢ ᠴᠢᠮᠠᠶ᠋ᠢ ᠤᠶᠠᠨ ᠵᠥᠭᠡᠯᠡᠨ ᠰᠡᠳᠬᠢᠯᠲᠡᠢ ᠭᠡᠵᠦ ᠪᠣᠳᠣᠭᠰᠠᠨ ᠴᠢᠨᠢ ᠲᠡᠢᠮᠦ ᠪᠢᠰᠢ ᠪᠣᠯᠤᠯᠲᠠᠢ ᠭᠡᠵᠦ ᠴᠠᠭᠠᠲᠠᠢ ᠬᠥᠬᠥᠷᠡᠪᠡ᠃
| ᠪᠤᠰᠤᠳ ᠪᠣᠭᠣᠯ ᠤ᠋ᠨ ᠬᠥᠯ ᠡᠪᠡᠳᠬᠦ ᠲᠡᠢ ᠪᠣᠯᠤᠨ᠎ᠠ ᠪᠢᠵᠡ ᠭᠡᠬᠦ ᠳ᠋ᠡᠭᠡᠨ ᠥᠭᠡᠳᠡᠢ ᠨᠣᠢᠲᠠᠨ ᠭᠠᠵᠠᠷ ᠲᠤ᠌ ᠰᠡᠯᠡᠮ᠎ᠡ ᠶ᠋ᠢᠨ ᠴᠢᠰᠤ ᠪᠠᠨ ᠠᠷᠴᠢᠨ ᠬᠤᠢᠯᠠᠵᠠᠢ᠃
ᠡᠨᠡ ᠦᠶ᠎ᠡ ᠳ᠋ᠦ᠍ ᠮᠣᠷᠢᠲᠠᠢ ᠬᠥᠮᠦᠰ ᠳᠠᠪᠬᠢᠨ ᠢᠷᠡᠵᠦ ᠬᠠᠷᠠᠭᠤᠯ ᠢ᠋ ᠥᠩᠭᠡᠷᠡᠨ ᠤᠶᠠᠭᠠᠨ ᠳᠡᠭᠡᠷ᠎ᠡ ᠪᠠᠭᠤᠭᠰᠠᠨ ᠨᠢ ᠪᠤᠭᠤᠷᠴᠢ ᠠᠵᠢ᠃ ᠴᠠᠭᠠᠲᠠᠢ ᠥᠭᠡᠳᠡᠢ ᠬᠣᠶᠠᠭᠤᠯᠠ ᠲᠦᠭᠰᠢᠨ ᠪᠡᠶ᠎ᠡ ᠪᠡᠶ᠎ᠡ ᠶ᠋ᠢ ᠬᠠᠷᠠᠪᠠ᠃ ᠪᠤᠭᠤᠷᠴᠢ ᠶ᠋ᠢᠨ ᠢᠩᠭᠢᠵᠦ ᠭᠡᠨᠡᠳᠲᠡ ᠬᠦᠷᠴᠦ ᠢᠷᠡᠭᠰᠡᠨ ᠨᠢ ᠲᠡᠳᠡᠨ ᠳ᠋ᠦ᠍ ᠶᠡᠷᠦ ᠰᠠᠢᠬᠠᠨ ᠰᠠᠨᠠᠭᠳᠠᠭᠰᠠᠨ ᠦᠭᠡᠢ᠃ ᠬᠠᠷᠢᠨ ᠴᠤ᠌ ᠰᠡᠵᠢᠭᠲᠡᠢ ᠰᠠᠨᠠᠭᠳᠠᠭᠰᠠᠨ ᠲᠤᠯᠠ ᠲᠡᠳᠡ ᠳᠠᠭᠤ ᠦᠭᠡᠢ ᠶᠣᠰᠣᠯᠠᠬᠤ ᠠ᠋ᠴᠠ ᠬᠡᠲᠦᠷᠡᠭᠰᠡᠨ ᠦᠭᠡᠢ᠃ ᠭᠡᠷ ᠲᠦ᠍ ᠣᠷᠣᠬᠤ ᠶ᠋ᠢ ᠤᠷᠢᠭᠰᠠᠨ ᠴᠤ᠌ ᠪᠤᠭᠤᠷᠴᠢ ᠣᠷᠣᠭᠰᠠᠨ ᠦᠭᠡᠢ᠃ ᠲᠡᠷᠭᠡᠨ ᠦ᠌ ᠬᠥᠨᠳᠡᠯᠢ ᠰᠠᠨᠳᠠᠢᠯᠠᠨ ᠰᠠᠭᠤᠭᠠᠳ ᠶᠠᠳᠠᠷᠠᠭᠰᠠᠨ ᠮᠡᠲᠦ ᠰᠠᠨᠠᠭ᠎ᠠ ᠠᠯᠳᠠᠵᠠᠢ᠃
| ᠬᠠᠭᠠᠨ ᠡᠴᠢᠭᠡ ᠪᠢᠳᠡᠨ ᠢ᠋ ᠪᠠᠷᠠᠯᠬᠠᠭᠤᠯᠬᠤ ᠪᠣᠯᠪᠠ ᠤᠤ ᠭᠡᠵᠦ ᠥᠭᠡᠳᠡᠢ ᠳᠠᠭᠤ ᠦᠭᠡᠢ ᠪᠠᠢᠬᠤ ᠠ᠋ᠴᠠ ᠲᠦᠪᠡᠭᠰᠢᠶᠡᠭᠰᠡᠨ ᠳ᠋ᠡᠭᠡᠨ ᠠᠰᠠᠭᠤᠪᠠ᠃
| ᠪᠢ ᠰᠠᠶᠢ ᠴᠢᠩᠭᠢᠰ ᠬᠠᠭᠠᠨ ᠳ᠋ᠤ᠌ ᠪᠠᠷᠠᠯᠬᠠᠲᠠᠯᠠ ᠯᠠ ᠬᠠᠭᠠᠨᠲᠠᠨ《ᠪᠤᠭᠤᠷᠴᠢ ᠴᠢ ᠶᠡᠬᠡ ᠮᠠᠷᠲᠠᠮᠠᠬᠠᠢ ᠪᠣᠯᠵᠠᠢ》 ᠭᠡᠪᠡ᠃ ᠲᠡᠭᠡᠭᠡᠳ ᠪᠢ ᠲᠠ ᠬᠣᠶᠠᠷ ᠲᠠᠢ ᠠᠭᠤᠯᠵᠠᠬᠤ ᠪᠠᠷ ᠢᠷᠡᠯ᠎ᠡ ᠭᠡᠵᠦ ᠪᠤᠭᠤᠷᠴᠢ ᠰᠢᠪᠡᠨᠡᠪᠡ᠃ ᠳᠠᠭᠤ ᠨᠢ ᠰᠥᠭᠡᠩᠭᠢᠲᠦᠵᠦ ᠪᠠᠰᠠ ᠭᠤᠨᠢᠭ ᠳᠦᠭᠦᠷᠡᠩ ᠪᠣᠯᠵᠠᠢ᠃ ᠲᠡᠷᠡ ᠦᠨᠡᠬᠡᠷ ᠭᠤᠨᠢᠭ ᠲᠠᠢ ᠪᠠᠢᠯ᠎ᠠ᠃ ᠢᠲᠡᠭᠡᠵᠦ ᠨᠠᠢᠳᠠᠵᠤ ᠡᠯᠳᠡᠪ ᠢ᠋ ᠪᠣᠳᠣᠯ ᠦᠭᠡᠢ ᠵᠢᠳᠬᠦᠭᠰᠡᠨ ᠠᠮᠢᠳᠤᠷᠠᠯ ᠨᠢ ᠡᠢᠮᠦ ᠲᠡᠭᠦᠰᠬᠡᠯ ᠲᠡᠢ ᠪᠠᠢᠭᠰᠠᠨ ᠢ᠋ ᠪᠤᠭᠤᠷᠴᠢ ᠭᠠᠳᠠᠷᠯᠠᠭᠰᠠᠨ ᠦᠭᠡᠢ ᠳ᠋ᠡᠭᠡᠨ ᠶᠡᠬᠡ ᠬᠠᠷᠠᠮᠰᠠᠵᠠᠢ᠃
| ᠪᠢ ᠶᠡᠬᠡ ᠮᠠᠷᠲᠠᠮᠠᠬᠠᠢ ᠪᠣᠯᠵᠠᠢ᠃ ᠥᠭᠡᠳᠡᠢ ᠴᠠᠭᠠᠲᠠᠢ ᠬᠣᠶᠠᠷ ᠠ᠋᠃ ᠴᠢᠩᠭᠢᠰ ᠬᠠᠭᠠᠨ ᠦᠨᠡᠨ ᠬᠡᠯᠡᠵᠡᠢ᠃ ᠪᠢ ᠶᠡᠬᠡ ᠮᠠᠷᠲᠠᠮᠠᠬᠠᠢ ᠪᠣᠯᠵᠠᠢ᠃ ᠮᠠᠷᠲᠠᠨ᠎ᠠ ᠭᠡᠳᠡᠭ ᠶᠠᠮᠠᠷ ᠠᠶᠤᠮᠰᠢᠭᠲᠤ ᠡᠪᠡᠳᠴᠢᠨ ᠪᠣᠢ? ᠪᠢ ᠶᠠᠭᠠᠬᠢᠭᠰᠠᠨ ᠶᠡᠬᠡ ᠵᠦᠢᠯ ᠢ᠋ ᠮᠠᠷᠲᠠᠭ᠎ᠠ ᠪᠣᠢ? ᠪᠢ ᠣᠯᠠᠨ ᠣᠯᠠᠨ ᠬᠥᠮᠦᠨ ᠢ᠋ ᠮᠠᠷᠲᠠᠵᠠᠢ᠃ ᠪᠢ ᠤᠨᠤᠨ ᠮᠥᠷᠡᠨ ᠦ᠌ ᠬᠥᠪᠡᠭᠡ ᠪᠡᠷ ᠠᠳᠤᠭᠤ ᠬᠥᠭᠡᠭᠡᠵᠦ ᠶᠠᠪᠤᠭᠰᠠᠨ ᠪᠠᠭ᠎ᠠ ᠨᠠᠰᠤ ᠪᠠᠨ ᠮᠠᠷᠲᠠᠵᠠᠢ᠃ ᠢᠵᠢᠯᠢ ᠪᠢᠷᠠᠭᠤ ᠰᠢᠭ᠋ ᠨᠣᠣᠯᠤᠯᠳᠤᠵᠤ ᠶᠠᠪᠤᠭᠰᠠᠨ ᠨᠥᠬᠥᠳ ᠢ᠋ᠶ᠋ᠡᠨ ᠮᠠᠷᠲᠠᠵᠠᠢ᠃ ᠠᠮᠢᠳᠤᠷᠠᠯ ᠭᠡᠳᠡᠭ ᠳᠠᠩᠴᠤ ᠬᠠᠲᠠᠭᠤ ᠲᠣᠭᠯᠠᠭᠠᠮ ᠲᠠᠢ ᠠᠵᠢ᠃ ᠪᠢ ᠴᠦ᠍ ᠤᠳᠠᠬᠤ ᠦᠭᠡᠢ ᠲᠠ ᠨᠠᠷ ᠲᠤ᠌ ᠮᠠᠷᠲᠠᠭᠳᠠᠨᠠ᠃ ᠪᠢ ᠲᠠ ᠬᠣᠶᠠᠷ ᠢ᠋ ᠨᠡᠷᠡᠲᠦ ᠳ᠋ᠦ᠍ ᠮᠡᠨᠳᠦᠯᠡᠭᠡ ᠦᠭᠡᠢ ᠪᠠᠢᠬᠤ ᠳ᠋ᠤ᠌ ᠠᠩᠬ᠎ᠠ ᠰᠢᠷᠬᠠᠲᠤᠵᠤ ᠪᠠᠢᠯ᠎ᠠ᠃ ᠪᠢ ᠡᠭᠦᠨ ᠢ᠋ ᠮᠠᠷᠲᠠᠵᠠᠢ᠃ ᠪᠠᠰᠠ ᠬᠦᠢᠲᠡᠨ ᠠᠭᠤᠯᠠ ᠶ᠋ᠢᠨ ᠲᠤᠯᠤᠯᠳᠤᠭᠠᠨ ᠳ᠋ᠤ᠌ ᠡᠴᠢᠭᠡ ᠶ᠋ᠢ ᠴᠢᠨᠢ ᠰᠢᠷᠠᠭᠳᠤᠭᠰᠠᠨ ᠢ᠋ ᠮᠠᠷᠲᠠᠵᠠᠢ᠃ ᠲᠡᠷᠡ ᠦᠶ᠎ᠡ ᠳ᠋ᠦ᠍ ᠬᠠᠭᠠᠨ ᠡᠵᠡᠨ ᠢ᠋ᠶ᠋ᠡᠨ ᠬᠠᠮᠠᠭᠠᠯᠠᠬᠤ ᠶᠣᠰᠣᠲᠠᠢ ᠪᠠᠨ ᠤᠮᠠᠷᠲᠠᠭᠰᠠᠨ ᠨᠢᠭᠡ ᠬᠥᠮᠦᠨ ᠢ᠋ ᠬᠠᠰᠠᠷ ᠠᠪᠠᠭ᠎ᠠ ᠴᠢᠨᠢ ᠴᠠᠭᠠᠵᠠᠯᠠᠬᠤ ᠶ᠋ᠢ ᠱᠠᠭᠠᠷᠳᠠᠭᠰᠠᠨ ᠶᠤᠮ᠃ ᠡᠨᠡ ᠪᠣᠯ ᠴᠠᠭᠠᠲᠠᠢ ᠴᠢᠨᠦ ᠬᠡᠯᠡᠵᠦ ᠱᠠᠭᠠᠷᠳᠠᠵᠤ ᠪᠠᠢᠭᠰᠠᠨ ᠰᠢᠭ᠋ ᠰᠢᠳᠤᠷᠭᠤ ᠬᠡᠷᠡᠭ ᠪᠠᠢᠪᠠ᠃ ᠴᠢᠩᠭᠢᠰ ᠬᠠᠭᠠᠨ ᠲᠡᠷᠡ ᠦᠶ᠎ᠡ ᠳ᠋ᠦ᠍ ᠬᠠᠰᠠᠷ ᠤ᠋ᠨ ᠦᠭᠡ ᠶ᠋ᠢ ᠵᠥᠪᠰᠢᠶᠡᠷᠡᠯ ᠦᠭᠡᠢ ᠲᠡᠷᠡ ᠬᠥᠮᠦᠨ ᠢ᠋ ᠴᠡᠷᠢᠭ ᠴᠥᠭᠡᠨ ᠭᠡᠳᠡᠭ ᠨᠡᠷ᠎ᠡ ᠪᠡᠷ ᠥᠷᠥᠰᠢᠶᠡᠨ ᠠᠮᠢᠳᠤ ᠦᠯᠡᠳᠡᠭᠡᠭᠰᠡᠨ ᠶᠦᠮ᠃ ᠲᠡᠷᠡ ᠥᠷᠦᠰᠢᠶᠡᠭᠳᠡᠭᠰᠡᠨ ᠬᠥᠮᠦᠨ ᠪᠣᠯ ᠪᠤᠭᠤᠷᠴᠢ ᠪᠢ ᠪᠠᠢᠯ᠎ᠠ᠃ ᠬᠠᠷᠢᠨ ᠥᠩᠭᠡᠷᠡᠭᠰᠡᠨ ᠨᠠᠮᠤᠷ ᠤ᠋ᠨ ᠬᠤᠯᠠᠨ ᠤ᠋ ᠠᠩ ᠤ᠋ᠨ ᠦᠶ᠎ᠡ ᠪᠡᠷ ᠪᠣᠯᠤᠭᠰᠠᠨ ᠬᠡᠷᠡᠭ ᠪᠣᠯ ᠬᠦᠢᠲᠡᠨ ᠠᠭᠤᠯᠠ ᠶ᠋ᠢᠨ ᠬᠢ ᠡᠴᠡ ᠴᠦ᠍ ᠬᠦᠨᠳᠦ ᠨᠣᠴᠢᠲᠠᠢ ᠶᠠᠪᠤᠳᠠᠯ ᠶᠤᠮ᠃ ᠲᠡᠢᠮᠦ ᠪᠣᠯᠬᠣᠷ ᠴᠠᠭᠠᠲᠠᠢ ᠪᠢ ᠴᠢᠨᠦ ᠡᠮᠦᠨ᠎ᠡ ᠪᠤᠷᠤᠭᠤᠲᠠᠨ ᠪᠣᠯᠵᠠᠢ᠃ ᠲᠡᠢᠨ ᠦ᠌ ᠦᠶ᠎ᠡ ᠳ᠋ᠦ᠍ ᠰᠢᠷᠬᠠᠲᠤᠬᠤ ᠪᠠᠢᠲᠤᠭᠠᠢ ᠦᠬᠦᠬᠦ ᠴᠦ᠍ ᠶᠠᠭᠤ ᠴᠤ᠌ ᠪᠢᠰᠢ᠃ ᠭᠡᠲᠡᠯ᠎ᠡ ᠡᠩ ᠦ᠋ᠨ ᠨᠢᠭᠡ ᠠᠩ ᠤ᠋ᠨ ᠦᠶ᠎ᠡ ᠳ᠋ᠦ᠍ ᠡᠵᠡᠨ ᠬᠠᠭᠠᠨ ᠢ᠋ᠶ᠋ᠠᠨ ᠮᠣᠷᠢᠨ ᠠ᠋ᠴᠠ ᠤᠨᠠᠭᠠᠵᠤ ᠪᠡᠷᠲᠡᠭᠡᠨᠡ ᠭᠡᠳᠡᠭ ᠦᠨᠡᠬᠡᠷ ᠥᠷᠥᠰᠢᠶᠡᠵᠦ ᠪᠣᠯᠣᠰᠢ ᠦᠭᠡᠢ ᠬᠡᠷᠡᠭ ᠶᠦᠮ᠃ ᠴᠢᠩᠭᠢᠰ ᠬᠠᠭᠠᠨ ᠬᠡᠳᠦᠢ ᠥᠷᠥᠰᠢᠶᠡᠭᠰᠡᠨ ᠴᠦ᠍ ᠪᠤᠭᠤᠷᠴᠢ ᠪᠢ ᠴᠢᠩᠭᠢᠰ ᠬᠠᠭᠠᠨ ᠤ᠋ ᠬᠥᠪᠡᠭᠦᠳ ᠦ᠋ᠨ ᠡᠮᠦᠨ᠎ᠡ ᠶᠠᠯᠠᠲᠠᠨ ᠪᠣᠯᠵᠠᠢ᠃ ᠴᠢᠩᠭᠢᠰ ᠬᠠᠭᠠᠨ ᠯᠠᠪ ᠲᠠ ᠨᠠᠷ ᠤ᠋ᠨ ᠦᠭᠡ ᠶ᠋ᠢ ᠰᠠᠢᠰᠢᠶᠠᠨ ᠳᠡᠮᠵᠢᠬᠦ ᠨᠢ ᠭᠠᠷᠴᠠᠭ᠎ᠠ ᠦᠭᠡᠢ᠃ ᠲᠡᠭᠡᠬᠦ ᠪᠡᠷ ᠴᠠᠭᠠᠲᠠᠢ ᠴᠢ ᠨᠠᠮᠠᠶ᠋ᠢ ᠬᠣᠷᠣᠭᠠᠭᠲᠤᠨ᠃ ᠵᠠᠯᠠᠭᠤᠰ ᠲᠤ᠌ ᠰᠤᠷᠭᠠᠮᠵᠢ ᠪᠣᠯᠤᠭ᠃ ᠪᠢ ᠣᠳᠣ ᠬᠡᠳᠦᠢᠬᠡᠨ ᠨᠠᠰᠤᠯᠠᠵᠤ ᠶᠠᠭᠤ ᠶ᠋ᠢ ᠪᠦᠲᠦᠭᠡᠪᠡ ᠭᠡᠵᠦ᠂ ᠬᠠᠷᠢᠨ ᠮᠢᠨᠦ ᠬᠡᠷᠡᠭᠡ ᠬᠥᠪᠡᠭᠦᠨ ᠢ᠋ ᠥᠷᠥᠰᠢᠶᠡ᠃ ᠲᠡᠭᠦᠨ ᠳ᠋ᠦ᠍ ᠪᠤᠷᠤᠭᠤ ᠪᠣᠢ᠃ ᠪᠢ ᠪᠤᠷᠤᠭᠤ ᠶ᠋ᠢ ᠨᠢ ᠡᠭᠦᠷᠦᠶ᠎ᠡ᠃ ᠲᠡᠷᠡ ᠨᠠᠰᠤ ᠵᠠᠯᠠᠭᠤ᠃ ᠲᠠ ᠬᠣᠶᠠᠷ ᠤ᠋ᠨ ᠬᠥᠪᠡᠭᠦᠨ ᠶᠢᠰᠦᠨ ᠮᠥᠩᠬᠡ᠂ ᠬᠥᠶᠦᠭ ᠬᠣᠶᠠᠷ ᠲᠠᠢ ᠣᠢᠷᠠᠯᠴᠠᠭ᠎ᠠ᠃ ᠬᠡᠷᠡᠭᠡ ᠪᠣᠯ ᠲᠩᠷᠢ ᠡᠴᠡ ᠨᠠᠳᠠᠳᠤ ᠢᠯᠡᠭᠡᠭᠰᠡᠨ ᠭᠠᠭᠴᠠ ᠬᠥᠪᠡᠭᠦᠨ ᠮᠢᠨᠢ ᠶᠦᠮ᠃ ᠲᠡᠭᠦᠨ ᠢ᠋ ᠪᠢᠲᠡᠭᠡᠢ ᠠᠯᠠᠭᠠᠴᠢ᠃ ᠨᠠᠳᠠ ᠠ᠋ᠴᠠ ᠬᠣᠢᠰᠢ ᠪᠦᠦ ᠭᠠᠳᠠᠭᠤᠷᠬᠠᠨ ᠠᠳᠠ ᠦᠵᠡᠭᠡᠷᠡᠢ᠃ ᠢᠩᠭᠢᠵᠦ ᠠᠮᠠᠯᠠᠪᠠᠯ ᠨᠠᠳᠠᠳᠤ ᠦᠬᠦᠬᠦ ᠳ᠋ᠦ᠍ ᠰᠠᠨᠠᠭ᠎ᠠ ᠵᠣᠪᠠᠬᠤ ᠵᠦᠢᠯ ᠦᠭᠡᠢ᠃ ᠡᠬᠡ ᠨᠢ ᠨᠠᠰᠤ ᠪᠠᠷᠠᠭᠰᠠᠨ᠂ ᠭᠠᠭᠴᠠᠭᠠᠷ ᠥᠨᠥᠴᠢᠨ ᠶᠦᠮ᠃ ᠴᠢᠩᠭᠢᠰ ᠬᠠᠭᠠᠨ᠂ ᠪᠤᠭᠤᠷᠴᠢ ᠴᠢ ᠶᠡᠬᠡ ᠮᠠᠷᠲᠠᠮᠠᠬᠠᠢ ᠪᠣᠯᠵᠠᠢ ᠭᠡᠰᠡᠨ ᠨᠢ ᠬᠦᠢᠲᠡᠨ ᠠᠭᠤᠯᠠᠨ ᠳ᠋ᠤ᠌ ᠪᠣᠯᠤᠭᠰᠠᠨ ᠬᠡᠷᠡᠭ ᠢ᠋ ᠬᠡᠯᠡᠵᠡᠢ᠃ ᠴᠢᠩᠭᠢᠰ ᠬᠠᠭᠠᠨ ᠲᠡᠭᠡᠬᠦ ᠳ᠋ᠦ᠍ ᠨᠠᠮᠠᠶ᠋ᠢ ᠬᠠᠰᠠᠷ ᠤ᠋ᠨ ᠴᠠᠭᠠᠵᠠᠨ ᠠ᠋ᠴᠠ ᠠᠪᠤᠷᠠᠭᠰᠠᠨ ᠶᠤᠮ᠃ ᠣᠳᠣ ᠬᠥᠪᠡᠭᠦᠳ ᠦ᠋ᠨ ᠢ᠋ᠶ᠋ᠡᠨ ᠴᠠᠭᠠᠵᠠᠨ ᠠ᠋ᠴᠠ ᠠᠪᠤᠷᠠᠵᠤ ᠴᠢᠳᠠᠬᠤ ᠦᠭᠡᠢ ᠭᠡᠰᠡᠨ ᠦᠭᠡ ᠭᠡᠵᠦ ᠪᠢ ᠣᠢᠯᠠᠭᠠᠪᠠ᠃ ᠴᠠᠭᠠᠲᠠᠢ ᠥᠭᠡᠳᠡᠢ ᠬᠣᠶᠠᠷ ᠠ᠋᠂ ᠬᠠᠭᠠᠨ ᠡᠴᠢᠭᠡ ᠶ᠋ᠢ ᠪᠡᠨ ᠲᠠ ᠨᠠᠷ ᠯᠠ ᠥᠮᠥᠭᠯᠡᠵᠦ ᠬᠠᠮᠠᠭᠠᠯᠠᠬᠤ ᠦᠭᠡᠢ ᠪᠣᠯ ᠲᠠ ᠨᠠᠷ ᠰᠢᠭ᠋ ᠦᠨᠡᠨ ᠰᠡᠳᠬᠢᠯ ᠢ᠋ᠶ᠋ᠡᠷ ᠥᠮᠥᠭᠡᠷᠡᠵᠦ ᠲᠤᠰᠠᠯᠠᠬᠤ ᠬᠥᠮᠦᠨ ᠦᠭᠡᠢ ᠰᠢᠦ᠃ ᠲᠥᠷᠥ ᠤᠯᠤᠰ ᠢ᠋ᠶ᠋ᠠᠨ ᠲᠥᠷᠥᠭᠰᠡᠨ ᠬᠥᠪᠡᠭᠦᠨ ᠡᠴᠡ ᠪᠡᠨ ᠢᠯᠡᠭᠦᠦ ᠬᠠᠢᠷᠠᠯᠠ ᠭᠡᠵᠦ ᠴᠢᠩᠭᠢᠰ ᠬᠠᠭᠠᠨ ᠡᠴᠢᠭᠡ ᠴᠢᠨᠢ ᠰᠤᠷᠭᠠᠵᠠᠢ᠃᠂ ᠬᠠᠷᠢᠨ ᠪᠢ ᠬᠥᠪᠡᠭᠦᠨ ᠢ᠋ᠶ᠋ᠡᠨ᠂ ᠥᠪᠡᠷ ᠡᠴᠡ ᠪᠡᠨ ᠢᠯᠡᠭᠦᠦ ᠬᠠᠢᠷᠠᠯᠠᠬᠤ ᠲᠤᠯᠠ ᠬᠡᠷᠡᠭᠡ ᠶ᠋ᠢ ᠥᠷᠥᠰᠢᠶᠡᠵᠦ ᠨᠠᠮᠠᠶ᠋ᠢ ᠦᠬᠦᠭᠦᠯᠦᠭᠲᠦᠨ᠃ ᠲᠡᠭᠦᠨ ᠳ᠋ᠦ᠍ ᠡᠨᠡ ᠤᠯᠤᠰ ᠲᠤ᠌ ᠵᠢᠳᠬᠦᠵᠦ ᠪᠦᠲᠦᠭᠡᠬᠦ ᠨᠠᠰᠤ ᠪᠠᠢᠭ᠎ᠠ ᠶᠤᠮ᠃ ᠬᠠᠷᠢᠨ ᠨᠠᠳᠠᠳᠤ ᠶᠠᠭᠤ ᠴᠤ᠌ ᠦᠯᠡᠳᠡᠭᠰᠡᠨ ᠦᠭᠡᠢ᠃
ᠪᠤᠭᠤᠷᠴᠢ ᠶ᠋ᠢ ᠦᠭᠡ ᠪᠡᠨ ᠳᠠᠭᠤᠰᠲᠠᠯ᠎ᠠ ᠲᠡᠳᠡ ᠳᠤᠤᠭᠠᠷᠤᠭᠰᠠᠨ ᠦᠭᠡᠢ᠃ ᠦᠭᠡ ᠪᠡᠨ ᠬᠡᠯᠡᠵᠦ ᠳᠠᠭᠤᠰᠤᠭᠠᠳ ᠪᠤᠭᠤᠷᠴᠢ ᠰᠠᠨᠠᠭ᠎ᠠ ᠠᠮᠠᠷᠠᠪᠠ᠃ ᠣᠳᠣ ᠬᠡᠷᠡᠭ ᠦ᠋ᠨ ᠡᠵᠡᠨ ᠲᠤᠯᠠ ᠴᠠᠭᠠᠲᠠᠢ ᠦᠭᠡ ᠬᠡᠯᠡᠬᠦ ᠬᠡᠷᠡᠭᠲᠡᠢ ᠪᠣᠯᠵᠠᠢ᠃ ᠭᠡᠪᠡᠴᠦ ᠲᠡᠷᠡ ᠡᠨᠡ ᠭᠡᠨᠡᠳᠲᠡ ᠶ᠋ᠢᠨ ᠶᠠᠪᠤᠳᠠᠯ ᠳ᠋ᠤ᠌ ᠭᠡᠮᠰᠢᠵᠦ ᠠᠶᠤᠭᠠᠳ ᠳᠤᠤᠭᠠᠷᠴᠤ ᠴᠢᠳᠠᠭᠰᠠᠨ ᠦᠭᠡᠢ ᠵᠣᠭᠰᠣᠪᠠ᠃
| ᠴᠠᠭᠠᠲᠠᠢ ᠪᠢ ᠴᠢᠮᠠᠲᠤ ᠶᠡᠷᠦ ᠭᠣᠮᠣᠳᠠᠵᠤ ᠰᠠᠨᠠᠭᠰᠠᠨ ᠵᠦᠢᠯ ᠦᠭᠡᠢ᠃ ᠪᠠᠰᠠ ᠰᠠᠶᠢ ᠬᠤᠳᠠᠯ ᠦᠭᠡ ᠬᠡᠯᠡᠵᠦ ᠬᠠᠭᠤᠷᠮᠠᠭ ᠵᠠᠩ ᠭᠠᠷᠭᠠᠭᠰᠠᠨ ᠦᠭᠡᠢ᠃ ᠪᠢ ᠴᠢᠨᠦ ᠳᠠᠭᠤ ᠦᠭᠡᠢ ᠪᠠᠢᠭ᠎ᠠ ᠶ᠋ᠢ ᠣᠢᠯᠠᠭᠠᠨ᠎ᠠ᠃ ᠬᠡᠷᠪᠡ ᠴᠢ ᠨᠠᠮᠠᠶ᠋ᠢ ᠲᠠᠰᠤ ᠴᠠᠪᠴᠢᠨ ᠬᠠᠶᠠᠵᠤ ᠴᠢᠳᠠᠬᠤ ᠦᠭᠡᠢ ᠪᠠᠢᠭ᠎ᠠ ᠴᠢᠨᠢ ᠨᠠᠮᠠᠶ᠋ᠢ ᠬᠦᠨᠳᠦᠯᠡᠭᠰᠡᠨ ᠦ᠌ ᠬᠢ ᠪᠢᠰᠢ ᠬᠠᠷᠢᠨ ᠬᠠᠭᠠᠨ ᠡᠴᠢᠭᠡ ᠪᠡᠨ ᠬᠠᠢᠷᠠᠯᠠᠬᠤ ᠦᠭᠡᠢ ᠪᠠᠢᠭ᠎ᠠ ᠶ᠋ᠢᠨ ᠬᠢ ᠶᠦᠮ᠃ ᠡᠨᠡ ᠪᠣᠯ ᠴᠠᠭᠠᠲᠠᠢ ᠶ᠋ᠢᠨ ᠬᠣᠷᠣ ᠰᠢᠷ᠎ᠠ ᠶ᠋ᠢ ᠬᠥᠭᠡᠷᠭᠡᠬᠦ ᠭᠡᠵᠦ ᠪᠤᠭᠤᠷᠴᠢ ᠶ᠋ᠢᠨ ᠰᠠᠨᠠᠭ᠎ᠠ ᠲᠠᠢ ᠬᠡᠯᠡᠭᠰᠡᠨ᠂ ᠲᠤᠷᠰᠢᠭᠰᠠᠨ ᠠᠶᠤᠮᠰᠢᠭᠲᠠᠢ ᠦᠭᠡ ᠪᠠᠢᠪᠠ᠃ ᠪᠠᠰᠠ ᠡᠢᠮᠦ ᠦᠭᠡᠨ ᠦ᠌ ᠪᠠᠨ ᠲᠥᠯᠥᠭᠡ ᠴᠠᠭᠠᠲᠠᠢ ᠶ᠋ᠢᠨ ᠰᠡᠯᠡᠮᠡᠨ ᠳ᠋ᠦ᠍ ᠦᠬᠦᠵᠦ ᠪᠣᠯᠬᠤ ᠶ᠋ᠢ ᠴᠦ᠍ ᠲᠡᠷᠡ ᠮᠡᠳᠡᠵᠦ ᠪᠠᠢᠪᠠ᠃ ᠴᠠᠭᠠᠲᠠᠢ ᠦᠨᠡᠬᠡᠷ ᠡᠨᠡ ᠦᠭᠡ ᠶ᠋ᠢ ᠰᠣᠨᠣᠰᠤᠭᠠᠳ ᠮᠢᠨᠴᠢᠢᠨ ᠤᠯᠠᠢᠵᠤ ᠠᠮᠢᠰᠬᠤᠭ᠎ᠠ ᠨᠢ ᠲᠦᠷᠭᠡᠰᠦᠭᠰᠡᠨ ᠴᠦ᠍ ᠠᠷᠠᠢ ᠴᠤ᠌ ᠰᠡᠯᠡᠮ᠎ᠡ ᠪᠡᠨ ᠰᠤᠭᠤᠯᠤᠭᠰᠠᠨ ᠦᠭᠡᠢ᠃ ᠬᠠᠷᠢᠨ ᠥᠭᠡᠳᠡᠢ
| ᠪᠤᠭᠤᠷᠴᠢ ᠠᠬ᠎ᠠ ᠠ᠋᠂ ᠪᠢᠳᠡ ᠲᠠᠨ ᠢ᠋ ᠶᠠᠭᠤ ᠭᠡᠵᠦ ᠮᠠᠭᠤ ᠪᠠᠷ ᠪᠣᠳᠣᠵᠤ᠂ ᠮᠣᠳᠣ ᠪᠠᠷ ᠴᠣᠬᠢᠬᠤ ᠪᠢᠯᠡ᠃ ᠴᠠᠭᠠᠲᠠᠢ ᠠᠬ᠎ᠠ ᠶ᠋ᠢ ᠴᠦ᠍ ᠲᠡᠭᠡᠵᠦ ᠬᠡᠯᠡᠵᠦ ᠪᠣᠯᠬᠤ ᠦᠭᠡᠢ ᠭᠡᠵᠦ ᠵᠣᠬᠢᠴᠠᠭᠤᠯᠬᠤ ᠦᠭᠡ ᠬᠡᠯᠡᠪᠡ᠃ ᠡᠨᠡ ᠦᠭᠡ ᠪᠤᠭᠤᠷᠴᠢ ᠳ᠋ᠤ᠌ ᠲᠠᠭᠠᠯᠠᠭᠳᠠᠪᠠ᠃
| ᠴᠠᠭᠠᠲᠠᠢ ᠴᠢ ᠲᠠᠢᠪᠤᠰᠢᠷᠠ᠃ ᠨᠠᠮᠠᠶ᠋ᠢ ᠠᠯᠠᠬᠤ ᠪᠣᠯ ᠴᠢ ᠬᠡᠵᠢᠶ᠎ᠡ ᠴᠦ᠍ ᠠᠮᠵᠢᠨ᠎ᠠ᠃ ᠣᠳᠣ ᠶᠠᠪᠤᠵᠠᠭᠠᠶ᠎ᠠ᠃ ᠴᠢᠩᠭᠢᠰ ᠬᠠᠭᠠᠨ ᠨᠠᠮᠠᠶ᠋ᠢ ᠲᠠ ᠬᠣᠶᠠᠷ ᠢ᠋ ᠳᠠᠭᠠᠭᠤᠯᠤᠨ ᠢᠷ᠎ᠡ ᠭᠡᠵᠦ ᠵᠠᠷᠯᠢᠭ ᠪᠠᠭᠤᠯᠭᠠᠪᠠ ᠭᠡᠰᠡᠨ ᠳ᠋ᠦ᠍ ᠲᠡᠳᠡ ᠣᠢᠯᠠᠭᠠᠬᠤ ᠦᠭᠡᠢ ᠪᠣᠯᠵᠤ ᠬᠡᠰᠡᠭ ᠵᠠᠭᠤᠷ᠎ᠠ ᠠᠯᠮᠠᠢᠷᠠᠵᠠᠢ᠃
| ᠲᠠ ᠲᠣᠭᠯᠠᠵᠤ ᠪᠠᠢᠨ᠎ᠠ ᠤᠤ? ᠭᠡᠵᠦ ᠴᠠᠭᠠᠲᠠᠢ ᠠᠭᠤᠷᠰᠠᠨ ᠬᠠᠰᠬᠢᠷᠪᠠ᠃
| ᠦᠭᠡᠢ ᠳᠡ᠂ ᠪᠢ ᠴᠢᠩᠭᠢᠰ ᠬᠠᠭᠠᠨ ᠤ᠋ ᠵᠠᠷᠯᠢᠭ ᠢ᠋ ᠤᠯᠠᠮᠵᠢᠯᠠᠵᠤ ᠪᠠᠢᠨ᠎ᠠ᠃
| ᠲᠡᠭᠡᠪᠡᠯ ᠰᠠᠶᠢ ᠲᠠ ᠶᠠᠭᠤ ᠶᠠᠷᠢᠪᠠ?
| ᠲᠡᠷᠡ ᠴᠢᠨᠢ ᠴᠦ᠍ ᠦᠨᠡᠨ᠃ ᠪᠢ ᠬᠠᠷᠢᠨ ᠪᠦᠷ ᠦᠨᠡᠨ ᠰᠠᠨᠠᠭᠠᠨ ᠠ᠋ᠴᠠ ᠬᠡᠯᠡᠭᠰᠡᠨ ᠰᠢᠦ᠃ ᠴᠠᠭᠠᠲᠠᠢ ᠴᠢ ᠥᠪᠡᠷ ᠦ᠋ᠨ ᠪᠣᠳᠣᠭᠰᠠᠨ ᠢ᠋ᠶ᠋ᠠᠷ ᠬᠢᠭᠲᠦᠨ ᠭᠡᠬᠦ ᠳ᠋ᠦ᠍ ᠴᠠᠭᠠᠲᠠᠢ ᠭᠠᠢᠬᠠᠨ ᠵᠣᠭᠰᠣᠭᠰᠠᠭᠠᠷ ᠪᠠᠢᠵᠠᠢ᠃
| ᠱᠠᠯᠠᠪᠯᠠᠵᠤ ᠦᠵᠡ᠂ ᠲᠤᠯᠤᠢ ᠳᠡᠭᠦᠦ ᠴᠢᠨᠢ ᠢᠷᠡᠭᠡᠳ ᠬᠦᠯᠢᠶᠡᠵᠦ ᠪᠠᠢᠨ᠎ᠠ ᠭᠡᠬᠦ ᠳ᠋ᠦ᠍ ᠲᠡᠳᠡ ᠰᠠᠶᠢ ᠯᠠ ᠨᠢᠭᠡ ᠦᠨᠡᠮᠰᠢᠬᠦ ᠰᠢᠭ ᠪᠣᠯᠵᠠᠢ᠃
ᠦᠨᠡᠬᠡᠷ ᠪᠤᠭᠤᠷᠴᠢ ᠬᠤᠳᠠᠯ ᠬᠡᠯᠡᠭᠡ ᠦᠭᠡᠢ ᠪᠢᠯᠡ᠃ ᠴᠢᠩᠭᠢᠰ ᠬᠠᠭᠠᠨ ᠬᠥᠪᠡᠭᠦᠳ ᠢ᠋ᠶ᠋ᠡᠨ ᠪᠠᠷᠠᠯᠬᠠᠭᠤᠯᠬᠤ ᠶ᠋ᠢ ᠵᠠᠷᠯᠢᠭ ᠪᠣᠯᠭᠠᠵᠠᠢ᠃ ᠪᠠᠰᠠ ᠴᠠᠭᠠᠲᠠᠢ ᠶ᠋ᠢᠨ ᠵᠠᠩᠨᠠᠭᠰᠠᠨ ᠢ᠋ ᠰᠣᠨᠣᠰᠤᠭᠠᠳ ᠠᠭᠤᠷᠯᠠᠵᠤ《ᠪᠤᠭᠤᠷᠴᠢ᠂ ᠴᠢ ᠶᠡᠬᠡ ᠮᠠᠷᠲᠠᠮᠠᠬᠠᠢ ᠪᠣᠯᠵᠠᠢ》 ᠭᠡᠰᠡᠨ ᠡᠴᠡ ᠥᠭᠡᠷ᠎ᠡ ᠶ᠋ᠢ ᠴᠦ᠍ ᠬᠡᠯᠡᠭᠡ ᠦᠭᠡᠢ ᠨᠢ ᠦᠨᠡᠨ ᠶᠦᠮ᠃ ᠢᠩᠭᠢᠵᠦ ᠬᠡᠯᠡᠭᠰᠡᠨ ᠨᠢ ᠬᠡᠯᠡᠭᠰᠡᠨ ᠠᠮᠠᠨ ᠠ᠋ᠴᠠ ᠪᠤᠴᠠᠵᠤ ᠣᠳᠣ ᠲᠡᠷᠡ ᠮᠣᠷᠢᠨ ᠠ᠋ᠴᠠ ᠤᠨᠠᠭᠰᠠᠨ ᠶᠠᠪᠤᠳᠠᠯ ᠢ᠋ ᠰᠡᠬᠦᠬᠦ ᠦᠭᠡᠢ ᠭᠡᠰᠡᠨ ᠦᠭᠡ ᠪᠠᠢᠵᠠᠢ᠃ ᠪᠤᠭᠤᠷᠴᠢ ᠡᠭᠦᠨ ᠢ᠋ ᠣᠢᠯᠠᠭᠠᠵᠤ ᠪᠠᠢᠭᠰᠠᠨ ᠴᠤ᠌ ᠪᠣᠯᠤᠮᠵᠢ ᠶ᠋ᠢ ᠠᠯᠳᠠᠯ ᠦᠭᠡᠢ ᠪᠡᠷ ᠣᠮᠣᠭᠲᠠᠢ ᠴᠠᠭᠠᠲᠠᠢ ᠶ᠋ᠢᠨ ᠠᠭᠠᠰᠢ ᠠᠪᠤᠷᠢ ᠶ᠋ᠢ ᠰᠠᠢᠲᠤᠷ ᠳᠠᠷᠤᠵᠤ ᠠᠪᠬᠤ ᠶ᠋ᠢ ᠬᠢᠴᠢᠶᠡᠭᠰᠡᠨ ᠨᠢ ᠡᠨᠡ ᠶᠦᠮ᠃ ᠬᠠᠷᠢᠨ ᠴᠤ᠌ ᠴᠠᠭᠠᠲᠠᠢ ᠶ᠋ᠢᠨ ᠰᠡᠬᠦᠭᠰᠡᠨ ᠬᠡᠷᠡᠭ ᠡᠢᠮᠦ ᠠᠮᠠᠷᠬᠠᠨ ᠢ᠋ᠶ᠋ᠠᠷ ᠰᠠᠢᠨ ᠢ᠋ᠶ᠋ᠠᠷ ᠲᠡᠭᠦᠰᠦᠭᠰᠡᠨ ᠨᠢ ᠪᠤᠭᠤᠷᠴᠢ ᠪᠣᠯᠤᠭᠠᠳ ᠬᠡᠷᠡᠭᠡ ᠳ᠋ᠦ᠍ ᠲᠠᠭᠠᠲᠠᠢ ᠬᠡᠷᠡᠭ ᠪᠣᠯᠵᠠᠢ᠃ ᠬᠡᠷᠪᠡ ᠴᠠᠭᠠᠲᠠᠢ ᠲᠡᠷᠡ ᠴᠢᠭ ᠢ᠋ᠶ᠋ᠡᠷ ᠢ᠋ᠶ᠋ᠡᠨ ᠵᠢᠳᠬᠦᠭᠰᠡᠨ ᠪᠣᠯ ᠬᠡᠷᠡᠭᠡ ᠶ᠋ᠢ ᠠᠯᠠᠴᠢᠬᠠᠬᠤ ᠳ᠋ᠤ᠌ ᠪᠦᠭᠦᠳᠡᠭᠡᠷ ᠴᠠᠭᠠᠲᠠᠢ ᠳ᠋ᠤ᠌ ᠵᠥᠪ ᠢ᠋ ᠥᠭᠭᠦᠨ ᠰᠠᠢᠰᠢᠶᠠᠬᠤ ᠪᠠᠢᠭᠰᠠᠨ ᠪᠢᠯᠡ᠃ ᠦᠨᠡᠬᠡᠷ ᠡᠨᠡ ᠪᠣᠯ ᠪᠤᠭᠤᠷᠴᠢ ᠶ᠋ᠢᠨ ᠠᠮᠢᠳᠤᠷᠠᠯ ᠳ᠋ᠤ᠌ ᠲᠣᠬᠢᠶᠠᠯᠳᠤᠭᠰᠠᠨ ᠬᠠᠮᠤᠭ ᠤ᠋ᠨ ᠠᠶᠤᠮᠰᠢᠭᠲᠤ ᠶᠠᠪᠤᠳᠠᠯ ᠤ᠋ᠳ ᠤ᠋ᠨ ᠨᠢᠭᠡ ᠪᠠᠢᠪᠠ᠃ ᠲᠡᠷᠡ ᠭᠦᠮᠦᠳᠠ ᠶ᠋ᠢᠨ ᠦᠬᠦᠬᠦ ᠶ᠋ᠢ ᠬᠠᠷᠠᠭᠠᠳ ᠶᠠᠭᠠᠬᠢᠵᠤ ᠴᠤ᠌ ᠴᠢᠳᠠᠬᠤ ᠦᠭᠡᠢ ᠮᠣᠳᠣᠨ ᠳ᠋ᠤ᠌ ᠬᠦᠯᠢᠶᠡᠲᠡᠢ ᠬᠡᠪᠲᠡᠵᠦ ᠪᠠᠢᠬᠤ ᠳ᠋ᠠᠭᠠᠨ ᠶᠠᠭ ᠥᠨᠥᠳᠥᠷ ᠦ᠋ᠨ ᠬᠢ ᠰᠢᠭ ᠭᠠᠰᠠᠯᠤᠨ ᠣᠷᠢᠯᠠᠵᠤ ᠪᠠᠢᠭᠰᠠᠨ ᠪᠢᠯᠡ᠃ ᠬᠡᠷᠪᠡ ᠴᠠᠭᠠᠲᠠᠢ ᠶ᠋ᠢᠨ ᠱᠠᠭᠠᠷᠳᠠᠯᠭ᠎ᠠ ᠶ᠋ᠢ ᠴᠢᠩᠭᠢᠰ ᠬᠠᠭᠠᠨ ᠬᠦᠯᠢᠶᠡᠨ ᠠᠪᠴᠤ ᠬᠡᠷᠡᠭᠡ ᠶ᠋ᠢ ᠪᠤᠷᠤᠭᠤᠳᠬᠠᠨ ᠴᠠᠭᠠᠵᠠᠯᠠᠬᠤ ᠠᠪᠠᠰᠤ ᠬᠥᠪᠡᠭᠦᠨ ᠦ᠌ ᠪᠡᠨ ᠡᠮᠦᠨ᠎ᠡ ᠡᠴᠡ ᠦᠬᠦᠨ᠎ᠡ ᠭᠡᠵᠦ ᠰᠢᠢᠳᠦᠭᠰᠡᠨ ᠪᠠᠢᠪᠠ᠃ ᠬᠡᠷᠡᠭᠡ ᠶ᠋ᠢ ᠴᠢᠩᠭᠢᠰ ᠬᠠᠭᠠᠨ ᠥᠷᠥᠰᠢᠶᠡᠭᠰᠡᠨ ᠳ᠋ᠦ᠍ ᠪᠤᠭᠤᠷᠴᠢ ᠲᠠᠯᠠᠷᠬᠠᠭᠠᠳ ᠴᠤ᠌ ᠪᠠᠷᠠᠬᠤ ᠦᠭᠡᠢ ᠪᠣᠯᠵᠠᠢ᠃ ᠭᠡᠪᠡᠴᠦ ᠬᠡᠷᠡᠭᠡ ᠶ᠋ᠢ ᠴᠢᠩᠭᠢᠰ ᠬᠠᠭᠠᠨ ᠥᠷᠥᠰᠢᠶᠡᠭᠰᠡᠨ ᠪᠢᠰᠢ ᠪᠦᠬᠦ ᠤᠴᠢᠷ ᠬᠤᠯᠠᠨ ᠬᠠᠲᠤᠨ ᠤ᠋ ᠰᠦᠨᠡᠰᠦ ᠲᠡᠢ ᠬᠣᠯᠪᠣᠭ᠎ᠠ ᠲᠠᠢ ᠪᠠᠢᠭᠰᠠᠨ ᠢ᠋ ᠬᠡᠨ ᠴᠦ᠍ ᠮᠡᠳᠡᠭᠰᠡᠨ ᠦᠭᠡᠢ᠃ ᠤᠴᠢᠷ ᠨᠢ ᠥᠪᠡᠷ ᠲᠡᠢ ᠪᠡᠨ ᠬᠠᠮᠲᠤ ᠪᠠᠢᠭᠰᠠᠨ ᠴᠡᠷᠢᠭ ᠦ᠋ᠳ ᠢ᠋ ᠪᠤᠷᠤᠭᠤᠳᠬᠠᠨ ᠭᠡᠰᠬᠡᠭᠡᠪᠡᠯ ᠬᠤᠯᠠᠨ ᠬᠠᠲᠤᠨ ᠤ᠋ ᠰᠦᠨᠡᠰᠦ ᠬᠢᠯᠢᠩᠨᠡᠨ᠎ᠡ ᠭᠡᠳᠡᠭ ᠢ᠋ ᠴᠢᠩᠭᠢᠰ ᠬᠠᠭᠠᠨ ᠮᠡᠳᠡᠵᠦ ᠪᠠᠢᠭᠰᠠᠨ ᠲᠤᠯᠠ ᠴᠠᠭᠠᠲᠠᠢ ᠶ᠋ᠢᠨ ᠱᠠᠭᠠᠷᠳᠠᠯᠭ᠎ᠠ ᠶ᠋ᠢ ᠲᠣᠭᠣᠮᠰᠠᠷᠯᠠᠭᠰᠠᠨ ᠦᠭᠡᠢ ᠮᠡᠲᠦ ᠥᠩᠭᠡᠷᠡᠭᠡᠭᠰᠡᠨ ᠪᠢᠯᠡ᠃
ᠬᠠᠭᠠᠨ ᠡᠴᠢᠭᠡ ᠨᠢ ᠥᠷᠥᠰᠢᠶᠡᠭᠰᠡᠨ ᠳ᠋ᠦ᠍ ᠴᠠᠭᠠᠲᠠᠢ ᠥᠭᠡᠳᠡᠢ ᠬᠣᠶᠠᠷ ᠪᠠᠶᠠᠷᠯᠠᠵᠤ ᠪᠠᠰᠠ ᠲᠦᠭᠰᠢᠵᠦ ᠲᠦᠳᠡᠯ ᠦᠭᠡᠢ ᠲᠡᠳᠡᠨ ᠦ᠌ ᠪᠡᠯᠡᠭ ᠦ᠋ᠨ ᠨᠦᠰᠡᠷ ᠴᠤᠪᠤᠭ᠎ᠠ ᠴᠢᠩᠭᠢᠰ ᠬᠠᠭᠠᠨ ᠤ᠋ ᠬᠡᠭᠡᠷ᠎ᠡ ᠶ᠋ᠢᠨ ᠥᠷᠭᠥᠭᠡ ᠶ᠋ᠢ ᠴᠢᠭᠯᠡᠨ ᠬᠥᠳᠡᠯᠪᠡ᠃ ᠲᠠᠩᠭᠤᠳ ᠤ᠋ᠨ ᠰᠢᠵᠤᠤ ᠪᠠᠯᠭᠠᠰᠤ ᠶ᠋ᠢ ᠡᠵᠡᠯᠡᠨ ᠠᠪᠬᠤ ᠳ᠋ᠤ᠌ ᠣᠯᠵᠠᠯᠠᠭᠰᠠᠨ ᠪᠠᠰᠠ ᠴᠠᠭᠠᠲᠠᠢ ᠶ᠋ᠢᠨ ᠬᠤᠷᠽᠸᠮ ᠠ᠋ᠴᠠ ᠨᠠᠭᠠᠰᠢ ᠢᠷᠡᠬᠦ ᠳ᠋ᠡᠭᠡᠨ ᠠᠴᠢᠵᠤ ᠠᠪᠴᠢᠷᠠᠭᠰᠠᠨ ᠫᠧᠷᠰ ᠭᠤᠸ᠎ᠠ ᠡᠮᠡᠰ ᠦ᠋ᠨ ᠲᠠᠯ᠎ᠠ ᠨᠢ ᠰᠢᠪᠡᠷ ᠱᠠᠯᠪᠠᠭ ᠳᠤᠮᠳᠠ ᠬᠡᠪᠲᠡᠵᠦ ᠬᠣᠴᠣᠷᠴᠠᠢ᠃ ᠦᠯᠡᠳᠡᠭᠰᠡᠨ ᠲᠡᠳᠡᠨ ᠦ᠌ ᠠᠮᠢᠳᠤ ᠶ᠋ᠢ ᠨᠢ ᠴᠡᠷᠢᠭ ᠦ᠋ᠳ ᠥᠪᠡᠷᠰᠡᠳ ᠦ᠋ᠨ ᠮᠠᠢᠬᠠᠨ ᠤᠷᠤᠭᠤ ᠴᠢᠷᠴᠦ ᠠᠪᠠᠴᠢᠵᠠᠢ᠃ ᠤᠭ ᠨᠢ ᠴᠠᠭᠠᠲᠠᠢ ᠥᠭᠡᠳᠡᠢ ᠬᠣᠶᠠᠷ ᠲᠤ᠌ ᠢᠩᠭᠢᠵᠦ ᠵᠠᠯᠬᠠᠭᠠᠭᠳᠠᠬᠤ ᠣᠨᠴᠠ ᠶ᠋ᠢᠨ ᠪᠤᠷᠤᠭᠤ ᠦᠢᠯᠡᠳᠦᠯ ᠪᠠᠢᠭᠰᠠᠨ ᠦᠭᠡᠢ ᠪᠢᠯᠡ᠃ ᠰᠢᠵᠤᠤ ᠪᠠᠯᠭᠠᠰᠤ ᠶ᠋ᠢ ᠡᠵᠡᠯᠡᠨ ᠠᠪᠬᠤ ᠭᠡᠵᠦ ᠰᠠᠷ᠎ᠠ ᠰᠠᠭᠠᠲᠠᠭᠰᠠᠨ ᠨᠢ ᠴᠢᠩᠭᠢᠰ ᠬᠠᠭᠠᠨ ᠢ᠋ ᠬᠢᠯᠢᠩᠨᠡᠭᠦᠯᠦᠭᠰᠡᠨ ᠲᠡᠳᠦᠢ ᠠᠵᠢ᠃ ᠭᠡᠪᠡᠴᠦ ᠴᠢᠩᠭᠢᠰ ᠬᠠᠭᠠᠨ ᠲᠠᠢᠳᠬᠤᠷᠠᠬᠤ ᠦᠭᠡᠢ ᠪᠠᠢᠭᠰᠠᠨ ᠳ᠋ᠤ᠌ ᠶᠢᠰᠦᠢ ᠬᠠᠲᠤᠨ ᠤᠬᠢᠯᠠᠵᠤ ᠭᠣᠶᠣᠭᠰᠠᠭᠠᠷ ᠰᠠᠶᠢ ᠯᠠ ᠨᠢᠭᠡ ᠪᠠᠷᠠᠯᠠᠬᠠᠭᠤᠯᠬᠤ ᠵᠠᠷᠯᠢᠭ ᠪᠠᠭᠤᠯᠭᠠᠵᠠᠢ᠃ ᠭᠡᠪᠡᠴᠦ ᠴᠢᠩᠭᠢᠰ ᠬᠠᠭᠠᠨ ᠤ᠋ ᠰᠡᠳᠬᠢᠯ ᠳ᠋ᠦ᠍ ᠪᠤᠬᠢᠨᠢᠳᠤᠬᠤ ᠥᠭᠡᠷ᠎ᠡ ᠰᠢᠯᠲᠠᠭᠠᠨ ᠪᠠᠢᠭᠰᠠᠨ ᠢ᠋ ᠲᠡᠳᠡ ᠮᠡᠳᠡᠬᠦ ᠪᠠᠢᠪᠠ᠃ ᠴᠢᠩᠭᠢᠰ ᠬᠠᠭᠠᠨ ᠤ᠋ ᠪᠡᠶ᠎ᠡ ᠴᠢᠯᠡᠭᠡᠷᠬᠡᠭᠰᠡᠨ ᠡᠴᠡ ᠪᠣᠯᠵᠤ ᠲᠠᠩᠭᠤᠳ ᠤᠯᠤᠰ ᠢ᠋ ᠬᠡᠷᠬᠢᠬᠦ ᠲᠤᠬᠠᠢ ᠵᠥᠪᠯᠡᠯᠳᠦᠬᠦ ᠪᠡᠷ ᠬᠥᠪᠡᠭᠦᠳ ᠢ᠋ ᠳᠠᠭᠤᠳᠠᠶ᠎ᠠ ᠭᠡᠬᠦ ᠳ᠋ᠦ᠍ ᠵᠥᠪᠰᠢᠶᠡᠷᠡᠭᠰᠡᠨ ᠨᠢ ᠥᠭᠡᠷ᠎ᠡ ᠤᠴᠢᠷ ᠲᠠᠢ ᠪᠠᠢᠪᠠ᠃ ᠴᠢᠩᠭᠢᠰ ᠬᠠᠭᠠᠨ ᠤᠭ ᠠ᠋ᠴᠠ ᠲᠡᠳᠡᠨ ᠢ᠋ ᠳᠠᠭᠤᠳᠠᠬᠤ ᠪᠠᠷ ᠰᠢᠢᠳᠦᠭᠡᠳ ᠪᠠᠢᠭᠰᠠᠨ ᠪᠥᠭᠡᠳ ᠡᠨᠡ ᠨᠢ ᠵᠥᠴᠢ ᠶ᠋ᠢᠨ ᠦᠬᠦᠯ ᠲᠡᠢ ᠬᠣᠯᠪᠣᠭᠠᠲᠠᠢ ᠪᠠᠢᠵᠠᠢ᠃ ᠬᠤᠯᠠᠨ ᠠᠪᠠᠯᠠᠬᠤ ᠦᠶ᠎ᠡ ᠪᠡᠷ ᠮᠣᠷᠢᠨ ᠠ᠋ᠴᠠ ᠤᠨᠠᠭᠰᠠᠨ ᠠ᠋ᠴᠠ ᠬᠣᠢᠰᠢ ᠲᠡᠷᠡ ᠶᠡᠬᠡ ᠶ᠋ᠢ ᠪᠣᠳᠣᠵᠠᠢ᠃ ᠬᠠᠷᠢᠨ ᠢᠷᠭᠠᠢ ᠪᠠᠯᠭᠠᠰᠤᠨ ᠤ᠋ ᠳᠡᠷᠭᠡᠳᠡ ᠢᠷᠡᠲᠡᠯ᠎ᠡ ᠪᠡᠶ᠎ᠡ ᠨᠢ ᠴᠢᠯᠡᠭᠡᠷᠬᠡᠨ ᠬᠡᠪᠲᠡᠭᠰᠡᠨ ᠶᠠᠭ ᠡᠨᠡ ᠦᠶ᠎ᠡ ᠳ᠋ᠦ᠍ ᠵᠥᠴᠢ ᠬᠥᠪᠡᠭᠦᠨ ᠦ᠌ ᠬᠢᠨᠢ ᠦᠬᠦᠭᠰᠡᠨ ᠡᠳᠦᠷ ᠲᠣᠬᠢᠶᠠᠬᠤ ᠪᠠᠢᠯ᠎ᠠ᠃ ᠵᠥᠴᠢ ᠦᠬᠦᠭᠡᠳ ᠭᠤᠷᠪᠠᠨ ᠵᠢᠯ ᠥᠩᠭᠡᠷᠡᠵᠡᠢ᠃ ᠡᠨᠡ ᠡᠳᠦᠷ ᠢ᠋ᠶ᠋ᠡᠷ ᠬᠥᠪᠡᠭᠦᠳ ᠢ᠋ᠶ᠋ᠡᠨ ᠳᠡᠷᠭᠡᠳᠡ ᠪᠡᠨ ᠴᠤᠭᠯᠠᠭᠤᠯᠵᠤ ᠬᠡᠯᠡᠶ᠎ᠡ ᠭᠡᠰᠡᠨ ᠦᠭᠡ ᠪᠠᠢᠵᠠᠢ᠃ ᠭᠡᠲᠡᠯ᠎ᠡ ᠥᠭᠡᠳᠡᠢ ᠴᠠᠭᠠᠲᠠᠢ ᠬᠣᠶᠠᠷ ᠲᠡᠭᠦᠨ ᠦ᠌ ᠵᠠᠷᠯᠢᠭ ᠠ᠋ᠴᠠ ᠳᠠᠷᠤᠢ ᠰᠠᠷ᠎ᠠ ᠶ᠋ᠢᠨ ᠳᠠᠷᠠᠭ᠎ᠠ ᠵᠥᠴᠢ ᠶ᠋ᠢᠨ ᠦᠬᠦᠯ ᠦ᠋ᠨ ᠡᠳᠦᠷ ᠥᠩᠭᠡᠷᠡᠭᠰᠡᠨ ᠬᠣᠢᠨ᠎ᠠ ᠢᠷᠡᠭᠰᠡᠨ ᠳ᠋ᠦ᠍ ᠴᠢᠩᠭᠢᠰ ᠬᠠᠭᠠᠨ ᠲᠡᠪᠴᠢᠵᠦ ᠴᠢᠳᠠᠭᠰᠠᠨ ᠦᠭᠡᠢ᠃ ᠴᠢᠩᠭᠢᠰ ᠬᠠᠭᠠᠨ ᠤ᠋ ᠵᠠᠩ ᠠᠭᠠᠰᠢ ᠥᠪᠡᠷ ᠲᠤᠨᠢ ᠲᠠᠨᠢᠭᠳᠠᠬᠤ ᠦᠭᠡᠢ ᠪᠡᠷ ᠥᠭᠡᠷᠡᠴᠢᠯᠡᠭᠳᠡᠵᠦ ᠪᠠᠢᠭ᠎ᠠ ᠶ᠋ᠢ ᠲᠡᠷᠡ ᠮᠡᠳᠡᠷᠡᠵᠦ ᠡᠬᠢᠯᠡᠵᠡᠢ᠃ ᠡᠨᠡ ᠪᠣᠯ ᠲᠤᠢᠯ ᠤ᠋ᠨ ᠠᠶᠤᠮᠰᠢᠭᠲᠠᠢ ᠬᠡᠷᠡᠭ ᠪᠠᠢᠪᠠ᠃ ᠬᠡᠪᠲᠡᠷᠢ ᠶ᠋ᠢᠨ ᠪᠠᠢᠳᠠᠯ ᠳ᠋ᠤ᠌ ᠭᠠᠭᠴᠠᠭᠠᠷ ᠦᠯᠡᠳᠡᠬᠦ ᠨᠢ ᠲᠡᠭᠦᠨ ᠳ᠋ᠦ᠍ ᠶᠡᠷᠦ ᠦᠬᠦᠯ ᠲᠡᠢ ᠠᠳᠠᠯᠢ ᠰᠠᠨᠠᠭᠳᠠᠭᠠᠳ ᠶᠠᠭᠤᠬᠠᠨ ᠳ᠋ᠤ᠌ ᠴᠤ᠌ ᠪᠣᠯᠪᠠ᠂ ᠲᠦᠷᠡᠰᠬᠢᠨ ᠠᠭᠤᠷᠯᠠᠬᠤ ᠪᠣᠯᠤᠭᠠᠳ ᠤᠳᠠᠵᠠᠢ᠃ ᠴᠢᠩᠭᠢᠰ ᠬᠠᠭᠠᠨ ᠤ᠋ ᠰᠡᠳᠬᠢᠯ ᠰᠠᠨᠠᠭ᠎ᠠ ᠲᠤᠢᠯ ᠤ᠋ᠨ ᠲᠣᠭᠲᠠᠪᠤᠷᠢ ᠦᠭᠡᠢ ᠪᠣᠯᠤᠭᠰᠠᠨ ᠢ᠋ ᠣᠢᠷ᠎ᠠ ᠣᠷᠴᠢᠮ ᠤ᠋ᠨ ᠬᠢᠨ ᠳᠡᠷᠭᠡᠳᠡ ᠶ᠋ᠢᠨ ᠰᠢᠳᠠᠷ ᠤ᠋ᠳ ᠨᠢ ᠴᠦ᠍ ᠭᠠᠳᠠᠷᠯᠠᠵᠤ ᠪᠤᠭᠤᠷᠴᠢ ᠠ᠋ᠴᠠ ᠥᠭᠡᠷ᠎ᠡ ᠵᠣᠷᠢᠭᠯᠠᠨ ᠪᠠᠷᠠᠯᠬᠠᠬᠤ ᠬᠥᠮᠦᠨ ᠦᠭᠡᠢ ᠪᠣᠯᠵᠠᠢ᠃ ᠭᠡᠪᠡᠴᠦ ᠴᠢᠩᠭᠢᠰ ᠬᠠᠭᠠᠨ ᠤ᠋ ᠰᠡᠳᠬᠢᠯ ᠰᠠᠨᠠᠭᠠᠨ ᠤ᠋ ᠡᠨᠡ ᠥᠭᠡᠷᠡᠴᠢᠯᠡᠯᠲᠡ ᠶ᠋ᠢ ᠲᠦᠷ ᠵᠠᠭᠤᠷ᠎ᠠ ᠶ᠋ᠢᠨ ᠮᠣᠷᠢᠨ ᠠ᠋ᠴᠠ ᠤᠨᠠᠭᠰᠠᠨ ᠠ᠋ᠴᠠ ᠪᠣᠯᠤᠭᠰᠠᠨ ᠭᠡᠬᠦ ᠲᠡᠳᠦᠢ ᠪᠡᠷ ᠲᠡᠳᠡ ᠣᠢᠯᠠᠭᠠᠵᠤ ᠪᠠᠢᠪᠠ᠃ ᠭᠡᠪᠡᠴᠦ ᠡᠨᠡ ᠪᠣᠯ ᠲᠡᠢᠮᠦ ᠴᠦ᠍ ᠬᠢᠯᠪᠠᠷ ᠵᠦᠢᠯ ᠪᠢᠰᠢ ᠪᠣᠯᠬᠤ ᠶ᠋ᠢ ᠴᠢᠩᠭᠢᠰ ᠬᠠᠭᠠᠨ ᠡᠳᠦᠷ ᠥᠩᠭᠡᠷᠡᠬᠦ ᠲᠣᠰᠤᠮ ᠲᠣᠳᠣ ᠮᠡᠳᠡᠷᠡᠬᠦ ᠪᠣᠯᠵᠠᠢ᠃ ᠭᠡᠪᠡᠴᠦ ᠰᠡᠳᠬᠢᠯ ᠦ᠋ᠨ ᠳᠣᠲᠣᠷᠠᠬᠢ ᠨᠢᠭᠤᠴᠠ ᠪᠣᠳᠣᠯ᠂ ᠠᠶᠤᠮᠰᠢᠭ ᠲᠦᠭᠰᠢᠭᠦᠷᠢ ᠪᠡᠨ ᠬᠡᠨ ᠳ᠋ᠦ᠍ ᠴᠦ᠍ ᠮᠡᠳᠡᠭᠳᠡᠬᠦ ᠶ᠋ᠢ ᠬᠦᠰᠡᠭᠰᠡᠨ ᠦᠭᠡᠢ᠃ ᠢᠩᠭᠢᠵᠦ ᠳᠣᠷᠣᠢ ᠳᠣᠣᠷᠠᠲᠤ ᠪᠠᠢᠳᠠᠯᠳᠠᠢ ᠬᠡᠪᠲᠡᠭᠡᠳ ᠠᠭᠤᠷᠰᠠᠨ ᠬᠢᠯᠢᠩᠨᠡᠵᠦ ᠭᠠᠯᠵᠠᠭᠤᠷᠠᠬᠤ ᠳᠥᠭᠥᠵᠦ ᠪᠠᠢᠵᠠᠢ᠃ ᠭᠡᠲᠡᠯ᠎ᠡ ᠡᠨᠡ ᠦᠶ᠎ᠡ ᠳ᠋ᠦ᠍ᠨᠢ ᠥᠭᠡᠳᠡᠢ ᠴᠠᠭᠠᠲᠠᠢ ᠬᠣᠶᠠᠷ ᠳᠠᠭᠤᠳᠠᠭᠰᠠᠨ ᠶᠣᠰᠣᠭᠠᠷ ᠢᠷᠡᠭᠰᠡᠨ ᠦᠭᠡᠢ ᠨᠢ ᠪᠦᠷ ᠴᠦ᠍ ᠭᠠᠯ ᠳᠡᠭᠡᠷ᠎ᠡ ᠲᠣᠰᠣ ᠨᠡᠮᠡᠭᠰᠡᠨ ᠬᠡᠷᠡᠭ ᠪᠣᠯᠤᠭᠰᠠᠨ ᠪᠢᠯᠡ᠃ ᠬᠠᠷᠢᠨ ᠠᠰᠢᠭᠦᠢ ᠲᠤᠯᠤᠢ ᠬᠥᠪᠡᠭᠦᠨ ᠨᠢ ᠲᠥᠪ ᠤᠯᠤᠰ ᠠ᠋ᠴᠠ ᠠᠮᠵᠢᠨ ᠢᠷᠡᠵᠦ ᠪᠠᠷᠠᠯᠬᠠᠭᠰᠠᠨ ᠢ᠋ᠶ᠋ᠠᠷ ᠪᠠᠷᠠᠬᠤ ᠦᠭᠡᠢ ᠬᠡᠯᠡᠭᠡ ᠦᠭᠡᠢ ᠪᠠᠢᠲᠠᠯ᠎ᠠ ᠵᠥᠴᠢ ᠠᠬ᠎ᠠ ᠶ᠋ᠢᠨ ᠢ᠋ᠶ᠋ᠡᠨ ᠦᠬᠦᠯ ᠦ᠋ᠨ ᠡᠳᠦᠷ ᠢ᠋ ᠰᠠᠨᠠᠵᠤ ᠳᠤᠷᠠᠰᠤᠭᠰᠠᠨ ᠨᠢ ᠴᠢᠩᠭᠢᠰ ᠬᠠᠭᠠᠨ ᠢ᠋ ᠶᠡᠬᠡᠳᠡ ᠪᠠᠶᠠᠰᠬᠠᠨ ᠲᠠᠢᠳᠬᠤᠷᠠᠭᠤᠯᠵᠤ ᠲᠤᠯᠤᠢ ᠶ᠋ᠢ ᠪᠦᠷ ᠶᠡᠬᠡ ᠪᠡᠷ ᠬᠠᠢᠷᠠᠯᠠᠨ ᠲᠣᠭᠣᠬᠤ ᠳ᠋ᠤ᠌ ᠬᠦᠷᠭᠡᠵᠡᠢ᠃ ᠴᠢᠩᠭᠢᠰ ᠬᠠᠭᠠᠨ ᠣᠳᠬᠣᠨ ᠬᠥᠪᠡᠭᠦᠨ ᠲᠤᠯᠤᠢ ᠪᠠᠨ ᠬᠠᠮᠤᠭ ᠤ᠋ᠨ ᠶᠡᠬᠡ ᠪᠡᠷ ᠬᠠᠢᠷᠠᠯᠠᠨ ᠡᠷᠬᠡᠯᠡᠭᠦᠯᠵᠦ ᠨᠤᠮᠤ ᠳᠠᠭᠠᠭᠠᠬᠤ ᠲᠠᠢ ᠪᠣᠯᠤᠭᠰᠠᠨ ᠴᠠᠭ ᠠ᠋ᠴᠠ ᠨᠢ ᠳᠡᠷᠭᠡᠳᠡ ᠡᠴᠡ ᠪᠡᠨ ᠰᠠᠯᠭᠠᠯ ᠦᠭᠡᠢ ᠳᠠᠭᠠᠭᠤᠯᠤᠭᠰᠠᠨ ᠪᠢᠯᠡ᠃ ᠲᠤᠯᠤᠢ᠂ ᠡᠴᠢᠭᠡ ᠶ᠋ᠢᠨ ᠦᠭᠡᠨ ᠡᠴᠡ ᠵᠥᠷᠢᠳᠡᠭ ᠦᠭᠡᠢ ᠰᠦᠷᠡᠬᠡᠢ ᠤᠬᠠᠭᠠᠨ ᠲᠠᠢ ᠬᠥᠪᠡᠭᠦᠨ ᠪᠠᠢᠪᠠ᠃ ᠲᠤᠯᠤᠢ ᠬᠥᠪᠡᠭᠦᠨ ᠨᠢ ᠡᠴᠢᠭᠡ ᠶ᠋ᠢᠨ ᠢ᠋ᠶ᠋ᠡᠨ ᠰᠡᠳᠬᠢᠯ ᠦ᠋ᠨ ᠭᠦᠨ ᠳ᠋ᠡᠬᠢ ᠰᠢᠨᠠᠯᠤᠯ ᠢ᠋ ᠳᠠᠭᠠᠵᠤ ᠲᠠᠢᠳᠬᠤᠷᠠᠭᠤᠯᠤᠭᠠ ᠦᠭᠡᠢ ᠪᠣᠯ ᠴᠢᠩᠭᠢᠰ ᠬᠠᠭᠠᠨ ᠴᠠᠭᠠᠰᠢᠳᠠ ᠬᠡᠷᠬᠢᠬᠦ ᠪᠠᠢᠭᠰᠠᠨ ᠢ᠋ ᠤᠷᠢᠳᠴᠢᠯᠠᠨ ᠲᠠᠭᠠᠪᠤᠷᠢᠯᠠᠬᠤ ᠠᠷᠭ᠎ᠠ ᠦᠭᠡᠢ ᠠᠵᠢ᠃ ᠲᠡᠷᠡ ᠦᠳᠡᠰᠢ ᠲᠤᠯᠤᠢ ᠡᠴᠢᠭᠡ ᠶ᠋ᠢᠨ ᠢ᠋ᠶ᠋ᠡᠨ ᠳᠡᠷᠭᠡᠳᠡ ᠰᠠᠭᠤᠵᠤ᠂ ᠵᠥᠴᠢ ᠠᠬ᠎ᠠ ᠶ᠋ᠢᠨ ᠢ᠋ᠶ᠋ᠡᠨ ᠲᠤᠬᠠᠢ ᠣᠯᠠᠨ ᠵᠦᠢᠯ ᠢ᠋ ᠬᠦᠦᠷᠨᠢᠵᠡᠢ᠃ ᠵᠥᠴᠢ ᠲᠡᠭᠦᠨ ᠳ᠋ᠦ᠍ ᠪᠤᠰᠤᠳ ᠠ᠋ᠴᠠ ᠢᠯᠡᠭᠦᠦ ᠳᠣᠲᠣᠨᠣ ᠪᠠᠷ ᠬᠠᠨᠳᠤᠵᠤ ᠬᠠᠷ᠎ᠠ ᠨᠢᠯᠬ᠎ᠠ ᠠ᠋ᠴᠠ ᠨᠢ ᠡᠭᠦᠷᠴᠦ ᠳᠡᠭᠦᠷᠴᠦ ᠥᠰᠬᠡᠭᠰᠡᠨ ᠢ᠋ ᠲᠤᠯᠤᠢ ᠶᠠᠭᠠᠬᠢᠨ ᠮᠠᠷᠲᠠᠬᠤ ᠪᠢᠯᠡ᠃ ᠲᠤᠯᠤᠢ ᠵᠥᠴᠢ ᠬᠣᠶᠠᠷ ᠳᠣᠲᠣᠨᠣ᠂ ᠬᠠᠷᠢᠨ ᠴᠠᠭᠠᠲᠠᠢ ᠥᠭᠡᠳᠡᠢ ᠬᠣᠶᠠᠷ ᠬᠣᠭᠣᠷᠣᠨᠳᠣ ᠪᠠᠨ ᠠᠮᠢ ᠨᠢᠭᠡᠲᠡᠢ ᠥᠰᠦᠭᠰᠡᠨ ᠢ᠋ ᠴᠢᠩᠭᠢᠰ ᠬᠠᠭᠠᠨ ᠰᠠᠶᠢ ᠯᠠ ᠨᠢᠭᠡ ᠣᠢᠯᠠᠭᠠᠵᠤ ᠠᠪᠤᠪᠠ᠃ ᠬᠡᠦᠬᠡᠳ ᠨᠠᠰᠤᠨ ᠤ᠋ ᠳᠠᠳᠤᠯ ᠬᠥᠮᠦᠵᠢᠯ ᠣᠳᠣ ᠴᠤ᠌ ᠬᠡᠪ ᠢ᠋ᠶ᠋ᠡᠷ ᠪᠥᠭᠡᠳ ᠲᠤᠯᠤᠢ ᠶ᠋ᠢᠨ ᠬᠥᠪᠡᠭᠦᠨ ᠮᠥᠩᠬᠡ ᠬᠤᠪᠢᠯᠠᠢ ᠨᠠᠷ ᠵᠥᠴᠢ ᠶ᠋ᠢᠨ ᠬᠥᠪᠡᠭᠦᠨ ᠪᠠᠲᠤ ᠲᠠᠢ ᠳᠣᠲᠣᠨᠣ᠂ ᠲᠥᠷᠥᠭᠰᠡᠨ ᠠᠬ᠎ᠠ ᠲᠡᠭᠦᠰ ᠮᠡᠲᠦ ᠪᠠᠢᠬᠤ ᠳ᠋ᠤ᠌ ᠴᠠᠭᠠᠲᠠᠢ ᠶ᠋ᠢᠨ ᠬᠥᠪᠡᠭᠦᠨ ᠶᠢᠰᠦᠨ ᠮᠥᠩᠬᠡ᠂ ᠪᠦᠷᠢ (ᠬᠢᠭᠡᠳ) ᠥᠭᠡᠳᠡᠢ ᠶ᠋ᠢᠨ ᠬᠥᠪᠡᠭᠦᠳ ᠬᠥᠶᠦᠭ᠂ ᠭᠤᠳᠠᠨ ᠨᠠᠷ ᠬᠣᠭᠣᠷᠣᠨᠳᠣ ᠪᠠᠨ ᠢᠯᠡᠭᠦᠦ ᠳᠣᠲᠣᠨᠣ ᠶᠠᠪᠤᠳᠠᠭ ᠠᠵᠢ᠃ ᠲᠡᠭᠦᠨ ᠦ᠌ ᠠᠳᠠᠯᠢ ᠤᠷᠤᠭ ᠤ᠋ᠨ ᠦᠷ᠎ᠡ ᠤᠳᠤᠮ ᠢᠯᠡᠷᠬᠡᠢ ᠪᠡᠷ ᠬᠣᠶᠠᠷ ᠬᠤᠪᠢᠶᠠᠭᠳᠠᠨ ᠡᠬᠢᠯᠡᠵᠦ ᠪᠣᠢ ᠶ᠋ᠢ ᠴᠢᠩᠭᠢᠰ ᠬᠠᠭᠠᠨ ᠲᠤᠯᠤᠢ ᠶ᠋ᠢᠨ ᠦᠭᠡᠨ ᠡᠴᠡ ᠦᠵᠡᠵᠦ ᠮᠡᠳᠡᠵᠦ ᠠᠪᠴᠠᠢ᠃ ᠡᠨᠡ ᠪᠣᠯ ᠴᠢᠩᠭᠢᠰ ᠬᠠᠭᠠᠨ ᠤ᠋ ᠠᠩᠵᠠᠭᠠᠷᠠᠭ᠎ᠠ ᠦᠭᠡᠢ ᠰᠢᠨ᠎ᠡ ᠵᠦᠢᠯ ᠪᠠᠢᠯ᠎ᠠ᠃ ᠦᠷ᠎ᠡ ᠬᠡᠦᠬᠡᠳ ᠨᠢ ᠢᠩᠭᠢᠵᠦ ᠬᠤᠪᠢᠶᠠᠭᠳᠠᠨ ᠠᠯᠤᠰ ᠲᠠᠭᠠᠨ ᠬᠣᠭᠣᠷᠣᠨᠳᠣ ᠪᠠᠨ ᠥᠷᠢᠰᠦᠯᠳᠦᠨ ᠲᠡᠮᠡᠴᠡᠯᠳᠦᠬᠦ ᠶ᠋ᠢ ᠴᠢᠩᠭᠢᠰ ᠬᠠᠭᠠᠨ ᠣᠯᠵᠤ ᠮᠡᠳᠡᠪᠡ᠃ ᠢᠩᠭᠢᠵᠦ ᠲᠡᠮᠡᠴᠡᠨ ᠥᠷᠢᠰᠦᠯᠳᠦᠬᠦ ᠨᠢ ᠭᠠᠭᠴᠠ ᠡᠳᠡᠨ ᠦ᠌ ᠬᠡᠷᠡᠭ ᠪᠢᠰᠢ ᠶᠦᠮ᠃ ᠲᠡᠭᠦᠨ ᠦ᠌ ᠳᠡᠭᠡᠳᠦ ᠤᠳᠤᠮ ᠠ᠋ᠴᠠ ᠳᠠᠮᠵᠢᠨ ᠥᠪᠯᠡᠭᠳᠡᠵᠦ ᠢᠷᠡᠭᠰᠡᠨ ᠡᠪᠡᠳᠴᠢᠨ ᠪᠢᠯᠡ᠃ ᠥᠪᠡᠷ ᠦ᠋ᠨ ᠠᠮᠢᠳᠤᠷᠠᠵᠤ ᠪᠣᠢ ᠡᠨᠡ ᠴᠠᠭ ᠲᠤ᠌ ᠤᠴᠠᠷᠠᠭᠰᠠᠨ ᠥᠷᠢᠰᠦᠯᠳᠦᠭᠡᠨ ᠳ᠋ᠦ᠍ ᠪᠡᠭᠲᠡᠷ ᠬᠠᠰᠠᠷ ᠬᠣᠶᠠᠷ ᠳᠡᠭᠦᠦ ᠪᠡᠨ ᠠᠯᠠᠵᠤ ᠲᠡᠮᠦᠵᠢᠨ ᠦ᠌ ᠬᠠᠭᠠᠨ ᠰᠠᠭᠤᠵᠤ ᠦᠯᠡᠳᠡᠭᠰᠡᠨ ᠨᠢ ᠡᠨᠡ ᠵᠥᠷᠢᠴᠡᠯ ᠢ᠋ ᠦᠭᠡᠢ ᠪᠣᠯᠭᠠᠵᠤ ᠴᠢᠳᠠᠭᠰᠠᠨ ᠦᠭᠡᠢ ᠬᠠᠷᠢᠨ ᠴᠤ᠌ ᠥᠪᠡᠷ ᠦ᠋ᠨ ᠦᠷ᠎ᠡ ᠤᠳᠤᠮ ᠳ᠋ᠤ᠌ ᠥᠪᠯᠡᠭᠦᠯᠦᠨ ᠰᠢᠯᠵᠢᠭᠦᠯᠦᠭᠰᠡᠨ ᠢ᠋ᠶ᠋ᠡᠨ ᠲᠡᠷᠡ ᠬᠠᠷᠠᠵᠤ ᠪᠠᠢᠯ᠎ᠠ᠃ ᠬᠥᠪᠡᠭᠦᠳ ᠨᠢ ᠲᠡᠳᠡᠨ ᠦ᠌ ᠦᠷ᠎ᠡ ᠬᠡᠦᠬᠡᠳ ᠴᠠᠭᠠᠰᠢᠳᠠ ᠡᠪᠲᠡᠢ ᠨᠠᠢᠷᠲᠠᠢ᠂ ᠥᠷᠢᠰᠦᠯᠳᠦᠨ ᠲᠡᠮᠡᠴᠡᠯᠳᠦᠬᠦ ᠦᠭᠡᠢ ᠪᠠᠢᠭᠠᠰᠠᠢ ᠭᠡᠵᠦ ᠴᠢᠩᠭᠢᠰ ᠬᠠᠭᠠᠨ ᠲᠤᠢᠯ ᠠ᠋ᠴᠠ ᠶᠡᠬᠡ ᠬᠦᠰᠡᠵᠡᠢ᠃ ᠡᠭᠦᠨ ᠢ᠋ ᠲᠡᠷᠡ ᠥᠪᠡᠷ ᠦ᠋ᠨ ᠶᠡᠬᠡ ᠨᠡᠷ᠎ᠡ ᠰᠦᠷ᠂ ᠵᠠᠷᠯᠢᠭ ᠬᠠᠤᠯᠢᠨ ᠳ᠋ᠤ᠌ ᠵᠠᠬᠢᠷᠤᠭᠤᠯᠤᠨ ᠵᠠᠰᠠᠵᠤ ᠪᠣᠯᠤᠨ᠎ᠠ ᠭᠡᠵᠦ ᠢᠲᠡᠭᠡᠵᠦ ᠪᠠᠢᠪᠠ᠃ ᠢᠩᠭᠢᠵᠦ ᠪᠣᠳᠣᠭᠰᠠᠨ ᠤ᠋ ᠤᠴᠢᠷ ᠠᠯᠤᠰ ᠺᠰᠫᠢ ᠶ᠋ᠢᠨ ᠲᠠᠩᠭᠢᠰ ᠤ᠋ᠨ ᠡᠷᠭᠢ ᠳ᠋ᠦ᠍ ᠪᠠᠢᠬᠤ ᠪᠠᠲᠤ ᠶ᠋ᠢᠨ ᠬᠦᠷᠢᠶ᠎ᠡ ᠤᠷᠤᠭᠤ ᠤᠷᠢᠳ ᠶᠠᠪᠤᠵᠤ ᠵᠠᠮ ᠮᠡᠳᠡᠬᠦ ᠬᠡᠷᠡᠭᠡ ᠶ᠋ᠢ ᠢᠯᠡᠭᠡᠬᠦ ᠪᠡᠷ ᠰᠢᠢᠳᠦᠭᠡᠳ ᠪᠤᠭᠤᠷᠴᠢ ᠶ᠋ᠢ ᠳᠠᠭᠤᠳᠠᠵᠠᠢ᠃ ᠲᠡᠷᠡ ᠥᠷᠯᠥᠭᠡ ᠴᠢᠩᠭᠢᠰ ᠬᠠᠭᠠᠨ ᠤ᠋ ᠪᠡᠶ᠎ᠡ ᠢᠯᠡᠳᠲᠡ ᠰᠠᠢᠵᠢᠷᠠᠵᠤ ᠳᠠᠭᠤ ᠣᠷᠣᠵᠤ ᠥᠩᠭᠡ ᠵᠠᠰᠠᠭᠠᠳ ᠥᠨᠳᠡᠢᠨ ᠰᠠᠭᠤᠵᠤ ᠪᠠᠢᠵᠠᠢ᠃ ᠲᠡᠭᠦᠨ ᠦ᠌ ᠡᠨᠡ ᠰᠡᠷᠭᠦᠯᠡᠩ ᠪᠠᠢᠳᠠᠯ ᠢ᠋ ᠦᠵᠡᠭᠡᠳ ᠪᠤᠭᠤᠷᠴᠢ ᠶ᠋ᠢᠨ ᠣᠨᠴᠠᠷᠠᠭᠰᠠᠨ ᠰᠡᠳᠬᠢᠯ ᠲᠠᠢᠳᠬᠤᠷᠠᠨ ᠭᠡᠢᠵᠡᠢ᠃
| ᠪᠤᠭᠤᠷᠴᠢ᠂ ᠪᠢ ᠴᠢᠨᠦ ᠬᠥᠪᠡᠭᠦᠨ ᠢ᠋ ᠪᠠᠲᠤ ᠶ᠋ᠢᠨ ᠲᠡᠢᠰᠢ ᠢᠯᠡᠭᠡᠶ᠎ᠡ ᠭᠡᠵᠡᠢ᠃ ᠪᠤᠭᠤᠷᠴᠢ᠂ ᠰᠤᠷᠤᠭᠰᠠᠨ ᠵᠠᠩ ᠢ᠋ᠶ᠋ᠠᠷ ᠳᠤᠤᠭᠠᠷᠤᠭᠰᠠᠨ ᠦᠭᠡᠢ ᠃
| ᠪᠠᠲᠤ ᠰᠦᠪᠡᠭᠡᠳᠡᠢ ᠬᠣᠶᠠᠷ ᠢ᠋ ᠳᠠᠷᠤᠢ ᠨᠠᠭᠠᠰᠢ ᠢᠷᠡᠭᠦᠯᠦᠶ᠎ᠡ᠃
| ᠡᠨᠡ ᠲᠠᠩᠭᠤᠳ ᠲᠤ᠌ ᠲᠡᠳᠡᠨ ᠲᠡᠢ ᠲᠡᠳᠡᠨ ᠦᠭᠡᠢ ᠪᠢᠳᠡᠨ ᠦ᠌ ᠬᠦᠴᠦ ᠬᠦᠷᠬᠦ ᠪᠢᠰᠢ ᠤᠤ? ᠭᠡᠵᠦ ᠪᠤᠭᠤᠷᠴᠢ ᠬᠡᠯᠡᠵᠡᠢ᠃
| ᠪᠤᠭᠤᠷᠴᠢ ᠴᠢ ᠪᠢᠲᠡᠭᠡᠢ ᠢᠩᠭᠢᠵᠦ ᠨᠠᠭᠠᠨ᠎ᠠ ᠪᠠᠷᠢᠵᠤ᠂ ᠨᠢᠮᠭᠡᠨ ᠰᠡᠳᠬᠢ᠃ ᠨᠠᠳᠠᠳᠤ ᠪᠠᠲᠤ ᠳ᠋ᠤ᠌ ᠬᠡᠯᠡᠬᠦ ᠦᠭᠡ ᠪᠠᠢᠨ᠎ᠠ᠃ ᠪᠠᠰᠠ ᠰᠦᠪᠡᠭᠡᠳᠠᠢ ᠶ᠋ᠢᠨ ᠨᠢᠭᠤᠷ ᠢ᠋ ᠬᠠᠷᠠᠯ ᠦᠭᠡᠢ ᠬᠡᠴᠢᠨᠡᠨ ᠵᠢᠯ ᠪᠣᠯᠪᠠ᠃ ᠲᠡᠷᠡ ᠵᠡᠪᠡ ᠰᠢᠭ ᠭᠡᠨᠡᠳᠲᠡ ᠦᠬᠦᠬᠦ ᠮᠡᠲᠦ ᠰᠠᠨᠠᠭᠳᠠᠭᠠᠳ ᠭᠡᠰᠡᠨ ᠳ᠋ᠦ᠍ ᠪᠣᠭᠣᠷᠴᠢ ᠳᠠᠬᠢᠨ ᠲᠠᠢᠯᠪᠤᠷᠢ ᠬᠡᠯᠡᠭᠰᠡᠨ ᠦᠭᠡᠢ ᠵᠠᠷᠯᠢᠭ ᠢ᠋ ᠳᠠᠭᠠᠵᠠᠢ᠃ ᠦᠨᠡᠬᠡᠷ ᠵᠡᠪᠡ ᠰᠦᠪᠡᠭᠡᠳᠠᠢ ᠬᠣᠶᠠᠷ ᠰᠠᠮᠠᠷᠺᠠᠨᠳ᠋ ᠤ᠋ᠨ ᠳᠡᠷᠭᠡᠳᠡ ᠡᠴᠡ ᠣᠷᠣᠰ ᠭᠠᠵᠠᠷ ᠣᠳᠤᠭᠰᠠᠨ ᠠ᠋ᠴᠠ ᠬᠣᠢᠰᠢ ᠵᠢᠷᠭᠤᠭᠠᠨ ᠵᠢᠯ ᠴᠢᠩᠭᠢᠰ ᠬᠠᠭᠠᠨ ᠲᠡᠳᠡᠨ ᠲᠡᠢ ᠠᠭᠤᠯᠵᠠᠭ᠎ᠠ ᠦᠭᠡᠢ ᠪᠥᠭᠡᠳ ᠵᠡᠪᠡ ᠬᠢᠪᠴᠠᠭ ᠤ᠋ᠨ ᠲᠠᠯ᠎ᠠ ᠳ᠋ᠤ᠌ ᠦᠬᠦᠵᠦ᠂ ᠰᠦᠪᠡᠭᠡᠳᠠᠢ ᠨᠤᠲᠤᠭ ᠲᠠᠭᠠᠨ ᠪᠤᠴᠠᠵᠤ ᠢᠷᠡᠯ ᠦᠭᠡᠢ ᠪᠠᠲᠤ ᠶ᠋ᠢᠨ ᠳᠡᠷᠭᠡᠳᠡ ᠴᠢᠩᠭᠢᠰ ᠬᠠᠭᠠᠨ ᠤ᠋ ᠵᠠᠷᠯᠢᠭ ᠶᠣᠰᠣᠭᠠᠷ ᠦᠯᠡᠳᠡᠭᠰᠡᠨ ᠪᠢᠯᠡ᠃ ᠪᠤᠭᠤᠷᠴᠢ᠂ ᠴᠢᠩᠭᠢᠰ ᠬᠠᠭᠠᠨ ᠤ᠋ ᠵᠠᠷᠯᠢᠭ ᠤ᠋ᠨ ᠴᠠᠭᠠᠳᠤ ᠤᠴᠢᠷ ᠢ᠋ ᠣᠢᠯᠭᠠᠬᠤ ᠰᠢᠭ᠋ ᠪᠣᠯᠵᠠᠢ᠃
| ᠲᠡᠭᠡᠪᠡᠯ ᠮᠤᠬᠤᠯᠠᠢ ᠶ᠋ᠢ ᠠᠯᠲᠠᠨ ᠤᠯᠤᠰ ᠠ᠋ᠴᠠ ᠳᠠᠭᠤᠳᠠᠶ᠎ᠠ ᠭᠡᠵᠦ ᠪᠤᠭᠤᠷᠴᠢ ᠭᠠᠷᠬᠤ ᠶ᠋ᠢᠨ ᠡᠮᠦᠨ᠎ᠡ ᠵᠣᠭ ᠲᠣᠰᠣᠨ ᠬᠡᠯᠡᠬᠦ ᠳ᠋ᠦ᠍ ᠴᠢᠩᠭᠢᠰ ᠬᠠᠭᠠᠨ ᠪᠦᠷ ᠤᠬᠤᠰᠬᠢᠨ ᠥᠨᠳᠡᠢᠭᠡᠳ
| ᠴᠢᠨᠦ ᠬᠡᠯᠡᠭᠰᠡᠨ ᠢ᠋ᠶ᠋ᠡᠷ ᠪᠣᠯᠤᠭ᠃ ᠪᠣᠰᠴᠤ ᠶᠠᠪᠤᠵᠤ ᠴᠢᠳᠠᠳᠠᠭ ᠪᠣᠯ ᠵᠡᠯᠮ᠎ᠡ ᠶ᠋ᠢ ᠴᠦ᠍ ᠳᠠᠭᠤᠳᠠᠬᠤ ᠰᠠᠨ᠃ ᠪᠠᠰᠠ ᠴᠣᠷᠮᠤᠭᠤᠨ ᠬᠣᠷᠴᠢ ᠶ᠋ᠢ ᠰᠣᠯᠣᠩᠭᠣᠰ ᠠ᠋ᠴᠠ ᠳᠠᠭᠤᠳᠠᠬᠤ ᠰᠠᠨ᠃ ᠳᠠᠩᠴᠤ ᠬᠣᠯᠠ᠃ ᠶᠠᠪᠤᠭᠠᠳ ᠤᠳᠠᠭ᠎ᠠ ᠦᠭᠡᠢ ᠲᠤᠯᠠ ᠬᠡᠷᠡᠭ ᠦᠭᠡᠢ ᠭᠡᠰᠡᠨ ᠪᠢᠯᠡ᠃ ᠡᠨᠡ ᠦᠭᠡᠨ ᠳ᠋ᠦ᠍ ᠪᠤᠭᠤᠷᠴᠢ ᠰᠡᠳᠬᠢᠯ ᠬᠥᠳᠡᠯᠦᠭᠡᠳ ᠲᠡᠷᠡ ᠡᠳᠦᠷᠵᠢᠨ ᠢ᠋ᠶ᠋ᠡᠨ ᠬᠥᠯ ᠬᠥᠷ ᠲᠡᠢ ᠪᠠᠢᠵᠠᠢ᠃ ᠬᠥᠪᠡᠭᠦᠨ ᠢ᠋ᠶ᠋ᠡᠨ ᠰᠠᠢᠲᠤᠷ ᠪᠡᠯᠡᠳᠬᠡᠭᠦᠯᠵᠦ ᠰᠤᠷᠭᠠᠪᠠ᠃ ᠬᠣᠨᠣᠭ ᠤ᠋ᠨ ᠳᠠᠷᠠᠭ᠎ᠠ ᠴᠢᠩᠭᠢᠰ ᠬᠠᠭᠠᠨ ᠤ᠋ ᠦᠷᠭᠦᠭᠡᠨ ᠳ᠋ᠦ᠍ ᠬᠡᠷᠡᠭᠡ ᠶ᠋ᠢ ᠳᠠᠭᠠᠭᠤᠯᠤᠨ ᠣᠷᠣᠵᠤ ᠪᠠᠷᠠᠯᠬᠠᠵᠠᠢ᠃ ᠬᠡᠷᠡᠭᠡ ᠶ᠋ᠢ ᠣᠷᠣᠵᠤ ᠢᠷᠡᠭᠡᠳ ᠰᠥᠬᠥᠷᠡᠨ ᠮᠥᠷᠭᠥᠬᠦ ᠶ᠋ᠢ ᠦᠵᠡᠭᠡᠳ ᠴᠢᠩᠭᠢᠰ ᠬᠠᠭᠠᠨ ᠲᠤᠢᠯ ᠦᠭᠡᠢ ᠶᠡᠬᠡᠳᠡ ᠳᠣᠭᠳᠣᠯᠤᠨ ᠤᠶᠠᠷᠠᠵᠠᠢ᠃ ᠡᠨᠡ ᠨᠢᠳᠦᠨ ᠳ᠋ᠦ᠍ ᠳᠤᠯᠠᠭᠠᠨ ᠴᠢᠷᠠᠢᠲᠠᠢ᠂ ᠦᠨᠡᠨᠴᠢ ᠰᠠᠢᠬᠠᠨ ᠰᠡᠳᠬᠢᠯ ᠲᠡᠢ ᠬᠥᠪᠡᠭᠦᠨ ᠢ᠋ ᠬᠠᠷᠠᠬᠤ ᠪᠦᠷᠢ ᠴᠢᠩᠭᠢᠰ ᠬᠠᠭᠠᠨ ᠤ᠋ ᠰᠡᠳᠬᠢᠯ ᠳ᠋ᠦ᠍ ᠶᠡᠬᠡ ᠬᠠᠢᠷ᠎ᠠ ᠣᠪᠣᠯᠵᠠᠳᠠᠭ ᠪᠥᠭᠡᠳ ᠴᠣᠬᠣᠮ ᠶᠠᠭᠠᠬᠢᠭᠠᠳ ᠢᠩᠭᠢᠵᠦ ᠪᠠᠢᠭ᠎ᠠ ᠪᠠᠨ ᠥᠪᠡᠷ ᠢ᠋ᠶ᠋ᠡᠨ ᠴᠦ᠍ ᠲᠠᠢᠯᠪᠤᠷᠢᠯᠠᠵᠤ ᠮᠡᠳᠡᠳᠡᠭ ᠦᠭᠡᠢ ᠪᠢᠯᠡ᠃ ᠳᠡᠭᠡᠳᠦ ᠲᠩᠷᠢ ᠡᠴᠡ ᠬᠤᠪᠢᠶᠠᠵᠤ ᠦᠭᠭᠦᠭᠰᠡᠨ ᠭᠠᠭᠴᠠ ᠨᠥᠬᠥᠷ ᠦ᠋ᠨ ᠬᠢᠨᠢ ᠬᠥᠪᠡᠭᠦᠨ ᠣᠳᠣ ᠡᠴᠢᠭᠡ ᠪᠡᠨ ᠵᠠᠯᠭᠠᠮᠵᠢᠯᠠᠨ ᠥᠪᠡᠷ ᠲᠤᠨᠢ ᠵᠢᠳᠬᠦᠵᠦ ᠶᠠᠪᠤᠬᠤ ᠶ᠋ᠢ ᠬᠠᠷᠠᠬᠤ ᠰᠢᠭ᠋ ᠰᠠᠢᠬᠠᠨ ᠶᠠᠭᠤᠮ᠎ᠠ ᠦᠭᠡᠢ ᠶ᠋ᠢ ᠴᠢᠩᠭᠢᠰ ᠬᠠᠭᠠᠨ ᠮᠡᠳᠡᠷᠡᠵᠡᠢ᠃
| ᠪᠤᠭᠤᠷᠴᠢ᠂ ᠬᠥᠪᠡᠭᠦᠨ ᠴᠢᠨᠢ ᠶᠠᠭ ᠴᠢᠮ᠎ᠠ ᠰᠢᠭ᠋ ᠬᠥᠮᠦᠨ ᠪᠣᠯᠬᠤ ᠨᠢ ᠳᠡ ᠭᠡᠵᠦ ᠴᠢᠩᠭᠢᠰ ᠬᠠᠭᠠᠨ ᠥᠨᠥᠬᠢ ᠦᠭᠡ ᠪᠡᠨ ᠪᠠᠬᠠᠷᠬᠠᠯᠲᠠᠢ ᠬᠡᠯᠡᠭᠰᠡᠨ ᠢ᠋ ᠪᠤᠭᠤᠷᠴᠢ ᠬᠡᠷᠡᠭᠡ ᠬᠣᠶᠠᠷ ᠳᠣᠭᠳᠣᠯᠤᠨ ᠰᠣᠨᠣᠰᠴᠤ ᠰᠠᠭᠤᠵᠠᠢ᠃
| ᠬᠦᠦ ᠮᠢᠨᠦ᠂ ᠴᠢ ᠬᠢᠴᠢᠶᠡ᠃ ᠮᠣᠷᠢ ᠪᠠᠨ ᠵᠣᠪᠠᠭᠠᠬᠤ ᠦᠭᠡᠢ ᠪᠠᠰᠠ ᠵᠣᠭᠰᠣᠵᠤ ᠠᠯᠮᠠᠢᠷᠠᠬᠤ ᠦᠭᠡᠢ ᠳᠣᠪᠲᠣᠯᠤᠭᠲᠤᠨ᠃ ᠪᠠᠲᠤ ᠰᠦᠪᠡᠭᠡᠳᠡᠢ ᠬᠣᠶᠠᠷ ᠲᠤ᠌ ᠨᠠᠭᠠᠰᠢ ᠪᠠᠨ ᠮᠥᠨ ᠴᠢᠨᠦ ᠠᠳᠠᠯᠢ ᠪᠠᠷ ᠶᠠᠪᠤᠬᠤ ᠶ᠋ᠢ ᠮᠢᠨᠦ ᠡᠮᠦᠨ᠎ᠡ ᠡᠴᠡ ᠳᠠᠬᠢᠨ ᠤᠯᠠᠮᠵᠢᠯᠠᠭᠲᠤᠨ ᠭᠡᠵᠦ ᠴᠢᠩᠭᠢᠰ ᠬᠠᠭᠠᠨ ᠬᠡᠷᠡᠭᠡ ᠳ᠋ᠦ᠍ ᠵᠠᠷᠯᠢᠭ ᠪᠠᠭᠤᠯᠭᠠᠪᠠ᠃ ᠪᠤᠭᠤᠷᠴᠢ ᠶ᠋ᠢᠨ ᠰᠡᠳᠬᠢᠯ ᠲᠤᠢᠯ ᠤ᠋ᠨ ᠬᠠᠩᠬᠣᠯᠤᠭᠤᠨ ᠠᠵᠠ ᠵᠢᠷᠭᠠᠯᠲᠠᠢ ᠪᠣᠯᠪᠠ᠃ ᠲᠡᠭᠷᠢ ᠲᠡᠳᠬᠦᠵᠦ ᠲᠡᠭᠦᠨ ᠳ᠋ᠦ᠍ ᠡᠢᠮᠦ ᠰᠠᠢᠨ ᠬᠥᠪᠡᠭᠦᠨ ᠢᠯᠡᠭᠡᠵᠡᠢ ᠭᠡᠳᠡᠭ ᠲᠦ᠍ ᠣᠳᠣ ᠲᠡᠷᠡ ᠢᠲᠡᠭᠡᠵᠡᠢ᠃ ᠦᠨᠡᠬᠡᠷ ᠬᠡᠷᠡᠭᠡ ᠪᠣᠯ ᠲᠡᠭᠷᠢ ᠡᠴᠡ ᠲᠡᠭᠦᠨ ᠳ᠋ᠦ᠍ ᠢᠯᠡᠭᠡᠭᠰᠡᠨ ᠬᠥᠪᠡᠭᠦᠨ ᠠᠵᠢ᠃ ᠴᠢᠩᠭᠢᠰ ᠬᠠᠭᠠᠨ ᠲᠡᠭᠦᠨ ᠳ᠋ᠦ᠍ ᠥᠪᠡᠷ ᠦ᠋ᠨ ᠬᠥᠪᠡᠭᠦᠨ ᠢ᠋ ᠦᠭᠭᠦᠭᠰᠡᠨ ᠳ᠋ᠦ᠍ ᠪᠤᠭᠤᠷᠴᠢ ᠪᠠᠶᠠᠷᠯᠠᠬᠤ ᠦᠭᠡᠢ ᠪᠠᠢᠬᠤ ᠶ᠋ᠢᠨ ᠠᠷᠭ᠎ᠠ ᠦᠭᠡᠢ ᠪᠢᠯᠡ᠃ ᠡᠢᠮᠦ ᠠᠵᠠ ᠵᠠᠪᠰᠢᠶᠠᠨ ᠶᠡᠷᠦ ᠥᠭᠡᠷ᠎ᠡ ᠬᠡᠨ ᠳ᠋ᠦ᠍ ᠲᠣᠬᠢᠶᠠᠯᠳᠤᠬᠤ ᠪᠢᠯᠡ᠃
ᠪᠠᠢᠳᠠᠯ ᠨᠢᠭᠡᠨᠲᠡ ᠢᠩᠭᠢᠵᠦ ᠲᠠᠢᠪᠤᠰᠢᠷᠠᠨ ᠢᠯᠠᠷᠢᠰᠢᠭᠰᠠᠨ ᠲᠤᠯᠠ ᠴᠢᠩᠭᠢᠰ ᠬᠠᠭᠠᠨ ᠴᠠᠭᠠᠲᠠᠢ ᠥᠭᠡᠳᠡᠢ ᠬᠣᠶᠠᠷ ᠤ᠋ᠨ ᠪᠠᠷᠠᠯᠬᠠᠬᠤ ᠶ᠋ᠢ ᠵᠥᠪᠰᠢᠶᠡᠷᠡᠭᠰᠡᠨ ᠪᠠᠢᠵᠠᠢ᠃ ᠭᠡᠪᠡᠴᠦ ᠬᠡᠷᠡᠭᠡ ᠶ᠋ᠢᠨ ᠤᠴᠢᠷ ᠢ᠋ ᠣᠯᠤᠭ᠎ᠠ ᠦᠭᠡᠢ ᠲᠤᠯᠠ ᠴᠠᠭᠠᠲᠠᠢ ᠥᠭᠡᠳᠡᠢ ᠬᠣᠶᠠᠷ ᠰᠡᠳᠬᠢᠯ ᠲᠦᠭᠰᠢᠵᠦ ᠳᠣᠭᠳᠣᠯᠤᠭᠰᠠᠭᠠᠷ ᠡᠴᠢᠭᠡ ᠶ᠋ᠢᠨ ᠢ᠋ᠶ᠋ᠡᠨ ᠦᠷᠭᠦᠭᠡᠨ ᠦ᠌ ᠪᠣᠱᠣᠭ᠎ᠠ ᠶ᠋ᠢ ᠠᠯᠬᠤᠵᠠᠢ᠃ ᠡᠴᠢᠭᠡ ᠶ᠋ᠢᠨ ᠢ᠋ᠶ᠋ᠡᠨ ᠮᠣᠷᠢᠨ ᠠ᠋ᠴᠠ ᠤᠨᠠᠭᠰᠠᠨ ᠢ᠋ ᠰᠣᠨᠣᠰᠤᠭᠰᠠᠨ ᠴᠤ᠌ ᠢᠩᠭᠢᠵᠦ ᠳᠣᠣᠷ᠎ᠠ ᠣᠷᠣᠵᠤ ᠬᠡᠪᠲᠡᠷᠢ ᠶ᠋ᠢᠨ ᠪᠣᠯᠤᠭᠰᠠᠨ ᠢ᠋ ᠲᠡᠳᠡ ᠭᠠᠳᠠᠷᠯᠠᠭᠰᠠᠨ ᠦᠭᠡᠢ ᠪᠠᠢᠭᠰᠠᠨ ᠲᠤᠯᠠ ᠬᠠᠷᠠᠮᠠᠭᠴᠠ ᠪᠠᠯᠠᠮᠠᠭᠳᠠᠵᠠᠢ᠃ ᠴᠢᠩᠭᠢᠰ ᠬᠠᠭᠠᠨ ᠥᠨᠳᠥᠷ ᠲᠦᠰᠢᠯᠭᠡᠲᠦ ᠣᠷᠣᠨ ᠳᠡᠭᠡᠷ᠎ᠡ ᠬᠠᠭᠠᠰ ᠰᠠᠭᠤᠭ᠎ᠠ ᠪᠠᠢᠳᠠᠯ ᠢ᠋ᠶ᠋ᠠᠷ ᠲᠡᠳᠡᠨ ᠢ᠋ ᠤᠭᠲᠤᠵᠠᠢ᠃ ᠲᠡᠷᠡ ᠡᠴᠢᠭᠡ ᠶ᠋ᠢᠨ ᠢ᠋ᠶ᠋ᠡᠨ ᠬᠡᠪᠲᠡᠷᠢ ᠳ᠋ᠦ᠍ ᠪᠠᠢᠬᠤ ᠶ᠋ᠢ ᠠᠩᠬ᠎ᠠ ᠤᠳᠠᠭ᠎ᠠ ᠦᠵᠡᠵᠡᠢ᠃ ᠬᠣᠶᠠᠭᠤᠯᠠ ᠰᠥᠬᠥᠷᠡᠨ ᠮᠥᠷᠭᠥᠪᠡ᠃ ᠲᠡᠳᠡᠨ ᠦ᠌ ᠠᠢᠳᠠᠰ ᠲᠦᠭᠰᠢᠭᠦᠷᠢ ᠬᠢᠵᠠᠭᠠᠷ ᠦᠭᠡᠢ ᠪᠣᠯᠤᠭᠠᠳ ᠳᠠᠭᠤᠳᠠᠭᠰᠠᠨ ᠳᠠᠷᠤᠢ ᠢᠷᠡᠭᠡ ᠦᠭᠡᠢ ᠳ᠋ᠡᠭᠡᠨ ᠭᠡᠮᠰᠢᠭᠡᠳ ᠪᠠᠷᠠᠭᠰᠠᠨ ᠦᠭᠡᠢ᠃ ᠴᠢᠩᠭᠢᠰ ᠬᠠᠭᠠᠨ ᠤ᠋ ᠳᠡᠷᠭᠡᠳᠡ ᠶᠢᠰᠦᠢ ᠬᠠᠲᠤᠨ ᠠ᠋ᠴᠠ ᠥᠭᠡᠷ᠎ᠡ ᠬᠥᠮᠦᠨ ᠦᠭᠡᠢ ᠪᠠᠢᠵᠠᠢ᠃ ᠴᠠᠭᠠᠲᠠᠢ ᠡᠴᠢᠭᠡ ᠡᠴᠡ ᠰᠦᠷᠳᠡᠵᠦ ᠳᠤᠤᠭᠠᠷᠤᠭᠰᠠᠨ ᠦᠭᠡᠢ᠃ ᠬᠠᠷᠢᠨ ᠥᠷᠥᠰᠢᠶᠡᠯ ᠡᠷᠢᠭᠰᠡᠨ ᠦᠭᠡ ᠶ᠋ᠢ ᠥᠭᠡᠳᠡᠢ ᠲᠥᠯᠥᠭᠡᠯᠡᠨ ᠬᠡᠯᠡᠪᠡ᠃ ᠥᠭᠡᠳᠡᠢ ᠶ᠋ᠢᠨ ᠦᠭᠡ ᠶ᠋ᠢ ᠴᠢᠩᠭᠢᠰ ᠬᠠᠭᠠᠨ ᠭᠠᠷ ᠵᠠᠩᠭᠠᠨ ᠲᠠᠰᠤᠯᠪᠠ᠃ ᠬᠠᠷᠢᠨ ᠲᠡᠭᠦᠨ ᠢ᠋ ᠦᠭᠡ ᠬᠡᠯᠡᠬᠦ ᠡᠴᠡ ᠡᠮᠦᠨ᠎ᠡ ᠶᠢᠰᠦᠢ ᠠᠮᠠ ᠨᠡᠭᠡᠭᠡᠪᠡ᠃
| ᠬᠥᠪᠡᠭᠦᠳ ᠮᠡᠳᠡᠭᠡ ᠲᠡᠢ ᠪᠠᠢᠭᠲᠤᠨ᠃ ᠮᠣᠷᠢᠨ ᠠ᠋ᠴᠠ ᠤᠨᠠᠵᠤ ᠪᠡᠷᠲᠡᠭᠰᠡᠨ ᠡᠴᠡ ᠬᠣᠢᠰᠢ ᠬᠠᠭᠠᠨᠲᠠᠨ ᠤ᠋ ᠪᠡᠶ᠎ᠡ ᠶᠡᠬᠡ ᠴᠢᠯᠡᠭᠦᠷ ᠪᠣᠯᠤᠯ᠎ᠠ᠃ ᠭᠠᠳᠠᠭᠤᠷ ᠡᠯᠳᠡᠪ ᠴᠤᠤ ᠦᠭᠡ ᠲᠠᠷᠬᠠᠬᠤ ᠠ᠋ᠴᠠ ᠰᠡᠷᠡᠮᠵᠢᠯᠡᠨ ᠬᠠᠭᠠᠨ ᠤ᠋ ᠪᠡᠶ᠎ᠡ ᠶ᠋ᠢᠨ ᠪᠠᠢᠳᠠᠯ ᠢ᠋ ᠨᠢᠭᠤᠴᠠᠯᠠᠵᠤ ᠪᠠᠢᠨ᠎ᠠ᠃ ᠰᠥᠨᠢ ᠳ᠋ᠡᠭᠡᠨ ᠶᠡᠬᠡ ᠪᠡᠷ ᠬᠠᠯᠠᠭᠤᠷᠠᠵᠤ ᠬᠣᠨᠣᠬᠤ ᠪᠣᠯᠪᠠ᠃ ᠭᠡᠲᠡᠯ᠎ᠡ ᠲᠠ ᠨᠠᠷ ᠳᠠᠢᠳᠤᠬᠤ ᠡᠵᠡᠯᠡᠬᠦ ᠶ᠋ᠢ ᠤᠷᠢᠳᠠᠯ ᠪᠣᠯᠭᠠᠨ ᠬᠠᠭᠠᠨ ᠡᠴᠢᠭᠡ ᠶ᠋ᠢᠨ ᠢ᠋ᠶ᠋ᠡᠨ ᠳᠠᠭᠤᠳᠠᠭᠰᠠᠨ ᠳ᠋ᠤ᠌ ᠶᠠᠭᠤᠨ ᠳ᠋ᠤ᠌ ᠠᠯᠭᠤᠷᠯᠠᠨ ᠢᠷᠡᠭᠰᠡᠨ ᠪᠣᠢ? ᠲᠠ ᠨᠠᠷ ᠢ᠋ ᠡᠳᠦᠢ ᠲᠡᠢᠳᠡᠢ ᠪᠠᠢᠯᠭᠠᠬᠤ ᠭᠡᠵᠦ ᠬᠠᠭᠠᠨ ᠡᠴᠢᠭᠡ ᠶ᠋ᠢᠨ ᠢ᠋ᠶ᠋ᠡᠨ ᠵᠣᠪᠠᠵᠤ ᠵᠦᠳᠡᠷᠡᠭᠰᠡᠨ ᠢ᠋ ᠶᠠᠭᠤᠨ ᠳ᠋ᠤ᠌ ᠮᠠᠷᠲᠠᠪᠠ? ᠲᠠ ᠨᠠᠷ ᠢ᠋ ᠦᠭᠡᠢ ᠪᠣᠯ ᠬᠠᠭᠠᠨ ᠡᠴᠢᠭᠡ ᠴᠢᠨᠢ ᠭᠠᠭᠴᠠᠭᠠᠷ ᠬᠡᠷᠬᠢᠬᠦ ᠪᠢᠯᠡ? ᠶᠠᠭᠤᠨ ᠳ᠋ᠤ᠌ ᠲᠠ ᠨᠠᠷ ᠢᠩᠭᠢᠵᠦ ᠭᠡᠨᠡᠨ ᠪᠠᠯᠴᠢᠷ ᠬᠡᠦᠬᠡᠳ ᠰᠢᠭ ᠠᠭᠠᠰᠢᠯᠠᠵᠠᠭᠠᠨᠠ ᠪᠣᠢ? ᠲᠠᠩᠭᠤᠳ ᠤᠯᠤᠰ ᠲᠡᠷᠡ ᠲᠡᠢ ᠲᠡᠷᠡ ᠦᠭᠡᠢ ᠨᠡᠭᠦᠭᠡᠳ ᠶᠠᠪᠤᠴᠢᠬᠠᠬᠤ ᠦᠭᠡᠢ ᠲᠤᠯᠠ ᠶᠠᠭᠤᠨ ᠳ᠋ᠤ᠌ ᠲᠡᠷᠡ ᠰᠢᠵᠣᠣ ᠪᠠᠯᠭᠠᠰᠤ ᠶ᠋ᠢ ᠰᠠᠬᠢᠵᠤ ᠬᠠᠭᠠᠨ ᠡᠴᠢᠭᠡ ᠶ᠋ᠢᠨ ᠢ᠋ᠶ᠋ᠡᠨ ᠵᠠᠷᠯᠢᠭ ᠢ᠋ ᠤᠮᠠᠷᠲᠠᠨ ᠴᠢᠯᠡᠭᠡᠪᠡ ᠭᠡᠵᠦ ᠶᠢᠰᠤᠢ ᠬᠠᠲᠤᠨ ᠲᠡᠳᠡᠨ ᠢ᠋ ᠶᠡᠬᠡᠳᠡ ᠵᠢᠮᠡᠯᠡᠨ ᠬᠡᠯᠡᠬᠦ ᠳ᠋ᠦ᠍ ᠴᠠᠭᠠᠲᠠᠢ ᠥᠭᠡᠳᠡᠢ ᠬᠣᠶᠠᠷ ᠤ᠋ᠨ ᠮᠠᠩᠨᠠᠢ ᠶ᠋ᠢᠨ ᠬᠥᠯᠥᠰᠥ ᠰᠢᠷᠢᠳᠡᠭ ᠳᠡᠭᠡᠷ᠎ᠡ ᠲᠣᠪ ᠲᠣᠪ ᠳᠤᠰᠤᠯᠠᠵᠤ ᠪᠠᠢᠵᠠᠢ᠃ ᠴᠠᠭᠠᠲᠠᠢ ᠶ᠋ᠢᠨ ᠳᠣᠲᠣᠷ᠎ᠠ ᠬᠤᠷᠠᠮᠳᠤᠯᠠᠭᠳᠠᠵᠤ᠂ ᠬᠡᠯᠡᠨ᠎ᠡ ᠭᠡᠵᠦ ᠪᠣᠳᠣᠭᠰᠠᠨ ᠣᠯᠠᠨ ᠣᠮᠣᠭᠯᠠᠩ ᠦᠭᠡᠰ ᠬᠡᠢᠰᠦᠨ ᠣᠳᠪᠠ᠃ ᠲᠡᠷᠡ ᠳᠤᠤᠭᠠᠷᠬᠤ ᠶ᠋ᠢ ᠪᠤᠤ ᠬᠡᠯᠡ ᠭᠦᠨᠵᠡᠭᠡᠢᠬᠡᠨ ᠠᠮᠢᠰᠬᠤᠯ ᠠᠪᠴᠤ ᠴᠢᠳᠠᠬᠤ ᠦᠭᠡᠢ ᠰᠠᠭᠤᠪᠠ᠃ ᠲᠤᠯᠤᠢ ᠴᠢᠮᠡᠭᠡ ᠦᠭᠡᠢ ᠣᠷᠣᠵᠤ ᠢᠷᠡᠭᠡᠳ ᠵᠡᠷᠭᠡᠴᠡᠨ ᠰᠠᠭᠤᠬᠤ ᠳ᠋ᠤ᠌ ᠴᠤ᠌ ᠥᠨᠳᠡᠢᠵᠦ ᠬᠠᠷᠠᠵᠤ ᠴᠢᠳᠠᠭᠰᠠᠨ ᠦᠭᠡᠢ᠃
| ᠬᠥᠪᠡᠭᠦᠳ ᠲᠠ ᠨᠠᠷ ᠶᠢᠰᠦᠢ ᠬᠠᠲᠤᠨ ᠤ᠋ ᠦᠭᠡ ᠶ᠋ᠢ ᠡᠮ᠎ᠡ ᠬᠥᠮᠦᠨ ᠦ᠌ ᠦᠭᠡ ᠭᠡᠯᠭᠦᠢ ᠬᠦᠯᠢᠶᠡᠨ ᠠᠪᠴᠤ ᠰᠣᠨᠣᠰᠤᠭᠲᠤᠨ᠃ ᠮᠢᠨᠦ ᠲᠥᠷᠥᠭᠦᠯᠵᠦ ᠥᠰᠬᠡᠭᠰᠡᠨ ᠬᠥᠪᠡᠭᠦᠳ ᠲᠠ ᠨᠠᠷ ᠯᠠ ᠬᠠᠭᠠᠨ ᠡᠴᠢᠭᠡ ᠶ᠋ᠢᠨ ᠢ᠋ᠶ᠋ᠡᠨ ᠵᠠᠷᠯᠢᠭ ᠢ᠋ ᠡᠰᠡ ᠳᠠᠭᠠᠪᠠᠯ ᠥᠭᠡᠷ᠎ᠡ ᠬᠡᠨ ᠳᠠᠭᠠᠬᠤ ᠪᠢᠯᠡ? ᠪᠦᠬᠦᠨ ᠢ᠋ ᠲᠠ ᠨᠠᠷ ᠡᠬᠢᠯᠡᠨ ᠦᠯᠢᠭᠡᠷᠯᠡᠬᠦ ᠶᠣᠰᠣᠲᠠᠢ ᠭᠡᠵᠦ ᠬᠡᠯᠡᠯᠴᠡᠵᠦ ᠲᠣᠬᠢᠷᠠᠭᠰᠠᠨ ᠪᠢᠰᠢ ᠤᠤ? ᠲᠠ ᠨᠠᠷ ᠵᠥᠴᠢ ᠠᠬ᠎ᠠ ᠶ᠋ᠢ ᠪᠡᠨ ᠶᠠᠭᠤᠨ ᠤ᠋ ᠤᠴᠢᠷ ᠲᠡᠭᠷᠢ ᠶ᠋ᠢᠨ ᠬᠡᠰᠭᠡᠭᠡᠯ ᠳ᠋ᠦ᠍ ᠤᠨᠠᠭᠰᠠᠨ ᠢ᠋ ᠮᠠᠷᠲᠠᠪᠠ ᠤᠤ? ᠲᠡᠷᠡ ᠬᠥᠪᠡᠭᠦᠨ ᠪᠤᠴᠠᠵᠤ ᠢᠷᠡᠬᠦ ᠵᠠᠷᠯᠢᠭ ᠢ᠋ ᠮᠡᠳᠡᠭᠰᠡᠭᠡᠷ ᠠᠲᠠᠯ᠎ᠠ ᠢᠷᠡᠭᠰᠡᠨ ᠦᠭᠡᠢ ᠰᠠᠭᠤᠭᠰᠠᠭᠠᠷ ᠲᠡᠭᠷᠢ ᠶ᠋ᠢᠨ ᠬᠡᠰᠭᠡᠭᠡᠯ ᠳ᠋ᠦ᠍ ᠤᠨᠠᠪᠠ᠃ ᠡᠭᠦᠨ ᠡᠴᠡ ᠬᠣᠢᠰᠢ ᠲᠠ ᠨᠠᠷ ᠴᠤ᠌ ᠲᠡᠭᠦᠨ ᠰᠢᠭ ᠪᠤᠤ ᠪᠣᠯᠤᠭᠲᠤᠨ᠃ ᠤᠭ ᠨᠢ ᠴᠠᠭᠠᠲᠠᠢ ᠥᠭᠡᠳᠡᠢ ᠲᠠ ᠬᠣᠶᠠᠷ ᠢ᠋ ᠵᠠᠷᠯᠢᠭ ᠵᠥᠷᠢᠴᠡᠭᠰᠡᠨ ᠲᠤᠯᠠ ᠬᠦᠨᠳᠦ ᠪᠡᠷ ᠬᠡᠰᠭᠡᠭᠡᠪᠡᠯ ᠵᠣᠬᠢᠰᠲᠠᠢ᠃ ᠭᠡᠪᠡᠴᠦ《ᠬᠥᠪᠡᠭᠦᠳ ᠢ᠋ᠶ᠋ᠡᠨ ᠵᠠᠯᠬᠠᠭᠠᠪᠠᠯ ᠮᠣᠩᠭᠣᠯᠴᠤᠳ ᠳᠣᠲᠣᠷ᠎ᠠ ᠪᠠᠨ ᠡᠪᠳᠡᠷᠡᠯᠴᠡᠨ ᠰᠠᠮᠠᠭᠤᠷᠠᠪᠠ ᠭᠡᠵᠦ ᠵᠠᠯᠢᠬᠠᠢ ᠮᠠᠭᠤ ᠪᠤᠤᠷ᠎ᠠ ᠬᠠᠭᠠᠨ ᠠ᠋ᠴᠠ ᠥᠭᠰᠥᠭᠦᠯᠦᠭᠡᠳ ᠲᠠᠨ ᠤ᠋ ᠪᠦᠬᠦ ᠳᠠᠢᠰᠤᠨ ᠨᠤᠭᠤᠳ ᠪᠠᠶᠠᠷᠯᠠᠬᠤ ᠪᠢᠵᠡ》 ᠭᠡᠵᠦ ᠪᠤᠭᠤᠷᠴᠢ ᠶ᠋ᠢᠨ ᠭᠤᠶᠤᠭᠰᠠᠨ ᠢ᠋ᠶ᠋ᠠᠷ ᠪᠢ ᠲᠠ ᠬᠣᠶᠠᠷ ᠢ᠋ ᠥᠷᠥᠰᠢᠶᠡᠪᠡ᠃ ᠲᠡᠭᠦᠨ ᠡᠴᠡ ᠪᠢᠰᠢ ᠭᠡᠮᠲᠡᠨ ᠢ᠋ ᠭᠡᠰᠭᠡᠭᠡᠬᠦ ᠳ᠋ᠦ᠍ ᠬᠣᠢᠰᠢ ᠰᠠᠭᠤᠬᠤ ᠬᠡᠷᠡᠭ ᠶᠠᠭᠤ ᠪᠣᠢ? ᠪᠢ ᠴᠠᠭᠠᠲᠠᠢ ᠥᠭᠡᠳᠡᠢ ᠲᠠ ᠬᠣᠶᠠᠷ ᠤ᠋ᠨ ᠪᠤᠭᠤᠷᠴᠢ ᠳ᠋ᠤ᠌ ᠬᠡᠯᠡᠭᠰᠡᠨ ᠮᠠᠭᠤ ᠦᠭᠡ ᠶ᠋ᠢ ᠬᠡᠵᠢᠶ᠎ᠡ ᠴᠦ᠍ ᠮᠠᠷᠲᠠᠬᠤ ᠦᠭᠡᠢ ᠭᠡᠵᠦ ᠮᠡᠳᠡ᠃ ᠶᠠᠯ᠎ᠠ ᠴᠢᠨᠢ ᠬᠡᠪ ᠢ᠋ᠶ᠋ᠡᠷ ᠭᠡᠵᠦ ᠰᠠᠨᠠᠵᠤ ᠶᠠᠪᠤ᠃ ᠭᠠᠭᠴᠠᠬᠠᠨ ᠪᠤᠭᠤᠷᠴᠢ ᠤᠬᠠᠭᠠᠨᠲᠠᠢ ᠰᠠᠢᠨ ᠬᠥᠮᠦᠨ ᠲᠤᠯᠠ ᠲᠠ ᠬᠣᠶᠠᠷ ᠢ᠋ ᠥᠷᠥᠰᠢᠶᠡᠬᠦ ᠶ᠋ᠢ ᠨᠠᠳᠠ ᠠ᠋ᠴᠠ ᠭᠤᠶᠤᠯ᠎ᠠ᠃ ᠪᠢ ᠲᠡᠭᠦᠨ ᠦ᠌ ᠭᠠᠭᠴᠠ ᠭᠤᠶᠤᠭᠰᠠᠨ ᠢ᠋ ᠶᠠᠭᠠᠬᠢᠵᠤ ᠵᠥᠪᠰᠢᠶᠡᠷᠡᠵᠦ ᠡᠰᠡ ᠴᠢᠳᠠᠨ᠎ᠠ᠃ ᠨᠠᠬᠤ ᠪᠠᠶᠠᠨ ᠤ᠋ ᠭᠠᠭᠴᠠ ᠬᠥᠪᠡᠭᠦᠨ ᠪᠤᠭᠤᠷᠴᠢ ᠠᠷᠪᠠᠨ ᠭᠤᠷᠪᠠᠨ ᠨᠠᠰᠤᠲᠠᠢ ᠳ᠋ᠠᠭᠠᠨ ᠮᠢᠨᠦ ᠳᠡᠷᠭᠡᠳᠡ ᠲᠩᠷᠢ ᠶ᠋ᠢᠨ ᠵᠠᠷᠯᠢᠭ ᠢ᠋ᠶ᠋ᠠᠷ ᠢᠷᠡᠵᠦ ᠵᠢᠳᠬᠦᠭᠰᠡᠨ ᠡᠴᠡ ᠬᠣᠢᠰᠢ ᠡᠳᠦᠢ ᠵᠢᠯ ᠪᠣᠯᠵᠤ ᠦᠬᠦᠬᠦ ᠡᠴᠡ ᠪᠤᠰᠤᠳ ᠢ᠋ ᠦᠵᠡᠬᠦ ᠳ᠋ᠡᠭᠡᠨ ᠨᠢᠭᠡ ᠴᠦ᠍ ᠤᠳᠠᠭ᠎ᠠ ᠠᠮᠠ ᠠᠩᠭᠠᠢᠨ ᠥᠪᠡᠷ ᠦ᠋ᠨ ᠲᠥᠯᠥᠭᠡ ᠶᠠᠭᠤ ᠴᠤ᠌ ᠭᠤᠶᠤᠭᠰᠠᠨ ᠦᠭᠡᠢ᠃ ᠭᠡᠲᠡᠯ᠎ᠡ ᠥᠨᠥᠳᠥᠷ ᠨᠠᠳᠠ ᠠ᠋ᠴᠠ ᠴᠠᠭᠠᠲᠠᠢ ᠥᠭᠡᠳᠡᠢ ᠬᠣᠶᠠᠷ ᠢ᠋ ᠥᠷᠥᠰᠢᠶᠡᠭᠡᠴᠢ ᠭᠡᠵᠦ ᠭᠤᠶᠤᠪᠠ᠃ ᠪᠢ ᠭᠠᠢᠬᠠᠭᠰᠠᠨ ᠪᠠᠰᠠ ᠲᠠ ᠨᠠᠷ ᠤ᠋ᠨ ᠡᠮᠦᠨ᠎ᠡ ᠡᠴᠡ ᠢᠴᠢᠭᠰᠡᠨ ᠳ᠋ᠡᠭᠡᠨ ᠶᠠᠭᠤ ᠴᠤ᠌ ᠳᠤᠤᠭᠠᠷᠴᠤ ᠴᠢᠳᠠᠭᠰᠠᠨ ᠦᠭᠡᠢ᠃ ᠪᠢ ᠡᠢᠮᠦ ᠬᠥᠪᠡᠭᠦᠳ ᠲᠡᠢ ᠳ᠋ᠡᠭᠡᠨ ᠢᠴᠢᠪᠡ᠃
ᠴᠢᠩᠭᠢᠰ ᠬᠠᠭᠠᠨ ᠢᠩᠭᠢᠵᠦ ᠬᠡᠯᠡᠭᠡᠳ ᠬᠦᠨᠳᠦ ᠪᠡᠷ ᠠᠮᠢᠰᠬᠤᠭᠠᠳᠠᠨ ᠰᠠᠭᠤᠬᠤ ᠳ᠋ᠤ᠌ ᠲᠡᠳᠡ ᠴᠣᠬᠣᠮ ᠨᠢᠭᠤᠷ ᠤ᠋ᠨ ᠠᠷᠠᠰᠤ ᠪᠠᠨ ᠬᠠᠭᠤᠯᠤᠭᠤᠯᠵᠤ ᠨᠢᠷᠤᠭᠤᠨ ᠤ᠋ ᠶᠠᠰᠤ ᠪᠠᠨ ᠬᠢᠩᠭᠠᠷᠳᠠᠭᠤᠯᠤᠭᠰᠨ ᠮᠡᠲᠦ ᠪᠣᠯᠵᠠᠢ᠃ ᠡᠢᠮᠦ ᠬᠠᠲᠠᠭᠤ ᠦᠭᠡ ᠶ᠋ᠢ ᠲᠡᠳᠡ ᠠᠩᠬ᠎ᠠ ᠤᠳᠠᠭ᠎ᠠ ᠬᠠᠭᠠᠨ ᠡᠴᠢᠭᠡ ᠶ᠋ᠢᠨ ᠢ᠋ᠶ᠋ᠡᠨ ᠠᠮᠠᠨ ᠠ᠋ᠴᠠ ᠰᠣᠨᠣᠰᠪᠠ᠃ ᠲᠡᠳᠡᠨ ᠳ᠋ᠦ᠍ ᠴᠠᠢ ᠠᠢᠷᠠᠭ ᠴᠤ᠌ ᠠᠮᠰᠠᠭᠤᠯᠤᠭᠰᠠᠨ ᠦᠭᠡᠢ᠃ ᠲᠡᠳᠡᠨ ᠢ᠋ ᠪᠦᠲᠦᠨ ᠦᠳᠡᠰᠢ ᠢᠩᠭᠢᠵᠦ ᠰᠠᠭᠤᠯᠭᠠᠨ ᠵᠠᠯᠬᠠᠭᠠᠵᠠᠢ᠃ ᠬᠠᠷᠢᠨ ᠦᠳᠡᠰᠢ ᠪᠣᠯᠵᠤ ᠭᠡᠭᠡ ᠲᠠᠰᠤᠷᠠᠭᠰᠠᠨ ᠬᠣᠢᠨ᠎ᠠ ᠴᠢᠩᠭᠢᠰ ᠬᠠᠭᠠᠨ ᠰᠠᠶᠢ ᠠᠮᠠ ᠨᠡᠭᠡᠭᠡᠵᠦ᠂
| ᠴᠠᠭᠠᠲᠠᠢ ᠥᠭᠡᠳᠡᠢ ᠲᠠ ᠬᠣᠶᠠᠷ ᠰᠢᠵᠤᠤ ᠬᠠᠪᠢ ᠶ᠋ᠢᠨ ᠪᠠᠯᠭᠠᠰᠤ ᠶ᠋ᠢ ᠬᠣᠷᠢᠶᠠᠨ ᠠᠪᠴᠤ ᠳᠠᠭᠤᠰᠤᠭᠠᠳ ᠨᠠᠳᠠ ᠲᠠᠢ ᠨᠡᠢᠯᠡᠭᠲᠦᠨ᠃ ᠪᠢ ᠲᠠ ᠬᠣᠶᠠᠷ ᠲᠤ᠌ ᠬᠣᠶᠠᠷ ᠰᠠᠷ᠎ᠠ ᠶ᠋ᠢᠨ ᠬᠤᠭᠤᠴᠠᠭ᠎ᠠ ᠥᠭᠭᠦᠶ᠎ᠡ᠃ ᠪᠤᠤᠷ᠎ᠠ ᠬᠠᠭᠠᠨ ᠤ᠋ ᠬᠠᠪᠢᠷᠭ᠎ᠠ ᠶ᠋ᠢ ᠬᠠᠲᠠᠵᠤ ᠳᠠᠭᠤᠰᠬᠠᠭᠲᠤᠨ ᠭᠡᠵᠦ ᠴᠢᠩᠭᠢᠰ ᠬᠠᠭᠠᠨ ᠲᠤᠰᠢᠶᠠᠵᠠᠢ᠃ ᠲᠡᠳᠡ ᠦᠭᠡ ᠳᠠᠭᠤ ᠦᠭᠡᠢ ᠭᠠᠷᠪᠠ᠃ ᠬᠠᠭᠠᠰ ᠡᠳᠦᠷ ᠰᠥᠬᠥᠷᠡᠵᠦ ᠰᠠᠭᠤᠭᠰᠠᠨ ᠲᠡᠳᠡ ᠮᠥᠯᠬᠥᠬᠦ ᠰᠢᠬᠠᠨ ᠭᠠᠷᠴᠠᠢ᠃ ᠭᠡᠪᠡᠴᠦ ᠬᠠᠭᠠᠨ ᠡᠴᠢᠭᠡ ᠶ᠋ᠢᠨ ᠵᠠᠷᠯᠢᠭ᠂ ᠰᠢᠢᠳᠬᠡᠯ ᠡᠴᠡ ᠢᠯᠡᠭᠦᠦ ᠲᠡᠭᠦᠨ ᠦ᠌ ᠪᠡᠶ᠎ᠡ ᠶ᠋ᠢᠨ ᠳᠣᠷᠣᠢ ᠪᠠᠢᠳᠠᠯ ᠨᠢ ᠲᠡᠳᠡᠨ ᠢ᠋ ᠶᠡᠬᠡᠳᠡ ᠲᠦᠭᠰᠢᠭᠡᠭᠰᠡᠨ ᠲᠤᠯᠠ ᠲᠡᠷᠡ ᠣᠷᠣᠢ ᠪᠤᠭᠤᠷᠴᠢ ᠶ᠋ᠢᠨ ᠦᠷᠭᠦᠭᠡᠨ ᠳ᠋ᠦ᠍ ᠪᠠᠷᠠᠯᠬᠠᠵᠤ ᠥᠷᠥᠰᠢᠶᠡᠯ ᠭᠤᠶᠤᠬᠤ ᠶ᠋ᠢᠨ ᠢᠯᠳᠠᠮ ᠳ᠋ᠤ᠌ ᠴᠢᠬᠤᠯᠠ ᠬᠡᠷᠡᠭ ᠢ᠋ ᠵᠥᠪᠯᠡᠯᠳᠦᠵᠡᠢ᠃ ᠬᠠᠭᠠᠨ ᠡᠴᠢᠭᠡ ᠨᠢ ᠬᠢᠯᠢᠩᠨᠡᠭᠡᠳ ᠥᠪᠡᠷ ᠦ᠋ᠨ ᠪᠡᠶ᠎ᠡ ᠶ᠋ᠢᠨ ᠪᠠᠢᠳᠠᠯ ᠢ᠋ ᠲᠡᠳᠡᠨ ᠳ᠋ᠦ᠍ ᠶᠡᠷᠦ ᠳᠡᠯᠭᠡᠨ ᠲᠠᠢᠯᠪᠤᠷᠢᠯᠠᠭᠰᠠᠨ ᠦᠭᠡᠢ ᠲᠤᠯᠠ ᠢᠩᠭᠢᠬᠦ ᠡᠴᠡ ᠥᠭᠡᠷ᠎ᠡ ᠠᠷᠭ᠎ᠠ ᠣᠯᠳᠠᠭᠰᠠᠨ ᠦᠭᠡᠢ ᠠᠵᠢ᠃ ᠪᠤᠭᠤᠷᠴᠢ ᠴᠤ᠌ ᠲᠡᠳᠡᠨ ᠳ᠋ᠦ᠍ ᠳᠣᠷᠪᠢᠲᠠᠢ ᠬᠡᠯᠡᠵᠦ ᠵᠥᠪᠯᠡᠵᠦ ᠴᠢᠳᠠᠭᠰᠠᠨ ᠦᠭᠡᠢ᠃ ᠤᠴᠢᠷ ᠨᠢ ᠴᠢᠩᠭᠢᠰ ᠬᠠᠭᠠᠨ ᠪᠡᠶ᠎ᠡ ᠶ᠋ᠢᠨ ᠪᠠᠢᠳᠠᠯ ᠤ᠋ᠨ ᠲᠤᠬᠠᠢ ᠪᠣᠯᠤᠭᠠᠳ ᠴᠠᠭᠠᠰᠢᠳᠠ ᠬᠡᠷᠬᠢᠬᠦ ᠪᠡᠨ ᠴᠦ᠍ ᠲᠡᠷᠡ ᠪᠦᠦ ᠬᠡᠯᠡ ᠪᠤᠭᠤᠷᠴᠢ ᠳ᠋ᠤ᠌ ᠴᠤ᠌ ᠨᠡᠭᠡᠭᠡᠵᠦ ᠬᠡᠯᠡᠬᠦ ᠦᠭᠡᠢ ᠪᠠᠢᠭ᠎ᠠ ᠨᠢ ᠪᠦᠭᠦᠳᠡ ᠶ᠋ᠢ ᠮᠤᠬᠤᠷᠳᠠᠭᠤᠯᠵᠠᠢ᠃ ᠬᠠᠷᠢᠨ ᠻᠠᠰᠫᠢ ᠶ᠋ᠢᠨ ᠲᠠᠩᠭᠢᠰ ᠤ᠋ᠨ ᠳᠡᠷᠭᠡᠳᠡᠬᠢ 《ᠠᠯᠲᠠᠨ ᠣᠷᠳᠣᠨ》 ᠠ᠋ᠴᠠ ᠪᠠᠲᠤ ᠰᠦᠪᠡᠭᠡᠳᠡᠢ ᠨᠠᠷ ᠢ᠋᠂ ᠠᠯᠲᠠᠨ ᠤᠯᠤᠰ ᠠ᠋ᠴᠠ ᠮᠤᠬᠤᠯᠠᠢ ᠶ᠋ᠢ ᠳᠠᠭᠤᠳᠠᠵᠤ᠂ ᠲᠤᠯᠤᠢ ᠶ᠋ᠢ ᠪᠤᠴᠠᠭᠠᠬᠤ ᠦᠭᠡᠢ ᠪᠠᠢᠭ᠎ᠠ ᠨᠢ ᠯᠠᠪᠲᠠᠢ ᠴᠢᠬᠤᠯᠠ ᠵᠥᠪᠯᠡᠯᠭᠡᠨ ᠬᠢᠬᠦ ᠪᠡᠷ ᠴᠢᠩᠭᠢᠰ ᠬᠠᠭᠠᠨ ᠰᠢᠢᠳᠦᠭᠰᠡᠨ ᠢ᠋ ᠭᠡᠷᠡᠴᠢᠯᠡᠨ᠎ᠡ᠃
| ᠬᠥᠪᠡᠭᠦᠳ ᠲᠠ ᠨᠠᠷ ᠬᠢᠴᠢᠶᠡ᠃ ᠴᠢᠩᠭᠢᠰ ᠬᠠᠭᠠᠨ ᠤ᠋ ᠵᠢᠭᠠᠭᠰᠠᠨ ᠬᠤᠭᠤᠴᠠᠭᠠᠨ ᠳ᠋ᠤ᠌ ᠲᠠᠩᠭᠤᠳ ᠤ᠋ᠨ ᠪᠠᠷᠠᠭᠤᠨ ᠬᠢᠵᠠᠭᠠᠷ ᠢ᠋ ᠡᠵᠡᠯᠡᠨ ᠠᠪᠤᠭᠠᠳ ᠳᠠᠷᠤᠢ ᠢᠷᠡᠭᠲᠦᠨ᠃ ᠪᠢᠳᠡ ᠴᠢᠩᠭᠢᠰ ᠬᠠᠭᠠᠨ ᠤ᠋ ᠵᠠᠷᠯᠢᠭ ᠢ᠋ᠶ᠋ᠠᠷ ᠤᠳᠠᠬᠤ ᠦᠭᠡᠢ ᠲᠦᠷᠢᠮᠡᠬᠡᠢ ᠪᠠᠯᠭᠠᠰᠤ ᠶ᠋ᠢ ᠳᠣᠪᠲᠣᠯᠤᠨ᠎ᠠ ᠭᠡᠵᠦ ᠪᠤᠭᠤᠷᠴᠢ ᠬᠡᠯᠡᠵᠡᠢ᠃ ᠬᠠᠭᠠᠨ ᠡᠴᠢᠭᠡ ᠶ᠋ᠢᠨ ᠦᠬᠦᠯ ᠦ᠋ᠨ ᠲᠤᠬᠠᠢ ᠪᠣᠳᠣᠯ ᠴᠠᠭᠠᠲᠠᠢ ᠥᠭᠡᠳᠡᠢ ᠬᠣᠶᠠᠷ ᠢ᠋ ᠡᠵᠡᠯᠡᠵᠡᠢ᠃ ᠬᠠᠭᠠᠨ ᠡᠴᠢᠭᠡ ᠨᠢ ᠦᠬᠦᠵᠦ ᠦᠭᠡᠢ ᠪᠣᠯᠤᠨ᠎ᠠ ᠭᠡᠬᠦ ᠳ᠋ᠦ᠍ ᠳᠠᠩᠴᠤ ᠢᠲᠡᠭᠡᠮ᠎ᠡ ᠦᠭᠡᠢ ᠰᠠᠨᠠᠭᠳᠠᠪᠠᠴᠤ ᠴᠠᠭ ᠬᠤᠭᠤᠴᠠᠭ᠎ᠠ ᠡᠷᠭᠢᠯᠲᠡ ᠪᠤᠴᠠᠯᠲᠠ ᠦᠭᠡᠢ ᠲᠤᠯᠠ ᠠᠷᠭ᠎ᠠ ᠦᠭᠡᠢ ᠬᠦᠯᠢᠶᠡᠨ ᠵᠥᠪᠰᠢᠶᠡᠷᠡᠵᠦ ᠭᠤᠨᠢᠭ ᠲᠤ᠌ ᠠᠪᠲᠠᠨ ᠪᠤᠴᠠᠵᠠᠢ᠃ ᠬᠡᠵᠢᠶ᠎ᠡ ᠨᠢ ᠡᠨᠡ ᠣᠯᠠᠨ ᠵᠢᠯ ᠥᠩᠭᠡᠷᠡᠵᠦ ᠡᠴᠢᠭᠡ ᠨᠢ ᠡᠪᠦᠭᠡᠷᠡᠵᠦ ᠬᠥᠭᠰᠢᠷᠡᠭᠡᠳ ᠣᠳᠣ ᠪᠣᠰᠴᠤ ᠴᠢᠳᠠᠬᠤ ᠦᠭᠡᠢ ᠬᠡᠪᠲᠡᠷᠢ ᠶ᠋ᠢᠨ ᠪᠣᠯᠤᠭᠰᠠᠨ ᠢ᠋ ᠬᠠᠷᠠᠭᠠᠳ ᠰᠠᠢᠬᠠᠨ ᠵᠡᠭᠦᠳᠦ ᠵᠡᠭᠦᠳᠦᠯᠡᠵᠦ ᠰᠡᠷᠡᠭᠡᠳ ᠭᠡᠨᠡᠳᠲᠡ ᠦᠬᠦᠯ ᠦᠵᠡᠬᠦ ᠰᠢᠭ ᠰᠣᠴᠢᠵᠤ ᠪᠠᠯᠠᠮᠠᠭᠳᠠᠵᠠᠢ᠃ ᠲᠡᠳᠡ ᠲᠣᠢᠮᠣ ᠲᠠᠢ ᠬᠡᠷᠡᠭ ᠬᠡᠯᠡᠯᠴᠡᠵᠦ ᠴᠢᠳᠠᠭᠰᠠᠨ ᠦᠭᠡᠢ ᠲᠤᠰ ᠲᠤᠰ ᠤ᠋ᠨ ᠴᠡᠷᠢᠭ ᠤᠷᠤᠭᠤ ᠰᠠᠯᠵᠤ ᠣᠳᠴᠠᠢ᠃ ᠦᠨᠡᠬᠡᠷ ᠴᠢᠩᠭᠢᠰ ᠬᠠᠭᠠᠨ ᠤ᠋ ᠦᠬᠦᠯ ᠦ᠋ᠨ ᠲᠤᠬᠠᠢ ᠠᠶᠤᠮᠰᠢᠭᠲᠤ ᠲᠦᠭᠰᠢᠭᠦᠷᠢ ᠳ᠋ᠦ᠍ ᠲᠡᠭᠦᠨ ᠦ᠌ ᠣᠢᠷ᠎ᠠ ᠳᠣᠲᠣᠨᠣ ᠶ᠋ᠢᠨ ᠬᠥᠮᠦᠰ ᠠᠪᠲᠠᠭᠰᠠᠨ ᠪᠠᠢᠯ᠎ᠠ᠃ ᠴᠢᠩᠭᠢᠰ ᠬᠠᠭᠠᠨ ᠴᠤ᠌ ᠡᠭᠦᠨ ᠢ᠋ ᠰᠠᠢᠨ ᠮᠡᠳᠡᠵᠦ ᠪᠠᠢᠪᠠ᠃ ᠴᠢᠩᠭᠢᠰ ᠬᠠᠭᠠᠨ ᠤ᠋ ᠴᠡᠷᠢᠭ ᠳᠣᠪᠲᠣᠯᠤᠭᠰᠠᠭᠠᠷ ᠲᠠᠩᠭᠤᠳ ᠤ᠋ᠨ ᠲᠠᠤᠷ ᠪᠠᠯᠭᠠᠰᠤ ᠶ᠋ᠢ ᠡᠵᠡᠯᠡᠨ ᠠᠪᠴᠤ ᠪᠤᠤᠷ᠎ᠠ ᠬᠠᠭᠠᠨ ᠤ᠋ ᠶᠡᠬᠡ ᠦᠭᠡᠲᠦ ᠵᠠᠩᠵᠤᠨ ᠠᠱᠠ ᠬᠠᠮᠪᠤ ᠴᠠᠭᠠᠰᠢ ᠵᠢᠭᠤᠲᠠᠵᠠᠢ᠃ ᠬᠡᠳᠦᠢ ᠪᠡᠶ᠎ᠡ ᠨᠢ ᠴᠢᠯᠡᠭᠡᠭᠦᠷ ᠴᠦ᠍ ᠳᠣᠪᠲᠣᠯᠭᠠᠨ ᠢ᠋ᠶ᠋ᠠᠨ ᠵᠣᠭᠰᠣᠭᠠᠬᠤ ᠶ᠋ᠢ ᠴᠢᠩᠭᠢᠰ ᠬᠠᠭᠠᠨ ᠬᠦᠰᠡᠭᠰᠡᠨ ᠦᠭᠡᠢ᠃ ᠬᠥᠮᠦᠨ ᠦ᠌ ᠭᠠᠷ ᠲᠤ᠌ ᠣᠷᠣᠵᠤ ᠬᠡᠪᠲᠡᠷᠢ ᠶ᠋ᠢᠨ ᠪᠣᠯᠤᠭᠰᠠᠨ ᠳ᠋ᠠᠭᠠᠨ ᠥᠰᠢᠵᠦ ᠬᠣᠨᠵᠢᠩᠨᠠᠬᠤ ᠰᠡᠳᠬᠢᠯ ᠨᠢ ᠪᠤᠤᠷ᠎ᠠ ᠬᠠᠭᠠᠨ ᠢ᠋ ᠬᠣᠭ ᠦᠭᠡᠢ ᠬᠦᠢᠰᠦ ᠲᠡᠮᠲᠡᠷᠢᠬᠦ ᠭᠠᠯᠵᠠᠭᠤᠷᠠᠭᠰᠠᠨ ᠬᠦᠰᠡᠯ ᠳ᠋ᠦ᠍ ᠬᠥᠲᠥᠯᠵᠦ ᠪᠠᠢᠯ᠎ᠠ᠃ ᠣᠳᠣ ᠲᠡᠷᠡ ᠥᠪᠡᠷ ᠦ᠋ᠨ ᠪᠦᠬᠦ ᠳᠠᠢᠰᠤᠨ ᠢ᠋ ᠲᠡᠷᠡ ᠳᠤᠮᠳᠠ ᠪᠠᠨ ᠦᠬᠦᠯ ᠢ᠋ ᠬᠠᠮᠤᠭ ᠤ᠋ᠨ ᠶᠡᠬᠡ ᠪᠡᠷ ᠦᠵᠡᠨ ᠶᠠᠳᠠᠵᠤ ᠪᠠᠢᠪᠠ᠃
ᠦᠰᠦᠭ ᠠᠮᠢᠯᠠᠭᠤᠯᠤᠭᠴᠢ᠄ ᠰᠡᠴᠡᠨᠴᠢᠮᠡᠭ᠂ ᠬᠡᠷᠡᠢᠳ· ᠮᠥᠩᠬᠡᠨᠠᠰᠤᠨ᠂ ᠠᠯᠲᠠᠨᠴᠢᠮᠡᠭ᠂
ᠬᠡᠯᠡᠰᠣᠶᠣᠯ (ᠪᠤᠤ ᠸᠸᠨ ᠬᠤᠸᠠ) ᠂ ᠠᠯᠲᠠᠨᠴᠡᠴᠡᠭ᠂ ᠠᠷᠢᠭᠤᠨ
ᠬᠢᠨᠠᠭᠴᠢ᠄ ᠣᠳᠬᠠᠨᠰᠣ᠎ᠠ᠂ ᠬᠠᠢ ᠵᠢᠶᠦ᠋ᠨ᠂ ᠠᠷᠢᠭᠤᠨ᠂ ᠰᠡᠬᠡᠭᠡᠷᠡᠯ᠂ ᠲ· ᠬᠦᠮᠦᠵᠢᠯᠲᠦ᠂
ᠴᠢᠨᠳᠠᠮᠤᠨᠢ᠂ ᠭᠠᠷᠮ᠎ᠠ
